ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ18-ᠮᠣᠩᠭᠣᠯ ᠦᠨᠳᠦᠰᠦᠲᠡᠨ ᠦ᠌ ᠬᠤᠪᠴᠠᠰᠤᠨ ᠤ᠋ ᠥᠪᠡᠷᠮᠢᠴᠡ ᠣᠨᠴᠠᠯᠢᠭ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ18-ᠮᠣᠩᠭᠣᠯ ᠦᠨᠳᠦᠰᠦᠲᠡᠨ ᠦ᠌ ᠬᠤᠪᠴᠠᠰᠤᠨ ᠤ᠋ ᠥᠪᠡᠷᠮᠢᠴᠡ ᠣᠨᠴᠠᠯᠢᠭ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ18-ᠮᠣᠩᠭᠣᠯ ᠦᠨᠳᠦᠰᠦᠲᠡᠨ ᠦ᠌ ᠬᠤᠪᠴᠠᠰᠤᠨ ᠤ᠋ ᠥᠪᠡᠷᠮᠢᠴᠡ ᠣᠨᠴᠠᠯᠢᠭ

ᠠᠩᠭᠢᠯᠠᠯ:ᠵᠠᠩ ᠦᠢᠯᠡ
2024-04-20

321

ᠬᠣᠶᠠᠳᠤᠭᠠᠷ ᠪᠦᠯᠦᠭ18-ᠮᠣᠩᠭᠣᠯ ᠦᠨᠳᠦᠰᠦᠲᠡᠨ ᠦ᠌ ᠬᠤᠪᠴᠠᠰᠤᠨ ᠤ᠋ ᠥᠪᠡᠷᠮᠢᠴᠡ ᠣᠨᠴᠠᠯᠢᠭ

    ᠮᠠᠨ ᠤ᠋ ᠦᠨᠳᠦᠰᠦᠲᠡᠨ ᠦ᠌ ᠬᠤᠪᠴᠠᠰᠤ ᠪᠣᠯ ᠥᠪᠡᠷ ᠦ᠋ᠨ ᠣᠷᠣᠨ ᠤ᠋ ᠪᠠᠢᠭᠠᠯᠢ᠂ ᠴᠠᠭ ᠠᠭᠤᠷ ᠤ᠋ᠨ ᠣᠨᠴᠠᠯᠢᠭ ᠨᠥᠬᠥᠴᠡᠯ ᠳ᠋ᠦ᠍ ᠲᠣᠬᠢᠷᠠᠭᠰᠠᠨ ᠥᠪᠡᠷᠮᠢᠴᠡ ᠬᠤᠪᠴᠠᠰᠤ ᠪᠥᠭᠡᠳ ᠶᠠᠮᠠᠷ ᠴᠤ᠌ ᠬᠦᠢᠲᠡᠨ ᠳ᠋ᠦ᠍ ᠬᠥᠯ ᠲᠠᠭᠠᠷᠠᠭᠤᠯᠳᠠᠭ ᠦᠭᠡᠢ᠂ ᠤᠰᠤ ᠪᠠᠭ᠎ᠠ ᠨᠡᠪᠲᠡᠷᠡᠳᠡᠭ ᠪᠠᠲᠤ ᠪᠥᠬᠡ ᠰᠢᠷᠢ ᠪᠤᠯᠢᠭᠠᠷᠢ ᠪᠠᠷ ᠬᠢᠭᠰᠡᠨ᠂ ᠵᠤᠵᠠᠭᠠᠨ ᠢᠰᠡᠭᠡᠢ ᠣᠢᠮᠣᠰᠤ ᠲᠠᠢ ᠭᠤᠲᠤᠯ᠂ ᠬᠦᠵᠦᠭᠦᠦ ᠬᠣᠭᠣᠯᠠᠢ ᠳᠠᠭᠠᠷᠠᠭᠤᠯᠳᠠᠭ ᠦᠭᠡᠢ᠂ ᠠᠩᠬᠢᠨ᠎ᠠ ᠡᠪᠡᠳᠴᠢᠨ ᠲᠤᠰᠬᠤ ᠠ᠋ᠴᠠ ᠬᠠᠮᠠᠭᠠᠯᠠᠳᠠᠭ ᠪᠣᠰᠤᠭ᠎ᠠ ᠥᠨᠳᠥᠷ ᠵᠠᠬ᠎ᠠ᠂ ᠬᠠᠭᠠᠯᠲᠠ ᠲᠠᠢ ᠡᠩᠭᠡᠷ ᠲᠡᠢ ᠯᠠᠪ ᠵᠥᠷᠢᠭᠦᠯᠵᠦ ᠪᠦᠰᠡᠯᠡᠳᠡᠭ ᠳᠡᠪᠡᠯ᠂ ᠥᠷᠭᠡᠨ ᠪᠦᠰᠡ ᠨᠢ ᠤᠭᠤᠴᠠ ᠨᠢᠷᠤᠭᠤᠨ ᠤ᠋ ᠡᠪᠡᠳᠴᠢᠨ(ᠠᠷᠲ᠋ᠢᠺᠥ᠋ᠯᠢᠲ᠋)᠂ ᠬᠠᠳᠬᠤᠭ᠎ᠠ ᠠ᠋ᠴᠠ ᠬᠠᠮᠠᠭᠠᠯᠠᠬᠤ ᠠ᠋ᠴᠠ ᠭᠠᠳᠠᠨ᠎ᠠ ᠤᠨᠤᠭ᠎ᠠ ᠮᠣᠷᠢ ᠤᠨᠤᠬᠤ ᠪᠤᠶᠤ ᠮᠠᠰᠢᠨ ᠳ᠋ᠤ᠌ ᠰᠠᠭᠤᠵᠤ ᠶᠠᠪᠤᠬᠤ ᠳ᠋ᠤ᠌ ᠡᠪᠦᠳᠦᠭ ᠬᠥᠯ᠂ ᠭᠠᠷ ᠤ᠋ᠨ ᠦᠶ᠎ᠡ ᠮᠥᠴᠢ ᠲᠠᠭᠠᠷᠠᠭᠤᠯᠳᠠᠭ ᠦᠭᠡᠢ ᠠᠭᠤᠵᠢᠮ ᠳᠡᠪᠡᠯ ᠵᠡᠷᠭᠡ ᠪᠤᠰᠤᠳ ᠤᠯᠤᠰ ᠤ᠋ᠨ ᠬᠤᠪᠴᠠᠰᠤᠨ ᠠ᠋ᠴᠠ ᠢᠯᠭᠠᠭ᠎ᠠ ᠲᠠᠢ᠃ ᠳᠡᠪᠡᠯ ᠢ᠋ ᠬᠡᠭᠡᠷ᠎ᠡ ᠶ᠋ᠢᠨ ᠨᠥᠬᠥᠴᠡᠯ ᠳ᠋ᠦ᠍ ᠨᠥᠮᠥᠷᠬᠦ ᠳ᠋ᠦ᠍ ᠬᠥᠨᠵᠢᠯᠡ᠂ ᠳᠡᠪᠢᠰᠬᠡᠷ ᠪᠣᠯᠳᠠᠭ᠃ ᠤᠷᠲᠤ ᠬᠠᠨᠴᠤᠢ᠂ ᠠᠭᠤᠵᠢᠮ ᠰᠤᠭᠤ᠂ ᠮᠣᠷᠢ ᠤᠷᠭᠠᠯᠠᠬᠤ᠂ ᠡᠮᠨᠢᠭ ᠰᠤᠷᠭᠠᠬᠤ᠂ ᠪᠤᠭᠤᠢᠯᠢᠳᠠᠬᠤ ᠳ᠋ᠤ᠌ ᠰᠠᠭᠠᠳ ᠪᠣᠯᠳᠠᠭ ᠦᠭᠡᠢ᠃ ᠡᠨᠡ ᠲᠤᠬᠠᠢ ᠢᠷᠠᠭᠤ ᠨᠠᠢᠷᠠᠭᠴᠢ ᠳ· ᠫᠦᠷᠪᠦᠳᠣᠷᠵᠢ《ᠬᠥᠬᠡ ᠳᠠᠯᠢᠩᠪᠤ ᠲᠡᠷᠯᠢᠭ》 ᠭᠡᠳᠡᠭ ᠨᠠᠢᠷᠠᠭᠯᠠᠯ ᠳ᠋ᠠᠭᠠᠨ᠄
ᠤᠷᠭ᠎ᠠ ᠶ᠋ᠢᠨ ᠤᠷᠲᠤ ᠶ᠋ᠢ ᠪᠠᠷᠢᠨ᠎ᠠ ᠭᠡᠵᠦ
ᠠᠭᠤᠵᠢᠮ ᠰᠠᠢᠬᠠᠨ ᠰᠤᠭᠤ ᠲᠠᠯᠪᠢᠯ᠎ᠠ
ᠠᠭᠤᠯᠠᠨ ᠤ᠋ ᠵᠢᠪᠠᠷ ᠤᠨᠤᠨ᠎ᠠ ᠭᠡᠵᠦ
ᠤᠨᠠᠭᠠᠨ ᠲᠤᠭᠤᠷᠠᠢ ᠨᠢᠳᠤᠷᠭ᠎ᠠ ᠲᠠᠯᠪᠢᠯ᠎ᠠ
ᠡᠷᠭᠢᠴᠡᠭᠡ ᠮᠣᠷᠢᠨ ᠤ᠋ ᠡᠷᠭᠢᠶ᠎ᠡ ᠶ᠋ᠢ ᠪᠣᠳᠣᠵᠤ
ᠡᠯᠪᠡᠭ ᠰᠠᠢᠬᠠᠨ ᠲᠠᠰᠢᠶ᠎ᠠ ᠲᠠᠯᠪᠢᠯ᠎ᠠ
ᠭᠡᠵᠦ ᠮᠣᠩᠭᠣᠯ ᠳᠡᠪᠡᠯ ᠦ᠋ᠨ ᠣᠨᠴᠠᠯᠢᠭ ᠰᠢᠨᠵᠢ ᠶ᠋ᠢ ᠲᠣᠳᠣᠷᠠᠭᠤᠯᠤᠨ ᠪᠢᠴᠢᠭᠰᠡᠨ ᠪᠠᠢᠳᠠᠭ᠃
    ᠲᠡᠭᠦᠨᠴᠢᠯᠡᠨ ᠮᠣᠩᠭᠣᠯ ᠬᠥᠮᠦᠨ ᠦ᠌ ᠮᠠᠯᠠᠭᠠᠢ ᠴᠤ᠌ ᠪᠤᠰᠤᠳ ᠦᠨᠳᠦᠰᠦᠲᠡᠨ ᠦ᠌ ᠬᠢ ᠡᠴᠡ ᠣᠨᠴᠠᠯᠢᠭ ᠲᠣᠯᠣᠭᠠᠢ ᠴᠢᠬᠢ᠂ ᠡᠷᠡᠦ ᠶ᠋ᠢ ᠬᠠᠮᠠᠭᠠᠯᠠᠬᠤ ᠠ᠋ᠴᠠ ᠭᠠᠳᠠᠨ᠎ᠠ ᠵᠠᠷᠢᠮ ᠮᠠᠯᠠᠭᠠᠢ (ᠬᠠᠰᠠᠭ ᠮᠡᠲᠦ) ᠠᠷᠤ ᠰᠢᠯᠢ᠂ ᠬᠦᠵᠦᠭᠦᠦ ᠶ᠋ᠢ ᠬᠠᠮᠠᠭᠠᠯᠠᠭᠰᠠᠨ ᠠᠷᠤ ᠳ᠋ᠠᠭᠠᠨ ᠰᠢᠯᠪᠢᠴᠢ ᠲᠡᠢ ᠪᠠᠢᠳᠠᠭ᠃
    ᠮᠣᠩᠭᠣᠯ ᠦᠨᠳᠦᠰᠦᠲᠡᠨ ᠦ᠌ ᠬᠤᠪᠴᠠᠰᠤᠨ ᠤ᠋ ᠪᠠᠰᠠ ᠨᠢᠭᠡ ᠣᠨᠴᠠᠯᠢᠭ ᠨᠢ ᠪᠡᠶ᠎ᠡ ᠶ᠋ᠢᠨ ᠡᠯᠳᠡᠪ ᠰᠣᠭᠣᠭ ᠢ᠋ ᠳᠠᠯᠳᠠᠯᠠᠵᠤ ᠵᠠᠰᠠᠵᠤ ᠪᠠᠢᠳᠠᠭ ᠢ᠋ᠶ᠋ᠠᠷ ᠣᠨᠴᠠᠯᠢᠭ ᠲᠠᠢ᠃ ᠵᠢᠱ᠌ᠢᠶ᠎ᠡ ᠨᠢ᠂ ᠤᠷᠲᠤᠬᠠᠨ ᠬᠢᠭᠰᠡᠨ ᠮᠣᠩᠭᠣᠯ ᠳᠡᠪᠡᠯ᠂ ᠲᠡᠷᠯᠢᠭ ᠬᠥᠮᠦᠨ ᠦ᠌ ᠬᠥᠯ ᠦ᠋ᠨ ᠮᠠᠶᠢᠭ᠂ ᠰᠢᠷᠬ᠎ᠠ ᠰᠣᠷᠪᠢ᠂ ᠪᠤᠯᠴᠢᠩ ᠮᠢᠬᠠᠨ ᠤ᠋ ᠭᠠᠵᠢ ᠪᠤᠷᠤᠭᠤ ᠰᠣᠭᠣᠭ ᠢ᠋ ᠳᠠᠯᠳᠠᠯᠠᠵᠤ ᠪᠠᠢᠳᠠᠭ᠃ ᠣᠷᠴᠢᠨ ᠦᠶ᠎ᠡ ᠳ᠋ᠦ᠍ ᠦᠨᠳᠦᠰᠦᠲᠡᠨ ᠦ᠌ ᠬᠤᠪᠴᠠᠰᠤᠨ ᠤ᠋ ᠤᠷ᠎ᠠ ᠬᠢᠴᠡ᠂ ᠡᠰᠬᠡᠭᠦᠷ ᠬᠦᠷᠲᠡᠯ᠎ᠡ ᠶᠡᠬᠡᠬᠡᠨ ᠪᠣᠯᠪᠠᠰᠤᠷᠠᠩᠭᠤᠢ ᠪᠣᠯᠵᠤ ᠦᠢᠯᠡᠳᠪᠦᠷᠢ ᠨᠦ᠍ᠭᠦᠳ ᠲᠦ᠍ ᠦᠨᠳᠦᠰᠦᠲᠡᠨ ᠦ᠌ ᠬᠤᠪᠴᠠᠰᠤᠨ ᠤ᠋ ᠨᠢᠭᠡᠳᠦᠭᠰᠡᠨ ᠵᠠᠭᠪᠤᠷ ᠲᠠᠢ ᠪᠣᠯᠤᠭᠰᠠᠨ ᠤ᠋ ᠳᠡᠭᠡᠷ᠎ᠡ ᠬᠤᠪᠢᠰᠬᠠᠯ ᠤ᠋ᠨ ᠵᠢᠯ ᠳ᠋ᠦ᠍ ᠠᠢᠯ ᠭᠡᠷ ᠲᠦ᠍ ᠣᠶᠣᠳᠠᠯ ᠤ᠋ᠨ ᠮᠠᠰᠢᠨ ᠨᠡᠪᠲᠡᠷᠡᠭᠰᠡᠨ ᠨᠢ ᠣᠶᠣᠳᠠᠯ ᠦᠢᠯᠡ ᠶ᠋ᠢᠨ ᠭᠠᠷ ᠠᠵᠢᠯᠯᠠᠭ᠎ᠠ ᠮᠧᠬᠠᠨᠢᠭᠵᠢᠵᠤ᠂ ᠬᠥᠳᠡᠯᠮᠦᠷᠢ ᠶ᠋ᠢ ᠶᠡᠬᠡᠬᠡᠨ ᠬᠥᠩᠭᠡᠪᠴᠢᠯᠡᠵᠦ ᠪᠦᠲᠦᠭᠡᠯ ᠢ᠋ ᠨᠡᠮᠡᠭᠳᠡᠭᠦᠯᠵᠡᠢ᠃
    ᠦᠨᠳᠦᠰᠦᠲᠡᠨ ᠦ᠌ ᠬᠤᠪᠴᠠᠰᠤ ᠶ᠋ᠢ ᠣᠷᠴᠢᠨ ᠦᠶ᠎ᠡ ᠳ᠋ᠦ᠍ ᠮᠠᠯᠴᠢᠳ ᠭᠣᠣᠯᠳᠠᠭᠤ ᠬᠡᠷᠡᠭᠯᠡᠵᠦ ᠪᠠᠢᠭ᠎ᠠ ᠠ᠋ᠴᠠ ᠭᠠᠳᠠᠨ᠎ᠠ ᠯᠣᠣᠪᠤᠤᠵᠠ ᠮᠠᠯᠠᠭᠠᠢ ᠶ᠋ᠢ ᠭᠠᠳᠠᠭᠠᠳᠤ ᠶ᠋ᠢᠨ ᠬᠥᠮᠦᠰ ᠰᠣᠨᠢᠷᠬᠠᠵᠤ ᠪᠠᠢᠨ᠎ᠠ᠃ ᠮᠣᠩᠭᠣᠯ ᠦᠨᠳᠦᠰᠦᠲᠡᠨ ᠦ᠌ ᠬᠤᠪᠴᠠᠰᠤ ᠶ᠋ᠢ ᠣᠯᠠᠨ ᠬᠡᠯᠪᠡᠷᠢ ᠪᠡᠷ ᠬᠡᠷᠡᠭᠯᠡᠵᠦ ᠪᠠᠢᠨ᠎ᠠ᠃ ᠡᠭᠦᠨ ᠦ᠌ ᠭᠡᠷᠡᠴᠢ ᠪᠣᠯ ᠮᠠᠨ ᠤ᠋ ᠦᠨᠳᠦᠰᠦᠲᠡᠨ ᠦ᠌ ᠡᠷ᠎ᠡ ᠶ᠋ᠢᠨ ᠭᠤᠷᠪᠠᠨ ᠨᠠᠭᠠᠳᠤᠮ ᠤ᠋ᠨ ᠪᠥᠬᠡ ᠶ᠋ᠢᠨ ᠳᠡᠪᠵᠢᠶᠡᠨ ᠳ᠋ᠦ᠍ ᠦᠨᠳᠦᠰᠦᠲᠡᠨ ᠦ᠌ ᠡᠭᠡᠳᠡᠩ ᠭᠤᠲᠤᠯ᠂ ᠵᠣᠳᠣᠭ ᠱᠣᠳᠠᠭ ᠡᠷᠲᠡ ᠦᠶ᠎ᠡ ᠡᠴᠡ ᠡᠳᠦᠭᠡ ᠬᠦᠷᠲᠡᠯ᠎ᠡ ᠬᠡᠷᠡᠭᠯᠡᠭᠳᠡᠬᠦ ᠳ᠋ᠡᠭᠡᠨ ᠨᠢᠭᠡ ᠲᠠᠯ᠎ᠠ ᠪᠠᠷ ᠬᠦᠴᠦᠲᠦ ᠪᠥᠬᠡ ᠶ᠋ᠢᠨ ᠴᠢᠮᠡᠭ ᠪᠣᠯᠵᠤ ᠨᠥᠭᠦᠭᠡ ᠲᠠᠯ᠎ᠠ ᠪᠠᠷ ᠡᠭᠡᠳᠡᠩ ᠭᠤᠲᠤᠯ ᠬᠥᠯ ᠦ᠋ᠨ ᠬᠠᠮᠠᠭᠠᠯᠠᠯᠲᠠ ᠪᠣᠯᠳᠠᠭ ᠪᠥᠭᠡᠳ ᠡᠷᠲᠡ ᠦᠶ᠎ᠡ ᠡᠴᠡ ᠣᠳᠣ ᠬᠦᠷᠲᠡᠯ᠎ᠡ ᠥᠭᠡᠷᠡᠴᠢᠯᠡᠭᠳᠡᠭᠡ ᠦᠭᠡᠢ ᠶ᠋ᠢ ᠦᠵᠡᠬᠦ ᠳ᠋ᠦ᠍ ᠠᠮᠢᠳᠤᠷᠠᠯ ᠳ᠋ᠤ᠌ ᠶᠡᠬᠡᠬᠡᠨ ᠨᠠᠷᠢᠨ ᠲᠣᠭᠠᠴᠠᠭ᠎ᠠ ᠲᠠᠢ ᠬᠢᠭᠳᠡᠭᠰᠡᠨ ᠬᠤᠪᠴᠠᠰᠤ ᠪᠣᠯᠬᠤ ᠨᠢ ᠲᠣᠳᠣᠷᠬᠠᠢ᠃
    ᠲᠡᠭᠦᠨᠴᠢᠯᠡᠨ ᠰᠤᠷ ᠬᠠᠷᠪᠤᠬᠤ᠂ ᠬᠤᠷᠳᠤᠨ ᠮᠣᠷᠢᠨ ᠤ᠋ ᠬᠡᠦᠬᠡᠳ ᠦ᠋ᠨ ᠬᠤᠪᠴᠠᠰᠤ᠂ ᠤᠷᠠᠯᠢᠭ ᠤ᠋ᠨ ᠬᠤᠪᠴᠠᠰᠤ᠂ ᠱᠠᠰᠢᠨ ᠤ᠋ ᠡᠮᠦᠰᠬᠡᠯ᠂ ᠴᠡᠷᠢᠭ᠂ ᠰᠤᠷᠤᠭᠴᠢ ᠶ᠋ᠢᠨ ᠳᠦᠷᠢᠮᠲᠦ ᠬᠤᠪᠴᠠᠰᠤ ᠮᠡᠲᠦ ᠥᠪᠡᠷᠮᠢᠴᠡ ᠰᠢᠨᠵᠢ ᠴᠢᠨᠠᠷ ᠢ᠋ ᠬᠠᠷᠠᠭᠤᠯᠤᠭᠰᠠᠨ ᠬᠤᠪᠴᠠᠰᠤ ᠨᠤᠭᠤᠳ ᠴᠥᠮ ᠮᠠᠨ ᠤ᠋ ᠡᠮᠡᠭᠲᠡᠢᠴᠦᠳ ᠦ᠋ᠨ ᠭᠠᠷ ᠢ᠋ᠶ᠋ᠠᠷ ᠪᠦᠲᠦᠳᠡᠭ ᠪᠢᠯᠡ᠃
ᠮᠣᠩᠭᠣᠯ ᠤ᠋ᠨ ᠡᠮᠡᠭᠲᠡᠢᠴᠦᠳ ᠣᠷᠣᠰᠢᠨ ᠰᠠᠭᠤᠭ᠎ᠠ ᠭᠡᠷ ᠣᠷᠣᠨ᠂ ᠬᠤᠪᠴᠠᠰᠤ ᠬᠤᠨᠠᠷ᠂ ᠪᠤᠰᠤᠳ ᠵᠦᠢᠯᠡᠰ ᠢ᠋ ᠤᠷᠠᠯᠠᠬᠤ ᠳ᠋ᠠᠭᠠᠨ ᠲᠤᠰᠬᠠᠢ ᠨᠢᠭᠡᠳᠦᠭᠰᠡᠨ ᠬᠡᠮᠵᠢᠭᠦᠷ ᠦᠭᠡᠢ ᠥᠪᠡᠷᠰᠡᠳ ᠦ᠋ᠨ ᠢ᠋ᠶ᠋ᠡᠨ ᠭᠠᠷ ᠬᠤᠷᠤᠭᠤ᠂ ᠦᠶ᠎ᠡ ᠮᠥᠴᠢ ᠪᠣᠯᠤᠨ ᠡᠳᠦᠷ ᠳᠣᠳᠣᠮ ᠤ᠋ᠨ ᠠᠮᠢᠳᠤᠷᠠᠯ ᠳ᠋ᠤ᠌ ᠬᠡᠷᠡᠭᠯᠡᠭᠳᠡᠵᠦ ᠪᠠᠢᠳᠠᠭ ᠲᠣᠳᠣᠷᠬᠠᠢ ᠵᠦᠢᠯ ᠲᠡᠢ ᠵᠢᠱ᠌ᠢᠨ ᠬᠡᠮᠵᠢᠳᠡᠭ ᠪᠠᠢᠭᠰᠠᠨ ᠨᠢ ᠲᠤᠬᠠᠢ ᠶ᠋ᠢᠨ ᠦᠶ᠎ᠡ ᠳ᠋ᠦ᠍ ᠲᠣᠬᠢᠷᠠᠵᠤ ᠪᠠᠢᠭᠰᠠᠨ ᠢ᠋ᠶ᠋ᠠᠷ ᠪᠠᠷᠠᠬᠤ ᠦᠭᠡᠢ ᠣᠳᠣ ᠴᠤ᠌ ᠬᠡᠷᠡᠭᠯᠡᠭᠰᠡᠭᠡᠷ ᠪᠠᠢᠨ᠎ᠠ᠃
    ᠵᠢᠱ᠌ᠢᠶ᠎ᠡ ᠨᠢ᠄ ᠮᠣᠩᠭᠣᠯ ᠳᠡᠪᠡᠯ ᠡᠰᠬᠡᠬᠦ ᠳ᠋ᠡᠭᠡᠨ ᠲᠡᠭᠦᠨ ᠦ᠌ ᠤᠷᠲᠤ ᠶ᠋ᠢ ᠡᠮᠦᠰᠬᠦ ᠬᠥᠮᠦᠨ ᠦ᠌ ᠥᠪᠡᠷ ᠦ᠋ᠨ ᠬᠢᠨᠢ ᠳᠣᠯᠣᠭᠠᠨ ᠲᠥᠭᠡ ᠪᠡᠷ᠂ ᠵᠠᠬ᠎ᠠ ᠶ᠋ᠢᠨ ᠤᠷᠲᠤ ᠶ᠋ᠢ ᠨᠢᠭᠡ ᠲᠥᠭᠡ ᠬᠣᠶᠠᠷ ᠬᠤᠷᠤᠭᠤ ᠪᠠᠷ ᠲᠠᠭᠠᠷᠠᠭᠤᠯᠤᠨ ᠡᠰᠬᠡᠬᠦ ᠪᠠ ᠨᠢᠭᠡ ᠬᠥᠮᠦᠨ ᠦ᠌ ᠲᠥᠭᠡ ᠪᠡᠷ ᠥᠭᠡᠷ᠎ᠡ ᠬᠥᠮᠦᠨ ᠦ᠌ ᠬᠤᠪᠴᠠᠰᠤ ᠶ᠋ᠢ ᠬᠡᠮᠵᠢᠵᠦ ᠪᠣᠯᠳᠠᠭ ᠦᠭᠡᠢ ᠪᠠᠢᠵᠠᠢ᠃ ᠭᠡᠪᠡᠴᠦ ᠭᠠᠷ ᠬᠤᠷᠤᠭᠤᠨ ᠤ᠋ ᠪᠠᠷᠤᠭᠴᠠᠭ᠎ᠠ ᠲᠥᠭᠡ ᠠᠮᠢᠳᠤᠷᠠᠯ ᠳ᠋ᠤ᠌ ᠶᠡᠬᠡ ᠣᠢᠷᠠᠲᠤᠭᠰᠠᠨ ᠢ᠋ᠶ᠋ᠠᠷ ᠦᠯᠦ ᠪᠠᠷᠠᠮ ᠣᠷᠴᠢᠨ ᠦᠶ᠎ᠡ ᠶ᠋ᠢᠨ ᠨᠢᠭᠡᠳᠦᠭᠰᠡᠨ ᠪᠠᠷᠢᠮᠵᠢᠶ᠎ᠠ ᠬᠡᠮᠵᠢᠭᠦᠷ ᠡᠴᠡ ᠬᠣᠯᠠ ᠵᠥᠷᠢᠶ᠎ᠡ ᠦᠭᠡᠢ ᠪᠣᠯᠬᠤ ᠨᠢ ᠨᠤᠲᠠᠯᠠᠭᠳᠠᠵᠤ ᠪᠠᠢᠨ᠎ᠠ᠃ ᠡᠨᠡ ᠲᠤᠬᠠᠢ ᠵᠢᠴᠢ ᠳᠤᠷᠠᠳᠬᠤ ᠪᠣᠯᠤᠨ᠎ᠠ᠃
ᠮᠣᠩᠭᠣᠯ ᠤ᠋ᠨ ᠡᠮᠡᠭᠲᠡᠢᠴᠦᠳ ᠦ᠋ᠨ ᠤᠷᠠᠨ ᠦᠢᠯᠡ ᠪᠣᠯ ᠵᠥᠪᠬᠡᠨ ᠡᠮᠦᠰᠬᠦ ᠬᠤᠪᠴᠠᠰᠤ᠂ ᠭᠡᠷ ᠦ᠋ᠨ ᠡᠳ᠋ ᠬᠣᠭᠰᠢᠯ ᠳ᠋ᠤ᠌ ᠵᠣᠷᠢᠭᠤᠯᠤᠭᠳᠠᠵᠤ ᠪᠠᠢᠭ᠎ᠠ ᠦᠭᠡᠢ ᠬᠡᠮᠵᠢᠬᠦ ᠡᠰᠬᠡᠬᠦ᠂ ᠣᠶᠣᠬᠤ ᠬᠠᠳᠬᠤᠬᠤ᠂ ᠰᠦᠯᠵᠢᠬᠦ᠂ ᠲᠠᠮᠤᠬᠤ ᠵᠠᠩᠭᠢᠳᠬᠤ᠂ ᠨᠠᠭᠠᠬᠤ ᠪᠦᠬᠦ ᠠᠵᠢᠯᠯᠠᠭ᠎ᠠ ᠶ᠋ᠢ ᠬᠠᠮᠤᠷᠴᠤ ᠪᠠᠢᠳᠠᠭ᠎ᠠ᠋ᠴᠠ ᠭᠠᠳᠠᠨ᠎ᠠ ᠥᠩᠭᠡ᠂ ᠮᠠᠲ᠋ᠧᠷᠢᠶᠠᠯ ᠰᠣᠩᠭᠣᠨ ᠲᠣᠬᠢᠷᠠᠭᠤᠯᠬᠤ ᠠᠵᠢᠯ ᠬᠠᠮᠤᠷᠤᠭᠳᠠᠨ᠎ᠠ᠃
    ᠮᠣᠩᠭᠣᠯ ᠦᠨᠳᠦᠰᠦᠲᠡᠨ ᠦ᠌ ᠬᠤᠪᠴᠠᠰᠤᠨ ᠤ᠋ ᠥᠩᠭᠡ ᠵᠣᠬᠢᠴᠠᠯ ᠮᠣᠩᠭᠣᠯᠴᠤᠳ ᠡᠷᠲᠡ ᠦᠶ᠎ᠡ ᠡᠴᠡ ᠬᠤᠪᠴᠠᠰᠤᠨ ᠤ᠋ ᠥᠩᠭᠡ ᠵᠣᠬᠢᠴᠠᠯ ᠢ᠋ ᠶᠡᠬᠡᠬᠡᠨ ᠲᠣᠬᠢᠷᠠᠭᠤᠯᠵᠤ ᠢᠷᠡᠭᠰᠡᠨ ᠪᠥᠭᠡᠳ ᠡᠨᠡ ᠨᠢ ᠦᠨᠳᠦᠰᠦᠲᠡᠨ ᠦ᠌ ᠶᠣᠰᠣ ᠵᠠᠩᠰᠢᠯ᠂ ᠤᠯᠤᠰ ᠲᠥᠷᠥ ᠶ᠋ᠢᠨ ᠤᠳᠬ᠎ᠠ ᠠᠭᠤᠯᠭ᠎ᠠ ᠲᠠᠢ ᠪᠠᠢᠭᠰᠠᠨ ᠤ᠋ ᠳᠡᠭᠡᠷ᠎ᠡ ᠭᠤᠸ᠎ᠠ ᠵᠦᠢ ᠶ᠋ᠢᠨ ᠬᠥᠭᠵᠢᠯᠲᠡ ᠶ᠋ᠢ ᠢᠯᠡᠷᠬᠡᠢᠯᠡᠳᠡᠭ ᠢ᠋ᠶ᠋ᠡᠷ ᠢ᠋ᠶ᠋ᠡᠨ ᠣᠨᠴᠠᠯᠢᠭ ᠲᠠᠢ ᠤᠴᠢᠷ ᠬᠥᠮᠦᠨ ᠦ᠌ ᠨᠡᠢᠭᠡᠮ ᠦ᠋ᠨ ᠬᠥᠭᠵᠢᠯ ᠦ᠋ᠨ ᠦᠶ᠎ᠡ ᠱᠠᠲᠤ ᠶ᠋ᠢ ᠰᠤᠳᠤᠯᠬᠤ ᠳ᠋ᠤ᠌ ᠴᠢᠬᠤᠯᠠ ᠠᠴᠢ ᠬᠣᠯᠪᠣᠭᠳᠠᠯ ᠲᠠᠢ ᠶᠤᠮ᠃
    ᠬᠦᠢ ᠨᠢᠭᠡᠳᠦᠯ ᠦ᠋ᠨ ᠦᠶ᠎ᠡ ᠳ᠋ᠦ᠍ ᠤᠯᠠᠭᠠᠨ᠂ ᠬᠦᠷᠡᠩ᠂ ᠰᠢᠷ᠎ᠠ ᠵᠣᠰᠣ ᠪᠣᠳᠣᠭ ᠢ᠋ ᠡᠬᠢᠯᠡᠨ ᠬᠡᠷᠡᠭᠯᠡᠭᠰᠡᠨ ᠢ᠋ᠶ᠋ᠡᠷ ᠤᠷᠠᠯᠢᠭ ᠲᠤ᠌ ᠠᠩᠬ᠎ᠠ ᠥᠩᠭᠡ ᠢᠯᠭᠠᠨ ᠬᠡᠷᠡᠭᠯᠡᠬᠦ ᠭᠤᠸ᠎ᠠ ᠵᠦᠢ ᠶ᠋ᠢᠨ ᠡᠬᠢᠯᠡᠯ ᠪᠣᠯᠵᠠᠢ᠃ ᠥᠩᠭᠡ ᠵᠣᠬᠢᠴᠠᠭᠤᠯᠬᠤ ᠶᠠᠪᠤᠳᠠᠯ ᠬᠥᠮᠦᠨ ᠦ᠌ ᠭᠤᠸ᠎ᠠ ᠵᠦᠢ ᠶ᠋ᠢᠨ ᠠᠰᠠᠭᠤᠳᠠᠯ ᠤᠴᠢᠷ ᠣᠷᠴᠢᠨ ᠦᠶ᠎ᠡ ᠳ᠋ᠦ᠍ ᠴᠦ᠍ ᠴᠢᠬᠤᠯᠠ ᠰᠡᠳᠦᠪ ᠪᠣᠯᠵᠤ ᠪᠠᠢᠨ᠎ᠠ᠃ ᠮᠣᠩᠭᠣᠯᠴᠤᠳ ᠳᠡᠭᠡᠷ᠎ᠡ ᠦᠶ᠎ᠡ ᠡᠴᠡ ᠡᠬᠢᠯᠡᠨ ᠲᠣᠳᠣ ᠥᠩᠭᠡ ᠶ᠋ᠢᠨ ᠳᠡᠪᠡᠯ ᠡᠮᠦᠰᠳᠡᠭ ᠪᠠᠢᠯ᠎ᠠ᠃ ᠢᠯᠠᠩᠭᠤᠶ᠎ᠠ ᠤᠯᠠᠭᠠᠨ ᠥᠩᠭᠡ ᠠᠮᠢᠳᠤᠷᠠᠯ ᠤ᠋ᠨ ᠪᠠᠶᠠᠷ ᠪᠠᠶᠠᠰᠬᠤᠯᠠᠩ ᠳᠡᠭᠡᠭᠰᠢ ᠪᠡᠨ ᠪᠠᠳᠠᠷᠠᠵᠤ ᠪᠠᠢᠭ᠎ᠠ ᠭᠠᠯ ᠤ᠋ᠨ ᠥᠩᠭᠡ ᠭᠡᠵᠦ ᠦᠵᠡᠳᠡᠭ ᠤᠴᠢᠷ ᠲᠡᠭᠦᠨ ᠢ᠋ ᠡᠷᠬᠢᠮᠯᠡᠨ ᠬᠤᠪᠴᠠᠰᠤ ᠬᠤᠨᠠᠷ ᠲᠠᠭᠠᠨ ᠳᠤᠰᠬᠠᠨ ᠬᠡᠷᠡᠭᠯᠡᠳᠡᠭ ᠪᠠᠢᠵᠠᠢ᠃
    ᠮᠣᠩᠭᠣᠯᠴᠤᠳ ᠤ᠋ᠨ ᠥᠩᠭᠡ ᠶ᠋ᠢ ᠣᠯᠠᠨ ᠶᠠᠩᠵᠤ ᠪᠠᠷ ᠢᠯᠭᠠᠪᠤᠷᠢᠯᠠᠨ ᠦᠵᠡᠳᠡᠭ ᠲᠤᠬᠠᠢ ᠨᠡᠬᠡᠮᠡᠯ ᠬᠠᠳᠬᠤᠮᠠᠯ ᠤ᠋ᠨ ᠥᠩᠭᠡ ᠵᠣᠬᠢᠴᠠᠭᠤᠯᠤᠯᠲᠠ ᠳ᠋ᠤ᠌ ᠳᠤᠷᠠᠳᠤᠭᠰᠠᠨ ᠤᠴᠢᠷ ᠣᠳᠣ ᠵᠥᠪᠬᠡᠨ ᠣᠷᠴᠢᠨ ᠦᠶ᠎ᠡ ᠶ᠋ᠢᠨ ᠬᠤᠪᠴᠠᠰᠤᠨ ᠤ᠋ ᠥᠩᠭᠡ ᠵᠣᠬᠢᠴᠠᠯ ᠤ᠋ᠨ ᠲᠠᠯ᠎ᠠ ᠪᠠᠷ ᠪᠢᠴᠢᠶ᠎ᠡ᠃ ᠬᠤᠪᠴᠠᠰᠤ ᠬᠡᠷᠡᠭᠯᠡᠯ ᠦ᠋ᠨ ᠥᠩᠭᠡ ᠵᠣᠬᠢᠴᠠᠯ ᠲᠤᠬᠠᠢ ᠶ᠋ᠢᠨ ᠨᠡᠢᠭᠡᠮ ᠦ᠋ᠨ ᠬᠥᠭᠵᠢᠯ ᠦ᠋ᠨ ᠭᠤᠸ᠎ᠠ ᠵᠦᠢ ᠲᠡᠢ ᠬᠣᠯᠪᠣᠭ᠎ᠠ ᠲᠠᠢ ᠪᠥᠭᠡᠳ ᠨᠡᠢᠭᠡᠮ ᠦ᠋ᠨ ᠬᠥᠭᠵᠢᠯ ᠦ᠋ᠨ ᠳᠠᠭᠠᠤ ᠥᠭᠡᠷᠡᠴᠢᠯᠡᠭᠳᠡᠵᠦ ᠪᠠᠢᠳᠠᠭ ᠪᠢᠯᠡ᠃
    ᠣᠷᠴᠢᠨ ᠦᠶ᠎ᠡ ᠳ᠋ᠦ᠍ ᠮᠣᠩᠭᠣᠯ ᠤ᠋ᠨ ᠡᠮᠡᠭᠲᠡᠢᠴᠦᠳ ᠲᠣᠳᠣ ᠪᠢᠰᠢ ᠥᠩᠭᠡ ᠶ᠋ᠢᠨ ᠬᠠᠷ᠎ᠠ᠂ ᠪᠣᠷᠣ᠂ ᠬᠣᠯᠠ ᠰᠢᠷ᠎ᠠ᠂ ᠬᠠᠷ᠎ᠠ ᠬᠥᠬᠡ᠂ ᠬᠠᠷ᠎ᠠ ᠨᠣᠭᠣᠭᠠᠨ ᠵᠡᠷᠭᠡ ᠪᠦᠳᠡᠭᠢ ᠥᠩᠭᠡ ᠶ᠋ᠢ ᠬᠡᠷᠡᠭᠯᠡᠵᠦ ᠪᠠᠢᠭ᠎ᠠ ᠨᠢ ᠣᠷᠴᠢᠨ ᠦᠶ᠎ᠡ ᠶ᠋ᠢᠨ ᠭᠤᠸ᠎ᠠ ᠦᠵᠡᠮᠵᠢ ᠥᠩᠭᠡ ᠵᠣᠬᠢᠴᠠᠯ ᠳ᠋ᠤ᠌ ᠲᠣᠬᠢᠷᠠᠵᠤ ᠲᠥᠪ ᠳᠠᠷᠤᠤ ᠬᠠᠷᠠᠭᠳᠠᠭᠤᠯᠬᠤ ᠪᠣᠯᠵᠠᠢ᠃ ᠣᠷᠴᠢᠨ ᠦᠶ᠎ᠡ ᠳ᠋ᠦ᠍ ᠡᠷᠡᠭᠲᠡᠢᠴᠦᠳ ᠦ᠋ᠨ ᠳᠡᠪᠡᠯ ᠦ᠋ᠨ ᠥᠩᠭᠡ ᠶ᠋ᠢ ᠲᠣᠬᠢᠷᠠᠭᠤᠯᠬᠤ ᠳ᠋ᠠᠭᠠᠨ ᠳᠡᠭᠡᠷ᠎ᠡ ᠳᠤᠷᠠᠳᠤᠭᠰᠠᠨ ᠥᠩᠭᠡ ᠶ᠋ᠢ ᠰᠣᠩᠭᠣᠬᠤ ᠨᠢ ᠴᠢᠬᠤᠯᠠ ᠪᠥᠭᠡᠳ ᠡᠮᠵᠢᠶᠡᠷᠢ ᠶ᠋ᠢ ᠬᠡ ᠥᠬᠡᠢ ᠴᠤᠯᠭᠤᠢ ᠫᠦᠦᠰᠦᠦ ᠪᠡᠷ2—3 ᠬᠣᠣᠰ ᠡᠮᠵᠢᠬᠦ ᠨᠢ ᠵᠣᠬᠢᠮᠵᠢᠲᠠᠢ᠃ ᠡᠰᠡᠪᠡᠯ ᠳᠡᠪᠡᠯ ᠦ᠋ᠨ ᠥᠩᠭᠡ ᠲᠡᠢ ᠮᠠᠲ᠋ᠧᠷᠢᠶᠠᠯ ᠢ᠋ᠶ᠋ᠠᠷ ᠡᠮᠵᠢᠪᠡᠯ ᠪᠣᠯᠤᠨ᠎ᠠ᠃ ᠡᠷᠡᠭᠲᠡᠢ ᠬᠥᠮᠦᠨ ᠦ᠌ ᠳᠡᠪᠡᠯ ᠢ᠋ ᠰᠠ ᠲᠠᠢ ᠲᠣᠷᠭ᠎ᠠ᠂ ᠬᠣᠷᠭᠣᠢ᠂ ᠬᠡᠳᠦ ᠬᠤᠷᠴᠠ ᠥᠩᠭᠡ ᠲᠡᠢ ᠲᠣᠷᠭ᠎ᠠ ᠳᠤᠷᠳᠤᠩ᠂ ᠪᠤᠰᠤᠳ ᠬᠡ ᠲᠡᠢ ᠲᠣᠷᠭ᠎ᠠ ᠪᠠᠷ ᠡᠮᠵᠢᠬᠦ ᠵᠣᠬᠢᠮᠵᠢ ᠦᠭᠡᠢ᠃
    ᠳᠡᠪᠡᠯ ᠦ᠋ᠨ ᠥᠩᠭᠡᠨ ᠳ᠋ᠦ᠍ ᠲᠣᠷᠭ᠎ᠠ᠂ ᠦᠢᠲᠠᠩ ᠬᠤᠸᠠᠷ᠂ ᠵᠢᠭᠦᠨᠢ᠂ ᠰᠠᠲ᠋ᠢᠨ᠂ ᠳᠠᠯᠢᠩᠪᠤ ᠠᠯᠢᠨ ᠢ᠋ ᠴᠦ᠍ ᠬᠡᠷᠡᠭᠯᠡᠵᠦ ᠪᠣᠯᠤᠨ᠎ᠠ᠃ ᠭᠡᠬᠦ ᠳ᠋ᠡᠭᠡᠨ ᠭᠣᠶᠣᠯ ᠤ᠋ᠨ ᠳᠡᠪᠡᠯ ᠳ᠋ᠦ᠍ ᠦᠢᠲᠠᠩ ᠬᠤᠸᠠᠷ᠂ ᠲᠣᠷᠭ᠎ᠠ᠂ ᠴᠤᠯᠭᠤᠢ ᠫᠦᠦᠰᠦᠦ᠂ ᠳᠠᠪᠤᠤ ᠵᠣᠬᠢᠮᠵᠢᠲᠠᠢ᠃
    ᠫᠦᠦᠰᠦᠦ᠂ ᠳᠠᠪᠤᠤ ᠡᠷᠡᠭᠲᠡᠢ ᠡᠮᠡᠭᠲᠡᠢ ᠶᠠᠮᠠᠷ ᠴᠤ᠌ ᠬᠥᠮᠦᠨ ᠳ᠋ᠦ᠍ ᠵᠣᠬᠢᠮᠵᠢᠲᠠᠢ ᠪᠥᠭᠡᠳ ᠡᠷᠢᠶᠡᠨ ᠪᠤᠶᠤ ᠬᠡᠳᠦ ᠣᠢᠷᠠᠬᠠᠨ ᠬᠡ ᠲᠡᠢ ᠲᠣᠷᠭᠠᠨ ᠳᠡᠪᠡᠯ᠂ ᠲᠡᠷᠯᠢᠭ ᠡᠷᠡᠭᠲᠡᠢᠴᠦᠳ ᠲᠦ᠍ ᠵᠣᠬᠢᠮᠵᠢ ᠦᠭᠡᠢ᠃
ᠳᠡᠪᠡᠯ᠂ ᠲᠡᠷᠯᠢᠭ ᠡᠰᠬᠡᠵᠦ ᠣᠶᠣᠬᠤ ᠳᠠᠪᠤᠤ ᠪᠠᠷ ᠮᠣᠩᠭᠣᠯ ᠳᠡᠪᠡᠯ ᠬᠢᠬᠦ ᠳ᠋ᠦ᠍4 ᠮᠧᠲ᠋ᠷ ᠳᠠᠪᠤᠤ ᠡᠷᠡᠭᠲᠡᠢ ᠡᠮᠡᠭᠲᠡᠢ ᠬᠣᠶᠠᠷ ᠬᠥᠮᠦᠨ ᠦ᠌ ᠳᠡᠪᠡᠯ ᠪᠣᠯᠬᠤ ᠪᠥᠭᠡᠳ ᠡᠮᠡᠭᠲᠡᠢᠴᠦᠳ ᠭᠣᠣᠯᠳᠠᠭᠤ ᠡᠷᠡᠴᠦᠳ ᠡᠴᠡ ᠨᠠᠮᠬᠠᠨ ᠲᠤᠷᠠᠩᠬᠠᠢ᠂ ᠪᠡᠶ᠎ᠡ ᠪᠡᠷ ᠪᠠᠭ᠎ᠠ ᠪᠠᠢᠳᠠᠭ ᠤᠴᠢᠷ ᠳᠠᠪᠤᠤ ᠶ᠋ᠢ ᠭᠣᠣᠯ ᠢ᠋ᠶ᠋ᠠᠷ ᠨᠢ ᠴᠣᠭᠣᠯᠬᠤ ᠪᠢᠰᠢ᠂ ᠡᠷᠡᠭᠲᠡᠢ ᠬᠥᠮᠦᠨ ᠳ᠋ᠦ᠍ ᠵᠣᠷᠢᠭᠤᠯᠬᠤ ᠥᠩᠭᠡ ᠪᠡᠨ2—3 ᠬᠤᠷᠤᠭᠤ ᠢᠯᠡᠭᠦᠦ ᠥᠷᠭᠡᠨ ᠴᠣᠭᠣᠯᠤᠨ᠎ᠠ᠃ ᠴᠤᠭᠤᠯᠤᠭᠰᠠᠨ ᠳᠠᠪᠤᠤ ᠪᠠᠨ ᠵᠥᠷᠢᠭᠦᠯᠡᠵᠦ ᠡᠰᠬᠡᠬᠦ ᠨᠢ ᠵᠣᠬᠢᠮᠵᠢᠲᠠᠢ᠃
ᠬᠤᠪᠴᠠᠰᠤᠨ ᠤ᠋ ᠡᠰᠬᠡᠭᠦᠷ
    ᠡᠷᠲᠡᠨ ᠦ᠌ ᠨᠠᠷᠢᠨ ᠠᠵᠢᠯᠯᠠᠭ᠎ᠠ ᠬᠡᠮᠵᠢᠯᠲᠡ ᠱᠠᠭᠠᠷᠳᠠᠳᠠᠭ ᠪᠠᠢᠭᠰᠠᠨ ᠤ᠋ ᠭᠠᠳᠠᠨ᠎ᠠ ᠣᠳᠣ ᠴᠤ᠌ ᠤᠯᠠᠮ ᠶᠡᠬᠡ ᠨᠠᠷᠢᠨ ᠠᠵᠢᠯᠯᠠᠭ᠎ᠠ ᠱᠠᠭᠠᠷᠳᠠᠭᠳᠠᠬᠤ ᠪᠣᠯᠤᠯ᠎ᠠ᠃ ᠳᠡᠪᠡᠯ ᠡᠰᠬᠡᠬᠦ ᠣᠯᠠᠨ ᠶᠠᠩᠵᠤ ᠶ᠋ᠢᠨ ᠠᠷᠭ᠎ᠠ ᠪᠠᠢᠳᠠᠭ ᠪᠥᠭᠡᠳ ᠬᠡ ᠲᠡᠢ᠂ ᠬᠡ ᠥᠬᠡᠢ ᠮᠠᠲ᠋ᠧᠷᠢᠶᠠᠯ ᠴᠤ᠌ ᠥᠭᠡᠷ᠎ᠡ ᠥᠭᠡᠷ᠎ᠡ ᠡᠰᠬᠡᠭᠦᠷ ᠱᠠᠭᠠᠷᠳᠠᠨ᠎ᠠ᠃ ᠳᠡᠪᠡᠯ᠂ ᠲᠡᠷᠯᠢᠭ ᠢ᠋ ᠡᠰᠬᠡᠬᠦ ᠳ᠋ᠡᠭᠡᠨ ᠬᠡᠷᠪᠡ ᠳᠤᠭᠤᠢ ᠬᠡ ᠲᠡᠢ ᠲᠣᠷᠭ᠎ᠠ᠂ ᠦᠢᠲᠠᠩ ᠬᠤᠸᠠᠷ ᠪᠣᠯ ᠬᠡ ᠶ᠋ᠢ ᠵᠥᠷᠢᠭᠦᠯᠡᠬᠦ ᠪᠤᠶᠤ ᠬᠠᠭᠠᠰᠯᠠᠬᠤ ᠨᠢ ᠬᠤᠪᠴᠠᠰᠤᠨ ᠤ᠋ ᠦᠵᠡᠮᠵᠢ ᠶ᠋ᠢ ᠭᠤᠲᠤᠭᠠᠬᠤ ᠤᠴᠢᠷ ᠡᠰᠬᠡᠬᠦ ᠳ᠋ᠡᠭᠡᠨ ᠬᠡ ᠶ᠋ᠢ ᠨᠠᠷᠢᠨ ᠲᠣᠬᠢᠷᠠᠭᠤᠯᠤᠨ᠎ᠠ᠃ ᠦᠢᠲᠠᠩ ᠬᠤᠸᠠᠷ ᠪᠤᠰᠤᠳ ᠳᠤᠭᠤᠢ ᠬᠡ ᠲᠡᠢ ᠵᠠᠷᠢᠮ ᠲᠣᠷᠭᠠᠨ ᠤ᠋ ᠡᠩ ᠨᠠᠷᠢᠨ ᠤᠴᠢᠷ ᠡᠷᠡᠭᠲᠡᠢᠴᠦᠳ᠂ ᠲᠣᠮᠣ ᠪᠡᠶ᠎ᠡ ᠲᠡᠢ ᠡᠮᠡᠭᠲᠡᠢ ᠬᠥᠮᠦᠨ ᠳᠡᠪᠡᠯ ᠬᠢᠬᠦ ᠳ᠋ᠦ᠍ ᠵᠥᠷᠢᠭᠦᠯᠡᠵᠦ ᠡᠰᠬᠡᠵᠦ ᠪᠣᠯᠳᠠᠭ ᠦᠭᠡᠢ ᠪᠥᠭᠡᠳ ᠭᠣᠣᠯ ᠣᠶᠣᠵᠤ ᠮᠠᠯᠲᠠᠬᠤ ᠡᠰᠬᠡᠭᠦᠷ ᠱᠠᠭᠠᠷᠳᠠᠬᠤ ᠤᠴᠢᠷ ᠲᠠᠪᠤᠨ ᠮᠧᠲ᠋ᠷ ᠡᠴᠡ ᠳᠣᠭᠣᠭᠰᠢ ᠦᠭᠡᠢ ᠮᠠᠲ᠋ᠧᠷᠢᠶᠠᠯ ᠣᠷᠣᠨ᠎ᠠ᠃
    ᠥᠷᠭᠡᠨ ᠡᠩ ᠲᠡᠢ ᠳᠤᠭᠤᠢ ᠬᠡ ᠲᠡᠢ ᠲᠣᠷᠭ᠎ᠠ ᠪᠠᠷ ᠳᠡᠪᠡᠯ ᠡᠰᠬᠡᠬᠦ ᠳ᠋ᠦ᠍ ᠳᠡᠪᠡᠯ ᠦ᠋ᠨ ᠤᠷᠲᠤ ᠶ᠋ᠢ ᠬᠡᠮᠵᠢᠵᠦ ᠬᠣᠶᠠᠷ ᠰᠤᠭᠤ ᠶ᠋ᠢ ᠤᠬᠤᠨ ᠤᠷᠢᠳᠤ ᠡᠩᠭᠡᠷ ᠵᠠᠯᠭᠠᠵᠤ᠂ ᠬᠠᠨᠴᠤᠢ ᠶ᠋ᠢᠨ ᠤᠷᠢᠳᠤᠭᠤᠷ ᠵᠠᠯᠭᠠᠭ᠎ᠠ ᠣᠷᠣᠭᠤᠯᠤᠨ᠎ᠠ᠃ ᠤᠷᠢᠳᠤ ᠡᠩᠭᠡᠷ ᠬᠠᠨᠴᠤᠢ ᠶ᠋ᠢᠨ ᠤᠷᠢᠳᠤᠭᠤᠷ ᠣᠷᠣᠭᠤᠯᠬᠤ ᠣᠷᠣᠭᠤᠯᠭ᠎ᠠ ᠶ᠋ᠢᠨ ᠬᠡ ᠶ᠋ᠢ ᠲᠠᠭᠠᠷᠠᠭᠤᠯᠤᠨ᠎ᠠ᠃
ᠵᠢᠷᠤᠭ28
(1) ᠵᠥᠷᠢᠭᠦᠯᠡᠵᠦ ᠡᠰᠬᠡᠬᠦ  ᠠᠷᠭ᠎ᠠ
(2) ᠨᠠᠷᠢᠨ ᠡᠩ ᠲᠡᠢ ᠦᠢᠳᠡᠩ ᠬᠤᠸᠠᠷ ᠂ᠳᠤᠭᠤᠢ ᠬᠡ ᠲᠠᠢ ᠲᠣᠷᠭ᠎ᠠ  ᠪᠠᠷ ᠳᠡᠪᠡᠯ ᠵᠥᠷᠢᠭᠦᠯᠡᠵᠦ ᠡᠰᠬᠡᠬᠦ ᠠᠵᠢᠯᠯᠠᠭ᠎ᠠ
(3) ᠥᠷᠭᠡᠨ ᠡᠩ ᠲᠠᠢ ᠮᠠᠲ᠋ᠧᠷᠢᠶᠠᠯ ᠢᠶᠠᠷ ᠳᠣᠲᠣᠭᠠᠳᠤ ᠡᠩᠭᠡᠷ ᠭᠦᠶᠦᠯᠭᠡᠨ ᠡᠰᠬᠡᠬᠦ ᠠᠷᠭ᠎ᠠ

    ᠳᠡᠪᠡᠯ ᠢ᠋ ᠵᠥᠷᠢᠭᠦᠯᠡᠵᠦ ᠡᠰᠬᠡᠬᠦ ᠳ᠋ᠡᠭᠡᠨ ᠶᠡᠬᠡ ᠪᠡᠶ᠎ᠡ ᠶ᠋ᠢᠨ ᠤᠷᠲᠤ ᠳᠡᠭᠡᠷ᠎ᠡ ᠬᠠᠨᠴᠤᠢ ᠨᠡᠮᠡᠵᠦ ᠬᠣᠶᠠᠷ ᠲᠠᠯ᠎ᠠ ᠶ᠋ᠢ ᠶᠠᠭ ᠲᠡᠩᠴᠡᠭᠦᠦ ᠬᠡᠮᠵᠢᠵᠦ ᠵᠥᠷᠢᠭᠦᠯᠡᠵᠦ ᠬᠠᠢᠴᠢᠯᠠᠭᠠᠳ ᠨᠡᠢᠯᠡᠭᠦᠯᠦᠨ ᠣᠶᠣᠨ᠎ᠠ᠃ ᠬᠠᠷᠢᠨ ᠬᠡ ᠲᠡᠢ ᠲᠣᠷᠭ᠎ᠠ᠂ ᠦᠢᠲᠠᠩ ᠬᠤᠸᠠᠷ ᠪᠣᠯ ᠬᠡ ᠶ᠋ᠢ ᠡᠪᠳᠡᠬᠦ ᠦᠭᠡᠢ ᠶ᠋ᠢᠨ ᠲᠤᠯᠠᠳᠠ ᠳᠡᠭᠡᠳᠦ ᠳᠣᠣᠷᠠᠲᠤ ᠲᠠᠯ᠎ᠠ ᠶ᠋ᠢᠨ ᠭᠣᠣᠯ ᠬᠡ ᠶ᠋ᠢ ᠨᠠᠷᠢᠨ ᠲᠣᠬᠢᠷᠠᠭᠤᠯᠤᠨ᠎ᠠ᠃
ᠵᠢᠷᠤᠭ29
(1) ᠨᠠᠷᠢᠨ ᠡᠩ ᠲᠡᠢ ᠮᠠᠲ᠋ᠧᠷᠢᠶᠠᠯ ᠢ᠋ᠶ᠋ᠠᠷ ᠡᠩ ᠵᠡᠷᠭᠡᠴᠡᠭᠦᠯᠵᠦ ᠰᠤᠭᠤ ᠤᠬᠤᠵᠤ ᠡᠰᠬᠡᠬᠦ ᠠᠷᠭ᠎ᠠ
(2) ᠴᠤᠯᠭᠤᠢ ᠮᠠᠲ᠋ᠧᠷᠢᠶᠠᠯ ᠢ᠋ᠶ᠋ᠠᠷ ᠵᠥᠷᠢᠭᠦᠯᠡᠵᠦ ᠡᠰᠬᠡᠬᠦ ᠠᠵᠢᠯᠯᠠᠭ᠎ᠠ

    ᠳᠡᠪᠡᠯ ᠢ᠋ ᠡᠰᠬᠡᠭᠰᠡᠨ ᠦ᠌ ᠳᠠᠷᠠᠭ᠎ᠠ ᠥᠩᠭᠡ ᠪᠡᠨ ᠣᠶᠣᠬᠤ ᠳ᠋ᠠᠭᠠᠨ ᠭᠣᠣᠯ ᠪᠤᠰᠤᠳ ᠵᠦᠢᠭᠰᠡᠨ ᠵᠦᠢᠳᠡᠯ ᠳ᠋ᠦ᠍ ᠵᠣᠩᠬᠤ ᠲᠦᠷᠬᠢᠪᠡᠯ ᠢᠯᠠᠩᠭᠤᠶ᠎ᠠ ᠭᠣᠣᠯ ᠣᠶᠣᠳᠠᠯ ᠦᠵᠡᠮᠵᠢ ᠦᠭᠡᠢ ᠪᠣᠯᠵᠤ ᠲᠠᠲᠠᠨ᠎ᠠ᠃ ᠡᠢᠮᠦ ᠳ᠋ᠦ᠍ ᠳᠥᠩᠭᠡᠵᠦ ᠨᠤᠷᠠᠭᠠᠬᠤ ᠲᠡᠳᠦᠢ ᠴᠢᠭᠢᠭᠯᠡᠨ ᠢᠩᠳᠡᠦᠳᠡᠬᠦ ᠪᠠ ᠦᠢᠲᠠᠩ ᠬᠤᠸᠠᠷ᠂ ᠬᠢᠲᠠᠳ ᠲᠣᠷᠭᠠᠨ ᠳ᠋ᠤ᠌ ᠠᠯᠢ ᠪᠣᠯᠬᠤ ᠪᠠᠷ ᠤᠰᠤ ᠬᠦᠷᠭᠡᠬᠦ ᠦᠭᠡᠢ ᠪᠠᠢᠬᠤ ᠶ᠋ᠢ ᠬᠢᠴᠢᠶᠡᠨ᠎ᠡ᠃ ᠬᠡᠷᠪᠡ ᠬᠡᠳᠦ ᠶᠡᠬᠡ ᠤᠰᠤ ᠪᠠᠷ ᠨᠤᠷᠠᠭᠠᠪᠠᠯ ᠨᠤᠷᠠᠭᠰᠠᠨ ᠬᠡᠰᠡᠭ ᠢ᠋ᠶ᠋ᠡᠷ ᠢ᠋ᠶ᠋ᠡᠨ ᠴᠠᠢᠵᠤ ᠲᠣᠯᠪᠣ ᠪᠣᠯᠵᠤ ᠮᠠᠲ᠋ᠧᠷᠢᠶᠠᠯ ᠤ᠋ᠨ ᠦᠵᠡᠮᠵᠢ ᠶ᠋ᠢ ᠠᠯᠳᠠᠭᠤᠯᠤᠨ᠎ᠠ᠃ ᠳᠠᠪᠤᠤ ᠶ᠋ᠢᠨ ᠥᠩᠭᠡ ᠶ᠋ᠢ ᠪᠣᠯ ᠰᠠᠢᠨ ᠴᠢᠭᠢᠭᠯᠡᠬᠦ ᠨᠢ ᠴᠢᠬᠤᠯᠠ ᠶᠤᠮ᠃
      ᠡᠮᠡᠭᠲᠡᠢ ᠬᠥᠮᠦᠨ ᠦ᠌ ᠳᠡᠪᠡᠯ ᠢ᠋ ᠶᠠᠩᠵᠤ ᠪᠦᠷᠢ ᠶ᠋ᠢᠨ ᠬᠣᠷᠭᠣᠢ᠂ ᠲᠣᠷᠭ᠎ᠠ᠂ ᠫᠦᠦᠰᠦᠦ ᠪᠡᠷ ᠡᠮᠵᠢᠬᠦ ᠡᠴᠡ ᠭᠠᠳᠠᠨ᠎ᠠ ᠣᠷᠴᠢᠨ ᠦᠶ᠎ᠡ ᠳ᠋ᠦ᠍ ᠨᠢᠭᠡ ᠥᠷᠭᠡᠨ ᠡᠮᠵᠢᠶᠡᠷᠢ ᠶ᠋ᠢᠨ ᠬᠣᠶᠠᠷ ᠲᠠᠯ᠎ᠠ ᠪᠠᠷ ᠵᠢᠵᠢᠭ ᠰᠠ ᠪᠤᠶᠤ ᠥᠭᠡᠷ᠎ᠡ ᠥᠩᠭᠡ ᠶ᠋ᠢᠨ ᠲᠣᠷᠭ᠎ᠠ ᠬᠠᠪᠴᠢᠭᠤᠯᠤᠨ ᠣᠶᠣᠵᠤ ᠪᠠᠢᠭ᠎ᠠ ᠨᠢ ᠬᠤᠪᠴᠠᠰᠤᠨ ᠤ᠋ ᠦᠵᠡᠮᠵᠢ ᠶ᠋ᠢ ᠪᠦᠷ ᠴᠦ᠍ ᠰᠠᠢᠬᠠᠨ ᠪᠣᠯᠭᠠᠵᠤ ᠪᠠᠢᠨ᠎ᠠ᠃
      ᠭᠡᠬᠦ ᠳ᠋ᠡᠭᠡᠨ ᠨᠠᠮᠬᠠᠨ ᠨᠢᠷᠤᠭᠤ ᠲᠠᠢ ᠪᠤᠶᠤ ᠲᠠᠷᠭᠤᠨ ᠬᠥᠮᠦᠨ ᠳ᠋ᠦ᠍ ᠳᠤᠭᠤᠢ ᠬᠡ ᠲᠡᠢ ᠲᠣᠷᠭ᠎ᠠ᠂ ᠥᠷᠭᠡᠨ ᠡᠮᠵᠢᠶᠡᠷᠢ᠂ ᠪᠣᠭᠣᠨᠢ ᠳᠡᠪᠡᠯ ᠲᠡᠷᠯᠢᠭ ᠵᠣᠬᠢᠮᠵᠢ ᠦᠭᠡᠢ ᠶ᠋ᠢ ᠠᠩᠬᠠᠷᠬᠤ ᠶᠣᠰᠣᠲᠠᠢ᠃ ᠬᠥᠪᠥᠩ ᠲᠡᠢ ᠳᠡᠪᠡᠯ ᠢ᠋ ᠮᠠᠨ ᠤ᠋ ᠣᠷᠣᠨ ᠳ᠋ᠤ᠌ ᠶᠡᠬᠡ ᠬᠡᠷᠡᠭᠯᠡᠳᠡᠭ ᠪᠥᠭᠡᠳ ᠳᠡᠭᠡᠷ᠎ᠡ ᠦᠶ᠎ᠡ ᠳ᠋ᠦ᠍ ᠲᠡᠭᠦᠨ ᠢ᠋ ᠬᠠᠪᠠᠬᠤ ᠳ᠋ᠠᠭᠠᠨ ᠦᠷᠭᠦᠯᠵᠢᠯᠡᠨ ᠬᠠᠪᠠᠬᠤ ᠪᠤᠶᠤ ᠵᠠᠷᠢᠮ ᠦᠶ᠎ᠡ ᠳ᠋ᠦ᠍ ᠮᠠᠰᠢᠨ ᠢ᠋ᠶ᠋ᠠᠷ ᠬᠦᠷᠲᠡᠯ᠎ᠡ ᠬᠠᠪᠠᠳᠠᠭ ᠪᠠᠢᠭᠰᠠᠨ᠃ ᠰᠡᠭᠦᠯ ᠦ᠋ᠨ ᠦᠶ᠎ᠡ ᠳ᠋ᠦ᠍ ᠬᠡᠢᠯᠡᠵᠦ ᠬᠣᠯᠠᠬᠠᠨ ᠬᠠᠪᠠᠳᠠᠭ ᠪᠣᠯᠤᠭᠰᠠᠨ ᠨᠢ ᠦᠵᠡᠮᠵᠢ ᠶ᠋ᠢᠨ ᠬᠤᠪᠢ ᠳ᠋ᠤ᠌ ᠰᠠᠢᠨ ᠪᠣᠯᠤᠭᠰᠠᠨ ᠶᠤᠮ᠃
ᠮᠣᠩᠭᠣᠯ ᠳᠡᠪᠡᠯ ᠦ᠋ᠨ ᠰᠢᠯᠪᠢ ᠲᠣᠪᠴᠢ ᠶ᠋ᠢᠨ ᠬᠤᠪᠢ ᠳ᠋ᠤ᠌ ᠨᠡᠯᠢᠶᠡᠳ ᠣᠯᠠᠨ ᠶᠠᠩᠵᠤ ᠪᠠᠢᠵᠠᠢ᠃ ᠡᠷᠲᠡᠨ ᠦ᠌ ᠳᠡᠪᠡᠯ ᠦ᠋ᠨ ᠰᠢᠯᠪᠢ ᠰᠤᠭᠤ ᠪᠠᠨ ᠬᠦᠷᠲᠡᠯ᠎ᠡ ᠣᠨᠣᠭᠣ ᠲᠠᠢ ᠨᠢᠭᠡ ᠲᠠᠯ᠎ᠠ ᠳ᠋ᠠᠭᠠᠨ ᠨᠢᠭᠡ᠂ ᠨᠥᠭᠦᠭᠡ ᠲᠠᠯ᠎ᠠ ᠳ᠋ᠠᠭᠠᠨ ᠭᠤᠷᠪᠠᠨ ᠲᠣᠪᠴᠢ ᠰᠢᠯᠪᠢ ᠲᠡᠢ ᠪᠠᠢᠭᠰᠠᠨ ᠤ᠋ ᠭᠠᠳᠠᠨ᠎ᠠ ᠲᠠᠰᠢᠭᠤ ᠡᠩᠭᠡᠷ ᠲᠡᠢ ᠪᠠᠢᠬᠤ ᠳ᠋ᠤ᠌ ᠨᠢᠭᠡ ᠡᠴᠡ ᠬᠣᠶᠠᠷ ᠬᠣᠣᠰ ᠰᠢᠯᠪᠢ ᠲᠣᠪᠴᠢ ᠲᠠᠢ ᠪᠠᠢᠵᠠᠢ᠃ ᠮᠣᠩᠭᠣᠯ ᠳᠡᠪᠡᠯ ᠳ᠋ᠦ᠍ ᠳᠥᠷᠪᠡᠯᠵᠢᠨ ᠡᠩᠭᠡᠷ ᠪᠣᠰᠤᠭ᠎ᠠ ᠵᠠᠬ᠎ᠠ ᠡᠭᠦᠰᠦᠭᠰᠡᠨ ᠨᠢ ᠶᠡᠷᠦ ᠶ᠋ᠢᠨ ᠨᠢᠭᠡᠨ ᠵᠠᠭᠪᠤᠷ ᠪᠢᠰᠢ ᠪᠥᠭᠡᠳ ᠲᠤᠰ ᠣᠷᠣᠨ ᠤ᠋ ᠴᠠᠭ ᠠᠭᠤᠷ ᠤ᠋ᠨ ᠰᠢᠷᠦᠭᠦᠨ ᠨᠥᠯᠥᠭᠡ ᠲᠡᠢ ᠬᠣᠯᠪᠣᠭᠳᠠᠨ ᠭᠠᠷᠤᠭᠰᠠᠨ ᠪᠠᠢᠵᠤ ᠪᠣᠯᠬᠤ ᠶᠤᠮ᠃
      ᠳᠡᠪᠡᠯ ᠦ᠋ᠨ ᠡᠩᠭᠡᠷ ᠳᠥᠷᠪᠡᠯᠵᠢᠨ ᠪᠣᠯᠤᠭᠰᠠᠨ ᠲᠠᠢ ᠬᠣᠯᠪᠣᠭᠳᠠᠨ ᠡᠩᠭᠡᠷ ᠴᠥᠭᠴᠥᠨ ᠳ᠋ᠦ᠍ ᠲᠣᠪᠴᠢ ᠬᠠᠲᠠᠬᠤ ᠱᠠᠭᠠᠷᠳᠠᠯᠭ᠎ᠠ ᠭᠠᠷᠴᠤ ᠠᠩᠬ᠎ᠠ ᠨᠢᠭᠡ ᠲᠣᠪᠴᠢ ᠰᠢᠯᠪᠢ ᠬᠠᠲᠠᠵᠤ ᠪᠠᠢᠭᠰᠠᠨ ᠤ᠋ ᠭᠠᠳᠠᠨ᠎ᠠ ᠬᠥᠮᠦᠨ ᠡᠩᠭᠡᠷ ᠳᠥᠷᠪᠡᠯᠵᠢᠨ ᠪᠢᠰᠢ ᠤᠷ᠎ᠠ ᠮᠠᠭᠤᠲᠠᠢᠬᠠᠨ ᠬᠠᠭᠠᠰ ᠲᠠᠰᠢᠭᠤ ᠳᠤᠭᠤᠢᠪᠲᠤᠷ ᠬᠡᠯᠪᠡᠷᠢ ᠲᠡᠢ ᠪᠠᠢᠵᠠᠢ᠃ ᠳᠠᠷᠠᠭ᠎ᠠ ᠨᠢ ᠬᠣᠶᠠᠷ ᠲᠣᠪᠴᠢ ᠰᠢᠯᠪᠢ ᠬᠠᠲᠠᠵᠤ ᠡᠬᠢᠯᠡᠵᠡᠢ᠃ ᠳᠡᠪᠡᠯ ᠦ᠋ᠨ ᠰᠢᠯᠪᠢ ᠲᠣᠪᠴᠢ ᠤᠷᠲᠤ ᠪᠥᠭᠡᠳ ᠬᠠᠲᠠᠬᠤ ᠳ᠋ᠠᠭᠠᠨ ᠬᠠᠪᠲᠠᠭᠠᠢ ᠬᠡᠯᠪᠡᠷᠢ ᠲᠡᠢ ᠬᠣᠶᠠᠷ ᠲᠠᠯ᠎ᠠ ᠪᠥᠭᠰᠡᠨ ᠬᠡᠰᠡᠭ ᠢ᠋ ᠨᠥᠬᠥᠬᠦ ᠣᠶᠣᠳᠠᠯ ᠢ᠋ᠶ᠋ᠠᠷ ᠣᠶᠣᠵᠤ ᠶᠡᠬᠡ ᠪᠡᠶ᠎ᠡ ᠳ᠋ᠦ᠍ ᠪᠡᠬᠢᠯᠡᠳᠡᠭ ᠪᠠᠢᠭᠰᠠᠨ ᠨᠢ ᠣᠳᠣ ᠴᠤ᠌ ᠬᠥᠳᠡᠭᠡ ᠣᠷᠣᠨ ᠨᠤᠲᠤᠭ ᠲᠤ᠌ ᠬᠠᠶᠠ ᠡᠢᠮᠦᠷᠬᠦᠦ ᠬᠡᠯᠪᠡᠷᠢ ᠲᠡᠢ ᠬᠢᠵᠦ ᠪᠠᠢᠨ᠎ᠠ᠃
      ᠮᠢᠩᠭ᠎ᠠ ᠶᠢᠰᠦᠨ ᠵᠠᠭᠤ ᠳᠥᠴᠢᠭᠡᠳ ᠣᠨ ᠠ᠋ᠴᠠ ᠡᠮᠦᠨ᠎ᠡ ᠰᠢᠯᠪᠢ ᠶ᠋ᠢ ᠡᠮᠬᠡᠷᠢᠳᠬᠦ ᠳ᠋ᠡᠭᠡᠨ ᠳᠣᠲᠣᠷ ᠲᠠᠯ᠎ᠠ ᠳ᠋ᠤᠨᠢ ᠤᠲᠠᠰᠤᠨ ᠭᠣᠣᠯ ᠪᠠᠷᠢᠵᠤ ᠬᠦᠪᠦᠷᠢᠳᠳᠡᠭ ᠪᠠᠢᠭᠰᠠᠨ ᠨᠢ ᠰᠡᠭᠦᠯ ᠳ᠋ᠡᠭᠡᠨ ᠪᠣᠯᠪᠠᠰᠤᠷᠠᠩᠭᠤᠢ ᠪᠣᠯᠵᠤ ᠳᠣᠲᠣᠷ ᠲᠠᠯ᠎ᠠ ᠠ᠋ᠴᠠ ᠨᠢ ᠮᠠᠰᠢᠨᠳᠠᠨ ᠡᠷᠭᠢᠭᠦᠯᠵᠦ ᠳᠣᠲᠣᠷ ᠲᠠᠯ᠎ᠠ ᠳ᠋ᠤᠨᠢ ᠤᠲᠠᠰᠤᠨ ᠭᠣᠣᠯ ᠭᠦᠶᠦᠯᠭᠡᠵᠦ ᠡᠮᠬᠡᠷᠢᠳᠳᠡᠭ ᠪᠣᠯᠤᠭᠰᠠᠨ ᠨᠢ ᠬᠤᠪᠴᠠᠰᠤᠨ ᠤ᠋ ᠲᠣᠪᠴᠢ ᠰᠢᠯᠪᠢ ᠦᠵᠡᠮᠵᠢ ᠲᠡᠢ ᠪᠣᠯᠬᠤ ᠰᠢᠨ᠎ᠡ ᠠᠷᠭ᠎ᠠ ᠨᠡᠮᠡᠭᠳᠡᠯ᠎ᠡ᠃ ᠮᠢᠩᠭ᠎ᠠ ᠶᠢᠰᠦᠨ ᠵᠠᠭᠤ ᠳᠥᠴᠢᠭᠡᠳ ᠣᠨ ᠠ᠋ᠴᠠ ᠡᠬᠢᠯᠡᠨ ᠳᠡᠪᠡᠯ ᠢ᠋ ᠭᠤᠷᠪᠠ ᠪᠠᠷ ᠡᠮᠵᠢᠬᠦ ᠪᠣᠯᠤᠭᠰᠠᠨ ᠲᠠᠢ ᠬᠣᠯᠪᠣᠭᠳᠠᠨ ᠭᠤᠷᠪᠠᠨ ᠬᠣᠣᠰ ᠰᠢᠯᠪᠢ ᠳᠡᠪᠡᠯ ᠳ᠋ᠦ᠍ ᠬᠠᠲᠠᠬᠤ ᠪᠣᠯᠤᠭᠰᠠᠨ ᠠ᠋ᠴᠠ ᠭᠠᠳᠠᠨ᠎ᠠ ᠰᠢᠯᠪᠢ ᠬᠠᠲᠠᠬᠤ ᠠᠷᠭ᠎ᠠ ᠥᠭᠡᠷᠡᠴᠢᠯᠡᠭᠳᠡᠨ ᠪᠥᠭᠰᠡᠨ ᠪᠡᠶ᠎ᠡ ᠲᠣᠮᠣ᠂ ᠪᠣᠰᠤᠭ᠎ᠠ ᠰᠢᠯᠪᠢ ᠬᠠᠲᠠᠳᠠᠭ ᠪᠣᠯᠤᠭᠰᠠᠨ ᠨᠢ ᠬᠤᠪᠴᠠᠰᠤᠨ ᠳ᠋ᠤ᠌ ᠨᠡᠪᠲᠡᠷᠡᠭᠰᠡᠨ ᠰᠢᠨ᠎ᠡ ᠴᠢᠮᠡᠭ ᠪᠣᠯᠵᠠᠢ᠃
      ᠮᠣᠩᠭᠣᠯ ᠳᠡᠪᠡᠯ ᠢ᠋ ᠣᠷᠴᠢᠨ ᠦᠶ᠎ᠡ ᠳ᠋ᠦ᠍ ᠪᠡᠶ᠎ᠡ ᠳ᠋ᠦ᠍ ᠲᠣᠬᠢᠷᠠᠭᠤᠯᠬᠤ ᠳ᠋ᠠᠭᠠᠨ ᠬᠥᠮᠦᠨ ᠦ᠌ ᠵᠢᠰᠦ ᠴᠢᠷᠠᠢ ᠥᠨᠳᠥᠷ ᠨᠠᠮ ᠢ᠋ ᠬᠠᠷᠠᠭᠠᠯᠵᠠᠬᠤ ᠶᠣᠰᠣᠲᠠᠢ᠃ ᠥᠨᠳᠥᠷ ᠨᠢᠷᠤᠭᠤ ᠲᠠᠢ ᠬᠥᠮᠦᠨ ᠳ᠋ᠦ᠍ ᠬᠡᠳᠦ ᠤᠷᠲᠤ᠂ ᠬᠡᠳᠦ ᠪᠣᠭᠣᠨᠢ ᠳᠡᠪᠡᠯ ᠵᠣᠬᠢᠮᠵᠢ ᠦᠭᠡᠢ᠃ ᠬᠠᠷᠢᠨ ᠨᠠᠮ ᠨᠢᠷᠤᠭᠤ ᠲᠠᠢ ᠪᠤᠶᠤ ᠲᠠᠷᠭᠤᠨ ᠬᠥᠮᠦᠨ ᠳ᠋ᠦ᠍ ᠤᠷᠲᠤ ᠳᠡᠪᠡᠯ ᠵᠣᠬᠢᠮᠵᠢᠲᠠᠢ ᠪᠠᠢᠳᠠᠭ᠃ ᠳᠣᠲᠣᠭᠤᠷ ᠬᠤᠪᠴᠠᠰᠤᠨ ᠤ᠋ ᠲᠤᠬᠠᠢ ᠳ᠋ᠤ᠌ ᠪᠣᠯ ᠡᠷᠡᠭᠲᠡᠢᠴᠦᠳ ᠡᠷᠲᠡᠨ ᠡᠴᠡ ᠴᠠᠮᠴᠠ ᠬᠡᠷᠡᠭᠯᠡᠵᠦ ᠢᠷᠡᠭᠰᠡᠨ ᠪᠥᠭᠡᠳ ᠮᠣᠩᠭᠣᠯ ᠳᠡᠪᠡᠯ ᠦ᠋ᠨ ᠡᠩᠭᠡᠷ ᠵᠠᠬ᠎ᠠ ᠰᠢᠭ᠋ ᠬᠤᠪᠢᠷᠠᠵᠤ ᠢᠷᠡᠵᠡᠢ᠃ ᠡᠷᠲᠡ ᠦᠶ᠎ᠡ ᠳ᠋ᠦ᠍ ᠲᠠᠰᠢᠭᠤ ᠵᠠᠬ᠎ᠠ ᠲᠠᠢ( ᠯᠠᠮᠠ ᠵᠠᠬ᠎ᠠ) ᠴᠠᠮᠴᠠ ᠡᠮᠦᠰᠳᠡᠭ ᠪᠠᠢᠭᠰᠠᠨ ᠢ᠋ᠶ᠋ᠠᠨ ᠰᠡᠭᠦᠯ ᠳ᠋ᠡᠭᠡᠨ ᠪᠣᠰᠤᠭ᠎ᠠ ᠵᠠᠬ᠎ᠠ ᠲᠠᠢ᠂ ᠳᠥᠷᠪᠡᠯᠵᠢᠨ ᠡᠩᠭᠡᠷ ᠲᠡᠢ ᠪᠣᠯᠵᠤ ᠬᠤᠪᠢᠷᠠᠭᠰᠠᠨ ᠪᠠ ᠮᠣᠩᠭᠣᠯ ᠬᠤᠪᠴᠠᠰᠤᠨ ᠤ᠋ ᠬᠠᠨᠴᠤᠢ ᠤᠷᠢᠳᠤ ᠲᠠᠯ᠎ᠠ ᠵᠠᠳᠠᠭᠠᠢ ᠡᠮᠵᠢᠶᠡᠷᠢ ᠦᠭᠡᠢ ᠪᠠᠢᠭᠰᠠᠨ ᠲᠠᠢ ᠠᠳᠠᠯᠢ ᠴᠠᠮᠴᠠᠨ ᠤ᠋ ᠬᠠᠨᠴᠤᠢ ᠲᠡᠢᠮᠦ ᠪᠠᠢᠭᠰᠠᠨ᠃ ᠮᠢᠩᠭ᠎ᠠ ᠶᠢᠰᠦᠨ ᠵᠠᠭᠤ ᠬᠣᠷᠢᠨ ᠣᠨ ᠠ᠋ᠴᠠ ᠮᠢᠩᠭ᠎ᠠ ᠶᠢᠰᠦᠨ ᠵᠠᠭᠤ ᠳᠥᠴᠢᠭᠡᠳ ᠣᠨ ᠬᠦᠷᠲᠡᠯ᠎ᠡ ᠵᠠᠯᠠᠭᠤᠴᠤᠳ ᠪᠣᠰᠤᠭ᠎ᠠ ᠵᠠᠬ᠎ᠠ ᠲᠠᠢ᠂ ᠤᠷᠳᠤᠭᠤᠷ ᠢ᠋ᠶ᠋ᠠᠨ ᠬᠠᠭᠠᠷᠬᠠᠢ ᠴᠠᠮᠴᠠ ᠡᠮᠦᠰᠳᠡᠭ ᠪᠠᠢᠭᠰᠠᠨ ᠤ᠋ ᠳᠡᠭᠡᠷ᠎ᠡ ᠮᠢᠩᠭ᠎ᠠ ᠶᠢᠰᠦᠨ ᠵᠠᠭᠤ ᠳᠥᠴᠢᠭᠡᠳ ᠣᠨ ᠤ᠋ ᠦᠶ᠎ᠡ ᠳ᠋ᠦ᠍ ᠨᠢᠭᠡ ᠬᠡᠰᠡᠭ ᠣᠷᠴᠢᠨ ᠦᠶ᠎ᠡ ᠶ᠋ᠢᠨ ᠳᠣᠲᠣᠭᠤᠷ ᠴᠠᠮᠴᠠᠨ ᠤ᠋ ᠵᠠᠬ᠎ᠠ ᠰᠢᠭ᠋ ᠱᠥᠪᠥᠭᠡᠷ ᠵᠠᠬ᠎ᠠ ᠲᠠᠢ ᠲᠡᠭᠦᠨ ᠳ᠋ᠡᠭᠡᠨ ᠨᠣᠬᠠᠢ ᠶ᠋ᠢᠨ ᠰᠢᠳᠦ ᠴᠡᠴᠡᠭ ᠬᠠᠳᠬᠤᠨ ᠭᠤᠶᠤᠵᠤ ᠡᠮᠦᠰᠳᠡᠭ ᠪᠠᠢᠯ᠎ᠠ᠃ ᠣᠷᠴᠢᠨ ᠦᠶ᠎ᠡ ᠳ᠋ᠦ᠍ ᠨᠡᠢᠲᠡᠯᠢᠭ ᠳᠣᠲᠣᠭᠤᠷ ᠴᠠᠮᠴᠠ ᠬᠡᠷᠡᠭᠯᠡᠵᠦ ᠪᠠᠢᠨ᠎ᠠ᠃
ᠵᠢᠷᠤᠭ30
(1) ᠤᠷᠲᠤ ᠣᠨᠣᠭᠣ ᠲᠠᠢ ᠳᠠᠩ ᠳᠡᠪᠡᠯ
(2) ᠳᠤᠭᠤᠢ ᠮᠥᠷᠥ ᠲᠡᠢ ᠪᠦᠰᠡᠯᠡᠭᠦᠷ ᠵᠠᠯᠭᠠᠭ᠎ᠠ ᠲᠠᠢ ᠳᠠᠩ ᠲᠡᠷᠯᠢᠭ
(3) ᠤᠲᠠᠰᠤ ᠪᠠᠷ ᠲᠣᠨᠣᠭᠯᠠᠭᠰᠠᠨ ᠴᠠᠮᠴᠠ

      ᠡᠢᠮᠦ ᠳ᠋ᠦ᠍ ᠪᠣᠯᠪᠠᠰᠤᠨ ᠬᠤᠪᠴᠠᠰᠤᠨ ᠳᠡᠭᠡᠷ᠎ᠡ ᠡᠮᠦᠰᠬᠦ ᠴᠠᠮᠴᠠᠨ ᠤ᠋ ᠥᠩᠭᠡ ᠵᠣᠬᠢᠴᠠᠭᠤᠯᠵᠤ ᠡᠮᠦᠰᠬᠦ ᠶ᠋ᠢ ᠴᠢᠬᠤᠯᠠᠴᠢᠯᠠᠵᠤ ᠪᠠᠢᠨ᠎ᠠ᠃ ᠡᠮᠡᠭᠲᠡᠢᠴᠦᠳ ᠦ᠋ᠨ ᠳᠣᠲᠣᠭᠤᠷ ᠬᠤᠪᠴᠠᠰᠤ ᠮᠣᠩᠭᠣᠯ ᠵᠠᠬ᠎ᠠ ᠲᠠᠢ ᠴᠠᠮᠴᠠ᠂ ᠳᠠᠩ ᠳᠡᠪᠡᠯ ᠪᠠᠢᠭᠰᠠᠨ ᠪᠥᠭᠡᠳ ᠰᠡᠭᠦᠯ ᠦ᠋ᠨ ᠦᠶ᠎ᠡ ᠳ᠋ᠦ᠍ ᠨᠡᠯᠢᠶᠡᠳ ᠣᠯᠠᠨ ᠬᠡᠯᠪᠡᠷᠢ ᠪᠡᠷ ᠥᠭᠡᠷᠡᠴᠢᠯᠡᠭᠳᠡᠵᠦ ᠢᠷᠡᠯ᠎ᠡ᠃ ᠡᠭᠦᠨ ᠦ᠌ ᠳᠣᠲᠣᠷ᠎ᠠ ᠠ᠋ᠴᠠ ᠵᠥᠪᠬᠡᠨ ᠳᠠᠩ ᠳᠡᠪᠡᠯ ᠬᠢᠬᠦ ᠠᠷᠭ᠎ᠠ ᠶ᠋ᠢ ᠳᠤᠷᠠᠳᠤᠶ᠎ᠠ᠃
      ᠣᠷᠴᠢᠨ ᠦᠶ᠎ᠡ ᠳ᠋ᠦ᠍ ᠳᠠᠩ ᠳᠡᠪᠡᠯ ᠢ᠋ ᠣᠯᠠᠨ ᠶᠠᠩᠵᠤ ᠪᠠᠷ ᠬᠢᠵᠦ ᠡᠮᠦᠰᠬᠦ ᠪᠣᠯᠤᠯ᠎ᠠ᠃ ᠳᠠᠩ ᠳᠡᠪᠡᠯ ᠨᠢ ᠲᠡᠷᠯᠢᠭ ᠲᠡᠢ ᠠᠳᠠᠯᠢ ᠪᠣᠯᠪᠠᠴᠤ ᠠᠷᠠᠢ ᠨᠠᠷᠢᠬᠠᠨ ᠳᠣᠲᠣᠷ ᠦᠭᠡᠢ ᠪᠡᠷ ᠢ᠋ᠶ᠋ᠡᠨ ᠢᠯᠭᠠᠭ᠎ᠠ ᠲᠠᠢ ᠪᠥᠭᠡᠳ ᠤᠷ᠎ᠠ ᠬᠢᠴᠡ ᠶ᠋ᠢᠨ ᠬᠤᠪᠢ ᠳ᠋ᠤ᠌ ᠶᠡᠬᠡᠬᠡᠨ ᠪᠣᠯᠪᠠᠰᠤᠷᠠᠩᠭᠤᠢ ᠪᠣᠯᠵᠤ ᠪᠠᠢᠨ᠎ᠠ᠃ ᠳᠠᠩ ᠳᠡᠪᠡᠯ ᠦ᠋ᠨ ᠡᠩᠭᠡᠷ ᠵᠠᠬ᠎ᠠ ᠶ᠋ᠢᠨ ᠬᠡᠯᠪᠡᠷᠢ ᠳ᠋ᠦ᠍ ᠰᠡᠭᠦᠯ ᠦ᠋ᠨ ᠦᠶ᠎ᠡ ᠳ᠋ᠦ᠍ ᠶᠡᠬᠡ ᠥᠭᠡᠷᠡᠴᠢᠯᠡᠯᠲᠡ ᠭᠠᠷᠴᠤ ᠢᠷᠡᠯ᠎ᠡ᠃ ᠳᠥᠷᠪᠡᠯᠵᠢᠨ ᠡᠩᠭᠡᠷ ᠪᠣᠰᠤᠭ᠎ᠠ ᠵᠠᠬ᠎ᠠ ᠠ᠋ᠴᠠ ᠭᠠᠳᠠᠨ᠎ᠠ ᠮᠣᠩᠭᠣᠯ ᠤ᠋ᠨ ᠡᠷᠲᠡᠨ ᠦ᠌ ᠳᠡᠪᠡᠯ ᠰᠢᠭ ᠲᠠᠰᠢᠭᠤ ᠡᠩᠭᠡᠷ ᠲᠡᠢ᠂ ᠬᠥᠮᠦᠨ ᠡᠩᠭᠡᠷ ᠨᠢ ᠨᠡᠯᠢᠶᠡᠳ ᠳᠣᠣᠷ᠎ᠠ ᠪᠠᠢᠬᠤ ᠠ᠋ᠴᠠ ᠭᠠᠳᠠᠨ᠎ᠠ ᠪᠦᠰᠡᠯᠡᠬᠡᠢ ᠶ᠋ᠢᠨ ᠮᠥᠷ ᠢ᠋ᠶ᠋ᠡᠷ ᠵᠠᠯᠭᠠᠭ᠎ᠠ ᠲᠠᠢ᠂ ᠪᠣᠯᠢᠲ᠋ᠤ ᠶ᠋ᠢᠨ ᠮᠥᠷᠥ ᠰᠢᠭ ᠥᠨᠳᠥᠷ ᠳᠤᠭᠤᠢ ᠮᠥᠷᠥ ᠲᠡᠢ᠂ ᠣᠨᠣᠭᠣ ᠲᠠᠢ ᠣᠨᠣᠭᠣ ᠦᠭᠡᠢ ᠶᠠᠩᠵᠤ ᠪᠦᠷᠢ ᠬᠢᠳᠡᠭ ᠪᠣᠯᠤᠯ᠎ᠠ᠃
      ᠳᠠᠩ ᠪᠠ ᠳᠠᠪᠬᠤᠷ ᠳᠡᠪᠡᠯ ᠦ᠋ᠨ ᠰᠢᠯᠪᠢ ᠲᠣᠪᠴᠢ ᠴᠢᠮᠡᠭᠯᠡᠯ ᠦ᠋ᠨ ᠲᠤᠬᠠᠢ ᠴᠢᠮᠡᠭᠯᠡᠬᠦ ᠤᠷᠠᠯᠠᠯ ᠤ᠋ᠨ ᠬᠡᠰᠡᠭ ᠲᠦ᠍ ᠣᠷᠣᠭᠰᠠᠨ ᠤᠴᠢᠷ ᠡᠨᠳᠡ ᠳᠤᠷᠠᠳᠤᠭᠰᠠᠨ ᠦᠭᠡᠢ᠃ ᠮᠣᠩᠭᠣᠯ ᠦᠨᠳᠦᠰᠦᠲᠡᠨ ᠦ᠌ ᠬᠤᠪᠴᠠᠰᠤ ᠶ᠋ᠢ ᠳᠠᠩ ᠭᠠᠭᠴᠠ ᠳᠠᠪᠤᠤ᠂ ᠲᠣᠷᠭ᠎ᠠ ᠪᠦᠰᠡ ᠪᠠᠷᠠᠭ᠎ᠠ ᠪᠠᠷ ᠬᠢᠳᠡᠭ ᠦᠭᠡᠢ᠂ ᠲᠥᠷᠥᠯ ᠪᠦᠷᠢ ᠶ᠋ᠢᠨ ᠮᠠᠲ᠋ᠧᠷᠢᠶᠠᠯ ᠢ᠋ᠶ᠋ᠠᠷ ᠤᠷᠠᠯᠠᠳᠠᠭ ᠤᠴᠢᠷ ᠪᠤᠰᠤᠳ ᠲᠥᠷᠥᠯ ᠦ᠋ᠨ ᠮᠠᠲ᠋ᠧᠷᠢᠶᠠᠯ ᠢ᠋ᠶ᠋ᠠᠷ ᠬᠤᠪᠴᠠᠰᠤ ᠡᠳ᠋ᠯᠡᠯ ᠬᠢᠬᠦ ᠠᠷᠠᠭ᠎ᠠ ᠨᠤᠭᠤᠳ ᠢ᠋ ᠬᠣᠢᠨ᠎ᠠ ᠥᠭᠦᠯᠡᠬᠦ ᠪᠣᠯᠤᠨ᠎ᠠ᠃

    ᠦᠰᠦᠭ ᠠᠮᠢᠯᠠᠭᠤᠯᠤᠭᠴᠢ᠄  ᠲᠣᠭᠳᠠᠭᠤᠨᠪᠠᠶᠠᠷ᠂ ᠳ᠂ ᠡᠷᠬᠢᠮᠪᠠᠭᠠᠲᠤᠷ ᠂ ᠪᠠᠶᠠᠨᠰᠡᠷᠡᠩ ᠂ ᠱᠠᠭᠰᠠᠯ
    ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ