ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ16-ᠠᠰᠠᠷ ᠮᠠᠢᠬᠠᠨ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ16-ᠠᠰᠠᠷ ᠮᠠᠢᠬᠠᠨ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ16-ᠠᠰᠠᠷ ᠮᠠᠢᠬᠠᠨ

ᠠᠩᠭᠢᠯᠠᠯ:ᠵᠠᠩ ᠦᠢᠯᠡ
2024-04-18

298

ᠬᠣᠶᠠᠳᠤᠭᠠᠷ ᠪᠦᠯᠦᠭ16-ᠠᠰᠠᠷ ᠮᠠᠢᠬᠠᠨ

      ᠮᠣᠩᠭᠣᠯᠴᠤᠳ ᠨᠡᠭᠦᠳᠡᠯ ᠦ᠋ᠨ ᠣᠨᠴᠠᠯᠢᠭ ᠲᠠᠭᠠᠨ ᠲᠣᠬᠢᠷᠠᠭᠤᠯᠵᠤ ᠪᠠᠶᠠᠷ ᠨᠠᠭᠠᠳᠤᠮ ᠬᠢᠬᠦ᠂ ᠠᠩᠴᠢᠳ᠂ ᠮᠠᠯ ᠣᠲᠣᠷᠯᠠᠬᠤ᠂ ᠨᠣᠭᠣᠭᠠᠯᠠᠬᠤ ᠳ᠋ᠤ᠌ ᠵᠣᠷᠢᠭᠤᠯᠵᠤ ᠠᠪᠴᠤ ᠶᠠᠪᠤᠬᠤ ᠳ᠋ᠤ᠌ ᠬᠢᠯᠪᠠᠷ ᠠᠰᠠᠷ ᠮᠠᠢᠬᠠᠨ ᠰᠠᠭᠤᠴᠠ ᠳ᠋ᠤ᠌ ᠬᠡᠷᠡᠭᠯᠡᠳᠡᠭ᠃ ᠠᠰᠠᠷ ᠮᠠᠢᠬᠠᠨ ᠤ᠋ ᠡᠰᠬᠡᠭᠦᠷ᠂ ᠤᠷ᠎ᠠ ᠬᠢᠴᠡ ᠨᠡᠯᠢᠶᠡᠳ ᠲᠦᠪᠡᠭᠲᠡᠢ ᠪᠣᠯᠪᠠᠴᠤ ᠮᠣᠩᠭᠣᠯ ᠤ᠋ᠨ ᠡᠮᠡᠭᠲᠡᠢᠴᠦᠳ ᠠᠬᠠᠮᠠᠳ ᠦᠶ᠎ᠡ ᠶ᠋ᠢᠨ ᠤᠷᠠᠨ ᠭᠠᠷ ᠤ᠋ᠨ ᠬᠦᠴᠦ ᠪᠡᠷ ᠥᠨᠥ ᠦᠶ᠎ᠡ ᠬᠦᠷᠲᠡᠯ᠎ᠡ ᠬᠡᠷᠡᠭᠯᠡᠭᠳᠡᠵᠦ᠃ ᠤᠯᠠᠮ ᠪᠣᠯᠪᠠᠰᠤᠷᠠᠩᠭᠤᠢ ᠪᠣᠯᠵᠤ ᠢᠷᠡᠵᠡᠢ᠃
      ᠠᠰᠠᠷ ᠮᠠᠢᠬᠠᠨ ᠢ᠋ ᠳᠣᠲᠣᠷ᠎ᠠ ᠨᠢ ᠭᠤᠷᠪᠠᠯᠵᠢᠨ ᠪᠤᠶᠤ ᠳᠥᠷᠪᠡᠯᠵᠢᠨ ᠬᠡᠯᠪᠡᠷᠢ ᠲᠡᠢ 2000 ᠬᠦᠷᠲᠡᠯ᠎ᠡ ᠬᠥᠮᠦᠨ ᠪᠠᠭᠲᠠᠬᠤ ᠵᠠᠢ ᠲᠠᠢ ᠠᠰᠠᠷ᠂ ᠭᠤᠷᠪᠠᠨ ᠬᠥᠮᠦᠨ ᠪᠠᠭᠲᠠᠬᠤ ᠵᠠᠢ ᠲᠠᠢ ᠮᠠᠢᠬᠠᠨ᠂1—2 ᠬᠥᠮᠦᠨ ᠪᠠᠭᠲᠠᠬᠤ ᠵᠠᠢ ᠲᠠᠢ ᠵᠣᠳᠭᠠᠷ ᠭᠡᠵᠦ ᠪᠠᠢᠳᠠᠭ ᠪᠠ ᠳᠠᠪᠤᠤ ᠶ᠋ᠢᠨ ᠰᠠᠭᠤᠴᠠ ᠶ᠋ᠢ ᠡᠷᠲᠡᠨ ᠡᠴᠡ ᠬᠡᠷᠡᠭᠯᠡᠵᠦ ᠢᠷᠡᠵᠡᠢ᠃
              ᠡᠨᠡ ᠲᠤᠬᠠᠢ700 ᠵᠢᠯ ᠦ᠋ᠨ ᠡᠮᠦᠨ᠎ᠡ ᠫᠯᠠᠨᠨᠤ‍ ᠺᠠᠷᠫᠢᠨ ᠤ᠋ ᠪᠢᠴᠢᠭᠰᠡᠨ ᠳᠤᠷᠠᠳᠭᠠᠯ ᠠ᠋ᠴᠠ ᠳ· ᠮᠠᠢᠳᠠᠷ᠄《ᠮᠣᠩᠭᠣᠯ ᠤ᠋ᠨ ᠲᠡᠦᠬᠡ ᠳᠤᠷᠠᠰᠭᠠᠯ᠂ ᠰᠣᠶᠣᠯ ᠤ᠋ᠨ ᠵᠦᠢᠯᠡᠰ》 ᠭᠡᠳᠡᠭ ᠨᠣᠮ ᠳ᠋ᠠᠭᠠᠨ ᠡᠰᠢ ᠲᠠᠲᠠᠵᠤ ᠪᠢᠴᠢᠬᠦ ᠳ᠋ᠡᠭᠡᠨ᠄《ᠪᠢᠳᠡ ᠲᠡᠰᠢ ᠪᠠᠨ ᠣᠢᠷᠠᠲᠤᠨ ᠣᠴᠢᠬᠤ ᠳ᠋ᠤ᠌ ᠤᠯᠠᠭᠠᠨ ᠳᠠᠪᠤᠤ ᠶ᠋ᠢᠨ ᠮᠠᠰᠢ ᠲᠣᠮᠣ ᠠᠰᠠᠷ ᠪᠠᠷᠢᠭᠰᠠᠨ ᠪᠠᠢᠪᠠ᠃ ᠪᠢᠳᠡᠨ ᠦ᠌ ᠪᠣᠳᠣᠯ ᠢ᠋ᠶ᠋ᠠᠷ ᠪᠣᠯ ᠬᠣᠶᠠᠷ ᠮᠢᠩᠭ᠎ᠠ ᠭᠠᠷᠤᠢ ᠬᠥᠮᠦᠨ ᠪᠠᠭᠲᠠᠬᠤ ᠪᠠᠷ ᠪᠠᠢᠪᠠ》 ᠭᠡᠵᠦ ᠪᠢᠴᠢᠭᠰᠡᠨ ᠪᠠᠢᠨ᠎ᠠ᠃  
ᠵᠢᠷᠤᠭ24
(1) ᠠᠰᠠᠷ
(2) ᠮᠠᠢᠬᠠᠨ  

      ᠵᠣᠳᠭᠠᠷ ᠬᠡᠮᠡᠬᠦ ᠵᠢᠵᠢᠭ ᠮᠠᠢᠬᠠᠨ ᠤ᠋ ᠲᠤᠬᠠᠢ ᠮᠠᠷᠺᠣ ᠫᠣᠯᠣ‍ ᠪᠢᠴᠢᠬᠦ  ᠳ᠋ᠡᠭᠡᠨ᠄《ᠲᠡᠳᠡ ᠬᠠᠷᠢ ᠣᠷᠣᠨ ᠤᠷᠤᠭᠤ ᠠᠶᠠᠨ ᠲᠡᠢᠨ ᠳ᠋ᠦ᠍ ᠶᠠᠪᠤᠬᠤ ᠳ᠋ᠠᠭᠠᠨ ᠵᠠᠷ ᠵᠡᠪᠰᠡᠭ ᠪᠣᠷᠣᠭᠠᠨ ᠠ᠋ᠴᠠ ᠬᠣᠷᠭᠣᠳᠠᠬᠤ ᠵᠢᠵᠢᠭ ᠮᠠᠢᠬᠠᠨ ᠠ᠋ᠴᠠ ᠥᠭᠡᠷ᠎ᠡ ᠶᠠᠭᠤ ᠴᠤ ᠠᠪᠴᠤ ᠶᠠᠪᠤᠳᠠᠭ ᠦᠭᠡᠢ》 ᠭᠡᠵᠦ ᠪᠢᠴᠢᠵᠡᠢ᠃
      ᠮᠠᠢᠬᠠᠨ ᠲᠡᠦᠬᠡᠨ ᠡᠴᠡ ᠬᠡᠴᠢᠨᠡᠨ ᠴᠦ᠍ ᠤᠷᠢᠳ ᠡᠭᠦᠰᠦᠭᠰᠡᠨ  ᠶᠤᠮ ᠪᠢᠯᠡ ᠳᠡ᠃700 ᠭᠠᠷᠤᠢ ᠵᠢᠯ ᠦ᠋ᠨ ᠡᠮᠦᠨᠡᠬᠢ ᠫᠠᠯᠨᠠᠦ᠌ ᠺᠠᠷᠫᠢᠨ ᠦ᠌ ᠡᠰᠢ ᠲᠠᠲᠠᠵᠤ ᠪᠢᠴᠢᠭᠰᠡᠨ ᠢ᠋ ᠦᠵᠡᠪᠡᠯ ᠮᠠᠢᠬᠠᠨ ᠡᠷᠲᠡ ᠦᠶ᠎ᠡ ᠶ᠋ᠢᠨ ᠭᠠᠷᠤᠯ ᠲᠠᠢ ᠪᠣᠯᠬᠤ ᠨᠢ ᠲᠣᠳᠣᠷᠬᠠᠢ ᠶᠤᠮ᠃ ᠲᠡᠭᠦᠨᠴᠢᠯᠡᠨ ᠠᠰᠠᠷ ᠢ᠋ ᠡᠷ᠎ᠡ ᠶ᠋ᠢᠨ ᠭᠤᠷᠪᠠᠨ ᠨᠠᠭᠠᠳᠤᠮ᠂ ᠳᠣᠯᠣᠭᠠᠨ ᠲᠠᠰᠢᠭ ᠲᠤ ᠬᠡᠷᠡᠭᠯᠡᠵᠦ ᠪᠠᠢᠭᠰᠠᠨ ᠠ᠋ᠴᠠ ᠦᠵᠡᠬᠦ ᠳ᠋ᠦ᠍ ᠲᠡᠭᠦᠨ ᠦ᠌ ᠭᠠᠷᠤᠯ᠂ ᠭᠣᠶᠣᠮᠰᠣᠭ ᠬᠢᠴᠡ ᠡᠷᠲᠡᠨ ᠦ᠌ ᠪᠠᠢᠵᠤ ᠲᠠᠭᠠᠷᠠᠨ᠎ᠠ᠃
      ᠠᠰᠠᠷ ᠢ᠋ ᠬᠡᠳᠦ ᠬᠡᠳᠦᠨ ᠶᠠᠩᠵᠤ ᠪᠠᠷ ᠡᠰᠬᠡᠵᠦ ᠣᠶᠣᠨ᠎ᠠ᠃ ᠳᠥᠷᠪᠡᠯᠵᠢᠨ ᠬᠡᠯᠪᠡᠷᠢ ᠲᠡᠢ ᠬᠢᠬᠦ ᠳ᠋ᠡᠭᠡᠨ ᠲᠡᠭᠦᠨ ᠢ᠋ ᠤᠷᠢᠳᠴᠢᠯᠠᠵᠤ ᠪᠠᠢᠰᠢᠩ ᠬᠡᠯᠪᠡᠷᠢᠲᠡᠢ ᠶᠠᠰᠤ ᠮᠣᠳᠣ ᠪᠣᠰᠬᠠᠵᠤ ᠲᠡᠭᠦᠨ ᠳᠡᠭᠡᠷ᠎ᠡ ᠨᠥᠮᠥᠷᠬᠦ ᠳᠠᠪᠤᠤ ᠪᠠᠨ ᠭᠡᠷ ᠦ᠋ᠨ ᠲᠤᠭᠤᠷᠭ᠎ᠠ ᠡᠰᠬᠡᠬᠦ ᠠᠳᠠᠯᠢ ᠡᠰᠬᠡᠬᠦ ᠪᠥᠭᠡᠳ ᠬᠣᠢᠲᠤ ᠤᠷᠲᠤ ᠲᠠᠯ᠎ᠠ ᠶ᠋ᠢ ᠡᠰᠬᠡᠭᠡᠳ ᠪᠤᠯᠤᠩ ᠢ᠋ ᠶᠠᠰᠤ ᠮᠣᠳᠣᠨ ᠤ᠋ ᠪᠠᠨ ᠥᠷᠭᠡᠨ ᠳ᠋ᠦ᠍ ᠲᠠᠭᠠᠷᠠᠭᠤᠯᠤᠨ ᠡᠰᠬᠡᠵᠦ ᠳᠡᠭᠡᠷ᠎ᠡ ᠨᠢ ᠣᠷᠣᠢ ᠳᠡᠭᠡᠷ᠎ᠡ ᠪᠡᠨ ᠨᠡᠢᠯᠡᠬᠦ ᠤᠷᠲᠤ ᠬᠣᠶᠠᠷ ᠲᠠᠯ᠎ᠠ ᠡᠰᠬᠡᠵᠦ ᠪᠤᠯᠤᠩ ᠤ᠋ᠨ ᠣᠷᠣᠢ ᠳ᠋ᠤ᠌ ᠨᠡᠢᠯᠡᠬᠦ ᠬᠡᠰᠡᠭ ᠢ᠋ ᠭᠤᠷᠪᠠᠯᠵᠢᠨ ᠬᠡᠯᠪᠡᠷᠢ ᠲᠡᠢ ᠡᠰᠬᠡᠨ᠎ᠡ᠃ ᠳᠥᠷᠪᠡᠯᠵᠢᠨ ᠠᠰᠠᠷ ᠲᠤ ᠬᠡ ᠲᠠᠯᠪᠢᠬᠤ ᠳ᠋ᠠᠭᠠᠨ ᠪᠠᠷᠠᠭᠤᠨ ᠵᠡᠭᠦᠨ ᠪᠤᠶᠤ ᠠᠷᠤ ᠲᠠᠯ᠎ᠠ ᠳ᠋ᠤ᠌ ᠯᠠᠨᠵᠠ᠂ ᠬᠣᠷᠯᠣ᠂ ᠲᠣᠨᠣᠯᠵᠢᠨ ᠪᠤᠶᠤ ᠥᠯᠵᠡᠢ ᠬᠡ ᠲᠠᠯᠪᠢᠬᠤ ᠲᠡᠭᠦᠨ ᠦ᠌ ᠨᠢᠷᠤᠭᠤ᠂ ᠬᠠᠭᠠᠯᠭᠠᠨ ᠤ᠋ ᠬᠣᠶᠠᠷ ᠲᠠᠯ᠎ᠠ᠂ ᠬᠣᠷᠮᠣᠢ ᠶ᠋ᠢ ᠠᠯᠤᠬᠠᠨ ᠤᠭᠠᠯᠵᠠ ᠪᠠᠷ ᠴᠢᠮᠡᠨ᠎ᠡ᠃
      ᠳᠤᠭᠤᠢ ᠭᠡᠷ ᠬᠡᠯᠪᠡᠷᠢ ᠶ᠋ᠢᠨ ᠠᠰᠠᠷ ᠢ᠋ ᠡᠰᠬᠡᠵᠦ ᠣᠶᠣᠬᠤ ᠳ᠋ᠤ᠌ ᠮᠥᠨ ᠶᠠᠰᠤ ᠮᠣᠳᠣᠨ ᠳᠡᠭᠡᠷ᠎ᠡ ᠪᠡᠨ ᠲᠠᠭᠠᠷᠠᠭᠤᠯᠤᠨ ᠲᠡᠭᠦᠨ ᠦ᠌ ᠳ᠋ᠢᠶᠠᠮᠧᠲ᠋ᠷ ᠳᠡᠭᠡᠳᠦ ᠣᠷᠣᠢ ᠶ᠋ᠢ ᠭᠡᠷ ᠦ᠋ᠨ ᠳᠡᠭᠡᠪᠦᠷ ᠡᠰᠬᠡᠬᠦ ᠠᠳᠠᠯᠢ ᠡᠰᠬᠡᠵᠦ ᠭᠤᠷᠪᠠᠯᠵᠢᠨ ᠬᠡᠯᠪᠡᠷᠢ ᠶ᠋ᠢᠨ ᠠᠰᠠᠷ ᠮᠠᠢᠬᠠᠨ ᠡᠰᠬᠡᠵᠦ ᠣᠶᠣᠬᠤ ᠲᠠᠢ ᠠᠳᠠᠯᠢ ᠬᠢᠨ᠎ᠡ᠃
      ᠮᠠᠢᠬᠠᠨ ᠡᠰᠬᠡᠬᠦ ᠳ᠋ᠡᠭᠡᠨ ᠡᠬᠢᠯᠡᠭᠡᠳ ᠲᠡᠭᠦᠨ ᠦ᠌ ᠭᠣᠣᠯ ᠬᠡᠰᠡᠭ ᠢ᠋ ᠮᠠᠢᠬᠠᠨ ᠤ᠋ ᠥᠨᠳᠥᠷ ᠨᠠᠮ ᠳ᠋ᠤ᠌ ᠲᠠᠭᠠᠷᠠᠭᠤᠯᠤᠨ ᠡᠰᠬᠡᠨ᠎ᠡ᠃ ᠳᠠᠷᠠᠭ᠎ᠠ ᠨᠢ ᠮᠠᠢᠬᠠᠨ ᠤ᠋ ᠬᠣᠶᠠᠷ ᠬᠠᠵᠠᠭᠤ ᠳ᠋ᠤ᠌ ᠣᠷᠣᠬᠤ ᠭᠤᠷᠪᠠᠯᠵᠢᠨ ᠢ᠋ᠶ᠋ᠠᠨ ᠡᠰᠬᠡᠵᠦ ᠠᠷᠤ ᠲᠠᠯ᠎ᠠ ᠳ᠋ᠤ᠌ ᠮᠠᠢᠬᠠᠨ ᠤ᠋ ᠳᠡᠯᠡᠭᠰᠡᠨ ᠥᠷᠭᠡᠨ ᠲᠡᠢ ᠲᠡᠩᠴᠡᠭᠦᠦ ᠭᠤᠷᠪᠠᠯᠵᠢᠨ ᠢ᠋ ᠡᠰᠬᠡᠨ ᠨᠡᠢᠯᠡᠭᠦᠯᠦᠨ ᠣᠶᠣᠵᠤ ᠡᠭᠦᠳᠡ ᠶ᠋ᠢ ᠪᠣᠷᠣᠭᠠᠨ ᠴᠠᠰᠤ ᠲᠠᠢ ᠪᠤᠶᠤ ᠰᠠᠯᠬᠢ ᠰᠢᠭᠤᠷᠭᠠᠨ ᠲᠠᠢ ᠦᠶ᠎ᠡ ᠳ᠋ᠦ᠍ ᠬᠠᠭᠠᠬᠤ ᠨᠢᠭᠡ ᠭᠤᠷᠪᠠᠯᠵᠢᠨ ᠲᠠᠯ᠎ᠠ ᠦᠯᠡᠳᠡᠭᠡᠵᠦ ᠲᠡᠭᠦᠨ ᠳ᠋ᠡᠭᠡᠨ ᠭᠣᠭᠴᠣᠭ᠎ᠠ ᠬᠠᠲᠠᠵᠤ ᠮᠠᠢᠬᠠᠨ ᠤ᠋ ᠡᠭᠦᠳᠡᠨ ᠦ᠌ ᠵᠡᠭᠦᠨ ᠲᠠᠯ᠎ᠠ ᠳ᠋ᠤ᠌ ᠲᠣᠪᠴᠢ ᠬᠠᠳᠠᠨ᠎ᠠ᠃
      ᠭᠤᠷᠪᠠᠯᠵᠢᠨ ᠤ ᠭᠣᠭᠴᠣᠭ᠎ᠠ ᠶᠢ ᠲᠣᠪᠴᠢᠨ ᠳ᠋ᠤ᠌ ᠣᠷᠣᠭᠤᠯᠵᠤ ᠲᠣᠪᠴᠢᠯᠠᠨ ᠮᠠᠢᠬᠠᠨ ᠤ᠋ ᠡᠭᠦᠳᠡ ᠶ᠋ᠢ ᠬᠠᠭᠠᠨ᠎ᠠ᠃ ᠡᠰᠡᠪᠡᠯ ᠤᠷᠲᠤ ᠲᠠᠯ᠎ᠠ ᠳ᠋ᠤᠨᠢ ᠬᠣᠶᠠᠷ ᠲᠠᠯ᠎ᠠ ᠠ᠋ᠴᠠ ᠨᠡᠢᠯᠡᠭᠦᠯᠦᠨ ᠤᠶᠠᠵᠤ ᠪᠠᠢᠬᠤ ᠤᠶᠠᠭ᠎ᠠ ᠪᠦᠬᠦᠢ ᠬᠣᠶᠠᠷ ᠢᠵᠢᠯ ᠭᠤᠷᠪᠠᠯᠵᠢᠨ ᠭᠠᠷᠭᠠᠨ᠎ᠠ᠃
      ᠭᠤᠷᠪᠠᠯᠵᠢᠨ ᠠᠰᠠᠷ ᠮᠠᠢᠬᠠᠨ ᠪᠠᠭᠠᠨ᠎ᠠ ᠬᠣᠶᠠᠷ᠂ ᠨᠢᠷᠤᠭᠤ ᠮᠣᠳᠣ ᠨᠢᠭᠡ᠂ ᠲᠡᠯᠡᠵᠦ ᠲᠣᠭᠲᠠᠭᠠᠬᠤ ᠭᠠᠳᠠᠰᠤ12 ᠪᠠᠢᠨ᠎ᠠ᠃ ᠨᠡᠭᠦᠬᠦ ᠳ᠋ᠡᠭᠡᠨ ᠭᠠᠳᠠᠰᠤ ᠶ᠋ᠢ ᠰᠤᠭᠤᠯᠤᠨ ᠳᠣᠲᠣᠷ᠎ᠠ ᠨᠢ ᠲᠠᠯᠪᠢᠨ ᠡᠪᠬᠡᠵᠦ ᠬᠣᠶᠠᠷ ᠪᠠᠭᠠᠨ᠎ᠠ᠂ ᠭᠣᠣᠯ ᠮᠣᠳᠣᠨ ᠳ᠋ᠤ᠌ ᠣᠷᠢᠶᠠᠵᠤ ᠪᠣᠭᠣᠳᠠᠯ ᠪᠣᠯᠭᠠᠨ᠎ᠠ᠃
      ᠠᠰᠠᠷ ᠮᠠᠢᠬᠠᠨ ᠢ᠋ ᠴᠢᠮᠡᠬᠦ ᠳ᠋ᠦ᠍ ᠨᠠᠷᠢᠨ ᠬᠠᠳᠬᠤᠮᠠᠯ ᠬᠢᠬᠦ ᠲᠦᠪᠡᠭᠲᠡᠢ ᠤᠴᠢᠷ ᠳᠠᠪᠤᠤ ᠶ᠋ᠢᠨ ᠬᠡ ᠬᠠᠢᠴᠢᠯᠠᠨ ᠲᠠᠯᠪᠢᠵᠤ ᠵᠠᠬ᠎ᠠ ᠶ᠋ᠢ ᠳᠠᠷᠤᠭᠤᠯᠤᠨ ᠣᠶᠣᠨ᠎ᠠ᠃ ᠡᠢᠮᠦ ᠴᠢᠮᠡᠭᠯᠡᠯ ᠬᠢᠬᠦ ᠶ᠋ᠢᠨ ᠲᠤᠯᠠᠳᠠ ᠠᠰᠠᠷ ᠮᠠᠢᠬᠠᠨ ᠢ᠋ᠶ᠋ᠠᠨ ᠡᠰᠬᠡᠵᠦ ᠳᠠᠭᠤᠰᠤᠮᠠᠭᠴᠠ ᠲᠡᠭᠦᠨ ᠦ᠌ ᠥᠨᠳᠥᠷ᠂ ᠨᠠᠮ᠂ ᠪᠤᠯᠤᠩ ᠵᠡᠷᠭᠡ ᠳ᠋ᠦ᠍ ᠲᠣᠬᠢᠷᠠᠭᠤᠯᠤᠨ ᠬᠡ ᠶ᠋ᠢ ᠲᠠᠯᠪᠢᠨ᠎ᠠ᠃ ᠡᠮᠡᠭᠲᠡᠢ ᠬᠥᠮᠦᠨ ᠦ᠌ ᠴᠢᠮᠡᠭᠯᠡᠬᠦ ᠤᠷᠠᠨ ᠦᠢᠯᠡ ᠳᠣᠲᠣᠷ᠎ᠠ ᠠ᠋ᠴᠠ ᠭᠡᠷ᠂ ᠮᠠᠢᠬᠠᠨ ᠤ᠋ ᠭᠣᠶᠣᠯ ᠴᠢᠮᠡᠭᠯᠡᠯ ᠠᠰᠤᠷᠤ ᠶᠡᠬᠡ ᠪᠥᠭᠡᠳ ᠮᠣᠩᠭᠣᠯ ᠤ᠋ᠨ ᠡᠮᠡᠭᠲᠡᠢᠴᠦᠳ ᠲᠡᠭᠦᠨ ᠢ᠋ ᠴᠥᠮ ᠭᠠᠷ ᠢ᠋ᠶ᠋ᠠᠷ ᠰᠢᠭᠯᠠᠨ ᠣᠶᠣᠵᠤ ᠪᠠᠢᠯ᠎ᠠ᠃ ᠣᠷᠴᠢᠨ ᠦᠶ᠎ᠡ ᠳ᠋ᠦ᠍ ᠦᠢᠯᠡᠳᠪᠦᠷᠢ ᠬᠥᠭᠵᠢᠬᠦ ᠶ᠋ᠢᠨ ᠵᠡᠷᠭᠡᠴᠡᠭᠡ ᠠᠢᠯ ᠭᠡᠷ ᠲᠤ ᠣᠶᠣᠳᠠᠯ ᠤ᠋ᠨ ᠮᠠᠰᠢᠨ ᠨᠡᠪᠲᠡᠷᠡᠭᠰᠡᠨ ᠨᠢ ᠭᠠᠷ ᠠᠵᠢᠯᠯᠠᠭ᠎ᠠ ᠶ᠋ᠢ ᠮᠧᠬᠠᠨᠢᠭᠵᠢᠭᠤᠯᠵᠤ ᠡᠮᠡᠭᠲᠡᠢᠴᠦᠳ ᠦ᠋ᠨ ᠬᠥᠳᠡᠯᠮᠦᠷᠢ ᠶ᠋ᠢ ᠬᠥᠩᠭᠡᠪᠴᠢᠯᠡᠯ᠎ᠡ᠃ ᠮᠠᠢᠬᠠᠨ ᠳ᠋ᠤ᠌ ᠬᠡ ᠲᠠᠯᠪᠢᠬᠤ ᠳ᠋ᠠᠭᠠᠨ ᠲᠡᠭᠦᠨ ᠦ᠌ ᠭᠣᠣᠯ ᠪᠣᠯᠤᠨ ᠬᠠᠵᠠᠭᠤ ᠲᠠᠯ᠎ᠠ ᠶ᠋ᠢᠨ ᠬᠡᠰᠡᠭ ᠦ᠋ᠳ ᠲᠤ ᠬᠣᠷᠯᠣ᠂ ᠲᠣᠨᠣᠯᠵᠢᠨ ᠪᠤᠶᠤ ᠯᠠᠨᠵᠠ᠂ ᠥᠯᠵᠡᠢ ᠬᠡ ᠲᠠᠯᠪᠢᠵᠤ ᠵᠠᠬ᠎ᠠ ᠪᠠᠷ ᠨᠢ ᠠᠯᠤᠬᠠᠨ ᠤᠭᠠᠯᠵᠠ ᠬᠡ ᠨᠦ᠍ᠭᠦᠳ ᠦ᠋ᠨ ᠠᠯᠢ ᠨᠢᠭᠡ ᠶ᠋ᠢ ᠬᠠᠢᠴᠢᠯᠠᠨ ᠲᠠᠯᠪᠢᠵᠤ ᠮᠠᠰᠢᠨᠳᠠᠨ᠎ᠠ᠃ ᠬᠠᠷᠢᠨ ᠵᠠᠬ᠎ᠠ ᠶ᠋ᠢᠨ ᠬᠡ ᠳ᠋ᠦ᠍ ᠪᠢᠲᠡᠭᠦᠦ ᠵᠠᠳᠠᠭᠠᠢ ᠠᠯᠤᠬ᠎ᠠ᠂ ᠤᠭᠠᠯᠵᠠ ᠬᠡ ᠶ᠋ᠢ ᠳᠠᠪᠤᠤ ᠪᠠᠷ ᠬᠠᠢᠴᠢᠯᠠᠨ ᠲᠠᠯᠪᠢᠬᠤ ᠳ᠋ᠤ᠌ ᠵᠣᠬᠢᠮᠵᠢᠲᠠᠢ ᠪᠠᠢᠳᠠᠭ᠃ ᠠᠰᠠᠷ ᠮᠠᠢᠬᠠᠨ ᠤ᠋ ᠲᠠᠯ᠎ᠠ ᠨᠤᠭᠤᠳ ᠢ᠋ ᠨᠡᠢᠯᠡᠭᠦᠯᠦᠨ ᠣᠶᠣᠬᠤ ᠳ᠋ᠠᠭᠠᠨ ᠡᠮᠵᠢᠶᠡᠷᠢ ᠬᠡᠰᠡᠭ ᠦ᠋ᠨ ᠣᠶᠣᠳᠠᠯ ᠤ᠋ᠨ ᠵᠠᠪᠰᠠᠷ ᠨᠠᠷᠢᠨ ᠬᠠᠪᠴᠢᠶᠠᠷᠢ ᠪᠠᠷᠢᠵᠤ ᠣᠶᠣᠪᠠᠯ ᠵᠣᠬᠢᠮᠵᠢᠲᠠᠢ ᠪᠠᠢᠳᠠᠭ᠃ ᠠᠰᠠᠷ
ᠮᠠᠢᠬᠠᠨ ᠢ᠋ ᠭᠣᠣᠯᠳᠠᠭᠤ ᠴᠡᠩᠬᠡᠷ ᠥᠩᠭᠡ ᠪᠡᠷ ᠬᠢᠵᠦ ᠴᠠᠭᠠᠨ ᠳᠠᠪᠤᠤ ᠪᠠᠷ ᠲᠣᠨᠣᠭᠯᠠᠬᠤ ᠪᠤᠶᠤ ᠡᠰᠡᠪᠡᠯ ᠴᠠᠭᠠᠨ ᠥᠩᠭᠡ ᠪᠡᠷ ᠬᠢᠵᠦ ᠴᠡᠩᠬᠡᠷ ᠥᠩᠭᠡ ᠪᠡᠷ ᠲᠣᠨᠣᠭᠯᠠᠪᠠᠯ ᠵᠣᠬᠢᠮᠵᠢᠲᠠᠢ᠃
      ᠠᠰᠠᠷ ᠮᠠᠢᠬᠠᠨ ᠬᠥᠮᠦᠨ ᠬᠠᠷᠠᠬᠤ ᠳ᠋ᠤ᠌ ᠳᠠᠪᠤᠤ ᠪᠣᠯᠪᠠᠴᠤ ᠶᠠᠮᠠᠷ ᠴᠤ ᠪᠣᠷᠣᠭᠠᠨ ᠳ᠋ᠤ᠌ ᠨᠡᠪᠲᠡᠷᠡᠳᠡᠭ ᠦᠭᠡᠢ ᠪᠥᠭᠡᠳ ᠪᠣᠷᠣᠭᠠᠨ ᠲᠠᠢ ᠦᠶ᠎ᠡ ᠳ᠋ᠦ᠍ ᠳᠣᠲᠣᠷ᠎ᠠ ᠨᠢ ᠶᠠᠭᠤᠮ᠎ᠠ ᠲᠤᠯᠭᠠᠵᠤ ᠬᠤᠷᠢᠶᠠᠬᠤ ᠪᠤᠶᠤ ᠠᠰᠠᠷ ᠮᠠᠢᠬᠠᠨ ᠤ᠋ ᠶᠡᠬᠡ ᠪᠡᠶ᠎ᠡ ᠳ᠋ᠦ᠍ ᠭᠠᠷ ᠢ᠋ᠶ᠋ᠠᠨ ᠬᠦᠷᠭᠡᠬᠦ ᠵᠡᠷᠭᠡ ᠳ᠋ᠦ᠍ ᠳᠤᠰᠤᠭᠠᠯ ᠭᠣᠭᠣᠵᠢᠨ᠎ᠠ᠃ ᠬᠠᠷᠢᠨ ᠬᠣᠯᠠ ᠶ᠋ᠢᠨ ᠠᠶᠠᠨ ᠳ᠋ᠤ᠌ ᠪᠤᠶᠤ ᠬᠡᠭᠡᠷ᠎ᠡ ᠤᠳᠠᠭᠠᠨ ᠪᠠᠢᠬᠤ ᠠᠵᠢᠯ ᠤ᠋ᠨ ᠮᠠᠢᠬᠠᠨ ᠢ᠋ ᠪᠷᠧᠽᠧᠨ᠋ᠲ ᠢ᠋ᠶ᠋ᠡᠷ ᠬᠢᠪᠡᠯ ᠲᠣᠬᠢᠷᠠᠮᠵᠢᠲᠠᠢ ᠶᠤᠮ᠃ ᠮᠠᠢᠬᠠᠨ ᠬᠢᠬᠦ ᠮᠠᠲ᠋ᠧᠷᠢᠶᠠᠯ ᠰᠣᠩᠭᠣᠬᠤ ᠳ᠋ᠠᠭᠠᠨ ᠳᠠᠯᠢᠩᠪᠤᠤ᠂ ᠴᠤᠤᠶᠠᠩᠪᠤᠤ᠂ ᠲᠥᠷᠥᠯ ᠪᠦᠷᠢ ᠶ᠋ᠢᠨ ᠬᠢᠯᠢᠩ ᠢ᠋ᠶ᠋ᠡᠷ ᠬᠢᠪᠡᠯ ᠲᠣᠬᠢᠷᠠᠮᠵᠢᠲᠠᠢ ᠪᠠᠢᠳᠠᠭ᠃
      ᠮᠠᠢᠬᠠᠨ᠂ ᠦᠨᠳᠦᠰᠦᠲᠡᠨ ᠦ᠌ ᠮᠠᠯ ᠠᠵᠤ ᠠᠬᠤᠢ ᠶ᠋ᠢᠨ ᠣᠲᠣᠷ ᠨᠡᠭᠦᠳᠡᠯ ᠳ᠋ᠦ᠍ ᠣᠳᠣ ᠴᠤ ᠥᠷᠭᠡᠨ ᠬᠡᠷᠡᠭᠯᠡᠭᠳᠡᠵᠦ ᠪᠠᠢᠳᠠᠭ ᠢ᠋ᠶ᠋ᠠᠷ ᠦᠯᠦ ᠪᠠᠷᠠᠨ ᠵᠤᠨ ᠤ᠋ ᠰᠠᠭᠤᠴᠠᠨ ᠳ᠋ᠤ᠌ ᠬᠡᠷᠡᠭᠯᠡᠬᠦ ᠳ᠋ᠦ᠍ ᠲᠣᠬᠢᠷᠠᠮᠵᠢᠲᠠᠢ ᠪᠠᠢᠳᠠᠭ᠃
ᠮᠠᠢᠬᠠᠨ ᠠᠰᠠᠷ ᠢ᠋ ᠣᠳᠣ ᠶ᠋ᠢᠨ ᠰᠣᠶᠣᠯ ᠲᠠᠢ ᠣᠷᠣᠨ ᠳ᠋ᠤ᠌ ᠴᠤ ᠬᠡᠷᠡᠭᠯᠡᠵᠦ ᠪᠠᠢᠭ᠎ᠠ ᠪᠣᠯᠪᠠᠴᠤ ᠤᠷ᠎ᠠ ᠬᠢᠴᠡ ᠶ᠋ᠢᠨ ᠬᠤᠪᠢ ᠳ᠋ᠤ᠌ ᠥᠭᠡᠷ᠎ᠡ ᠪᠠᠢᠳᠠᠭ᠃ ᠮᠠᠢᠬᠠᠨ ᠢ᠋ ᠮᠠᠨ ᠤ᠋ ᠣᠷᠣᠨ ᠳ᠋ᠤ᠌ ᠨᠡᠢᠲᠡᠯᠢᠭ ᠬᠡᠷᠡᠭᠯᠡᠵᠦ ᠬᠥᠮᠦᠨ ᠠᠷᠠᠳ ᠤ᠋ᠨ ᠬᠡᠷᠡᠭᠴᠡᠭᠡ ᠶ᠋ᠢ ᠬᠠᠩᠭᠠᠵᠤ ᠪᠠᠢᠭᠰᠠᠨ ᠤᠴᠢᠷ ᠠᠷᠠᠳ ᠲᠦᠮᠡᠨ ᠳᠠᠭᠤᠤ ᠰᠢᠯᠦᠭ ᠲᠡᠭᠡᠨ ᠣᠷᠣᠭᠤᠯᠤᠨ ᠳᠠᠭᠤᠯᠠᠳᠠᠭ ᠪᠠᠢᠵᠠᠢ᠃
ᠳᠠᠩ ᠳᠠᠪᠤᠤ ᠮᠠᠢᠬᠠᠨ
ᠳᠠᠪᠠᠭᠠᠨ ᠳᠡᠭᠡᠷ᠎ᠡ ᠪᠡᠨ ᠳᠡᠷᠪᠡᠭᠡᠳ ᠪᠠᠢᠨ᠎ᠠ᠃
ᠳᠠᠪᠬᠤᠷ ᠬᠣᠶᠠᠷ ᠠᠯᠠᠭ ᠨᠢᠳᠦ
ᠲᠠᠩᠳᠠ ᠲᠡᠭᠦᠨ ᠳᠡᠭᠡᠷ᠎ᠡ ᠲᠣᠰᠤᠭᠠᠳ ᠪᠠᠢᠨ᠎ᠠ᠃

ᠰᠢᠨᠡᠬᠡᠨ ᠬᠢᠭᠰᠡᠨ ᠴᠡᠩᠬᠡᠷ ᠮᠠᠢᠬᠠᠨ
ᠰᠢᠯᠢ ᠶ᠋ᠢᠨ ᠭᠣᠣᠯ ᠳᠡᠭᠡᠷ᠎ᠡ ᠳᠡᠷᠪᠡᠭᠡᠳ ᠪᠠᠢᠨ᠎ᠠ᠃
ᠰᠢᠨᠡᠬᠡᠨ ᠬᠠᠨᠢᠯᠠᠭᠰᠠᠨ ᠮᠢᠨᠦ ᠠᠮᠠᠷᠠᠭ
ᠰᠢᠪᠡᠨᠡᠵᠦ ᠶᠠᠭᠤ ᠪᠠᠨ ᠶᠠᠷᠢᠭᠰᠠᠨ ᠶᠤᠮ ᠪᠣᠯ ᠳᠠ᠃

ᠡᠷᠢᠶᠡᠨ ᠳᠠᠪᠤᠤ ᠶ᠋ᠢᠨ ᠮᠠᠢᠬᠠᠨ
ᠡᠷᠭᠢᠨ ᠦ᠌ ᠵᠠᠬ᠎ᠠ ᠳᠡᠭᠡᠷ᠎ᠡ ᠳᠡᠷᠪᠡᠭᠡᠳ ᠪᠠᠢᠨ᠎ᠠ᠃
ᠡᠷᠪᠡᠭᠡᠷ ᠬᠣᠶᠠᠷ ᠠᠯᠠᠭ ᠨᠢᠳᠦ ᠮᠢᠨᠢ
ᠡᠩ ᠦ᠋ᠨ ᠲᠡᠭᠦᠨ ᠳᠡᠭᠡᠷ᠎ᠡ ᠲᠣᠰᠤᠭᠠᠳ ᠪᠠᠢᠨ᠎ᠠ᠃

ᠭᠡᠵᠦ ᠳᠠᠭᠤᠯᠠᠳᠠᠭ᠃

    ᠦᠰᠦᠭ ᠠᠮᠢᠯᠠᠭᠤᠯᠤᠭᠴᠢ᠄ ᠱᠠᠭᠰᠠᠯ᠂ ᠴᠠᠬᠠᠷ ᠪᠠᠲᠤ᠂ ᠭᠠᠷᠮ ‍ᠠ᠋
    ᠬᠢᠨᠠᠭᠴᠢ᠄ ᠰᠡᠬᠡᠭᠡᠷᠡᠯ᠂ ᠣᠳᠬᠠᠨᠰᠣ᠎ᠠ