ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ03- ᠣᠶᠣᠳᠠᠯ ᠤ᠋ᠨ ᠲᠥᠷᠥᠯ ᠦ᠋ᠳ
ᠣᠶᠣᠳᠠᠯ ᠤ᠋ᠨ ᠲᠥᠷᠥᠯ ᠦ᠋ᠳ
ᠤᠷᠠᠨ ᠦᠢᠯᠡ ᠪᠣᠯ ᠢᠮᠠᠭᠲᠠ ᠣᠶᠣᠳᠠᠯ ᠤ᠋ᠨ ᠬᠡᠯᠬᠢᠶ᠎ᠡ ᠬᠣᠯᠪᠣᠭᠠᠰᠤ ᠪᠠᠷ ᠪᠦᠲᠦᠬᠦ ᠪᠥᠭᠡᠳ ᠬᠢᠬᠦ ᠮᠠᠲ᠋ᠧᠷᠢᠶᠠᠯ᠂ ᠪᠦᠲᠦᠭᠡᠬᠦ ᠡᠳ᠋ᠯᠡᠯ ᠡᠴᠡ ᠰᠢᠯᠲᠠᠭᠠᠯᠠᠨ ᠣᠯᠠᠨ ᠶᠠᠩᠵᠤ ᠶ᠋ᠢᠨ ᠣᠶᠣᠳᠠᠯ ᠬᠥᠭᠵᠢᠵᠦ ᠢᠷᠡᠵᠡᠢ᠃ ᠣᠶᠣᠳᠠᠯ ᠤ᠋ᠨ ᠲᠥᠷᠥᠯ ᠦ᠋ᠳ ᠬᠥᠮᠦᠨ ᠦ᠌ ᠬᠤᠪᠴᠠᠰᠤ ᠡᠮᠦᠰᠬᠦ ᠪᠣᠯᠤᠭᠰᠠᠨ ᠲᠡᠷᠡ ᠴᠠᠭ ᠠ᠋ᠴᠠ ᠡᠬᠢᠯᠡᠭᠰᠡᠨ ᠨᠢ ᠮᠡᠳᠡᠭᠡᠵᠢ ᠪᠥᠭᠡᠳ ᠣᠶᠣᠳᠠᠯ ᠤ᠋ᠨ ᠲᠥᠷᠥᠯ ᠡᠴᠡ ᠬᠠᠮᠤᠭ ᠤ᠋ᠨ ᠲᠦᠷᠦᠭᠦᠦ ᠬᠣᠯᠪᠣᠵᠤ ᠪᠣᠭᠣᠬᠤ᠂ ᠤᠶᠠᠵᠤ ᠪᠡᠬᠢᠯᠡᠬᠦ ᠠᠵᠢᠯ ᠡᠬᠢᠯᠡᠭᠰᠡᠨ ᠪᠠᠢᠵᠤ ᠪᠣᠯᠬᠤ ᠶᠤᠮ᠃ ᠬᠠᠷᠢᠨ ᠵᠡᠭᠦᠦ ᠪᠠᠷᠢᠵᠤ ᠴᠣᠭᠣᠯᠵᠤ ᠣᠶᠣᠵᠤ ᠡᠬᠢᠯᠡᠭᠰᠡᠨ ᠦᠶ᠎ᠡ ᠳ᠋ᠦ᠍ ᠬᠦᠪᠦᠷᠢᠳᠬᠦ ᠣᠶᠣᠳᠠᠯ ᠡᠭᠦᠰᠦᠭᠰᠡᠨ ᠪᠠᠢᠵᠤ ᠲᠠᠭᠠᠷᠠᠨ᠎ᠠ᠃
ᠬᠣᠶᠠᠷ ᠶᠠᠭᠤᠮ᠎ᠠ ᠶ᠋ᠢ ᠬᠣᠭᠣᠷᠣᠨᠳᠣ ᠨᠢ ᠬᠣᠯᠪᠣᠵᠤ ᠴᠢᠯᠠᠭᠤ᠂ ᠶᠠᠰᠤ᠂ ᠮᠣᠳᠣ᠂ ᠬᠤᠯᠤᠰᠤᠨ ᠵᠡᠭᠦᠦ ᠪᠤᠶᠤ ᠮᠣᠳᠣᠯᠢᠭ ᠤᠷᠭᠤᠮᠠᠯ ᠤ᠋ᠨ ᠥᠷᠭᠡᠰᠦᠲᠦ ᠮᠥᠴᠢᠷ ᠢ᠋ᠶ᠋ᠡᠷ ᠴᠤᠭᠤᠯᠤᠨ ᠬᠦᠪᠦᠷᠢᠳᠴᠦ ᠡᠬᠢᠯᠡᠭᠰᠡᠨ ᠪᠠᠢᠵᠤ ᠲᠠᠭᠠᠷᠠᠨ᠎ᠠ᠃ ᠬᠥᠮᠦᠨ ᠲᠥᠷᠥᠯᠬᠢᠲᠡᠨ ᠦ᠌ ᠡᠷᠲᠡ ᠦᠶ᠎ᠡ ᠶ᠋ᠢᠨ ᠬᠤᠪᠴᠠᠰᠤ ᠠᠩ ᠠᠮᠢᠲᠠᠨ ᠤ᠋ ᠠᠷᠠᠰᠤ ᠪᠠᠢᠭᠰᠠᠨ ᠪᠣᠯᠬᠣᠷ ᠵᠠᠢᠯᠠᠰᠢ ᠦᠭᠡᠢ ᠬᠦᠪᠦᠷᠢᠳᠴᠦ ᠡᠬᠢᠯᠡᠭᠰᠡᠨ ᠭᠡᠵᠦ ᠪᠣᠯᠬᠤ ᠶᠤᠮ᠃ ᠬᠥᠪᠦᠷᠢᠳᠦᠯᠭᠡ ᠭᠡᠳᠡᠭ ᠴᠠᠰᠢ ᠨᠡᠰᠢ ᠬᠠᠳᠬᠤᠬᠤ ᠪᠢᠰᠢ ᠣᠶᠣᠵᠤ ᠪᠠᠢᠭ᠎ᠠ ᠵᠦᠢᠯ ᠢ᠋ᠶ᠋ᠡᠨ ᠬᠣᠭᠣᠷᠣᠨᠳᠣ ᠨᠢ ᠡᠪᠯᠡᠭᠦᠯᠦᠨ ᠪᠠᠷᠢᠵᠤ ᠳᠡᠭᠡᠭᠦᠷ ᠨᠢ ᠳᠠᠪᠠᠭᠤᠯᠤᠨ ᠣᠶᠣᠬᠤ ᠪᠥᠭᠡᠳ ᠡᠨᠡ ᠣᠶᠣᠳᠠᠯ ᠬᠥᠮᠦᠨ ᠲᠥᠷᠥᠯᠬᠢᠲᠡᠨ ᠦ᠌ ᠬᠥᠭᠵᠢᠯ ᠦ᠋ᠨ ᠪᠦᠬᠦ ᠦᠶ᠎ᠡ ᠱᠠᠲᠤ ᠶ᠋ᠢ ᠳᠠᠮᠵᠢᠨ ᠣᠳᠣ ᠬᠦᠷᠲᠡᠯ᠎ᠡ ᠬᠡᠷᠡᠭᠯᠡᠭᠳᠡᠵᠦ ᠢᠷᠡᠵᠡᠢ᠃ ᠬᠦᠪᠦᠷᠢᠳᠦᠯᠭᠡ ᠠᠷᠠᠰᠤ᠂ ᠨᠡᠬᠡᠢ᠂ ᠢᠰᠡᠭᠡᠢ ᠶ᠋ᠢᠨ ᠭᠣᠣᠯ ᠣᠶᠣᠳᠠᠯ ᠬᠦᠪᠦᠷᠢᠳᠬᠦ ᠣᠶᠣᠳᠠᠯ ᠪᠣᠯᠤᠭᠠᠳ ᠵᠣᠭᠰᠣᠬᠤ ᠦᠭᠡᠢ ᠳᠡᠪᠡᠯ᠂ ᠮᠠᠯᠠᠭᠠᠢ ᠶ᠋ᠢᠨ ᠪᠦᠴᠡ ᠰᠢᠯᠪᠢ ᠶ᠋ᠢᠨ ᠣᠶᠣᠳᠠᠯ ᠳ᠋ᠤ᠌ ᠴᠤ᠌ ᠬᠣᠯᠪᠣᠭᠳᠠᠯ ᠲᠠᠢ ᠬᠡᠪ ᠢ᠋ᠶ᠋ᠡᠷ ᠪᠠᠢᠨ᠎ᠠ᠃ ᠬᠦᠪᠦᠷᠢᠳᠬᠦ ᠣᠶᠣᠳᠠᠯ ᠢ᠋ ᠬᠥᠮᠦᠨ ᠭᠤᠷᠪᠠᠨ ᠶᠠᠩᠵᠤ ᠪᠠᠷ ᠬᠡᠷᠡᠭᠯᠡᠵᠦ ᠪᠠᠢᠨ᠎ᠠ᠃
ᠵᠢᠷᠤᠭ5

ᠨᠢᠭᠡᠳᠦᠭᠡᠷ ᠲᠦ᠍᠂ ᠬᠠᠲᠠᠭᠤ ᠪᠤᠶᠤ ᠵᠤᠵᠠᠭᠠᠨ ᠵᠦᠢᠯ ᠢ᠋ ᠣᠶᠣᠬᠤ᠃ ᠬᠣᠶᠠᠳᠤᠭᠠᠷ ᠲᠤ᠌᠂ ᠵᠠᠬᠠᠯᠠᠬᠤ᠃ ᠭᠤᠷᠪᠠᠳᠤᠭᠠᠷ ᠲᠤ᠌᠂ ᠰᠢᠬᠡᠭᠦᠦ ᠪᠤᠶᠤ ᠴᠢᠭᠲᠠᠨ ᠬᠡᠷᠦᠭᠡᠰᠦ ᠬᠡᠯᠪᠡᠷᠢ ᠪᠡᠷ ᠬᠠᠳᠬᠤᠮᠠᠯᠯᠠᠬᠤ ᠳ᠋ᠤ᠌ ᠭᠣᠣᠯᠳᠠᠭᠤ ᠬᠡᠷᠡᠭᠯᠡᠵᠦ ᠪᠠᠢᠨ᠎ᠠ᠃
ᠬᠥᠰᠢᠬᠦ ᠣᠶᠣᠳᠠᠯ ᠬᠥᠰᠢᠬᠦ ᠣᠶᠣᠳᠠᠯ ᠬᠦᠪᠦᠷᠢᠳᠬᠦ ᠣᠶᠣᠳᠠᠯ ᠤ᠋ᠨ ᠣᠢᠷᠠᠯᠴᠠᠭ᠎ᠠ ᠭᠠᠷᠴᠤ ᠢᠷᠡᠭᠰᠡᠨ ᠪᠠᠢᠵᠤ ᠪᠣᠯᠬᠤ ᠪᠥᠭᠡᠳ ᠶᠠᠮᠠᠷ ᠪᠣᠯᠪᠠᠴᠤ ᠡᠷᠲᠡᠨ ᠦ᠌ ᠭᠠᠷᠤᠯ ᠲᠠᠢ᠃ ᠡᠭᠦᠨ ᠢ᠋ ᠨᠢᠮᠭᠡᠨ ᠡᠳ᠋ᠯᠡᠯ ᠣᠶᠣᠬᠤ ᠳ᠋ᠤ᠌ ᠬᠡᠷᠡᠭᠯᠡᠵᠦ ᠪᠠᠢᠭᠰᠠᠨ ᠪᠠ ᠣᠳᠣ ᠴᠤ᠌ ᠮᠠᠨ ᠤ᠋ ᠣᠷᠣᠨ ᠳ᠋ᠤ᠌ ᠬᠡᠷᠡᠭᠯᠡᠵᠦ ᠪᠠᠢᠨ᠎ᠠ᠃ ᠬᠥᠰᠢᠬᠦ ᠣᠶᠣᠳᠠᠯ ᠪᠣᠯ ᠵᠡᠭᠦᠦ ᠶ᠋ᠢ ᠬᠡᠳᠦ ᠬᠡᠳᠦ ᠬᠥᠰᠢᠵᠦ ᠬᠠᠳᠬᠤᠭᠰᠠᠨ ᠤ᠋ ᠳᠠᠷᠠᠭ᠎ᠠ ᠤᠲᠠᠰᠤ ᠪᠠᠨ ᠲᠠᠲᠠᠬᠤ ᠪᠥᠭᠡᠳ ᠡᠭᠦᠨ ᠢ᠋ᠶ᠋ᠡᠷ ᠳᠡᠪᠡᠯ ᠦ᠋ᠨ ᠬᠠᠵᠢᠯᠭ᠎ᠠ᠂ ᠭᠡᠷ ᠦ᠋ᠨ ᠪᠦᠷᠢᠶᠡᠰᠦ ᠶ᠋ᠢᠨ ᠵᠠᠷᠢᠮ ᠬᠡᠰᠡᠭ ᠢ᠋ ᠲᠣᠨᠣᠭᠯᠠᠬᠤ ᠳ᠋ᠤ᠌ ᠬᠡᠷᠡᠭᠯᠡᠨ᠎ᠡ᠃ ᠡᠨᠡ ᠣᠶᠣᠳᠠᠯ ᠬᠠᠮᠤᠭ ᠤ᠋ᠨ ᠬᠡᠪᠡᠷᠡᠭ ᠪᠥᠭᠡᠳ ᠦᠵᠡᠮᠵᠢ ᠮᠠᠭᠤᠲᠠᠢ ᠣᠶᠣᠳᠠᠯ ᠶᠤᠮ᠃
ᠲᠣᠪᠰᠢᠬᠤ ᠣᠶᠣᠳᠠᠯ ᠡᠨᠡ ᠡᠷᠲᠡᠨ ᠦ᠌ ᠭᠠᠷᠤᠯ ᠲᠠᠢ ᠪᠥᠭᠡᠳ ᠬᠣᠶᠠᠷ ᠠ᠋ᠴᠠ ᠳᠣᠭᠣᠭᠰᠢ ᠦᠭᠡᠢ ᠨᠢᠮᠭᠡᠨ ᠵᠤᠵᠠᠭᠠᠨ ᠡᠳ᠋ ᠢ᠋ ᠬᠣᠭᠣᠷᠣᠨᠳᠣ ᠨᠢ ᠨᠡᠢᠯᠡᠭᠦᠯᠵᠦ ᠬᠣᠯᠠ ᠬᠣᠯᠠ ᠲᠣᠪᠰᠢᠨ ᠣᠶᠣᠵᠤ ᠪᠡᠬᠢᠯᠡᠬᠦ ᠶ᠋ᠢ ᠬᠡᠯᠡᠨ᠎ᠡ᠃ ᠲᠣᠪᠰᠢᠬᠤ ᠣᠶᠣᠳᠠᠯ ᠰᠢᠳᠡᠬᠦ ᠪᠤᠶᠤ ᠰᠢᠷᠢᠭᠡᠰᠦ ᠲᠡᠢ ᠣᠢᠷᠠᠯᠴᠠᠭ᠎ᠠ ᠪᠣᠯᠪᠠᠴᠤ ᠣᠶᠣᠳᠠᠯ ᠳ᠋ᠤ᠌ ᠬᠡᠷᠡᠭᠯᠡᠭᠳᠡᠬᠦ ᠣᠨᠴᠠᠯᠢᠭ ᠢ᠋ᠶ᠋ᠠᠷ ᠥᠭᠡᠷ᠎ᠡ ᠶᠦᠮ᠃
ᠵᠢᠷᠤᠭ6 ᠬᠥᠰᠢᠬᠦ᠂ ᠲᠣᠪᠰᠢᠬᠤ ᠣᠶᠣᠳᠠᠯ

ᠰᠢᠳᠡᠬᠦ ᠣᠶᠣᠳᠠᠯ ᠡᠨᠡ ᠨᠢ ᠲᠣᠪᠰᠢᠬᠤ ᠣᠶᠣᠳᠠᠯ ᠲᠠᠢ ᠣᠢᠷᠠᠯᠴᠠᠭ᠎ᠠ ᠬᠣᠶᠠᠷ ᠠ᠋ᠴᠠ ᠳᠣᠭᠣᠭᠰᠢ ᠦᠭᠡᠢ ᠵᠦᠢᠯ ᠢ᠋ ᠳᠠᠪᠬᠤᠷᠯᠠᠨ ᠡᠨᠳᠡ ᠲᠡᠨᠳᠡ ᠬᠣᠯᠠ ᠬᠣᠯᠠ ᠬᠠᠳᠬᠤᠵᠤ ᠲᠦᠷ ᠲᠣᠭᠲᠠᠭᠠᠬᠤ ᠪᠤᠶᠤ ᠡᠰᠬᠡᠭᠦᠷ ᠦ᠋ᠨ ᠵᠦᠢᠳᠡᠯ ᠣᠷᠣᠭᠤᠯᠭᠠ ᠶ᠋ᠢᠨ ᠬᠡᠮᠵᠢᠶ᠎ᠡ ᠪᠠᠢᠷᠢ ᠶ᠋ᠢ ᠠᠯᠳᠠᠭᠳᠠᠭᠤᠯᠬᠤ ᠦᠭᠡᠢ ᠶ᠋ᠢᠨ ᠲᠤᠯᠠᠳᠠ ᠲᠦᠷ ᠲᠣᠭᠲᠠᠭᠠᠬᠤ ᠣᠶᠣᠳᠠᠯ ᠪᠥᠭᠡᠳ ᠵᠢᠩᠬᠢᠨᠢ ᠣᠶᠣᠳᠠᠯ ᠢ᠋ ᠬᠢᠵᠦ ᠳᠠᠭᠤᠰᠤᠮᠠᠭᠴᠠ ᠤᠭ ᠰᠢᠳᠡᠭᠡᠰᠦ ᠶ᠋ᠢ ᠠᠪᠤᠨ᠎ᠠ᠃ ᠵᠢᠱ᠌ᠢᠶ᠎ᠡ ᠨᠢ᠄ ᠳᠡᠪᠡᠯ ᠦ᠋ᠨ ᠥᠩᠭᠡ ᠳᠣᠲᠣᠷ ᠢ᠋ ᠲᠠᠭᠠᠷᠠᠭᠤᠯᠤᠨ ᠡᠰᠬᠡᠵᠦ ᠰᠢᠳᠡᠭᠡᠳ ᠬᠠᠪᠠᠵᠤ ᠳᠠᠭᠤᠰᠤᠭᠰᠠᠨ ᠤ᠋ ᠳᠠᠷᠠᠭ᠎ᠠ ᠰᠢᠳᠡᠭᠡᠰᠦ ᠪᠡᠨ ᠰᠤᠭᠤᠯᠤᠨ ᠠᠪᠤᠨ᠎ᠠ᠃ ᠬᠠᠷᠢᠨ ᠲᠣᠪᠰᠢᠬᠤ ᠣᠶᠣᠳᠠᠯ ᠢ᠋ ᠪᠤᠴᠠᠭᠠᠵᠤ ᠠᠪᠬᠤ ᠦᠭᠡᠢ᠃
ᠵᠢᠷᠤᠭ7 ᠰᠢᠳᠡᠬᠦ ᠣᠶᠣᠳᠠᠯ

ᠰᠢᠭᠯᠠᠬᠤ ᠣᠶᠣᠳᠠᠯ ᠭᠠᠷᠤᠯ ᠤ᠋ᠨ ᠬᠤᠪᠢ ᠳ᠋ᠤ᠌ ᠡᠷᠲᠡᠨ ᠦ᠌ ᠪᠥᠭᠡᠳ ᠪᠠᠲᠤ ᠪᠥᠬᠡ ᠬᠠᠮᠤᠭ ᠤ᠋ᠨ ᠰᠠᠢᠨ ᠣᠶᠣᠳᠠᠯ ᠶᠤᠮ᠃ ᠰᠢᠭᠯᠠᠬᠤ ᠣᠶᠣᠳᠠᠯ ᠢ᠋ ᠬᠥᠮᠦᠨ ᠲᠥᠷᠥᠯᠬᠢᠲᠡᠨ ᠣᠶᠣᠳᠠᠯ ᠳ᠋ᠤ᠌ ᠮᠠᠰᠢᠨ ᠮᠧᠬᠠᠨᠢᠰᠮ ᠬᠡᠷᠡᠭᠯᠡᠬᠦ ᠡᠴᠡ ᠡᠮᠦᠨ᠎ᠡ ᠣᠳᠣ ᠶ᠋ᠢᠨ ᠮᠠᠰᠢᠨ ᠤ᠋ ᠣᠶᠣᠳᠠᠯ ᠢ᠋ ᠭᠠᠷ ᠰᠢᠭᠯᠠᠭᠠᠰᠤ ᠪᠠᠷ ᠭᠦᠢᠴᠡᠳᠬᠡᠵᠦ ᠪᠠᠢᠭᠰᠠᠨ ᠪᠥᠭᠡᠳ ᠣᠶᠣᠳᠠᠯ ᠳ᠋ᠤ᠌ ᠲᠦᠭᠡᠮᠡᠯ ᠬᠡᠷᠡᠭᠯᠡᠭᠳᠡᠳᠡᠭ ᠤᠴᠢᠷ ᠠ᠋ᠴᠠ ᠮᠠᠰᠢᠨ ᠠᠩᠬ᠎ᠠ ᠭᠠᠷᠬᠤ ᠳ᠋ᠤ᠌ ᠰᠢᠭᠯᠠᠭᠠᠰᠤ ᠣᠶᠣᠳᠠᠯ ᠢ᠋ ᠰᠣᠩᠭᠣᠵᠤ ᠮᠧᠬᠠᠨᠢᠰᠮ ᠳ᠋ᠤ᠌ ᠣᠷᠣᠭᠤᠯᠤᠭᠰᠠᠨ ᠠ᠋ᠴᠠ ᠦᠵᠡᠬᠦ ᠳ᠋ᠦ᠍ ᠣᠶᠣᠳᠠᠯ ᠪᠦᠭᠦᠳᠡ ᠡᠴᠡ ᠣᠨᠴᠠᠭᠠᠢ ᠪᠣᠯᠬᠤ ᠨᠢ ᠲᠣᠳᠣᠷᠬᠠᠢ ᠪᠠᠢᠨ᠎ᠠ᠃ ᠰᠢᠭᠯᠠᠭᠠᠰᠤ ᠣᠶᠣᠳᠠᠯ ᠢ᠋ᠶ᠋ᠠᠷ ᠬᠠᠲᠠᠭᠤ᠂ ᠵᠥᠭᠡᠯᠡᠨ ᠶᠠᠮᠠᠷ ᠴᠤ᠌ ᠮᠠᠲ᠋ᠧᠷᠢᠶᠠᠯ ᠢ᠋ ᠡᠪᠯᠡᠭᠦᠯᠵᠦ ᠣᠶᠣᠭᠠᠳ ᠵᠣᠭᠰᠣᠬᠤ ᠦᠭᠡᠢ ᠬᠠᠳᠬᠤᠮᠠᠯ᠂ ᠴᠢᠮᠡᠭᠯᠡᠯ ᠬᠡ ᠤᠭᠠᠯᠵᠠ᠂ ᠵᠠᠬᠠᠯᠠᠬᠤ ᠪᠦᠬᠦ ᠣᠶᠣᠳᠠᠯ ᠳ᠋ᠤ᠌ ᠬᠡᠷᠡᠭᠯᠡᠨ᠎ᠡ᠃ ᠨᠠᠢ᠍ᠮᠠᠳᠤᠭᠠᠷ ᠵᠠᠭᠤᠨ ᠤ᠋ ᠦᠶ᠎ᠡ ᠶ᠋ᠢᠨ ᠪᠤᠯᠠᠰᠢᠨ ᠠ᠋ᠴᠠ ᠣᠯᠳᠠᠭᠰᠠᠨ ᠳᠡᠪᠡᠯ ᠦ᠋ᠨ ᠲᠠᠰᠤᠷᠬᠠᠢ ᠶ᠋ᠢᠨ ᠣᠶᠣᠳᠠᠯ ᠢ᠋ ᠦᠵᠡᠬᠦ ᠳ᠋ᠦ᠍ ᠣᠶᠣᠳᠠᠯ ᠤ᠋ᠨ ᠵᠠᠢ ᠶ᠋ᠢ ᠵᠢᠭᠳᠡ ᠬᠠᠳᠬᠤᠨ ᠨᠢᠭᠡ ᠨᠦᠬᠡ ᠪᠡᠷ ᠬᠥᠭᠡᠭᠡᠵᠦ ᠰᠢᠭᠯᠠᠭᠰᠠᠨ ᠪᠠᠢᠨ᠎ᠠ᠃ ᠡᠨᠡ ᠮᠠᠲ᠋ᠧᠷᠢᠶᠠᠯ ᠢ᠋ ᠲᠠᠲᠠᠵᠤ ᠦᠵᠡᠬᠦ ᠳ᠋ᠦ᠍ ᠤᠷᠠᠭᠳᠠᠭᠰᠠᠨ ᠪᠣᠯᠪᠠᠴᠤ ᠣᠶᠣᠳᠠᠯ ᠨᠢ ᠬᠠᠭᠵᠠᠷᠠᠭᠰᠠᠨ ᠦᠭᠡᠢ᠃ ᠰᠢᠭᠯᠠᠭᠠᠰᠤ ᠳᠣᠲᠣᠷ᠎ᠠ ᠰᠢᠭᠯᠠᠬᠤ ᠲᠧᠭᠨᠢᠭ ᠢᠵᠢᠯ ᠪᠣᠯᠪᠠᠴᠤ ᠬᠡᠯᠪᠡᠷᠢ ᠪᠠᠢᠷᠢᠰᠢᠯ ᠢ᠋ᠶ᠋ᠠᠷ ᠨᠢ ᠶᠠᠩᠵᠤ ᠪᠦᠷᠢ ᠪᠣᠯᠭᠠᠨ ᠬᠡ ᠤᠭᠠᠯᠵᠠ ᠣᠶᠣᠬᠤ ᠠ᠋ᠴᠠ ᠭᠠᠳᠠᠨ᠎ᠠ᠂ ᠲᠠᠤᠯᠠᠢ ᠬᠠᠷᠠᠢᠯᠭᠠᠬᠤ ᠪᠤᠶᠤ ᠬᠣᠣᠰ ᠰᠢᠭᠯᠠᠭᠠᠰᠤ ᠬᠢᠵᠦ ᠴᠢᠮᠡᠭᠯᠡᠬᠦ ᠣᠶᠣᠳᠠᠯ ᠳ᠋ᠤ᠌ ᠬᠡᠷᠡᠭᠯᠡᠨ᠎ᠡ᠃
ᠵᠢᠷᠤᠭ8
(1) ᠰᠢᠭᠤᠳ ᠰᠢᠭᠯᠠᠭᠠᠰᠤ
(2) ᠬᠣᠶᠠᠳᠠᠬᠢ ᠤᠳᠠᠭ᠎ᠠ ᠵᠠᠢ ᠶ᠋ᠢ ᠨᠥᠬᠥᠬᠦ ᠰᠢᠭᠯᠠᠭᠠᠰᠤ
(3) ᠲᠠᠤᠯᠠᠢ ᠬᠠᠷᠠᠢᠯᠭᠠᠬᠤ
(4) ᠴᠢᠭᠲᠠᠨ ᠬᠡᠯᠪᠡᠷᠢ ᠲᠡᠢ ᠵᠤᠤᠵᠠᠢ ᠶ᠋ᠢᠨ ᠳᠠᠷᠤᠭᠤᠯᠭ᠎ᠠ ᠶ᠋ᠢᠨ ᠰᠢᠭᠯᠠᠭᠠᠰᠤ
(5) ᠰᠢᠭᠯᠠᠭᠠᠰᠤ ᠪᠠᠷ ᠬᠢᠭᠰᠡᠨ ᠤᠭᠠᠯᠵᠠ᠂ ᠣᠢᠮᠣᠰᠤᠨ ᠬᠠᠷᠠᠭ᠎ᠠ

ᠰᠢᠭᠯᠠᠭᠠᠰᠤ ᠣᠶᠣᠳᠠᠯ ᠢ᠋ᠶ᠋ᠠᠷ ᠶᠠᠮᠠᠷ ᠴᠤ᠌ ᠵᠤᠵᠠᠭᠠᠨ ᠡᠳ᠋ ᠰᠢᠷᠢ ᠶ᠋ᠢᠨ ᠬᠦᠬᠦᠷ᠂ ᠡᠮᠡᠭᠡᠯ ᠦ᠋ᠨ ᠲᠣᠨᠣᠭ ᠬᠡᠷᠡᠭᠰᠡᠯ᠂ ᠰᠢᠷᠢ ᠶ᠋ᠢᠨ ᠡᠳ᠋ᠯᠡᠯ ᠦ᠋ᠨ ᠬᠡ ᠤᠭᠠᠯᠵᠠ ᠶ᠋ᠢ ᠣᠶᠣᠬᠤ᠂ ᠪᠥᠬᠡ ᠶ᠋ᠢᠨ ᠵᠣᠳᠣᠭ ᠱᠣᠳᠠᠭ᠂ ᠪᠤᠯᠢᠭᠠᠷᠢ ᠪᠣᠭᠴᠣ᠂ ᠳᠠᠯᠢᠩ ᠵᠡᠷᠭᠡ ᠶ᠋ᠢ ᠣᠶᠣᠳᠠᠭ᠃ ᠰᠢᠭᠯᠠᠭᠠᠰᠤ ᠶ᠋ᠢ ᠰᠢᠭᠤᠳ ᠰᠢᠭᠯᠠᠬᠤ᠂ ᠡᠷᠭᠢᠨ ᠵᠠᠢ ᠶ᠋ᠢ ᠨᠥᠬᠥᠬᠦ ᠵᠡᠷᠭᠡ ᠬᠣᠶᠠᠷ ᠶᠠᠩᠵᠤ ᠪᠠᠷ ᠰᠢᠭᠯᠠᠨᠠ᠃ ᠰᠢᠭᠤᠳ ᠰᠢᠭᠯᠠᠬᠤ ᠰᠢᠭᠯᠠᠭᠠᠭᠠ ᠶ᠋ᠢ ᠬᠥᠮᠦᠨ ᠪᠦᠷᠢ ᠣᠶᠣᠵᠤ ᠴᠢᠳᠠᠳᠠᠭ ᠪᠠ ᠡᠨᠡ ᠨᠢ ᠵᠡᠭᠦᠦ ᠶ᠋ᠢᠨ ᠬᠠᠳᠬᠤᠭᠠᠰᠤᠨ ᠤ᠋ ᠨᠢᠭᠡ ᠨᠦᠬᠡ ᠪᠡᠷ ᠬᠥᠭᠡᠭᠡᠵᠦ ᠲᠡᠭᠰᠢ ᠵᠢᠭᠳᠡ ᠬᠠᠳᠬᠤᠵᠤ ᠰᠢᠭᠯᠠᠨᠠ᠃
ᠡᠷᠭᠢᠵᠦ ᠵᠠᠢ ᠶ᠋ᠢ ᠨᠥᠬᠥᠬᠦ ᠮᠠᠶᠢᠭ ᠢ᠋ᠶ᠋ᠠᠷ ᠰᠢᠭᠯᠠᠬᠤ ᠣᠶᠣᠳᠠᠯ ᠵᠢᠭᠳᠡ ᠴᠡᠪᠡᠷ ᠦᠵᠡᠮᠵᠢᠲᠡᠢ᠃ ᠡᠭᠦᠨ ᠢ᠋ ᠭᠣᠣᠯᠳᠠᠭᠤ ᠬᠦᠬᠦᠷ᠂ ᠭᠤᠲᠤᠯ ᠪᠢᠲᠡᠭᠦᠯᠡᠬᠦ᠂ ᠰᠢᠷᠢ ᠶ᠋ᠢᠨ ᠡᠳ᠋ᠯᠡᠯ ᠦ᠋ᠨ ᠬᠡ ᠤᠭᠠᠯᠵᠠ ᠰᠢᠭᠯᠠᠬᠤ ᠳ᠋ᠤ᠌ ᠬᠡᠷᠡᠭᠯᠡᠬᠦ ᠪᠥᠭᠡᠳ ᠡᠬᠢᠯᠡᠭᠡᠳ ᠨᠡᠪᠲᠡᠭᠡᠯᠵᠡᠬᠦ ᠣᠶᠣᠳᠠᠯ ᠢ᠋ᠶ᠋ᠠᠷ ᠰᠢᠭᠤᠳ ᠶᠠᠪᠤᠭᠠᠳ ᠪᠤᠴᠠᠵᠤ ᠦᠯᠡᠳᠡᠭᠰᠡᠨ ᠵᠠᠢ ᠶ᠋ᠢ ᠬᠣᠶᠠᠳᠠᠬᠢ ᠤᠳᠠᠭ᠎ᠠ ᠣᠶᠣᠬᠤ ᠶ᠋ᠢ ᠬᠡᠯᠡᠨ᠎ᠡ᠃ ᠡᠨᠡ ᠨᠢ ᠰᠢᠭᠤᠳ ᠰᠢᠭᠯᠠᠭᠠᠰᠤ ᠠ᠋ᠴᠠ ᠲᠦᠪᠡᠭᠲᠡᠢ ᠪᠣᠯᠪᠠᠴᠤ ᠦᠵᠡᠮᠵᠢ ᠶ᠋ᠢᠨ ᠬᠤᠪᠢ ᠳ᠋ᠤ᠌ ᠭᠣᠶᠣᠮᠰᠣᠭ ᠪᠣᠯᠳᠠᠭ᠃
ᠲᠠᠤᠯᠠᠢ ᠬᠠᠷᠠᠢᠯᠭᠠᠬᠤ ᠰᠢᠭᠯᠠᠭᠠᠰᠤ ᠶ᠋ᠢ ᠳᠡᠪᠡᠯ ᠬᠤᠪᠴᠠᠰᠤᠨ ᠤ᠋ ᠪᠤᠶᠤ ᠪᠤᠰᠤᠳ ᠳᠠᠪᠤᠤ ᠶ᠋ᠢᠨ ᠡᠳ᠋ᠯᠡᠯ ᠳ᠋ᠦ᠍ ᠰᠦᠷ ᠣᠷᠣᠭᠤᠯᠵᠤ ᠴᠢᠮᠡᠭᠯᠡᠬᠦ ᠳ᠋ᠦ᠍ ᠬᠡᠷᠡᠭᠯᠡᠨ᠎ᠡ᠃ ᠳᠡᠭᠡᠷ᠎ᠡ ᠦᠶ᠎ᠡ ᠳ᠋ᠦ᠍ ᠡᠷᠡᠭᠲᠡᠢ ᠬᠥᠮᠦᠨ ᠦ᠌ ᠮᠣᠩᠭᠣᠯ ᠡᠩᠭᠡᠷ ᠲᠡᠢ ᠴᠠᠮᠴᠠ ᠶ᠋ᠢᠨ ᠵᠠᠬ᠎ᠠ ᠡᠩᠭᠡᠷ ᠲᠦ᠍ ᠥᠷᠭᠡᠨ ᠬᠡᠷᠡᠭᠯᠡᠵᠦ ᠪᠠᠢᠵᠠᠢ᠃
ᠡᠨᠡ ᠣᠶᠣᠳᠠᠯ ᠰᠢᠭᠤᠳ ᠰᠢᠭᠯᠠᠭᠠᠰᠤ ᠪᠠᠷ ᠭᠤᠷᠪᠠ ᠤᠳᠠᠭ᠎ᠠ ᠬᠠᠳᠬᠤᠨ ᠰᠢᠭᠯᠠᠭᠠᠳ ᠲᠡᠷᠡ ᠰᠢᠭᠯᠠᠭᠠᠰᠤᠨ ᠤ᠋ ᠵᠠᠢ ᠲᠠᠢ ᠢᠵᠢᠯ ᠬᠡᠮᠵᠢᠶ᠎ᠡ ᠲᠡᠢ ᠥᠩᠭᠡ ᠳᠣᠲᠣᠷ ᠤ᠋ᠨ ᠵᠠᠪᠰᠠᠷ ᠬᠡᠢᠯᠡᠵᠦ ᠬᠠᠳᠬᠤᠨ᠎ᠠ᠃
ᠴᠢᠭᠲᠠᠨ ᠬᠡᠯᠪᠡᠷᠢ ᠲᠡᠢ
ᠰᠢᠭᠯᠠᠭᠠᠰᠤ ᠶ᠋ᠢ ᠮᠣᠩᠭᠣᠯ ᠭᠤᠲᠤᠯ ᠤ᠋ᠨ ᠵᠤᠤᠵᠠᠢ ᠰᠠᠭᠤᠯᠭᠠᠬᠤ ᠳ᠋ᠤ᠌ ᠬᠡᠷᠡᠭᠯᠡᠨ᠎ᠡ᠃ ᠰᠢᠭᠯᠠᠬᠤ ᠣᠶᠣᠳᠠᠯ ᠢ᠋ᠶ᠋ᠠᠷ ᠲᠠᠮᠠᠬᠢ ᠶ᠋ᠢᠨ ᠪᠣᠯᠤᠨ ᠬᠥᠭᠡᠷᠭᠡ ᠶ᠋ᠢᠨ ᠲᠡᠯᠢᠩ ᠪᠤᠶᠤ ᠤᠭᠤᠲᠠ ᠬᠠᠪᠲᠠᠭᠠᠨ ᠳ᠋ᠤ᠌ ᠬᠡ ᠲᠠᠯᠪᠢᠨ᠎ᠠ᠃ ᠮᠣᠩᠭᠣᠯᠴᠤᠳ ᠭᠣᠣᠯᠳᠠᠭᠤ ᠤᠯᠠᠭᠠᠨ ᠳᠡᠪᠢᠰᠬᠡᠷ ᠳᠡᠭᠡᠷ᠎ᠡ ᠴᠠᠭᠠᠨ ᠤᠲᠠᠰᠤ ᠪᠠᠷ ᠰᠢᠭᠯᠠᠳᠠᠭ ᠪᠠᠢᠭᠰᠠᠨ ᠪᠥᠭᠡᠳ ᠣᠷᠴᠢᠨ ᠦᠶ᠎ᠡ ᠳ᠋ᠦ᠍ ᠰᠢᠭᠯᠠᠭᠠᠰᠤ ᠪᠠ ᠲᠡᠭᠦᠨ ᠦ᠌ ᠳᠡᠪᠢᠰᠬᠡᠷ ᠦ᠋ᠨ ᠥᠩᠭᠡ ᠶ᠋ᠢ ᠲᠣᠬᠢᠷᠠᠭᠤᠯᠤᠨ ᠣᠶᠣᠵᠤ ᠪᠠᠢᠭ᠎ᠠ ᠨᠢ ᠡᠮᠡᠭᠲᠡᠢ ᠬᠥᠮᠦᠨ ᠦ᠌ ᠤᠷᠠᠨ ᠦᠢᠯᠡ ᠳ᠋ᠦ᠍ ᠭᠠᠷᠴᠤ ᠢᠷᠡᠭᠰᠡᠨ ᠥᠭᠡᠷᠡᠴᠢᠯᠡᠯᠲᠡ ᠶᠦᠮ᠃ ᠣᠢᠮᠣᠰᠤᠨ ᠬᠠᠷᠠᠭ᠎ᠠ ᠶ᠋ᠢᠨ ᠰᠢᠭᠯᠠᠭᠠᠰᠤ ᠤᠭᠠᠯᠵᠠ ᠶᠠᠩᠵᠤ ᠪᠦᠷᠢ ᠪᠠᠢᠬᠤ ᠪᠥᠭᠡᠳ ᠳᠤᠭᠤᠢ ᠂ᠪᠢᠲᠡᠭᠦᠦ᠂ ᠵᠠᠳᠠᠭᠠᠢ᠂ ᠡᠪᠡᠷ ᠤᠭᠠᠯᠵᠠ᠂ ᠲᠦᠮᠡᠨ ᠨᠠᠰᠤᠲᠤ᠂ ᠲᠣᠨᠣᠯᠵᠢᠨ ᠪᠤᠶᠤ ᠤᠰᠤᠨ ᠬᠡ ᠣᠶᠣᠵᠤ ᠵᠠᠬ᠎ᠠ ᠪᠠᠷ ᠨᠢ ᠪᠢᠲᠡᠭᠦᠦ᠂ ᠵᠠᠳᠠᠭᠠᠢ ᠠᠯᠤᠬ᠎ᠠ ᠣᠶᠣᠵᠤ ᠳᠣᠣᠷᠠᠲᠤ ᠲᠠᠯ᠎ᠠ ᠪᠠᠷ ᠨᠢ2——3 ᠥᠩᠭᠡ ᠶ᠋ᠢᠨ ᠳᠠᠪᠤᠤ ᠪᠠᠷ ᠠᠯᠠᠭᠯᠠᠭᠤᠯᠤᠨ ᠨᠠᠭᠠᠮᠠᠯ ᠬᠤᠰᠢᠮᠣᠭ ᠣᠶᠣᠨ᠎ᠠ᠃ ᠬᠠᠷᠠᠭ᠎ᠠ ᠶ᠋ᠢᠨ ᠳᠡᠭᠡᠳᠦ ᠲᠠᠯ᠎ᠠ ᠶ᠋ᠢ ᠭᠣᠣᠯᠳᠠᠭᠤ ᠰᠠᠪᠢᠬᠢ ᠪᠤᠶᠤ ᠰᠠᠷᠢᠰᠤ ᠪᠠᠷ ᠲᠠᠰᠠᠮᠠᠳᠠᠨ ᠡᠮᠵᠢᠨ᠎ᠡ᠃
ᠤᠯᠠᠯᠠᠭᠠ ᠣᠶᠣᠳᠠᠯ ᠡᠨᠡ ᠣᠶᠣᠳᠠᠯ ᠬᠡᠯᠪᠡᠷᠢ ᠶ᠋ᠢᠨ ᠬᠤᠪᠢ ᠳ᠋ᠤ᠌ ᠰᠢᠭᠯᠠᠭᠠᠰᠤ ᠮᠠᠶᠢᠭᠲᠠᠢ ᠪᠣᠯᠪᠠᠴᠤ ᠣᠶᠣᠬᠤ ᠠᠵᠢᠯᠯᠠᠭ᠎ᠠ ᠥᠭᠡᠷ᠎ᠡ ᠪᠥᠭᠡᠳ ᠬᠥᠮᠦᠨ ᠦ᠌ ᠭᠠᠷ ᠴᠢᠯᠥᠭᠡᠲᠡᠢ ᠵᠡᠭᠦᠦ ᠰᠢᠪᠦᠭᠡ ᠪᠡᠷ ᠰᠢᠭᠤᠳ ᠬᠠᠳᠬᠤᠵᠤ ᠣᠶᠣᠵᠤ ᠪᠣᠯᠳᠠᠭ ᠦᠭᠡᠢ ᠣᠶᠣᠳᠠᠯ ᠳ᠋ᠤ᠌ ᠬᠡᠷᠡᠭᠯᠡᠨ᠎ᠡ᠃
ᠲᠤᠬᠠᠢᠯᠠᠪᠠᠯ᠂ ᠮᠣᠩᠭᠣᠯ ᠭᠤᠲᠤᠯ ᠤᠯᠠᠯᠠᠬᠤ ᠳ᠋ᠤ᠌ ᠬᠡᠷᠡᠭᠡᠯᠡᠳᠡᠭ ᠤᠴᠢᠷ ᠤᠯᠠᠯᠠᠭᠠ ᠣᠶᠣᠳᠠᠯ ᠭᠡᠵᠦ ᠨᠡᠷᠡᠯᠡᠵᠡᠢ᠃ ᠭᠡᠪᠡᠴᠦ ᠡᠨᠡ ᠣᠶᠣᠳᠠᠯ ᠢ᠋ᠶ᠋ᠠᠷ ᠭᠠᠭᠴᠠ ᠤᠯᠠᠯᠠᠭᠠ ᠬᠢᠳᠡᠭ ᠦᠭᠡᠢ᠃ ᠤᠯᠠᠯᠠᠭᠠ ᠣᠶᠣᠳᠠᠯ ᠢ᠋ ᠨᠢᠭᠡ ᠵᠡᠭᠦᠦ᠂ ᠬᠣᠶᠠᠷ ᠤᠲᠠᠰᠤ ᠪᠠᠷ ᠣᠶᠣᠬᠤ ᠪᠥᠭᠡᠳ ᠨᠢᠭᠡ ᠤᠲᠠᠰᠤ ᠨᠢ ᠳᠣᠲᠣᠷ᠎ᠠ ᠲᠠᠯ᠎ᠠ ᠳ᠋ᠤ᠌ ᠨᠥᠭᠦᠭᠡ ᠨᠢ ᠭᠠᠳᠠᠨ᠎ᠠ ᠪᠠᠢᠬᠤ ᠪᠠ ᠭᠠᠳᠠᠨ᠎ᠠ ᠲᠠᠯ᠎ᠠ ᠶ᠋ᠢᠨ ᠤᠲᠠᠰᠤ ᠶ᠋ᠢ ᠳᠣᠲᠣᠭᠰᠢ ᠬᠠᠳᠬᠤᠨ ᠣᠷᠣᠭᠤᠯᠵᠤ ᠳᠣᠲᠣᠷ᠎ᠠ ᠪᠠᠢᠭ᠎ᠠ ᠤᠲᠠᠰᠤᠨ ᠤ᠋ ᠪᠠᠨ ᠨᠠᠷᠢᠨ ᠦᠵᠦᠭᠦᠷ ᠢ᠋ ᠭᠠᠳᠠᠨ᠎ᠠ ᠠ᠋ᠴᠠ ᠣᠷᠣᠭᠰᠠᠨ ᠤᠲᠠᠰᠤᠨ ᠤ᠋ ᠪᠠᠨ ᠲᠠᠮᠤᠭᠰᠠᠨ ᠡᠷᠴᠢᠮ ᠳ᠋ᠦ᠍ ᠪᠡᠬᠢᠯᠡᠵᠦ ᠭᠠᠳᠠᠨ᠎ᠠ ᠠ᠋ᠴᠠ ᠣᠷᠣᠭᠰᠠᠨ ᠤᠲᠠᠰᠤ ᠪᠠᠨ ᠪᠤᠴᠠᠭᠠᠵᠤ ᠲᠡᠳᠡᠨ ᠳᠣᠲᠣᠷᠠᠬᠢ ᠤᠲᠠᠰᠤᠨ ᠤ᠋ ᠪᠠᠨ ᠦᠵᠦᠭᠦᠷ ᠢ᠋ ᠭᠠᠳᠠᠭᠰᠢ ᠭᠠᠷᠭᠠᠵᠤ᠂ ᠭᠠᠳᠠᠨ᠎ᠠ ᠳᠣᠲᠣᠨ᠎ᠠ ᠬᠣᠶᠠᠷ ᠤᠲᠠᠰᠤ ᠪᠠᠨ ᠵᠢᠭᠳᠡ ᠲᠠᠲᠠᠵᠤ ᠴᠢᠩᠭᠠᠯᠠᠭᠠᠳ ᠤᠭ ᠣᠶᠣᠳᠠᠯ ᠢ᠋ ᠳᠠᠬᠢᠨ ᠳᠠᠪᠲᠠᠬᠤ ᠵᠠᠮ ᠢ᠋ᠶ᠋ᠠᠷ ᠤᠲᠠᠰᠤ ᠪᠠᠨ ᠵᠥᠷᠢᠭᠦᠯᠵᠦ ᠣᠶᠣᠨ᠎ᠠ᠃ ᠡᠨᠡ ᠨᠢ ᠮᠠᠰᠢ ᠪᠠᠲᠤ ᠪᠥᠬᠡ ᠣᠶᠣᠳᠠᠯ ᠶᠤᠮ᠃ ᠦᠢᠯᠡᠳᠪᠦᠷᠢ ᠬᠥᠭᠵᠢᠭᠡ ᠦᠭᠡᠢ ᠪᠠᠢᠬᠤ ᠦᠶ᠎ᠡ ᠡᠴᠡ ᠣᠳᠣ ᠬᠦᠷᠲᠡᠯ᠎ᠡ ᠭᠤᠲᠤᠯ ᠳ᠋ᠤ᠌ ᠬᠡᠷᠡᠭᠯᠡᠵᠦ ᠪᠠᠢᠨ᠎ᠠ᠃
ᠦᠳᠡᠬᠦ ᠣᠶᠣᠳᠠᠯ ᠡᠭᠦᠨ ᠢ᠋ ᠭᠣᠣᠯᠳᠠᠭᠤ ᠰᠢᠷᠢ ᠶ᠋ᠢᠨ ᠡᠳ᠋ᠯᠡᠯ᠂ ᠭᠡᠷ ᠦ᠋ᠨ ᠬᠠᠨ᠎ᠠ ᠦᠳᠡᠬᠦ ᠳ᠋ᠦ᠍ ᠬᠡᠷᠡᠭᠯᠡᠨ᠎ᠡ᠃ ᠡᠨᠡ ᠣᠶᠣᠳᠠᠯ ᠢ᠋ ᠤᠲᠠᠰᠤ ᠪᠠᠷ ᠪᠢᠰᠢ ᠦᠳᠡᠭᠡᠰᠦ ᠪᠡᠷ ᠪᠡᠬᠢᠯᠡᠳᠡᠭ ᠤᠴᠢᠷ ᠦᠳᠡᠬᠦ ᠣᠶᠣᠳᠠᠯ ᠭᠡᠵᠦ ᠨᠠᠷᠠᠯᠠᠨ᠎ᠠ᠃ ᠦᠳᠡᠬᠦ ᠣᠶᠣᠳᠠᠯ ᠲᠧᠭᠨᠢᠭ ᠦ᠋ᠨ ᠬᠤᠪᠢ ᠳ᠋ᠤ᠌ ᠶᠠᠩᠵᠤ ᠪᠦᠷᠢ ᠪᠠᠢᠳᠠᠭ᠃ ᠭᠡᠷ ᠦ᠋ᠨ ᠬᠠᠨ᠎ᠠ ᠶ᠋ᠢ ᠵᠥᠷᠢᠭᠦᠯᠡᠵᠦ ᠲᠤᠰ ᠪᠦᠷᠢ ᠨᠢᠭᠡ ᠤᠳᠠᠭ᠎ᠠ ᠬᠠᠳᠬᠤᠵᠤ ᠪᠡᠬᠢᠯᠡᠳᠡᠭ ᠪᠣᠯ ᠰᠢᠷᠢᠨ ᠬᠦᠬᠦᠷ ᠪᠣᠯᠤᠨ ᠰᠢᠷᠢᠨ ᠲᠡᠯᠢᠩ ᠭᠥᠯᠢᠮ ᠵᠡᠷᠭᠡ ᠶ᠋ᠢ ᠨᠡᠪᠲᠡᠭᠡᠯᠵᠡᠬᠦ ᠪᠤᠶᠤ ᠬᠦᠪᠦᠷᠢᠳᠬᠦ ᠣᠶᠣᠳᠠᠯ ᠢ᠋ᠶ᠋ᠠᠷ ᠦᠳᠡᠵᠦ ᠪᠡᠬᠢᠯᠡᠳᠡᠭ᠃ ᠦᠳᠡᠬᠦ ᠣᠶᠣᠳᠠᠯ ᠢ᠋ᠶ᠋ᠠᠷ ᠵᠥᠪᠬᠡᠨ ᠰᠢᠷᠢ ᠶ᠋ᠢᠨ ᠡᠳ᠋ᠯᠡᠯ ᠬᠤᠪᠴᠠᠰᠤ ᠣᠶᠣᠭᠠᠳ ᠵᠣᠭᠰᠣᠬᠤ ᠦᠭᠡᠢ ᠡᠮᠡᠭᠡᠯ ᠦ᠋ᠨ ᠮᠣᠳᠣ᠂ ᠬᠠᠭᠠᠯᠭ᠎ᠠ᠂ ᠠᠪᠳᠠᠷ᠎ᠠ ᠵᠡᠷᠭᠡ ᠮᠣᠳᠣᠨ ᠡᠳ᠋ᠯᠡᠯ ᠢ᠋ ᠦᠳᠡᠬᠦ ᠪᠥᠭᠡᠳ ᠡᠨᠡ ᠣᠶᠣᠳᠠᠯ ᠢ᠋ ᠬᠢᠬᠦ ᠶ᠋ᠢᠨ ᠲᠤᠯᠠᠳᠠ ᠦᠬᠡᠷ᠂ ᠲᠡᠮᠡᠭᠡ᠂ ᠠᠳᠤᠭᠤ ᠵᠡᠷᠭᠡ ᠪᠤᠲᠠ ᠮᠠᠯ ᠤ᠋ᠨ ᠰᠢᠷᠢ ᠶ᠋ᠢ ᠠᠪᠴᠤ ᠨᠠᠷᠢᠨ ᠵᠦᠰᠦᠵᠦ ᠬᠠᠲᠠᠭᠠᠨ᠎ᠠ᠃ ᠬᠠᠲᠠᠭᠠᠭᠰᠠᠨ ᠦᠳᠡᠭᠡᠷᠢ ᠪᠡᠨ ᠭᠣᠭᠴᠣᠭᠠᠯᠠᠨ ᠡᠪᠬᠡᠵᠦ ᠬᠠᠳᠠᠭᠠᠯᠠᠵᠤ ᠪᠠᠢᠭᠠᠳ ᠶᠠᠭᠤᠮ᠎ᠠ ᠦᠳᠡᠬᠦ ᠦᠶ᠎ᠡ ᠳ᠋ᠡᠭᠡᠨ ᠭᠠᠷᠭᠠᠵᠤ ᠬᠡᠷᠡᠭᠯᠡᠬᠦ ᠬᠡᠮᠵᠢᠶ᠎ᠡ ᠪᠡᠷ ᠢ᠋ᠶ᠋ᠡᠨ ᠲᠠᠰᠤᠯᠤᠨ ᠤᠰᠤᠨ ᠳ᠋ᠤ᠌ ᠳᠡᠪᠲᠦᠭᠡᠵᠦ ᠨᠣᠢᠲᠠᠨ ᠢ᠋ᠶ᠋ᠠᠷ ᠨᠢ ᠦᠳᠡᠬᠦ ᠵᠦᠢᠯ ᠢ᠋ᠶ᠋ᠡᠨ ᠦᠳᠡᠭᠡᠳ ᠬᠠᠲᠠᠭᠠᠨ᠎ᠠ᠃ ᠦᠳᠡᠭᠡᠰᠦ ᠪᠡᠷ ᠦᠳᠡᠭᠰᠡᠨ ᠣᠶᠣᠳᠠᠯ ᠪᠡᠬᠢᠯᠢᠭ ᠪᠠᠲᠤ ᠪᠥᠬᠡ ᠪᠥᠭᠡᠳ ᠰᠢᠷᠢ ᠦᠳᠡᠬᠦ ᠳ᠋ᠡᠭᠡᠨ ᠨᠣᠢᠲᠠᠨ ᠢ᠋ᠶ᠋ᠠᠷ ᠨᠢ ᠦᠳᠡᠪᠡᠯ ᠲᠣᠬᠢᠷᠠᠮᠵᠢᠲᠠᠢ ᠪᠠᠢᠳᠠᠭ᠃ ᠡᠨᠡ ᠣᠶᠣᠳᠠᠯ ᠲᠣᠷᠭᠤᠳ ᠭᠤᠲᠤᠯ ᠤ᠋ᠨ ᠴᠢᠭᠲᠠᠨ ᠤ᠋ ᠰᠢᠷᠢ ᠡᠳ᠋ᠯᠡᠯ ᠳ᠋ᠦ᠍ ᠮᠠᠰᠢ ᠥᠷᠭᠡᠨ ᠬᠡᠷᠡᠭᠯᠡᠭᠳᠡᠵᠦ ᠪᠠᠢᠨ᠎ᠠ᠃
ᠬᠠᠪᠠᠬᠤ ᠣᠶᠣᠳᠠᠯ ᠡᠨᠡ ᠨᠢ ᠳᠠᠪᠤᠤ᠂ ᠲᠣᠷᠭᠠᠨ ᠡᠳ᠋ᠯᠡᠯ ᠪᠣᠢ ᠪᠣᠯᠤᠭᠰᠠᠨ ᠲᠠᠢ ᠬᠣᠯᠪᠣᠭᠳᠠᠨ ᠭᠠᠷᠴᠤ ᠢᠷᠡᠭᠰᠡᠨ ᠪᠥᠭᠡᠳ ᠣᠶᠣᠳᠠᠯ ᠳ᠋ᠤ᠌ ᠥᠷᠭᠡᠨ ᠬᠡᠷᠡᠭᠯᠡᠭᠳᠡᠳᠡᠭ᠃ ᠬᠠᠪᠠᠭᠠᠰᠤ ᠳᠣᠲᠣᠷ᠎ᠠ ᠪᠠᠨ ᠬᠡᠢᠯᠡᠬᠦ᠂ ᠲᠣᠪᠰᠢᠬᠤ᠂ ᠦᠷᠭᠦᠯᠵᠢᠯᠡᠨ ᠬᠠᠪᠠᠬᠤ ᠬᠠᠪᠠᠭᠠᠰᠤ ᠭᠡᠵᠦ ᠭᠤᠷᠪᠠᠨ ᠲᠥᠷᠥᠯ ᠳ᠋ᠦ᠍ ᠬᠤᠪᠢᠶᠠᠭᠳᠠᠨ᠎ᠠ᠃ ᠦᠷᠭᠦᠯᠵᠢᠯᠡᠭᠰᠡᠨ ᠬᠠᠪᠠᠭᠠᠰᠤ ᠶ᠋ᠢ ᠣᠶᠣᠳᠠᠯ ᠤ᠋ᠨ ᠮᠠᠰᠢᠨ ᠪᠣᠢ ᠪᠣᠯᠬᠤ ᠠ᠋ᠴᠠ ᠡᠮᠦᠨ᠎ᠡ ᠳᠡᠪᠡᠯ᠂ ᠲᠡᠷᠯᠢᠭ ᠪᠤᠶᠤ ᠨᠢᠮᠭᠡᠨ ᠳᠠᠪᠤᠤ ᠶ᠋ᠢᠨ ᠡᠳ᠋ᠯᠡᠯ ᠳ᠋ᠦ᠍ ᠬᠡᠷᠡᠭᠯᠡᠵᠦ ᠪᠠᠢᠭᠰᠠᠨ ᠪᠥᠭᠡᠳ ᠨᠡᠩ ᠢᠯᠠᠩᠭᠤᠶ᠎ᠠ ᠬᠥᠪᠥᠩ ᠪᠤᠶᠤ ᠨᠣᠣᠰᠣ ᠲᠠᠯᠪᠢᠵᠤ ᠬᠢᠭᠰᠡᠨ ᠬᠥᠪᠥᠩᠲᠡᠢ ᠬᠤᠪᠴᠠᠰᠤᠨ ᠳ᠋ᠤ᠌ ᠲᠣᠬᠢᠷᠠᠮᠵᠢᠲᠠᠢ᠂ ᠤᠬᠢᠶᠠᠵᠤ ᠠᠷᠴᠢᠬᠤ ᠳ᠋ᠤ᠌ ᠬᠥᠪᠥᠩ ᠪᠥᠭᠡᠮᠨᠡᠷᠡᠳᠡᠭ ᠦᠭᠡᠢ ᠰᠠᠢᠨ ᠲᠠᠯ᠎ᠠ ᠲᠠᠢ ᠪᠠᠢᠭᠰᠠᠨ᠃ ᠬᠠᠷᠢᠨ ᠦᠵᠡᠮᠵᠢ ᠮᠠᠭᠤ ᠲᠠᠢ ᠤᠴᠢᠷ ᠰᠡᠭᠦᠯ ᠦ᠋ᠨ ᠦᠶ᠎ᠡ ᠳ᠋ᠦ᠍ ᠦᠷᠭᠦᠯᠵᠢᠯᠡᠭᠰᠡᠨ ᠭᠠᠷ ᠬᠠᠪᠠᠭᠠᠰᠤ ᠶ᠋ᠢ ᠣᠶᠣᠳᠠᠯ ᠳ᠋ᠤ᠌ ᠬᠡᠷᠡᠭᠯᠡᠬᠦ ᠪᠡᠨ ᠪᠣᠯᠢᠵᠤ ᠪᠠᠢᠭ᠎ᠠ ᠶᠤᠮ᠃ ᠬᠠᠷᠢᠨ ᠮᠠᠰᠢᠨ ᠢ᠋ᠶ᠋ᠠᠷ ᠦᠷᠭᠦᠯᠵᠢᠯᠡᠨ ᠬᠠᠪᠠᠬᠤ ᠣᠶᠣᠳᠠᠯ ᠢᠯᠠᠩᠭᠤᠶ᠎ᠠ1970 ᠣᠨ ᠠ᠋ᠴᠠ ᠡᠬᠢᠯᠡᠨ ᠥᠷᠭᠡᠨ ᠳᠡᠯᠭᠡᠷᠡᠵᠦ ᠪᠠᠢᠨ᠎ᠠ᠃ ᠡᠨᠡ ᠨᠢ ᠬᠤᠪᠴᠠᠰᠤᠨ ᠳ᠋ᠤ᠌ ᠭᠠᠳᠠᠨ᠎ᠠ ᠠ᠋ᠴᠠ ᠣᠯᠠᠨ ᠶᠠᠩᠵᠤ ᠶ᠋ᠢᠨ ᠵᠠᠭᠪᠤᠷ ᠬᠢᠴᠡ ᠳᠡᠯᠭᠡᠷᠡᠵᠦ ᠪᠠᠢᠭ᠎ᠠ ᠲᠠᠢ ᠬᠣᠯᠪᠣᠭ᠎ᠠ ᠲᠠᠢ ᠶᠤᠮ᠃
ᠬᠡᠢᠯᠡᠵᠦ ᠬᠠᠪᠠᠬᠤ ᠬᠠᠪᠠᠭᠠᠰᠤ ᠶ᠋ᠢ ᠰᠡᠭᠦᠯ ᠦ᠋ᠨ ᠦᠶ᠎ᠡ ᠳ᠋ᠦ᠍ ᠮᠣᠩᠭᠣᠯ ᠦᠨᠳᠦᠰᠦᠲᠡᠨ ᠦ᠌ ᠬᠤᠪᠴᠠᠰᠤ ᠶ᠋ᠢᠨ ᠣᠶᠣᠳᠠᠯ ᠳ᠋ᠤ᠌ ᠥᠷᠭᠡᠨ ᠬᠡᠷᠡᠭᠯᠡᠵᠦ ᠪᠠᠢᠭ᠎ᠠ ᠪᠥᠭᠡᠳ ᠡᠨᠡ ᠬᠠᠪᠠᠭᠠᠰᠤ ᠶᠡᠬᠡ ᠡᠷᠲᠡ ᠭᠠᠷᠤᠭᠰᠠᠨ ᠪᠣᠯᠤᠯᠲᠠᠢ᠃ ᠨᠠᠢ᠍ᠮᠠᠳᠤᠭᠠᠷ ᠵᠠᠭᠤᠨ ᠤ᠋ ᠦᠶ᠎ᠡ ᠶ᠋ᠢᠨ ᠪᠤᠯᠠᠰᠢᠨ ᠠ᠋ᠴᠠ ᠣᠯᠳᠠᠭᠰᠠᠨ ᠳᠡᠪᠡᠯ ᠦ᠋ᠨ ᠲᠠᠰᠤᠷᠬᠠᠢ ᠣᠶᠣᠳᠠᠯ ᠢ᠋ ᠠᠵᠢᠭᠯᠠᠬᠤ ᠳ᠋ᠤ᠌ ᠬᠡᠢᠯᠡᠵᠦ ᠬᠠᠪᠠᠵᠤ ᠪᠠᠢᠭᠰᠠᠨ ᠦᠯᠡᠳᠡᠴᠡ ᠪᠠᠢᠯ᠎ᠠ᠃ ᠭᠡᠪᠡᠴᠦ ᠠᠢᠯ ᠭᠡᠷ ᠪᠦᠯᠢ ᠶ᠋ᠢᠨ ᠳᠡᠪᠡᠯ ᠦ᠋ᠨ ᠬᠠᠪᠠᠭᠠᠰᠤᠨ ᠳ᠋ᠤ᠌ ᠨᠡᠪᠲᠡᠷᠡᠭᠡ ᠦᠭᠡᠢ ᠪᠠᠢᠭᠰᠠᠨ ᠨᠢ ᠮᠣᠩᠭᠣᠯ ᠬᠥᠮᠦᠨ ᠣᠶᠣᠳᠠᠯ ᠦᠢᠯᠡ ᠶ᠋ᠢ ᠤᠭ ᠠ᠋ᠴᠠ ᠪᠠᠲᠤ ᠪᠡᠬᠢ ᠬᠢᠬᠦ ᠭᠡᠵᠦ ᠣᠷᠣᠯᠳᠣᠳᠠᠭ ᠪᠠᠢᠭᠰᠠᠨ ᠤ᠋ ᠬᠢ ᠪᠠᠢᠵᠤ ᠪᠣᠯᠬᠤ ᠶᠤᠮ᠃ ᠬᠡᠢᠯᠡᠵᠦ ᠬᠠᠪᠠᠬᠤ ᠬᠠᠪᠠᠭᠠᠰᠤ ᠣᠳᠣ ᠮᠡᠳᠡᠭᠳᠡᠵᠦ ᠪᠠᠢᠭ᠎ᠠ ᠠ᠋ᠴᠠ20 ᠳ᠋ᠤᠭᠠᠷ ᠵᠠᠭᠤᠨ ᠤ᠋ ᠡᠬᠢᠨ ᠦ᠌ ᠦᠶ᠎ᠡ ᠡᠴᠡ ᠳᠡᠯᠭᠡᠷᠡᠭᠰᠡᠨ ᠪᠥᠭᠡᠳ ᠡᠨᠡ ᠨᠢ ᠦᠵᠡᠮᠵᠢᠲᠡᠢ ᠭᠣᠶᠣᠮᠰᠣᠭ ᠬᠠᠪᠠᠭᠠᠰᠤ ᠪᠣᠯᠬᠤ ᠤᠴᠢᠷ ᠣᠷᠴᠢᠨ ᠦᠶ᠎ᠡ ᠶ᠋ᠢᠨ ᠮᠣᠩᠭᠣᠯ ᠬᠤᠪᠴᠠᠰᠤ ᠶ᠋ᠢ ᠬᠠᠪᠠᠬᠤ ᠳ᠋ᠤ᠌ ᠳᠠᠪᠤᠤ᠂ ᠲᠣᠷᠭ᠎ᠠ᠂ ᠬᠤᠷᠠᠭ᠎ᠠ᠂ ᠢᠰᠢᠭᠡ᠂ ᠨᠡᠬᠡᠢ ᠳᠣᠲᠣᠷ ᠲᠠᠢ ᠳᠡᠪᠡᠯ᠂ ᠬᠦᠷᠮ᠎ᠡ ᠬᠠᠨᠲᠠᠭᠠᠵᠠ᠂ ᠮᠠᠯᠠᠭᠠᠢ ᠪᠣᠯᠤᠨ ᠪᠦᠬᠦ ᠣᠶᠣᠳᠠᠯ ᠳ᠋ᠤ᠌ ᠥᠷᠭᠡᠨ ᠬᠡᠷᠡᠭᠯᠡᠵᠦ ᠪᠠᠢᠨ᠎ᠠ᠃ ᠡᠨᠡ ᠬᠤᠪᠴᠠᠰᠤ ᠨᠢ ᠵᠡᠭᠦᠦ ᠪᠡᠨ ᠢᠵᠢᠯ ᠲᠡᠩᠴᠡᠭᠦᠦ ᠵᠠᠢ ᠲᠠᠢ ᠭᠤᠷᠪᠠ ᠬᠠᠳᠬᠤᠵᠤ ᠤᠲᠠᠰᠤ ᠪᠠᠨ ᠲᠠᠲᠠᠭᠠᠳ ᠮᠥᠨ ᠲᠡᠷᠡ ᠭᠤᠷᠪᠠ ᠬᠠᠳᠬᠤᠭᠰᠠᠨ ᠲᠠᠢ ᠪᠠᠨ ᠲᠡᠩᠴᠡᠭᠦᠦ ᠥᠩᠭᠡ ᠳᠣᠲᠣᠷ ᠤ᠋ᠨ ᠵᠠᠪᠰᠠᠷ ᠢ᠋ᠶ᠋ᠠᠷ ᠨᠢᠭᠡ ᠬᠡᠢ ᠣᠶᠣᠵᠤ ᠳᠠᠬᠢᠨ ᠭᠤᠷᠪᠠ ᠬᠠᠳᠬᠤᠵᠤ ᠨᠢᠭᠡ ᠬᠡᠢᠯᠡᠬᠦ ᠮᠠᠶᠢᠭ ᠢ᠋ᠶ᠋ᠠᠷ ᠣᠶᠣᠳᠠᠭ᠃ ᠬᠠᠪᠠᠭᠠᠰᠤ ᠶ᠋ᠢ ᠬᠠᠪᠠᠬᠤ ᠳ᠋ᠤ᠌ ᠤᠲᠠᠰᠤ ᠶ᠋ᠢ ᠴᠢᠩᠭ᠎ᠠ ᠲᠠᠲᠠᠬᠤ ᠦᠭᠡᠢ᠃ ᠬᠠᠪᠠᠭᠠᠰᠤᠨ ᠤ᠋ ᠤᠷᠲᠤ ᠪᠣᠭᠣᠨᠢ ᠶ᠋ᠢᠨ ᠬᠡᠮᠵᠢᠶᠡᠨ ᠳ᠋ᠦ᠍ ᠲᠣᠬᠢᠷᠠᠭᠤᠯᠤᠨ ᠬᠡᠰᠡᠭ ᠬᠠᠪᠠᠭᠠᠳ ᠨᠢᠭᠡ ᠤᠳᠠᠭ᠎ᠠ ᠵᠡᠭᠦᠦ ᠶ᠋ᠢᠨ ᠰᠦᠪᠡᠭᠴᠢᠨ ᠦ᠌ ᠬᠡᠮᠵᠢᠶ᠎ᠡ ᠲᠡᠢ ᠭᠣᠭᠴᠣᠭ᠎ᠠ ᠪᠠᠨ ᠰᠤᠯᠠ ᠣᠷᠬᠢᠨ᠎ᠠ᠃ ᠪᠦᠬᠦ ᠬᠠᠪᠠᠭᠠᠰᠤ ᠶ᠋ᠢ ᠳᠠᠭᠤᠰᠤᠭᠰᠠᠨ ᠤ᠋ ᠳᠠᠷᠠᠭ᠎ᠠ ᠪᠡᠬᠢᠯᠡᠭᠡᠨ ᠦ᠌ ᠰᠢᠳᠡᠭᠡᠰᠦ ᠪᠡᠨ ᠰᠤᠭᠤᠯᠤᠨ ᠠᠪᠴᠤ ᠬᠠᠪᠠᠭᠰᠠᠨ ᠡᠳ᠋ᠯᠡᠯ ᠢ᠋ᠶ᠋ᠡᠨ ᠵᠥᠭᠡᠯᠡᠨ ᠲᠠᠲᠠᠵᠤ ᠲᠣᠯᠢᠢᠯᠭᠠᠨᠠ᠃ ᠬᠡᠷᠪᠡ ᠬᠠᠪᠠᠭᠠᠰᠤ ᠶ᠋ᠢ ᠬᠡᠳᠦ ᠴᠢᠩᠭ᠎ᠠ ᠲᠠᠲᠠᠬᠤ ᠪᠤᠶᠤ ᠵᠢᠵᠢᠭ ᠭᠣᠭᠴᠣᠭ᠎ᠠ ᠣᠷᠬᠢᠬᠤ ᠦᠭᠡᠢ ᠪᠣᠯ ᠣᠶᠣᠳᠠᠯ ᠤ᠋ᠨ ᠠᠷ ᠲᠠᠲᠠᠵᠤ ᠬᠤᠪᠴᠠᠰᠤ ᠶ᠋ᠢ ᠦᠵᠡᠮᠵᠢ ᠦᠭᠡᠢ ᠪᠣᠯᠭᠠᠨ᠎ᠠ᠃
ᠵᠢᠷᠤᠭ9
(1) ᠦᠷᠭᠦᠯᠵᠢ ᠬᠠᠪᠠᠭᠠᠰᠤ
(2) ᠬᠡᠢᠯᠡᠵᠦ ᠬᠠᠪᠠᠬᠤ

ᠲᠣᠪᠰᠢᠬᠤ ᠬᠠᠪᠠᠭᠠᠰᠤ ᠡᠨᠡ ᠬᠠᠪᠠᠭᠠᠰᠤ ᠶ᠋ᠢ ᠵᠤᠵᠠᠭᠠᠨ ᠡᠳ᠋ ᠢᠰᠡᠭᠡᠢ ᠳᠠᠪᠬᠤᠷᠯᠠᠬᠤ ᠪᠤᠶᠤ ᠣᠯᠠᠨ ᠳᠠᠪᠬᠤᠷ ᠳᠠᠪᠤᠤ ᠶ᠋ᠢᠨ ᠡᠳ᠋ᠯᠡᠯ ᠢ᠋ ᠬᠠᠪᠠᠬᠤ ᠳ᠋ᠤ᠌ ᠬᠡᠷᠡᠭᠯᠡᠬᠦ ᠪᠥᠭᠡᠳ ᠭᠣᠣᠯᠳᠠᠭᠤ ᠭᠡᠷ ᠦ᠋ᠨ ᠢᠰᠡᠭᠡᠢ᠂ ᠬᠥᠪᠥᠩᠲᠡᠢ ᠳᠠᠪᠤᠤ ᠶ᠋ᠢᠨ ᠪᠥᠷᠢᠶᠡᠰᠦᠨ ᠳ᠋ᠦ᠍ ᠬᠡᠷᠡᠭᠯᠡᠵᠦ ᠢᠷᠡᠵᠡᠢ᠃ ᠲᠣᠪᠰᠢᠬᠤ ᠬᠠᠪᠠᠭᠠᠰᠤ ᠳᠣᠲᠣᠷ᠎ᠠ ᠪᠠᠨ ᠶᠠᠮᠠᠷ ᠨᠢᠭᠡᠨ ᠴᠢᠭᠯᠡᠯ ᠦᠭᠡᠢ ᠰᠢᠳᠡᠭᠡᠰᠦ ᠮᠠᠶᠢᠭ ᠢ᠋ᠶ᠋ᠠᠷ ᠲᠣᠪᠰᠢᠨ ᠬᠠᠪᠠᠬᠤ᠂ ᠨᠢᠳᠦᠯᠡᠬᠦ ᠪᠤᠶᠤ ᠲᠤᠤᠱ ᠬᠠᠪᠠᠬᠤ᠂ ᠬᠡ ᠭᠠᠷᠭᠠᠨ ᠲᠣᠪᠰᠢᠬᠤ ᠵᠡᠷᠭᠡ ᠶᠠᠩᠵᠤ ᠪᠦᠷᠢ ᠪᠠᠢᠳᠠᠭ᠃ ᠡᠨᠡ ᠬᠠᠪᠠᠭᠠᠰᠤ ᠨᠢ ᠨᠢᠭᠡ ᠲᠠᠯ᠎ᠠ ᠪᠠᠷ ᠰᠢᠷᠢᠮᠡᠯ ᠲᠡᠢ ᠲᠥᠰᠲᠡᠢ ᠪᠣᠯᠪᠠᠴᠤ ᠣᠶᠣᠳᠠᠯ ᠤ᠋ᠨ ᠣᠨᠴᠠᠯᠢᠭ ᠢ᠋ᠶ᠋ᠠᠷ ᠢᠯᠭᠠᠭ᠎ᠠ ᠲᠠᠢ᠂ ᠵᠢᠱ᠌ᠢᠶ᠎ᠡ ᠨᠢ᠄ ᠰᠢᠷᠢᠭᠡᠰᠦ ᠵᠠᠢ ᠦᠭᠡᠢ ᠦᠷᠭᠦᠯᠵᠢᠯᠡᠳᠡᠭ ᠪᠣᠯ ᠲᠣᠪᠰᠢᠬᠤ ᠬᠠᠪᠠᠭᠠᠰᠤ ᠵᠠᠢ ᠲᠠᠢ ᠪᠠᠢᠳᠠᠭ ᠢ᠋ᠶ᠋ᠠᠷ ᠢ᠋ᠶ᠋ᠠᠨ ᠣᠨᠴᠠᠯᠢᠭ ᠲᠠᠢ᠃ ᠡᠨᠡ ᠣᠶᠣᠳᠠᠯ ᠡᠷᠲᠡᠨ ᠦ᠌ ᠭᠠᠷᠤᠯ ᠲᠠᠢ᠃ ᠢᠯᠠᠩᠭᠤᠶ᠎ᠠ ᠢᠰᠡᠭᠡᠢ ᠭᠡᠷ ᠪᠣᠢ ᠪᠣᠯᠤᠭᠰᠠᠨ ᠲᠠᠢ ᠬᠣᠯᠪᠣᠭᠳᠠᠨ ᠲᠣᠪᠰᠢᠬᠤ ᠬᠠᠪᠠᠭᠠᠰᠤ ᠭᠠᠷᠴᠤ ᠢᠷᠡᠭᠰᠡᠨ ᠪᠠᠢᠵᠤ ᠪᠣᠯᠬᠤ ᠶᠤᠮ᠃
ᠾᠦᠩᠨᠦ ᠶ᠋ᠢᠨ ᠦᠶ᠎ᠡ ᠶ᠋ᠢᠨ ᠪᠤᠯᠠᠰᠢᠨ ᠠ᠋ᠴᠠ ᠣᠯᠳᠠᠭᠰᠠᠨ ᠳᠠᠪᠤᠤ ᠶ᠋ᠢᠨ ᠥᠩᠭᠡ ᠲᠡᠢ ᠰᠢᠷᠢᠮᠡᠯ ᠦ᠋ᠨ ᠣᠶᠣᠳᠠᠯ ᠢ᠋ ᠠᠩᠭᠢᠯᠠᠬᠤ ᠳ᠋ᠤ᠌ ᠳᠥᠷᠪᠡᠯᠵᠢᠨ ᠨᠢᠳᠦ ᠭᠠᠷᠭᠠᠵᠤ ᠬᠠᠪᠠᠭᠰᠠᠨ ᠪᠠᠢᠨ᠎ᠠ᠃ ᠡᠭᠦᠨ ᠡᠴᠡ ᠦᠵᠡᠬᠦ ᠳ᠋ᠦ᠍ ᠲᠣᠪᠰᠢᠬᠤ ᠰᠢᠷᠢᠭᠡᠰᠦ ᠡᠷᠲᠡᠨ ᠦ᠌ ᠪᠣᠯᠬᠤ ᠨᠢ ᠲᠣᠳᠣᠷᠬᠠᠢ ᠶᠤᠮ᠃ ᠰᠡᠭᠦᠯ ᠦ᠋ᠨ ᠦᠶ᠎ᠡ ᠳ᠋ᠦ᠍ ᠲᠤᠰ ᠣᠷᠣᠨ ᠢᠯᠠᠩᠭᠤᠶ᠎ᠠ ᠦᠢᠯᠡᠳᠪᠦᠷᠢ ᠨᠦ᠍ᠭᠦᠳ ᠲᠦ ᠮᠠᠰᠢᠨ ᠤ᠋ ᠬᠠᠪᠠᠭᠠᠰᠤ ᠶᠡᠬᠡ ᠳᠡᠯᠭᠡᠷᠡᠵᠦ ᠪᠠᠢᠨ᠎ᠠ᠃ ᠡᠨᠡ ᠨᠢ ᠧᠦ᠋ᠷᠣᠫᠠ ᠮᠠᠶᠢᠭ ᠤ᠋ᠨ ᠬᠤᠪᠴᠠᠰᠤ᠂ ᠬᠥᠪᠥᠩᠲᠡᠢ ᠴᠠᠮᠴᠠ᠂ ᠡᠮᠡᠭᠲᠡᠢ ᠬᠥᠮᠦᠨ ᠦ᠌ ᠭᠡᠷ ᠦ᠋ᠨ ᠬᠠᠯᠠᠲ ᠵᠡᠷᠭᠡ ᠳ᠋ᠦ᠍ ᠥᠷᠭᠡᠨ ᠬᠡᠷᠡᠭᠯᠡᠵᠦ ᠪᠠᠢᠨ᠎ᠠ᠃ ᠣᠷᠴᠢᠨ ᠦᠶ᠎ᠡ ᠳ᠋ᠦ᠍ ᠮᠠᠰᠢᠨ ᠢ᠋ᠶ᠋ᠠᠷ ᠬᠠᠪᠠᠵᠤ ᠪᠣᠯᠬᠤ ᠦᠭᠡᠢ ᠪᠥᠬᠡ ᠬᠠᠪᠠᠭᠠᠰᠤ ᠶ᠋ᠢ ᠭᠠᠷ ᠢ᠋ᠶ᠋ᠠᠷ ᠲᠣᠪᠰᠢᠨ ᠬᠠᠪᠠᠵᠤ ᠪᠠᠢᠭ᠎ᠠ ᠪᠥᠭᠡᠳ ᠮᠠᠨ ᠤ᠋ ᠡᠮᠡᠭᠲᠡᠢᠴᠦᠳ ᠦ᠋ᠨ ᠤᠷᠠᠨ ᠦᠢᠯᠡ ᠳ᠋ᠦ᠍ ᠥᠷᠭᠡᠨ ᠬᠡᠷᠡᠭᠯᠡᠭᠳᠡᠵᠦ ᠪᠠᠢᠨ᠎ᠠ᠃
ᠨᠥᠬᠥᠬᠦ ᠣᠶᠣᠳᠠᠯ ᠡᠨᠡ ᠣᠶᠣᠳᠠᠯ ᠪᠤᠰᠤᠳ ᠣᠶᠣᠳᠠᠯ ᠤ᠋ᠨ ᠠᠳᠠᠯᠢ ᠡᠷᠲᠡ ᠦᠶ᠎ᠡ ᠡᠴᠡ ᠬᠡᠷᠡᠭᠯᠡᠵᠦ ᠢᠷᠡᠭᠰᠡᠨ ᠨᠥᠬᠦᠭᠡᠰᠦᠨ ᠦ᠌ ᠵᠠᠬ᠎ᠠ ᠳᠠᠷᠤᠭᠤᠯᠬᠤ ᠣᠶᠣᠳᠠᠯ ᠶᠤᠮ᠃ ᠳᠡᠪᠡᠯ ᠦ᠋ᠨ ᠬᠠᠵᠢᠯᠭ᠎ᠠ᠂ ᠳᠣᠲᠣᠷ ᠬᠣᠶᠠᠷ ᠢ᠋ ᠨᠡᠢᠯᠡᠭᠦᠯᠦᠨ ᠨᠥᠬᠥᠬᠦ᠂ ᠮᠠᠯᠠᠭᠠᠢ ᠶ᠋ᠢᠨ ᠪᠦᠴᠡ᠂ ᠬᠤᠪᠴᠠᠰᠤ ᠬᠤᠨᠠᠷ ᠤ᠋ᠨ ᠡᠪᠯᠡᠭᠦᠯᠵᠦ ᠣᠶᠣᠵᠤ ᠪᠣᠯᠬᠤ ᠦᠭᠡᠢ ᠴᠣᠭᠣᠷᠣᠬᠠᠢ ᠳ᠋ᠤ᠌ ᠥᠪᠡᠷ ᠦ᠋ᠨ ᠬᠢᠨᠢ ᠢᠵᠢᠯ ᠰᠢᠷᠢ᠂ ᠢᠰᠡᠭᠡᠢ᠂ ᠳᠠᠪᠤᠤ ᠲᠠᠯᠪᠢᠵᠤ ᠵᠠᠬ᠎ᠠ ᠶ᠋ᠢ ᠳᠠᠷᠤᠭᠤᠯᠵᠤ ᠣᠶᠣᠳᠠᠭ ᠪᠥᠭᠡᠳ ᠡᠷᠲᠡ ᠦᠶ᠎ᠡ ᠡᠴᠡ ᠰᠠᠶᠢᠬᠠᠨ ᠪᠣᠯᠲᠠᠯ᠎ᠠ ᠨᠥᠬᠦᠭᠡᠰᠦᠨ ᠣᠶᠣᠳᠠᠯ ᠤ᠋ᠨ ᠤᠲᠠᠰᠤ ᠭᠠᠳᠠᠨ᠎ᠠ ᠲᠠᠯ᠎ᠠ ᠳ᠋ᠠᠭᠠᠨ ᠢᠯᠡ ᠳᠠᠮᠨᠠᠵᠤ ᠬᠠᠷᠠᠭᠳᠠᠳᠠᠭ ᠪᠠᠢᠭᠰᠠᠨ ᠤᠴᠢᠷ ᠦᠵᠡᠮᠵᠢ ᠮᠠᠭᠤᠲᠠᠢ ᠪᠠᠢᠵᠠᠢ᠃
ᠬᠠᠷᠢᠨ ᠰᠡᠭᠦᠯ ᠦ᠋ᠨ ᠦᠶ᠎ᠡ ᠳ᠋ᠦ᠍ ᠲᠡᠭᠦᠨ ᠦ᠌ ᠤᠲᠠᠰᠤ ᠶ᠋ᠢ ᠢᠯᠡ ᠬᠠᠷᠠᠭᠳᠠᠭᠤᠯᠬᠤ ᠦᠭᠡᠢ ᠠᠷᠭ᠎ᠠ ᠨᠡᠪᠲᠡᠷᠡᠭᠰᠡᠨ ᠨᠢ ᠨᠥᠬᠥᠭᠡᠰᠦ ᠣᠶᠣᠳᠠᠯ ᠤ᠋ᠨ ᠦᠵᠡᠮᠵᠢ ᠶ᠋ᠢ ᠰᠠᠢᠵᠢᠷᠠᠭᠤᠯᠬᠤ ᠰᠢᠨ᠎ᠡ ᠠᠷᠭ᠎ᠠ ᠪᠣᠯᠵᠠᠢ᠃ ᠡᠭᠦᠨ ᠢ᠋ ᠬᠢᠬᠦ ᠳ᠋ᠡᠭᠡᠨ ᠬᠡᠷᠪᠡ ᠳᠠᠪᠤᠤ ᠶ᠋ᠢᠨ ᠡᠳ᠋ ᠪᠣᠯ ᠨᠥᠬᠥᠬᠦ ᠳᠠᠪᠤᠤ ᠶ᠋ᠢᠨ ᠢ᠋ᠶ᠋ᠡᠨ ᠵᠠᠬ᠎ᠠ ᠶ᠋ᠢ ᠨᠤᠭᠤᠯᠤᠨ ᠢᠩᠳᠡᠦᠳᠡᠵᠦ ᠴᠣᠭᠣᠷᠤᠬᠠᠢ ᠳᠡᠭᠡᠷ᠎ᠡ ᠪᠡᠨ ᠲᠠᠯᠪᠢᠭᠠᠳ ᠢᠩᠳᠡᠦᠳᠡᠭᠰᠡᠨ ᠨᠤᠭᠤᠯᠤᠭᠠᠰᠤ ᠪᠠᠷ ᠳᠣᠲᠣᠷ᠎ᠠ ᠠ᠋ᠴᠠ ᠨᠢ ᠣᠶᠣᠵᠤ ᠨᠢᠭᠡ ᠲᠠᠯ᠎ᠠ ᠶ᠋ᠢ ᠵᠠᠳᠠᠭᠠᠢ ᠦᠯᠡᠳᠡᠭᠡᠨ ᠣᠶᠣᠭᠰᠠᠨ ᠣᠶᠣᠳᠠᠯ ᠢ᠋ᠶ᠋ᠠᠨ ᠡᠷᠭᠢᠭᠦᠯᠬᠦ ᠳ᠋ᠦ᠍ ᠢᠯᠡ ᠬᠠᠷᠮᠠᠨ ᠬᠡᠯᠪᠡᠷᠢᠲᠡᠢ ᠪᠣᠯᠤᠨ᠎ᠠ᠃ ᠳᠠᠷᠠᠭ᠎ᠠ ᠨᠢ ᠦᠯᠡᠳᠡᠭᠰᠡᠨ ᠨᠢᠭᠡ ᠲᠠᠯ᠎ᠠ ᠪᠠᠨ ᠳᠣᠲᠣᠷ᠎ᠠ ᠲᠠᠯ᠎ᠠ ᠠ᠋ᠴᠠ ᠨᠢ ᠮᠠᠰᠢ ᠣᠢᠷᠠᠬᠠᠨ ᠵᠢᠭᠳᠡ᠂ ᠨᠥᠬᠦᠭᠡᠰᠦᠨ ᠳ᠋ᠡᠭᠡᠨ ᠢᠯᠡ ᠤᠲᠠᠰᠤ ᠨᠡᠪᠲᠡᠯᠦᠨ ᠭᠠᠷᠭᠠᠬᠤ ᠦᠭᠡᠢ ᠣᠶᠣᠵᠤ ᠢᠩᠳᠡᠦᠳᠡᠨᠡ᠃ ᠡᠰᠡᠪᠡᠯ ᠥᠮᠥᠳᠦᠨ ᠦ᠌ ᠡᠪᠦᠳᠦᠭ᠂ ᠴᠠᠮᠴᠠ᠂ ᠭᠠᠳᠠᠭᠤᠷ ᠬᠤᠪᠴᠠᠰᠤᠨ ᠤ᠋ ᠲᠣᠬᠣᠢ ᠶ᠋ᠢ ᠴᠣᠭᠣᠷᠣᠬᠤ ᠳ᠋ᠤ᠌ ᠢᠵᠢᠯ ᠥᠩᠭᠡ ᠶ᠋ᠢᠨ ᠮᠠᠲ᠋ᠧᠷᠢᠶᠠᠯ ᠢ᠋ ᠲᠠᠯᠪᠢᠵᠤ ᠰᠢᠭᠤᠳ ᠴᠢᠮᠡᠭᠯᠡᠬᠦ ᠮᠠᠶᠢᠭ ᠢ᠋ᠶ᠋ᠠᠷ ᠵᠠᠬ᠎ᠠ ᠶ᠋ᠢ ᠰᠢᠭᠯᠠᠬᠤ ᠪᠤᠶᠤ ᠮᠠᠰᠢᠨᠳᠠᠨ ᠣᠶᠣᠳᠠᠭ ᠪᠣᠯᠤᠭᠰᠠᠨ ᠨᠢ ᠥᠩᠭᠡ ᠦᠵᠡᠮᠵᠢ ᠰᠠᠢᠵᠢᠷᠠᠵᠤ ᠢᠯᠡ ᠨᠥᠬᠥᠭᠡᠰᠦ ᠣᠷᠴᠢᠨ ᠦᠶ᠎ᠡ ᠶ᠋ᠢᠨ ᠣᠶᠣᠳᠠᠯ ᠠ᠋ᠴᠠ ᠴᠢᠯᠥᠭᠡᠯᠡᠭᠳᠡᠬᠦ ᠲᠠᠰᠢ ᠪᠠᠨ ᠬᠠᠨᠳᠤᠵᠤ ᠪᠠᠢᠨ᠎ᠠ᠃
ᠡᠭᠦᠨ ᠡᠴᠡ ᠭᠠᠳᠠᠨ᠎ᠠ ᠡᠮᠡᠭᠲᠡᠢ ᠬᠥᠮᠦᠨ ᠦ᠌ ᠤᠷᠠᠨ ᠦᠢᠯᠡ ᠨᠡᠢᠭᠡᠮ ᠦ᠋ᠨ ᠬᠥᠭᠵᠢᠯ ᠦ᠋ᠨ ᠳᠠᠭᠠᠤ ᠲᠡᠪᠰᠢᠨ ᠬᠥᠭᠵᠢᠬᠦ ᠵᠠᠮ ᠳ᠋ᠤ᠌ ᠤᠷᠠᠨ ᠦᠢᠯᠡ ᠳ᠋ᠦ᠍ ᠣᠯᠠᠨ ᠲᠥᠷᠥᠯ ᠦ᠋ᠨ ᠰᠢᠨ᠎ᠡ ᠣᠶᠣᠳᠠᠯ ᠪᠣᠢ ᠪᠣᠯᠤᠭᠰᠠᠨ ᠨᠢ ᠦᠢᠯᠡᠴᠢᠨ ᠬᠥᠮᠦᠨ ᠦ᠌ ᠰᠡᠳᠬᠢᠯ ᠣᠶᠤᠨ ᠳ᠋ᠤ᠌ ᠡᠳᠦᠷ ᠳᠣᠳᠣᠮ ᠰᠢᠨ᠎ᠡ ᠵᠦᠢᠯ ᠨᠡᠮᠡᠭᠳᠡᠨ ᠤᠷᠠᠨ ᠦᠢᠯᠡ ᠶ᠋ᠢᠨ ᠴᠢᠮᠡᠭᠯᠡᠬᠦ᠂ ᠬᠡᠯᠡᠬᠦ᠂ ᠭᠤᠸ᠎ᠠ ᠦᠵᠡᠮᠵᠢ ᠶ᠋ᠢ ᠪᠣᠯᠪᠠᠰᠤᠷᠠᠩᠭᠤᠢ ᠪᠣᠯᠭᠠᠬᠤ ᠳ᠋ᠤ᠌ ᠴᠢᠭᠯᠡᠭᠳᠡᠭᠰᠡᠨ ᠬᠠᠳᠬᠤᠮᠠᠯ᠂ ᠰᠦᠯᠵᠢᠮᠡᠯ᠂ ᠨᠡᠬᠡᠭᠡᠰᠦ᠂ ᠲᠣᠣᠷᠯᠠᠭᠠᠰᠤ ᠭᠠᠷᠴᠤ ᠢᠷᠡᠯ᠎ᠡ᠃ ᠡᠭᠦᠨ ᠲᠡᠢ ᠤᠶᠠᠯᠳᠤᠭᠤᠯᠤᠨ ᠤᠷᠠᠨ ᠬᠠᠳᠬᠤᠮᠠᠯ ᠲᠡᠭᠦᠨ ᠦ᠌ ᠭᠤᠸ᠎ᠠ ᠵᠦᠢ ᠶ᠋ᠢᠨ ᠬᠥᠭᠵᠢᠯ᠂ ᠤᠷᠠᠯᠠᠨ ᠪᠦᠲᠦᠭᠡᠬᠦ ᠠᠷᠭ᠎ᠠ ᠶ᠋ᠢᠨ ᠲᠠᠯ᠎ᠠ ᠪᠠᠷ ᠳᠤᠷᠠᠳᠤᠶ᠎ᠠ᠃
ᠦᠰᠦᠭ ᠠᠮᠢᠯᠠᠭᠤᠯᠤᠭᠴᠢ᠄ ᠭᠡᠭᠡᠷᠡᠯ᠂ ᠴᠠᠬᠠᠷ ᠪᠠᠲᠤ Цахар Бат᠂ ᠱᠠᠭᠰᠠᠯ ᠂ ᠪᠠᠶᠠᠨᠰᠡᠷᠡᠩ ᠂ ᠭᠡᠭᠡᠷᠡᠯ᠂
ᠬᠢᠨᠠᠭᠴᠢ᠄ ᠰᠡᠬᠡᠭᠡᠷᠡᠯ᠂ ᠣᠳᠬᠠᠨᠰᠣ᠎ᠠ ᠂ ᠭᠠᠷᠮ᠎ᠠ
