ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ15-ᠰᠢᠷᠡᠭᠡᠨ ᠦ᠌ ᠬᠠᠳᠬᠤᠮᠠᠯ ᠲᠠᠢ ᠪᠦᠲᠡᠭᠡᠯᠭᠡ ᠬᠢᠬᠦ
ᠬᠣᠶᠠᠳᠤᠭᠠᠷ ᠪᠦᠯᠦᠭ15-ᠰᠢᠷᠡᠭᠡᠨ ᠦ᠌ ᠬᠠᠳᠬᠤᠮᠠᠯ ᠲᠠᠢ ᠪᠦᠲᠡᠭᠡᠯᠭᠡ ᠬᠢᠬᠦ
ᠰᠢᠷᠡᠭᠡᠨ ᠦ ᠪᠦᠲᠡᠭᠡᠯ
ᠭᠡ ᠶ᠋ᠢ ᠬᠡᠳᠦ ᠨᠢᠮᠭᠡᠨ ᠮᠠᠲ᠋ᠧᠷᠢᠶᠠᠯ ᠢ᠋ᠶ᠋ᠠᠷ ᠬᠢᠬᠦ ᠨᠢ ᠵᠣᠬᠢᠮᠵᠢ ᠦᠭᠡᠢ ᠪᠥᠭᠡᠳ ᠬᠠᠳᠬᠤᠮᠠᠯ ᠳ᠋ᠤ᠌ ᠵᠣᠷᠢᠭᠤᠯᠵᠤ ᠴᠡᠷᠳᠡᠵᠦ ᠪᠡᠯᠡᠳᠬᠡᠭᠰᠡᠨ ᠪᠠᠢᠬᠤ ᠶᠣᠰᠣᠲᠠᠢ᠃
ᠰᠢᠷᠡᠭᠡᠨ ᠦ ᠪᠦᠲᠡᠭᠡᠯ ᠭᠡ ᠶ᠋ᠢ ᠡᠰᠬᠡᠬᠦ ᠳ᠋ᠡᠭᠡᠨ ᠰᠢᠷᠡᠭᠡᠨ ᠦ᠌ ᠪᠡᠨ ᠲᠣᠮᠣ ᠪᠠᠭ᠎ᠠ ᠳ᠋ᠤ᠌ ᠲᠣᠬᠢᠷᠠᠭᠤᠯᠤᠨ ᠭᠡᠷ ᠲᠦ ᠪᠠᠢᠭ᠎ᠠ ᠬᠥᠰᠢᠭᠡ ᠣᠷᠣᠨ ᠰᠠᠭᠤᠴᠠ ᠶ᠋ᠢᠨ ᠬᠠᠨ᠎ᠠ᠂ ᠮᠣᠩᠭᠣᠯ ᠭᠡᠷ ᠦ᠋ᠨ ᠬᠥᠰᠢᠭᠡ᠂ ᠣᠷᠣᠨ ᠤ᠋ ᠪᠦᠲᠡᠭᠡᠯᠭᠡ ᠵᠡᠷᠭᠡ ᠶ᠋ᠢᠨ ᠥᠩᠭᠡ ᠲᠡᠢ ᠬᠣᠣᠰᠯᠠᠭᠤᠯᠵᠤ ᠠᠪᠤᠨ᠎ᠠ᠃ ᠬᠠᠳᠬᠤᠬᠤ ᠬᠠᠳᠬᠤᠮᠠᠯ ᠢ᠋ᠶ᠋ᠠᠨ ᠮᠥᠨ ᠭᠡᠷ ᠦ᠋ᠨ ᠬᠣᠭᠰᠢᠯ ᠤ᠋ᠨ ᠥᠩᠭᠡ ᠲᠡᠢ ᠵᠣᠬᠢᠴᠠᠭᠤᠯᠵᠤ ᠤᠲᠠᠰᠤ᠂ ᠬᠡ ᠶ᠋ᠢ ᠰᠣᠩᠭᠣᠨ ᠠᠪᠴᠤ ᠣᠶᠣᠬᠤ ᠪᠥᠭᠡᠳ ᠬᠠᠳᠬᠤᠮᠠᠯ ᠬᠢᠬᠦ ᠠᠷᠭ᠎ᠠ ᠳᠡᠭᠡᠷ᠎ᠡ ᠳᠤᠷᠠᠳᠤᠭᠰᠠᠨ ᠲᠠᠢ ᠠᠳᠠᠯᠢᠬᠠᠨ ᠪᠠᠢᠨ᠎ᠠ᠃ ᠬᠠᠷᠢᠨ ᠵᠠᠬ᠎ᠠ ᠪᠠᠷ ᠨᠢ ᠥᠩᠭᠡ ᠪᠣᠯᠤᠨ ᠲᠡᠭᠦᠨ ᠦ᠌ ᠬᠠᠳᠬᠤᠮᠠᠯ ᠲᠠᠢ ᠢᠵᠢᠯ ᠥᠩᠭᠡ ᠲᠡᠢ ᠲᠠᠮᠤᠭᠰᠠᠨ ᠤᠲᠠᠰᠤ ᠪᠠᠷ ᠴᠠᠴᠤᠭ ᠬᠢᠪᠡᠯ ᠭᠣᠶᠣᠮᠰᠣᠭ ᠪᠣᠯᠳᠠᠭ᠃ ᠴᠣᠩᠬᠣᠨ ᠤ᠋ ᠬᠥᠰᠢᠭᠡ ᠶ᠋ᠢ ᠬᠡᠳᠦ ᠵᠤᠵᠠᠭᠠᠨ ᠪᠤᠶᠤ ᠪᠠᠷᠠᠭᠠᠨ ᠥᠩᠭᠡ ᠶ᠋ᠢᠨ ᠮᠠᠲ᠋ᠧᠷᠢᠶᠠᠯ ᠢ᠋ᠶ᠋ᠠᠷ ᠬᠢᠬᠦ ᠵᠣᠬᠢᠮᠵᠢ ᠦᠭᠡᠢ ᠤᠴᠢᠷ ᠠᠯᠢ ᠪᠣᠯᠬᠤ ᠭᠡᠭᠡᠨ ᠭᠡᠷᠡᠯ ᠳᠤᠰᠬᠠᠬᠤ ᠶᠠᠭᠤᠮ᠎ᠠ ᠪᠠᠷ ᠬᠢᠵᠦ ᠬᠠᠳᠬᠤᠮᠠᠯ ᠢ᠋ ᠲᠡᠭᠦᠨ ᠳ᠋ᠦ᠍ ᠵᠣᠬᠢᠴᠠᠭᠤᠯᠤᠨ ᠸᠠᠭᠠᠷ ᠲᠠᠢ ᠴᠡᠴᠡᠭ᠂ ᠪᠤᠭᠤ᠂ ᠲᠣᠭᠣᠰ᠂ ᠳᠥᠷᠪᠡᠨ ᠬᠦᠴᠦᠲᠡᠨ ᠪᠤᠶᠤ ᠡᠪᠲᠡᠢ ᠳᠥᠷᠪᠡ ᠶ᠋ᠢ ᠣᠶᠣᠬᠤ ᠳ᠋ᠤ᠌ ᠵᠣᠬᠢᠮᠵᠢᠲᠠᠢ ᠪᠥᠭᠡᠳ ᠦᠨᠳᠦᠰᠦᠲᠡᠨ ᠦ᠌ ᠬᠡ ᠡᠴᠡ ᠬᠣᠷᠯᠣ᠂ ᠤᠭᠠᠯᠵᠠ ᠪᠠᠷ ᠴᠢᠮᠡᠭᠰᠡᠨ ᠥᠯᠵᠡᠢ ᠬᠡ ᠵᠣᠬᠢᠮᠵᠢᠲᠠᠢ᠃ ᠬᠡᠷᠪᠡ ᠦᠨᠳᠦᠰᠦᠲᠡᠨ ᠦ᠌ ᠬᠡ ᠭᠣᠣᠯ ᠳ᠋ᠤᠨᠢ ᠣᠶᠣᠭᠰᠠᠨ ᠪᠣᠯ ᠳᠣᠣᠷᠠᠲᠤ ᠵᠠᠬ᠎ᠠ ᠪᠠᠷ ᠨᠢ ᠪᠢᠲᠡᠭᠦᠦ ᠵᠠᠳᠠᠭᠠᠢ ᠠᠯᠤᠬᠠᠨ ᠬᠡ ᠣᠶᠣᠪᠠᠯ ᠵᠣᠬᠢᠮᠵᠢᠲᠠᠢ᠃ ᠬᠠᠷᠢᠨ ᠸᠠᠭᠠᠷ ᠲᠠᠢ ᠴᠡᠴᠡᠭ ᠰᠢᠪᠠᠭᠤ ᠣᠶᠣᠭᠰᠠᠨ ᠪᠣᠯ ᠳᠣᠣᠷᠠᠲᠤ ᠲᠠᠯ᠎ᠠ ᠪᠠᠷ ᠨᠢ ᠴᠡᠴᠡᠭ ᠵᠣᠬᠢᠮᠵᠢᠲᠠᠢ᠃
ᠲᠣᠮᠣ ᠬᠡᠮᠵᠢᠶᠡᠨ ᠦ᠌ ᠬᠡ ᠳ᠋ᠦ᠍ ᠴᠡᠴᠡᠭ ᠨᠠᠪᠴᠢ ᠣᠶᠣᠬᠤ ᠶ᠋ᠢᠨ ᠣᠷᠣᠨ ᠳ᠋ᠤ᠌ ᠦᠨᠳᠦᠰᠦᠲᠡᠨ ᠦ᠌ ᠬᠡ ᠶ᠋ᠢ ᠵᠡᠭᠡᠭᠲᠦ ᠨᠠᠭᠠᠮᠠᠯ ᠢ᠋ᠶ᠋ᠠᠷ ᠲᠣᠨᠣᠭᠯᠠᠬᠤ ᠨᠢ ᠵᠣᠬᠢᠮᠵᠢᠲᠠᠢ᠃
ᠣᠶᠣᠪᠠᠯ ᠵᠢᠷᠤᠭ23
(1) ᠰᠢᠷᠡᠭᠡᠨ ᠦ᠌ ᠬᠠᠳᠬᠤᠮᠠᠯ ᠲᠠᠢ ᠪᠦᠲᠡᠭᠡᠯᠭᠡ
(2) ᠴᠣᠩᠬᠣᠨ ᠤ᠋ ᠬᠠᠳᠬᠤᠮᠠᠯ ᠲᠠᠢ ᠬᠥᠰᠢᠭᠡ

ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠰᠡᠬᠡᠭᠡᠷᠡᠯ᠂ ᠣᠳᠬᠠᠨᠰᠣ᠎ᠠ
