ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ14-ᠡᠮᠡᠭᠲᠡᠢ ᠬᠥᠮᠦᠨ ᠦ᠌ ᠤᠲᠠᠰᠤ ᠵᠡᠭᠦᠦ ᠶ᠋ᠢᠨ ᠪᠤᠢᠯᠠᠨ ᠪᠤᠶᠤ ᠵᠡᠭᠦᠪᠴᠢ ᠬᠢᠬᠦ
ᠲᠣᠮᠣ ᠵᠢᠵᠢᠭ ᠪᠣᠢᠯᠠᠨ ᠬᠢᠬᠦ ᠳ᠋ᠡᠭᠡᠨ ᠡᠬᠢᠯᠡᠭᠡᠳ ᠳᠡᠪᠢᠰᠬᠡᠷ ᠢ᠋ᠶ᠋ᠡᠨ ᠰᠣᠩᠭᠣᠨ ᠠᠪᠴᠤ ᠱᠣ ᠳᠥᠷᠪᠡᠯᠵᠢᠨ ᠪᠣᠯᠭᠠᠨ ᠡᠰᠬᠡᠭᠡᠳ ᠲᠡᠭᠦᠨ ᠢ᠋ ᠪᠡᠨ ᠴᠠᠷᠳᠠᠨ ᠴᠠᠪᠤᠭᠯᠠᠵᠤ ᠳᠥᠷᠪᠡᠨ ᠬᠣᠰᠢᠭᠤ ᠳ᠋ᠤᠨᠢ ᠪᠤᠯᠤᠩ ᠤ᠋ᠨ ᠭᠤᠷᠪᠠᠯᠵᠢᠨ ᠬᠡ ᠲᠠᠯᠪᠢᠵᠤ ᠣᠶᠣᠭᠠᠳ ᠶᠠᠭ ᠭᠣᠣᠯ ᠳ᠋ᠤᠨᠢ ᠳᠤᠭᠤᠢ ᠪᠤᠶᠤ ᠳᠥᠷᠪᠡᠯᠵᠢᠨ ᠬᠡ ᠤᠭᠠᠯᠵᠠ ᠣᠶᠣᠵᠤ ᠵᠠᠬᠢᠳᠠᠯ ᠤ᠋ᠨ ᠲᠣᠭᠳᠣᠢ ᠰᠢᠭ᠋ ᠭᠤᠷᠪᠠᠨ ᠲᠠᠯ᠎ᠠ ᠶ᠋ᠢ ᠣᠶᠣᠵᠤ ᠨᠢᠭᠡ ᠲᠠᠯ᠎ᠠ ᠶ᠋ᠢ ᠣᠷᠬᠢᠨ᠎ᠠ᠃ ᠣᠷᠬᠢᠭᠰᠠᠨ ᠲᠡᠷᠡ ᠦᠵᠦᠭᠦᠷ ᠲᠡᠭᠡᠨ ᠤᠲᠠᠰᠤ ᠲᠠᠮᠤᠬᠤ ᠪᠤᠶᠤ ᠰᠦᠯᠵᠢᠨ ᠣᠭᠣᠰᠣᠷ ᠬᠢᠬᠦ ᠪᠠ ᠣᠭᠣᠰᠣᠷ ᠤ᠋ᠨ ᠦᠵᠦᠭᠦᠷ ᠲᠤ ᠱ᠌ᠢᠷᠦ ᠲᠣᠪᠴᠢ ᠲᠣᠭᠲᠠᠭᠠᠬᠤ ᠪᠤᠶᠤ ᠡᠰᠡᠪᠡᠯ ᠴᠠᠴᠤᠭ ᠬᠢᠨ᠎ᠡ᠃ ᠬᠤᠷᠤᠭᠤᠪᠴᠢ᠂ ᠤᠲᠠᠰᠤ ᠪᠠᠨ ᠪᠤᠢᠯᠠᠨ ᠳ᠋ᠠᠭᠠᠨ ᠬᠢᠵᠦ᠂ ᠵᠡᠭᠦᠦ ᠶ᠋ᠢ ᠠᠮᠠᠨ ᠤ᠋ ᠪᠠ ᠳᠣᠣᠷᠠᠲᠤ ᠲᠠᠯ᠎ᠠ ᠳ᠋ᠤ᠌ ᠬᠥᠰᠢᠨ ᠬᠠᠳᠬᠤᠵᠤ ᠬᠤᠢᠯᠠᠵᠤ ᠦᠵᠦᠭᠦᠷ ᠦ᠋ᠨ ᠪᠦᠴᠡ ᠪᠡᠷ ᠣᠷᠢᠶᠠᠨ᠎ᠠ᠃ ᠡᠭᠦᠨ ᠢ᠋ ᠭᠡᠷ ᠲᠡᠭᠡᠨ ᠪᠣᠯᠤᠨ ᠬᠡᠭᠡᠷ᠎ᠡ ᠶ᠋ᠢᠨ ᠠᠶᠠᠨ ᠳ᠋ᠤ᠌ ᠭᠠᠷ ᠴᠦᠩᠬᠦᠨ ᠳ᠋ᠡᠭᠡᠨ ᠬᠢᠵᠦ ᠠᠪᠴᠤ ᠶᠠᠪᠤᠬᠤ ᠳ᠋ᠤ᠌ ᠲᠣᠬᠢᠷᠠᠮᠵᠢᠲᠠᠢ᠃ ᠴᠦᠩᠬᠦ ᠤᠭᠤᠲᠠ ᠶ᠋ᠢ ᠦᠢᠲᠠᠩ ᠬᠤᠸᠠᠷ ᠢ᠋ᠶ᠋ᠠᠷ᠂ ᠬᠢᠯᠢᠩ ᠢ᠋ᠶ᠋ᠡᠷ᠂ ᠬᠠᠳᠬᠤᠮᠠᠯ ᠦᠭᠡᠢ ᠬᠢᠵᠦ ᠪᠣᠯᠤᠨ᠎ᠠ᠃
ᠵᠡᠭᠦᠪᠴᠢ ᠬᠢᠬᠦ ᠮᠣᠩᠭᠣᠯ ᠤ᠋ᠨ ᠡᠮᠡᠭᠲᠡᠢᠴᠦᠳ ᠬᠣᠨᠢ ᠬᠠᠷᠢᠭᠤᠯᠬᠤ᠂ ᠥᠭᠡᠷ᠎ᠡ ᠪᠤᠰᠤᠳ ᠠᠵᠢᠯ ᠳ᠋ᠤ᠌ ᠶᠠᠪᠤᠬᠤ ᠳ᠋ᠠᠭᠠᠨ ᠦᠷᠭᠦᠯᠵᠢ ᠤᠲᠠᠰᠤ ᠵᠡᠭᠦᠦ ᠪᠡᠨ ᠪᠣᠯᠤᠨ ᠣᠶᠣᠬᠤ ᠶᠠᠭᠤᠮ᠎ᠠ ᠪᠠᠨ ᠠᠪᠴᠤ ᠶᠠᠪᠤᠬᠤ ᠴᠢᠯᠥᠭᠡ ᠵᠠᠪ ᠲᠠᠭᠠᠨ ᠣᠶᠣᠳᠠᠭ ᠪᠠᠢᠵᠠᠢ᠃ ᠢᠩᠭᠢᠵᠦ ᠠᠪᠴᠤ ᠶᠠᠪᠤᠬᠤ ᠳ᠋ᠤ᠌ ᠪᠥᠰᠡᠨ ᠳ᠋ᠡᠭᠡᠨ ᠵᠡᠭᠦᠬᠦ ᠳ᠋ᠦ᠍ ᠵᠣᠷᠢᠭᠤᠯᠤᠭᠰᠠᠨ ᠵᠡᠭᠦᠪᠴᠢ ᠭᠠᠷᠤᠭᠰᠠᠨ ᠪᠣᠯᠤᠯᠲᠠᠢ᠃ ᠵᠡᠭᠦᠪᠴᠢ ᠶ᠋ᠢ ᠬᠢᠬᠦ ᠳ᠋ᠡᠭᠡᠨ20cm ᠣᠷᠴᠢᠮ ᠤᠷᠲᠤ᠂7cm ᠣᠷᠴᠢᠮ ᠥᠷᠭᠡᠨ ᠲᠣᠷᠭ᠎ᠠ ᠳᠠᠪᠤᠤ ᠴᠠᠷᠳᠠᠨ ᠨᠢᠭᠡ ᠦᠵᠦᠭᠦᠷ ᠢ᠋ ᠨᠢ ᠨᠠᠷᠢᠨ ᠬᠣᠰᠢᠭᠤ ᠭᠠᠷᠭᠠᠵᠤ ᠥᠩᠭᠡ ᠳᠣᠲᠣᠷ ᠢ᠋ ᠨᠡᠢᠯᠡᠭᠦᠯᠦᠨ ᠣᠶᠣᠵᠤ ᠱᠥᠪᠥᠭᠡᠷ ᠦᠵᠦᠭᠦᠷ ᠢ᠋ ᠣᠷᠬᠢᠵᠤ ᠪᠤᠰᠤᠳ ᠢ᠋ ᠪᠢᠲᠡᠭᠦᠯᠡᠨ ᠵᠢᠭᠠᠰᠤᠨ ᠨᠢᠷᠤᠭᠤ ᠪᠤᠶᠤ ᠵᠥᠷᠢᠭᠦᠯᠡᠭ ᠬᠦᠪᠦᠷᠢᠳᠦᠯᠭᠡ ᠪᠡᠷ ᠣᠶᠣᠵᠤ ᠪᠢᠲᠡᠭᠦᠯᠡᠨ ᠭᠣᠣᠯ ᠤᠷᠤᠭᠤ ᠨᠢ ᠰᠢᠭᠯᠠᠭᠠᠰᠤ ᠪᠤᠶᠤ ᠵᠡᠭᠦᠦ ᠣᠷᠢᠶᠠᠬᠤ ᠣᠶᠣᠳᠠᠯ ᠢ᠋ᠶ᠋ᠠᠷ ᠬᠡᠯᠡᠬᠦ ᠮᠠᠶᠢᠭ ᠢ᠋ᠶ᠋ᠠᠷ ᠣᠶᠣᠵᠤ ᠬᠣᠶᠠᠷ ᠲᠠᠯ᠎ᠠ ᠶ᠋ᠢᠨ ᠬᠥᠨᠳᠡᠢ ᠵᠠᠢ ᠳ᠋ᠤ᠌ ᠭᠣᠣᠯ ᠤᠷᠤᠭᠤ ᠪᠠᠨ ᠪᠠᠭ᠎ᠠ ᠵᠡᠷᠭᠡ ᠬᠣᠪᠢᠯ ᠲᠠᠢ ᠰᠠᠪᠬ᠎ᠠ ᠮᠣᠳᠣ ᠵᠣᠷᠭᠣᠵᠤ ᠰᠢᠷᠭᠤᠭᠤᠯᠤᠨ ᠲᠡᠷᠡ ᠮᠣᠳᠣᠨ ᠤ᠋ ᠬᠣᠪᠢᠯ ᠳ᠋ᠤ᠌ ᠵᠡᠭᠦᠦ ᠲᠡᠪᠡᠨᠡ ᠪᠡᠨ ᠬᠢᠵᠦ ᠱᠥᠪᠥᠭᠡᠷ ᠦᠵᠦᠭᠦᠷ ᠲᠤ ᠪᠡᠬᠢᠯᠡᠭᠰᠡᠨ ᠤᠲᠠᠰᠤᠨ ᠣᠭᠣᠰᠣᠷ ᠢ᠋ ᠨᠡᠪᠲᠡ ᠬᠠᠳᠬᠤᠨ ᠠᠷᠤ ᠲᠠᠯ᠎ᠠ ᠳ᠋ᠤᠨᠢ ᠭᠠᠷᠭᠠᠵᠤ ᠪᠣᠭᠣᠭᠠᠳ ᠡᠭᠦᠨ ᠢ᠋ ᠲᠠᠲᠠᠵᠤ ᠵᠡᠭᠦᠪᠴᠢ ᠪᠡᠨ ᠬᠠᠭᠠᠵᠤ ᠠᠷᠤ ᠳ᠋ᠤᠨᠢ ᠵᠠᠩᠭᠢᠳᠤᠨ᠎ᠠ᠃ ᠵᠡᠭᠦᠪᠴᠢᠨ ᠦ᠌ ᠪᠦᠰᠡ ᠪᠤᠶᠤ ᠪᠠᠯ ᠳ᠋ᠤ᠌ ᠪᠡᠬᠢᠯᠡᠭᠳᠡᠭᠰᠡᠨ ᠣᠭᠣᠰᠣᠷ ᠢ᠋ ᠬᠣᠷᠭᠣᠢ ᠲᠣᠷᠭᠠᠨ ᠤ᠋ ᠥᠭᠡᠳᠡᠰᠦ ᠪᠡᠷ ᠲᠡᠭᠡᠭ ᠬᠢᠵᠦ ᠳᠡᠭᠡᠭ ᠦ᠋ᠨ ᠳᠡᠭᠡᠳᠦ ᠳᠣᠣᠷᠠᠲᠤ ᠲᠠᠯ᠎ᠠ ᠳ᠋ᠤ᠌ ᠱ᠌ᠢᠷᠦ᠂ ᠰᠤᠪᠤᠳ ᠪᠤᠶᠤ ᠰᠢᠯ ᠦᠯᠪᠦᠩ ᠬᠡᠯᠬᠢᠵᠦ ᠴᠢᠮᠡᠭᠯᠡᠬᠦ ᠪᠠ ᠳᠡᠷᠭᠡᠳᠡ ᠨᠢ ᠮᠣᠩᠭᠣᠯ ᠦᠨᠳᠦᠰᠦᠲᠡᠨ ᠦ᠌ ᠳᠥᠷᠦᠭᠡᠪᠴᠢᠨ ᠬᠤᠷᠤᠭᠤᠪᠴᠢ ᠮᠥᠩᠭᠥᠨ ᠤᠲᠠᠰᠤ ᠪᠠᠷ ᠬᠣᠯᠪᠣᠨ ᠭᠤᠶᠤᠨ᠎ᠠ᠃ ᠡᠰᠡᠪᠡᠯ ᠲᠡᠭᠡᠭ ᠦ᠋ᠨ ᠣᠷᠣᠨ ᠳ᠋ᠤ᠌ ᠥᠯᠵᠡᠢ ᠲᠤᠤᠬᠠᠢ ᠵᠠᠩᠭᠢᠳᠤᠨ ᠴᠢᠮᠡᠭᠯᠡᠬᠦ ᠪᠤᠶᠤ ᠱ᠌ᠢᠷᠦᠨ ᠭᠣᠣᠯ ᠲᠠᠢ ᠮᠥᠩᠭᠥᠨ ᠡᠷᠭᠢᠭᠦᠯᠭᠡ᠂ ᠮᠥᠩᠭᠥᠨ ᠭᠣᠬ᠎ᠠ ᠬᠢᠵᠦ ᠪᠠᠯ ᠪᠥᠰᠡᠨ ᠳ᠋ᠦ᠍ ᠭᠣᠭᠴᠣᠭ᠎ᠠ ᠪᠠᠷ ᠪᠡᠬᠢᠯᠡᠨ᠎ᠡ᠃ ᠵᠡᠭᠦᠪᠴᠢ ᠲᠡᠢ ᠬᠣᠣᠰᠯᠠᠭᠤᠯᠬᠤ ᠪᠤᠶᠤ ᠡᠰᠡᠪᠡᠯ ᠲᠤᠰᠬᠠᠢ ᠳ᠋ᠤᠨᠢ ᠴᠢᠬᠢ᠂ ᠬᠢᠮᠤᠰᠤ᠂ ᠰᠢᠳᠦ ᠴᠡᠪᠡᠷᠯᠡᠳᠡᠭ ᠵᠣᠷᠢᠭᠤᠯᠤᠯᠲᠠ ᠲᠠᠢ ᠮᠥᠩᠭᠥᠨ ᠰᠠᠭᠰᠤᠷᠠᠭᠠ ᠵᠡᠭᠦᠳᠡᠭ᠃ ᠡᠳᠡᠭᠡᠷ ᠨᠢ ᠨᠡᠭᠦᠳᠡᠯᠴᠢᠨ ᠰᠣᠶᠣᠯ ᠤ᠋ᠨ ᠮᠠᠷᠲᠠᠭᠳᠠᠰᠢ ᠦᠭᠡᠢ ᠳᠤᠷᠠᠰᠬᠠᠯᠲᠤ ᠵᠦᠢᠯ ᠪᠥᠭᠡᠳ ᠲᠤᠰ ᠤᠯᠤᠰ ᠤ᠋ᠨ ᠬᠥᠮᠦᠨ ᠠᠮᠠ ᠬᠡᠳᠦᠢᠪᠡᠷ ᠲᠠᠷᠠᠬᠠᠢ ᠪᠤᠲᠠᠷᠬᠠᠢ ᠵᠢᠯᠠᠭ᠎ᠠ ᠶ᠋ᠢᠨ ᠨᠢᠭᠡ ᠠᠮᠢᠳᠤᠷᠠᠵᠤ ᠪᠠᠢᠭᠰᠠᠨ ᠪᠣᠯᠪᠠᠴᠤ ᠥᠪᠡᠷ ᠦ᠋ᠨ ᠭᠡᠬᠦ ᠥᠪᠡᠷᠮᠢᠴᠡ ᠰᠣᠶᠣᠯ ᠬᠥᠭᠵᠢᠵᠦ ᠪᠠᠢᠭᠰᠠᠨ ᠢ᠋ ᠭᠡᠷᠡᠴᠢᠯᠡᠨ᠎ᠡ᠃ ᠡᠨᠡ ᠮᠥᠩᠭᠥᠨ ᠰᠠᠭᠰᠤᠷᠠᠭᠠ ᠣᠳᠣ ᠪᠠᠷ ᠬᠥᠮᠦᠨ ᠪᠡᠶ᠎ᠡ ᠳ᠋ᠡᠭᠡᠨ ᠠᠪᠴᠤ ᠶᠠᠪᠤᠳᠠᠭ ᠦᠭᠡᠢ ᠴᠦ᠍ ᠰᠣᠶᠣᠯ ᠤ᠋ᠨ ᠰᠠᠩ ᠳ᠋ᠤ᠌ ᠬᠠᠳᠠᠭᠠᠯᠠᠭᠳᠠᠨ ᠦᠯᠡᠳᠡᠭᠰᠡᠨ ᠪᠥᠭᠡᠳ ᠡᠷᠭᠢᠵᠦ ᠬᠡᠷᠡᠭᠯᠡᠭᠦᠰᠢᠲᠡᠢ ᠵᠦᠢᠯ ᠪᠢᠯᠡ᠃
ᠵᠢᠷᠤᠭ23
(1) ᠭᠣᠶᠣᠯ ᠴᠢᠮᠡᠭ ᠲᠡᠢ ᠬᠠᠭᠠᠯᠲᠠ ᠲᠠᠢ ᠵᠡᠭᠦᠪᠴᠢ
(2) ᠨᠡᠭᠡᠭᠡᠯᠲᠡ ᠲᠡᠢ ᠵᠡᠭᠦᠪᠴᠢ

ᠮᠣᠩᠭᠣᠯ ᠬᠥᠮᠦᠨ ᠦ᠌ ᠭᠣᠶᠣᠯ ᠪᠦᠷᠢ ᠵᠦᠭᠡᠷ ᠨᠢᠭᠡ ᠴᠢᠮᠡᠭ ᠪᠢᠰᠢ ᠵᠠᠪᠠᠯ ᠠᠮᠢᠳᠤᠷᠠᠯ ᠳ᠋ᠤ᠌ ᠬᠡᠷᠡᠭᠯᠡᠭᠳᠡᠳᠡᠭ ᠵᠦᠢᠯ ᠪᠠᠢᠳᠠᠭ ᠢ᠋ᠶ᠋ᠠᠷ ᠢ᠋ᠶ᠋ᠠᠨ ᠣᠨᠴᠠᠯᠢᠭ ᠲᠠᠢ᠃
ᠵᠡᠭᠦᠪᠴᠢᠨ ᠦ ᠳᠣᠣᠷᠠᠲᠤ ᠲᠠᠯ᠎ᠠ᠂ ᠳᠡᠭᠡᠷ᠎ᠡ ᠨᠢ ᠱ᠌ᠢᠷᠦ᠂ ᠰᠤᠪᠤᠳ᠂ ᠣᠭ᠌ᠶᠤ ᠮᠡᠲᠦ ᠵᠦᠢᠯ ᠢ᠋ ᠬᠡᠯᠬᠢᠭᠰᠡᠨ ᠳᠤᠮᠳᠠ ᠲᠠᠯ᠎ᠠ ᠶ᠋ᠢᠨ ᠬᠢ ᠨᠢ ᠠᠷᠠᠯ ᠤᠷᠲᠤ᠂ ᠬᠣᠶᠠᠷ ᠲᠠᠯ᠎ᠠ ᠶ᠋ᠢᠨ ᠬᠢ ᠨᠢ ᠪᠣᠭᠣᠨᠢ ᠭᠤᠷᠪᠠᠨ ᠬᠣᠣᠰ ᠴᠠᠴᠤᠭ ᠪᠠᠢᠳᠠᠭ᠂ ᠣᠳᠣ ᠡᠭᠦᠨ ᠢ᠋ ᠵᠡᠭᠦᠳᠡᠭ ᠦᠭᠡᠢ ᠤᠴᠢᠷ ᠭᠣᠶᠣᠮᠰᠣᠭ ᠢ᠋ᠶ᠋ᠠᠷ ᠬᠢᠵᠦ ᠪᠠᠢᠰᠢᠩ ᠤ᠋ᠨ ᠬᠠᠨ᠎ᠠ ᠴᠢᠮᠡᠭᠯᠡᠨ᠎ᠡ᠃
ᠦᠰᠦᠭ ᠠᠮᠢᠯᠠᠭᠤᠯᠤᠭᠴᠢ᠄ ᠱᠠᠭᠰᠠᠯ᠂ ᠲᠣᠭᠲᠠᠭᠤᠨᠪᠠᠶᠠᠷ
ᠬᠢᠨᠠᠭᠴᠢ᠄ ᠪᠠᠶᠠᠷᠴᠡᠴᠡᠭ᠂ ᠰᠡᠬᠡᠭᠡᠷᠡᠯ᠂ ᠤᠳᠬᠠᠨᠰᠣ᠎ᠠ
