ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ23-ᠬᠤᠪᠴᠠᠰᠤ ᠡᠳ᠋ᠯᠡᠯ ᠢ᠋ ᠴᠢᠮᠡᠭᠯᠡᠨ ᠲᠣᠨᠣᠭᠯᠠᠬᠤ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ23-ᠬᠤᠪᠴᠠᠰᠤ ᠡᠳ᠋ᠯᠡᠯ ᠢ᠋ ᠴᠢᠮᠡᠭᠯᠡᠨ ᠲᠣᠨᠣᠭᠯᠠᠬᠤ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ23-ᠬᠤᠪᠴᠠᠰᠤ ᠡᠳ᠋ᠯᠡᠯ ᠢ᠋ ᠴᠢᠮᠡᠭᠯᠡᠨ ᠲᠣᠨᠣᠭᠯᠠᠬᠤ

ᠠᠩᠭᠢᠯᠠᠯ:ᠵᠠᠩ ᠦᠢᠯᠡ
2024-04-25

412

ᠬᠣᠶᠠᠳᠤᠭᠠᠷ ᠪᠦᠯᠦᠭ23-ᠬᠤᠪᠴᠠᠰᠤ ᠡᠳ᠋ᠯᠡᠯ ᠢ᠋ ᠴᠢᠮᠡᠭᠯᠡᠨ ᠲᠣᠨᠣᠭᠯᠠᠬᠤ

   ᠠᠯᠢᠪᠠ ᠬᠤᠪᠴᠠᠰᠤ᠂ ᠭᠡᠷ ᠠᠬᠤᠢ ᠶ᠋ᠢᠨ ᠡᠳ᠋ᠯᠡᠯ ᠢ᠋ ᠬᠢᠬᠦ ᠳ᠋ᠡᠭᠡᠨ ᠭᠤᠶᠤᠵᠤ ᠴᠢᠮᠡᠭᠯᠡᠬᠦ ᠠᠵᠢᠯᠯᠠᠭ᠎ᠠ ᠵᠠᠢᠯᠠᠰᠢ ᠦᠭᠡᠢ ᠱᠠᠭᠠᠷᠳᠠᠯᠭ᠎ᠠ ᠲᠠᠢ ᠪᠥᠭᠡᠳ ᠡᠨᠡ ᠨᠢ ᠬᠥᠮᠦᠨ ᠦ᠌ ᠭᠤᠸ᠎ᠠ ᠵᠦᠢ ᠲᠡᠢ ᠬᠣᠯᠪᠣᠭ᠎ᠠ ᠲᠠᠢ ᠶᠤᠮ᠃ ᠴᠢᠮᠡᠭᠯᠡᠯ ᠬᠢᠬᠦ ᠳ᠋ᠡᠭᠡᠨ ᠲᠡᠭᠦᠨ ᠦ᠌ ᠥᠩᠭᠡ ᠵᠣᠬᠢᠴᠠᠯ ᠢ᠋ ᠲᠣᠬᠢᠷᠠᠭᠤᠯᠬᠤ ᠱᠠᠭᠠᠷᠳᠠᠯᠭ᠎ᠠ ᠲᠠᠢ ᠪᠠᠢᠳᠠᠭ᠃ ᠵᠣᠬᠢᠭ᠎ᠠ ᠦᠭᠡᠢ ᠴᠢᠮᠡᠭ ᠡᠳ᠋ᠯᠡᠯ ᠢ᠋ ᠦᠵᠡᠮᠵᠢ ᠲᠡᠢ ᠰᠠᠢᠬᠠᠨ ᠪᠣᠯᠭᠠᠬᠤ ᠪᠠᠢᠲᠤᠭᠠᠢ ᠡᠪ ᠦᠭᠡᠢ ᠪᠣᠯᠭᠠᠬᠤ ᠶᠠᠪᠤᠳᠠᠯ ᠪᠠᠢᠳᠠᠭ᠃
   ᠴᠢᠮᠡᠭᠯᠡᠯ ᠪᠣᠯ ᠡᠭᠦᠰᠦᠯ ᠦ᠋ᠨ ᠬᠤᠪᠢ ᠳ᠋ᠤ᠌ ᠡᠷᠲᠡᠨ ᠦ᠌ ᠭᠠᠷᠤᠯ ᠲᠠᠢ ᠪᠥᠭᠡᠳ ᠨᠡᠢᠭᠡᠮ ᠦ᠋ᠨ ᠬᠥᠭᠵᠢᠯ ᠦ᠋ᠨ ᠳᠠᠭᠠᠤ ᠢᠮᠠᠭᠲᠠ ᠥᠭᠡᠷᠡᠴᠢᠯᠡᠭᠳᠡᠵᠦ ᠭᠦᠨ ᠭᠦᠨᠵᠡᠭᠡᠢ ᠤᠳᠬ᠎ᠠ ᠠᠭᠤᠯᠭ᠎ᠠ ᠪᠠᠷ ᠪᠠᠶᠠᠯᠢᠭᠵᠢᠵᠤ ᠢᠷᠡᠵᠡᠢ᠃ ᠭᠣᠶᠣᠯ ᠴᠢᠮᠡᠭᠯᠡᠯ ᠢ᠋ ᠬᠤᠪᠴᠠᠰᠤᠨ ᠤ᠋᠂ ᠭᠡᠷ ᠣᠷᠣᠨ ᠤ᠋ ᠭᠡᠵᠦ ᠢᠯᠭᠠᠬᠤ ᠪᠠ ᠤᠳᠬ᠎ᠠ ᠠᠭᠤᠯᠭ᠎ᠠ ᠪᠠᠷ ᠶᠠᠩᠵᠤ ᠪᠦᠷᠢ ᠪᠠᠢᠳᠠᠭ᠃
   ᠬᠡᠷᠪᠡ ᠤᠯᠤᠰ ᠤ᠋ᠨ ᠰᠦᠯᠳᠡ ᠰᠣᠶᠣᠩᠪᠣ ᠶ᠋ᠢ ᠤᠷᠠᠯᠠᠨ ᠪᠦᠲᠦᠭᠡᠪᠡᠯ ᠲᠡᠭᠦᠨ ᠦ᠌ ᠤᠳᠬ᠎ᠠ ᠠᠭᠤᠯᠭ᠎ᠠ ᠲᠠᠢ ᠭᠦᠨᠵᠡᠭᠡᠢ ᠲᠠᠨᠢᠯᠴᠠᠵᠤ ᠥᠩᠭᠡ ᠶ᠋ᠢ ᠵᠣᠬᠢᠴᠠᠭᠤᠯᠬᠤ ᠳ᠋ᠠᠭᠠᠨ ᠤᠯᠤᠰ ᠠ᠋ᠴᠠ ᠪᠠᠲᠤᠯᠠᠭᠰᠠᠨ ᠤᠳᠬ᠎ᠠ ᠠᠭᠤᠯᠭ᠎ᠠ᠂ ᠬᠡᠯᠪᠡᠷᠢ ᠶ᠋ᠢ ᠠᠯᠳᠠᠭᠤᠯᠵᠤ ᠪᠣᠯᠬᠤ ᠦᠭᠡᠢ᠃ ᠵᠢᠱ᠌ᠢᠶ᠎ᠡ ᠨᠢ᠄ ᠤᠯᠤᠰ ᠤ᠋ᠨ ᠰᠣᠶᠣᠩᠪᠣ ᠶ᠋ᠢ ᠬᠠᠷ᠎ᠠ ᠪᠤᠶᠤ ᠬᠠᠷ᠎ᠠ ᠬᠥᠬᠡ ᠥᠩᠭᠡ ᠪᠡᠷ ᠬᠥᠪᠥᠭᠡᠯᠡᠬᠦ᠂ ᠰᠦᠯᠳᠡ ᠳ᠋ᠦ᠍ ᠬᠠᠮᠢᠶ᠎ᠠ ᠦᠭᠡᠢ ᠴᠢᠮᠡᠭᠯᠡᠯ ᠬᠢᠵᠦ ᠪᠣᠯᠬᠤ ᠦᠭᠡᠢ᠃ ᠬᠤᠪᠴᠠᠰᠤᠨ ᠤ᠋ ᠴᠢᠮᠡᠭᠯᠡᠯ ᠢ᠋ ᠬᠢᠬᠦ ᠳ᠋ᠡᠭᠡᠨ ᠶᠠᠭᠤᠨ ᠤ᠋ ᠡᠮᠦᠨ᠎ᠡ ᠡᠷᠡᠭᠲᠡᠢ ᠡᠮᠡᠭᠲᠡᠢ ᠬᠥᠮᠦᠨ ᠦ᠌ ᠬᠤᠪᠴᠠᠰᠤᠨ ᠤ᠋ ᠣᠨᠴᠠᠯᠢᠭ ᠢᠯᠭᠠᠭ᠎ᠠ ᠶ᠋ᠢ ᠮᠡᠳᠡᠨ᠎ᠡ᠃ ᠬᠥᠮᠦᠨ ᠦ᠌ ᠳᠡᠪᠡᠯ ᠬᠠᠨᠲᠠᠭᠠᠵᠠ ᠶ᠋ᠢ ᠲᠣᠨᠣᠭᠯᠠᠬᠤ ᠳ᠋ᠠᠭᠠᠨ ᠤᠷᠠᠯᠢᠭ ᠤ᠋ᠨ᠂ ᠠᠮᠢᠳᠤᠷᠠᠯ ᠳ᠋ᠠᠭᠠᠨ ᠡᠮᠦᠰᠳᠡᠭ ᠢ᠋ᠶ᠋ᠡᠷ ᠢᠯᠭᠠᠪᠤᠷᠢᠯᠠᠨ᠎ᠠ᠃ ᠤᠷᠠᠯᠢᠭ ᠲᠤ᠌ ᠬᠤᠪᠴᠠᠰᠤᠨ ᠤ᠋ ᠭᠡᠷᠡᠯ ᠰᠠᠢᠨ ᠢᠯᠭᠠᠷᠠᠭᠤᠯᠬᠤ ᠲᠣᠳᠣ ᠥᠩᠭᠡ ᠶ᠋ᠢᠨ ᠮᠠᠲ᠋ᠧᠷᠢᠶᠠᠯ ᠢ᠋ᠶ᠋ᠠᠷ ᠬᠢᠬᠦ ᠡᠴᠡ ᠭᠠᠳᠠᠨ᠎ᠠ ᠲᠡᠭᠦᠨ ᠦ᠌ ᠲᠣᠨᠣᠭ ᠤ᠋ᠨ ᠰᠠ ᠪᠤᠶᠤ ᠬᠣᠷᠭᠣᠢ᠂ ᠲᠣᠳᠣ ᠥᠩᠭᠡ ᠲᠡᠢ᠂ ᠦᠨᠳᠦᠰᠦᠲᠡᠨ ᠶᠠᠰᠤᠲᠠᠨ ᠤ᠋ ᠣᠨᠴᠠᠯᠢᠭ ᠢ᠋ ᠬᠠᠷᠠᠭᠠᠯᠵᠠᠨ ᠲᠣᠨᠣᠭᠯᠠᠨ᠎ᠠ᠃
   ᠬᠠᠷᠢᠨ ᠡᠩ ᠦ᠋ᠨ ᠬᠤᠪᠴᠠᠰᠤ ᠶ᠋ᠢ ᠪᠣᠯ ᠡᠷᠡᠭᠲᠡᠢ ᠳᠡᠪᠡᠯ ᠬᠠᠨᠲᠠᠭᠠᠵᠠ ᠶ᠋ᠢ ᠳᠡᠪᠡᠯ ᠦ᠋ᠨ ᠥᠩᠭᠡ ᠲᠡᠢ ᠣᠢᠷᠠᠯᠴᠠᠭ᠎ᠠ ᠪᠦᠳᠡᠭᠢ ᠴᠤᠯᠭᠤᠢ ᠫᠦᠦᠰᠦᠦ ᠪᠡᠷ2—3 ᠬᠣᠣᠰ ᠡᠮᠵᠢᠪᠡᠯ ᠵᠣᠬᠢᠮᠵᠢᠲᠠᠢ᠃ ᠡᠮᠡᠭᠲᠡᠢᠴᠦᠳ ᠦ᠋ᠨ ᠭᠠᠳᠠᠭᠤᠷ ᠬᠤᠪᠴᠠᠰᠤᠨ ᠳ᠋ᠤ᠌ ᠲᠣᠨᠣᠭ ᠴᠢᠮᠡᠭ ᠬᠢᠬᠦ ᠳ᠋ᠡᠭᠡᠨ ᠡᠬᠢᠯᠡᠭᠡᠳ ᠬᠤᠪᠴᠠᠰᠤᠨ ᠤ᠋ ᠥᠩᠭᠡᠨ ᠳ᠋ᠦ᠍ ᠲᠣᠨᠣᠭ ᠢ᠋ᠶ᠋ᠠᠨ ᠲᠣᠬᠢᠷᠠᠭᠤᠯᠤᠨ ᠠᠪᠤᠨ᠎ᠠ᠃ ᠬᠡᠷᠪᠡ ᠥᠯᠵᠡᠢ᠂ ᠴᠦᠳᠡᠨᠵᠡ ᠶ᠋ᠢᠨ ᠪᠤᠯᠤᠩ ᠭᠠᠷᠭᠠᠬᠤ ᠪᠣᠯ ᠬᠤᠪᠴᠠᠰᠤᠨ ᠤ᠋ ᠬᠠᠮᠢᠭ᠎ᠠ ᠲᠠᠭᠠᠷᠠᠭᠤᠯᠬᠤ ᠪᠠᠨ ᠰᠡᠨᠲ᠋ᠢᠮᠧᠲ᠋ᠷ ᠦ᠋ᠨ ᠨᠠᠷᠢᠨ ᠬᠡᠮᠵᠢᠭᠦᠷ ᠢ᠋ᠶ᠋ᠡᠷ ᠬᠡᠮᠵᠢᠵᠦ ᠲᠡᠷᠡ ᠵᠠᠢ ᠳ᠋ᠠᠭᠠᠨ ᠪᠣᠯᠤᠨ ᠨᠢᠭᠡ ᠥᠯᠵᠡᠢ ᠡᠴᠡ ᠨᠥᠭᠦᠭᠡ ᠥᠯᠵᠡᠢ ᠬᠦᠷᠲᠡᠯᠡᠬᠢ ᠵᠠᠢ ᠶ᠋ᠢ ᠬᠡᠮᠵᠢᠵᠦ ᠥᠯᠵᠡᠢ ᠪᠣᠯᠤᠨ ᠴᠦᠳᠡᠨᠵᠡ ᠶ᠋ᠢᠨ ᠪᠤᠯᠤᠩ ᠢ᠋ᠶ᠋ᠠᠨ ᠵᠠᠩᠭᠢᠳᠴᠤ ᠰᠦᠯᠵᠢᠵᠦ ᠢᠩᠳᠡᠦᠳᠡᠨ ᠬᠤᠪᠴᠠᠰᠤᠨ ᠳ᠋ᠤ᠌ ᠲᠠᠯᠪᠢᠬᠤ ᠳ᠋ᠤ᠌ ᠪᠡᠯᠡᠨ ᠪᠣᠯᠭᠠᠨ᠎ᠠ᠃
   ᠳᠠᠷᠠᠭ᠎ᠠ ᠨᠢ ᠪᠡᠯᠡᠨ ᠪᠣᠯᠭᠠᠭᠰᠠᠨ ᠥᠯᠵᠡᠢ ᠪᠡᠨ ᠬᠡᠯᠡᠬᠦ ᠬᠤᠪᠴᠠᠰᠤᠨ ᠳ᠋ᠠᠭᠠᠨ ᠲᠠᠯᠪᠢᠵᠤ ᠬᠣᠯᠠ ᠬᠣᠯᠠ ᠰᠢᠲᠠᠵᠤ ᠲᠣᠭᠲᠠᠭᠠᠭᠠᠳ ᠮᠠᠰᠢᠨᠳᠠᠬᠤ ᠪᠤᠶᠤ ᠬᠠᠲᠠᠭᠤ ᠰᠢᠷᠢ ᠶ᠋ᠢᠨ ᠡᠳ᠋ᠯᠡᠯ ᠪᠣᠯ ᠭᠠᠷ ᠢ᠋ᠶ᠋ᠠᠷ ᠢ᠋ᠶ᠋ᠠᠨ ᠨᠢᠭᠡ ᠨᠦᠬᠡ ᠪᠡᠷ ᠬᠥᠭᠡᠭᠡᠵᠦ ᠰᠢᠭᠯᠠᠨ᠎ᠠ᠂ ᠬᠠᠷᠢᠨ ᠥᠯᠵᠡᠢ ᠪᠣᠯᠤᠨ ᠪᠤᠰᠤᠳ ᠬᠡ ᠦᠭᠡᠢ ᠥᠪᠡᠷ ᠦ᠋ᠨ ᠳᠤᠷᠠᠲᠠᠢ ᠡᠮᠵᠢᠶᠡᠷᠢ ᠪᠡᠷ ᠲᠣᠨᠣᠭᠯᠠᠨ᠎ᠠ᠃ ᠬᠠᠨᠲᠠᠭᠠᠵᠠ ᠬᠦᠷᠮ᠎ᠡ ᠶ᠋ᠢ ᠦᠰᠦ ᠪᠡᠷ ᠲᠣᠨᠣᠭᠯᠠᠬᠤ ᠪᠣᠯ ᠤᠭ ᠬᠤᠪᠴᠠᠰᠤ ᠶ᠋ᠢ ᠣᠶᠣᠵᠤ ᠪᠡᠯᠡᠨ ᠪᠣᠯᠭᠠᠭᠰᠠᠨ ᠤ᠋ ᠳᠠᠷᠠᠭ᠎ᠠ ᠦᠰᠦᠨ ᠲᠣᠨᠣᠭᠯᠠᠯ ᠢ᠋ᠶ᠋ᠠᠷ ᠰᠢᠭᠤᠳ ᠡᠮᠵᠢᠨ᠎ᠡ᠃ ᠦᠰᠦ ᠪᠡᠷ ᠡᠮᠵᠢᠬᠦ ᠶ᠋ᠢᠨ ᠡᠮᠦᠨ᠎ᠡ ᠦᠰᠦ ᠪᠡᠨ ᠵᠦᠰᠦᠵᠦ ᠵᠦᠢᠵᠦ ᠣᠶᠣᠬᠤ ᠳ᠋ᠠᠭᠠᠨ ᠦᠰᠦᠨ ᠦ᠌ ᠦ ᠲᠡᠢ ᠬᠡᠰᠡᠭ ᠢ᠋ ᠳᠣᠲᠣᠭᠰᠢ ᠬᠠᠷᠠᠭᠤᠯᠤᠨ᠎ᠠ᠃ ᠳᠡᠪᠡᠯ᠂ ᠬᠠᠨᠲᠠᠭᠠᠵᠠ᠂ ᠤᠤᠵᠢ ᠶ᠋ᠢ ᠦᠰᠦ ᠪᠡᠷ ᠡᠮᠵᠢᠬᠦ ᠳ᠋ᠡᠭᠡᠨ ᠡᠬᠡ ᠪᠡᠶ᠎ᠡ ᠳ᠋ᠡᠭᠡᠨ ᠪᠠᠷᠢᠵᠤ ᠯᠠᠪ ᠬᠦᠪᠦᠷᠢᠳᠦᠭᠡᠳ ᠳᠣᠲᠣᠷ ᠲᠠᠯ᠎ᠠ ᠤᠷᠤᠭᠤ ᠪᠠᠨ ᠳᠠᠷᠤᠵᠤ ᠨᠥᠬᠥᠪᠡᠯ ᠡᠮᠵᠢᠶᠡᠷᠢ ᠵᠢᠭᠳᠡ ᠭᠣᠶᠣ ᠪᠣᠯᠤᠨ᠎ᠠ᠃ ᠡᠮᠵᠢᠶᠡᠷᠢ ᠶ᠋ᠢᠨ ᠦᠰᠦ ᠶ᠋ᠢ ᠵᠦᠢᠬᠦ ᠳ᠋ᠡᠭᠡᠨ ᠰᠢᠷᠬᠡᠭ ᠢ᠋ ᠨᠢ ᠨᠢᠭᠡ ᠳᠠᠰᠢ ᠨᠢ ᠬᠠᠷᠠᠭᠤᠯᠵᠤ ᠵᠦᠰᠦᠨ᠎ᠡ᠃ ᠲᠣᠨᠣᠭ ᠡᠮᠵᠢᠶᠡᠷᠢ ᠶ᠋ᠢᠨ ᠦᠰᠦᠨ ᠳ᠋ᠦ᠍ ᠠᠯᠢ ᠪᠣᠯᠬᠤ ᠲᠠᠴᠢᠷ ᠦᠰᠦ ᠲᠣᠬᠢᠷᠠᠮᠵᠢᠲᠠᠢ ᠪᠠᠢᠳᠠᠭ᠃ ᠦᠰᠦᠨ ᠡᠮᠵᠢᠶᠡᠷᠢ ᠡᠷᠡᠭᠲᠡᠢ᠂ ᠡᠮᠡᠭᠲᠡᠢ ᠶᠠᠮᠠᠷ ᠴᠤ᠌ ᠬᠥᠮᠦᠨ ᠦ᠌ ᠬᠠᠨᠲᠠᠭᠠᠵᠠ ᠂ᠬᠦᠷᠮ᠎ᠡ᠂ ᠤᠤᠵᠢᠨ ᠳ᠋ᠤ᠌ ᠲᠣᠬᠢᠷᠠᠨ᠎ᠠ᠃
   ᠭᠡᠬᠦ ᠳ᠋ᠡᠭᠡᠨ ᠨᠠᠮᠬᠠᠨ ᠨᠢᠷᠤᠭᠤ ᠲᠠᠢ ᠲᠠᠷᠭᠤᠨ ᠬᠥᠮᠦᠨ ᠳ᠋ᠦ᠍ ᠤᠷᠲᠤ ᠦᠰᠦ ᠪᠡᠷ ᠡᠮᠵᠢᠭᠰᠡᠨ ᠬᠤᠪᠴᠠᠰᠤ ᠵᠣᠬᠢᠮᠵᠢ ᠦᠭᠡᠢ᠃ ᠡᠮᠵᠢᠶᠡᠷᠢ ᠳ᠋ᠦ᠍ ᠬᠠᠮᠤᠭ ᠤ᠋ᠨ ᠲᠣᠬᠢᠷᠠᠮᠵᠢᠲᠠᠢ ᠨᠢ ᠪᠤᠯᠠᠭᠠᠨ ᠤ᠋ ᠦᠰᠦ ᠪᠥᠭᠡᠳ ᠮᠥᠨ ᠺᠠᠷᠠᠺᠤᠯ ᠬᠤᠷᠠᠭ᠎ᠠ᠂ ᠮᠣᠩᠭᠣᠯ ᠤᠯᠠᠭᠠᠨ᠂ ᠬᠠᠷ᠎ᠠ᠂ ᠴᠠᠭᠠᠨ ᠬᠤᠷᠠᠭ᠎ᠠ᠂ ᠢᠰᠢᠭᠡᠨ ᠦ᠌ ᠠᠷᠠᠰᠤ᠂ ᠲᠠᠷᠪᠠᠭ᠎ᠠ᠂ ᠴᠢᠨᠳᠠᠭ᠎ᠠ ᠶ᠋ᠢᠨ ᠦᠰᠦ ᠠᠯᠢ ᠨᠢ ᠴᠦ᠍ ᠲᠣᠬᠢᠷᠠᠨ᠎ᠠ᠃
   ᠬᠠᠷᠢᠨ ᠨᠠᠰᠤᠲᠠᠢ ᠬᠥᠮᠦᠨ ᠳ᠋ᠦ᠍ ᠴᠠᠭᠠᠨ ᠦᠰᠦ ᠠᠷᠠᠰᠤᠨ ᠡᠮᠵᠢᠶᠡᠷᠢ ᠵᠣᠬᠢᠮᠵᠢ ᠦᠭᠡᠢ᠃ ᠬᠡᠷᠪᠡ ᠴᠠᠭᠠᠨ ᠴᠢᠨᠳᠠᠭ᠎ᠠ ᠪᠠᠢᠬᠤ ᠦᠭᠡᠢ ᠪᠣᠯ ᠬᠡᠦᠬᠡᠳ ᠦ᠋ᠨ ᠴᠢᠨᠳᠠᠭᠠᠨ ᠮᠠᠯᠠᠭᠠᠢ ᠪᠠᠷ ᠡᠮᠵᠢᠨ᠎ᠡ᠃ ᠬᠤᠪᠴᠠᠰᠤᠨ ᠤ᠋ ᠡᠮᠵᠢᠶᠡᠷᠢ ᠳ᠋ᠦ᠍ ᠬᠠᠭᠤᠴᠢᠨ ᠴᠤᠪᠠ ᠶ᠋ᠢᠨ ᠴᠠᠭᠠᠨ ᠴᠢᠨᠳᠠᠭ᠎ᠠ ᠪᠤᠶᠤ ᠡᠷᠢᠶᠡᠨ ᠶᠠᠩᠵᠤ ᠪᠦᠷᠢ ᠶ᠋ᠢᠨ ᠬᠢᠮᠡᠯ ᠦᠰᠦ ᠬᠡᠷᠡᠭᠯᠡᠵᠦ ᠲᠣᠨᠣᠭᠯᠠᠵᠤ ᠪᠣᠯᠤᠨ᠎ᠠ᠃ ᠮᠥᠨ ᠭᠣᠶᠣᠯ ᠤ᠋ᠨ ᠬᠠᠨᠲᠠᠭᠠᠵᠠ ᠬᠦᠷᠮ᠎ᠡ ᠶ᠋ᠢ ᠥᠨᠳᠥᠷ ᠭᠤᠸᠠᠯᠢᠭ ᠬᠥᠮᠦᠨ ᠰᠠ ᠲᠠᠢ ᠲᠣᠷᠭ᠎ᠠ ᠪᠤᠶᠤ ᠬᠣᠷᠭᠣᠢ ᠪᠠᠷ ᠥᠷᠭᠡᠨ ᠡᠮᠵᠢᠭᠡᠳ ᠲᠡᠭᠦᠨ ᠦ᠌ ᠪᠡᠨ ᠳᠡᠭᠡᠭᠦᠷ ᠦᠰᠦ ᠪᠡᠷ ᠡᠮᠵᠢᠪᠡᠯ ᠭᠣᠶᠣᠮᠰᠣᠭ᠂ ᠶᠠᠮᠠᠷ ᠴᠤ᠌ ᠮᠠᠲ᠋ᠧᠷᠢᠶᠠᠯ ᠳ᠋ᠤ᠌ ᠵᠣᠬᠢᠮᠵᠢᠲᠠᠢ᠃
   ᠡᠷᠡᠭᠲᠡᠢ ᠬᠥᠮᠦᠨ ᠦ᠌ ᠬᠠᠨᠲᠠᠭᠠᠵᠠ ᠶ᠋ᠢ ᠪᠣᠯ ᠪᠣᠷᠣ ᠰᠢᠷ᠎ᠠ ᠪᠤᠶᠤ ᠬᠦᠷᠡᠩ᠂ ᠬᠠᠷ᠎ᠠ ᠲᠣᠷᠭ᠎ᠠ᠂ ᠫᠦᠦᠰᠦᠦ ᠪᠡᠷ ᠬᠢᠵᠦ ᠬᠠᠷ᠎ᠠ᠂ ᠪᠣᠷᠣ ᠡᠮᠵᠢᠶᠡᠷᠢ ᠪᠡᠷ ᠡᠮᠵᠢᠪᠡᠯ ᠵᠣᠬᠢᠮᠵᠢᠲᠠᠢ ᠪᠥᠭᠡᠳ ᠥᠯᠵᠡᠢ᠂ ᠴᠦᠳᠡᠨᠵᠡ ᠶ᠋ᠢᠨ ᠪᠤᠯᠤᠩ ᠭᠠᠷᠭᠠᠵᠤ ᠲᠣᠨᠣᠭᠯᠠᠬᠤ ᠨᠢ ᠵᠣᠬᠢᠮᠵᠢᠲᠠᠢ᠃
   ᠮᠣᠩᠭᠣᠯ ᠦᠨᠳᠦᠰᠦᠲᠡᠨ ᠦ᠌ ᠪᠣᠯᠤᠨ ᠪᠣᠯᠪᠠᠰᠤᠨ ᠬᠤᠪᠴᠠᠰᠤ ᠶ᠋ᠢ ᠬᠠᠳᠬᠤᠮᠠᠯ ᠬᠡ ᠪᠡᠷ ᠲᠣᠨᠣᠭᠯᠠᠬᠤ ᠳ᠋ᠤ᠌ ᠮᠠᠰᠢ ᠵᠣᠬᠢᠮᠵᠢᠲᠠᠢ ᠪᠥᠭᠡᠳ ᠡᠭᠦᠨ ᠳ᠋ᠦ᠍ ᠥᠩᠭᠡ ᠲᠣᠬᠢᠷᠠᠭᠤᠯᠬᠤ ᠨᠢ ᠴᠢᠬᠤᠯᠠ ᠶᠤᠮ᠃ ᠮᠣᠩᠭᠣᠯ ᠳᠠᠩ ᠳᠡᠪᠡᠯ ᠬᠠᠨᠲᠠᠭᠠᠵᠠ᠂ ᠤᠤᠵᠢ ᠶ᠋ᠢᠨ ᠬᠠᠨᠴᠤᠢ᠂ ᠵᠠᠬ᠎ᠠ᠂ ᠡᠩᠭᠡᠷ ᠵᠡᠷᠭᠡ ᠶ᠋ᠢ ᠬᠠᠳᠬᠤᠮᠠᠯ ᠢ᠋ᠶ᠋ᠠᠷ ᠲᠣᠨᠣᠭᠯᠠᠬᠤ ᠳ᠋ᠠᠭᠠᠨ ᠡᠬᠡ ᠮᠠᠲ᠋ᠧᠷᠢᠶᠠᠯ ᠲᠠᠢ ᠪᠠᠨ ᠠᠯᠢ ᠪᠣᠯᠬᠤ ᠥᠩᠭᠡ ᠣᠢᠷᠠᠯᠴᠠᠭ᠎ᠠ ᠪᠠᠢᠬᠤ ᠨᠢ ᠵᠣᠬᠢᠮᠵᠢᠲᠠᠢ᠃ ᠥᠩᠭᠡ ᠲᠣᠬᠢᠷᠠᠭᠤᠯᠭ᠎ᠠ ᠦᠭᠡᠢ ᠣᠯᠠᠨ ᠥᠩᠭᠡ ᠶ᠋ᠢᠨ ᠤᠲᠠᠰᠤ ᠪᠠᠷ ᠡᠷᠢᠶᠡᠯᠡᠬᠦ ᠨᠢ ᠵᠣᠬᠢᠮᠵᠢ ᠦᠭᠡᠢ᠃ ᠲᠣᠳᠣ ᠴᠡᠩᠬᠡᠷ ᠲᠣᠷᠭᠠᠨ ᠳᠠᠩ ᠳᠡᠪᠡᠯ ᠢ᠋ ᠡᠮᠵᠢᠬᠦ ᠳ᠋ᠦ᠍ ᠬᠠᠷ᠎ᠠ ᠬᠥᠬᠡ ᠥᠩᠭᠡ ᠪᠡᠷ᠂ ᠲᠣᠳᠣ ᠨᠣᠭᠣᠭᠠᠨ ᠢ᠋ ᠬᠠᠷ᠎ᠠ ᠨᠣᠭᠣᠭᠠᠨ ᠢ᠋ᠶ᠋ᠠᠷ ᠲᠣᠨᠣᠭᠯᠠᠬᠤ ᠪᠠ ᠬᠠᠷᠢᠨ ᠭᠣᠶᠣᠯ ᠤ᠋ᠨ ᠳᠠᠩ ᠳᠡᠪᠡᠯ ᠢ᠋ ᠵᠠᠯᠠᠭᠤᠴᠤᠳ ᠴᠠᠭᠠᠨ ᠬᠠᠳᠬᠤᠮᠠᠯ ᠢ᠋ᠶ᠋ᠠᠷ ᠲᠣᠨᠣᠭᠯᠠᠬᠤ ᠨᠢ ᠵᠣᠬᠢᠮᠵᠢᠲᠠᠢ(ᠥᠩᠭᠡ ᠲᠣᠬᠢᠷᠠᠭᠤᠯᠬᠤ ᠲᠤᠬᠠᠢ ᠳᠡᠭᠡᠷ᠎ᠡ ᠪᠢᠴᠢᠭᠰᠡᠨ ᠢ᠋ ᠳᠠᠬᠢᠨ ᠦᠵᠡ)᠃
ᠮᠥᠨ ᠭᠣᠶᠣᠯ ᠤ᠋ᠨ ᠳᠠᠩ ᠳᠡᠪᠡᠯ ᠬᠠᠨᠲᠠᠭᠠᠵᠠ᠂ ᠤᠤᠵᠢ ᠶ᠋ᠢᠨ ᠡᠩᠭᠡᠷ ᠵᠠᠬ᠎ᠠ ᠶ᠋ᠢ ᠵᠡᠭᠦᠦ ᠣᠷᠢᠶᠠᠬᠤ ᠪᠤᠶᠤ ᠪᠤᠰᠤᠳ ᠬᠣᠨᠢᠨ ᠬᠣᠯᠪᠣᠭᠠᠨ ᠤ᠋ ᠠᠯᠢ ᠨᠢᠭᠡ ᠪᠡᠷ ᠬᠤᠷᠰᠢᠨ ᠠᠯᠠᠭᠯᠠᠭᠤᠯᠤᠨ ᠲᠣᠨᠣᠭᠯᠠᠬᠤ ᠪᠣᠯ ᠥᠩᠭᠡ ᠨᠢ ᠬᠠᠷ᠎ᠠ ᠪᠣᠯ ᠨᠣᠭᠣᠭᠠᠨ ᠶᠠᠭᠠᠨ ᠢ᠋ᠶ᠋ᠠᠷ ᠬᠣᠷᠰᠢᠨ ᠣᠶᠣᠬᠤ ᠨᠢ ᠵᠣᠬᠢᠮᠵᠢᠲᠠᠢ ᠪᠥᠭᠡᠳ ᠡᠬᠢᠯᠡᠭᠡᠳ ᠨᠢᠭᠡ ᠳᠠᠩ ᠨᠠᠷᠢᠨ ᠴᠠᠭᠠᠨ᠂ ᠳᠠᠷᠠᠭ᠎ᠠ ᠨᠢ ᠪᠦᠳᠡᠭᠢ ᠨᠣᠭᠣᠭᠠᠨ᠂ ᠲᠡᠭᠦᠨ ᠦ᠌ ᠳᠣᠲᠣᠭᠤᠷ ᠲᠣᠳᠣ ᠨᠣᠭᠣᠭᠠᠨ᠂ ᠰᠡᠭᠦᠯ ᠳ᠋ᠦ᠍ᠨᠢ ᠬᠠᠮᠤᠭ ᠤ᠋ᠨ ᠬᠦᠨᠳᠦ ᠬᠠᠷ᠎ᠠ ᠨᠣᠭᠣᠭᠠᠨ ᠢ᠋ᠶ᠋ᠠᠷ ᠣᠶᠣᠬᠤ ᠪᠠ ᠶᠠᠭᠠᠨ ᠥᠩᠭᠡ ᠪᠡᠷ ᠭᠣᠣᠯᠴᠢᠯᠠᠬᠤ ᠪᠣᠯ ᠡᠬᠢᠯᠡᠭᠡᠳ ᠴᠠᠭᠠᠨ ᠶᠠᠭᠠᠨ᠂ ᠳᠠᠷᠠᠭ᠎ᠠ ᠨᠢ ᠪᠦᠳᠡᠭᠢ ᠶᠠᠭᠠᠨ ᠲᠡᠭᠡᠭᠡᠳ ᠲᠣᠳᠣ ᠶᠠᠭᠠᠨ ᠢ᠋ᠶ᠋ᠠᠷ ᠲᠣᠳᠣᠷᠠᠭᠤᠯᠬᠤ ᠪᠠ ᠰᠡᠭᠦᠳᠡᠷ ᠢ᠋ ᠤᠯᠠᠭᠠᠨ ᠪᠤᠶᠤ ᠬᠦᠷᠡᠩ ᠤᠯᠠᠭᠠᠨ ᠢ᠋ᠶ᠋ᠠᠷ ᠬᠢᠬᠦ ᠵᠢᠱ᠌ᠢᠶ᠎ᠡ ᠲᠡᠢ᠃
   ᠬᠠᠷᠢᠨ ᠴᠡᠴᠡᠭ ᠦ᠋ᠨ ᠬᠡ ᠪᠡᠷ ᠲᠣᠨᠣᠭᠯᠠᠬᠤ ᠪᠣᠯ ᠶᠠᠮᠠᠷ ᠴᠤ᠌ ᠴᠡᠴᠡᠭ ᠨᠣᠭᠣᠭᠠᠨ ᠡᠰᠢ ᠮᠥᠴᠢᠷ ᠡᠴᠡ ᠳᠡᠯᠭᠡᠷᠡᠳᠡᠭ ᠤᠴᠢᠷ ᠭᠣᠣᠯᠯᠠᠬᠤ ᠥᠩᠭᠡ ᠶ᠋ᠢ ᠨᠣᠭᠣᠭᠠᠨ ᠨᠠᠪᠴᠢ ᠪᠠᠷ ᠬᠢᠵᠦ ᠲᠡᠭᠦᠨ ᠦ᠌ ᠳᠤᠮᠳᠠ ᠠ᠋ᠴᠠ ᠳᠡᠯᠭᠡᠷᠡᠵᠦ ᠪᠠᠢᠭ᠎ᠠ ᠴᠡᠴᠡᠭ ᠢ᠋ ᠤᠯᠠᠭᠠᠨ᠂᠂ ᠴᠠᠭᠠᠨ᠂ ᠴᠡᠩᠬᠡᠷ᠂ ᠶᠠᠭᠠᠨ ᠠᠯᠢ ᠴᠤ᠌ ᠥᠩᠭᠡ ᠪᠡᠷ ᠬᠢᠵᠦ ᠪᠣᠯᠤᠨ᠎ᠠ᠃ ᠭᠡᠬᠦ ᠳ᠋ᠡᠭᠡᠨ ᠶᠠᠭᠠᠨ ᠴᠡᠴᠡᠭ ᠣᠶᠣᠬᠤ ᠪᠣᠯ ᠲᠡᠭᠦᠨ ᠦ᠌ ᠳᠡᠯᠪᠢ ᠶ᠋ᠢᠨ ᠰᠡᠭᠦᠳᠡᠷ ᠳᠣᠬᠢᠭᠤᠷ ᠢ᠋ ᠤᠯᠠᠭᠠᠨ ᠪᠤᠶᠤ ᠬᠦᠷᠡᠩ ᠥᠩᠭᠡ ᠪᠡᠷ ᠬᠦᠨᠳᠦᠷᠡᠭᠦᠯᠵᠦ ᠰᠡᠭᠦᠳᠡᠷᠯᠡᠵᠦ ᠥᠭᠭᠦᠨ᠎ᠡ᠃
   ᠬᠤᠪᠴᠠᠰᠤ᠂ ᠬᠡᠷᠡᠭᠯᠡᠯ ᠢ᠋ ᠨᠢᠭᠡ ᠥᠩᠭᠡ ᠶ᠋ᠢᠨ ᠤᠲᠠᠰᠤ ᠪᠠᠷ ᠲᠣᠨᠣᠭᠯᠠᠬᠤ ᠪᠣᠯ ᠬᠤᠪᠴᠠᠰᠤ ᠬᠡᠷᠡᠭᠰᠡᠯ ᠦ᠋ᠨ ᠥᠩᠭᠡᠨ ᠡᠴᠡ ᠭᠣᠴᠣ ᠢᠯᠭᠠᠷᠠᠬᠤ ᠲᠣᠳᠣ ᠥᠩᠭᠡᠨ ᠦ᠌ ᠬᠡᠷᠡᠭ ᠦᠭᠡᠢ᠃ ᠳᠡᠪᠢᠰᠬᠡᠷ ᠥᠩᠭᠡ ᠲᠡᠢ ᠠᠯᠢ ᠪᠣᠯᠬᠤ ᠣᠢᠷᠠᠯᠴᠠᠭ᠎ᠠ ᠥᠩᠭᠡ ᠰᠣᠩᠭᠣᠵᠤ ᠠᠪᠤᠨ᠎ᠠ᠃ ᠵᠢᠱ᠌ᠢᠶ᠎ᠡ ᠨᠢ᠄ ᠬᠠᠷ᠎ᠠ ᠳᠡᠪᠢᠰᠬᠡᠷ ᠲᠦ᠍ ᠲᠣᠰᠣᠨ ᠪᠣᠷᠣ᠂ ᠪᠣᠷᠣ ᠥᠩᠭᠡᠨ ᠳ᠋ᠦ᠍ ᠬᠠᠷ᠎ᠠ᠂ ᠴᠠᠭᠠᠨ ᠥᠩᠭᠡᠨ ᠳ᠋ᠦ᠍ ᠰᠠᠷᠠᠯ ᠭᠡᠬᠦ ᠮᠡᠲᠦ᠃ ᠬᠠᠨᠲᠠᠭᠠᠵᠠ᠂ ᠬᠦᠷᠮ᠎ᠡ᠂ ᠤᠤᠵᠢ᠂ ᠳᠠᠩ ᠳᠡᠪᠡᠯ ᠦ᠋ᠨ ᠠᠯᠢᠨ ᠳ᠋ᠤ᠌ ᠴᠤ᠌ ᠵᠣᠬᠢᠮᠵᠢᠲᠠᠢ᠃
ᠵᠢᠷᠤᠭ38
ᠴᠡᠴᠡᠭ ᠢ᠋ᠶ᠋ᠡᠷ ᠲᠣᠨᠣᠭᠯᠠᠭᠰᠠᠨ ᠳᠠᠩ ᠳᠡᠪᠡᠯ

   ᠬᠤᠪᠴᠠᠰᠤ ᠬᠡᠷᠡᠭᠯᠡᠯ ᠢ᠋ ᠲᠤᠤᠵᠠ ᠪᠠᠷ ᠲᠣᠨᠣᠭᠯᠠᠬᠤ ᠣᠷᠴᠢᠨ ᠦᠶ᠎ᠡ ᠳ᠋ᠦ᠍ ᠶᠠᠩᠵᠤ ᠪᠦᠷᠢ ᠶ᠋ᠢᠨ ᠤᠲᠠᠰᠤᠨ ᠲᠤᠤᠵᠠ ᠢᠷᠡᠵᠦ ᠪᠠᠢᠭ᠎ᠠ ᠨᠢ ᠬᠤᠪᠴᠠᠰᠤ ᠲᠣᠨᠣᠭᠯᠠᠬᠤ ᠳ᠋ᠤ᠌ ᠪᠡᠯᠡᠨ ᠮᠠᠲ᠋ᠧᠷᠢᠶᠠᠯ ᠶᠤᠮ᠃ ᠲᠤᠤᠵᠠ ᠳᠣᠲᠣᠷ᠎ᠠ ᠪᠠᠨ ᠣᠯᠠᠨ ᠶᠠᠩᠵᠤ ᠶ᠋ᠢᠨ ᠬᠡ᠂ ᠰᠠ ᠲᠠᠢ ᠪᠠᠢᠳᠠᠭ᠃ ᠮᠣᠩᠭᠣᠯᠴᠤᠳ ᠳᠡᠭᠡᠷ᠎ᠡ ᠦᠶ᠎ᠡ ᠳ᠋ᠦ᠍ ᠬᠤᠪᠴᠠᠰᠤᠨ ᠳ᠋ᠤ᠌ ᠰᠠ ᠳᠠᠷᠤᠭᠤᠯᠳᠠᠭ ᠪᠠᠢᠭᠰᠠᠨ ᠢ᠋ᠶ᠋ᠠᠷ ᠦᠯᠦ ᠪᠠᠷᠠᠮ ᠠᠷᠮᠢ ᠶ᠋ᠢᠨ ᠬᠤᠪᠴᠠᠰᠤᠨ ᠳ᠋ᠤ᠌ ᠲᠣᠨᠣᠭ ᠴᠢᠮᠡᠭ ᠬᠢᠳᠡᠭ ᠨᠢ ᠣᠳᠣ ᠴᠤ᠌ ᠬᠡᠷᠡᠭᠯᠡᠭᠳᠡᠭᠰᠡᠭᠡᠷ ᠪᠠᠢᠨ᠎ᠠ᠃ ᠲᠤᠤᠵᠠ ᠪᠠᠷ ᠬᠤᠪᠴᠠᠰᠤ ᠲᠣᠨᠣᠭᠯᠠᠬᠤ ᠳ᠋ᠠᠭᠠᠨ ᠪᠤᠰᠤᠳ ᠲᠣᠨᠣᠭ ᠤ᠋ᠨ ᠠᠳᠠᠯᠢ ᠥᠩᠭᠡ ᠶ᠋ᠢ ᠵᠣᠬᠢᠴᠠᠭᠤᠯᠤᠨ᠎ᠠ᠃
   ᠮᠠᠨ ᠤ᠋ ᠡᠮᠡᠭᠲᠡᠢᠴᠦᠳ ᠪᠡᠯᠡᠨ ᠲᠤᠤᠵᠠ ᠬᠡᠷᠡᠭᠯᠡᠬᠦ ᠡᠴᠡ ᠭᠠᠳᠠᠨ᠎ᠠ ᠥᠪᠡᠷᠰᠡᠳ ᠢ᠋ᠶ᠋ᠡᠨ ᠭᠠᠷ ᠬᠣᠰᠢ(ᠲᠤᠤᠵᠠ) ᠬᠢᠵᠦ ᠬᠡᠷᠡᠭᠯᠡᠵᠦ ᠢᠷᠡᠵᠡᠢ᠃ ᠭᠠᠷ ᠬᠤᠰᠢ ᠶ᠋ᠢ ᠰᠡᠭᠦᠯ ᠦ᠋ᠨ ᠦᠶ᠎ᠡ ᠳ᠋ᠦ᠍ ᠬᠢᠬᠦ ᠶ᠋ᠢ ᠪᠣᠯᠢᠭᠰᠠᠨ ᠨᠢ ᠡᠮᠡᠭᠲᠡᠢᠴᠦᠳ ᠦ᠋ᠨ ᠦᠢᠯᠡ ᠳ᠋ᠦ᠍ ᠦᠭᠡᠢᠯᠡᠭᠳᠡᠬᠦ ᠪᠣᠯᠤᠭᠰᠠᠨ ᠲᠤᠯᠠ ᠳᠠᠬᠢᠨ ᠰᠡᠷᠭᠦᠭᠡᠨ ᠬᠢᠵᠦ ᠬᠡᠷᠡᠭᠯᠡᠬᠦ ᠨᠢ ᠴᠢᠬᠤᠯᠠ ᠪᠠᠢᠨ᠎ᠠ᠃ ᠭᠠᠷ ᠬᠣᠰᠢ ᠶ᠋ᠢᠨ ᠤᠲᠠᠰᠤ ᠨᠢᠭᠡ ᠪᠤᠶᠤ ᠬᠡᠳᠦ ᠬᠡᠳᠦᠨ ᠬᠣᠣᠰᠯᠠᠮᠠᠯ ᠥᠩᠭᠡ ᠶ᠋ᠢᠨ ᠤᠲᠠᠰᠤ ᠪᠠᠷ ᠪᠦᠷᠢᠳᠬᠦ ᠤᠴᠢᠷ ᠳᠠᠪ ᠤ᠋ᠨ ᠵᠠᠭᠤᠷ᠎ᠠ ᠤᠲᠠᠰᠤ ᠪᠠᠨ ᠪᠡᠯᠡᠳᠬᠡᠨ᠎ᠡ᠃ ᠭᠠᠷ ᠬᠤᠰᠢ ᠶ᠋ᠢ ᠲᠣᠷᠭ᠎ᠠ ᠶ᠋ᠢᠨ ᠪᠤᠶᠤ ᠳᠠᠪᠤᠤ ᠶ᠋ᠢᠨ ᠤᠲᠠᠰᠤ ᠪᠠᠷ ᠬᠢᠵᠦ ᠪᠣᠯᠤᠨ᠎ᠠ᠃ ᠬᠡᠷᠪᠡ ᠪᠡᠯᠡᠨ ᠤᠲᠠᠰᠤ ᠪᠠᠢᠬᠤ ᠦᠭᠡᠢ ᠪᠣᠯ ᠲᠣᠷᠭ᠎ᠠ᠂ ᠳᠠᠯᠢᠩᠪᠤᠤ ᠪᠣᠯᠤᠨ ᠪᠤᠰᠤᠳ ᠪᠠᠷᠠᠭᠠᠨ ᠤ᠋ ᠤᠲᠠᠰᠤ ᠶ᠋ᠢ ᠰᠤᠪᠤᠵᠤ ᠠᠪᠤᠭᠠᠳ ᠬᠢᠬᠦ ᠵᠦᠢᠯ ᠳ᠋ᠡᠭᠡᠨ ᠲᠣᠬᠢᠷᠠᠭᠤᠯᠤᠨ ᠲᠤᠤᠵᠠ ᠪᠠᠨ ᠥᠷᠭᠡᠨ ᠨᠠᠷᠢᠨ ᠶᠠᠩᠵᠤ ᠪᠦᠷᠢ ᠬᠣᠶᠠᠮᠤᠰᠤᠨ ᠪᠤᠶᠤ ᠭᠤᠷᠮᠤᠰᠤᠨ ᠢ᠋ᠶ᠋ᠠᠷ ᠲᠠᠮᠤᠵᠤ ᠪᠡᠯᠡᠳᠬᠡᠭᠡᠳ ᠲᠣᠨᠣᠭᠯᠠᠬᠤ ᠵᠦᠢᠯ ᠳ᠋ᠡᠭᠡᠨ ᠲᠣᠬᠢᠷᠠᠭᠤᠯᠤᠨ ᠲᠤᠤᠵᠠ ᠪᠠᠨ ᠥᠷᠭᠡᠨ ᠨᠠᠷᠢᠨ ᠶᠠᠩᠵᠤ ᠪᠦᠷᠢ ᠪᠡᠷ ᠲᠣᠬᠢᠷᠠᠭᠤᠯᠤᠨ ᠬᠣᠭᠣᠷᠣᠨᠳᠣ ᠨᠢ ᠭᠡᠷ ᠦ᠋ᠨ ᠬᠣᠰᠢᠯᠠᠩ ᠰᠢᠷᠢᠬᠦ ᠠᠳᠠᠯᠢ ᠪᠠᠷ ᠨᠡᠢᠯᠡᠭᠦᠯᠦᠨ ᠣᠶᠣᠨ᠎ᠠ᠃ ᠬᠡᠷᠪᠡ ᠠᠯᠠᠭ ᠬᠤᠰᠢ ᠬᠢᠬᠦ ᠪᠣᠯ ᠤᠲᠠᠰᠤᠨ ᠤ᠋ ᠪᠠᠨ ᠥᠩᠭᠡ ᠶ᠋ᠢ ᠰᠣᠯᠣᠩᠭᠠᠨ ᠥᠩᠭᠡ ᠪᠡᠷ ᠲᠣᠬᠢᠷᠠᠭᠤᠯᠪᠠᠯ ᠶᠠᠮᠠᠷ ᠴᠤ᠌ ᠮᠠᠲ᠋ᠧᠷᠢᠶᠠᠯ ᠳ᠋ᠤ᠌ ᠴᠢᠮᠡᠭ ᠬᠢᠬᠦ ᠳ᠋ᠦ᠍ ᠲᠣᠬᠢᠷᠠᠨ᠎ᠠ᠃ ᠨᠢᠭᠡ ᠥᠩᠭᠡ ᠪᠡᠷ ᠬᠢᠪᠡᠯ ᠨᠢᠭᠡ ᠥᠩᠭᠡ ᠶ᠋ᠢᠨ ᠤᠲᠠᠰᠤ ᠪᠡᠯᠡᠳᠬᠡᠨ᠎ᠡ᠃ ᠭᠠᠷ ᠬᠣᠰᠢ ᠨᠢ ᠣᠢᠮᠣᠰᠤᠨ ᠤ᠋ ᠬᠠᠷᠠᠭ᠎ᠠ ᠶ᠋ᠢᠨ ᠳᠣᠣᠷᠠᠲᠤ ᠵᠠᠬ᠎ᠠ ᠪᠠᠷ ᠬᠡ ᠲᠠᠯᠪᠢᠬᠤ ᠳ᠋ᠤ᠌ ᠲᠣᠬᠢᠷᠠᠮᠵᠢᠲᠠᠢ ᠪᠠᠢᠳᠠᠭ᠃
   ᠱ᠌ᠢᠷᠦ ᠰᠤᠪᠤᠳ ᠢ᠋ᠶ᠋ᠠᠷ ᠪᠤᠶᠤ ᠦᠯᠪᠦᠩ ᠢ᠋ᠶ᠋ᠡᠷ ᠬᠤᠪᠴᠠᠰᠤ ᠲᠣᠨᠣᠭᠯᠠᠬᠤ ᠱ᠌ᠢᠷᠦ ᠰᠤᠪᠤᠳ᠂ ᠦᠯᠪᠦᠩ ᠢ᠋ᠶ᠋ᠡᠷ ᠬᠤᠪᠴᠠᠰᠤ ᠲᠣᠨᠣᠭᠯᠠᠬᠤ ᠤᠷᠠᠯᠠᠯ ᠡᠷᠲᠡ ᠦᠶ᠎ᠡ ᠡᠴᠡ ᠡᠳᠦᠭᠡ ᠬᠦᠷᠲᠡᠯ᠎ᠡ ᠬᠡᠷᠡᠭᠯᠡᠭᠳᠡᠵᠦ ᠢᠷᠡᠭᠰᠡᠨ ᠥᠪᠡᠷᠮᠢᠴᠡ ᠤᠷᠠᠯᠠᠯ ᠶᠤᠮ᠃ ᠰᠤᠪᠤᠳ ᠢ᠋ᠶ᠋ᠠᠷ ᠲᠣᠨᠣᠭᠯᠠᠵᠤ ᠬᠡ ᠲᠠᠯᠪᠢᠭᠰᠠᠨ ᠬᠠᠨᠲᠠᠭᠠᠵᠠ ᠪᠡᠯᠡᠭᠯᠡᠵᠦ ᠪᠠᠢᠭᠰᠠᠨ ᠲᠤᠬᠠᠢ ᠮᠡᠳᠡᠭᠡ ᠪᠠᠢᠳᠠᠭ᠃ ᠱ᠌ᠢᠷᠦ ᠰᠤᠪᠤᠳ᠂ ᠥᠩᠭᠡᠲᠦ ᠰᠢᠯ᠂ ᠦᠯᠪᠦᠩ ᠢ᠋ᠶ᠋ᠡᠷ ᠬᠤᠪᠴᠠᠰᠤ ᠶ᠋ᠢ ᠲᠣᠨᠣᠭᠯᠠᠬᠤ ᠳ᠋ᠠᠭᠠᠨ ᠡᠩ ᠦ᠋ᠨ ᠡᠮᠦᠰᠳᠡᠭ ᠬᠤᠪᠴᠠᠰᠤᠨ ᠳ᠋ᠤ᠌ ᠲᠣᠬᠢᠷᠠᠮᠵᠢ ᠦᠭᠡᠢ ᠪᠥᠭᠡᠳ ᠭᠣᠶᠣᠯ ᠤ᠋ᠨ ᠬᠠᠨᠲᠠᠭᠠᠵᠠ᠂ ᠬᠦᠷᠮ᠎ᠡ ᠨᠣᠣᠰᠣᠨ ᠴᠠᠮᠴᠠ᠂ ᠳᠣᠲᠣᠷ ᠴᠠᠮᠴᠠ᠂ ᠳᠠᠩ ᠳᠡᠪᠡᠯ ᠦ᠋ᠨ ᠡᠩᠭᠡᠷ ᠵᠠᠬ᠎ᠠ ᠬᠠᠨᠴᠤᠢ ᠪᠤᠶᠤ ᠨᠣᠣᠰᠣᠨ ᠴᠠᠮᠴᠠ ᠶ᠋ᠢᠨ ᠡᠩᠭᠡᠷ ᠲᠦ᠍ ᠬᠡ ᠲᠠᠯᠪᠢᠬᠤ ᠳ᠋ᠤ᠌ ᠢᠯᠠᠩᠭᠤᠶ᠎ᠠ ᠰᠥᠨᠢ ᠶ᠋ᠢᠨ ᠬᠤᠪᠴᠠᠰᠤᠨ ᠳ᠋ᠤ᠌ ᠵᠣᠬᠢᠮᠵᠢᠲᠠᠢ ᠪᠠᠢᠳᠠᠭ᠃
ᠵᠢᠷᠤᠭ39
(1)
ᠰᠤᠪᠤᠳ ᠢ᠋ᠶ᠋ᠠᠷ ᠪᠦᠲᠦᠭᠡᠭᠰᠡᠨ ᠲᠣᠨᠣᠯᠵᠢᠨ ᠬᠡ
(2) ᠬᠤᠪᠴᠠᠰᠤᠨ ᠤ᠋ ᠵᠠᠬ᠎ᠠ ᠡᠩᠭᠡᠷ ᠢ᠋ ᠱ᠌ᠢᠷᠦ ᠰᠤᠪᠤᠳ ᠢ᠋ᠶ᠋ᠠᠷ ᠲᠣᠨᠣᠭᠯᠠᠭᠰᠠᠨ ᠪᠠᠢᠳᠠᠯ

   ᠱ᠌ᠢᠷᠦ ᠰᠤᠪᠤᠳ ᠢ᠋ᠶ᠋ᠠᠷ ᠪᠤᠶᠤ ᠦᠯᠪᠦᠩ ᠢ᠋ᠶ᠋ᠡᠷ ᠬᠡ ᠶ᠋ᠢ ᠶᠠᠩᠵᠤ ᠪᠦᠷᠢ ᠪᠡᠷ ᠲᠠᠯᠪᠢᠵᠤ ᠪᠣᠯᠤᠨ᠎ᠠ᠃ ᠶᠠᠭᠤᠨ ᠤ᠋ ᠡᠮᠦᠨ᠎ᠡ ᠲᠠᠯᠪᠢᠬᠤ ᠭᠠᠵᠠᠷ ᠢ᠋ᠶ᠋ᠠᠨ ᠲᠤᠬᠠᠢᠯᠠᠪᠠᠯ᠂ ᠮᠣᠩᠭᠣᠯ ᠬᠠᠨᠲᠠᠭᠠᠵᠠ ᠬᠦᠷᠮ᠎ᠡ᠂ ᠨᠣᠣᠰᠣᠨ ᠪᠠ ᠳᠣᠲᠣᠷ ᠴᠠᠮᠴᠠ ᠶ᠋ᠢᠨ ᠵᠠᠬ᠎ᠠ ᠡᠩᠭᠡᠷ ᠲᠦ᠍ ᠡᠬᠢᠯᠡᠨ ᠵᠢᠷᠤᠭ ᠢ᠋ᠶ᠋ᠠᠨ ᠵᠢᠷᠤᠨ᠎ᠠ᠃ ᠳᠠᠷᠠᠭ᠎ᠠ ᠨᠢ ᠴᠢᠮᠡᠭᠯᠡᠬᠦ ᠱ᠌ᠢᠷᠦ ᠰᠤᠪᠤᠳ ᠢ᠋ᠶ᠋ᠠᠨ ᠪᠥᠬᠡ ᠨᠡᠢᠯᠡᠭ ᠪᠤᠶᠤ ᠮᠢᠨᠳᠠᠰᠤ᠂ ᠰᠢᠷᠪᠦᠰᠦᠨ ᠤᠲᠠᠰᠤᠨ ᠳ᠋ᠤ᠌ ᠬᠡᠯᠬᠢᠨ ᠬᠡ ᠳ᠋ᠡᠭᠡᠨ ᠲᠣᠬᠢᠷᠠᠭᠤᠯᠤᠨ ᠥᠭᠡᠷ᠎ᠡ ᠤᠲᠠᠰᠤ ᠪᠠᠷ ᠳᠠᠷᠤᠭᠤᠯᠵᠤ ᠣᠶᠣᠬᠤ ᠪᠤᠶᠤ ᠨᠠᠷᠢᠨ ᠲᠣᠨᠣᠭ ᠳᠡᠭᠡᠷ᠎ᠡ ᠬᠡᠯᠬᠢᠬᠦ ᠤᠲᠠᠰᠤ ᠪᠠᠨ ᠵᠡᠭᠦᠨ ᠳ᠋ᠦ᠍ ᠰᠦᠪᠡᠯᠡᠨ ᠣᠶᠣᠬᠤ ᠮᠠᠶᠢᠭ ᠢ᠋ᠶ᠋ᠠᠷ ᠬᠡᠯᠡᠨ᠎ᠡ᠃
ᠡᠭᠦᠨ ᠦ᠌ ᠲᠤᠯᠠᠳᠠ ᠱ᠌ᠢᠷᠦ ᠰᠤᠪᠤᠳ ᠢ᠋ᠶ᠋ᠠᠨ ᠳᠡᠷᠭᠡᠳᠡ ᠪᠡᠨ ᠲᠠᠯᠪᠢᠵᠤ ᠨᠢᠭᠡ ᠨᠢᠭᠡ ᠪᠡᠷ ᠬᠡᠯᠬᠢᠨ ᠬᠡ ᠳ᠋ᠦ᠍ ᠣᠶᠣᠬᠤ ᠵᠠᠮ ᠢ᠋ᠶ᠋ᠠᠷ ᠲᠣᠨᠣᠭᠯᠠᠬᠤ ᠪᠠ ᠤᠭ ᠬᠤᠪᠴᠠᠰᠤᠨ ᠳ᠋ᠤ᠌ ᠥᠩᠭᠡ ᠲᠣᠬᠢᠷᠠᠭᠤᠯᠤᠨ᠎ᠠ᠃ ᠡᠭᠦᠨ ᠳ᠋ᠦ᠍ ᠴᠠᠭᠠᠨ ᠳᠡᠭᠡᠷ᠎ᠡ ᠴᠠᠭᠠᠨ᠂ ᠬᠠᠷ᠎ᠠ ᠳᠡᠭᠡᠷ᠎ᠡ ᠬᠠᠷ᠎ᠠ ᠭᠡᠬᠦ ᠮᠡᠲᠦ ᠬᠤᠪᠴᠠᠰᠤᠨ ᠤ᠋ ᠥᠩᠭᠡ ᠲᠡᠢ ᠪᠡᠨ ᠢᠵᠠᠯ ᠬᠡ ᠲᠠᠯᠪᠢᠬᠤ ᠨᠢ ᠵᠣᠬᠢᠮᠵᠢᠲᠠᠢ ᠪᠠᠢᠳᠠᠭ᠃
   ᠬᠡᠷᠪᠡ ᠦᠯᠪᠦᠩ ᠢ᠋ᠶ᠋ᠡᠷ ᠴᠡᠴᠡᠭ ᠦ᠋ᠨ ᠬᠡ ᠲᠠᠯᠪᠢᠬᠤ ᠪᠣᠯ ᠴᠡᠴᠡᠭ ᠦ᠋ᠨ ᠴᠣᠮᠣᠷᠯᠢᠭ᠂ ᠳᠣᠬᠢᠭᠤᠷ ᠰᠡᠭᠦᠳᠡᠷ ᠢ᠋ ᠭᠠᠷᠭᠠᠬᠤ ᠳ᠋ᠠᠭᠠᠨ ᠬᠠᠳᠬᠤᠮᠠᠯ ᠤ᠋ᠨ ᠥᠩᠭᠡ ᠲᠣᠬᠢᠷᠠᠭᠤᠯᠬᠤ ᠲᠠᠢ ᠠᠳᠠᠯᠢ᠃ ᠮᠥᠨ ᠵᠢᠵᠢᠭ ᠦᠯᠪᠦᠩ ᠵᠠᠬ᠎ᠠ ᠪᠠᠷ ᠨᠢ ᠣᠶᠣᠵᠤ ᠬᠡᠯᠡᠭᠡᠳ ᠭᠣᠣᠯ ᠳ᠋ᠤᠨᠢ ᠵᠠᠬ᠎ᠠ ᠶ᠋ᠢᠨ ᠦᠯᠪᠦᠩ ᠡᠴᠡ ᠠᠷᠠᠢ ᠲᠣᠮᠣ ᠥᠩᠭᠡᠲᠦ ᠰᠢᠯ ᠲᠠᠯᠪᠢᠵᠤ ᠪᠦᠲᠡᠩ ᠬᠡᠯᠪᠡᠷᠢ ᠲᠡᠢ ᠬᠡ ᠭᠠᠷᠭᠠᠪᠠᠯ ᠵᠣᠬᠢᠮᠵᠢᠲᠠᠢ ᠰᠣᠨᠢᠨ ᠬᠡ ᠭᠠᠷᠤᠨ᠎ᠠ᠃ ᠬᠠᠷᠢᠨ ᠱ᠌ᠢᠷᠦ᠂ ᠰᠤᠪᠤᠳ ᠮᠡᠲᠦ ᠴᠢᠨᠠᠷᠲᠠᠢ ᠡᠷᠳᠡᠨᠢᠰ ᠦ᠋ᠨ ᠵᠦᠢᠯ ᠢ᠋ ᠦᠯᠪᠦᠩ ᠮᠡᠲᠦ ᠥᠭᠡᠷ᠎ᠡ ᠶᠠᠭᠤᠮ᠎ᠠ ᠲᠠᠢ ᠬᠣᠯᠢᠬᠤ ᠬᠡᠷᠡᠭ ᠦᠭᠡᠢ᠃ ᠬᠤᠪᠴᠠᠰᠤ ᠬᠡᠯᠡᠬᠦ ᠱ᠌ᠢᠷᠦ᠂ ᠰᠤᠪᠤᠳ ᠠᠯᠢ ᠪᠣᠯᠬᠤ ᠵᠢᠵᠢᠭ ᠪᠠᠢᠪᠠᠯ ᠲᠡᠳᠦᠢᠴᠢᠨᠡᠭᠡᠨ ᠰᠠᠢᠨ ᠪᠠᠢᠳᠠᠭ᠃
   ᠴᠢᠮᠡᠭᠯᠡᠬᠦ ᠤᠷᠠᠯᠢᠭ ᠤ᠋ᠨ ᠨᠢᠭᠡ ᠲᠣᠮᠣᠬᠠᠨ ᠲᠥᠷᠥᠯ ᠨᠢ ᠤᠲᠠᠰᠤᠨ ᠴᠢᠮᠡᠭ ᠶᠦᠮ᠃ ᠤᠲᠠᠰᠤ ᠪᠠᠷ ᠶᠠᠮᠠᠷ ᠴᠤ᠌ ᠬᠡ ᠶ᠋ᠢ ᠪᠦᠲᠦᠭᠡᠨ ᠴᠢᠮᠡᠭᠯᠡᠵᠦ ᠪᠣᠯᠳᠠᠭ᠃ ᠤᠲᠠᠰᠤ ᠪᠠᠷ ᠮᠣᠩᠭᠣᠯ ᠦᠨᠳᠦᠰᠦᠲᠡᠨ ᠦ᠌ ᠲᠥᠷᠥᠯ ᠪᠦᠷᠢ ᠶ᠋ᠢᠨ ᠪᠡᠯᠭᠡᠳᠡᠯ᠂ ᠭᠣᠶᠣᠯ ᠴᠢᠮᠡᠭᠯᠡᠯ ᠦ᠋ᠨ ᠬᠡ ᠲᠠᠯᠪᠢᠬᠤ ᠠ᠋ᠴᠠ ᠭᠠᠳᠠᠨ᠎ᠠ ᠠᠮᠢᠲᠠᠨ᠂ ᠤᠷᠭᠤᠮᠠᠯ ᠵᠡᠷᠭᠡ ᠳᠤᠷᠠᠲᠠᠢ ᠬᠡ᠂ ᠳᠦᠷᠰᠦ ᠭᠠᠷᠭᠠᠵᠤ ᠪᠣᠯᠤᠨ᠎ᠠ᠃ ᠬᠤᠪᠴᠠᠰᠤ ᠡᠳ᠋ᠯᠡᠯ ᠴᠢᠮᠡᠭᠯᠡᠬᠦ ᠤᠲᠠᠰᠤᠨ ᠬᠡ ᠶ᠋ᠢ ᠳᠠᠩ ᠪᠠ ᠣᠯᠠᠨ ᠥᠩᠭᠡ ᠪᠡᠷ ᠬᠤᠷᠰᠢᠬᠤ ᠪᠤᠶᠤ ᠬᠣᠰᠢᠮᠠᠭ ᠪᠠᠢᠳᠠᠯ ᠢ᠋ᠶ᠋ᠠᠷ ᠭᠠᠷᠭᠠᠵᠤ ᠬᠡᠯᠡᠨ᠎ᠡ᠃ ᠬᠣᠷᠰᠢᠬᠤ ᠪᠠᠢᠳᠠᠯ ᠭᠡᠳᠡᠭ ᠪᠣᠯ ᠬᠡᠳᠦᠨ ᠥᠩᠭᠡ ᠶ᠋ᠢᠨ ᠤᠲᠠᠰᠤ ᠶ᠋ᠢ ᠬᠣᠯᠢᠬᠤ ᠪᠤᠶᠤ ᠰᠡᠭᠦᠳᠡᠷ ᠭᠠᠷᠭᠠᠬᠤ ᠪᠠᠢᠳᠠᠯ ᠢ᠋ᠶ᠋ᠠᠷ ᠤᠷᠠᠯᠠᠬᠤ ᠶ᠋ᠢ ᠬᠡᠯᠡᠨ᠎ᠡ᠃ ᠬᠣᠰᠢᠮᠠᠭ ᠭᠡᠳᠡᠭ ᠨᠢ ᠤᠲᠠᠰᠤ ᠶ᠋ᠢ ᠬᠣᠯᠢᠬᠤ ᠪᠢᠰᠢ ᠬᠡᠳᠦ ᠬᠡᠳᠦᠨ ᠥᠩᠭᠡ ᠶ᠋ᠢᠨ ᠤᠲᠠᠰᠤ ᠶ᠋ᠢ ᠰᠣᠯᠣᠩᠭᠠᠷᠠᠭᠤᠯᠤᠨ ᠵᠡᠷᠭᠡᠴᠡᠭᠦᠯᠦᠨ ᠠᠯᠠᠭᠯᠠᠭᠤᠯᠵᠤ ᠴᠢᠮᠡᠭᠯᠡᠬᠦ ᠠᠷᠭ᠎ᠠ ᠶᠤᠮ᠃ ᠬᠡ ᠴᠢᠮᠡᠭ ᠬᠢᠬᠦ ᠳ᠋ᠦ᠍ ᠨᠣᠣᠰᠣᠨ ᠪᠤᠶᠤ ᠲᠣᠷᠭ᠎ᠠ᠂ ᠳᠠᠪᠤᠤ ᠵᠡᠷᠭᠡ ᠶᠠᠮᠠᠷ ᠴᠤ᠌ ᠤᠲᠠᠰᠤ ᠪᠠᠷ ᠴᠢᠮᠡᠭ ᠬᠢᠵᠦ ᠪᠣᠯᠬᠤ ᠪᠣᠯᠪᠠᠴᠤ ᠨᠢᠮᠭᠡᠨ ᠲᠣᠷᠭᠠᠨ ᠳᠡᠭᠡᠷ᠎ᠡ ᠳᠠᠪᠤᠤ ᠪᠤᠶᠤ ᠨᠣᠣᠰᠣᠨ ᠤᠲᠠᠰᠤ ᠵᠣᠬᠢᠮᠵᠢ ᠦᠭᠡᠢ ᠪᠠᠢᠳᠠᠭ᠃ ᠤᠲᠠᠰᠤ ᠪᠠᠷ ᠵᠠᠩᠭᠢᠳᠤᠮᠠᠯ᠂ ᠰᠦᠯᠵᠢᠮᠡᠯ ᠬᠡ ᠬᠢᠬᠦ ᠡᠴᠡ ᠭᠠᠳᠠᠨ᠎ᠠ ᠰᠢᠪᠡᠭᠦᠷ ᠵᠡᠭᠦᠦ ᠪᠡᠷ ᠳᠤᠭᠤᠢ ᠲᠣᠨᠣᠯᠵᠢᠨ ᠬᠡ᠂ ᠯᠠᠨᠵᠠ ᠪᠣᠯᠤᠨ ᠪᠤᠰᠤᠳ ᠵᠠᠬᠠᠯᠠᠬᠤ ᠴᠢᠮᠡᠭᠯᠡᠬᠦ ᠬᠡ ᠶ᠋ᠢ ᠬᠢᠵᠦ ᠪᠣᠯᠤᠨ᠎ᠠ᠃ ᠬᠡᠷᠪᠡ ᠰᠢᠪᠡᠭᠦᠷ ᠢ᠋ᠶ᠋ᠡᠷ ᠬᠡ ᠲᠠᠯᠪᠢᠭᠰᠠᠨ ᠪᠣᠯ ᠳᠡᠪᠢᠰᠬᠡᠷ ᠮᠠᠲ᠋ᠧᠷᠢᠶᠠᠯ ᠤ᠋ᠨ ᠢ᠋ᠶ᠋ᠠᠨ ᠨᠢᠮᠭᠡᠨ ᠵᠤᠵᠠᠭᠠᠨ ᠳ᠋ᠤ᠌ ᠲᠣᠬᠢᠷᠠᠭᠤᠯᠤᠨ ᠤᠲᠠᠰᠤᠨ ᠤ᠋ ᠪᠠᠨ ᠭᠣᠭᠴᠣᠭ᠎ᠠ ᠶ᠋ᠢ ᠵᠢᠭᠳᠡ ᠬᠠᠢᠴᠢᠯᠠᠨ ᠬᠡᠪᠢᠰ ᠬᠡᠯᠪᠡᠷᠢ ᠲᠡᠢ ᠪᠣᠯᠭᠠᠪᠠᠯ ᠦᠵᠡᠮᠵᠢ ᠲᠡᠢ ᠪᠣᠯᠳᠠᠭ᠃ ᠰᠢᠪᠡᠭᠦᠷ ᠣᠶᠣᠳᠠᠯ ᠢ᠋ᠶ᠋ᠠᠷ ᠬᠡ ᠭᠠᠷᠭᠠᠬᠤ ᠳ᠋ᠠᠭᠠᠨ ᠳᠡᠪᠢᠰᠬᠡᠷ᠂ ᠤᠲᠠᠰᠤᠨ ᠤ᠋ ᠥᠩᠭᠡ ᠬᠣᠶᠠᠷ ᠢ᠋ ᠨᠠᠷᠢᠨ ᠵᠣᠬᠢᠴᠠᠭᠤᠯᠬᠤ ᠶᠣᠰᠣᠲᠠᠢ᠃ ᠰᠢᠪᠡᠭᠦᠷ ᠪᠤᠶᠤ ᠥᠭᠡᠷ᠎ᠡ ᠠᠷᠭ᠎ᠠ ᠪᠠᠷ ᠴᠢᠮᠡᠭ ᠬᠢᠬᠦ ᠳ᠋ᠦ᠍ ᠤᠷᠢᠳᠴᠢᠯᠠᠵᠤ ᠵᠢᠷᠤᠭ ᠢ᠋ᠶ᠋ᠠᠨ ᠵᠢᠷᠤᠵᠤ ᠥᠨᠴᠥᠭ ᠪᠤᠯᠤᠩ ᠤ᠋ᠨ ᠬᠡ ᠶ᠋ᠢᠨ ᠵᠠᠢ ᠶ᠋ᠢ ᠲᠣᠬᠢᠷᠠᠭᠤᠯᠵᠤ ᠴᠣᠬᠣᠢ ᠪᠠᠷ ᠪᠦᠳᠡᠭᠢᠬᠡᠨ ᠵᠢᠷᠤᠭᠠᠳ ᠡᠭᠦᠨ ᠦ᠌ ᠪᠡᠨ ᠳᠠᠭᠠᠤ ᠬᠡ ᠪᠡᠨ ᠲᠠᠯᠪᠢᠨ᠎ᠠ᠃ ᠣᠶᠣᠬᠤ ᠳ᠋ᠠᠭᠠᠨ ᠬᠡ ᠶ᠋ᠢ ᠬᠥᠭᠡᠭᠡᠵᠦ ᠰᠢᠭᠤᠳ ᠬᠠᠳᠬᠤᠮᠠᠯ ᠢ᠋ᠶ᠋ᠠᠨ ᠡᠬᠢᠯᠡᠬᠦ ᠶᠦᠮ ᠤᠤ ᠡᠰᠡᠬᠦᠯ᠎ᠡ ᠤᠲᠠᠰᠤ ᠪᠠᠨ(ᠬᠡ ᠲᠠᠯᠪᠢᠬᠤ) ᠵᠢᠷᠤᠭᠰᠠᠨ ᠬᠡ ᠳ᠋ᠡᠭᠡᠨ ᠲᠣᠬᠢᠷᠠᠭᠤᠯᠤᠨ ᠲᠦᠷ ᠲᠣᠭᠲᠠᠭᠠᠭᠠᠳ ᠬᠡ ᠲᠠᠯᠪᠢᠭᠰᠠᠨ ᠤᠲᠠᠰᠤᠨ ᠤ᠋ ᠪᠠᠨ ᠥᠩᠭᠡ ᠲᠡᠢ ᠤᠲᠠᠰᠤ ᠪᠠᠷ ᠳᠠᠷᠤᠭᠤᠯᠤᠨ ᠣᠶᠣᠨ᠎ᠠ᠃

   ᠦᠰᠦᠭ ᠠᠮᠢᠯᠠᠭᠤᠯᠤᠭᠴᠢ᠄ ᠭᠠᠷᠮ᠎ᠠ ᠥᠯᠵᠡᠢᠪᠠᠭᠠᠲᠤᠷ ᠲᠣᠭᠳᠠᠭᠤᠨᠪᠠᠶᠠᠷ ᠰᠠᠢᠨᠪᠢᠯᠢᠭ᠌ ᠱᠠᠭᠰᠠᠯ
   ᠬᠢᠨᠠᠭᠴᠢ᠄ ᠰᠡᠬᠡᠭᠡᠷᠡᠯ᠂ ᠣᠳᠬᠠᠨᠰᠣ᠎ᠠ