ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ02- ᠲᠣᠷᠭᠠᠨ ᠡᠳ᠋ᠯᠡᠯ ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ02- ᠲᠣᠷᠭᠠᠨ ᠡᠳ᠋ᠯᠡᠯ

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ02- ᠲᠣᠷᠭᠠᠨ ᠡᠳ᠋ᠯᠡᠯ

ᠠᠩᠭᠢᠯᠠᠯ:ᠵᠠᠩ ᠦᠢᠯᠡ
2024-04-04

559

ᠬᠣᠶᠠᠳᠤᠭᠠᠷ ᠪᠦᠯᠦᠭ02- ᠲᠣᠷᠭᠠᠨ ᠡᠳ᠋ᠯᠡᠯ

    ᠬᠣᠷᠣᠬᠠᠢ ᠰᠢᠪᠡᠵᠢ ᠬᠥᠮᠦᠨ ᠳ᠋ᠦ᠍ ᠣᠯᠠᠨ ᠲᠠᠯ᠎ᠠ ᠶ᠋ᠢᠨ ᠠᠴᠢ ᠬᠣᠯᠪᠣᠭᠳᠠᠯ ᠲᠠᠢ ᠠᠮᠢᠲᠠᠨ ᠪᠥᠭᠡᠳ ᠬᠥᠮᠦᠨ ᠳ᠋ᠦ᠍ ᠠᠮᠲᠠᠲᠠᠢ ᠪᠠᠯ᠂ ᠦᠨᠡᠲᠦ ᠲᠣᠷᠭ᠎ᠠ᠂ ᠮᠢᠨᠳᠠᠰᠤᠨ ᠬᠤᠪᠴᠠᠰᠤᠨ ᠤ᠋ ᠮᠠᠲ᠋ᠧᠷᠢᠶᠠᠯ ᠪᠡᠯᠡᠭᠯᠡᠳᠡᠭ ᠪᠢᠯᠡ᠃ ᠬᠥᠮᠦᠨ ᠲᠥᠷᠥᠯᠬᠢᠲᠡᠨ ᠥᠴᠦᠬᠡᠨ ᠵᠢᠵᠢᠭ ᠠᠭᠠᠯᠵᠢ ᠡᠷᠪᠡᠬᠡᠢ ᠶ᠋ᠢ ᠡᠢᠮᠦ ᠦᠨᠡᠲᠦ ᠵᠦᠢᠯ ᠥᠭᠭᠦᠨ᠎ᠡ ᠭᠡᠵᠦ ᠰᠠᠨᠠᠭ᠎ᠠ ᠴᠤ᠌ ᠦᠭᠡᠢ ᠪᠠᠢᠭᠰᠠᠨ ᠨᠢ ᠮᠡᠳᠡᠭᠡᠵᠢ᠃ ᠭᠡᠲᠡᠯ᠎ᠡ ᠬᠥᠮᠦᠨ ᠭᠣᠶᠣᠮᠰᠣᠭ ᠪᠡᠶ᠎ᠡ ᠳ᠋ᠦ᠍ ᠲᠣᠬᠢᠷᠠᠭᠰᠠᠨ ᠬᠤᠪᠴᠠᠰᠤ ᠬᠤᠨᠠᠷ ᠬᠢᠵᠦ ᠡᠮᠦᠰᠬᠦ ᠶ᠋ᠢᠨ ᠲᠤᠯᠠᠳᠠ ᠵᠢᠷᠠᠭᠠᠳ ᠵᠠᠭᠤᠨ ᠤ᠋ ᠡᠮᠦᠨ᠎ᠡ ᠠᠭᠠᠯᠵᠢ᠂ ᠲᠣᠷᠭᠠᠨ ᠤ᠋ ᠬᠦᠷᠢ ᠡᠷᠪᠡᠬᠡᠢ ᠶ᠋ᠢ ᠠᠰᠢᠭᠯᠠᠵᠤ ᠡᠬᠢᠯᠡᠵᠡᠢ᠃ ᠬᠢᠲᠠᠳ ᠤ᠋ᠨ ᠬᠠᠲᠤᠨ ᠬᠠᠭᠠᠨ ᠰᠢ ᠯᠦᠩ ᠽᠢ ᠢᠯᠠᠮ᠎ᠠ ᠶ᠋ᠢᠨ ᠬᠦᠷᠢ ᠡᠷᠪᠡᠬᠡᠢ ᠶ᠋ᠢᠨ ᠠᠰᠢᠭ ᠲᠤᠰᠠ ᠶ᠋ᠢ ᠠᠩᠬ᠎ᠠ ᠣᠯᠵᠤ ᠮᠡᠳᠡᠭᠰᠡᠨ ᠲᠤᠬᠠᠢ ᠳᠣᠷᠣᠨᠠᠳᠠᠬᠢᠨ ᠤ᠋ ᠨᠢᠭᠡᠨ ᠳᠣᠮᠣᠭ ᠲᠤ᠌ ᠪᠠᠢᠳᠠᠭ᠃ ᠰᠢ ᠯᠦᠩ ᠽᠢ ᠨᠢᠭᠡ ᠡᠳᠦᠷ ᠢᠯᠠᠮ᠎ᠠ ᠶ᠋ᠢᠨ ᠴᠡᠴᠡᠷᠯᠢᠭ ᠲᠦ᠍ ᠴᠠᠢ ᠤᠭᠤᠵᠤ ᠰᠠᠭᠤᠲᠠᠯ᠎ᠠ ᠠᠶᠠᠭ᠎ᠠ ᠲᠠᠢ ᠴᠠᠢ ᠤᠷᠤᠭᠤ ᠨᠢ ᠬᠦᠷᠢ ᠡᠷᠪᠡᠬᠡᠢ ᠶ᠋ᠢᠨ ᠠᠪᠠᠭᠠᠯᠳᠠᠢ ᠶ᠋ᠢᠨ ᠭᠡᠷ ᠤᠨᠠᠵᠠᠢ᠃ ᠬᠠᠲᠤᠨ ᠬᠠᠭᠠᠨ ᠲᠡᠭᠦᠨ ᠢ᠋ ᠴᠠᠢ ᠠ᠋ᠴᠠ ᠪᠠᠨ ᠠᠪᠴᠤ ᠬᠠᠶᠠᠬᠤ ᠰᠠᠨᠠᠭ᠎ᠠ ᠲᠠᠢ ᠪᠠᠷᠢᠲᠠᠯ᠎ᠠ ᠤᠲᠠᠰᠤᠨ ᠤ᠋ ᠦᠵᠦᠭᠦᠷ ᠲᠠᠭᠠᠷᠠᠯᠳᠤᠨ ᠬᠥᠪᠴᠦ ᠲᠡᠭᠦᠨ ᠡᠴᠡ ᠤᠲᠠᠰᠤ ᠪᠥᠭᠡᠷᠡᠩᠬᠡᠢᠯᠡᠭᠰᠡᠨ ᠤᠴᠢᠷ ᠢ᠋ ᠯᠡ ᠣᠯᠵᠠᠢ᠃ ᠲᠡᠭᠡᠭᠡᠳ ᠲᠡᠷᠡ ᠤᠲᠠᠰᠤ ᠪᠠᠷ ᠬᠦᠪᠦᠵᠦ ᠲᠣᠷᠭ᠎ᠠ ᠨᠡᠬᠡᠭᠰᠡᠨ ᠨᠢ ᠠᠶᠠᠲᠠᠢᠬᠠᠨ ᠪᠣᠯᠤᠭᠰᠠᠨ ᠭᠡᠨ᠎ᠡ ᠃ ᠲᠡᠷᠡ ᠦᠶ᠎ᠡ ᠡᠴᠡ ᠡᠬᠢᠯᠡᠵᠦ ᠬᠠᠭᠠᠳ ᠨᠣᠶᠠᠳ ᠤ᠋ᠨ ᠬᠠᠮᠤᠭ ᠤ᠋ᠨ ᠳᠡᠭᠡᠳᠦ ᠬᠤᠪᠴᠠᠰᠤ ᠶ᠋ᠢ ᠬᠦᠷᠢ ᠡᠷᠪᠡᠬᠡᠢ ᠭᠡᠳᠡᠭ ᠥᠩᠭᠡ ᠦᠵᠡᠮᠵᠢ ᠮᠠᠭᠤᠲᠠᠢ ᠰᠠᠷᠠᠯ ᠡᠷᠪᠡᠬᠡᠢ ᠶ᠋ᠢᠨ ᠠᠪᠠᠭᠠᠯᠳᠠᠢ ᠶ᠋ᠢᠨ ᠣᠷᠢᠶᠠᠭᠰᠠᠨ ᠲᠣᠷᠭᠠᠨ ᠤᠲᠠᠰᠤ ᠪᠠᠷ ᠬᠢᠳᠡᠭ ᠪᠣᠯᠵᠠᠢ᠃ ᠳᠣᠮᠣᠭ ᠲᠤ᠌ ᠲᠡᠷᠡ ᠡᠳᠦᠷ ᠡᠴᠡ ᠡᠬᠢᠯᠡᠵᠦ ᠮᠢᠩᠭ᠎ᠠ ᠮᠢᠩᠭᠠᠨ ᠵᠢᠯ ᠤᠯᠠᠷᠢᠨ ᠥᠨᠥ ᠦᠶ᠎ᠡ ᠬᠦᠷᠲᠡᠯ᠎ᠡ ᠢᠯᠠᠮ᠎ᠠ ᠶ᠋ᠢᠨ ᠬᠦᠷᠢ ᠬᠣᠷᠣᠬᠠᠢ ᠶ᠋ᠢᠨ ᠠᠪᠠᠭᠠᠯᠳᠠᠢ ᠶ᠋ᠢᠨ ᠭᠡᠷ ᠢ᠋ᠶ᠋ᠡᠷ ᠬᠥᠮᠦᠨ ᠬᠤᠪᠴᠠᠰᠤᠯᠠᠵᠤ ᠢᠷᠡᠵᠡᠢ᠃
    ᠬᠦᠷᠢ ᠬᠣᠷᠣᠬᠠᠢ ᠶ᠋ᠢᠨ ᠳᠣᠣᠷᠠᠲᠤ ᠡᠷᠡᠦ ᠶ᠋ᠢᠨ ᠬᠣᠣᠰ ᠨᠦᠬᠡ ᠡᠴᠡ ᠢᠯᠭᠠᠷᠠᠨ ᠭᠠᠷᠤᠭᠰᠠᠨ ᠨᠠᠭᠠᠯᠳᠤᠮᠠᠲᠠᠭᠠᠢ ᠪᠣᠳᠠᠰ ᠥᠪᠡᠷ ᠬᠣᠭᠣᠷᠣᠨᠳᠣ ᠪᠠᠨ ᠨᠠᠭᠠᠯᠳᠤᠨ ᠠᠮᠠᠷᠬᠠᠨ ᠬᠠᠲᠠᠵᠤ ᠮᠢᠨᠳᠠᠰᠤᠨ ᠤᠲᠠᠰᠤ ᠡᠭᠦᠰᠬᠡᠨ᠎ᠡ᠃ ᠡᠨᠡ ᠮᠢᠨᠳᠠᠰᠤ ᠪᠠᠷ ᠬᠦᠷᠢ ᠡᠷᠪᠡᠬᠡᠢ ᠶ᠋ᠢᠨ ᠠᠪᠠᠭᠠᠯᠳᠠᠢ ᠵᠣᠭᠰᠣᠭ᠎ᠠ ᠵᠠᠢ ᠦᠭᠡᠢ ᠲᠣᠯᠣᠭᠠᠢ ᠪᠠᠨ ᠡᠷᠭᠢᠯᠳᠦᠭᠦᠯᠦᠨ ᠣᠷᠢᠶᠠᠨ ᠪᠡᠶ᠎ᠡ ᠶ᠋ᠢ ᠬᠠᠯᠬᠠᠪᠴᠢᠯᠠᠨ ᠡᠭᠦᠷ ᠨᠡᠬᠡᠨ᠎ᠡ᠃ ᠡᠬᠡ ᠡᠴᠡ ᠤᠨᠠᠮᠠᠭᠴᠠ ᠠᠭᠤᠤ ᠶᠡᠬᠡ ᠬᠥᠳᠡᠯᠮᠦᠷᠢ ᠪᠡᠷ ᠢ᠋ᠶ᠋ᠡᠨ ᠬᠣᠷᠭᠣᠳᠠᠬᠤ ᠪᠠᠢᠷᠢ ᠪᠠᠨ ᠤᠷᠠᠯᠠᠨ ᠪᠦᠲᠦᠭᠡᠵᠦ ᠲᠡᠭᠦᠨ ᠳ᠋ᠡᠭᠡᠨ ᠪᠣᠢᠵᠢᠭᠰᠠᠨ ᠠᠪᠠᠭᠠᠯᠳᠠᠢ ᠡᠬᠡ ᠶ᠋ᠢᠨ ᠬᠠᠢᠷ᠎ᠠ ᠬᠠᠯᠠᠮᠵᠢ ᠦᠭᠡᠢ ᠪᠡᠷ ᠨᠠᠢ᠍ᠮᠠ ᠬᠣᠨᠣᠭ ᠲᠤ᠌ ᠬᠡᠦᠬᠡᠯᠳᠡᠢ ᠪᠣᠯᠵᠤ᠂ ᠳᠠᠬᠢᠨ ᠨᠠᠢ᠍ᠮᠠ ᠬᠣᠨᠣᠵᠤ ᠡᠷᠪᠡᠬᠡᠢ ᠪᠣᠯᠤᠨ ᠨᠢᠰᠦᠨ ᠣᠳᠬᠤ ᠵᠠᠭᠤᠷ᠎ᠠ ᠬᠡᠦᠬᠡᠯᠳᠡᠢ ᠶ᠋ᠢᠨ ᠦᠶ᠎ᠡ ᠡᠴᠡ ᠬᠡᠲᠦᠷᠡᠪᠡᠯ ᠡᠭᠦᠷ ᠢ᠋ᠶ᠋ᠡᠨ ᠴᠣᠭᠣᠯᠵᠤ ᠬᠡᠷᠡᠭ ᠦᠭᠡᠢ ᠪᠣᠯᠭᠠᠨ᠎ᠠ᠃ ᠮᠢᠨᠳᠠᠰᠤᠨ ᠤᠲᠠᠰᠤ ᠶ᠋ᠢ ᠬᠦᠷᠢ ᠬᠣᠷᠣᠬᠠᠢ ᠶ᠋ᠢᠨ ᠡᠭᠦᠷ ᠢ᠋ ᠭᠠᠳᠠᠨ᠎ᠠ ᠠ᠋ᠴᠠ ᠨᠢ ᠬᠠᠯᠠᠭᠠᠬᠤ ᠵᠠᠮ ᠢ᠋ᠶ᠋ᠠᠷ ᠳᠣᠲᠣᠷᠠᠬᠢ ᠬᠡᠦᠬᠡᠯᠳᠡᠢ ᠶ᠋ᠢ ᠤᠰᠠᠳᠬᠠᠵᠤ ᠠᠪᠤᠨ᠎ᠠ᠃ ᠬᠥᠮᠦᠨ ᠲᠥᠷᠥᠯᠬᠢᠲᠡᠨ ᠪᠠᠢᠭᠠᠯᠢ ᠠ᠋ᠴᠠ ᠵᠠᠶᠠᠭᠠᠭᠰᠠᠨ ᠲᠣᠷᠭᠠᠨ ᠠ᠋ᠴᠠ ᠭᠠᠳᠠᠨ᠎ᠠ ᠣᠯᠠᠨ ᠶᠠᠩᠵᠤ ᠶ᠋ᠢᠨ ᠬᠢᠮᠡᠯ ᠲᠣᠷᠭ᠎ᠠ ᠭᠠᠷᠭᠠᠨ ᠠᠪᠴᠤ ᠠᠰᠢᠭᠯᠠᠭᠰᠠᠨ ᠪᠣᠯᠪᠠᠴᠤ ᠥᠨᠥ ᠦᠶ᠎ᠡ ᠬᠦᠷᠲᠡᠯ᠎ᠡ ᠬᠦᠷᠢ ᠬᠣᠷᠣᠬᠠᠢ ᠶ᠋ᠢᠨ ᠠᠪᠠᠭᠠᠯᠳᠠᠢ ᠤᠷᠠᠯᠠᠵᠤ ᠪᠦᠲᠦᠭᠡᠭᠰᠡᠨ ᠲᠣᠷᠭ᠎ᠠ ᠤᠬᠠᠭᠠᠨᠲᠤ ᠬᠥᠮᠦᠨ ᠦ᠌ ᠤᠷᠠᠯᠠᠨ ᠪᠦᠲᠦᠭᠡᠭᠰᠡᠨ ᠲᠣᠷᠭᠠᠨ ᠳ᠋ᠤ᠌ ᠪᠠᠢᠷᠢ ᠪᠠᠨ ᠲᠠᠯᠪᠢᠵᠤ ᠥᠭᠭᠦᠭᠡ ᠦᠭᠡᠢ ᠪᠡᠷ ᠦᠯᠦ ᠪᠠᠷᠠᠮ ᠬᠦᠷᠢ ᠬᠣᠷᠣᠬᠠᠢ ᠶ᠋ᠢᠨ ᠲᠣᠷᠭᠠᠨ ᠴᠢᠨᠠᠷ ᠲᠤ᠌ ᠬᠦᠷᠬᠦ ᠲᠡᠢᠮᠦ ᠲᠣᠷᠭ᠎ᠠ ᠬᠠᠷᠠᠬᠠᠨ ᠭᠠᠷᠤᠭᠠᠳᠤᠢ ᠪᠠᠢᠨ᠎ᠠ᠃ ᠲᠣᠷᠭ᠎ᠠ ᠦᠢᠯᠡᠳᠪᠦᠷᠢᠯᠡᠬᠦ ᠪᠣᠯᠤᠭᠰᠠᠨ ᠲᠡᠦᠬᠡ ᠨᠠᠮᠲᠠᠷ ᠭᠡᠪᠡᠯ ᠱᠠᠵᠠᠩ ᠬᠢᠬᠦ ᠪᠣᠯᠤᠭᠰᠠᠨ ᠲᠡᠦᠬᠡ ᠲᠡᠢ ᠲᠤᠩ ᠣᠢᠷᠠᠯᠴᠠᠭ᠎ᠠ ᠪᠥᠭᠡᠳ ᠬᠢᠲᠠᠳ ᠤ᠋ᠨ ᠦᠨᠳᠦᠰᠦᠲᠡᠨ ᠦ᠌ ᠨᠢᠭᠡ ᠨᠢᠭᠤᠴᠠ ᠠᠵᠢ᠃ ᠣᠯᠠᠨ ᠵᠠᠭᠤᠨ ᠤ᠋ ᠦᠶ᠎ᠡ ᠤᠯᠠᠷᠢᠨ ᠥᠩᠭᠡᠷᠡᠭᠰᠡᠨ ᠪᠣᠯᠪᠠᠴᠤ ᠦᠨᠡᠲᠦ ᠭᠣᠶᠣ ᠳᠠᠪᠤᠤ ᠦᠢᠯᠡᠳᠪᠦᠷᠢᠯᠡᠬᠦ ᠠᠷᠭ᠎ᠠ ᠨᠢ ᠵᠥᠪᠬᠡᠨ ᠬᠢᠲᠠᠳ ᠤ᠋ᠨ ᠬᠦᠷᠢᠶᠡᠨ ᠳ᠋ᠦ᠍ ᠯᠡ ᠮᠡᠳᠡᠳᠡᠭ ᠪᠠᠢᠵᠠᠢ᠃ ᠲᠡᠳᠡ ᠲᠣᠷᠭ᠎ᠠ ᠨᠡᠬᠡᠬᠦ ᠨᠢᠭᠤᠴᠠ ᠶ᠋ᠢ ᠵᠠᠳᠠᠷᠠᠭᠤᠯᠤᠭᠰᠠᠨ ᠬᠥᠮᠦᠨ ᠦ᠌ ᠲᠣᠯᠣᠭᠠᠢ ᠶ᠋ᠢ ᠴᠠᠭᠠᠵᠠ ᠪᠠᠷ ᠬᠣᠷᠣᠭᠠᠬᠤ ᠲᠤᠬᠠᠢ ᠵᠠᠷᠯᠢᠭ ᠴᠤ᠌ ᠭᠠᠷᠭᠠᠵᠠᠢ᠃ ᠭᠡᠪᠡᠴᠦ ᠬᠢᠲᠠᠳ ᠮᠠᠨ ᠤ᠋ ᠲᠣᠭᠠᠯᠠᠯ ᠤ᠋ᠨ3 ᠳ᠋ᠤᠭᠠᠷ ᠵᠠᠭᠤᠨ ᠤ᠋ ᠦᠶᠡᠰ ᠡᠬᠢᠯᠡᠨ ᠲᠣᠷᠭᠠᠨ ᠤ᠋ ᠡᠬᠡ ᠣᠷᠣᠨ ᠪᠠᠢᠬᠤ ᠪᠠᠨ ᠪᠣᠯᠢᠵᠠᠢ᠃ ᠡᠨᠡ ᠲᠤᠬᠠᠢ ᠣᠷᠣᠰ ᠠᠷᠠᠳ ᠤ᠋ᠨ ᠨᠢᠭᠡᠨ ᠳᠣᠮᠣᠭ ᠪᠠᠢᠳᠠᠭ ᠭᠡᠨ᠎ᠡ᠃ ᠪᠠᠭ᠎ᠠ ᠪᠤᠬᠠᠷ ᠤ᠋ᠨ ᠬᠠᠭᠠᠨ ᠤ᠋ ᠬᠠᠲᠤᠨ ᠪᠣᠯᠤᠭᠰᠠᠨ ᠬᠢᠲᠠᠳ ᠤ᠋ᠨ ᠨᠢᠭᠡ ᠭᠦᠩᠵᠦ ᠡᠷ᠎ᠡ ᠨᠥᠬᠥᠷ ᠲᠡᠭᠡᠨ ᠦᠨᠡᠨᠴᠢ ᠬᠠᠢᠷ᠎ᠠ ᠰᠡᠳᠬᠢᠯ ᠦ᠋ᠨ ᠲᠡᠮᠳᠡᠭ ᠪᠣᠯᠭᠠᠵᠤ ᠠᠮᠢ ᠨᠠᠰᠤ ᠪᠠᠨ ᠴᠤ᠌ ᠶᠠᠭᠤᠮ᠎ᠠ ᠶ᠋ᠢᠨ ᠴᠢᠨᠡᠭᠡ ᠪᠣᠳᠣᠬᠤ ᠦᠭᠡᠢ ᠪᠡᠷ ᠢᠯᠠᠮ᠎ᠠ ᠶ᠋ᠢᠨ ᠬᠦᠷᠢ ᠡᠷᠪᠡᠬᠡᠢ ᠶ᠋ᠢᠨ ᠨᠢᠭᠡ ᠥᠨᠳᠡᠭᠡ ᠠᠪᠴᠢᠷᠠᠵᠤ ᠥᠭᠴᠦ ᠬᠦᠷᠢ ᠬᠣᠷᠣᠬᠠᠢ ᠳᠡᠯᠭᠡᠷᠡᠭᠦᠯᠦᠭᠰᠡᠨ ᠭᠡᠨ᠎ᠡ᠃ ᠲᠣᠷᠭᠠᠨ ᠤ᠋ ᠬᠦᠷᠢ ᠡᠷᠪᠡᠬᠡᠢ ᠶᠠᠫᠣᠨ ᠤ᠋ ᠠᠷᠠᠯ ᠳᠡᠭᠡᠷ᠎ᠡ ᠦᠷᠡᠵᠢᠭᠦᠯᠵᠦ ᠡᠬᠢᠯᠡᠭᠰᠡᠨ ᠪᠣᠯᠪᠠᠴᠤ ᠶᠠᠫᠣᠨ ᠤ᠋ ᠡᠵᠡᠨ ᠬᠠᠭᠠᠨ ᠤ᠋ ᠡᠷᠦᠬᠡ ᠭᠡᠷ ᠦ᠋ᠨ ᠨᠢᠭᠤᠴᠠ ᠪᠠᠢᠭᠰᠠᠭᠠᠷ ᠤᠳᠠᠯ ᠦᠭᠡᠢ ᠶᠠᠫᠣᠨ ᠤ᠋ ᠬᠣᠩ ᠲᠠᠢᠵᠢ ᠰᠢᠨᠣ᠋ ᠲᠣᠺᠧ— ᠳ᠋ᠠᠢᠰᠢ ᠤᠭ ᠨᠢᠭᠤᠴᠠ ᠶ᠋ᠢ ᠠᠷᠠᠳ ᠣᠯᠠᠨ ᠳ᠋ᠠᠭᠠᠨ ᠲᠠᠷᠬᠠᠭᠠᠭᠰᠠᠨ ᠤᠴᠢᠷ ᠤᠳᠠᠯ ᠦᠭᠡᠢ ᠭᠠᠵᠠᠷ ᠰᠠᠢ ᠦᠭᠡᠢ ᠲᠣᠷᠭᠠᠨ ᠤ᠋ ᠬᠣᠷᠣᠬᠠᠢ ᠦᠷᠡᠵᠢᠭᠦᠯᠵᠦ ᠡᠬᠢᠯᠡᠵᠡᠢ᠃ ᠲᠣᠷᠭ᠎ᠠ ᠦᠢᠯᠡᠳᠪᠦᠷᠢᠯᠡᠳᠡᠭ ᠤᠯᠤᠰ ᠪᠦᠷ ᠲᠡᠭᠦᠨ ᠢ᠋ ᠦᠨᠳᠦᠰᠦᠲᠡᠨ ᠦ᠌ ᠨᠢᠭᠤᠴᠠ ᠭᠡᠮᠡᠨ ᠦᠵᠡᠵᠦ ᠪᠠᠢᠵᠠᠢ᠃ ᠳᠠᠷᠠᠭ᠎ᠠ ᠨᠢ ᠡᠨᠡᠳᠬᠡᠭ᠂ ᠫᠠᠺᠢᠰᠲ᠋ᠠᠨ ᠲᠣᠷᠭ᠎ᠠ ᠦᠢᠯᠡᠳᠪᠦᠷᠢᠯᠡᠵᠡᠢ᠃ ᠲᠣᠷᠭᠠᠨ ᠤ᠋ ᠦᠢᠯᠡᠳᠪᠦᠷᠢ ᠨᠠᠢ᠍ᠮᠠᠳᠤᠭᠠᠷ ᠵᠠᠭᠤᠨ ᠤ᠋ ᠦᠶ᠎ᠡ ᠳ᠋ᠦ᠍ ᠠᠷᠠᠪ ᠢ᠋ᠶ᠋ᠠᠷ ᠳᠠᠮᠵᠢᠨ ᠢᠰᠫᠠᠨᠢ ᠳ᠋ᠤ᠌ ᠳᠡᠯᠭᠡᠷᠡᠵᠦ᠂1130 ᠣᠨ ᠳ᠋ᠤ᠌ ᠰᠢᠨ᠎ᠡ ᠽᠧᠯᠡᠨ᠌ᠳ᠋᠂ ᠳᠠᠷᠠᠭ᠎ᠠ ᠨᠢ ᠢᠲ᠋ᠠᠯᠢ ᠳ᠋ᠤ᠌ ᠳᠡᠯᠭᠡᠷᠡᠵᠡᠢ᠃17 ᠳ᠋ᠤᠭᠠᠷ ᠵᠠᠭᠤᠨ ᠤ᠋ ᠦᠶ᠎ᠡ ᠳ᠋ᠦ᠍ ᠹᠷᠠᠨᠼᠢ ᠳ᠋ᠤ᠌᠂ ᠣᠷᠴᠢᠨ ᠦᠶ᠎ᠡ ᠳ᠋ᠦ᠍ ᠪᠦᠬᠦ ᠤᠯᠤᠰ ᠭᠦᠷᠦᠨ ᠳ᠋ᠦ᠍ ᠲᠣᠷᠭ᠎ᠠ ᠳᠡᠯᠭᠡᠷᠡᠵᠡᠢ᠃20 ᠳ᠋ᠤᠭᠠᠷ ᠵᠠᠭᠤᠨ ᠤ᠋ ᠡᠬᠢ ᠪᠡᠷ ᠳᠡᠯᠡᠬᠡᠢ ᠶ᠋ᠢᠨ ᠨᠢᠭᠡᠳᠦᠭᠡᠷ ᠲᠡᠢᠨ ᠦ᠌ ᠡᠮᠦᠨ᠎ᠡ ᠳᠡᠯᠡᠬᠡᠢ ᠶ᠋ᠢᠨ ᠬᠥᠮᠦᠨ ᠠᠮᠠ ᠶ᠋ᠢᠨ3-4 ᠬᠤᠪᠢ ᠨᠢ ᠵᠢᠩᠬᠢᠨᠢ ᠲᠣᠷᠭ᠎ᠠ ᠪᠠᠷ ᠬᠢᠭᠰᠡᠨ ᠬᠤᠪᠴᠠᠰᠤ ᠡᠮᠦᠰᠳᠡᠭ ᠪᠣᠯᠵᠠᠢ᠃ ᠲᠣᠷᠭᠠᠨ ᠮᠢᠨᠳᠠᠰᠤ ᠪᠠᠷ ᠭᠠᠭᠴᠠᠬᠠᠨ ᠬᠤᠪᠴᠠᠰᠤ ᠬᠢᠭᠡᠳ ᠵᠣᠭᠰᠣᠬᠤ ᠦᠭᠡᠢ ᠣᠩᠭᠣᠴᠠᠨ ᠠ᠋ᠴᠠ ᠪᠠᠭᠤᠬᠤ ᠰᠢᠬᠦᠷ ᠬᠢᠬᠦ᠂ ᠴᠠᠬᠢᠯᠭᠠᠨ ᠭᠦᠶᠦᠳᠡᠯ ᠳᠠᠮᠵᠢᠭᠤᠯᠳᠠᠭ ᠵᠠᠷᠢᠮ ᠤᠲᠠᠰᠤ ᠶ᠋ᠢ ᠪᠦᠷᠢᠳᠡᠭ᠃
    ᠵᠥᠪᠯᠡᠯᠲᠦ ᠬᠣᠯᠪᠣᠭᠠᠲᠤ ᠤᠯᠤᠰ᠂ ᠳᠤᠮᠳᠠᠳᠤ ᠠᠽᠢᠶ᠎ᠠ᠂ ᠥᠪᠥᠷ ᠺᠠᠦ᠋ᠺᠠᠽ ᠪᠦᠭᠦᠳᠡ ᠨᠠᠢᠷᠠᠮᠳᠠᠬᠤ ᠤᠯᠤᠰ ᠤ᠋ᠳ ᠲᠤ ᠲᠣᠷᠭᠠᠨ ᠬᠣᠷᠣᠬᠠᠢ ᠦᠷᠡᠵᠢᠭᠦᠯᠳᠡᠭ᠃ ᠮᠠᠨ ᠤ᠋ ᠣᠷᠣᠨ ᠤ᠋ ᠬᠤᠪᠢ ᠳ᠋ᠤ᠌ ᠭᠡᠪᠡᠯ ᠮᠢᠨᠦ ᠮᠡᠳᠡᠵᠦ ᠪᠠᠢᠭ᠎ᠠ ᠶ᠋ᠢᠨ ᠬᠢᠷᠢ ᠪᠡᠷ ᠬᠢᠳᠠᠨ ᠤ᠋ ᠦᠶ᠎ᠡ ᠳ᠋ᠦ᠍ ᠲᠣᠷᠭᠠᠨ ᠤ᠋ ᠬᠦᠷᠢ ᠬᠣᠷᠣᠬᠠᠢ ᠦᠷᠡᠵᠢᠭᠦᠯᠳᠡᠭ ᠲᠤᠰᠬᠠᠢ ᠬᠣᠷᠤᠬᠠᠢᠴᠢᠨ᠂ ᠣᠨᠢᠰᠣᠨ ᠰᠠᠤᠷᠢ ᠪᠠᠷ ᠨᠡᠬᠡᠮᠡᠯ ᠨᠡᠬᠡᠬᠦ ᠠᠵᠢᠯ ᠥᠷᠭᠡᠵᠢᠨ ᠪᠠᠢᠭᠰᠠᠨ ᠠ᠋ᠴᠠ ᠦᠵᠡᠬᠦ ᠳ᠋ᠦ᠍ ᠲᠣᠷᠭ᠎ᠠ ᠨᠡᠬᠡᠵᠦ ᠪᠠᠢᠭᠰᠠᠨ ᠡᠷᠲᠡᠨ ᠦ᠌ ᠣᠷᠣᠨ ᠤ᠋ ᠨᠢᠭᠡ ᠪᠠᠢᠭᠰᠠᠨ ᠪᠠᠢᠵᠤ ᠪᠣᠯᠬᠤ ᠶᠤᠮ᠃ ᠲᠣᠷᠭᠠᠨ ᠪᠠᠷᠠᠭ᠎ᠠ ᠶ᠋ᠢ ᠮᠠᠨ ᠤ᠋ ᠣᠷᠣᠨ ᠳ᠋ᠤ᠌ ᠡᠷᠲᠡ ᠦᠶ᠎ᠡ ᠡᠴᠡ ᠬᠡᠷᠡᠭᠯᠡᠭᠰᠡᠨ ᠪᠣᠯᠬᠤ ᠨᠢ ᠲᠣᠳᠣᠷᠬᠠᠢ ᠪᠥᠭᠡᠳ ᠾᠦᠩᠨᠦ ᠶ᠋ᠢᠨ ᠦᠶ᠎ᠡ ᠳ᠋ᠦ᠍ ᠬᠠᠮᠤᠷᠤᠭᠳᠠᠬᠤ ᠪᠤᠯᠠᠰᠢᠨ ᠠ᠋ᠴᠠ ᠣᠯᠳᠠᠭᠰᠠᠨ ᠣᠯᠳᠠᠪᠤᠷᠢ ᠳ᠋ᠤ᠌ ᠨᠢᠮᠭᠡᠨ ᠲᠣᠷᠭᠠᠨ ᠳᠡᠭᠡᠷ᠎ᠡ ᠲᠠᠮᠤᠵᠤ ᠡᠷᠴᠢᠯᠡᠭᠰᠡᠨ ᠪᠦᠳᠦᠭᠦᠨ ᠲᠣᠷᠭᠠᠨ ᠤᠲᠠᠰᠤ ᠪᠠᠷ ᠵᠠᠳᠠᠭᠠᠢ ᠡᠪᠡᠷ ᠤᠭᠠᠯᠵᠠ ᠬᠠᠳᠬᠤᠭᠰᠠᠨ ᠬᠠᠳᠬᠤᠮᠠᠯ ᠣᠯᠳᠠᠭᠰᠠᠨ ᠨᠢ ᠲᠣᠷᠭ᠎ᠠ ᠶ᠋ᠢ ᠲᠡᠭᠦᠨ ᠡᠴᠡ ᠡᠮᠦᠨ᠎ᠡ ᠠᠮᠢᠳᠤᠷᠠᠯ ᠠᠬᠤᠢ ᠳ᠋ᠠᠭᠠᠨ ᠬᠡᠷᠡᠭᠯᠡᠵᠦ ᠪᠠᠢᠵᠠᠢ᠃ ᠬᠥᠮᠦᠨ ᠲᠥᠷᠥᠯᠬᠢᠲᠡᠨ ᠦ᠌ ᠤᠷᠠᠯᠠᠨ ᠪᠦᠲᠦᠭᠡᠬᠦ ᠠᠪᠢᠶᠠᠰ ᠪᠢᠯᠢᠭ᠂ ᠬᠦᠰᠡᠯ ᠡᠷᠡᠮᠡᠯᠵᠡᠯ ᠵᠠᠬ᠎ᠠ ᠬᠢᠵᠠᠭᠠᠷ ᠦᠭᠡᠢ ᠪᠥᠭᠡᠳ ᠡᠨᠡ ᠬᠢᠷᠢ ᠪᠡᠷ ᠶᠢᠷᠲᠢᠨᠴᠦ ᠶ᠋ᠢᠨ ᠡᠳ᠋ ᠪᠠᠶᠠᠯᠢᠭ ᠢ᠋ ᠥᠭᠡᠷᠡᠴᠢᠯᠡᠨ ᠬᠤᠪᠢᠷᠠᠭᠤᠯᠵᠤ ᠳᠤᠷᠠᠲᠠᠢ ᠵᠦᠭ ᠤᠷᠤᠭᠤ ᠪᠠᠨ ᠴᠢᠭᠯᠡᠭᠦᠯᠦᠨ ᠴᠢᠳᠠᠳᠠᠭ ᠤᠴᠢᠷ ᠠ᠋ᠴᠠ ᠲᠣᠷᠭᠠᠨ ᠳᠡᠭᠡᠷ᠎ᠡ ᠬᠥᠮᠦᠨ ᠦ᠌ ᠣᠶᠤᠨ ᠤᠬᠠᠭᠠᠨ ᠠ᠋ᠴᠠ ᠤᠨᠳᠤᠷᠤᠨ ᠭᠠᠷᠤᠭᠰᠠᠨ ᠢᠷᠠᠭᠤ ᠨᠠᠢᠷᠠᠭ᠂ ᠪᠣᠳᠠᠲᠤ ᠦᠢᠯᠡ ᠠᠮᠢᠳᠤᠷᠠᠯ ᠤ᠋ᠨ ᠰᠠᠢᠬᠠᠨ ᠪᠦᠬᠦᠨ ᠢ᠋ ᠳᠣᠪᠣᠢᠯᠭᠠᠨ ᠰᠡᠢᠯᠵᠦ᠂ ᠶᠢᠰᠦᠨ ᠡᠷᠳᠡᠨᠢ ᠪᠡᠷ ᠴᠢᠮᠡᠭᠰᠡᠨ ᠰᠤᠳᠤᠷ ᠪᠢᠴᠢᠭ ᠬᠦᠷᠲᠡᠯ᠎ᠡ ᠪᠣᠢ ᠪᠣᠯᠭᠠᠨ ᠰᠣᠶᠣᠯ ᠤ᠋ᠨ ᠰᠠᠩ ᠬᠥᠮᠥᠷᠭᠡ ᠳ᠋ᠦ᠍ ᠦᠯᠡᠳᠡᠭᠡᠵᠡᠢ᠃ ᠲᠤᠰ ᠣᠷᠣᠨ ᠳ᠋ᠤ᠌ ᠲᠣᠷᠭᠠᠨ ᠡᠳ᠋ᠯᠡᠯ ᠢ᠋ᠶ᠋ᠡᠷ ᠡᠯᠳᠡᠪ ᠬᠤᠪᠴᠠᠰᠤ ᠬᠡᠷᠡᠭᠯᠡᠯ ᠬᠢᠬᠦ ᠳ᠋ᠡᠭᠡᠨ ᠣᠳᠣᠬᠢ ᠶ᠋ᠢᠨ ᠰᠢᠭ᠋ ᠵᠢᠭᠳᠡ ᠰᠠᠢᠬᠠᠨ ᠣᠶᠣᠳᠠᠯ ᠲᠠᠢ ᠲᠡᠮᠦᠷ ᠮᠧᠬᠠᠨᠢᠰᠮ ᠢ᠋ᠶ᠋ᠠᠷ ᠪᠢᠰᠢ ᠣᠢᠭ᠎ᠠ ᠦᠭᠡᠢ ᠬᠢᠴᠢᠶᠡᠨ ᠵᠢᠳᠬᠦᠭᠴᠢ ᠬᠥᠮᠦᠨ ᠦ᠌ ᠪᠤᠯᠴᠢᠩ ᠰᠢᠷᠪᠥᠰᠥ ᠤᠬᠠᠨ ᠰᠡᠳᠬᠢᠬᠦ ᠣᠶᠤᠨ ᠤ᠋ ᠬᠥᠳᠡᠯᠮᠦᠷᠢ ᠪᠡᠷ ᠬᠤᠪᠢᠷᠠᠭᠠᠨ ᠵᠥᠪᠬᠡᠨ ᠬᠥᠮᠦᠨ ᠢ᠋ ᠴᠢᠮᠡᠭᠡᠳ ᠵᠣᠭᠰᠣᠬᠤ ᠦᠭᠡᠢ᠂ ᠠᠪᠤᠷᠭᠤ ᠬᠦᠴᠦᠲᠦ ᠠᠮᠢᠲᠠᠨ᠂ ᠠᠶᠤᠮᠰᠢᠭ ᠦᠭᠡᠢ ᠵᠣᠷᠢᠭᠲᠤ ᠪᠠᠭᠠᠲᠤᠷ᠂ ᠠᠯᠲᠠᠨ ᠰᠠᠷᠠᠨᠠᠢ ᠴᠡᠴᠡᠭ ᠢ᠋ ᠬᠦᠷᠲᠡᠯ᠎ᠡ ᠤᠷᠠᠨ ᠰᠠᠢᠬᠠᠨ ᠢ᠋ᠶ᠋ᠠᠷ ᠤᠷᠠᠯᠠᠨ ᠪᠦᠲᠦᠭᠡᠵᠡᠢ᠃ ᠬᠥᠮᠦᠨ ᠦ᠌ ᠪᠦᠲᠦᠭᠡᠭᠰᠡᠨ ᠲᠡᠷᠡ ᠶᠡᠬᠡ ᠪᠠᠶᠠᠯᠢᠭ ᠨᠢ ᠲᠡᠮᠦᠷ᠂ ᠴᠢᠯᠠᠭᠤ᠂ ᠬᠦᠷᠡᠯ᠂ ᠶᠠᠰᠤ ᠰᠢᠭ᠋ ᠬᠠᠳᠠᠭᠠᠯᠠᠭᠳᠠᠨ ᠦᠯᠡᠳᠡᠭᠳᠡᠭᠡ ᠦᠭᠡᠢ ᠨᠢ ᠬᠠᠷᠠᠮᠰᠠᠯᠲᠠᠢ ᠶᠤᠮ᠃
    ᠮᠠᠨ ᠤ᠋ ᠣᠷᠣᠨ ᠳ᠋ᠤ᠌ ᠲᠣᠷᠭ᠎ᠠ ᠨᠡᠬᠡᠵᠦ ᠪᠠᠢᠭᠰᠠᠨ ᠲᠤᠬᠠᠢ ᠮᠡᠳᠡᠭᠡ ᠬᠡᠳᠦᠢᠪᠡᠷ ᠦᠶ᠎ᠡ ᠳᠠᠮᠵᠢᠭᠰᠠᠨ ᠲᠣᠳᠣᠷᠬᠠᠢ ᠪᠠᠷᠢᠮᠲᠠ ᠣᠳᠣ ᠪᠠᠷ ᠢ᠋ᠶ᠋ᠠᠨ ᠪᠠᠭ᠎ᠠ ᠪᠠᠢᠭ᠎ᠠ ᠪᠣᠯᠪᠠᠴᠤ ᠮᠠᠯᠲᠠᠮᠠᠯ ᠤ᠋ᠨ ᠣᠯᠳᠠᠪᠤᠷᠢ ᠠ᠋ᠴᠠ ᠦᠵᠡᠬᠦ ᠳ᠋ᠦ᠍ ᠮᠠᠨ ᠤ᠋ ᠦᠨᠳᠦᠰᠦᠲᠡᠨ ᠦ᠌ ᠬᠡ ᠤᠭᠠᠯᠵᠠ ᠪᠠᠷ ᠴᠢᠮᠡᠭᠯᠡᠭᠳᠡᠭᠰᠡᠨ ᠵᠦᠢᠯ ᠠᠵᠢᠭᠯᠠᠭᠳᠠᠳᠠᠭ᠃ ᠲᠣᠷᠭ᠎ᠠ ᠳᠣᠲᠣᠷ᠎ᠠ ᠪᠠᠨ ᠣᠯᠠᠨ ᠲᠥᠷᠥᠯ ᠳ᠋ᠦ᠍ ᠬᠤᠪᠢᠶᠠᠭᠳᠠᠬᠤ ᠪᠥᠭᠡᠳ ᠨᠢᠮᠭᠡᠨ ᠵᠤᠵᠠᠭᠠᠨ ᠬᠡ ᠲᠡᠢ᠂ ᠬᠡ ᠥᠬᠡᠢ᠂ ᠰᠠ ᠲᠠᠢ᠂ ᠰᠠ ᠦᠭᠡᠢ ᠶᠠᠩᠵᠤ ᠪᠦᠷᠢ ᠶ᠋ᠢᠨ ᠪᠠᠢᠳᠠᠭ ᠤᠴᠢᠷ ᠡᠨᠡ ᠪᠠᠢᠳᠠᠯ ᠢ᠋ ᠬᠠᠷᠠᠭᠠᠯᠵᠠᠨ ᠤᠷᠠᠯᠠᠬᠤ ᠦᠢᠯᠡ ᠳ᠋ᠡᠭᠡᠨ ᠲᠣᠬᠢᠷᠠᠭᠤᠯᠤᠨ ᠰᠣᠩᠭᠣᠨ᠎ᠠ᠃ ᠲᠣᠷᠭᠠᠨ ᠡᠳ᠋ᠯᠡᠯ ᠤᠷᠠᠯᠠᠬᠤ ᠠ᠋ᠴᠠ ᠡᠮᠦᠨ᠎ᠡ ᠬᠥᠮᠦᠨ ᠲᠥᠷᠥᠯᠬᠢᠲᠡᠨ ᠦ᠌ ᠡᠭᠦᠰᠦᠯ ᠬᠥᠭᠵᠢᠯ ᠲᠡᠢ ᠬᠠᠮᠲᠤ ᠦᠰᠦᠨ ᠲᠣᠷᠨᠢᠵᠤ ᠢᠷᠡᠭᠰᠡᠨ ᠤᠷᠠᠨ ᠦᠢᠯᠡ ᠶ᠋ᠢᠨ ᠣᠶᠣᠳᠠᠯ ᠤ᠋ᠨ ᠲᠥᠷᠥᠯ᠂ ᠤᠷᠠᠨ ᠦᠢᠯᠡ ᠶ᠋ᠢᠨ ᠬᠥᠭᠵᠢᠯ ᠦ᠋ᠨ ᠴᠢᠬᠤᠯᠠ ᠪᠠᠷᠢᠮᠲᠠ ᠪᠣᠯᠵᠤ ᠦᠯᠡᠳᠡᠵᠡᠢ᠃ ᠠᠽᠢᠶ᠎ᠠ ᠶ᠋ᠢᠨ ᠲᠥᠪ ᠬᠡᠰᠡᠭ ᠲᠤ ᠣᠷᠣᠰᠢᠭᠴᠢ ᠨᠡᠭᠦᠳᠡᠯᠴᠢᠨ ᠮᠣᠩᠭᠣᠯ ᠤ᠋ᠨ ᠡᠮᠡᠭᠲᠡᠢᠴᠦᠳ ᠡᠪᠡᠰᠦ ᠤᠷᠭᠤᠮᠠᠯ ᠰᠦᠯᠵᠢᠬᠦ ᠡᠴᠡ ᠶᠣᠷᠣᠭ᠂ ᠳᠠᠪᠤᠤ᠂ ᠲᠠᠭᠠᠷ᠂ ᠦᠵᠡᠰᠬᠦᠯᠡᠩᠲᠦ ᠲᠣᠷᠭ᠎ᠠ ᠡᠰᠬᠡᠨ ᠤᠷᠠᠯᠠᠬᠤ ᠡᠳᠦᠭᠡ ᠬᠦᠷᠲᠡᠯ᠎ᠡ ᠤᠷᠠᠨ ᠦᠢᠯᠡ ᠶ᠋ᠢ ᠦᠶ᠎ᠡ ᠤᠳᠤᠮ ᠳ᠋ᠠᠭᠠᠨ ᠰᠤᠷᠭᠠᠬᠤ ᠳ᠋ᠠᠭᠠᠨ ᠲᠡᠭᠦᠨ ᠦ᠌ ᠲᠦᠭᠦᠬᠡᠢ ᠮᠠᠲ᠋ᠧᠷᠢᠶᠠᠯ ᠢ᠋ ᠪᠡᠯᠡᠳᠬᠡᠬᠦ ᠪᠣᠯᠪᠠᠰᠤᠷᠠᠭᠤᠯᠬᠤ ᠠ᠋ᠴᠠ ᠡᠬᠢᠯᠡᠳᠡᠭ ᠪᠠᠢᠭᠰᠠᠨ ᠪᠣᠯᠬᠣᠷ ᠡᠨᠡ ᠴᠢᠭᠯᠡᠯ ᠢ᠋ᠶ᠋ᠡᠷ ᠲᠣᠷᠭ᠎ᠠ᠂ ᠳᠠᠪᠤᠤ ᠶ᠋ᠢᠨ ᠡᠳ᠋ᠯᠡᠯ ᠤᠷᠠᠯᠠᠬᠤ᠂ ᠢᠰᠡᠭᠡᠢ ᠡᠳ᠋ᠯᠡᠯ ᠤᠷᠠᠯᠠᠬᠤ᠂ ᠰᠢᠷᠢ ᠶ᠋ᠢᠨ ᠡᠳ᠋ᠯᠡᠯ ᠤᠷᠠᠯᠠᠬᠤ ᠭᠡᠵᠦ ᠬᠤᠪᠢᠶᠠᠭᠰᠠᠨ ᠮᠠᠨᠢ ᠤᠩᠰᠢᠭᠴᠢ ᠲᠠᠨ ᠳ᠋ᠤ᠌ ᠤᠷᠠᠨ ᠦᠢᠯᠡ ᠶ᠋ᠢᠨ ᠲᠠᠯ᠎ᠠ ᠪᠠᠷ ᠲᠣᠳᠣᠷᠬᠠᠢ ᠴᠢᠭᠯᠡᠯ ᠲᠡᠢ ᠣᠢᠯᠠᠭᠠᠯᠲᠠ ᠥᠭᠬᠦ ᠭᠡᠰᠡᠨ ᠣᠷᠣᠯᠳᠣᠯᠭ᠎ᠠ ᠪᠢᠯᠡ᠃
    ᠡᠳᠡᠭᠡᠷ ᠡᠳ᠋ᠯᠡᠯ ᠢ᠋ᠶ᠋ᠡᠷ ᠠᠯᠢᠪᠠ ᠵᠦᠢᠯ ᠢ᠋ ᠤᠷᠠᠯᠠᠬᠤ ᠳ᠋ᠤ᠌ ᠮᠠᠲ᠋ᠧᠷᠢᠶᠠᠯ ᠪᠡᠯᠡᠳᠬᠡᠬᠦ᠂ ᠠᠷᠠᠴᠢᠯᠠᠨ ᠪᠣᠯᠪᠠᠰᠤᠷᠠᠭᠤᠯᠬᠤ ᠠᠷᠭ᠎ᠠ ᠠᠵᠢᠯᠯᠠᠭ᠎ᠠ᠂ ᠣᠶᠣᠳᠠᠯ ᠴᠤ᠌ ᠥᠭᠡᠷ᠎ᠡ ᠥᠭᠡᠷ᠎ᠡ ᠪᠢᠯᠡ᠃ ᠡᠢᠮᠦ ᠳ᠋ᠦ᠍ ᠥᠭᠦᠯᠡᠵᠦ ᠪᠠᠢᠭ᠎ᠠ ᠲᠣᠷᠭᠠᠨ ᠡᠳ᠋ᠯᠡᠯ ᠢ᠋ᠶ᠋ᠡᠷ ᠶᠠᠭᠤ ᠬᠢᠳᠡᠭ᠂ ᠶᠠᠭᠠᠬᠢᠵᠤ ᠠᠷᠠᠴᠢᠯᠠᠵᠤ ᠣᠶᠣᠳᠠᠯ ᠳ᠋ᠤ᠌ ᠪᠡᠯᠡᠳᠬᠡᠳᠡᠭ᠂ ᠥᠩᠭᠡ ᠵᠣᠬᠢᠴᠠᠯ᠂ ᠲᠣᠬᠢᠷᠠᠭᠤᠯᠤᠨ ᠡᠰᠬᠡᠵᠦ ᠣᠶᠣᠬᠤ᠂ ᠬᠠᠳᠬᠤᠵᠤ ᠤᠷᠠᠯᠠᠬᠤ ᠲᠠᠯ᠎ᠠ ᠪᠠᠷ ᠥᠭᠦᠯᠡᠶ᠎ᠡ᠃

    ᠦᠰᠦᠭ ᠠᠮᠢᠯᠠᠭᠤᠯᠤᠭᠴᠢ᠄ ᠭᠡᠭᠡᠷᠡᠯ᠂ ᠱᠠᠭᠰᠠᠯ
    ᠬᠢᠨᠠᠭᠴᠢ᠄ ᠪᠠᠶᠠᠷᠴᠡᠴᠡᠭ᠂ ᠣᠳᠬᠠᠨᠰᠣ᠎ᠠ᠂ ᠰᠡᠬᠡᠭᠡᠷᠡᠯ