ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ20-ᠨᠠᠷᠠᠨ ᠰᠠᠷᠠᠪᠴᠢ ᠲᠠᠢ ᠮᠠᠯᠠᠭᠠᠢ ᠬᠢᠬᠦ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ20-ᠨᠠᠷᠠᠨ ᠰᠠᠷᠠᠪᠴᠢ ᠲᠠᠢ ᠮᠠᠯᠠᠭᠠᠢ ᠬᠢᠬᠦ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ20-ᠨᠠᠷᠠᠨ ᠰᠠᠷᠠᠪᠴᠢ ᠲᠠᠢ ᠮᠠᠯᠠᠭᠠᠢ ᠬᠢᠬᠦ

ᠠᠩᠭᠢᠯᠠᠯ:ᠵᠠᠩ ᠦᠢᠯᠡ
2024-04-22

452

   ᠰᠠᠷᠠᠪᠴᠢ ᠲᠠᠢ ᠮᠠᠯᠠᠭᠠᠢ ᠶ᠋ᠢ4—6 ᠲᠠᠯ᠎ᠠ ᠲᠠᠢ ᠪᠤᠶᠤ ᠡᠰᠡᠪᠡᠯ ᠲᠠᠯ᠎ᠠ ᠦᠭᠡᠢ ᠳᠤᠭᠤᠢ ᠣᠷᠣᠢ ᠲᠠᠢ ᠬᠢᠵᠦ ᠪᠣᠯᠤᠨ᠎ᠠ᠃ ᠬᠥᠮᠦᠨ ᠳ᠋ᠦ᠍ ᠵᠣᠬᠢᠮᠵᠢ ᠶ᠋ᠢᠨ ᠬᠤᠪᠢ ᠳ᠋ᠤ᠌ ᠠᠯᠢ ᠠᠯᠢ ᠨᠢ ᠲᠣᠬᠢᠷᠠᠬᠤ ᠪᠥᠭᠡᠳ ᠲᠠᠯ᠎ᠠ ᠲᠠᠢ ᠮᠠᠯᠠᠭᠠᠢ ᠶ᠋ᠢ ᠡᠰᠬᠡᠬᠦ ᠳ᠋ᠡᠭᠡᠨ ᠲᠣᠯᠣᠭᠠᠢ ᠶ᠋ᠢᠨ ᠬᠡᠮᠵᠢᠶ᠎ᠡ ᠶ᠋ᠢ ᠳᠤᠬᠤ᠂ ᠭᠠᠪᠠᠯᠠ ᠶ᠋ᠢ ᠠᠷᠤ ᠲᠠᠯ᠎ᠠ ᠤᠷᠤᠭᠤ ᠨᠢ ᠵᠢᠰᠢᠭᠦᠦ ᠣᠷᠢᠶᠠᠬᠤ ᠮᠠᠶᠢᠭ ᠢ᠋ᠶ᠋ᠠᠷ ᠬᠡᠮᠵᠢᠵᠦ ᠭᠠᠷᠭᠠᠨ ᠲᠣᠭ᠎ᠠ ᠪᠠᠨ ᠳᠥᠷᠪᠡ ᠪᠤᠶᠤ ᠵᠢᠷᠭᠤᠭᠠᠨ ᠲᠠᠯ᠎ᠠ ᠳ᠋ᠠᠭᠠᠨ ᠬᠤᠪᠢᠶᠠᠵᠤ ᠲᠡᠭᠦᠨ ᠦ᠌ ᠳᠡᠭᠡᠷ᠎ᠡ ᠣᠶᠣᠳᠠᠯ ᠨᠡᠮᠡᠵᠦ ᠲᠠᠯᠪᠢᠵᠤ ᠨᠢᠭᠡ ᠲᠠᠯ᠎ᠠ ᠡᠰᠬᠡᠭᠡᠳ ᠲᠡᠭᠦᠨ ᠢ᠋ᠶ᠋ᠡᠨ ᠡᠬᠢᠯᠡᠨ ᠴᠠᠭᠠᠰᠤᠨ ᠮᠠᠯᠠᠭᠠᠢ ᠬᠢᠵᠦ ᠡᠮᠦᠰᠬᠦ ᠬᠥᠮᠦᠨ ᠦ᠌ ᠪᠡᠨ ᠲᠣᠯᠣᠭᠠᠢ ᠳ᠋ᠤ᠌ ᠡᠮᠦᠰᠬᠡᠵᠦ ᠦᠵᠡᠨ᠎ᠡ᠃ ᠨᠢᠭᠡ ᠲᠠᠯ᠎ᠠ ᠶ᠋ᠢ ᠡᠰᠬᠡᠬᠦ ᠳ᠋ᠡᠭᠡᠨ ᠳᠤᠮᠳᠠᠭᠤᠷ ᠢ᠋ᠶ᠋ᠠᠨ ᠥᠷᠭᠡᠨ᠂ ᠳᠡᠭᠡᠭᠰᠢ ᠪᠡᠨ ᠨᠠᠷᠢᠪᠲᠤᠷᠬᠠᠨ ᠡᠰᠬᠡᠬᠦ ᠪᠠ ᠳᠡᠭᠡᠭᠰᠢ ᠪᠡᠨ ᠬᠡᠳᠦ ᠨᠠᠷᠢᠨ ᠪᠣᠯᠪᠠᠯ ᠣᠷᠣᠢ ᠥᠭᠡᠳᠡ ᠪᠡᠨ ᠱᠣᠪᠣᠭᠣᠷ ᠪᠣᠯᠵᠤ ᠮᠠᠯᠠᠭᠠᠢ ᠦᠵᠡᠮᠵᠢ ᠦᠭᠡᠢ ᠪᠣᠯᠬᠤ ᠤᠴᠢᠷ ᠣᠭᠴᠣᠮᠬᠠᠨ ᠪᠥᠭᠡᠳ ᠳᠣᠣᠷᠠᠲᠤ ᠲᠠᠯ᠎ᠠ ᠲᠠᠢ ᠬᠠᠷᠢᠴᠠᠭᠤᠯᠵᠤ ᠲᠤᠩ ᠪᠠᠭ᠎ᠠ ᠨᠠᠷᠢᠰᠬᠠᠨ᠎ᠠ᠃ ᠲᠣᠯᠣᠭᠠᠢ ᠳ᠋ᠤ᠌ ᠤᠭᠯᠠᠬᠤ ᠬᠡᠰᠡᠭ ᠦ᠋ᠨ ᠨᠣᠮᠧᠷ ᠲᠤ ᠲᠣᠬᠢᠷᠠᠭᠰᠠᠨ ᠪᠠᠢᠬᠤ ᠶ᠋ᠢᠨ ᠳᠡᠭᠡᠷ᠎ᠡ ᠳᠤᠮᠳᠠ ᠲᠠᠯ᠎ᠠ ᠨᠢ ᠠᠷᠠᠢ ᠶᠡᠬᠡ ᠳ᠋ᠢᠶᠠᠮᠧᠲ᠋ᠷ ᠲᠡᠢ ᠪᠠᠢᠪᠠᠯ ᠲᠣᠬᠢᠷᠠᠮᠵᠢᠲᠠᠢ ᠪᠥᠭᠡᠳ ᠰᠠᠷᠠᠪᠴᠢ ᠳ᠋ᠢᠶᠠᠮᠧᠲ᠋ᠷ ᠢ᠋ᠶ᠋ᠡᠨ ᠪᠣᠯᠤᠨ ᠣᠷᠣᠭᠰᠢ ᠪᠠᠨ ᠲᠣᠮᠣ ᠪᠠᠢᠪᠠᠯ ᠵᠣᠬᠢᠮᠵᠢᠲᠠᠢ᠃
   ᠬᠡᠷᠪᠡ ᠲᠠᠯ᠎ᠠ ᠦᠭᠡᠢ ᠰᠢᠭᠤᠳ ᠬᠠᠪᠲᠠᠭᠠᠢ ᠳᠤᠭᠤᠢ ᠣᠷᠣᠢ ᠲᠠᠢ ᠡᠰᠬᠡᠪᠡᠯ ᠣᠷᠣᠢ ᠬᠡᠰᠡᠭ ᠢ᠋ ᠳᠤᠭᠤᠢ᠂ ᠠᠷᠤ ᠲᠠᠯ᠎ᠠ ᠶ᠋ᠢᠨ ᠬᠣᠶᠠᠷ ᠲᠠᠯ᠎ᠠ ᠶ᠋ᠢ ᠬᠣᠩᠬᠣᠢᠯᠭᠠᠨ ᠤᠬᠤᠵᠤ ᠲᠡᠭᠦᠨ ᠳ᠋ᠡᠭᠡᠨ ᠬᠣᠶᠠᠷ ᠲᠠᠯ᠎ᠠ ᠶ᠋ᠢᠨ ᠰᠢᠨᠠ ᠶ᠋ᠢ ᠵᠠᠯᠭᠠᠵᠤ᠂ ᠠᠷᠤ ᠲᠠᠯ᠎ᠠ ᠶ᠋ᠢ ᠲᠡᠨᠦᠵᠦ ᠬᠦᠷᠢᠶ᠎ᠡ ᠬᠡᠯᠪᠡᠷᠢ ᠲᠡᠢ ᠪᠣᠯᠭᠠᠨ ᠰᠠᠷᠠᠪᠴᠢ ᠵᠠᠯᠭᠠᠵᠤ ᠬᠢᠳᠡᠭ᠃
ᠱᠣᠪᠣᠭᠣᠷ ᠳᠤᠭᠤᠢ ᠣᠷᠣᠢ ᠲᠠᠢ ᠰᠠᠷᠠᠪᠴᠢ ᠲᠠᠢ ᠮᠠᠯᠠᠭᠠᠢ ᠲᠡᠭᠦᠨᠴᠢᠯᠡᠨ ᠣᠷᠣᠢ ᠳᠤᠭᠤᠢ ᠡᠭᠴᠡ ᠬᠦᠷᠢᠶ᠎ᠡ ᠲᠡᠢ ᠰᠠᠷᠠᠪᠴᠢ ᠲᠠᠢ ᠮᠠᠯᠠᠭᠠᠢ ᠬᠢᠵᠦ ᠪᠣᠯᠤᠨ᠎ᠠ᠃ ᠡᠭᠦᠨ ᠦ᠌ ᠲᠤᠯᠠᠳᠠ ᠳᠤᠭᠤᠢ ᠣᠷᠣᠢ ᠶ᠋ᠢ ᠮᠠᠯᠠᠭᠠᠢ ᠶ᠋ᠢᠨ ᠨᠣᠮᠧᠷ ᠦ᠋ᠨ ᠬᠡᠮᠵᠢᠶᠡᠨ ᠡᠴᠡ ᠨᠢᠭᠡ ᠲᠠᠯ᠎ᠠ ᠢᠯᠡᠭᠦᠦ ᠪᠠᠢᠬᠤ ᠪᠠᠷ ᠪᠣᠳᠣᠵᠤ ᠡᠰᠬᠡᠭᠡᠳ ᠢᠯᠡᠭᠦᠦ ᠲᠠᠯᠪᠢᠭᠰᠠᠨ ᠱᠣᠪᠣᠭᠣᠷ ᠢ᠋ᠶ᠋ᠠᠨ ᠤᠬᠤᠨ ᠠᠪᠴᠤ ᠬᠣᠶᠠᠷ ᠲᠠᠯ᠎ᠠ ᠶ᠋ᠢ ᠨᠡᠢᠯᠡᠭᠦᠯᠦᠨ ᠣᠶᠣᠵᠤ ᠳᠣᠭᠤᠤᠷ ᠨᠢ ᠲᠠᠰᠢᠭᠤ ᠪᠤᠶᠤ ᠡᠭᠴᠡ ᠬᠦᠷᠢᠶ᠎ᠡ ᠵᠠᠯᠭᠠᠵᠤ ᠰᠠᠷᠠᠪᠴᠢ ᠬᠢᠨ᠎ᠡ᠃
   ᠨᠠᠷᠠᠨ ᠪᠦᠷᠭᠦ ᠮᠠᠯᠠᠭᠠᠢ ᠬᠢᠬᠦ ᠪᠦᠷᠭᠦ ᠮᠠᠯᠠᠭᠠᠢ ᠶ᠋ᠢ ᠬᠢᠬᠦ ᠳ᠋ᠡᠭᠡᠨ ᠳᠥᠷᠪᠡᠨ ᠲᠠᠯᠠᠲᠤ ᠲᠣᠭᠣᠷᠢᠭ ᠣᠷᠣᠢ ᠬᠢᠵᠦ ᠵᠠᠯᠭᠠᠬᠤ ᠬᠦᠷᠢᠶ᠎ᠡ ᠶ᠋ᠢ ᠬᠣᠶᠠᠷ ᠶᠠᠩᠵᠤ ᠪᠠᠷ ᠬᠢᠨ᠎ᠡ᠃ ᠡᠭᠦᠨ ᠦ᠌ ᠲᠤᠯᠠᠳᠠ ᠬᠦᠷᠢᠶ᠎ᠡ ᠶ᠋ᠢ ᠪᠠᠢᠬᠤ ᠬᠡᠮᠵᠢᠶ᠎ᠡ ᠪᠡᠷ ᠨᠢ ᠳᠤᠭᠤᠢᠯᠠᠵᠤ ᠡᠰᠬᠡᠨ ᠥᠩᠭᠡ ᠳᠣᠲᠣᠷ ᠬᠣᠶᠠᠷ ᠤ᠋ᠨ ᠵᠠᠪᠰᠠᠷ ᠬᠡᠳᠦ ᠬᠡᠳᠦᠨ ᠳᠠᠪᠬᠤᠷ ᠳᠠᠪᠤᠤ ᠶ᠋ᠢᠨ ᠥᠭᠡᠳᠡᠰᠦ ᠨᠦ᠍ᠭᠦᠳ ᠵᠦᠢᠵᠦ ᠬᠠᠪᠴᠢᠭᠤᠯᠤᠨ ᠨᠢᠭᠡ ᠵᠢᠭᠳᠡ ᠳᠤᠭᠤᠢᠯᠠᠵᠤ ᠮᠠᠰᠢᠨ ᠢ᠋ᠶ᠋ᠠᠷ ᠰᠢᠷᠢᠭᠡᠳ ᠣᠷᠣᠢ ᠳ᠋ᠤ᠌ ᠲᠠᠭᠠᠷᠠᠭᠤᠯᠵᠤ ᠭᠣᠣᠯ ᠬᠡᠰᠡᠭ ᠢ᠋ ᠣᠬᠣᠨ ᠠᠪᠴᠤ ᠣᠷᠣᠢ ᠲᠠᠢ ᠵᠠᠯᠭᠠᠨ ᠣᠶᠣᠵᠤ ᠬᠢᠨ᠎ᠡ᠃ ᠮᠥᠨ ᠲᠠᠰᠢᠭᠤ ᠳᠤᠭᠤᠢ ᠵᠠᠳᠠᠭᠠᠢ ᠬᠦᠷᠢᠶ᠎ᠡ ᠬᠢᠵᠦ ᠬᠦᠷᠢᠶ᠎ᠡ ᠶ᠋ᠢ ᠰᠢᠷᠢᠵᠦ ᠵᠠᠯᠭᠠᠵᠤ ᠪᠣᠯᠤᠨ᠎ᠠ᠃ ᠪᠦᠷᠬᠦ ᠮᠠᠯᠠᠭᠠᠢ ᠶ᠋ᠢᠨ ᠬᠦᠷᠢᠶ᠎ᠡ ᠶ᠋ᠢ ᠭᠣᠶᠣᠮᠰᠣᠭ ᠪᠣᠯᠭᠠᠶ᠎ᠠ ᠭᠡᠪᠡᠯ ᠲᠥᠮᠥᠰᠥ ᠶ᠋ᠢᠨ ᠭᠤᠯᠢᠷ ᠢ᠋ᠶ᠋ᠠᠷ ᠨᠢᠭᠡ ᠵᠢᠭᠳᠡ ᠴᠠᠷᠳᠠᠨ ᠨᠣᠢᠲᠠᠨ ᠳᠡᠭᠡᠷ᠎ᠡ ᠨᠢ ᠬᠡᠪ ᠲᠦ᠍ ᠬᠢᠵᠦ ᠬᠦᠷᠢᠶ᠎ᠡ ᠶ᠋ᠢ ᠳᠡᠭᠡᠭᠰᠢ ᠨᠢ ᠡᠷᠭᠢᠭᠦᠯᠵᠦ ᠬᠠᠲᠠᠭᠠᠪᠠᠯ ᠭᠣᠶᠣᠮᠰᠣᠭ ᠪᠣᠯᠤᠨ᠎ᠠ᠃ ᠨᠠᠷᠠᠨ ᠤ᠋ ᠰᠠᠷᠠᠪᠴᠢ ᠲᠠᠢ ᠮᠠᠯᠠᠭᠠᠢ ᠶ᠋ᠢᠨ ᠰᠠᠷᠠᠪᠴᠢ ᠶ᠋ᠢ ᠦᠵᠡᠮᠵᠢ ᠲᠡᠢ ᠪᠣᠯᠭᠠᠬᠤ ᠶ᠋ᠢᠨ ᠲᠤᠯᠠᠳᠠ ᠰᠠᠷᠠᠪᠴᠢᠨ ᠳ᠋ᠤ᠌ ᠳᠠᠪᠤᠤ ᠬᠠᠪᠴᠢᠭᠤᠯᠵᠤ ᠰᠢᠷᠢᠬᠦ ᠶ᠋ᠢᠨ ᠣᠷᠣᠨ ᠳ᠋ᠤ᠌ ᠫᠢᠶᠠᠨᠰᠠ ᠶ᠋ᠢᠨ ᠲᠠᠯ᠎ᠠ ᠪᠤᠶᠤ ᠨᠢᠮᠭᠡᠨ ᠬᠤᠪᠠᠨᠴᠢᠷ ᠮᠠᠲ᠋ᠧᠷᠢᠶᠠᠯ ᠬᠢᠵᠦ ᠲᠡᠭᠦᠨ ᠢ᠋ᠶ᠋ᠡᠨ ᠤᠬᠢᠶᠠᠬᠤ ᠳ᠋ᠠᠭᠠᠨ ᠨᠤᠭᠤᠯᠬᠤ ᠦᠭᠡᠢ ᠠᠯᠠᠭᠠᠨ ᠳᠡᠭᠡᠷ᠎ᠡ ᠪᠡᠨ ᠲᠠᠯᠪᠢᠵᠤ ᠰᠠᠪᠤᠩᠳᠠᠨ ᠬᠠᠲᠠᠭᠤ ᠦᠰᠦ ᠲᠡᠢ ᠱᠤᠸᠠᠵᠠ ᠪᠤᠶᠤ ᠴᠡᠪᠡᠷ ᠨᠡᠢᠯᠡᠭ ᠡᠳ᠋ ᠦ᠋ᠨ ᠲᠠᠰᠤᠷᠬᠠᠢ ᠪᠠᠷ ᠠᠷᠴᠢᠨ ᠵᠦᠯᠭᠦᠵᠦ ᠴᠡᠪᠡᠷ ᠤᠰᠤ ᠪᠠᠷ ᠳᠠᠬᠢᠨ ᠣᠯᠠᠨ ᠤᠬᠢᠶᠠᠵᠤ ᠴᠡᠪᠡᠷᠯᠡᠨ᠎ᠡ᠃
ᠵᠢᠷᠤᠭ32
(1) ᠲᠣᠯᠣᠭᠠᠢ ᠶ᠋ᠢᠨ ᠬᠡᠮᠵᠢᠯᠲᠡ
(2) ᠳᠥᠷᠪᠡ ᠪᠤᠶᠤ ᠵᠢᠷᠭᠤᠭᠠᠨ ᠲᠠᠯᠠᠲᠤ ᠰᠠᠷᠠᠪᠴᠢ ᠲᠠᠢ ᠮᠠᠯᠠᠭᠠᠢ

   ᠨᠠᠷᠠᠨ ᠮᠠᠯᠠᠭᠠᠢ ᠶ᠋ᠢ ᠲᠣᠣᠷ ᠢ᠋ᠶ᠋ᠠᠷ ᠬᠢᠵᠦ ᠪᠣᠯᠤᠨ᠎ᠠ᠃ ᠡᠭᠦᠨ ᠦ᠌ ᠲᠤᠯᠠᠳᠠ ᠲᠣᠣᠷ ᠢ᠋ᠶ᠋ᠠᠷ ᠳᠡᠭᠡᠷ᠎ᠡ ᠳᠤᠷᠠᠳᠤᠭᠰᠠᠨ ᠠᠷᠭ᠎ᠠ ᠪᠠᠷ ᠮᠠᠯᠠᠭᠠᠢ ᠶ᠋ᠢ ᠬᠢᠵᠦ ᠲᠥᠮᠦᠰᠦᠨ ᠦ᠌ ᠭᠤᠯᠢᠷ ᠢ᠋ᠶ᠋ᠠᠷ ᠴᠡᠷᠳᠡᠵᠦ ᠬᠡᠪ ᠲᠦ᠍ ᠬᠢᠵᠦ ᠨᠣᠢᠲᠠᠨ ᠳ᠋ᠤᠨᠢ ᠬᠠᠲᠠᠭᠠᠬᠤ ᠪᠠ ᠲᠥᠮᠦᠰᠦᠨ ᠦ᠌ ᠭᠤᠯᠢᠷ ᠢ᠋ᠶ᠋ᠠᠷ ᠮᠠᠰᠢ ᠵᠢᠭᠳᠡ ᠲᠦᠷᠬᠢᠭᠰᠡᠨ ᠪᠠᠢᠨ᠎ᠠ ᠲᠡᠭᠦᠨ ᠡᠴᠡ ᠭᠠᠳᠠᠨ᠎ᠠ ᠣᠷᠴᠢᠨ ᠦᠶ᠎ᠡ ᠳ᠋ᠦ᠍ ᠶᠠᠩᠵᠤ ᠪᠦᠷᠢ ᠶ᠋ᠢᠨ ᠨᠡᠬᠡᠮᠡᠯ ᠮᠠᠯᠠᠭᠠᠢ ᠶ᠋ᠢ ᠡᠮᠦᠰᠬᠦ ᠪᠣᠯᠤᠯ᠎ᠠ᠃

   ᠦᠰᠦᠭ ᠠᠮᠢᠯᠠᠭᠤᠯᠤᠭᠴᠢ᠄ ᠪᠠᠶᠠᠨᠰᠡᠷᠡᠩ
   ᠬᠢᠨᠠᠭᠴᠢ᠄ ᠰᠡᠬᠡᠭᠡᠷᠡᠯ᠂ ᠣᠳᠬᠠᠨᠰᠣ᠎ᠠ