ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ05- ᠦᠨᠳᠦᠰᠦᠲᠡᠨ ᠦ᠌ ᠵᠠᠷᠢᠮ ᠬᠡ ᠤᠭᠠᠯᠵᠠ
ᠦᠨᠳᠦᠰᠦᠲᠡᠨ ᠦ ᠬᠡ
ᠤᠭᠠᠯᠵᠠ ᠡᠷᠲᠡ ᠦᠶ᠎ᠡ ᠳ᠋ᠦ᠍ ᠡᠭᠦᠰᠦᠭᠰᠡᠨ ᠪᠥᠭᠡᠳ ᠲᠤᠬᠠᠢ ᠶ᠋ᠢᠨ ᠦᠨᠳᠦᠰᠦᠲᠡᠨ ᠦ᠌ ᠶᠣᠰᠣ ᠵᠠᠩᠰᠢᠯ ᠤ᠋ᠨ ᠢᠯᠡᠷᠬᠡᠢᠯᠡᠯ ᠪᠡᠯᠭᠡᠳᠡᠯ ᠦ᠋ᠨ ᠡᠬᠢ ᠰᠤᠷᠪᠤᠯᠵᠢ ᠪᠣᠯᠬᠤ ᠤᠴᠢᠷ ᠭᠦᠨᠵᠡᠭᠡᠢ ᠤᠳᠬ᠎ᠠ ᠠᠭᠤᠯᠭ᠎ᠠ ᠲᠠᠢ᠂ ᠲᠤᠰ ᠪᠦᠷᠢ ᠳ᠋ᠡᠭᠡᠨ ᠨᠢᠭᠡ ᠣᠨᠴᠣᠭᠣᠢ ᠤᠳᠬ᠎ᠠ ᠬᠠᠳᠠᠭᠠᠯᠠᠵᠤ ᠪᠠᠢᠳᠠᠭ᠃
ᠦᠨᠳᠦᠰᠦᠲᠡᠨ ᠦ ᠬᠡ ᠤᠭᠠᠯᠵᠠ ᠶ᠋ᠢᠨ ᠠᠩᠬᠠᠳᠠᠭᠴᠢ ᠨᠢ ᠡᠪᠡᠷ ᠤᠭᠠᠯᠵᠠ ᠪᠥᠭᠡᠳ ᠡᠪᠡᠷ ᠢ᠋ ᠳᠠᠭᠤᠷᠢᠶᠠᠯᠭᠠᠨ ᠵᠢᠷᠤᠵᠤ ᠡᠪᠡᠷ ᠤᠭᠠᠯᠵᠠ᠂ ᠬᠡ ᠡᠭᠦᠰᠦᠭᠰᠡᠨ ᠲᠤᠬᠠᠢ ᠤᠭᠰᠠᠭ᠎ᠠ ᠵᠦᠢ ᠶ᠋ᠢᠨ ᠰᠤᠳᠤᠯᠭᠠᠲᠠᠳ ᠲᠣᠳᠣᠷᠬᠠᠢᠯᠠᠵᠠᠢ᠃
ᠪᠢᠳᠡᠨ ᠦ᠌ ᠣᠷᠣᠰᠢᠨ ᠠᠮᠢᠳᠤᠷᠠᠵᠤ ᠪᠠᠢᠭ᠎ᠠ ᠪᠠᠢᠭᠠᠯᠢ ᠶᠢᠷᠲᠢᠨᠴᠦ ᠳ᠋ᠦ᠍ ᠣᠯᠠᠨ ᠲᠥᠷᠥᠯ ᠦ᠋ᠨ ᠭᠠᠢᠬᠠᠮᠰᠢᠭᠲᠤ ᠰᠠᠢᠬᠠᠨ ᠵᠦᠢᠯᠡᠰ ᠪᠠᠢᠳᠠᠭ ᠤ᠋ᠨ ᠨᠢᠭᠡ ᠨᠢ ᠦᠵᠡᠮᠵᠢ ᠲᠡᠭᠦᠰ ᠦᠨᠦᠷᠲᠡᠨ ᠦ᠌ ᠳᠡᠭᠡᠵᠢ ᠶ᠋ᠢ ᠰᠢᠩᠭᠡᠭᠡᠭᠰᠡᠨ ᠠᠯᠠᠭ ᠴᠡᠴᠡᠭ ᠦ᠋ᠳ ᠪᠠᠢᠳᠠᠭ ᠪᠥᠭᠡᠳ ᠬᠥᠮᠦᠨ ᠲᠡᠭᠦᠨ ᠢ᠋ ᠡᠷᠲᠡ ᠦᠶ᠎ᠡ ᠡᠴᠡ ᠰᠠᠢᠨ ᠰᠠᠢᠬᠠᠨ ᠪᠦᠬᠦᠨ ᠦ᠌ ᠪᠡᠯᠭᠡ ᠲᠡᠮᠳᠡᠭ ᠪᠣᠯᠭᠠᠨ ᠬᠡᠷᠡᠭᠯᠡᠵᠦ ᠪᠠᠢᠭᠰᠠᠨ ᠤᠴᠢᠷ ᠳᠦᠷᠰᠦᠯᠡᠬᠦ ᠤᠷᠠᠯᠢᠭ ᠤᠷᠠᠨ ᠦᠢᠯᠡ ᠶ᠋ᠢᠨ ᠪᠣᠳᠠᠲᠤ ᠰᠡᠳᠦᠪ ᠪᠣᠯᠵᠠᠢ᠃
ᠮᠣᠩᠭᠣᠯᠴᠤᠳ ᠴᠡᠴᠡᠭ ᠢ᠋ ᠢᠷᠠᠭᠤ ᠰᠠᠢᠬᠠᠨ ᠤ᠋ ᠪᠡᠯᠭᠡ ᠲᠡᠮᠳᠡᠭ ᠭᠡᠵᠦ ᠦᠵᠡᠳᠡᠭ ᠤᠴᠢᠷ ᠤᠷᠠᠨ ᠦᠢᠯᠡ ᠶ᠋ᠢᠨ ᠢ᠋ᠶ᠋ᠡᠨ ᠴᠢᠮᠡᠭ ᠲᠦ ᠬᠡᠷᠡᠭᠯᠡᠵᠦ ᠢᠷᠡᠭᠰᠡᠨ ᠪᠠᠢᠨ᠎ᠠ᠃
ᠠᠯᠤᠬᠠᠨ ᠬᠡ ᠶ᠋ᠢ ᠮᠣᠩᠭᠣᠯᠴᠤᠳ ᠡᠷᠲᠡ ᠦᠶ᠎ᠡ ᠡᠴᠡ ᠬᠡᠷᠡᠭᠯᠡᠭᠰᠡᠨ ᠪᠥᠭᠡᠳ ᠤᠳᠬ᠎ᠠ ᠠᠭᠤᠯᠭ᠎ᠠ ᠪᠠᠷ ᠢ᠋ᠶ᠋ᠠᠨ ᠮᠥᠩᠬᠡ ᠶ᠋ᠢᠨ ᠬᠥᠳᠡᠯᠭᠡᠭᠡᠨ ᠢ᠋ ᠬᠠᠳᠠᠭᠠᠯᠠᠳᠠᠭ ᠤᠴᠢᠷ ᠬᠥᠮᠦᠨ ᠦ᠌ ᠠᠮᠢᠳᠤᠷᠠᠯ ᠢᠮᠠᠭᠲᠠ ᠮᠥᠩᠬᠡ᠂ ᠦᠷᠭᠦᠯᠵᠢ ᠶ᠋ᠢᠨ ᠬᠥᠳᠡᠯᠭᠡᠭᠡᠨ ᠪᠠᠢᠬᠤ ᠶ᠋ᠢ ᠪᠡᠯᠭᠡᠯᠡᠳᠡᠭ᠃ᠬᠡᠯᠪᠡᠷᠢ ᠶ᠋ᠢᠨ ᠬᠤᠪᠢ ᠳ᠋ᠤ᠌ ᠭᠣᠣᠯᠳᠠᠭᠤ ᠳᠥᠷᠪᠡᠯᠵᠢᠨ ᠬᠡᠯᠪᠡᠷᠢ ᠲᠡᠢ᠂ ᠬᠠᠭᠠᠰ᠂ ᠪᠦᠲᠦᠨ᠂ ᠪᠢᠲᠡᠭᠦᠦ᠂ ᠵᠠᠳᠠᠭᠠᠢ ᠶᠠᠩᠵᠤ ᠪᠦᠷᠢ ᠶ᠋ᠢᠨ ᠬᠡᠯᠪᠡᠷᠢ ᠪᠡᠷ ᠴᠢᠮᠡᠭ ᠪᠣᠯᠬᠤ ᠪᠥᠭᠡᠳ ᠠᠯᠤᠬᠠᠨ ᠬᠡ ᠶ᠋ᠢ ᠳᠤᠭᠤᠢ ᠬᠡᠯᠪᠡᠷᠢ ᠳ᠋ᠦ᠍ ᠣᠷᠣᠭᠤᠯᠬᠤ ᠪᠤᠶᠤ ᠪᠤᠯᠤᠩ ᠤ᠋ᠨ ᠬᠡ ᠳ᠋ᠦ᠍ ᠥᠨᠴᠥᠭ ᠲᠠᠭᠠᠷᠠᠭᠤᠯᠤᠨ ᠭᠠᠷᠭᠠᠬᠤ ᠴᠢᠮᠡᠭᠯᠡᠯ ᠳ᠋ᠦ᠍ ᠬᠡᠷᠡᠭᠯᠡᠵᠦ ᠪᠣᠯᠤᠨ᠎ᠠ᠃
ᠥᠯᠵᠡᠢ ᠬᠡ ᠮᠣᠩᠭᠣᠯᠴᠤᠳ ᠬᠡᠵᠢᠶᠡᠨᠡᠢ ᠤᠷᠲᠤ ᠨᠠᠰᠤᠯᠠᠵᠤ ᠤᠳᠠᠭᠠᠨ ᠵᠢᠷᠭᠠᠬᠤ ᠶ᠋ᠢ ᠮᠥᠷᠥᠭᠡᠳᠳᠡᠭ᠂ ᠲᠡᠭᠦᠨ ᠦ᠌ ᠪᠡᠯᠭᠡ ᠲᠡᠮᠳᠡᠭ ᠪᠣᠯᠭᠠᠵᠤ ᠥᠯᠵᠡᠢ ᠬᠡ ᠭᠠᠷᠴᠠᠢ᠃ ᠥᠯᠵᠡᠢ ᠬᠡ ᠳᠠᠩ᠂ ᠳᠠᠪᠬᠤᠷ ᠪᠤᠯᠤᠩ ᠤ᠋ᠨ ᠵᠡᠷᠭᠡ ᠶᠠᠩᠵᠤ ᠪᠦᠷᠢ ᠶ᠋ᠢᠨ ᠬᠡᠯᠪᠡᠷᠢ ᠲᠡᠢ ᠪᠠᠢᠬᠤ ᠪᠠ ᠠᠯᠢᠪᠠ ᠴᠢᠮᠡᠭᠯᠡᠯ ᠳ᠋ᠦ᠍ ᠨᠠᠷᠢᠨ ᠨᠠᠭᠠᠮᠠᠯ ᠢ᠋ᠶ᠋ᠠᠷ ᠪᠤᠶᠤ ᠤᠲᠠᠰᠤ ᠪᠠᠷ ᠵᠠᠩᠭᠢᠳᠴᠤ ᠲᠠᠯᠪᠢᠬᠤ᠂ ᠡᠰᠡᠪᠡᠯ ᠬᠠᠳᠬᠤᠮᠠᠯ ᠪᠠᠢᠳᠠᠯ ᠢ᠋ᠶ᠋ᠠᠷ ᠬᠡᠷᠡᠭᠯᠡᠨ᠎ᠡ᠃
ᠲᠦᠮᠡᠨ ᠨᠠᠰᠤᠲᠤ ᠬᠡ ᠡᠨᠡ ᠬᠡ ᠡᠬᠢᠯᠡᠯ ᠲᠡᠭᠦᠰᠬᠡᠯ ᠦᠭᠡᠢ ᠦᠷᠭᠦᠯᠵᠢᠯᠡᠳᠡᠭ᠂ ᠬᠡᠯᠪᠡᠷᠢ ᠶ᠋ᠢᠨ ᠬᠤᠪᠢ ᠳ᠋ᠤ᠌ ᠬᠠᠮᠤᠭ ᠤ᠋ᠨ ᠭᠣᠶᠣᠮᠰᠣᠭ᠂ ᠮᠣᠩᠭᠣᠯ ᠦᠨᠳᠦᠰᠦᠲᠡᠨ ᠦ᠌ ᠬᠠᠰ ᠬᠡ ᠡᠴᠡ ᠰᠠᠯᠪᠤᠷᠢᠯᠠᠨ ᠭᠠᠷᠳᠠᠭ᠃ ᠬᠠᠰ ᠬᠡ ᠪᠣᠯ ᠮᠣᠩᠭᠣᠯ ᠤ᠋ᠨ ᠡᠷᠲᠡᠨ ᠦ᠌ ᠬᠡ ᠪᠠᠢᠭᠰᠠᠨ ᠪᠥᠭᠡᠳ ᠪᠠᠷᠢᠯᠭ᠎ᠠ ᠪᠠᠢᠰᠢᠩ ᠳ᠋ᠤ᠌ ᠪᠠᠲᠤ ᠣᠷᠣᠰᠢᠬᠤ ᠶ᠋ᠢᠨ ᠪᠡᠯᠭᠡᠳᠡᠯ ᠪᠣᠯᠭᠠᠨ ᠬᠡᠷᠡᠭᠯᠡᠵᠦ ᠪᠠᠢᠵᠠᠢ᠃ ᠲᠦᠮᠡᠨ ᠨᠠᠰᠤᠲᠤ ᠬᠡ ᠤᠳᠬ᠎ᠠ ᠶ᠋ᠢᠨ ᠬᠤᠪᠢ ᠳ᠋ᠤ᠌ ᠠᠮᠢᠳᠤᠷᠠᠯ ᠮᠥᠩᠬᠡ ᠦᠷᠭᠦᠯᠵᠢᠯᠡᠬᠦ ᠶ᠋ᠢ ᠪᠡᠯᠭᠡᠳᠡᠨ ᠬᠡᠷᠡᠭᠯᠡᠳᠡᠭ᠃
ᠭᠠᠯ ᠤ᠋ᠨ ᠳᠥᠯᠥ ᠶ᠋ᠢᠨ ᠬᠡ ᠲᠣᠭᠰᠢᠨ ᠰᠦᠷᠯᠢᠭ᠂ ᠪᠠᠳᠠᠷᠠᠩᠭᠤᠢ ᠥᠭᠡᠳᠡᠯᠡᠨ ᠳᠡᠪᠰᠢᠬᠦ ᠶ᠋ᠢᠨ ᠪᠡᠯᠭᠡ ᠲᠡᠮᠳᠡᠭ ᠪᠥᠭᠡᠳ ᠠᠯᠢᠪᠠ ᠠᠮᠢᠳᠤᠷᠠᠯ ᠦᠢᠯᠡ ᠭᠠᠯ ᠤ᠋ᠨ ᠳᠥᠯᠥ ᠰᠢᠭ ᠥᠭᠡᠳᠡᠯᠡᠨ ᠳᠡᠪᠰᠢᠭᠦ ᠬᠠᠯᠠᠭᠤᠨ ᠢᠯᠴᠢ ᠪᠡᠷ ᠲᠡᠳᠬᠦᠵᠦ ᠪᠠᠢᠬᠤ ᠶ᠋ᠢᠨ ᠲᠡᠮᠳᠡᠭ ᠤᠴᠢᠷ ᠣᠷᠴᠢᠨ ᠦᠶ᠎ᠡ ᠶ᠋ᠢᠨ ᠰᠣᠶᠣᠩᠪᠣ ᠳ᠋ᠤ᠌ ᠴᠤ ᠬᠠᠳᠠᠭᠠᠯᠠᠭᠳᠠᠨ ᠪᠠᠢᠳᠠᠭ᠃ ᠭᠠᠯ ᠤ᠋ᠨ ᠳᠥᠯᠥ ᠶ᠋ᠢᠨ ᠬᠡ ᠶ᠋ᠢ ᠬᠦᠨᠳᠦᠳᠬᠡᠯ᠂ ᠪᠡᠯᠭᠡᠳᠡᠯ ᠦ᠋ᠨ ᠤᠳᠬ᠎ᠠ ᠵᠢᠷᠤᠭ10(1) ᠥᠯᠵᠡᠢ ᠬᠡ ᠶ᠋ᠢᠨ ᠬᠡᠯᠪᠡᠷᠢ ᠨᠦ᠍ᠭᠦᠳ(2) ᠠᠯᠤᠬᠠᠨ ᠬᠡ ᠶ᠋ᠢᠨ ᠬᠡᠯᠪᠡᠷᠢ ᠨᠦ᠍ᠭᠦᠳ(3) ᠯᠠᠨᠵᠠ ᠬᠡ ᠶ᠋ᠢᠨ ᠬᠡᠯᠪᠡᠷᠢ ᠨᠦ᠍ᠭᠦᠳ(4) ᠬᠠᠭᠠᠨ ᠪᠠᠭᠤᠪᠴᠢ᠂ ᠬᠠᠲᠤᠨ ᠰᠦᠢᠬᠡ(5) ᠡᠪᠡᠷ ᠤᠭᠠᠯᠵᠠ ᠬᠡ ᠶ᠋ᠢᠨ ᠬᠡᠯᠪᠡᠷᠢ ᠨᠦ᠍ᠭᠦᠳ(6) ᠡᠭᠦᠯᠡᠨ ᠬᠡ(7) ᠤᠰᠤᠨ ᠬᠡ(8) ᠭᠠᠯ ᠤ᠋ᠨ ᠲᠠᠪᠠᠭ(9) ᠲᠣᠨᠣᠯᠵᠢᠨ ᠬᠡ(10) ᠨᠠᠪᠴᠢ ᠴᠡᠴᠡᠭ ᠦ᠋ᠨ ᠬᠡ(11) ᠡᠷᠭᠢᠭᠦᠦ ᠪᠠᠳ(12) ᠬᠣᠷᠯᠣᠠ ᠬᠡ(13) ᠬᠤᠯᠤᠰᠤᠨ ᠰᠦᠯᠵᠢᠶ᠎ᠡ(14) ᠬᠥᠭᠡᠭᠡᠴᠡᠯᠳᠦᠭᠦᠷ(15) ᠬᠠᠨ᠎ᠠ ᠶ᠋ᠢᠨ ᠬᠡ(16) ᠡᠪᠦᠳᠦᠭ ᠦ᠋ᠨ ᠬᠡ(17) ᠵᠣᠭᠣᠰᠤᠨ ᠬᠡ(18) ᠫᠦᠰᠡᠨ ᠬᠡ(19) ᠪᠠᠶᠠᠨ ᠬᠣᠰᠢᠭᠤ ᠠᠭᠤᠯᠭ᠎ᠠ ᠪᠦᠬᠦᠢ ᠤᠷᠠᠨ ᠬᠠᠳᠬᠤᠮᠠᠯ ᠤ᠋ᠨ ᠣᠷᠣᠢ ᠳᠡᠭᠡᠳᠦ ᠲᠠᠯ᠎ᠠ ᠳ᠋ᠤ᠌ ᠣᠶᠣᠳᠠᠭ᠃ ᠶᠡᠷᠦᠳᠡ ᠶ᠋ᠢᠨ ᠴᠢᠮᠡᠭᠯᠡᠯ ᠳ᠋ᠦ᠍ ᠬᠡᠷᠡᠭᠯᠡᠳᠡᠭ ᠦᠭᠡᠢ ᠬᠦᠨᠳᠦᠳᠬᠡᠯ ᠦ᠋ᠨ ᠬᠡ ᠶᠦᠮ᠃

ᠡᠪᠡᠷ ᠤᠭᠠᠯᠵᠠ ᠭᠠᠷᠤᠯ ᠡᠭᠦᠰᠦᠯ ᠦ᠋ᠨ ᠬᠤᠪᠢ ᠳ᠋ᠤ᠌ ᠤᠤᠭᠠᠨ ᠬᠡ᠂ ᠤᠳᠬ᠎ᠠ ᠠᠭᠤᠯᠭ᠎ᠠ ᠪᠠᠷ ᠢ᠋ᠶ᠋ᠠᠨ ᠤᠷᠲᠤ ᠨᠠᠰᠤᠯᠠᠬᠤ ᠡᠩᠬᠡ ᠠᠮᠤᠭᠤᠯᠠᠩ ᠤ᠋ᠨ ᠪᠡᠯᠭᠡ ᠲᠡᠮᠳᠡᠭ ᠪᠥᠭᠡᠳ ᠮᠠᠨ ᠤ᠋ ᠤᠷᠠᠯᠢᠭ ᠤ᠋ᠨ ᠪᠦᠬᠦᠢᠯᠡ ᠴᠢᠮᠡᠭᠯᠡᠯ ᠳ᠋ᠦ᠍ ᠬᠠᠮᠤᠭ ᠤ᠋ᠨ ᠥᠷᠭᠡᠨ ᠬᠡᠷᠡᠭᠯᠡᠭᠳᠡᠳᠡᠭ᠃ ᠲᠡᠷᠡ ᠨᠢ ᠳᠤᠭᠤᠢ ᠳᠥᠷᠪᠡᠯᠵᠢᠨ᠂ ᠭᠤᠷᠪᠠᠯᠵᠢᠨ ᠶᠠᠮᠠᠷ ᠴᠤ ᠬᠡᠯᠪᠡᠷᠢ ᠪᠡᠷ ᠴᠢᠮᠡᠭᠯᠡᠯ ᠬᠢᠵᠦ ᠪᠣᠯᠬᠤ ᠪᠠ ᠳᠠᠩ᠂ ᠳᠠᠪᠬᠤᠷ᠂ ᠵᠠᠳᠠᠭᠠᠢ᠂ ᠪᠢᠲᠡᠭᠦᠦ ᠪᠠᠢᠳᠠᠯ ᠢ᠋ᠶ᠋ᠠᠷ ᠣᠶᠣᠵᠤ ᠵᠡᠭᠡᠭᠲᠦ ᠨᠠᠭᠠᠮᠠᠯ ᠬᠢᠵᠦ ᠪᠣᠯᠤᠨ᠎ᠠ᠃
ᠡᠭᠦᠯᠡᠨ ᠬᠡ ᠡᠭᠦᠨ ᠢ᠋ ᠠᠩᠬ᠎ᠠ ᠣᠭᠲᠠᠷᠭᠤᠢ ᠶ᠋ᠢᠨ ᠡᠭᠦᠯᠡ ᠶ᠋ᠢ ᠤᠷᠠᠨ ᠰᠠᠢᠬᠠᠨ ᠢ᠋ᠶ᠋ᠠᠷ ᠳᠦᠷᠰᠦᠯᠡᠨ ᠪᠠᠭᠤᠯᠭᠠᠭᠰᠠᠨ ᠬᠡ ᠪᠥᠭᠡᠳ ᠤᠳᠬ᠎ᠠ ᠠᠭᠤᠯᠭ᠎ᠠ ᠪᠠᠷ ᠢ᠋ᠶ᠋ᠠᠨ ᠳᠡᠭᠡᠷ᠎ᠡ ᠡᠴᠡ ᠲᠡᠳᠬᠦᠬᠦ ᠬᠤᠷᠮᠤᠰᠲᠠ ᠲᠩᠷᠢ ᠶ᠋ᠢᠨ ᠬᠤᠷ᠎ᠠ ᠶ᠋ᠢᠨ ᠰᠢᠮ᠎ᠡ ᠪᠡᠷ ᠪᠠᠢᠭᠠᠯᠢ ᠳᠡᠯᠡᠬᠡᠢ ᠰᠡᠷᠭᠦᠨ ᠬᠥᠮᠦᠨ ᠪᠦᠷᠢ ᠵᠣᠯ ᠵᠢᠷᠭᠠᠯ ᠲᠠᠢ ᠠᠵᠤ ᠲᠥᠷᠥᠬᠦ ᠶ᠋ᠢ ᠪᠡᠯᠭᠡᠳᠡᠨ ᠵᠣᠯ ᠵᠢᠷᠭᠠᠯ ᠤ᠋ᠨ ᠬᠡ ᠭᠡᠵᠦ ᠪᠡᠯᠭᠡᠰᠢᠶᠡᠳᠡᠭ ᠵᠠᠩᠰᠢᠯ ᠲᠠᠢ᠃ ᠡᠭᠦᠯᠡᠨ ᠬᠡ ᠶ᠋ᠢ ᠪᠠᠢᠭᠠᠯᠢ ᠶ᠋ᠢᠨ ᠭᠤᠸ᠎ᠠ ᠦᠵᠡᠰᠬᠦᠯᠡᠩ ᠢ᠋ ᠳᠤᠰᠬᠠᠭᠰᠠᠨ ᠰᠡᠳᠦᠪ ᠪᠦᠬᠦᠢ ᠬᠠᠳᠬᠤᠮᠠᠯ᠂ ᠨᠠᠭᠠᠮᠠᠯ ᠳ᠋ᠤ᠌ ᠭᠣᠣᠯᠯᠠᠵᠤ ᠬᠡᠷᠡᠭᠯᠡᠬᠦ ᠪᠥᠭᠡᠳ ᠬᠤᠪᠴᠠᠰᠤᠨ ᠤ᠋ ᠲᠣᠨᠣᠭᠯᠠᠯ ᠳ᠋ᠤ᠌ ᠬᠡᠷᠡᠭᠯᠡᠬᠦ ᠨᠢ ᠬᠣᠪᠣᠷ ᠶᠤᠮ᠃
ᠰᠠᠷᠠᠨ ᠬᠡ ᠡᠨᠡ ᠬᠡ ᠤᠯᠤᠰ ᠭᠦᠷᠦᠨ ᠢ᠋ ᠪᠠᠲᠤ ᠣᠷᠣᠰᠢᠬᠤ᠂ ᠲᠤᠰᠠᠭᠠᠷ ᠲᠣᠭᠲᠠᠨᠢᠯ ᠢ᠋ ᠪᠡᠯᠭᠡᠰᠢᠶᠡᠭᠰᠡᠨ ᠬᠡ ᠪᠥᠭᠡᠳ ᠲᠤᠰᠬᠠᠢ ᠰᠡᠳᠦᠪ ᠪᠦᠬᠦᠢ ᠤᠷᠠᠨ ᠬᠠᠳᠬᠤᠮᠠᠯ ᠳ᠋ᠤ᠌ ᠬᠡᠷᠡᠭᠯᠡᠨ᠎ᠡ᠃ ᠬᠠᠭᠠᠨ ᠪᠠᠭᠤᠪᠴᠢ᠂ ᠬᠠᠳᠠᠨ ᠰᠦᠢᠬᠡ ᠪᠡᠯᠭᠡ ᠳᠡᠮᠪᠡᠷᠢᠯ ᠪᠠᠲᠤ ᠣᠷᠣᠰᠢᠬᠤ ᠶ᠋ᠢ ᠪᠡᠯᠭᠡᠳᠡᠭᠰᠡᠨ ᠬᠡ ᠪᠥᠭᠡᠳ ᠡᠨᠡ ᠤᠳᠬ᠎ᠠ ᠪᠠᠷ ᠢ᠋ᠶ᠋ᠠᠨ ᠤᠷᠠᠨ ᠦᠢᠯᠡ ᠳ᠋ᠦ᠍ ᠬᠡᠷᠡᠭᠯᠡᠭᠳᠡᠬᠦ ᠠᠯᠢᠪᠠ ᠬᠠᠳᠬᠤᠮᠠᠯ ᠨᠠᠭᠠᠮᠠᠯ ᠳ᠋ᠤ᠌ ᠡᠨᠡ ᠴᠢᠭ ᠢ᠋ᠶ᠋ᠡᠷ ᠢ᠋ᠶ᠋ᠡᠨ ᠴᠢᠮᠡᠭᠯᠡᠯ ᠪᠤᠶᠤ ᠲᠣᠳᠣᠷᠬᠠᠢ ᠰᠡᠳᠦᠪ ᠵᠢᠷᠤᠭ ᠲᠤ᠌ ᠬᠡᠷᠡᠭᠯᠡᠭᠳᠡᠨ᠎ᠡ᠃ ᠲᠡᠭᠦᠨᠴᠢᠯᠡᠨ ᠪᠥᠬᠡ ᠬᠥᠮᠦᠨ ᠦ᠌ ᠬᠦᠴᠦᠨ ᠴᠢᠳᠠᠯ ᠢ᠋ ᠲᠡᠭᠦᠰ ᠪᠠᠢᠯᠭᠠᠬᠤ ᠶ᠋ᠢ ᠪᠡᠯᠭᠡᠳᠡᠨ ᠵᠣᠳᠣᠭ᠂ ᠱᠣᠳᠠᠭ ᠤ᠋ᠨ ᠳᠡᠭᠡᠷ᠎ᠡ ᠨᠢ ᠪᠠᠷᠰ᠂ ᠯᠤᠤ᠂ ᠠᠷᠰᠯᠠᠨ᠂ ᠬᠠᠨ ᠭᠠᠷᠤᠳᠢ ᠵᠡᠷᠭᠡ ᠳᠥᠷᠪᠡᠨ ᠬᠦᠴᠦᠲᠡᠨ ᠢ᠋ ᠰᠢᠭᠯᠠᠨ ᠣᠶᠣᠳᠠᠭ ᠪᠠᠢᠭᠰᠠᠨ ᠤ᠋ ᠳᠡᠭᠡᠷ᠎ᠡ ᠬᠤᠷᠳᠤᠨ ᠮᠣᠷᠢᠨ ᠤ᠋ ᠬᠡᠦᠬᠡᠳ ᠦ᠋ᠨ ᠬᠤᠪᠴᠠᠰᠤ ᠮᠠᠯᠠᠭᠠᠢ ᠶ᠋ᠢ ᠪᠠᠭᠠᠲᠤᠷ ᠤ᠋ᠨ ᠳᠤᠭᠤᠯᠠᠭ᠎ᠠ ᠮᠡᠲᠦ ᠬᠢᠵᠦ ᠶᠠᠭᠤᠨ ᠳ᠋ᠤ᠌ ᠴᠤ᠌ ᠭᠦᠢᠴᠡᠭᠳᠡᠬᠦ ᠦᠭᠡᠢ ᠳᠠᠢᠴᠢᠨ ᠰᠢᠨᠵᠢ ᠲᠡᠢ ᠪᠣᠯᠭᠠᠭᠰᠠᠨ ᠨᠢ ᠠᠭᠲᠠ ᠮᠣᠷᠢᠳ ᠢ᠋ᠶ᠋ᠠᠨ ᠨᠠᠭᠠᠳᠤᠮ ᠤ᠋ᠨ ᠮᠠᠩᠯᠠᠢ ᠳ᠋ᠤ᠌ ᠢᠷᠡᠭᠦᠯᠬᠦ ᠪᠡᠯᠭᠡᠳᠡᠯ ᠪᠥᠭᠡᠳ ᠤᠨᠤᠭᠰᠠᠨ ᠬᠡᠦᠬᠡᠳ ᠢ᠋ ᠵᠣᠷᠢᠭᠵᠢᠭᠤᠯᠵᠤ ᠪᠠᠢᠭ᠎ᠠ ᠬᠡᠷᠡᠭ ᠠᠵᠢ᠃
ᠮᠣᠩᠭᠣᠯ ᠭᠡᠷ ᠦ᠋ᠨ ᠡᠭᠦᠳᠡᠨ ᠳ᠋ᠦ᠍ ᠤᠰᠤᠨ ᠳᠣᠯᠭᠢᠶ᠎ᠠ ᠬᠡ ᠭᠠᠷᠭᠠᠨ ᠰᠢᠷᠢᠳᠡᠭ ᠪᠠᠢᠭᠰᠠᠨ ᠨᠢ ᠰᠠᠢᠬᠠᠨ ᠪᠥᠭᠡᠳ ᠠᠷᠢᠭᠤᠨ ᠳᠠᠯᠠᠢ ᠶ᠋ᠢᠨ ᠮᠠᠨᠳᠠᠯ ᠳᠡᠭᠡᠭᠦᠷ ᠨᠠᠷᠠ ᠮᠠᠨᠳᠤᠬᠤ ᠠᠳᠠᠯᠢ ᠰᠠᠴᠤᠷᠠᠨ ᠭᠡᠢᠭᠰᠡᠭᠡᠷ ᠣᠷᠣᠵᠤ ᠢᠷᠡᠬᠦ ᠡᠴᠡ ᠭᠠᠳᠠᠨ᠎ᠠ᠂ ᠬᠠᠷ᠎ᠠ ᠮᠠᠭᠤ ᠰᠠᠨᠠᠭᠠᠲᠠᠨ ᠡᠭᠦᠳᠡᠨ ᠳ᠋ᠦ᠍ ᠪᠠᠢᠭ᠎ᠠ ᠤᠰᠤᠨ ᠳᠠᠯᠠᠢ ᠳ᠋ᠤ᠌ ᠤᠨᠠᠵᠤ ᠰᠠᠭᠠᠲᠠᠬᠤ ᠪᠣᠯᠲᠤᠭᠠᠢ ᠭᠡᠰᠡᠨ ᠤᠳᠬ᠎ᠠ ᠲᠠᠢ ᠶᠤᠮ᠃
ᠮᠣᠩᠭᠣᠯ ᠤ᠋ᠨ ᠤᠷᠠᠴᠤᠳ ᠡᠷᠲᠡ ᠦᠶ᠎ᠡ ᠡᠴᠡ ᠭᠡᠷ ᠣᠷᠣᠨ ᠢ᠋ᠶ᠋ᠠᠨ ᠴᠢᠮᠡᠬᠦ ᠠᠯᠢᠪᠠ ᠪᠡᠯᠭᠡᠳᠡᠯ ᠳ᠋ᠦ᠍ ᠳᠥᠷᠪᠡᠨ ᠬᠦᠴᠦᠲᠡᠨ ᠨᠠᠢ᠍ᠮᠠᠨ ᠲᠠᠬᠢᠯ᠂ ᠶᠢᠰᠦᠨ ᠡᠷᠳᠡᠨᠢ ᠶ᠋ᠢ ᠵᠢᠷᠤᠵᠤ᠂ ᠣᠶᠣᠵᠤ᠂ ᠳᠠᠷᠬᠠᠯᠠᠳᠠᠭ ᠪᠠᠢᠭᠰᠠᠨ ᠪᠠ ᠬᠣᠢᠴᠢ ᠦᠶ᠎ᠡ ᠳ᠋ᠡᠭᠡᠨ ᠤᠷᠠᠨ ᠦᠢᠯᠡ᠂ ᠶᠣᠰᠣ ᠵᠠᠩᠰᠢᠯ ᠢ᠋ᠶ᠋ᠠᠨ ᠵᠢᠭᠠᠨ ᠰᠤᠷᠭᠠᠵᠤ ᠤᠯᠠᠮᠵᠢᠯᠠᠯ ᠢ᠋ ᠬᠠᠳᠠᠭᠠᠯᠠᠭᠤᠯᠳᠠᠭ ᠪᠠᠢᠭᠰᠠᠨ᠃
ᠬᠠᠳᠬᠤᠮᠠᠯ ᠢ᠋ ᠮᠠᠨ ᠤ᠋ ᠣᠷᠣᠨ ᠤ᠋ ᠦᠨᠳᠦᠰᠦᠲᠡᠨ ᠶᠠᠰᠤᠲᠠᠨ ᠪᠦᠷ ᠥᠭᠡᠷ᠎ᠡ ᠥᠭᠡᠷ᠎ᠡ ᠥᠪᠡᠷᠮᠢᠴᠡ ᠣᠨᠴᠠᠯᠢᠭ ᠲᠠᠢ ᠬᠢᠬᠦ ᠪᠣᠯᠪᠠᠴᠤ ᠶᠡᠷᠦᠩᠬᠡᠢ ᠰᠢᠨᠵᠢ ᠪᠡᠷ ᠠᠳᠠᠯᠢᠬᠠᠨ ᠪᠠᠢᠳᠠᠭ᠃
ᠦᠰᠦᠭ ᠠᠮᠢᠯᠠᠭᠤᠯᠤᠭᠴᠢ᠄ ᠪᠠᠶᠠᠨᠰᠡᠷᠡᠩ᠂ ᠱᠠᠭᠰᠠᠯ᠂ ᠲᠣᠭᠳᠠᠭᠤᠨᠪᠠᠶᠠᠷ
ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ
