ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ06- ᠲᠣᠷᠭ᠎ᠠ ᠪᠠ ᠳᠠᠪᠤᠤ ᠶ᠋ᠢᠨ ᠬᠠᠳᠬᠤᠮᠠᠯ ᠤ᠋ᠨ ᠲᠥᠷᠥᠯ ᠦ᠋ᠳ
ᠲᠣᠷᠭ᠎ᠠ ᠪᠠ ᠳᠠᠪᠤᠤ ᠶ᠋ᠢᠨ ᠬᠠᠳᠬᠤᠮᠠᠯ ᠤ᠋ᠨ ᠲᠥᠷᠥᠯ ᠦ᠋ᠳ
ᠲᠣᠷᠭ᠎ᠠ ᠪᠠ ᠳᠠᠪᠤᠤ ᠶ᠋ᠢᠨ ᠬᠠᠳᠬᠤᠮᠠᠯ ᠤ᠋ᠨ ᠳᠡᠪᠢᠰᠬᠡᠷ ᠲᠦ᠍ ᠲᠥᠷᠥᠯ ᠪᠦᠷᠢ ᠶ᠋ᠢᠨ ᠲᠣᠷᠭ᠎ᠠ᠂ ᠳᠤᠷᠳᠤᠩ᠂ ᠳᠠᠪᠤᠤ᠂ ᠳᠠᠯᠢᠩᠪᠤᠤ᠂ ᠥᠩᠭᠡ ᠪᠦᠷᠢ ᠶ᠋ᠢᠨ ᠨᠢᠮᠭᠡᠨ ᠳᠠᠪᠤᠤ᠂ ᠲᠠᠭᠠᠷ ᠮᠠᠭᠠᠯᠢᠩᠭᠤ ᠴᠡᠮᠪᠡ ᠵᠡᠷᠭᠡ ᠪᠥᠰ ᠪᠠᠷᠠᠭ᠎ᠠ ᠬᠠᠮᠢᠶᠠᠷᠤᠭᠳᠠᠨ᠎ᠠ᠃
ᠬᠡ ᠴᠢᠮᠡᠭ ᠲᠦ᠍ ᠲᠥᠷᠥᠯ ᠪᠦᠷᠢ ᠶ᠋ᠢᠨ ᠦᠨᠳᠦᠰᠦᠲᠡᠨ ᠦ᠌ ᠬᠡ ᠤᠭᠠᠯᠵᠠ᠂ ᠴᠡᠴᠡᠭ ᠨᠠᠪᠴᠢ᠂ ᠪᠠᠢᠭᠠᠯᠢ ᠶ᠋ᠢᠨ ᠭᠤᠸ᠎ᠠ ᠵᠦᠢ᠂ ᠵᠡᠭᠡᠭᠲᠦ ᠨᠠᠭᠠᠮᠠᠯ ᠤ᠋ᠨ ᠮᠠᠲ᠋ᠧᠷᠢᠶᠠᠯ ᠳ᠋ᠤ᠌ ᠪᠣᠯᠵᠤ ᠪᠠᠢᠭ᠎ᠠ ᠦᠢᠯᠡ ᠶᠠᠪᠤᠳᠠᠯ ᠵᠡᠷᠭᠡ ᠣᠯᠠᠨ ᠵᠦᠢᠯ ᠦ᠋ᠨ ᠶᠠᠭᠤᠮ᠎ᠠ ᠪᠠᠭᠲᠠᠨ᠎ᠠ᠃
ᠬᠠᠳᠬᠤᠮᠠᠯ ᠣᠯᠠᠨ ᠲᠥᠷᠥᠯ ᠦ᠋ᠨ ᠣᠶᠣᠳᠠᠯ ᠢ᠋ᠶ᠋ᠠᠷ ᠪᠦᠲᠦᠬᠦ ᠪᠠ ᠣᠶᠣᠳᠠᠯ ᠲᠤᠰ ᠪᠦᠷᠢ ᠨᠢᠭᠡ ᠲᠣᠳᠣᠷᠬᠠᠢ ᠥᠪᠡᠷᠮᠢᠴᠡ ᠣᠨᠴᠠᠯᠢᠭ ᠲᠠᠢ ᠪᠠᠢᠳᠠᠭ᠃ ᠬᠠᠳᠬᠤᠮᠠᠯ ᠤ᠋ᠨ ᠤᠤᠭᠠᠨ ᠨᠢ ᠵᠡᠭᠡᠭᠲᠦ ᠨᠠᠭᠠᠮᠠᠯ ᠪᠠᠢᠭᠰᠠᠨ ᠪᠣᠯᠪᠠ ᠤᠤ ᠭᠡᠵᠦ ᠪᠣᠳᠣᠭᠳᠠᠨ᠎ᠠ᠃ ᠬᠠᠳᠬᠤᠮᠠᠯ ᠳ᠋ᠤ᠌ ᠬᠡᠷᠦᠭᠡᠰᠦ᠂ ᠰᠢᠪᠡᠭᠦᠷ᠂ ᠵᠡᠭᠦᠦ ᠣᠷᠢᠶᠠᠬᠤ᠂ ᠬᠣᠨᠢᠨ ᠬᠣᠯᠪᠣᠭ᠎ᠠ᠂ ᠰᠢᠭᠯᠠᠭᠠᠰᠤ ᠵᠡᠷᠭᠡ ᠣᠯᠠᠨ ᠲᠥᠷᠥᠯ ᠦ᠋ᠨ ᠣᠶᠣᠳᠠᠯ ᠣᠷᠣᠳᠠᠭ᠃
ᠵᠡᠭᠦᠦ ᠣᠷᠢᠶᠠᠬᠤ ᠡᠨᠡ ᠬᠠᠳᠬᠤᠮᠠᠯ ᠤᠷᠠᠨ ᠦᠢᠯᠡ ᠶ᠋ᠢᠨ ᠬᠠᠮᠤᠭ ᠤ᠋ᠨ ᠨᠠᠷᠢᠨ ᠲᠦᠪᠡᠭᠲᠡᠢ ᠪᠣᠯᠪᠠᠴᠤ ᠭᠣᠶᠣᠮᠰᠣᠭ ᠬᠠᠳᠬᠤᠮᠠᠯ ᠪᠥᠭᠡᠳ ᠲᠡᠭᠦᠨ ᠢ᠋ ᠨᠠᠷᠢᠨ ᠲᠣᠷᠭᠠᠨ ᠬᠠᠳᠬᠤᠮᠠᠯ ᠳ᠋ᠤ᠌ ᠬᠡᠷᠡᠭᠯᠡᠨ᠎ᠡ᠃ ᠵᠡᠭᠦᠦ ᠣᠷᠢᠶᠠᠬᠤ ᠳ᠋ᠤ᠌ ᠨᠢᠭᠡ ᠵᠡᠭᠦᠦ᠂ ᠬᠣᠶᠠᠷ ᠤᠲᠠᠰᠤ ᠣᠷᠣᠬᠤ ᠪᠠ ᠣᠷᠢᠶᠠᠬᠤ ᠤᠲᠠᠰᠤ ᠠᠷᠠᠢ ᠪᠦᠳᠦᠭᠦᠪᠲᠦᠷ ᠡᠷᠴᠢᠲᠡᠢ᠃ ᠭᠣᠭᠴᠣᠭ᠎ᠠ ᠶ᠋ᠢ ᠬᠣᠯᠪᠣᠬᠤ ᠤᠲᠠᠰᠤ᠂ ᠣᠷᠢᠶᠠᠬᠤ ᠤᠲᠠᠰᠤ ᠲᠠᠢ ᠢᠵᠢᠯ ᠥᠩᠭᠡ ᠲᠡᠢ ᠠᠷᠠᠢ ᠨᠠᠷᠢᠨ ᠪᠠᠢᠪᠠᠯ ᠲᠣᠬᠢᠷᠠᠮᠵᠢᠲᠠᠢ ᠪᠠᠢᠳᠠᠭ᠃ ᠵᠠᠷᠢᠮ ᠬᠠᠳᠬᠤᠮᠠᠯ ᠳ᠋ᠤ᠌ ᠳᠠᠷᠤᠭᠤᠯᠭ᠎ᠠ ᠤᠲᠠᠰᠤ ᠶ᠋ᠢ ᠥᠭᠡᠷ᠎ᠡ ᠥᠩᠭᠡ ᠶ᠋ᠢᠨ ᠤᠲᠠᠰᠤ ᠪᠠᠷ ᠳᠠᠷᠤᠭᠰᠠᠨ ᠨᠢ ᠲᠡᠭᠦᠨ ᠦ᠌ ᠥᠩᠭᠡ ᠵᠣᠬᠢᠴᠠᠯ ᠢ᠋ ᠠᠯᠳᠠᠭᠤᠯᠵᠤ ᠡᠷᠢᠶᠡᠨ ᠪᠣᠯᠭᠠᠭᠰᠠᠨ ᠪᠠᠢᠳᠠᠭ᠃ ᠵᠡᠭᠦᠦ ᠣᠷᠢᠶᠠᠬᠤ ᠣᠶᠣᠳᠠᠯ ᠢ᠋ᠶ᠋ᠠᠷ ᠨᠠᠷᠢᠨ ᠭᠣᠶᠣᠮᠰᠣᠭ ᠲᠣᠷᠭᠠᠨ ᠬᠠᠳᠬᠤᠮᠠᠯ ᠬᠢᠬᠦ ᠪᠥᠭᠡᠳ ᠲᠡᠭᠦᠨ ᠦ᠌ ᠥᠩᠭᠡ ᠵᠣᠬᠢᠴᠠᠯ ᠢ᠋ ᠵᠥᠪ ᠪᠣᠯᠭᠠᠬᠤ ᠶ᠋ᠢᠨ ᠲᠤᠯᠠᠳᠠ ᠳᠡᠪᠢᠰᠬᠡᠷ᠂ ᠣᠶᠣᠬᠤ ᠤᠲᠠᠰᠤᠨ ᠤ᠋ ᠥᠩᠭᠡ ᠵᠣᠬᠢᠴᠠᠯ ᠢ᠋ ᠵᠥᠪ ᠲᠣᠬᠢᠷᠠᠭᠤᠯᠤᠨ᠎ᠠ(ᠬᠠᠳᠬᠤᠮᠠᠯ ᠤ᠋ᠨ ᠥᠩᠭᠡ ᠵᠣᠬᠢᠴᠠᠯ᠂ ᠤᠲᠠᠰᠤ ᠰᠣᠩᠭᠣᠬᠤ ᠭᠡᠰᠡᠨ ᠪᠦᠯᠦᠭ ᠲᠦ᠍ ᠦᠵᠡ)᠃
ᠵᠢᠷᠤᠭ11 ᠵᠡᠭᠦᠦ ᠣᠷᠢᠶᠠᠬᠤ ᠬᠠᠳᠬᠤᠮᠠᠯ ᠤ᠋ᠨ ᠬᠡᠯᠪᠡᠷᠢ ᠨᠦ᠍ᠭᠦᠳ

ᠵᠡᠭᠦᠦ ᠣᠷᠢᠶᠠᠬᠤ ᠳ᠋ᠤ᠌ ᠠᠩᠬᠠᠷᠬᠤ ᠬᠡᠳᠦ ᠬᠡᠳᠦᠨ ᠴᠢᠬᠤᠯᠠ ᠵᠦᠢᠯ ᠪᠠᠢᠳᠠᠭ ᠪᠥᠭᠡᠳ ᠶᠠᠭᠤᠨ ᠤ᠋ ᠡᠮᠦᠨ᠎ᠡ ᠣᠶᠣᠳᠠᠯ ᠤ᠋ᠨ ᠵᠠᠢ ᠶ᠋ᠢ ᠵᠢᠭᠳᠡ ᠣᠢᠷᠠᠬᠠᠨ ᠭᠠᠷᠭᠠᠵᠤ ᠤᠲᠠᠰᠤ ᠶ᠋ᠢ ᠬᠡᠳᠦ ᠰᠤᠯᠠ᠂ ᠬᠡᠳᠦ ᠴᠢᠩᠭ᠎ᠠ ᠦᠭᠡᠢ ᠵᠢᠭᠳᠡ ᠲᠠᠲᠠᠵᠤ ᠣᠷᠢᠶᠠᠬᠤ ᠪᠠ ᠳᠠᠷᠠᠭᠠᠬᠢ ᠥᠩᠭᠡ ᠶ᠋ᠢᠨ ᠤᠲᠠᠰᠤ ᠶ᠋ᠢ ᠨᠠᠷᠠ ᠪᠤᠷᠤᠭᠤ ᠲᠡᠰᠢ ᠨᠢ ᠡᠷᠭᠢᠭᠦᠯᠵᠦ ᠣᠶᠣᠨ᠎ᠠ᠃ ᠡᠬᠢᠯᠡᠭᠡᠳ ᠣᠷᠢᠶᠠᠬᠤ ᠪᠠᠨ ᠵᠡᠭᠦᠦ ᠳ᠋ᠦ᠍ ᠰᠦᠪᠡᠯᠡᠨ ᠬᠠᠳᠬᠤᠮᠠᠯ ᠤ᠋ᠨ ᠢ᠋ᠶ᠋ᠠᠨ ᠥᠩᠭᠡᠨ ᠳᠡᠭᠡᠷ᠎ᠡ ᠭᠠᠷᠭᠠᠵᠤ ᠵᠡᠭᠦᠦ ᠡᠴᠡ ᠪᠡᠨ ᠰᠤᠭᠤᠯᠤᠨ ᠰᠤᠯᠠ ᠣᠷᠬᠢᠵᠤ ᠭᠣᠭᠴᠣᠭ᠎ᠠ ᠳᠠᠷᠤᠭᠤᠯᠬᠤ ᠤᠲᠠᠰᠤ ᠪᠠᠨ ᠭᠠᠷᠭᠠᠯ ᠦᠭᠡᠢ ᠵᠡᠭᠦᠦ ᠪᠡᠨ ᠳᠣᠣᠷ᠎ᠠ ᠠ᠋ᠴᠠ ᠨᠢ ᠬᠠᠳᠬᠤᠨ ᠭᠠᠷᠭᠠᠵᠤ᠂ ᠲᠦᠷᠦᠭᠦᠴᠢ ᠶ᠋ᠢᠨ ᠰᠤᠯᠠ ᠲᠠᠯᠪᠢᠭᠰᠠᠨ ᠤᠲᠠᠰᠤ ᠪᠠᠷ ᠣᠷᠢᠶᠠᠵᠤ ᠳᠠᠷᠤᠭᠤᠯᠤᠭᠠᠳ ᠳᠠᠷᠠᠭ᠎ᠠ ᠶ᠋ᠢᠨ ᠭᠣᠭᠴᠣᠭ᠎ᠠ ᠶ᠋ᠢ ᠵᠡᠭᠦᠦ ᠳ᠋ᠡᠭᠡᠨ ᠣᠷᠢᠶᠠᠵᠤ ᠬᠣᠶᠠᠷ ᠭᠣᠭᠴᠣᠭ᠎ᠠ ᠶ᠋ᠢ ᠬᠣᠯᠪᠣᠬᠤ ᠵᠠᠮ ᠢ᠋ᠶ᠋ᠠᠷ ᠣᠶᠣᠨ᠎ᠠ᠃ ᠶᠠᠮᠠᠷ ᠴᠤ᠌ ᠬᠠᠳᠬᠤᠮᠠᠯ ᠢ᠋ ᠣᠶᠣᠵᠤ ᠳᠠᠭᠤᠰᠤᠭᠰᠠᠨ ᠤ᠋ ᠳᠠᠷᠠᠭ᠎ᠠ ᠳᠡᠭᠡᠷ᠎ᠡ ᠡᠴᠡ ᠨᠢ ᠴᠡᠪᠡᠷ ᠳᠠᠪᠤᠤ ᠲᠠᠯᠪᠢᠵᠤ ᠳᠤᠮᠳᠠ ᠵᠡᠷᠭᠡ ᠶ᠋ᠢᠨ ᠬᠠᠯᠠᠭᠠᠯᠲᠠ ᠲᠠᠢ ᠢᠩᠳᠡᠦ ᠪᠡᠷ ᠢᠩᠳᠡᠦᠳᠡᠨᠡ᠃ ᠬᠡᠷᠪᠡ ᠬᠢᠲᠠᠳ ᠲᠣᠷᠭ᠎ᠠ᠂ ᠫᠦᠦᠰᠦᠦ᠂ ᠦᠢᠲᠠᠩ ᠬᠤᠸᠠᠷ ᠢ᠋ᠶ᠋ᠠᠷ ᠳᠡᠪᠢᠰᠬᠡᠷ ᠬᠢᠭᠰᠡᠨ ᠪᠣᠯ ᠲᠡᠭᠦᠨ ᠢ᠋ ᠬᠡᠳᠦ ᠴᠢᠭᠢᠭᠯᠡᠵᠦ ᠢᠩᠳᠡᠦᠳᠡᠵᠦ ᠪᠣᠯᠬᠤ ᠦᠭᠡᠢ᠃
ᠬᠣᠨᠢᠨ ᠬᠣᠯᠪᠣᠭ᠎ᠠ ᠡᠨᠡ ᠣᠶᠣᠳᠠᠯ ᠢ᠋ ᠮᠠᠨ ᠤ᠋ ᠣᠷᠣᠨ ᠤ᠋ ᠬᠠᠰᠠᠭ ᠦᠨᠳᠦᠰᠦᠲᠡᠨ ᠦ᠌ ᠬᠠᠳᠬᠤᠮᠠᠯ ᠳ᠋ᠤ᠌ ᠥᠷᠭᠡᠨ ᠬᠡᠷᠡᠭᠯᠡᠬᠦ ᠡᠴᠡ ᠭᠠᠳᠠᠨ᠎ᠠ ᠪᠤᠰᠤᠳ ᠦᠨᠳᠦᠰᠦᠲᠡᠨ ᠨᠦ᠍ᠭᠦᠳ ᠬᠡᠷᠡᠭᠯᠡᠨ᠎ᠡ᠃
ᠬᠣᠨᠢᠨ ᠬᠣᠯᠪᠣᠭ᠎ᠠ ᠣᠶᠣᠬᠤ ᠳ᠋ᠤ᠌ ᠬᠢᠯᠪᠠᠷ᠂ ᠦᠵᠡᠮᠵᠢ ᠰᠠᠢᠲᠠᠢ ᠣᠶᠣᠳᠠᠯ ᠪᠥᠭᠡᠳ ᠬᠠᠳᠬᠤᠮᠠᠯ ᠤ᠋ᠨ ᠶᠡᠬᠡᠬᠡᠨ ᠬᠡᠰᠡᠭ ᠢ᠋ ᠬᠣᠨᠢᠨ ᠬᠣᠯᠪᠣᠭ᠎ᠠ ᠪᠠᠷ ᠬᠠᠳᠬᠤᠵᠤ ᠪᠣᠯᠤᠨ᠎ᠠ᠃ ᠬᠣᠨᠢᠨ ᠬᠣᠯᠪᠣᠭ᠎ᠠ ᠪᠠᠷ ᠭᠤᠶᠤᠬᠤ᠂ ᠴᠢᠮᠡᠬᠦ ᠬᠠᠳᠬᠤᠮᠠᠯ ᠤ᠋ᠨ ᠠᠯᠢᠨ ᠢ᠋ ᠴᠤ᠌ ᠬᠢᠵᠦ ᠬᠠᠳᠬᠤᠮᠠᠯ ᠳ᠋ᠤ᠌ ᠡᠷᠲᠡ ᠦᠶ᠎ᠡ ᠡᠴᠡ ᠬᠡᠷᠡᠭᠯᠡᠭᠳᠡᠵᠦ ᠢᠷᠡᠵᠡᠢ᠃
ᠾᠦᠩᠨᠦ ᠶ᠋ᠢᠨ ᠦᠶ᠎ᠡ ᠶᠢᠨ ᠪᠤᠯᠠᠰᠢᠨ ᠤ᠋ ᠮᠠᠯᠲᠠᠮᠠᠯ ᠠ᠋ᠴᠠ ᠣᠯᠳᠠᠭᠰᠠᠨ ᠬᠠᠳᠬᠤᠮᠠᠯ ᠳ᠋ᠤ᠌ ᠨᠢᠮᠭᠡᠨ ᠲᠣᠷᠭᠠᠨ ᠳᠡᠭᠡᠷ᠎ᠡ ᠬᠦᠳᠦᠰᠦᠨ ᠤᠲᠠᠰᠤ ᠪᠠᠷ ᠬᠣᠨᠢᠨ ᠬᠣᠯᠪᠣᠭ᠎ᠠ ᠪᠠᠷ ᠵᠠᠳᠠᠭᠠᠢ ᠡᠪᠡᠷ ᠤᠭᠠᠯᠵᠠ ᠣᠶᠣᠭᠰᠠᠨ ᠨᠢ ᠲᠤᠬᠠᠢ ᠶ᠋ᠢᠨ ᠦᠶ᠎ᠡ ᠶ᠋ᠢᠨ ᠤᠷᠠᠨ ᠬᠠᠳᠬᠤᠮᠠᠯ ᠤ᠋ᠨ ᠨᠢᠭᠡ ᠬᠡᠪ ᠰᠢᠨᠵᠢ ᠪᠥᠭᠡᠳ ᠪᠢᠳᠡ ᠡᠪᠦᠭᠡ ᠳᠡᠭᠡᠳᠦᠰ ᠦ᠋ᠨ ᠢ᠋ᠶ᠋ᠡᠨ ᠭᠠᠷ ᠤ᠋ᠨ ᠤᠷ᠎ᠠ ᠲᠠᠢ ᠲᠠᠨᠢᠯᠴᠠᠬᠤ ᠨᠢᠭᠡᠨ ᠵᠠᠪᠰᠢᠶᠠᠨ ᠣᠯᠲᠠᠯ᠎ᠠ᠃
ᠵᠢᠷᠤᠭ12 ᠬᠣᠨᠢᠨ ᠬᠣᠯᠪᠣᠭ᠎ᠠ

ᠬᠣᠨᠢᠨ ᠬᠣᠯᠪᠣᠭ᠎ᠠ ᠪᠠᠷ ᠬᠡ ᠤᠭᠠᠯᠵᠠ ᠴᠢᠮᠡᠭᠯᠡᠯ ᠣᠶᠣᠭᠠᠳ ᠵᠣᠭᠰᠣᠬᠤ ᠦᠭᠡᠢ19—20 ᠳ᠋ᠤᠭᠠᠷ ᠵᠠᠭᠤᠨ ᠤ᠋ ᠡᠬᠢᠨ ᠦ᠌ ᠦᠶ᠎ᠡ ᠳ᠋ᠦ᠍ ᠤᠷᠠᠯᠠᠨ ᠪᠦᠲᠦᠭᠡᠭᠰᠡᠨ ᠪᠤᠷᠬᠠᠨ ᠤ᠋ ᠬᠥᠷᠥᠭ᠂ ᠮᠥᠨ ᠣᠷᠴᠢᠨ ᠦᠶ᠎ᠡ ᠶ᠋ᠢᠨ ᠤᠷᠠᠯᠢᠭ ᠲᠤ᠌ ᠬᠥᠮᠦᠨ ᠦ᠌ ᠬᠥᠷᠥᠭ ᠬᠦᠷᠲᠡᠯ᠎ᠡ ᠤᠷᠠᠯᠠᠨ ᠪᠦᠲᠦᠭᠡᠵᠡᠢ᠃ ᠬᠣᠨᠢᠨ ᠬᠣᠯᠪᠣᠭ᠎ᠠ ᠣᠶᠣᠳᠠᠯ ᠤ᠋ᠨ ᠣᠶᠣᠬᠤ ᠠᠷᠭ᠎ᠠ ᠲᠧᠭᠨᠢᠭ ᠬᠢᠯᠪᠠᠷ᠂ ᠨᠢᠭᠡ ᠭᠣᠭᠴᠣᠭᠠᠨ ᠠ᠋ᠴᠠ ᠡᠬᠢᠯᠡᠨ ᠪᠦᠬᠦ ᠬᠡ ᠤᠭᠠᠯᠵᠠ ᠪᠦᠲᠦᠨ᠎ᠡ᠃ ᠣᠶᠣᠬᠤ ᠳ᠋ᠠᠭᠠᠨ ᠣᠶᠣᠳᠠᠯ ᠢ᠋ ᠬᠡᠷᠪᠡ ᠪᠦᠳᠦᠭᠦᠨ ᠤᠲᠠᠰᠤ ᠪᠠᠷ ᠣᠶᠣᠵᠤ ᠪᠠᠢᠭ᠎ᠠ ᠪᠣᠯ ᠬᠣᠯᠠᠬᠠᠨ᠂ ᠨᠠᠷᠢᠨ ᠤᠲᠠᠰᠤ ᠪᠣᠯ ᠮᠠᠰᠢ ᠣᠢᠷᠠᠬᠠᠨ ᠨᠢᠭᠡ ᠵᠢᠭᠳᠡ ᠬᠠᠳᠬᠤᠵᠤ ᠡᠬᠢᠨ ᠦ᠌ ᠭᠠᠷᠭᠠᠭᠰᠠᠨ ᠭᠣᠭᠴᠣᠭᠠᠨ ᠤ᠋ ᠤᠷᠢᠳᠤ ᠲᠠᠯ᠎ᠠ ᠪᠠᠷ ᠵᠡᠭᠦᠦ ᠪᠡᠨ ᠬᠠᠳᠬᠤᠨ ᠭᠠᠷᠭᠠᠵᠤ ᠠᠷᠤ ᠲᠠᠯ᠎ᠠ ᠶ᠋ᠢᠨ ᠭᠣᠭᠴᠣᠭᠠᠨ ᠤ᠋ ᠤᠷᠢᠳᠤ ᠪᠤᠯᠤᠩ ᠳ᠋ᠤ᠌ ᠬᠠᠳᠬᠤᠵᠤ ᠴᠢᠩᠭᠠᠯᠠᠵᠤ ᠳᠠᠷᠠᠭ᠎ᠠ ᠶ᠋ᠢᠨ ᠭᠣᠭᠴᠣᠭ᠎ᠠ ᠭᠠᠷᠭᠠᠬᠤ ᠵᠠᠮ ᠢ᠋ᠶ᠋ᠠᠷ ᠣᠶᠣᠨ᠎ᠠ᠃
ᠬᠣᠨᠢᠨ ᠬᠣᠯᠪᠣᠭ᠎ᠠ ᠶ᠋ᠢ ᠨᠢᠭᠡ ᠭᠣᠭᠴᠣᠭ᠎ᠠ ᠶ᠋ᠢ ᠬᠣᠯᠪᠣᠬᠤ ᠠ᠋ᠴᠠ ᠭᠠᠳᠠᠨ᠎ᠠ ᠪᠠᠷᠠᠭᠤᠨ ᠵᠡᠭᠦᠨ ᠳᠠᠰᠢ ᠨᠢ ᠡᠭᠡᠯᠵᠢᠯᠡᠨ ᠳᠠᠷᠤᠵᠤ ᠬᠡᠳᠦ ᠬᠡᠳᠦᠨ ᠶᠠᠩᠵᠤ ᠪᠠᠷ ᠣᠶᠣᠳᠠᠭ ᠪᠥᠭᠡᠳ ᠬᠠᠰᠠᠭᠴᠤᠳ ᠦᠵᠦᠭᠦᠷ ᠲᠡᠭᠡᠨ ᠲᠡᠭᠡᠭᠯᠡᠭᠦᠷ ᠨᠠᠷᠢᠨ ᠵᠡᠭᠦᠦ ᠪᠡᠷ ᠲᠦᠷᠭᠡᠨ ᠱᠠᠯᠠᠮᠠᠭᠠᠢ ᠣᠶᠣᠳᠠᠭ᠃
ᠵᠢᠷᠤᠭ13 ᠴᠣᠭᠣᠯᠪᠤᠷᠢ ᠣᠶᠣᠳᠠᠯ ᠤ᠋ᠨ ᠲᠧᠭᠨᠢᠭ ᠠᠵᠢᠯᠯᠠᠭ᠎ᠠ ᠶ᠋ᠢ ᠬᠠᠷᠠᠭᠤᠯᠤᠭᠰᠠᠨ ᠪᠠᠢᠳᠠᠯ

ᠴᠣᠭᠣᠯᠪᠤᠷᠢ ᠬᠠᠳᠬᠤᠮᠠᠯ ᠴᠣᠭᠣᠯᠪᠤᠷᠢ ᠣᠶᠣᠳᠠᠯ ᠢ᠋ ᠣᠶᠣᠬᠤ ᠮᠠᠲ᠋ᠧᠷᠢᠶᠠᠯ ᠳᠡᠭᠡᠷ᠎ᠡ ᠪᠡᠨ ᠵᠢᠷᠤᠵᠤ ᠬᠦᠷᠢᠶ᠎ᠡ ᠶ᠋ᠢ ᠳᠠᠷᠤᠭᠤᠯᠤᠨ ᠣᠶᠣᠭᠠᠳ ᠢᠷᠮᠡᠭ ᠢ᠋ᠶ᠋ᠡᠨ ᠳᠠᠭᠠᠭᠤᠯᠤᠨ ᠭᠣᠭᠴᠣᠭᠠᠯᠠᠳᠠᠨ ᠰᠢᠭᠯᠠᠨᠠ᠃ ᠳᠦᠷᠰᠦ ᠪᠡᠨ ᠣᠶᠣᠭᠰᠠᠨ ᠤ᠋ ᠳᠠᠷᠠᠭ᠎ᠠ ᠴᠣᠭᠣᠯᠵᠤ ᠵᠢᠵᠢᠭ ᠬᠠᠢᠴᠢ ᠪᠠᠷ ᠲᠣᠭᠣᠷᠢᠭᠤᠯᠤᠨ ᠬᠠᠢᠴᠢᠯᠠᠨᠠ᠃ ᠴᠣᠭᠣᠯᠪᠤᠷᠢ ᠶ᠋ᠢ ᠭᠠᠷ ᠢ᠋ᠶ᠋ᠠᠷ ᠣᠶᠣᠬᠤ ᠠ᠋ᠴᠠ ᠭᠠᠳᠠᠨ᠎ᠠ ᠮᠠᠰᠢᠨ ᠢ᠋ᠶ᠋ᠠᠷ ᠣᠶᠣᠬᠤ ᠠᠷᠭ᠎ᠠ ᠰᠡᠭᠦᠯ ᠦ᠋ᠨ ᠦᠶ᠎ᠡ ᠳ᠋ᠦ᠍ ᠳᠡᠯᠭᠡᠷᠡᠬᠦ ᠲᠥᠯᠥᠪ ᠲᠡᠢ ᠪᠠᠢᠨ᠎ᠠ᠃ ᠴᠣᠭᠣᠯᠪᠤᠷᠢ ᠣᠶᠣᠳᠠᠯ ᠢ᠋ᠶ᠋ᠠᠷ ᠣᠶᠣᠬᠤ ᠳ᠋ᠠᠭᠠᠨ ᠬᠣᠯᠪᠣᠬᠤ ᠪᠤᠶᠤ ᠪᠡᠬᠢᠯᠡᠬᠦ ᠤᠲᠠᠰᠤ ᠶ᠋ᠢ ᠤᠭ ᠮᠠᠲ᠋ᠧᠷᠢᠶᠠᠯ ᠤ᠋ᠨ ᠢ᠋ᠶ᠋ᠠᠨ ᠥᠩᠭᠡ ᠲᠡᠢ ᠣᠢᠷᠠᠯᠴᠠᠭ᠎ᠠ ᠤᠲᠠᠰᠤ ᠪᠠᠷ ᠣᠶᠣᠬᠤ ᠨᠢ ᠲᠣᠬᠢᠷᠠᠮᠵᠢᠲᠠᠢ ᠭᠣᠶᠣᠮᠰᠣᠭ ᠬᠠᠷᠠᠭᠳᠠᠬᠤ ᠲᠤᠯᠠ ᠤᠲᠠᠰᠤᠨ ᠤ᠋ ᠥᠩᠭᠡ ᠲᠣᠬᠢᠷᠠᠭᠤᠯᠬᠤ ᠱᠠᠭᠠᠷᠳᠠᠯᠭ᠎ᠠ ᠲᠠᠢ(ᠬᠠᠳᠬᠤᠮᠠᠯ ᠤ᠋ᠨ ᠥᠩᠭᠡ ᠵᠣᠬᠢᠴᠠᠭᠤᠯᠤᠯᠲᠠ ᠭᠡᠰᠡᠨ ᠪᠦᠯᠦᠭ ᠲᠦ᠍ ᠦᠵᠡ)᠃
ᠵᠢᠷᠤᠭ14 ᠰᠢᠪᠡᠭᠦᠷ ᠣᠶᠣᠬᠤ ᠠᠵᠢᠯᠯᠠᠭ᠎ᠠ
(1) ᠵᠡᠭᠦᠦ ᠤᠲᠠᠰᠤ ᠶ᠋ᠢ ᠤᠭᠰᠠᠷᠠᠨ ᠪᠡᠯᠡᠳᠬᠡᠭᠰᠡᠨ ᠪᠠᠢᠳᠠᠯ
(2) ᠰᠢᠪᠠᠵᠤ ᠪᠠᠢᠭ᠎ᠠ ᠠᠵᠢᠯᠯᠠᠭ᠎ᠠ

ᠰᠢᠪᠡᠭᠦᠷ ᠬᠠᠳᠬᠤᠮᠠᠯ ᠰᠢᠪᠡᠭᠦᠷ ᠬᠠᠳᠬᠤᠮᠠᠯ ᠭᠠᠷᠤᠯ ᠤ᠋ᠨ ᠬᠤᠪᠢ ᠳ᠋ᠤ᠌ ᠨᠡᠯᠢᠶᠡᠳ ᠬᠣᠵᠢᠭᠤ ᠪᠥᠭᠡᠳ ᠣᠷᠣᠬᠤ ᠤᠲᠠᠰᠤ ᠵᠡᠭᠦᠦ ᠨᠢ ᠥᠪᠡᠷᠮᠢᠴᠡ ᠣᠨᠴᠠᠯᠢᠭ ᠲᠠᠢ᠃ ᠰᠢᠪᠡᠭᠦᠷ ᠣᠶᠣᠳᠠᠯ ᠤ᠋ᠨ ᠵᠡᠭᠦᠦ1—3mm ᠳ᠋ᠢᠶᠠᠮᠧᠲ᠋ᠷ ᠲᠡᠢ᠂ ᠭᠣᠣᠯ ᠳ᠋ᠠᠭᠠᠨ ᠨᠦᠬᠡ ᠲᠡᠢ᠂ ᠦᠵᠦᠭᠦᠷ ᠲᠡᠭᠡᠨ ᠰᠦᠪᠡᠭᠴᠢ ᠲᠡᠢ ᠪᠠᠢᠬᠤ ᠪᠥᠭᠡᠳ ᠡᠨᠡ ᠰᠦᠪᠡᠭᠴᠢ ᠦᠵᠦᠭᠦᠷ ᠡᠴᠡ2.5mm ᠬᠡᠮᠵᠢᠶᠡᠨ ᠳ᠋ᠦ᠍ ᠪᠠᠢᠨ᠎ᠠ᠃ ᠰᠢᠪᠡᠭᠦᠷ ᠣᠶᠣᠳᠠᠯ ᠳ᠋ᠤ᠌ ᠵᠠᠪᠠᠯ ᠲᠡᠯᠡᠭᠦᠷ ᠷᠠᠮ ᠬᠡᠷᠡᠭ ᠲᠡᠢ ᠪᠥᠭᠡᠳ ᠲᠡᠯᠡᠭᠦᠷ ᠲᠦ᠍ ᠳᠠᠪᠤᠤ ᠪᠠᠨ ᠪᠡᠬᠢᠯᠡᠵᠦ ᠳᠠᠪᠤᠤ ᠶ᠋ᠢᠨ ᠢ᠋ᠶ᠋ᠡᠨ ᠠᠷᠤ ᠲᠠᠯ᠎ᠠ ᠳ᠋ᠤᠨᠢ ᠣᠶᠣᠬᠤ ᠳᠦᠷᠰᠦ ᠪᠡᠨ ᠪᠤᠷᠤᠭᠤ ᠬᠠᠷᠠᠭᠤᠯᠵᠤ ᠣᠶᠣᠭᠠᠳ ᠡᠷᠭᠢᠭᠦᠯᠬᠦ ᠳ᠋ᠦ᠍ ᠳᠦᠷᠰᠦ ᠪᠣᠯᠤᠨ ᠣᠶᠣᠬᠤ ᠳᠡᠪᠢᠰᠬᠡᠷ ᠦ᠋ᠨ ᠥᠩᠭᠡ ᠵᠥᠪ ᠪᠣᠯᠵᠤ ᠤᠲᠠᠰᠤ ᠥᠩᠭᠡᠨ ᠲᠠᠯ᠎ᠠ ᠳ᠋ᠠᠭᠠᠨ ᠭᠣᠭᠴᠣᠭᠠᠷᠠᠨ ᠦᠯᠡᠳᠡᠨ᠎ᠡ᠃ ᠰᠢᠪᠡᠭᠦᠷ ᠣᠶᠣᠳᠠᠯ ᠢ᠋ ᠲᠣᠷᠭᠠᠨ ᠳᠠᠪᠤᠤ ᠨᠣᠣᠰᠣᠨ ᠤᠲᠠᠰᠤ ᠪᠠᠷ ᠣᠶᠣᠬᠤ ᠪᠥᠭᠡᠳ ᠤᠲᠠᠰᠤ ᠶ᠋ᠢ ᠬᠣᠯᠢᠵᠤ ᠳᠠᠪᠬᠤᠷᠯᠠᠨ ᠣᠶᠣᠵᠤ ᠪᠣᠯᠤᠨ᠎ᠠ᠃ ᠤᠲᠠᠰᠤ ᠪᠠᠨ ᠰᠦᠪᠡᠭᠴᠢᠯᠡᠬᠦ ᠳ᠋ᠡᠭᠡᠨ ᠵᠡᠭᠦᠦ ᠶ᠋ᠢᠨ ᠢ᠋ᠶ᠋ᠡᠨ ᠬᠣᠢᠲᠤ ᠲᠠᠯ᠎ᠠ ᠠ᠋ᠴᠠ ᠤᠷᠤᠭᠰᠢ ᠰᠦᠪᠡᠯᠡᠨ ᠭᠠᠷᠭᠠᠵᠤ ᠳᠠᠷᠠᠭ᠎ᠠ ᠨᠢ ᠦᠵᠦᠭᠦᠷ ᠦ᠋ᠨ ᠵᠢᠵᠢᠭ ᠰᠦᠪᠡᠭᠴᠢᠨ ᠳ᠋ᠡᠭᠡᠨ ᠣᠷᠣᠭᠤᠯᠤᠨ2—4cm ᠣᠷᠴᠢᠮ ᠦᠵᠦᠭᠦᠷ ᠭᠠᠷᠭᠠᠭᠠᠳ ᠣᠶᠣᠬᠤ ᠭᠣᠭᠴᠣᠭ᠎ᠠ ᠪᠠᠨ ᠵᠢᠭᠳᠡ ᠭᠠᠷᠭᠠᠬᠤ ᠶ᠋ᠢᠨ ᠲᠤᠯᠠᠳᠠ ᠵᠡᠭᠦᠦ ᠶ᠋ᠢᠨ ᠢ᠋ᠶ᠋ᠡᠨ ᠦᠵᠦᠭᠦᠷ ᠲᠦ᠍ ᠭᠣᠮ ᠲᠡᠭᠡᠭᠯᠡᠭᠦᠷ ᠬᠢᠨ᠎ᠡ᠃ ᠵᠢᠱ᠌ᠢᠶ᠎ᠡ ᠨᠢ᠂ ᠵᠡᠭᠦᠦ ᠶ᠋ᠢᠨ ᠦᠵᠦᠭᠦᠷ ᠡᠴᠡ1.6—1.8 cm ᠵᠠᠢᠲᠠᠢ ᠭᠣᠮ ᠲᠡᠭᠡᠭᠯᠡᠭᠦᠷ ᠲᠡᠢ ᠦᠶ᠎ᠡ ᠳ᠋ᠦ᠍ ᠭᠠᠷᠬᠤ ᠭᠣᠭᠴᠣᠭᠠᠨ ᠤ᠋ ᠤᠷᠲᠤ 3mm ᠪᠠᠢᠨ᠎ᠠ᠃ ᠤᠲᠠᠰᠤ ᠶ᠋ᠢ ᠵᠡᠭᠦᠦ ᠶ᠋ᠢᠨ ᠭᠣᠣᠯ ᠨᠦᠬᠡ ᠪᠡᠷ ᠴᠢᠯᠥᠭᠡᠲᠡᠢ ᠭᠦᠶᠦᠵᠦ ᠪᠠᠢᠬᠤ ᠪᠠᠷ ᠲᠣᠬᠢᠷᠠᠭᠤᠯᠬᠤ ᠪᠥᠭᠡᠳ ᠣᠶᠣᠬᠤ ᠦᠶ᠎ᠡ ᠳ᠋ᠡᠭᠡᠨ ᠵᠡᠭᠦᠦ ᠪᠡᠨ ᠲᠠᠰᠢᠭᠤ ᠬᠠᠵᠠᠭᠠᠢ ᠪᠠᠷᠢᠪᠠᠯ ᠤᠲᠠᠰᠤ ᠲᠠᠲᠠᠭᠳᠠᠵᠤ ᠴᠢᠯᠥᠭᠡᠲᠡᠢ ᠭᠦᠶᠦᠬᠦ ᠦᠭᠡᠢ ᠤᠴᠢᠷ ᠬᠠᠳᠬᠤᠬᠤ ᠵᠡᠭᠦᠦ ᠶ᠋ᠢ ᠡᠭᠴᠡ ᠪᠠᠷᠢᠵᠤ ᠰᠢᠪᠠᠨᠠ᠃ ᠰᠢᠪᠡᠬᠦ ᠦᠶ᠎ᠡ ᠳ᠋ᠡᠭᠡᠨ ᠵᠠᠢ ᠪᠠᠨ ᠮᠠᠰᠢ ᠣᠢᠷᠠᠬᠠᠨ ᠰᠢᠭᠢᠭᠦᠦ ᠬᠠᠳᠬᠤᠨ᠎ᠠ᠃
ᠵᠢᠷᠤᠭ15 ᠵᠠᠳᠠᠭᠠᠢ ᠰᠢᠭᠢᠭᠦᠦ ᠣᠶᠣᠳᠠᠯ

ᠰᠢᠭᠢᠭᠦᠦ ᠵᠠᠳᠠᠭᠠᠢ ᠬᠠᠳᠬᠤᠮᠠᠯ ᠡᠨᠡ ᠨᠢ ᠰᠡᠭᠦᠯ ᠦ᠋ᠨ ᠦᠶ᠎ᠡ ᠳ᠋ᠦ᠍ ᠭᠠᠷᠴᠤ ᠢᠷᠡᠭᠰᠡᠨ ᠪᠥᠭᠡᠳ ᠦᠷᠭᠦᠯᠵᠢᠯᠡᠭᠦᠯᠦᠨ ᠰᠢᠭᠢᠭᠦᠦ ᠣᠶᠣᠵᠤ ᠴᠡᠴᠡᠭ ᠨᠠᠪᠴᠢ᠂ ᠪᠤᠭᠤ ᠰᠤᠭᠤ᠂ ᠮᠠᠯ ᠠᠮᠢᠲᠠᠨ ᠣᠶᠣᠨ᠎ᠠ᠃ ᠡᠨᠡ ᠣᠶᠣᠳᠠᠯ ᠢ᠋ᠶ᠋ᠠᠷ ᠮᠠᠯ᠂ ᠠᠮᠢᠲᠠᠨ᠂ ᠰᠢᠪᠠᠭᠤ ᠣᠶᠣᠬᠤ ᠳ᠋ᠤ᠌ ᠠᠮᠢᠲᠠᠨ ᠤ᠋ ᠦᠰᠦᠨ ᠦ᠌ ᠰᠢᠷᠬᠡᠭ ᠦ᠋ᠨ ᠪᠠᠢᠷᠢᠯᠠᠯ ᠤ᠋ᠨ ᠳᠠᠭᠠᠤ ᠠᠷᠤ ᠲᠠᠯ᠎ᠠ ᠶ᠋ᠢ ᠵᠢᠵᠢᠭ᠂ ᠥᠩᠭᠡᠨ ᠲᠠᠯ᠎ᠠ ᠶ᠋ᠢ ᠳᠠᠮᠨᠠᠭᠤᠯᠵᠤ ᠣᠶᠣᠬᠤ ᠪᠥᠭᠡᠳ ᠨᠢᠭᠡ ᠳᠠᠮᠨᠠᠭᠤᠯᠤᠭᠰᠠᠨ ᠤᠲᠠᠰᠤᠨ ᠤ᠋ ᠬᠠᠵᠠᠭᠤ ᠤᠷᠤᠭᠤ ᠵᠡᠷᠭᠡᠴᠡᠭᠦᠯᠦᠨ ᠣᠶᠣᠨ᠎ᠠ᠃ ᠡᠨᠡ ᠬᠠᠳᠬᠤᠮᠠᠯ ᠢ᠋ᠶ᠋ᠠᠷ ᠠᠮᠢᠲᠠᠨ ᠤ᠋ ᠳᠦᠷᠰᠦ ᠣᠶᠣᠬᠤ ᠳ᠋ᠠᠭᠠᠨ ᠤᠲᠠᠰᠤ ᠶ᠋ᠢ ᠲᠡᠷᠡ ᠠᠮᠢᠲᠠᠨ ᠤ᠋ ᠥᠩᠭᠡᠨ ᠳ᠋ᠦ᠍ ᠲᠣᠬᠢᠷᠠᠭᠤᠯᠤᠨ ᠨᠢᠭᠡ ᠥᠩᠭᠡ ᠶ᠋ᠢᠨ ᠪᠤᠶᠤ ᠬᠡᠳᠦ ᠬᠡᠳᠦᠨ ᠥᠩᠭᠡ ᠶ᠋ᠢ ᠬᠣᠯᠪᠣᠵᠤ ᠣᠶᠣᠬᠤ ᠳ᠋ᠤ᠌ ᠵᠣᠬᠢᠷᠠᠮᠵᠢᠲᠠᠢ᠃ ᠵᠢᠱ᠌ᠢᠶ᠎ᠡ ᠨᠢ᠄ ᠠᠷᠭᠠᠯᠢ ᠤᠭᠠᠯᠵᠠ ᠣᠶᠣᠬᠤ ᠳ᠋ᠤ᠌ ᠭᠦᠨ ᠥᠩᠭᠡ ᠶ᠋ᠢ ᠪᠣᠷᠣ ᠪᠠᠷ ᠭᠣᠣᠯᠳᠠᠭᠤ᠂ ᠬᠥᠩᠭᠡᠨ ᠪᠡᠶ᠎ᠡ ᠳ᠋ᠦ᠍ ᠴᠠᠭᠠᠨ ᠢ᠋ ᠬᠣᠣᠰᠯᠠᠭᠤᠯᠤᠭᠰᠠᠨ ᠣᠶᠣᠭᠠᠰᠤ ᠪᠠᠷ᠂ ᠭᠥᠷᠦᠭᠡᠰᠦᠨ ᠦ᠌ ᠣᠮᠯᠤᠭᠤᠷ ᠢ᠋ ᠴᠠᠭᠠᠨ ᠰᠢᠷᠭᠠᠯ ᠤᠲᠠᠰᠤ ᠪᠠᠷ ᠣᠶᠣᠨ᠎ᠠ᠃ ᠬᠠᠷᠢᠨ ᠵᠡᠭᠡᠷ᠎ᠡ ᠣᠶᠣᠪᠠᠯ ᠪᠣᠷᠣ ᠰᠢᠷ᠎ᠠ ᠥᠩᠭᠡ ᠶ᠋ᠢ ᠴᠠᠭᠠᠨ ᠲᠠᠢ ᠬᠣᠯᠢᠵᠤ ᠣᠶᠣᠬᠤ ᠪᠠ ᠣᠮᠯᠤᠭᠤᠷ ᠢ᠋ ᠴᠠᠭᠠᠨ ᠰᠢᠷᠭᠠᠯ ᠤᠲᠠᠰᠤ ᠪᠠᠷ ᠠᠯᠤᠰ ᠠ᠋ᠴᠠ ᠬᠦᠨᠳᠦᠷᠡᠭᠦᠯᠵᠦ ᠣᠶᠣᠬᠤ ᠠ᠋ᠴᠠ ᠭᠠᠳᠠᠨ᠎ᠠ ᠰᠡᠭᠦᠳᠡᠷ ᠲᠡᠢ ᠬᠡᠰᠡᠭ ᠲᠦ᠋ᠨᠢ ᠵᠡᠭᠡᠷ᠎ᠡ ᠶ᠋ᠢᠨ ᠪᠡᠶ᠎ᠡ ᠬᠡᠰᠡᠭ ᠢ᠋ ᠣᠶᠣᠭᠰᠠᠨ ᠪᠤᠶᠤ ᠰᠢᠷᠭᠠᠯ ᠤᠲᠠᠰᠤ ᠪᠠᠨ ᠴᠠᠭᠠᠨ ᠲᠠᠢ ᠬᠣᠯᠢᠵᠤ ᠬᠥᠩᠭᠡᠨ ᠰᠡᠭᠦᠳᠡᠷ ᠬᠢᠵᠦ ᠥᠭᠭᠦᠨ᠎ᠡ᠃
ᠵᠡᠭᠡᠭᠲᠦ ᠨᠠᠭᠠᠮᠠᠯ ᠡᠨᠡ ᠨᠢ ᠤᠷᠠᠨ ᠦᠢᠯᠡ ᠶ᠋ᠢᠨ ᠨᠢᠭᠡᠨ ᠲᠥᠷᠥᠯ ᠪᠥᠭᠡᠳ ᠥᠩᠭᠡ ᠶ᠋ᠢᠨ ᠳᠠᠪᠤᠤ ᠲᠣᠷᠭ᠎ᠠ ᠪᠠᠷ ᠨᠠᠭᠠᠵᠤ ᠵᠡᠭᠡᠭᠯᠡᠨ ᠣᠶᠣᠳᠠᠭ᠃ ᠬᠢᠬᠦ ᠵᠦᠢᠯ ᠡᠴᠡ ᠪᠡᠨ ᠬᠠᠮᠢᠶᠠᠷᠴᠤ ᠲᠣᠮᠣ ᠵᠢᠵᠢᠭ ᠣᠯᠠᠨ ᠶᠠᠩᠵᠤ ᠪᠠᠢᠳᠠᠭ᠃ ᠵᠡᠭᠡᠭᠲᠦ ᠨᠡᠬᠡᠮᠡᠯ ᠢ᠋ ᠤᠷᠠᠯᠠᠬᠤ ᠳ᠋ᠠᠭᠠᠨ ᠡᠬᠢᠯᠡᠭᠡᠳ ᠳᠡᠪᠢᠰᠬᠡᠷ ᠥᠩᠭᠡ ᠪᠡᠨ ᠬᠡᠯᠡᠬᠦ ᠥᠩᠭᠡ ᠲᠡᠢ ᠪᠡᠨ ᠤᠷᠠᠨ ᠵᠢᠷᠤᠭ ᠤ᠋ᠨ ᠠᠷᠭ᠎ᠠ ᠪᠠᠷ ᠵᠣᠬᠢᠴᠠᠭᠤᠯᠤᠨ ᠠᠪᠴᠤ ᠳᠡᠪᠢᠰᠬᠡᠷ ᠮᠠᠲ᠋ᠧᠷᠢᠶᠠᠯ ᠤ᠋ᠨ ᠢ᠋ᠶ᠋ᠠᠨ ᠠᠷᠤ ᠳ᠋ᠤ᠌ ᠨᠢᠮᠭᠡᠨ ᠴᠠᠪᠤᠭ ᠪᠠᠷᠢᠵᠤ ᠵᠢᠭᠳᠡ ᠵᠣᠩᠬᠣᠳᠠᠨ ᠨᠠᠭᠠᠵᠤ ᠲᠡᠭᠦᠨ ᠢ᠋ ᠪᠡᠨ ᠴᠢᠭᠢᠭ ᠲᠡᠢ ᠪᠠᠢᠬᠤ ᠳ᠋ᠤᠨᠢ ᠢᠩᠳᠡᠦ ᠶ᠋ᠢᠨ ᠢ᠋ᠶ᠋ᠡᠨ ᠤᠯᠠ ᠶ᠋ᠢᠨ ᠳᠣᠣᠷ᠎ᠠ ᠴᠡᠪᠡᠷ ᠴᠠᠭᠠᠨ ᠳᠠᠪᠤᠤ ᠲᠠᠯᠪᠢᠵᠤ ᠢᠩᠳᠡᠦᠳᠡᠨᠡ᠃ ᠵᠢᠭᠳᠡ ᠳᠣᠯᠢᠢᠯᠭᠠᠨ ᠢᠩᠳᠡᠦᠳᠡᠭᠰᠡᠨ ᠦ᠌ ᠪᠡᠨ ᠳᠠᠷᠠᠭ᠎ᠠ ᠲᠡᠭᠰᠢ ᠭᠠᠳᠠᠷᠭᠤ ᠲᠠᠢ ᠮᠣᠳᠣᠨ ᠳᠡᠭᠡᠷ᠎ᠡ ᠲᠠᠯᠪᠢᠵᠤ ᠮᠥᠨ ᠲᠡᠭᠰᠢ ᠭᠠᠳᠠᠷᠭᠤ ᠲᠠᠢ ᠬᠦᠨᠳᠦ ᠶᠠᠭᠤᠮ᠎ᠠ ᠲᠠᠯᠪᠢᠵᠤ ᠬᠡᠪᠰᠢᠭᠦᠯᠦᠨ᠎ᠡ᠃ ᠡᠭᠦᠨ ᠦ᠌ ᠳᠠᠷᠠᠭ᠎ᠠ ᠨᠠᠭᠠᠬᠤ ᠪᠠᠷ ᠰᠣᠩᠭᠣᠭᠰᠠᠨ ᠵᠢᠷᠤᠭ ᠢ᠋ᠶ᠋ᠠᠨ ᠲᠠᠯᠪᠢᠵᠤ ᠲᠤᠰ ᠪᠦᠷᠢ ᠪᠡᠷ ᠪᠠᠭᠤᠯᠭᠠᠭᠠᠳ ᠲᠡᠭᠦᠨ ᠢ᠋ ᠪᠡᠨ ᠥᠩᠭᠡ ᠢᠯᠭᠠᠨ ᠲᠣᠳᠣᠷᠠᠭᠤᠯᠤᠨ᠎ᠠ᠃ ᠵᠡᠬᠡᠭ ᠦ᠋ᠨ ᠤᠲᠠᠰᠤ ᠡᠷᠴᠢᠲᠡᠢ ᠲᠣᠷᠭᠠᠨ ᠤᠲᠠᠰᠤ ᠪᠤᠶᠤ ᠲᠣᠷᠭᠠᠨ ᠤ᠋ ᠥᠭᠡᠳᠡᠰᠦ ᠰᠤᠪᠤᠵᠤ ᠡᠷᠴᠢᠯᠡᠭᠰᠡᠨ ᠤᠲᠠᠰᠤ ᠪᠠᠢᠨ᠎ᠠ᠃ ᠲᠠᠯᠪᠢᠵᠤ ᠪᠠᠢᠭ᠎ᠠ ᠵᠡᠭᠡᠭ ᠤᠭ ᠨᠠᠭᠠᠮᠠᠯ ᠤ᠋ᠨ ᠳᠦᠷᠰᠦ ᠵᠢᠷᠤᠭᠠᠰᠤ ᠲᠤᠯᠠ ᠲᠣᠳᠣ ᠢᠯᠭᠠᠭᠳᠠᠬᠤ ᠪᠠᠷ ᠪᠠᠢᠨ᠎ᠠ᠃ ᠥᠩᠭᠡ ᠶ᠋ᠢ ᠲᠣᠳᠣᠷᠠᠭᠤᠯᠬᠤ ᠳ᠋ᠠᠭᠠᠨ ᠪᠠᠷᠠᠭᠠᠨ ᠥᠩᠭᠡ ᠶ᠋ᠢᠨ ᠳᠠᠪᠤᠤ ᠶ᠋ᠢ ᠲᠡᠷᠡ ᠥᠩᠭᠡᠨ ᠦ᠌ ᠴᠠᠢᠪᠤᠷ ᠢ᠋ᠶ᠋ᠠᠷ᠂ ᠬᠠᠷ᠎ᠠ ᠰᠠᠷᠠᠯᠳᠠᠭᠤ ᠴᠠᠢᠪᠤᠷ ᠥᠩᠭᠡ ᠶ᠋ᠢ ᠮᠥᠨ ᠥᠩᠭᠡ ᠶ᠋ᠢᠨ ᠪᠠᠷᠠᠭᠠᠨ ᠤ᠋ ᠥᠩᠭᠡ ᠪᠡᠷ ᠵᠡᠭᠡᠭᠯᠡᠬᠦ ᠪᠠ ᠴᠠᠭᠠᠨ ᠥᠩᠭᠡ ᠶ᠋ᠢ ᠪᠦᠳᠡᠭᠢ ᠴᠡᠩᠬᠡᠷ᠂ ᠰᠠᠷᠠᠯ ᠥᠩᠭᠡ ᠪᠡᠷ ᠵᠡᠭᠡᠭᠯᠡᠨᠡ᠃ ᠤᠯᠠᠭᠠᠨ ᠢ᠋ ᠤᠯᠠᠭᠠᠨ ᠬᠦᠷᠡᠩ ᠢ᠋ᠶ᠋ᠡᠷ᠂ ᠬᠠᠷ᠎ᠠ ᠶ᠋ᠢ ᠬᠥᠬᠡ ᠥᠩᠭᠡ ᠪᠡᠷ ᠵᠡᠭᠡᠭᠯᠡᠬᠦ᠂ ᠵᠡᠭᠡᠭ ᠨᠢ ᠬᠢᠵᠦ ᠪᠠᠢᠭ᠎ᠠ ᠵᠦᠢᠯ ᠦ᠋ᠨ ᠥᠩᠭᠡ ᠵᠣᠬᠢᠴᠠᠭᠤᠯᠤᠯᠲᠠ ᠠ᠋ᠴᠠ ᠪᠣᠯᠵᠤ ᠡᠷᠴᠢᠯᠡᠵᠦ ᠪᠡᠯᠡᠳᠬᠡᠬᠦ ᠤᠲᠠᠰᠤ ᠪᠦᠳᠦᠭᠦᠨ ᠨᠠᠷᠢᠨ ᠶᠠᠩᠵᠤ ᠪᠦᠷᠢ ᠪᠠᠢᠨ᠎ᠠ᠃ ᠬᠥᠮᠦᠨ ᠦ᠌ ᠬᠥᠷᠥᠭ ᠢ᠋ ᠵᠡᠭᠡᠭᠲᠦ ᠨᠠᠭᠠᠮᠠᠯ ᠢ᠋ᠶ᠋ᠠᠷ ᠬᠢᠬᠦ ᠳ᠋ᠡᠭᠡᠨ ᠬᠤᠪᠴᠠᠰᠤ᠂ ᠭᠣᠶᠣᠯ᠂ ᠴᠢᠮᠡᠭᠯᠡᠯ ᠢ᠋ ᠵᠡᠭᠡᠭᠲᠦ ᠨᠠᠭᠠᠮᠠᠯ ᠢ᠋ᠶ᠋ᠠᠷ ᠬᠢᠵᠦ ᠨᠢᠭᠤᠷ ᠤ᠋ᠨ ᠰᠡᠭᠦᠳᠡᠷ᠂ ᠤᠷᠤᠭᠤᠯ᠂ ᠬᠥᠮᠥᠰᠬᠡ᠂ ᠬᠠᠮᠠᠷ ᠵᠡᠷᠭᠡ ᠨᠠᠷᠢᠨ ᠵᠢᠷᠤᠭ ᠣᠷᠣᠭᠤᠯᠬᠤ ᠬᠡᠰᠡᠭ ᠢ᠋ ᠬᠠᠳᠬᠤᠮᠠᠯ ᠢ᠋ᠶ᠋ᠠᠷ ᠬᠢᠵᠦ ᠥᠭᠭᠦᠨ᠎ᠡ᠃
ᠵᠡᠬᠡᠭ ᠳᠠᠷᠤᠭᠤᠯᠤᠨ ᠣᠶᠣᠬᠤ ᠵᠡᠭᠡᠭ ᠲᠡᠭᠡᠨ ᠲᠡᠪᠡᠨᠡ ᠰᠦᠪᠡᠯᠡᠭᠡᠳ ᠵᠡᠭᠡᠭ ᠦ᠋ᠨ ᠥᠩᠭᠡ ᠶ᠋ᠢᠨ ᠨᠠᠷᠢᠨ ᠤᠲᠠᠰᠤᠨ ᠳ᠋ᠤ᠌ ᠵᠡᠭᠦᠦ ᠰᠦᠪᠡᠯᠡᠵᠦ ᠪᠦᠳᠦᠭᠦᠨ ᠵᠡᠭᠡᠭ ᠢ᠋ᠶ᠋ᠡᠨ ᠣᠶᠣᠬᠤ ᠳᠦᠷᠰᠦ ᠶ᠋ᠢᠨ ᠢ᠋ᠶ᠋ᠡᠨ ᠡᠬᠢᠯᠡᠯ ᠭᠠᠵᠠᠷ ᠠ᠋ᠴᠠ ᠳᠡᠭᠡᠭᠰᠢ ᠭᠠᠷᠭᠠᠨ ᠳᠣᠣᠷᠠᠲᠤ ᠦᠵᠦᠭᠦᠷ ᠢ᠋ ᠨᠢ4—5 mmᠬᠢᠷᠢ ᠲᠡᠢ ᠬᠠᠢᠴᠢᠯᠠᠵᠤ ᠲᠠᠯ᠎ᠠ ᠲᠠᠯ᠎ᠠ ᠳᠠᠰᠢ ᠨᠢ ᠵᠠᠳᠠᠯᠤᠨ ᠨᠠᠭᠠᠨ᠎ᠠ᠃ ᠮᠠᠲ᠋ᠧᠷᠢᠶᠠᠯ ᠢ᠋ᠶ᠋ᠠᠨ ᠵᠡᠭᠦᠨ ᠭᠠᠷ ᠤ᠋ᠨ ᠢ᠋ᠶ᠋ᠠᠨ ᠳᠣᠯᠣᠪᠣᠷ᠂ ᠳᠤᠮᠳᠠ ᠬᠤᠷᠤᠭᠤᠨ ᠳᠡᠭᠡᠷ᠎ᠡ ᠳᠣᠬᠢᠵᠤ ᠡᠷᠡᠬᠡᠢ ᠬᠤᠷᠤᠭᠤ ᠪᠠᠷ ᠢ᠋ᠶ᠋ᠠᠨ ᠵᠡᠬᠡᠭ ᠦ᠋ᠨ ᠡᠷᠴᠢ ᠶ᠋ᠢ ᠴᠢᠩᠭᠠᠯᠠᠨ ᠵᠢᠷᠤᠭ ᠤ᠋ᠨ ᠳᠠᠭᠠᠤ ᠴᠢᠭᠯᠡᠭᠦᠯᠦᠨ ᠣᠶᠣᠬᠤ ᠳ᠋ᠠᠭᠠᠨ ᠵᠡᠬᠡᠭ ᠦ᠋ᠨ ᠢᠷᠣᠭᠠᠷ ᠢ᠋ᠶ᠋ᠠᠷ ᠭᠠᠷᠭᠠᠭᠠᠳ ᠵᠡᠬᠡᠭ ᠦ᠋ᠨ ᠳᠤᠮᠳᠠᠭᠤᠷ ᠴᠠᠰᠢ ᠨᠠᠰᠢ ᠨᠢ ᠳᠠᠭᠠᠭᠤᠯᠤᠨ ᠭᠠᠳᠠᠭᠰᠢ ᠳᠠᠷᠤᠭᠤᠯᠵᠤ ᠣᠶᠣᠨ᠎ᠠ᠃ ᠵᠡᠭᠡᠭ ᠢ᠋ ᠮᠠᠰᠢ ᠣᠢᠷᠠᠬᠠᠨ ᠨᠢᠮᠪᠠᠢ ᠬᠠᠳᠬᠤᠵᠤ ᠳᠠᠷᠤᠭᠤᠯᠬᠤ ᠦᠭᠡᠢ ᠪᠣᠯ ᠰᠤᠯᠠ᠂ ᠮᠤᠷᠤᠢ ᠪᠣᠯᠳᠠᠭ᠃ ᠵᠡᠭᠡᠭ ᠢ᠋ᠶ᠋ᠡᠨ ᠳᠠᠷᠤᠭᠤᠯᠵᠤ ᠣᠶᠣᠭᠰᠠᠨ ᠤ᠋ ᠳᠠᠷᠠᠭ᠎ᠠ ᠴᠡᠴᠡᠭ᠂ ᠨᠠᠪᠴᠢ᠂ ᠬᠠᠳᠠ᠂ ᠮᠣᠳᠣ ᠵᠡᠷᠭᠡ ᠶ᠋ᠢ ᠵᠡᠬᠡᠭ ᠦ᠋ᠨ ᠳᠣᠲᠣᠭᠤᠷ1-2mm ᠤᠨ ᠵᠠᠭᠠᠭ ᠲᠠᠢ ᠨᠠᠷᠢᠬᠠᠨ ᠠᠯᠲᠠ᠂ ᠮᠥᠩᠭᠥᠨ ᠰᠠ ᠶ᠋ᠢ ᠳᠠᠷᠤᠭᠤᠯᠤᠨ ᠣᠶᠣᠬᠤ ᠪᠠ ᠱᠢᠷᠦ ᠂ ᠰᠤᠪᠤᠳ᠂ ᠣᠯᠪᠤᠨ ᠢ᠋ᠶ᠋ᠠᠷ ᠴᠢᠮᠡᠭᠯᠡᠵᠦ ᠪᠣᠯᠤᠨ᠎ᠠ᠃ ᠪᠠᠢᠭᠠᠯᠢ ᠶ᠋ᠢᠨ ᠦᠵᠡᠰᠬᠦᠯᠡᠩᠲᠦ ᠴᠡᠴᠡᠭ ᠢ᠋ ᠵᠡᠭᠡᠭᠲᠦ ᠨᠠᠭᠠᠮᠠᠯ ᠢ᠋ᠶ᠋ᠠᠷ ᠤᠷᠠᠯᠠᠭᠰᠠᠨ ᠪᠣᠯ ᠨᠠᠪᠴᠢᠨ ᠤ᠋ ᠭᠣᠣᠯ᠂ ᠴᠡᠴᠡᠭ ᠦ᠋ᠨ ᠳᠡᠯᠪᠢ ᠶ᠋ᠢᠨ ᠰᠡᠭᠦᠳᠡᠷ᠂ ᠳᠣᠬᠢᠭᠤᠷ ᠵᠡᠷᠭᠡ ᠶ᠋ᠢ ᠬᠠᠳᠬᠤᠮᠠᠯ ᠢ᠋ᠶ᠋ᠠᠷ ᠬᠠᠳᠬᠤᠵᠤ ᠴᠢᠮᠡᠨ᠎ᠡ᠃ ᠵᠡᠭᠡᠭᠲᠦ ᠨᠠᠭᠠᠮᠠᠯ ᠢ᠋ ᠨᠠᠭᠠᠬᠤ ᠬᠠᠮᠤᠭ ᠤ᠋ᠨ ᠰᠠᠢᠨ ᠠᠷᠭ᠎ᠠ ᠨᠢ ᠬᠢᠬᠦ ᠨᠠᠭᠠᠮᠠᠯ ᠤ᠋ᠨ ᠡᠬᠡ ᠵᠢᠷᠤᠭ ᠢ᠋ ᠬᠣᠶᠠᠷ ᠬᠤᠪᠢ ᠵᠢᠷᠤᠭᠠᠳ ᠵᠢᠷᠤᠭ ᠨᠢᠭᠡᠪᠦᠷᠢᠴᠢᠯᠡᠨ ᠬᠠᠢᠴᠢᠯᠠᠵᠤ ᠨᠥᠭᠦᠭᠡ ᠬᠢᠬᠦ ᠵᠦᠢᠯ ᠦ᠋ᠨ ᠢ᠋ᠶ᠋ᠡᠨ ᠥᠩᠭᠡᠨ ᠦ᠌ ᠳᠠᠭᠠᠤ ᠢᠯᠭᠠᠨ ᠪᠣᠳᠣᠵᠤ ᠲᠡᠷᠡ ᠪᠣᠳᠣᠭ ᠲᠠᠢ ᠪᠠᠨ ᠢᠵᠢᠯ ᠪᠤᠶᠤ ᠣᠢᠷᠠᠯᠴᠠᠭ᠎ᠠ ᠥᠩᠭᠡᠨ ᠦ᠌ ᠲᠣᠷᠭ᠎ᠠ ᠪᠡᠯᠡᠳᠬᠡᠨ ᠴᠠᠷᠳᠠᠭᠠᠳ ᠤᠷᠢᠳᠴᠢᠯᠠᠨ ᠲᠣᠬᠢᠷᠠᠭᠤᠯᠤᠨ ᠨᠠᠭᠠᠭᠠᠳ ᠵᠠᠬ᠎ᠠ ᠶ᠋ᠢ ᠨᠤᠭᠤᠯᠬᠤ ᠵᠠᠢ ᠶ᠋ᠢ ᠪᠣᠳᠣᠨ ᠦᠯᠡᠳᠡᠭᠡᠵᠦ ᠲᠡᠭᠦᠨ ᠢ᠋ ᠪᠡᠨ ᠴᠠᠰᠢ ᠨᠢ ᠬᠠᠷᠠᠭᠤᠯᠤᠨ ᠨᠤᠭᠤᠯᠤᠨ ᠨᠠᠭᠠᠨ᠎ᠠ᠃ ᠬᠠᠷᠢᠨ ᠨᠢᠭᠡ ᠨᠢ ᠨᠥᠭᠦᠭᠡ ᠶ᠋ᠢᠨ ᠢ᠋ᠶ᠋ᠡᠨ ᠠᠷᠤ ᠪᠠᠷ ᠣᠷᠣᠵᠤ ᠲᠠᠭᠠᠷᠠᠬᠤ ᠪᠠᠷ ᠪᠣᠯ ᠠᠷᠤ ᠪᠠᠷ ᠨᠢ ᠣᠷᠣᠭᠰᠠᠨ ᠬᠡᠰᠡᠭ ᠦ᠋ᠨ ᠵᠠᠬ᠎ᠠ ᠶ᠋ᠢ ᠨᠠᠭᠠᠬᠤ ᠬᠡᠷᠡᠭ ᠦᠭᠡᠢ᠃ ᠣᠯᠠᠨ ᠲᠥᠷᠥᠯ ᠦ᠋ᠨ ᠬᠡᠰᠡᠭ ᠡᠴᠡ ᠪᠦᠷᠢᠳᠦᠭᠰᠡᠨ ᠨᠠᠭᠠᠮᠠᠯ ᠳ᠋ᠤ᠌ ᠠᠭᠤᠯᠵᠠᠬᠤ ᠪᠤᠶᠤ ᠵᠥᠷᠢᠬᠦ ᠬᠡᠰᠡᠭ ᠪᠦᠷᠢ ᠳ᠋ᠦ᠍ ᠲᠠᠨᠢᠬᠤ ᠲᠡᠮᠳᠡᠭ ᠲᠠᠯᠪᠢᠨ᠎ᠠ᠃ ᠲᠣᠷᠭ᠎ᠠ ᠪᠣᠯᠤᠨ ᠶᠡᠷᠦ ᠨᠢ ᠶᠠᠮᠠᠷ ᠴᠤ᠌ ᠪᠠᠷᠠᠭ᠎ᠠ ᠪᠠᠷ ᠵᠡᠭᠡᠭᠲᠦ ᠨᠠᠭᠠᠮᠠᠯ ᠬᠢᠬᠦ ᠳ᠋ᠦ᠍ ᠮᠠᠲ᠋ᠧᠷᠢᠶᠠᠯ ᠤ᠋ᠨ ᠰᠢᠷᠬᠡᠭ ᠢ᠋ ᠵᠠᠪᠠᠯ ᠨᠢᠭᠡ ᠴᠢᠭ ᠲᠦ᠍ ᠪᠣᠯᠭᠠᠨ᠎ᠠ᠃ ᠬᠡᠷᠪᠡ ᠰᠢᠷᠬᠡᠭ ᠨᠢ ᠪᠤᠷᠤᠭᠤ ᠵᠥᠷᠢᠭᠦᠦ ᠬᠠᠷᠠᠭᠰᠠᠨ ᠪᠣᠯ ᠵᠢᠩᠬᠢᠨᠢ ᠳᠦᠷᠰᠦ ᠶ᠋ᠢ ᠭᠠᠷᠭᠠᠵᠤ ᠪᠣᠯᠬᠤ ᠦᠭᠡᠢ᠃ ᠢᠩᠭᠢᠵᠦ ᠰᠢᠷᠬᠡᠭᠴᠢᠯᠡᠨ ᠨᠤᠭᠤᠯᠵᠤ ᠨᠠᠭᠠᠵᠤ ᠪᠡᠯᠡᠳᠬᠡᠭᠰᠡᠨ ᠵᠦᠢᠯ ᠢ᠋ᠶ᠋ᠡᠨ ᠪᠦᠲᠦᠨ ᠡᠬᠡ ᠵᠠᠭᠪᠤᠷ ᠳᠡᠭᠡᠷ᠎ᠡ ᠪᠡᠨ ᠵᠥᠷᠢᠶ᠎ᠡ ᠦᠭᠡᠢ ᠲᠣᠬᠢᠷᠠᠭᠤᠯᠤᠨ ᠲᠠᠯᠪᠢᠵᠤ ᠬᠣᠯᠪᠣᠨ ᠨᠠᠭᠠᠵᠤ ᠣᠶᠣᠭᠠᠳ ᠵᠢᠩᠬᠢᠨᠢ ᠳᠡᠪᠢᠰᠬᠡᠷ ᠳᠡᠭᠡᠷ᠎ᠡ ᠪᠡᠨ ᠢᠷᠮᠡᠭ ᠢ᠋ᠶ᠋ᠡᠷ ᠨᠢ ᠨᠠᠭᠠᠵᠤ᠂ ᠨᠠᠭᠠᠭᠰᠠᠨ ᠪᠦᠭᠦᠳᠡ ᠶ᠋ᠢᠨ ᠢ᠋ᠶ᠋ᠡᠨ ᠢᠷᠮᠡᠭ ᠢ᠋ ᠵᠡᠬᠡᠭ ᠦ᠋ᠨ ᠳᠣᠲᠣᠭᠤᠷ ᠵᠡᠭᠡᠭ ᠦ᠋ᠨ ᠥᠩᠭᠡᠨ ᠦ᠌ ᠤᠲᠠᠰᠤ ᠪᠠᠷ ᠳᠠᠷᠤᠭᠤᠯᠤᠨ᠎ᠠ᠃
ᠲᠡᠭᠦᠨᠴᠢᠯᠡᠨ ᠬᠠᠢᠴᠢᠯᠠᠭᠰᠠᠨ ᠵᠠᠭᠪᠤᠷ ᠢ᠋ᠶ᠋ᠠᠨ ᠦᠯᠢᠭᠡᠷ ᠪᠣᠯᠭᠠᠨ ᠲᠣᠷᠭᠠᠨ ᠤ᠋ ᠠᠷᠤ ᠳ᠋ᠤ᠌ ᠠᠪᠬᠤ ᠦᠭᠡᠢ ᠪᠡᠷ ᠨᠤᠭᠤᠯᠳᠠᠭ ᠨᠠᠭᠠᠮᠠᠯ ᠪᠠᠢᠳᠠᠭ ᠪᠥᠭᠡᠳ ᠡᠭᠦᠨ ᠢ᠋ ᠴᠠᠭᠠᠰᠤᠲᠠᠢ ᠨᠠᠭᠠᠮᠠᠯ ᠭᠡᠵᠦ ᠨᠡᠷᠡᠯᠡᠳᠡᠭ᠃ ᠡᠨᠡ ᠪᠣᠯ ᠨᠠᠭᠠᠬᠤ ᠳ᠋ᠤ᠌ ᠬᠤᠷᠳᠤᠨ᠂ ᠣᠶᠣᠬᠤ ᠳ᠋ᠤ᠌ ᠪᠡᠶ᠎ᠡ ᠲᠡᠢ ᠰᠠᠢᠨ ᠪᠠᠢᠳᠠᠭ᠃
ᠮᠥᠨ ᠬᠠᠢᠴᠢᠯᠠᠭᠰᠠᠨ ᠵᠠᠭᠪᠤᠷ ᠢ᠋ᠶ᠋ᠠᠨ ᠨᠠᠭᠠᠮᠠᠯ ᠦᠭᠡᠢ ᠵᠥᠪᠬᠡᠨ ᠳᠡᠪᠢᠰᠬᠡᠷ ᠲᠣᠷᠭᠠᠨ ᠤ᠋ ᠪᠠᠨ ᠨᠢᠭᠤᠷ ᠲᠤ᠌ ᠰᠢᠳᠡᠬᠦ ᠪᠤᠶᠤ ᠢᠷᠮᠡᠭ ᠢ᠋ᠶ᠋ᠡᠷ ᠨᠢ ᠲᠦᠷ ᠨᠠᠭᠠᠵᠤ ᠲᠣᠭᠲᠠᠭᠠᠨ ᠳᠡᠭᠡᠷᠡᠬᠢ ᠶ᠋ᠢᠨ ᠠᠳᠠᠯᠢ ᠨᠤᠭᠤᠯᠵᠤ ᠨᠠᠭᠠᠬᠤ ᠵᠠᠢ ᠦᠯᠡᠳᠡᠭᠡᠭᠡᠳ ᠬᠠᠢᠴᠢᠯᠠᠨᠠ᠃ ᠳᠠᠷᠠᠭ᠎ᠠ ᠨᠢ ᠵᠠᠭᠪᠤᠷ ᠲᠠᠢ ᠪᠠᠨ ᠵᠡᠷᠭᠡᠴᠡᠭᠦᠯᠦᠨ ᠠᠷᠤ ᠲᠠᠰᠢ ᠨᠢ ᠨᠤᠭᠤᠯᠵᠤ ᠨᠠᠭᠠᠭᠠᠳ ᠵᠡᠬᠡᠭ ᠢ᠋ᠶ᠋ᠡᠨ ᠪᠠᠷᠢᠵᠤ ᠣᠶᠣᠭᠠᠳ ᠴᠠᠰᠢ ᠨᠢᠭᠡᠳᠬᠡᠨ ᠳᠡᠭᠡᠷᠡᠬᠢ ᠠᠳᠠᠯᠢ ᠪᠠᠷ ᠣᠶᠣᠳᠠᠭ᠃ ᠵᠡᠭᠡᠭᠲᠦ ᠨᠠᠭᠠᠮᠠᠯ ᠢ᠋ ᠣᠶᠣᠬᠤ ᠳ᠋ᠤ᠌ ᠬᠥᠮᠦᠨ ᠬᠥᠮᠦᠨ ᠦ᠌ ᠥᠪᠡᠷᠰᠡᠳ ᠦ᠋ᠨ ᠤᠷᠠᠨ ᠪᠦᠲᠦᠭᠡᠬᠦ ᠠᠷᠭ᠎ᠠ ᠥᠭᠡᠷ᠎ᠡ ᠥᠭᠡᠷ᠎ᠡ ᠤᠴᠢᠷ ᠶᠠᠭ ᠡᠨᠡ ᠵᠠᠭᠪᠤᠷ ᠢ᠋ᠶ᠋ᠠᠷ ᠬᠢᠬᠦ ᠭᠡᠰᠡᠨ ᠬᠡᠷᠡᠭ ᠪᠢᠰᠢ᠂ ᠵᠥᠪᠬᠡᠨ ᠵᠡᠭᠡᠭᠲᠦ ᠨᠠᠭᠠᠮᠠᠯ ᠡᠬᠢᠯᠡᠵᠦ ᠣᠶᠣᠵᠤ ᠪᠠᠢᠭ᠎ᠠ ᠥᠬᠢᠳ ᠲᠦ᠍ ᠬᠡᠷᠡᠭ ᠪᠣᠯᠭᠠᠬᠤ ᠵᠣᠷᠢᠯᠭ᠎ᠠ ᠪᠠᠷ ᠪᠢᠴᠢᠯ᠎ᠡ᠃ ᠵᠡᠭᠡᠭᠲᠦ ᠨᠠᠭᠠᠮᠠᠯ ᠢ᠋ ᠬᠢᠬᠦ ᠳ᠋ᠡᠭᠡᠨ ᠵᠠᠬ᠎ᠠ᠂ ᠲᠣᠷᠭᠠᠨ ᠤ᠋ ᠬᠠᠷᠢᠴᠠᠭ᠎ᠠ ᠶ᠋ᠢ ᠨᠠᠷᠢᠨ ᠪᠣᠳᠣᠬᠤ ᠪᠥᠭᠡᠳ ᠡᠪᠬᠡᠬᠦ᠂ ᠲᠡᠨᠢᠢᠯᠭᠡᠬᠦ ᠳ᠋ᠦ᠍ ᠵᠣᠷᠢᠭᠤᠯᠵᠤ ᠳᠡᠭᠡᠷ᠎ᠡ ᠳᠣᠣᠷ᠎ᠠ ᠨᠢ ᠨᠤᠭᠤᠯᠤᠨ ᠣᠶᠣᠵᠤ ᠦ᠋ ᠦᠭᠡᠢ ᠴᠡᠪᠡᠷ ᠮᠣᠳᠣ ᠰᠢᠷᠭᠤᠭᠤᠯᠤᠨᠠ᠃
ᠲᠣᠷᠭ᠎ᠠ ᠪᠦᠷᠢ ᠪᠡᠷ ᠬᠠᠳᠬᠤᠮᠠᠯ ᠬᠢᠬᠦ ᠳ᠋ᠦ᠍ ᠨᠢᠮᠪᠠᠢ ᠠᠵᠢᠯᠯᠠᠭ᠎ᠠ᠂ ᠥᠩᠭᠡ ᠵᠣᠬᠢᠴᠠᠯ᠂ ᠤᠷ᠎ᠠ ᠴᠢᠳᠠᠪᠤᠷᠢ ᠶ᠋ᠢ ᠱᠠᠭᠠᠷᠳᠠᠳᠠᠭ᠃ ᠬᠠᠳᠬᠤᠮᠠᠯ ᠢ᠋ ᠬᠢᠬᠦ ᠶ᠋ᠢᠨ ᠡᠮᠦᠨ᠎ᠡ ᠤᠷᠠᠯᠠᠬᠤ ᠦᠢᠯᠡ ᠪᠡᠨ ᠶᠠᠮᠠᠷ ᠶᠠᠩᠵᠤ ᠪᠠᠷ ᠬᠢᠬᠦ᠂ ᠲᠡᠭᠦᠨ ᠦ᠌ ᠥᠩᠭᠡ ᠶ᠋ᠢ ᠵᠣᠬᠢᠴᠠᠭᠤᠯᠬᠤ ᠲᠠᠯ᠎ᠠ ᠪᠠᠷ ᠠᠵᠢᠭᠯᠠᠯᠲᠠ ᠬᠢᠵᠦ ᠵᠢᠷᠤᠭᠠᠴᠢᠳ ᠤᠷᠠᠨ ᠬᠠᠳᠬᠤᠮᠠᠯᠴᠢᠳ ᠤ᠋ᠨ ᠬᠢᠭᠰᠡᠨ ᠪᠦᠲᠦᠭᠡᠯ ᠦ᠋ᠨ ᠥᠩᠭᠡ ᠵᠣᠬᠢᠴᠠᠯ ᠢ᠋ ᠰᠠᠢᠲᠤᠷ ᠰᠤᠳᠤᠯᠤᠭᠰᠠᠨ ᠤ᠋ ᠦᠨᠳᠦᠰᠦᠨ ᠳᠡᠭᠡᠷ᠎ᠡ ᠬᠢᠬᠦ ᠵᠦᠢᠯ ᠢ᠋ᠶ᠋ᠡᠨ ᠰᠣᠩᠭᠣᠵᠤ ᠤᠷᠠᠯᠠᠨ᠎ᠠ᠃ ᠬᠠᠳᠬᠤᠮᠠᠯ ᠤ᠋ᠨ ᠳᠣᠲᠣᠷ᠎ᠠ ᠠ᠋ᠴᠠ ᠬᠥᠮᠦᠨ ᠦ᠌ ᠬᠥᠷᠥᠭ ᠢ᠋ ᠡᠵᠡᠨ ᠲᠡᠢ ᠨᠢ ᠠᠳᠠᠯᠢᠬᠠᠨ ᠪᠣᠯᠭᠠᠵᠤ ᠣᠶᠣᠬᠤ ᠬᠡᠴᠡᠭᠦᠦ ᠤᠷᠠᠯᠢᠭ ᠶᠤᠮ᠃ ᠡᠢᠮᠦ ᠳ᠋ᠦ᠍ ᠶᠠᠭᠤᠨ ᠤ᠋ ᠡᠮᠦᠨ᠎ᠡ ᠴᠣᠬᠣᠮ ᠠᠯᠢ ᠲᠠᠯ᠎ᠠ ᠠ᠋ᠴᠠ ᠨᠢ ᠣᠶᠣᠬᠤ᠂ ᠶᠠᠮᠠᠷ ᠬᠠᠳᠬᠤᠮᠠᠯ ᠢ᠋ᠶ᠋ᠠᠷ ᠬᠢᠬᠦ ᠪᠡᠨ ᠰᠠᠢᠨ ᠪᠣᠳᠣᠨ᠎ᠠ᠃ ᠳᠠᠷᠠᠭ᠎ᠠ ᠨᠢ ᠬᠥᠮᠦᠨ ᠢ᠋ᠶ᠋ᠡᠨ ᠵᠢᠷᠤᠵᠤ ᠣᠨᠴᠠᠯᠢᠭ ᠪᠠᠢᠳᠠᠯ ᠳ᠋ᠤ᠌ ᠪᠠᠰᠠ ᠳᠠᠬᠢᠨ ᠠᠵᠢᠭᠯᠠᠯᠲᠠ ᠬᠢᠨ᠎ᠡ᠃
ᠲᠤᠬᠠᠢᠯᠠᠵᠤ ᠬᠥᠮᠦᠨ ᠦ᠌ ᠬᠥᠷᠥᠭ ᠢ᠋ ᠣᠶᠣᠬᠤ ᠦᠭᠡᠢ ᠪᠣᠯ ᠬᠥᠮᠦᠨ ᠦ᠌ ᠳᠦᠷᠰᠦ ᠶ᠋ᠢ ᠭᠠᠷᠭᠠᠬᠤ ᠲᠡᠢᠮᠦ ᠴᠦ᠍ ᠬᠡᠴᠡᠭᠦᠦ ᠪᠢᠰᠢ ᠪᠥᠭᠡᠳ ᠬᠠᠳᠬᠤᠮᠠᠯ ᠤ᠋ᠨ ᠶᠠᠩᠵᠤ ᠪᠦᠷᠢ ᠶ᠋ᠢᠨ ᠠᠷᠭ᠎ᠠ ᠪᠠᠷ ᠪᠦᠲᠦᠭᠡᠵᠦ ᠪᠣᠯᠤᠨ᠎ᠠ᠃ ᠬᠥᠮᠦᠨ ᠦ᠌ ᠬᠥᠷᠥᠭ ᠢ᠋ ᠣᠶᠣᠬᠤ ᠳ᠋ᠤ᠌ ᠶᠠᠭᠤᠨ ᠤ᠋ ᠡᠮᠦᠨ᠎ᠡ ᠣᠶᠣᠬᠤ ᠬᠥᠷᠥᠭ ᠦ᠋ᠨ ᠶᠡᠬᠡ ᠪᠠᠭ᠎ᠠ ᠠ᠋ᠴᠠ ᠬᠠᠮᠢᠶᠠᠷᠤᠭᠤᠯᠵᠤ ᠮᠣᠳᠣᠨ ᠵᠠᠮ ᠬᠢᠵᠦ ᠲᠡᠭᠦᠨ ᠳ᠋ᠡᠭᠡᠨ ᠳᠡᠪᠢᠰᠬᠡᠷ ᠲᠣᠷᠭᠠᠨ ᠤ᠋ ᠪᠠᠨ ᠥᠩᠭᠡ ᠶ᠋ᠢ ᠲᠣᠬᠢᠷᠠᠭᠤᠯᠤᠨ ᠲᠡᠭᠰᠢ ᠪᠡᠬᠢᠯᠡᠭᠡᠳ ᠣᠶᠣᠬᠤ ᠪᠠᠷ ᠪᠡᠯᠡᠳᠬᠡᠭᠳᠡᠭᠰᠡᠨ ᠳᠦᠷᠰᠦ ᠪᠡᠨ ᠪᠠᠭᠤᠯᠭᠠᠨ᠎ᠠ᠃ ᠬᠥᠮᠦᠨ ᠦ᠌ ᠳᠦᠷᠰᠦ ᠬᠠᠳᠬᠤᠬᠤ ᠬᠠᠳᠬᠤᠮᠠᠯ ᠤ᠋ᠨ ᠤᠲᠠᠰᠤ ᠪᠠᠰᠠ ᠵᠠᠳᠠᠭᠠᠢ ᠪᠥᠭᠡᠳ ᠪᠦᠳᠦᠭᠦᠨ ᠨᠠᠷᠢᠨ ᠶᠠᠩᠵᠤ ᠪᠦᠷᠢ ᠪᠠᠢᠨ᠎ᠠ᠃ ᠪᠦᠳᠦᠭᠦᠨ ᠤᠲᠠᠰᠤ ᠪᠠᠷ ᠬᠦᠨᠳᠦᠷᠡᠭᠦᠯᠬᠦ ᠬᠡᠰᠡᠭ ᠢ᠋᠂ ᠨᠠᠷᠢᠨ ᠤᠲᠠᠰᠤ ᠪᠠᠷ ᠬᠥᠩᠭᠡᠷᠡᠭᠦᠯᠬᠦ ᠬᠡᠰᠡᠭ ᠢ᠋ ᠣᠶᠣᠨ᠎ᠠ᠃ ᠢᠩᠭᠢᠵᠦ ᠣᠶᠣᠬᠤ ᠳ᠋ᠤ᠌ ᠣᠶᠣᠳᠠᠯ ᠤ᠋ᠨ ᠠᠷᠭ᠎ᠠ ᠶᠠᠩᠵᠤ ᠪᠦᠷᠢ ᠪᠠᠢᠨ᠎ᠠ᠃ ᠬᠥᠮᠦᠨ ᠦ᠌ ᠬᠥᠷᠥᠭ ᠢ᠋ ᠣᠶᠣᠬᠤ ᠳ᠋ᠤ᠌ ᠴᠠᠢᠪᠤᠷᠳᠠᠭᠤ ᠥᠩᠭᠡ ᠲᠡᠢ᠂ ᠬᠡ ᠥᠬᠡᠢ ᠳᠠᠪᠤᠤ ᠶ᠋ᠢ ᠰᠣᠩᠭᠣᠵᠤ ᠠᠪᠤᠨ᠎ᠠ᠃
ᠬᠥᠷᠥᠭ ᠢ᠋ ᠵᠢᠰᠢᠭᠦᠦ ᠰᠢᠷᠬᠡᠭ ᠲᠡᠢ ᠣᠶᠣᠵᠤ ᠭᠡᠷᠡᠯᠲᠡᠢ ᠲᠠᠯ᠎ᠠ ᠶ᠋ᠢ ᠨᠢ ᠶᠠᠭᠠᠨ᠂ ᠪᠣᠷᠣ ᠰᠢᠷ᠎ᠠ᠂ ᠴᠠᠭᠠᠨ ᠥᠩᠭᠡ ᠨᠦ᠍ᠭᠦᠳ ᠢ᠋ ᠲᠠᠩᠨᠠᠬᠤ ᠪᠤᠶᠤ ᠬᠣᠯᠢᠵᠤ ᠣᠶᠣᠭᠠᠳ ᠰᠡᠭᠦᠳᠡᠷ ᠲᠡᠢ ᠲᠠᠯ᠎ᠠ ᠶ᠋ᠢ ᠨᠢ ᠪᠣᠷᠣ ᠬᠦᠷᠡᠩ᠂ ᠪᠣᠷᠣ ᠥᠩᠭᠡ ᠪᠡᠷ᠂ ᠬᠦᠷᠡᠩ ᠶᠠᠭᠠᠨ᠂ ᠬᠠᠷ᠎ᠠ ᠨᠣᠭᠣᠭᠠᠨ᠂ ᠤᠯᠠᠭᠠᠨ ᠬᠦᠷᠡᠩ ᠥᠩᠭᠡ ᠶ᠋ᠢ ᠬᠣᠯᠢᠵᠤ ᠣᠶᠣᠨ᠎ᠠ᠃ ᠤᠷᠤᠭᠤᠯ ᠢ᠋ ᠮᠥᠨ ᠵᠢᠰᠢᠭᠦᠦ ᠬᠠᠳᠬᠤᠵᠤ ᠤᠯᠠᠭᠠᠨ᠂ ᠤᠯᠠᠭᠠᠨ ᠬᠦᠷᠡᠩ᠂ ᠪᠣᠷᠣ ᠥᠩᠭᠡ ᠪᠡᠷ ᠣᠶᠣᠨ᠎ᠠ᠃ ᠦᠰᠦ ᠶ᠋ᠢ ᠬᠠᠷ᠎ᠠ ᠪᠠᠷ ᠳᠡᠪᠢᠰᠬᠡᠷᠯᠡᠨ ᠣᠶᠣᠬᠤ ᠪᠣᠯᠪᠠᠴᠤ ᠬᠥᠩᠭᠡᠨ ᠥᠩᠭᠡᠨ ᠳ᠋ᠦ᠍ ᠪᠤᠶᠤ ᠳᠣᠪᠣᠭᠣᠷ ᠬᠡᠰᠡᠭ ᠢ᠋ ᠬᠠᠷ᠎ᠠ ᠰᠠᠷᠠᠯ ᠪᠤᠶᠤ ᠬᠦᠷᠡᠩ ᠤᠲᠠᠰᠤ ᠪᠠᠷ ᠣᠶᠣᠵᠤ ᠦᠰᠦᠨ ᠦ᠌ ᠬᠡᠯᠪᠡᠷᠢ ᠶ᠋ᠢ ᠭᠠᠷᠭᠠᠨ᠎ᠠ᠃ ᠬᠥᠮᠦᠨ ᠦ᠌ ᠨᠢᠭᠤᠷ ᠤ᠋ᠨ ᠳᠦᠷᠰᠦ ᠬᠠᠮᠠᠷ᠂ ᠨᠢᠳᠦ᠂ ᠴᠢᠬᠢ ᠶ᠋ᠢ ᠣᠶᠣᠬᠤ ᠳ᠋ᠤ᠌ ᠥᠭᠡᠷ᠎ᠡ ᠳᠠᠪᠤᠤ ᠶ᠋ᠢᠨ ᠳᠡᠭᠡᠷ᠎ᠡ ᠲᠤᠷᠰᠢᠯᠭ᠎ᠠ ᠮᠠᠶᠢᠭ ᠢ᠋ᠶ᠋ᠠᠷ ᠣᠶᠣᠵᠤ ᠠᠯᠳᠠᠭ᠎ᠠ ᠪᠠᠨ ᠵᠠᠰᠠᠵᠤ ᠪᠣᠯᠤᠨ᠎ᠠ᠃
ᠴᠢᠭᠲᠠᠨ ᠣᠶᠣᠳᠠᠯ ᠢ᠋ᠶ᠋ᠠᠷ ᠬᠥᠮᠦᠨ ᠦ᠌ ᠬᠥᠷᠥᠭ ᠣᠶᠣᠬᠤ᠂ ᠡᠨᠡ ᠠᠷᠭ᠎ᠠ ᠳ᠋ᠤ᠌ ᠮᠠᠨ ᠤ᠋ ᠤᠷᠠᠯᠢᠭ ᠤ᠋ᠨ ᠭᠠᠪᠢᠶᠠᠲᠤ ᠵᠢᠳᠬᠦᠯᠲᠡᠨ ᠦ᠌· ᠴᠠᠷᠮ᠎ᠠ ᠨᠠᠷᠢᠨ ᠳᠠᠳᠤᠯᠭᠠᠵᠢᠭᠰᠠᠨ ᠪᠥᠭᠡᠳ ᠬᠥᠷᠥᠭ ᠣᠶᠣᠬᠤ ᠳᠡᠪᠢᠰᠬᠡᠷ ᠢ᠋ᠶ᠋ᠡᠨ ᠷᠠᠮ ᠳ᠋ᠤ᠌ ᠲᠡᠯᠡᠵᠦ ᠳᠦᠷᠰᠦ ᠪᠡᠨ ᠪᠠᠭᠤᠯᠭᠠᠭᠠᠳ ᠡᠬᠢᠯᠡᠭᠡᠳ ᠪᠦᠳᠡᠭᠢ ᠵᠠᠭᠪᠤᠷ ᠤ᠋ᠨ ᠥᠩᠭᠡ ᠪᠣᠯᠬᠤ ᠰᠢᠷ᠎ᠠ᠂ ᠪᠣᠷᠣ᠂ ᠪᠦᠳᠡᠭᠢ ᠬᠦᠷᠡᠩ ᠭᠡᠬᠦ ᠮᠡᠲᠦ ᠨᠢᠭᠡ ᠲᠥᠷᠥᠯ ᠦ᠋ᠨ ᠥᠩᠭᠡ ᠨᠦ᠍ᠭᠦᠳ ᠢ᠋ ᠬᠣᠯᠢᠵᠤ ᠣᠶᠣᠨ᠎ᠠ᠃ ᠲᠣᠷᠭᠠᠨ ᠤᠲᠠᠰᠤ ᠪᠠᠷ ᠴᠢᠭᠲᠠᠯᠠᠵᠤ ᠣᠶᠣᠬᠤ ᠳ᠋ᠤ᠌ ᠥᠩᠭᠡ ᠨᠢ ᠭᠢᠯᠠᠯᠵᠠᠵᠤ ᠵᠥᠷᠢᠳᠡᠭ ᠦᠭᠡᠢ᠃ ᠳᠦᠷᠰᠦ ᠪᠡᠨ ᠬᠠᠮᠢᠭ᠎ᠠ ᠠ᠋ᠴᠠ ᠴᠤ᠌ ᠬᠠᠮᠢᠶ᠎ᠠ ᠦᠭᠡᠢ᠂ ᠳᠤᠬᠤ᠂ ᠬᠠᠴᠠᠷ᠂ ᠡᠷᠡᠦ᠂ ᠴᠢᠬᠢ ᠵᠡᠷᠭᠡ ᠭᠠᠵᠠᠷ ᠤ᠋ᠳ ᠠ᠋ᠴᠠ ᠡᠬᠢᠯᠡᠨ ᠣᠶᠣᠬᠤ ᠳ᠋ᠤ᠌ ᠬᠡᠯᠪᠡᠷᠢ ᠠᠯᠳᠠᠳᠠᠭ ᠦᠭᠡᠢ᠃ ᠬᠠᠷᠢᠨ ᠨᠢᠭᠡ ᠲᠠᠯ᠎ᠠ ᠠ᠋ᠴᠠ ᠨᠢ ᠬᠥᠭᠡᠭᠡᠪᠡᠯ ᠳᠦᠷᠰᠦ ᠭᠠᠵᠢᠵᠤ ᠬᠡᠯᠪᠡᠷᠢ ᠠᠯᠳᠠᠳᠠᠭ᠃ ᠳᠡᠪᠢᠰᠬᠡᠷᠯᠡᠨ ᠣᠶᠣᠭᠰᠠᠨ ᠤ᠋ ᠵᠠᠬ᠎ᠠ ᠪᠠᠷ ᠬᠣᠶᠠᠳᠤᠭᠠᠷ ᠣᠶᠣᠳᠠᠯ ᠢ᠋ᠶ᠋ᠠᠨ ᠦᠵᠦᠭᠦᠷ ᠢ᠋ ᠳᠠᠷᠤᠵᠤ ᠳᠠᠩᠨᠠᠭᠠᠰᠤᠯᠠᠨ ᠠᠭᠤᠰᠬᠠᠵᠤ ᠣᠶᠣᠨ᠎ᠠ᠃ ᠡᠨᠡ ᠣᠶᠣᠳᠠᠯ ᠳ᠋ᠤ᠌ ᠵᠠᠪᠠᠯ ᠥᠩᠭᠡ ᠵᠣᠬᠢᠴᠠᠭᠤᠯᠵᠤ ᠬᠡᠳᠦ ᠬᠡᠳᠦᠨ ᠶᠠᠩᠵᠤ ᠶ᠋ᠢᠨ ᠤᠲᠠᠰᠤ ᠪᠠᠷ ᠣᠶᠣᠨ᠎ᠠ᠃ ᠰᠡᠭᠦᠳᠡᠷ ᠲᠡᠢ ᠲᠠᠯ᠎ᠠ ᠶ᠋ᠢ ᠬᠦᠨᠳᠦᠷᠡᠭᠦᠯᠬᠦ ᠥᠩᠭᠡ ᠪᠡᠷ ᠠᠯᠤᠰ ᠠ᠋ᠴᠠ ᠡᠭᠦᠰᠬᠡᠬᠦ ᠮᠠᠶᠢᠭ ᠢ᠋ᠶ᠋ᠠᠷ ᠣᠶᠣᠨ᠎ᠠ᠃ ᠨᠢᠳᠦᠨ ᠦ᠌ ᠬᠢᠨᠢ ᠬᠡᠦᠬᠡᠨ ᠬᠠᠷᠠᠭ᠎ᠠ ᠶ᠋ᠢ ᠳᠤᠭᠤᠢᠯᠠᠵᠤ ᠬᠠᠷ᠎ᠠ ᠪᠠᠷ ᠣᠶᠣᠭᠠᠳ ᠭᠠᠳᠠᠨ᠎ᠠ ᠲᠠᠯ᠎ᠠ ᠶ᠋ᠢ ᠬᠦᠷᠡᠩᠳᠡᠭᠦᠦ ᠤᠲᠠᠰᠤ ᠪᠠᠷ ᠲᠠᠯ᠎ᠠ ᠲᠠᠯ᠎ᠠ ᠲᠡᠰᠢ ᠨᠢ ᠰᠠᠴᠤᠷᠠᠭ ᠮᠠᠶᠢᠭ ᠢ᠋ᠶ᠋ᠠᠷ ᠣᠶᠣᠨ᠎ᠠ᠃ ᠬᠡᠦᠬᠡᠨ ᠬᠠᠷᠠᠭᠠᠨ ᠤ᠋ ᠭᠣᠣᠯ ᠳ᠋ᠤ᠌ ᠡᠭᠴᠡ ᠬᠠᠷᠠᠵᠤ ᠪᠠᠢᠭ᠎ᠠ ᠬᠥᠷᠥᠭ ᠪᠣᠯ ᠠᠳᠠᠯᠢ ᠴᠠᠭᠠᠨ ᠴᠢᠭ ᠦᠯᠡᠳᠡᠭᠡᠬᠦ ᠪᠠ ᠬᠠᠵᠠᠭᠤ ᠵᠢᠰᠢᠭᠦᠦ ᠬᠠᠷᠠᠵᠤ ᠪᠠᠢᠭ᠎ᠠ ᠬᠥᠷᠥᠭ ᠲᠦ᠍ ᠪᠣᠯ ᠬᠠᠷᠠᠭᠰᠠᠨ ᠵᠦᠭ ᠤᠷᠤᠭᠤ ᠨᠢ ᠴᠢᠭᠯᠡᠭᠦᠯᠦᠨ ᠨᠢᠳᠦᠨ ᠦ᠌ ᠬᠠᠷ᠎ᠠ ᠶ᠋ᠢᠨ ᠪᠤᠯᠤᠩ ᠳ᠋ᠤ᠌ ᠴᠠᠭᠠᠨ ᠴᠢᠭ ᠦᠯᠡᠳᠡᠭᠡᠨ᠎ᠡ᠃ ᠤᠷᠤᠭᠤᠯ ᠢ᠋ ᠨᠢᠭᠤᠷ ᠤ᠋ᠨ ᠥᠩᠭᠡᠨ ᠡᠴᠡ ᠠᠷᠠᠢ ᠬᠦᠨᠳᠦᠷᠡᠭᠦᠯᠵᠦ ᠣᠶᠣᠨ᠎ᠠ᠂
ᠬᠥᠮᠦᠨ ᠦ᠌ ᠨᠢᠭᠤᠷ᠂ ᠬᠦᠵᠦᠭᠦᠦ᠂ ᠲᠣᠯᠣᠭᠠᠢ ᠶ᠋ᠢ ᠣᠶᠣᠭᠰᠠᠨ ᠤ᠋ ᠳᠠᠷᠠᠭ᠎ᠠ ᠬᠤᠪᠴᠠᠰᠤ ᠪᠠᠨ ᠶᠠᠮᠠᠷ ᠴᠤ᠌ ᠪᠠᠢᠳᠠᠯ ᠢ᠋ᠶ᠋ᠠᠷ ᠣᠶᠣᠵᠤ ᠪᠣᠯᠬᠤ ᠠ᠋ᠴᠠ ᠭᠠᠳᠠᠨ᠎ᠠ ᠵᠡᠭᠡᠭᠲᠦ ᠨᠠᠭᠠᠮᠠᠯ ᠢ᠋ᠶ᠋ᠠᠷ ᠬᠢᠪᠡᠯ ᠰᠡᠭᠦᠳᠡᠷ ᠬᠦᠨᠳᠦᠷᠡᠭᠦᠯᠬᠦ ᠥᠩᠭᠡ ᠶ᠋ᠢ ᠤᠲᠠᠰᠤ ᠪᠠᠷ ᠬᠢᠵᠦ ᠪᠣᠯᠤᠨ᠎ᠠ᠃ ᠠᠮᠢᠲᠠᠨ ᠢ᠋ ᠣᠶᠣᠬᠤ ᠳ᠋ᠠᠭᠠᠨ ᠦᠰᠦᠨ ᠦ᠌ ᠰᠢᠷᠬᠡᠭ ᠢ᠋ ᠳᠠᠭᠠᠭᠤᠯᠵᠤ ᠬᠦᠨᠳᠦᠷᠡᠭᠦᠯᠵᠦ ᠬᠥᠩᠭᠡᠷᠡᠭᠦᠯᠬᠦ ᠤᠲᠠᠰᠤ ᠪᠠᠷ ᠠᠭᠤᠰᠬᠠᠬᠤ ᠮᠠᠶᠢᠭ ᠢ᠋ᠶ᠋ᠠᠷ ᠣᠶᠣᠨ᠎ᠠ᠃
ᠬᠥᠷᠥᠭ ᠲᠦ᠍ ᠲᠣᠪᠴᠢ᠂ ᠰᠢᠯᠪᠢ᠂ ᠣᠳᠣᠨ ᠮᠧᠲ᠋ᠠᠯ ᠤ᠋ᠨ ᠥᠩᠭᠡ᠂ ᠴᠡᠷᠢᠭ ᠦ᠋ᠨ ᠫᠣᠭᠣᠨ ᠤ᠋ ᠥᠩᠭᠡ᠂ ᠳᠡᠪᠡᠯ ᠦ᠋ᠨ ᠡᠮᠵᠢᠶᠡᠷᠢ ᠲᠣᠪᠴᠢ ᠰᠢᠯᠪᠢ ᠶ᠋ᠢ ᠤᠷᠢᠳᠴᠢᠯᠠᠨ ᠵᠢᠷᠤᠵᠤ ᠲᠣᠬᠢᠷᠠᠭᠤᠯᠤᠨ ᠪᠣᠳᠣᠭ ᠢ᠋ᠶ᠋ᠠᠷ ᠢᠯᠭᠠᠵᠤ ᠲᠡᠭᠦᠨ ᠢ᠋ ᠪᠡᠨ ᠵᠢᠩᠬᠢᠨᠢ ᠳᠡᠪᠡᠯ ᠳᠡᠭᠡᠷ᠎ᠡ ᠪᠡᠨ ᠪᠠᠭᠤᠯᠭᠠᠨ ᠣᠶᠣᠨ᠎ᠠ᠃
ᠪᠠᠢᠭᠠᠯᠢ ᠶ᠋ᠢ ᠤᠷᠠᠯᠠᠬᠤ ᠳ᠋ᠠᠭᠠᠨ ᠶᠠᠭᠤᠨ ᠤ᠋ ᠡᠮᠦᠨ᠎ᠡ ᠠᠯᠢ ᠤᠯᠠᠷᠢᠯ ᠪᠠᠢᠬᠤ ᠶ᠋ᠢ ᠪᠣᠳᠣᠵᠤ᠂ ᠵᠤᠨ ᠪᠣᠯ ᠨᠣᠭᠣᠭᠠᠨ ᠥᠩᠭᠡ ᠪᠠᠢᠬᠤ ᠨᠢ ᠮᠡᠳᠡᠭᠡᠵᠢ ᠪᠣᠯᠪᠠᠴᠤ ᠲᠡᠭᠦᠨ ᠢ᠋ ᠭᠠᠭᠴᠠ ᠨᠣᠭᠣᠭᠠᠨ ᠥᠩᠭᠡ ᠪᠡᠷ ᠣᠶᠣᠳᠠᠭ ᠦᠭᠡᠢ᠂ᠳᠡᠭᠡᠷ᠎ᠡ ᠳᠤᠷᠠᠳᠤᠭᠰᠠᠨ ᠰᠢᠭ᠋ ᠤᠲᠠᠰᠤᠨ ᠣ ᠥᠩᠭᠡ ᠶ᠋ᠢ ᠬᠣᠯᠢᠵᠤ ᠣᠶᠣᠨ᠎ᠠ᠃ᠡᠭᠦᠨ ᠳ᠋ᠦ᠍ ᠬᠠᠷ᠎ᠠ ᠨᠣᠭᠣᠭᠠᠨ᠂ᠪᠣᠷᠣ᠂ᠬᠣᠯᠠ᠂ ᠬᠤᠷᠴᠠ ᠨᠣᠭᠣᠭᠠᠨ ᠭᠡᠬᠦ ᠮᠡᠲᠦ ᠶ᠋ᠢ ᠬᠣᠯᠢᠬᠤ ᠪᠥᠭᠡᠳ ᠬᠣᠩᠬᠣᠷ ᠭᠠᠳᠠᠷᠭᠤ ᠵᠢᠯᠠᠭ᠎ᠠ ᠶ᠋ᠢ ᠬᠤᠷᠴᠠ ᠨᠣᠭᠣᠭᠠᠨ ᠢ᠋ᠶ᠋ᠠᠷ᠂ ᠥᠭᠡᠷ᠎ᠡ ᠬᠦᠨᠳᠦᠷᠡᠭᠦᠯᠬᠦ ᠤᠲᠠᠰᠤ ᠲᠠᠢ ᠬᠣᠯᠢᠵᠤ ᠣᠶᠣᠬᠤ ᠠ᠋ᠴᠠ ᠭᠠᠳᠠᠨ᠎ᠠ ᠥᠨᠳᠥᠷᠯᠢᠭ ᠭᠠᠵᠠᠷ ᠢ᠋ ᠠᠯᠤᠰ ᠠ᠋ᠴᠠ ᠬᠦᠨᠳᠦᠷᠡᠭᠦᠯᠬᠦ ᠤᠲᠠᠰᠤ ᠪᠠᠷ ᠣᠶᠣᠬᠤ ᠪᠠ ᠡᠪᠦᠯ ᠦ᠋ᠨ ᠥᠩᠭᠡᠨ ᠳ᠋ᠦ᠍ ᠭᠠᠵᠠᠷ᠂ ᠠᠭᠤᠯᠠ ᠶ᠋ᠢ ᠴᠠᠭᠠᠨ ᠢ᠋ᠶ᠋ᠠᠷ ᠣᠶᠣᠬᠤ ᠪᠣᠯᠪᠠᠴᠤ ᠬᠥᠬᠡ ᠰᠠᠷᠠᠯ ᠬᠠᠷ᠎ᠠ ᠰᠠᠷᠠᠯ ᠤᠲᠠᠰᠤ ᠪᠠᠷ ᠬᠦᠨᠳᠦᠷᠡᠭᠦᠯᠵᠦ ᠬᠣᠩᠬᠣᠷ ᠭᠦᠳᠦᠭᠦᠷ ᠢ᠋ ᠭᠠᠷᠭᠠᠨ᠎ᠠ᠃ᠠᠭᠤᠯᠠ ᠶ᠋ᠢ ᠳᠠᠪᠬᠤᠷᠳᠠᠭᠤᠯᠤᠨ ᠣᠶᠣᠬᠤ ᠳ᠋ᠠᠭᠠᠨ ᠠᠯᠤᠰ ᠪᠠᠢᠭ᠎ᠠ ᠠᠭᠤᠯᠠ ᠶ᠋ᠢ ᠬᠥᠩᠭᠡᠨ ᠥᠩᠭᠡ ᠪᠡᠷ᠂ᠨᠠᠭᠠᠳᠤ ᠲᠠᠯ᠎ᠠ ᠳ᠋ᠤᠨᠢ ᠣᠢᠷᠠᠬᠠᠨ ᠬᠠᠷᠠᠭᠳᠠᠵᠤ ᠪᠠᠢᠭ᠎ᠠ ᠠᠭᠤᠯᠠ ᠶ᠋ᠢ ᠬᠦᠨᠳᠦ ᠥᠩᠭᠡ ᠪᠡᠷ ᠳᠣᠪᠣᠢᠯᠭᠠᠬᠤ ᠪᠤᠶᠤ ᠭᠡᠷᠡᠯᠲᠦᠭᠦᠯᠬᠦ ᠥᠩᠭᠡᠨ ᠳ᠋ᠦ᠍ ᠴᠠᠭᠠᠨ᠂ ᠶᠠᠭᠠᠨ᠂ ᠴᠡᠩᠬᠡᠷ᠂ ᠴᠠᠭᠠᠨ ᠰᠢᠷ᠎ᠠ ᠥᠩᠭᠡ ᠨᠦ᠍ᠭᠦᠳ ᠣᠷᠣᠨ᠎ᠠ᠃
ᠴᠡᠴᠡᠭ ᠢ᠋ ᠣᠶᠣᠬᠤ ᠳ᠋ᠠᠭᠠᠨ ᠲᠡᠭᠦᠨ ᠢ᠋ ᠪᠠᠢᠭᠠᠯᠢ ᠳ᠋ᠤ᠌ ᠣᠷᠣᠰᠢᠬᠤ ᠪᠠᠢᠳᠠᠯ ᠢ᠋ᠶ᠋ᠠᠷ ᠥᠩᠭᠡ ᠶ᠋ᠢ ᠲᠣᠬᠢᠷᠠᠭᠤᠯᠤᠨ ᠣᠶᠣᠨ᠎ᠠ᠃ ᠵᠢᠰᠢᠶ᠎ᠠ ᠨᠢ᠄ ᠤᠯᠠᠭᠠᠨ ᠴᠡᠴᠡᠭ ᠣᠶᠣᠬᠤ ᠳ᠋ᠤ᠌ ᠳᠠᠩ ᠭᠠᠭᠴᠠ ᠤᠯᠠᠭᠠᠨ ᠢ᠋ᠶ᠋ᠠᠷ ᠪᠢᠰᠢ ᠳᠡᠯᠪᠢ ᠶ᠋ᠢᠨ ᠬᠣᠭᠣᠷᠣᠨᠳᠣ ᠵᠠᠢ ᠶ᠋ᠢ ᠬᠦᠨᠳᠦᠷᠡᠭᠦᠯᠵᠦ ᠥᠭᠬᠦ ᠡᠴᠡ ᠭᠠᠳᠠᠨ᠎ᠠ ᠳᠣᠬᠢᠭᠤᠷ ᠢ᠋ ᠰᠢᠷ᠎ᠠ ᠪᠤᠶᠤ ᠴᠠᠭᠠᠨ ᠢ᠋ᠶ᠋ᠠᠷ ᠣᠶᠣᠵᠤ ᠴᠢᠮᠡᠭᠯᠡᠬᠦ ᠪᠠ ᠳᠡᠯᠪᠢ ᠶ᠋ᠢ ᠤᠯᠠᠭᠠᠨ ᠢ᠋ᠶ᠋ᠠᠷ ᠣᠶᠣᠬᠤ ᠶ᠋ᠢᠨ ᠵᠡᠷᠭᠡᠴᠡᠭᠡ ᠬᠥᠩᠭᠡᠷᠡᠭᠦᠯᠬᠦ ᠬᠡᠰᠡᠭ ᠲᠤᠨᠢ ᠶᠠᠭᠠᠨ᠂ ᠬᠦᠨᠳᠦᠷᠡᠭᠦᠯᠬᠦ ᠬᠡᠰᠡᠭ ᠲᠦ᠋ᠨᠢ ᠬᠦᠷᠡᠩ ᠢ᠋ᠶ᠋ᠡᠷ ᠣᠶᠣᠵᠤ ᠴᠢᠮᠡᠨ᠎ᠡ᠃
ᠵᠠᠬᠠᠯᠠᠬᠤ ᠣᠶᠣᠳᠠᠯ ᠵᠠᠬᠠᠯᠠᠬᠤ ᠣᠶᠣᠳᠠᠯ ᠢ᠋ ᠭᠣᠣᠯᠳᠠᠭᠤ ᠬᠠᠳᠬᠤᠮᠠᠯ ᠤ᠋ᠨ ᠵᠠᠬ᠎ᠠ ᠶ᠋ᠢ ᠴᠢᠮᠡᠭᠯᠡᠨ ᠪᠥᠬᠡᠯᠡᠬᠦ᠂ ᠳᠠᠪᠤᠤ ᠲᠣᠷᠭᠠᠨ ᠤᠭᠤᠲᠠ᠂ ᠬᠠᠪᠲᠠᠭ᠎ᠠ ᠬᠡᠲᠡᠪᠴᠢ᠂ ᠪᠣᠢᠯᠠᠨ ᠵᠡᠷᠭᠡ ᠶ᠋ᠢ ᠪᠢᠲᠡᠭᠦᠯᠡᠬᠦ ᠳ᠋ᠦ᠍ ᠬᠡᠷᠡᠭᠯᠡᠬᠦ ᠡᠴᠡ ᠭᠠᠳᠠᠨ᠎ᠠ ᠳᠣᠲᠣᠭᠤᠷ ᠬᠤᠪᠴᠠᠰᠤᠨ ᠤ᠋ ᠵᠠᠬ᠎ᠠ᠂ ᠠᠯᠴᠢᠭᠤᠷ ᠤ᠋ᠨ ᠵᠠᠬ᠎ᠠ ᠪᠠᠷ ᠭᠤᠶᠤᠵᠤ ᠴᠢᠮᠡᠭᠯᠡᠨ᠎ᠡ᠃ ᠡᠨᠡ ᠣᠶᠣᠳᠠᠯ ᠢ᠋ ᠬᠥᠮᠦᠨ ᠡᠷᠲᠡ ᠦᠶ᠎ᠡ ᠡᠴᠡ ᠬᠡᠷᠡᠭᠯᠡᠵᠦ ᠢᠷᠡᠭᠰᠡᠨ ᠪᠥᠭᠡᠳ1940-1950 ᠣᠨ ᠤ᠋ ᠬᠣᠭᠣᠷᠣᠨᠳᠣ ᠮᠣᠩᠭᠣᠯ᠂ ᠴᠠᠮᠴᠠᠨ ᠤ᠋ ᠵᠠᠬ᠎ᠠ ᠶ᠋ᠢ ᠭᠤᠶᠤᠬᠤ᠂ ᠴᠢᠮᠡᠭᠯᠡᠬᠦ ᠳ᠋ᠦ᠍ ᠬᠣᠨᠢᠨ ᠰᠢᠳᠦ ᠶ᠋ᠢ ᠶᠡᠬᠡ ᠣᠶᠣᠳᠠᠭ ᠪᠠᠢᠯ᠎ᠠ᠃
ᠵᠠᠬᠠᠯᠠᠬᠤ ᠣᠶᠣᠳᠠᠯ ᠳ᠋ᠤ᠌ ᠳᠠᠩ᠂ ᠳᠠᠪᠬᠤᠷ ᠵᠢᠭᠠᠰᠤᠨ ᠨᠢᠷᠤᠭᠤ ᠵᠦᠷᠢᠭᠦᠯᠢᠭ ᠬᠦᠪᠦᠷᠢᠳᠦᠯᠭᠡ᠂ ᠳᠠᠩ ᠳᠠᠪᠬᠤᠷ ᠨᠢᠷᠤᠭᠤ ᠲᠠᠢ ᠬᠣᠨᠢᠨ ᠰᠢᠲᠦ ᠣᠶᠣᠬᠤ᠂ ᠬᠡᠷᠦᠭᠡᠰᠦ᠂ ᠨᠡᠭᠡᠭᠡᠰᠦ᠂ ᠴᠡᠴᠡᠭ ᠨᠠᠪᠴᠢ᠂ ᠬᠣᠨᠢᠨ ᠬᠣᠯᠪᠣᠭ᠎ᠠ᠂ ᠰᠠ ᠲᠤᠤᠵᠠ ᠳᠠᠷᠤᠭᠤᠯᠬᠤ ᠵᠡᠷᠭᠡ ᠪᠡᠷ ᠬᠤᠪᠴᠠᠰᠤ ᠬᠡᠷᠡᠭᠯᠡᠯ ᠢ᠋ ᠴᠢᠮᠡᠭᠯᠡᠵᠦ ᠪᠠᠢᠯ᠎ᠠ᠃
ᠨᠣᠬᠠᠢ ᠶ᠋ᠢᠨ ᠰᠢᠲᠦ ᠬᠠᠳᠬᠤᠬᠤ ᠨᠣᠬᠠᠢ ᠶ᠋ᠢᠨ ᠰᠢᠲᠦ ᠶ᠋ᠢ ᠭᠣᠣᠯᠳᠠᠭᠤ ᠴᠠᠮᠴᠠᠨ ᠤ᠋ ᠵᠠᠬ᠎ᠠ᠂ ᠳᠠᠪᠤᠤ ᠬᠠᠪᠲᠠᠭ᠎ᠠ᠂ ᠲᠠᠮᠠᠬᠢᠨ ᠤ᠋ ᠤᠭᠤᠲᠠ ᠶ᠋ᠢ ᠪᠢᠲᠡᠭᠦᠯᠡᠬᠦ ᠳ᠋ᠦ᠍ ᠳᠠᠩ ᠪᠠ ᠳᠠᠪᠬᠤᠷ ᠨᠢᠷᠤᠭᠤ ᠲᠠᠢ ᠣᠶᠣᠳᠠᠭ᠃ ᠳᠠᠩ ᠨᠢᠷᠤᠭᠤ ᠬᠢᠬᠦ ᠳ᠋ᠦ᠍ ᠲᠢᠭ ᠨᠣᠮᠧᠷ ᠦ᠋ᠨ ᠪᠦᠳᠦᠭᠦᠨ ᠤᠲᠠᠰᠤ ᠪᠤᠶᠤ ᠪᠥᠭᠡᠷᠡᠩᠬᠡᠢ ᠨᠢᠳᠦᠨ ᠤᠲᠠᠰᠤ ᠵᠡᠷᠭᠡ ᠶ᠋ᠢ ᠳᠡᠭᠡᠳᠦ ᠲᠠᠯ᠎ᠠ ᠳ᠋ᠤᠨᠢ ᠪᠠᠷᠢᠵᠤ᠂ ᠣᠶᠣᠬᠤ ᠤᠲᠠᠰᠤ ᠪᠠᠷ ᠢ᠋ᠶ᠋ᠠᠨ ᠣᠷᠢᠶᠠᠵᠤ ᠬᠠᠳᠬᠤᠨ ᠰᠢᠳᠦᠨ ᠳ᠋ᠡᠭᠡᠨ ᠪᠡᠬᠢᠯᠡᠳᠡᠭ᠃
ᠳᠠᠪᠬᠤᠷ ᠨᠢᠷᠤᠭᠤ ᠲᠠᠢ ᠨᠣᠬᠠᠢ ᠶ᠋ᠢᠨ ᠰᠢᠲᠦ ᠬᠠᠳᠬᠤᠬᠤ ᠳ᠋ᠤ᠌ ᠬᠣᠣᠰ ᠪᠦᠳᠦᠭᠦᠨ ᠤᠲᠠᠰᠤ ᠬᠡᠷᠡᠭᠯᠡᠵᠦ ᠲᠡᠭᠦᠨ ᠢ᠋ᠶ᠋ᠡᠨ ᠰᠢᠲᠦ ᠬᠠᠳᠬᠤᠬᠤ ᠲᠣᠷᠭᠠᠨ ᠤᠲᠠᠰᠤ ᠪᠠᠷ ᠢ᠋ᠶ᠋ᠠᠨ ᠲᠤᠰ ᠪᠦᠷᠢ ᠣᠷᠢᠶᠠᠵᠤ ᠰᠢᠲᠦᠨ ᠳ᠋ᠡᠭᠡᠨ ᠪᠡᠬᠢᠯᠡᠨ ᠳᠠᠪᠤᠤ ᠳ᠋ᠤ᠌ ᠣᠶᠣᠨ᠎ᠠ᠃
ᠵᠢᠷᠤᠭ16
(1) ᠳᠠᠩ ᠨᠢᠷᠤᠭᠤ ᠲᠠᠢ ᠰᠢᠲᠦ ᠣᠶᠣᠬᠤ ᠠᠵᠢᠯᠯᠠᠭ᠎ᠠ
(2) ᠳᠠᠪᠬᠤᠷ ᠨᠢᠷᠤᠭᠤ ᠲᠠᠢ ᠰᠢᠲᠦ ᠣᠶᠣᠬᠤ ᠠᠵᠢᠯᠯᠠᠭ᠎ᠠ

ᠰᠢᠲᠦ ᠣᠶᠣᠬᠤ ᠳ᠋ᠠᠭᠠᠨ ᠡᠬᠢᠯᠡᠭᠡᠳ ᠵᠠᠬᠠᠯᠠᠬᠤ ᠮᠠᠲ᠋ᠧᠷᠢᠶᠠᠯ ᠳ᠋ᠠᠭᠠᠨ ᠪᠣᠭᠣᠨᠢ ᠬᠠᠳᠬᠤᠵᠤ ᠨᠢᠭᠡ ᠨᠢᠭᠡ ᠬᠠᠳᠬᠤᠭ᠎ᠠ ᠪᠠᠷ ᠤᠷᠲᠤᠳᠬᠠᠭᠰᠠᠭᠠᠷ ᠬᠠᠮᠤᠭ ᠤ᠋ᠨ ᠤᠷᠲᠤ ᠬᠠᠳᠬᠤᠭ᠎ᠠ ᠪᠤᠶᠤ ᠰᠢᠳᠦᠨ ᠦ᠌ ᠭᠣᠣᠯ ᠰᠢᠪᠦᠭᠡᠷ ᠬᠡᠰᠡᠭ ᠲᠦ᠍ ᠬᠦᠷᠭᠡᠭᠡᠳ ᠪᠤᠴᠠᠭᠠᠵᠤ ᠠᠯᠭᠤᠷ ᠪᠣᠭᠣᠨᠢᠰᠬᠠᠭᠰᠠᠭᠠᠷ ᠨᠢᠷᠤᠭᠤᠨ ᠳ᠋ᠠᠭᠠᠨ ᠲᠤᠯᠵᠤ ᠢᠷᠡᠬᠦ ᠳ᠋ᠦ᠍ ᠰᠢᠪᠦᠭᠡᠷ ᠰᠢᠳᠦ ᠭᠠᠷᠬᠤ ᠪᠠ ᠳᠡᠭᠡᠳᠦ ᠲᠠᠯ᠎ᠠ ᠳ᠋ᠠᠭᠠᠨ1—2 ᠬᠣᠣᠰ ᠨᠢᠷᠤᠭᠤ᠂ ᠳᠣᠣᠷᠠᠲᠤ ᠲᠠᠯ᠎ᠠ ᠳ᠋ᠤ᠌ ᠰᠢᠳᠦ ᠭᠠᠷᠤᠨ᠎ᠠ᠃
ᠵᠢᠭᠠᠰᠤᠨ ᠨᠢᠷᠤᠭᠤ ᠣᠶᠣᠬᠤ ᠡᠨᠡ ᠣᠶᠣᠳᠠᠯ ᠢ᠋ ᠣᠶᠣᠬᠤ ᠳ᠋ᠠᠭᠠᠨ ᠵᠠᠬᠠᠯᠠᠬᠤ ᠪᠤᠶᠤ ᠴᠢᠮᠡᠭᠯᠡᠬᠦ ᠵᠦᠢᠯ ᠦ᠋ᠨ ᠢ᠋ᠶ᠋ᠡᠨ ᠴᠠᠭᠠᠨ᠎ᠠ ᠠ᠋ᠴᠠ ᠨᠡᠰᠢ ᠨᠢ ᠬᠠᠳᠬᠤᠭᠠᠳ ᠢᠷᠮᠡᠭ ᠳᠡᠭᠡᠭᠦᠷ ᠨᠢ ᠳᠠᠪᠠᠭᠤᠯᠤᠨ ᠵᠡᠭᠦᠨ ᠳᠠᠰᠢ ᠨᠢ ᠡᠭᠡᠯᠵᠢᠯᠡᠨ ᠬᠠᠳᠬᠤᠵᠤ ᠣᠶᠣᠬᠤ ᠪᠠ ᠬᠠᠳᠬᠤᠮᠠᠯ ᠤ᠋ᠨ ᠬᠠᠳᠬᠤᠬᠤ ᠬᠡᠮᠵᠢᠶ᠎ᠡ ᠬᠣᠯᠠ ᠣᠢᠷ᠎ᠠ ᠦᠭᠡᠢ ᠵᠢᠭᠳᠡ ᠪᠠᠢᠪᠠᠯ ᠦᠵᠡᠮᠵᠢᠲᠡᠢ ᠪᠣᠯᠤᠨ᠎ᠠ᠃
ᠦᠰᠦᠭ ᠠᠮᠢᠯᠠᠭᠤᠯᠤᠭᠴᠢ᠄ ᠱᠠᠭᠰᠠᠯ ᠂ ᠭᠡᠭᠡᠷᠡᠯ᠂ ᠲᠣᠭᠳᠠᠭᠤᠨᠪᠠᠠᠶᠠᠷ
ᠬᠢᠨᠠᠭᠴᠢ᠄ ᠪᠠᠶᠠᠷᠴᠡᠴᠡᠭ᠂ ᠰᠡᠬᠡᠭᠡᠷᠡᠯ᠂ ᠣᠳᠬᠠᠨᠰᠣ᠎ᠠ
