ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ07- ᠬᠠᠳᠬᠤᠮᠠᠯ ᠤ᠋ᠨ ᠵᠢᠷᠤᠭ ᠢ᠋ ᠪᠡᠯᠡᠳᠬᠡᠬᠦ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ07- ᠬᠠᠳᠬᠤᠮᠠᠯ ᠤ᠋ᠨ ᠵᠢᠷᠤᠭ ᠢ᠋ ᠪᠡᠯᠡᠳᠬᠡᠬᠦ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ07- ᠬᠠᠳᠬᠤᠮᠠᠯ ᠤ᠋ᠨ ᠵᠢᠷᠤᠭ ᠢ᠋ ᠪᠡᠯᠡᠳᠬᠡᠬᠦ

ᠠᠩᠭᠢᠯᠠᠯ:ᠵᠠᠩ ᠦᠢᠯᠡ
2024-04-09

352

ᠬᠠᠳᠬᠤᠮᠠᠯ ᠤ᠋ᠨ ᠵᠢᠷᠤᠭ ᠢ᠋ ᠪᠡᠯᠡᠳᠬᠡᠬᠦ

     ᠬᠠᠳᠬᠤᠮᠠᠯ ᠢ ᠬᠢᠬᠦ ᠳᠦ ᠲᠥᠷᠥᠯ ᠪᠦᠷᠢ ᠶ᠋ᠢᠨ ᠳᠠᠪᠤᠤ᠂ ᠲᠣᠷᠭ᠎ᠠ᠂ ᠲᠠᠭᠠᠷ ᠵᠡᠷᠭᠡ ᠨᠢᠮᠭᠡᠨ ᠵᠤᠵᠠᠭᠠᠨ ᠮᠠᠲ᠋ᠧᠷᠢᠶᠠᠯ ᠳᠡᠭᠡᠷ᠎ᠡ ᠠᠮᠢᠲᠠᠨ ᠤᠷᠭᠤᠮᠠᠯ᠂ ᠰᠡᠳᠦᠪᠲᠦ ᠤᠷᠠᠯᠠᠯ᠂ ᠬᠥᠮᠦᠨ ᠦ᠌ ᠬᠥᠷᠥᠭ ᠵᠡᠷᠭᠡ ᠶ᠋ᠢ ᠤᠷᠠᠯᠠᠨ ᠪᠦᠲᠦᠭᠡᠳᠡᠭ ᠪᠥᠭᠡᠳ ᠬᠠᠳᠬᠤᠮᠠᠯ ᠤ᠋ᠨ ᠲᠥᠷᠥᠯ ᠦ᠋ᠳ ᠶᠠᠩᠵᠤ ᠪᠦᠷᠢ ᠪᠠᠢᠳᠠᠭ ᠲᠤᠬᠠᠢ ᠥᠭᠦᠯᠡᠭᠰᠡᠨ ᠪᠢᠯᠡ᠃ ᠬᠠᠳᠬᠤᠮᠠᠯ ᠬᠠᠳᠬᠤᠬᠤ ᠳ᠋ᠤ᠌ ᠶᠠᠭᠤᠨ ᠤ᠋ ᠡᠮᠦᠨ᠎ᠡ ᠪᠡᠯᠡᠳᠬᠡᠯ ᠢ᠋ ᠬᠠᠩᠭᠠᠵᠤ ᠳᠡᠪᠢᠰᠬᠡᠷ᠂ ᠣᠶᠣᠬᠤ ᠤᠲᠠᠰᠤ᠂ ᠲᠡᠭᠦᠨ ᠳ᠋ᠦ᠍ ᠪᠠᠭᠤᠯᠭᠠᠬᠤ ᠳᠦᠷᠰᠦ ᠶ᠋ᠢ ᠭᠢᠷᠠᠬᠠᠢ ᠠᠰᠢᠭᠯᠠᠨ᠎ᠠ᠃ ᠬᠠᠳᠬᠤᠮᠠᠯᠴᠢᠨ ᠬᠥᠮᠦᠨ ᠳᠦᠷᠰᠦᠯᠡᠬᠦ ᠤᠷᠠᠯᠢᠭ ᠤ᠋ᠨ ᠥᠩᠭᠡ ᠵᠣᠬᠢᠴᠠᠯ ᠬᠠᠳᠬᠤᠬᠤ ᠣᠶᠣᠬᠤ ᠮᠡᠷᠭᠡᠵᠢᠯ ᠲᠧᠭᠨᠢᠭ ᠢ᠋ ᠨᠠᠷᠢᠨ ᠡᠵᠡᠮᠰᠢᠵᠦ ᠲᠡᠭᠦᠨ ᠦ᠌ ᠠᠮᠢᠨ ᠰᠦᠨᠡᠰᠦ ᠪᠣᠯᠤᠭᠰᠠᠨ ᠥᠩᠭᠡ ᠵᠣᠬᠢᠴᠠᠯ᠂ ᠭᠤᠸ᠎ᠠ ᠵᠦᠢ᠂ ᠤᠴᠢᠷ ᠤᠳᠬ᠎ᠠ ᠶ᠋ᠢ ᠰᠠᠢᠨ ᠣᠢᠯᠠᠭᠠᠵᠤ᠂ ᠡᠨᠡ ᠲᠠᠯ᠎ᠠ ᠪᠠᠷ ᠥᠪᠡᠷ ᠦ᠋ᠨ ᠮᠡᠳᠡᠯᠭᠡ ᠶ᠋ᠢ ᠴᠤᠴᠠᠯᠲᠠ ᠦᠭᠡᠢ ᠳᠡᠭᠡᠭᠰᠢᠯᠡᠭᠦᠯᠬᠦ ᠶᠣᠰᠣᠲᠠᠢ᠃ ᠤᠷᠠᠨ ᠦᠢᠯᠡ ᠶ᠋ᠢᠨ ᠬᠡ᠂ ᠳᠦᠷᠰᠦ᠂ ᠥᠩᠭᠡ ᠵᠣᠬᠢᠴᠠᠯ ᠦᠨᠳᠦᠰᠦᠨ ᠪᠦᠷᠢ ᠳ᠋ᠦ᠍ ᠬᠠᠷᠢᠯᠴᠠᠨ ᠠᠳᠠᠯᠢ ᠦᠭᠡᠢ ᠥᠪᠡᠷᠮᠢᠴᠡ ᠪᠠᠢᠳᠠᠭ ᠴᠤ ᠥᠩᠭᠡ ᠪᠣᠳᠣᠭ ᠤ᠋ᠨ ᠬᠤᠪᠢ ᠳ᠋ᠤ᠌ ᠵᠣᠬᠢᠴᠠᠭᠤᠯᠤᠯᠲᠠ ᠪᠣᠳᠠᠲᠤ ᠵᠦᠢᠯ ᠤᠴᠢᠷ ᠠ᠋ᠴᠠ ᠵᠠᠢᠯᠠᠰᠢ ᠦᠭᠡᠢ ᠮᠡᠳᠡᠪᠡᠯ ᠵᠣᠬᠢᠨ᠎ᠠ᠃
     ᠬᠠᠳᠬᠤᠮᠠᠯ ᠤᠨ ᠵᠢᠷᠤᠭ ᠢ ᠣᠶᠣᠬᠤ ᠳᠠᠪᠤᠤ ᠶ᠋ᠢᠨ ᠢ᠋ᠶ᠋ᠡᠨ ᠬᠡᠮᠵᠢᠶ᠎ᠡ᠂ ᠬᠡᠯᠪᠡᠷᠢ ᠳ᠋ᠦ᠍ ᠲᠣᠬᠢᠷᠠᠭᠤᠯᠤᠨ ᠭᠤᠷᠪᠠᠯᠵᠢᠨ᠂ ᠳᠥᠷᠪᠡᠯᠵᠢᠨ᠂ ᠳᠤᠭᠤᠢ᠂ ᠥᠨᠴᠥᠭ ᠦ᠋ᠨ ᠬᠡ᠂ ᠬᠥᠮᠦᠨ ᠦ᠌ ᠬᠥᠷᠥᠭ ᠵᠡᠷᠭᠡ ᠶ᠋ᠢᠨ ᠳᠡᠪᠢᠰᠬᠡᠷ ᠲᠦ ᠪᠠᠭᠤᠬᠤ ᠬᠠᠷᠢᠴᠠᠭ᠎ᠠ ᠶ᠋ᠢ ᠲᠣᠬᠢᠷᠠᠭᠤᠯᠤᠨ ᠪᠠᠢᠷᠢᠯᠠᠭᠤᠯᠵᠤ ᠭᠠᠷᠭᠠᠬᠤ ᠬᠡ ᠪᠡᠨ ᠵᠢᠷᠤᠵᠤ ᠰᠢᠪᠡᠭᠡᠳ ᠬᠡ ᠭᠠᠷᠭᠠᠬᠤ ᠳᠡᠪᠢᠰᠬᠡᠷ ᠳᠠᠪᠤᠤ ᠠ᠋ᠴᠠ ᠢᠯᠭᠠᠭᠳᠠᠬᠤ ᠥᠩᠭᠡ ᠶ᠋ᠢᠨ ᠣ᠂ ᠴᠢᠩᠺ ᠵᠡᠷᠭᠡ ᠶ᠋ᠢᠨ ᠬᠠᠭᠤᠷᠠᠢ ᠪᠣᠳᠣᠭ ᠢ᠋2-3 ᠳᠠᠪᠬᠤᠷ ᠮᠠᠷᠠᠯ ᠳ᠋ᠤ᠌ ᠪᠣᠭᠣᠵᠤ ᠵᠢᠭᠳᠡ ᠬᠥᠩᠭᠡᠨ ᠴᠣᠬᠢᠵᠤ ᠪᠠᠭᠤᠯᠭᠠᠨ᠎ᠠ᠃ ᠪᠠᠭᠤᠯᠭᠠᠭᠰᠠᠨ ᠳᠦᠷᠰᠦ ᠪᠡᠨ ᠲᠣᠬᠢᠷᠠᠭᠤᠯᠤᠨ ᠥᠩᠭᠡ ᠢᠯᠭᠠᠵᠤ ᠪᠦᠳᠡᠭᠢᠬᠡᠨ ᠵᠢᠷᠤᠭᠠᠳ ᠲᠡᠭᠦᠨ ᠢ᠋ᠶ᠋ᠡᠨ ᠥᠩᠭᠡ ᠲᠣᠬᠢᠷᠠᠭᠰᠠᠨ ᠤᠲᠠᠰᠤ ᠪᠠᠷ ᠢᠯᠭᠠᠪᠤᠷᠢᠯᠠᠨ ᠬᠠᠳᠬᠤᠨ᠎ᠠ᠃ ᠬᠠᠳᠬᠤᠮᠠᠯ ᠤ᠋ᠨ ᠵᠢᠷᠤᠭ ᠪᠠᠭᠤᠯᠭᠠᠬᠤ ᠳᠡᠪᠢᠰᠬᠡᠷ ᠳᠠᠪᠤᠤ ᠶ᠋ᠢᠨ ᠥᠩᠭᠡ ᠶ᠋ᠢ ᠵᠥᠪ ᠰᠣᠩᠭᠣᠵᠤ ᠴᠤᠯᠭᠤᠢ ᠫᠦᠦᠰᠦᠦ ᠳᠠᠪᠤᠤ᠂ ᠲᠠᠭᠠᠷ᠂ ᠳᠠᠯᠢᠩᠪᠤᠤ ᠵᠡᠷᠭᠡ ᠨᠢᠭᠡ ᠥᠩᠭᠡ ᠶ᠋ᠢᠨ ᠬᠡ ᠥᠬᠡᠢ ᠮᠠᠲ᠋ᠧᠷᠢᠶᠠᠯ ᠰᠣᠩᠭᠣᠵᠤ ᠪᠡᠯᠡᠳᠬᠡᠨ᠎ᠡ᠃
     ᠣᠶᠣᠬᠤ ᠵᠢᠷᠤᠭ ᠢ᠋ ᠨᠡᠪᠲᠡ ᠭᠡᠷᠡᠯᠲᠦᠨ ᠬᠠᠷᠠᠭᠳᠠᠳᠠᠭ ᠴᠠᠭᠠᠰᠤ ᠲᠠᠯᠪᠢᠵᠤ ᠵᠢᠷᠤᠭᠠᠳ ᠲᠡᠭᠦᠨ ᠢ᠋ ᠪᠡᠨ ᠳᠡᠪᠢᠰᠬᠡᠷ ᠲᠦ ᠲᠠᠯᠪᠢᠵᠤ ᠰᠢᠪᠡᠭᠡᠳ ᠳᠡᠭᠡᠷᠡᠬᠢ ᠮᠠᠶᠢᠭ ᠢ᠋ᠶ᠋ᠠᠷ ᠬᠠᠭᠤᠷᠠᠢ ᠪᠣᠳᠣᠭ ᠢ᠋ᠶ᠋ᠠᠷ ᠪᠠᠭᠤᠯᠭᠠᠨ ᠣᠶᠣᠨ᠎ᠠ᠃ ᠵᠢᠷᠤᠭ ᠢ᠋ ᠰᠢᠭᠤᠳ ᠣᠶᠣᠬᠤ ᠳᠡᠪᠢᠰᠬᠡᠷ ᠢ᠋ᠶ᠋ᠡᠨ ᠬᠡᠮᠵᠢᠶ᠎ᠡ ᠵᠠᠢ ᠶ᠋ᠢ ᠲᠣᠬᠢᠷᠠᠭᠤᠯᠤᠨ ᠪᠦᠳᠡᠭᠢᠬᠡᠨ ᠵᠢᠷᠤᠵᠤ ᠣᠶᠣᠬᠤ ᠪᠣᠯᠤᠨ᠎ᠠ᠃ ᠬᠠᠳᠬᠤᠮᠠᠯ᠂ ᠨᠡᠬᠡᠮᠡᠯ᠂ ᠴᠤᠭᠤᠯᠪᠤᠷᠢ᠂ ᠰᠢᠪᠡᠭᠦᠷ ᠵᠠᠬᠠᠯᠠᠬᠤ ᠣᠶᠣᠳᠠᠯ ᠠᠯᠢ ᠨᠢ ᠪᠣᠯᠪᠠᠴᠤ ᠳᠡᠪᠢᠰᠬᠡᠷ᠂ ᠤᠲᠠᠰᠤ᠂ ᠲᠣᠨᠣᠭᠯᠠᠬᠤ ᠪᠤᠰᠤᠳ ᠵᠦᠢᠯ ᠦ᠋ᠨ ᠥᠩᠭᠡ ᠵᠣᠬᠢᠴᠠᠯ ᠠ᠋ᠴᠠ ᠶᠡᠬᠡ ᠰᠢᠯᠲᠠᠭᠠᠯᠠᠬᠤ ᠤᠴᠢᠷ ᠥᠩᠭᠡ ᠵᠣᠬᠢᠴᠠᠯ ᠤ᠋ᠨ ᠲᠠᠯ᠎ᠠ ᠪᠠᠷ ᠵᠠᠢᠯᠠᠰᠢ ᠦᠭᠡᠢ ᠮᠡᠳᠡᠬᠦ ᠵᠠᠷᠢᠮ ᠵᠦᠢᠯ ᠢ᠋ ᠳᠤᠷᠠᠳᠤᠶ᠎ᠠ᠃

   ᠦᠰᠦᠭ ᠠᠮᠢᠯᠠᠭᠤᠯᠤᠭᠴᠢ᠄ ᠭᠡᠭᠡᠷᠡᠯ᠂ ᠲᠣᠭᠳᠠᠭᠤᠨᠪᠠᠶᠠᠷ ᠂ ᠱᠠᠭᠰᠠᠯ
   ᠬᠢᠨᠠᠭᠴᠢ᠄ ᠰᠡᠬᠡᠭᠡᠷᠡᠯ᠂ ᠣᠳᠬᠠᠨᠰᠣ᠎ᠠ