ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ13-ᠬᠠᠳᠬᠤᠮᠠᠯ ᠲᠠᠢ ᠬᠥᠭᠡᠷᠭᠡ ᠶ᠋ᠢᠨ ᠤᠭᠤᠲᠠ ᠬᠢᠬᠦ
ᠬᠣᠶᠠᠳᠤᠭᠠᠷ ᠪᠦᠯᠦᠭ13-ᠬᠠᠳᠬᠤᠮᠠᠯ ᠲᠠᠢ ᠬᠥᠭᠡᠷᠭᠡ ᠶ᠋ᠢᠨ ᠤᠭᠤᠲᠠ ᠬᠢᠬᠦ
ᠮᠣᠩᠭᠣᠯ ᠬᠥᠮᠦᠨ ᠬᠥᠭᠡᠷᠭᠡ ᠶ᠋ᠢ ᠡᠷᠲᠡ ᠦᠶ᠎ᠡ ᠡᠴᠡ ᠬᠡᠷᠡᠭᠯᠡᠵᠦ ᠢᠷᠡᠭᠰᠡᠨ ᠪᠥᠭᠡᠳ ᠳᠣᠷᠣᠨᠠᠳᠠᠬᠢᠨ ᠤ᠋ ᠭᠠᠩᠰᠠ ᠪᠠᠷ ᠲᠠᠮᠠᠬᠢᠯᠠᠳᠠᠭ ᠮᠡᠨᠳᠦᠴᠢᠯᠡᠭᠡ ᠶ᠋ᠢ ᠪᠣᠳᠣᠪᠠᠯ ᠴᠡᠪᠡᠷ ᠪᠠᠢᠳᠠᠭ ᠬᠥᠭᠡᠷᠭᠡ ᠶ᠋ᠢ ᠮᠡᠷᠭᠡᠳ ᠡᠷᠳᠡᠨᠢ᠂ ᠣᠭ᠌ᠶᠤ᠂ ᠭᠠᠷᠲᠠᠮ᠎ᠠ᠂ ᠮᠠᠨᠤ᠂ ᠬᠠᠰ᠂ ᠤᠨᠳᠤᠷᠭ᠎ᠠ ᠪᠣᠯᠤᠨ ᠪᠤᠰᠤᠳ ᠦᠨᠡᠲᠦ ᠴᠢᠯᠠᠭᠤ ᠱ᠌ᠢᠷᠦ᠂ ᠰᠤᠪᠤᠳ ᠢ᠋ᠶ᠋ᠠᠷ ᠬᠢᠳᠡᠭ ᠤᠴᠢᠷ ᠨᠢᠭᠡ ᠲᠠᠯ᠎ᠠ ᠪᠠᠷ ᠲᠡᠭᠦᠨ ᠢ᠋ ᠬᠠᠮᠠᠭᠠᠯᠠᠬᠤ᠂ ᠨᠥᠭᠦᠭᠡ ᠲᠠᠯ᠎ᠠ ᠪᠠᠷ ᠮᠣᠩᠭᠣᠯ ᠡᠷ᠎ᠡ ᠬᠥᠮᠦᠨ ᠦ᠌ ᠴᠢᠮᠡᠭ ᠪᠣᠯᠤᠭᠰᠠᠨ ᠤᠴᠢᠷ ᠡᠷᠲᠡ ᠴᠠᠭ ᠠ᠋ᠴᠠ ᠡᠳᠦᠭᠡ20 ᠳ᠋ᠤᠭᠠᠷ ᠵᠠᠭᠤᠨ ᠤ᠋ ᠰᠡᠭᠦᠯᠴᠢ ᠬᠦᠷᠲᠡᠯ᠎ᠡ ᠬᠥᠭᠡᠷᠭᠡ ᠶ᠋ᠢ ᠡᠷᠡᠴᠦᠳ ᠪᠥᠰᠡᠨ ᠳ᠋ᠡᠭᠡᠨ ᠵᠡᠭᠦᠵᠦ ᠭᠤᠶᠤᠳᠠᠭ ᠪᠠᠢᠯ᠎ᠠ᠃ ᠬᠥᠭᠡᠷᠭᠡ ᠶ᠋ᠢᠨ ᠤᠭᠤᠲᠠ ᠶ᠋ᠢ ᠬᠣᠶᠠᠷ ᠶᠠᠩᠵᠤ ᠪᠠᠷ ᠬᠢᠵᠦ ᠪᠥᠰᠡᠨ ᠳ᠋ᠦ᠍ ᠵᠡᠭᠦᠬᠦ᠂ ᠠᠷᠠᠢ ᠠᠪᠰᠠᠷᠬᠠᠨ ᠪᠠᠭ᠎ᠠ ᠤᠭᠤᠲᠠ ᠬᠢᠵᠦ ᠡᠪᠦᠷᠲᠦᠯᠡᠵᠦ ᠶᠠᠪᠤᠨ᠎ᠠ᠃
ᠬᠠᠷᠢᠨ ᠣᠶᠣᠬᠤ ᠦᠶ᠎ᠡ ᠳ᠋ᠦ᠍ ᠤᠷᠲᠤ ᠪᠠᠷ ᠢ᠋ᠶ᠋ᠠᠨ50-60cm᠂ ᠥᠷᠭᠡᠨ ᠢ᠋ᠶ᠋ᠡᠷ ᠢ᠋ᠶ᠋ᠡᠨ20-30cm ᠣᠷᠴᠢᠮ ᠬᠡᠮᠵᠢᠶ᠎ᠡ ᠲᠡᠢ᠂ ᠬᠣᠷᠭᠣᠢ ᠲᠣᠷᠭ᠎ᠠ ᠪᠠᠷ ᠲᠣᠨᠣᠭᠯᠠᠬᠤ ᠪᠤᠶᠤ ᠪᠤᠯᠤᠩ ᠢ᠋ ᠬᠣᠷᠭᠣᠢ ᠮᠠᠩᠨᠤᠭ ᠢ᠋ᠶ᠋ᠠᠷ ᠬᠢᠵᠦ ᠬᠠᠳᠬᠤᠮᠠᠯ ᠬᠠᠳᠬᠤᠬᠤ᠂ ᠡᠰᠡᠪᠡᠯ ᠬᠡ ᠲᠡᠢ ᠲᠣᠷᠭ᠎ᠠ ᠪᠠᠷ ᠠᠯᠲᠠ ᠮᠥᠩᠭᠥᠨ ᠰᠠ ᠲᠤᠤᠵᠠ ᠳᠠᠷᠤᠭᠤᠯᠤᠭᠰᠠᠨ ᠤᠭᠤᠲᠠ ᠶ᠋ᠢ ᠵᠡᠭᠦᠵᠦ ᠶᠠᠪᠤᠳᠠᠭ ᠪᠠᠢᠭᠰᠠᠨ᠃ ᠣᠳᠣ ᠴᠤ᠌ ᠵᠠᠷᠢᠮ ᠮᠠᠯᠴᠢᠳ ᠬᠡᠷᠡᠭᠯᠡᠭᠰᠡᠭᠡᠷ ᠪᠠᠢᠨ᠎ᠠ᠃ ᠬᠥᠭᠡᠷᠭᠡᠨ ᠳ᠋ᠦ᠍ ᠬᠠᠮᠤᠭ ᠰᠠᠢᠬᠠᠨ ᠦᠨᠦᠷᠲᠡᠨ ᠦ᠌ ᠳᠡᠭᠡᠵᠢ ᠰᠢᠩᠭᠡᠭᠰᠡᠨ ᠲᠠᠮᠠᠬᠢ ᠬᠢᠵᠦ ᠲᠡᠭᠦᠨ ᠢ᠋ᠶ᠋ᠡᠷ ᠢ᠋ᠶ᠋ᠡᠨ ᠲᠠᠮᠠᠬᠢᠯᠠᠳᠠᠭ ᠨᠢ ᠥᠪᠡᠷᠮᠢᠴᠡ ᠰᠢᠨᠵᠢ ᠲᠡᠢ᠃ ᠬᠥᠭᠡᠷᠭᠡᠨ ᠦ᠌ ᠳᠠᠯᠢᠩ ᠢ᠋ ᠬᠣᠷᠭᠣᠢ ᠲᠣᠷᠭ᠎ᠠ ᠪᠠᠷ ᠴᠢᠮᠡᠭᠯᠡᠵᠦ ᠭᠣᠶᠣᠮᠰᠣᠭ ᠬᠢᠵᠦ ᠳᠤᠷᠠᠯᠠᠭᠰᠠᠨ ᠬᠥᠮᠦᠨ ᠳ᠋ᠡᠭᠡᠨ ᠬᠠᠢᠷ᠎ᠠ ᠰᠡᠳᠬᠢᠯ ᠦ᠋ᠨ ᠪᠡᠯᠭᠡ ᠲᠡᠮᠳᠡᠭ ᠪᠣᠯᠭᠠᠵᠤ ᠥᠭᠳᠡᠭ ᠪᠠᠢᠭᠰᠠᠨ ᠲᠤᠬᠠᠢ ᠮᠠᠨ ᠤ᠋ ᠦᠯᠢᠭᠡᠷ᠂ ᠲᠤᠤᠯᠢᠰ᠂ ᠳᠠᠭᠤᠤ᠂ ᠢᠷᠠᠭᠤ ᠨᠠᠢᠷᠠᠭ ᠲᠤ᠌ ᠮᠥᠩᠬᠡᠵᠢᠨ ᠦᠯᠡᠳᠡᠭᠰᠡᠨ ᠰᠡᠳᠦᠪ ᠣᠯᠠᠨ ᠪᠠᠢᠳᠠᠭ᠃
ᠵᠢᠱ᠌ᠢᠶ᠎ᠡ ᠨᠢ᠄《ᠬᠣᠩᠭᠣᠷ ᠮᠣᠷᠢ》 ᠭᠡᠳᠡᠭ ᠠᠷᠠᠳ ᠤ᠋ᠨ ᠳᠠᠭᠤᠤ ᠳ᠋ᠤ᠌
ᠬᠣᠩᠭᠣᠷ ᠮᠣᠷᠢ ᠮᠢᠨᠢ
ᠬᠣᠨᠳᠣᠯᠠᠢ ᠳᠦᠭᠦᠷᠡᠩ
ᠬᠣᠩᠭᠣᠷ ᠤ᠋ᠨ ᠮᠢᠨᠢ ᠬᠢᠵᠦ ᠦᠭᠭᠦᠭᠰᠡᠨ
ᠬᠣᠷᠭᠣᠢ ᠲᠡᠯᠢᠩ ᠬᠦ
ᠰᠠᠷᠠᠯ ᠮᠣᠷᠢ ᠮᠢᠨᠢ
ᠰᠠᠢᠪᠤᠷ ᠳᠤᠮᠳᠠ ᠪᠠᠨ
ᠰᠠᠢᠨ ᠤ᠋ ᠮᠢᠨᠢ ᠬᠢᠵᠦ ᠥᠭᠭᠦᠭᠰᠡᠨ
ᠰᠠ ᠲᠠᠢ ᠳᠠᠯᠢᠩ ᠬᠦ
ᠪᠤᠭᠤᠷᠤᠯ ᠮᠣᠷᠢ ᠮᠢᠨᠢ
ᠪᠤᠷᠤᠭᠤ ᠦᠭᠡᠢ ᠨᠣᠮᠣᠬᠠᠨ
ᠪᠤᠭᠤᠷᠤᠯ ᠤ᠋ᠨ ᠮᠢᠨᠢ ᠬᠢᠵᠦ ᠥᠭᠭᠦᠭᠰᠡᠨ
ᠪᠤᠯᠤᠩ ᠲᠠᠢ ᠲᠡᠯᠢᠩ ᠬᠦ
ᠭᠡᠵᠦ ᠪᠠᠢᠳᠠᠭ᠃
ᠬᠥᠭᠡᠷᠭᠡᠨ ᠦ᠌ ᠲᠡᠯᠢᠩ ᠢ᠋ ᠡᠰᠬᠡᠬᠦ ᠳ᠋ᠡᠭᠡᠨ ᠬᠣᠶᠠᠷ ᠪᠤᠯᠤᠩ ᠳ᠋ᠤ᠌ ᠬᠣᠷᠭᠣᠢ᠂ ᠰᠠ ᠲᠠᠢ ᠲᠣᠷᠭ᠎ᠠ ᠣᠷᠣᠭᠤᠯᠬᠤ ᠪᠤᠶᠤ ᠡᠰᠡᠪᠡᠯ ᠵᠡᠭᠦᠦ ᠣᠷᠢᠶᠠᠬᠤ᠂ ᠬᠣᠨᠢᠨ ᠬᠣᠯᠪᠣᠭ᠎ᠠ ᠬᠠᠳᠬᠤᠮᠠᠯ ᠢ᠋ᠶ᠋ᠠᠷ ᠬᠡ ᠲᠠᠯᠪᠢᠵᠤ ᠠᠮᠠ ᠬᠡᠰᠡᠭ ᠦ᠋ᠨ ᠬᠣᠶᠠᠷ ᠲᠠᠯ᠎ᠠ ᠶ᠋ᠢ ᠢᠵᠢᠯ ᠬᠡᠮᠵᠢᠶ᠎ᠡ ᠲᠡᠢ ᠥᠷᠭᠡᠨ ᠡᠮᠵᠢᠵᠦ ᠬᠣᠰᠢᠮᠤᠭ ᠲᠠᠯᠪᠢᠬᠤ ᠪᠤᠶᠤ ᠡᠰᠡᠪᠡᠯ ᠠᠮᠠ ᠶ᠋ᠢ ᠵᠥᠷᠢᠵᠦ ᠪᠠᠢᠬᠤ ᠪᠠᠷ ᠲᠠᠭᠠᠷᠠᠭᠤᠯᠵᠤ ᠨᠢᠭᠡ ᠲᠠᠯ᠎ᠠ ᠶ᠋ᠢᠨ ᠡᠮᠵᠢᠶᠡᠷᠢ ᠶ᠋ᠢ ᠥᠷᠭᠡᠨ ᠬᠢᠨ᠎ᠡ᠃ ᠬᠠᠳᠬᠤᠮᠠᠯ ᠬᠠᠳᠬᠤᠬᠤ ᠳ᠋ᠠᠭᠠᠨ ᠳᠥᠷᠪᠡᠯᠵᠢᠨ ᠴᠢᠮᠡᠭᠯᠡᠯ ᠬᠢᠭᠰᠡᠨ ᠲᠡᠯᠢᠩ ᠦ᠋ᠨ ᠪᠤᠯᠤᠩ ᠳ᠋ᠤ᠌ ᠬᠠᠭᠠᠰ ᠳᠤᠭᠤᠢ ᠬᠡ ᠪᠤᠶᠤ ᠡᠰᠡᠪᠡᠯ ᠨᠠᠭᠠᠮᠠᠯ ᠪᠠ ᠬᠠᠳᠬᠤᠮᠠᠯ ᠬᠠᠭᠠᠰ ᠥᠯᠵᠡᠢ ᠬᠡ ᠲᠠᠯᠪᠢᠨ᠎ᠠ᠃ ᠨᠠᠭᠠᠮᠠᠯ ᠥᠯᠵᠡᠢ ᠲᠠᠯᠪᠢᠬᠤ ᠳ᠋ᠠᠭᠠᠨ ᠬᠣᠶᠠᠷ ᠪᠤᠯᠤᠩ ᠢ᠋ ᠬᠢᠭᠰᠡᠨ ᠬᠣᠷᠭᠣᠢ ᠪᠤᠶᠤ ᠰᠠ ᠲᠠᠢ ᠲᠣᠷᠭ᠎ᠠ ᠪᠠᠷ ᠲᠠᠯᠪᠢᠵᠤ ᠬᠣᠰᠢᠮᠣᠭ ᠣᠶᠣᠬᠤ ᠨᠢ ᠦᠵᠡᠮᠵᠢᠲᠡᠢ ᠪᠠᠢᠳᠠᠭ᠃ ᠬᠡᠷᠪᠡ ᠵᠠᠩᠭᠢᠳᠤᠮᠠᠯ ᠬᠠᠭᠠᠰ ᠥᠯᠵᠡᠢ ᠲᠠᠯᠪᠢᠬᠤ ᠪᠣᠯ ᠥᠯᠵᠡᠢ ᠪᠡᠨ ᠲᠠᠯᠪᠢᠬᠤ ᠬᠡ ᠶ᠋ᠢᠨ ᠢ᠋ᠶ᠋ᠡᠨ ᠬᠡᠮᠵᠢᠶᠡᠨ ᠳ᠋ᠦ᠍ ᠲᠣᠬᠢᠷᠠᠭᠤᠯᠤᠨ ᠵᠠᠩᠭᠢᠳᠤᠨ᠎ᠠ᠃
ᠬᠠᠳᠬᠤᠮᠠᠯ ᠬᠡ ᠲᠠᠯᠪᠢᠬᠤ ᠪᠣᠯ ᠲᠡᠷᠯᠢᠭ ᠦ᠋ᠨ ᠬᠡ ᠲᠠᠯᠪᠢᠬᠤ ᠬᠡᠮᠵᠢᠶᠡᠨ ᠳ᠋ᠦ᠍ ᠲᠣᠬᠢᠷᠠᠭᠰᠠᠨ ᠬᠡ ᠵᠢᠷᠤᠵᠤ ᠰᠢᠪᠡᠭᠦᠷ ᠬᠢᠵᠦ ᠫᠥᠷᠭᠦᠯᠡᠨ ᠲᠣᠳᠣᠷᠠᠭᠤᠯᠵᠤ ᠥᠩᠭᠡ ᠵᠣᠬᠢᠴᠠᠭᠤᠯᠤᠨ ᠵᠡᠭᠦᠦ ᠣᠷᠢᠶᠠᠬᠤ ᠪᠤᠶᠤ ᠡᠰᠡᠪᠡᠯ ᠬᠣᠨᠢᠨ ᠬᠣᠯᠪᠣᠭ᠎ᠠ ᠬᠡ ᠣᠶᠣᠵᠤ᠂ ᠠᠮᠠ ᠪᠤᠯᠤᠩ ᠢ᠋ᠶ᠋ᠠᠷ ᠨᠢ ᠪᠢᠲᠡᠭᠦᠦ ᠵᠠᠳᠠᠭᠠᠢ ᠠᠯᠤᠬ᠎ᠠ᠂ ᠤᠭᠠᠯᠵᠠ ᠬᠡ ᠣᠶᠣᠪᠠᠯ ᠵᠣᠬᠢᠷᠠᠮᠵᠢᠲᠠᠢ᠃
ᠵᠢᠷᠤᠭ17
ᠬᠠᠳᠬᠤᠮᠠᠯ ᠲᠠᠢ᠂ ᠲᠣᠨᠣᠭ ᠲᠠᠢ ᠲᠡᠯᠢᠩ

ᠣᠷᠴᠢᠨ ᠦᠶ᠎ᠡ ᠳ᠋ᠦ᠍ ᠬᠥᠭᠡᠷᠭᠡᠨ ᠦ᠌ ᠲᠡᠯᠢᠩ ᠢ᠋ ᠪᠥᠰᠡᠨ ᠳ᠋ᠡᠭᠡᠨ ᠵᠡᠭᠦᠳᠡᠭ ᠦᠭᠡᠢ ᠪᠣᠯᠤᠭᠰᠠᠨ ᠤᠴᠢᠷ ᠲᠡᠭᠦᠨ ᠢ᠋ ᠵᠢᠵᠢᠭ ᠳᠤᠭᠤᠢ ᠪᠤᠶᠤ ᠳᠥᠷᠪᠡᠯᠵᠢᠨ ᠬᠠᠪᠲᠠᠭᠠᠢ ᠬᠢᠵᠦ ᠬᠠᠷᠮᠠᠨ ᠳ᠋ᠠᠭᠠᠨ ᠠᠪᠴᠤ ᠶᠠᠪᠤᠬᠤ ᠪᠣᠯᠤᠭᠰᠠᠨ ᠤᠴᠢᠷ ᠬᠠᠪᠲᠠᠭ᠎ᠠ ᠬᠢᠬᠦ ᠲᠠᠯ᠎ᠠ ᠪᠠᠷ ᠵᠥᠪᠯᠡᠶ᠎ᠡ᠃ ᠬᠠᠪᠲᠠᠭ᠎ᠠ ᠶ᠋ᠢ ᠬᠢᠬᠦ ᠳ᠋ᠡᠭᠡᠨ ᠬᠥᠭᠡᠷᠭᠡ ᠶ᠋ᠢᠨ ᠲᠣᠮᠣ ᠪᠠᠭ᠎ᠠ ᠳ᠋ᠤ᠌ ᠲᠣᠬᠢᠷᠠᠭᠤᠯᠤᠨ ᠠᠯᠢ ᠪᠣᠯᠬᠤ ᠠᠪᠰᠠᠷᠬᠠᠨ ᠬᠢᠬᠦ ᠶ᠋ᠢ ᠬᠢᠴᠢᠶᠡᠨ᠎ᠡ᠃ ᠡᠭᠦᠨ ᠦ᠌ ᠲᠤᠯᠠᠳᠠ ᠦᠢᠲᠠᠩ ᠬᠤᠸᠠᠷ ᠲᠣᠷᠭᠠᠨ ᠤ᠋ ᠬᠡ ᠶ᠋ᠢ ᠠᠰᠢᠭᠯᠠᠨ ᠬᠢᠬᠦ ᠨᠢ ᠬᠢᠯᠪᠠᠷ ᠪᠥᠭᠡᠳ ᠳᠤᠭᠤᠢ ᠬᠡ ᠲᠡᠢ ᠲᠣᠷᠭ᠎ᠠ᠂ ᠦᠢᠲᠠᠩ ᠬᠤᠸᠠᠷ ᠤ᠋ᠨ ᠬᠡ ᠶ᠋ᠢᠨ ᠳᠡᠭᠡᠳᠦ ᠲᠠᠯ᠎ᠠ ᠳ᠋ᠤ᠌ ᠬᠤᠨᠢᠬᠤ ᠠᠮᠠ ᠭᠠᠷᠭᠠᠬᠤ ᠪᠠᠷ ᠪᠣᠳᠣᠵᠤ ᠬᠡ ᠶ᠋ᠢ ᠲᠣᠭᠣᠷᠢᠭᠤᠯᠤᠨ ᠬᠠᠢᠴᠢᠯᠠᠬᠤ ᠬᠢᠬᠦ ᠪᠠ ᠢᠩᠭᠢᠵᠦ ᠡᠰᠬᠡᠭᠰᠡᠨ ᠦ᠌ ᠪᠡᠨ ᠳᠠᠷᠠᠭ᠎ᠠ ᠳᠣᠲᠣᠷ ᠢ᠋ ᠬᠠᠮᠲᠤ ᠡᠰᠬᠡᠵᠦ ᠥᠩᠭᠡ ᠳᠣᠲᠣᠷ ᠢ᠋ ᠨᠡᠢᠯᠡᠭᠦᠯᠦᠨ ᠣᠶᠣᠵᠤ ᠲᠤᠰ ᠪᠦᠷᠢ ᠬᠣᠶᠠᠷ ᠳᠤᠭᠤᠢ ᠪᠣᠯᠭᠠᠵᠤ ᠬᠣᠭᠣᠷᠣᠨᠳᠣ ᠨᠢ ᠨᠡᠢᠯᠡᠭᠦᠯᠦᠨ ᠵᠢᠭᠠᠰᠤᠨ ᠨᠢᠷᠤᠭᠤ ᠪᠤᠶᠤ ᠵᠥᠷᠢᠭᠦᠯᠡᠭ ᠬᠥᠪᠦᠷᠢᠳᠦᠯᠭᠡ᠂ ᠬᠡᠷᠦᠭᠡᠰᠦ ᠣᠶᠣᠳᠠᠯ ᠢ᠋ᠶ᠋ᠠᠷ ᠣᠶᠣᠬᠤ ᠪᠤᠶᠤ ᠡᠰᠡᠪᠡᠯ ᠥᠩᠭᠡ ᠶ᠋ᠢ ᠨᠡᠢᠯᠡᠭᠦᠯᠵᠦ ᠣᠶᠣᠭᠠᠳ ᠳᠣᠲᠣᠷ ᠢ᠋ ᠲᠤᠰ ᠲᠤᠨᠢ ᠨᠥᠬᠥᠭᠰᠡᠨ ᠴᠤ᠌ ᠪᠣᠯᠤᠨ᠎ᠠ᠃ ᠣᠶᠣᠵᠤ ᠳᠠᠭᠤᠰᠤᠮᠠᠭᠴᠠ ᠠᠮᠠ ᠶ᠋ᠢ ᠤᠭ ᠤᠭᠤᠲᠠᠨ ᠤ᠋ ᠥᠩᠭᠡ ᠲᠡᠢ ᠪᠦᠳᠦᠭᠦᠨ ᠲᠣᠮᠣᠭᠰᠠᠨ ᠤᠲᠠᠰᠤ ᠪᠠᠷ ᠬᠤᠨᠢᠵᠤ᠂ ᠤᠲᠠᠰᠤᠨ ᠤ᠋ ᠪᠠᠨ ᠦᠵᠦᠭᠦᠷ ᠲᠦ᠍ ᠭᠣᠶᠣᠯ ᠤ᠋ᠨ ᠴᠠᠴᠤᠭ ᠭᠠᠷᠭᠠᠵᠤ ᠪᠡᠬᠢᠯᠡᠨ᠎ᠡ᠃ ᠬᠡᠷᠪᠡ ᠲᠣᠷᠭᠠᠨ ᠤ᠋ ᠬᠡ ᠠᠰᠢᠭᠯᠠᠬᠤ ᠦᠭᠡᠢ ᠬᠠᠳᠬᠤᠮᠠᠯ ᠲᠠᠢ ᠬᠢᠪᠡᠯ ᠤᠭᠤᠲᠠᠨ ᠤ᠋ ᠪᠠᠨ ᠮᠠᠲ᠋ᠧᠷᠢᠶᠠᠯ ᠳ᠋ᠤ᠌ ᠴᠤᠯᠭᠤᠢ ᠫᠦᠦᠰᠦᠦ ᠲᠣᠷᠭ᠎ᠠ ᠰᠣᠩᠭᠣᠨ ᠠᠪᠴᠤ ᠡᠰᠬᠡᠭᠡᠳ ᠬᠠᠳᠬᠤᠮᠠᠯ ᠢ᠋ᠶ᠋ᠠᠨ ᠵᠢᠷᠤᠵᠤ ᠪᠠᠭᠤᠯᠭᠠᠨ ᠣᠶᠣᠨ᠎ᠠ᠃
ᠵᠢᠷᠤᠭ18
(1) ᠦᠢᠲᠠᠩ ᠬᠤᠸᠠᠷ ᠤ᠋ᠨ ᠬᠡ ᠠᠰᠢᠭᠯᠠᠨ ᠬᠠᠪᠲᠠᠭ᠎ᠠ ᠡᠰᠬᠡᠬᠦ
(2) ᠬᠠᠳᠬᠤᠮᠠᠯ ᠲᠠᠢ ᠬᠠᠪᠲᠠᠭ᠎ᠠ ᠬᠢᠬᠦ ᠪᠠᠢᠳᠠᠯ

ᠠᠶᠠᠭ᠎ᠠ ᠶ᠋ᠢᠨ ᠤᠭᠤᠲᠠ ᠮᠣᠩᠭᠣᠯ ᠡᠷᠡᠴᠦᠳ ᠡᠷᠲᠡ ᠦᠶ᠎ᠡ ᠡᠴᠡ ᠠᠶᠠᠭ᠎ᠠ ᠪᠠᠨ ᠤᠭᠤᠲᠠᠨ ᠳ᠋ᠤ᠌ ᠬᠢᠵᠦ ᠵᠡᠭᠦᠵᠦ ᠶᠠᠪᠤᠳᠠᠭ ᠪᠠᠢᠭᠰᠠᠨ ᠨᠢ ᠮᠣᠩᠭᠣᠯ ᠡᠷᠡᠴᠦᠳ ᠦ᠋ᠨ ᠨᠢᠭᠡᠨ ᠰᠣᠶᠣᠯ ᠪᠠᠢᠵᠠᠢ᠃
ᠤᠭᠤᠲᠠ ᠦᠭᠡᠢ ᠪᠣᠯ ᠠᠯᠴᠢᠭᠤᠷ ᠲᠤ᠌ ᠠᠶᠠᠭ᠎ᠠ ᠪᠠᠨ ᠪᠣᠭᠣᠵᠤ ᠡᠪᠦᠷᠲᠦᠯᠡᠵᠦ ᠶᠠᠪᠤᠳᠠᠭ ᠪᠠᠢᠭᠰᠠᠨ᠃ ᠡᠢᠮᠦ ᠡᠴᠡ ᠠᠶᠠᠭ᠎ᠠ ᠶ᠋ᠢᠨ ᠤᠭᠤᠲᠠ ᠡᠷᠡᠴᠦᠳ ᠦ᠋ᠨ ᠴᠢᠮᠡᠭ ᠪᠣᠯᠵᠤ ᠲᠡᠭᠦᠨ ᠢ᠋ ᠭᠣᠶᠣᠮᠰᠣᠭ ᠬᠢᠬᠦ ᠱᠠᠭᠠᠷᠳᠠᠯᠭ᠎ᠠ ᠲᠠᠢ ᠪᠣᠯᠤᠭᠰᠠᠨ ᠠ᠋ᠴᠠ ᠠᠶᠠᠭ᠎ᠠ ᠶ᠋ᠢᠨ ᠤᠭᠤᠲᠠ ᠶ᠋ᠢ ᠦᠨᠡᠲᠦ ᠬᠣᠷᠭᠣᠢ᠂ ᠲᠣᠷᠭ᠎ᠠ ᠪᠠᠷ ᠬᠢᠵᠦ᠂ ᠠᠯᠲᠠ ᠮᠥᠩᠭᠥᠨ ᠰᠠ ᠳᠠᠷᠤᠭᠤᠯᠵᠤ᠂ ᠬᠡ ᠤᠭᠠᠯᠵᠠ ᠲᠠᠯᠪᠢᠬᠤ ᠵᠡᠷᠭᠡ ᠪᠡᠷ ᠴᠢᠮᠡᠵᠦ ᠭᠤᠶᠤᠬᠤ ᠪᠣᠯᠵᠠᠢ᠃ ᠠᠶᠠᠭ᠎ᠠ ᠶ᠋ᠢᠨ ᠤᠭᠤᠲᠠ ᠶ᠋ᠢ ᠪᠦᠰᠡᠭᠦᠢᠴᠦᠳ ᠰᠡᠳᠬᠢᠯ ᠲᠡᠢ ᠬᠥᠮᠦᠨ ᠳ᠋ᠡᠭᠡᠨ ᠬᠠᠢᠷ᠎ᠠ ᠰᠡᠳᠬᠢᠯ ᠦ᠋ᠨ ᠪᠡᠯᠭᠡ ᠲᠡᠮᠳᠡᠭ ᠪᠣᠯᠭᠠᠵᠤ ᠬᠢᠬᠦ ᠶ᠋ᠢᠨ ᠵᠡᠷᠭᠡᠴᠡᠭᠡ ᠥᠪᠡᠷ ᠦ᠋ᠨ ᠭᠠᠷ ᠤ᠋ᠨ ᠤᠷ᠎ᠠ ᠤᠬᠠᠭᠠᠨ ᠤ᠋ ᠴᠢᠳᠠᠯ ᠢ᠋ ᠭᠠᠢᠬᠠᠭᠤᠯᠬᠤ ᠶ᠋ᠢᠨ ᠡᠭᠦᠳᠡᠨ ᠡᠴᠡ ᠤᠷ᠎ᠠ ᠪᠠᠨ ᠤᠷᠠᠯᠠᠨ ᠭᠠᠷᠭᠠᠵᠤ ᠣᠶᠣᠳᠠᠭ ᠪᠠᠢᠵᠠᠢ᠃ ᠡᠨᠡ ᠵᠠᠩᠰᠢᠯ ᠬᠥᠮᠦᠨ ᠠᠷᠠᠳ ᠤ᠋ᠨ ᠠᠮᠢᠳᠤᠷᠠᠯ ᠳ᠋ᠤ᠌ ᠭᠦᠨ ᠭᠦᠨᠵᠡᠭᠡᠢ ᠨᠡᠪᠲᠡᠷᠡᠵᠦ ᠤᠷ᠎ᠠ ᠶ᠋ᠢᠨ ᠰᠠᠩ ᠳ᠋ᠤ᠌ ᠣᠯᠠᠨ ᠬᠡᠯᠪᠡᠷᠢ ᠪᠡᠷ ᠲᠤᠰᠴᠠᠢ᠃ᠵᠢᠱ᠌ᠢᠶᠡᠯᠡᠪᠡᠯ᠂ ᠮᠠᠨ ᠤ᠋ ᠶᠡᠬᠡ ᠵᠣᠬᠢᠶᠠᠯᠴᠢ ᠳ· ᠨᠠᠴᠤᠭᠳᠣᠷᠵᠢ《ᠤᠴᠢᠷ ᠲᠠᠢ ᠭᠤᠷᠪᠠᠨ ᠲᠣᠯᠣᠭᠠᠢ》 ᠭᠡᠳᠡᠭ ᠦᠨᠳᠦᠰᠦᠲᠡᠨ ᠦ᠌ ᠳᠠᠭᠤᠤᠷᠢᠲᠤ ᠵᠣᠬᠢᠶᠠᠯ ᠤ᠋ᠨ ᠭᠣᠣᠯ ᠪᠠᠭᠠᠲᠤᠷ ᠶᠦᠩᠳᠡᠩ᠂ ᠨᠠᠩᠰᠠᠯᠮ᠎ᠠ ᠨᠠᠷ ᠤ᠋ᠨ ᠬᠠᠷᠢᠯᠴᠠᠭᠠᠨ ᠳ᠋ᠤ᠌ ᠣᠷᠣᠭᠤᠯᠤᠨ᠄
ᠠᠶᠠᠨ ᠵᠠᠮ ᠳ᠋ᠤ᠌ ᠪᠠᠨ ᠮᠡᠨᠳᠦ ᠶᠠᠪᠤᠭᠠᠷᠠᠢ
ᠠᠯᠤᠰ ᠠ᠋ᠴᠠ ᠲᠦᠷᠭᠡᠨ ᠢᠷᠡᠭᠡᠷᠡᠢ
ᠠᠯᠠᠭᠯᠠᠭᠤᠯᠵᠤ ᠣᠶᠣᠭᠰᠠᠨ ᠤᠭᠤᠲᠠᠨ ᠳ᠋ᠤ᠌ ᠮᠢᠨᠢ
ᠠᠶᠠᠭ᠎ᠠ ᠪᠠᠨ ᠬᠢᠭᠡᠳ ᠵᠡᠭᠦᠭᠡᠷᠡᠢ
ᠭᠡᠬᠦ ᠳ᠋ᠦ᠍ ᠶᠦᠩᠳᠡᠩ᠄
ᠤᠯᠠᠭᠠᠨ ᠲᠣᠷᠭᠠᠨ ᠤᠭᠤᠲᠠ ᠶ᠋ᠢ ᠴᠢᠨᠢ
ᠤᠭᠤᠴᠠᠨ ᠳᠡᠭᠡᠷ᠎ᠡ ᠪᠡᠨ ᠵᠡᠭᠦᠶ᠎ᠡ
ᠦᠵᠡᠵᠦ ᠬᠠᠷᠠᠬᠤ ᠪᠦᠷᠢ ᠳ᠋ᠡᠭᠡᠨ
ᠡᠩᠬᠦᠷᠡᠢ ᠴᠢᠮ᠎ᠠ ᠪᠠᠨ ᠳᠤᠷᠠᠰᠤᠨ᠎ᠠ᠃ᠭᠡᠵᠦ ᠳᠠᠭᠤᠯᠠᠳᠠᠭ ᠨᠢ ᠤᠷᠠᠯᠢᠭ ᠤ᠋ᠨ ᠲᠠᠢᠵᠠᠨ ᠳ᠋ᠤ᠌ ᠮᠥᠩᠬᠡ ᠦᠯᠡᠳᠡᠵᠦ ᠮᠠᠨ ᠤ᠋ ᠤᠷᠠᠨ ᠭᠠᠷᠲᠤ ᠪᠦᠰᠡᠭᠦᠢᠴᠦᠳ ᠦ᠋ᠨ ᠳᠦᠷᠢ ᠲᠣᠳᠣᠷᠠᠨ ᠪᠠᠢᠳᠠᠭ᠃
ᠵᠢᠷᠤᠭ19
ᠬᠠᠳᠬᠤᠮᠠᠯ ᠲᠣᠨᠣᠭ ᠲᠠᠢ ᠤᠭᠤᠲᠠ ᠬᠢᠬᠦ

ᠠᠶᠠᠭᠠᠨ ᠤ᠋ ᠤᠭᠤᠲᠠ ᠶ᠋ᠢ ᠬᠥᠭᠡᠷᠭᠡᠨ ᠦ᠌ ᠳᠠᠯᠢᠩ ᠲᠠᠢ ᠢᠵᠢᠯ ᠮᠠᠲ᠋ᠧᠷᠢᠶᠠᠯ ᠢ᠋ᠶ᠋ᠠᠷ ᠬᠢᠬᠦ ᠡᠴᠡ ᠭᠠᠳᠠᠨ᠎ᠠ ᠮᠥᠨ ᠬᠠᠳᠬᠤᠮᠠᠯ ᠢ᠋ᠶ᠋ᠠᠷ ᠴᠢᠮᠡᠬᠦ ᠴᠤ᠌ ᠠᠳᠠᠯᠢᠬᠠᠨ ᠶᠤᠮ᠃ ᠬᠡᠮᠵᠢᠶᠡᠨ ᠦ᠌ ᠬᠤᠪᠢ ᠳ᠋ᠤ᠌ ᠶᠡᠬᠡ ᠪᠠᠭ᠎ᠠ ᠶᠠᠩᠵᠤ ᠪᠦᠷᠢ ᠪᠠᠢᠬᠤ ᠪᠥᠭᠡᠳ ᠠᠮᠠᠨ ᠤ᠋ ᠬᠤᠨᠢᠶᠠᠰᠤ ᠶ᠋ᠢ ᠮᠥᠩᠭᠥ ᠪᠤᠶᠤ ᠬᠠᠰ ᠪᠥᠭᠡᠵᠢ ᠰᠢᠷᠭᠤᠭᠤᠯᠵᠤ ᠬᠤᠨᠢᠬᠤ ᠰᠢᠬᠠᠬᠤ ᠠ᠋ᠴᠠ ᠭᠠᠳᠠᠨ᠎ᠠ ᠪᠥᠰᠡᠨ ᠳ᠋ᠦ᠍ ᠵᠡᠭᠦᠳᠡᠭ ᠠᠮᠠᠨ ᠤ᠋ ᠳᠡᠭᠡᠳᠦ ᠬᠡᠰᠡᠭ ᠲᠦ᠍ ᠤᠲᠠᠰᠤ ᠪᠤᠶᠤ ᠰᠢᠳᠡᠭᠡᠰᠦ ᠭᠦᠶᠦᠯᠭᠡᠨ ᠬᠤᠨᠢᠵᠤ ᠲᠡᠭᠦᠨ ᠡᠴᠡ ᠨᠠᠷᠢᠨ2—4 ᠬᠣᠣᠰ ᠪᠦᠴᠡ ᠭᠠᠷᠭᠠᠨ ᠦᠵᠦᠭᠦᠷ ᠲᠤᠨᠢ ᠳᠣᠯᠣᠭᠠᠨ ᠴᠢᠨ ᠦ᠌ ᠲᠠᠶᠠᠭᠲᠤ᠂ ᠯᠤᠤᠲᠤ ᠮᠥᠩᠭᠥᠨ ᠲᠡᠭᠡᠭᠯᠡᠭᠦᠷ ᠪᠤᠶᠤ ᠬᠠᠰ᠂ ᠲᠤᠩ᠂ ᠮᠥᠩᠭᠥ ᠪᠡᠷ ᠬᠢᠭᠰᠡᠨ ᠠᠷᠰᠯᠠᠨ᠂ ᠮᠠᠯ ᠤ᠋ᠨ ᠳᠦᠷᠰᠦ ᠵᠡᠷᠭᠡ ᠪᠡᠷ ᠲᠡᠭᠡᠭᠯᠡᠭᠦᠷ ᠬᠢᠵᠦ ᠪᠥᠰᠡᠨ ᠳ᠋ᠡᠭᠡᠨ ᠬᠠᠪᠴᠢᠭᠤᠯᠤᠨ᠎ᠠ᠃
ᠵᠠᠷᠢᠮ ᠤᠭᠤᠲᠠᠨ ᠤ᠋ ᠳᠣᠣᠷᠠᠲᠤ ᠤᠨᠵᠢᠢᠬᠤ ᠬᠡᠰᠡᠭ ᠲᠦ᠍ ᠴᠠᠴᠤᠭ ᠪᠤᠶᠤ ᠭᠣᠶᠣᠯ ᠤ᠋ᠨ ᠵᠠᠩᠭᠢᠯᠠᠭ᠎ᠠ ᠪᠠᠷ ᠴᠢᠮᠡᠭ ᠬᠢᠳᠡᠭ᠃ ᠤᠭᠤᠲᠠᠨ ᠳ᠋ᠤ᠌ ᠠᠶᠠᠭᠠᠨ ᠠ᠋ᠴᠠ ᠭᠠᠳᠠᠨ᠎ᠠ ᠵᠥᠭᠡᠯᠡᠨ ᠬᠠᠳᠠᠭ ᠲᠣᠷᠭ᠎ᠠ᠂ ᠫᠠᠩᠰᠠᠨ ᠠᠯᠴᠢᠭᠤᠷ ᠪᠠᠢᠳᠠᠭ᠃
ᠣᠷᠴᠢᠨ ᠦᠶ᠎ᠡ ᠶ᠋ᠢᠨ ᠠᠶᠠᠭᠠᠨ ᠤ᠋ ᠤᠭᠤᠲᠠ ᠶ᠋ᠢ ᠮᠥᠨ ᠠᠶᠠᠭᠠᠨ ᠳ᠋ᠤ᠌ ᠲᠠᠭᠠᠷᠠᠭᠤᠯᠵᠤ ᠳᠤᠭᠤᠢ ᠬᠠᠪᠲᠠᠭ᠎ᠠ ᠮᠠᠶᠢᠭ ᠢ᠋ᠶ᠋ᠠᠷ ᠬᠢᠵᠦ ᠪᠠᠢᠭ᠎ᠠ ᠪᠥᠭᠡᠳ ᠡᠨᠡ ᠨᠢ ᠬᠥᠭᠡᠷᠭᠡᠨ ᠦ᠌ ᠬᠠᠪᠲᠠᠭ᠎ᠠ ᠬᠢᠬᠦ ᠲᠡᠢ ᠠᠳᠠᠯᠢ ᠪᠣᠯᠪᠠᠴᠤ ᠠᠶᠠᠭ᠎ᠠ ᠬᠢᠳᠡᠭ ᠠᠮᠠᠨ ᠳ᠋ᠤᠨᠢ ᠴᠠᠬᠢᠯᠭᠠᠨ ᠲᠣᠪᠴᠢ ᠬᠠᠳᠠᠨ᠎ᠠ᠃ ᠠᠮᠠᠨ ᠳ᠋ᠤᠨᠢ ᠪᠥᠭᠡᠵᠢ ᠬᠢᠭᠡᠳ ᠠᠮᠠᠨ ᠤ᠋ ᠬᠤᠨᠢᠶᠠᠰᠤ ᠬᠡᠰᠡᠭ ᠲᠦ᠍ ᠴᠢᠮᠡᠭ ᠪᠣᠯᠭᠠᠬᠤ ᠴᠠᠴᠤᠭ ᠬᠢᠬᠦ ᠪᠤᠶᠤ ᠡᠰᠡᠪᠡᠯ ᠭᠣᠶᠣᠮᠰᠣᠭ ᠲᠡᠭᠡᠭᠯᠡᠭᠦᠷ ᠬᠢᠬᠦ ᠳ᠋ᠦ᠍ ᠵᠣᠬᠢᠮᠵᠢ ᠲᠠᠢ ᠪᠠᠢᠳᠠᠭ᠃
ᠲᠠᠮᠠᠬᠢᠨ ᠤ᠋ ᠤᠭᠤᠲᠠ ᠬᠠᠪᠲᠠᠭ᠎ᠠ ᠬᠢᠬᠦ ᠮᠣᠩᠭᠣᠯᠴᠤᠳ ᠡᠷᠲᠡ ᠦᠶ᠎ᠡ ᠡᠴᠡ ᠭᠠᠩᠰᠠ ᠪᠠᠷ ᠲᠠᠮᠠᠬᠢ ᠲᠠᠲᠠᠳᠠᠭ ᠪᠠᠢᠭᠰᠠᠨ ᠪᠥᠭᠡᠳ ᠲᠠᠮᠠᠬᠢ ᠶ᠋ᠢ ᠬᠠᠪᠲᠠᠭ᠎ᠠ ᠪᠤᠶᠤ ᠤᠭᠤᠲᠠᠨ ᠳ᠋ᠤ᠌ ᠬᠢᠵᠦ ᠪᠥᠰᠡᠨ ᠳ᠋ᠡᠭᠡᠨ ᠵᠡᠭᠦᠵᠦ ᠭᠣᠶᠣᠳᠠᠭ ᠪᠠᠢᠯ᠎ᠠ᠃
ᠵᠢᠷᠤᠭ20
(1) ᠲᠠᠮᠠᠬᠢᠨ ᠤ᠋ ᠤᠭᠤᠲᠠ
(2) ᠬᠠᠪᠲᠠᠭ᠎ᠠ

ᠤᠭᠤᠲᠠ ᠶ᠋ᠢ ᠲᠣᠮᠣ ᠵᠢᠵᠢᠭ ᠬᠣᠶᠠᠷ ᠶᠠᠩᠵᠤ ᠪᠠᠷ ᠬᠢᠬᠦ ᠪᠥᠭᠡᠳ ᠲᠣᠷᠭ᠎ᠠ ᠳᠠᠪᠤᠤ ᠶ᠋ᠢᠨ ᠬᠡ ᠠᠰᠢᠭᠯᠠᠬᠤ᠂ ᠬᠣᠷᠭᠣᠢ ᠮᠠᠩᠨᠤᠭ ᠵᠡᠷᠭᠡ ᠵᠤᠵᠠᠭᠠᠪᠲᠤᠷ ᠮᠠᠲ᠋ᠧᠷᠢᠶᠠᠯ ᠢ᠋ᠶ᠋ᠠᠷ ᠠᠮᠠ ᠳᠣᠣᠷᠠᠲᠤ ᠲᠠᠯ᠎ᠠ ᠶ᠋ᠢ ᠬᠢᠬᠦ ᠡᠴᠡ ᠭᠠᠳᠠᠨ᠎ᠠ ᠴᠤᠯᠭᠤᠢ ᠲᠣᠷᠭ᠎ᠠ ᠶ᠋ᠢ ᠡᠮᠵᠢᠵᠦ ᠲᠣᠨᠣᠭᠯᠠᠨ ᠬᠠᠭᠠᠰ ᠥᠯᠵᠡᠢ᠂ ᠴᠦᠳᠡᠨᠵᠡ ᠶ᠋ᠢᠨ ᠪᠤᠯᠤᠩ ᠭᠠᠷᠭᠠᠵᠤ ᠣᠶᠣᠳᠠᠭ᠃ ᠬᠠᠳᠬᠤᠮᠠᠯ ᠬᠠᠳᠬᠤᠵᠤ ᠤᠭᠤᠲᠠ ᠬᠢᠬᠦ ᠳ᠋ᠡᠭᠡᠨ ᠭᠣᠣᠯᠳᠠᠭᠤ ᠵᠡᠭᠦᠦ ᠣᠷᠢᠶᠠᠬᠤ᠂ ᠬᠣᠨᠢᠨ ᠬᠣᠯᠪᠣᠭ᠎ᠠ ᠬᠠᠳᠬᠤᠮᠠᠯ ᠬᠠᠳᠬᠤᠨ᠎ᠠ᠃ ᠤᠭᠤᠲᠠᠨ ᠤ᠋ ᠠᠮᠠ ᠶ᠋ᠢ ᠡᠮᠵᠢᠶᠡᠷᠢ ᠪᠡᠷ ᠳᠠᠷᠤᠬᠤ ᠪᠤᠶᠤ ᠵᠤᠷᠪᠤᠰ ᠮᠠᠶᠢᠭᠲᠠᠢ ᠠᠮᠠ ᠭᠠᠷᠭᠠᠨ ᠳᠡᠭᠡᠳᠦ ᠲᠠᠯ᠎ᠠ ᠶ᠋ᠢ ᠬᠤᠨᠢᠵᠤ ᠲᠤᠰᠬᠠᠢ ᠵᠣᠷᠢᠭᠤᠯᠤᠭᠰᠠᠨ ᠬᠠᠪᠴᠢᠶᠠᠷᠢ ᠮᠥᠩᠭᠥ ᠪᠡᠷ ᠬᠠᠪᠴᠢᠨ ᠲᠡᠭᠦᠨ ᠡᠴᠡ ᠭᠠᠩᠰᠠᠨ ᠤ᠋ ᠰᠡᠳᠬᠡᠭᠦᠷ᠂ ᠮᠥᠩᠭᠥᠨ ᠰᠣᠶᠣᠭ᠎ᠠ ᠵᠡᠭᠦᠬᠦ2—3 ᠬᠣᠣᠰ ᠮᠥᠩᠭᠥᠨ ᠤᠲᠠᠰᠤ ᠬᠣᠯᠪᠣᠵᠤ ᠪᠥᠰᠡᠨ ᠳ᠋ᠦ᠍ ᠪᠡᠬᠢᠯᠡᠬᠦ ᠤᠲᠠᠰᠤᠨ ᠳ᠋ᠤ᠌ ᠵᠢᠵᠢᠭ ᠮᠥᠩᠭᠥᠨ ᠶᠤᠸᠠᠮᠪᠤᠤ᠂ ᠬᠠᠰ ᠵᠡᠷᠭᠡ ᠲᠡᠭᠡᠭᠯᠡᠭᠦᠷ ᠪᠡᠬᠢᠯᠡᠨ᠎ᠡ᠃ ᠡᠷ᠎ᠡ ᠬᠥᠮᠦᠨ ᠦ᠌ ᠴᠢᠮᠡᠭ ᠪᠣᠯᠤᠭᠰᠠᠨ ᠡᠨᠡ ᠭᠤᠷᠪᠠᠨ ᠤᠭᠤᠲᠠ ᠬᠣᠭᠣᠷᠣᠨᠳᠣ ᠪᠠᠨ ᠣᠨᠴᠠᠯᠢᠭ ᠢᠯᠭᠠᠭ᠎ᠠ ᠲᠠᠢ ᠪᠠᠢᠳᠠᠭ᠃ ᠲᠠᠮᠠᠬᠢᠨ ᠤᠭᠤᠲᠠᠨ ᠤ᠋ ᠨᠢᠭᠡ ᠲᠥᠷᠥᠯ ᠪᠣᠯᠬᠤ ᠬᠠᠪᠲᠠᠭ᠎ᠠ ᠪᠠᠰᠠ ᠠᠶᠠᠭ᠎ᠠ᠂ ᠬᠥᠭᠡᠷᠭᠡ ᠶ᠋ᠢᠨ ᠬᠠᠪᠲᠠᠭᠠᠨ ᠠ᠋ᠴᠠ ᠤᠷᠲᠤ᠂ ᠠᠮᠠᠨ ᠤ᠋ ᠬᠡᠰᠡᠭ ᠲᠡᠭᠡᠨ ᠨᠠᠷᠢᠬᠠᠨ ᠪᠥᠭᠡᠳ ᠬᠠᠪᠲᠠᠭ᠎ᠠ ᠶ᠋ᠢ ᠮᠥᠨ ᠦᠵᠡᠮᠵᠢᠲᠡᠢ ᠬᠣᠷᠭᠣᠢ᠂ ᠮᠠᠩᠨᠤᠭ᠂ ᠲᠣᠷᠭ᠎ᠠ ᠪᠠᠷ ᠬᠢᠬᠦ ᠡᠴᠡ ᠭᠠᠳᠠᠨ᠎ᠠ ᠬᠠᠳᠬᠤᠮᠠᠯ ᠵᠡᠭᠡᠭᠲᠦ ᠨᠠᠭᠠᠮᠠᠯ ᠢ᠋ᠶ᠋ᠠᠷ ᠬᠢᠳᠡᠭ᠃ ᠵᠡᠭᠡᠭᠲᠦ ᠨᠠᠭᠠᠮᠠᠯ ᠢ᠋ᠶ᠋ᠠᠷ ᠬᠢᠬᠦ ᠳ᠋ᠡᠭᠡᠨ ᠬᠠᠪᠲᠠᠭ᠎ᠠ ᠬᠢᠬᠦ ᠮᠠᠲ᠋ᠧᠷᠢᠶᠠᠯ ᠢ᠋ᠶ᠋ᠠᠨ ᠰᠣᠩᠭᠣᠨ ᠠᠪᠴᠤ ᠡᠰᠬᠡᠭᠡᠳ ᠳᠡᠭᠡᠷ᠎ᠡ ᠨᠢ ᠬᠣᠷᠭᠣᠢ ᠲᠣᠷᠭ᠎ᠠ ᠪᠠᠷ ᠨᠠᠭᠠᠭᠰᠠᠨ ᠬᠡ ᠪᠤᠶᠤ ᠬᠢᠮᠤᠰᠤᠨ ᠬᠡ ᠶ᠋ᠢ ᠠᠯᠠᠭᠯᠠᠭᠤᠯᠤᠨ ᠨᠠᠭᠠᠵᠤ ᠲᠡᠭᠦᠨ ᠦ᠌ ᠪᠡᠨ ᠵᠠᠬ᠎ᠠ ᠶ᠋ᠢ ᠭᠠᠷ ᠢ᠋ᠶ᠋ᠠᠷ ᠰᠢᠭᠯᠠᠬᠤ ᠪᠤᠶᠤ ᠮᠠᠰᠢᠨᠳᠠᠵᠤ ᠪᠡᠬᠢᠯᠡᠨ᠎ᠡ᠃ ᠬᠠᠪᠲᠠᠭ᠎ᠠ ᠶ᠋ᠢ ᠪᠢᠲᠡᠭᠦᠯᠡᠬᠦ ᠳ᠋ᠡᠭᠡᠨ ᠵᠠᠬᠠᠯᠠᠬᠤ ᠣᠶᠣᠳᠠᠯ ᠪᠤᠶᠤ ᠡᠰᠡᠪᠡᠯ ᠥᠩᠭᠡ ᠶ᠋ᠢ ᠣᠶᠣᠵᠤ ᠳᠠᠷᠠᠭ᠎ᠠ ᠨᠢ ᠳᠣᠲᠣᠷ ᠢ᠋ᠶ᠋ᠠᠨ ᠬᠣᠭᠣᠷᠣᠨᠳᠣ ᠨᠢ ᠨᠡᠢᠯᠡᠭᠦᠯᠵᠦ ᠨᠥᠬᠥᠨ᠎ᠡ᠃ ᠬᠡᠷᠪᠡ ᠥᠩᠭᠡ ᠳᠣᠲᠣᠷ ᠢ᠋ ᠲᠤᠰ ᠲᠤᠰ ᠲᠤᠨᠢ ᠨᠡᠢᠯᠡᠭᠦᠯᠵᠦ ᠣᠶᠣᠬᠤ ᠪᠣᠯ ᠬᠣᠶᠠᠷ ᠲᠠᠯ᠎ᠠ ᠶ᠋ᠢᠨ ᠵᠠᠪᠰᠠᠷ ᠭᠣᠶᠣᠮᠰᠣᠭ ᠰᠦᠯᠵᠢᠮᠡᠯ ᠪᠤᠶᠤ ᠲᠠᠮᠤᠭᠰᠠᠨ ᠤᠲᠠᠰᠤ ᠶ᠋ᠢ ᠵᠢᠭᠳᠡ ᠴᠤᠬᠤᠢᠯᠭᠠᠨ ᠣᠶᠣᠬᠤ ᠳ᠋ᠤ᠌ ᠤᠭᠤᠲᠠ ᠪᠦᠷᠢ ᠳ᠋ᠦ᠍ ᠲᠣᠬᠢᠷᠠᠨ᠎ᠠ᠃
ᠵᠢᠷᠤᠭ21
(1) ᠳᠤᠭᠤᠢ ᠴᠦᠩᠬᠦ
(2) ᠠᠷᠢᠭᠤᠨ ᠴᠡᠪᠡᠷ ᠦ᠋ᠨ ᠬᠡᠷᠡᠭᠰᠡᠯ ᠬᠢᠬᠦ ᠳᠥᠷᠪᠡᠯᠵᠢᠨ ᠰᠠᠪᠠ

ᠡᠮᠡᠭᠲᠡᠢᠴᠦᠳ ᠦ᠋ᠨ ᠠᠷᠢᠭᠤᠨ ᠴᠡᠪᠡᠷ ᠦ᠋ᠨ ᠬᠡᠷᠡᠭᠰᠡᠯ ᠭᠠᠷ ᠴᠦᠩᠬᠦ ᠶ᠋ᠢ ᠳᠠᠪᠤᠤ ᠲᠣᠷᠭ᠎ᠠ ᠪᠠᠷ ᠬᠢᠯᠢᠩ᠂ ᠴᠡᠮᠪᠡ ᠵᠡᠷᠭᠡ ᠪᠡᠷ ᠬᠢᠬᠦ ᠪᠤᠶᠤ ᠦᠢᠲᠠᠩ ᠬᠤᠸᠠᠷ ᠬᠣᠷᠭᠣᠢ ᠪᠠᠷ ᠬᠢᠬᠦ ᠳ᠋ᠦ᠍ ᠶᠠᠭᠤᠨ ᠤ᠋ ᠡᠮᠦᠨ᠎ᠡ ᠥᠩᠭᠡ ᠳᠡᠪᠢᠰᠬᠡᠷ ᠮᠠᠲ᠋ᠧᠷᠢᠶᠠᠯ ᠳ᠋ᠤ᠌ ᠠᠯᠢ ᠪᠣᠯᠬᠤ ᠪᠦᠳᠡᠭᠢ ᠬᠠᠷ᠎ᠠ ᠪᠣᠷᠣ᠂ ᠬᠠᠷ᠎ᠠ ᠬᠥᠬᠡ ᠥᠩᠭᠡ ᠶ᠋ᠢ ᠰᠣᠩᠭᠣᠬᠤ ᠠ᠋ᠴᠠ ᠭᠠᠳᠠᠨ᠎ᠠ ᠤᠯᠠᠭᠠᠨ᠂ ᠰᠢᠷ᠎ᠠ᠂ ᠨᠣᠭᠣᠭᠠᠨ ᠵᠡᠷᠭᠡ ᠲᠣᠳᠣ ᠥᠩᠭᠡ ᠪᠠᠢᠵᠤ ᠪᠣᠯᠤᠨ᠎ᠠ᠃ ᠡᠮᠡᠭᠲᠡᠢ ᠬᠥᠮᠦᠨ ᠦ᠌ ᠭᠠᠷ ᠴᠦᠩᠬᠦ᠂ ᠠᠷᠢᠭᠤᠨ ᠴᠡᠪᠡᠷ ᠦ᠋ᠨ ᠬᠡᠷᠡᠭᠰᠡᠯ ᠦ᠋ᠨ ᠤᠭᠤᠲᠠ ᠴᠦᠩᠬᠦᠨ ᠳ᠋ᠦ᠍ ᠬᠠᠮᠤᠭ ᠤ᠋ᠨ ᠲᠣᠬᠢᠷᠠᠮᠵᠢᠲᠠᠢ ᠮᠠᠲ᠋ᠧᠷᠢᠶᠠᠯ ᠨᠢ ᠬᠠᠩᠪᠤ ᠬᠢᠯᠢᠩ ᠶᠦᠮ᠃ ᠡᠳᠡᠭᠡᠷ ᠰᠠᠪᠠ ᠴᠦᠩᠬᠦ ᠶ᠋ᠢ ᠳᠤᠭᠤᠢ᠂ ᠳᠥᠷᠪᠡᠯᠵᠢᠨ᠂ ᠭᠤᠷᠪᠠᠯᠵᠢᠨ ᠶᠠᠩᠵᠤ ᠪᠦᠷᠢ ᠶ᠋ᠢᠨ ᠬᠡᠯᠪᠡᠷᠢ ᠪᠡᠷ ᠬᠢᠬᠦ ᠡᠴᠡ ᠭᠠᠳᠠᠨ᠎ᠠ ᠲᠡᠭᠦᠨ ᠦ᠌ ᠲᠣᠨᠣᠭ ᠬᠡ ᠳ᠋ᠦ᠍ ᠵᠣᠬᠢᠴᠠᠭᠰᠠᠨ ᠵᠦᠢᠯ ᠢ᠋ ᠬᠡᠷᠡᠭᠯᠡᠨ᠎ᠡ᠃
ᠴᠦᠩᠬᠦ᠂ ᠰᠠᠪᠠ ᠶ᠋ᠢ ᠡᠰᠬᠡᠬᠦ ᠳ᠋ᠡᠭᠡᠨ ᠳᠤᠭᠤᠢ ᠶᠤᠮ ᠤᠤ ᠳᠥᠷᠪᠡᠯᠵᠢᠨ ᠬᠡᠯᠪᠡᠷᠢ ᠪᠡᠷ ᠡᠰᠬᠡᠵᠦ᠂ ᠴᠠᠪᠤᠭ ᠲᠠᠯᠪᠢᠵᠤ ᠴᠠᠷᠳᠠᠭᠠᠳ ᠥᠩᠭᠡᠨ ᠦ᠌ ᠪᠡᠨ ᠬᠡᠯᠪᠡᠷᠢ ᠬᠡᠮᠵᠢᠶᠡᠨ ᠳ᠋ᠦ᠍ ᠵᠣᠬᠢᠴᠠᠭᠤᠯᠤᠨ ᠲᠠᠯᠪᠢᠬᠤ ᠬᠡ ᠪᠡᠨ ᠴᠠᠭᠠᠰᠤᠨ ᠳᠡᠭᠡᠷ᠎ᠡ ᠵᠢᠷᠤᠵᠤ ᠰᠢᠪᠡᠭᠡᠳ ᠶᠡᠬᠡ ᠳᠡᠪᠢᠰᠬᠡᠷ ᠳᠡᠭᠡᠷ᠎ᠡ ᠪᠡᠨ ᠴᠣᠬᠢᠨ ᠪᠠᠭᠤᠯᠭᠠᠵᠤ ᠣᠶᠣᠨ᠎ᠠ᠃ ᠳᠤᠭᠤᠢ ᠪᠠ ᠳᠥᠷᠪᠡᠯᠵᠢᠨ ᠰᠠᠪᠠ᠂ ᠴᠦᠩᠬᠦ ᠶ᠋ᠢᠨ ᠵᠠᠬ᠎ᠠ ᠶ᠋ᠢᠨ ᠬᠡ ᠶ᠋ᠢ ᠡᠪᠡᠷ ᠤᠭᠠᠯᠵᠠ ᠪᠤᠶᠤ ᠪᠢᠲᠡᠭᠦᠦ ᠵᠠᠳᠠᠭᠠᠢ ᠠᠯᠤᠬ᠎ᠠ᠂ ᠴᠡᠴᠡᠭ ᠨᠠᠪᠴᠢ ᠪᠠᠷ ᠴᠢᠮᠡᠵᠦ ᠭᠣᠣᠯ ᠳ᠋ᠤᠨᠢ ᠬᠡᠷᠪᠡ ᠳᠤᠭᠤᠢ ᠪᠣᠯ ᠲᠣᠨᠣᠯᠵᠢ᠂ ᠬᠣᠷᠯᠣ ᠬᠡ ᠣᠶᠣᠬᠤ ᠪᠠ ᠳᠥᠷᠪᠡᠯᠵᠢᠨ ᠪᠣᠯ ᠡᠪᠡᠷ ᠤᠭᠠᠯᠵᠠ ᠪᠠᠷ ᠴᠢᠮᠡᠭᠰᠡᠨ ᠥᠯᠵᠡᠢ ᠪᠤᠶᠤ ᠤᠭᠠᠯᠵᠠ᠂ ᠴᠡᠴᠡᠭ ᠦ᠋ᠨ ᠬᠡ ᠣᠶᠣᠬᠤ ᠳ᠋ᠤ᠌ ᠵᠣᠬᠢᠮᠵᠢᠲᠠᠢ᠃ ᠴᠦᠩᠬᠦ ᠰᠠᠪᠠ ᠶ᠋ᠢ ᠪᠢᠲᠡᠭᠦᠯᠡᠬᠦ ᠳ᠋ᠡᠭᠡᠨ ᠲᠡᠭᠦᠨ ᠢ᠋ ᠦᠵᠡᠮᠵᠢᠲᠡᠢ ᠪᠥᠭᠡᠳ ᠳᠣᠲᠣᠷ ᠵᠠᠢ ᠶ᠋ᠢ ᠪᠠᠭᠲᠠᠭᠠᠮᠵᠢᠲᠠᠢ ᠪᠠᠢᠯᠭᠠᠬᠤ ᠶ᠋ᠢᠨ ᠲᠤᠯᠠᠳᠠ ᠬᠣᠶᠠᠷ ᠲᠠᠯ᠎ᠠ ᠶ᠋ᠢᠨ ᠳᠤᠮᠳᠠ5—10cm ᠬᠦᠷᠲᠡᠯ᠎ᠡ ᠥᠷᠭᠡᠨ ᠬᠠᠲᠠᠭᠤᠯᠠᠭᠠ ᠪᠦᠬᠦᠢ ᠬᠦᠷᠢᠶ᠎ᠡ᠂ ᠠᠮᠠᠨ ᠳ᠋ᠤᠨᠢ ᠴᠠᠬᠢᠯᠭᠠᠨ ᠲᠣᠪᠴᠢ ᠣᠶᠣᠨ᠎ᠠ᠃ ᠮᠥᠨ ᠴᠦᠩᠬᠦ᠂ ᠰᠠᠪᠠ ᠶ᠋ᠢ ᠱ᠌ᠢᠷᠦ᠂ ᠰᠤᠪᠤᠳ᠂ ᠦᠯᠪᠦᠩ᠂ ᠬᠤᠪᠠᠨᠴᠠᠷ ᠬᠡᠯᠬᠢᠨ ᠬᠡ ᠲᠠᠯᠪᠢᠵᠤ ᠴᠢᠮᠡᠭᠯᠡᠵᠦ ᠪᠣᠯᠤᠨ᠎ᠠ᠃ ᠴᠦᠩᠬᠦ᠂ ᠰᠠᠪᠠᠨ ᠤ᠋ ᠣᠭᠣᠰᠣᠷ ᠢ᠋ ᠬᠢᠭᠰᠡᠨ ᠡᠳ᠋ ᠢ᠋ᠶ᠋ᠡᠷ ᠨᠢ ᠨᠠᠷᠢᠨ ᠣᠭᠣᠰᠣᠷ ᠣᠶᠣᠵᠤ ᠬᠢᠬᠦ ᠪᠠ ᠵᠠᠪᠰᠠᠷ ᠨᠢ ᠪᠥᠭᠡᠷᠡᠩᠬᠡᠢ ᠳᠠᠪᠤᠤ ᠲᠠᠮᠤᠵᠤ ᠬᠠᠪᠴᠢᠭᠤᠯᠬᠤ ᠪᠤᠶᠤ ᠳᠠᠪᠤᠤ ᠴᠠᠷᠳᠠᠨ ᠥᠩᠭᠡ ᠪᠡᠷ ᠨᠢ ᠪᠦᠷᠢᠵᠦ ᠣᠭᠣᠰᠣᠷ ᠪᠠᠷᠢᠭᠤᠯ ᠬᠢᠨ᠎ᠡ᠃ ᠡᠰᠡᠪᠡᠯ ᠥᠩᠭᠡ ᠲᠡᠢ ᠨᠢ ᠢᠵᠢᠯ ᠳᠠᠪᠤᠤ ᠲᠣᠷᠭᠠᠨ ᠤᠲᠠᠰᠤ5—8 ᠪᠠᠷ ᠰᠦᠯᠵᠢᠨ ᠦᠵᠦᠭᠦᠷ ᠲᠦ᠋ᠨᠢ ᠴᠠᠴᠤᠭ ᠭᠠᠷᠭᠠᠨ ᠬᠢᠪᠡᠯ ᠪᠦᠷ ᠴᠦ᠍ ᠵᠣᠬᠢᠮᠵᠢᠲᠠᠢ᠃
ᠦᠰᠦᠭ ᠠᠮᠢᠯᠠᠭᠤᠯᠤᠭᠴᠢ᠄ ᠱᠠᠭᠰᠠᠯ᠂ ᠪᠠᠶᠠᠨᠰᠡᠷᠡᠩ᠂ ᠭᠠᠷᠮ᠎ᠠ᠂ ᠬᠡᠷᠡᠢᠳ ᠨᠠᠷᠠᠰᠤ᠂ ᠭᠠᠷᠮ᠎ᠠ
ᠬᠢᠨᠠᠭᠴᠢ᠄ ᠤᠷᠠᠨᠲᠠᠨ᠎ᠠ᠂ ᠰᠡᠬᠡᠭᠡᠷᠡᠯ᠂ᠪᠠᠶᠠᠷᠴᠡᠴᠡᠭ᠂ ᠣᠳᠬᠠᠨᠰᠣ᠎ᠠ
