ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠭᠤᠷᠪᠠᠳᠤᠭᠠᠷ ᠪᠦᠯᠦᠭ-ᠨᠣᠣᠰᠣ ᠢᠰᠡᠭᠡᠢ ᠪᠡᠷ ᠤᠷᠠᠯᠠᠬᠤ
ᠭᠤᠷᠪᠠᠳᠤᠭᠠᠷ ᠪᠦᠯᠦᠭ-ᠨᠣᠣᠰᠣ ᠢᠰᠡᠭᠡᠢ ᠪᠡᠷ ᠤᠷᠠᠯᠠᠬᠤ
ᠮᠠᠨ ᠤ᠋ ᠣᠷᠣᠨ ᠤ᠋ ᠬᠥᠮᠦᠨ ᠠᠷᠠᠳ ᠣᠯᠠᠨ ᠵᠠᠭᠤᠨ ᠵᠢᠯ ᠦ᠋ᠨ ᠲᠤᠷᠰᠢ ᠨᠡᠭᠦᠳᠡᠯ ᠦ᠋ᠨ ᠮᠠᠯ ᠠᠵᠤ ᠠᠬᠤᠢ ᠡᠷᠬᠢᠯᠡᠵᠦ ᠲᠡᠭᠦᠨ ᠦ᠌ ᠠᠰᠢᠭ ᠰᠢᠮ᠎ᠡ ᠪᠡᠷ ᠠᠮᠢᠳᠤᠷᠠᠯ ᠤ᠋ᠨ ᠢ᠋ᠶ᠋ᠠᠨ ᠪᠦᠬᠦᠢᠯᠡ ᠬᠡᠷᠡᠭᠴᠡᠭᠡ ᠶ᠋ᠢ ᠬᠠᠩᠭᠠᠵᠤ ᠢᠷᠡᠬᠦ ᠳ᠋ᠡᠭᠡᠨ ᠮᠠᠯ ᠠᠵᠤ ᠠᠬᠤᠢ ᠶ᠋ᠢᠨ ᠪᠦᠲᠦᠭᠡᠭᠳᠡᠬᠦᠨ ᠪᠣᠯᠪᠠᠰᠤᠷᠠᠭᠤᠯᠬᠤ ᠠᠷᠭ᠎ᠠ ᠠᠵᠢᠯᠯᠠᠭᠠᠨ ᠳ᠋ᠤ᠌ ᠨᠠᠷᠢᠨ ᠳᠠᠳᠤᠯᠭᠠᠵᠢᠭᠰᠠᠨ ᠪᠢᠯᠡ᠃
ᠮᠠᠨ ᠤ᠋ ᠤᠯᠤᠰ ᠤ᠋ᠨ ᠦᠢᠯᠡᠳᠪᠦᠷᠢ ᠶ᠋ᠢ ᠲᠦᠭᠦᠬᠡᠢ ᠡᠳ᠋ ᠢ᠋ᠶ᠋ᠡᠷ᠂ ᠬᠥᠮᠦᠨ ᠠᠮᠠ ᠶ᠋ᠢ ᠬᠦᠨᠡᠰᠦ ᠪᠣᠯᠤᠨ ᠪᠤᠰᠤᠳ ᠴᠢᠬᠤᠯᠠ ᠵᠦᠢᠯ ᠢ᠋ᠶ᠋ᠡᠷ ᠬᠠᠩᠭᠠᠵᠤ ᠪᠠᠢᠭ᠎ᠠ ᠮᠠᠯ ᠡᠷᠲᠡ ᠦᠶ᠎ᠡ ᠡᠴᠡ ᠬᠥᠮᠦᠨ ᠦ᠌ ᠣᠢᠷ᠎ᠠ ᠳᠣᠲᠣᠨᠣ ᠪᠠᠢᠭᠰᠠᠨ ᠪᠥᠭᠡᠳ ᠬᠥᠮᠦᠨ ᠲᠥᠷᠥᠯᠬᠢᠲᠡᠨ ᠲᠡᠭᠦᠨ ᠢ᠋ ᠥᠪᠡᠷ ᠲᠡᠭᠡᠨ ᠳᠠᠰᠬᠠᠨ ᠠᠰᠢᠭ ᠰᠢᠮ᠎ᠡ ᠶ᠋ᠢ ᠠᠰᠢᠭᠯᠠᠬᠤ ᠳ᠋ᠠᠭᠠᠨ ᠢᠮᠠᠭᠲᠠ ᠬᠠᠢᠷᠠᠯᠠᠨ ᠳᠡᠭᠡᠳᠦᠯᠡᠵᠦ ᠢᠷᠡᠵᠡᠢ᠃
ᠭᠡᠷ ᠦ᠋ᠨ ᠲᠡᠵᠢᠭᠡᠪᠦᠷᠢ ᠠᠮᠢᠲᠠᠨ ᠤ᠋ ᠳᠣᠲᠣᠷ᠎ᠠ ᠠ᠋ᠴᠠ ᠬᠠᠮᠤᠭ ᠤ᠋ᠨ ᠲᠡᠷᠢᠭᠦᠨ ᠨᠣᠬᠠᠢ ᠬᠥᠮᠦᠨ ᠳ᠋ᠦ᠍ ᠲᠡᠰᠴᠦ ᠭᠡᠷ ᠦ᠋ᠨ ᠪᠣᠯᠵᠠᠢ᠃ ᠡᠭᠦᠨ ᠦ᠌ ᠳᠠᠷᠠᠭ᠎ᠠ ᠦᠬᠡᠷ ᠭᠡᠷ ᠦ᠋ᠨ ᠲᠡᠵᠢᠭᠡᠪᠦᠷᠢ ᠪᠣᠯᠤᠭᠰᠠᠨ ᠪᠠ ᠲᠡᠭᠦᠨ ᠦ᠌ ᠡᠪᠦᠭᠡ ᠡᠴᠢᠭᠡ ᠠᠪᠤᠷᠭᠤ ᠲᠣᠮᠣ ᠪᠤᠬ᠎ᠠ ᠭᠥᠷᠥᠭᠡᠰᠦ ᠣᠳᠣ ᠳᠡᠯᠡᠬᠡᠢ ᠳ᠋ᠦ᠍ ᠨᠢᠭᠡ ᠴᠦ᠍ ᠦᠯᠡᠳᠡᠭᠰᠡᠨ ᠦᠭᠡᠢ᠃ ᠦᠬᠡᠷ ᠢ᠋ ᠮᠠᠨ ᠤ᠋ ᠡᠷᠢᠨ ᠦ᠌ ᠡᠮᠦᠨᠡᠬᠢ ᠲᠠᠪᠤᠨ ᠮᠢᠩᠭᠠᠭᠠᠳ ᠵᠢᠯ ᠦ᠋ᠨ ᠡᠮᠦᠨ᠎ᠡ ᠭᠡᠷ ᠦ᠋ᠨ ᠪᠣᠯᠭᠠᠵᠤ᠂ ᠰᠦ᠂ ᠮᠢᠬ᠎ᠠ᠂ ᠦᠰᠦ ᠨᠣᠣᠰᠣ᠂ ᠠᠷᠠᠰᠤ ᠰᠢᠷᠢ ᠶ᠋ᠢ ᠠᠰᠢᠭᠯᠠᠵᠤ ᠢᠷᠡᠵᠡᠢ᠃ ᠠᠳᠤᠭᠤ ᠶ᠋ᠢ ᠦᠬᠡᠷ ᠦ᠋ᠨ ᠳᠠᠷᠠᠭ᠎ᠠ ᠭᠡᠷ ᠦ᠋ᠨ ᠪᠣᠯᠭᠠᠭᠰᠠᠨ ᠪᠥᠭᠡᠳ ᠲᠡᠭᠦᠨ ᠦ᠌ ᠡᠪᠦᠭᠡ ᠡᠴᠢᠭᠡ ᠪᠣᠯᠬᠤ ᠳ᠋ᠠᠬᠢ ᠣᠳᠣ ᠲᠣᠭ᠎ᠠ ᠲᠠᠢ ᠬᠡᠳᠦᠬᠡᠨ ᠦᠯᠡᠳᠡᠵᠡᠢ᠃ ᠠᠳᠤᠭᠤ ᠶ᠋ᠢ ᠬᠥᠮᠦᠨ ᠡᠷᠲᠡᠨ ᠡᠴᠡ ᠣᠨᠣᠯᠭ᠎ᠠ ᠡᠳᠯᠡᠭᠡᠨ ᠳ᠋ᠦ᠍ ᠬᠡᠷᠡᠭᠯᠡᠵᠦ ᠢᠷᠡᠭᠰᠡᠨ ᠪᠥᠭᠡᠳ ᠣᠯᠠᠨ ᠤᠳᠠᠭᠠᠨ ᠤ᠋ ᠠᠶᠠᠨ ᠲᠡᠢᠨ᠂ ᠨᠡᠭᠦᠳᠡᠯ ᠳ᠋ᠦ᠍ ᠢᠮᠠᠭᠲᠠ ᠠᠳᠤᠭᠤ ᠶ᠋ᠢ ᠬᠡᠷᠡᠭᠯᠡᠵᠦ ᠪᠠᠢᠭᠰᠠᠨ ᠤ᠋ ᠳᠡᠭᠡᠷ᠎ᠡ ᠬᠤᠷᠳᠤᠨ ᠰᠠᠢᠨ ᠬᠥᠳᠡᠯᠭᠡᠭᠡᠨ ᠡᠷ᠎ᠡ ᠶ᠋ᠢᠨ ᠭᠤᠷᠪᠠᠨ ᠨᠠᠭᠠᠳᠤᠮ ᠳ᠋ᠤ᠌ ᠬᠡᠷᠡᠭᠯᠡᠵᠦ ᠥᠩᠭᠡᠷᠡᠭᠰᠡᠨ ᠪᠠ ᠣᠳᠣ ᠴᠤ᠌ ᠬᠡᠷᠡᠭᠯᠡᠭᠰᠡᠭᠡᠷ ᠪᠠᠢᠨ᠎ᠠ᠃
ᠣᠳᠣ ᠶ᠋ᠢᠨ ᠦᠷᠡᠵᠢᠭᠦᠯᠵᠦ ᠪᠠᠢᠭ᠎ᠠ ᠬᠣᠨᠢᠨ ᠤ᠋ ᠡᠪᠦᠭᠡ ᠨᠢ ᠥᠭᠡᠷ᠎ᠡ ᠥᠭᠡᠷ᠎ᠡ ᠶᠦ᠍ᠮ᠃ ᠧᠦ᠋ᠷᠣᠫᠠ ᠶ᠋ᠢᠨ ᠬᠣᠨᠢ ᠮᠤᠹᠯᠠᠨ ᠠ᠋ᠴᠠ᠂ ᠠᠽᠢᠶ᠎ᠠ ᠶ᠋ᠢᠨ ᠬᠣᠨᠢ ᠵᠡᠷᠯᠢᠭ ᠠᠷᠭᠠᠯᠢ ᠠ᠋ᠴᠠ ᠭᠠᠷᠤᠯ ᠲᠠᠢ ᠪᠥᠭᠡᠳ10—8 ᠮᠢᠩᠭᠠᠨ ᠵᠢᠯ ᠦ᠋ᠨ ᠡᠮᠦᠨ᠎ᠡ ᠲᠡᠭᠦᠨ ᠢ᠋ ᠭᠡᠷᠰᠢᠭᠦᠯᠵᠡᠢ᠃ ᠣᠳᠣ ᠳᠡᠯᠡᠬᠡᠢ ᠳ᠋ᠦ᠍150 ᠭᠠᠷᠤᠢ ᠡᠭᠦᠯᠳᠡᠷ ᠦ᠋ᠨ ᠬᠣᠨᠢ ᠦᠷᠡᠵᠢᠭᠦᠯᠵᠦ ᠪᠠᠢᠨ᠎ᠠ᠃ ᠬᠣᠨᠢᠨ ᠰᠦᠷᠦᠭ ᠮᠠᠨ ᠤ᠋ ᠡᠳ᠋ ᠦ᠋ᠨ ᠵᠠᠰᠠᠭ ᠲᠤ ᠶᠡᠬᠡᠬᠡᠨ ᠪᠠᠶᠠᠯᠢᠭ ᠢ᠋ ᠬᠤᠷᠠᠮᠳᠤᠭᠤᠯᠳᠠᠭ᠃ ᠠᠽᠢᠶ᠎ᠠ ᠶ᠋ᠢᠨ ᠲᠡᠮᠡᠭᠡᠨ ᠦ᠌ ᠡᠪᠦᠭᠡ ᠬᠠᠪᠲᠠᠭᠠᠢ ᠭᠡᠳᠡᠭ ᠬᠣᠶᠠᠷ ᠪᠦᠬᠦ ᠲᠡᠢ ᠵᠡᠷᠯᠢᠭ ᠲᠡᠮᠡᠭᠡ ᠶᠦ᠍ᠮ᠃
ᠢᠮᠠᠭᠠᠨ ᠤ᠋ ᠡᠪᠦᠭᠡ ᠨᠢ ᠡᠷᠭᠢᠭᠦᠯᠭᠡᠨ ᠡᠪᠡᠷ ᠲᠡᠢ ᠶᠠᠩᠭᠢᠷ ᠢᠮᠠᠭ᠎ᠠ ᠥᠪᠥᠷ ᠺᠠᠥ᠋ᠺᠠᠽ᠂ ᠤᠮᠠᠷᠠᠲᠤ ᠢᠷᠡᠨ ᠦ᠌ ᠠᠭᠤᠯᠠᠷᠬᠠᠭ ᠨᠤᠲᠤᠭ ᠲᠤ ᠪᠠᠢᠭᠰᠠᠨ ᠪᠠ ᠡᠨᠳᠡ ᠲᠡᠨᠳᠡᠬᠢ ᠶ᠋ᠢᠨ ᠬᠥᠮᠦᠰ ᠭᠡᠷᠰᠢᠭᠦᠯᠵᠡᠢ᠃ ᠢᠩᠭᠢᠵᠦ ᠪᠢᠳᠡᠨ ᠦ᠌ ᠡᠳ᠋ ᠦ᠋ᠨ ᠵᠠᠰᠠᠭ ᠤ᠋ᠨ ᠶᠡᠬᠡ ᠰᠤᠷᠪᠤᠯᠵᠢ ᠪᠣᠯᠤᠭᠰᠠᠨ ᠮᠠᠯ ᠢ᠋ ᠭᠡᠷᠰᠢᠭᠦᠯᠵᠦ ᠠᠰᠢᠭ ᠰᠢᠮ᠎ᠡ ᠶ᠋ᠢ ᠠᠰᠢᠭᠯᠠᠵᠤ ᠢᠷᠡᠵᠡᠢ᠃
ᠨᠣᠣᠰᠣ ᠠᠷᠠᠴᠢᠯᠠᠬᠤ ᠪᠠ ᠨᠣᠣᠰᠣᠨ ᠡᠳ᠋ᠯᠡᠯ ᠬᠢᠬᠦ ᠮᠠᠯ ᠤ᠋ᠨ ᠨᠣᠣᠰᠣ ᠶ᠋ᠢ ᠠᠷᠠᠴᠢᠯᠠᠨ ᠲᠣᠷᠳᠠᠵᠤ ᠡᠯᠳᠡᠪ ᠡᠳ᠋ᠯᠡᠯ ᠬᠢᠬᠦ ᠲᠠᠯ᠎ᠠ ᠪᠠᠷ ᠮᠣᠩᠭᠣᠯᠴᠤᠳ ᠡᠷᠲᠡᠨ ᠦ᠌ ᠤᠯᠠᠮᠵᠢᠯᠠᠯ ᠲᠠᠢ ᠪᠢᠯᠡ᠃ ᠢᠯᠠᠩᠭᠤᠶ᠎ᠠ ᠡᡁᠢᠥ᠋ᠩᠨᠦ ᠤᠯᠤᠰ ᠤ᠋ᠨ ᠦᠶ᠎ᠡ ᠳ᠋ᠦ᠍ ᠨᠡᠭᠦᠳᠡᠯᠴᠢᠨ ᠦ᠌ ᠣᠨᠴᠠᠯᠢᠭ ᠲᠤ ᠲᠣᠬᠢᠷᠠᠭᠤᠯᠤᠨ ᠢᠰᠡᠭᠡᠢ ᠭᠡᠷ ᠢ᠋ ᠬᠥᠭᠵᠢᠭᠦᠯᠬᠦ ᠤᠯᠠᠮ ᠢ᠋ᠶ᠋ᠠᠷ ᠶᠡᠬᠡ ᠭᠡᠷᠲᠦ ᠲᠡᠷᠭᠡ ᠵᠡᠷᠭᠡ ᠶ᠋ᠢ ᠬᠢᠵᠦ ᠪᠠᠢᠭᠰᠠᠨ ᠪᠠᠢᠨ᠎ᠠ᠃ ᠡᠨᠡ ᠦᠶ᠎ᠡ ᠳ᠋ᠦ᠍ ᠢᠰᠡᠭᠡᠢ ᠬᠢᠭᠡᠳ ᠭᠡᠷ ᠪᠦᠷᠢᠭᠡᠳ ᠵᠣᠭᠰᠣᠬᠤ ᠦᠭᠡᠢ ᠶᠠᠩᠵᠤ ᠪᠦᠷᠢ ᠪᠡᠷ ᠲᠣᠨᠣᠭᠯᠠᠨ ᠴᠢᠮᠡᠭᠰᠡᠨ ᠢᠰᠡᠭᠡᠢ ᠰᠢᠷᠢᠮᠡᠯ ᠨᠠᠭᠠᠮᠠᠯ ᠶᠡᠬᠡ ᠬᠥᠭᠵᠢᠵᠦ ᠪᠠᠢᠵᠠᠢ᠃
ᠲᠡᠷᠡ ᠦᠶ᠎ᠡ ᠳ᠋ᠦ᠍ ᠰᠢᠷᠢᠮᠡᠯ ᠰᠢᠷᠳᠡᠭ ᠢ᠋ ᠬᠢᠬᠦ ᠳ᠋ᠡᠭᠡᠨ ᠢᠰᠡᠭᠡᠢ ᠳᠡᠭᠡᠷ᠎ᠡ ᠵᠤᠵᠠᠭᠠᠨ ᠨᠣᠣᠰᠣᠨ ᠬᠡ ᠦᠭᠡᠢ ᠡᠳ᠋ ᠲᠠᠯᠪᠢᠵᠤ ᠲᠡᠭᠦᠨ ᠳ᠋ᠡᠭᠡᠨ ᠬᠡ ᠭᠠᠷᠭᠠᠨ ᠨᠣᠣᠰᠣᠨ ᠤᠲᠠᠰᠤ ᠶ᠋ᠢ ᠡᠮᠬᠡᠷᠢᠳᠦᠨ ᠳᠣᠪᠣᠢᠯᠭᠠᠨ ᠵᠡᠭᠡᠭᠯᠡᠬᠦ ᠪᠠᠢᠳᠠᠯ ᠢ᠋ᠶ᠋ᠠᠷ ᠰᠢᠷᠢᠳᠡᠭ ᠪᠠᠢᠵᠠᠢ᠃ ᠮᠥᠨ ᠰᠢᠷᠲᠡᠭ ᠲᠦ᠍ ᠠᠮᠢᠲᠠᠨ ᠤ᠋ ᠳᠦᠷᠰᠦ ᠶ᠋ᠢ ᠲᠤᠰᠬᠠᠢ ᠳ᠋ᠤᠨᠢ ᠬᠠᠢᠴᠢᠯᠠᠨ ᠠᠪᠴᠤ ᠲᠡᠭᠦᠨ ᠢ᠋ ᠪᠡᠨ ᠵᠡᠭᠡᠭᠯᠡᠨ ᠰᠢᠷᠢᠮᠡᠯ ᠰᠢᠷᠲᠡᠭ ᠳᠡᠭᠡᠷ᠎ᠡ ᠪᠡᠨ ᠳᠣᠪᠣᠢᠯᠭᠠᠨ ᠰᠢᠷᠢᠵᠦ ᠪᠠᠢᠵᠠᠢ᠃ ᠰᠢᠷᠢᠭᠰᠡᠨ ᠤᠲᠠᠰᠤ ᠨᠢ ᠪᠦᠳᠦᠭᠦᠨ᠂ ᠨᠠᠷᠢᠨ ᠶᠠᠩᠵᠤ ᠪᠦᠷᠢ ᠪᠠᠢᠭᠰᠠᠨ ᠤ᠋ ᠳᠡᠭᠡᠷ᠎ᠡ ᠵᠡᠭᠡᠭᠯᠡᠭᠰᠡᠨ ᠤᠲᠠᠰᠤ ᠨᠢ ᠶᠠᠩᠵᠤ ᠪᠦᠷᠢ ᠶ᠋ᠢᠨ ᠥᠩᠭᠡ ᠲᠡᠢ ᠪᠠᠢᠭᠰᠠᠨ ᠠ᠋ᠴᠠ ᠦᠵᠡᠬᠦ ᠳ᠋ᠦ᠍ ᠾᠦᠩᠨᠦ ᠨᠠᠷ ᠮᠠᠯ ᠤ᠋ᠨ ᠨᠣᠣᠰᠣ᠂ ᠢᠰᠡᠭᠡᠢ ᠶ᠋ᠢ ᠪᠣᠯᠪᠠᠰᠤᠷᠠᠩᠭᠤᠢ ᠪᠠᠷ ᠠᠰᠢᠭᠯᠠᠵᠤ ᠪᠠᠢᠵᠠᠢ᠃ ᠰᠢᠷᠳᠡᠭ ᠲᠦ᠍ ᠠᠮᠢᠲᠠᠨ ᠤ᠋ ᠳᠦᠷᠰᠦ ᠶ᠋ᠢ ᠲᠤᠩ ᠴᠢᠳᠠᠪᠤᠷᠢᠯᠢᠭ ᠭᠠᠷᠭᠠᠭᠰᠠᠨ ᠲᠤᠬᠠᠢ ᠡᠷᠳᠡᠮᠲᠡᠨ ᠰᠤᠨᠤᠮᠴᠡᠷᠡᠨ ᠪᠢᠴᠢᠬᠦ ᠳ᠋ᠡᠭᠡᠨ ᠪᠤᠭᠤ ᠬᠠᠮᠠᠷ ᠢ᠋ᠶ᠋ᠠᠨ ᠰᠣᠷᠲᠣᠢᠯᠭᠠᠨ᠂ ᠠᠮᠠ ᠪᠠᠨ ᠠᠩᠭᠠᠢᠨ ᠬᠡᠯᠡ ᠪᠡᠨ ᠭᠠᠷᠭᠠᠵᠤ᠂ ᠬᠥᠯ ᠢ᠋ᠶ᠋ᠡᠨ ᠡᠪᠬᠡᠷᠡᠯᠳᠦᠭᠦᠯᠦᠨ ᠬᠦᠵᠦᠭᠦᠦ ᠪᠡᠨ ᠰᠤᠩᠭᠠᠵᠤ ᠨᠢᠷᠤᠭᠤ ᠪᠠᠨ ᠬᠣᠲᠣᠢᠯᠭᠠᠨ ᠶᠠᠮᠠᠷ ᠨᠢᠭᠡᠨ ᠠᠮᠢᠲᠠᠨ ᠠ᠋ᠴᠠ ᠠᠶᠤᠨ ᠵᠢᠭᠤᠲᠠᠵᠤ ᠶᠠᠪᠤᠭ᠎ᠠ ᠶ᠋ᠢ ᠭᠠᠢᠬᠠᠮᠰᠢᠭᠲᠠᠢ ᠴᠢᠳᠠᠪᠤᠷᠢᠯᠢᠭ ᠬᠠᠷᠠᠭᠤᠯᠤᠭᠰᠠᠨ ᠢ᠋ ᠦᠵᠡᠬᠦ ᠳ᠋ᠦ᠍ ᠡᠨᠡ ᠰᠢᠷᠢᠮᠡᠯ ᠢ᠋ ᠠᠮᠢᠳᠤᠷᠠᠯ ᠤ᠋ᠨ ᠶᠡᠬᠡ ᠲᠤᠷᠰᠢᠯᠭ᠎ᠠ ᠲᠠᠢ ᠤᠷᠠᠨ ᠬᠥᠮᠦᠨ ᠬᠢᠭᠰᠡᠨ ᠪᠣᠯᠬᠤ ᠨᠢ ᠲᠣᠳᠣᠷᠬᠠᠢ ᠭᠡᠵᠡᠢ᠃
ᠢᠩᠭᠢᠵᠦ ᠪᠤᠯᠠᠰᠢᠨ ᠠ᠋ᠴᠠ ᠣᠯᠤᠭᠰᠠᠨ ᠨᠢᠭᠡᠨ ᠰᠢᠷᠢᠮᠡᠯ ᠦ᠋ᠨ ᠬᠡ ᠤᠷᠠᠯᠢᠭ ᠮᠣᠩᠭᠣᠯ ᠤ᠋ᠨ ᠡᠷᠲᠡᠨ ᠦ᠌ ᠢᠰᠡᠭᠡᠢ ᠤᠷᠠᠯᠢᠭ ᠲᠤ᠌ ᠲᠣᠳᠣ ᠪᠠᠷᠢᠮᠲᠠ ᠪᠣᠯᠵᠤ ᠪᠠᠢᠨ᠎ᠠ᠃ ᠮᠣᠩᠭᠣᠯᠴᠤᠳ ᠮᠠᠯ ᠠᠵᠤ ᠠᠬᠤᠢ ᠡᠷᠬᠢᠯᠡᠵᠦ ᠥᠪᠡᠷ ᠦ᠋ᠨ ᠠᠵᠤ ᠠᠮᠢᠳᠤᠷᠠᠯ ᠤ᠋ᠨ ᠬᠡᠷᠡᠭᠴᠡᠭᠡᠲᠦ ᠵᠦᠢᠯ ᠢ᠋ ᠥᠪᠡᠷᠰᠡᠳ ᠢ᠋ᠶ᠋ᠡᠨ ᠦᠢᠯᠡᠳᠪᠦᠷᠢᠯᠡᠨ ᠬᠡᠷᠡᠭᠯᠡᠳᠡᠭ ᠪᠠᠢᠭᠰᠠᠨ ᠨᠢ ᠦᠢᠯᠡᠳᠪᠦᠷᠢ ᠬᠥᠭᠵᠢᠭᠰᠡᠨ ᠣᠷᠴᠢᠨ ᠦᠶ᠎ᠡ ᠳ᠋ᠦ᠍ ᠴᠦ᠍ ᠶᠠᠭᠤᠮᠠᠬᠠᠨ ᠢ᠋ᠶ᠋ᠠᠷ ᠶᠠᠭᠤᠮ᠎ᠠ ᠬᠢᠵᠦ ᠠᠵᠤ ᠠᠮᠢᠳᠤᠷᠠᠯ ᠢ᠋ᠶ᠋ᠠᠨ ᠲᠣᠬᠢᠵᠢᠭᠤᠯᠵᠤ ᠵᠠᠯᠠᠭᠤ ᠦᠶ᠎ᠡ ᠶ᠋ᠢ ᠠᠵᠢᠯᠴᠢ ᠬᠢᠴᠢᠶᠡᠩᠭᠦᠢ ᠬᠥᠮᠦᠨ ᠪᠣᠯᠭᠠᠵᠤ ᠬᠥᠮᠦᠵᠢᠭᠦᠯᠬᠦ ᠳ᠋ᠦ᠍ ᠠᠴᠢ ᠬᠣᠯᠪᠣᠭᠳᠠᠯ ᠢ᠋ᠶ᠋ᠠᠨ ᠥᠭᠭᠦᠭᠰᠡᠭᠡᠷ ᠪᠠᠢᠨ᠎ᠠ᠃ ᠨᠡᠭᠦᠳᠡᠯ ᠦ᠋ᠨ ᠮᠠᠯ ᠠᠵᠤ ᠠᠬᠤᠢ ᠳ᠋ᠤ᠌ ᠠᠢᠯ ᠭᠡᠷ ᠪᠦᠷᠢ ᠳ᠋ᠦ᠍ ᠳᠡᠯᠭᠡᠷᠡᠭᠰᠡᠨ ᠠᠷᠠᠰᠤ ᠡᠯᠳᠡᠬᠦ᠂ ᠢᠰᠡᠭᠡᠢ ᠬᠢᠬᠦ᠂ ᠴᠠᠭᠠᠨ ᠢᠳᠡᠭᠡ ᠪᠣᠯᠪᠠᠰᠤᠷᠠᠭᠤᠯᠬᠤ ᠭᠤᠷᠪᠠᠨ ᠲᠣᠮᠣ ᠦᠢᠯᠡᠳᠪᠦᠷᠢ ᠪᠠᠢᠳᠠᠭ ᠪᠥᠭᠡᠳ ᠡᠨᠡ ᠨᠢ ᠬᠡᠳᠦᠢᠪᠡᠷ ᠬᠤᠪᠢ ᠶ᠋ᠢᠨ ᠰᠢᠨᠵᠢ ᠲᠡᠢ ᠴᠦ᠍ ᠬᠥᠮᠦᠨ ᠠᠷᠠᠳ ᠤ᠋ᠨ ᠬᠡᠷᠡᠭᠴᠡᠭᠡ ᠶ᠋ᠢ ᠬᠠᠩᠭᠠᠵᠤ ᠢᠷᠡᠭᠰᠡᠨ ᠡᠷᠬᠢᠮᠯᠡᠨ ᠬᠠᠢᠷᠠᠯᠠᠳᠠᠭ ᠤᠯᠠᠮᠵᠢᠯᠠᠯᠲᠤ ᠦᠢᠯᠡᠳᠪᠦᠷᠢ ᠶᠦᠮ᠃
ᠢᠰᠡᠭᠡᠢ ᠬᠢᠬᠦ ᠢᠰᠡᠭᠡᠢ ᠬᠢᠬᠦ ᠨᠣᠣᠰᠣ ᠶ᠋ᠢ ᠪᠡᠯᠡᠳᠬᠡᠬᠦ ᠳ᠋ᠡᠭᠡᠨ ᠬᠣᠨᠢᠨ ᠤ᠋ ᠨᠣᠣᠰᠣ ᠶ᠋ᠢ ᠬᠢᠷᠭᠠᠬᠤ ᠠ᠋ᠴᠠ ᠡᠬᠢᠯᠡᠳᠡᠭ᠃ ᠬᠢᠷᠭᠠᠭᠰᠠᠨ ᠨᠣᠣᠰᠣ ᠶ᠋ᠢ ᠲᠠᠰᠤᠯᠤᠯ ᠦᠭᠡᠢ ᠦᠷᠭᠦᠯᠵᠢ ᠪᠡᠷ ᠨᠢ ᠮᠤᠰᠬᠢᠨ ᠬᠠᠳᠠᠭᠠᠯᠠᠬᠤ ᠪᠤᠶᠤ ᠪᠥᠭᠡᠮᠨᠡᠷᠡᠵᠦ ᠰᠢᠷᠣᠢ ᠬᠣᠭ ᠪᠣᠯᠤᠭᠰᠠᠨ ᠪᠣᠯ ᠭᠣᠣᠯ ᠤ᠋ᠨ ᠵᠠᠬ᠎ᠠ ᠶ᠋ᠢᠨ ᠴᠡᠪᠡᠷ ᠵᠦᠯᠭᠡ ᠰᠢᠷᠬᠡᠨ ᠳᠡᠭᠡᠷ᠎ᠡ ᠪᠤᠶᠤ ᠪᠤᠲᠠ ᠶ᠋ᠢᠨ ᠠᠷᠠᠰᠤᠨ ᠳᠡᠭᠡᠷ᠎ᠡ ᠲᠠᠯᠪᠢᠵᠤ ᠰᠠᠪᠠᠵᠤ ᠴᠡᠪᠡᠷᠯᠡᠨ ᠪᠥᠭᠡᠮᠨᠡᠷᠡᠭᠰᠡᠨ ᠬᠡᠰᠡᠭ ᠢ᠋ ᠵᠠᠳᠠᠯᠤᠨ ᠨᠢᠭᠡᠨ ᠵᠢᠭᠳᠡ ᠬᠥᠪᠰᠥᠭᠦᠷ ᠪᠣᠯᠭᠠᠭᠠᠳ ᠨᠤᠭᠤᠯᠤᠨ ᠡᠪᠬᠡᠵᠦ ᠬᠠᠳᠠᠭᠠᠯᠠᠨ᠎ᠠ᠃ ᠵᠠᠷᠢᠮ ᠨᠤᠲᠤᠭ ᠲᠤ᠌ ᠢᠰᠡᠭᠡᠢ ᠬᠢᠬᠦ ᠨᠣᠣᠰᠣᠨ ᠤ᠋ ᠵᠤᠩᠭᠠᠭ ᠢ᠋ ᠤᠬᠢᠶᠠᠬᠤ ᠶ᠋ᠢ ᠬᠣᠷᠢᠭᠯᠠᠳᠠᠭ᠃
ᠢᠰᠡᠭᠡᠢ ᠬᠢᠬᠦ ᠠᠷᠭ᠎ᠠ ᠮᠠᠨ ᠤ᠋ ᠣᠷᠣᠨ ᠤ᠋ ᠣᠯᠠᠨ ᠦᠨᠳᠦᠰᠦᠲᠡᠨ ᠶᠠᠰᠤᠲᠠᠨ ᠪᠤᠶᠤ ᠨᠤᠲᠤᠭ ᠪᠦᠷᠢ ᠶ᠋ᠢᠨ ᠣᠨᠴᠠᠯᠢᠭ ᠥᠭᠡᠷ᠎ᠡ ᠥᠭᠡᠷ᠎ᠡ ᠪᠠᠢᠳᠠᠭ ᠪᠣᠯᠪᠠᠴᠤ ᠦᠨᠳᠦᠰᠦᠨ ᠳ᠋ᠡᠭᠡᠨ ᠢᠵᠢᠯ ᠶᠦᠮ᠃ ᠢᠰᠡᠭᠡᠢ ᠬᠢᠬᠦ ᠳ᠋ᠡᠭᠡᠨ ᠡᠬᠢᠯᠡᠭᠡᠳ ᠨᠣᠣᠰᠣ ᠵᠤᠯᠤᠬᠤ ᠠᠵᠢᠯ ᠠ᠋ᠴᠠ ᠡᠬᠢᠯᠡᠬᠦ ᠪᠥᠭᠡᠳ ᠬᠠᠭᠤᠴᠢᠨ ᠢᠰᠡᠭᠡᠢ ᠲᠤᠭᠤᠷᠭ᠎ᠠ ᠶ᠋ᠢ ᠤᠰᠤᠯᠠᠭᠠᠳ ᠳᠡᠭᠡᠷ᠎ᠡ ᠨᠢ ᠨᠣᠣᠰᠣ ᠪᠠᠨ ᠵᠤᠯᠤᠨᠠ᠃ ᠵᠤᠯᠤᠬᠤ ᠨᠣᠣᠰᠣ ᠪᠥᠭᠡᠮ ᠦᠭᠡᠢ᠂ ᠴᠡᠪᠡᠷ ᠵᠢᠭᠳᠡ ᠪᠠᠢᠬᠤ ᠪᠠ ᠵᠤᠯᠤᠬᠤ ᠳ᠋ᠠᠭᠠᠨ ᠣᠪᠣᠩ ᠳᠣᠪᠣᠩ᠂ ᠨᠢᠮᠭᠡᠨ ᠵᠤᠵᠠᠭᠠᠨ ᠦᠭᠡᠢ ᠵᠠᠬ᠎ᠠ ᠶ᠋ᠢ ᠲᠡᠭᠰᠢ ᠵᠤᠯᠤᠨᠠ᠃ ᠨᠣᠣᠰᠣ ᠶ᠋ᠢ ᠵᠤᠯᠤᠭᠰᠠᠨ ᠤ᠋ ᠳᠠᠷᠠᠭ᠎ᠠ ᠬᠤᠪᠢᠩ ᠳ᠋ᠤ᠌ ᠤᠰᠤ ᠬᠢᠵᠦ ᠱᠠᠪᠰᠢᠬᠤ ᠮᠠᠶᠢᠭ ᠢ᠋ᠶ᠋ᠠᠷ ᠤᠰᠤᠯᠠᠨ᠎ᠠ᠃ ᠣᠷᠴᠢᠨ ᠦᠶ᠎ᠡ ᠳ᠋ᠦ᠍ ᠰᠦᠷᠴᠢᠭᠦᠷ ᠢ᠋ᠶ᠋ᠡᠷ ᠵᠢᠭᠳᠡ ᠤᠰᠤᠯᠠᠵᠤ ᠪᠣᠯᠬᠤ ᠶᠤᠮ᠃
ᠵᠤᠯᠤᠵᠤ ᠤᠰᠤᠯᠠᠭᠰᠠᠨ ᠨᠣᠣᠰᠣ ᠠ᠋ᠴᠠ ᠪᠠᠨ4m ᠠ᠋ᠴᠠ ᠳᠣᠭᠣᠭᠰᠢ ᠦᠭᠡᠢ ᠮᠣᠳᠣᠨ ᠭᠣᠣᠯ ᠳ᠋ᠤ᠌ ᠣᠷᠢᠶᠠᠨ᠎ᠠ᠃ ᠨᠣᠣᠰᠣ ᠣᠷᠢᠶᠠᠳᠠᠭ ᠭᠣᠣᠯ ᠢ᠋ ᠢᠰᠡᠭᠡᠢ ᠶ᠋ᠢᠨ ᠭᠣᠣᠯ ᠭᠡᠵᠦ ᠨᠡᠷᠡᠯᠡᠳᠡᠭ᠃ ᠭᠣᠣᠯ ᠮᠣᠳᠣᠨ ᠤ᠋ ᠬᠣᠶᠠᠷ ᠦᠵᠦᠭᠦᠷ ᠨᠢ ᠨᠠᠷᠢᠬᠠᠨ10cm ᠣᠷᠴᠢᠮ ᠤᠷᠲᠤ ᠪᠠᠢᠬᠤ ᠪᠠ᠃ ᠡᠭᠦᠨ ᠢ᠋ ᠪᠤᠯᠤ ᠭᠡᠵᠦ ᠨᠡᠷᠡᠯᠡᠳᠡᠭ᠃ ᠭᠣᠣᠯ ᠳ᠋ᠤ᠌ ᠣᠷᠢᠶᠠᠭᠰᠠᠨ ᠨᠣᠣᠰᠣ ᠶ᠋ᠢᠨ ᠭᠠᠳᠠᠭᠤᠷ ᠳᠠᠪᠤᠤ ᠪᠤᠶᠤ ᠢᠰᠡᠭᠡᠢ ᠲᠤᠭᠤᠷᠭ᠎ᠠ ᠪᠠᠷ ᠣᠷᠢᠶᠠᠵᠤ ᠲᠡᠭᠦᠨ ᠦ᠌ ᠭᠠᠳᠠᠭᠤᠷ ᠪᠤᠲᠠ ᠶ᠋ᠢᠨ ᠨᠣᠢᠲᠠᠨ ᠰᠢᠷᠢ ᠪᠡᠷ ᠣᠷᠢᠶᠠᠵᠤ ᠠᠮᠠᠨ ᠬᠦᠵᠦᠭᠦᠦ ᠵᠠᠩᠭᠢᠯᠠᠭ᠎ᠠ ᠪᠠᠷ ᠭᠣᠭᠴᠣᠭᠠᠯᠠᠳᠠᠨ ᠵᠠᠩᠭᠢᠳᠴᠤ ᠪᠡᠬᠢᠯᠡᠭᠡᠳ ᠬᠣᠶᠠᠷ ᠲᠠᠯ᠎ᠠ ᠶ᠋ᠢᠨ ᠪᠤᠯᠤ ᠳ᠋ᠤ᠌ ᠴᠢᠬᠢ ᠤᠭᠯᠠᠨᠠ᠃ ᠴᠢᠬᠢᠨ ᠳ᠋ᠦ᠍ ᠬᠠᠲᠠᠭᠤ᠂ ᠡᠯᠡᠭᠳᠡᠵᠦ ᠡᠪᠳᠡᠷᠡᠬᠦ ᠨᠢ ᠪᠠᠭ᠎ᠠ ᠭᠣᠣᠯ ᠢ᠋ ᠤᠬᠤᠵᠤ ᠨᠦᠬᠡᠯᠡᠭᠰᠡᠨ ᠮᠣᠳᠣ ᠪᠤᠶᠤ ᠤᠭᠠᠯᠵᠠ ᠶ᠋ᠢᠨ ᠡᠪᠡᠷ ᠬᠡᠷᠡᠭᠯᠡᠨ᠎ᠡ᠃ ᠤᠭᠠᠯᠵᠠ ᠶ᠋ᠢᠨ ᠡᠪᠡᠷ ᠢ᠋ᠶ᠋ᠡᠷ ᠬᠢᠭᠰᠡᠨ ᠴᠢᠬᠢ ᠪᠠᠲᠤ ᠪᠥᠬᠡ ᠪᠥᠭᠡᠳ ᠴᠢᠯᠥᠭᠡᠲᠡᠢ ᠡᠷᠭᠢᠳᠡᠭ ᠬᠠᠮᠤᠭ ᠤ᠋ᠨ ᠲᠣᠬᠢᠷᠠᠮᠵᠢᠲᠠᠢ ᠪᠠᠢᠳᠠᠭ᠃ ᠬᠡᠷᠪᠡ ᠴᠢᠬᠢ ᠴᠢᠯᠥᠭᠡᠲᠡᠢ ᠡᠷᠭᠢᠬᠦ ᠦᠭᠡᠢ ᠪᠣᠯ ᠳᠣᠲᠣᠷ᠎ᠠ ᠲᠠᠯ᠎ᠠ ᠶ᠋ᠢ ᠳᠤᠰᠤᠯᠠᠨ᠎ᠠ᠃ ᠴᠢᠬᠢᠨ ᠳ᠋ᠦ᠍ ᠲᠠᠲᠠᠯᠭ᠎ᠠ ᠲᠠᠢ ᠬᠣᠯᠪᠣᠳᠠᠭ ᠪᠥᠬᠡ ᠰᠤᠷ ᠭᠣᠭᠴᠣᠭ᠎ᠠ ᠪᠠᠢᠳᠠᠭ᠃ ᠡᠨᠡ ᠭᠣᠭᠴᠣᠭᠠᠨ ᠠ᠋ᠴᠠ15—18m ᠣᠷᠴᠢᠮ ᠰᠤᠷ ᠪᠤᠶᠤ ᠣᠯᠣᠰᠣ᠂ ᠭᠤᠷᠮᠤᠰᠤᠨ ᠬᠢᠯᠭᠠᠰᠤᠨ ᠳᠡᠭᠡᠰᠦ ᠪᠡᠷ ᠬᠢᠭᠰᠡᠨ ᠲᠠᠲᠠᠯᠭ᠎ᠠ ᠬᠣᠯᠪᠣᠵᠤ ᠲᠡᠭᠦᠨ ᠦ᠌ ᠦᠵᠦᠭᠦᠷ ᠲᠦ᠍70—80cm ᠣᠷᠴᠢᠮ ᠬᠥᠨᠳᠡᠯᠡᠨ ᠣᠭᠲᠣᠯᠤᠯ ᠲᠠᠢ ᠮᠣᠳᠣ ᠪᠡᠬᠢᠯᠡᠵᠦ ᠡᠮᠡᠭᠡᠯ ᠦ᠋ᠨ ᠳᠠᠷᠤᠭᠤᠯᠭ᠎ᠠ ᠣᠯᠣᠩ ᠲᠠᠢ ᠬᠣᠯᠪᠣᠵᠤ ᠴᠢᠭᠲᠠᠯᠠᠬᠤ ᠪᠠ ᠢᠰᠡᠭᠡᠢ ᠲᠠᠲᠠᠵᠤ ᠶᠠᠪᠤᠭ᠎ᠠ ᠬᠥᠮᠦᠨ ᠰᠤᠭᠤ ᠳ᠋ᠠᠭᠠᠨ ᠬᠠᠪᠴᠢᠭᠤᠯᠬᠤ ᠪᠤᠶᠤ ᠪᠠᠷᠢᠵᠤ ᠶᠠᠪᠤᠨ᠎ᠠ᠃ ᠭᠣᠣᠯ ᠮᠣᠳᠣ ᠴᠢᠬᠢᠨ ᠳᠣᠲᠣᠷ᠎ᠠ ᠴᠢᠯᠥᠭᠡᠲᠡᠢ ᠬᠣᠯᠬᠢᠨ ᠡᠷᠭᠢᠵᠦ ᠪᠠᠢᠪᠠᠯ ᠲᠣᠬᠢᠷᠠᠮᠵᠢᠲᠠᠢ ᠪᠠᠢᠳᠠᠭ᠃
ᠢᠰᠡᠭᠡᠢ ᠶ᠋ᠢ ᠲᠠᠲᠠᠬᠤ ᠳ᠋ᠠᠭᠠᠨ ᠬᠣᠶᠠᠷ ᠮᠣᠷᠢ ᠪᠤᠶᠤ ᠱᠠᠷ ᠢ᠋ᠶ᠋ᠠᠷ ᠲᠠᠲᠠᠨ᠎ᠠ᠃ ᠲᠡᠮᠡᠭᠡ ᠪᠡᠷ ᠢᠰᠡᠭᠡᠢ ᠲᠠᠲᠠᠬᠤ ᠪᠣᠯᠪᠠᠴᠤ ᠲᠡᠭᠦᠨ ᠦ᠌ ᠠᠯᠬᠤᠭ᠎ᠠ ᠨᠠᠮᠤᠯᠵᠠᠭᠰᠠᠨ ᠵᠥᠭᠡᠯᠡᠨ ᠪᠠᠢᠳᠠᠭ ᠤᠴᠢᠷ ᠢᠰᠡᠭᠡᠢ ᠴᠢᠩᠭᠠᠷᠠᠵᠤ ᠬᠠᠲᠠᠭᠤᠷᠠᠳᠠᠭ ᠦᠭᠡᠢ ᠤᠴᠢᠷ ᠲᠡᠮᠡᠭᠡ ᠪᠡᠷ ᠲᠠᠲᠠᠬᠤ ᠳᠤᠷ᠎ᠠ ᠦᠭᠡᠢ ᠪᠠᠢᠳᠠᠭ᠃ ᠬᠡᠷᠪᠡ ᠮᠣᠷᠢ ᠪᠣᠰᠬᠢᠳᠠᠭ ᠪᠣᠯ ᠡᠬᠢᠨ ᠦ᠌ ᠲᠠᠲᠠᠯᠭᠠᠨ ᠳ᠋ᠤ᠌ ᠨᠢᠳᠦ ᠶ᠋ᠢ ᠨᠢ ᠳᠠᠷᠤᠵᠤ ᠪᠣᠭᠣᠵᠤ ᠶᠠᠪᠤᠭᠤᠯᠤᠭᠠᠳ ᠬᠡᠰᠡᠭ ᠶᠠᠪᠤᠵᠤ ᠳᠠᠰᠤᠭᠰᠠᠨ ᠤ᠋ ᠳᠠᠷᠠᠭ᠎ᠠ ᠨᠢᠳᠦᠨ ᠦ᠌ ᠪᠣᠭᠣᠯᠲᠠ ᠶ᠋ᠢ ᠠᠪᠳᠠᠭ᠃ ᠢᠰᠡᠭᠡᠢ ᠶ᠋ᠢ ᠲᠠᠲᠠᠬᠤ ᠳ᠋ᠠᠭᠠᠨ ᠵᠢᠭᠳᠡ ᠴᠢᠷᠴᠦ ᠲᠣᠳᠣᠷᠬᠠᠢ ᠬᠡᠮᠵᠢᠶ᠎ᠡ ᠲᠡᠢ ᠭᠠᠵᠠᠷ ᠶᠠᠪᠤᠨ᠎ᠠ᠃ ᠡᠬᠢᠨ ᠦ᠌ ᠤᠳᠠᠭ᠎ᠠ250—300m ᠣᠷᠴᠢᠮ ᠭᠠᠵᠠᠷ ᠢ᠋25—30 ᠤᠳᠠᠭ᠎ᠠ ᠨᠠᠮᠤᠭᠤᠨ ᠵᠥᠭᠡᠯᠡᠨ ᠠᠯᠬᠤᠨ ᠱᠣᠭᠰᠢᠭᠤᠯᠤᠨ ᠲᠠᠲᠠᠭᠠᠳ ᠢᠰᠡᠭᠡᠢ ᠪᠡᠨ ᠵᠠᠳᠠᠯᠤᠨ ᠤᠰᠤᠯᠠᠵᠤ ᠡᠷᠭᠢᠭᠦᠯᠦᠨ ᠳᠠᠬᠢᠨ ᠪᠣᠭᠣᠵᠤ ᠲᠦᠷᠦᠭᠦᠴᠢ ᠶ᠋ᠢᠨ ᠬᠡᠮᠵᠢᠶᠡᠨ ᠦ᠌ ᠭᠠᠵᠠᠷ ᠢ᠋ ᠰᠢᠷᠦᠭᠦᠬᠡᠨ ᠱᠣᠭᠰᠢᠭᠤᠯᠤᠨ ᠲᠠᠲᠠᠬᠤ ᠪᠠ ᠡᠭᠦᠨ ᠢ᠋ ᠡᠷᠭᠢᠭᠦᠯᠭᠡ ᠲᠠᠲᠠᠯᠲᠠ ᠭᠡᠳᠡᠭ᠃ ᠭᠤᠷᠪᠠᠳᠠᠬᠢ ᠤᠳᠠᠭᠠᠨ ᠤ᠋ ᠲᠠᠲᠠᠯᠲᠠ ᠮᠥᠨ ᠳᠡᠭᠡᠷᠡᠬᠢ ᠬᠡᠮᠵᠢᠶᠡᠨ ᠳ᠋ᠦ᠍ ᠲᠠᠲᠠᠭᠳᠠᠬᠤ ᠪᠣᠯᠪᠠᠴᠤ ᠮᠣᠷᠢ ᠪᠠᠨ ᠰᠢᠷᠦᠭᠦᠨ ᠬᠠᠲᠠᠷᠢᠭᠤᠯᠤᠨ ᠴᠣᠭᠭᠢᠭᠤᠯᠤᠨ ᠲᠠᠲᠠᠨ᠎ᠠ᠃ ᠰᠡᠭᠦᠯ ᠦ᠋ᠨ ᠲᠠᠲᠠᠯᠭᠠᠨ ᠤ᠋ ᠳᠠᠷᠠᠭ᠎ᠠ ᠪᠣᠭᠣᠯᠲᠠ ᠲᠠᠢ ᠬᠡᠪ ᠢ᠋ᠶ᠋ᠡᠷ ᠨᠢ ᠴᠠᠭ ᠣᠷᠴᠢᠮ ᠪᠠᠢᠯᠭᠠᠭᠰᠠᠨ ᠤ᠋ ᠳᠠᠷᠠᠭ᠎ᠠ ᠵᠠᠳᠠᠯᠵᠤ ᠢᠰᠡᠭᠡᠢ ᠶ᠋ᠢᠨ ᠢ᠋ᠶ᠋ᠡᠨ ᠵᠠᠬ᠎ᠠ ᠶ᠋ᠢ ᠵᠠᠰᠠᠵᠤ ᠳᠡᠯᠭᠡᠵᠦ ᠬᠠᠲᠠᠭᠠᠨ᠎ᠠ᠃
ᠮᠣᠩᠭᠣᠯᠴᠤᠳ ᠢᠰᠡᠭᠡᠢ ᠬᠢᠬᠦ᠂ ᠲᠣᠭᠣᠭ᠎ᠠ ᠨᠡᠷᠡᠬᠦ᠂ ᠠᠷᠠᠰᠤ ᠡᠯᠳᠡᠬᠦ ᠠᠵᠢᠯ ᠢ᠋ ᠨᠡᠭᠦᠳᠡᠯ ᠦ᠋ᠨ ᠮᠠᠯ ᠠᠵᠤ ᠠᠬᠤᠢ ᠶ᠋ᠢᠨ ᠭᠤᠷᠪᠠᠨ ᠲᠣᠮᠣ ᠦᠢᠯᠡᠳᠪᠦᠷᠢ ᠭᠡᠵᠦ ᠡᠷᠬᠢᠮᠯᠡᠨ ᠬᠦᠨᠳᠦᠯᠡᠵᠦ ᠢᠷᠡᠭᠰᠡᠨ ᠲᠡᠦᠬᠡ ᠲᠡᠢ᠃ ᠢᠰᠡᠭᠡᠢ ᠬᠢᠬᠦ ᠳ᠋ᠦ᠍ ᠠᠢᠯ ᠰᠠᠭᠠᠬᠠᠯᠲᠠ ᠪᠠᠷ ᠢ᠋ᠶ᠋ᠠᠨ ᠨᠡᠢᠯᠡᠵᠦ ᠬᠠᠮᠲᠤᠷᠠᠨ ᠬᠢᠳᠡᠭ ᠵᠠᠩᠰᠢᠯ ᠲᠠᠢ ᠪᠥᠭᠡᠳ ᠢᠰᠡᠭᠡᠢ ᠬᠢᠬᠦ ᠠᠵᠢᠯ ᠪᠠᠶᠠᠷ ᠶᠣᠰᠣᠯᠠᠯ ᠤ᠋ᠨ ᠪᠠᠢᠳᠠᠯ ᠲᠠᠢ ᠢᠳᠡᠭᠡ ᠴᠠᠭ᠎ᠠ ᠵᠡᠬᠡᠵᠦ ᠢᠰᠡᠭᠡᠢ ᠬᠢᠬᠦ ᠭᠠᠵᠠᠷ ᠴᠠᠢ ᠤᠤᠭᠤᠵᠤ ᠳᠡᠭᠡᠵᠢ ᠪᠡᠨ ᠡᠷᠭᠦᠳᠡᠭ ᠪᠠᠢᠵᠠᠢ᠃ ᠡᠢᠮᠦ ᠤᠴᠢᠷ ᠠ᠋ᠴᠠ ᠵᠠᠷᠢᠮ ᠭᠠᠵᠠᠷ ᠢᠰᠡᠭᠡᠢ ᠶ᠋ᠢᠨ ᠬᠤᠷᠢᠮ ᠬᠢᠨ᠎ᠡ ᠭᠡᠵᠦ ᠶᠠᠷᠢᠳᠠᠭ᠃
ᠮᠣᠩᠭᠣᠯᠴᠤᠳ ᠨᠢᠭᠡ ᠨᠢ ᠨᠥᠭᠦᠭᠡ ᠶ᠋ᠢᠨ ᠢ᠋ᠶ᠋ᠡᠨ ᠬᠢᠵᠦ ᠪᠦᠲᠦᠭᠡᠵᠦ ᠪᠠᠢᠭ᠎ᠠ ᠠᠵᠢᠯ ᠢ᠋ ᠢᠮᠠᠭᠲᠠ ᠰᠠᠢᠨ ᠰᠠᠢᠬᠠᠨ ᠪᠦᠲᠦᠮᠵᠢᠲᠡᠢ ᠪᠠᠢᠭᠠᠰᠠᠢ ᠭᠡᠵᠦ ᠪᠡᠯᠭᠡᠳᠡᠨ ᠢᠷᠥᠭᠡᠵᠦ ᠢᠰᠡᠭᠡᠢ ᠬᠢᠬᠦ᠂ ᠦᠢᠯᠡ ᠣᠶᠣᠬᠤ᠂ ᠠᠷᠠᠰᠤ ᠨᠡᠬᠡᠢ ᠡᠯᠳᠡᠵᠦ ᠪᠠᠢᠬᠤ ᠳ᠋ᠤ᠌ ᠲᠠᠭᠠᠷᠠᠯᠳᠤᠪᠠᠯ ᠶᠠᠮᠠᠷ ᠴᠤ ᠶᠡᠬᠡ ᠠᠵᠢᠯ ᠲᠠᠢ᠂ ᠶᠠᠭᠠᠷᠠᠤ ᠶᠠᠪᠤᠯ᠎ᠠ ᠴᠤ᠌ ᠵᠠᠪᠠᠯ ᠭᠠᠷ ᠪᠡᠶ᠎ᠡ ᠣᠷᠣᠯᠴᠠᠳᠠᠭ ᠤᠯᠠᠮᠵᠢᠯᠠᠯᠲᠤ ᠰᠠᠢᠬᠠᠨ ᠵᠠᠩᠰᠢᠯ ᠲᠠᠢ ᠪᠥᠭᠡᠳ ᠢᠰᠡᠭᠡᠢ ᠬᠢᠵᠦ ᠪᠠᠢᠭ᠎ᠠ ᠬᠥᠮᠦᠰ ᠳᠡᠭᠡᠷ᠎ᠡ ᠢᠷᠡᠪᠡᠯ ᠲᠤᠩ ᠰᠢᠭ᠋ ᠴᠠᠭᠠᠨ᠂ ᠳᠤᠷᠳᠤᠩ ᠰᠢᠭ᠋ ᠭᠤᠸ᠎ᠠ ᠵᠠᠬ᠎ᠠ ᠲᠠᠢ ᠪᠣᠯᠲᠤᠭᠠᠢ ᠭᠡᠵᠦ ᠢᠷᠥᠭᠡᠵᠦ ᠵᠤᠯᠤᠬᠠᠢ ᠵᠤᠯᠤᠵᠤ ᠥᠭᠭᠦᠭᠡᠳ ᠶᠠᠪᠤᠳᠠᠭ᠃ ᠠᠷᠠᠰᠤ ᠡᠯᠳᠡᠵᠦ ᠪᠠᠢᠬᠤ ᠳ᠋ᠤ᠌ ᠲᠠᠭᠠᠷᠠᠯᠳᠤᠪᠠᠯ ᠡᠯᠳᠡᠭᠦᠷ ᠵᠥᠭᠡᠯᠡᠨ ᠪᠣᠯᠲᠤᠭᠠᠢ ᠭᠡᠵᠦ ᠢᠷᠦᠭᠡᠳᠡᠭ᠃ ᠢᠷᠦᠭᠡᠯ ᠰᠣᠨᠣᠰᠤᠭᠰᠠᠨ ᠬᠥᠮᠦᠨ ᠪᠠᠶᠠᠷᠲᠠᠢ ᠬᠦᠯᠢᠶᠡᠨ ᠠᠪᠤᠭᠰᠠᠨ ᠢ᠋ᠶ᠋ᠠᠨ ᠢᠯᠡᠷᠬᠡᠢᠯᠡᠵᠦ ᠢᠷᠦᠭᠡᠯ ᠪᠠᠲᠤ ᠣᠷᠣᠰᠢᠭ ᠭᠡᠵᠦ ᠬᠡᠯᠡᠳᠡᠭ ᠪᠢᠯᠡ᠃
ᠡᠨᠡ ᠪᠣᠯ ᠶᠠᠮᠠᠷ ᠴᠤ᠌ ᠱᠠᠰᠢᠨ ᠰᠢᠲᠦᠯᠭᠡ ᠲᠡᠢ ᠬᠣᠯᠪᠣᠭ᠎ᠠ ᠦᠭᠡᠢ ᠪᠥᠭᠡᠳ ᠬᠥᠮᠦᠨ ᠠᠷᠠᠳ ᠤ᠋ᠨ ᠮᠠᠨᠢ ᠨᠢᠭᠡ ᠨᠢ ᠨᠥᠭᠦᠭᠡ ᠶ᠋ᠢᠨ ᠢ᠋ᠶ᠋ᠡᠨ ᠲᠥᠯᠥᠭᠡ ᠰᠠᠨᠠᠭ᠎ᠠ ᠲᠠᠯᠪᠢᠭᠰᠠᠨ ᠠᠷᠢᠭᠤᠨ ᠴᠠᠭᠠᠨ ᠰᠡᠳᠬᠢᠯ ᠦ᠋ᠨ ᠢᠯᠡᠷᠬᠡᠢᠯᠡᠯ ᠤᠴᠢᠷ ᠣᠳᠣ ᠬᠦᠷᠲᠡᠯ᠎ᠡ ᠬᠡᠷᠡᠭᠯᠡᠭᠳᠡᠵᠦ ᠪᠠᠢᠭ᠎ᠠ ᠪᠥᠭᠡᠳ ᠬᠣᠢᠴᠢ ᠦᠶ᠎ᠡ ᠠᠪᠴᠤ ᠬᠡᠷᠡᠭᠯᠡᠬᠦ ᠳ᠋ᠦ᠍ ᠢᠯᠡᠭᠦᠳᠡᠬᠦ ᠦᠭᠡᠢ ᠪᠢᠵᠡ ᠠ᠋᠃
ᠲᠡᠭᠦᠨᠴᠢᠯᠡᠨ ᠭᠠᠷ ᠢᠰᠡᠭᠡᠢ ᠶ᠋ᠢ ᠮᠣᠩᠭᠣᠯᠴᠤᠳ ᠶᠡᠬᠡ ᠬᠢᠳᠡᠭ ᠵᠠᠩᠰᠢᠯ ᠲᠠᠢ᠃ ᠭᠠᠷ ᠢᠰᠡᠭᠡᠢ ᠶ᠋ᠢ ᠭᠣᠣᠯᠳᠠᠭᠤ ᠣᠬᠣᠷ ᠨᠣᠣᠰᠣ ᠪᠠᠷ ᠬᠢᠬᠦ ᠪᠥᠭᠡᠳ ᠲᠡᠭᠦᠨ ᠢ᠋ ᠮᠥᠨ ᠢᠰᠡᠭᠡᠢ ᠬᠢᠳᠡᠭ ᠳᠡᠰ ᠳᠠᠷᠠᠭᠠᠯᠠᠯ ᠢ᠋ᠶ᠋ᠠᠷ ᠬᠢᠵᠦ ᠭᠤᠯᠢᠷ ᠡᠯᠳᠡᠵᠦ ᠪᠠᠢᠭ᠎ᠠ ᠶᠤᠮ ᠰᠢᠭ᠋ ᠠᠯᠠᠭᠠᠳᠠᠵᠤ ᠥᠩᠬᠥᠷᠢᠭᠦᠯᠵᠦ ᠬᠢᠳᠡᠭ ᠬᠠᠯᠬ᠎ᠠ ᠶ᠋ᠢᠨ ᠡᠢᠮᠦ ᠢᠰᠡᠭᠡᠢ ᠶ᠋ᠢ ᠵᠨᠨᠽᠢ ᠢᠰᠡᠭᠡᠢ ᠭᠡᠳᠡᠭ᠃
ᠬᠠᠰᠠᠭ ᠤ᠋ᠳ ᠰᠢᠷᠲᠡᠭ ᠲᠦ᠍ ᠵᠣᠷᠢᠭᠤᠯᠤᠭᠰᠠᠨ ᠢᠰᠡᠭᠡᠢ ᠶ᠋ᠢ ᠬᠢᠬᠦ ᠳ᠋ᠡᠭᠡᠨ ᠢᠰᠡᠭᠡᠢ ᠬᠢᠬᠦ ᠴᠠᠭᠠᠨ ᠳᠡᠪᠢᠰᠬᠡᠷ ᠳᠡᠭᠡᠷ᠎ᠡ ᠪᠡᠨ ᠬᠠᠷ᠎ᠠ᠂ ᠤᠯᠠᠭᠠᠨ ᠵᠡᠷᠭᠡ ᠶᠠᠩᠵᠤ ᠪᠦᠷᠢ ᠶ᠋ᠢᠨ ᠥᠭᠡᠷ᠎ᠡ ᠥᠩᠭᠡ ᠶ᠋ᠢᠨ ᠨᠣᠣᠰᠣ ᠪᠠᠷ ᠬᠡ ᠲᠠᠯᠪᠢᠵᠤ ᠬᠢᠬᠦ ᠪᠥᠭᠡᠳ ᠢᠰᠡᠭᠡᠢ ᠪᠣᠯᠤᠭᠰᠠᠨ ᠤ᠋ ᠳᠠᠷᠠᠭ᠎ᠠ ᠬᠡ ᠶ᠋ᠢᠨ ᠢ᠋ᠶ᠋ᠡᠨ ᠵᠠᠬ᠎ᠠ ᠪᠠᠷ ᠪᠠᠷᠠᠭᠤᠨ ᠰᠣᠯᠣᠭᠠᠢ ᠲᠠᠮᠤᠭᠰᠠᠨ ᠳᠠᠩ ᠵᠡᠬᠡᠭ ᠲᠠᠯᠪᠢᠵᠤ ᠬᠡ ᠪᠡᠨ ᠲᠣᠳᠣᠷᠠᠭᠤᠯᠤᠨ᠎ᠠ᠃ ᠢᠰᠡᠭᠡᠢ ᠶ᠋ᠢ ᠬᠢᠭᠰᠡᠨ ᠦ᠌ ᠳᠠᠷᠠᠭ᠎ᠠ ᠳᠡᠯᠭᠡᠵᠦ ᠲᠠᠯᠪᠢᠵᠤ ᠬᠠᠲᠠᠭᠠᠭᠠᠳ ᠳᠡᠭᠡᠪᠦᠷ ᠲᠤᠭᠤᠷᠭ᠎ᠠ ᠡᠷᠦᠬᠡ᠂ ᠡᠭᠦᠳᠡ ᠬᠢᠬᠦ ᠪᠤᠶᠤ ᠰᠢᠷᠳᠡᠭ ᠭᠣᠳᠣᠰ ᠵᠡᠷᠭᠡ ᠶ᠋ᠢ ᠬᠢᠳᠡᠭ᠃
ᠨᠣᠣᠰᠣ ᠪᠠᠷ ᠤᠲᠠᠰᠤ ᠪᠡᠯᠡᠳᠬᠡᠵᠦ ᠨᠣᠣᠰᠣ ᠪᠠᠷ ᠤᠲᠠᠰᠤ ᠪᠡᠯᠡᠳᠬᠡᠬᠦ ᠳ᠋ᠦ᠍ ᠶᠠᠮᠠᠷ ᠴᠤ᠌ ᠮᠠᠯ ᠤ᠋ᠨ ᠨᠣᠣᠰᠣ ᠤᠲᠠᠰᠤ ᠪᠣᠯᠳᠠᠭ᠃ ᠬᠠᠷᠢᠨ ᠠᠳᠤᠭᠤᠨ ᠤ᠋ ᠬᠥᠭᠡᠪᠦᠷ ᠢ᠋ᠶ᠋ᠡᠷ ᠤᠲᠠᠰᠤ ᠬᠢᠳᠡᠭ ᠦᠭᠡᠢ᠃ ᠤᠲᠠᠰᠤ ᠬᠢᠬᠦ ᠳ᠋ᠦ᠍ ᠶᠠᠭᠤᠨ ᠤ᠋ ᠡᠮᠦᠨ᠎ᠡ ᠨᠣᠣᠰᠣ ᠶ᠋ᠢ ᠰᠢᠷᠣᠢ᠂ ᠲᠣᠭᠣᠰᠣ ᠦᠭᠡᠢ ᠨᠣᠭᠣᠭᠠᠨ ᠵᠦᠯᠭᠡ ᠪᠤᠶᠤ ᠪᠤᠲᠠ ᠮᠠᠯ ᠤ᠋ᠨ ᠰᠢᠷᠢᠨ ᠳᠡᠭᠡᠷ᠎ᠡ ᠲᠠᠯᠪᠢᠵᠤ110—130cm ᠣᠷᠴᠢᠮ ᠤᠷᠲᠤ ᠨᠠᠷᠢᠨ ᠪᠤᠷᠭᠠᠰᠤ ᠪᠤᠶᠤ ᠢᠷᠭᠠᠢ ᠵᠡᠷᠭᠡ ᠠᠮᠠᠷᠬᠠᠨ ᠬᠤᠭᠤᠷᠠᠵᠤ ᠴᠤᠭᠤᠷᠠᠳᠠᠭ ᠦᠭᠡᠢ ᠰᠠᠪᠠᠭ᠎ᠠ ᠪᠠᠷ ᠰᠠᠪᠠᠨᠠ᠃ ᠰᠠᠪᠠᠭ᠎ᠠ ᠦᠵᠦᠭᠦᠷ ᠤᠷᠤᠭᠤ ᠪᠠᠨ ᠨᠠᠷᠢᠨ᠂ ᠮᠠᠰᠢ ᠲᠡᠭᠰᠢᠬᠡᠨ ᠪᠠᠢᠬᠤ ᠶᠣᠰᠣᠲᠠᠢ᠃ ᠡᠢᠮᠦ ᠳ᠋ᠦ᠍ ᠨᠣᠣᠰᠣ ᠰᠠᠪᠠᠬᠤ ᠰᠠᠪᠠᠭ᠎ᠠ ᠶ᠋ᠢ ᠪᠡᠯᠡᠨ ᠪᠤᠷᠭᠠᠰᠤ ᠢᠷᠭᠠᠢ ᠠᠪᠴᠤ ᠤᠷᠲᠤ ᠪᠣᠭᠣᠨᠢ ᠶ᠋ᠢ ᠲᠠᠭᠠᠷᠠᠭᠤᠯᠤᠨ ᠭᠠᠳᠠᠨ᠎ᠠ ᠲᠠᠯ᠎ᠠ ᠶ᠋ᠢᠨ ᠬᠠᠯᠢᠰᠤ᠂ ᠣᠪᠣᠩ ᠲᠣᠪᠣᠩ ᠢ᠋ ᠲᠡᠭᠰᠢᠯᠡᠨ ᠵᠣᠷᠭᠣᠵᠤ ᠪᠦᠳᠦᠭᠦᠨ ᠨᠠᠷᠢᠨ ᠵᠦᠯᠭᠦᠭᠦᠷ ᠢ᠋ᠶ᠋ᠡᠷ ᠵᠦᠯᠭᠦᠨ ᠰᠡᠪ ᠦᠭᠡᠢ ᠪᠣᠯᠭᠠᠨ ᠨᠣᠣᠰᠣ ᠪᠠᠨ ᠰᠡᠪᠡᠨᠡ᠃ ᠨᠣᠣᠰᠣ ᠰᠠᠪᠠᠬᠤ ᠳ᠋ᠤ᠌ ᠰᠢᠷᠣᠢ ᠲᠣᠭᠣᠰᠣ ᠡᠯᠳᠡᠪ ᠥᠷᠭᠡᠰᠦ ᠡᠪᠡᠰᠦ ᠨᠢ ᠠᠷᠢᠯᠤᠨ ᠴᠡᠪᠡᠷᠰᠢᠬᠦ ᠡᠴᠡ ᠭᠠᠳᠠᠨ᠎ᠠ ᠪᠥᠭᠡᠮᠨᠡᠷᠡᠭᠰᠡᠨ ᠬᠡᠰᠡᠭ ᠨᠢ ᠵᠠᠳᠠᠷᠠᠵᠤ ᠰᠡᠪᠰᠡᠭᠡᠷ ᠰᠤᠯᠠᠬᠠᠨ ᠪᠣᠯᠵᠤ ᠶᠠᠭᠤ ᠴᠤ᠌ ᠬᠢᠬᠦ ᠪᠣᠯᠣᠮᠵᠢᠲᠠᠢ ᠪᠣᠯᠳᠠᠭ᠂
ᠨᠣᠣᠰᠣ ᠰᠠᠪᠠᠬᠤ ᠳ᠋ᠤ᠌ ᠲᠧᠭᠨᠢᠭ ᠠᠵᠢᠯᠯᠠᠭ᠎ᠠ ᠱᠠᠭᠠᠷᠳᠠᠭᠳᠠᠨ᠎ᠠ᠂ ᠡᠢᠮᠦ ᠳ᠋ᠦ᠍ ᠰᠠᠪᠠᠭ᠎ᠠ ᠪᠠᠨ ᠵᠥᠪ ᠪᠠᠷᠢᠵᠤ ᠨᠣᠣᠰᠣ ᠪᠠᠨ ᠬᠣᠶᠠᠷ ᠭᠠᠷ ᠢ᠋ᠶ᠋ᠠᠷ ᠢ᠋ᠶ᠋ᠠᠨ ᠡᠭᠡᠯᠵᠢᠯᠡᠨ ᠵᠥᠭᠡᠯᠡᠨ ᠴᠣᠬᠢᠵᠤ ᠰᠠᠪᠠᠭᠠᠳ ᠰᠠᠪᠠᠭ᠎ᠠ ᠪᠠᠨ ᠬᠣᠢᠰᠢ ᠨᠢ ᠰᠤᠭᠤᠯᠵᠤ ᠠᠪᠬᠤ ᠦᠭᠡᠢ ᠪᠣᠯ ᠨᠣᠣᠰᠣ ᠡᠯᠭᠦᠭᠳᠡᠨ ᠴᠠᠴᠤᠭᠳᠠᠨᠠ᠃
ᠢᠩᠭᠢᠵᠦ ᠰᠠᠪᠠᠭᠰᠠᠨ ᠤ᠋ ᠳᠠᠷᠠᠭ᠎ᠠ ᠵᠤᠯᠤᠬᠤ ᠨᠣᠣᠰᠣ ᠶ᠋ᠢ2—3 ᠨᠤᠭᠤᠯᠵᠤ ᠬᠠᠪᠲᠠᠭᠠᠢ ᠪᠠᠷ ᠨᠢ ᠡᠪᠬᠡᠵᠦ ᠬᠠᠳᠠᠭᠠᠯᠠᠨ᠎ᠠ᠃ ᠳᠡᠭᠡᠰᠦ ᠲᠠᠮᠤᠬᠤ ᠨᠣᠣᠰᠣ ᠶ᠋ᠢ ᠵᠡᠭᠦᠨ ᠲᠠᠯ᠎ᠠ ᠶ᠋ᠢᠨ ᠭᠠᠷ ᠲᠤ᠌ ᠨᠢᠭᠡ ᠦᠵᠦᠭᠦᠷ ᠢ᠋ ᠠᠳᠬᠤᠵᠤ ᠳᠣᠯᠣᠪᠣᠷ ᠬᠤᠷᠤᠭᠤᠨ ᠳ᠋ᠠᠭᠠᠨ ᠣᠷᠢᠶᠠᠵᠤ ᠳᠥᠭᠥᠳᠡᠭ ᠬᠢᠨ᠎ᠡ᠃
ᠤᠲᠠᠰᠤ ᠡᠭᠡᠷᠡᠬᠦ ᠨᠣᠣᠰᠣ ᠶ᠋ᠢ ᠮᠥᠨ ᠲᠦᠭᠦᠳᠡᠭᠯᠡᠬᠦ ᠪᠤᠶᠤ ᠡᠪᠬᠡᠵᠦ ᠠᠪᠤᠨ᠎ᠠ᠃
ᠨᠣᠣᠰᠣ ᠪᠠᠷ ᠤᠲᠠᠰᠤ ᠡᠭᠡᠷᠡᠬᠦ ᠳ᠋ᠦ᠍ ᠬᠢᠬᠦ ᠵᠦᠢᠯ ᠦ᠋ᠨ ᠢ᠋ᠶ᠋ᠡᠨ ᠣᠨᠴᠠᠯᠢᠭ ᠲᠤ᠌ ᠲᠣᠬᠢᠷᠠᠭᠤᠯᠵᠤ ᠪᠣᠯᠤᠨ᠎ᠠ᠃ ᠡᠭᠦᠨ ᠲᠡᠢ ᠤᠶᠠᠯᠳᠤᠭᠤᠯᠵᠤ ᠡᠭᠡᠷᠡᠬᠦ ᠡᠭᠡᠷᠡᠦᠯ ᠣᠯᠠᠨ ᠶᠠᠩᠵᠤ ᠪᠠᠢᠳᠠᠭ᠃ ᠡᠭᠡᠷᠡᠦᠯ ᠢ᠋ ᠳᠣᠲᠣᠷ᠎ᠠ ᠨᠢ ᠪᠦᠳᠦᠭᠦᠨ ᠤᠲᠠᠰᠤᠨ ᠤ᠋᠂ ᠳᠤᠮᠳᠠ ᠵᠡᠷᠭᠡ ᠤᠲᠠᠰᠤᠨ ᠤ᠋᠂ ᠨᠠᠷᠢᠨ ᠤᠲᠠᠰᠤᠨ ᠤ᠋ ᠭᠡᠵᠦ ᠢᠯᠭᠠᠬᠤ ᠪᠥᠭᠡᠳ ᠡᠨᠡ ᠵᠥᠪᠬᠡᠨ ᠡᠭᠡᠷᠡᠦᠯ ᠦ᠋ᠨ ᠳᠤᠭᠤᠢ ᠶ᠋ᠢᠨ ᠬᠦᠨᠳᠦ ᠶ᠋ᠢᠨ ᠬᠡᠮᠵᠢᠶ᠎ᠡ ᠪᠡᠷ ᠢᠯᠭᠠᠭᠳᠠᠨ᠎ᠠ᠃ ᠪᠦᠳᠦᠭᠦᠨ ᠤᠲᠠᠰᠤᠨ ᠤ᠋ ᠡᠭᠡᠷᠡᠦᠯ ᠲᠣᠮᠣ ᠳᠤᠭᠤᠢ ᠲᠠᠢ ᠬᠦᠨᠳᠦ ᠪᠠᠢᠳᠠᠭ᠃ ᠳᠤᠮᠳᠠ ᠤᠲᠠᠰᠤᠨ ᠤ᠋ ᠡᠭᠡᠷᠡᠦᠯ ᠲᠡᠭᠦᠨ ᠡᠴᠡ ᠠᠷᠠᠢ ᠬᠥᠩᠭᠡᠨ᠂ ᠨᠠᠷᠢᠨ ᠤᠲᠠᠰᠤᠨ ᠤ᠋ ᠬᠢ ᠪᠦᠷ ᠵᠢᠵᠢᠭ ᠪᠠᠢᠳᠠᠭ᠃
ᠲᠡᠭᠦᠨᠴᠢᠯᠡᠨ ᠮᠣᠩᠭᠣᠯ ᠤ᠋ᠨ ᠣᠯᠠᠨ ᠦᠨᠳᠦᠰᠦᠲᠡᠨ ᠶᠠᠰᠤᠲᠠᠨ ᠨᠤᠭᠤᠳ ᠥᠭᠡᠷ᠎ᠡ ᠥᠭᠡᠷ᠎ᠡ ᠡᠭᠡᠷᠡᠦᠯ ᠬᠡᠷᠡᠭᠯᠡᠬᠦ ᠡᠴᠡ ᠭᠠᠳᠠᠨ᠎ᠠ ᠤᠲᠠᠰᠤ ᠡᠷᠴᠢᠯᠡᠬᠦ ᠠᠷᠭ᠎ᠠ ᠨᠢ ᠬᠦᠷᠲᠡᠯ᠎ᠡ ᠥᠭᠡᠷ᠎ᠡ ᠪᠠᠢᠳᠠᠭ᠃ ᠬᠠᠯᠬ᠎ᠠ ᠡᠭᠡᠷᠡᠦᠯ ᠦ᠋ᠨ ᠡᠰᠢ ᠨᠢ25—30cm ᠤᠷᠲᠤ ᠲᠣᠯᠣᠭᠠᠢ ᠪᠤᠶᠤ ᠳᠤᠭᠤᠢ ᠲᠡᠰᠢ ᠪᠡᠨ ᠪᠦᠳᠦᠭᠦᠨ ᠳᠡᠭᠡᠭᠰᠢ ᠪᠡᠨ ᠠᠯᠤᠰ ᠠ᠋ᠴᠠ ᠵᠢᠭᠳᠡ ᠨᠠᠷᠢᠰᠤᠭᠰᠠᠭᠠᠷ ᠦᠵᠦᠭᠦᠷ ᠨᠢ ᠱᠣᠪᠬᠣ ᠪᠠᠢᠳᠠᠭ᠃ ᠡᠭᠡᠷᠡᠦᠯ ᠦ᠋ᠨ ᠳᠤᠭᠤᠢ ᠶ᠋ᠢ ᠮᠣᠳᠣ᠂ ᠴᠢᠯᠠᠭᠤ᠂ ᠲᠣᠭᠣᠰᠬ᠎ᠠ᠂ ᠲᠡᠮᠦᠷ ᠵᠡᠷᠭᠡ ᠪᠡᠷ ᠬᠢᠬᠦ ᠪᠥᠭᠡᠳ ᠳᠤᠭᠤᠢ ᠶ᠋ᠢᠨ ᠭᠣᠣᠯ ᠳ᠋ᠤ᠌ ᠡᠰᠢ ᠮᠣᠳᠣ ᠪᠠᠨ ᠰᠠᠭᠤᠯᠭᠠᠨ ᠪᠡᠬᠢᠯᠡᠨ᠎ᠡ᠃ ᠮᠥᠨ ᠬᠠᠯᠬ᠎ᠠ ᠡᠭᠡᠷᠡᠦᠯ ᠳ᠋ᠦ᠍ ᠪᠥᠭᠡᠷᠡᠩᠬᠡᠢ ᠲᠣᠯᠣᠭᠠᠢ ᠲᠠᠢ ᠡᠭᠡᠷᠡᠦᠯ ᠬᠠᠶᠠ ᠪᠠᠢᠳᠠᠭ᠃
ᠡᠭᠡᠷᠡᠦᠯ ᠳ᠋ᠦ᠍ ᠨᠣᠣᠰᠣ ᠵᠠᠯᠭᠠᠵᠤ ᠣᠷᠢᠶᠠᠬᠤ ᠪᠡᠯᠡᠨ ᠭᠡᠳᠡᠰᠦ ᠭᠡᠵᠦ ᠪᠠᠢᠳᠠᠭ᠃ ᠤᠲᠠᠰᠤ ᠡᠭᠡᠷᠡᠬᠦ ᠳ᠋ᠡᠭᠡᠨ ᠭᠡᠳᠡᠰᠦᠨ ᠳ᠋ᠦ᠍ ᠪᠡᠬᠢᠯᠡᠨ ᠡᠭᠡᠷᠡᠵᠦ ᠡᠬᠢᠯᠡᠬᠦ ᠪᠠ ᠡᠭᠡᠷᠡᠦᠯ ᠦ᠋ᠨ ᠭᠡᠳᠡᠰᠦ ᠪᠣᠯ ᠡᠰᠢᠨ ᠳ᠋ᠡᠭᠡᠨ ᠪᠠᠢᠩᠭᠤ ᠪᠠᠢᠬᠤ ᠶᠣᠰᠣᠲᠠᠢ ᠪᠥᠭᠡᠳ ᠡᠭᠡᠷᠡᠦᠯ ᠦ᠋ᠨ ᠭᠡᠳᠡᠰᠦ ᠠᠪᠴᠤ ᠬᠠᠶᠠᠬᠤ ᠶ᠋ᠢ ᠴᠡᠭᠡᠷᠯᠡᠳᠡᠭ᠃ ᠤᠲᠠᠰᠤ ᠪᠠᠨ ᠡᠭᠡᠷᠡᠬᠦ ᠶ᠋ᠢᠨ ᠲᠤᠯᠠᠳᠠ ᠡᠭᠡᠷᠡᠬᠦ ᠤᠲᠠᠰᠤᠨ ᠤ᠋ ᠪᠠᠨ ᠪᠦᠳᠦᠭᠦᠨ ᠨᠠᠷᠢᠨ ᠳ᠋ᠤ᠌ ᠲᠣᠬᠢᠷᠠᠭᠤᠯᠵᠤ ᠡᠭᠡᠷᠡᠦᠯ ᠢ᠋ᠶ᠋ᠡᠨ ᠰᠣᠩᠭᠣᠨ ᠠᠪᠤᠨ᠎ᠠ᠃ ᠳᠠᠷᠠᠭ᠎ᠠ ᠨᠢ ᠤᠲᠠᠰᠤᠨ ᠤ᠋ ᠪᠠᠨ ᠪᠦᠳᠦᠭᠦᠨ ᠨᠠᠷᠢᠨ ᠳ᠋ᠤ᠌ ᠲᠣᠬᠢᠷᠠᠭᠤᠯᠤᠨ ᠨᠣᠣᠰᠣ ᠪᠠᠨ ᠵᠢᠭᠳᠡ ᠴᠤᠪᠤᠨ᠎ᠠ᠃ ᠬᠡᠷᠪᠡ ᠲᠡᠮᠡᠭᠡᠨ ᠦ᠌ ᠨᠣᠣᠰᠣ ᠪᠣᠯ ᠡᠷ᠎ᠡ ᠡᠮ᠎ᠡ ᠨᠣᠣᠰᠣ ᠶ᠋ᠢ ᠵᠢᠭᠳᠡ ᠬᠣᠯᠢᠵᠤ ᠴᠤᠪᠤᠨ᠎ᠠ (ᠡᠷ᠎ᠡ ᠨᠣᠣᠰᠣ ᠭᠡᠳᠡᠭ ᠶᠣᠭᠳᠤᠷ ᠢ᠋ ᠬᠡᠯᠡᠬᠦ ᠪᠠ ᠡᠮ᠎ᠡ ᠨᠣᠣᠰᠣ ᠭᠡᠵᠦ ᠪᠡᠶ᠎ᠡ ᠨᠣᠣᠰᠣ ᠶ᠋ᠢ ᠬᠡᠯᠡᠨ᠎ᠡ)᠃ ᠬᠣᠨᠢᠨ ᠤ᠋ ᠨᠣᠣᠰᠣ ᠪᠣᠯ ᠰᠢᠭᠤᠳ ᠴᠤᠪᠤᠵᠤ ᠡᠭᠡᠷᠡᠨᠡ᠃ ᠦᠬᠡᠷ ᠦ᠋ᠨ ᠰᠡᠪᠡᠭ ᠢ᠋ ᠭᠡᠷ ᠦ᠋ᠨ ᠬᠣᠰᠢᠯᠠᠩ ᠰᠢᠷᠢᠬᠦ ᠡᠴᠡ ᠭᠠᠳᠠᠨ᠎ᠠ ᠥᠭᠡᠷ᠎ᠡ ᠣᠶᠣᠳᠠᠯ ᠳ᠋ᠤ᠌ ᠬᠡᠷᠡᠭᠯᠡᠳᠡᠭ ᠦᠭᠡᠢ᠃ ᠬᠣᠨᠢ᠂ ᠲᠡᠮᠡᠭᠡᠨ ᠦ᠌ ᠨᠣᠣᠰᠣ ᠪᠠᠷ ᠢᠰᠡᠭᠡᠢ ᠠᠷᠠᠰᠤ᠂ ᠨᠡᠬᠡᠢ ᠣᠶᠣᠬᠤ᠂ ᠢᠰᠡᠭᠡᠢ ᠰᠢᠷᠢᠭᠡᠰᠦ ᠤᠲᠠᠰᠤᠨ ᠬᠡ ᠲᠠᠯᠪᠢᠬᠤ᠂ ᠨᠡᠬᠡᠮᠡᠯ ᠰᠦᠯᠵᠢᠮᠡᠯ ᠳ᠋ᠦ᠍ ᠬᠡᠷᠡᠭᠯᠡᠨ᠎ᠡ᠃ ᠡᠭᠡᠷᠡᠬᠦ ᠳ᠋ᠡᠭᠡᠨ ᠨᠣᠣᠰᠣ ᠪᠠᠨ ᠴᠤᠪᠤᠭᠰᠠᠨ ᠤ᠋ ᠳᠠᠷᠠᠭ᠎ᠠ ᠡᠭᠡᠷᠡᠦᠯ ᠢ᠋ᠶ᠋ᠡᠨ ᠪᠠᠷᠠᠭᠤᠨ ᠭᠠᠷ ᠤ᠋ᠨ ᠡᠷᠡᠬᠡᠢ᠂ ᠳᠣᠯᠣᠪᠣᠷ ᠬᠤᠷᠤᠭᠤ ᠪᠠᠷ ᠡᠰᠢᠨ ᠦ᠌ ᠦᠵᠦᠭᠦᠷ ᠡᠴᠡ ᠴᠢᠮᠬᠢᠨ ᠪᠠᠷᠢᠵᠤ ᠨᠠᠷᠠ ᠵᠥᠪ ᠡᠷᠭᠢᠭᠦᠯᠦᠨ ᠡᠷᠴᠢᠯᠡᠨ᠎ᠡ᠃ ᠡᠷᠴᠢᠯᠡᠭᠰᠡᠨ ᠤᠲᠠᠰᠤ ᠪᠠᠨ ᠡᠭᠡᠷᠡᠦᠯ ᠦ᠋ᠨ ᠢ᠋ᠶ᠋ᠡᠨ ᠳᠤᠭᠤᠢ ᠳ᠋ᠤ᠌ ᠦᠶᠡᠯᠡᠭᠦᠯᠦᠨ ᠣᠷᠢᠶᠠᠵᠤ ᠡᠷᠡᠬᠡᠢ ᠬᠤᠷᠤᠭᠤ ᠪᠠᠷ ᠡᠯᠭᠦᠨ ᠣᠷᠢᠶᠠᠵᠤ ᠡᠰᠢᠨ ᠳ᠋ᠡᠭᠡᠨ ᠤᠭᠯᠠᠨ ᠪᠡᠬᠢᠯᠡᠭᠡᠳ ᠳᠠᠬᠢᠨ ᠨᠣᠣᠰᠣ ᠪᠠᠨ ᠴᠤᠪᠤᠵᠤ ᠡᠷᠴᠢᠯᠡᠬᠦ ᠵᠠᠮ ᠢ᠋ᠶ᠋ᠠᠷ ᠡᠭᠡᠷᠡᠨᠡ᠃
ᠵᠢᠷᠤᠭ40
(1) ᠪᠦᠳᠦᠭᠦᠨ
ᠤᠲᠠᠰᠤᠨ ᠤ᠋ ᠡᠭᠡᠷᠡᠦᠯ
(2) ᠨᠠᠷᠢᠨ ᠤᠲᠠᠰᠤᠨ ᠤ᠋ ᠡᠭᠡᠷᠡᠦᠯ
(3) ᠳᠤᠮᠳᠠ ᠵᠡᠷᠭᠡ ᠶ᠋ᠢᠨ ᠤᠲᠠᠰᠤᠨ ᠤ᠋ ᠡᠭᠡᠷᠡᠦᠯ
(4) ᠬᠠᠰᠠᠭ ᠡᠭᠡᠷᠡᠦᠯ

ᠬᠡᠷᠪᠡ ᠡᠭᠡᠷᠡᠭᠰᠡᠨ ᠤᠲᠠᠰᠤ ᠪᠠᠨ ᠣᠶᠣᠳᠠᠯ ᠳ᠋ᠤ᠌ ᠬᠡᠷᠡᠭᠯᠡᠬᠦ ᠪᠣᠯ ᠳᠠᠩᠬᠠ ᠶ᠋ᠢᠨ ᠴᠣᠷᠭᠣ ᠪᠤᠰᠤᠳ ᠥᠭᠡᠷ᠎ᠡ ᠪᠡᠯᠡᠳᠬᠡᠭᠰᠡᠨ ᠳᠡᠭᠡᠭᠡ ᠳ᠋ᠦ᠍ ᠤᠲᠠᠰᠤ ᠪᠠᠨ ᠭᠣᠭᠴᠣᠭᠠᠯᠠᠳᠠᠨ ᠳᠠᠪᠬᠤᠷᠯᠠᠨ ᠡᠷᠴᠢᠯᠡᠵᠦ ᠠᠯᠤᠰ ᠠ᠋ᠴᠠ ᠦᠵᠦᠭᠦᠷ ᠭᠠᠷᠭᠠᠨ᠎ᠠ᠃ ᠡᠷᠴᠢᠯᠡᠵᠦ ᠲᠠᠮᠤᠭᠰᠠᠨ ᠤᠲᠠᠰᠤᠨ ᠤ᠋ ᠪᠠᠨ ᠦᠵᠦᠭᠦᠷ ᠢ᠋ ᠠᠷᠠᠰᠤ ᠪᠤᠶᠤ ᠢᠰᠡᠭᠡᠢ ᠰᠢᠷᠲᠡᠭ ᠲᠦ᠍ ᠣᠷᠢᠶᠠᠯᠳᠤᠭᠤᠯᠬᠤ ᠮᠠᠶᠢᠭ ᠢ᠋ᠶ᠋ᠠᠷ ᠲᠣᠭᠲᠠᠭᠠᠵᠤ ᠳᠠᠷᠠᠭ᠎ᠠ ᠶ᠋ᠢᠨ ᠤᠲᠠᠰᠤ ᠶ᠋ᠢ ᠮᠥᠨ ᠲᠦᠷᠦᠭᠦᠴᠢ ᠶ᠋ᠢᠨ ᠠᠳᠠᠯᠢ ᠭᠣᠭᠴᠣᠭᠠᠯᠠᠳᠠᠨ(ᠨᠡᠢᠳᠬᠡᠵᠦ) ᠡᠷᠴᠢᠯᠡᠵᠦ ᠨᠢᠭᠡ ᠡᠭᠡᠷᠡᠦᠯ ᠤᠲᠠᠰᠤ ᠶ᠋ᠢ ᠡᠷᠴᠢᠯᠡᠵᠦ ᠠᠪᠤᠨ᠎ᠠ᠃ ᠡᠭᠡᠷᠡᠭᠰᠡᠨ ᠤᠲᠠᠰᠤ ᠪᠠᠨ ᠳᠣᠯᠣᠭ᠎ᠠ ᠬᠣᠨᠣᠭ ᠤ᠋ᠨ ᠳᠣᠲᠣᠷ᠎ᠠ ᠳᠠᠪᠬᠤᠷᠯᠠᠨ ᠡᠷᠴᠢᠯᠡᠬᠦ ᠦᠭᠡᠢ ᠪᠣᠯ ᠡᠷᠴᠢ ᠨᠢ ᠬᠠᠷᠢᠵᠤ ᠬᠡᠪᠡᠷᠡᠭ ᠪᠣᠯᠳᠠᠭ᠃ ᠡᠭᠦᠨ ᠢ᠋ ᠤᠲᠠᠰᠤ ᠥᠲᠡᠯᠬᠦ ᠭᠡᠵᠦ ᠶᠠᠷᠢᠳᠠᠭ᠃ ᠨᠡᠬᠡᠮᠡᠯ ᠰᠦᠯᠵᠢᠮᠡᠯ ᠳ᠋ᠦ᠍ ᠬᠡᠷᠡᠭᠯᠡᠬᠦ ᠤᠲᠠᠰᠤ ᠶ᠋ᠢ ᠣᠶᠣᠳᠠᠯ ᠳ᠋ᠤ᠌ ᠬᠡᠷᠡᠭᠯᠡᠬᠦ ᠤᠲᠠᠰᠤᠨ ᠠ᠋ᠴᠠ ᠠᠷᠠᠢ ᠰᠤᠯᠠᠬᠠᠨ ᠡᠷᠴᠢᠯᠡᠨ᠎ᠡ᠃ ᠡᠭᠡᠷᠡᠦᠯ ᠦ᠋ᠨ ᠳᠤᠭᠤᠢ ᠪᠦᠳᠦᠭᠦᠨ ᠨᠠᠷᠢᠨ ᠶᠠᠮᠠᠷ ᠴᠤ᠌ ᠤᠲᠠᠰᠤᠨ ᠤ᠋ ᠬᠢ ᠪᠠᠢᠯ᠎ᠠ ᠭᠡᠰᠡᠨ ᠴᠤᠪᠤᠭᠰᠠᠨ ᠨᠣᠣᠰᠣ ᠲᠠᠰᠤᠯᠬᠤ ᠦᠭᠡᠢ ᠪᠣᠯ ᠬᠦᠨᠳᠦᠬᠡᠨ ᠪᠠᠢᠬᠤ ᠳ᠋ᠠᠭᠠᠨ ᠰᠠᠢᠨ᠃
ᠢᠰᠡᠭᠡᠢ ᠡᠳ᠋ᠯᠡᠯ ᠢᠰᠡᠭᠡᠢ ᠪᠡᠷ ᠭᠡᠷ ᠦ᠋ᠨ ᠲᠤᠭᠤᠷᠭ᠎ᠠ᠂ ᠳᠡᠪᠢᠰᠬᠡᠷ᠂ ᠡᠷᠦᠬᠡ ᠬᠢᠬᠦ ᠡᠴᠡ ᠭᠠᠳᠠᠨ᠎ᠠ ᠳᠡᠭᠡᠷ᠎ᠡ ᠦᠶ᠎ᠡ ᠳ᠋ᠦ᠍ ᠡᠭᠦᠳᠡ᠂ ᠬᠥᠰᠢᠭᠡ᠂ ᠳᠠᠪᠤᠰᠤᠨ ᠤ᠋ ᠤᠭᠤᠲᠠ᠂ ᠠᠶᠠᠭ᠎ᠠ᠂ ᠲᠠᠪᠠᠭ᠂ ᠦᠢᠯᠡ ᠶ᠋ᠢᠨ ᠬᠡᠷᠡᠭᠯᠡᠯ ᠬᠢᠬᠦ ᠰᠠᠪᠠ᠂ ᠭᠤᠲᠤᠯ ᠤ᠋ᠨ ᠤᠯᠠ᠂ ᠣᠢᠮᠣᠰᠤ᠂ ᠲᠣᠭᠣᠷᠴᠣᠭ᠂ ᠳᠡᠪᠢᠰᠬᠡᠷ᠂ ᠭᠣᠳᠣᠰ ᠬᠢᠳᠡᠭ᠃
ᠮᠣᠩᠭᠣᠯ ᠭᠡᠷ ᠦ᠋ᠨ ᠣᠶᠣᠳᠠᠯ ᠬᠥᠮᠦᠨ ᠲᠥᠷᠥᠯᠬᠢᠲᠡᠨ ᠦ᠌ ᠠᠩᠬᠠᠨ ᠤ᠋ ᠲᠡᠷᠡ ᠪᠠᠢᠭᠠᠯᠢ ᠶ᠋ᠢᠨ ᠤᠷᠠᠯᠠᠨ ᠪᠦᠲᠦᠭᠡᠭᠰᠡᠨ ᠨᠦᠬᠡ ᠬᠠᠳᠠ᠂ ᠡᠯᠡᠰᠦᠨ ᠠᠭᠤᠢ ᠪᠠᠢᠭᠰᠠᠨ ᠲᠤᠬᠠᠢ ᠳᠡᠭᠡᠷ᠎ᠡ ᠥᠭᠦᠯᠡᠭᠰᠡᠨ ᠪᠢᠯᠡ᠃ ᠲᠡᠷᠡ ᠦᠶ᠎ᠡ ᠳ᠋ᠦ᠍ ᠬᠥᠮᠦᠨ ᠦ᠌ ᠢᠳᠡᠵᠦ ᠤᠤᠭᠤᠬᠤ ᠵᠦᠢᠯ ᠡᠯᠪᠡᠭ᠂ ᠴᠠᠭ ᠠᠭᠠᠷ ᠳᠤᠯᠠᠭᠠᠨ ᠪᠠᠢᠭᠰᠠᠨ ᠤᠴᠢᠷ ᠵᠥᠪᠬᠡᠨ ᠴᠠᠭ ᠵᠠᠭᠤᠷ᠎ᠠ ᠬᠣᠷᠭᠣᠳᠠᠬᠤ ᠣᠷᠣᠨ ᠪᠠᠢᠯ᠎ᠠ᠃ ᠬᠣᠵᠢᠮ ᠨᠢ ᠬᠥᠮᠦᠨ ᠦ᠌ ᠬᠦᠨᠡᠰᠦᠨ ᠦ᠌ ᠵᠢᠮᠢᠰ ᠨᠣᠭᠣᠭ᠎ᠠ ᠬᠣᠪᠣᠷᠳᠠᠨ ᠮᠠᠯ ᠢ᠋ ᠭᠡᠷ ᠦ᠋ᠨ ᠪᠣᠯᠭᠠᠭᠰᠠᠨ ᠠ᠋ᠴᠠ ᠡᠬᠢᠯᠡᠨ ᠨᠡᠭᠦᠳᠡᠯ ᠦ᠋ᠨ ᠬᠡᠯᠪᠡᠷᠢ ᠳ᠋ᠦ᠍ ᠰᠢᠯᠵᠢᠭᠰᠡᠨ᠃
ᠨᠥᠭᠦᠭᠡ ᠲᠠᠯ᠎ᠠ ᠪᠠᠷ᠂ ᠬᠥᠮᠦᠨ ᠥᠰᠴᠦ ᠪᠠᠢᠭᠠᠯᠢ ᠶ᠋ᠢᠨ ᠪᠡᠯᠡᠨ ᠠᠭᠤᠢ᠂ ᠨᠦᠬᠡ ᠬᠣᠪᠣᠷᠳᠠᠭᠰᠠᠨ ᠤᠴᠢᠷ ᠣᠷᠣᠨ ᠰᠠᠭᠤᠴᠠ ᠲᠠᠢ ᠪᠣᠯᠬᠤ ᠳ᠋ᠤ᠌ ᠨᠥᠯᠥᠭᠡᠯᠡᠵᠡᠢ᠃ ᠡᠭᠦᠨ ᠦ᠌ ᠨᠢᠭᠡ ᠠᠳᠠᠯᠢ ᠪᠦᠬᠦᠢᠯᠡ ᠲᠡᠦᠬᠡ ᠶ᠋ᠢᠨ ᠲᠤᠷᠰᠢ ᠨᠡᠭᠦᠳᠡᠯᠴᠢᠨ ᠪᠠᠢᠭᠰᠠᠨ ᠮᠣᠩᠭᠣᠯ ᠣᠷᠣᠨ ᠤ᠋ ᠨᠡᠭᠦᠳᠡᠯᠯᠡᠨ ᠶᠠᠪᠤᠬᠤ ᠳ᠋ᠤ᠌ ᠵᠣᠷᠢᠭᠤᠯᠤᠭᠳᠠᠭᠰᠠᠨ ᠭᠡᠷ ᠦ᠋ᠳ ᠡᠭᠦᠰᠴᠡᠢ᠃
ᠮᠣᠩᠭᠣᠯ ᠤ᠋ᠨ ᠭᠡᠷ ᠠᠩᠬᠠᠨ ᠤ᠋ ᠭᠠᠷᠤᠯ ᠡᠭᠦᠰᠦᠯ ᠡᠴᠡ ᠣᠳᠣ ᠬᠦᠷᠲᠡᠯ᠎ᠡ ᠣᠯᠠᠨ ᠬᠡᠯᠪᠡᠷᠢ ᠪᠡᠷ ᠬᠥᠭᠵᠢᠵᠦ ᠢᠷᠡᠭᠰᠡᠨ ᠪᠣᠯᠪᠠᠰᠤᠷᠠᠩᠭᠤᠢ ᠪᠥᠭᠡᠳ ᠡᠷᠡᠭᠦᠯ ᠠᠬᠤᠢ ᠶ᠋ᠢᠨ ᠠᠴᠢ ᠬᠣᠯᠪᠣᠭᠳᠠᠯ ᠪᠦᠬᠦᠢ ᠭᠠᠢᠬᠠᠮᠰᠢᠭᠲᠠᠢ ᠣᠷᠣᠨ ᠰᠠᠭᠤᠴᠠ ᠶᠤᠮ᠃ ᠮᠣᠩᠭᠣᠯ ᠭᠡᠷ ᠦ᠋ᠨ ᠲᠤᠬᠠᠢ ᠡᠷᠲᠡᠨ ᠦ᠌ ᠵᠠᠷᠢᠮ ᠰᠤᠳᠤᠯᠤᠭᠴᠢᠳ ᠥᠩᠭᠡᠴᠡ ᠳ᠋ᠦᠩᠨᠡᠯᠲᠡ ᠬᠢᠭᠰᠡᠨ ᠪᠠᠢᠳᠠᠭ ᠪᠣᠯᠪᠠᠴᠤ ᠰᠡᠭᠦᠯ ᠦ᠋ᠨ ᠦᠶ᠎ᠡ ᠶ᠋ᠢᠨ ᠰᠤᠳᠤᠯᠤᠭᠴᠢᠳ ᠲᠡᠭᠦᠨ ᠦ᠌ ᠤᠷ᠎ᠠ ᠬᠢᠴᠡ᠂ ᠡᠷᠡᠭᠦᠯ ᠠᠬᠤᠢ ᠶ᠋ᠢᠨ ᠠᠴᠢ ᠬᠣᠯᠪᠣᠭᠳᠠᠯ ᠢ᠋ ᠥᠨᠳᠥᠷ ᠢ᠋ᠶ᠋ᠡᠷ ᠦᠨᠡᠯᠡᠵᠦ ᠵᠢᠭᠤᠯᠴᠢᠨ᠂ ᠭᠡᠢᠴᠢᠳ ᠡᠷᠭᠢᠨ ᠬᠣᠷᠭᠣᠳᠠᠬᠤ ᠪᠣᠯᠵᠠᠢ᠃ ᠲᠡᠭᠦᠨᠴᠢᠯᠡᠨ ᠵᠠᠷᠢᠮ ᠤᠯᠤᠰ ᠲᠤ᠌ ᠠᠮᠠᠷᠠᠯᠲᠠ ᠶ᠋ᠢᠨ ᠭᠠᠵᠠᠷ ᠢ᠋ ᠭᠡᠷ ᠲᠡᠢ ᠪᠣᠯᠭᠠᠬᠤ ᠵᠣᠷᠢᠯᠭ᠎ᠠ ᠪᠠᠷ ᠵᠣᠷᠢᠭᠤᠳᠠ ᠮᠠᠨ ᠤ᠋ ᠭᠡᠷ ᠢ᠋ ᠰᠣᠨᠢᠷᠬᠠᠨ ᠰᠤᠳᠤᠯᠵᠤ ᠪᠠᠢᠨ᠎ᠠ᠃ ᠭᠡᠷ ᠠᠩᠬ᠎ᠠ ᠭᠠᠵᠠᠷ ᠤ᠋ᠨ ᠬᠥᠷᠥᠰᠥᠨ ᠳᠡᠭᠡᠷ᠎ᠡ ᠪᠢᠰᠢ ᠣᠬᠣᠭᠰᠠᠨ ᠭᠠᠵᠠᠷ ᠤ᠋ᠨ ᠳᠡᠭᠡᠷ᠎ᠡ ᠮᠣᠳᠣ ᠬᠣᠯᠪᠣᠨ ᠲᠣᠯᠣᠭᠠᠢ ᠶ᠋ᠢ ᠪᠣᠭᠣᠵᠤ ᠬᠣᠷᠭᠣᠳᠠᠵᠤ ᠪᠠᠢᠭᠰᠠᠨ ᠪᠣᠯ ᠰᠡᠭᠦᠯ ᠳ᠋ᠡᠭᠡᠨ ᠤᠬᠤᠭᠰᠠᠨ ᠭᠠᠵᠠᠷ ᠢ᠋ᠶ᠋ᠠᠨ ᠮᠣᠳᠣᠨ ᠤ᠋ ᠮᠥᠴᠢᠷ ᠰᠢᠭᠤᠷᠭ᠎ᠠ ᠪᠠᠷ ᠳᠣᠲᠣᠷᠯᠠᠨ ᠳᠡᠭᠡᠷ᠎ᠡ ᠨᠢ ᠣᠯᠠᠨ ᠰᠢᠭᠤᠷᠭ᠎ᠠ ᠶ᠋ᠢᠨ ᠲᠣᠯᠣᠭᠠᠢ ᠬᠣᠯᠪᠣᠨ ᠪᠣᠭᠣᠵᠤ ᠨᠡᠯᠢᠶᠡᠳ ᠪᠣᠯᠪᠠᠰᠤᠷᠠᠩᠭᠤᠢ ᠣᠪᠣᠬᠠᠢ ᠪᠣᠯᠭᠠᠵᠠᠢ᠃ ᠳᠠᠷᠠᠭ᠎ᠠ ᠨᠢ ᠣᠬᠣᠭᠰᠠᠨ ᠨᠦᠬᠡᠨ ᠦ᠌ ᠳᠡᠭᠡᠷ᠎ᠡ ᠣᠪᠣᠬᠠᠢ ᠪᠣᠰᠬᠠᠬᠤ ᠪᠢᠰᠢ ᠭᠠᠵᠠᠷ ᠳᠡᠭᠡᠷ᠎ᠡ ᠱᠣᠪᠣᠭᠣᠷ ᠣᠷᠣᠢ ᠲᠠᠢ ᠣᠪᠣᠬᠠᠢ ᠪᠤᠰᠬᠠᠵᠠᠢ᠃ ᠣᠪᠣᠬᠠᠢ ᠶ᠋ᠢᠨ ᠣᠷᠣᠢ ᠶ᠋ᠢ ᠬᠣᠯᠪᠣᠵᠤ ᠲᠣᠭᠣᠨᠣ ᠶ᠋ᠢᠨ ᠣᠷᠣᠨ ᠳ᠋ᠤ᠌ ᠳᠤᠭᠤᠢ ᠴᠠᠭᠠᠷᠢᠭ ᠭᠠᠷᠭᠠᠵᠤ ᠲᠡᠷᠡ ᠨᠢ ᠶᠠᠪᠤᠭᠠᠨ ᠳ᠋ᠠᠭᠠᠨ ᠲᠣᠭᠣᠨᠣ ᠪᠣᠯᠵᠠᠢ᠃
ᠵᠢᠷᠤᠭ41
ᠭᠡᠷ ᠦ᠋ᠨ ᠡᠭᠦᠰᠦᠯ
(1) ᠭᠠᠵᠠᠷ ᠳᠡᠭᠡᠷᠡᠬᠢ ᠣᠪᠣᠬᠠᠢ
(2) ᠭᠠᠵᠠᠷ ᠤᠬᠤᠵᠤ ᠳᠡᠭᠡᠷ᠎ᠡ ᠨᠢ ᠣᠪᠣᠬᠠᠢ ᠪᠤᠰᠬᠠᠭᠰᠠᠨ ᠪᠠᠢᠳᠠᠯ
(3) ᠬᠠᠨ᠎ᠠ ᠲᠠᠢ ᠭᠡᠷ
(4) ᠲᠣᠭᠣᠨᠣ ᠲᠠᠢ᠂ ᠣᠨᠢ ᠲᠠᠢ ᠭᠡᠷ

ᠭᠡᠷ ᠡᠭᠦᠰᠦᠭᠰᠡᠨ ᠲᠣᠢᠮᠣ ᠭᠡᠷ ᠢᠩᠭᠢᠵᠦ ᠬᠥᠭᠵᠢᠬᠦ ᠳ᠋ᠡᠭᠡᠨ ᠣᠪᠣᠬᠠᠢ ᠶ᠋ᠢᠨ ᠬᠡᠯᠪᠡᠷᠢ ᠡᠴᠡ ᠣᠳᠣ ᠶ᠋ᠢᠨ ᠴᠠᠭᠠᠨ ᠥᠷᠥᠭᠡ ᠬᠦᠷᠬᠦ ᠳ᠋ᠦ᠍ ᠲᠡᠭᠦᠨ ᠦ᠌ ᠶᠠᠰᠤ ᠮᠣᠳᠣ ᠲᠣᠣᠷ ᠤ᠋ᠨ ᠬᠡᠯᠪᠡᠷᠢ ᠲᠡᠢ ᠡᠪᠬᠡᠵᠦ ᠠᠪᠰᠠᠷᠬᠠᠨ ᠪᠣᠯᠭᠠᠵᠤ ᠨᠡᠭᠦᠬᠦ ᠳ᠋ᠦ᠍ ᠵᠣᠷᠢᠭᠤᠯᠤᠭᠳᠠᠭᠰᠠᠨ ᠬᠠᠨ᠎ᠠ᠂ ᠲᠣᠭᠣᠨᠣ ᠵᠡᠷᠭᠡ ᠪᠣᠢ ᠪᠣᠯᠵᠠᠢ᠃ ᠭᠡᠷ ᠲᠦ᠍ ᠬᠥᠮᠦᠨ ᠣᠷᠣᠵᠤ ᠭᠠᠷᠬᠤ ᠳ᠋ᠤ᠌ ᠵᠣᠷᠢᠭᠤᠯᠵᠤ ᠬᠠᠭᠠᠯᠭ᠎ᠠ ᠭᠠᠷᠭᠠᠭᠰᠠᠨ ᠪᠠ ᠡᠨᠡ ᠨᠢ ᠬᠠᠨ᠎ᠠ ᠶ᠋ᠢᠨ ᠥᠨᠳᠥᠷ ᠲᠡᠢ ᠲᠡᠩᠴᠡᠭᠦᠦ ᠪᠠᠢᠳᠠᠭ᠃ ᠬᠠᠨ᠎ᠠ ᠶ᠋ᠢ ᠬᠠᠷ᠎ᠠ ᠮᠣᠳᠣ᠂ ᠪᠤᠷᠭᠠᠰᠤ ᠵᠡᠷᠭᠡ ᠰᠠᠪᠠᠭ᠎ᠠ ᠮᠣᠳᠣ ᠪᠠᠷ ᠬᠢᠵᠦ ᠡᠪᠬᠡᠬᠦ ᠳ᠋ᠦ᠍ ᠵᠣᠷᠢᠭᠤᠯᠤᠨ ᠲᠣᠣᠷ ᠬᠡᠯᠪᠡᠷᠢ ᠲᠡᠢ ᠵᠥᠷᠢᠭᠦᠯᠡᠵᠦ ᠲᠠᠯᠪᠢᠵᠤ ᠦᠳᠡᠭᠡᠷᠢ ᠪᠡᠷ ᠦᠳᠡᠨ᠎ᠡ᠃ ᠲᠣᠭᠣᠨᠣ ᠶ᠋ᠢ ᠪᠤᠷᠭᠠᠰᠤ ᠬᠤᠰᠤ ᠮᠡᠳᠡᠵᠦ ᠬᠢᠬᠦ ᠪᠠ ᠭᠡᠷ ᠦ᠋ᠨ ᠳ᠋ᠢᠶᠠᠮᠧᠲ᠋ᠷ ᠲᠡᠢ ᠲᠣᠳᠣᠷᠬᠠᠢ ᠬᠠᠷᠢᠴᠠᠭ᠎ᠠ ᠪᠠᠷ ᠲᠣᠬᠢᠷᠠᠳᠠᠭ ᠤᠴᠢᠷ ᠲᠡᠭᠦᠨ ᠢ᠋ ᠳᠥᠷᠪᠡᠨ ᠬᠠᠨᠠᠲᠤ᠂ ᠲᠠᠪᠤᠨ ᠬᠠᠨᠠᠲᠤ᠂ ᠵᠢᠷᠭᠤᠭᠠᠨ ᠬᠠᠨᠠᠲᠤ᠂ ᠨᠠᠢ᠍ᠮᠠᠨ ᠬᠠᠨᠠᠲᠤ᠂ ᠠᠷᠪᠠᠨ ᠬᠣᠶᠠᠷ ᠬᠠᠨᠠᠲᠤ ᠶ᠋ᠢᠨ ᠲᠣᠭᠣᠨᠣ ᠭᠡᠵᠦ ᠨᠡᠷᠡᠯᠡᠳᠡᠭ᠃
ᠣᠨᠢ ᠨᠢ ᠲᠣᠭᠣᠨᠣ ᠶ᠋ᠢᠨ ᠨᠦᠬᠡ᠂ ᠬᠠᠨ᠎ᠠ ᠶ᠋ᠢᠨ ᠲᠣᠯᠣᠭᠠᠢ ᠶ᠋ᠢᠨ ᠲᠣᠭ᠎ᠠ ᠲᠠᠢ ᠲᠣᠬᠢᠷᠠᠬᠤ ᠲᠣᠭ᠎ᠠ ᠲᠠᠢ ᠪᠠᠢᠳᠠᠭ ᠠ᠋ᠴᠠ ᠭᠠᠳᠠᠨ᠎ᠠ ᠭᠡᠷ ᠦ᠋ᠨ ᠬᠠᠨ᠎ᠠ᠂ ᠲᠣᠭᠣᠨᠣ ᠶ᠋ᠢ ᠬᠣᠯᠪᠣᠵᠤ ᠥᠭᠳᠡᠭ᠃ ᠬᠠᠭᠠᠯᠭ᠎ᠠ ᠨᠢ ᠭᠡᠷ ᠦ᠋ᠨ ᠲᠣᠮᠣ ᠪᠠᠭᠠᠨ᠎ᠠ ᠠ᠋ᠴᠠ ᠬᠠᠮᠢᠶᠠᠷᠴᠤ ᠳᠥᠷᠪᠡ ᠡᠴᠡ ᠵᠢᠷᠭᠤᠭᠠᠨ ᠶᠠᠰᠤ ᠮᠣᠳᠣ ᠲᠠᠢ ᠳᠠᠩ ᠪᠤᠶᠤ ᠳᠠᠪᠬᠤᠷ ᠳᠠᠯᠠᠪᠴᠢ ᠲᠠᠢ ᠪᠠᠢᠳᠠᠭ᠃ ᠬᠣᠶᠠᠷ ᠳᠠᠯᠠᠪᠴᠢ ᠲᠠᠢ ᠳᠠᠩ ᠬᠠᠭᠠᠯᠭ᠎ᠠ ᠰᠠᠶᠢᠬᠠᠨ ᠪᠣᠯᠲᠠᠯ᠎ᠠ ᠪᠠᠢᠭᠰᠠᠨ ᠪᠥᠭᠡᠳ ᠡᠢᠮᠦ ᠬᠠᠭᠠᠯᠭᠠᠨ ᠳ᠋ᠤ᠌ ᠭᠠᠳᠠᠭᠤᠷ ᠢ᠋ᠶ᠋ᠠᠨ ᠢᠰᠡᠭᠡᠢ ᠪᠤᠶᠤ ᠳᠠᠪᠤᠤ ᠶ᠋ᠢᠨ ᠪᠠᠷᠢᠮᠠᠯ ᠡᠭᠦᠳᠡ ᠲᠡᠢ ᠪᠠᠢᠯ᠎ᠠ᠃ ᠢᠰᠡᠭᠡᠢ ᠡᠭᠦᠳᠡ ᠶ᠋ᠢ ᠰᠢᠷᠢᠬᠦ ᠳ᠋ᠡᠭᠡᠨ ᠤᠰᠤᠨ ᠬᠡ ᠪᠤᠶᠤ ᠳᠥᠷᠪᠡᠯᠵᠢᠨ ᠰᠢᠷᠢᠮᠡᠯ ᠬᠡ ᠭᠠᠷᠭᠠᠨ ᠰᠢᠷᠢᠳᠡᠭ ᠪᠠᠢᠯ᠎ᠠ᠃ ᠡᠭᠦᠳᠡ ᠶ᠋ᠢ ᠬᠠᠭᠠᠯᠭᠠᠨ ᠤ᠋ ᠷᠠᠮ ᠳ᠋ᠤ᠌ ᠲᠠᠭᠠᠷᠠᠭᠰᠠᠨ ᠤᠷᠲᠤ ᠥᠷᠭᠡᠨ ᠢ᠋ᠶ᠋ᠡᠷ ᠢ᠋ᠶ᠋ᠡᠨ ᠬᠠᠭᠠᠯᠭ᠎ᠠ᠂ ᠬᠠᠨ᠎ᠠ ᠬᠣᠶᠠᠷ ᠢ᠋ ᠬᠣᠯᠪᠣᠭᠰᠠᠨ ᠪᠣᠭᠣᠳᠠᠯ ᠳ᠋ᠤ᠌ ᠠᠷᠠᠢ ᠬᠦᠷᠬᠦ ᠦᠭᠡᠢ ᠥᠷᠭᠡᠨ ᠲᠡᠢ ᠳᠥᠷᠪᠡᠯᠵᠢᠨ ᠢᠰᠡᠭᠡᠢ ᠪᠡᠷ ᠬᠢᠨ᠎ᠡ᠃ ᠢᠰᠡᠭᠡᠢ ᠶ᠋ᠢᠨ ᠳᠣᠣᠷᠠᠲᠤ ᠪᠠ ᠬᠣᠶᠠᠷ ᠲᠠᠯ᠎ᠠ ᠶ᠋ᠢ ᠬᠣᠣᠰ ᠵᠡᠭᠡᠭ ᠲᠠᠯᠪᠢᠵᠤ ᠭᠤᠶᠤᠬᠤ ᠪᠠ ᠵᠠᠬ᠎ᠠ ᠶ᠋ᠢᠨ ᠬᠣᠣᠰ ᠵᠡᠭᠡᠭ ᠦ᠋ᠨ ᠳᠤᠮᠳᠠ ᠨᠢᠳᠦᠨ ᠪᠤᠶᠤ ᠠᠯᠤᠬᠠᠨ ᠬᠡ ᠭᠠᠷᠭᠠᠵᠤ ᠰᠢᠷᠢᠬᠦ᠂ ᠮᠥᠨ ᠤᠯᠠᠭᠠᠨ ᠳᠠᠪᠤᠤ ᠪᠠᠷ ᠬᠥᠪᠥᠭᠡᠯᠡᠵᠦ ᠳᠡᠭᠡᠰᠦᠨ ᠵᠡᠭᠡᠭ ᠲᠠᠯᠪᠢᠵᠤ ᠰᠢᠷᠢᠳᠡᠭ ᠪᠠᠢᠵᠠᠢ( ᠰᠢᠨᠵᠢᠯᠡᠬᠦ ᠤᠬᠠᠭᠠᠨ ᠰᠡᠳᠬᠦᠯ᠂1977 ᠣᠨ ᠤ᠋№2᠂59 ᠳᠡᠬᠢ ᠲᠠᠯ᠎ᠠ)
ᠮᠣᠩᠭᠣᠯ ᠣᠷᠣᠨ ᠤ᠋ ᠨᠡᠭᠦᠳᠡᠯ ᠦ᠋ᠨ ᠣᠨᠴᠠᠯᠢᠭ ᠲᠤ᠌ ᠲᠣᠬᠢᠷᠠᠭᠰᠠᠨ ᠵᠥᠭᠡᠭᠡᠵᠦ ᠪᠠᠷᠢᠬᠤ᠂ ᠪᠠᠭᠤᠯᠭᠠᠬᠤ ᠳ᠋ᠤ᠌ ᠬᠢᠯᠪᠠᠷᠬᠠᠨ ᠡᠢᠮᠦ ᠭᠡᠷ ᠨᠡᠭᠦᠳᠡᠯ ᠦ᠋ᠨ ᠮᠠᠯ ᠠᠵᠤ ᠠᠬᠤᠢ ᠳ᠋ᠤ᠌ ᠬᠠᠮᠤᠭ ᠤ᠋ᠨ ᠲᠣᠬᠢᠷᠠᠮᠵᠢᠲᠠᠢ ᠶᠤᠮ᠃ ᠮᠣᠩᠭᠣᠯ ᠭᠡᠷ ᠰᠢᠭᠤᠳ ᠪᠣᠢ ᠪᠣᠯᠤᠭ᠎ᠠ ᠦᠭᠡᠢ᠃ ᠲᠥᠪ ᠠᠽᠢᠶ᠎ᠠ ᠶ᠋ᠢᠨ ᠨᠡᠭᠦᠳᠡᠯᠴᠢᠨ ᠾᠦᠩᠨᠦ᠂ ᠰᠢᠶᠠᠨᠪᠢ᠂ ᠷᠦᠷᠡᠨ᠂ ᠲᠦᠷᠺ᠂ ᠤᠢᠭᠤᠷ᠂ ᠬᠢᠳᠠᠨ ᠵᠡᠷᠭᠡ ᠭᠦᠷᠦᠨ ᠨᠦ᠍ᠭᠦᠳ ᠭᠡᠷ ᠲᠡᠢ ᠪᠠᠢᠭᠠᠳ ᠵᠣᠭᠰᠣᠬᠤ ᠦᠭᠡᠢ᠂ ᠲᠡᠭᠦᠨ ᠢ᠋ ᠲᠡᠷᠭᠡᠨ ᠳᠡᠭᠡᠷ᠎ᠡ ᠪᠠᠷᠢᠵᠤ22 ᠬᠣᠣᠰ ᠬᠥᠯᠯᠡᠭᠡ ᠪᠦᠬᠦᠢ ᠲᠡᠷᠭᠡ ᠪᠡᠷ ᠨᠡᠭᠦᠳᠡᠯᠯᠡᠨ ᠶᠠᠪᠤᠳᠠᠭ ᠪᠠᠢᠵᠠᠢ᠃
ᠡᠨᠡ ᠲᠤᠬᠠᠢ ᠮᠣᠩᠭᠣᠯ ᠤ᠋ᠨ ᠲᠡᠦᠬᠡ ᠰᠤᠳᠤᠯᠤᠭᠴᠢᠳ ᠣᠯᠠᠨ ᠲᠠᠢ ᠪᠢᠴᠢᠭᠰᠡᠨ ᠦ᠌ ᠭᠠᠳᠠᠨ᠎ᠠ《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠲᠤᠰᠬᠠᠭᠳᠠᠭᠰᠠᠨ ᠪᠠᠢᠳᠠᠭ᠃ ᠲᠥᠪ ᠠᠽᠢᠶ᠎ᠠ ᠪᠠᠷ ᠵᠢᠭᠤᠯᠴᠢᠯᠠᠵᠤ ᠭᠢᠯᠢᠶᠤᠮ ᠷᠦᠪᠷᠥ᠋ᠺ ᠪᠢᠴᠢᠬᠦ ᠳ᠋ᠡᠭᠡᠨ᠄《ᠲᠡᠳᠡ ᠤᠨᠲᠠᠳᠠᠭ ᠪᠠᠢᠰᠢᠩ ᠢ᠋ᠶ᠋ᠠᠨ ᠲᠡᠷᠭᠡᠨ ᠳᠡᠭᠡᠷ᠎ᠡ ᠪᠠᠷᠢᠳᠠᠭ》 ᠭᠡᠵᠦ ᠪᠠᠢᠭᠰᠠᠨ ᠪᠠᠢᠨ᠎ᠠ᠃ ᠵᠥᠭᠡᠭᠡᠪᠦᠷᠢ ᠶ᠋ᠢᠨ ᠰᠠᠭᠤᠴᠠ ᠶ᠋ᠢ ᠭᠠᠭᠴᠠ ᠮᠣᠩᠭᠣᠯᠴᠤᠳ ᠲᠡᠳᠦᠢ ᠦᠭᠡᠢ ᠢᠵᠢᠯ ᠮᠥᠷᠡᠨ ᠦ᠌ ᠠᠳᠠᠭ ᠤ᠋ᠨ ᠲᠦᠷᠺ᠂ ᠺᠦᠨᠲ᠋ᠷ ᠪᠧᠰᠰᠡᠷᠡᠪ ᠦ᠋ᠨ ᠠᠷᠠᠳ ᠲᠦᠮᠡᠨ᠂ ᠨᠣᠬᠠᠢ ᠶ᠋ᠢᠨ ᠲᠠᠲ᠋ᠠᠷ ᠤ᠋ᠳ᠂ ᠬᠠᠷ᠎ᠠ ᠨᠣᠭᠠᠢ ᠨᠠᠷ ᠬᠡᠷᠡᠭᠯᠡᠵᠦ ᠪᠠᠢᠨ᠎ᠠ᠃
18 ᠳ᠋ᠤᠭᠠᠷ ᠵᠠᠭᠤᠨ ᠤ᠋ ᠪᠧᠰᠰᠡᠷᠡᠪ ᠦ᠋ᠨ ᠲᠠᠲ᠋ᠠᠷ ᠤ᠋ᠳ ᠮᠣᠩᠭᠣᠯ ᠬᠠᠨ᠎ᠠ ᠲᠠᠢ ᠭᠡᠷ ᠲᠡᠢ ᠪᠠᠢᠭᠰᠠᠨ ᠪᠠ ᠮᠥᠨ ᠲᠡᠷᠭᠡᠨ ᠳᠡᠭᠡᠷ᠎ᠡ ᠪᠠᠷᠢᠵᠤ ᠨᠡᠭᠦᠳᠡᠯᠯᠡᠬᠦ ᠡᠴᠡ ᠭᠠᠳᠠᠨ᠎ᠠ ᠭᠡᠷ ᠳᠡᠭᠡᠷ᠎ᠡ ᠪᠡᠨ ᠬᠥᠬᠡ᠂ ᠴᠠᠭᠠᠨ ᠳᠠᠷᠴᠤᠭ ᠬᠠᠳᠬᠤᠳᠠᠭ ᠪᠠᠢᠵᠠᠢ᠃ ᠵᠠᠷᠢᠮ ᠰᠤᠳᠤᠯᠤᠭᠴᠢᠳ ᠮᠣᠳᠣ ᠪᠠᠷ ᠬᠢᠭᠰᠡᠨ ᠲᠡᠳᠡᠨ ᠦ᠌ ᠭᠡᠷ ᠣᠷᠳᠣᠨ ᠠᠳᠠᠯᠢ᠂ ᠳᠣᠲᠣᠷᠠᠬᠢ ᠵᠠᠢ ᠨᠢ ᠠᠭᠤᠵᠢᠮ᠂ ᠮᠣᠩᠭᠣᠯ ᠤᠯᠢᠶᠠᠩᠭᠠᠷ ᠢ᠋ᠶ᠋ᠠᠷ ᠬᠢᠭᠰᠡᠨ ᠬᠠᠨ᠎ᠠ ᠮᠠᠰᠢ ᠪᠠᠲᠤ ᠪᠣᠯᠪᠠᠰᠤᠷᠠᠩᠭᠤᠢ ᠭᠡᠷ ᠦ᠋ᠨ ᠳᠡᠭᠡᠷ᠎ᠡ ᠶᠠᠩᠵᠤ ᠪᠦᠷᠢ ᠶ᠋ᠢᠨ ᠬᠣᠪᠣᠷ ᠰᠣᠨᠢᠨ ᠥᠩᠭᠡ ᠲᠡᠢ ᠢᠰᠡᠭᠡᠢ ᠪᠡᠷ ᠪᠤᠶᠤ ᠬᠣᠨᠢᠨ ᠤ᠋ ᠠᠷᠠᠰᠤ ᠪᠠᠷ ᠬᠤᠴᠢᠨ᠎ᠠ᠃ ᠦᠵᠡᠰᠬᠦᠯᠡᠩ ᠲᠡᠢ ᠪᠥᠭᠡᠳ ᠨᠢᠭᠡ ᠭᠡᠷ ᠲᠦ᠍20 ᠭᠠᠷᠤᠢ ᠬᠥᠮᠦᠨ ᠪᠠᠭᠲᠠᠨ᠎ᠠ ᠭᠡᠵᠦ ᠮᠠᠭᠲᠠᠨ ᠪᠢᠴᠢᠵᠦ ᠪᠠᠢᠵᠠᠢ᠃ ᠮᠣᠩᠭᠣᠯ ᠭᠡᠷ ᠢᠩᠭᠢᠵᠦ ᠣᠪᠣᠬᠠᠢ ᠠ᠋ᠴᠠ ᠬᠠᠭᠠᠳ ᠨᠣᠶᠠᠳ᠂ ᠶᠡᠬᠡᠰ ᠳᠡᠭᠡᠳᠦᠰ ᠦ᠋ᠨ ᠬᠠᠯᠵᠠ ᠲᠠᠢ ᠭᠡᠷ᠂ ᠣᠷᠴᠢᠨ ᠦᠶ᠎ᠡ ᠶ᠋ᠢᠨ ᠦᠵᠡᠰᠬᠦᠯᠡᠩᠲᠦ ᠴᠠᠭᠠᠨ ᠥᠷᠥᠭᠡ ᠬᠦᠷᠲᠡᠯ᠎ᠡ ᠬᠥᠭᠵᠢᠬᠦ ᠳ᠋ᠡᠭᠡᠨ ᠤᠷ᠎ᠠ ᠬᠢᠴᠡ᠂ ᠭᠣᠶᠣᠯ ᠴᠢᠮᠡᠭᠯᠡᠯ ᠦ᠋ᠨ ᠬᠤᠪᠢ ᠳ᠋ᠤ᠌ ᠬᠣᠣᠰ ᠦᠭᠡᠢ ᠲᠠᠪᠰᠢᠯᠲᠠ ᠥᠭᠡᠷᠡᠴᠢᠯᠡᠯᠲᠡ ᠭᠠᠷᠤᠭᠰᠠᠨ ᠪᠥᠭᠡᠳ ᠡᠭᠦᠨ ᠦ᠌ ᠣᠶᠣᠳᠠᠯ ᠤ᠋ᠨ ᠭᠣᠶᠣᠯ ᠴᠢᠮᠡᠭᠯᠡᠯ ᠪᠦᠷ ᠮᠠᠨ ᠤ᠋ ᠡᠮᠡᠭᠲᠡᠢᠴᠦᠳ ᠦ᠋ᠨ ᠤᠷᠠᠨ ᠦᠢᠯᠡ ᠪᠡᠷ ᠪᠦᠲᠦᠵᠦ ᠪᠠᠢᠳᠠᠭ ᠪᠢᠯᠡ᠃
ᠮᠣᠩᠭᠣᠯ ᠤ᠋ᠨ ᠦᠵᠡᠰᠬᠦᠯᠡᠩᠲᠦ ᠴᠠᠭᠠᠨ ᠥᠷᠥᠭᠡᠨ ᠳ᠋ᠦ᠍ ᠳᠡᠭᠡᠪᠦᠷ ᠬᠣᠶᠠᠷ᠂ ᠴᠠᠪᠤᠭ ᠬᠣᠶᠠᠷ᠂ ᠲᠤᠭᠤᠷᠭ᠎ᠠ ᠭᠡᠷ ᠦ᠋ᠨ ᠶᠡᠬᠡ ᠪᠠᠭ᠎ᠠ ᠠ᠋ᠴᠠ ᠪᠣᠯᠵᠤ ᠬᠡᠳᠦ ᠴᠤ ᠪᠠᠢᠵᠤ ᠪᠣᠯᠤᠨ᠎ᠠ᠃ ᠡᠷᠦᠬᠡ ᠨᠢᠭᠡ᠂ ᠡᠭᠦᠳᠡ ᠨᠢᠭᠡ᠂ ᠳᠤᠮᠳᠠᠭᠤᠷ ᠪᠦᠰᠡᠯᠡᠬᠦ ᠬᠣᠰᠢᠯᠠᠩ ᠣᠭᠣᠰᠣᠷ ᠭᠤᠷᠪᠠ᠂ ᠳᠡᠭᠡᠷ᠎ᠡ ᠡᠴᠡ ᠳᠠᠷᠤᠭᠤᠯᠬᠤ ᠡᠷᠭᠢᠭᠦᠯᠭᠡ᠂ ᠵᠥᠷᠢᠭᠦᠯᠭᠡ ᠣᠭᠣᠰᠣᠷ13 ᠪᠠᠢᠳᠠᠭ᠃ ᠬᠠᠷᠢᠨ ᠭᠡᠷ ᠦ᠋ᠨ ᠭᠠᠳᠠᠭᠤᠷ ᠳᠣᠲᠣᠭᠤᠷ ᠴᠠᠭᠠᠨ ᠳᠠᠪᠤᠤ ᠶ᠋ᠢᠨ ᠴᠠᠪᠤᠭ ᠪᠥᠷᠢᠭᠡᠰᠦ ᠬᠢᠳᠡᠭ ᠪᠣᠯᠤᠭᠰᠠᠨ ᠠ᠋ᠴᠠ ᠬᠣᠢᠰᠢ ᠵᠠᠷᠢᠮ ᠳᠠᠷᠤᠭᠤᠯᠭ᠎ᠠ ᠣᠭᠣᠰᠣᠷ ᠢ᠋ ᠬᠡᠷᠡᠭᠯᠡᠬᠦ ᠪᠡᠨ ᠪᠣᠯᠢᠵᠠᠢ᠃ ᠬᠠᠯᠵᠠ ᠲᠠᠢ ᠭᠡᠷ ᠲᠦ᠍ ᠢᠰᠡᠭᠡᠢ ᠳᠡᠭᠡᠪᠦᠷ ᠳᠡᠭᠡᠷ᠎ᠡ ᠲᠣᠭᠣᠨᠣ ᠠ᠋ᠴᠠ ᠳᠣᠭᠣᠭᠰᠢ ᠮᠠᠶᠢᠭ ᠲᠠᠢ ᠤᠯᠠᠭᠠᠨ ᠳᠠᠪᠤᠤ ᠶ᠋ᠢᠨ ᠬᠠᠯᠵᠠ ᠬᠢᠳᠡᠭ ᠪᠠᠢᠭᠰᠠᠨ ᠨᠢ ᠲᠤᠰ ᠣᠷᠣᠨ ᠤ᠋ ᠬᠥᠮᠦᠨ ᠠᠷᠠᠳ ᠤ᠋ᠨ ᠬᠠᠭᠠᠨ᠂ ᠬᠠᠷᠠᠴᠤ ᠶ᠋ᠢᠨ ᠢᠯᠭᠠᠭ᠎ᠠ ᠠᠷᠢᠯᠬᠤ ᠳ᠋ᠤ᠌ ᠵᠢᠷ ᠦ᠋ᠨ ᠰᠠᠢᠨ ᠮᠠᠯᠴᠢᠨ ᠤ᠋ ᠭᠡᠷ ᠪᠣᠯᠵᠤ ᠮᠠᠯ ᠠᠵᠤ ᠠᠬᠤᠢ ᠳ᠋ᠤ᠌ ᠠᠵᠢᠯ ᠦᠢᠯᠡᠰ ᠢ᠋ᠶ᠋ᠡᠷ ᠢ᠋ᠶ᠋ᠡᠨ ᠰᠢᠯᠭᠠᠷᠠᠭᠰᠠᠨ ᠤᠯᠤᠰ ᠤ᠋ᠨ ᠠᠪᠤᠷᠭᠤ ᠰᠠᠢᠴᠤᠳ ᠤ᠋ᠨ ᠱᠠᠩᠨᠠᠯ ᠤ᠋ᠨ ᠭᠡᠷ ᠪᠣᠯᠵᠠᠢ᠃
ᠭᠡᠷ ᠦ᠋ᠨ ᠳᠡᠭᠡᠪᠦᠷ᠂ ᠴᠠᠪᠤᠭ ᠡᠰᠬᠡᠬᠦ ᠳ᠋ᠡᠭᠡᠨ ᠭᠡᠷ ᠦ᠋ᠨ ᠲᠣᠭᠣᠨᠣ᠂ ᠬᠠᠨ᠎ᠠ ᠶ᠋ᠢᠨ ᠨᠡᠢᠯᠡᠭᠰᠡᠨ ᠬᠡᠰᠡᠭ ᠦ᠋ᠨ ᠳ᠋ᠢᠶᠠᠮᠧᠲ᠋ᠷ ᠢ᠋ᠶ᠋ᠡᠷ ᠲᠣᠬᠢᠷᠠᠭᠤᠯᠤᠨ᠎ᠠ᠃ ᠲᠣᠭᠣᠨᠣ ᠶ᠋ᠢᠨ ᠳ᠋ᠢᠶᠠᠮᠧᠲ᠋ᠷ ᠢ᠋ ᠬᠡᠮᠵᠢᠬᠦ ᠳ᠋ᠡᠭᠡᠨ ᠲᠣᠭᠣᠨᠣ ᠶ᠋ᠢᠨ ᠭᠣᠣᠯ ᠠ᠋ᠴᠠ ᠵᠠᠬ᠎ᠠ ᠬᠦᠷᠲᠡᠯ᠎ᠡ ᠤᠷᠲᠤ ᠶ᠋ᠢ ᠬᠡᠮᠵᠢᠵᠦ ᠭᠣᠷᠲᠢᠭ ᠲᠠᠲᠠᠨ᠎ᠠ᠃ ᠡᠭᠦᠨ ᠢ᠋ ᠬᠢᠬᠦ ᠳ᠋ᠡᠭᠡᠨ ᠨᠠᠷᠢᠨ ᠣᠯᠣᠰᠣᠨ ᠳᠡᠭᠡᠰᠦ ᠵᠡᠷᠭᠡ ᠶ᠋ᠢᠨ ᠨᠢᠭᠡ ᠦᠵᠦᠭᠦᠷ ᠲᠦ᠍ ᠨᠠᠷᠢᠨ ᠭᠠᠳᠠᠰᠤ ᠤᠶᠠᠵᠤ ᠲᠣᠭᠣᠨᠣ ᠶ᠋ᠢᠨ ᠭᠣᠣᠯ ᠳ᠋ᠤ᠌ ᠲᠠᠭᠠᠷᠠᠭᠤᠯᠤᠨ ᠭᠠᠵᠠᠷ ᠲᠤ ᠰᠢᠭᠠᠭᠠᠳ᠂ ᠨᠥᠭᠦᠭᠡ ᠦᠵᠦᠭᠦᠷ ᠲᠦ᠍ ᠦᠵᠦᠭᠦᠷᠯᠡᠭᠰᠡᠨ ᠮᠣᠳᠣ᠂ ᠬᠣᠨᠢ᠂ ᠢᠮᠠᠭᠠᠨ ᠤ᠋ ᠡᠪᠡᠷ᠂ ᠨᠠᠷᠢᠨ ᠲᠡᠮᠦᠷ ᠬᠠᠳᠠᠭᠠᠰᠤ ᠤᠶᠠᠵᠤ ᠭᠣᠷᠲᠢᠭ ᠲᠠᠲᠠᠬᠤ ᠮᠠᠶᠢᠭ ᠢ᠋ᠶ᠋ᠠᠷ ᠳᠤᠭᠤᠢᠯᠠᠨ ᠵᠢᠷᠤᠵᠤ ᠲᠣᠭᠣᠨᠣ ᠶ᠋ᠢᠨ ᠬᠡᠮᠵᠢᠶ᠎ᠡ ᠠᠪᠤᠨ᠎ᠠ᠃
ᠳᠠᠷᠠᠭ᠎ᠠ ᠨᠢ ᠲᠣᠭᠣᠨᠣ ᠶ᠋ᠢᠨ ᠳᠤᠭᠤᠢ ᠠ᠋ᠴᠠ ᠣᠨᠢ ᠶ᠋ᠢᠨ ᠪᠥᠭᠰᠡ ᠬᠦᠷᠲᠡᠯ᠎ᠡ ᠤᠷᠲᠤ ᠶ᠋ᠢ ᠬᠡᠮᠵᠢᠵᠦ ᠲᠦᠷᠦᠭᠦᠴᠢ ᠶ᠋ᠢᠨ ᠬᠡᠮᠵᠢᠭᠰᠡᠨ ᠲᠣᠭᠣᠨᠣ ᠶ᠋ᠢᠨ ᠳ᠋ᠢᠶᠠᠮᠧᠲ᠋ᠷ ᠦ᠋ᠨ ᠵᠢᠷᠤᠭᠠᠰᠤ ᠬᠣᠶᠠᠷ ᠢ᠋ ᠬᠣᠯᠪᠣᠨ ᠭᠠᠳᠠᠰᠤ ᠤᠶᠠᠵᠤ ᠭᠠᠵᠠᠷ ᠬᠠᠲᠠᠭᠠᠳ ᠨᠥᠭᠦᠭᠡ ᠦᠵᠦᠭᠦᠷ ᠲᠡᠭᠡᠨ ᠮᠣᠳᠣ᠂ ᠲᠡᠮᠦᠷ ᠡᠪᠡᠷ ᠤᠶᠠᠵᠤ ᠳᠤᠭᠤᠢᠯᠠᠨ ᠭᠣᠷᠲᠢᠭ ᠲᠠᠲᠠᠨ᠎ᠠ᠃ ᠢᠩᠭᠢᠵᠦ ᠶᠡᠬᠡ ᠪᠠᠭ᠎ᠠ ᠬᠣᠶᠠᠷ ᠳᠤᠭᠤᠢ ᠶ᠋ᠢ ᠳᠤᠮᠳᠠᠭᠤᠷ ᠨᠢ ᠬᠤᠪᠢᠶᠠᠵᠤ ᠬᠣᠢᠲᠤ ᠤᠷᠲᠤ ᠳᠡᠭᠡᠪᠦᠷ ᠪᠣᠯᠬᠤ ᠪᠠ ᠳᠡᠭᠡᠪᠦᠷ ᠨᠡᠯᠢᠶᠡᠳ ᠯᠠᠪ ᠵᠥᠷᠢᠶ᠎ᠡ ᠲᠡᠢ ᠪᠠᠢᠬᠤ ᠤᠴᠢᠷ ᠲᠡᠭᠦᠨ ᠳ᠋ᠦ᠍ ᠲᠠᠭᠠᠷᠠᠭᠤᠯᠵᠤ ᠵᠢᠷᠤᠭᠠᠰᠤᠨ ᠠ᠋ᠴᠠ ᠳᠡᠭᠡᠳᠦ ᠳᠣᠣᠷᠠᠲᠤ ᠲᠠᠯ᠎ᠠ ᠪᠠᠷ ᠢ᠋ᠶ᠋ᠠᠨ30cm ᠠ᠋ᠴᠠ ᠳᠣᠭᠣᠭᠰᠢ ᠦᠭᠡᠢ ᠵᠥᠷᠢᠵᠦ ᠳᠠᠪᠬᠤᠷᠯᠠᠨ ᠪᠠᠢᠬᠤ ᠪᠠᠷ ᠪᠣᠳᠣᠵᠤ ᠲᠣᠬᠢᠷᠠᠭᠤᠯᠤᠨ᠎ᠠ᠃ ᠢᠰᠡᠭᠡᠢ ᠳᠡᠭᠡᠪᠦᠷ ᠦ᠋ᠨ ᠵᠠᠬ᠎ᠠ ᠶ᠋ᠢ ᠰᠤᠩᠭᠠᠬᠤ ᠦᠭᠡᠢ᠂ ᠭᠣᠶᠣᠮᠰᠣᠭ ᠪᠠᠢᠯᠭᠠᠬᠤ ᠶ᠋ᠢᠨ ᠲᠤᠯᠠᠳᠠ ᠳᠡᠭᠡᠪᠦᠷ ᠦ᠋ᠨ ᠬᠣᠷᠮᠣᠢ ᠪᠤᠶᠤ ᠵᠠᠬ᠎ᠠ ᠪᠠᠷ ᠳᠡᠭᠡᠰᠦᠨ ᠵᠡᠭᠡᠭ ᠲᠠᠯᠪᠢᠨ᠎ᠠ᠃
ᠡᠨᠡ ᠡᠰᠬᠡᠯᠲᠡ ᠶ᠋ᠢᠨ ᠠᠷᠭ᠎ᠠ ᠶ᠋ᠢ ᠭᠠᠭᠴᠠ ᠢᠰᠡᠭᠡᠢ ᠳᠡᠭᠡᠷ᠎ᠡ ᠬᠡᠷᠡᠭᠯᠡᠬᠦ ᠦᠭᠡᠢ ᠳᠠᠪᠤᠤ ᠶ᠋ᠢᠨ ᠴᠠᠪᠤᠭ ᠲᠤ ᠠᠳᠠᠯᠢ ᠬᠡᠷᠡᠭᠯᠡᠨ᠎ᠡ᠃ ᠢᠰᠡᠭᠡᠢ ᠲᠤᠭᠤᠷᠭ᠎ᠠ ᠪᠣᠯ ᠭᠡᠷ ᠦ᠋ᠨ ᠳᠣᠣᠷᠠᠲᠤ ᠬᠡᠰᠡᠭ ᠪᠤᠶᠤ ᠬᠠᠨ᠎ᠠ ᠶ᠋ᠢ ᠪᠦᠬᠦᠯᠢ ᠳ᠋ᠦ᠍ᠨᠢ ᠬᠤᠴᠢᠬᠤ ᠳ᠋ᠤ᠌ ᠵᠣᠷᠢᠭᠤᠯᠤᠭᠳᠠᠨ᠎ᠠ᠃ ᠲᠤᠭᠤᠷᠭ᠎ᠠ ᠶ᠋ᠢ ᠡᠰᠬᠡᠬᠦ ᠳ᠋ᠦ᠍ ᠬᠢᠯᠪᠠᠷᠬᠠᠨ ᠪᠣᠯᠪᠠᠴᠤ ᠲᠡᠭᠦᠨ ᠢ᠋ ᠬᠠᠨ᠎ᠠ ᠳ᠋ᠤ᠌ ᠲᠣᠬᠢᠷᠠᠭᠤᠯᠬᠤ ᠨᠢ ᠵᠣᠬᠢᠬᠤ ᠳᠠᠳᠤᠯᠭ᠎ᠠ ᠱᠠᠭᠠᠷᠳᠠᠨ᠎ᠠ᠃ ᠶᠠᠭᠤᠨ ᠤ᠋ ᠡᠮᠦᠨ᠎ᠡ ᠬᠣᠶᠠᠷ ᠬᠠᠲᠠᠪᠴᠢ ᠪᠤᠶᠤ ᠬᠠᠭᠠᠯᠭ᠎ᠠ᠂ ᠬᠠᠨ᠎ᠠ ᠬᠣᠶᠠᠷ ᠤ᠋ᠨ ᠨᠡᠢᠯᠡᠪᠦᠷᠢ ᠳ᠋ᠦ᠍ ᠲᠣᠬᠢᠷᠠᠭᠤᠯᠬᠤ ᠳ᠋ᠠᠭᠠᠨ ᠬᠠᠭᠠᠯᠭᠠᠨ ᠤ᠋ ᠶᠠᠰᠤ ᠮᠣᠳᠣᠨ ᠳᠡᠭᠡᠷ᠎ᠡ ᠭᠤᠷᠪᠠ ᠠ᠋ᠴᠠ ᠳᠣᠭᠣᠭᠰᠢ ᠦᠭᠡᠢ ᠢᠯᠡᠭᠦᠦ ᠲᠠᠯᠪᠢᠵᠤ ᠢᠰᠡᠭᠡᠢ ᠶ᠋ᠢᠨ ᠵᠠᠬ᠎ᠠ ᠶ᠋ᠢ ᠵᠢᠭᠳᠡ ᠬᠠᠢᠴᠢᠯᠠᠨ ᠵᠠᠰᠠᠵᠤ ᠥᠯᠢᠭᠡᠳ ᠨᠢᠭᠡ ᠳᠠᠩ ᠪᠤᠶᠤ ᠬᠣᠣᠰ ᠨᠠᠷᠢᠨ ᠳᠡᠭᠡᠰᠦ ᠪᠡᠷ ᠵᠡᠭᠡᠭᠯᠡᠨᠡ᠃ ᠲᠤᠭᠤᠷᠭ᠎ᠠ ᠶ᠋ᠢ ᠬᠣᠶᠠᠷ ᠬᠠᠲᠠᠪᠴᠢ ᠪᠠᠷ ᠰᠢᠵᠠᠢᠯᠭᠠᠨ ᠳᠤᠲᠠᠭᠠᠪᠠᠯ ᠭᠡᠷ ᠦ᠋ᠨ ᠦᠵᠡᠮᠵᠢ ᠳ᠋ᠦ᠍ ᠨᠥᠯᠥᠭᠡᠯᠡᠭᠡᠳ ᠵᠣᠭᠰᠣᠬᠤ ᠦᠭᠡᠢ ᠭᠠᠳᠠᠨ᠎ᠠ ᠠ᠋ᠴᠠ ᠬᠦᠴᠦᠲᠡᠢ ᠵᠢᠪᠠᠷ ᠰᠠᠯᠬᠢᠨ᠂ ᠬᠣᠭ ᠰᠢᠷᠣᠢ ᠣᠷᠣᠵᠤ ᠢᠷᠡᠳᠡᠭ ᠤᠴᠢᠷ ᠭᠡᠷ ᠦ᠋ᠨ ᠡᠷᠡᠭᠦᠯ ᠠᠬᠤᠢ ᠳ᠋ᠤ᠌ ᠲᠣᠬᠢᠷᠠᠮᠵᠢ ᠦᠭᠡᠢ ᠪᠣᠯᠳᠠᠭ᠃
ᠵᠢᠷᠤᠭ42
(1) ᠳᠡᠭᠡᠪᠦᠷ ᠴᠠᠪᠤᠭ ᠡᠰᠬᠡᠬᠦ ᠬᠡᠮᠵᠢᠯᠲᠡ ᠬᠢᠵᠦ ᠡᠰᠬᠡᠭᠦᠷ ᠬᠢᠵᠦ ᠪᠠᠢᠭ᠎ᠠ ᠪᠠᠢᠳᠠᠯ
(2) ᠵᠡᠭᠡᠭᠯᠡᠵᠦ ᠣᠭᠣᠰᠣᠷ ᠬᠠᠲᠠᠭᠰᠠᠨ ᠳᠡᠭᠡᠪᠦᠷ

ᠲᠤᠭᠤᠷᠭ᠎ᠠ ᠶ᠋ᠢ ᠢᠰᠡᠭᠡᠢ ᠴᠢᠭ ᠢ᠋ᠶ᠋ᠡᠷ ᠨᠢ ᠭᠡᠷ ᠲᠦ᠍ ᠪᠠᠷᠢᠬᠤ ᠪᠣᠯᠪᠠᠴᠤ ᠲᠡᠭᠦᠨ ᠦ᠌ ᠬᠣᠭᠣᠯᠠᠢ ᠶ᠋ᠢ ᠲᠡᠨᠦᠵᠦ ᠣᠶᠣᠬᠤ ᠤᠴᠢᠷ ᠢᠰᠡᠭᠡᠢ ᠪᠡᠨ ᠭᠡᠷ ᠦ᠋ᠨ ᠮᠣᠳᠣᠨ ᠤ᠋ ᠬᠠᠨ᠎ᠠ ᠶ᠋ᠢᠨ ᠳᠡᠭᠡᠷ᠎ᠡ ᠣᠷᠢᠶᠠᠬᠤ ᠮᠠᠶᠢᠭ ᠢ᠋ᠶ᠋ᠠᠷ ᠲᠠᠯᠪᠢᠬᠤ ᠳ᠋ᠤ᠌ ᠳᠡᠭᠡᠳᠦ ᠲᠠᠯ᠎ᠠ ᠳ᠋ᠤ᠌ ᠵᠢᠵᠢᠭ ᠰᠤᠯᠠ ᠲᠠᠨᠤᠭᠠᠰᠤ ᠭᠠᠷᠴᠤ ᠢᠷᠡᠳᠡᠭ᠃ ᠡᠭᠦᠨ ᠢ᠋ ᠵᠢᠷᠤᠵᠤ ᠲᠡᠮᠳᠡᠭᠯᠡᠨ ᠬᠠᠢᠴᠢᠯᠠᠨ ᠬᠠᠶᠠᠵᠤ ᠬᠣᠶᠠᠷ ᠲᠠᠯ᠎ᠠ ᠶ᠋ᠢ ᠨᠡᠢᠯᠡᠭᠦᠯᠦᠨ ᠣᠶᠣᠨ᠎ᠠ᠃ ᠲᠤᠭᠤᠷᠭ᠎ᠠ ᠪᠦᠷᠢ ᠳ᠋ᠦ᠍ ᠬᠣᠶᠠᠷ ᠦᠵᠦᠭᠦᠷ ᠢ᠋ ᠨᠢ ᠪᠡᠬᠢᠯᠡᠬᠦ ᠣᠭᠣᠰᠣᠷ ᠪᠠᠢᠬᠤ ᠠ᠋ᠴᠠ ᠭᠠᠳᠠᠨ᠎ᠠ ᠳᠤᠮᠳᠠ ᠬᠡᠰᠡᠭ ᠲᠦ᠋ᠨᠢ ᠳᠡᠭᠡᠰᠦ ᠪᠤᠶᠤ ᠢᠰᠡᠭᠡᠢ ᠪᠡᠷ ᠬᠢᠭᠰᠡᠨ ᠭᠣᠭᠴᠣᠭ᠎ᠠ ᠪᠠᠢᠳᠠᠭ᠃ ᠡᠨᠡ ᠭᠣᠭᠴᠣᠭᠠᠨ ᠳ᠋ᠤ᠌ ᠨᠥᠭᠦᠭᠡ ᠲᠤᠭᠤᠷᠭ᠎ᠠ ᠶ᠋ᠢᠨ ᠵᠥᠷᠢᠭᠦᠯᠭᠡ ᠣᠭᠣᠰᠣᠷ ᠢ᠋ ᠣᠷᠣᠭᠤᠯᠵᠤ ᠲᠠᠲᠠᠵᠤ ᠣᠶᠣᠨ᠎ᠠ᠃
ᠭᠡᠷ ᠦ᠋ᠨ ᠡᠷᠦᠬᠡ ᠶ᠋ᠢ ᠡᠰᠬᠡᠬᠦ ᠳ᠋ᠡᠭᠡᠨ ᠲᠣᠭᠣᠨᠣ ᠪᠣᠯᠤᠨ ᠭᠡᠷ ᠦ᠋ᠨ ᠲᠣᠮᠣ ᠪᠠᠭ᠎ᠠ ᠶ᠋ᠢᠨ ᠬᠡᠮᠵᠢᠶᠡᠨ ᠳ᠋ᠦ᠍ ᠲᠣᠬᠢᠷᠠᠭᠤᠯᠤᠨ ᠲᠡᠭᠰᠢᠯᠡᠭᠰᠡᠨ ᠪᠠᠢᠬᠤ ᠳ᠋ᠤ᠌ ᠲᠣᠭᠣᠨᠣ ᠶ᠋ᠢ ᠪᠦᠷᠢᠨ ᠪᠦᠷᠬᠦᠵᠦ ᠬᠠᠮᠢᠭᠠᠰᠢ ᠬᠠᠮᠢᠭᠠᠰᠢ ᠪᠠᠨ ᠢᠯᠡᠭᠦᠦ ᠭᠠᠷᠴᠤ ᠪᠠᠢᠬᠤ ᠪᠠᠷ ᠲᠠᠭᠠᠷᠠᠭᠤᠯᠵᠤ ᠳᠥᠷᠪᠡᠯᠵᠢᠨ ᠡᠰᠬᠡᠨ᠎ᠡ᠃ ᠢᠰᠡᠭᠡᠢ᠂ ᠳᠠᠪᠤᠤ᠂ ᠪᠸᠷᠽᠢᠨᠲ ᠠᠯᠢ ᠨᠢ ᠴᠦ᠍ ᠪᠠᠢᠭᠰᠠᠨ ᠲᠡᠭᠦᠨ ᠦ᠌ ᠵᠠᠬ᠎ᠠ ᠶ᠋ᠢ ᠪᠡᠬᠢᠯᠡᠨ ᠬᠦᠪᠦᠷᠢᠳᠬᠦ ᠪᠤᠶᠤ ᠳᠡᠭᠡᠰᠦ ᠪᠡᠷ ᠵᠡᠭᠡᠭᠯᠡᠨ ᠣᠶᠣᠵᠤ ᠬᠣᠢᠰᠢ ᠲᠠᠲᠠᠬᠤ ᠬᠤᠰᠢᠭᠤᠨ ᠳ᠋ᠤᠨᠢ ᠳᠡᠭᠡᠰᠦ ᠪᠤᠶᠤ ᠥᠭᠡᠷ᠎ᠡ ᠮᠠᠲ᠋ᠧᠷᠢᠶᠠᠯ ᠢ᠋ᠶ᠋ᠠᠷ ᠬᠡ ᠤᠭᠠᠯᠵᠠ ᠲᠠᠯᠪᠢᠵᠤ ᠦᠵᠦᠭᠦᠷ ᠲᠦ᠋ᠨᠢ ᠲᠠᠲᠠᠬᠤ ᠣᠭᠣᠰᠣᠷ ᠣᠶᠣᠵᠤ ᠪᠡᠬᠢᠯᠡᠨ ᠭᠡᠷ ᠦ᠋ᠨ ᠬᠣᠰᠢᠯᠠᠩ ᠣᠭᠣᠰᠣᠷ ᠲᠤ ᠪᠡᠬᠢᠯᠡᠨ᠂ ᠦᠵᠦᠭᠦᠷ ᠢ᠋ ᠥᠯᠵᠡᠢ ᠬᠡ ᠪᠣᠯᠭᠠᠨ ᠭᠡᠷ ᠳᠡᠭᠡᠷ᠎ᠡ ᠪᠡᠨ ᠲᠠᠯᠪᠢᠳᠠᠭ ᠶᠣᠰᠣ ᠮᠠᠨ ᠤ᠋ ᠳᠡᠭᠡᠷ᠎ᠡ ᠦᠶ᠎ᠡ ᠡᠴᠡ ᠡᠬᠢᠯᠡᠵᠡᠢ᠃ ᠮᠣᠩᠭᠣᠯ ᠭᠡᠷ ᠦ᠋ᠨ ᠪᠥᠰᠡᠨ ᠳ᠋ᠦ᠍ ᠬᠣᠰᠢᠯᠠᠩ ᠢ᠋ ᠬᠡᠷᠡᠭᠯᠡᠵᠦ ᠢᠷᠡᠭᠰᠡᠨ ᠨᠢ ᠨᠢᠭᠡ ᠲᠠᠯ᠎ᠠ ᠪᠠᠷ ᠭᠣᠶᠣᠮᠰᠣᠭ ᠦᠵᠡᠮᠵᠢᠲᠡᠢ᠂ ᠨᠥᠭᠦᠭᠡ ᠲᠠᠯ᠎ᠠ ᠪᠠᠷ ᠭᠡᠷ ᠦ᠋ᠨ ᠮᠣᠳᠣ ᠰᠡᠩᠰᠡᠯᠡᠵᠦ ᠬᠡᠯᠪᠡᠷᠢ ᠳᠦᠷᠰᠦ ᠪᠡᠨ ᠠᠯᠳᠠᠬᠤ ᠠ᠋ᠴᠠ ᠬᠠᠮᠠᠭᠠᠯᠠᠳᠠᠭ ᠪᠠᠢᠵᠠᠢ᠃ ᠬᠣᠰᠢᠯᠠᠩ ᠢ᠋ ᠬᠢᠬᠦ ᠳ᠋ᠡᠭᠡᠨ ᠭᠡᠷ ᠦ᠋ᠨ ᠶᠡᠬᠡ ᠪᠠᠭ᠎ᠠ ᠳ᠋ᠤ᠌ ᠲᠣᠬᠢᠷᠠᠭᠤᠯᠤᠨ ᠭᠡᠷ ᠦ᠋ᠨ ᠳ᠋ᠢᠶᠠᠮᠧᠲ᠋ᠷ ᠦ᠋ᠨ ᠬᠡᠮᠵᠢᠶᠡᠨ ᠳᠡᠭᠡᠷ᠎ᠡ ᠤᠶᠠᠬᠤ ᠤᠶᠠᠭᠠᠨ ᠤ᠋ ᠤᠷᠲᠤ ᠶ᠋ᠢ ᠨᠡᠮᠡᠨ ᠲᠠᠯᠪᠢᠵᠤ ᠲᠠᠭᠠᠷᠠᠭᠤᠯᠬᠤ ᠪᠠ ᠨᠢᠭᠡ ᠬᠣᠰᠢᠯᠠᠩ4—6 ᠬᠣᠣᠰ ᠨᠠᠷᠢᠨ ᠳᠡᠭᠡᠰᠦ ᠶ᠋ᠢ ᠪᠠᠷᠠᠭᠤᠨ᠂ ᠰᠣᠯᠣᠭᠠᠢ ᠬᠣᠶᠠᠷ ᠶᠠᠩᠵᠤ ᠪᠠᠷ ᠲᠠᠮᠤᠵᠤ ᠡᠷᠴᠢᠯᠡᠨ ᠪᠠᠨᠵᠠ ᠮᠣᠳᠣᠨ ᠳ᠋ᠤ᠌ ᠡᠩᠨᠡᠭᠦᠯᠦᠨ ᠣᠷᠢᠶᠠᠵᠤ ᠲᠡᠭᠦᠨ ᠢ᠋ᠶ᠋ᠡᠨ ᠬᠣᠭᠣᠷᠣᠨᠳᠣ ᠨᠢ ᠨᠡᠢᠯᠡᠭᠦᠯᠦᠨ ᠲᠡᠮᠡᠭᠡᠨ ᠦ᠌ ᠵᠣᠭᠳᠣᠷ ᠲᠠᠢ ᠨᠣᠣᠰᠣ᠂ ᠦᠬᠡᠷ ᠦ᠋ᠨ ᠰᠡᠪᠡᠭ ᠡᠭᠡᠷᠡᠵᠦ ᠬᠢᠭᠰᠡᠨ ᠤᠲᠠᠰᠤ ᠪᠠᠷ ᠰᠢᠷᠢᠨ᠎ᠡ᠃ ᠬᠣᠰᠢᠯᠠᠩ4—5 ᠬᠠᠨ᠎ᠠ ᠲᠠᠢ ᠭᠡᠷ ᠦ᠋ᠨ ᠳᠡᠭᠡᠷ᠎ᠡ ᠡᠴᠡ ᠳᠠᠷᠤᠬᠤ ᠳᠠᠷᠤᠯᠲᠠ ᠶ᠋ᠢ ᠪᠠᠭᠠᠨ᠎ᠠ ᠦᠭᠡᠢ ᠪᠡᠷ ᠳᠠᠭᠠᠭᠠᠨ᠎ᠠ᠃
ᠭᠡᠷ ᠦ᠋ᠨ ᠳᠠᠷᠤᠭᠤᠯᠭ᠎ᠠ ᠣᠭᠣᠰᠣᠷ13 ᠪᠠᠢᠳᠠᠭ᠃ ᠡᠭᠦᠨ ᠦ᠌ ᠨᠢᠭᠡ ᠨᠢ ᠲᠣᠭᠣᠨᠣ ᠶ᠋ᠢᠨ ᠳᠤᠭᠤᠢ ᠠ᠋ᠴᠠ30—40cm ᠳᠣᠣᠷ᠎ᠠ ᠪᠠᠢᠳᠠᠭ ᠳᠤᠭᠤᠢ ᠳᠡᠭᠡᠰᠦ ᠪᠥᠭᠡᠳ ᠡᠭᠦᠨ ᠢ᠋ ᠡᠷᠭᠢᠭᠦᠯᠭᠡ ᠭᠡᠳᠡᠭ᠃ ᠡᠷᠭᠢᠭᠦᠯᠭᠡ ᠡᠴᠡ ᠰᠠᠯᠪᠤᠷᠢᠯᠠᠨ ᠬᠣᠢᠰᠢ ᠣᠷᠣᠭᠰᠢ ᠪᠠᠨ ᠲᠠᠲᠠᠵᠤ ᠳᠡᠭᠡᠪᠦᠷ ᠲᠤᠭᠤᠷᠭ᠎ᠠ ᠶ᠋ᠢ ᠬᠠᠮᠲᠤ ᠳᠠᠷᠤᠭᠤᠯᠬᠤ ᠨᠠᠢ᠍ᠮᠠᠨ ᠬᠣᠣᠰ ᠣᠭᠣᠰᠣᠷ ᠪᠠᠢᠳᠠᠭ᠃ ᠡᠭᠦᠨ ᠢ᠋ ᠳᠠᠷᠤᠭᠤᠯᠭ᠎ᠠ ᠣᠭᠣᠰᠣᠷ ᠭᠡᠳᠡᠭ᠃ ᠳᠠᠷᠤᠭᠤᠯᠭ᠎ᠠ ᠣᠭᠣᠰᠣᠷ ᠢ᠋ ᠭᠤᠷᠮᠤᠰᠤᠨ ᠳᠡᠭᠡᠰᠦ ᠪᠡᠷ ᠬᠢᠳᠡᠭ᠃ ᠮᠣᠩᠭᠣᠯ ᠭᠡᠷ ᠲᠦ᠍ ᠬᠠᠭᠠᠯᠭᠠᠨ ᠠ᠋ᠴᠠ ᠭᠠᠳᠠᠨ᠎ᠠ ᠢᠰᠡᠭᠡᠢ ᠡᠭᠦᠳᠡ ᠪᠠᠢᠭᠰᠠᠨ ᠪᠥᠭᠡᠳ ᠡᠭᠦᠳᠡ ᠬᠢᠬᠦ ᠳ᠋ᠡᠭᠡᠨ ᠬᠠᠭᠠᠯᠭ᠎ᠠ ᠶ᠋ᠢ ᠪᠦᠷᠢᠨ ᠬᠠᠭᠠᠵᠤ ᠬᠠᠲᠠᠪᠴᠢᠨ ᠤ᠋ ᠬᠠᠨ᠎ᠠ ᠬᠠᠭᠠᠯᠭ᠎ᠠ ᠬᠣᠶᠠᠷ ᠤ᠋ᠨ ᠨᠡᠢᠯᠡᠬᠦ ᠠᠭᠤᠯᠵᠠᠷ ᠬᠦᠷᠲᠡᠯ᠎ᠡ ᠥᠷᠭᠡᠨ᠂ ᠤᠷᠲᠤ ᠶ᠋ᠢ ᠲᠣᠲᠣᠭᠣ ᠶ᠋ᠢᠨ ᠳᠡᠭᠡᠷᠡᠬᠢ ᠳᠡᠭᠡᠪᠦᠷ ᠲᠡᠢ20 ᠠ᠋ᠴᠠ ᠬᠣᠢᠰᠢ ᠦᠭᠡᠢ ᠰᠡᠨᠲ᠋ᠢᠮᠧᠲ᠋ᠷ ᠵᠥᠷᠢᠵᠦ ᠪᠠᠢᠬᠤ᠂ ᠳᠣᠣᠷᠠᠲᠤ ᠲᠠᠯ᠎ᠠ ᠶ᠋ᠢ ᠭᠠᠵᠠᠷ ᠠᠷᠠᠢ ᠬᠦᠷᠬᠦ ᠦᠭᠡᠢ᠂ ᠪᠣᠱᠣᠭ᠎ᠠ ᠠ᠋ᠴᠠ15 ᠠ᠋ᠴᠠ ᠳᠣᠭᠣᠭᠰᠢ ᠦᠭᠡᠢ ᠥᠩᠭᠡᠷᠡᠵᠦ ᠪᠠᠢᠬᠤ ᠪᠠᠷ ᠲᠣᠬᠢᠷᠠᠭᠤᠯᠤᠨ᠂ ᠭᠣᠣᠯ ᠳ᠋ᠤᠨᠢ ᠤᠰᠤᠨ ᠬᠡ ᠭᠣᠣᠯᠳᠠᠭᠤ ᠭᠠᠷᠭᠠᠵᠤ ᠰᠢᠷᠢᠳᠡᠭ ᠪᠠᠢᠵᠠᠢ᠃ ᠤᠰᠤᠨ ᠬᠡ ᠶ᠋ᠢ ᠲᠠᠩᠭᠢᠰ ᠳᠠᠯᠠᠢ ᠶ᠋ᠢᠨ ᠳᠣᠯᠭᠢᠶ᠎ᠠ ᠭᠡᠵᠦ ᠪᠡᠯᠭᠡᠳᠡᠬᠦ ᠡᠴᠡ ᠭᠠᠳᠠᠨ᠎ᠠ᠂ ᠭᠠᠳᠠᠨ᠎ᠠ ᠠ᠋ᠴᠠ ᠶᠠᠮᠠᠷ ᠨᠢᠭᠡ ᠮᠠᠭᠤ ᠶᠠᠭᠤᠮ᠎ᠠ ᠣᠷᠣᠵᠤ ᠢᠷᠡᠪᠡᠯ ᠳᠠᠯᠠᠢ ᠳ᠋ᠤ᠌ ᠤᠨᠠᠵᠤ ᠠᠯᠠᠭ᠎ᠠ ᠪᠣᠯᠳᠠᠭ ᠭᠡᠰᠡᠨ ᠤᠳᠬ᠎ᠠ ᠲᠠᠢ ᠠᠵᠢ᠃
ᠮᠣᠩᠭᠣᠯᠴᠤᠳ ᠢᠰᠡᠭᠡᠢ ᠡᠭᠦᠳᠡᠨ ᠦ᠌ ᠵᠠᠪᠠᠯ ᠪᠠᠷᠠᠭᠤᠨ ᠭᠠᠷ ᠲᠠᠯ᠎ᠠ ᠪᠠᠷ ᠣᠷᠣᠵᠤ ᠭᠠᠷᠬᠤ ᠪᠥᠭᠡᠳ ᠬᠡᠷᠪᠡ ᠪᠤᠷᠤᠭᠤ ᠡᠭᠦᠳᠡ ᠪᠡᠷ ᠣᠷᠣᠪᠠᠯ ᠭᠠᠢ ᠪᠠᠷᠴᠢᠳ ᠣᠷᠣᠵᠤ ᠢᠷᠡᠯ᠎ᠡ ᠭᠡᠵᠦ ᠦᠵᠡᠬᠦ ᠪᠤᠶᠤ ᠪᠤᠷᠤᠭᠤ ᠡᠭᠦᠳᠡ ᠪᠡᠷ ᠭᠠᠳᠠᠭᠰᠢ ᠭᠠᠷᠪᠠᠯ ᠭᠠᠢ ᠭᠠᠷᠤᠯᠭ᠎ᠠ ᠭᠠᠷᠴᠤ ᠪᠠᠢᠨ᠎ᠠ ᠭᠡᠵᠦ ᠦᠵᠡᠬᠦ ᠤᠴᠢᠷ ᠮᠣᠩᠭᠣᠯ ᠭᠡᠷ ᠦ᠋ᠨ ᠪᠤᠷᠤᠭᠤ ᠡᠭᠦᠳᠡ ᠪᠡᠷ ᠭᠠᠷᠴᠤ ᠣᠷᠣᠬᠤ ᠴᠡᠭᠡᠷ ᠲᠡᠢ ᠪᠠᠢᠵᠠᠢ᠃ ᠡᠨᠡ ᠨᠢ ᠬᠡᠳᠦᠢᠪᠡᠷ ᠱᠠᠰᠢᠨ ᠤ᠋ ᠬᠣᠭᠣᠰᠣᠨ ᠨᠣᠮᠯᠠᠯ ᠪᠣᠯᠪᠠᠴᠤ ᠬᠥᠮᠦᠨ ᠢ᠋ ᠡᠮᠬᠢ ᠴᠡᠭᠴᠡ ᠲᠡᠢ ᠠᠯᠢᠪᠠ ᠵᠦᠢᠯ ᠳ᠋ᠦ᠍ ᠬᠢᠨᠠᠭᠤᠷ ᠪᠠᠢᠬᠤ ᠳ᠋ᠤ᠌ ᠰᠤᠷᠭᠠᠵᠤ ᠪᠠᠢᠵᠠᠢ᠃
ᠭᠡᠷ ᠦ᠋ᠨ ᠳᠣᠲᠣᠷ ᠲᠠᠯ᠎ᠠ ᠶ᠋ᠢ ᠴᠢᠮᠡᠵᠦ ᠪᠠᠷᠢᠳᠠᠭ ᠬᠥᠰᠢᠭᠡ ᠶ᠋ᠢ ᠮᠣᠩᠭᠣᠯᠴᠤᠳ ᠡᠷᠲᠡᠨ ᠡᠴᠡ ᠬᠡᠷᠡᠭᠯᠡᠵᠦ ᠢᠷᠡᠭᠰᠡᠨ ᠪᠥᠭᠡᠳ ᠡᠬᠢᠯᠡᠭᠡᠳ ᠢᠰᠡᠭᠡᠢ ᠶ᠋ᠢ ᠤᠯᠠᠭᠠᠨ ᠳᠠᠯᠢᠩᠪᠤ ᠪᠠᠷ ᠡᠮᠵᠢᠨ ᠬᠣᠰᠢᠮᠠᠭ ᠲᠠᠯᠪᠢᠵᠤ ᠬᠢᠵᠦ ᠪᠠᠢᠭᠰᠠᠨ ᠤ᠋ ᠭᠠᠳᠠᠨ᠎ᠠ ᠬᠠᠮᠤᠭ ᠤ᠋ᠨ ᠭᠣᠶᠣ ᠬᠥᠰᠢᠭᠡ ᠶ᠋ᠢ ᠬᠠᠩᠪᠤ᠂ ᠢᠮᠠᠭᠠᠨ ᠬᠢᠯᠢᠩ᠂ ᠣᠳᠣᠨᠴᠤᠤ ᠪᠠᠷ ᠬᠢᠵᠦ᠂ ᠲᠡᠭᠦᠨ ᠳ᠋ᠦ᠍ ᠪᠦᠲᠦᠨ ᠬᠠᠭᠠᠰ ᠥᠯᠵᠡᠢ᠂ ᠴᠦᠳᠡᠨᠵᠡ ᠶ᠋ᠢᠨ ᠪᠤᠯᠤᠩ ᠬᠡ ᠶ᠋ᠢ ᠲᠠᠯᠪᠢᠵᠤ ᠬᠣᠶᠠᠷ ᠳᠠᠯᠠᠪᠴᠢ ᠪᠤᠶᠤ ᠲᠣᠲᠣᠭᠣ ᠶ᠋ᠢᠨ ᠬᠡᠰᠡᠭ ᠲᠦ᠍ ᠭᠣᠣᠯ ᠴᠢᠮᠡᠭᠯᠡᠯ ᠢ᠋ᠶ᠋ᠡᠨ ᠬᠢᠳᠡᠭ ᠵᠠᠩᠰᠢᠯ ᠣᠳᠣ ᠴᠤ᠌ ᠬᠡᠷᠡᠭᠯᠡᠭᠳᠡᠵᠦ ᠪᠠᠢᠨ᠎ᠠ᠃
ᠬᠥᠰᠢᠭᠡ ᠶ᠋ᠢ ᠡᠰᠬᠡᠬᠦ ᠳ᠋ᠡᠭᠡᠨ ᠭᠡᠷ ᠦ᠋ᠨ ᠳᠣᠲᠣᠷ ᠲᠠᠯ᠎ᠠ ᠶ᠋ᠢᠨ ᠳ᠋ᠶᠠᠮᠧᠲ᠋ᠷ ᠦ᠋ᠨ ᠬᠡᠮᠵᠢᠶ᠎ᠡ ᠶ᠋ᠢ ᠠᠪᠴᠤ ᠪᠠᠷᠠᠭᠠᠨ ᠤ᠋ ᠪᠠᠨ ᠡᠩ ᠲᠤᠤᠱ ᠢ᠋ᠶ᠋ᠠᠷ ᠬᠢᠵᠦ ᠬᠣᠭᠣᠯᠠᠢ ᠶ᠋ᠢ ᠨᠢ ᠪᠠᠭ᠎ᠠ ᠵᠡᠷᠭᠡ ᠲᠡᠨᠦᠵᠦ ᠲᠡᠭᠦᠨ ᠳ᠋ᠡᠭᠡᠨ ᠲᠠᠭᠠᠷᠠᠭᠤᠯᠵᠤ ᠬᠣᠭᠣᠯᠠᠢ ᠶ᠋ᠢ ᠵᠠᠯᠭᠠᠬᠤ ᠪᠠ ᠬᠣᠶᠠᠷ ᠬᠠᠲᠠᠪᠴᠢᠨ ᠳ᠋ᠤ᠌ ᠪᠣᠯᠤᠨ ᠪᠤᠰᠤᠳ ᠬᠡᠰᠡᠭ ᠲᠦ᠍ ᠲᠠᠯᠪᠢᠬᠤ ᠬᠡ ᠪᠡᠨ ᠵᠢᠷᠤᠭᠠᠳ ᠲᠡᠭᠦᠨ ᠦ᠌ ᠪᠡᠨ ᠵᠠᠢ ᠳ᠋ᠤ᠌ ᠲᠣᠬᠢᠷᠠᠭᠤᠯᠤᠨ ᠬᠡ ᠤᠭᠠᠯᠵᠠ ᠪᠠᠨ ᠵᠠᠩᠭᠢᠳᠤᠨ ᠬᠡᠮᠵᠢᠶ᠎ᠡ ᠶ᠋ᠢ ᠲᠣᠬᠢᠷᠠᠭᠤᠯᠤᠨ ᠰᠢᠲᠠᠵᠤ ᠮᠠᠰᠢᠨᠳᠠᠨᠠ᠃ ᠭᠡᠷ ᠢ᠋ ᠪᠠᠷᠢᠬᠤ ᠪᠠᠭᠤᠯᠭᠠᠬᠤ ᠳ᠋ᠤ᠌ ᠴᠠᠭ ᠬᠤᠭᠤᠴᠠᠭ᠎ᠠ ᠪᠠᠭ᠎ᠠ ᠣᠷᠣᠳᠠᠭ ᠪᠥᠭᠡᠳ ᠪᠠᠭᠤᠯᠭᠠᠬᠤ ᠳ᠋ᠤ᠌ ᠨᠢᠭᠡ ᠴᠠᠭ᠂ ᠠᠴᠢᠬᠤ ᠳ᠋ᠤ᠌ ᠬᠣᠶᠠᠷ ᠴᠠᠭ ᠣᠷᠴᠢᠮ ᠬᠤᠭᠤᠴᠠᠭ᠎ᠠ ᠪᠠᠢᠳᠠᠭ᠃ ᠢᠰᠡᠭᠡᠢ ᠭᠡᠷ ᠦ᠋ᠨ ᠭᠤᠷᠪᠠᠨ ᠤ᠋ ᠨᠢᠭᠡ ᠬᠤᠪᠢ ᠶ᠋ᠢ ᠱᠠᠯᠠ ᠶ᠋ᠢ ᠣᠷᠣᠭᠤᠯᠬᠤ ᠦᠭᠡᠢ ᠪᠡᠷ ᠮᠣᠳᠣ ᠡᠵᠡᠯᠡᠬᠦ ᠪᠠ ᠮᠣᠳᠣᠨ ᠱᠠᠯᠠ ᠦᠭᠡᠢ ᠪᠠ ᠲᠠᠪᠤᠨ ᠬᠠᠨ᠎ᠠ ᠲᠠᠢ ᠭᠡᠷ500kg ᠪᠠᠢᠳᠠᠭ ᠭᠡᠵᠦ ᠳ· ᠮᠠᠢᠳᠠᠷ《 ᠮᠣᠩᠭᠣᠯ ᠤ᠋ᠨ ᠲᠡᠦᠬᠡ ᠰᠣᠶᠣᠯ ᠤ᠋ᠨ ᠳᠤᠷᠠᠰᠬᠠᠯᠲᠤ ᠵᠦᠢᠯ》 ᠭᠡᠳᠡᠭ ᠨᠣᠮ ᠳ᠋ᠠᠭᠠᠨ ᠪᠢᠴᠢᠵᠡᠢ᠃ ᠬᠠᠨ᠎ᠠ4—12 ᠬᠦᠷᠲᠡᠯ᠎ᠡ ᠪᠠᠢᠬᠤ ᠪᠠ ᠨᠡᠢᠲᠡᠯᠢᠭ ᠬᠡᠷᠡᠭᠡᠯᠡᠳᠡᠭ ᠬᠠᠮᠤᠭ ᠤ᠋ᠨ ᠲᠣᠬᠢᠷᠠᠮᠵᠢᠲᠠᠢ ᠭᠡᠷ6 ᠬᠠᠨ᠎ᠠ ᠲᠠᠢ ᠭᠡᠷ ᠶᠦᠮ᠃ ᠴᠥᠭᠡᠨ ᠲᠣᠯᠣᠭᠠᠢ ᠲᠠᠢ ᠵᠢᠵᠢᠭ ᠬᠠᠨ᠎ᠠ ᠨᠡᠮᠡᠪᠡᠯ ᠨᠡᠮᠡᠭᠳᠡᠯ ᠬᠠᠨ᠎ᠠ ᠶ᠋ᠢ ᠵᠢᠭᠤᠷᠠᠪᠴᠢ ᠭᠡᠨ᠎ᠡ᠃ ᠶᠠᠷᠢᠬᠤ ᠳ᠋ᠠᠭᠠᠨ15 ᠲᠣᠯᠣᠭᠠᠢ ᠲᠠᠢ ᠶᠡᠬᠡ ᠵᠢᠷᠭᠤᠭᠠᠨ ᠬᠠᠨᠠᠲᠤ᠂13 ᠲᠣᠯᠣᠭᠠᠢ ᠲᠠᠢ ᠪᠠᠭ᠎ᠠ ᠵᠢᠷᠭᠤᠭᠠᠨ ᠬᠠᠨᠠᠲᠤ ᠭᠡᠬᠦ ᠮᠡᠲᠦ ᠪᠡᠷ ᠨᠡᠷᠡᠯᠡᠨ᠎ᠡ᠃
ᠭᠡᠷ ᠦ᠋ᠨ ᠪᠠᠭᠠᠨ᠎ᠠ ᠲᠣᠮᠣ ᠵᠢᠵᠢᠭ ᠶᠠᠮᠠᠷ ᠴᠤ᠌ ᠭᠡᠷ ᠲᠦ᠍ ᠪᠠᠢᠬᠤ ᠪᠥᠭᠡᠳ ᠭᠡᠷ ᠦ᠋ᠨ ᠬᠡᠮᠵᠢᠶ᠎ᠡ ᠲᠣᠮᠣᠷᠠᠬᠤ ᠳᠣᠳᠣᠮ ᠲᠡᠭᠦᠨ ᠦ᠌ ᠪᠠᠭᠠᠨ᠎ᠠ ᠶ᠋ᠢᠨ ᠲᠣᠭ᠎ᠠ ᠨᠡᠮᠡᠭᠳᠡᠨ᠎ᠡ᠃ ᠵᠢᠱ᠌ᠢᠶ᠎ᠡ ᠨᠢ᠄4—8 ᠬᠠᠨ᠎ᠠ ᠲᠠᠢ ᠭᠡᠷ ᠲᠦ᠍ ᠬᠣᠶᠠᠷ ᠪᠠᠭᠠᠨ᠎ᠠ ᠪᠠᠢᠬᠤ ᠪᠣᠯᠪᠠᠴᠤ9—12 ᠬᠠᠨ᠎ᠠ ᠲᠠᠢ ᠭᠡᠷ ᠲᠦ᠍3—4 ᠪᠠᠭᠠᠨ᠎ᠠ ᠪᠠᠢᠨ᠎ᠠ᠃
ᠮᠣᠩᠭᠣᠯᠴᠤᠳ ᠴᠠᠭ ᠢ᠋ ᠬᠡᠮᠵᠢᠬᠦ ᠳ᠋ᠡᠭᠡᠨ12 ᠵᠢᠯ ᠢ᠋ᠶ᠋ᠡᠷ ᠬᠡᠮᠵᠢᠬᠦ ᠡᠴᠡ ᠭᠠᠳᠠᠨ᠎ᠠ ᠲᠣᠭᠣᠨᠣ ᠪᠠᠷ ᠲᠤᠰᠤᠭᠰᠠᠨ ᠭᠡᠷ ᠦ᠋ᠨ ᠨᠠᠷᠠ᠂ ᠥᠷᠯᠥᠭᠡ ᠶ᠋ᠢᠨ ᠨᠠᠷᠠ᠂ ᠣᠷᠣᠢ ᠶ᠋ᠢᠨ ᠵᠢᠷᠭᠠᠬᠤ ᠨᠠᠷᠠ ᠪᠠᠷ ᠬᠡᠮᠵᠢᠳᠡᠭ᠃
ᠮᠣᠩᠭᠣᠯᠴᠤᠳ ᠴᠠᠭ ᠢ᠋12 ᠵᠢᠯ ᠢ᠋ᠶ᠋ᠡᠷ ᠲᠣᠭᠠᠯᠠᠳᠠᠭ ᠤᠴᠢᠷ ᠠ᠋ᠴᠠ ᠨᠢᠭᠡ ᠵᠢᠯ ᠬᠣᠶᠠᠷ ᠴᠠᠭ ᠢ᠋ ᠲᠥᠯᠥᠭᠡᠯᠡᠨ᠎ᠡ᠃ ᠵᠢᠱ᠌ᠢᠶ᠎ᠡ ᠨᠢ᠄ ᠮᠣᠷᠢᠨ ᠴᠠᠭ ᠡᠳᠦᠷ ᠦ᠋ᠨ12 ᠴᠠᠭ᠂ ᠨᠢᠭᠡ ᠴᠠᠭ ᠢ᠋᠂ ᠬᠣᠨᠢᠨ ᠴᠠᠭ ᠬᠣᠶᠠᠷ᠂ ᠭᠤᠷᠪᠠᠨ ᠴᠠᠭ ᠢ᠋ ᠲᠥᠯᠥᠭᠡᠯᠡᠬᠦ ᠮᠡᠲᠦ ᠪᠡᠷ ᠴᠢᠨᠠᠭᠰᠢᠳᠠ ᠵᠢᠯ ᠦ᠋ᠨ ᠳᠠᠷᠠᠭᠠᠯᠠᠯ ᠢ᠋ᠶ᠋ᠠᠷ ᠲᠣᠭᠠᠯᠠᠬᠤ ᠠ᠋ᠴᠠ ᠭᠠᠳᠠᠨ᠎ᠠ ᠭᠡᠷ ᠲᠦ᠍ ᠲᠤᠰᠬᠤ ᠨᠠᠷᠠ ᠪᠠᠷ ᠬᠡᠮᠵᠢᠬᠦ ᠳ᠋ᠡᠭᠡᠨ ᠥᠷᠯᠥᠭᠡ ᠶ᠋ᠢᠨ ᠨᠠᠷᠠ ᠪᠠᠷ᠂ ᠲᠣᠭᠣᠨᠣ ᠳ᠋ᠤ᠌ ᠲᠤᠰᠬᠤ ᠨᠠᠷᠠ ᠪᠠᠷ ᠠᠭᠤᠯᠵᠠᠨ᠎ᠠ ᠴᠤᠭᠯᠠᠷᠠᠨ᠎ᠠ ᠭᠡᠬᠦ ᠪᠤᠶᠤ ᠣᠨᠢ ᠶ᠋ᠢᠨ ᠲᠣᠯᠣᠭᠠᠢ ᠳ᠋ᠤ᠌ ᠲᠤᠰᠬᠤ ᠳ᠋ᠤ᠌᠂ ᠨᠠᠷᠠ ᠣᠨᠢ ᠶ᠋ᠢᠨ ᠳᠤᠮᠳᠠ ᠴᠢᠨᠡᠭᠡ ᠳ᠋ᠦ᠍ ᠪᠠᠢᠬᠤ ᠳ᠋ᠤ᠌᠂ ᠨᠠᠷᠠ ᠬᠠᠨ᠎ᠠ ᠶ᠋ᠢᠨ ᠲᠣᠯᠣᠭᠠᠢ ᠳ᠋ᠤ᠌ ᠪᠠᠢᠬᠤ ᠭᠡᠵᠦ ᠶᠠᠷᠢᠬᠤ᠂ ᠨᠠᠷᠠᠨ ᠵᠡᠭᠦᠨ ᠲᠠᠯ᠎ᠠ ᠶ᠋ᠢᠨ ᠣᠷᠣᠨ ᠤ᠋ ᠳᠡᠷᠡ ᠳᠡᠭᠡᠷ᠎ᠡ ᠢᠷᠡᠬᠦ ᠳ᠋ᠦ᠍ ᠪᠠᠭ᠎ᠠ ᠦᠳᠡ ᠣᠷᠣᠨ ᠤ᠋ ᠳᠤᠮᠳᠠ ᠬᠢᠷᠢ ᠳ᠋ᠦ᠍ ᠢᠷᠡᠬᠦ ᠳ᠋ᠦ᠍ ᠵᠢᠩ ᠦᠳᠡ ᠪᠤᠶᠤ ᠶᠡᠬᠡ ᠦᠳᠡ᠂ ᠣᠷᠣᠨ ᠤ᠋ ᠳᠣᠣᠷᠠᠲᠤ ᠳᠡᠷᠡ ᠳᠡᠭᠡᠷ᠎ᠡ ᠲᠤᠰᠬᠤ ᠳ᠋ᠤ᠌ ᠦᠳᠡ ᠡᠴᠡ ᠬᠣᠢᠰᠢ᠂ ᠵᠡᠭᠦᠨ ᠲᠠᠯ᠎ᠠ ᠶ᠋ᠢᠨ ᠠᠪᠳᠠᠷ᠎ᠠ ᠳᠡᠭᠡᠷ᠎ᠡ ᠲᠤᠰᠬᠤ ᠳ᠋ᠤ᠌ ᠦᠳᠡ ᠬᠡᠯᠪᠡᠢᠬᠦ᠂ ᠨᠠᠷᠠ ᠣᠨᠢ ᠶ᠋ᠢᠨ ᠳᠤᠮᠳᠠ ᠴᠢᠨᠡᠭᠡ ᠬᠦᠷᠬᠦ ᠳ᠋ᠦ᠍᠂ ᠨᠠᠷᠠ ᠣᠨᠢ ᠶ᠋ᠢᠨ ᠳᠤᠮᠳᠠ ᠪᠠᠢᠬᠤ ᠳ᠋ᠤ᠌ ᠭᠡᠬᠦ ᠪᠤᠶᠤ ᠣᠨᠢ ᠶ᠋ᠢᠨ ᠲᠣᠯᠣᠭᠠᠢ ᠳ᠋ᠤ᠌ ᠬᠦᠷᠬᠦ ᠳ᠋ᠦ᠍᠂ ᠨᠠᠷᠠ ᠣᠨᠢ ᠶ᠋ᠢᠨ ᠲᠣᠯᠣᠭᠠᠢ ᠠ᠋ᠴᠠ ᠮᠤᠯᠲᠤᠷᠠᠬᠤ ᠦᠶ᠎ᠡ ᠭᠡᠵᠦ ᠶᠠᠷᠢᠬᠤ ᠪᠠ ᠣᠷᠣᠢ ᠲᠣᠭᠣᠨᠣ ᠳ᠋ᠤ᠌ ᠨᠠᠷᠠ ᠲᠠᠢ ᠪᠠᠢᠬᠤ ᠳ᠋ᠤ᠌ ᠭᠡᠵᠦ ᠶᠠᠷᠢᠳᠠᠭ ᠦᠭᠡᠢ ᠪᠡᠷ ᠢ᠋ᠶ᠋ᠡᠨ ᠥᠷᠯᠥᠭᠡ ᠶ᠋ᠢᠨ ᠲᠤᠰᠬᠤ ᠨᠠᠷᠠ ᠠ᠋ᠴᠠ ᠢᠯᠭᠠᠭ᠎ᠠ ᠲᠠᠢ᠃ ᠭᠡᠷ ᠦ᠋ᠨ ᠨᠠᠷᠠ ᠶ᠋ᠢ ᠬᠡᠭᠡᠷ᠎ᠡ ᠶ᠋ᠢᠨ ᠨᠥᠬᠥᠴᠡᠯ ᠳ᠋ᠦ᠍ ᠬᠡᠮᠵᠢᠬᠦ ᠳ᠋ᠡᠭᠡᠨ ᠭᠠᠵᠠᠷ ᠳᠤᠭᠤᠢᠯᠠᠵᠤ ᠵᠢᠷᠤᠭᠠᠳ ᠲᠡᠭᠦᠨ ᠳ᠋ᠡᠭᠡᠨ ᠰᠠᠭᠤᠳᠠᠭ ᠭᠡᠷ ᠲᠦ᠍ ᠪᠠᠢᠭ᠎ᠠ ᠬᠣᠭᠰᠢᠯ ᠤ᠋ᠨ ᠴᠢᠯᠠᠭᠤ ᠪᠠᠷ ᠲᠥᠯᠦᠭᠡᠯᠡᠭᠦᠯᠵᠦ ᠲᠠᠯᠪᠢᠭᠠᠳ ᠭᠣᠣᠯ ᠳ᠋ᠤᠨᠢ ᠳᠠᠷᠠᠰᠤ ᠬᠠᠳᠬᠤᠬᠤ ᠳ᠋ᠤ᠌ ᠳᠡᠷᠡᠰᠦᠨ ᠦ᠌ ᠰᠡᠭᠦᠳᠡᠷ ᠭᠡᠷ ᠦ᠋ᠨ ᠬᠣᠭᠰᠢᠯ ᠤ᠋ᠨ ᠠᠯᠢ ᠨᠢᠭᠡ ᠳᠡᠭᠡᠷ᠎ᠡ ᠲᠤᠰᠬᠤ ᠪᠠ ᠲᠡᠷᠡ ᠰᠡᠭᠦᠳᠡᠷ ᠬᠠᠮᠢᠭ᠎ᠠ ᠪᠠᠢᠭ᠎ᠠ ᠪᠠᠷ ᠭᠡᠷ ᠦ᠋ᠨ ᠨᠠᠷᠠ ᠶ᠋ᠢ ᠲᠣᠳᠣᠷᠬᠠᠢᠯᠠᠨ᠎ᠠ᠃
ᠭᠡᠷ ᠢ᠋ ᠪᠠᠷᠢᠬᠤ᠂ ᠪᠠᠭᠤᠯᠭᠠᠬᠤ ᠳᠡᠰ ᠳᠠᠷᠠᠭᠠᠯᠠᠭᠰᠠᠨ ᠵᠢᠷᠤᠮ ᠲᠠᠢ᠃ ᠡᠬᠢᠯᠡᠭᠡᠳ ᠭᠡᠷ ᠪᠠᠷᠢᠬᠤ ᠪᠠᠭᠤᠷᠢ ᠵᠠᠰᠠᠵᠤ ᠱᠠᠯᠠ ᠪᠠᠨ ᠰᠠᠭᠤᠯᠭᠠᠭᠠᠳ ᠶᠠᠰᠤ ᠮᠣᠳᠣ ᠪᠠᠨ ᠪᠣᠰᠬᠠᠬᠤ ᠳ᠋ᠠᠭᠠᠨ ᠬᠠᠨ᠎ᠠ ᠪᠠᠨ ᠳᠤᠭᠤᠢᠯᠠᠵᠤ ᠬᠠᠭᠠᠯᠭ᠎ᠠ ᠪᠠᠨ ᠪᠡᠬᠢᠯᠡᠭᠡᠳ ᠬᠠᠨ᠎ᠠ ᠶ᠋ᠢᠨ ᠳᠡᠭᠡᠷ᠎ᠡ ᠡᠴᠡ ᠳᠠᠷᠤᠬᠤ ᠠᠴᠢᠶᠠᠯᠠᠯ ᠢ᠋ ᠪᠠᠭᠠᠰᠬᠠᠬᠤ ᠵᠣᠷᠢᠯᠭ᠎ᠠ ᠪᠠᠷ ᠬᠠᠨ᠎ᠠ ᠶ᠋ᠢᠨ ᠳᠡᠭᠡᠳᠦ ᠳᠣᠣᠷᠠᠲᠤ ᠲᠠᠯ᠎ᠠ ᠪᠠᠷ ᠪᠦᠰᠡ ᠲᠠᠲᠠᠵᠤ ᠴᠢᠩᠭᠠᠯᠠᠨ ᠬᠠᠭᠠᠯᠭᠠᠨ ᠳ᠋ᠤ᠌ ᠪᠠᠢᠭ᠎ᠠ ᠵᠣᠷᠢᠭᠤᠯᠤᠯᠲᠠ ᠶ᠋ᠢᠨ ᠤᠶᠠᠭ᠎ᠠ ᠳ᠋ᠤ᠌ ᠪᠡᠬᠢᠯᠡᠨ᠎ᠡ᠃ ᠲᠣᠭᠣᠨᠣ ᠪᠤᠰᠬᠠᠬᠤ ᠳ᠋ᠠᠭᠠᠨ ᠲᠤᠯᠭᠠᠭᠤᠷ ᠪᠠᠭᠠᠨ᠎ᠠ ᠲᠠᠢ ᠲᠣᠮᠣ ᠲᠣᠭᠣᠨᠣ ᠲᠠᠢ ᠭᠡᠷ ᠪᠣᠯ ᠲᠣᠭᠣᠨᠣ ᠶ᠋ᠢ ᠬᠣᠶᠠᠷ ᠪᠠᠭᠠᠨ᠎ᠠ ᠳ᠋ᠠᠭᠠᠨ ᠪᠡᠬᠢᠯᠡᠵᠦ ᠪᠤᠰᠬᠠᠨ ᠬᠣᠶᠠᠷ ᠬᠥᠮᠦᠨ ᠪᠠᠷᠢᠵᠤ ᠪᠤᠰᠤᠳ ᠨᠢ ᠬᠣᠢᠲᠤ᠂ ᠤᠷᠲᠤ᠂ ᠪᠠᠷᠠᠭᠤᠨ ᠵᠡᠭᠦᠨ ᠲᠤᠰ ᠪᠦᠷᠢ ᠳ᠋ᠦ᠍ ᠣᠨᠢ ᠡᠯᠭᠦᠨ ᠲᠣᠭᠲᠠᠭᠠᠨ᠎ᠠ᠃ ᠲᠣᠭᠣᠨᠣ ᠶ᠋ᠢᠨ ᠴᠠᠮᠬᠠᠷᠠᠭᠠ ᠵᠠᠪᠠᠯ ᠴᠢᠩᠭ᠎ᠠ ᠤᠷᠤᠭᠰᠢ ᠬᠠᠷᠠᠵᠤ ᠪᠠᠢᠬᠤ ᠶᠣᠰᠣᠲᠠᠢ ᠤᠴᠢᠷ ᠡᠭᠦᠨ ᠢ᠋ ᠲᠣᠬᠢᠷᠠᠭᠤᠯᠬᠤ ᠶ᠋ᠢᠨ ᠲᠤᠯᠠᠳᠠ ᠪᠠᠷᠠᠭᠤᠨ ᠵᠡᠭᠦᠨ ᠡᠷᠭᠢᠭᠦᠯᠭᠡ ᠣᠭᠣᠰᠣᠷ ᠤ᠋ᠳ ᠢ᠋ ᠰᠣᠯᠪᠢᠴᠠᠭᠤᠯᠤᠨ ᠲᠠᠲᠠᠵᠤ ᠲᠣᠬᠢᠷᠠᠭᠤᠯᠤᠨ ᠤᠶᠠᠭᠠᠳ ᠪᠤᠰᠤᠳ ᠣᠨᠢ ᠶ᠋ᠢ ᠡᠯᠭᠦᠵᠦ ᠳᠠᠭᠤᠰᠤᠮᠠᠭᠴᠠ ᠳᠠᠬᠢᠨ ᠡᠷᠭᠢᠭᠦᠯᠭᠡ ᠤᠶᠠᠭ᠎ᠠ ᠶ᠋ᠢ ᠲᠠᠢᠯᠵᠤ ᠴᠠᠭᠠᠨ ᠳᠠᠪᠤᠤ ᠶ᠋ᠢᠨ ᠴᠠᠪᠤᠭ ᠪᠤᠶᠤ ᠳᠣᠲᠣᠭᠤᠷ ᠪᠥᠷᠢᠭᠡᠰᠦ ᠶᠠᠰᠤ ᠮᠣᠳᠣᠨ ᠳ᠋ᠠᠭᠠᠨ ᠨᠥᠮᠥᠷᠭᠡᠨ ᠡᠷᠭᠢᠭᠦᠯᠭᠡ ᠤᠶᠠᠭ᠎ᠠ ᠪᠠᠷ ᠳᠠᠷᠤᠵᠤ ᠪᠡᠬᠢᠯᠡᠨ᠎ᠡ᠃ ᠭᠡᠷ ᠦ᠋ᠨ ᠳᠡᠭᠡᠪᠦᠷ ᠴᠠᠪᠤᠭ ᠢ᠋ ᠲᠠᠯᠪᠢᠬᠤ ᠳ᠋ᠠᠭᠠᠨ ᠡᠬᠢᠯᠡᠭᠡᠳ ᠵᠠᠪᠠᠯ ᠤᠷᠲᠤ ᠳᠡᠭᠡᠪᠦᠷ ᠴᠠᠪᠤᠭ ᠢ᠋ ᠲᠠᠯᠪᠢᠵᠤ ᠪᠡᠬᠢᠯᠡᠨ ᠳᠠᠷᠠᠭ᠎ᠠ ᠨᠢ ᠬᠣᠢᠲᠤ ᠳᠡᠭᠡᠪᠦᠷ ᠴᠠᠪᠤᠭ ᠢ᠋ ᠲᠠᠯᠪᠢᠵᠤ ᠪᠡᠬᠢᠯᠡᠳᠡᠭ ᠪᠥᠭᠡᠳ ᠡᠨᠡ ᠨᠢ ᠮᠠᠨ ᠤ᠋ ᠣᠷᠣᠨ ᠳ᠋ᠤ᠌ ᠰᠠᠯᠬᠢ ᠭᠣᠣᠯᠳᠠᠭᠤ ᠬᠣᠢᠲᠤ ᠵᠦᠭ ᠡᠴᠡ ᠭᠠᠷᠳᠠᠭ ᠤᠴᠢᠷ ᠳᠡᠭᠡᠪᠦᠷ ᠢ᠋ ᠰᠠᠯᠬᠢ ᠰᠥᠷᠦᠭᠦᠯᠪᠡᠯ᠂ ᠭᠡᠷ ᠰᠠᠯᠬᠢᠨ ᠳ᠋ᠤ᠌ ᠣᠢᠴᠢᠬᠤ ᠨᠢᠭᠡ ᠰᠢᠯᠲᠠᠭᠠᠨ ᠪᠣᠯᠳᠠᠭ᠃ ᠴᠠᠭᠠᠨ ᠳᠠᠪᠤᠤ ᠶ᠋ᠢᠨ ᠪᠥᠷᠢᠶᠡᠰᠦᠨ ᠳᠡᠭᠡᠷ᠎ᠡ ᠪᠡᠨ ᠢᠰᠡᠭᠡᠢ ᠪᠤᠶᠤ ᠬᠥᠪᠥᠩ ᠲᠡᠢ ᠳᠠᠪᠤᠤ ᠶ᠋ᠢᠨ ᠴᠠᠪᠤᠭ ᠢ᠋ᠶ᠋ᠠᠨ ᠲᠠᠯᠪᠢᠵᠤ ᠪᠡᠬᠢᠯᠡᠭᠡᠳ ᠲᠤᠭᠤᠷᠭ᠎ᠠ ᠪᠠᠨ ᠣᠷᠢᠶᠠᠬᠤ ᠳ᠋ᠠᠭᠠᠨ ᠬᠣᠶᠠᠷ ᠬᠠᠲᠠᠪᠴᠢᠨ ᠠ᠋ᠴᠠ ᠡᠬᠢᠯᠡᠨ ᠲᠠᠭᠠᠷᠠᠭᠤᠯᠤᠨ᠎ᠠ᠃ ᠬᠠᠲᠠᠪᠴᠢᠨ ᠤ᠋ ᠲᠤᠭᠤᠷᠭ᠎ᠠ ᠶ᠋ᠢ ᠳᠤᠲᠠᠭᠠᠬᠤ ᠪᠤᠶᠤ ᠡᠰᠡᠪᠡᠯ ᠢᠯᠡᠭᠦᠦ ᠭᠠᠷᠭᠠᠨ ᠪᠠᠷᠢᠪᠠᠯ ᠭᠡᠷ ᠦ᠋ᠨ ᠦᠵᠡᠮᠵᠢ ᠳ᠋ᠦ᠍ ᠮᠠᠭᠤ ᠪᠠᠷ ᠨᠥᠯᠥᠭᠡᠯᠡᠨ᠎ᠡ᠃ ᠲᠤᠭᠤᠷᠭ᠎ᠠ ᠣᠷᠢᠶᠠᠵᠤ ᠳᠠᠭᠤᠰᠤᠭᠰᠠᠨ ᠤ᠋ ᠳᠠᠷᠠᠭ᠎ᠠ ᠳᠡᠭᠡᠪᠦᠷ ᠢ᠋ᠶ᠋ᠡᠨ ᠲᠠᠯᠪᠢᠵᠤ ᠪᠡᠬᠢᠯᠡᠨ ᠡᠷᠭᠢᠭᠦᠯᠭᠡ ᠣᠭᠣᠰᠣᠷ ᠤ᠋ᠳ ᠢ᠋ᠶ᠋ᠠᠨ ᠤᠶᠠᠵᠤ ᠭᠠᠳᠠᠭᠤᠷ ᠨᠢ ᠴᠠᠭᠠᠨ ᠪᠦᠷᠢᠶᠡᠰᠦ ᠪᠡᠨ ᠲᠠᠯᠪᠢᠵᠤ ᠠᠷᠤ ᠲᠠᠯ᠎ᠠ ᠳ᠋ᠤᠨᠢ ᠵᠥᠷᠢᠭᠦᠯᠡᠵᠦ ᠪᠡᠬᠢᠯᠡᠭᠡᠳ ᠬᠣᠰᠢᠯᠠᠩ ᠪᠤᠶᠤ ᠣᠷᠢᠶᠠᠬᠤ ᠪᠦᠰᠡ ᠪᠡᠨ ᠭᠡᠷ ᠦ᠋ᠨ ᠬᠠᠨ᠎ᠠ ᠳ᠋ᠤ᠌ ᠲᠡᠩᠴᠡᠭᠦᠦ ᠭᠠᠷᠭᠠᠨ ᠣᠷᠢᠶᠠᠵᠤ ᠬᠠᠭᠠᠯᠭ᠎ᠠ ᠶ᠋ᠢᠨ ᠶᠠᠰᠤ ᠮᠣᠳᠣᠨ ᠤ᠋ ᠵᠣᠷᠢᠭᠤᠯᠤᠯᠲᠠ ᠶ᠋ᠢᠨ ᠬᠤᠭᠤᠴᠠᠭᠠᠨ ᠳ᠋ᠤ᠌ ᠣᠷᠣᠭᠤᠯᠤᠨ ᠴᠢᠩᠭᠠᠯᠠᠵᠤ ᠤᠶᠠᠨ᠎ᠠ᠃
ᠭᠡᠷ ᠦ᠋ᠨ ᠲᠣᠭᠣᠨᠣ ᠬᠣᠶᠠᠷ ᠶᠠᠩᠵᠤ ᠪᠠᠢᠳᠠᠭ᠃ ᠢᠯᠠᠩᠭᠤᠶ᠎ᠠ ᠮᠠᠨ ᠤ᠋ ᠵᠡᠭᠦᠨ ᠠᠢᠮᠠᠭ ᠤ᠋ᠳ ᠬᠠᠳᠬᠤᠭᠤᠷ ᠲᠣᠭᠣᠨᠣ ᠲᠠᠢ ᠪᠠᠢᠳᠠᠭ ᠪᠥᠭᠡᠳ ᠡᠨᠡ ᠨᠢ ᠲᠣᠭᠣᠨᠣ ᠣᠨᠢ ᠬᠣᠶᠠᠷ ᠦᠷᠭᠦᠯᠵᠢ ᠬᠣᠯᠪᠣᠭ᠎ᠠ ᠲᠠᠢ ᠭᠡᠷ ᠢ᠋ ᠪᠠᠭᠤᠯᠭᠠᠵᠤ ᠠᠴᠢᠬᠤ ᠳ᠋ᠠᠭᠠᠨ ᠣᠨᠢ ᠶ᠋ᠢ ᠲᠣᠭᠣᠨᠣ ᠶ᠋ᠢᠨ ᠳᠤᠭᠤᠢ ᠠ᠋ᠴᠠ ᠰᠠᠯᠭᠠᠬᠤ ᠦᠭᠡᠢ ᠣᠨᠢ ᠪᠠᠨ ᠬᠤᠮᠬᠢᠨ ᠪᠣᠭᠣᠵᠤ ᠠᠴᠢᠨ᠎ᠠ᠃ ᠬᠠᠳᠬᠤᠭᠤᠷ ᠣᠨᠢ ᠲᠠᠢ ᠭᠡᠷ ᠦ᠋ᠨ ᠲᠣᠭᠣᠨᠣ ᠪᠦᠲᠦᠨ ᠪᠤᠶᠤ ᠡᠰᠡᠪᠡᠯ ᠬᠣᠶᠠᠷ ᠲᠠᠯ᠎ᠠ ᠳᠤᠭᠤᠢ ᠪᠠᠢᠳᠠᠭ᠃ ᠲᠡᠭᠦᠨ ᠢ᠋ ᠪᠠᠷᠢᠬᠤ ᠳ᠋ᠠᠭᠠᠨ ᠬᠠᠨ᠎ᠠ ᠪᠠᠨ ᠳᠤᠭᠤᠢᠯᠠᠭᠠᠳ ᠲᠣᠭᠣᠨᠣ ᠪᠣᠰᠬᠠᠬᠤ ᠦᠶ᠎ᠡ ᠳ᠋ᠦ᠍ ᠥᠨᠳᠥᠷ ᠶᠠᠭᠤᠮ᠎ᠠ ᠳᠡᠭᠡᠷ᠎ᠡ ᠲᠠᠯᠪᠢᠵᠤ ᠪᠠᠢᠭᠠᠳ ᠵᠦᠭ ᠵᠦᠭ ᠳᠠᠰᠢ ᠨᠢ ᠣᠨᠢ ᠶ᠋ᠢ ᠳᠠᠯᠠᠨ ᠡᠯᠭᠦᠵᠦ ᠨᠢᠭᠡ ᠪᠤᠯᠠᠨ᠎ᠠ᠃
ᠭᠡᠷ ᠢ᠋ ᠪᠠᠷᠢᠵᠤ ᠳᠠᠭᠤᠰᠤᠭᠠᠳ ᠬᠠᠶᠠᠭ᠎ᠠ ᠪᠠᠷ ᠨᠢ ᠮᠣᠳᠣ ᠪᠤᠶᠤ ᠴᠡᠮᠪᠡ᠂ ᠳᠠᠪᠤᠤ ᠪᠠᠷ ᠬᠢᠭᠰᠡᠨ ᠬᠠᠶᠠᠭᠠᠪᠴᠢ ᠲᠣᠬᠢᠷᠠᠭᠤᠯᠤᠨ ᠪᠠᠷᠢᠨ᠎ᠠ᠂ ᠭᠡᠷ ᠦ᠋ᠨ ᠭᠠᠳᠠᠨ᠎ᠠ ᠲᠠᠯ᠎ᠠ ᠪᠠᠷᠢᠵᠤ ᠳᠠᠭᠤᠰᠤᠮᠠᠭᠴᠠ ᠱᠠᠯᠠ ᠪᠠᠨ ᠴᠡᠪᠡᠷᠯᠡᠨ ᠳᠡᠭᠡᠷ᠎ᠡ ᠨᠢ ᠰᠢᠷᠢᠮᠡᠯ ᠢᠰᠡᠭᠡᠢ ᠲᠣᠬᠢᠷᠠᠭᠤᠯᠭ᠎ᠠ ᠪᠤᠶᠤ ᠬᠡᠪᠢᠰ ᠨᠡᠢᠯᠡᠭ ᠤᠲᠠᠰᠤᠨ ᠨᠡᠬᠡᠮᠡᠯ ᠬᠡᠪᠢᠰᠦᠨᠴᠢᠷ ᠳᠡᠪᠢᠰᠴᠦ ᠬᠥᠰᠢᠭᠡ ᠲᠡᠳᠡᠨ ᠣᠷᠣ᠂ ᠠᠪᠳᠠᠷ᠎ᠠ ᠰᠠᠪᠠ ᠪᠠᠨ ᠪᠠᠢᠷᠢᠯᠠᠭᠤᠯᠤᠨ᠎ᠠ᠃
ᠭᠡᠷ ᠦ᠋ᠨ ᠵᠤᠤᠬᠠᠨ ᠤ᠋ ᠶᠣᠩᠳᠣᠩ ᠢ᠋ ᠤᠷᠲᠤ ᠲᠠᠯ᠎ᠠ ᠶ᠋ᠢᠨ ᠪᠠᠷᠠᠭᠤᠨ ᠴᠠᠮᠬᠠᠷᠠᠭᠠ ᠶ᠋ᠢᠨ ᠵᠠᠢ ᠪᠠᠷ ᠭᠠᠷᠭᠠᠨ᠎ᠠ᠃ ᠬᠣᠷᠯᠣ ᠲᠣᠭᠣᠨᠣ ᠳ᠋ᠤ᠌ ᠪᠣᠯ ᠵᠣᠷᠢᠭᠤᠯᠤᠨ ᠲᠡᠮᠦᠷ ᠵᠣᠭᠣᠰᠤᠨ ᠶᠣᠩᠳᠣᠩ ᠤ᠋ᠨ ᠨᠦᠬᠡ ᠭᠠᠷᠭᠠᠭᠰᠠᠨ ᠪᠠᠢᠳᠠᠭ᠃ ᠭᠡᠷ ᠢ᠋ ᠦᠵᠡᠮᠵᠢᠲᠡᠢ ᠭᠣᠶᠣ ᠪᠠᠢᠯᠭᠠᠬᠤ᠂ ᠭᠡᠭᠡ ᠭᠡᠷᠡᠯ ᠣᠷᠣᠭᠤᠯᠬᠤ᠂ ᠲᠣᠭᠣᠨᠣ ᠪᠠᠷ ᠲᠣᠭᠣᠰᠣ᠂ ᠰᠢᠷᠣᠢ ᠴᠠᠰᠤ ᠣᠷᠣᠬᠤ ᠠ᠋ᠴᠠ ᠬᠠᠮᠠᠭᠠᠯᠠᠵᠤ ᠡᠷᠦᠬᠡ ᠶ᠋ᠢᠨ ᠳᠣᠣᠷ᠎ᠠ ᠣᠷᠣᠳᠠᠭ ᠦᠭᠡᠢ᠂ ᠳᠤᠮᠳᠠ ᠴᠠᠮᠬᠠᠷᠠᠭᠠ ᠠ᠋ᠴᠠ ᠤᠷᠤᠭᠰᠢ ᠬᠡᠰᠡᠭ ᠦ᠋ᠨ ᠶᠣᠩᠳᠣᠩ ᠭᠠᠷᠭᠠᠳᠠᠭ ᠦᠭᠡᠢ ᠨᠢᠳᠦ ᠪᠦᠷᠢ ᠳ᠋ᠦ᠍ ᠰᠢᠯᠦᠨ ᠷᠠᠮ ᠬᠢᠨ᠎ᠡ᠃ ᠬᠣᠷᠯᠣ ᠪᠢᠰᠢ6—8 ᠴᠠᠮᠬᠠᠷᠠᠭᠠ ᠲᠠᠢ ᠪᠤᠶᠤ ᠬᠠᠳᠬᠤᠭᠤᠷ ᠲᠣᠭᠣᠨᠣ ᠳ᠋ᠤ᠌ ᠰᠢᠯ ᠲᠡᠢ ᠷᠠᠮ ᠵᠣᠬᠢᠶᠠᠬᠤ ᠪᠣᠯᠤᠮᠵᠢ ᠦᠭᠡᠢ ᠤᠴᠢᠷ ᠰᠠᠯᠬᠢ᠂ ᠴᠠᠰᠤ ᠲᠠᠢ ᠦᠶ᠎ᠡ ᠳ᠋ᠦ᠍ ᠴᠠᠭᠠᠨ ᠳᠠᠪᠤᠤ ᠶ᠋ᠢᠨ ᠳᠠᠪᠬᠤᠷ ᠡᠷᠦᠬᠡ ᠲᠠᠲᠠᠨ᠎ᠠ᠃ ᠴᠠᠭᠠᠨ ᠳᠠᠪᠤᠤ ᠶ᠋ᠢᠨ ᠡᠷᠦᠬᠡ ᠶ᠋ᠢᠨ ᠶᠣᠩᠳᠣᠩ ᠤ᠋ᠨ ᠨᠦᠬᠡ ᠭᠠᠷᠬᠤ ᠬᠡᠰᠡᠭ ᠢ᠋ ᠴᠣᠭᠣᠯᠵᠤ ᠭᠣᠣᠯ ᠳ᠋ᠠᠭᠠᠨ ᠨᠦᠬᠡ ᠲᠡᠢ ᠲᠡᠮᠦᠷ ᠲᠣᠭᠲᠠᠭᠠᠵᠤ ᠪᠡᠬᠢᠯᠡᠨ᠎ᠡ᠃
ᠭᠡᠷ ᠦ᠋ᠨ ᠣᠨᠴᠠᠯᠢᠭ ᠨᠢ ᠬᠥᠮᠦᠨ ᠦ᠌ ᠡᠷᠡᠭᠦᠯ ᠠᠬᠤᠢ ᠳ᠋ᠤ᠌ ᠶᠡᠬᠡᠬᠡᠨ ᠠᠴᠢ ᠬᠣᠯᠪᠣᠭᠳᠠᠯ ᠲᠠᠢ᠃ ᠦᠷᠭᠦᠯᠵᠢ ᠰᠡᠯᠭᠦᠨ ᠵᠥᠭᠡᠭᠡᠵᠦ ᠪᠠᠢᠳᠠᠭ ᠤᠴᠢᠷ ᠡᠪᠡᠳᠴᠢᠨ ᠡᠭᠦᠰᠬᠡᠭᠴᠢ ᠦᠷᠡᠵᠢᠵᠦ ᠬᠠᠳᠠᠭᠠᠯᠠᠭᠳᠠᠳᠠᠭ ᠦᠭᠡᠢ᠃ ᠡᠪᠦᠯ ᠵᠤᠨ ᠤ᠋ ᠠᠯᠢ ᠴᠤ᠌ ᠤᠯᠠᠷᠢᠯ ᠳ᠋ᠤ᠌ ᠳᠤᠷ᠎ᠠ ᠲᠠᠢ ᠭᠠᠵᠠᠷ ᠢ᠋ᠶ᠋ᠠᠨ ᠰᠣᠩᠭᠣᠨ ᠪᠠᠭᠤᠬᠤ ᠪᠣᠯᠣᠮᠵᠢᠲᠠᠢ᠃ ᠲᠡᠭᠦᠨ ᠢ᠋ ᠵᠠᠰᠠᠨ ᠰᠡᠯᠪᠢᠬᠦ ᠳ᠋ᠦ᠍ ᠶᠠᠭᠤ ᠪᠠᠷ ᠴᠦ᠍ ᠲᠣᠷᠳᠠᠵᠤ ᠪᠣᠯᠳᠠᠭ ᠢ᠋ᠶ᠋ᠠᠷ ᠢ᠋ᠶ᠋ᠠᠨ ᠣᠨᠴᠠᠯᠢᠭ ᠲᠠᠢ ᠪᠥᠭᠡᠳ ᠡᠨᠡ ᠬᠡᠯᠪᠡᠷᠢ ᠶ᠋ᠢ ᠠᠰᠢᠭᠯᠠᠨ ᠣᠲᠣᠷ ᠨᠡᠭᠦᠳᠡᠯ ᠦ᠋ᠨ ᠰᠢᠨ᠎ᠡ ᠭᠡᠷ ᠪᠣᠢ ᠪᠣᠯᠤᠯ᠎ᠠ᠃ ᠡᠨᠡ ᠭᠡᠷ ᠡᠪᠬᠡᠳᠡᠭ ᠨᠤᠭᠤᠰᠤ ᠲᠠᠢ ᠤᠴᠢᠷ ᠮᠠᠰᠢᠨ ᠪᠣᠯᠤᠨ ᠶᠡᠷᠦᠳᠡ ᠶ᠋ᠢᠨ ᠬᠥᠰᠬᠡ ᠲᠡᠭᠡᠭᠡᠪᠦᠷᠢ ᠪᠡᠷ ᠠᠴᠢᠵᠤ ᠪᠠᠭᠤᠯᠭᠠᠬᠤ᠂ ᠪᠠᠷᠢᠬᠤ ᠳ᠋ᠤ᠌ ᠵᠣᠬᠢᠮᠵᠢᠲᠠᠢ ᠪᠠᠢᠳᠠᠭ᠃
ᠭᠡᠷ ᠨᠢ ᠨᠠᠮᠬᠠᠨ᠂ ᠳᠤᠭᠤᠢ ᠬᠡᠯᠪᠡᠷᠢᠲᠡᠢ᠂ ᠬᠢᠴᠡ ᠬᠡᠰᠡᠭ ᠦ᠋ᠳ ᠨᠢ ᠨᠤᠭᠤᠰᠤᠨ ᠬᠣᠯᠪᠣᠭ᠎ᠠ ᠲᠠᠢ ᠤᠴᠢᠷ ᠠ᠋ᠴᠠ ᠭᠠᠵᠠᠷ ᠬᠥᠳᠡᠯᠦᠯ ᠦ᠋ᠨ ᠬᠡᠪᠲᠡᠭᠡ᠂ ᠪᠣᠰᠤᠭ᠎ᠠ ᠨᠥᠯᠥᠭᠡᠯᠡᠯ ᠢ᠋ ᠰᠠᠢᠨ ᠳᠠᠭᠠᠭᠠᠳᠠᠭ ᠠ᠋ᠴᠠ ᠭᠠᠳᠠᠨ᠎ᠠ ᠰᠠᠯᠬᠢᠨ ᠤ᠋ ᠬᠦᠴᠦ ᠲᠡᠢ ᠵᠣᠬᠢᠴᠠᠵᠤ ᠴᠢᠳᠠᠨ᠎ᠠ᠃
ᠰᠢᠷᠢᠮᠡᠯ ᠰᠢᠷᠲᠡᠭ ᠰᠢᠷᠢᠮᠡᠯ ᠰᠢᠷᠲᠡᠭ ᠮᠣᠩᠭᠣᠯ ᠭᠡᠷ ᠦ᠋ᠨ ᠴᠢᠮᠡᠭ ᠪᠥᠭᠡᠳ ᠬᠡᠪᠢᠰ ᠪᠣᠯᠤᠨ ᠪᠤᠰᠤᠳ ᠦᠰᠦᠯᠢᠭ ᠳᠡᠪᠢᠰᠬᠡᠷ ᠲᠡᠢ ᠠᠳᠠᠯᠢ ᠰᠢᠷᠣᠢ ᠲᠣᠭᠣᠰᠣ ᠰᠢᠭᠢᠳᠳᠡᠭ ᠦᠭᠡᠢ ᠪᠡᠷ ᠢ᠋ᠶ᠋ᠡᠨ ᠴᠡᠪᠡᠷᠬᠡᠨ᠂ ᠬᠥᠮᠦᠨ ᠦ᠌ ᠡᠷᠡᠭᠦᠯ ᠠᠬᠤᠢ ᠳ᠋ᠤ᠌ ᠲᠣᠬᠢᠷᠠᠮᠵᠢᠲᠠᠢ᠃ ᠬᠥᠮᠦᠨ ᠰᠠᠭᠤᠬᠤ ᠪᠤᠶᠤ ᠰᠢᠷᠡᠭᠡ ᠰᠠᠨᠳᠠᠯᠢ ᠲᠠᠯᠪᠢᠬᠤ ᠳ᠋ᠤ᠌ ᠵᠥᠭᠡᠯᠡᠨ᠂ ᠳᠠᠭᠤ ᠴᠢᠮᠡᠭᠡ ᠶ᠋ᠢ ᠪᠠᠭᠠᠰᠬᠠᠳᠠᠭ ᠬᠠᠮᠤᠭ ᠤ᠋ᠨ ᠲᠣᠬᠢᠷᠠᠮᠵᠢᠲᠠᠢ ᠪᠥᠭᠡᠳ ᠮᠣᠩᠭᠣᠯᠴᠤᠳ ᠰᠢᠷᠢᠮᠡᠯ ᠰᠢᠷᠲᠡᠭ ᠢ᠋ ᠡᠷᠲᠡ ᠦᠶ᠎ᠡ ᠡᠴᠡ ᠬᠡᠷᠡᠭᠯᠡᠵᠦ ᠢᠷᠡᠵᠡᠢ᠃ ᠾᠦᠩᠨᠦ ᠤᠯᠤᠰ ᠤ᠋ᠨ ᠦᠶ᠎ᠡ ᠶ᠋ᠢᠨ ᠪᠤᠯᠠᠰᠢᠨ ᠠ᠋ᠴᠠ ᠣᠯᠳᠠᠭᠰᠠᠨ ᠣᠯᠳᠠᠪᠤᠷᠢ ᠳ᠋ᠤ᠌ ᠭᠣᠶᠣᠮᠰᠣᠭ ᠬᠢᠴᠡ ᠲᠡᠢ ᠰᠢᠷᠢᠮᠡᠯ ᠰᠢᠷᠳᠡᠭ ᠪᠠᠢᠵᠠᠢ᠃
ᠰᠢᠷᠢᠮᠡᠯ ᠰᠢᠷᠳᠡᠭ ᠢ᠋ ᠵᠤᠵᠠᠭᠠᠨ ᠨᠢᠮᠭᠡᠨ ᠶᠠᠩᠵᠤ ᠪᠦᠷᠢ ᠪᠡᠷ ᠬᠢᠬᠦ ᠪᠠ ᠬᠡᠷᠪᠡ ᠵᠤᠵᠠᠭᠠᠨ ᠬᠢᠪᠡᠯ ᠥᠩᠭᠡ ᠢᠰᠡᠭᠡᠢ ᠶ᠋ᠢᠨ ᠠᠷᠤ ᠳ᠋ᠤ᠌ ᠲᠣᠮᠣ ᠵᠢᠵᠢᠭ ᠰᠢᠨ᠎ᠡ ᠬᠠᠭᠤᠴᠢᠨ ᠬᠠᠮᠢᠭ᠎ᠠ ᠦᠭᠡᠢ ᠢᠰᠡᠭᠡᠢ ᠶ᠋ᠢ ᠵᠦᠢᠵᠦ ᠲᠠᠯᠪᠢᠵᠤ ᠰᠢᠷᠢᠨ᠎ᠡ᠃
ᠬᠠᠷᠢᠨ ᠣᠷᠴᠢᠨ ᠦᠶ᠎ᠡ ᠶ᠋ᠢᠨ ᠪᠠᠢᠰᠢᠩ ᠳ᠋ᠤ᠌ ᠳᠡᠪᠢᠰᠬᠦ ᠪᠣᠯ ᠪᠠᠢᠰᠢᠩ ᠤ᠋ᠨ ᠬᠡᠮᠵᠢᠶᠡᠨ ᠳ᠋ᠦ᠍ ᠲᠣᠬᠢᠷᠠᠭᠤᠯᠵᠤ ᠳᠠᠪᠬᠤᠷᠯᠠᠬᠤ ᠦᠭᠡᠢ ᠪᠠᠷ ᠨᠢᠮᠭᠡᠨ ᠬᠢᠬᠦ ᠳ᠋ᠦ᠍ ᠲᠣᠬᠢᠷᠠᠮᠵᠢᠲᠠᠢ᠃ ᠰᠢᠷᠲᠡᠭ ᠲᠦ᠍ ᠲᠠᠯᠪᠢᠬᠤ ᠬᠡ ᠶ᠋ᠢ ᠰᠢᠷᠲᠡᠭ ᠦ᠋ᠨ ᠲᠣᠮᠣ ᠪᠠᠭ᠎ᠠ ᠶ᠋ᠢᠨ ᠬᠡᠮᠵᠢᠶᠡᠨ ᠳ᠋ᠦ᠍ ᠲᠣᠬᠢᠷᠠᠭᠤᠯᠤᠨ ᠶᠠᠩᠵᠤ ᠪᠦᠷᠢ ᠶ᠋ᠢᠨ ᠬᠡ ᠲᠠᠯᠪᠢᠬᠤ ᠪᠠ ᠬᠡ ᠪᠡᠨ ᠭᠣᠣᠯ ᠪᠣᠯᠤᠨ ᠥᠨᠴᠥᠭ ᠪᠤᠯᠤᠩ ᠳ᠋ᠤ᠌ ᠲᠣᠬᠢᠷᠠᠭᠤᠯᠤᠨ ᠵᠢᠷᠤᠵᠤ ᠰᠢᠷᠲᠡᠭ ᠳᠡᠭᠡᠷ᠎ᠡ ᠪᠡᠨ ᠪᠣᠳᠣᠭ ᠢ᠋ᠶ᠋ᠠᠷ ᠴᠣᠬᠢᠵᠤ ᠪᠠᠭᠤᠯᠭᠠᠨ ᠲᠣᠳᠣᠷᠠᠭᠤᠯᠵᠤ ᠵᠢᠷᠤᠨ᠎ᠠ᠃ ᠳᠥᠷᠪᠡᠯᠵᠢᠨ ᠲᠣᠮᠣ ᠨᠢᠳᠦᠨ ᠬᠡ ᠭᠠᠷᠭᠠᠪᠠᠯ ᠪᠣᠳᠣᠭ ᠲᠠᠢ ᠡᠰᠬᠡᠭᠦᠷ ᠦ᠋ᠨ ᠴᠢᠪᠬ᠎ᠠ ᠤᠲᠠᠰᠤ ᠪᠠᠷ ᠴᠢᠪᠬᠠᠳᠠᠨ ᠭᠠᠷᠭᠠᠵᠤ ᠪᠣᠯᠤᠨ᠎ᠠ᠃ ᠰᠢᠷᠲᠡᠭ ᠦ᠋ᠨ ᠢᠰᠡᠭᠡᠢ ᠶ᠋ᠢ ᠬᠢᠬᠦ ᠳ᠋ᠡᠭᠡᠨ ᠵᠣᠷᠢᠭᠤᠳᠠ ᠠᠬᠤᠷ ᠪᠤᠶᠤ ᠬᠤᠷᠠᠭᠠᠨ ᠤ᠋ ᠨᠣᠣᠰᠣ ᠪᠠᠷ ᠬᠢᠪᠡᠯ ᠲᠣᠬᠢᠷᠠᠮᠵᠢᠲᠠᠢ ᠪᠠᠢᠳᠠᠭ᠃ ᠰᠢᠷᠳᠡᠭ ᠦ᠋ᠨ ᠭᠣᠣᠯ ᠬᠡ ᠳ᠋ᠦ᠍ ᠲᠦᠮᠡᠨ ᠨᠠᠰᠤᠨ᠂ ᠯᠠᠨᠵᠠ᠂ ᠲᠣᠨᠣᠯᠵᠢᠨ ᠪᠤᠶᠤ ᠬᠣᠷᠯᠣ ᠬᠡ᠂ ᠤᠰᠤᠨ ᠪᠠ ᠤᠭᠠᠯᠵᠠ ᠬᠡ᠂ ᠬᠠᠨᠠᠨ ᠬᠡ ᠨᠢᠳᠦᠨ ᠪᠠ ᠭᠠᠨᠵᠤᠭ᠎ᠠ ᠰᠢᠷᠢᠭᠡᠰᠦᠨ ᠦ᠌ ᠠᠯᠢ ᠠᠯᠢ ᠨᠢ ᠲᠣᠬᠢᠷᠠᠮᠵᠢᠲᠠᠢ᠃ ᠰᠢᠷᠳᠡᠭ ᠦ᠋ᠨ ᠵᠠᠬ᠎ᠠ ᠳ᠋ᠤ᠌ ᠵᠤᠵᠠᠭᠠᠨ ᠴᠡᠮᠪᠡ ᠪᠤᠶᠤ ᠲᠠᠷᠮ᠎ᠠ ᠪᠠᠷ ᠬᠡ ᠤᠭᠠᠯᠵᠠ ᠬᠠᠢᠴᠢᠯᠠᠨ ᠲᠠᠯᠪᠢᠬᠤ ᠪᠤᠶᠤ ᠡᠰᠡᠪᠡᠯ ᠬᠡ ᠬᠠᠢᠴᠢᠯᠠᠬᠤ ᠦᠭᠡᠢ ᠪᠡᠷ ᠰᠢᠯᠤᠭᠤᠨ ᠬᠥᠪᠥᠭᠡᠯᠡᠵᠦ ᠲᠡᠭᠦᠨ ᠳ᠋ᠡᠭᠡᠨ ᠭᠠᠯᠠᠭᠤᠨ ᠲᠠᠪᠠᠭ᠂ ᠪᠠᠶᠠᠨ ᠬᠣᠰᠢᠭᠤ ᠤᠭᠠᠯᠵᠠ᠂ ᠬᠤᠯᠤᠰᠤᠨ ᠰᠦᠯᠵᠢᠶ᠎ᠡ ᠣᠶᠣᠵᠤ ᠬᠠᠮᠤᠭ ᠤ᠋ᠨ ᠭᠠᠳᠠᠨ᠎ᠠ ᠲᠠᠯ᠎ᠠ ᠶ᠋ᠢᠨ ᠵᠠᠬ᠎ᠠ ᠪᠠᠷ ᠨᠢ ᠪᠠᠷᠠᠭᠤᠨ᠂ ᠰᠣᠯᠣᠭᠠᠢ ᠲᠠᠮᠤᠭᠰᠠᠨ ᠬᠣᠣᠰ ᠵᠡᠭᠡᠭ ᠲᠠᠯᠪᠢᠵᠤ ᠰᠢᠷᠢᠨ᠎ᠡ᠃ ᠡᠨᠡ ᠵᠡᠬᠡᠭ ᠭᠣᠶᠣᠯ ᠤ᠋ᠨ ᠪᠣᠯᠤᠨ ᠵᠠᠬ᠎ᠠ ᠰᠤᠩᠬᠤ ᠦᠭᠡᠢ ᠪᠡᠬᠢᠯᠡᠨ ᠦ᠌ ᠴᠢᠨᠠᠷ ᠲᠠᠢ ᠬᠣᠶᠠᠷ ᠴᠢᠬᠤᠯᠠ ᠡᠭᠦᠷᠭᠡ ᠭᠦᠢᠴᠡᠳᠬᠡᠨ᠎ᠡ᠃
ᠭᠣᠣᠯ ᠬᠡ ᠶ᠋ᠢᠨ ᠵᠠᠬ᠎ᠠ ᠪᠠᠷ ᠬᠦᠭᠡᠭᠡᠴᠡᠯᠳᠦᠭᠦᠷ᠂ ᠡᠪᠦᠳᠦᠭ ᠦ᠋ᠨ ᠬᠡ᠂ ᠪᠢᠲᠡᠭᠦᠦ ᠵᠠᠳᠠᠭᠠᠢ ᠠᠯᠤᠬ᠎ᠠ᠂ ᠡᠷᠭᠢᠭᠦᠦ ᠪᠠᠳ ᠬᠡ ᠭᠠᠷᠭᠠᠨ ᠰᠢᠷᠢᠨ᠎ᠡ᠃ ᠢᠰᠡᠭᠡᠢ ᠰᠢᠷᠲᠡᠭ ᠡᠳ᠋ᠯᠡᠭᠡᠨ ᠦ᠌ ᠬᠤᠪᠢ ᠳ᠋ᠤ᠌20—30 ᠵᠢᠯ ᠪᠣᠯᠬᠤ ᠪᠥᠭᠡᠳ ᠲᠡᠭᠦᠨ ᠢ᠋ ᠠᠯᠢ ᠪᠣᠯᠬᠤ ᠣᠢᠷᠠᠬᠠᠨ ᠰᠢᠷᠢᠬᠦ ᠨᠢ ᠠᠰᠢᠭᠲᠠᠢ᠃ ᠰᠢᠷᠢᠮᠡᠯ ᠰᠢᠷᠲᠡᠭ ᠪᠤᠶᠤ ᠪᠤᠰᠤᠳ ᠡᠳ᠋ᠯᠡᠭᠡ ᠶ᠋ᠢ ᠬᠢᠬᠦ ᠳ᠋ᠦ᠍ ᠭᠠᠷ ᠢᠰᠡᠭᠡᠢ ᠡᠴᠡ ᠭᠠᠳᠠᠨ᠎ᠠ ᠦᠢᠯᠡᠳᠪᠦᠷᠢ ᠶ᠋ᠢᠨ ᠢᠰᠡᠭᠡᠢ ᠶ᠋ᠢ ᠬᠡᠷᠡᠭᠯᠡᠨ᠎ᠡ᠃ ᠰᠢᠷᠲᠡᠭ ᠢ᠋ ᠰᠢᠷᠢᠬᠦ ᠤᠲᠠᠰᠤᠨ ᠳ᠋ᠤ᠌ ᠭᠣᠣᠯᠳᠠᠭᠤ ᠲᠡᠮᠡᠭᠡᠨ ᠦ᠌ ᠡᠷ᠎ᠡ ᠡᠮ᠎ᠡ ᠨᠣᠣᠰᠣ ᠬᠣᠯᠢᠵᠤ ᠡᠭᠡᠷᠡᠭᠰᠡᠨ ᠤᠲᠠᠰᠤ ᠬᠡᠷᠡᠭᠯᠡᠬᠦ ᠪᠣᠯᠪᠠᠴᠤ ᠨᠠᠷᠢᠨ ᠣᠯᠣᠰᠣ ᠬᠥᠪᠦᠩᠴᠢᠷ ᠤᠲᠠᠰᠤ ᠶ᠋ᠢ ᠬᠡᠷᠡᠭᠯᠡᠵᠦ ᠪᠣᠯᠤᠨ᠎ᠠ᠃ ᠮᠥᠨ ᠢᠰᠡᠭᠡᠢ ᠰᠢᠷᠲᠡᠭ ᠢ᠋ ᠥᠩᠭᠡᠯᠡᠵᠦ ᠪᠣᠯᠤᠨ᠎ᠠ᠃ ᠡᠨᠡ ᠨᠢ ᠡᠬᠢᠨ ᠦ᠌ ᠦᠶ᠎ᠡ ᠳ᠋ᠦ᠍ ᠦᠵᠡᠮᠵᠢᠲᠡᠢ ᠴᠡᠪᠡᠷ ᠪᠣᠯᠬᠤ ᠪᠣᠯᠪᠠᠴᠤ ᠶᠠᠪᠤᠭᠠᠨ ᠳ᠋ᠠᠭᠠᠨ ᠳᠠᠪᠤᠤ ᠨᠢ ᠰᠡᠮᠡᠷᠡᠵᠦ ᠡᠪ ᠦᠭᠡᠢ ᠪᠣᠯᠳᠠᠭ᠃
ᠰᠢᠷᠢᠮᠡᠯ ᠢ᠋ ᠬᠢᠴᠡ ᠪᠡᠷ ᠨᠢ ᠳᠠᠩ ᠪᠠ ᠳᠠᠪᠬᠤᠷ ᠰᠢᠷᠢᠮᠡᠯ ᠭᠡᠵᠦ ᠢᠯᠭᠠᠨ᠎ᠠ᠃ ᠳᠠᠩ ᠰᠢᠷᠢᠮᠡᠯ ᠢ᠋ᠶ᠋ᠡᠷ ᠤᠭᠤᠲᠠ᠂ ᠰᠠᠪᠠ᠂ ᠣᠢᠮᠣᠰᠤ ᠪᠤᠶᠤ ᠪᠤᠰᠤᠳ ᠵᠦᠢᠯ ᠢ᠋ ᠬᠢᠵᠦ ᠵᠠᠬ᠎ᠠ ᠪᠠᠷ ᠨᠢ ᠭᠣᠶᠣᠮᠰᠣᠭ ᠢ᠋ᠶ᠋ᠠᠷ ᠡᠮᠵᠢᠵᠦ ᠬᠡ ᠭᠠᠷᠭᠠᠨ ᠰᠢᠷᠢᠨ᠎ᠡ᠃
ᠡᠨᠡ ᠨᠢ ᠣᠯᠠᠨ ᠤᠳᠠᠭ᠎ᠠ ᠨᠡᠭᠦᠳᠡᠯᠯᠡᠬᠦ᠂ ᠠᠶᠠᠨ ᠵᠢᠩ ᠳ᠋ᠦ᠍ ᠠᠪᠴᠤ ᠶᠠᠪᠤᠬᠤ ᠳ᠋ᠤ᠌ ᠲᠣᠬᠢᠷᠠᠮᠵᠢᠲᠠᠢ᠃ ᠢᠯᠠᠩᠭᠤᠶ᠎ᠠ ᠰᠢᠯ᠂ ᠱᠠᠭᠠᠵᠠᠩ ᠠᠶᠠᠭ᠎ᠠ ᠬᠢᠬᠦ ᠢᠰᠡᠭᠡᠢ ᠶ᠋ᠢ ᠭᠠᠷ ᠢ᠋ᠶ᠋ᠠᠷ ᠬᠢᠬᠦ ᠪᠤᠶᠤ ᠡᠰᠡᠪᠡᠯ ᠢᠰᠡᠭᠡᠢ ᠶ᠋ᠢᠨ ᠥᠭᠡᠳᠡᠰᠦ ᠪᠡᠷ ᠬᠢᠨ᠎ᠡ᠃ ᠢᠰᠡᠭᠡᠢ ᠤᠭᠤᠲᠠ ᠰᠠᠪᠠ ᠬᠢᠬᠦ ᠵᠦᠢᠯ ᠡᠴᠡ ᠰᠢᠯᠲᠠᠭᠠᠯᠠᠵᠤ ᠶᠠᠩᠵᠤ ᠪᠦᠷᠢ ᠪᠠᠢᠳᠠᠭ᠃
ᠲᠠᠪᠠᠭ᠂ ᠠᠶᠠᠭ᠎ᠠ ᠬᠢᠬᠦ ᠤᠭᠤᠲᠠ ᠶ᠋ᠢ ᠳᠤᠭᠤᠢ ᠪᠣᠷᠲᠣᠭᠣ ᠬᠡᠯᠪᠡᠷᠢ ᠲᠡᠢ ᠬᠢᠵᠦ ᠠᠮᠠᠨ ᠳᠡᠭᠡᠷ᠎ᠡ ᠨᠢ ᠳᠤᠭᠤᠢ ᠲᠠᠭ ᠰᠢᠷᠢᠵᠦ ᠲᠠᠭᠯᠠᠭᠠᠳ ᠶᠡᠬᠡ ᠪᠡᠶ᠎ᠡ ᠳ᠋ᠦ᠍ᠨᠢ ᠭᠣᠭᠴᠣᠭ᠎ᠠ ᠭᠠᠷᠭᠠᠵᠤ ᠲᠠᠭ ᠲᠤᠨᠢ ᠪᠢᠴᠢᠬᠠᠨ ᠴᠢᠭᠲᠠ ᠬᠢᠨ᠎ᠡ᠃ ᠲᠠᠪᠠᠭ ᠠᠶᠠᠭᠠᠨ ᠤ᠋ ᠬᠣᠭᠣᠷᠣᠨᠳᠣ ᠵᠢᠵᠢᠭ ᠳᠤᠭᠤᠢ ᠢᠰᠡᠭᠡᠢ ᠪᠡᠷ ᠵᠥᠭᠡᠯᠡᠪᠴᠢ ᠬᠢᠵᠦ ᠥᠭᠭᠦᠨ᠎ᠡ᠃ ᠲᠠᠪᠠᠭ ᠠᠶᠠᠭᠠᠨ ᠤ᠋ ᠢᠰᠡᠭᠡᠢ ᠤᠭᠤᠲᠠᠨ ᠤ᠋ ᠰᠢᠷᠢᠭᠡᠰᠦ ᠶ᠋ᠢ ᠲᠦᠮᠡᠨ ᠨᠠᠰᠤᠲᠤ᠂ ᠲᠣᠨᠣᠯᠵᠢᠨ ᠰᠢᠷᠢᠭᠡᠰᠦ ᠪᠡᠷ ᠴᠢᠮᠡᠨ᠎ᠡ᠃
ᠵᠢᠷᠤᠭ43
ᠠᠷᠤᠭ ᠳᠡᠭᠡᠷ᠎ᠡ ᠲᠠᠯᠪᠢᠨ ᠢᠰᠡᠭᠡᠢ ᠰᠢᠷᠳᠡᠭ ᠰᠢᠷᠢᠵᠦ ᠪᠠᠢᠭ᠎ᠠ ᠪᠠᠢᠳᠠᠯ

ᠲᠡᠭᠦᠨᠴᠢᠯᠡᠨ ᠲᠠᠪᠠᠭ ᠤ᠋ᠨ ᠭᠡᠷ ᠢ᠋ ᠳᠤᠭᠤᠢ ᠬᠡᠯᠪᠡᠷᠢ ᠲᠡᠢ ᠬᠢᠵᠦ ᠤᠯᠠᠭᠠᠨ ᠳᠠᠯᠢᠩᠪᠤᠤ ᠪᠠᠷ ᠪᠤᠶᠤ ᠴᠡᠮᠪᠡ ᠪᠡᠷ ᠡᠮᠵᠢᠵᠦ ᠬᠣᠰᠢᠯᠠᠩ ᠲᠠᠯᠪᠢᠬᠤ ᠪᠤᠶᠤ ᠳᠡᠭᠡᠰᠦ ᠲᠠᠮᠤᠵᠤ ᠵᠡᠬᠡᠭ ᠲᠠᠯᠪᠢᠵᠤ ᠭᠣᠶᠣᠳᠠᠭ ᠪᠠᠢᠯ᠎ᠠ᠃ ᠠᠮᠠᠨ ᠳ᠋ᠤᠨᠢ ᠲᠣᠪᠴᠢ ᠬᠢᠵᠦ ᠨᠢᠭᠡ ᠲᠠᠯ᠎ᠠ ᠳ᠋ᠤᠨᠢ ᠰᠢᠯᠪᠢ ᠬᠠᠲᠠᠵᠤ ᠲᠣᠪᠴᠢᠯᠠᠨ᠎ᠠ᠃
ᠮᠥᠨ ᠢᠰᠡᠭᠡᠢ ᠶ᠋ᠢ ᠳᠠᠪᠤᠤ ᠪᠠᠷ ᠳᠣᠲᠣᠷᠯᠠᠨ ᠰᠢᠷᠢᠵᠦ ᠳᠤᠭᠤᠢ ᠢᠷᠣᠭᠠᠷ ᠲᠠᠢ ᠪᠣᠷᠲᠣᠭᠣ ᠬᠡᠯᠪᠡᠷᠢ ᠶ᠋ᠢᠨ ᠨᠠᠷᠢᠨ ᠤᠭᠤᠲᠠ ᠬᠢᠵᠦ ᠬᠤᠵᠢᠷ ᠳᠠᠪᠤᠰᠤ ᠬᠢᠬᠦ ᠪᠤᠶᠤ ᠠᠷᠢᠬᠢᠨ ᠤ᠋ ᠰᠢᠯ᠂ ᠸᠠᠭᠠᠷ ᠰᠠᠪᠠ ᠬᠠᠳᠠᠭᠠᠯᠠᠬᠤ ᠠ᠋ᠴᠠ ᠭᠠᠳᠠᠨ᠎ᠠ ᠦᠢᠯᠡ ᠶ᠋ᠢᠨ ᠬᠠᠢᠴᠢ᠂ ᠵᠠᠭᠠᠵᠤᠤᠷ ᠤ᠋ᠨ ᠢᠷ ᠢ᠋ ᠮᠣᠬᠣᠭᠠᠬᠤ ᠦᠭᠡᠢ ᠶ᠋ᠢᠨ ᠲᠤᠯᠠᠳᠠ ᠢᠰᠡᠭᠡᠢ ᠤᠭᠤᠲᠠᠨ ᠳ᠋ᠤ᠌ ᠬᠢᠬᠦ ᠪᠠ ᠢᠰᠡᠭᠡᠢ ᠶ᠋ᠢ ᠳᠥᠷᠪᠡᠯᠵᠢᠨ ᠳᠤᠭᠤᠢ ᠡᠰᠬᠡᠵᠦ ᠰᠢᠷᠢᠵᠦ ᠬᠡᠲᠡᠪᠴᠢ᠂ ᠪᠤᠢᠯᠠᠨ ᠣᠶᠣᠵᠤ᠂ ᠤᠲᠠᠰᠤ᠂ ᠵᠡᠭᠦᠦ ᠶ᠋ᠢᠨ ᠰᠠᠪᠠ ᠬᠢᠳᠡᠭ ᠪᠥᠭᠡᠳ ᠡᠨᠡ ᠨᠢ ᠪᠠᠲᠤ ᠪᠥᠬᠡ᠂ ᠶᠠᠭᠤᠮ᠎ᠠ ᠬᠠᠳᠠᠭᠠᠯᠠᠬᠤ ᠳ᠋ᠤ᠌ ᠲᠣᠬᠢᠷᠠᠮᠵᠢᠲᠠᠢ ᠰᠠᠢᠨ ᠰᠠᠪᠠ ᠪᠣᠯᠳᠠᠭ᠃
ᠳᠤᠭᠤᠢ ᠢᠷᠣᠭᠠᠷ ᠲᠠᠢ ᠤᠭᠤᠲᠠ ᠶ᠋ᠢ ᠬᠢᠬᠦ ᠳ᠋ᠦ᠍ ᠡᠬᠢᠯᠡᠭᠡᠳ ᠤᠭᠤᠲᠠᠨ ᠤ᠋ ᠪᠠᠨ ᠤᠷᠲᠤ ᠪᠣᠭᠣᠨᠢ ᠶ᠋ᠢ ᠲᠠᠭᠠᠷᠠᠭᠤᠯᠤᠨ ᠭᠣᠨᠵᠣᠭᠣᠢ ᠳᠥᠷᠪᠡᠯᠵᠢᠨ ᠡᠰᠬᠡᠵᠦ᠂ ᠠᠮᠠᠨ ᠢᠷᠣᠭᠠᠷ ᠢ᠋ ᠤᠭᠤᠲᠠᠨ ᠤ᠋ ᠳᠤᠭᠤᠢ ᠶ᠋ᠢᠨ ᠬᠡᠮᠵᠢᠶᠡᠨ ᠳ᠋ᠦ᠍ ᠲᠣᠬᠢᠷᠠᠭᠤᠯᠤᠨ ᠡᠰᠬᠡᠭᠡᠳ ᠶᠡᠬᠡ ᠪᠡᠶ᠎ᠡ ᠶ᠋ᠢ ᠰᠢᠷᠢᠵᠦ ᠳᠠᠭᠤᠰᠤᠮᠠᠭᠴᠠ ᠲᠠᠭ᠂ ᠢᠷᠣᠭᠠᠷ ᠢ᠋ ᠡᠰᠬᠡᠨ ᠰᠢᠷᠢᠵᠦ ᠶᠡᠬᠡ ᠪᠡᠶ᠎ᠡ ᠳ᠋ᠦ᠍ ᠵᠠᠯᠭᠠᠨ ᠣᠶᠣᠨ᠎ᠠ᠃ ᠠᠮᠠᠨ ᠢᠷᠣᠭᠠᠷ ᠢ᠋ ᠬᠡᠷᠪᠡ ᠡᠮᠵᠢᠬᠦ ᠪᠣᠯ ᠤᠯᠠᠭᠠᠨ᠂ ᠬᠥᠬᠡ ᠥᠩᠭᠡ ᠪᠡᠷ ᠡᠮᠵᠢᠵᠦ ᠶᠡᠬᠡ ᠪᠡᠶ᠎ᠡ ᠶᠢᠨ ᠢᠶᠡᠨ ᠰᠢᠷᠢᠭᠡᠰᠦᠨ ᠳ᠋ᠦ᠍ ᠣᠷᠣᠭᠤᠯᠵᠤ ᠰᠢᠷᠢᠨ᠎ᠡ᠃
ᠢᠰᠡᠭᠡᠢ ᠰᠢᠷᠢᠮᠡᠯ ᠢ᠋ ᠮᠠᠨ ᠤ᠋ ᠣᠷᠣᠨ ᠤ᠋ ᠦᠨᠳᠦᠰᠦᠲᠡᠨ ᠶᠠᠰᠤᠲᠠᠨ ᠥᠪᠡᠷ ᠥᠪᠡᠷ ᠦ᠋ᠨ ᠥᠪᠡᠷᠮᠢᠴᠡ ᠣᠨᠴᠠᠯᠢᠭ ᠢ᠋ᠶ᠋ᠠᠷ ᠬᠡᠯᠡᠵᠦ ᠰᠢᠷᠢᠳᠡᠭ᠃ ᠢᠰᠡᠭᠡᠢ ᠰᠢᠷᠢᠮᠡᠯ ᠢ᠋ ᠲᠣᠨᠣᠭᠯᠠᠨ ᠴᠢᠮᠡᠭᠯᠡᠬᠦ ᠳ᠋ᠦ᠍ ᠮᠠᠨ ᠤ᠋ ᠣᠷᠣᠨ ᠤ᠋ ᠬᠠᠰᠠᠭ ᠦᠨᠳᠦᠰᠦᠲᠡᠨ ᠨᠦ᠍ᠭᠦᠳ ᠪᠤᠰᠤᠳ ᠠ᠋ᠴᠠ ᠣᠨᠴᠠᠯᠢᠭ ᠲᠠᠢ ᠪᠥᠭᠡᠳ ᠲᠡᠳᠡ ᠢᠰᠡᠭᠡᠢ ᠶ᠋ᠢᠨ ᠬᠡ ᠶ᠋ᠢ ᠰᠢᠭᠤᠳ ᠨᠣᠣᠰᠣ ᠪᠠᠷ ᠢ᠋ᠶ᠋ᠠᠨ ᠬᠡᠯᠡᠵᠦ ᠲᠡᠭᠦᠨ ᠢ᠋ᠶ᠋ᠡᠨ ᠤᠲᠠᠰᠤ ᠪᠠᠷ ᠵᠠᠬᠠᠯᠠᠨ ᠵᠡᠭᠡᠭᠯᠡᠬᠦ ᠡᠴᠡ ᠭᠠᠳᠠᠨ᠎ᠠ ᠳᠠᠪᠤᠤ ᠪᠠᠷ ᠬᠡ ᠬᠠᠢᠴᠢᠯᠠᠵᠤ ᠲᠠᠯᠪᠢᠭᠠᠳ ᠪᠠᠷᠠᠭᠤᠨ᠂ ᠰᠣᠯᠣᠭᠠᠢ ᠲᠠᠮᠤᠭᠰᠠᠨ ᠤᠲᠠᠰᠤ ᠪᠠᠷ ᠵᠡᠭᠡᠭᠯᠡᠵᠦ ᠰᠢᠷᠢᠨ᠎ᠡ᠃ ᠮᠥᠨ ᠨᠣᠣᠰᠣ ᠶ᠋ᠢ ᠪᠣᠳᠣᠵᠤ ᠳᠡᠪᠢᠰᠬᠡᠷ ᠪᠤᠶᠤ ᠬᠡ ᠳ᠋ᠦ᠍ ᠬᠡᠷᠡᠭᠯᠡᠵᠦ ᠪᠠᠢᠨ᠎ᠠ᠃ ᠴᠠᠭᠠᠨ ᠢᠰᠡᠭᠡᠢ ᠶ᠋ᠢ ᠪᠣᠳᠣᠬᠤ ᠳ᠋ᠠᠭᠠᠨ ᠭᠡᠰᠢᠭᠦᠨ᠎ᠡ ᠶ᠋ᠢᠨ ᠦᠨᠳᠦᠰᠦ ᠶ᠋ᠢ ᠤᠬᠤᠵᠤ ᠬᠠᠲᠠᠭᠠᠭᠠᠳ ᠨᠦᠳᠦᠵᠦ ᠨᠤᠨᠲᠠᠭᠯᠠᠨ ᠤᠰᠤᠨ ᠳ᠋ᠤ᠌ ᠪᠤᠴᠠᠯᠭᠠᠨ ᠱᠦᠭᠦᠭᠡᠳ ᠳᠡᠭᠡᠷ᠎ᠡ ᠡᠴᠡ ᠨᠢ ᠳᠠᠪᠤᠰᠤ᠂ ᠣᠷᠣᠰ ᠼᠤᠤ ᠬᠢᠵᠦ ᠢᠰᠡᠭᠡᠢ ᠪᠡᠨ ᠬᠠᠮᠲᠤ ᠪᠤᠴᠠᠯᠭᠠᠭᠠᠳ ᠬᠠᠲᠠᠭᠠᠬᠤ ᠳ᠋ᠤ᠌ ᠰᠢᠷ᠎ᠠ ᠥᠩᠭᠡ ᠲᠡᠢ ᠪᠣᠯᠳᠠᠭ᠃ ᠢᠰᠡᠭᠡᠢ ᠳ᠋ᠦ᠍ ᠬᠡ ᠵᠠᠷᠤᠬᠤ ᠳ᠋ᠠᠭᠠᠨ ᠪᠣᠯᠪᠠᠰᠤᠷᠠᠭᠤᠯᠤᠭᠰᠠᠨ ᠡᠬᠢ ᠵᠠᠭᠪᠤᠷ ᠠ᠋ᠴᠠ( ᠬᠡ ᠪᠡᠨ) ᠦᠨᠳᠦᠰᠦᠯᠡᠨ ᠢᠰᠡᠭᠡᠢ ᠪᠡᠨ ᠲᠡᠩᠴᠡᠭᠦᠦ ᠬᠡᠮᠵᠢᠶ᠎ᠡ ᠲᠡᠢ ᠬᠤᠪᠢᠶᠠᠵᠤ ᠤᠭ ᠵᠠᠢ ᠳ᠋ᠠᠭᠠᠨ ᠲᠣᠬᠢᠷᠠᠭᠤᠯᠤᠨ ᠴᠠᠭᠠᠰᠤ ᠪᠠᠷ ᠬᠡᠮᠵᠢᠶ᠎ᠡ ᠠᠪᠴᠤ ᠲᠡᠭᠦᠨ ᠢ᠋ᠶ᠋ᠡᠨ 2—10 ᠬᠦᠷᠲᠡᠯ᠎ᠡ ᠲᠡᠩᠴᠡᠭᠦᠦ ᠨᠤᠭᠤᠯᠵᠤ ᠬᠡ ᠪᠡᠨ ᠵᠢᠷᠤᠵᠤ ᠬᠠᠢᠴᠢᠯᠠᠨᠠ᠃ ᠴᠠᠭᠠᠨ ᠢᠰᠡᠭᠡᠢ ᠶ᠋ᠢᠨ ᠭᠣᠣᠯ ᠳ᠋ᠤ᠌ ᠪᠤᠶᠤ ᠵᠠᠬ᠎ᠠ ᠪᠠᠷ ᠴᠢᠮᠡᠭᠯᠡᠬᠦ ᠬᠡ ᠤᠭᠠᠯᠵᠠ ᠶ᠋ᠢ ᠲᠠᠯᠪᠢᠬᠤ ᠳ᠋ᠠᠭᠠᠨ ᠬᠡ ᠶ᠋ᠢ ᠬᠠᠢᠴᠢᠯᠠᠵᠤ ᠵᠦᠢᠵᠦ ᠣᠶᠣᠭᠠᠳ ᠲᠣᠷᠭ᠎ᠠ᠂ ᠳᠠᠪᠤᠤ᠂ ᠳᠠᠯᠢᠩᠪᠤ᠂ ᠴᠡᠮᠪᠡ ᠵᠡᠷᠭᠡ ᠪᠡᠷ ᠬᠡ ᠬᠠᠢᠴᠢᠯᠠᠨ ᠥᠩᠭᠡ ᠬᠠᠷᠰᠢᠭᠤᠯᠤᠨ ᠣᠶᠣᠵᠤ ᠥᠩᠭᠡ ᠪᠦᠷᠢ ᠶ᠋ᠢᠨ ᠤᠲᠠᠰᠤ ᠪᠠᠷ ᠬᠣᠰᠢᠮᠠᠭᠯᠠᠨᠠ᠃ ᠬᠠᠰᠠᠭ ᠤ᠋ᠳ ᠨᠡᠬᠡᠮᠡᠯ᠂ ᠰᠢᠷᠢᠮᠡᠯ ᠳ᠋ᠦ᠍ ᠬᠡᠷᠡᠭᠯᠡᠬᠦ ᠨᠣᠣᠰᠣᠨ ᠤᠲᠠᠰᠤ ᠶ᠋ᠢ ᠡᠭᠡᠷᠡᠬᠦ ᠳ᠋ᠡᠭᠡᠨ ᠬᠠᠯᠬ᠎ᠠ ᠠ᠋ᠴᠠ ᠢᠯᠭᠠᠭ᠎ᠠ ᠲᠠᠢ ᠪᠥᠭᠡᠳ ᠡᠭᠡᠷᠡᠦᠯ ᠦ᠋ᠨ ᠳᠤᠭᠤᠢ ᠶ᠋ᠢ ᠳᠡᠭᠡᠭᠰᠢ ᠨᠢ ᠬᠠᠷᠠᠭᠤᠯᠤᠨ ᠪᠠᠷᠢᠵᠤ ᠴᠢᠭᠲᠠ ᠲᠡᠭᠡᠭᠯᠡᠭᠦᠷ ᠲᠤᠨᠢ ᠤᠲᠠᠰᠤ ᠪᠠᠨ ᠲᠣᠭᠲᠠᠭᠠᠵᠤ ᠡᠰᠢ ᠶ᠋ᠢ ᠨᠢ ᠭᠤᠶᠠᠨ ᠳᠡᠭᠡᠷ᠎ᠡ ᠪᠡᠨ ᠲᠠᠯᠪᠢᠵᠤ ᠠᠯᠠᠭ᠎ᠠ ᠪᠠᠷ ᠢ᠋ᠶ᠋ᠠᠨ ᠭᠠᠮᠵᠢᠩᠳᠠᠨ ᠡᠷᠴᠢᠯᠡᠨ᠎ᠡ᠃
ᠵᠢᠵᠢᠭ ᠰᠢᠷᠢᠮᠡᠯ ᠬᠢᠬᠦ ᠳ᠋ᠡᠭᠡᠨ ᠬᠠᠰᠠᠭ ᠤ᠋ᠳ ᠭᠠᠷ ᠢᠰᠡᠭᠡᠢ ᠪᠡᠷ ᠬᠢᠳᠡᠭ ᠪᠥᠭᠡᠳ ᠲᠡᠭᠦᠨ ᠳ᠋ᠦ᠍ ᠳᠠᠳᠤᠯᠭᠠᠵᠢᠭᠰᠠᠨ ᠬᠥᠮᠦᠰ ᠪᠢᠯᠡ᠃ ᠰᠢᠷᠲᠡᠭ ᠪᠤᠶᠤ ᠪᠤᠰᠤᠳ ᠶᠠᠭᠤᠮ᠎ᠠ ᠬᠢᠬᠦ ᠬᠡᠮᠵᠢᠶᠡᠨ ᠡᠴᠡ ᠪᠡᠨ ᠬᠠᠮᠢᠶᠠᠷᠴᠤ ᠶᠡᠬᠡ ᠪᠠᠭ᠎ᠠ ᠶᠠᠩᠵᠤ ᠶᠠᠩᠵᠤ ᠪᠠᠷ ᠬᠢᠬᠦ ᠪᠥᠭᠡᠳ ᠲᠡᠭᠦᠨ ᠳ᠋ᠦ᠍ ᠲᠠᠯᠪᠢᠬᠤ ᠵᠡᠭᠡᠭ ᠤᠲᠠᠰᠤ ᠶ᠋ᠢ ᠭᠣᠭᠴᠣᠭᠠᠯᠠᠨ ᠭᠤᠷᠪᠠᠨ ᠳᠠᠪᠬᠤᠷ ᠡᠷᠴᠢᠯᠡᠵᠦ ᠭᠤᠷᠮᠤᠰᠤᠨ ᠵᠡᠬᠡᠭ ᠳᠠᠷᠤᠭᠤᠯᠬᠤ ᠤᠲᠠᠰᠤ ᠪᠠᠨ ᠡᠭᠡᠷᠡᠵᠦ ᠳᠠᠪᠬᠤᠷᠯᠠᠨ ᠨᠡᠢᠳᠬᠡᠵᠦ ᠣᠶᠣᠨ᠎ᠠ᠃ ᠵᠡᠬᠡᠭ ᠪᠤᠶᠤ ᠨᠡᠬᠡᠮᠡᠯ ᠳ᠋ᠦ᠍ ᠬᠡᠷᠡᠭᠯᠡᠬᠦ ᠤᠲᠠᠰᠤ ᠶ᠋ᠢ ᠥᠪᠡᠷᠰᠡᠳ ᠦ᠋ᠨ ᠥᠪᠡᠷᠮᠢᠴᠡ ᠠᠷᠭ᠎ᠠ ᠪᠠᠷ ᠪᠣᠳᠣᠵᠤ ᠪᠡᠯᠡᠳᠬᠡᠨ᠎ᠡ᠃ ᠵᠡᠭᠡᠭ ᠵᠢᠷᠤᠭ ᠤ᠋ᠨ ᠴᠢᠮᠡᠭ ᠤᠴᠢᠷ ᠥᠩᠭᠡ ᠶ᠋ᠢ ᠵᠥᠪ ᠬᠣᠣᠰᠯᠠᠭᠤᠯᠳᠠᠭ᠃
ᠵᠢᠷᠤᠭ44
ᠲᠣᠨᠣᠯᠵᠢᠨ ᠬᠡ ᠪᠡᠷ ᠰᠢᠷᠢᠭᠰᠡᠨ ᠠᠶᠠᠭ᠎ᠠ ᠲᠠᠪᠠᠭ ᠤ᠋ᠨ ᠪᠣᠷᠲᠣᠭᠣ ᠬᠡᠯᠪᠡᠷᠢ ᠶ᠋ᠢᠨ ᠰᠢᠷᠢᠮᠡᠯ ᠰᠠᠪᠠ
ᠵᠢᠷᠤᠭ45
ᠳᠤᠭᠤᠢ ᠬᠠᠪᠲᠠᠭ᠎ᠠ ᠬᠡᠯᠪᠡᠷᠢ ᠲᠡᠢ ᠲᠠᠪᠠᠭ ᠤ᠋ᠨ ᠭᠡᠷ
ᠵᠢᠷᠤᠭ46
ᠲᠦᠮᠡᠨ ᠨᠠᠰᠤᠲᠤ ᠭᠠᠷᠭᠠᠵᠤ ᠰᠢᠷᠢᠭᠰᠡᠨ ᠢᠰᠡᠭᠡᠢ ᠬᠡᠲᠡᠪᠴᠢ

ᠬᠠᠶᠠᠭᠠᠪᠴᠢ ᠬᠠᠶᠠᠭᠠᠪᠴᠢ ᠭᠡᠷ ᠲᠦ᠍ ᠤᠰᠤ᠂ ᠰᠠᠯᠬᠢ᠂ ᠰᠢᠪᠠᠷ ᠣᠷᠣᠬᠤ ᠠ᠋ᠴᠠ ᠬᠠᠮᠠᠭᠠᠯᠠᠳᠠᠭ ᠪᠥᠭᠡᠳ
ᠭᠣᠶᠣᠮᠰᠣᠭ ᠬᠢᠵᠦ ᠴᠢᠮᠡᠭ ᠮᠠᠶᠢᠭ ᠢ᠋ᠶ᠋ᠠᠷ ᠬᠡᠷᠡᠭᠯᠡᠨ᠎ᠡ᠃ ᠬᠠᠶᠠᠭᠠᠪᠴᠢᠨ ᠳ᠋ᠤ᠌ ᠬᠣᠷᠯᠣ ᠪᠤᠶᠤ ᠪᠠᠶᠠᠨ ᠬᠣᠰᠢᠭᠤ ᠵᠡᠭᠡᠭ ᠰᠢᠷᠢᠵᠦ ᠵᠠᠬ᠎ᠠ ᠪᠠᠷ ᠨᠢ ᠡᠷᠭᠢᠨ ᠲᠣᠭᠣᠷᠢᠨ ᠵᠡᠬᠡᠭ ᠲᠠᠯᠪᠢᠵᠤ ᠪᠡᠬᠢᠯᠡᠨ᠎ᠡ᠃ ᠬᠠᠶᠠᠭᠠᠪᠴᠢ ᠶ᠋ᠢ ᠬᠡᠯᠬᠢᠶ᠎ᠡ ᠮᠣᠳᠣ ᠪᠠᠷ ᠬᠢᠬᠦ ᠠᠷᠭ᠎ᠠ ᠬᠣᠵᠢᠭᠤ ᠦᠶ᠎ᠡ ᠳ᠋ᠦ᠍ ᠨᠡᠪᠲᠡᠷᠡᠭᠰᠡᠨ ᠪᠥᠭᠡᠳ ᠪᠣᠷᠣᠭᠠᠨ ᠤᠰᠤᠨ ᠳ᠋ᠤ᠌ ᠢᠯᠵᠠᠷᠠᠬᠤ ᠦᠭᠡᠢ ᠬᠠᠮᠤᠭ ᠤ᠋ᠨ ᠲᠣᠬᠢᠷᠠᠮᠵᠢᠲᠠᠢ ᠪᠠᠢᠳᠠᠭ᠃ ᠢᠰᠡᠭᠡᠢ ᠭᠡᠷ ᠢ᠋ ᠴᠢᠮᠡᠬᠦ ᠳ᠋ᠡᠭᠡᠨ ᠳᠡᠭᠡᠪᠦᠷ ᠦ᠋ᠨ ᠬᠣᠷᠮᠣᠢ᠂ ᠲᠤᠭᠤᠷᠭᠠᠨ ᠤ᠋ ᠬᠠᠲᠠᠪᠴᠢ ᠶ᠋ᠢᠨ ᠵᠠᠬ᠎ᠠ ᠪᠠᠷ ᠴᠡᠮᠪᠡ᠂ ᠳᠠᠪᠤᠤ ᠪᠠᠷ ᠤᠭᠠᠯᠵᠠ ᠪᠤᠶᠤ ᠠᠯᠤᠬᠠᠨ ᠬᠡ ᠲᠠᠯᠪᠢᠵᠤ ᠵᠠᠬ᠎ᠠ ᠪᠠᠷ ᠨᠢ ᠪᠠᠷᠠᠭᠤᠨ ᠰᠣᠯᠣᠭᠠᠢ ᠲᠠᠮᠤᠭᠰᠠᠨ ᠬᠣᠣᠰ ᠵᠡᠭᠡᠭ ᠢ᠋ᠶ᠋ᠡᠷ ᠬᠣᠰᠢᠮᠠᠭ ᠲᠠᠯᠪᠢᠳᠠᠭ᠃
ᠮᠥᠨ ᠡᠷᠦᠬᠡ ᠶ᠋ᠢᠨ ᠵᠠᠬ᠎ᠠ ᠪᠠᠷ ᠬᠡ ᠲᠠᠯᠪᠢᠬᠤ ᠳ᠋ᠠᠭᠠᠨ ᠬᠣᠰᠢᠭᠤᠯᠳᠠᠵᠤ ᠬᠠᠯᠵᠠᠯᠠᠨ ᠲᠣᠨᠣᠭᠯᠠᠬᠤ ᠠ᠋ᠴᠠ ᠭᠠᠳᠠᠨ᠎ᠠ ᠡᠷᠦᠬᠡ ᠶ᠋ᠢᠨ ᠬᠤᠰᠢᠭᠤᠨ ᠳ᠋ᠤ᠌ ᠳᠠᠪᠤᠤ ᠪᠤᠶᠤ ᠬᠣᠣᠰ ᠨᠠᠷᠠᠨ ᠵᠡᠭᠡᠭ ᠢ᠋ᠶ᠋ᠡᠷ ᠬᠣᠰᠢᠮᠠᠭ ᠲᠠᠯᠪᠢᠵᠤ ᠬᠣᠰᠢᠮᠠᠭ ᠤ᠋ᠨ ᠬᠣᠶᠠᠷ ᠦᠵᠦᠭᠦᠷ ᠢ᠋ ᠳᠤᠭᠤᠢᠯᠠᠨ ᠤᠭᠠᠯᠵᠠ ᠭᠠᠷᠭᠠᠵᠤ ᠲᠣᠨᠣᠭᠯᠠᠨᠠ᠃ ᠭᠡᠷ ᠦ᠋ᠨ ᠴᠢᠭᠲᠠᠭ᠎ᠠ ᠭᠡᠳᠡᠭ ᠬᠥᠮᠦᠨ ᠬᠠᠷᠠᠬᠤ ᠳ᠋ᠤ᠌ ᠲᠣᠳᠣᠷᠬᠠᠢ ᠡᠭᠦᠷᠭᠡ ᠦᠢᠯᠡᠳᠦᠯ ᠦᠭᠡᠢ ᠮᠡᠲᠦ ᠬᠠᠷᠠᠭᠳᠠᠬᠤ ᠪᠣᠯᠪᠠᠴᠤ ᠰᠠᠯᠬᠢ ᠰᠢᠭᠤᠷᠭᠠᠨ ᠲᠠᠢ ᠦᠶ᠎ᠡ ᠳ᠋ᠦ᠍ ᠭᠡᠷ ᠦ᠋ᠨ ᠭᠣᠣᠯ ᠳᠠᠷᠤᠭᠤᠯᠭ᠎ᠠ ᠪᠣᠯᠳᠠᠭ᠃
ᠮᠣᠩᠭᠣᠯ ᠳ᠋ᠤ᠌ ᠢᠯᠠᠩᠭᠤᠶ᠎ᠠ ᠬᠠᠪᠤᠷ ᠶᠡᠬᠡ ᠰᠠᠯᠬᠢᠯᠠᠳᠠᠭ ᠪᠥᠭᠡᠳ 12m / ᠰᠧᠺᠦ᠋ᠨ᠋ᠳ᠋ ᠰᠠᠯᠬᠢ ᠶ᠋ᠢ ᠶᠡᠷᠦᠳᠡ ᠶ᠋ᠢᠨ ᠰᠠᠯᠬᠢ ᠭᠡᠵᠦ ᠦᠵᠡᠳᠡᠭ᠃ ᠮᠣᠩᠭᠣᠯ ᠭᠡᠷ ᠰᠠᠯᠬᠢᠨ ᠳ᠋ᠤ᠌ ᠤᠨᠠᠳᠠᠭ ᠤᠴᠢᠷ ᠲᠡᠭᠦᠨ ᠢ᠋ ᠳᠡᠭᠡᠭᠦᠷ ᠳᠠᠷᠤᠬᠤ ᠠ᠋ᠴᠠ ᠭᠠᠳᠠᠨ᠎ᠠ ᠴᠢᠭᠲᠠᠭ᠎ᠠ ᠠᠪᠬᠤ ᠪᠤᠶᠤ ᠭᠣᠣᠯ ᠳᠠᠷᠤᠭᠤᠯᠬᠤ ᠨᠢ ᠨᠠᠢᠳᠠᠪᠤᠷᠢ ᠲᠠᠢ ᠠᠷᠭ᠎ᠠ ᠤᠴᠢᠷ ᠴᠢᠭᠲᠠ ᠶ᠋ᠢ ᠭᠤᠷᠮᠤᠰᠤᠯᠠᠵᠤ ᠡᠷᠴᠢᠯᠡᠭᠰᠡᠨ ᠪᠤᠶᠤ ᠰᠦᠯᠵᠢᠭᠰᠡᠨ ᠬᠢᠯᠭᠠᠰᠤᠨ ᠳᠡᠭᠡᠰᠦ ᠶ᠋ᠢ ᠭᠠᠳᠠᠭᠤᠷ ᠨᠢ ᠤᠯᠠᠭᠠᠨ ᠳᠠᠪᠤᠤ ᠪᠠᠷ ᠪᠦᠷᠢᠵᠦ ᠬᠢᠬᠦ ᠪᠠ ᠰᠠᠯᠬᠢᠨ ᠲᠠᠢ ᠳ᠋ᠤ᠌ ᠰᠢᠭᠤᠳᠠᠢ ᠳ᠋ᠤ᠌ ᠡᠯᠡᠰᠦ ᠬᠠᠢᠷ᠂ ᠴᠢᠯᠠᠭᠤ ᠬᠢᠬᠦ ᠪᠤᠶᠤ ᠡᠰᠡᠪᠡᠯ ᠲᠣᠮᠣ ᠴᠢᠯᠠᠭᠤ ᠶ᠋ᠢ ᠴᠢᠭᠲᠠᠭ᠎ᠠ ᠠ᠋ᠴᠠ ᠤᠶᠠᠵᠤ ᠳᠠᠷᠤᠭᠤᠯᠭ᠎ᠠ ᠬᠢᠨ᠎ᠡ᠃ ᠰᠠᠯᠬᠢ ᠦᠭᠡᠢ ᠦᠶ᠎ᠡ ᠳ᠋ᠦ᠍ ᠴᠢᠭᠲᠠᠭ᠎ᠠ ᠶ᠋ᠢᠨ ᠦᠵᠦᠭᠦᠷ ᠢ᠋ ᠥᠯᠵᠡᠢ ᠭᠠᠷᠭᠠᠨ ᠣᠨᠢ ᠳ᠋ᠤ᠌ ᠲᠣᠭᠲᠠᠭᠠᠨ᠎ᠠ᠃ ᠡᠷᠦᠬᠡ ᠶ᠋ᠢᠨ ᠣᠭᠣᠰᠣᠷ ᠢ᠋ ᠰᠢᠨ᠎ᠡ ᠵᠢᠯ ᠪᠣᠯᠬᠤ ᠪᠤᠶᠤ ᠵᠠᠯᠠᠭᠤ ᠬᠣᠣᠰ ᠬᠤᠷᠢᠮᠯᠠᠬᠤ ᠳ᠋ᠤ᠌ ᠦᠵᠦᠭᠦᠷ ᠢ᠋ ᠥᠯᠵᠡᠢ ᠤᠲᠠᠰᠤ ᠪᠣᠯᠭᠠᠨ ᠰᠦᠯᠵᠢᠵᠦ ᠭᠡᠷ ᠳᠡᠭᠡᠷ᠎ᠡ ᠪᠡᠨ ᠲᠠᠯᠪᠢᠨ᠎ᠠ᠃ ᠪᠤᠰᠤᠳ ᠦᠶ᠎ᠡ ᠳ᠋ᠦ᠍ ᠡᠷᠦᠬᠡ ᠶ᠋ᠢ ᠰᠠᠯᠬᠢᠨ ᠳ᠋ᠤ᠌ ᠳᠡᠷᠪᠡᠭᠦᠯᠬᠦ ᠦᠭᠡᠢ ᠪᠤᠶᠤ ᠲᠡᠭᠰᠢᠯᠡᠨ ᠲᠠᠲᠠᠬᠤ ᠳ᠋ᠤ᠌ ᠵᠣᠷᠢᠭᠤᠯᠤᠨ ᠬᠡᠷᠡᠭᠯᠡᠬᠦ ᠪᠥᠭᠡᠳ ᠡᠷᠦᠬᠡ ᠲᠠᠲᠠᠬᠤ᠂ ᠲᠡᠭᠰᠢᠯᠡᠭᠰᠡᠨ ᠦᠶ᠎ᠡ ᠳ᠋ᠦ᠍ ᠭᠡᠷ ᠦ᠋ᠨ ᠳᠤᠮᠳᠠ ᠪᠦᠰᠡ ᠡᠴᠡ ᠤᠶᠠᠵᠤ ᠪᠡᠬᠢᠯᠡᠨ᠎ᠡ᠃ ᠡᠷᠦᠬᠡ ᠶ᠋ᠢ ᠲᠠᠲᠠᠬᠤ ᠳ᠋ᠠᠭᠠᠨ ᠭᠡᠷ ᠢ᠋ᠶ᠋ᠡᠨ ᠨᠠᠷᠠ ᠵᠥᠪ ᠲᠣᠭᠣᠷᠢᠵᠤ ᠲᠠᠲᠠᠬᠤ ᠨᠢ ᠲᠡᠷᠡ ᠠᠢᠯ ᠤ᠋ᠨ ᠠᠮᠢᠳᠤᠷᠠᠯ ᠳ᠋ᠤ᠌ ᠰᠢᠨ᠎ᠡ ᠥᠷᠯᠥᠭᠡ ᠡᠬᠢᠯᠡᠵᠦ ᠥᠷᠯᠥᠭᠡ ᠶ᠋ᠢᠨ ᠨᠠᠷᠠ ᠮᠠᠨᠳᠤᠵᠤ ᠪᠠᠢᠭ᠎ᠠ ᠶ᠋ᠢ ᠪᠡᠯᠭᠡᠳᠡᠬᠦ ᠪᠠ ᠲᠡᠭᠰᠢᠯᠡᠬᠦ ᠳ᠋ᠡᠭᠡᠨ ᠨᠠᠷᠠ ᠪᠤᠷᠤᠭᠤ ᠭᠡᠷ ᠦ᠋ᠨ ᠵᠡᠭᠦᠨ ᠲᠠᠯ᠎ᠠ ᠪᠠᠷ ᠲᠣᠭᠣᠷᠢᠭᠤᠯᠵᠤ ᠲᠡᠭᠰᠢᠯᠡᠳᠡᠭ ᠨᠢ ᠨᠠᠷᠠ ᠲᠦᠷ ᠵᠢᠷᠭᠠᠵᠤ ᠪᠠᠢᠭ᠎ᠠ ᠶ᠋ᠢ ᠭᠡᠷᠡᠴᠢᠯᠡᠬᠦ ᠪᠥᠭᠡᠳ ᠡᠷᠦᠬᠡ ᠲᠡᠭᠰᠢᠯᠡᠬᠦ ᠡᠴᠡ ᠡᠮᠦᠨ᠎ᠡ ᠵᠤᠯᠠ᠂ ᠳ᠋ᠧᠩ ᠢ᠋ᠶ᠋ᠡᠨ ᠠᠰᠠᠭᠠᠵᠤ ᠭᠡᠷ ᠲᠡᠭᠡᠨ ᠭᠡᠷᠡᠯ ᠲᠡᠢ ᠪᠣᠯᠭᠠᠨ᠎ᠠ᠃ ᠮᠣᠩᠭᠣᠯᠴᠤᠳ ᠤ᠋ᠨ ᠦᠶ᠎ᠡ ᠶ᠋ᠢᠨ ᠦᠶ᠎ᠡ ᠳ᠋ᠦ᠍ ᠣᠷᠣᠰᠢᠨ ᠰᠠᠭᠤᠭᠰᠠᠨ ᠥᠷᠥᠭᠡ ᠴᠠᠭᠠᠨ ᠭᠡᠷ ᠠᠮᠢᠳᠤᠷᠠᠯ ᠤ᠋ᠨ ᠨᠥᠬᠥᠴᠡᠯ ᠢ᠋ ᠪᠦᠷᠢᠯᠳᠦᠭᠦᠯᠵᠦ ᠪᠠᠢᠳᠠᠭ ᠴᠢᠬᠤᠯᠠ ᠬᠡᠷᠡᠭᠯᠡᠯ ᠪᠥᠭᠡᠳ ᠲᠡᠭᠦᠨ ᠢ᠋ ᠦᠯᠢᠭᠡᠷ ᠲᠤᠤᠯᠢᠰ᠂ ᠢᠷᠦᠭᠡᠯ ᠮᠠᠭᠲᠠᠭᠠᠯ ᠳ᠋ᠠᠭᠠᠨ ᠣᠯᠠᠨᠲᠠ ᠳᠤᠷᠠᠳᠤᠭᠰᠠᠨ ᠪᠠᠢᠳᠠᠭ᠃ ᠭᠡᠷ ᠦ᠋ᠨ ᠡᠳ᠋ ᠠᠩᠭᠢ ᠪᠦᠷ ᠣᠨᠴᠠᠯᠢᠭ ᠲᠣᠬᠢᠷᠠᠭᠰᠠᠨ ᠣᠨᠢᠰᠣᠭ᠎ᠠ ᠲᠠᠢ ᠪᠠᠢᠳᠠᠭ᠃
ᠵᠢᠷᠤᠭ47
ᠪᠦᠷᠢᠨ ᠴᠢᠮᠡᠭᠯᠡᠯ ᠲᠡᠢ ᠭᠡᠷ ᠪᠠ ᠬᠠᠯᠵᠠ ᠲᠠᠢ ᠭᠡᠷ

ᠭᠡᠷ ᠦ᠋ᠨ ᠡᠭᠦᠳᠡ ᠶ᠋ᠢ ᠰᠢᠷᠢᠮᠡᠯ ᠢ᠋ᠶ᠋ᠡᠷ ᠬᠢᠳᠡᠭ ᠪᠠᠢᠬᠤ ᠳ᠋ᠤ᠌ ᠭᠣᠣᠯᠳᠠᠭᠤ ᠬᠥᠬᠡ ᠥᠩᠭᠡ ᠪᠡᠷ ᠥᠩᠭᠡᠯᠡᠵᠦ ᠤᠰᠤᠨ ᠳᠣᠯᠭᠢᠶ᠎ᠠ᠂ ᠬᠤᠯᠤᠰᠤᠨ ᠰᠦᠯᠵᠢᠶ᠎ᠡ ᠬᠡ ᠭᠠᠷᠭᠠᠨ ᠬᠥᠪᠦᠭᠡ ᠪᠡᠷ ᠨᠢ ᠡᠪᠡᠷ ᠤᠭᠠᠯᠵᠠ ᠬᠥᠭᠡᠭᠡᠴᠡᠯᠳᠦᠭᠦᠷ᠂ ᠮᠤᠰᠬᠢᠶ᠎ᠠ ᠭᠥᠷᠥᠯᠭᠡ ᠬᠡ ᠲᠠᠯᠪᠢᠨ᠎ᠠ᠃ ᠤᠰᠤᠨ ᠬᠡ ᠰᠢᠷᠢᠳᠡᠭ ᠪᠠᠢᠭᠰᠠᠨ ᠨᠢ ᠭᠦᠨ ᠭᠦᠨᠵᠡᠭᠡᠢ ᠤᠳᠬ᠎ᠠ ᠲᠠᠢ ᠪᠥᠭᠡᠳ ᠰᠠᠢᠬᠠᠨ ᠪᠦᠬᠦᠨ ᠦᠨᠡᠨ ᠠᠷᠢᠭᠤᠨ ᠳᠠᠯᠠᠢ ᠶ᠋ᠢᠨ ᠮᠠᠨᠳᠠᠯ ᠳᠡᠭᠡᠭᠦᠷ ᠨᠠᠷᠠ ᠮᠠᠨᠳᠤᠬᠤ ᠠᠳᠠᠯᠢ ᠰᠠᠴᠤᠷᠠᠨ ᠭᠡᠢᠭᠰᠡᠭᠡᠷ ᠣᠷᠣᠵᠤ ᠢᠷᠡᠬᠦ ᠡᠴᠡ ᠭᠠᠳᠠᠨ᠎ᠠ ᠬᠠᠷ᠎ᠠ ᠮᠠᠭᠤ ᠰᠠᠨᠠᠭᠠᠲᠠᠨ ᠡᠭᠦᠳᠡᠨ ᠳ᠋ᠦ᠍ ᠪᠠᠢᠭ᠎ᠠ ᠤᠰᠤᠨ ᠳᠠᠯᠠᠢ ᠳ᠋ᠤ᠌ ᠤᠨᠠᠵᠤ ᠰᠠᠭᠠᠲᠠᠬᠤ ᠪᠣᠯᠲᠤᠭᠠᠢ ᠭᠡᠰᠡᠨ ᠤᠳᠬ᠎ᠠ ᠲᠠᠢ ᠠᠵᠢ᠃
ᠦᠰᠦᠭ ᠠᠮᠢᠯᠠᠭᠤᠯᠤᠭᠴᠢ᠄ ᠪᠠᠶᠠᠨᠰᠡᠷᠡᠩ ᠂ ᠦᠯᠵᠡᠢᠪᠠᠭᠠᠲᠤᠷ ᠂ ᠱᠠᠭᠰᠠᠯ ᠂ ᠡᠷᠳᠡᠨᠢᠭᠣᠤ᠎ᠠ᠂ ᠣᠶᠤᠨᠪᠠᠲᠤ ᠂ ᠲᠣᠭᠲᠠᠭᠤᠨᠪᠠᠶᠠᠷ ᠂ ᠣᠳᠬᠠᠨᠰᠣ᠎ᠠ᠂ᠡᠷᠳᠡᠨᠢᠭᠣᠤ᠎ᠠ᠂ ᠰᠠᠢᠨᠪᠢᠯᠢᠭ᠌ ᠂ ᠭᠠᠷᠮ᠎ᠠ
ᠬᠢᠨᠠᠭᠴᠢ᠄ ᠰᠡᠬᠡᠭᠡᠷᠡᠯ᠂ ᠣᠳᠬᠠᠨᠰᠣ᠎ᠠ
