ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ21-ᠮᠣᠩᠭᠣᠯ ᠦᠨᠳᠦᠰᠦᠲᠡᠨ ᠦ᠌ ᠬᠠᠨᠲᠠᠭᠠᠵᠠ
ᠬᠣᠶᠠᠳᠤᠭᠠᠷ ᠪᠦᠯᠦᠭ21-ᠮᠣᠩᠭᠣᠯ ᠦᠨᠳᠦᠰᠦᠲᠡᠨ ᠦ᠌ ᠬᠠᠨᠲᠠᠭᠠᠵᠠ
ᠮᠣᠩᠭᠣᠯᠴᠤᠳ ᠬᠠᠨᠲᠠᠭᠠᠵᠠ ᠶ᠋ᠢ ᠳᠡᠭᠡᠷ᠎ᠡ ᠦᠶ᠎ᠡ ᠡᠴᠡ ᠬᠡᠷᠡᠭᠯᠡᠵᠦ ᠢᠷᠡᠭᠰᠡᠨ ᠪᠣᠯᠪᠠᠴᠤ ᠲᠡᠭᠦᠨ ᠦ᠌ ᠬᠡᠯᠪᠡᠷᠢ ᠵᠠᠭᠪᠤᠷ ᠲᠡᠳᠦᠢᠯᠡ ᠥᠭᠡᠷᠡᠴᠢᠯᠡᠭᠳᠡᠭᠰᠡᠨ ᠦᠭᠡᠢ᠃ ᠬᠠᠨᠲᠠᠭᠠᠵᠠ ᠶ᠋ᠢ ᠮᠣᠩᠭᠣᠯᠴᠤᠳ ᠡᠷᠡᠭᠲᠡᠢ᠂ ᠡᠮᠡᠭᠲᠡᠢ ᠢᠵᠠᠭᠤᠷ ᠤᠭᠰᠠᠭ᠎ᠠ᠂ ᠴᠣᠯᠠ ᠬᠡᠷᠬᠡᠮ ᠢᠯᠭᠠᠯ ᠦᠭᠡᠢ ᠡᠮᠦᠰᠳᠡᠭ ᠪᠠᠢᠭᠰᠠᠨ ᠠ᠋ᠴᠠ ᠦᠵᠡᠬᠦ ᠳ᠋ᠦ᠍ ᠭᠣᠶᠣᠯ᠂ ᠬᠦᠨᠳᠦᠳᠬᠡᠯ ᠦ᠋ᠨ ᠬᠤᠪᠴᠠᠰᠤ ᠪᠠᠢᠵᠠᠢ᠃ ᠬᠠᠨᠲᠠᠭᠠᠵᠠ ᠶ᠋ᠢ ᠬᠣᠷᠭᠣᠢ᠂ ᠮᠠᠩᠨᠤᠭ᠂ ᠦᠨᠡᠲᠦ ᠲᠣᠷᠭ᠎ᠠ᠂ ᠦᠢᠲᠠᠩ ᠬᠤᠸᠠᠷ᠂ ᠬᠢᠯᠢᠩ ᠬᠤᠸᠠᠷ ᠢ᠋ᠶ᠋ᠠᠷ ᠬᠢᠬᠦ ᠡᠴᠡ ᠭᠠᠳᠠᠨ᠎ᠠ᠂ ᠶᠡᠷᠦᠳᠡᠭᠡᠨ ᠡᠮᠦᠰᠳᠡᠭ ᠬᠠᠨᠲᠠᠭᠠᠵᠠ ᠶ᠋ᠢ ᠶᠠᠮᠠᠭᠠᠨ᠂ ᠲᠡᠭᠰᠡᠢ᠂ ᠰᠢᠪᠬᠠᠨ ᠬᠢᠯᠢᠩ᠂ ᠴᠡᠮᠪᠡ ᠪᠡᠷ ᠬᠢᠳᠡᠭ ᠪᠠᠢᠯ᠎ᠠ᠃
ᠬᠠᠨᠲᠠᠭᠠᠵᠠ ᠶ᠋ᠢ ᠵᠠᠪᠠᠯ ᠭᠤᠶᠤᠵᠤ ᠬᠡ ᠬᠣᠰᠢᠮᠠᠭ ᠲᠠᠯᠪᠢᠵᠤ ᠬᠢᠬᠦ ᠡᠴᠡ ᠭᠠᠳᠠᠨ᠎ᠠ ᠡᠯᠳᠡᠪ ᠬᠠᠳᠬᠤᠮᠠᠯ ᠬᠠᠳᠬᠤᠬᠤ᠂ ᠱ᠌ᠢᠷᠦ ᠰᠤᠪᠤᠳ ᠢ᠋ᠶ᠋ᠠᠷ ᠲᠣᠨᠣᠭ ᠲᠠᠯᠪᠢᠵᠤ ᠬᠢᠳᠡᠭ᠃ ᠬᠠᠨᠲᠠᠭᠠᠵᠠ ᠶ᠋ᠢ ᠣᠷᠴᠢᠨ ᠦᠶ᠎ᠡ ᠳ᠋ᠦ᠍ ᠨᠡᠯᠢᠶᠡᠳ ᠬᠡᠷᠡᠭᠯᠡᠵᠦ ᠪᠠᠢᠨ᠎ᠠ᠃ ᠬᠠᠨᠲᠠᠭᠠᠵᠠ ᠶ᠋ᠢᠨ ᠡᠩᠭᠡᠷ ᠵᠠᠬ᠎ᠠ ᠣᠷᠴᠢᠨ ᠦᠶ᠎ᠡ ᠶ᠋ᠢᠨ ᠳᠡᠪᠡᠯ ᠲᠡᠢ ᠠᠳᠠᠯᠢ ᠪᠣᠯᠪᠠᠴᠤ ᠬᠥᠮᠦᠨ ᠡᠩᠭᠡᠷ ᠨᠢ ᠤᠷᠲᠤ ᠡᠩᠭᠡᠷ ᠦ᠋ᠨ ᠤᠷᠲᠤ ᠠ᠋ᠴᠠ ᠠᠷᠠᠢ ᠪᠣᠭᠣᠨᠢ ᠲᠤᠭᠤᠯ ᠲᠠᠢ᠃ ᠡᠮᠡᠭᠲᠡᠢᠴᠦᠳ ᠦ᠋ᠨ ᠬᠠᠨᠲᠠᠭᠠᠵᠠ ᠪᠦᠰᠡᠯᠡᠬᠡᠢ ᠪᠡᠷ ᠢ᠋ᠶ᠋ᠡᠨ ᠨᠠᠷᠢᠨ ᠠᠷᠠᠢ ᠢᠯᠡᠭᠦᠦ ᠭᠣᠶᠣᠮᠰᠣᠭ ᠬᠢᠴᠡ ᠲᠡᠢ ᠪᠠᠢᠳᠠᠭ᠂ ᠬᠠᠨᠲᠠᠭᠠᠵᠠ ᠶ᠋ᠢᠨ ᠤᠷᠲᠤ ᠡᠩᠭᠡᠷ ᠢ᠋ ᠬᠣᠶᠠᠷ ᠶᠠᠩᠵᠤ ᠪᠠᠷ ᠬᠢᠳᠡᠭ᠃ ᠵᠠᠷᠢᠮ ᠬᠠᠨᠲᠠᠭᠠᠵᠠ ᠶ᠋ᠢᠨ ᠤᠷᠲᠤ ᠡᠩᠭᠡᠷ ᠦ᠋ᠨ ᠬᠣᠶᠠᠷ ᠲᠠᠯ᠎ᠠ ᠳ᠋ᠤ᠌ ᠬᠥᠮᠦᠨ ᠡᠩᠭᠡᠷ ᠭᠠᠷᠭᠠᠬᠤ ᠪᠤᠶᠤ ᠬᠡ ᠤᠭᠠᠯᠵᠠ ᠥᠯᠵᠡᠢ ᠲᠠᠯᠪᠢᠭᠰᠠᠨ ᠬᠣᠶᠠᠷ ᠲᠠᠯ᠎ᠠ ᠨᠢ ᠠᠳᠠᠯᠢᠬᠠᠨ ᠳᠥᠷᠪᠡᠯᠵᠢᠨ ᠡᠩᠭᠡᠷ ᠲᠡᠢ ᠬᠢᠳᠡᠭ᠃
ᠣᠷᠴᠢᠨ ᠦᠶ᠎ᠡ ᠳ᠋ᠦ᠍ ᠬᠠᠨᠲᠠᠭᠠᠵᠠ ᠶ᠋ᠢᠨ ᠥᠩᠭᠡᠨ ᠳ᠋ᠦ᠍ ᠬᠡᠷᠡᠭᠯᠡᠭᠳᠡᠬᠦ ᠮᠠᠲ᠋ᠧᠷᠢᠶᠠᠯ ᠥᠭᠡᠷᠡᠴᠢᠯᠡᠯᠲᠡ ᠥᠬᠡᠢ᠂ ᠣᠷᠴᠢᠨ ᠦᠶ᠎ᠡ ᠶ᠋ᠢᠨ ᠬᠥᠮᠦᠨ ᠦ᠌ ᠰᠣᠶᠣᠯ ᠳ᠋ᠤ᠌ ᠲᠣᠬᠢᠷᠠᠭᠤᠯᠤᠨ ᠡᠮᠡᠭᠲᠡᠢᠴᠦᠳ ᠦ᠋ᠨ ᠬᠠᠨᠲᠠᠭᠠᠵᠠ ᠶ᠋ᠢᠨ ᠪᠦᠰᠡᠯᠡᠬᠡᠢ ᠬᠥᠬᠥᠨ ᠳ᠋ᠦ᠍ ᠲᠠᠨᠤᠭᠠᠰᠤ ᠭᠠᠷᠭᠠᠨ ᠬᠢᠳᠡᠭ ᠪᠣᠯᠤᠭᠰᠠᠨ ᠨᠢ ᠲᠡᠭᠦᠨ ᠦ᠌ ᠦᠵᠡᠮᠵᠢ ᠰᠠᠢᠵᠢᠷᠠᠯᠠ᠃ ᠬᠠᠨᠲᠠᠭᠠᠵᠠ ᠬᠥᠮᠦᠨ ᠦ᠌ ᠡᠷᠡᠭᠦᠯ ᠮᠡᠨᠳᠦ ᠳ᠋ᠦ᠍ ᠴᠢᠬᠤᠯᠠ ᠠᠴᠢ ᠬᠣᠯᠪᠣᠭᠳᠠᠯ ᠲᠠᠢ ᠶᠤᠮ᠃ ᠬᠠᠨᠲᠠᠭᠠᠵᠠ ᠶ᠋ᠢᠨ ᠵᠠᠬ᠎ᠠ ᠥᠨᠳᠥᠷ᠂ ᠡᠩᠭᠡᠷ ᠬᠠᠭᠠᠯᠲᠠ ᠲᠠᠢ ᠤᠴᠢᠷ ᠵᠤᠨ᠂ ᠨᠠᠷᠠᠨ ᠤ᠋ ᠬᠠᠷᠰᠢᠯ ᠲᠤᠰᠬᠤ ᠦᠭᠡᠢ᠂ ᠡᠪᠦᠯ ᠬᠣᠭᠣᠯᠠᠢ ᠶ᠋ᠢᠨ ᠠᠩᠭᠢᠨᠠ ᠬᠠᠳᠬᠤᠭ᠎ᠠ ᠲᠤᠰᠬᠤ ᠠ᠋ᠴᠠ ᠬᠠᠮᠠᠭᠠᠯᠠᠨ᠎ᠠ᠃
ᠳᠡᠭᠡᠷ᠎ᠡ ᠦᠶ᠎ᠡ ᠶ᠋ᠢᠨ ᠬᠠᠨᠲᠠᠭᠠᠵᠠ ᠶ᠋ᠢᠨ ᠮᠥᠷᠥ ᠨᠠᠷᠢᠨ ᠳᠠᠷᠤᠭᠤᠯᠭ᠎ᠠ ᠦᠭᠡᠢ᠂ ᠪᠦᠰᠡᠯᠡᠬᠡᠢ ᠠᠭᠤᠵᠢᠮ ᠲᠠᠨᠤᠭᠠᠰᠤ ᠦᠭᠡᠢ ᠪᠠᠢᠳᠠᠭ ᠠ᠋ᠴᠠ ᠵᠠᠷᠢᠮ ᠬᠥᠮᠦᠨ ᠳ᠋ᠦ᠍ ᠵᠣᠬᠢᠮᠵᠢ ᠦᠭᠡᠢ ᠪᠠᠢᠭᠰᠠᠨ᠃ ᠣᠷᠴᠢᠨ ᠦᠶ᠎ᠡ ᠳ᠋ᠦ᠍ ᠲᠡᠭᠦᠨ ᠦ᠌ ᠤᠷ᠎ᠠ ᠬᠢᠴᠡ ᠶ᠋ᠢ ᠰᠠᠢᠵᠢᠷᠠᠭᠤᠯᠬᠤ ᠳ᠋ᠤ᠌ ᠪᠡᠶ᠎ᠡ ᠶ᠋ᠢᠨ ᠬᠡᠮᠵᠢᠶ᠎ᠡ ᠳ᠋ᠦ᠍ ᠲᠣᠬᠢᠷᠠᠭᠤᠯᠤᠨ ᠬᠥᠬᠥ᠂ ᠪᠦᠰᠡᠯᠡᠬᠡᠢ ᠶ᠋ᠢᠨ ᠲᠠᠨᠤᠭᠠᠰᠤ ᠭᠠᠷᠭᠠᠵᠤ ᠰᠤᠭᠤ ᠶ᠋ᠢᠨ ᠤᠬᠤᠯᠠᠳᠠᠰᠤ ᠶ᠋ᠢᠨ ᠠᠷᠤ ᠲᠠᠯ᠎ᠠ ᠶ᠋ᠢ1—2 ᠬᠤᠷᠤᠭᠤ ᠳᠦᠭᠦᠷᠡᠩ᠂ ᠤᠷᠲᠤ ᠲᠠᠯ᠎ᠠ ᠶ᠋ᠢ ᠠᠷᠠᠢ ᠳᠤᠮᠳᠠᠭᠤᠷ ᠤᠬᠤᠵᠤ᠂ ᠣᠨᠣᠭᠣ ᠭᠠᠷᠭᠠᠨ ᠲᠣᠨᠣᠭᠯᠠᠵᠤ ᠬᠢᠪᠡᠯ ᠵᠣᠬᠢᠮᠵᠢᠲᠠᠢ᠃
ᠬᠠᠷᠢᠨ ᠡᠷᠡᠭᠲᠡᠢᠴᠦᠳ ᠦ᠋ᠨ ᠬᠠᠨᠲᠠᠭᠠᠵᠠ ᠶ᠋ᠢ ᠡᠰᠬᠡᠬᠦ ᠳ᠋ᠡᠭᠡᠨ ᠵᠥᠪᠬᠡᠨ ᠠᠷᠤ ᠭᠣᠣᠯ ᠣᠶᠣᠭᠠᠰᠤ ᠶ᠋ᠢ ᠪᠦᠰᠡᠯᠡᠬᠡᠢ ᠶ᠋ᠢᠨ ᠣᠷᠴᠢᠮ ᠪᠠᠭ᠎ᠠ ᠵᠡᠷᠭᠡ ᠬᠤᠨᠢᠵᠤ᠂ ᠮᠥᠨ ᠬᠣᠶᠠᠷ ᠰᠤᠭᠤ ᠶ᠋ᠢᠨ ᠪᠦᠰᠡᠯᠡᠬᠡᠢ ᠶ᠋ᠢᠨ ᠣᠷᠴᠢᠮ ᠤ᠋ᠨ ᠣᠶᠣᠳᠠᠯ ᠢ᠋ᠶ᠋ᠠᠷ ᠨᠡᠯᠢᠶᠡᠳ ᠤᠬᠤᠵᠤ ᠣᠶᠣᠨ᠎ᠠ᠃ ᠬᠠᠨᠲᠠᠭᠠᠵᠠ ᠳ᠋ᠤ᠌ ᠳᠤᠭᠤᠢ ᠬᠡ ᠲᠡᠢ ᠲᠣᠷᠭ᠎ᠠ᠂ ᠦᠢᠲᠠᠩ ᠬᠤᠸᠠᠷ ᠵᠣᠬᠢᠮᠵᠢᠲᠠᠢ ᠪᠣᠯᠪᠠᠴᠤ ᠲᠠᠨᠤᠭᠠᠰᠤ ᠭᠠᠷᠭᠠᠬᠤ ᠳ᠋ᠤ᠌ ᠬᠡ ᠡᠪᠳᠡᠷᠡᠳᠡᠭ ᠤᠴᠢᠷ ᠲᠦᠪᠡᠭᠲᠡᠢ ᠪᠠᠢᠳᠠᠭ᠃ ᠡᠷᠡᠭᠲᠡᠢᠴᠦᠳ ᠦ᠋ᠨ ᠬᠠᠨᠲᠠᠭᠠᠵᠠ ᠶ᠋ᠢ ᠬᠡ ᠥᠬᠡᠢ ᠴᠤᠯᠭᠤᠢ ᠫᠦᠦᠰᠦᠦ ᠪᠡᠷ ᠲᠣᠨᠣᠭᠯᠠᠬᠤ ᠨᠢ ᠵᠣᠬᠢᠮᠵᠢᠲᠠᠢ ᠪᠥᠭᠡᠳ ᠬᠠᠨᠲᠠᠭᠠᠵᠠ ᠶ᠋ᠢᠨ ᠥᠩᠭᠡ ᠲᠣᠨᠣᠭ ᠬᠡᠳᠦ ᠲᠣᠳᠣ ᠪᠠᠢᠬᠤ ᠨᠢ ᠵᠣᠬᠢᠮᠵᠢ ᠦᠭᠡᠢ᠃ ᠡᠮᠡᠭᠲᠡᠢᠴᠦᠳ ᠦ᠋ᠨ ᠣᠷᠴᠢᠨ ᠦᠶ᠎ᠡ ᠳ᠋ᠦ᠍ ᠡᠮᠦᠰᠬᠦ ᠬᠠᠨᠲᠠᠭᠠᠵᠠ ᠶ᠋ᠢᠨ ᠥᠩᠭᠡ ᠲᠣᠨᠣᠭ ᠲᠤ᠌ ᠲᠣᠳᠣ ᠥᠩᠭᠡ ᠬᠡᠷᠡᠭᠯᠡᠵᠦ᠂ ᠰᠠ ᠲᠠᠢ ᠲᠣᠷᠭ᠎ᠠ᠂ ᠬᠣᠷᠭᠣᠢ ᠪᠠᠷ ᠡᠮᠵᠢᠨ ᠲᠣᠨᠣᠭᠯᠠᠬᠤ ᠳ᠋ᠤ᠌ ᠭᠣᠶᠣᠮᠰᠣᠭ ᠪᠣᠯᠤᠨ᠎ᠠ᠃ ᠡᠪᠦᠯ ᠦ᠋ᠨ ᠬᠠᠨᠲᠠᠭᠠᠵᠠ ᠶ᠋ᠢ ᠬᠤᠷᠠᠭ᠎ᠠ᠂ ᠢᠰᠢᠭᠡᠨ ᠦ᠌ ᠠᠷᠠᠰᠤ ᠪᠠᠷ ᠳᠣᠲᠣᠷᠯᠠᠬᠤ ᠪᠤᠶᠤ ᠡᠰᠡᠪᠡᠯ ᠥᠩᠭᠡ ᠳᠣᠲᠣᠷ᠎ᠠ ᠬᠣᠶᠠᠷ ᠤ᠋ᠨ ᠵᠠᠪᠰᠠᠷ ᠬᠡᠦᠬᠡᠳ ᠦ᠋ᠨ ᠳᠣᠯᠭᠢᠶᠠᠨ ᠬᠥᠨᠵᠢᠯᠡ ᠶ᠋ᠢᠨ ᠦᠰᠦ ᠲᠡᠢ ᠳᠠᠪᠤᠤ ᠬᠠᠪᠴᠢᠭᠤᠯᠵᠤ ᠬᠢᠭᠡᠳ ᠦᠰᠦ ᠪᠡᠷ ᠡᠮᠵᠢᠪᠡᠯ ᠭᠣᠶᠣ ᠪᠣᠯᠤᠨ᠎ᠠ᠃ ᠬᠡᠷᠪᠡ ᠠᠷᠠᠰᠤ ᠪᠠᠷ ᠳᠣᠲᠣᠷᠯᠠᠪᠠᠯ ᠠᠪᠴᠤ ᠴᠡᠪᠡᠷᠯᠡᠬᠦ ᠳ᠋ᠦ᠍ ᠬᠢᠯᠪᠠᠷ ᠪᠣᠯᠭᠠᠨ ᠰᠠᠯᠳᠠᠭ ᠳᠣᠲᠣᠷ ᠲᠠᠢ ᠬᠢᠪᠡᠯ ᠲᠣᠬᠢᠷᠠᠮᠵᠢᠲᠠᠢ᠃ ᠬᠡᠷᠪᠡ ᠦᠰᠦ ᠪᠡᠷ ᠡᠮᠵᠢᠭᠰᠡᠨ ᠪᠣᠯ ᠴᠡᠪᠡᠷᠯᠡᠬᠦ ᠳ᠋ᠡᠭᠡᠨ ᠬᠠᠭᠵᠠᠯᠵᠤ ᠠᠪᠤᠭᠠᠳ ᠦᠰᠦ ᠶ᠋ᠢ ᠬᠠᠭᠤᠷᠠᠢ ᠠᠷᠭ᠎ᠠ ᠪᠠᠷ ᠴᠡᠪᠡᠷᠯᠡᠨ ᠡᠷᠭᠢᠭᠦᠯᠵᠦ ᠡᠮᠵᠢᠨ᠎ᠡ᠃ ᠡᠮᠵᠢᠬᠦ ᠦᠰᠦ ᠪᠤᠯᠠᠭ᠎ᠠ᠂ ᠬᠤᠷᠠᠭ᠎ᠠ᠂ ᠢᠰᠢᠭᠡ᠂ ᠴᠢᠨᠳᠠᠭ᠎ᠠ᠂ ᠬᠡᠷᠡᠮᠦ ᠵᠣᠬᠢᠮᠵᠢᠲᠠᠢ᠃
ᠬᠦᠷᠮ᠎ᠡ ᠬᠢᠬᠦ ᠬᠦᠷᠮ᠎ᠡ ᠶ᠋ᠢ ᠮᠣᠩᠭᠣᠯᠴᠤᠳ ᠡᠷᠲᠡ ᠦᠶ᠎ᠡ ᠡᠴᠡ ᠬᠡᠷᠡᠭᠯᠡᠵᠦ ᠢᠷᠡᠭᠰᠡᠨ ᠪᠣᠯᠪᠠᠴᠤ ᠭᠣᠣᠯᠳᠠᠭᠤ ᠡᠷᠡᠭᠲᠡᠢᠴᠦᠳ ᠬᠡᠷᠡᠭᠯᠡᠵᠦ ᠪᠠᠢᠨ᠎ᠠ᠃ ᠬᠦᠷᠮ᠎ᠡ ᠬᠥᠮᠦᠨ ᠦ᠌ ᠡᠷᠡᠭᠦᠯ ᠮᠡᠨᠳᠦ᠂ ᠬᠠᠳᠬᠤᠭ᠎ᠠ ᠠᠪᠬᠤ ᠠ᠋ᠴᠠ ᠬᠠᠮᠠᠭᠠᠯᠠᠳᠠᠭ ᠴᠢᠬᠤᠯᠠ ᠬᠤᠪᠴᠠᠰᠤ ᠪᠥᠭᠡᠳ ᠲᠡᠭᠦᠨ ᠢ᠋ ᠮᠣᠩᠭᠣᠯ ᠤ᠋ᠨ ᠡᠷᠡᠭᠲᠡᠢᠴᠦᠳ ᠴᠠᠮᠴᠠᠨ ᠳᠡᠭᠡᠷ᠎ᠡ ᠡᠮᠦᠰᠬᠦ ᠡᠴᠡ ᠭᠠᠳᠠᠨ᠎ᠠ ᠠᠭᠤᠵᠢᠮ ᠬᠢᠵᠦ ᠳᠡᠪᠡᠯ ᠦ᠋ᠨ ᠭᠠᠳᠠᠭᠤᠷ ᠡᠮᠦᠰᠳᠡᠭ ᠪᠠᠢᠯ᠎ᠠ᠃ ᠬᠦᠷᠮ᠎ᠡ ᠶ᠋ᠢ ᠰᠡᠭᠦᠯ ᠦ᠋ᠨ ᠦᠶ᠎ᠡ ᠳ᠋ᠦ᠍ ᠳᠠᠩ ᠢ᠋ᠶ᠋ᠠᠷ ᠪᠤᠶᠤ ᠪᠣᠯᠪᠠᠰᠤᠨ ᠬᠤᠪᠴᠠᠰᠤ ᠲᠠᠢ ᠬᠣᠣᠰᠯᠠᠭᠤᠯᠤᠨ ᠬᠡᠷᠡᠭᠯᠡᠵᠦ ᠪᠠᠢᠨ᠎ᠠ᠃ ᠡᠭᠦᠨ ᠲᠡᠢ ᠤᠶᠠᠯᠳᠤᠭᠤᠯᠵᠤ ᠬᠦᠷᠮ᠎ᠡ ᠶ᠋ᠢᠨ ᠤᠷ᠎ᠠ ᠬᠢᠴᠡ ᠶ᠋ᠢ ᠰᠠᠢᠵᠢᠷᠠᠭᠤᠯᠵᠤ ᠪᠡᠶ᠎ᠡ ᠳ᠋ᠦ᠍ ᠲᠣᠬᠢᠷᠠᠭᠤᠯᠤᠨ ᠬᠢᠬᠦ ᠲᠠᠯ᠎ᠠ ᠪᠠᠷ ᠳᠤᠷᠠᠳᠪᠠᠯ᠄ ᠬᠦᠷᠮ᠎ᠡ ᠶ᠋ᠢᠨ ᠡᠰᠬᠡᠭᠦᠷ ᠬᠠᠨᠲᠠᠭᠠᠵᠠ ᠶ᠋ᠢᠨ ᠡᠰᠬᠡᠭᠦᠷ ᠲᠡᠢ ᠠᠳᠠᠯᠢ ᠪᠥᠭᠡᠳ ᠲᠡᠭᠦᠨ ᠢ᠋ ᠬᠢᠬᠦ ᠮᠠᠲ᠋ᠧᠷᠢᠶᠠᠯ ᠢ᠋ ᠰᠣᠩᠭᠣᠬᠤ ᠳ᠋ᠠᠭᠠᠨ ᠡᠷᠡᠭᠲᠡᠢᠴᠦᠳ ᠦ᠋ᠨ ᠬᠦᠷᠮ᠎ᠡ ᠶ᠋ᠢ ᠺᠣᠰᠲ᠋ᠢᠶᠥ᠋ᠮ ᠫᠢᠳ᠋ᠵᠠᠺ ᠤ᠋ᠨ ᠥᠩᠭᠡᠨ ᠳ᠋ᠦ᠍ ᠲᠣᠬᠢᠷᠠᠭᠤᠯᠵᠤ ᠢᠵᠢᠯ ᠥᠩᠭᠡ ᠰᠣᠩᠭᠣᠨ᠎ᠠ᠃
ᠬᠠᠷᠢᠨ ᠮᠣᠩᠭᠣᠯ ᠳᠡᠪᠡᠯ ᠦ᠋ᠨ ᠳᠣᠲᠣᠷ ᠡᠮᠦᠰᠬᠦ ᠪᠣᠯ ᠨᠢᠮᠭᠡᠨ ᠴᠤᠯᠭᠤᠢ ᠫᠦᠦᠰᠦᠦ(ᠬᠠᠷ᠎ᠠ᠂ ᠪᠣᠷᠣ᠂ ᠬᠥᠬᠡ ᠭᠡᠬᠦ ᠮᠡᠲᠦ) ᠪᠡᠷ ᠬᠢᠵᠦ ᠰᠤᠭᠤ᠂ ᠭᠣᠣᠯ ᠤ᠋ᠨ ᠣᠶᠣᠳᠠᠯ ᠢ᠋ᠶ᠋ᠠᠷ ᠨᠠᠷᠢᠰᠬᠠᠨ ᠲᠡᠨᠦᠵᠦ ᠪᠡᠶ᠎ᠡ ᠳ᠋ᠦ᠍ ᠲᠣᠬᠢᠷᠠᠭᠤᠯᠤᠨ ᠬᠢᠨ᠎ᠡ᠃ ᠡᠷᠡᠭᠲᠡᠢ ᠬᠥᠮᠦᠨ ᠦ᠌ ᠬᠦᠷᠮ᠎ᠡ ᠶ᠋ᠢ ᠵᠠᠪᠠᠯ ᠡᠮᠵᠢᠬᠦ ᠬᠡᠷᠡᠭ ᠦᠭᠡᠢ ᠪᠥᠭᠡᠳ ᠬᠢᠭᠰᠡᠨ ᠮᠠᠲ᠋ᠧᠷᠢᠶᠠᠯ ᠤ᠋ᠨ ᠬᠢᠨᠢ ᠥᠩᠭᠡ ᠲᠡᠢ ᠲᠣᠪᠴᠢ ᠬᠠᠳᠠᠨ᠎ᠠ᠃ ᠲᠣᠪᠴᠢ ᠶ᠋ᠢᠨ ᠨᠦᠬᠡ ᠶ᠋ᠢ ᠴᠣᠭᠣᠯᠵᠤ ᠭᠠᠷᠭᠠᠬᠤ ᠶ᠋ᠢᠨ ᠣᠷᠣᠨ ᠳ᠋ᠤ᠌ ᠥᠩᠭᠡ ᠶ᠋ᠢᠨ ᠬᠢᠨᠢ ᠮᠠᠲ᠋ᠧᠷᠢᠶᠠᠯ ᠠ᠋ᠴᠠ ᠨᠠᠷᠢᠬᠠᠨ ᠰᠢᠯᠪᠢ ᠡᠮᠬᠡᠷᠢᠳᠴᠦ ᠤᠷᠲᠤ ᠲᠠᠯ᠎ᠠ ᠶ᠋ᠢᠨ ᠣᠶᠣᠳᠠᠯ ᠤ᠋ᠨ ᠥᠩᠭᠡ ᠳᠣᠲᠣᠷ ᠢ᠋ ᠬᠠᠪᠰᠤᠷᠭᠠᠬᠤ ᠳ᠋ᠠᠭᠠᠨ ᠵᠠᠪᠰᠠᠷ ᠨᠢ ᠬᠠᠪᠴᠢᠭᠤᠯᠵᠤ ᠣᠶᠣᠪᠠᠯ ᠵᠣᠬᠢᠮᠵᠢᠲᠠᠢ᠃
ᠬᠠᠷᠢᠨ ᠡᠮᠡᠭᠲᠡᠢ ᠬᠥᠮᠦᠨ ᠦ᠌ ᠬᠦᠷᠮ᠎ᠡ ᠶ᠋ᠢ ᠪᠡᠶ᠎ᠡ ᠶ᠋ᠢᠨ ᠬᠡᠯᠪᠡᠷᠢ ᠳ᠋ᠦ᠍ ᠲᠠᠭᠠᠷᠠᠭᠤᠯᠤᠨ ᠪᠦᠰᠡᠯᠡᠬᠡᠢ᠂ ᠬᠥᠬᠥ ᠶ᠋ᠢᠨ ᠲᠠᠨᠤᠭᠠᠰᠤ ᠭᠠᠷᠭᠠᠵᠤ ᠡᠰᠬᠡᠬᠦ ᠪᠠ ᠮᠥᠷᠥ ᠶ᠋ᠢ ᠠᠯᠤᠰ ᠠ᠋ᠴᠠ ᠳᠠᠷᠤᠵᠤ ᠥᠭᠭᠦᠨ᠎ᠡ᠃ ᠡᠮᠡᠭᠲᠡᠢ ᠬᠥᠮᠦᠨ ᠦ᠌ ᠬᠦᠷᠮ᠎ᠡ ᠶ᠋ᠢ ᠬᠡᠷᠪᠡ ᠪᠠᠩᠵᠠᠯ ᠳᠡᠭᠡᠷ᠎ᠡ ᠡᠮᠦᠰᠬᠦ ᠪᠣᠯ ᠪᠠᠩᠵᠠᠯ ᠤ᠋ᠨ ᠥᠩᠭᠡ ᠲᠡᠢ ᠢᠵᠢᠯ ᠮᠠᠲ᠋ᠧᠷᠢᠶᠠᠯ ᠪᠠᠢᠬᠤ ᠨᠢ ᠵᠣᠬᠢᠮᠵᠢᠲᠠᠢ ᠪᠥᠭᠡᠳ ᠡᠪᠦᠯ ᠦ᠋ᠨ ᠬᠦᠷᠮ᠎ᠡ ᠪᠣᠯ ᠡᠪᠦᠯ ᠦ᠋ᠨ ᠬᠠᠨᠲᠠᠭᠠᠵᠠ ᠲᠠᠢ ᠠᠳᠠᠯᠢ ᠬᠢᠨ᠎ᠡ᠃ ᠬᠠᠨᠲᠠᠭᠠᠵᠠ ᠠ᠋ᠴᠠ ᠢᠯᠭᠠᠭᠳᠠᠬᠤ ᠶᠠᠭᠤᠮ᠎ᠠ ᠭᠡᠪᠡᠯ ᠵᠠᠷᠢᠮ ᠬᠦᠷᠮ᠎ᠡ ᠬᠠᠨᠴᠤᠢ ᠲᠠᠢ ᠪᠠᠢᠨ᠎ᠠ᠃
ᠵᠢᠷᠤᠭ33
ᠡᠷᠡᠭᠲᠡᠢ᠂ ᠡᠮᠡᠭᠲᠡᠢ ᠬᠦᠷᠮ᠎ᠡ

ᠡᠮᠡᠭᠲᠡᠢ ᠬᠥᠮᠦᠨ ᠦ᠌ ᠴᠠᠮᠴᠠ ᠡᠷᠡᠭᠲᠡᠢᠴᠦᠳ ᠦ᠋ᠨ ᠬᠢ ᠲᠡᠢ ᠠᠳᠠᠯᠢ ᠬᠥᠭᠵᠢᠵᠦ ᠢᠷᠡᠭᠰᠡᠨ ᠪᠥᠭᠡᠳ ᠬᠡᠯᠪᠡᠷᠢ ᠮᠠᠶᠢᠭ ᠤ᠋ᠨ ᠬᠤᠪᠢ ᠳ᠋ᠤ᠌ ᠲᠡᠳᠦᠢᠯᠡ ᠥᠭᠡᠷᠡᠴᠢᠯᠡᠭᠳᠡᠭᠰᠡᠨ ᠦᠭᠡᠢ᠃ ᠭᠡᠪᠡᠴᠦ ᠭᠣᠶᠣᠯ ᠴᠢᠮᠡᠭᠯᠡᠯ ᠪᠦᠬᠦᠢ ᠣᠷᠴᠢᠨ ᠦᠶ᠎ᠡ ᠶ᠋ᠢᠨ ᠴᠠᠮᠴᠠ ᠬᠢᠬᠦ ᠲᠠᠯ᠎ᠠ ᠪᠠᠷ ᠥᠭᠦᠯᠡᠬᠦ ᠳ᠋ᠦ᠍ ᠭᠣᠶᠣᠮᠰᠣᠭ ᠬᠢᠭᠰᠡᠨ ᠮᠣᠩᠭᠣᠯ ᠴᠠᠮᠴᠠ ᠣᠷᠴᠢᠨ ᠦᠶ᠎ᠡ ᠳ᠋ᠦ᠍ ᠬᠡᠷᠡᠭᠯᠡᠵᠦ ᠪᠣᠯᠬᠤ ᠰᠠᠢᠬᠠᠨ ᠬᠤᠪᠴᠠᠰᠤᠨ ᠤ᠋ ᠨᠢᠭᠡ ᠪᠥᠭᠡᠳ ᠨᠠᠰᠤᠲᠠᠢ᠂ ᠵᠠᠯᠠᠭᠤ ᠶᠠᠮᠠᠷ ᠴᠤ᠌ ᠬᠥᠮᠦᠨ ᠳ᠋ᠦ᠍ ᠵᠣᠬᠢᠮᠵᠢᠲᠠᠢ᠃ ᠴᠠᠮᠴᠠ ᠶ᠋ᠢ ᠬᠢᠬᠦ ᠳ᠋ᠡᠭᠡᠨ ᠤᠷᠢᠳᠤ ᠳ᠋ᠠᠭᠠᠨ ᠬᠢᠵᠦ ᠪᠠᠢᠭᠰᠠᠨ ᠮᠥᠷᠥ ᠦᠭᠡᠢ ᠰᠢᠯᠤᠭᠤᠨ᠂ ᠣᠷᠴᠢᠨ ᠦᠶ᠎ᠡ ᠶ᠋ᠢᠨ ᠥᠨᠳᠥᠷ ᠮᠥᠷᠥ ᠲᠡᠢ ᠠᠯᠢ ᠠᠯᠢᠨ ᠢ᠋ ᠨᠢ ᠬᠡᠷᠡᠭᠯᠡᠵᠦ ᠪᠣᠯᠤᠨ᠎ᠠ᠃ ᠬᠥᠮᠦᠨ ᠳ᠋ᠦ᠍ ᠵᠣᠬᠢᠮᠵᠢ ᠶ᠋ᠢᠨ ᠬᠤᠪᠢ ᠳ᠋ᠤ᠌ ᠣᠷᠴᠢᠨ ᠦᠶ᠎ᠡ ᠶ᠋ᠢᠨ ᠮᠥᠷᠥ ᠲᠡᠢ᠂ ᠬᠠᠨᠴᠤᠢ ᠶ᠋ᠢᠨ ᠤᠷᠳᠤᠭᠤᠷ ᠡᠮᠵᠢᠶᠡᠷᠢ ᠲᠡᠢ᠂ ᠬᠥᠬᠥ᠂ ᠰᠤᠭᠤᠨ ᠤ᠋ ᠲᠠᠨᠤᠭᠠᠰᠤ ᠲᠠᠢ ᠴᠠᠮᠴᠠ ᠪᠦᠷ ᠴᠦ᠍ ᠭᠣᠶᠣᠮᠰᠣᠭ ᠪᠠᠢᠳᠠᠭ᠃ ᠬᠠᠨᠴᠤᠢ ᠶ᠋ᠢᠨ ᠤᠷᠲᠤ ᠲᠠᠯ᠎ᠠ ᠶ᠋ᠢ ᠡᠮᠵᠢᠶᠡᠷᠢ ᠦᠭᠡᠢ ᠪᠡᠷ ᠰᠢᠯᠤᠭᠤᠨ ᠨᠠᠷᠢᠨ ᠬᠢᠵᠦ ᠪᠣᠯᠤᠨ᠎ᠠ᠃ ᠡᠩᠭᠡᠷ ᠵᠠᠬ᠎ᠠ ᠶ᠋ᠢ ᠮᠣᠩᠭᠣᠯ ᠳᠠᠩ ᠳᠡᠪᠡᠯ ᠦ᠋ᠨ ᠡᠩᠭᠡᠷ ᠰᠢᠭ ᠬᠢᠵᠦ ᠭᠣᠶᠣᠯ ᠴᠢᠮᠡᠭᠯᠡᠯ ᠢ᠋ ᠴᠢᠮᠡᠭᠯᠡᠬᠦ ᠤᠷᠠᠯᠢᠭ ᠭᠡᠰᠡᠨ ᠪᠦᠯᠦᠭ ᠲᠦ᠍ ᠵᠢᠭᠠᠭᠰᠠᠨ ᠢ᠋ᠶ᠋ᠠᠷ ᠴᠢᠮᠡᠭᠯᠡᠨ᠎ᠡ᠃ ᠮᠥᠨ ᠪᠦᠰᠡᠯᠡᠬᠡᠢ᠂ ᠬᠥᠬᠥ ᠶ᠋ᠢᠨ ᠬᠤᠨᠢᠶᠠᠰᠤ ᠶ᠋ᠢ ᠬᠢᠵᠦ ᠬᠣᠷᠮᠣᠢ ᠶ᠋ᠢᠨ ᠬᠡᠰᠡᠭ ᠲᠦ᠍ ᠣᠨᠣᠭᠣ ᠭᠠᠷᠭᠠᠨ ᠲᠡᠭᠦᠨ ᠢ᠋ᠶ᠋ᠡᠨ ᠵᠠᠬ᠎ᠠ ᠡᠩᠭᠡᠷ ᠲᠡᠢ ᠠᠳᠠᠯᠢ ᠲᠣᠨᠣᠭᠯᠠᠨᠠ᠃ ᠡᠷᠡᠭᠲᠡᠢᠴᠦᠳ ᠭᠣᠣᠯᠳᠠᠭᠤ ᠳᠣᠲᠣᠭᠤᠷ ᠴᠠᠮᠴᠠ ᠡᠮᠦᠰᠬᠦ ᠪᠥᠭᠡᠳ ᠬᠡᠷᠪᠡ ᠮᠣᠩᠭᠣᠯ ᠳᠡᠪᠡᠯ ᠦ᠋ᠨ ᠳᠣᠲᠣᠷ ᠡᠮᠦᠰᠬᠦ ᠴᠠᠮᠴᠠ ᠶ᠋ᠢ ᠭᠣᠶᠣᠮᠰᠣᠭ ᠢ᠋ᠶ᠋ᠠᠷ ᠬᠢᠶ᠎ᠡ ᠭᠡᠪᠡᠯ ᠵᠠᠬ᠎ᠠ ᠶ᠋ᠢ ᠪᠣᠰᠤᠭ᠎ᠠ᠂ ᠤᠷᠲᠤ ᠲᠠᠯ᠎ᠠ ᠤᠷᠤᠭᠤ ᠪᠠᠨ ᠬᠠᠭᠠᠰ ᠵᠠᠳᠠᠭᠠᠢ ᠦᠺᠷᠠᠢᠨ ᠮᠠᠶᠢᠭ ᠤ᠋ᠨ ᠴᠠᠮᠴᠠ ᠬᠢᠪᠡᠯ ᠲᠣᠬᠢᠷᠠᠮᠵᠢᠲᠠᠢ ᠪᠥᠭᠡᠳ ᠡᠭᠦᠨ ᠢ᠋ ᠬᠡ ᠥᠬᠡᠢ᠂ ᠰᠠ ᠲᠠᠢ ᠳᠠᠯᠢᠩᠪᠤ ᠵᠡᠷᠭᠡ ᠬᠢᠮᠳᠠ ᠦᠨ᠎ᠡ ᠲᠡᠢ ᠮᠠᠲ᠋ᠧᠷᠢᠶᠠᠯ ᠢ᠋ᠶ᠋ᠠᠷ ᠬᠢᠪᠡᠯ ᠮᠣᠩᠭᠣᠯ ᠳᠡᠪᠡᠯ ᠦ᠋ᠨ ᠳᠣᠲᠣᠷ ᠡᠮᠦᠰᠬᠦ ᠳ᠋ᠦ᠍᠂ ᠢᠯᠠᠩᠭᠤᠶ᠎ᠠ ᠠᠵᠢᠯᠴᠢᠨ᠂ ᠮᠠᠯᠴᠢᠨ ᠬᠥᠮᠦᠨ ᠦ᠌ ᠡᠷᠡᠭᠦᠯ ᠠᠬᠤᠢ ᠳ᠋ᠤ᠌ ᠲᠣᠬᠢᠷᠠᠮᠵᠢᠲᠠᠢ᠃
ᠵᠢᠷᠤᠭ34
(1) ᠬᠠᠭᠠᠰ ᠬᠠᠭᠠᠷᠬᠠᠢ ᠵᠥᠷᠢᠭᠦᠯᠵᠦ ᠲᠣᠪᠴᠢᠯᠠᠳᠠᠭ ᠪᠣᠰᠤᠭ᠎ᠠ ᠵᠠᠬ᠎ᠠ ᠲᠠᠢ ᠡᠷᠡᠭᠲᠡᠢ ᠴᠠᠮᠴᠠ
(2) ᠮᠣᠩᠭᠣᠯ ᠵᠠᠬ᠎ᠠ ᠲᠠᠢ ᠡᠮᠡᠭᠲᠡᠢ ᠴᠠᠮᠴᠠ

ᠵᠢᠷᠤᠭ35
(1) ᠲᠣᠨᠣᠭ ᠴᠢᠮᠡᠭ ᠲᠡᠢ ᠡᠮᠡᠭᠲᠡᠢ ᠬᠠᠨᠲᠠᠭᠠᠵᠠ
(2) ᠲᠣᠨᠣᠭ ᠲᠠᠢ ᠡᠷᠡᠭᠲᠡᠢ ᠬᠠᠨᠲᠠᠭᠠᠵᠠ

ᠦᠰᠦᠭ ᠠᠮᠢᠯᠠᠭᠤᠯᠤᠭᠴᠢ᠄ ᠱᠠᠭᠰᠠᠯ ᠦᠯᠵᠡᠢᠪᠠᠭᠠᠲᠤᠷ ᠪᠠᠶᠠᠨᠰᠡᠷᠡᠩ
ᠬᠢᠨᠠᠭᠴᠢ᠄ ᠰᠡᠬᠡᠭᠡᠷᠡᠯ ᠣᠳᠬᠠᠨᠰᠣ᠎ᠠ
