ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ08- ᠬᠠᠳᠬᠤᠮᠠᠯ ᠤ᠋ᠨ ᠥᠩᠭᠡ ᠵᠣᠬᠢᠴᠠᠭᠤᠯᠬᠤ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ08- ᠬᠠᠳᠬᠤᠮᠠᠯ ᠤ᠋ᠨ ᠥᠩᠭᠡ ᠵᠣᠬᠢᠴᠠᠭᠤᠯᠬᠤ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ08- ᠬᠠᠳᠬᠤᠮᠠᠯ ᠤ᠋ᠨ ᠥᠩᠭᠡ ᠵᠣᠬᠢᠴᠠᠭᠤᠯᠬᠤ

ᠠᠩᠭᠢᠯᠠᠯ:ᠵᠠᠩ ᠦᠢᠯᠡ
2024-04-10

300

ᠬᠣᠶᠠᠳᠤᠭᠠᠷ ᠪᠦᠯᠦᠭ08- ᠬᠠᠳᠬᠤᠮᠠᠯ ᠤ᠋ᠨ ᠥᠩᠭᠡ ᠵᠣᠬᠢᠴᠠᠭᠤᠯᠬᠤ

     ᠬᠠᠳᠬᠤᠮᠠᠯ᠂ ᠨᠡᠬᠡᠮᠡᠯ᠂ ᠨᠠᠭᠠᠮᠠᠯ ᠤ᠋ᠨ ᠥᠩᠭᠡ ᠵᠣᠬᠢᠴᠠᠭᠤᠯᠬᠤ ᠨᠢ ᠭᠤᠸ᠎ᠠ ᠵᠦᠢ᠂ ᠭᠠᠷ ᠤᠷᠠᠯᠠᠯ ᠤ᠋ᠨ ᠥᠩᠭᠡ ᠦᠵᠡᠮᠵᠢ ᠳ᠋ᠦ᠍ ᠴᠢᠬᠤᠯᠠ ᠨᠥᠯᠥᠭᠡ ᠲᠡᠢ᠃ ᠮᠣᠩᠭᠣᠯᠴᠤᠳ ᠥᠩᠭᠡᠨ ᠦ᠌ ᠭᠤᠸ᠎ᠠ ᠰᠠᠢᠬᠠᠨ ᠢ᠋ ᠡᠷᠲᠡ ᠦᠶ᠎ᠡ ᠡᠴᠡ ᠡᠷᠬᠢᠮᠯᠡᠵᠦ ᠢᠷᠡᠭᠰᠡᠨ ᠪᠥᠭᠡᠳ ᠲᠤᠰ ᠤᠯᠤᠰ ᠤ᠋ᠨ ᠨᠤᠲᠤᠭ ᠳᠡᠪᠢᠰᠬᠡᠷ ᠲᠦ ᠡᠷᠲᠡ ᠦᠶ᠎ᠡ ᠳ᠋ᠦ᠍ ᠬᠥᠮᠦᠨ ᠠᠮᠢᠳᠤᠷᠠᠵᠤ ᠪᠠᠢᠭᠰᠠᠨ ᠠᠭᠤᠢ᠂ ᠬᠠᠳᠠᠨ ᠤ᠋ ᠰᠦᠭ ᠵᠢᠷᠤᠭ ᠲᠤ ᠬᠦᠷᠡᠩ ᠤᠯᠠᠭᠠᠨ ᠵᠣᠰᠣ ᠪᠣᠳᠣᠭ ᠬᠡᠷᠡᠭᠯᠡᠵᠦ ᠪᠠᠢᠭᠰᠠᠨ ᠨᠢ ᠤᠷᠠᠨ ᠦᠢᠯᠡ ᠶ᠋ᠢᠨ ᠥᠩᠭᠡ ᠰᠣᠩᠭᠣᠬᠤ ᠡᠬᠢ ᠡᠭᠦᠰᠪᠦᠷᠢ ᠶᠦᠮ᠃ ᠤᠷᠠᠨ ᠦᠢᠯᠡ ᠶ᠋ᠢᠨ ᠥᠩᠭᠡ ᠪᠤᠰᠤᠳ ᠤᠷᠠᠯᠢᠭ ᠤ᠋ᠨ ᠠᠳᠠᠯᠢ ᠨᠡᠢᠭᠡᠮ ᠦ᠋ᠨ ᠬᠥᠭᠵᠢᠯ ᠦ᠋ᠨ ᠭᠤᠸ᠎ᠠ ᠵᠦᠢ ᠶ᠋ᠢ ᠲᠣᠳᠣᠷᠠᠭᠤᠯᠬᠤ ᠲᠡᠦᠬᠡ ᠳᠤᠷᠠᠰᠬᠠᠯ ᠤ᠋ᠨ ᠪᠠᠷᠢᠮᠲᠠ ᠶᠤᠮ᠃ ᠤᠷᠠᠨ ᠦᠢᠯᠡ ᠶ᠋ᠢᠨ ᠥᠩᠭᠡ ᠵᠥᠪᠬᠡᠨ ᠭᠣᠶᠣᠯ᠂ ᠴᠢᠮᠡᠭ᠂ ᠭᠤᠸ᠎ᠠ ᠵᠦᠢ ᠶ᠋ᠢᠨ ᠠᠰᠠᠭᠤᠳᠠᠯ ᠲᠡᠳᠦᠢ ᠦᠭᠡᠢ ᠤᠯᠤᠰ ᠣᠷᠣᠨ ᠤ᠋ ᠬᠥᠮᠦᠨ ᠠᠷᠠᠳ ᠤ᠋ᠨ ᠪᠣᠯᠤᠨ ᠵᠠᠰᠠᠭ ᠲᠥᠷᠥ ᠶ᠋ᠢᠨ ᠶᠣᠰᠣ ᠵᠠᠩᠰᠢᠯ᠂ ᠦᠵᠡᠯ ᠰᠤᠷᠲᠠᠯ ᠤ᠋ᠨ ᠢᠯᠡᠷᠬᠡᠢᠯᠡᠯ ᠪᠣᠯᠳᠠᠭ ᠢ᠋ᠶ᠋ᠠᠷ ᠢ᠋ᠶ᠋ᠠᠨ ᠣᠨᠴᠠᠯᠢᠭ ᠶᠤᠮ᠃
     ᠮᠣᠩᠭᠣᠯᠴᠤᠳ ᠡᠷᠲᠡ ᠦᠶ᠎ᠡ ᠡᠴᠡ ᠥᠩᠭᠡ ᠶ᠋ᠢ ᠣᠯᠠᠨ ᠶᠠᠩᠵᠤ ᠪᠠᠷ ᠢᠯᠭᠠᠪᠤᠷᠢᠯᠠᠨ ᠦᠨᠳᠦᠰᠦᠲᠡᠨ ᠦ᠌ ᠤᠯᠠᠮᠵᠢᠯᠠᠯᠲᠤ ᠶᠣᠰᠣ ᠵᠠᠩᠰᠢᠯ᠂ ᠪᠡᠯᠭᠡᠳᠡᠯ ᠳ᠋ᠦ᠍ ᠬᠡᠷᠡᠭᠯᠡᠵᠦ ᠢᠷᠡᠵᠡᠢ᠃ ᠮᠣᠩᠭᠣᠯᠴᠤᠳ ᠥᠩᠭᠡ ᠶ᠋ᠢ ᠵᠥᠪ ᠢᠯᠭᠠᠨ ᠵᠣᠬᠢᠴᠠᠭᠤᠯᠬᠤ ᠶ᠋ᠢᠨ ᠲᠤᠯᠠᠳᠠ ᠳᠣᠲᠣᠷ᠎ᠠ ᠨᠢ ᠡᠴᠢᠭᠡ ᠥᠩᠭᠡ᠂ ᠬᠦᠦ ᠥᠩᠭᠡ᠂ ᠡᠬᠡ ᠥᠩᠭᠡ᠂ ᠥᠬᠢᠨ ᠥᠩᠭᠡ ᠂ ᠳᠠᠭᠠᠭᠤᠷᠢ ᠥᠩᠭᠡ ᠭᠡᠵᠦ ᠢᠯᠭᠠᠬᠤ ᠠ᠋ᠴᠠ ᠭᠠᠳᠠᠨ᠎ᠠ ᠣᠷᠣᠢ ᠶ᠋ᠢᠨ ᠲᠠᠪᠤᠨ
ᠥᠩᠭᠡ᠂ ᠰᠣᠯᠣᠩᠭᠠᠨ ᠳᠣᠯᠣᠭᠠᠨ ᠥᠩᠭᠡ ᠭᠡᠵᠦ ᠠᠩᠭᠢᠯᠠᠳᠠᠭ᠃ ᠲᠡᠭᠦᠨᠴᠢᠯᠡᠨ ᠵᠠᠷᠢᠮ ᠥᠩᠭᠡ ᠶ᠋ᠢ ᠡᠷᠬᠢᠮᠯᠡᠨ ᠦᠵᠡᠬᠦ ᠶᠣᠰᠣ ᠵᠠᠩᠰᠢᠯ ᠤ᠋ᠨ ᠥᠩᠭᠡᠨ ᠳ᠋ᠦ᠍ ᠬᠡᠷᠡᠭᠯᠡᠵᠦ ᠪᠠᠢᠵᠠᠢ᠃ ᠡᠭᠦᠨ ᠳ᠋ᠦ᠍ ᠤᠯᠠᠭᠠᠨ ᠥᠩᠭᠡ ᠠᠮᠢᠳᠤᠷᠠᠯ ᠤ᠋ᠨ ᠪᠠᠶᠠᠷ ᠪᠠᠶᠠᠰᠬᠤᠯᠠᠩ᠂ ᠥᠭᠡᠳᠡᠯᠡᠨ ᠳᠡᠪᠰᠢᠬᠦ ᠭᠠᠯ ᠤ᠋ᠨ ᠥᠩᠭᠡ᠂ ᠬᠥᠬᠡ ᠥᠩᠭᠡ ᠣᠭᠲᠠᠷᠭᠤᠢ ᠶ᠋ᠢᠨ ᠮᠥᠩᠬᠡ ᠠᠯᠭᠤᠨ ᠲᠠᠢᠪᠤᠩ ᠪᠠᠢᠳᠠᠯ ᠢ᠋ ᠢᠯᠡᠷᠬᠡᠢᠯᠡᠭᠰᠡᠨ ᠥᠩᠭᠡ᠂ ᠰᠢᠷ᠎ᠠ ᠥᠩᠭᠡ ᠡᠷᠳᠡᠨᠢ ᠣᠯᠵᠠ᠂ ᠣᠯᠪᠤᠷᠢ ᠣᠮᠣᠭ ᠪᠠᠷᠳᠠᠮ ᠢ᠋ ᠪᠡᠯᠭᠡᠳᠡᠭᠰᠡᠨ ᠥᠩᠭᠡ᠂ ᠴᠠᠭᠠᠨ ᠥᠩᠭᠡ ᠴᠡᠪᠡᠷ ᠨᠢᠮᠪᠠᠢ᠂ ᠪᠦᠬᠦᠨ ᠡᠴᠡ ᠭᠣᠢᠳᠠ ᠰᠠᠢᠨ ᠥᠩᠭᠡᠨ ᠳ᠋ᠦ᠍ ᠪᠡᠯᠭᠡᠳᠡᠬᠦ᠂ ᠬᠠᠷ᠎ᠠ ᠥᠩᠭᠡ ᠬᠠᠷ᠎ᠠ ᠪᠤᠷᠤᠭᠤ ᠰᠠᠨᠠᠭ᠎ᠠ᠂ ᠬᠦ ᠶ᠋ᠢᠨ ᠥᠩᠭᠡ ᠵᠡᠷᠭᠡ ᠮᠠᠭᠤ ᠮᠠᠭᠤᠬᠠᠢ ᠥᠩᠭᠡᠨ ᠳ᠋ᠦ᠍ ᠲᠣᠭᠠᠴᠠᠳᠠᠭ ᠪᠠᠢᠵᠠᠢ᠃ ᠡᠢᠮᠦ ᠳ᠋ᠦ᠍ ᠤᠷᠠᠨ ᠦᠢᠯᠡᠴᠢᠨ ᠬᠥᠮᠦᠨ ᠦᠨᠳᠦᠰᠦᠲᠡᠨ ᠦ᠌ ᠶᠣᠰᠣ ᠵᠠᠩᠰᠢᠯ ᠢ᠋ ᠲᠣᠳᠣᠷᠬᠠᠢ ᠮᠡᠳᠡᠵᠦ ᠤᠷᠠᠨ ᠦᠢᠯᠡ ᠳ᠋ᠡᠭᠡᠨ ᠵᠥᠪ ᠰᠣᠩᠭᠣᠨ ᠬᠡᠷᠡᠭᠯᠡᠬᠦ ᠶᠣᠰᠣᠲᠠᠢ ᠪᠢᠯᠡ᠃ ᠨᠥᠭᠦᠭᠡ ᠲᠠᠯ᠎ᠠ ᠪᠠᠷ ᠬᠥᠮᠦᠨ ᠲᠥᠷᠥᠯᠬᠢᠲᠡᠨ ᠦ᠌ ᠰᠣᠶᠣᠯ ᠥᠨᠳᠥᠷ ᠪᠣᠯᠬᠤ ᠳᠣᠳᠣᠮ ᠠᠯᠢᠪᠠ ᠶᠠᠭᠤᠮ᠎ᠠ ᠳ᠋ᠤ᠌ ᠥᠩᠭᠡ ᠵᠣᠬᠢᠴᠠᠯ ᠲᠡᠭᠦᠨ ᠦ᠌ ᠭᠤᠸ᠎ᠠ ᠵᠦᠢ ᠶ᠋ᠢ ᠡᠷᠬᠢᠮᠯᠡᠨ ᠦᠵᠡᠬᠦ ᠪᠣᠯᠤᠭᠰᠠᠨ ᠤᠴᠢᠷ ᠨᠡᠢᠭᠡᠮ ᠵᠢᠷᠤᠮᠲᠤ ᠨᠡᠢᠭᠡᠮ ᠦ᠋ᠨ ᠢ᠋ᠶ᠋ᠡᠨ ᠤᠷ᠎ᠠ ᠶ᠋ᠢᠨ ᠰᠠᠩ ᠢ᠋ ᠪᠠᠶᠠᠯᠢᠭᠵᠢᠭᠤᠯᠬᠤ ᠳ᠋ᠤ᠌ ᠥᠩᠭᠡ ᠶ᠋ᠢ ᠵᠥᠪ ᠲᠠᠨᠢᠨ ᠮᠡᠳᠡᠵᠦ ᠵᠣᠬᠢᠴᠠᠭᠤᠯᠤᠨ᠎ᠠ᠃
     ᠣᠷᠴᠢᠨ ᠦᠶ᠎ᠡ ᠳ᠋ᠦ᠍ ᠮᠠᠨ ᠤ᠋ ᠭᠠᠷ ᠤᠷᠠᠯᠠᠯ ᠤ᠋ᠨ ᠬᠡ ᠬᠤᠷᠴᠠ ᠪᠢᠰᠢ ᠪᠣᠯᠪᠠᠴᠤ ᠨᠠᠷᠠᠯᠠᠭ ᠮᠣᠩᠭᠣᠯ ᠡᠬᠡ ᠣᠷᠣᠨ ᠤ᠋ ᠪᠠᠨ ᠦᠵᠡᠰᠬᠦᠯᠡᠩᠲᠦ ᠪᠠᠢᠭᠠᠯᠢ ᠲᠦᠭ ᠲᠦᠮᠡᠨ ᠠᠮᠢᠲᠠᠨ᠂ ᠨᠡᠢᠭᠡᠮ ᠦ᠋ᠨ ᠠᠮᠢᠳᠤᠷᠠᠯ ᠳ᠋ᠤ᠌ ᠪᠣᠯᠵᠤ ᠪᠠᠢᠭ᠎ᠠ ᠴᠢᠮᠡᠭᠯᠡᠯ ᠦ᠋ᠨ ᠥᠭᠡᠷᠡᠴᠢᠯᠡᠯᠲᠡ ᠶ᠋ᠢ ᠭᠦᠨᠵᠡᠭᠡᠢ ᠲᠤᠰᠬᠠᠭᠰᠠᠨ ᠤᠳᠬ᠎ᠠ ᠠᠭᠤᠯᠭ᠎ᠠ ᠲᠠᠢ ᠥᠪᠡᠷᠮᠢᠴᠡ ᠥᠩᠭᠡ ᠲᠡᠢ ᠪᠠᠢᠳᠠᠭ᠃ ᠬᠠᠳᠬᠤᠮᠠᠯ ᠤ᠋ᠨ ᠥᠩᠭᠡ ᠶ᠋ᠢ ᠵᠣᠬᠢᠴᠠᠭᠤᠯᠬᠤ ᠳ᠋ᠤ᠌ ᠡᠬᠢᠯᠡᠵᠦ ᠬᠡ ᠤᠭᠠᠯᠵᠠᠨ ᠤ᠋ ᠤᠴᠢᠷ ᠤᠳᠬ᠎ᠠ ᠲᠡᠭᠦᠨ ᠦ᠌ ᠥᠩᠭᠡ ᠵᠣᠬᠢᠴᠠᠯ ᠢ᠋ ᠰᠠᠢᠨ ᠠᠵᠢᠭᠯᠠᠵᠤ ᠴᠣᠬᠣᠮ ᠶᠠᠮᠠᠷ ᠳᠡᠪᠢᠰᠬᠡᠷ ᠳᠡᠭᠡᠷ᠎ᠡ ᠤᠷᠠᠯᠠᠨ ᠪᠦᠲᠦᠭᠡᠬᠦ ᠶ᠋ᠢ ᠤᠷᠢᠳᠴᠢᠯᠠᠨ ᠠᠵᠢᠭᠯᠠᠨ᠎ᠠ᠃ ᠬᠠᠳᠬᠤᠮᠠᠯ ᠤ᠋ᠨ ᠳᠡᠪᠢᠰᠬᠡᠷ᠂ ᠬᠠᠳᠬᠤᠬᠤ ᠤᠲᠠᠰᠤᠨ ᠳ᠋ᠤ᠌ ᠵᠠᠪᠠᠯ ᠲᠣᠳᠣ ᠥᠩᠭᠡ ᠶ᠋ᠢᠨ ᠤᠲᠠᠰᠤ ᠶ᠋ᠢ ᠬᠣᠣᠰᠯᠠᠨ ᠬᠡᠷᠡᠭᠯᠡᠬᠦ ᠪᠢᠰᠢ᠂ ᠬᠡ ᠶ᠋ᠢ ᠠᠯᠤᠰ ᠠ᠋ᠴᠠ ᠲᠣᠳᠣᠷᠠᠭᠤᠯᠬᠤ ᠦᠨᠡᠮᠰᠢᠯ ᠲᠡᠢ ᠪᠣᠯᠭᠠᠬᠤ ᠳ᠋ᠤ᠌ ᠲᠣᠳᠣ ᠪᠦᠳᠡᠭᠢ ᠶᠠᠩᠵᠤ ᠪᠦᠷᠢ ᠶ᠋ᠢᠨ ᠥᠩᠭᠡ ᠬᠡᠷᠡᠭᠯᠡᠬᠦ ᠪᠥᠭᠡᠳ ᠵᠢᠱ᠌ᠢᠶ᠎ᠡ ᠨᠢ᠄ ᠠᠮᠢᠲᠠᠨ ᠢ᠋ ᠬᠣᠷᠭᠣᠳᠠᠬᠤ ᠨᠦᠬᠡ ᠲᠡᠢ ᠨᠢ ᠬᠠᠮᠲᠤ ᠤᠷᠠᠯᠠᠬᠤ ᠪᠣᠯ ᠨᠦᠬᠡᠨ ᠦ᠌ ᠠᠮᠠ ᠬᠡᠰᠡᠭ ᠢ᠋ ᠰᠠᠷᠠᠯ ᠤᠲᠠᠰᠤ ᠪᠠᠷ ᠣᠶᠣᠵᠤ ᠭᠣᠣᠯ ᠤᠷᠤᠭᠤ ᠨᠢ ᠲᠣᠳᠣᠷᠠᠭᠤᠯᠤᠭᠰᠠᠭᠠᠷ ᠭᠣᠣᠯ ᠳ᠋ᠤᠨᠢ ᠪᠦᠷ ᠲᠣᠳᠣ ᠬᠠᠷ᠎ᠠ ᠥᠩᠭᠡ ᠪᠡᠷ ᠣᠶᠣᠬᠤ ᠳ᠋ᠤ᠌ ᠴᠠᠰᠢ ᠪᠠᠨ ᠭᠦᠨᠵᠡᠭᠡᠢ ᠨᠦᠬᠡ ᠬᠠᠷᠠᠭᠳᠠᠬᠤ ᠵᠢᠱ᠌ᠢᠶ᠎ᠡ ᠲᠡᠢ᠃ ᠡᠢᠮᠦ ᠳ᠋ᠦ᠍ ᠬᠠᠳᠬᠤᠮᠠᠯ ᠤ᠋ᠨ ᠤᠲᠠᠰᠤ ᠶ᠋ᠢ ᠰᠣᠩᠭᠣᠬᠤ  ᠳ᠋ᠠᠭᠠᠨ ᠨᠢᠭᠡ ᠲᠥᠷᠥᠯ ᠪᠢᠰᠢ ᠬᠡᠳᠦ ᠬᠡᠳᠦᠨ ᠲᠥᠷᠥᠯ ᠢ᠋ ᠬᠣᠯᠢᠵᠤ ᠬᠣᠣᠰᠯᠠᠬᠤ ᠵᠠᠮ ᠢ᠋ᠶ᠋ᠠᠷ ᠲᠣᠬᠢᠷᠠᠭᠤᠯᠤᠨ᠎ᠠ᠃

     ᠦᠰᠦᠭ ᠠᠮᠢᠯᠠᠭᠤᠯᠤᠭᠴᠢ᠄ ᠬᠡᠷᠢᠶᠡᠳ ᠨᠠᠷᠠᠰᠤ᠂ ᠭᠡᠭᠡᠷᠡᠯ ᠂ ᠱᠠᠭᠰᠠᠯ ᠂  ᠪᠠᠶᠠᠨᠰᠡᠷᠡᠩ 
     ᠬᠢᠨᠠᠭᠴᠢ᠄ ᠰᠡᠬᠡᠭᠡᠷᠡᠯ᠂ ᠣᠳᠬᠠᠨᠰᠤ᠎ᠠ