ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ22-ᠮᠣᠩᠭᠣᠯ ᠤ᠋ᠨ ᠡᠷ᠎ᠡ ᠶ᠋ᠢᠨ ᠭᠤᠷᠪᠠᠨ ᠨᠠᠭᠠᠳᠤᠮ ᠪᠣᠯᠤᠨ ᠶᠣᠰᠣᠯᠠᠯ ᠤ᠋ᠨ ᠬᠤᠪᠴᠠᠰᠤ
ᠬᠣᠶᠠᠳᠤᠭᠠᠷ ᠪᠦᠯᠦᠭ22-ᠮᠣᠩᠭᠣᠯ ᠤ᠋ᠨ ᠡᠷ᠎ᠡ ᠶ᠋ᠢᠨ ᠭᠤᠷᠪᠠᠨ ᠨᠠᠭᠠᠳᠤᠮ ᠪᠣᠯᠤᠨ ᠶᠣᠰᠣᠯᠠᠯ ᠤ᠋ᠨ ᠬᠤᠪᠴᠠᠰᠤ
13 ᠳ᠋ᠤᠭᠠᠷ ᠦᠶ᠎ᠡ ᠳ᠋ᠦ᠍ ᠮᠣᠩᠭᠣᠯ ᠳ᠋ᠤ᠌ ᠢᠷᠡᠵᠦ ᠪᠠᠢᠭᠰᠠᠨ ᠵᠢᠭᠤᠯᠴᠢᠨ ᠮᠠᠷᠺᠣ ᠫᠣᠯᠣ᠋ ᠪᠢᠴᠢᠬᠦ ᠳ᠋ᠡᠭᠡᠨ᠄ ᠮᠣᠩᠭᠣᠯ ᠤ᠋ᠨ ᠴᠠᠭᠠᠨ ᠰᠠᠷ᠎ᠠ ᠬᠣᠶᠠᠷ ᠰᠠᠷ᠎ᠠ ᠠ᠋ᠴᠠ ᠡᠬᠢᠯᠡᠳᠡᠭ ᠭᠡᠰᠡᠨ ᠨᠢ ᠣᠳᠣ ᠶ᠋ᠢᠨ ᠣᠨ ᠲᠣᠭᠠᠯᠠᠯ ᠤ᠋ᠨ ᠴᠠᠭᠠᠨ ᠰᠠᠷ᠎ᠠ ᠪᠤᠶᠤ ᠮᠠᠯᠴᠢᠨ ᠤ᠋ ᠴᠠᠭᠠᠨ ᠰᠠᠷ᠎ᠠ ᠲᠠᠢ ᠲᠣᠬᠢᠷᠠᠵᠤ ᠪᠠᠢᠭ᠎ᠠ ᠪᠥᠭᠡᠳ ᠬᠤᠪᠴᠠᠰᠤᠨ ᠤ᠋ ᠲᠠᠯ᠎ᠠ ᠪᠠᠷ ᠲᠡᠭᠦᠨ ᠦ᠌ ᠪᠢᠴᠢᠭᠰᠡᠨ ᠡᠴᠡ ᠦᠵᠡᠬᠦ ᠳ᠋ᠦ᠍ ᠲᠡᠳᠡ ᠡᠷ᠎ᠡ ᠡᠮ᠎ᠡ ᠦᠭᠡᠢ ᠴᠥᠮ ᠴᠢᠳᠠᠬᠤ ᠶᠠᠳᠠᠬᠤ ᠪᠠᠷ ᠢ᠋ᠶ᠋ᠠᠨ ᠴᠠᠭᠠᠨ ᠬᠤᠪᠴᠠᠰᠤ ᠡᠮᠦᠰᠦᠨ᠎ᠡ᠃ ᠮᠣᠩᠭᠣᠯᠴᠤᠳ ᠴᠠᠭᠠᠨ ᠬᠤᠪᠴᠠᠰᠤ ᠶ᠋ᠢ ᠠᠵᠠ ᠵᠢᠷᠭᠠᠯ ᠲᠠᠢ ᠳ᠋ᠤ᠌ ᠲᠣᠭᠠᠴᠠᠨ ᠰᠢᠲᠦᠳᠡᠭ ᠤᠴᠢᠷ ᠲᠡᠭᠦᠨ ᠢ᠋ ᠪᠡᠯᠭᠡᠳᠡᠨ ᠡᠰᠡᠨ ᠮᠡᠨᠳᠦ᠂ ᠡᠩᠬᠡ ᠠᠮᠤᠭᠤᠯᠠᠩ ᠪᠠᠢᠬᠤ ᠶ᠋ᠢᠨ ᠲᠤᠯᠠᠳᠠ ᠴᠠᠭᠠᠨ ᠬᠤᠪᠴᠠᠰᠤ ᠡᠮᠦᠰᠬᠦ ᠪᠠ ᠡᠨᠡ ᠬᠤᠪᠴᠠᠰᠤ ᠶ᠋ᠢ ᠨᠣᠶᠠᠳ ᠲᠦᠰᠢᠮᠡᠳ ᠲᠡᠳᠦᠢ ᠦᠭᠡᠢ ᠪᠦᠬᠦ ᠬᠥᠮᠦᠨ ᠡᠮᠦᠰᠴᠦ᠂ ᠪᠡᠶ᠎ᠡ ᠳ᠋ᠡᠭᠡᠨ ᠴᠠᠭᠠᠨ ᠵᠦᠢᠯ ᠢ᠋ ᠪᠡᠯᠭᠡᠳᠡᠨ ᠵᠣᠯᠭᠠᠵᠤ ᠬᠥᠭᠵᠢᠯᠳᠦᠨ ᠨᠠᠢᠷᠯᠠᠳᠠᠭ ᠨᠢ ᠪᠦᠬᠦ ᠵᠢᠯ ᠢ᠋ ᠠᠵᠠ ᠵᠢᠷᠭᠠᠯ ᠲᠠᠢ ᠥᠩᠭᠡᠷᠡᠭᠡᠬᠦ ᠶ᠋ᠢᠨ ᠲᠤᠯᠠᠳᠠ ᠢᠩᠭᠢᠳᠡᠭ ᠭᠡᠵᠦ ᠪᠢᠴᠢᠵᠡᠢ᠃
ᠡᠭᠦᠨ ᠡᠴᠡ ᠦᠨᠳᠦᠰᠦᠯᠡᠨ ᠴᠠᠭᠠᠨ ᠰᠠᠷ᠎ᠠ ᠭᠡᠵᠦ ᠨᠡᠷᠡᠯᠡᠬᠦ ᠪᠣᠯᠤᠭᠰᠠᠨ ᠪᠣᠯᠤᠯᠲᠠᠢ᠃ ᠮᠣᠩᠭᠣᠯᠴᠤᠳ ᠤ᠋ᠨ ᠰᠢᠨ᠎ᠡ ᠵᠢᠯ᠂ ᠨᠠᠢᠷ ᠨᠠᠭᠠᠳᠤᠮ᠂ ᠠᠭᠤᠯᠠ ᠤᠰᠤ ᠲᠠᠬᠢᠬᠤ ᠵᠡᠷᠭᠡ ᠳ᠋ᠦ᠍ ᠡᠷ᠎ᠡ ᠶ᠋ᠢᠨ ᠭᠤᠷᠪᠠᠨ ᠨᠠᠭᠠᠳᠤᠮ ᠬᠢᠬᠦ ᠪᠥᠭᠡᠳ ᠪᠠᠭ᠎ᠠ ᠵᠡᠷᠭᠡ ᠶ᠋ᠢᠨ ᠨᠠᠢᠷ ᠨᠠᠭᠠᠳᠤᠮ ᠳ᠋ᠤ᠌ ᠡᠷ᠎ᠡ ᠶ᠋ᠢᠨ ᠭᠤᠷᠪᠠᠨ ᠨᠠᠭᠠᠳᠤᠮ ᠬᠢᠳᠡᠭ ᠦᠭᠡᠢ᠃ ᠡᠷ᠎ᠡ ᠶ᠋ᠢᠨ ᠭᠤᠷᠪᠠᠨ ᠨᠠᠭᠠᠳᠤᠮ ᠤ᠋ᠨ ᠤᠤᠭᠠᠨ ᠪᠡᠶ᠎ᠡ ᠲᠠᠮᠢᠷ ᠤ᠋ᠨ ᠨᠢᠭᠡ ᠪᠣᠯᠬᠤ ᠦᠨᠳᠦᠰᠦᠲᠡᠨ ᠦ᠌ ᠪᠥᠬᠡ ᠶ᠋ᠢᠨ ᠬᠤᠪᠴᠠᠰᠤ ᠶᠡᠷᠦᠳᠡ ᠶ᠋ᠢᠨ ᠡᠭᠡᠳᠡᠩ ᠭᠤᠲᠤᠯ ᠪᠥᠭᠡᠳ ᠡᠭᠦᠨ ᠢ᠋ ᠡᠷᠲᠡ ᠦᠶ᠎ᠡ ᠡᠴᠡ ᠡᠬᠢᠯᠡᠨ ᠣᠳᠣ ᠬᠦᠷᠲᠡᠯ᠎ᠡ ᠬᠡᠷᠡᠭᠯᠡᠵᠦ ᠪᠠᠢᠭ᠎ᠠ ᠶᠤᠮ(ᠤᠷ᠎ᠠ ᠬᠢᠴᠡ ᠶ᠋ᠢᠨ ᠲᠠᠯ᠎ᠠ ᠪᠠᠷ ᠰᠢᠷᠢ ᠶ᠋ᠢᠨ ᠡᠳ᠋ᠯᠡᠯ ᠭᠡᠳᠡᠭ ᠪᠦᠯᠦᠭ ᠲᠦ᠍ ᠳᠤᠷᠠᠳᠤᠭᠰᠠᠨ ᠪᠢᠯᠡ)᠃
36 (1) ᠵᠣᠳᠣᠭ
(2) ᠱᠣᠳᠠᠭ

ᠵᠣᠳᠣᠭ ᠱᠤᠳᠠᠭ ᠦᠨᠳᠦᠰᠦᠲᠡᠨ ᠦ᠌ ᠪᠥᠬᠡ ᠶ᠋ᠢᠨ ᠵᠣᠳᠣᠭ ᠱᠣᠳᠠᠭ ᠢ᠋ ᠠᠯᠢ ᠪᠣᠯᠬᠤ ᠪᠠᠲᠤ ᠪᠥᠬᠡ ᠭᠣᠶᠣᠮᠰᠣᠭ ᠲᠣᠷᠭᠠᠨ ᠮᠠᠲ᠋ᠧᠷᠢᠶᠠᠯ ᠢ᠋ᠶ᠋ᠠᠷ ᠬᠢᠬᠦ ᠪᠥᠭᠡᠳ ᠪᠡᠶ᠎ᠡ ᠪᠠᠷᠢᠭᠰᠠᠨ ᠪᠣᠭᠣᠨᠢ ᠠᠷᠤ᠂ ᠬᠣᠶᠠᠷ ᠬᠠᠨᠴᠤᠢ ᠠ᠋ᠴᠠ ᠪᠦᠷᠢᠳᠦᠭᠰᠡᠨ ᠵᠣᠳᠣᠭ᠂ ᠭᠤᠶ᠎ᠠ᠂ ᠰᠠᠯᠲᠠᠭ᠎ᠠ ᠪᠠᠷᠢᠭᠰᠠᠨ ᠱᠣᠳᠣᠭ ᠪᠠᠢᠳᠠᠭ᠃ ᠵᠣᠳᠣᠭ ᠤ᠋ᠨ ᠵᠠᠬ᠎ᠠ᠂ ᠬᠠᠨᠴᠤᠢ᠂ ᠠᠷᠤ ᠲᠠᠯ᠎ᠠ᠂ ᠠᠷᠤ ᠭᠣᠣᠯ ᠪᠤᠶᠤ ᠮᠥᠷᠥ ᠳ᠋ᠦ᠍ᠨᠢ ᠭᠣᠶᠣᠮᠰᠣᠭ ᠬᠡ ᠭᠠᠷᠭᠠᠨ ᠮᠢᠨᠳᠠᠰᠤᠨ ᠤᠲᠠᠰᠤ ᠪᠠᠷ ᠰᠢᠷᠢᠵᠦ ᠪᠡᠬᠢᠯᠡᠨ᠎ᠡ᠃ ᠱᠤᠳᠠᠭ ᠢ᠋ ᠮᠥᠨ ᠵᠠᠬ᠎ᠠ ᠰᠠᠯᠲᠠᠭ᠎ᠠ᠂ ᠠᠷᠤ ᠥᠪᠥᠷ ᠲᠠᠯ᠎ᠠ᠂ ᠭᠤᠶ᠎ᠠ ᠶ᠋ᠢᠨ ᠬᠡᠰᠡᠭ᠂ ᠬᠠᠵᠠᠭᠤ ᠲᠠᠰᠢᠶᠠᠨ ᠤ᠋ ᠬᠡᠰᠡᠭ ᠢ᠋ᠶ᠋ᠡᠷ ᠪᠣᠰᠤᠭ᠎ᠠ ᠬᠡᠯᠪᠡᠷᠢ ᠪᠡᠷ ᠮᠢᠨᠳᠠᠰᠤᠨ ᠤᠲᠠᠰᠤ ᠪᠠᠷ ᠬᠡ ᠲᠠᠯᠪᠢᠵᠤ ᠰᠢᠷᠢᠨ᠎ᠡ᠃ ᠵᠣᠳᠣᠭ ᠤ᠋ᠨ ᠠᠷᠤ ᠲᠠᠯ᠎ᠠ ᠶ᠋ᠢᠨ ᠬᠣᠶᠠᠷ ᠦᠵᠦᠭᠦᠷ ᠲᠦ᠍ ᠪᠥᠬᠡ ᠮᠢᠨᠳᠠᠰᠤᠨ ᠣᠭᠣᠰᠣᠷ ᠪᠠᠢᠬᠤ ᠪᠠ ᠡᠨᠡ ᠣᠭᠣᠰᠣᠷ ᠢ᠋ ᠤᠷᠲᠤ ᠲᠠᠯ᠎ᠠ ᠳ᠋ᠤ᠌ ᠤᠶᠠᠨ᠎ᠠ᠃
ᠪᠥᠬᠡ ᠶ᠋ᠢᠨ ᠮᠠᠯᠠᠭᠠᠢ ᠵᠠᠩᠵᠤᠨ ᠮᠠᠯᠠᠭᠠᠢ ᠪᠠᠢᠬᠤ ᠪᠠ ᠡᠭᠦᠨ ᠢ᠋ ᠵᠥᠪᠬᠡᠨ ᠳᠡᠪᠵᠢᠶᠡᠨ ᠳ᠋ᠦ᠍ ᠭᠠᠷᠴᠤ ᠢᠷᠡᠬᠦ ᠦᠶ᠎ᠡ ᠳ᠋ᠦ᠍ ᠡᠮᠦᠰᠴᠦ᠂ ᠪᠠᠷᠢᠯᠳᠤᠬᠤ ᠦᠶ᠎ᠡ ᠳ᠋ᠦ᠍ ᠵᠠᠰᠠᠭᠤᠯ ᠲᠡᠭᠦᠨ ᠢ᠋ ᠠᠪᠴᠤ ᠪᠠᠷᠢᠯᠳᠤᠵᠤ ᠳᠠᠭᠤᠰᠤᠭᠰᠠᠨ ᠤ᠋ ᠳᠠᠷᠠᠭ᠎ᠠ ᠲᠣᠯᠣᠭᠠᠢ ᠳᠡᠭᠡᠷ᠎ᠡ ᠨᠢ ᠡᠮᠦᠰᠬᠡᠨᠡ᠃ ᠵᠠᠩᠵᠤᠨ ᠮᠠᠯᠠᠭᠠᠢ ᠬᠢᠬᠦ ᠲᠤᠬᠠᠢ ᠮᠣᠩᠭᠣᠯ ᠦᠨᠳᠦᠰᠦᠲᠡᠨ ᠦ᠌ ᠮᠠᠯᠠᠭᠠᠢ ᠶ᠋ᠢᠨ ᠪᠦᠯᠦᠭ ᠲᠦ᠍ ᠳᠤᠷᠠᠳᠤᠭᠰᠠᠨ ᠲᠤᠯᠠ ᠲᠡᠭᠦᠨ ᠡᠴᠡ ᠦᠵᠡ᠃ ᠪᠥᠬᠡ ᠶ᠋ᠢᠨ ᠵᠣᠳᠣᠭ ᠢ᠋ ᠡᠰᠬᠡᠬᠦ ᠳ᠋ᠦ᠍ ᠮᠣᠩᠭᠣᠯ ᠳᠡᠪᠡᠯ ᠦ᠋ᠨ ᠴᠡᠭᠡᠵᠢ ᠡᠰᠬᠡᠬᠦ ᠠᠳᠠᠯᠢ ᠬᠠᠨᠴᠤᠢ ᠲᠠᠯᠪᠢᠵᠤ ᠡᠰᠬᠡᠭᠡᠳ ᠲᠡᠭᠦᠨ ᠦ᠌ ᠤᠷᠲᠤ ᠲᠠᠯ᠎ᠠ ᠶ᠋ᠢ ᠬᠠᠨᠴᠤᠢ ᠶ᠋ᠢᠨ ᠤᠭ ᠢ᠋ᠶ᠋ᠠᠷ ᠣᠬᠣᠨ ᠠᠪᠴᠤ ᠠᠷᠤ ᠲᠠᠯ᠎ᠠ ᠶ᠋ᠢᠨ ᠵᠠᠬ᠎ᠠ ᠶ᠋ᠢ ᠳᠤᠭᠤᠢᠯᠠᠨ ᠤᠬᠤᠵᠤ ᠵᠠᠰᠠᠵᠤ ᠲᠡᠭᠰᠢᠯᠡᠭᠡᠳ ᠠᠷᠤ ᠲᠠᠯ᠎ᠠ ᠶ᠋ᠢᠨ ᠤᠷᠲᠤ ᠶ᠋ᠢ ᠪᠦᠰᠡᠯᠡᠭᠦᠷ ᠡᠴᠡ ᠬᠡᠲᠦᠷᠡᠭᠦᠯᠬᠦ ᠦᠭᠡᠢ ᠲᠠᠭᠠᠷᠠᠭᠤᠯᠵᠤ ᠬᠣᠶᠠᠷ ᠲᠠᠯ᠎ᠠ ᠪᠠᠷ ᠨᠢ ᠳᠤᠭᠤᠢᠯᠠᠨ ᠪᠦᠰᠡᠯᠡᠭᠦᠷ ᠦ᠋ᠨ ᠨᠠᠷᠢᠨ ᠳ᠋ᠤ᠌ ᠲᠣᠬᠢᠷᠠᠭᠤᠯᠤᠨ ᠤᠬᠤᠵᠤ ᠥᠩᠭᠡ ᠳᠣᠲᠣᠷ ᠢ᠋ ᠵᠡᠷᠭᠡ ᠡᠰᠬᠡᠨ ᠬᠠᠪᠰᠤᠷᠭᠠᠨ ᠣᠶᠣᠵᠤ ᠰᠢᠷᠢᠭᠡᠰᠦ ᠬᠢᠨ᠎ᠡ᠃ ᠠᠷᠤ ᠲᠠᠯ᠎ᠠ ᠶ᠋ᠢᠨ ᠬᠡᠰᠡᠭ ᠦ᠋ᠨ ᠬᠣᠶᠠᠷ ᠦᠵᠦᠭᠦᠷ ᠲᠦ᠍ ᠤᠷᠲᠤ ᠲᠠᠯ᠎ᠠ ᠳ᠋ᠤ᠌ ᠤᠶᠠᠬᠤ ᠮᠢᠨᠳᠠᠰᠤᠨ ᠣᠭᠣᠰᠣᠷ ᠬᠠᠳᠠᠨ᠎ᠠ᠃
ᠪᠥᠬᠡ ᠶ᠋ᠢᠨ ᠱᠤᠳᠠᠭ ᠡᠰᠬᠡᠬᠦ ᠳ᠋ᠡᠭᠡᠨ ᠣᠷᠴᠢᠨ ᠦᠶ᠎ᠡ ᠪᠠᠨᠳᠠᠵᠠ ᠮᠠᠶᠢᠭ ᠲᠠᠢ ᠡᠰᠬᠡᠨ᠎ᠡ᠃ ᠭᠤᠶ᠎ᠠ ᠶ᠋ᠢᠨ ᠤᠬᠤᠯᠠᠳᠠᠰᠤᠨ ᠤ᠋ ᠠᠷᠤ ᠲᠠᠯ᠎ᠠ ᠶ᠋ᠢ ᠨᠢ ᠠᠷᠠᠢ ᠳᠦᠭᠦᠷᠡᠩ᠂ ᠤᠷᠲᠤ ᠲᠠᠯ᠎ᠠ ᠶ᠋ᠢᠨ ᠬᠢ ᠨᠢ ᠵᠠᠬ᠎ᠠ ᠪᠠᠷ ᠢ᠋ᠶ᠋ᠠᠨ ᠨᠢᠭᠡ ᠭᠣᠣᠯ ᠢ᠋ᠶ᠋ᠠᠷ ᠢ᠋ᠶ᠋ᠠᠨ2—3cm ᠳᠤᠮᠳᠠᠭᠤᠷ ᠪᠠᠢᠬᠤ ᠪᠠᠷ ᠤᠬᠤᠵᠤ᠂ ᠥᠩᠭᠡ ᠳᠣᠲᠣᠷ ᠢ᠋ᠶ᠋ᠠᠨ ᠵᠡᠷᠭᠡ ᠡᠰᠬᠡᠵᠦ ᠨᠡᠢᠯᠡᠭᠦᠯᠦᠨ ᠣᠶᠣᠭᠠᠳ ᠳᠡᠭᠡᠷ᠎ᠡ ᠳᠤᠷᠠᠳᠤᠭᠰᠠᠨ ᠢ᠋ᠶ᠋ᠠᠷ ᠰᠢᠷᠢᠵᠦ᠂ ᠵᠠᠬ᠎ᠠ᠂ ᠭᠤᠶ᠎ᠠ ᠶ᠋ᠢᠨ ᠤᠬᠤᠯᠠᠳᠠᠰᠤᠨ ᠳ᠋ᠤ᠌ ᠮᠢᠨᠳᠠᠰᠤᠨ ᠤᠲᠠᠰᠤ ᠪᠠᠷ ᠰᠦᠯᠵᠢᠵᠦ ᠬᠢᠭᠰᠡᠨ ᠣᠭᠣᠰᠣᠷ ᠥᠩᠭᠡ ᠳᠣᠲᠣᠷ ᠤ᠋ᠨ ᠵᠠᠪᠰᠠᠷ ᠰᠢᠷᠭᠤᠭᠤᠯᠵᠤ ᠡᠮᠦᠰᠬᠡᠭᠰᠡᠨ ᠦ᠌ ᠳᠠᠷᠠᠭ᠎ᠠ ᠴᠢᠩᠭᠠᠯᠠᠨ ᠲᠠᠲᠠᠵᠤ ᠤᠶᠠᠨ᠎ᠠ᠂ ᠭᠣᠮ(ᠰᠤᠨᠤᠮᠠᠯ) ᠬᠢᠬᠦ ᠦᠭᠡᠢ᠃
ᠦᠨᠳᠦᠰᠦᠲᠡᠨ ᠦ᠌ ᠰᠤᠷ ᠬᠠᠷᠪᠤᠬᠤ ᠰᠤᠷ ᠤ᠋ᠨ ᠬᠤᠪᠴᠠᠰᠤ ᠮᠣᠩᠭᠣᠯ ᠦᠨᠳᠦᠰᠦᠲᠡᠨ ᠦ᠌ ᠳᠡᠪᠡᠯ ᠵᠠᠩᠵᠤᠨ ᠪᠤᠶᠤ ᠱᠣᠪᠣᠭᠣᠷ ᠣᠷᠣᠢ ᠲᠠᠢ ᠮᠠᠯᠠᠭᠠᠢ᠂ ᠮᠣᠩᠭᠣᠯ ᠡᠭᠡᠳᠡᠩ ᠭᠤᠲᠤᠯ ᠪᠠᠢᠨ᠎ᠠ᠃ ᠡᠳᠡᠭᠡᠷ ᠢ᠋ ᠡᠰᠬᠡᠬᠦ᠂ ᠣᠶᠣᠬᠤ ᠲᠠᠯ᠎ᠠ ᠪᠠᠷ ᠳᠡᠭᠡᠷ᠎ᠡ ᠳᠤᠷᠠᠳᠤᠭᠰᠠᠨ ᠪᠢᠯᠡ᠃
ᠬᠤᠷᠳᠤᠨ ᠮᠣᠷᠢᠨ ᠤ᠋ ᠬᠡᠦᠬᠡᠳ ᠦ᠋ᠨ ᠡᠮᠦᠰᠬᠡᠯ ᠦ᠋ᠨ ᠬᠤᠪᠴᠠᠰᠤ ᠨᠡᠯᠢᠶᠡᠳ ᠣᠨᠴᠠᠯᠢᠭ ᠲᠠᠢ ᠪᠥᠭᠡᠳ ᠲᠡᠭᠦᠨ ᠦ᠌ ᠮᠠᠯᠠᠭᠠᠢ ᠭᠣᠣᠯᠳᠠᠭᠤ ᠴᠢᠨᠳᠠᠮᠤᠨᠢ ᠪᠤᠶᠤ ᠡᠬᠡ ᠣᠶᠣᠭᠰᠠᠨ ᠲᠢᠲᠢᠮ ᠪᠠᠢᠬᠤ ᠪᠠ ᠰᠡᠭᠦᠯ ᠦ᠋ᠨ ᠦᠶ᠎ᠡ ᠳ᠋ᠦ᠍ ᠡᠷᠬᠡ ᠴᠢᠯᠥᠭᠡ ᠲᠤᠰᠠᠭᠠᠷ ᠲᠣᠭᠲᠠᠨᠢᠯ ᠤ᠋ᠨ ᠪᠡᠯᠭᠡ ᠲᠡᠮᠳᠡᠭ ᠪᠣᠯᠤᠭᠰᠠᠨ ᠰᠣᠶᠣᠩᠪᠣ ᠲᠠᠪᠤᠨ ᠬᠣᠰᠢᠭᠤ ᠣᠶᠣᠳᠠᠭ ᠪᠣᠯᠵᠠᠢ᠃ ᠲᠢᠲᠢᠮ ᠢ᠋ ᠬᠢᠬᠦ ᠳ᠋ᠦ᠍ ᠬᠢᠯᠪᠠᠷ ᠪᠥᠭᠡᠳ ᠤᠷᠲᠤ ᠲᠠᠯ᠎ᠠ ᠥᠷᠭᠡᠨ ᠠᠷᠤ ᠲᠠᠯ᠎ᠠ ᠪᠠᠨ ᠨᠠᠷᠢᠨ᠂ ᠦᠵᠦᠭᠦᠷ ᠲᠡᠭᠡᠨ ᠲᠣᠪᠴᠢ ᠪᠤᠶᠤ ᠠᠷᠤ ᠳ᠋ᠠᠭᠠᠨ ᠤᠶᠠᠬᠤ ᠪᠦᠴᠡ ᠲᠡᠢ ᠪᠠᠢᠳᠠᠭ᠃ ᠬᠤᠷᠳᠤᠨ ᠮᠣᠷᠢᠨ ᠤ᠋ ᠬᠡᠦᠬᠡᠳ ᠦ᠋ᠨ ᠴᠡᠭᠡᠵᠢ ᠪᠡᠷ ᠡᠮᠦᠰᠳᠡᠭ ᠦᠨᠳᠦᠰᠦᠲᠡᠨ ᠦ᠌ ᠮᠣᠩᠭᠣᠯ ᠬᠠᠨᠲᠠᠭᠠᠵᠠ ᠪᠤᠶᠤ ᠪᠠᠭᠠᠲᠤᠷ ᠤ᠋ᠨ ᠨᠥᠮᠥᠷᠭᠡ ᠪᠠᠢᠳᠠᠭ᠃ ᠡᠨᠡ ᠨᠢ ᠬᠡᠦᠬᠡᠳ ᠲᠦ᠍ ᠵᠣᠷᠢᠭ ᠬᠦᠴᠦ ᠨᠡᠮᠡᠵᠦ ᠪᠠᠶᠠᠰᠬᠠᠨ᠎ᠠ᠃ ᠨᠥᠮᠥᠷᠭᠡ ᠶ᠋ᠢ ᠠᠯᠢ ᠪᠣᠯᠬᠤ ᠨᠢᠮᠭᠡᠨ ᠲᠣᠷᠭ᠎ᠠ ᠫᠠᠩᠰᠠ ᠪᠠᠷ ᠬᠢᠬᠦ ᠪᠠ ᠮᠥᠨ ᠬᠡ ᠤᠭᠠᠯᠵᠠ ᠲᠠᠯᠪᠢᠵᠤ ᠭᠤᠶᠤᠳᠠᠭ᠃ ᠰᠤᠷᠤᠭᠴᠢ ᠶ᠋ᠢᠨ ᠳᠦᠷᠢᠮᠲᠦ ᠬᠤᠪᠴᠠᠰᠤ1—10 ᠳ᠋ᠤᠭᠠᠷ ᠠᠩᠭᠢ ᠶ᠋ᠢᠨ ᠬᠡᠦᠬᠡᠳ ᠦ᠋ᠨ ᠳᠦᠷᠢᠮᠲᠦ ᠬᠤᠪᠴᠠᠰᠤ ᠠᠩᠬ᠎ᠠ ᠰᠤᠷᠭᠠᠭᠤᠯᠢ ᠪᠠᠢᠭᠤᠯᠬᠤ ᠳ᠋ᠤ᠌ ᠪᠣᠢ ᠪᠣᠯᠤᠭ᠎ᠠ ᠦᠭᠡᠢ ᠪᠥᠭᠡᠳ ᠬᠣᠵᠢᠮ ᠨᠡᠢᠰᠯᠡᠯ ᠦ᠋ᠨ ᠬᠡᠦᠬᠡᠳ ᠦ᠋ᠳ ᠡᠴᠡ ᠡᠬᠢᠯᠡᠨ ᠳᠦᠷᠢᠮᠲᠦ ᠬᠤᠪᠴᠠᠰᠤ ᠡᠮᠦᠰᠬᠦ ᠪᠣᠯᠵᠠᠢ᠃
ᠵᠢᠷᠤᠭ37
ᠬᠤᠷᠳᠤᠨ ᠮᠣᠷᠢᠨ ᠤ᠋ ᠬᠡᠦᠬᠡᠳ ᠦ᠋ᠨ ᠡᠮᠦᠰᠬᠡᠯ

ᠲᠠᠪᠢᠭᠠᠳ ᠣᠨ ᠠ᠋ᠴᠠ ᠡᠬᠢᠯᠡᠨ ᠡᠮᠡᠭᠲᠡᠢᠴᠦᠳ ᠴᠡᠩᠬᠡᠷ ᠥᠩᠭᠡ ᠪᠡᠷ ᠡᠮᠵᠢᠭᠰᠡᠨ ᠨᠣᠭᠣᠭᠠᠨ ᠳᠡᠪᠡᠯ᠂ ᠡᠷᠡᠭᠲᠡᠢᠴᠦᠳ ᠬᠥᠬᠡ ᠳᠡᠪᠡᠯ ᠡᠮᠦᠰᠬᠦ ᠪᠣᠯᠪᠠ᠃ ᠳᠣᠲᠣᠷ ᠡᠮᠦᠰᠬᠦ ᠬᠤᠪᠴᠠᠰᠤ ᠶ᠋ᠢᠨ ᠬᠤᠪᠢ ᠳ᠋ᠤ᠌ ᠡᠮᠡᠭᠲᠡᠢᠴᠦᠳ ᠵᠠᠬ᠎ᠠ ᠬᠠᠨᠴᠤᠢ ᠳ᠋ᠠᠭᠠᠨ ᠳᠠᠪᠤᠤ ᠬᠠᠲᠠᠭᠰᠠᠨ ᠪᠤᠶᠤ ᠫᠠᠯᠢᠲ᠋ᠣ᠂ ᠡᠷᠡᠭᠲᠡᠢ ᠬᠡᠦᠬᠡᠳ ᠮᠥᠨ ᠬᠠᠨᠴᠤᠢ᠂ ᠵᠠᠬ᠎ᠠ ᠳ᠋ᠠᠭᠠᠨ ᠴᠠᠭᠠᠨ ᠳᠠᠪᠤᠤ ᠬᠠᠲᠠᠭᠰᠠᠨ ᠪᠣᠷᠣ ᠥᠩᠭᠡ ᠶ᠋ᠢᠨ ᠬᠢᠯᠢᠩ ᠴᠠᠮᠴᠠ ᠡᠮᠦᠰᠬᠦ ᠪᠣᠯᠪᠠ᠃
ᠦᠰᠦᠭ ᠠᠮᠢᠯᠠᠭᠤᠯᠤᠭᠴᠢ᠄ ᠪᠠᠶᠠᠨᠰᠡᠷᠡᠩ ᠰᠠᠢᠨᠪᠢᠯᠢᠭ᠌ ᠭᠠᠷᠮ ᠠ᠋
ᠬᠢᠨᠠᠭᠴᠢ ᠪᠠᠭᠰᠢ᠄ ᠭᠠᠷᠮ᠎ᠠ᠂ ᠣᠳᠬᠠᠨᠰᠣ᠎ᠠ
