ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ04- ᠤᠷᠠᠨ ᠬᠠᠳᠬᠤᠮᠠᠯ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ04- ᠤᠷᠠᠨ ᠬᠠᠳᠬᠤᠮᠠᠯ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ04- ᠤᠷᠠᠨ ᠬᠠᠳᠬᠤᠮᠠᠯ

ᠠᠩᠭᠢᠯᠠᠯ:ᠵᠠᠩ ᠦᠢᠯᠡ
2024-04-06

666

ᠬᠣᠶᠠᠳᠤᠭᠠᠷ ᠪᠦᠯᠦᠭ04- ᠤᠷᠠᠨ ᠬᠠᠳᠬᠤᠮᠠᠯ

     ᠬᠠᠳᠬᠤᠮᠠᠯ ᠪᠣᠯ ᠡᠮᠡᠭᠲᠡᠢ ᠬᠥᠮᠦᠨ ᠦ᠌ ᠣᠶᠣᠳᠠᠯ ᠦᠢᠯᠡ ᠳ᠋ᠦ᠍ ᠬᠥᠮᠦᠨ ᠬᠤᠪᠴᠠᠰᠤ ᠤᠷᠠᠯᠠᠬᠤ ᠪᠣᠯᠤᠭᠰᠠᠨ ᠴᠠᠭ ᠠ᠋ᠴᠠ ᠡᠬᠢ ᠡᠭᠦᠰᠪᠦᠷᠢ ᠨᠢ ᠲᠠᠯᠪᠢᠭᠳᠠᠭᠰᠠᠨ᠃ ᠬᠥᠮᠦᠨ ᠦ᠌ ᠨᠡᠢᠭᠡᠮ ᠦ᠋ᠨ ᠤᠤᠭᠠᠨ ᠤᠷᠠᠯᠢᠭ ᠪᠣᠯᠬᠤ ᠳᠦᠷᠰᠦᠯᠡᠬᠦ ᠤᠷᠠᠯᠢᠭ ᠲᠠᠢ ᠮᠥᠷᠥ ᠵᠡᠷᠭᠡᠴᠡᠭᠡ ᠬᠥᠭᠵᠢᠵᠦ ᠢᠷᠡᠭᠰᠡᠨ ᠪᠥᠭᠡᠳ ᠤᠷᠠᠨ ᠬᠠᠳᠬᠤᠮᠠᠯ ᠤ᠋ᠨ ᠠᠩᠬᠠᠳᠠᠭᠴᠢ ᠨᠢ ᠵᠡᠭᠡᠭᠲᠦ ᠨᠠᠭᠠᠮᠠᠯ ᠪᠠᠢᠵᠤ ᠪᠣᠯᠬᠤ ᠶᠤᠮ᠃ ᠤᠴᠢᠷ ᠨᠢ ᠬᠥᠮᠦᠨ ᠡᠷᠲᠡ ᠦᠶ᠎ᠡ ᠳ᠋ᠦ᠍ ᠰᠦᠷᠦᠭ ᠢ᠋ᠶ᠋ᠡᠷ ᠢ᠋ᠶ᠋ᠡᠨ ᠬᠠᠳᠠᠨ ᠤ᠋ ᠠᠭᠤᠢ ᠳ᠋ᠤ᠌ ᠠᠮᠢᠳᠤᠷᠠᠵᠤ ᠪᠠᠢᠬᠤ ᠳ᠋ᠠᠭᠠᠨ ᠦᠯᠡᠳᠡᠭᠰᠡᠨ ᠤᠯᠠ ᠮᠥᠷ ᠪᠣᠯᠬᠤ ᠠᠩᠬᠠᠨ ᠤ᠋ ᠳᠦᠷᠰᠦ ᠬᠦᠷᠢᠶ᠎ᠡ ᠵᠢᠷᠤᠭ ᠠ᠋ᠴᠠ ᠦᠨᠳᠦᠰᠦᠯᠡᠨ ᠠᠯᠢᠪᠠ ᠠᠮᠢᠲᠠᠨ ᠤ᠋ ᠳᠦᠷᠰᠦ ᠶ᠋ᠢ ᠳᠡᠪᠢᠰᠬᠡᠷ ᠳᠡᠭᠡᠷ᠎ᠡ ᠨᠠᠭᠠᠵᠤ ᠵᠠᠬ᠎ᠠ ᠶ᠋ᠢ ᠳᠠᠷᠤᠭᠤᠯᠤᠨ ᠣᠶᠣᠵᠤ ᠠᠮᠢᠲᠠᠨ ᠤ᠋ ᠳᠦᠷᠰᠦ ᠶ᠋ᠢ ᠠᠩᠬ᠎ᠠ ᠵᠡᠭᠡᠭᠲᠦ ᠨᠠᠭᠠᠮᠠᠯ ᠢ᠋ᠶ᠋ᠠᠷ ᠤᠷᠠᠯᠠᠭᠰᠠᠨ ᠪᠠᠢᠵᠤ ᠲᠠᠭᠠᠷᠠᠨ᠎ᠠ᠃ ᠴᠢᠨᠠᠭᠰᠢᠳᠠ ᠬᠥᠮᠦᠨ ᠦ᠌ ᠨᠡᠢᠭᠡᠮ ᠦ᠋ᠨ ᠬᠥᠭᠵᠢᠯ ᠦ᠋ᠨ ᠳᠠᠭᠠᠤ ᠦᠢᠯᠡᠴᠢᠨ ᠬᠥᠮᠦᠨ ᠦ᠌ ᠤᠷ᠎ᠠ ᠤᠬᠠᠭᠠᠨ ᠬᠥᠭᠵᠢᠬᠦ ᠲᠣᠰᠤᠮ ᠳᠦᠷᠰᠦᠯᠡᠬᠦ ᠤᠷᠠᠯᠢᠭ ᠲᠠᠢ ᠤᠶᠠᠳᠠᠭᠤᠯᠤᠨ ᠠᠯᠢᠪᠠ ᠳᠦᠷᠰᠦ ᠶ᠋ᠢ ᠲᠥᠷᠥᠯ ᠪᠦᠷᠢ ᠶ᠋ᠢᠨ ᠬᠠᠳᠬᠤᠮᠠᠯ ᠢ᠋ᠶ᠋ᠠᠷ ᠤᠷᠠᠯᠠᠨ ᠪᠦᠲᠦᠭᠡᠬᠦ ᠪᠣᠯᠤᠭᠰᠠᠨ ᠨᠢ ᠲᠣᠳᠣᠷᠬᠠᠢ᠃
     ᠬᠥᠮᠦᠨ ‍ᠦ ᠤᠷᠠᠯᠠᠬᠤ ᠠᠵᠢᠯ ᠨᠡᠢᠭᠡᠮ ᠦ᠋ᠨ ᠬᠥᠭᠵᠢᠯ ᠦ᠋ᠨ ᠳᠠᠭᠠᠤ ᠢᠮᠠᠭᠲᠠ ᠳᠠᠪᠰᠢᠨ ᠬᠥᠭᠵᠢᠵᠦ ᠲᠤᠬᠠᠢ ᠶ᠋ᠢᠨ ᠨᠡᠢᠭᠡᠮ ᠦ᠋ᠨ ᠠᠵᠤ ᠠᠮᠢᠳᠤᠷᠠᠯ ᠤ᠋ᠨ ᠪᠠᠢᠳᠠᠯ ᠢ᠋ ᠳᠤᠰᠬᠠᠨ ᠪᠠᠢᠳᠠᠭ ᠤᠴᠢᠷ ᠠ᠋ᠴᠠ ᠲᠡᠦᠬᠡ ᠶ᠋ᠢᠨ ᠤᠯᠠ ᠮᠥᠷ ᠪᠣᠯᠵᠤ ᠦᠯᠡᠳᠡᠳᠡᠭ᠃ ᠡᠭᠦᠨ ᠦ᠌ ᠨᠢᠭᠡ ᠠᠳᠠᠯᠢ ᠡᠮᠡᠭᠲᠡᠢ ᠬᠥᠮᠦᠨ ᠦ᠌ ᠤᠷᠠᠨ ᠦᠢᠯᠡ ᠨᠡᠢᠭᠡᠮ ᠦ᠋ᠨ ᠬᠥᠭᠵᠢᠯ ᠦ᠋ᠨ ᠳᠠᠭᠠᠤ ᠰᠢᠨᠡᠴᠢᠯᠡᠭᠳᠡᠨ ᠪᠣᠯᠪᠠᠰᠤᠷᠠᠩᠭᠤᠢ ᠪᠣᠯᠵᠤ ᠰᠢᠨ᠎ᠡ ᠤᠳᠬ᠎ᠠ ᠠᠭᠤᠯᠭ᠎ᠠ ᠪᠠᠷ ᠪᠠᠶᠠᠵᠢᠵᠤ ᠢᠷᠡᠭᠰᠡᠨ ᠪᠥᠭᠡᠳ ᠤᠷᠠᠴᠤᠳ ᠤ᠋ᠨ ᠤᠷ᠎ᠠ ᠶ᠋ᠢᠨ ᠰᠠᠩ ᠳ᠋ᠤ᠌ ᠠᠰᠤᠷᠤ ᠶᠡᠬᠡ ᠬᠤᠪᠢ ᠨᠡᠮᠡᠷᠢ ᠣᠷᠣᠭᠤᠯᠤᠭᠰᠠᠨ ᠪᠢᠯᠡ᠃
     ᠤᠷᠠᠨ ᠬᠠᠳᠬᠤᠮᠠᠯ ᠪᠣᠯ ᠣᠶᠣᠳᠠᠯ ᠦᠢᠯᠡ ᠳ᠋ᠦ᠍ ᠥᠩᠭᠡ ᠦᠵᠡᠮᠵᠢ ᠣᠷᠣᠭᠤᠯᠵᠤ ᠡᠷᠢᠶᠡᠯᠡᠵᠦ ᠴᠣᠬᠣᠷᠯᠠᠬᠤ᠂ ᠬᠡᠯᠡᠬᠦ᠂ ᠴᠢᠮᠡᠬᠦ ᠲᠡᠳᠦᠢ ᠦᠭᠡᠢ ᠤᠯᠤᠰ ᠣᠷᠣᠨ ᠤ᠋ ᠬᠥᠭᠵᠢᠯ᠂ ᠬᠥᠮᠦᠨ ᠠᠷᠠᠳ ᠤ᠋ᠨ ᠦᠵᠡᠯ ᠪᠣᠳᠣᠯ᠂ ᠭᠤᠸ᠎ᠠ ᠵᠦᠢ᠂ ᠬᠦᠰᠡᠯ ᠡᠷᠡᠮᠡᠯᠵᠡᠯ ᠢ᠋ ᠲᠣᠯᠢᠳᠠᠨ ᠬᠠᠷᠠᠭᠤᠯᠵᠤ᠂ ᠲᠥᠷᠥᠯᠬᠢ ᠡᠬᠡ ᠣᠷᠣᠨ ᠤ᠋ ᠪᠠᠨ ᠥᠩᠭᠡᠷᠡᠭᠰᠡᠨ᠂ ᠣᠳᠣ ᠢᠷᠡᠭᠡᠳᠦᠢ ᠶ᠋ᠢ ᠲᠠᠨᠢᠨ ᠮᠡᠳᠡᠬᠦ᠂ ᠠᠷᠠᠳ ᠲᠦᠮᠡᠨ ᠦ᠌ ᠶᠣᠰᠣ ᠵᠠᠩᠰᠢᠯ᠂ ᠵᠦᠩ ᠪᠡᠯᠭᠡ᠂ᠬᠠᠢᠷ᠎ᠠ ᠰᠡᠳᠬᠢᠯ᠂ ᠡᠬᠡ ᠣᠷᠣᠨᠴᠢ ᠦᠵᠡᠯ ᠨᠡᠪᠲᠡ ᠰᠢᠩᠭᠡᠭᠰᠡᠨ ᠪᠠᠢᠳᠠᠭ ᠢ᠋ᠶ᠋ᠠᠷ ᠢ᠋ᠶ᠋ᠠᠨ ᠣᠨᠴᠠᠯᠢᠭ ᠲᠠᠢ᠃
     ᠤᠷᠠᠨ ᠬᠠᠳᠬᠤᠮᠠᠯ ᠳᠤ ᠲᠤᠰᠬᠠᠭᠳᠠᠭᠰᠠᠨ ᠬᠥᠮᠦᠨ ᠦ᠌ ᠰᠡᠳᠬᠢᠯ᠂ ᠣᠶᠤᠨ᠂ ᠠᠮᠢᠳᠤᠷᠠᠯ ᠲᠡᠮᠡᠴᠡᠯ ᠦ᠋ᠨ ᠰᠠᠢᠨ ᠰᠠᠢᠬᠠᠨ᠂ ᠳᠠᠢᠰᠤᠨ ᠢ᠋ ᠵᠠᠨᠤᠨ ᠦᠵᠡᠬᠦ ᠦᠵᠡᠯ᠂ ᠨᠡᠢᠭᠡᠮ ᠦ᠋ᠨ ᠠᠮᠢᠳᠤᠷᠠᠯ ᠤ᠋ᠨ ᠤᠷᠤᠭᠰᠢ ᠳᠠᠪᠰᠢᠬᠤ ᠵᠠᠮᠨᠠᠯ ᠳ᠋ᠤ᠌ ᠰᠠᠭᠠᠳ ᠪᠣᠯᠵᠤ ᠪᠠᠢᠭ᠎ᠠ ᠵᠦᠢᠯ ᠢ᠋ ᠳᠡᠪᠢᠰᠬᠡᠷ ᠳᠡᠭᠡᠷ᠎ᠡ ᠪᠠᠭᠤᠯᠭᠠᠨ ᠦᠵᠡᠭᠦᠯᠦᠭᠡᠳ ᠵᠣᠭᠰᠣᠬᠤ ᠦᠭᠡᠢ ᠠᠷᠠᠳ ᠤ᠋ᠨ ᠵᠢᠷᠦᠬᠡ ᠰᠡᠳᠬᠢᠯ ᠳ᠋ᠦ᠍ ᠢᠷᠠᠭᠤ ᠨᠠᠢᠷᠠᠭ ᠪᠣᠯᠤᠨ ᠦᠯᠡᠳᠡᠳᠡᠭ ᠢ᠋ᠶ᠋ᠡᠷ ᠢ᠋ᠶ᠋ᠡᠨ ᠬᠣᠢᠴᠢ ᠦᠶ᠎ᠡ ᠶ᠋ᠢ ᠬᠥᠮᠦᠵᠢᠭᠦᠯᠬᠦ ᠳ᠋ᠦ᠍ ᠨᠠᠮ ᠤ᠋ᠨ ᠦᠵᠡᠯ ᠰᠤᠷᠲᠠᠯ ᠤ᠋ᠨ ᠬᠤᠷᠴᠠ ᠵᠡᠪᠰᠡᠭ ᠪᠣᠯᠳᠠᠭ᠃ ᠤᠷᠠᠨ ᠬᠠᠳᠬᠤᠮᠠᠯ ᠤ᠋ᠨ ᠪᠣᠳᠠᠲᠤ ᠰᠡᠳᠦᠪ ᠪᠣᠯ ᠪᠤᠰᠤᠳ ᠤᠷᠠᠯᠢᠭ ᠲᠠᠢ ᠬᠠᠷᠢᠯᠴᠠᠨ ᠬᠣᠯᠪᠣᠭ᠎ᠠ ᠲᠠᠢ ᠪᠡᠶ᠎ᠡ ᠪᠡᠶ᠎ᠡ ᠳ᠋ᠡᠭᠡᠨ ᠨᠥᠯᠥᠭᠡ ᠪᠦᠬᠦᠢ ᠬᠠᠮᠲᠤ ᠵᠡᠷᠭᠡᠴᠡᠨ ᠬᠥᠭᠵᠢᠵᠦ ᠪᠠᠢᠳᠠᠭ ᠤᠴᠢᠷ ᠠ᠋ᠴᠠ ᠲᠤᠰ ᠤᠯᠤᠰ ᠤ᠋ᠨ ᠦᠯᠢᠭᠡᠷ᠂ ᠲᠤᠤᠯᠢᠰ᠂ ᠢᠷᠠᠭᠤ ᠨᠠᠢᠷᠠᠭ᠂ ᠳᠠᠭᠤᠤ ᠳ᠋ᠤ᠌ ᠬᠤᠷᠴᠠ ᠪᠠᠷ ᠲᠣᠰᠴᠤ ᠣᠷᠴᠢᠨ ᠦᠶ᠎ᠡ ᠶ᠋ᠢᠨ ᠠᠬᠤᠢᠴᠢ ᠤᠷᠠᠯᠢᠭ ᠢ᠋ ᠴᠡᠴᠡᠭᠯᠡᠭᠦᠯᠬᠦ ᠳ᠋ᠦ᠍ ᠲᠡᠭᠦᠨ ᠦ᠌ ᠲᠣᠬᠢᠷᠠᠮᠵᠢᠲᠠᠢ ᠬᠥᠷᠥᠰᠥ ᠨᠢ ᠪᠣᠯᠵᠤ ᠪᠠᠢᠨ᠎ᠠ᠂ ᠡᠪᠦᠭᠡ ᠳᠡᠭᠡᠳᠦᠰ ᠦ᠋ᠨ ᠮᠢᠨᠢ ᠤᠷᠠᠯᠠᠨ ᠪᠦᠲᠦᠭᠡᠭᠰᠡᠨ ᠴᠢᠯᠠᠭᠤ᠂ ᠬᠦᠷᠡᠯ᠂ ᠲᠡᠮᠦᠷ ᠵᠡᠪᠰᠡᠭ ᠦ᠋ᠨ ᠦᠶ᠎ᠡ ᠶ᠋ᠢᠨ ᠲᠣᠳᠣ ᠪᠠᠭᠠᠵᠢ ᠤᠷᠠᠯᠠᠯ᠂ ᠲᠡᠭᠦᠨ ᠦ᠌ ᠤᠯᠠ ᠮᠥᠷ ᠡᠬᠡ ᠣᠷᠣᠨ ᠤ᠋ ᠮᠢᠨᠢ ᠤᠷ᠎ᠠ ᠶ᠋ᠢᠨ ᠰᠠᠩ ᠳ᠋ᠤ᠌ ᠦᠯᠡᠳᠡᠭᠰᠡᠨ ᠪᠣᠯᠪᠠᠴᠤ ᠡᠮᠡᠭᠲᠡᠢ ᠬᠥᠮᠦᠨ ᠦ᠌ ᠦᠢᠯᠡ ᠶ᠋ᠢᠨ ᠤᠯᠠ ᠮᠥᠷ ᠪᠡᠶᠡᠲᠦ ᠪᠠᠢᠳᠠᠯ ᠢ᠋ᠶ᠋ᠠᠷ ᠢ᠋ᠶ᠋ᠠᠨ ᠤᠳᠠᠭᠠᠨ ᠬᠠᠳᠠᠭᠠᠯᠠᠭᠳᠠᠵᠤ ᠦᠯᠡᠳᠡᠳᠡᠭ ᠦᠭᠡᠢ ᠨᠢ ᠬᠠᠷᠠᠮᠰᠠᠯᠲᠠᠢ ᠪᠢᠯᠡ᠃
     ᠭᠡᠪᠡᠴᠦ ᠡᠷᠳᠡᠮᠲᠡᠨ ᠮᠡᠷᠭᠡᠵᠢᠯᠲᠡᠨ ᠦ᠌ ᠣᠢᠭ᠎ᠠ ᠦᠭᠡᠢ ᠬᠥᠳᠡᠯᠮᠦᠷᠢ᠂ ᠴᠥᠬᠥᠷᠡᠯᠲᠡ ᠦᠭᠡᠢ ᠡᠷᠢᠯ ᠬᠠᠢᠭᠤᠯ ᠤ᠋ᠨ ᠦᠷ᠎ᠡ ᠳ᠋ᠦᠩ ᠳ᠋ᠦ᠍ ᠣᠳᠣ ᠪᠠᠷ ᠲᠥᠪ ᠠᠽᠢᠶ᠎ᠠ ᠶ᠋ᠢᠨ ᠲᠣᠮᠣ ᠭᠦᠷᠦᠨ ᠾᠦᠩᠨᠦ ᠶ᠋ᠢᠨ ᠦᠶ᠎ᠡ ᠶ᠋ᠢᠨ ᠣᠶᠣᠳᠠᠯ ᠦᠢᠯᠡ ᠰᠢᠷᠢᠮᠡᠯ ᠦ᠋ᠨ ᠵᠦᠢᠯ᠂ ᠬᠠᠳᠬᠤᠮᠠᠯ ᠤ᠋ᠨ ᠤᠯᠠ ᠮᠥᠷ ᠣᠯᠳᠠᠭᠰᠠᠨ ᠨᠢ ᠴᠢᠨᠠᠭᠰᠢᠳᠠ ᠭᠦᠨᠵᠡᠭᠡᠢᠷᠡᠭᠦᠯᠦᠨ ᠰᠤᠳᠤᠯᠬᠤ ᠳ᠋ᠤ᠌ ᠠᠴᠢ ᠬᠣᠯᠪᠣᠭᠳᠠᠯ ᠲᠠᠢ ᠪᠣᠯᠤᠯ᠎ᠠ᠃ ᠡᠨᠡ ᠲᠤᠬᠠᠢ ᠳᠡᠭᠡᠷ᠎ᠡ ᠳᠤᠷᠠᠳᠤᠭᠰᠠᠨ ᠪᠢᠯᠡ᠃ ᠬᠠᠳᠬᠤᠮᠠᠯ ᠣᠳᠣ ᠶ᠋ᠢᠨ ᠮᠡᠳᠡᠭᠳᠡᠵᠦ ᠪᠠᠢᠭ᠎ᠠ ᠪᠠᠷ19—20 ᠳ᠋ᠤᠭᠠᠷ ᠵᠠᠭᠤᠨ ᠤ᠋ ᠦᠶ᠎ᠡ ᠳ᠋ᠦ᠍ ᠤᠷᠠᠯᠠᠨ ᠪᠦᠲᠦᠭᠡᠭᠰᠡᠨ ᠳᠡᠪᠡᠯ ᠬᠤᠪᠴᠠᠰᠤ᠂ ᠪᠤᠷᠬᠠᠨ ᠤ᠋ ᠬᠥᠷᠥᠭ ᠢ᠋ ᠠᠵᠢᠬᠤ ᠳ᠋ᠤ᠌ ᠮᠠᠨ ᠤ᠋ ᠬᠢᠨ ᠳ᠋ᠦ᠍ ᠡᠷᠲᠡᠨ ᠡᠴᠡ ᠤᠯᠠᠮᠵᠢᠯᠠᠯ ᠲᠠᠢ ᠪᠥᠭᠡᠳ ᠶᠡᠬᠡᠬᠡᠨ ᠪᠣᠯᠪᠠᠰᠤᠷᠠᠩᠭᠤᠢ ᠬᠥᠭᠵᠢᠵᠦ ᠢᠷᠡᠭᠰᠡᠨ ᠨᠢ ᠲᠣᠳᠣᠷᠬᠠᠢ ᠪᠠᠢᠨ᠎ᠠ᠃ ᠵᠢᠱ᠌ᠢᠶ᠎ᠡ ᠨᠢ᠄ ᠤᠯᠤᠰ ᠤ᠋ᠨ ᠲᠥᠪ ᠮᠦᠽᠧᠢ ᠪᠣᠯᠤᠨ ᠤᠭᠰᠠᠭᠠᠲᠠᠨ ᠤ᠋ ᠵᠦᠢ ᠶ᠋ᠢᠨ ᠮᠦᠽᠧᠢ᠂ ᠠᠢᠮᠠᠭ᠂ ᠰᠤᠮᠤ ᠨᠤᠭᠤᠳ ᠤ᠋ᠨ ᠣᠷᠣᠨ ᠨᠤᠲᠤᠭ ᠢ᠋ ᠰᠤᠳᠤᠯᠬᠤ ᠮᠦᠽᠧᠢ ᠶ᠋ᠢᠨ ᠦᠵᠡᠮᠦᠷᠢ ᠳ᠋ᠦ᠍ ᠬᠠᠳᠠᠭᠠᠯᠠᠭᠳᠠᠵᠤ ᠪᠠᠢᠭ᠎ᠠ ᠳᠠᠪᠤᠤ᠂ ᠲᠣᠷᠭ᠎ᠠ᠂ ᠬᠢᠯᠭᠠᠰᠤᠨ ᠡᠳ᠋ ᠢ᠋ᠶ᠋ᠡᠷ ᠤᠷᠠᠯᠠᠭᠰᠠᠨ ᠵᠠᠳᠠᠷ ᠵᠠᠮᠰᠥ᠋ᠷᠦᠩ ᠴᠠᠭᠠᠨ ᠳ᠋ᠠᠷ᠎ᠠ ᠡᠬᠡ᠂ ᠴᠡᠪᠡᠭᠮᠢᠳ ᠪᠣᠯᠤᠨ ᠪᠤᠰᠤᠳ ᠪᠤᠷᠬᠠᠨ ᠪᠤᠮᠪᠠ᠂ ᠶᠢᠰᠦᠨ ᠲᠠᠬᠢᠯ ᠤ᠋ᠨ ᠬᠠᠳᠬᠤᠮᠠᠯ ᠪᠣᠯᠤᠨ ᠵᠡᠭᠡᠭᠲᠦ ᠨᠠᠭᠠᠮᠠᠯ ᠮᠠᠨ ᠤ᠋ ᠡᠮᠡᠭᠲᠡᠢᠴᠦᠳ ᠦ᠋ᠨ ᠡᠷᠲᠡ ᠡᠳᠦᠭᠡ ᠶ᠋ᠢᠨ ᠤᠷᠠᠯᠢᠭ ᠤ᠋ᠨ ᠭᠠᠢᠬᠠᠮᠰᠢᠭᠲᠤ ᠴᠢᠨᠠᠷ ᠢ᠋ ᠢᠯᠡᠴᠢᠯᠡᠨ᠎ᠡ᠃
     ᠬᠠᠳᠬᠤᠮᠠᠯ᠂ ᠨᠠᠭᠠᠮᠠᠯ ᠪᠣᠯᠤᠨ ᠪᠤᠰᠤᠳ ᠴᠢᠮᠡᠭᠯᠡᠬᠦ ᠤᠷᠠᠯᠠᠯ ᠮᠠᠨ ᠤ᠋ ᠣᠷᠣᠨ ᠳ᠋ᠤ᠌ ᠲᠠᠰᠤᠷᠠᠯᠲᠠ ᠦᠭᠡᠢ ᠬᠥᠭᠵᠢᠵᠦ ᠪᠠᠢᠭ᠎ᠠ ᠨᠢ ᠠᠷᠠᠳ ᠤ᠋ᠨ ᠭᠠᠷ ᠤᠷᠠᠯᠠᠯ ᠤ᠋ᠨ ᠰᠠᠩ ᠢ᠋ ᠲᠠᠰᠤᠷᠠᠯᠲᠠ ᠦᠭᠡᠢ ᠪᠠᠶᠠᠯᠢᠭ᠍ᠵᠢᠭᠤᠯᠵᠤ ᠢᠷᠡᠭᠰᠡᠨ ᠶᠠᠪᠤᠳᠠᠯ ᠶᠤᠮ᠃ ᠨᠥᠭᠦᠭᠡ ᠲᠠᠯ᠎ᠠ ᠪᠠᠷ ᠡᠴᠢᠭᠡ ᠳᠡᠭᠡᠳᠦ ᠡᠴᠡ ᠪᠦᠰᠡᠭᠦᠢᠴᠦᠳ ᠢ᠋ ᠦᠢᠯᠡ ᠳ᠋ᠦ᠍ ᠰᠤᠷᠭᠠᠵᠤ ᠵᠠᠩᠰᠢᠭᠰᠠᠨ ᠲᠡᠦᠬᠡᠨ ᠤᠯᠠᠮᠵᠢᠯᠠᠯ ᠴᠢᠬᠤᠯᠠ ᠨᠥᠯᠥᠭᠡᠯᠡᠭᠰᠡᠨ ᠪᠢᠯᠡ᠃
     ᠤᠷᠠᠨ ᠬᠠᠳᠬᠤᠮᠠᠯ ᠳᠡᠪᠢᠰᠬᠡᠷ᠂ ᠥᠩᠭᠡ ᠵᠣᠬᠢᠴᠠᠯ᠂ ᠬᠡ ᠵᠡᠷᠭᠡ ᠡᠴᠡ ᠪᠦᠷᠢᠳᠳᠡᠭ ᠪᠥᠭᠡᠳ ᠡᠳᠡ ᠪᠦᠭᠦᠳᠡ ᠦᠨᠳᠦᠰᠦᠲᠡᠨ ᠦ᠌ ᠵᠠᠩ ᠵᠠᠩᠰᠢᠯ ᠲᠠᠢ ᠬᠣᠯᠪᠣᠭ᠎ᠠ ᠲᠠᠢ ᠭᠦᠨ ᠭᠦᠨᠵᠡᠭᠡᠢ ᠤᠳᠬ᠎ᠠ ᠠᠭᠤᠯᠭ᠎ᠠ ᠲᠠᠢ ᠪᠠᠢᠳᠠᠭ ᠪᠣᠯᠬᠣᠷ ᠦᠢᠯᠡᠴᠢᠨ ᠬᠥᠮᠦᠨ ᠢᠯᠠᠩᠭᠤᠶ᠎ᠠ ᠬᠣᠢᠴᠢ ᠦᠶ᠎ᠡ ᠦᠨᠳᠦᠰᠦᠲᠡᠨ ᠦ᠌ ᠪᠡᠨ ᠶᠣᠰᠣ ᠵᠠᠩᠰᠢᠯ ᠨᠠᠮ ᠲᠥᠷᠥ ᠶ᠋ᠢᠨ ᠪᠣᠳᠣᠯᠭ᠎ᠠ ᠶ᠋ᠢᠨ ᠤᠳᠬ᠎ᠠ ᠠᠭᠤᠯᠭ᠎ᠠ ᠶ᠋ᠢ ᠮᠡᠳᠡᠭᠰᠡᠨ ᠦ᠌ ᠦᠨᠳᠦᠰᠦᠨ ᠳᠡᠭᠡᠷ᠎ᠡ ᠤᠷᠠᠨ ᠦᠢᠯᠡ ᠳ᠋ᠦ᠍ ᠳᠤᠰᠬᠠᠬᠤ ᠶᠣᠰᠣ ᠲᠠᠢ᠃
     ᠬᠠᠳᠬᠤᠮᠠᠯ ᠪᠣᠯ ᠣᠯᠠᠨ ᠲᠥᠷᠥᠯ ᠪᠥᠭᠡᠳ ᠲᠤᠰ ᠪᠦᠷᠢ ᠥᠪᠡᠷᠮᠢᠴᠡ ᠣᠨᠴᠠᠯᠢᠭ ᠲᠠᠢ ᠪᠠᠢᠳᠠᠭ᠃ ᠬᠠᠳᠬᠤᠮᠠᠯ ᠤ᠋ᠨ ᠰᠡᠳᠦᠪ ᠬᠥᠮᠦᠨ ᠲᠥᠷᠥᠯᠬᠢᠲᠡᠨ ᠦ᠌ ᠲᠡᠦᠬᠡᠨ ᠬᠥᠭᠵᠢᠯ ᠲᠡᠢ ᠬᠣᠯᠪᠣᠭ᠎ᠠ ᠲᠠᠢ ᠲᠡᠷᠡ ᠳᠠᠭᠠᠤ ᠥᠭᠡᠷᠡᠴᠢᠯᠡᠭᠳᠡᠨ ᠬᠤᠪᠢᠷᠠᠵᠤ ᠢᠷᠡᠭᠰᠡᠨ ᠲᠤᠬᠠᠢ ᠳᠡᠭᠡᠷ᠎ᠡ ᠥᠭᠦᠯᠡᠭᠰᠡᠨ ᠪᠢᠯᠡ᠃ ᠬᠠᠳᠬᠤᠮᠠᠯ ᠢ᠋ ᠬᠡ ᠤᠭᠠᠯᠵᠠ ᠪᠠᠷ ᠴᠢᠮᠡᠭᠯᠡᠬᠦ ᠡᠴᠡ ᠭᠠᠳᠠᠨ᠎ᠠ ᠠᠮᠢᠲᠠᠨ ᠤᠷᠭᠤᠮᠠᠯ᠂ ᠤᠰᠤ᠂ ᠭᠠᠵᠠᠷ ᠵᠦᠢ᠂ ᠬᠥᠮᠦᠨ ᠦ᠌ ᠬᠥᠷᠥᠭ ᠪᠣᠯᠤᠨ ᠪᠣᠳᠠᠲᠤ ᠠᠮᠢᠳᠤᠷᠠᠯ ᠪᠠᠢᠳᠠᠯ ᠠ᠋ᠴᠠ ᠡᠬᠢ ᠠᠪᠴᠤ᠂ ᠬᠥᠮᠦᠨ ᠦ᠌ ᠣᠶᠤᠨ ᠤᠬᠠᠭᠠᠨ ᠠ᠋ᠴᠠ ᠣᠷᠭᠢᠯᠤᠨ ᠭᠠᠷᠴᠤ ᠪᠠᠢᠭ᠎ᠠ ᠨᠡᠢᠭᠡᠮ ᠦ᠋ᠨ ᠠᠮᠢᠳᠤᠷᠠᠯ ᠤ᠋ᠨ ᠶᠠᠪᠤᠴᠠ ᠶ᠋ᠢ ᠤᠷᠠᠨ ᠰᠠᠢᠬᠠᠨ ᠢ᠋ᠶ᠋ᠠᠷ ᠳᠦᠷᠰᠦᠯᠡᠨ ᠦᠵᠡᠭᠦᠯᠳᠡᠭ ᠤᠴᠢᠷ ᠠ᠋ᠴᠠ ᠢᠯᠡ ᠬᠠᠷᠠᠭᠳᠠᠬᠤ ᠢᠷᠠᠭᠤ ᠨᠠᠢᠷᠠᠭ ᠭᠡᠵᠦ ᠬᠡᠯᠡᠵᠦ ᠪᠣᠯᠤᠨ᠎ᠠ᠃ ᠬᠠᠳᠬᠤᠮᠠᠯ ᠳ᠋ᠤ᠌ ᠬᠠᠮᠤᠭ ᠤ᠋ᠨ ᠶᠡᠬᠡ ᠬᠡᠷᠡᠭᠯᠡᠭᠳᠡᠳᠡᠭ ᠴᠢᠮᠡᠭ ᠪᠣᠯ ᠦᠨᠳᠦᠰᠦᠲᠡᠨ ᠦ᠌ ᠶᠠᠩᠵᠤ ᠪᠦᠷᠢ ᠶ᠋ᠢᠨ ᠬᠡ ᠤᠭᠠᠯᠵᠠ ᠤᠴᠢᠷ ᠠ᠋ᠴᠠ ᠦᠨᠳᠦᠰᠦᠲᠡᠨ ᠦ᠌ ᠬᠡ ᠤᠭᠠᠯᠵᠠ ᠶ᠋ᠢᠨ ᠲᠠᠯ᠎ᠠ ᠪᠠᠷ ᠬᠡᠳᠦᠨ ᠵᠦᠢᠯ ᠢ᠋ ᠳᠤᠷᠠᠳᠤᠶ᠎ᠠ᠃

     ᠦᠰᠦᠭ ᠠᠮᠢᠯᠠᠭᠤᠯᠤᠭᠴᠢ᠄ ᠱᠠᠭᠰᠠᠯ᠂ ᠭᠡᠭᠡᠷᠡᠯ
     ᠬᠢᠨᠠᠭᠴᠢ᠄ ᠣᠳᠬᠠᠨᠰᠣ᠎ᠠ᠂ ᠰᠡᠭᠡᠭᠡᠷᠡᠯ