ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ10-ᠬᠠᠳᠬᠤᠮᠠᠯ ᠤ᠋ᠨ ᠤᠲᠠᠰᠤ ᠶ᠋ᠢ ᠪᠣᠳᠣᠬᠤ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ10-ᠬᠠᠳᠬᠤᠮᠠᠯ ᠤ᠋ᠨ ᠤᠲᠠᠰᠤ ᠶ᠋ᠢ ᠪᠣᠳᠣᠬᠤ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ10-ᠬᠠᠳᠬᠤᠮᠠᠯ ᠤ᠋ᠨ ᠤᠲᠠᠰᠤ ᠶ᠋ᠢ ᠪᠣᠳᠣᠬᠤ

ᠠᠩᠭᠢᠯᠠᠯ:ᠵᠠᠩ ᠦᠢᠯᠡ
2024-04-12

306

ᠬᠠᠳᠬᠤᠮᠠᠯ ᠤ᠋ᠨ ᠤᠲᠠᠰᠤ ᠶ᠋ᠢ ᠪᠣᠳᠣᠬᠤ

   ᠬᠡᠷᠪᠡ ᠤᠲᠠᠰᠤ ᠶ᠋ᠢ ᠪᠣᠳᠣᠬᠤ ᠱᠠᠭᠠᠷᠳᠠᠯᠭ᠎ᠠ ᠭᠠᠷᠪᠠᠯ ᠠᠨᠢᠯᠢᠨ ᠢ᠋ᠶ᠋ᠠᠷ ᠪᠣᠳᠣᠳᠠᠭ᠃ ᠲᠣᠷᠭ᠎ᠠ᠂ ᠳᠠᠪᠤᠤ᠂ ᠨᠣᠣᠰᠣᠨ ᠤᠲᠠᠰᠤ ᠶ᠋ᠢ ᠪᠣᠳᠣᠬᠤ ᠳ᠋ᠤ᠌ ᠹᠠᠯᠠᠩ ᠲᠠᠢ ᠰᠠᠪᠠᠨ ᠳ᠋ᠤ᠌200 ᠭᠷᠠᠮ ᠬᠠᠯᠠᠭᠠᠭᠰᠠᠨ ᠤᠰᠤᠨ ᠳ᠋ᠤ᠌ ᠴᠠᠢ ᠶ᠋ᠢᠨ ᠬᠠᠯᠪᠠᠭ᠎ᠠ ᠪᠠᠷ ᠬᠠᠭᠠᠰ ᠬᠢᠷᠢᠲᠡᠢ ᠨᠤᠨᠲᠠᠭ ᠪᠣᠳᠣᠭ ᠬᠢᠵᠦ ᠪᠤᠴᠠᠯᠭᠠᠭᠠᠳ ᠬᠣᠶᠠᠷ ᠬᠠᠯᠪᠠᠭ᠎ᠠ ᠬᠣᠭᠣᠯᠠᠨ ᠳᠠᠪᠤᠰᠤ ᠬᠢᠵᠦ ᠪᠤᠴᠠᠯᠵᠤ ᠪᠠᠢᠭ᠎ᠠ ᠪᠣᠳᠣᠭ ᠲᠠᠭᠠᠨ ᠤᠲᠠᠰᠤ ᠪᠠᠨ ᠬᠢᠨ᠎ᠡ᠃ ᠤᠲᠠᠰᠤ ᠶ᠋ᠢ ᠬᠡᠳᠦ ᠬᠡᠳᠦᠨ ᠥᠩᠭᠡ ᠪᠡᠷ ᠪᠣᠳᠣᠬᠤ ᠳ᠋ᠠᠭᠠᠨ5—7 ᠮᠢᠨᠦ᠋ᠲ ᠪᠤᠴᠠᠯᠭᠠᠭᠠᠳ ᠳᠠᠷᠠᠭ᠎ᠠ ᠶ᠋ᠢᠨ ᠥᠩᠭᠡ ᠨᠦ᠍ᠭᠦᠳ ᠦ᠋ᠨ ᠪᠤᠴᠠᠯᠭᠠᠬᠤ ᠬᠤᠭᠤᠴᠠᠭ᠎ᠠ ᠶ᠋ᠢ ᠪᠣᠭᠣᠨᠢᠰᠬᠠᠵᠤ ᠪᠣᠳᠣᠬᠤ ᠳ᠋ᠤ᠌ ᠥᠩᠭᠡ ᠬᠥᠩᠭᠡᠷᠡᠵᠦ ᠪᠣᠳᠣᠭᠳᠠᠨ᠎ᠠ᠃
   ᠤᠲᠠᠰᠤᠨ ᠤ᠋ ᠪᠣᠳᠣᠭ ᠢ᠋ ᠤᠳᠠᠭᠠᠨ ᠲᠣᠭᠲᠠᠭᠠᠬᠤ ᠶ᠋ᠢᠨ ᠲᠤᠯᠠᠳᠠ ᠪᠣᠳᠣᠭᠰᠠᠨ ᠤᠲᠠᠰᠤ ᠪᠠᠨ ᠬᠦᠢᠲᠡᠨ ᠤᠰᠤ ᠪᠠᠷ ᠵᠠᠢᠯᠠᠵᠤ ᠪᠠᠭ᠎ᠠ ᠵᠡᠷᠭᠡ ᠬᠣᠭᠣᠯᠠᠨ ᠤ᠋ ᠼᠤᠤ ᠪᠠᠷ ᠰᠢᠩᠭᠡᠯᠡᠵᠦ ᠬᠢᠨ᠎ᠡ᠃ ᠵᠠᠪᠰᠠᠷ ᠤ᠋ᠨ ᠥᠩᠭᠡᠨ ᠦ᠌ ᠤᠲᠠᠰᠤ ᠭᠠᠷᠭᠠᠬᠤ ᠳ᠋ᠠᠭᠠᠨ ᠳᠡᠭᠡᠷ᠎ᠡ ᠳᠤᠷᠠᠳᠤᠭᠰᠠᠨ ᠢ᠋ᠶ᠋ᠠᠷ ᠬᠡᠳᠦ ᠬᠡᠳᠦᠨ ᠥᠩᠭᠡ ᠶ᠋ᠢ ᠬᠣᠯᠢᠵᠤ ᠪᠣᠳᠣᠨ᠎ᠠ᠃

   ᠦᠰᠦᠭ ᠠᠮᠢᠯᠠᠭᠤᠯᠤᠭᠴᠢ᠄ ᠪᠠᠶᠠᠨᠰᠡᠷᠡᠩ
   ᠬᠢᠨᠠᠭᠴᠢ ᠪᠠᠭᠰᠢ᠄ ᠣᠳᠬᠠᠨᠰᠣ᠎ᠠ