ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ17-ᠮᠣᠩᠭᠣᠯ ᠦᠨᠳᠦᠰᠦᠲᠡᠨ ᠦ᠌ ᠬᠤᠪᠴᠠᠰᠤ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ17-ᠮᠣᠩᠭᠣᠯ ᠦᠨᠳᠦᠰᠦᠲᠡᠨ ᠦ᠌ ᠬᠤᠪᠴᠠᠰᠤ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ17-ᠮᠣᠩᠭᠣᠯ ᠦᠨᠳᠦᠰᠦᠲᠡᠨ ᠦ᠌ ᠬᠤᠪᠴᠠᠰᠤ

ᠠᠩᠭᠢᠯᠠᠯ:ᠵᠠᠩ ᠦᠢᠯᠡ
2024-04-19

326

ᠬᠣᠶᠠᠳᠤᠭᠠᠷ ᠪᠦᠯᠦᠭ17-ᠮᠣᠩᠭᠣᠯ ᠦᠨᠳᠦᠰᠦᠲᠡᠨ ᠦ᠌ ᠬᠤᠪᠴᠠᠰᠤ

    ᠳᠡᠯᠡᠬᠡᠢ ᠳ᠋ᠦ᠍ ᠬᠥᠮᠦᠨ ᠦ ᠬᠤᠪᠴᠠᠰᠤ ᠬᠡᠷᠬᠢᠨ ᠡᠭᠦᠰᠦᠭᠰᠡᠨ ᠲᠤᠬᠠᠢ ᠳᠡᠭᠡᠷ᠎ᠡ ᠳᠤᠷᠠᠳᠤᠭᠰᠠᠨ ᠨᠢ ᠮᠠᠨ ᠤ᠋ ᠣᠷᠣᠨ ᠤ᠋ ᠬᠥᠮᠦᠨ ᠠᠷᠠᠳ ᠤ᠋ᠨ ᠬᠤᠪᠴᠠᠰᠤᠨ ᠤ᠋ ᠡᠬᠢ ᠡᠭᠦᠰᠪᠦᠷᠢ ᠭᠡᠵᠦ ᠦᠵᠡᠬᠦ ᠶᠣᠰᠣᠲᠠᠢ ᠪᠢᠯᠡ᠃ ᠤᠴᠢᠷ ᠨᠢ ᠮᠠᠨ ᠤ᠋ ᠭᠠᠷᠠᠭ ᠲᠤ ᠠᠩᠬ᠎ᠠ ᠬᠥᠮᠦᠨ ᠡᠭᠦᠰᠦᠭᠰᠡᠨ ᠲᠡᠦᠬᠡ ᠶ᠋ᠢ ᠡᠷᠳᠡᠮᠲᠡᠨ ᠶᠠᠩᠵᠤ ᠶᠠᠩᠵᠤ ᠪᠠᠷ ᠲᠠᠢᠯᠪᠤᠷᠢᠯᠠᠳᠠᠭ ᠪᠣᠯᠪᠠᠴᠤ ᠶᠡᠬᠡᠩᠬᠢ ᠡᠷᠳᠡᠮᠲᠡᠳ ᠲᠥᠪ ᠠᠽᠢᠶ᠎ᠠ ᠳ᠋ᠤ᠌ ᠡᠬᠢᠯᠡᠵᠦ ᠡᠭᠦᠰᠦᠭᠰᠡᠨ ᠭᠡᠵᠦ ᠦᠵᠡᠳᠡᠭ᠃
        ᠮᠥᠨ 19 ᠂ 20 ᠳ᠋ᠤᠭᠠᠷ ᠵᠠᠭᠤᠨ ᠤ᠋ ᠣᠯᠠᠨ ᠰᠤᠳᠤᠯᠤᠭᠴᠢᠳ ᠠᠩᠬᠠᠨ ᠤ᠋ ᠬᠥᠮᠦᠨ ᠢ᠋ ᠲᠥᠪ ᠠᠽᠢᠶ᠎ᠠ ᠳ᠋ᠤ᠌ ᠂ ᠢᠯᠠᠩᠭᠤᠶ᠎ᠠ , ᠮᠣᠩᠭᠣᠯ ᠤ᠋ᠨ ᠨᠤᠲᠤᠭ ᠲᠤ ᠡᠭᠦᠰᠦᠭᠰᠡᠨ ᠭᠡᠵᠦ ᠦᠵᠡᠵᠦ ᠪᠠᠢᠨ᠎ᠠ᠃ ᠲᠥᠪ ᠠᠽᠢᠶ᠎ᠠ ᠳ᠋ᠤ᠌ ᠠᠩᠬᠠᠨ ᠤ᠋ ᠬᠥᠮᠦᠨ ᠪᠣᠢ ᠪᠣᠯᠤᠭᠰᠠᠨ , ᠭᠡᠬᠦ ᠲᠠᠭᠠᠮᠠᠯᠠᠯ ᠲᠠᠢ ᠬᠣᠯᠪᠣᠭᠳᠠᠭᠰᠠᠨ ᠴᠢᠬᠤᠯᠠ ᠪᠠᠷᠢᠮᠲᠠ ᠪᠣᠯᠬᠤ ᠮᠠᠨ ᠤ᠋ ᠡᠷᠢᠨ ᠦ᠌ ᠡᠮᠦᠨᠡᠬᠢ 400—500 ᠮᠢᠩᠭᠠᠨ ᠵᠢᠯ ᠦ᠋ᠨ ᠡᠮᠦᠨ᠎ᠡ ᠠᠮᠢᠳᠤᠷᠠᠵᠤ ᠪᠠᠢᠭᠰᠠᠨ ᠬᠥᠮᠦᠨ ᠰᠠᠷᠮᠠᠭᠴᠢᠨ ᠰᠢᠨᠡᠨᠲ᠋ᠷᠤᠫ ᠤ᠋ᠨ ᠶᠠᠰᠤ ᠂ ᠴᠢᠯᠠᠭᠤᠨ ᠵᠡᠪᠰᠡᠭ 1927 ᠣᠨ ᠳ᠋ᠤ᠌ ᠬᠣᠷᠢᠲᠤ ᠬᠢᠲᠠᠳ ᠤ᠋ᠨ ᠵᠧᠦ ᠺᠧᠦ ᠳ᠋ᠢᠶᠠᠨ ᠭᠡᠳᠡᠭ ᠥᠪᠥᠷ ᠮᠣᠩᠭᠣᠯ ᠲᠠᠢ ᠬᠢᠯᠢ ᠵᠠᠯᠭᠠᠭ᠎ᠠ ᠭᠠᠵᠠᠷ ᠠ᠋ᠴᠠ ᠣᠯᠳᠠᠵᠠᠢ  (ᠮᠠᠢᠳᠠᠷ  (ᠮᠣᠩᠭᠣᠯ ᠤ᠋ᠨ , ᠲᠡᠦᠬᠡ ᠰᠣᠶᠣᠯ ᠤ᠋ᠨ ᠳᠤᠷᠠᠰᠬᠠᠯᠲᠤ ᠵᠦᠢᠯ 》 ᠮᠣᠰᠺᠸᠠ ᠂ 1982 ᠂ 17 ᠂ 18 ᠳ᠋ᠠᠬᠢ ᠲᠠᠯ᠎ᠠ )᠃    
    ᠲᠡᠭᠦᠨᠴᠢᠯᠡᠨ ᠲᠤᠰ ᠤᠯᠤᠰ ᠤᠨ ᠨᠤᠲᠤᠭ ᠲᠤ᠌ ᠣᠷᠣᠰᠢᠨ ᠪᠠᠢᠭᠰᠠᠨ ᠡᠷᠲᠡᠨ ᠦ᠌ ᠬᠥᠮᠦᠨ ᠦ᠌ ᠤᠯᠠ ᠮᠥᠷ ᠪᠣᠯᠬᠤ ᠬᠠᠳᠠᠨ ᠠᠭᠤᠢ , ᠲᠡᠭᠦᠨ ᠦ᠌ ᠳᠣᠲᠣᠷᠠᠬᠢ ᠪᠢᠴᠢᠭ ᠂ ᠰᠦᠭ ᠵᠢᠷᠤᠭ ᠂ ᠬᠠᠭᠤᠴᠢᠨ ᠴᠢᠯᠠᠭᠤᠨ ᠵᠡᠪᠰᠡᠭ ᠦ᠋ᠨ ᠦᠶ᠎ᠡ ᠶ᠋ᠢᠨ ᠴᠢᠯᠠᠭᠤᠨ ᠪᠠᠭᠠᠵᠢ ᠂ ᠬᠦᠷᠡᠯ ᠂ ᠲᠡᠮᠦᠷ ᠵᠡᠪᠰᠡᠭ ᠦ᠋ᠨ ᠦᠶ᠎ᠡ ᠶ᠋ᠢᠨ ᠣᠯᠳᠠᠪᠤᠷᠢ ᠡᠯᠪᠡᠭ ᠣᠯᠳᠠᠳᠠᠭ᠃ ᠡᠭᠦᠨ ᠡᠴᠡ ᠦᠵᠡᠬᠦ ᠳ᠋ᠦ᠍ ᠡᠷᠲᠡᠨ ᠦ᠌ ᠬᠥᠮᠦᠨ ᠮᠠᠨ ᠤ᠋ ᠣᠷᠣᠨ ᠳ᠋ᠤ᠌ ᠠᠩᠬ᠎ᠠ , ᠡᠭᠦᠰᠦᠭᠰᠡᠨ ᠭᠡᠵᠦ ᠨᠤᠲᠠᠯᠠᠬᠤ ᠦᠨᠳᠦᠰᠦ ᠲᠡᠢ  ᠶᠤᠮ᠃ ᠡᠢᠮᠦ ᠳ᠋ᠦ᠍ ᠲᠤᠰ ᠣᠷᠣᠨ ᠳ᠋ᠤ᠌ ᠣᠷᠣᠰᠢᠨ ᠰᠠᠭᠤᠭ᠎ᠠ ᠮᠣᠩᠭᠣᠯ ᠦᠨᠳᠦᠰᠦᠲᠡᠨ ᠦ᠌ ᠬᠤᠪᠴᠠᠰᠤ ᠬᠥᠮᠦᠨ ᠦ᠌ ᠨᠡᠢᠭᠡᠮ ᠦ᠋ᠨ ᠡᠭᠦᠰᠦᠯ ᠬᠥᠭᠵᠢᠯ ᠲᠡᠢ ᠬᠣᠯᠪᠣᠭ᠎ᠠ ᠲᠠᠢ ᠬᠥᠭᠵᠢᠵᠦ ᠢᠷᠡᠭᠰᠡᠨ ᠪᠣᠯᠬᠤ ᠨᠢ ᠲᠣᠳᠣᠷᠬᠠᠢ᠃
    ᠮᠣᠩᠭᠣᠯ ᠦᠨᠳᠦᠰᠦᠲᠡᠨ ᠦ᠌ ᠬᠤᠪᠴᠠᠰᠤ ᠪᠤᠰᠤᠳ ᠦᠨᠳᠦᠰᠦᠲᠡᠨ ᠦ᠌ ᠬᠤᠪᠴᠠᠰᠤ ᠠ᠋ᠴᠠ ᠣᠨᠴᠠᠯᠢᠭ ᠪᠥᠭᠡᠳ ᠮᠣᠩᠭᠣᠯ ᠦᠨᠳᠦᠰᠦᠲᠡᠨ ᠦ᠌ ᠣᠯᠠᠨ ᠵᠠᠭᠤᠨ ᠵᠢᠯ ᠦ᠋ᠨ ᠨᠡᠭᠦᠳᠡᠯᠯᠡᠨ ᠠᠵᠤ ᠲᠥᠷᠥᠵᠦ ᠢᠷᠡᠭᠰᠡᠨ ᠨᠡᠭᠦᠳᠡᠯ ᠦ᠋ᠨ ᠮᠠᠯ ᠠᠵᠤ ᠠᠬᠤᠢ ᠶ᠋ᠢᠨ ᠣᠨᠴᠠᠯᠢᠭ᠂ ᠲᠤᠰ ᠣᠷᠣᠨ ᠤ᠋ ᠪᠠᠢᠭᠠᠯᠢ ᠴᠠᠭ ᠠᠭᠤᠷ ᠤ᠋ᠨ ᠡᠷᠡᠰ ᠳᠡᠰ ᠰᠢᠷᠦᠭᠦᠨ ᠠᠭᠤᠷ ᠠᠮᠢᠰᠬᠤᠯ ᠳ᠋ᠤ᠌ ᠲᠣᠬᠢᠷᠠᠭᠰᠠᠨ ᠥᠪᠡᠷᠮᠢᠴᠡ ᠬᠤᠪᠴᠠᠰᠤ ᠪᠥᠭᠡᠳ ᠮᠣᠩᠭᠣᠯ ᠤ᠋ᠨ ᠡᠷᠲᠡ ᠦᠶ᠎ᠡ ᠶ᠋ᠢᠨ ᠬᠤᠪᠴᠠᠰᠤ ᠲᠠᠢ ᠬᠠᠷᠢᠴᠠᠭᠤᠯᠬᠤ ᠳ᠋ᠤ᠌ ᠳᠡᠪᠡᠯ ᠦ᠋ᠨ ᠵᠠᠬ᠎ᠠ ᠂ ᠬᠠᠨᠴᠤᠢ ᠪᠣᠯᠤᠨ ᠣᠨᠣᠭᠣ ᠡᠩᠭᠡᠷ ᠥᠭᠡᠷᠡᠴᠢᠯᠡᠭᠳᠡᠭᠰᠡᠨ ᠡᠴᠡ ᠶᠡᠬᠡ ᠪᠡᠶ᠎ᠡ ᠳ᠋ᠦ᠍ ᠥᠭᠡᠷᠡᠴᠢᠯᠡᠯᠲᠡ ᠲᠡᠳᠦᠢᠯᠡᠨ ᠣᠷᠣᠭ᠎ᠠ ᠦᠭᠡᠢ ᠪᠣᠯᠤᠯᠲᠠᠢ᠃ ᠲᠤᠰ ᠤᠯᠤᠰ ᠲᠤ ᠠᠩᠭᠢᠲᠤ ᠨᠡᠢᠭᠡᠮ ᠡᠭᠦᠰᠦᠭᠰᠡᠨ ᠲᠡᠢ ᠬᠣᠯᠪᠣᠭᠳᠠᠨ ᠨᠡᠢᠭᠡᠮ ᠦ᠋ᠨ ᠶᠠᠰᠤ ᠤᠭᠰᠠᠭ᠎ᠠ ᠢᠵᠠᠭᠤᠷ᠂ ᠬᠡᠷᠬᠡᠮ᠂ ᠱᠠᠰᠢᠨ ᠰᠢᠲᠦᠯᠭᠡ ᠲᠡᠢ ᠬᠣᠯᠪᠣᠭᠳᠠᠨ ᠪᠥᠬᠡ ᠮᠥᠷᠭᠥᠯ ᠦ᠋ᠨ ᠪᠣᠯᠤᠨ ᠰᠢᠷ᠎ᠠ᠂ ᠬᠠᠷ᠎ᠠ ᠹᠧᠣᠳᠠᠯ᠂ ᠯᠠᠮ᠎ᠠ ᠬᠤᠸᠠᠷᠠᠭ ᠤ᠋ᠨ ᠬᠤᠪᠴᠠᠰᠤ᠂ ᠴᠡᠷᠢᠭ ᠦ᠋ᠨ ᠬᠤᠪᠴᠠᠰᠤ᠂ ᠵᠢᠷ ᠦ᠋ᠨ ᠠᠷᠠᠳ ᠤ᠋ᠨ ᠬᠤᠪᠴᠠᠰᠤ ᠭᠡᠬᠦ ᠮᠡᠲᠦ ᠣᠯᠠᠨ ᠶᠠᠩᠵᠤ ᠶ᠋ᠢᠨ ᠬᠤᠪᠴᠠᠰᠤ ᠪᠣᠢ ᠪᠣᠯᠵᠠᠢ᠃ ᠲᠡᠭᠦᠨᠴᠢᠯᠡᠨ ᠮᠣᠩᠭᠣᠯ ᠤ᠋ᠨ ᠡᠮᠡᠭᠲᠡᠢᠴᠦᠳ ᠡᠷᠲᠡ ᠦᠶ᠎ᠡ ᠡᠴᠡ ᠨᠥᠬᠥᠷ ᠲᠦ ᠭᠠᠷᠤᠮᠠᠭᠴᠠ ᠬᠤᠪᠴᠠᠰᠤᠨ ᠤ᠋ ᠬᠡᠯᠪᠡᠷᠢ ᠥᠭᠡᠷᠡᠴᠢᠯᠡᠭᠳᠡᠳᠡᠭ ᠨᠢ ᠨᠥᠬᠥᠷ ᠲᠦ ᠭᠠᠷᠤᠭᠰᠠᠨ ᠤ᠋ ᠰᠢᠨᠵᠢ ᠪᠠᠢᠵᠠᠢ᠃ ᠨᠥᠬᠥᠷ ᠲᠦ ᠭᠠᠷᠤᠭᠰᠠᠨ ᠡᠮᠡᠭᠲᠡᠢᠴᠦᠳ ᠤᠷᠳᠤᠭᠤᠷ ᠢ᠋ᠶ᠋ᠠᠨ ᠬᠠᠭᠠᠷᠬᠠᠢ ᠳᠡᠪᠡᠯ᠂ ᠱᠥᠪᠥᠭᠡᠷ ᠣᠷᠣᠢ ᠲᠠᠢ ᠮᠠᠯᠠᠭᠠᠢ ᠡᠮᠦᠰᠳᠡᠭ ᠪᠠᠢᠭᠰᠠᠨ ᠨᠢ ᠰᠠᠶᠢᠬᠠᠨ ᠪᠣᠯᠲᠠᠯ᠎ᠠ ᠲᠡᠷᠡ ᠵᠠᠩᠰᠢᠯ ᠬᠡᠪ ᠢ᠋ᠶ᠋ᠡᠷ ᠪᠠᠢᠵᠠᠢ᠃
    ᠮᠣᠩᠭᠣᠯ ᠤᠨ ᠡᠷᠲᠡᠨ ᠦ ᠳᠡᠪᠡᠯ ᠪᠣᠰᠤᠭ᠎ᠠ ᠪᠢᠰᠢ ᠲᠠᠰᠢᠭᠤ ᠵᠠᠬ᠎ᠠ ᠲᠠᠢ ᠪᠠᠢᠭᠰᠠᠨ ᠨᠢ ᠣᠷᠴᠢᠨ ᠦᠶ᠎ᠡ ᠬᠦᠷᠲᠡᠯ᠎ᠡ ᠤᠯᠠᠮᠵᠢᠯᠠᠭᠳᠠᠵᠤ ᠮᠠᠨ ᠤ᠋ ᠱᠠᠰᠢᠨ ᠤ᠋ ᠡᠮᠦᠰᠬᠡᠯ ᠳ᠋ᠦ᠍ ᠬᠠᠳᠠᠭᠠᠯᠠᠭᠳᠠᠨ ᠦᠯᠡᠳᠡᠵᠡᠢ᠃ ᠬᠤᠪᠢᠰᠬᠠᠯ ᠤ᠋ᠨ ᠳᠠᠷᠠᠭ᠎ᠠ ᠨᠢᠳᠤᠷᠭ᠎ᠠ ᠦᠭᠡᠢ ᠮᠤᠬᠤᠷ ᠬᠠᠨᠴᠤᠢ ᠲᠠᠢ ᠳᠡᠪᠡᠯ᠂ ᠰᠠᠪᠢᠬᠢᠨ ᠭᠤᠲᠤᠯ᠂ ᠰᠠᠷᠠᠪᠴᠢ ᠲᠠᠢ᠂ ᠣᠯᠮᠣᠨ ᠪᠦᠰᠡ ᠶ᠋ᠢ ᠡᠷᠡᠭᠲᠡᠢ ᠡᠮᠡᠭᠲᠡᠢ ᠢᠯᠭᠠᠯ ᠦᠭᠡᠢ ᠬᠡᠷᠡᠭᠯᠡᠵᠦ ᠪᠠᠢᠭᠰᠠᠨ ᠤ᠋ ᠭᠠᠳᠠᠨ᠎ᠠ ᠡᠮᠡᠭᠲᠡᠢᠴᠦᠳ ᠳᠤᠭᠤᠢ ᠥᠲᠥᠨ ᠮᠠᠯᠠᠭᠠᠢ ᠡᠮᠦᠰᠳᠡᠭ ᠪᠠᠢᠵᠠᠢ᠃
    ᠣᠷᠴᠢᠨ ᠦᠶ᠎ᠡ ᠳ᠋ᠦ᠍ ᠮᠣᠩᠭᠣᠯ ᠦᠨᠳᠦᠰᠦᠲᠡᠨ ᠦ᠌ ᠳᠡᠪᠡᠯ400 ᠣᠷᠴᠢᠮ᠂ ᠭᠤᠲᠤᠯ20 ᠣᠷᠴᠢᠮ᠂ ᠪᠦᠰᠡ10 ᠣᠷᠴᠢᠮ ᠶᠠᠩᠵᠤ ᠪᠠᠢᠭ᠎ᠠ ᠪᠥᠭᠡᠳ ᠬᠤᠪᠢᠰᠬᠠᠯ ᠠ᠋ᠴᠠ ᠬᠣᠢᠰᠢ ᠬᠤᠪᠴᠠᠰᠤᠨ ᠤ᠋ ᠬᠡᠪ ᠵᠠᠭᠪᠤᠷ ᠶᠡᠬᠡᠬᠡᠨ ᠥᠭᠡᠷᠡᠴᠢᠯᠡᠭᠳᠡᠵᠦ ᠪᠠᠢᠭ᠎ᠠ ᠨᠢ ᠬᠥᠮᠦᠨ ᠠᠷᠠᠳ ᠤ᠋ᠨ ᠰᠣᠶᠣᠯᠵᠢᠯᠲᠠ ᠲᠠᠢ ᠬᠣᠯᠪᠣᠭ᠎ᠠ ᠲᠠᠢ ᠶᠤᠮ᠃ ᠬᠤᠪᠴᠠᠰᠤ ᠢᠩᠭᠢᠵᠦ ᠥᠭᠡᠷᠡᠴᠢᠯᠡᠭᠳᠡᠬᠦ  ᠳᠦᠮ ᠡᠮᠡᠭᠲᠡᠢᠴᠦᠳ ᠦ᠋ᠨ ᠡᠰᠬᠡᠬᠦ᠂ ᠣᠶᠣᠬᠤ ᠤᠷᠠᠨ ᠦᠢᠯᠡ ᠳ᠋ᠦ᠍ ᠰᠢᠨ᠎ᠡ ᠲᠥᠷᠥᠯ ᠦ᠋ᠳ ᠨᠡᠮᠡᠭᠳᠡᠵᠦ ᠪᠠᠢᠨ᠎ᠠ᠃ ᠣᠯᠠᠨ ᠶᠠᠰᠤᠲᠠᠨ ᠤ᠋ ᠨᠡᠢᠲᠡᠯᠢᠭ ᠬᠡᠷᠡᠭᠯᠡᠭᠳᠡᠳᠡᠭ ᠬᠤᠪᠴᠠᠰᠤ ᠶ᠋ᠢ1930—1940 ᠣᠨ ᠠ᠋ᠴᠠ ᠡᠬᠢᠯᠡᠨ ᠬᠡᠷᠡᠭᠯᠡᠬᠦ ᠪᠡᠨ ᠪᠣᠯᠢᠵᠤ1940—1950 ᠣᠨ ᠤ᠋ ᠦᠶ᠎ᠡ ᠡᠴᠡ ᠨᠢᠭᠡᠳᠦᠭᠰᠡᠨ ᠨᠢᠭᠡ ᠵᠠᠭᠪᠤᠷ ᠪᠦᠬᠦᠢ ᠪᠣᠯᠪᠠᠰᠤᠷᠠᠩᠭᠤᠢ ᠬᠤᠪᠴᠠᠰᠤ ᠬᠡᠷᠡᠭᠯᠡᠬᠦ ᠪᠣᠯᠤᠯ᠎ᠠ᠃
ᠵᠢᠷᠤᠭ25
ᠡᠷᠲᠡᠨ ᠦ᠌ ᠮᠣᠩᠭᠣᠯ ᠤ᠋ᠨ ᠯᠠᠮ᠎ᠠ ᠵᠠᠬ᠎ᠠ ᠲᠠᠢ ᠳᠡᠪᠡᠯ

ᠵᠢᠷᠤᠭ26
ᠮᠣᠩᠭᠣᠯ ᠳᠡᠪᠡᠯ ᠭᠤᠲᠤᠯ ᠮᠠᠯᠠᠭᠠᠢ ᠲᠠᠢ ᠬᠠᠯᠬ᠎ᠠ ᠡᠷᠡᠭᠲᠡᠢ᠂ ᠡᠬᠡᠨᠡᠷ

    ᠣᠯᠠᠨ ᠦᠨᠳᠦᠰᠦᠲᠡᠨ ᠦ᠌ ᠳᠡᠪᠡᠯ ᠦ᠋ᠨ ᠬᠡᠯᠪᠡᠷᠢ ᠪᠣᠰᠤᠭ᠎ᠠ ᠳᠥᠷᠪᠡᠯᠵᠢᠨ ᠡᠩᠭᠡᠷ ᠵᠠᠬ᠎ᠠ ᠲᠠᠢ ᠳᠡᠪᠡᠯ ᠢ᠋ ᠨᠡᠯᠢᠶᠡᠳ ᠳᠡᠭᠡᠷ᠎ᠡ ᠦᠶ᠎ᠡ ᠡᠴᠡ ᠬᠡᠷᠡᠭᠯᠡᠬᠦ ᠪᠣᠯᠤᠭᠰᠠᠨ ᠪᠠᠢᠨ᠎ᠠ᠃ ᠦᠨᠳᠦᠰᠦᠲᠡᠨ ᠦ᠌ ᠳᠡᠪᠡᠯ ᠦ᠋ᠨ ᠬᠤᠪᠢᠷᠠᠵᠤ ᠥᠭᠡᠷᠡᠴᠢᠯᠡᠭᠳᠡᠵᠦ ᠢᠷᠡᠭᠰᠡᠨ ᠪᠠᠢᠳᠠᠯ ᠢ᠋ ᠦᠵᠡᠬᠦ ᠳ᠋ᠦ᠍ ᠡᠷᠡᠭᠲᠡᠢᠴᠦᠳ ᠦ᠋ᠨ ᠳᠡᠪᠡᠯ ᠦ᠋ᠨ ᠵᠠᠭᠪᠤᠷ ᠲᠡᠳᠦᠢᠯᠡ ᠥᠭᠡᠷᠡᠴᠢᠯᠡᠭᠳᠡᠭᠰᠡᠨ ᠦᠭᠡᠢ᠃ ᠬᠠᠷᠢᠨ ᠡᠮᠡᠭᠲᠡᠢᠴᠦᠳ ᠦ᠋ᠨ ᠳᠡᠪᠡᠯ ᠳ᠋ᠦ᠍ ᠨᠡᠯᠢᠶᠡᠳ ᠥᠭᠡᠷᠡᠴᠢᠯᠡᠯᠲᠡ ᠣᠷᠣᠵᠤ ᠢᠷᠡᠭᠰᠡᠨ ᠨᠢ ᠮᠣᠩᠭᠣᠯ ᠤ᠋ᠨ ᠶᠣᠰᠣ ᠵᠠᠩᠰᠢᠯ ᠬᠥᠮᠦᠨ ᠠᠷᠠᠳ ᠤ᠋ᠨ ᠦᠵᠡᠯ ᠰᠠᠨᠠᠭ᠎ᠠ ᠲᠠᠢ ᠬᠣᠯᠪᠣᠭᠳᠠᠵᠤ ᠪᠠᠢᠨ᠎ᠠ᠃ ᠡᠭᠦᠨ ᠦ᠌ ᠨᠢᠭᠡ ᠵᠢᠱ᠌ᠢᠶ᠎ᠡ ᠨᠢ᠄ ᠮᠣᠩᠭᠣᠯ ᠦᠨᠳᠦᠰᠦᠲᠡᠨ ᠦ᠌ ᠡᠬᠡᠨᠡᠷ ᠬᠥᠮᠦᠨ ᠦ᠌ (ᠠᠪᠠᠭᠠᠢ ᠬᠥᠮᠦᠨ ᠦ᠌) ᠬᠤᠪᠴᠠᠰᠤ ᠶᠤᠮ᠃ ᠡᠨᠡ ᠲᠤᠬᠠᠢ ᠲᠤᠰ ᠤᠯᠤᠰ ᠲᠤ ᠲᠦᠭᠡᠮᠡᠯ ᠳᠡᠯᠭᠡᠷᠡᠭᠰᠡᠨ ᠨᠢᠭᠡᠨ ᠳᠣᠮᠣᠭ ᠪᠠᠢᠳᠠᠭ ᠢ᠋ ᠳᠤᠷᠠᠳᠪᠠᠯ᠄
    ᠮᠣᠩᠭᠣᠯᠴᠤᠳ ᠭᠤᠷᠪᠠᠨ ᠴᠢᠯᠠᠭᠤ ᠲᠤᠯᠵᠤ ᠭᠠᠯ ᠭᠣᠯᠣᠮᠲᠠ ᠪᠠᠨ ᠠᠰᠠᠭᠠᠭᠰᠠᠨ ᠲᠡᠷᠡ ᠦᠶ᠎ᠡ ᠡᠴᠡ ᠭᠠᠩ ᠲᠡᠮᠦᠷ ᠲᠤᠯᠭ᠎ᠠ ᠳ᠋ᠤ᠌ ᠭᠠᠯ ᠢ᠋ᠶ᠋ᠠᠨ ᠠᠰᠠᠭᠠᠬᠤ ᠪᠣᠯᠤᠭᠰᠠᠨ ᠨᠢ ᠲᠤᠬᠠᠢ ᠶ᠋ᠢᠨ ᠦᠶ᠎ᠡ ᠳ᠋ᠡᠭᠡᠨ ᠲᠠᠪᠰᠢᠯᠲᠠ ᠲᠠᠢ ᠰᠣᠶᠣᠯ ᠪᠠᠢᠵᠠᠢ᠃ ᠮᠠᠨᠵᠤ ᠨᠠᠷ ᠡᠭᠦᠨ ᠢ᠋ ᠥᠪᠵᠢᠨ ᠠᠰᠢᠭᠯᠠᠵᠤ ᠲᠤᠯᠭ᠎ᠠ ᠶ᠋ᠢᠨ ᠳᠥᠷᠪᠡᠨ ᠲᠣᠲᠣᠭᠣ ᠳ᠋ᠤ᠌ ᠬᠡᠷᠢᠶᠡᠨ ᠦ᠌ ᠬᠣᠰᠢᠭᠤ ᠬᠢᠵᠦ ᠬᠠᠯᠬ᠎ᠠ ᠶ᠋ᠢᠨ ᠭᠣᠯᠣᠮᠲᠠ ᠶ᠋ᠢ ᠰᠥᠨᠥᠭᠡᠬᠦ ᠭᠡᠰᠡᠨ ᠰᠠᠨᠠᠭ᠎ᠠ ᠪᠦᠬᠦᠢ ᠤᠳᠬ᠎ᠠ ᠲᠠᠢ ᠲᠤᠯᠭ᠎ᠠ ᠬᠢᠵᠦ ᠳᠡᠯᠭᠡᠷᠡᠭᠦᠯᠬᠦ ᠳ᠋ᠦ᠍ ᠮᠣᠩᠭᠣᠯᠴᠤᠳ ᠲᠡᠭᠦᠨ ᠦ᠌ ᠨᠢᠭᠤᠴᠠ ᠤᠳᠬ᠎ᠠ ᠶ᠋ᠢ ᠮᠡᠳᠡᠵᠦ ᠡᠮᠡᠭᠲᠡᠢᠴᠦᠳ ᠢ᠋ ᠠᠢᠯ ᠤ᠋ᠨ ᠭᠡᠷᠭᠡᠢ ᠪᠣᠯᠣᠮᠠᠭᠴᠠ ᠬᠠᠷ᠎ᠠ ᠬᠡᠷᠢᠶ᠎ᠡ ᠶ᠋ᠢ ᠠᠶᠤᠯᠭᠠᠬᠤ ᠬᠠᠮᠤᠭ ᠵᠢᠭᠦᠷᠲᠡᠨ ᠦ᠌ ᠬᠠᠭᠠᠨ ᠬᠠᠨ ᠭᠠᠷᠤᠳᠢ ᠰᠢᠪᠠᠭᠤᠨ ᠤ᠋ ᠬᠡᠯᠪᠡᠷᠢ ᠪᠡᠷ ᠬᠤᠪᠴᠠᠰᠤᠯᠠᠨ ᠳᠡᠪᠡᠯ ᠦᠰᠦ ᠶ᠋ᠢ ᠨᠢ ᠬᠠᠨ ᠭᠠᠷᠤᠳᠢ ᠶ᠋ᠢᠨ ᠥᠳᠥ ᠵᠢᠭᠦᠷ ᠪᠣᠯᠭᠠᠵᠤ ᠳᠠᠯᠠᠪᠴᠢ ᠬᠡᠯᠪᠡᠷᠢ ᠲᠡᠢ ᠦᠰᠦ ᠰᠠᠮᠨᠠᠨ ᠳᠡᠪᠡᠯ ᠳ᠋ᠦ᠍ᠨᠢ ᠥᠨᠳᠥᠷ ᠮᠥᠷᠥ ᠬᠢᠵᠦ ᠭᠠᠩ ᠬᠠᠢᠴᠢ ᠪᠠᠷᠢᠭᠤᠯᠤᠨ ᠭᠠᠯ ᠤ᠋ᠨ ᠳᠡᠷᠭᠡᠳᠡ ᠰᠠᠭᠤᠯᠭᠠᠵᠠᠢ᠃ ᠢᠩᠭᠢᠵᠦ ᠬᠥᠮᠦᠨ ᠦ᠌ ᠡᠬᠡᠨᠡᠷ ᠪᠣᠯᠤᠭᠰᠠᠨ ᠡᠮᠡᠭᠲᠡᠢ ᠬᠥᠮᠦᠨ ᠳᠡᠪᠡᠯ᠂ ᠦᠰᠦ ᠰᠠᠮᠨᠠᠯᠲᠠ ᠳ᠋ᠤ᠌ ᠥᠭᠡᠷᠡᠴᠢᠯᠡᠯᠲᠡ ᠣᠷᠣᠵᠤ ᠭᠠᠯ ᠭᠣᠯᠣᠮᠲᠠ ᠪᠠᠨ ᠬᠡᠷᠢᠶᠡᠨ ᠳ᠋ᠦ᠍ ᠤᠬᠤᠭᠤᠯᠬᠤ ᠦᠭᠡᠢ ᠶ᠋ᠢᠨ ᠲᠤᠯᠠᠳᠠ ᠭᠠᠩ ᠬᠠᠢᠴᠢ ᠪᠠᠷᠢᠵᠤ ᠭᠠᠯ ᠤ᠋ᠨ ᠳᠡᠷᠭᠡᠳᠡ ᠰᠠᠭᠤᠬᠤ ᠪᠣᠯᠵᠠᠢ᠃
    ᠡᠨᠡ ᠳᠣᠮᠣᠭ ᠤ᠋ᠨ ᠨᠢᠭᠡ ᠠᠳᠠᠯᠢ ᠮᠠᠨ ᠤ᠋ ᠤᠯᠤᠰ ᠤ᠋ᠨ ᠦᠨᠳᠦᠰᠦᠲᠡᠨ ᠶᠠᠰᠤᠲᠠᠨ ᠤ᠋ ᠳᠡᠪᠡᠯ ᠬᠤᠪᠴᠠᠰᠤᠨ ᠤ᠋ ᠥᠭᠡᠷᠡᠴᠢᠯᠡᠯᠲᠡ ᠬᠤᠪᠢᠷᠠᠯᠲᠠ ᠲᠠᠢ ᠬᠣᠯᠪᠣᠭᠳᠠᠨ ᠭᠠᠷᠤᠭᠰᠠᠨ ᠳᠣᠮᠣᠭ ᠤ᠋ᠳ ᠣᠯᠠᠨ ᠪᠠᠢᠳᠠᠭ᠃ ᠡᠭᠦᠨ ᠦ᠌ ᠵᠢᠱ᠌ᠢᠶ᠎ᠡ ᠪᠣᠯᠭᠠᠨ ᠪᠤᠷᠢᠶᠠᠳ ᠡᠬᠡᠨᠡᠷ ᠬᠥᠮᠦᠨ ᠦ᠌ ᠬᠤᠪᠴᠠᠰᠤ ᠬᠡᠷᠬᠢᠨ ᠡᠭᠦᠰᠦᠭᠰᠡᠨ ᠲᠤᠬᠠᠢ ᠨᠢᠭᠡᠨ ᠳᠣᠮᠣᠭ ᠢ᠋ ᠥᠭᠦᠯᠡᠶ᠎ᠡ᠃
    ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠬᠢᠨ1976 ᠣᠨ ᠳ᠋ᠤ᠌ ᠵᠡᠭᠦᠨ ᠠᠢᠮᠠᠭ ᠤ᠋ᠳ ᠲᠤ ᠤᠭᠰᠠᠭᠠᠲᠠᠨ ᠤ᠋ ᠵᠦᠢ ᠰᠤᠳᠤᠯᠵᠤ ᠶᠠᠪᠤᠬᠤ ᠳ᠋ᠠᠭᠠᠨ ᠴᠤᠭᠯᠠᠭᠤᠯᠵᠤ ᠢᠷᠡᠭᠰᠡᠨ ᠰᠤᠳᠤᠯᠭᠠᠨ ᠤ᠋ ᠳᠣᠲᠣᠷ᠎ᠠ ᠪᠤᠷᠢᠶᠠᠳ ᠶᠠᠰᠤᠲᠠᠨ ᠤ᠋ ᠠᠪᠠᠭᠠᠢ ᠳᠡᠪᠡᠯ ᠦ᠋ᠨ ᠭᠠᠷᠤᠯ ᠡᠭᠦᠰᠦᠯ ᠦ᠋ᠨ ᠲᠤᠬᠠᠢ ᠴᠢᠬᠤᠯᠠ ᠠᠮᠠᠨ ᠶᠠᠷᠢᠶ᠎ᠠ ᠰᠤᠳᠤᠯᠵᠤ ᠢᠷᠡᠵᠡᠢ᠃ ᠡᠮᠡᠭᠡᠨ ᠡᠪᠦᠭᠡᠨ ᠬᠣᠶᠠᠷ ᠥᠬᠢᠨ ᠢ᠋ᠶ᠋ᠡᠨ ᠬᠥᠮᠦᠨ ᠦ᠌ ᠡᠬᠡᠨᠡᠷ ᠪᠣᠯᠭᠠᠬᠤ ᠳ᠋ᠤ᠌ ᠮᠠᠰᠢ ᠰᠠᠢᠬᠠᠨ ᠳᠡᠪᠡᠯ ᠬᠤᠪᠴᠠᠰᠤ ᠬᠢᠬᠦ ᠪᠡᠷ ᠶᠠᠷᠢᠯᠴᠠᠵᠠᠢ᠃ ᠡᠪᠦᠭᠡᠨ ᠬᠡᠯᠡᠬᠦ ᠳ᠋ᠡᠭᠡᠨ᠄
    —ᠡᠮᠡᠭᠲᠡᠢᠴᠦᠳ     ᠢ᠋ᠶ᠋ᠡᠨ ᠠᠢᠯ ᠳ᠋ᠤ᠌ ᠪᠡᠷᠢ ᠪᠣᠯᠭᠠᠬᠤ ᠶᠣᠰᠣ ᠵᠠᠩᠰᠢᠯ ᠲᠣᠭᠲᠠᠭᠠᠪᠠᠯ ᠶᠠᠮᠠᠷ ᠪᠠᠢᠬᠤ ᠪᠣᠯ ᠭᠡᠬᠦ ᠳ᠋ᠦ᠍᠂ ᠡᠮᠡᠭᠡᠨ ᠪᠣᠳᠣᠵᠤ ᠰᠠᠭᠤᠭᠰᠠᠨ ᠢ᠋ᠶ᠋ᠠᠨ᠄
— ᠶᠠᠮᠠᠷ ᠶᠣᠰᠣᠯᠠᠯ ᠭᠦᠢᠴᠡᠳᠬᠡᠬᠦ ᠪᠣᠢ? ᠭᠡᠵᠦ ᠠᠰᠠᠭᠤᠵᠠᠢ᠃ ᠭᠡᠲᠡᠯ᠎ᠡ ᠡᠪᠦᠭᠡᠨ᠄
    —ᠡᠷᠡᠭᠲᠡᠢᠴᠦᠳ ᠢ᠋ ᠬᠠᠷᠢ ᠠᠢᠯ ᠳ᠋ᠤ᠌ ᠬᠦᠷᠭᠡᠨ ᠣᠷᠣᠬᠤ ᠳ᠋ᠤ᠌ ᠨᠤᠮᠤ ᠰᠠᠭᠠᠳᠠᠭ ᠢ᠋ ᠭᠡᠷ ᠣᠷᠣᠨ ᠠ᠋ᠴᠠ ᠨᠢ ᠠᠭᠰᠠᠵᠤ ᠶᠣᠰᠣ ᠲᠡᠭᠦᠯᠳᠡᠷ ᠲᠡᠮᠳᠡᠭᠯᠡᠬᠦ ᠶ᠋ᠢᠨ ᠨᠢᠭᠡ ᠠᠳᠠᠯᠢ ᠡᠮᠡᠭᠲᠡᠢᠴᠦᠳ ᠢ᠋ ᠠᠢᠯ ᠤ᠋ᠨ ᠪᠡᠷᠢ ᠪᠣᠯᠭᠠᠬᠤ ᠳ᠋ᠤ᠌ ᠬᠢᠬᠦ ᠶᠣᠰᠣᠯᠠᠯ ᠪᠦᠷ ᠴᠦ᠍ ᠣᠨᠴᠣᠭᠣᠢ ᠪᠠᠢᠬᠤ ᠶᠣᠰᠣᠲᠠᠢ᠃ ᠠᠢᠯ ᠤ᠋ᠨ ᠪᠡᠷᠢ ᠪᠣᠯᠬᠤ ᠡᠮᠡᠭᠲᠡᠢ ᠬᠥᠮᠦᠨ ᠳ᠋ᠦ᠍ ᠬᠤᠷᠢᠮ ᠤ᠋ᠨ ᠶᠣᠰᠣᠯᠠᠯ ᠤ᠋ᠨ ᠡᠮᠦᠰᠬᠡᠯ ᠬᠤᠪᠴᠠᠰᠤ ᠲᠤᠰᠠᠭᠠᠷᠯᠠᠨ ᠪᠡᠯᠡᠳᠬᠡᠬᠦ ᠨᠢ ᠴᠢᠬᠤᠯᠠ᠃ ᠴᠢ ᠠᠪᠠᠭᠠᠢ ᠳᠡᠪᠡᠯ ᠦ᠋ᠨ ᠦᠯᠢᠭᠡᠷ ᠭᠠᠷᠭᠠᠵᠤ ᠲᠡᠭᠦᠨ ᠢ᠋ ᠬᠢᠬᠦ ᠲᠠᠯ᠎ᠠ ᠪᠠᠷ ᠪᠣᠳᠣᠵᠤ ᠦᠵᠡ ᠭᠡᠬᠦ ᠳ᠋ᠦ᠍᠂ ᠡᠮᠡᠭᠡᠨ ᠵᠥᠪᠰᠢᠶᠡᠷᠡᠵᠦ ᠠᠪᠠᠭᠠᠢ ᠳᠡᠪᠡᠯ ᠦ᠋ᠨ ᠦᠯᠢᠭᠡᠷ ᠶᠠᠭᠠᠬᠢᠵᠤ ᠵᠣᠬᠢᠶᠠᠬᠤ᠂ ᠶᠠᠮᠠᠷ ᠬᠦ᠌ ᠬᠢᠴᠡ ᠮᠠᠶᠢᠭ ᠲᠠᠢ ᠪᠣᠯᠭᠠᠬᠤ ᠲᠠᠯ᠎ᠠ ᠪᠠᠷ ᠤᠬᠠᠭᠠᠨ ᠰᠡᠳᠦᠵᠦ ᠣᠯᠵᠠᠢ᠃ ᠲᠡᠷᠡ ᠡᠮᠡᠭᠡᠨ ᠥᠪᠡᠷ ᠦ᠋ᠨ ᠢ᠋ᠶ᠋ᠡᠨ ᠭᠠᠷ ᠤ᠋ᠨ ᠠᠯᠠᠭᠠᠨ ᠤ᠋ ᠬᠡᠰᠡᠭ ᠢ᠋ᠶ᠋ᠡᠷ ᠤᠬᠠᠭᠠᠯᠠᠵᠤ ᠦᠯᠢᠭᠡᠷ ᠪᠦᠲᠦᠭᠡᠵᠡᠢ᠃ ᠡᠭᠦᠨ ᠳ᠋ᠦ᠍᠄
    ᠪᠠᠷᠠᠭᠤᠨ ᠭᠠᠷ ᠤ᠋ᠨ ᠠᠯᠠᠭᠠᠨ ᠤ᠋ ᠬᠡᠰᠡᠭ ᠢ᠋ᠶ᠋ᠡᠷ ᠳᠡᠪᠡᠯ ᠦ᠋ᠨ ᠪᠠᠷᠠᠭᠤᠨ ᠬᠠᠨᠴᠤᠢ ᠶ᠋ᠢᠨ ᠬᠡᠰᠡᠭ ᠢ᠋᠂ ᠵᠡᠭᠦᠨ ᠭᠠᠷ ᠤ᠋ᠨ ᠠᠯᠠᠭᠠᠨ ᠤ᠋ ᠬᠡᠰᠡᠭ ᠢ᠋ᠶ᠋ᠡᠷ ᠵᠡᠭᠦᠨ ᠬᠠᠨᠴᠤᠢ ᠶ᠋ᠢ᠂ ᠭᠠᠷ ᠤ᠋ᠨ ᠠᠯᠠᠭᠠᠨ ᠤ᠋ ᠰᠢᠭᠡᠵᠡᠢ ᠪᠤᠶᠤ ᠪᠣᠭᠲᠣᠰ ᠲᠠᠯ᠎ᠠ ᠶ᠋ᠢᠨ ᠬᠡᠰᠡᠭ ᠢ᠋ᠶ᠋ᠡᠷ ᠠᠷᠤ ᠴᠡᠭᠡᠵᠢ ᠶ᠋ᠢᠨ ᠦᠯᠢᠭᠡᠷ ᠭᠠᠷᠭᠠᠵᠤ᠂ ᠭᠠᠷ ᠤ᠋ᠨ ᠠᠯᠠᠭᠠᠨ ᠤ᠋ ᠡᠷᠡᠬᠡᠢ ᠬᠤᠷᠤᠭᠤᠨ ᠤ᠋ ᠤᠭ ᠬᠡᠰᠡᠭ ᠢ᠋ᠶ᠋ᠡᠷ ᠳᠡᠪᠡᠯ ᠦ᠋ᠨ ᠬᠠᠨᠴᠤᠢ ᠶ᠋ᠢᠨ ᠤᠭ ᠪᠤᠶᠤ ᠮᠥᠷᠥ ᠬᠡᠰᠡᠭ᠂ ᠡᠷᠡᠬᠡᠢ ᠬᠤᠷᠤᠭᠤᠨ ᠤ᠋ ᠬᠣᠶᠠᠳᠠᠬᠢ ᠦᠶ᠎ᠡ ᠪᠡᠷ( ᠳᠥᠨᠳᠥᠭᠡᠷ ᠮᠥᠷᠥ) ᠬᠠᠨᠴᠤᠢ ᠶ᠋ᠢᠨ ᠪᠦᠳᠦᠭᠦᠨ ᠬᠡᠰᠡᠭ᠂ ᠡᠷᠡᠬᠡᠢ ᠬᠤᠷᠤᠭᠤᠨ ᠤ᠋ ᠨᠢᠭᠡᠳᠦᠭᠡᠷ ᠦᠶ᠎ᠡ ᠪᠡᠷ ᠡᠷᠡᠦ ᠪᠤᠶᠤ ᠬᠠᠨᠴᠤᠢ ᠶ᠋ᠢᠨ ᠨᠠᠷᠢᠨ ᠬᠡᠰᠡᠭ ᠢ᠋᠂ ᠡᠷᠡᠬᠡᠢ ᠬᠤᠷᠤᠭᠤᠨ ᠤ᠋ ᠬᠢᠮᠤᠰᠤᠨ ᠤ᠋ ᠬᠡᠰᠡᠭ ᠢ᠋ᠶ᠋ᠡᠷ ᠨᠢᠳᠤᠷᠭ᠎ᠠ ᠶ᠋ᠢ ᠲᠤᠰ ᠲᠤᠰ ᠡᠰᠬᠡᠵᠡᠢ᠃ ᠢᠩᠭᠢᠵᠦ ᠣᠯᠠᠨ ᠶᠠᠩᠵᠤ ᠶ᠋ᠢᠨ ᠦᠯᠢᠭᠡᠷ ᠨᠡᠢᠯᠡᠵᠦ ᠨᠢᠭᠡ ᠳᠡᠪᠡᠯ ᠦ᠋ᠨ ᠦᠯᠢᠭᠡᠷ ᠪᠦᠲᠦᠭᠰᠡᠨ ᠲᠤᠬᠠᠢ ᠳᠣᠮᠣᠭ ᠪᠠᠢᠳᠠᠭ᠃
ᠵᠢᠷᠤᠭ23
ᠭᠠᠷ ᠤ᠋ᠨ ᠠᠯᠠᠭ᠎ᠠ ᠪᠠᠷ ᠡᠰᠬᠡᠭᠰᠡᠨ ᠪᠤᠷᠢᠶᠠᠳ ᠡᠬᠡᠨᠡᠷ ᠦ᠋ᠨ ᠳᠡᠪᠡᠯ

    16 ᠳ᠋ᠤᠭᠠᠷ ᠵᠠᠭᠤᠨ ᠤ᠋ ᠦᠶ᠎ᠡ ᠡᠴᠡ ᠮᠣᠩᠭᠣᠯ ᠳ᠋ᠤ᠌ ᠰᠢᠷ᠎ᠠ ᠶ᠋ᠢᠨ ᠱᠠᠰᠢᠨ ᠳᠡᠯᠭᠡᠷᠡᠬᠦ ᠳ᠋ᠦ᠍ ᠦᠨᠳᠦᠰᠦᠲᠡᠨ ᠦ᠌ ᠳᠡᠪᠡᠯ ᠦ᠋ᠨ ᠶᠡᠬᠡ ᠪᠡᠶ᠎ᠡ ᠶ᠋ᠢᠨ ᠵᠠᠭᠪᠤᠷ ᠲᠤ ᠭᠡᠷᠡᠴᠢᠯᠡᠯᠲᠡ ᠣᠷᠣᠭᠤᠯᠤᠯ ᠦᠭᠡᠢ ᠵᠥᠪᠬᠡᠨ ᠲᠡᠭᠦᠨ ᠦ᠌ ᠥᠩᠭᠡ ᠶ᠋ᠢ ᠰᠢᠷ᠎ᠠ ᠪᠠᠷ ᠬᠢᠳᠡᠭ ᠪᠣᠯᠵᠠᠢ᠃ ᠡᠨᠡ ᠨᠢ ᠮᠣᠩᠭᠣᠯᠴᠤᠳ ᠰᠢᠷ᠎ᠠ ᠥᠩᠭᠡ ᠶ᠋ᠢ ᠡᠷᠳᠡᠨᠢ ᠣᠯᠵᠠ ᠣᠯᠪᠤᠷᠢ ᠣᠮᠣᠭ ᠪᠠᠷᠳᠠᠮ ᠢ᠋ ᠪᠡᠯᠭᠡᠰᠢᠶᠡᠭᠰᠡᠨ ᠥᠩᠭᠡ ᠭᠡᠵᠦ ᠦᠵᠡᠳᠡᠭ ᠪᠠᠢᠭᠰᠠᠨ ᠠ᠋ᠴᠠ ᠱᠠᠰᠢᠨ ᠢ᠋ ᠮᠠᠨᠳᠤᠭᠤᠯᠬᠤ ᠦᠵᠡᠯ ᠦ᠋ᠨ ᠡᠭᠦᠳᠡᠨ ᠡᠴᠡ ᠡᠮᠦᠰᠬᠡᠯ ᠢ᠋ ᠰᠢᠷ᠎ᠠ ᠥᠩᠭᠡ ᠲᠡᠢ ᠪᠣᠯᠭᠠᠭᠰᠠᠨ ᠪᠣᠯᠤᠯᠲᠠᠢ᠃ ᠮᠣᠩᠭᠣᠯ ᠦᠨᠳᠦᠰᠦᠲᠡᠨ ᠦ᠌ ᠬᠤᠪᠴᠠᠰᠤᠨ ᠤ᠋ ᠲᠣᠨᠣᠭ᠂ ᠡᠮᠵᠢᠶᠡᠷᠢ ᠬᠦᠷᠲᠡᠯ᠎ᠡ ᠲᠤᠰ ᠪᠦᠷᠢ ᠨᠢᠭᠡ ᠤᠳᠬ᠎ᠠ ᠶ᠋ᠢ ᠠᠭᠤᠯᠵᠤ ᠪᠠᠢᠵᠠᠢ᠃ ᠬᠠᠷ᠎ᠠ ᠡᠮᠵᠢᠶᠡᠷᠢ ᠨᠢ ᠤᠷᠢᠳᠤ ᠦᠶ᠎ᠡ ᠳ᠋ᠦ᠍ ᠤᠯᠤᠰ ᠭᠦᠷᠦᠨ ᠦ᠌ ᠲᠤᠰᠠᠭᠠᠷ ᠲᠣᠭᠲᠠᠨᠢᠯ ᠢ᠋ᠶ᠋ᠠᠨ ᠠᠯᠳᠠᠭᠰᠠᠨ ᠤ᠋ ᠭᠠᠰᠢᠭᠤᠳᠠᠯ ᠢ᠋ ᠢᠯᠡᠷᠬᠡᠢᠯᠡᠳᠡᠭ ᠲᠡᠮᠳᠡᠭ ᠪᠠᠢᠵᠠᠢ᠃ ᠮᠣᠩᠭᠣᠯ ᠳᠡᠪᠡᠯ ᠦ᠋ᠨ ᠲᠣᠨᠣᠭ ᠡᠮᠵᠢᠶᠡᠷᠢ ᠡᠷᠲᠡ ᠦᠶ᠎ᠡ ᠡᠴᠡ ᠲᠡᠳᠦᠢᠯᠡ ᠥᠭᠡᠷᠡᠴᠢᠯᠡᠭᠳᠡᠭᠰᠡᠨ ᠦᠭᠡᠢ᠃ ᠮᠣᠩᠭᠣᠯ ᠤ᠋ᠨ ᠡᠷᠲᠡᠨ ᠦ᠌ ᠣᠪᠣᠭ ᠠᠢᠮᠠᠭ ᠤ᠋ᠳ ᠠᠮᠢᠳᠤᠷᠠᠯ ᠤ᠋ᠨ ᠪᠠᠶᠠᠷ ᠪᠠᠶᠠᠰᠬᠤᠯᠠᠩ ᠢ᠋ ᠪᠡᠯᠭᠡᠰᠢᠶᠡᠭᠰᠡᠨ ᠭᠠᠯ ᠤ᠋ᠨ ᠥᠩᠭᠡ ᠭᠡᠵᠦ ᠤᠯᠠᠭᠠᠨ ᠥᠩᠭᠡ ᠶ᠋ᠢ ᠡᠷᠬᠢᠮᠯᠡᠨ ᠭᠡᠷ ᠣᠷᠣᠨ᠂ ᠲᠡᠷᠭᠡᠨ ᠳᠡᠭᠡᠷ᠎ᠡ ᠪᠡᠨ ᠬᠠᠳᠬᠤᠳᠠᠭ ᠪᠠᠢᠵᠠᠢ᠃ ᠡᠭᠦᠨ ᠡᠴᠡ ᠦᠨᠳᠦᠰᠦᠯᠡᠨ ᠬᠤᠪᠴᠠᠰᠤᠨ ᠤ᠋ ᠡᠮᠵᠢᠶᠡᠷᠢ ᠳ᠋ᠦ᠍ ᠪᠣᠯᠤᠨ ᠥᠩᠭᠡᠨ ᠳ᠋ᠦ᠍ ᠤᠯᠠᠭᠠᠨ ᠢ᠋ ᠬᠡᠷᠡᠭᠯᠡᠬᠦ ᠶᠠᠪᠤᠳᠠᠯ ᠶᠡᠬᠡ ᠪᠠᠢᠵᠠᠢ᠃
    ᠳᠡᠪᠡᠯ ᠦ᠋ᠨ ᠡᠮᠵᠢᠶᠡᠷᠢ ᠡᠷᠲᠡ ᠦᠶ᠎ᠡ ᠡᠴᠡ ᠭᠠᠷᠤᠭᠰᠠᠨ ᠪᠥᠭᠡᠳ ᠥᠷᠭᠡᠨ᠂ ᠨᠠᠷᠢᠨ ᠳᠠᠩ ᠲᠡᠰᠦᠮ᠎ᠡ᠂ ᠢᠵᠢᠯ ᠬᠡᠮᠵᠢᠶ᠎ᠡ ᠲᠡᠢ ᠬᠣᠶᠠᠷ ᠬᠣᠣᠰ᠂ ᠨᠢᠭᠡ ᠥᠷᠭᠡᠨ ᠡᠮᠵᠢᠵᠦ ᠳᠡᠭᠡᠭᠦᠷ ᠨᠢ ᠨᠠᠷᠢᠨ ᠲᠡᠰᠦᠮ᠎ᠡ ᠲᠠᠯᠪᠢᠬᠤ ᠵᠡᠷᠭᠡ ᠡᠴᠡ ᠭᠠᠳᠠᠨ᠎ᠠ ᠡᠮᠵᠢᠶᠡᠷᠢ ᠶ᠋ᠢᠨ ᠬᠠᠵᠠᠭᠤ ᠪᠠᠷ ᠬᠣᠣᠰᠯᠠᠭᠤᠯᠤᠨ ᠬᠣᠰᠢᠮᠠᠭ ᠲᠠᠯᠪᠢᠬᠤ ᠵᠡᠷᠭᠡ ᠪᠡᠷ ᠲᠣᠨᠣᠭᠯᠠᠵᠤ ᠪᠠᠢᠭᠰᠠᠨ ᠤ᠋ ᠳᠡᠭᠡᠷ᠎ᠡ ᠮᠢᠩᠭ᠎ᠠ ᠶᠢᠰᠦᠨ ᠵᠠᠭᠤ ᠳᠥᠴᠢᠭᠡᠳ ᠣᠨ ᠠ᠋ᠴᠠ ᠭᠤᠷᠪᠠᠨ ᠬᠣᠣᠰ ᠡᠮᠵᠢᠶᠡᠷᠢ ᠭᠠᠷᠤᠭᠰᠠᠨ ᠨᠢ ᠣᠳᠣ ᠴᠤ᠌ ᠬᠡᠷᠡᠭᠯᠡᠭᠳᠡᠵᠦ ᠪᠠᠢᠨ᠎ᠠ᠃
    ᠡᠮᠡᠭᠲᠡᠢ ᠬᠥᠮᠦᠨ ᠦ᠌ ᠳᠡᠪᠡᠯ᠂ ᠲᠡᠷᠯᠢᠭ᠂ ᠤᠤᠵᠢ᠂ ᠬᠠᠨᠲᠠᠭᠠᠵᠠ ᠤ᠋ ᠴᠢᠮᠡᠭ ᠡᠷᠲᠡᠨ ᠡᠴᠡ ᠭᠣᠶᠣᠮᠰᠣᠭ ᠬᠢᠭᠳᠡᠵᠦ ᠪᠡᠶ᠎ᠡ ᠶ᠋ᠢᠨ ᠬᠡᠯᠪᠡᠷᠢ᠂ ᠭᠤᠸ᠎ᠠ ᠰᠠᠢᠬᠠᠨ ᠳ᠋ᠤ᠌ ᠵᠣᠬᠢᠴᠠᠭᠤᠯᠤᠨ ᠪᠦᠰᠡᠯᠡᠭᠦᠷ ᠢ᠋ᠶ᠋ᠡᠷ ᠢ᠋ᠶ᠋ᠡᠨ ᠨᠠᠷᠢᠰᠬᠠᠬᠤ᠂ ᠣᠨᠣᠭᠣ ᠭᠠᠷᠭᠠᠬᠤ ᠵᠡᠷᠭᠡ ᠪᠡᠷ ᠭᠤᠶᠤᠵᠤ ᠴᠢᠮᠡᠵᠦ ᠪᠠᠢᠭᠰᠠᠨ ᠠ᠋ᠴᠠ ᠭᠠᠳᠠᠨ᠎ᠠ ᠱ᠌ᠢᠷᠦ᠂ ᠰᠤᠪᠤᠳ᠂ ᠲᠤᠩ᠂ ᠦᠯᠪᠦᠩ ᠵᠡᠷᠭᠡ ᠪᠡᠷ ᠬᠡ ᠤᠭᠠᠯᠵᠠ ᠲᠠᠯᠪᠢᠵᠤ ᠬᠢᠳᠡᠭ ᠪᠠᠢᠵᠠᠢ᠃
    ᠡᠭᠦᠨ  ᠦ᠌ ᠨᠢᠭᠡ ᠭᠡᠷᠡᠴᠢ ᠨᠢ ᠪᠣᠭᠳᠠ  ᠶ᠋ᠢᠨ ᠬᠠᠲᠤᠨ ᠳᠣᠨᠳᠤᠭᠳᠤᠯᠮ᠎ᠠ ᠶ᠋ᠢᠨ ᠡᠮᠦᠰᠴᠦ ᠪᠠᠢᠭᠰᠠᠨ ᠰᠤᠪᠤᠳ ᠢ᠋ᠶ᠋ᠠᠷ ᠲᠣᠨᠣᠯᠵᠢᠨ ᠬᠡ ᠲᠠᠯᠪᠢᠭᠰᠠᠨ ᠮᠣᠩᠭᠣᠯ ᠬᠠᠨᠲᠠᠭᠠᠵᠠ ᠭᠣᠣᠯ ᠤ᠋ᠨ ᠨᠣᠭᠣᠭᠠᠨ ᠰᠦᠮ᠎ᠡ ᠳ᠋ᠦ᠍  ᠬᠠᠳᠠᠭᠠᠯᠠᠭᠳᠠᠵᠤ ᠪᠠᠢᠨ᠎ᠠ᠃
    ᠮᠣᠩᠭᠣᠯ ᠦᠨᠳᠦᠰᠦᠲᠡᠨ ᠦ᠌ ᠬᠤᠪᠴᠠᠰᠤ ᠤᠷ᠎ᠠ ᠬᠢᠴᠡ᠂ ᠬᠡᠪ ᠮᠠᠶᠢᠭ ᠢ᠋ᠶ᠋ᠠᠷ ᠢ᠋ᠶ᠋ᠠᠨ ᠬᠥᠮᠦᠨ ᠢ᠋ ᠴᠢᠮᠡᠵᠦ ᠢᠷᠡᠭᠰᠡᠨ ᠪᠣᠯᠬᠣᠷ ᠦᠨᠳᠦᠰᠦᠲᠡᠨ ᠦ᠌ ᠪᠡᠨ ᠬᠤᠪᠴᠠᠰᠤ ᠪᠠᠷ ᠪᠠᠬᠠᠷᠬᠠᠨ ᠳᠠᠭᠤᠤ᠂ ᠰᠢᠯᠦᠭ᠂ ᠲᠤᠤᠯᠢᠰ᠂ ᠮᠠᠭᠲᠠᠭᠠᠯ ᠳ᠋ᠠᠭᠠᠨ ᠢᠮᠠᠭᠲᠠ ᠳᠤᠷᠠᠳᠴᠤ ᠪᠠᠢᠳᠠᠭ᠃
ᠵᠢᠱ᠌ᠢᠶ᠎ᠡ ᠨᠢ᠄  
    ᠬᠤᠪᠴᠠᠰᠤᠨ ᠤ᠋ ᠮᠠᠭᠲᠠᠭᠠᠯ ᠳᠠᠭᠤᠯᠠᠯᠲᠤ ᠪᠥᠵᠢᠭ ᠲᠦ᠄
    ᠪᠥᠮᠪᠥᠷᠴᠡᠭ ᠳᠡᠯᠡᠬᠡᠢ ᠶ᠋ᠢᠨ ᠬᠡᠯᠪᠡᠷᠢ ᠲᠡᠢ
ᠪᠦᠰᠡᠯᠡᠭᠦᠷ ᠬᠠᠪᠴᠢᠶᠠᠷᠢ ᠲᠣᠬᠢᠷᠠᠭᠰᠠᠨ
ᠪᠥᠭᠡᠷᠡᠩᠬᠡᠢ ᠲᠣᠭᠣᠷᠢᠭ ᠲᠣᠭᠣᠷᠴᠣᠭ
ᠲᠣᠯᠣᠭᠠᠢ ᠳᠡᠭᠡᠷ᠎ᠡ ᠪᠡᠨ ᠳᠡᠭᠵᠢᠨ
ᠮᠢᠨᠳᠠᠰᠤᠨ ᠳᠤᠷᠳᠤᠩ ᠪᠦᠰᠡ ᠶ᠋ᠢ
ᠮᠠᠶᠢᠭ ᠢ᠋ ᠨᠢ ᠲᠠᠭᠠᠷᠠᠭᠤᠯᠵᠤ ᠣᠷᠢᠶᠠᠭᠰᠠᠨ
ᠮᠢᠩᠭ᠎ᠠ ᠲᠦᠮᠡᠨ ᠦ᠌ ᠦᠵᠡᠰᠬᠦᠯᠡᠩ
ᠮᠠᠨ ᠤ᠋ ᠨᠤᠲᠤᠭ ᠤ᠋ᠨ ᠵᠠᠩᠰᠢᠯ
ᠡᠴᠢᠭᠡ ᠡᠪᠦᠭᠡᠳ ᠦ᠋ᠨ ᠬᠢᠭᠰᠡᠨ
ᠳᠥᠷᠪᠡᠯᠵᠢᠨ ᠵᠠᠬ᠎ᠠ ᠲᠠᠢ ᠳᠡᠪᠡᠯ
ᠡᠷᠭᠢᠨ ᠲᠣᠭᠣᠷᠢᠨ ᠮᠥᠰᠬᠢᠶᠡᠷᠢ ᠲᠡᠢ
ᠡᠯᠪᠡᠭ ᠮᠠᠶᠢᠭ ᠤ᠋ᠨ ᠬᠤᠪᠴᠠᠰᠤ
ᠤᠷᠠᠨ ᠢ᠋ᠶ᠋ᠠᠨ ᠭᠠᠷᠭᠠᠵᠤ ᠣᠶᠣᠭᠰᠠᠨ
ᠤᠲᠠᠰᠤ ᠭᠠᠷᠭᠠᠵᠤ ᠴᠢᠮᠡᠭᠰᠡᠨ
ᠤᠳᠤᠮᠲᠤ ᠮᠣᠩᠭᠣᠯ ᠤ᠋ᠨ ᠬᠤᠪᠴᠠᠰᠤ
ᠠᠭᠤᠳᠠᠮ ᠨᠤᠲᠤᠭ ᠲᠠᠭᠠᠨ ᠳᠡᠭᠵᠢᠨ
ᠭᠡᠵᠦ ᠳᠠᠭᠤᠯᠠᠵᠤ ᠪᠥᠵᠢᠭᠯᠡᠳᠡᠭ᠃
    ᠮᠣᠩᠭᠣᠯ ᠡᠬᠡᠨᠡᠷ ᠬᠥᠮᠦᠨ ᠦ᠌ ᠠᠪᠠᠭᠠᠢ ᠳᠡᠪᠡᠯ ᠦ᠋ᠨ ᠮᠥᠷᠥ ᠶ᠋ᠢ ᠳᠣᠲᠣᠷ᠎ᠠ ᠨᠢ ᠳᠤᠭᠤᠢ ᠲᠦᠨᠲᠦᠭᠡᠷ᠂ ᠬᠣᠳᠣᠭᠣᠳᠣᠨ ᠳᠥᠨᠳᠥᠭᠡᠷ ᠭᠡᠵᠦ ᠢᠯᠭᠠᠬᠤ ᠪᠥᠭᠡᠳ ᠬᠣᠳᠣᠭᠣᠳᠣᠨ ᠳᠥᠨᠳᠥᠭᠡᠷ ᠢ᠋ ᠵᠡᠭᠦᠨ ᠠᠢᠮᠠᠭ ᠤ᠋ᠳ ᠭᠣᠣᠯᠳᠠᠭᠤ ᠬᠡᠷᠡᠭᠯᠡᠳᠡᠭ᠃ ᠮᠣᠩᠭᠣᠯ ᠠᠪᠠᠭᠠᠢ ᠳᠡᠪᠡᠯ ᠦ᠋ᠨ ᠬᠠᠨᠴᠤᠢ ᠶ᠋ᠢᠨ ᠳᠣᠲᠣᠷ ᠲᠠᠯ᠎ᠠ᠂ ᠳᠣᠲᠣᠭᠠᠳᠤ ᠡᠩᠭᠡᠷ ᠢ᠋ ᠵᠣᠷᠢᠭᠤᠳᠠ ᠥᠭᠡᠷ᠎ᠡ ᠥᠩᠭᠡ ᠪᠡᠷ ᠬᠢᠳᠡᠭ ᠨᠢ ᠴᠣᠬᠣᠮ ᠶᠠᠮᠠᠷ ᠤᠳᠬ᠎ᠠ ᠲᠠᠢ ᠨᠢ ᠮᠡᠳᠡᠭᠳᠡᠬᠦ ᠦᠭᠡᠢ ᠪᠠᠢᠨ᠎ᠠ᠃
    ᠡᠭᠦᠨ ᠡᠴᠡ ᠦᠵᠡᠬᠦ ᠳ᠋ᠦ᠍ ᠠᠯᠢᠪᠠ ᠤᠯᠤᠰ ᠦᠨᠳᠦᠰᠦᠲᠡᠨ ᠦ᠌ ᠡᠮᠡᠭᠲᠡᠢᠴᠦᠳ ᠦ᠋ᠨ ᠤᠷᠠᠨ ᠦᠢᠯᠡ ᠠᠤᠭ᠎ᠠ ᠶᠡᠬᠡ ᠤᠳᠬ᠎ᠠ ᠰᠠᠨᠠᠭ᠎ᠠ ᠪᠠᠷ ᠪᠠᠶᠠᠵᠢᠭᠳᠠᠨ ᠦᠨᠳᠦᠰᠦᠲᠡᠨ ᠦ᠌ ᠪᠡᠨ ᠶᠣᠰᠣ ᠵᠠᠩᠰᠢᠯ ᠢ᠋ ᠬᠠᠳᠠᠭᠠᠯᠠᠵᠤ ᠪᠠᠢᠳᠠᠭ ᠲᠡᠦᠬᠡᠨ ᠪᠠᠷᠢᠮᠲᠠ ᠶᠤᠮ᠃ ᠣᠷᠴᠢᠨ ᠦᠶ᠎ᠡ ᠳ᠋ᠦ᠍ ᠦᠨᠳᠦᠰᠦᠲᠡᠨ ᠦ᠌ ᠬᠤᠪᠴᠠᠰᠤᠨ ᠤ᠋ ᠵᠠᠷᠢᠮ ᠬᠡᠰᠡᠭ ᠢ᠋ ᠬᠥᠮᠦᠨ ᠠᠷᠠᠳ ᠨᠡᠢᠲᠡᠯᠢᠭ ᠬᠡᠷᠡᠭᠯᠡᠬᠦ ᠪᠡᠨ ᠪᠣᠯᠢᠭᠰᠠᠨ ᠴᠤ᠌ ᠤᠷᠠᠯᠢᠭ ᠤ᠋ᠨ ᠲᠠᠢᠵᠠ᠂ ᠦᠨᠳᠦᠰᠦᠲᠡᠨ ᠦ᠌ ᠡᠷ᠎ᠡ ᠶ᠋ᠢᠨ ᠭᠤᠷᠪᠠᠨ ᠨᠠᠭᠠᠳᠤᠮ ᠤ᠋ᠨ ᠳᠡᠪᠵᠢᠶ᠎ᠡ ᠶ᠋ᠢ ᠴᠢᠮᠡᠵᠦ ᠤᠷ᠎ᠠ ᠶ᠋ᠢᠨ ᠰᠠᠩ ᠳ᠋ᠤ᠌ ᠬᠠᠳᠠᠭᠠᠯᠠᠭᠳᠠᠵᠤ ᠪᠠᠢᠨ᠎ᠠ᠃
ᠠᠯᠢᠪᠠ ᠤᠯᠤᠰ ᠦᠨᠳᠦᠰᠦᠲᠡᠨ ᠣᠷᠣᠰᠢᠨ ᠲᠣᠭᠲᠠᠨᠢᠵᠤ ᠪᠠᠢᠭᠰᠠᠨ ᠴᠠᠭ ᠲᠤ ᠦᠨᠳᠦᠰᠦᠲᠡᠨ ᠦ᠌ ᠤᠷᠠᠯᠢᠭ᠂ ᠶᠣᠰᠣ ᠵᠠᠩᠰᠢᠯ ᠬᠠᠳᠠᠭᠠᠯᠠᠭᠳᠠᠵᠤ ᠪᠠᠢᠳᠠᠭ ᠤᠴᠢᠷ ᠦᠨᠳᠦᠰᠦᠲᠡᠨ ᠦ᠌ ᠬᠤᠪᠴᠠᠰᠤ ᠶ᠋ᠢ ᠬᠢᠵᠦ ᠬᠡᠷᠡᠭᠯᠡᠵᠦ ᠤᠳᠬ᠎ᠠ ᠠᠭᠤᠯᠭ᠎ᠠ ᠲᠠᠢ ᠲᠠᠨᠢᠯᠴᠠᠬᠤ ᠶᠠᠪᠤᠳᠠᠯ ᠬᠣᠢᠴᠢ ᠦᠶ᠎ᠡ ᠳ᠋ᠦ᠍ ᠢᠯᠡᠭᠦᠳᠡᠬᠦ ᠦᠭᠡᠢ ᠪᠢᠵᠡ ᠠ᠋᠃
    ᠮᠣᠩᠭᠣᠯᠴᠤᠳ ᠬᠡᠵᠢᠶᠡᠨᠡᠢ ᠠᠵᠢᠯᠰᠠᠭ᠂ ᠶᠠᠭᠤᠮᠠᠬᠠᠨ ᠢ᠋ᠶ᠋ᠠᠷ ᠶᠠᠭᠤᠮ᠎ᠠ ᠬᠢᠵᠦ ᠰᠤᠷᠤᠭᠰᠠᠨ ᠣᠨᠴᠠᠯᠢᠭ ᠲᠠᠢ ᠪᠥᠭᠡᠳ ᠢᠯᠠᠩᠭᠤᠶ᠎ᠠ ᠬᠣᠢᠴᠢ ᠦᠶ᠎ᠡ ᠳ᠋ᠡᠭᠡᠨ ᠠᠵᠢᠯ ᠦᠢᠯᠡ ᠰᠤᠷᠭᠠᠬᠤ ᠦᠭᠡᠢ ᠪᠣᠯ ᠡᠴᠢᠭᠡ ᠡᠬᠡ ᠶ᠋ᠢᠨ ᠡᠭᠦᠷᠭᠡ ᠶ᠋ᠢ ᠭᠦᠢᠴᠡᠳᠬᠡᠵᠦ ᠴᠢᠳᠠᠭᠰᠠᠨ ᠦᠭᠡᠢ ᠳ᠋ᠦ᠍ ᠲᠣᠭᠠᠴᠠᠭᠳᠠᠳᠠᠭ ᠪᠥᠭᠡᠳ ᠥᠬᠢᠳ ᠢ᠋ ᠤᠢᠯᠠᠨ ᠳ᠋ᠤ᠌ ᠰᠤᠷᠭᠠᠬᠤ ᠠᠵᠢᠯ ᠪᠦᠬᠦ ᠨᠡᠢᠭᠡᠮ ᠦ᠋ᠨ ᠬᠡᠷᠡᠭ ᠪᠠᠢᠵᠠᠢ᠃ ᠬᠡᠷᠪᠡ ᠡᠮᠡᠭᠲᠡᠢ ᠬᠥᠮᠦᠨ ᠦᠢᠯᠡ ᠰᠤᠷᠤᠭ᠎ᠠ ᠦᠭᠡᠢ ᠠᠢᠯ ᠤ᠋ᠨ ᠭᠡᠷ ᠣᠷᠣᠨ᠂ ᠬᠤᠪᠴᠠᠰᠤ ᠬᠤᠨᠠᠷ ᠢ᠋ ᠲᠣᠯᠣᠭᠠᠢ ᠳᠠᠭᠠᠭᠠᠵᠤ ᠬᠢᠵᠦ ᠴᠢᠳᠠᠬᠤ ᠦᠭᠡᠢ ᠪᠣᠯ ᠡᠴᠢᠭᠡ ᠡᠬᠡᠴᠦᠳ ᠠᠢᠯ ᠤ᠋ᠨ ᠡᠬᠡᠨᠡᠷ ᠪᠣᠯᠭᠠᠬᠤ ᠠ᠋ᠴᠠ ᠲᠠᠲᠠᠭᠠᠯᠵᠠᠳᠠᠭ ᠪᠠᠢᠭᠰᠠᠨ ᠤ᠋ ᠭᠠᠳᠠᠨ᠎ᠠ ᠡᠷᠡᠴᠦᠳ ᠦᠢᠯᠡ ᠰᠤᠷᠤᠭ᠎ᠠ ᠦᠭᠡᠢ ᠬᠥᠮᠦᠨ ᠢ᠋ ᠡᠬᠡᠨᠡᠷ ᠪᠣᠯᠭᠠᠵᠤ ᠠᠪᠬᠤ ᠠ᠋ᠴᠠ ᠲᠠᠲᠠᠭᠠᠯᠵᠠᠳᠠᠭ ᠪᠠᠢᠵᠠᠢ    
    ᠡᠮᠡᠭᠲᠡᠢᠴᠦᠳ ᠦᠨ ᠡᠷᠬᠢᠮᠯᠡᠨ ᠶᠠᠪᠤᠳᠠᠭ ᠵᠦᠢᠯ  ᠤᠷᠠᠨ ᠦᠢᠯᠡ ᠪᠠᠢᠭᠰᠠᠨ ᠪᠣᠯᠬᠣᠷ ᠬᠥᠮᠦᠨ ᠠᠷᠠᠳ ᠲᠡᠭᠦᠨ ᠢ᠋ ᠥᠷᠭᠡᠨ ᠳᠡᠮᠵᠢᠵᠦ ᠦᠢᠯᠡ ᠬᠢᠵᠦ ᠪᠠᠢᠭ᠎ᠠ ᠡᠮᠡᠭᠲᠡᠢ ᠬᠥᠮᠦᠨ ᠲᠡᠢ ᠲᠠᠭᠠᠷᠠᠯᠳᠤᠬᠤ ᠳ᠋ᠠᠭᠠᠨ 《ᠦᠢᠯᠡ ᠪᠦᠲᠦ》 ᠭᠡᠵᠦ ᠢᠷᠦᠭᠡᠳᠡᠭ ᠪᠠᠢᠭᠰᠠᠨ ᠤ᠋ ᠳᠡᠭᠡᠷ᠎ᠡ ᠡᠮᠡᠭᠲᠡᠢ ᠬᠥᠮᠦᠨ ᠳ᠋ᠦ᠍ ᠦᠪᠡᠳᠡᠭᠰᠢ ᠰᠠᠢᠨ ᠰᠠᠢᠬᠠᠨ ᠠᠵᠤ ᠲᠥᠷᠥᠬᠦ ᠶ᠋ᠢᠨ ᠪᠡᠯᠭᠡ ᠲᠡᠢ ᠰᠠᠢᠬᠠᠨ ᠢᠷᠦᠭᠡᠯ ᠢ᠋ ᠳᠡᠪᠰᠢᠭᠦᠯᠬᠦ ᠳ᠋ᠡᠭᠡᠨ《ᠦᠢᠯᠡ ᠳ᠋ᠦ᠍ ᠤᠷᠠᠨ᠂ ᠦᠭᠡᠨ ᠳ᠋ᠦ᠍ ᠴᠡᠴᠡᠨ ᠶᠠᠪᠤᠭᠠᠷᠠᠢ》 ᠭᠡᠳᠡᠭ᠃ ᠡᠨᠡ ᠪᠡᠯᠭᠡᠳᠡᠯ ᠮᠣᠩᠭᠣᠯ ᠦᠨᠳᠦᠰᠦᠲᠡᠨ ᠦ᠌ ᠳᠣᠲᠣᠷ᠎ᠠ ᠲᠦᠭᠡᠮᠡᠯ ᠪᠠᠢᠳᠠᠭ ᠶᠣᠰᠣ ᠵᠠᠩᠰᠢᠯ ᠪᠥᠭᠡᠳ ᠡᠮᠡᠭᠲᠡᠢᠴᠦᠳ ᠢ᠋ ᠦᠢᠯᠡ ᠳ᠋ᠦ᠍ ᠰᠤᠷᠭᠠᠵᠤ ᠪᠠᠢᠭᠰᠠᠨ ᠠᠷᠭ᠎ᠠ ᠶᠤᠮ᠃ ᠡᠷᠡᠭᠲᠡᠢᠴᠦᠳ ᠪᠢᠷ᠎ᠠ ᠴᠢᠳᠠᠯ ᠡᠷ᠎ᠡ ᠵᠣᠷᠢᠭ ᠢ᠋ᠶ᠋ᠠᠷ ᠢ᠋ᠶ᠋ᠠᠨ ᠪᠠᠬᠠᠷᠬᠠᠭᠳᠠᠳᠠᠭ ᠲᠠᠢ ᠠᠳᠠᠯᠢ ᠡᠮᠡᠭᠲᠡᠢᠴᠦᠳ ᠥᠪᠡᠷ ᠦ᠋ᠨ ᠪᠦᠲᠦᠭᠡᠭᠰᠡᠨ ᠤᠷᠠᠨ ᠦᠢᠯᠡ ᠪᠡᠷ ᠢ᠋ᠶ᠋ᠡᠨ ᠪᠠᠬᠠᠷᠬᠠᠭᠳᠠᠵᠤ ᠶᠠᠪᠤᠳᠠᠭ ᠤᠴᠢᠷ ᠬᠣᠢᠴᠢ ᠦᠶ᠎ᠡ ᠶ᠋ᠢᠨ ᠢ᠋ᠶ᠋ᠡᠨ ᠡᠮᠦᠨ᠎ᠡ ᠶᠡᠬᠡ ᠡᠭᠦᠷᠭᠡ ᠬᠦᠯᠢᠶᠡᠭᠰᠡᠨ ᠬᠥᠮᠦᠰ ᠶᠦᠮ᠃

    ᠦᠰᠦᠭ ᠠᠮᠢᠯᠠᠭᠤᠯᠤᠭᠴᠢ᠄ ᠭᠠᠷᠮ ‍ᠠ᠋᠂ ᠡᠩᠬᠡ ᠂ ᠱᠠᠭᠰᠠᠯ ᠂ ᠦᠯᠵᠡᠢᠪᠠᠭᠠᠲᠤᠷ ᠂ ᠲᠣᠭᠳᠠᠭᠤᠨᠪᠠᠶᠠᠷ
    ᠬᠢᠨᠠᠭᠴᠢ᠄ ᠪᠠᠶᠠᠷᠴᠡᠴᠡᠭ᠂  ᠤᠷᠠᠨᠲᠠᠨ᠎ᠠ᠂ ᠰᠡᠬᠡᠭᠡᠷᠡᠯ᠂ ᠣᠳᠬᠠᠨᠰᠣ᠎ᠠ