ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ11-ᠬᠠᠳᠬᠤᠮᠠᠯ ᠤ᠋ᠨ ᠳᠡᠪᠢᠰᠬᠡᠷ ᠢ᠋ ᠪᠡᠯᠡᠳᠬᠡᠬᠦ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ11-ᠬᠠᠳᠬᠤᠮᠠᠯ ᠤ᠋ᠨ ᠳᠡᠪᠢᠰᠬᠡᠷ ᠢ᠋ ᠪᠡᠯᠡᠳᠬᠡᠬᠦ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ11-ᠬᠠᠳᠬᠤᠮᠠᠯ ᠤ᠋ᠨ ᠳᠡᠪᠢᠰᠬᠡᠷ ᠢ᠋ ᠪᠡᠯᠡᠳᠬᠡᠬᠦ

ᠠᠩᠭᠢᠯᠠᠯ:ᠵᠠᠩ ᠦᠢᠯᠡ
2024-04-13

316

ᠬᠣᠶᠠᠳᠤᠭᠠᠷ ᠪᠦᠯᠦᠭ11-ᠬᠠᠳᠬᠤᠮᠠᠯ ᠤ᠋ᠨ ᠳᠡᠪᠢᠰᠬᠡᠷ ᠢ᠋ ᠪᠡᠯᠡᠳᠬᠡᠬᠦ

   ᠬᠠᠳᠬᠤᠮᠠᠯ ᠤ᠋ᠨ ᠳᠡᠪᠢᠰᠬᠡᠷ ᠢ᠋ ᠰᠣᠩᠭᠣᠬᠤ ᠳ᠋ᠠᠭᠠᠨ ᠴᠣᠬᠣᠮ ᠶᠠᠮᠠᠷ ᠬᠡ ᠳᠦᠷᠰᠦ᠂ ᠰᠡᠳᠦᠪᠲᠦ ᠬᠠᠳᠬᠤᠮᠠᠯ ᠤᠷᠠᠯᠠᠬᠤ ᠳ᠋ᠠᠭᠠᠨ ᠲᠣᠬᠢᠷᠠᠭᠤᠯᠤᠨ ᠰᠣᠩᠭᠣᠬᠤ ᠪᠥᠭᠡᠳ ᠶᠠᠭᠤᠨ ᠤ᠋ ᠡᠮᠦᠨ᠎ᠡ ᠬᠡ ᠥᠬᠡᠢ ᠴᠤᠯᠭᠤᠢ ᠫᠦᠦᠰᠦᠦ᠂ ᠳᠠᠪᠤᠤ᠂ ᠴᠠᠭᠠᠨ ᠶᠠᠩᠪᠤᠤ᠂ ᠲᠠᠭᠠᠷ ᠵᠡᠷᠭᠡ ᠶ᠋ᠢ ᠰᠣᠩᠭᠣᠵᠤ ᠠᠪᠤᠨ᠎ᠠ᠃ ᠤᠭ ᠮᠠᠲ᠋ᠧᠷᠢᠶᠠᠯ ᠢ᠋ ᠬᠠᠳᠬᠤᠮᠠᠯ ᠬᠠᠳᠬᠤᠬᠤ ᠶ᠋ᠢᠨ ᠡᠮᠦᠨ᠎ᠡ ᠵᠠᠪᠠᠯ ᠳᠠᠪᠬᠤᠷᠯᠠᠨ ᠴᠠᠪᠤᠭ ᠨᠠᠭᠠᠨ᠎ᠠ᠃ ᠴᠠᠪᠤᠭ ᠢ᠋ ᠨᠠᠭᠠᠬᠤ ᠳ᠋ᠠᠭᠠᠨ ᠳᠤᠮᠳᠠ ᠵᠡᠷᠭᠡ ᠶ᠋ᠢᠨ ᠥᠳᠬᠡᠨ ᠵᠣᠩᠬᠤ ᠪᠤᠴᠠᠯᠭᠠᠵᠤ ᠬᠥᠷᠥᠭᠡᠭᠡᠳ ᠳᠡᠪᠢᠰᠬᠡᠷ ᠲᠡᠭᠡᠨ ᠵᠢᠭᠳᠡ ᠪᠠᠭ᠎ᠠ ᠲᠦᠷᠬᠢᠵᠦ ᠬᠢᠲᠤᠭ᠎ᠠ ᠪᠠᠷ ᠬᠥᠨᠳᠡᠢᠬᠡᠨ ᠬᠤᠰᠤᠵᠤ ᠪᠥᠭᠡᠮ ᠪᠤᠶᠤ ᠨᠠᠭᠠᠯᠳᠤᠭᠰᠠᠨ ᠵᠦᠢᠯ ᠢ᠋ ᠠᠷᠢᠯᠭᠠᠵᠤ ᠨᠠᠭᠠᠬᠤ ᠴᠠᠪᠤᠭ ᠢ᠋ᠶ᠋ᠠᠨ ᠲᠠᠯᠪᠢᠵᠤ ᠪᠦᠯᠢᠶᠡᠨ ᠢᠩᠳᠡᠦ ᠪᠡᠷ ᠵᠢᠭᠳᠡ᠂ ᠵᠥᠭᠡᠯᠡᠨ ᠢᠩᠳᠡᠦᠳᠡᠵᠦ ᠨᠠᠭᠠᠭᠠᠳ ᠪᠠᠭ᠎ᠠ ᠵᠡᠷᠭᠡ ᠬᠠᠲᠠᠭᠠᠵᠤ ᠳᠤᠮᠳᠠ ᠵᠡᠷᠭᠡ ᠲᠡᠢ ᠬᠠᠯᠠᠭᠤᠨ ᠢᠩᠳᠡᠦ ᠪᠡᠷ ᠳᠠᠬᠢᠨ ᠰᠠᠢᠨ ᠬᠠᠳᠠᠲᠠᠯ᠎ᠠ ᠢᠩᠳᠡᠦᠳᠡᠵᠦ ᠲᠡᠭᠰᠢ ᠭᠠᠳᠠᠷᠭᠤ ᠲᠠᠢ ᠮᠣᠳᠣ ᠪᠤᠶᠤ ᠰᠢᠷᠡᠭᠡᠨ ᠳᠡᠭᠡᠷ᠎ᠡ ᠲᠠᠯᠪᠢᠵᠤ ᠳᠡᠭᠡᠷ᠎ᠡ ᠡᠴᠡ ᠨᠢ ᠲᠡᠭᠰᠢ ᠭᠠᠳᠠᠷᠭᠤ ᠲᠠᠢ ᠮᠣᠳᠣ ᠲᠠᠯᠪᠢᠵᠤ ᠬᠦᠨᠳᠦ ᠶᠠᠭᠤᠮ᠎ᠠ ᠪᠠᠷ ᠳᠠᠷᠤᠵᠤ ᠴᠠᠭ ᠪᠣᠯᠤᠭᠰᠠᠨ ᠤ᠋ ᠳᠠᠷᠠᠭ᠎ᠠ ᠠᠪᠴᠤ ᠲᠠᠯᠠᠪᠤᠷ ᠲᠤ᠌ ᠣᠷᠣᠭᠤᠯᠬᠤ ᠪᠤᠶᠤ ᠵᠢᠵᠢᠭ ᠡᠳ᠋ᠯᠡᠯ ᠢ᠋ ᠪᠣᠯ ᠰᠢᠭᠤᠳ ᠵᠢᠷᠤᠭ ᠢ᠋ᠶ᠋ᠠᠨ ᠪᠠᠭᠤᠯᠭᠠᠵᠤ ᠣᠶᠣᠨ᠎ᠠ᠃ ᠬᠠᠳᠬᠤᠮᠠᠯ ᠤ᠋ᠨ ᠳᠡᠪᠢᠰᠬᠡᠷ ᠦ᠋ᠨ ᠥᠩᠭᠡ ᠶ᠋ᠢ ᠰᠣᠩᠭᠣᠬᠤ ᠳ᠋ᠠᠭᠠᠨ ᠣᠶᠣᠬᠤ ᠵᠦᠢᠯ ᠦ᠋ᠨ ᠢ᠋ᠶ᠋ᠡᠨ ᠤᠲᠠᠰᠤ ᠶ᠋ᠢ ᠪᠤᠳᠤᠯᠴᠠᠬᠤ ᠶᠣᠰᠣᠲᠠᠢ᠃
   ᠬᠠᠳᠬᠤᠮᠠᠯ ᠤ᠋ᠨ ᠳᠡᠪᠢᠰᠬᠡᠷ᠂ ᠣᠶᠣᠬᠤ ᠳᠦᠷᠰᠦ ᠬᠣᠶᠠᠷ ᠬᠣᠭᠣᠷᠣᠨᠳᠣ ᠪᠠᠨ ᠥᠩᠭᠡ ᠵᠣᠬᠢᠴᠠᠵᠤ ᠪᠠᠢᠪᠠᠯ ᠬᠠᠳᠬᠤᠮᠠᠯ ᠢ᠋ ᠤᠯᠠᠮ ᠭᠣᠶᠣ ᠰᠠᠢᠬᠠᠨ ᠪᠣᠯᠭᠠᠵᠤ ᠬᠠᠷᠠᠭᠳᠠᠭᠤᠯᠤᠨ᠎ᠠ᠃
   ᠡᠭᠦᠨ ᠳ᠋ᠦ᠍ ᠨᠢᠭᠡ ᠥᠩᠭᠡ ᠶ᠋ᠢᠨ ᠴᠠᠢᠪᠤᠷ ᠨᠣᠭᠣᠭᠠᠨ ᠥᠩᠭᠡ ᠪᠠᠷᠠᠭᠠᠨ ᠲᠠᠢ ᠰᠠᠢᠨ ᠵᠣᠬᠢᠴᠠᠨ᠎ᠠ᠃ ᠨᠣᠭᠣᠭᠠᠨ᠂ ᠴᠡᠩᠬᠡᠷ ᠬᠡ᠂ ᠳᠦᠷᠰᠦ ᠶ᠋ᠢᠨ ᠳᠡᠪᠢᠰᠬᠡᠷ ᠤᠯᠠᠭᠠᠨ ᠪᠤᠶᠤ ᠰᠢᠷ᠎ᠠ᠂ ᠤᠯᠠᠭᠠᠨ ᠬᠤᠪᠢᠯᠪᠤᠷᠢ ᠪᠠᠷ ᠰᠣᠯᠣᠩᠭᠠᠷᠠᠭᠰᠠᠨ ᠬᠡ ᠶ᠋ᠢᠨ ᠳᠡᠪᠢᠰᠬᠡᠷ ᠬᠠᠷ᠎ᠠ ᠬᠦᠷᠡᠩ ᠪᠤᠶᠤ ᠬᠠᠷ᠎ᠠ ᠬᠥᠬᠡ ᠪᠠᠢᠪᠠᠯ ᠵᠣᠬᠢᠮᠵᠢᠲᠠᠢ᠃ ᠡᠨᠡ ᠨᠢ ᠵᠡᠭᠦᠦ ᠣᠷᠢᠶᠠᠬᠤ᠂ ᠬᠣᠨᠢᠨ ᠬᠣᠯᠪᠣᠭ᠎ᠠ ᠠᠯᠢ ᠴᠤ᠌ ᠬᠠᠳᠬᠤᠮᠠᠯ ᠳ᠋ᠤ᠌ ᠲᠣᠬᠢᠷᠠᠨ᠎ᠠ᠃ ᠬᠡ ᠤᠭᠠᠯᠵᠠ ᠣᠶᠣᠬᠤ ᠳ᠋ᠤ᠌ ᠬᠠᠮᠤᠭ ᠠ᠋ᠴᠠ ᠡᠷᠬᠢᠮᠯᠡᠬᠦ ᠵᠦᠢᠯ ᠨᠢ ᠲᠡᠭᠦᠨ ᠦ᠌ ᠨᠤᠭᠤᠯᠤᠭ᠎ᠠ ᠳᠣᠯᠭᠢᠶ᠎ᠠ ᠶ᠋ᠢ ᠭᠠᠷᠭᠠᠬᠤ ᠠᠵᠢᠯ ᠪᠥᠭᠡᠳ ᠬᠣᠶᠠᠷ ᠲᠠᠯ᠎ᠠ ᠠ᠋ᠴᠠ ᠨᠢ ᠬᠦᠨᠳᠦᠷᠡᠭᠦᠯᠵᠦ ᠣᠶᠣᠬᠤ ᠳ᠋ᠤ᠌ ᠨᠠᠰᠢ ᠪᠠᠨ ᠪᠤᠯᠲᠠᠢᠵᠤ ᠳᠣᠪᠣᠢᠵᠤ ᠬᠠᠷᠠᠭᠳᠠᠬᠤ ᠪᠠ ᠭᠣᠣᠯ ᠠ᠋ᠴᠠ ᠨᠢ ᠵᠠᠬ᠎ᠠ ᠤᠷᠤᠭᠤ ᠨᠢ ᠬᠦᠨᠳᠦᠷᠡᠭᠦᠯᠦᠭᠰᠡᠨ ᠥᠩᠭᠡ ᠪᠡᠷ ᠣᠶᠣᠬᠤ ᠳ᠋ᠤ᠌ ᠬᠡ ᠳᠦᠷᠰᠦ ᠴᠠᠰᠢ ᠪᠠᠨ ᠭᠦᠳᠦᠢᠵᠦ ᠬᠣᠩᠬᠣᠢᠵᠤ ᠬᠠᠷᠠᠭᠳᠠᠨ᠎ᠠ᠃ ᠬᠡ ᠤᠭᠠᠯᠵᠠ ᠶ᠋ᠢᠨ ᠡᠨᠡ ᠪᠠᠢᠳᠠᠯ ᠢ᠋ ᠵᠣᠬᠢᠴᠠᠭᠤᠯᠬᠤ ᠳ᠋ᠤ᠌ ᠳᠡᠪᠢᠰᠬᠡᠷ ᠴᠢᠬᠤᠯᠠ ᠦᠢᠯᠡᠳᠦᠯ ᠲᠡᠢ ᠪᠥᠭᠡᠳ ᠲᠡᠭᠦᠨ ᠳ᠋ᠦ᠍ ᠲᠣᠬᠢᠷᠠᠭᠤᠯᠵᠤ ᠤᠲᠠᠰᠤ ᠪᠠᠨ ᠪᠡᠯᠡᠳᠬᠡᠨ᠎ᠡ᠃

   ᠦᠰᠦᠭ ᠠᠮᠢᠯᠠᠭᠤᠯᠤᠭᠴᠢ᠄ ᠱᠠᠭᠰᠠᠯ ᠂  ᠪᠠᠶᠠᠨᠰᠡᠷᠡᠩ
   ᠬᠢᠨᠠᠭᠴᠢ ᠪᠠᠭᠰᠢ᠄ ᠣᠳᠬᠠᠨᠰᠣ᠎ᠠ