ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ12-ᠲᠣᠷᠭ᠎ᠠ ᠳᠠᠪᠤᠤ ᠬᠠᠳᠬᠤᠬᠤ
ᠬᠣᠶᠠᠳᠤᠭᠠᠷ ᠪᠦᠯᠦᠭ12-ᠲᠣᠷᠭ᠎ᠠ ᠳᠠᠪᠤᠤ ᠬᠠᠳᠬᠤᠬᠤ
ᠬᠥᠮᠦᠨ ᠲᠣᠷᠭ᠎ᠠ ᠳᠠᠪᠤᠤ ᠶ᠋ᠢᠨ ᠡᠳ᠋ᠯᠡᠯ ᠢ᠋ ᠬᠤᠪᠴᠠᠰᠤᠨ ᠳ᠋ᠤ᠌ ᠬᠡᠷᠡᠭᠯᠡᠭᠡᠳ ᠵᠣᠭᠰᠣᠬᠤ ᠦᠭᠡᠢ ᠭᠡᠷ ᠣᠷᠣᠨ᠂ ᠭᠣᠶᠣᠯ ᠴᠢᠮᠡᠭᠯᠡᠯ ᠳ᠋ᠦ᠍ ᠬᠡᠷᠡᠭᠯᠡᠳᠡᠭ᠃ ᠭᠡᠷ ᠣᠷᠣᠨ ᠤ᠋ ᠳᠠᠪᠤᠤ ᠶ᠋ᠢᠨ ᠡᠳ᠋ᠯᠡᠯ ᠦ᠋ᠨ ᠡᠰᠬᠡᠭᠦᠷ ᠣᠶᠣᠳᠠᠯ ᠤ᠋ᠨ ᠲᠠᠯ᠎ᠠ ᠪᠠᠷ ᠮᠣᠩᠭᠣᠯ ᠦᠨᠳᠦᠰᠦᠲᠡᠨ ᠦ᠌ ᠭᠡᠷ ᠦ᠋ᠨ ᠣᠶᠣᠳᠠᠯ ᠭᠡᠳᠡᠭ ᠲᠦ᠍ ᠥᠭᠦᠯᠡᠭᠰᠡᠨ ᠪᠣᠯᠤᠨ᠎ᠠ᠃ ᠳᠠᠪᠤᠤ ᠶ᠋ᠢ᠂ ᠪᠣᠭᠴᠣ ᠲᠠᠢᠯᠠᠩ ᠶᠡᠷᠦᠳᠡ ᠶ᠋ᠢᠨ ᠪᠠ ᠲᠣᠨᠣᠭ ᠲᠠᠢ ᠤᠭᠤᠲᠠ ᠰᠠᠪᠠ᠂ ᠣᠷᠣ ᠳᠡᠷᠡ ᠶ᠋ᠢᠨ ᠬᠡᠷᠡᠭᠰᠡᠯ ᠮᠠᠯ ᠤ᠋ᠨ ᠲᠣᠨᠣᠭ ᠬᠡᠷᠡᠭᠰᠡᠯ ᠦ᠋ᠨ ᠭᠣᠶᠣᠯ ᠴᠢᠮᠡᠭᠯᠡᠯ ᠳ᠋ᠦ᠍ ᠬᠡᠷᠡᠭᠯᠡᠨ᠎ᠡ᠃
ᠲᠣᠷᠭᠠᠨ ᠬᠠᠳᠬᠤᠮᠠᠯ ᠮᠠᠨ ᠤ᠋ ᠣᠷᠣᠨ ᠤ᠋ ᠬᠥᠮᠦᠨ ᠠᠷᠠᠳ ᠣᠯᠠᠨ ᠵᠠᠭᠤᠨ ᠵᠢᠯ ᠨᠡᠭᠦᠳᠡᠯ ᠦ᠋ᠨ ᠮᠠᠯ ᠠᠵᠤ ᠠᠬᠤᠢ ᠶ᠋ᠢ ᠡᠷᠬᠢᠮᠯᠡᠨ ᠢᠷᠡᠭᠰᠡᠨ ᠪᠥᠭᠡᠳ ᠲᠤᠰᠬᠠᠢᠯᠠᠨ ᠣᠶᠣᠳᠠᠯ ᠤ᠋ᠨ ᠦᠢᠯᠡᠳᠪᠦᠷᠢ ᠲᠡᠷᠡ ᠪᠣᠯᠭᠠᠨ ᠪᠠᠢᠭ᠎ᠠ ᠦᠭᠡᠢ ᠡᠴᠡ ᠥᠪᠡᠷᠰᠡᠳ ᠦ᠋ᠨ ᠭᠠᠷ ᠤᠷᠠᠯᠠᠯ ᠢ᠋ ᠬᠥᠭᠵᠢᠭᠦᠯᠵᠦ ᠠᠮᠢᠳᠤᠷᠠᠯ ᠠᠬᠤᠢ ᠪᠠᠨ ᠥᠭᠡᠳᠡ ᠲᠡᠳᠡᠨ ᠢᠷᠡᠭᠰᠡᠨ ᠦ᠌ ᠳ᠋ᠦᠩ ᠳ᠋ᠦ᠍ ᠠᠷᠠᠳ ᠤ᠋ᠨ ᠭᠠᠷ ᠤᠷᠠᠯᠠᠯ ᠬᠡᠷᠡᠭᠴᠡᠭᠡᠨ ᠦ᠌ ᠳᠠᠭᠠᠤ ᠪᠣᠯᠪᠠᠰᠤᠷᠠᠩᠭᠤᠢ ᠬᠥᠭᠵᠢᠨ ᠢᠷᠡᠵᠡᠢ᠃ ᠡᠭᠦᠨ ᠦ᠌ ᠨᠢᠭᠡ ᠨᠢ ᠳᠠᠪᠤᠤ᠂ ᠲᠣᠷᠭᠠᠨ ᠬᠠᠳᠬᠤᠮᠠᠯ ᠶᠤᠮ᠃
ᠮᠣᠩᠭᠣᠯᠴᠤᠳ ᠲᠣᠷᠭ᠎ᠠ ᠳᠠᠪᠤᠤ ᠪᠠᠷ ᠥᠴᠦᠬᠡᠨ ᠵᠢᠵᠢᠭ ᠵᠦᠢᠯ ᠡᠴᠡ ᠡᠬᠢᠯᠡᠨ ᠬᠥᠮᠦᠨ ᠣᠷᠣᠰᠢᠨ ᠰᠠᠭᠤᠬᠤ ᠭᠡᠷ ᠣᠷᠣᠨ ᠬᠦᠷᠲᠡᠯ᠎ᠡ ᠤᠷᠠᠯᠠᠨ ᠪᠦᠲᠦᠭᠡᠵᠦ ᠢᠷᠡᠭᠰᠡᠨ ᠪᠥᠭᠡᠳ ᠪᠢᠳᠡᠨ ᠦ᠌ ᠡᠪᠦᠭᠡ ᠳᠡᠭᠡᠳᠦᠰ ᠬᠣᠶᠠᠷ ᠮᠢᠩᠭᠠᠨ ᠬᠥᠮᠦᠨ ᠪᠠᠭᠲᠠᠬᠤ ᠠᠰᠠᠷ ᠬᠦᠷᠲᠡᠯ᠎ᠡ ᠬᠢᠵᠦ ᠲᠡᠭᠦᠨ ᠳ᠋ᠡᠭᠡᠨ ᠲᠣᠬᠢᠯᠢᠭ ᠰᠠᠢᠬᠠᠨ ᠠᠮᠢᠳᠤᠷᠠᠵᠤ ᠪᠠᠢᠭᠰᠠᠨ ᠲᠤᠬᠠᠢ ᠭᠠᠳᠠᠭᠠᠳᠤ ᠶ᠋ᠢᠨ ᠵᠢᠭᠤᠯᠴᠢᠨ ᠳᠤᠷᠠᠳᠤᠭᠰᠠᠨ ᠪᠠᠢᠳᠠᠭ᠃
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠤᠷᠠᠨᠲᠠᠨ᠎ᠠ ᠂ ᠣᠳᠬᠠᠨᠰᠣ᠎ᠠ
