ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ09- ᠬᠠᠳᠬᠤᠮᠠᠯ ᠤ᠋ᠨ ᠤᠲᠠᠰᠤᠨ ᠤ᠋ ᠥᠩᠭᠡ ᠲᠣᠬᠢᠷᠠᠭᠤᠯᠤᠨ ᠰᠣᠩᠭᠣᠬᠤ
ᠬᠣᠶᠠᠳᠤᠭᠠᠷ ᠪᠦᠯᠦᠭ09- ᠬᠠᠳᠬᠤᠮᠠᠯ ᠤ᠋ᠨ ᠤᠲᠠᠰᠤᠨ ᠤ᠋ ᠥᠩᠭᠡ ᠲᠣᠬᠢᠷᠠᠭᠤᠯᠤᠨ ᠰᠣᠩᠭᠣᠬᠤ
ᠤᠲᠠᠰᠤᠨ ᠤ ᠥᠩᠭᠡ ᠶ᠋ᠢ ᠰᠣᠩᠭᠣᠬᠤ ᠳ᠋ᠠᠭᠠᠨ ᠨᠢᠭᠡ ᠪᠤᠶᠤ ᠬᠡᠳᠦ ᠬᠡᠳᠦᠨ ᠥᠩᠭᠡ ᠶ᠋ᠢ ᠬᠣᠯᠢᠬᠤ᠂ ᠬᠣᠣᠰᠯᠠᠭᠤᠯᠬᠤ ᠮᠠᠶᠢᠭ ᠢ᠋ᠶ᠋ᠠᠷ ᠶᠡᠷᠦᠩᠬᠡᠢ ᠥᠩᠭᠡ ᠶ᠋ᠢ ᠵᠣᠬᠢᠴᠠᠭᠤᠯᠤᠨ᠎ᠠ᠃ ᠤᠲᠠᠰᠤᠨ ᠤ᠋ ᠥᠩᠭᠡ ᠶ᠋ᠢ ᠰᠣᠩᠭᠣᠬᠤ ᠶ᠋ᠢᠨ ᠡᠮᠦᠨ᠎ᠡ ᠣᠶᠣᠬᠤ ᠵᠢᠷᠤᠭ ᠢ᠋ᠶ᠋ᠠᠨ ᠪᠣᠳᠣᠭ ᠢ᠋ᠶ᠋ᠠᠷ ᠢᠯᠭᠠᠨ ᠪᠣᠳᠣᠵᠤ ᠠᠵᠢᠭᠯᠠᠨ ᠲᠡᠭᠦᠨ ᠳ᠋ᠦ᠍ ᠵᠣᠬᠢᠴᠠᠭᠤᠯᠵᠤ ᠤᠲᠠᠰᠤ ᠪᠠᠨ ᠪᠡᠯᠡᠳᠬᠡᠬᠦ ᠪᠤᠶᠤ ᠲᠡᠷᠡ ᠥᠩᠭᠡ ᠳᠠᠭᠠᠤ ᠣᠶᠣᠨ᠎ᠠ᠃ ᠬᠠᠳᠬᠤᠮᠠᠯ ᠤ᠋ᠨ ᠤᠲᠠᠰᠤ ᠲᠥᠷᠥᠯ ᠪᠦᠷᠢ ᠶ᠋ᠢᠨ ᠥᠩᠭᠡ ᠲᠡᠢ ᠪᠠᠢᠬᠤ ᠨᠢ ᠮᠡᠳᠡᠭᠡᠵᠢ ᠪᠥᠭᠡᠳ ᠵᠢᠷᠤᠭ ᠤᠷᠠᠯᠠᠨ ᠪᠣᠢ ᠪᠣᠯᠭᠠᠬᠤ ᠳ᠋ᠤ᠌ ᠤᠲᠠᠰᠤᠨ ᠤ᠋ ᠥᠩᠭᠡ ᠬᠦᠨᠳᠦ ᠡᠴᠡ ᠬᠥᠩᠭᠡᠨ ᠤᠷᠤᠭᠤ᠂ ᠬᠥᠩᠭᠡᠨ ᠡᠴᠡ ᠬᠦᠨᠳᠦ ᠤᠷᠤᠭᠤ ᠴᠢᠭᠯᠡᠭᠦᠯᠬᠦ ᠵᠠᠮ ᠢ᠋ᠶ᠋ᠠᠷ᠂ ᠠᠯᠤᠰ ᠠ᠋ᠴᠠ ᠵᠠᠮᠬᠠᠷᠠᠭᠤᠯᠤᠨ ᠲᠣᠳᠣᠷᠠᠭᠤᠯᠬᠤ ᠳᠡᠰ ᠳᠠᠷᠠᠭ᠎ᠠ ᠶ᠋ᠢ ᠨᠠᠷᠢᠨ ᠪᠠᠷᠢᠮᠲᠠᠯᠠᠨ᠎ᠠ᠃ ᠡᠭᠦᠨ ᠢ᠋ ᠥᠩᠭᠡᠨ ᠦ᠌ ᠳᠠᠩᠨᠠᠭᠠᠰᠤ ᠭᠡᠵᠦ ᠨᠡᠷᠡᠯᠡᠳᠡᠭ᠃ ᠵᠢᠱ᠌ᠢᠶ᠎ᠡ ᠨᠢ᠄ ᠨᠣᠭᠣᠭᠠᠨ ᠤ᠋ ᠳᠠᠩᠨᠠᠭᠠᠰᠤ ᠨᠢ ᠴᠠᠭᠠᠨ᠂ ᠴᠠᠭᠠᠨ ᠨᠣᠭᠣᠭᠠᠨ᠂ ᠴᠠᠢᠪᠤᠷ ᠨᠣᠭᠣᠭᠠᠨ᠂ ᠲᠣᠳᠣ ᠨᠣᠭᠣᠭᠠᠨ᠂ ᠨᠣᠭᠣᠭᠠᠨ᠂ ᠬᠠᠷ᠎ᠠ ᠨᠣᠭᠣᠭᠠᠨ ᠭᠡᠬᠦ ᠮᠡᠲᠦ᠃ ᠶᠠᠩᠵᠤ ᠪᠦᠷᠢ ᠶ᠋ᠢᠨ ᠬᠡ ᠣᠶᠣᠬᠤ ᠳ᠋ᠤ᠌ ᠵᠠᠷᠢᠮ ᠦᠶ᠎ᠡ ᠳ᠋ᠦ᠍ ᠨᠢᠭᠡ ᠳᠡᠪᠢᠰᠬᠡᠷ ᠳᠡᠭᠡᠷ᠎ᠡ ᠨᠢᠭᠡ ᠲᠣᠳᠣ ᠥᠩᠭᠡ ᠪᠤᠶᠤ ᠬᠡᠳᠦ ᠬᠡᠳᠦᠨ ᠥᠩᠭᠡ ᠪᠡᠷ ᠲᠠᠩᠨᠠᠬᠤ ᠳ᠋ᠤ᠌ ᠦᠵᠡᠮᠵᠢᠲᠡᠢ ᠪᠣᠯᠳᠠᠭ᠃ ᠬᠡᠷᠦᠭᠡᠰᠦ ᠣᠶᠣᠳᠠᠯ ᠢ᠋ᠶ᠋ᠠᠷ ᠬᠡ ᠤᠭᠠᠯᠵᠠ ᠣᠶᠣᠬᠤ ᠳ᠋ᠠᠭᠠᠨ ᠥᠩᠭᠡᠨ ᠦ᠌ ᠵᠣᠬᠢᠴᠠᠯ ᠢ᠋ ᠠᠩᠬᠠᠷᠴᠤ ᠤᠯᠠᠭᠠᠨ᠂ ᠬᠠᠷ᠎ᠠ ᠬᠦᠷᠡᠩ᠂ ᠰᠢᠷ᠎ᠠ᠂ ᠴᠠᠢᠪᠤᠷ ᠰᠢᠷ᠎ᠠ ᠵᠡᠷᠭᠡ ᠥᠩᠭᠡ ᠶ᠋ᠢ ᠬᠣᠣᠰᠯᠠᠭᠤᠯᠬᠤ ᠳ᠋ᠤ᠌ ᠵᠣᠬᠢᠮᠵᠢᠲᠠᠢ᠃
ᠬᠠᠳᠬᠤᠮᠠᠯᠴᠢᠨ ᠬᠥᠮᠦᠨ ᠠᠯᠢᠪᠠ ᠥᠩᠭᠡᠨ ᠦ᠌ ᠳᠠᠩᠨᠠᠭᠠᠰᠤ᠂ ᠠᠯᠤᠰᠯᠠᠯᠲᠠ᠂ ᠦᠨᠳᠦᠰᠦᠨ ᠪᠠ ᠲᠤᠰᠠᠯᠠᠬᠤ ᠥᠩᠭᠡ ᠶ᠋ᠢᠨ ᠵᠣᠬᠢᠴᠠᠯ ᠢ᠋ ᠰᠠᠢᠨ ᠮᠡᠳᠡᠳᠡᠭ ᠪᠠᠢᠵᠤ ᠲᠡᠭᠦᠨ ᠢ᠋ ᠤᠷᠠᠯᠠᠨ ᠪᠦᠲᠦᠭᠡᠬᠦ ᠶᠣᠰᠣᠲᠠᠢ᠃ ᠦᠨᠳᠦᠰᠦᠨ ᠥᠩᠭᠡᠨ ᠳ᠋ᠦ᠍ ᠤᠯᠠᠭᠠᠨ᠂ ᠰᠢᠷ᠎ᠠ᠂ ᠬᠥᠬᠡ ᠬᠠᠮᠤᠷᠬᠤ ᠪᠥᠭᠡᠳ ᠡᠳᠡᠭᠡᠷ ᠢ᠋ ᠬᠣᠭᠣᠷᠣᠨᠳᠣ ᠨᠢ ᠬᠣᠯᠢᠬᠤ ᠳ᠋ᠤ᠌ ᠨᠡᠢᠯᠡᠮᠡᠯ ᠥᠩᠭᠡ ᠪᠣᠯᠤᠨ᠎ᠠ᠃
ᠵᠢᠱ᠌ᠢᠶ᠎ᠡ ᠨᠢ᠄ ᠤᠯᠠᠭᠠᠨ+ ᠰᠢᠷ᠎ᠠ= ᠤᠯᠠᠪᠢᠷ ᠰᠢᠷ᠎ᠠ᠂ ᠰᠢᠷ᠎ᠠ+ ᠬᠥᠬᠡ= ᠨᠣᠭᠣᠭᠠᠨ ᠪᠣᠯᠤᠨ᠎ᠠ᠃ ᠣᠢᠷᠠᠯᠴᠠᠭ᠎ᠠ ᠥᠩᠭᠡ ᠨᠦ᠍ᠭᠦᠳ ᠢ᠋ ᠬᠣᠭᠣᠷᠣᠨᠳᠣ ᠨᠢ ᠬᠣᠯᠢᠵᠤ ᠭᠠᠷᠭᠠᠵᠤ ᠪᠠᠢᠭ᠎ᠠ ᠥᠩᠭᠡ ᠨᠦ᠍ᠭᠦᠳ ᠵᠠᠪᠰᠠᠷ ᠤ᠋ᠨ ᠥᠩᠭᠡ ᠶᠦᠮ᠃ ᠨᠣᠭᠣᠭᠠᠨ+ ᠰᠢᠷ᠎ᠠ= ᠰᠢᠷᠠᠪᠲᠤᠷ ᠨᠣᠭᠣᠭᠠᠨ᠂ ᠨᠣᠭᠣᠭᠠᠨ+ ᠬᠥᠬᠡ= ᠬᠥᠬᠡᠪᠲᠦᠷ ᠭᠡᠬᠦ ᠵᠢᠱ᠌ᠢᠶ᠎ᠡ ᠲᠡᠢ᠃ ᠨᠡᠢᠲᠡ ᠥᠩᠭᠡ ᠶ᠋ᠢ ᠳᠤᠯᠠᠭᠠᠨ᠂ ᠬᠦᠢᠲᠡᠨ ᠭᠡᠵᠦ ᠠᠩᠭᠢᠯᠠᠨ᠎ᠠ᠃ ᠳᠤᠯᠠᠭᠠᠨ ᠥᠩᠭᠡᠨ ᠳ᠋ᠦ᠍ ᠪᠦᠬᠦ ᠲᠥᠷᠥᠯ ᠦ᠋ᠨ ᠤᠯᠠᠭᠠᠨ᠂ ᠤᠯᠠᠪᠢᠷ ᠰᠢᠷ᠎ᠠ᠂ ᠰᠢᠷ᠎ᠠ ᠨᠣᠭᠣᠭᠠᠨ ᠥᠩᠭᠡ ᠪᠠᠭᠲᠠᠬᠤ ᠪᠠ ᠬᠦᠢᠲᠡᠨ ᠥᠩᠭᠡᠨ ᠳ᠋ᠦ᠍ ᠨᠢᠯ ᠬᠥᠬᠡ᠂ ᠬᠥᠬᠡᠪᠲᠦᠷ᠂ ᠴᠡᠩᠬᠡᠷ᠂ ᠨᠣᠭᠣᠭᠠᠨ ᠥᠩᠭᠡ ᠨᠦ᠍ᠭᠦᠳ ᠪᠠᠭᠲᠠᠨ᠎ᠠ᠃ ᠨᠢᠳᠦᠨ ᠳ᠋ᠦ᠍ ᠬᠠᠷᠠᠭᠳᠠᠵᠤ ᠪᠠᠢᠭ᠎ᠠ ᠪᠦᠬᠦ ᠥᠩᠭᠡ ᠶ᠋ᠢ ᠬᠣᠶᠠᠷ ᠪᠦᠯᠦᠭ ᠲᠦ ᠬᠤᠪᠢᠶᠠᠨ᠎ᠠ᠃
1. ᠪᠦᠷᠢᠳᠦᠮᠡᠯ ᠥᠩᠭᠡ ᠡᠨᠡ ᠥᠩᠭᠡᠨ ᠳ᠋ᠦ᠍ ᠤᠯᠠᠭᠠᠨ᠂ ᠰᠢᠷ᠎ᠠ᠂ ᠨᠣᠭᠣᠭᠠᠨ ᠭᠡᠬᠦ ᠮᠡᠲᠦ ᠥᠩᠭᠡᠨ ᠦ᠌ ᠳᠠᠩᠨᠠᠭᠠᠰᠤ ᠨᠤᠭᠤᠳ ᠪᠠᠭᠲᠠᠨ᠎ᠠ᠃
2. ᠵᠡᠪᠡᠬᠡᠢ ᠥᠩᠭᠡ ᠡᠨᠡ ᠥᠩᠭᠡᠨ ᠳ᠋ᠦ᠍ ᠴᠠᠭᠠᠨ ᠠ᠋ᠴᠠ ᠬᠠᠷ᠎ᠠ ᠬᠦᠷᠲᠡᠯ᠎ᠡ ᠪᠦᠬᠦ ᠲᠥᠷᠥᠯ ᠦ᠋ᠨ ᠳᠠᠩᠨᠠᠭᠠᠰᠤ ᠬᠠᠮᠤᠷᠤᠭᠳᠠᠨ᠎ᠠ᠃
ᠲᠤᠬᠠᠢᠯᠠᠭᠰᠠᠨ ᠶᠠᠭᠤᠮᠠᠰ ᠤ᠋ᠨ ᠥᠩᠭᠡ ᠶ᠋ᠢ ᠵᠠᠩᠰᠢᠭᠰᠠᠨ ᠭᠡᠳᠡᠭ᠃ ᠵᠢᠱ᠌ᠢᠶ᠎ᠡ ᠨᠢ᠄ ᠤᠯᠠᠭᠠᠨ ᠴᠡᠴᠡᠭ᠂ ᠨᠣᠭᠣᠭᠠᠨ ᠨᠠᠪᠴᠢ᠂ ᠬᠦᠷᠡᠩ ᠪᠠᠭᠠᠪᠠᠭᠠᠢ ᠭᠡᠬᠦ ᠮᠡᠲᠦ᠃ ᠬᠥᠮᠦᠨ ᠢ᠋ ᠬᠠᠳᠬᠤᠬᠤ ᠳ᠋ᠤ᠌ ᠲᠡᠳᠡᠭᠡᠷ ᠦ᠋ᠨ ᠬᠡᠯᠪᠡᠷᠢ᠂ ᠳᠦᠷᠰᠦ᠂ ᠭᠡᠷᠡᠯ ᠦ᠋ᠨ ᠪᠠᠢᠷᠢᠯᠠᠯ ᠠ᠋ᠴᠠ ᠬᠠᠮᠤᠷᠴᠤ ᠣᠶᠣᠨ᠎ᠠ᠃ ᠭᠡᠷᠡᠯᠲᠦᠭᠦᠯᠭᠡ ᠡᠴᠡ ᠬᠦᠨᠳᠦ ᠥᠩᠭᠡ ᠤᠷᠤᠭᠤ ᠰᠢᠯᠵᠢᠭᠦᠯᠬᠦ ᠳ᠋ᠦ᠍ ᠵᠠᠪᠠᠯ ᠵᠠᠪᠰᠠᠷ ᠤ᠋ᠨ ᠥᠩᠭᠡ ᠬᠡᠷᠡᠭᠯᠡᠳᠡᠭ᠃ ᠤᠲᠠᠰᠤᠨ ᠤ᠋ ᠪᠤᠶᠤ ᠡᠳ᠋ ᠮᠠᠲ᠋ᠧᠷᠢᠶᠠᠯ ᠤ᠋ᠨ ᠨᠠᠷᠢᠨ ᠥᠩᠭᠡ ᠶ᠋ᠢ ᠰᠣᠩᠭᠣᠬᠤ ᠳ᠋ᠠᠭᠠᠨ ᠨᠠᠷᠠᠨ ᠤ᠋ ᠭᠡᠷᠡᠯ ᠢ᠋ ᠠᠰᠢᠭᠯᠠᠬᠤ ᠪᠠ ᠵᠣᠬᠢᠶᠠᠮᠠᠯ ᠭᠡᠷᠡᠯ᠂ ᠪᠦᠷᠬᠦᠭ ᠡᠳᠦᠷ ᠥᠩᠭᠡ ᠶ᠋ᠢ ᠪᠦᠳᠡᠭᠢ ᠪᠣᠯᠭᠠᠳᠠᠭ ᠪᠥᠭᠡᠳ ᠬᠥᠮᠦᠨ150 ᠥᠩᠭᠡ ᠶ᠋ᠢ ᠢᠯᠭᠠᠬᠤ ᠴᠢᠳᠠᠪᠤᠷᠢ ᠲᠠᠢ ᠪᠠᠢᠳᠠᠭ ᠭᠡᠵᠦ ᠰᠤᠳᠤᠯᠤᠭᠴᠢᠳ ᠦᠵᠡᠯ᠎ᠡ᠃
ᠪᠥᠭᠡᠷᠡᠩᠬᠡᠢᠯᠡᠵᠦ ᠣᠷᠢᠶᠠᠭᠰᠠᠨ ᠬᠥᠪᠥᠩ ᠤᠲᠠᠰᠤ ᠡᠨᠡ ᠤᠲᠠᠰᠤ3—7 ᠬᠦᠷᠲᠡᠯ᠎ᠡ ᠨᠣᠮᠧᠷ ᠲᠡᠢ᠂ ᠡᠷᠴᠢᠲᠡᠢ᠂ ᠶᠠᠩᠵᠤ ᠪᠦᠷᠢ ᠶ᠋ᠢᠨ ᠥᠩᠭᠡ ᠪᠡᠷ ᠪᠣᠳᠣᠭᠳᠠᠭᠰᠠᠨ ᠪᠠᠢᠨ᠎ᠠ᠃ ᠡᠭᠦᠨ ᠢ᠋ᠶ᠋ᠡᠷ ᠬᠠᠰᠠᠭ ᠬᠡ ᠤᠭᠠᠯᠵᠠ᠂ ᠬᠡᠷᠦᠭᠡᠰᠦ᠂ ᠴᠢᠮᠡᠭᠯᠡᠯ ᠦ᠋ᠨ ᠣᠶᠣᠳᠠᠯ ᠢ᠋ ᠣᠶᠣᠨ᠎ᠠ᠃
ᠬᠥᠪᠥᠩ ᠴᠠᠭᠠᠨ ᠤᠲᠠᠰᠤᠨ ᠳ᠋ᠤ᠌ ᠮᠣᠯᠢᠨᠧ ᠭᠡᠳᠡᠭ ᠭᠣᠭᠴᠣᠭ᠎ᠠ ᠲᠠᠢ ᠨᠠᠷᠢᠨ ᠤᠲᠠᠰᠤ ᠪᠠᠭᠲᠠᠬᠤ ᠪᠥᠭᠡᠳ ᠡᠨᠡ ᠤᠲᠠᠰᠤ ᠪᠦᠳᠦᠭᠦᠨ᠂ ᠨᠠᠷᠢᠨ ᠥᠩᠭᠡ ᠪᠣᠳᠣᠭ ᠤ᠋ᠨ ᠬᠤᠪᠢ ᠳ᠋ᠤ᠌ ᠲᠣᠭᠲᠠᠪᠤᠷᠢ ᠲᠠᠢ ᠠᠮᠠᠷᠬᠠᠨ ᠭᠠᠩᠳᠠᠳᠠᠭ ᠦᠭᠡᠢ ᠪᠥᠭᠡᠳ ᠡᠷᠴᠢ ᠰᠠᠢᠲᠠᠢ ᠬᠠᠳᠬᠤᠮᠠᠯ ᠳ᠋ᠤ᠌ ᠬᠠᠮᠤᠭ ᠤ᠋ᠨ ᠥᠷᠭᠡᠨ ᠬᠡᠷᠡᠭᠯᠡᠭᠳᠡᠳᠡᠭ᠃
ᠲᠣᠷᠭᠠᠨ ᠤᠲᠠᠰᠤ ᠲᠣᠷᠭᠠᠨ ᠤᠲᠠᠰᠤ ᠴᠠᠭᠠᠰᠤᠨ ᠭᠣᠣᠯ ᠲᠠᠢ᠂ ᠭᠣᠭᠴᠣᠭ᠎ᠠ ᠲᠠᠢ᠂ ᠡᠷᠴᠢᠲᠡᠢ᠂ ᠡᠷᠴᠢ ᠦᠭᠡᠢ᠂ ᠪᠦᠳᠦᠭᠦᠨ ᠨᠠᠷᠢᠨ ᠶᠠᠩᠵᠤ ᠪᠦᠷᠢ ᠪᠠᠢᠬᠤ ᠪᠥᠭᠡᠳ ᠳᠡᠭᠡᠷ᠎ᠡ ᠦᠶ᠎ᠡ ᠳ᠋ᠦ᠍ ᠬᠡᠷᠡᠭᠯᠡᠭᠳᠡᠵᠦ ᠪᠠᠢᠭᠰᠠᠨ ᠭᠣᠭᠴᠣᠭ᠎ᠠ ᠤᠲᠠᠰᠤ ᠬᠠᠳᠬᠤᠮᠠᠯ ᠳ᠋ᠤ᠌ ᠬᠠᠮᠤᠭ ᠤ᠋ᠨ ᠲᠣᠬᠢᠷᠠᠮᠵᠢᠲᠠᠢ ᠤᠲᠠᠰᠤ ᠶᠤᠮ᠃
ᠡᠷᠴᠢᠲᠡᠢ ᠲᠣᠷᠭᠠᠨ ᠤᠲᠠᠰᠤ ᠵᠡᠭᠡᠭᠲᠦ ᠨᠠᠭᠠᠮᠠᠯ᠂ ᠬᠣᠨᠢᠨ ᠬᠣᠯᠪᠣᠭ᠎ᠠ᠂ ᠵᠡᠭᠦᠦ ᠣᠷᠢᠶᠠᠬᠤ ᠳ᠋ᠤ᠌ ᠲᠣᠬᠢᠷᠠᠮᠵᠢᠲᠠᠢ ᠪᠠᠢᠳᠠᠭ᠃
ᠭᠣᠣᠯ ᠳᠤ ᠣᠷᠢᠶᠠᠭᠰᠠᠨ ᠳᠠᠪᠤᠤ ᠶ᠋ᠢᠨ ᠤᠲᠠᠰᠤ10—100 ᠬᠦᠷᠲᠡᠯ᠎ᠡ ᠨᠣᠮᠧᠷ ᠲᠡᠢ ᠪᠠᠢᠬᠤ ᠪᠠ1—30 ᠬᠦᠷᠲᠡᠯ᠎ᠡ ᠨᠣᠮᠧᠷ ᠢ᠋ᠶ᠋ᠡᠷ ᠵᠤᠵᠠᠭᠠᠨ ᠳᠠᠪᠤᠤ ᠶ᠋ᠢᠨ ᠳᠡᠭᠡᠷ᠎ᠡ40—50 ᠨᠣᠮᠧᠷ ᠦ᠋ᠨ ᠤᠲᠠᠰᠤ ᠪᠠᠷ ᠰᠦᠯᠵᠢᠮᠡᠯ ᠣᠶᠣᠳᠠᠯ ᠤ᠋ᠳ ᠢ᠋ ᠬᠠᠭᠠᠰ ᠪᠠ ᠪᠦᠲᠦᠨ ᠣᠯᠣᠰᠣ ᠮᠠᠭᠠᠯᠢᠩᠭᠤ ᠶ᠋ᠢᠨ ᠳᠠᠪᠤᠤ ᠶ᠋ᠢᠨ ᠳᠡᠭᠡᠷ᠎ᠡ ᠣᠶᠣᠨ᠎ᠠ᠃ ᠨᠢᠮᠭᠡᠨ ᠳᠠᠪᠤᠤ ᠶ᠋ᠢᠨ ᠳᠡᠭᠡᠷ᠎ᠡ60—80 ᠨᠣᠮᠧᠷ ᠦ᠋ᠨ ᠤᠲᠠᠰᠤ ᠪᠠᠷ ᠣᠶᠣᠬᠤ ᠪᠠ ᠡᠳᠡᠭᠡᠷ ᠤᠲᠠᠰᠤ ᠶ᠋ᠢ ᠮᠠᠰᠢᠨ ᠢ᠋ᠶ᠋ᠠᠷ ᠬᠡ ᠤᠭᠠᠯᠵᠠ ᠣᠶᠣᠬᠤ ᠳ᠋ᠤ᠌ ᠬᠡᠷᠡᠭᠯᠡᠨ᠎ᠡ᠃
ᠨᠣᠣᠰᠣᠨ ᠤᠲᠠᠰᠤ ᠡᠭᠦᠨ ᠢ᠋ ᠰᠢᠪᠡᠭᠦᠷ ᠬᠡᠷᠦᠭᠡᠰᠦ ᠣᠶᠣᠳᠠᠯ ᠳ᠋ᠤ᠌ ᠬᠡᠷᠡᠭᠯᠡᠬᠦ ᠪᠠ ᠪᠣᠳᠣᠭ ᠲᠠᠢ ᠨᠣᠣᠰᠣᠨ ᠤᠲᠠᠰᠤ ᠳᠡᠪᠢᠰᠬᠡᠷ ᠢ᠋ ᠡᠪ ᠦᠭᠡᠢ ᠥᠩᠭᠡ ᠲᠡᠢ ᠪᠣᠯᠭᠠᠳᠠᠭ ᠤᠴᠢᠷ ᠬᠠᠳᠬᠤᠮᠠᠯ ᠢ᠋ ᠬᠡᠷᠡᠭᠯᠡᠬᠦ ᠳ᠋ᠡᠭᠡᠨ ᠳᠠᠪᠤᠰᠤ ᠲᠠᠢ ᠪᠦᠯᠢᠶᠡᠨ ᠤᠰᠤᠨ ᠳ᠋ᠤ᠌ ᠪᠤᠯᠬᠠᠵᠤ ᠤᠬᠢᠶᠠᠵᠤ ᠮᠣᠰᠬᠢᠯ ᠦᠭᠡᠢ ᠳᠡᠯᠭᠡᠵᠦ ᠬᠠᠲᠠᠭᠠᠨ᠎ᠠ᠃
ᠬᠡᠷᠪᠡ ᠲᠣᠷᠭᠠᠨ ᠪᠤᠶᠤ ᠳᠠᠪᠤᠤ ᠶ᠋ᠢᠨ ᠤᠲᠠᠰᠤᠨ ᠤ᠋ ᠵᠠᠷᠢᠮ ᠥᠩᠭᠡ ᠣᠯᠳᠠᠬᠤ ᠦᠭᠡᠢ ᠪᠤᠶᠤ ᠬᠠᠳᠬᠤᠬᠤ ᠮᠠᠲ᠋ᠧᠷᠢᠶᠠᠯ ᠳ᠋ᠤ᠌ ᠲᠣᠬᠢᠷᠠᠬᠤ ᠦᠭᠡᠢ ᠪᠣᠯ ᠲᠣᠷᠭ᠎ᠠ ᠳᠠᠪᠤᠤ ᠪᠥᠰ ᠪᠠᠷᠠᠭᠠᠨ ᠤ᠋ ᠤᠲᠠᠰᠤ ᠶ᠋ᠢ ᠬᠦᠪᠦᠵᠦ ᠡᠷᠴᠢᠯᠡᠬᠦ ᠪᠤᠶᠤ ᠵᠠᠳᠠᠭᠠᠢ ᠪᠠᠷ ᠬᠠᠳᠬᠤᠵᠤ ᠪᠣᠯᠤᠨ᠎ᠠ᠃ ᠡᠭᠦᠨ ᠦ᠌ ᠲᠤᠯᠠᠳᠠ ᠲᠤᠤᠵᠠ᠂ ᠲᠣᠷᠭᠠᠨ ᠤ᠋ ᠥᠭᠡᠳᠡᠰᠦ ᠶ᠋ᠢ ᠬᠦᠪᠦᠵᠦ ᠡᠷᠴᠢᠨ ᠦ᠌ ᠳᠠᠭᠠᠤ ᠢᠮᠡᠷᠴᠦ ᠡᠷᠴᠢᠯᠡᠭᠡᠳ ᠬᠣᠭᠣᠷᠣᠨᠳᠣ ᠨᠢ ᠲᠠᠮᠤᠵᠤ ᠬᠡᠷᠡᠭᠯᠡᠬᠦ ᠪᠤᠶᠤ ᠡᠰᠡᠪᠡᠯ ᠵᠡᠭᠡᠭᠲᠦ ᠨᠠᠭᠠᠮᠠᠯ ᠮᠡᠲᠦ ᠵᠠᠷᠢᠮ ᠪᠦᠳᠦᠭᠦᠪᠲᠦᠷ ᠤᠲᠠᠰᠤ ᠬᠡᠷᠡᠭᠯᠡᠬᠦ ᠱᠠᠭᠠᠷᠳᠠᠯᠭ᠎ᠠ ᠪᠦᠬᠦᠢ ᠬᠠᠳᠬᠤᠮᠠᠯ ᠳ᠋ᠤ᠌ ᠭᠤᠷᠮᠤᠰᠤᠨ ᠡᠷᠴᠢᠲᠡᠢ ᠤᠲᠠᠰᠤ ᠶ᠋ᠢ ᠬᠡᠷᠡᠭᠯᠡᠨ᠎ᠡ᠃ ᠡᠭᠦᠨ ᠦ᠌ ᠲᠤᠯᠠᠳᠠ ᠤᠲᠠᠰᠤ ᠪᠠᠨ ᠭᠣᠭᠴᠣᠭᠠᠯᠠᠳᠠᠨ ᠡᠷᠴᠢᠨ ᠳ᠋ᠦ᠍ᠨᠢ ᠲᠤᠯᠲᠠᠯ᠎ᠠ ᠡᠷᠴᠢᠯᠡᠭᠡᠳ ᠭᠤᠷᠪᠠᠳᠠᠬᠢ ᠤᠲᠠᠰᠤ ᠶ᠋ᠢ ᠮᠥᠨ ᠠᠳᠠᠯᠢ ᠡᠷᠴᠢᠯᠡᠵᠦ ᠬᠣᠭᠣᠷᠣᠨᠳᠣ ᠨᠢ ᠨᠡᠢᠯᠡᠭᠦᠯᠦᠨ ᠭᠤᠷᠮᠤᠰᠤᠨ ᠳᠡᠭᠡᠰᠦ ᠡᠷᠴᠢᠯᠡᠬᠦ ᠠᠳᠠᠯᠢ ᠪᠡᠯᠡᠳᠬᠡᠨ᠎ᠡ᠃
ᠦᠰᠦᠭ ᠠᠮᠢᠯᠠᠭᠤᠯᠤᠭᠴᠢ᠄ ᠱᠠᠭᠰᠠᠯ᠂ᠪᠠᠶᠠᠨᠰᠡᠷᠡᠩ᠂ ᠲᠣᠭᠲᠠᠭᠤᠨᠪᠠᠶᠠᠷ
ᠬᠢᠨᠠᠭᠴᠢ᠄ ᠣᠳᠬᠠᠨᠰᠣ᠎ᠠ᠂ ᠰᠡᠬᠡᠭᠡᠷᠡᠯ
