1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 5-08Мөнх ТунхMunkh Tunkh

ᠮᠥᠩᠬᠡ ᠲᠤᠩᠬᠤ 5-08Мөнх ТунхMunkh Tunkh

2024-04-02

617

ᠠᠯᠲᠠᠨ ᠵᠢᠭᠠᠰᠤᠨ ᠤ᠋ ᠦᠯᠢᠭᠡᠷ

ᠮᠠᠢ ᠮᠠᠢ ᠮᠠᠢ(ᠬᠣᠨᠢ ᠢᠮᠠᠭᠠᠨ ᠤ᠋ ᠮᠠᠢᠯᠠᠬᠤ ᠳᠠᠭᠤ)
ᠮᠥᠩᠬᠡ᠄ ᠢᠩᠭᠢᠭᠡᠳ ᠡᠨᠡ Item(ᠠᠢᠲᠸᠮ) ᠢ᠋ ᠨᠢ ᠠᠪᠴᠢᠬᠠᠪᠠᠯ᠂ ᠠ ᠵᠠ ᠣᠳᠣ ᠲᠠᠭᠠᠷᠢᠨ᠎ᠠ᠃
ᠲᠤᠩᠬᠤ᠄ ᠮᠥᠩᠬᠡ ᠠ᠋᠂ ᠴᠢ ᠠᠷᠸ᠎ᠠ ᠠᠬ᠎ᠠ ᠪᠢᠳᠡ ᠬᠣᠶᠠᠷ ᠲᠤ᠌ ᠲᠤᠰᠠᠯᠠᠬᠤ ᠦᠭᠡᠢ ᠶᠦᠮ ᠤᠤ᠂ ᠲᠠᠩᠳᠠ ᠯᠠ ᠤᠲᠠᠰᠤ ᠪᠠᠷ ᠢ᠋ᠶ᠋ᠠᠨ ᠲᠣᠭᠯᠠᠵᠤ ᠪᠠᠢᠬᠤ ᠶᠤᠮ᠃
ᠮᠥᠩᠬᠡ᠄ ᠬᠥᠶᠢ ᠳᠡ᠂ ᠲᠤᠩᠬᠤ ᠮᠢᠨᠢ᠂ ᠦ ᠬᠣᠵᠢᠭᠳᠠᠴᠢᠬᠠᠯ᠎ᠠ ᠰᠢᠳᠡ᠂ ᠡᠨᠡ ᠤᠲᠠᠰᠤ ᠲᠠᠩᠳᠠ ᠭᠠᠴᠠᠵᠤ ᠪᠠᠢᠬᠤ ᠶᠤᠮ ᠠ᠋ ᠦ᠃
ᠲᠤᠩᠬᠤ᠄ ᠡᠨᠡ ᠭᠠᠷ ᠤᠲᠠᠰᠤ ᠪᠠᠨ ᠠᠪᠬᠤ ᠳ᠋ᠤ᠌ ᠪᠠᠨ ᠪᠠᠰᠠ ᠯᠠ ᠡᠮᠦᠨᠡᠬᠢ ᠭᠠᠷ ᠤᠲᠠᠰᠤ ᠪᠠᠨ ᠭᠠᠴᠠᠭᠠᠳ ᠪᠠᠢᠨ᠎ᠠ ᠭᠡᠳ ᠠᠪᠤᠭᠰᠠᠨ ᠪᠢᠵᠡ ᠳᠡ ᠮᠥᠩᠬᠡ᠃
ᠮᠥᠩᠬᠡ᠄ ᠲᠡᠷᠡ ᠴᠢᠨᠢ ᠬᠠᠭᠤᠴᠢᠨ ᠵᠠᠭᠪᠤᠷ ᠰᠢᠳᠡ ᠲᠤᠩᠬᠤ ᠠ᠋᠂ ᠦ ᠳᠠᠬᠢᠭᠠᠳ ᠭᠠᠴᠠᠭᠠᠳ ᠪᠠᠢᠬᠤ ᠶᠤᠮ ᠡᠨᠡ ᠣᠳᠣ᠂ ᠵᠠ ᠵᠠ ᠰᠢᠨ᠎ᠡ ᠤᠲᠠᠰᠤ ᠠᠪᠬᠤ ᠴᠠᠭ ᠪᠣᠯᠤᠭᠰᠠᠨ ᠪᠣᠯᠤᠯᠲᠠᠢ᠂ ᠪᠦᠷ ᠰᠢᠨ᠎ᠡ᠂ ᠶᠠᠩᠵᠤ ᠶ᠋ᠢᠨ ᠤᠬᠠᠭᠠᠯᠢᠭ ᠤᠲᠠᠰᠤ ᠲᠠᠢ ᠪᠣᠯᠤᠨ᠎ᠠ᠃ ᠪᠠᠰᠠplaystation 5(ᠲᠣᠭᠯᠠᠭᠠᠮ ᠤ᠋ᠨ ᠨᠡᠷ᠎ᠡ) ᠴᠤ᠌  ᠶᠤᠮ ᠤᠤ᠂ ᠡᠰᠡᠬᠦᠯ᠎ᠡ ᠴᠣ ᠰᠢᠨ᠎ᠡ ᠺᠣᠮᠫᠢᠦ᠋ᠲ᠋ᠧᠷ ᠲᠡᠢ ᠪᠣᠯᠤᠭᠰᠠᠨ ᠴᠤ᠌ ᠶᠠᠭᠠᠬᠢᠬᠤᠪ᠂ ᠲᠡᠭᠡᠭᠡᠳ ᠪᠠᠰᠠ Digital(ᠲᠣᠭᠠᠴᠠᠭᠠᠯᠠᠭᠰᠠᠨ) ᠪᠢᠵᠡ᠂ ᠦᠨᠡᠬᠡᠷ ᠢ᠋ᠶ᠋ᠡᠨ VR ᠲᠥᠬᠥᠭᠡᠷᠦᠮᠵᠢ ᠨᠦ᠍ᠭᠦᠳ ᠠᠪᠤᠭᠠᠳ ᠯᠠ ᠫᠢᠶᠠᠩ ᠫᠢᠶᠠᠩ ᠭᠡᠳ ᠯᠡ᠂ ᠪᠣᠳᠠᠲᠤ ᠶᠢᠷᠲᠢᠨᠴᠦ ᠳ᠋ᠦ᠍ ᠪᠠᠢᠭ᠎ᠠ ᠶᠤᠮ ᠰᠢᠭ᠋ ᠲᠣᠭᠯᠠᠭᠠᠳ ᠯᠠ ᠶᠣᠰᠣᠲᠠᠢ ᠭᠣᠶᠣ ᠪᠠᠢᠨ᠎ᠠ ᠪᠠᠢᠬᠤ ᠳᠠ᠃
ᠠᠷᠸ᠎ᠠ᠄ ᠬᠡᠩ
ᠲᠤᠩᠬᠤ᠄ ᠦ᠂ ᠮᠥᠩᠬᠡ ᠡᠮᠦᠨ᠎ᠡ ᠨᠢ ᠵᠥᠩᠳᠡᠭᠡᠨ ᠶᠠᠭᠤᠮ᠎ᠠ ᠠᠷᠸ᠎ᠠ ᠠᠬ᠎ᠠ ᠪᠠᠷ ᠠᠪᠤᠭᠤᠯᠤᠭᠰᠠᠨ ᠪᠢᠵᠡ ᠳᠡ᠂ ᠣᠳᠣ ᠵᠠᠷᠢᠮ ᠢ᠋ ᠨᠢ ᠣᠭᠲᠣ ᠠᠰᠢᠭᠯᠠᠳᠠᠭ ᠦᠭᠡᠢ ᠪᠠᠢᠵᠤ᠂ ᠳᠠᠬᠢᠭᠠᠳ ᠳᠠᠬᠢᠭᠠᠳ ᠯᠠ ᠭᠡᠳ᠂ ᠲᠡᠭᠡᠭᠰᠡᠨ ᠢ᠋ᠶ᠋ᠡᠨ ᠦ ᠭᠠᠴᠠᠭᠠᠳ ᠪᠠᠢᠨ᠎ᠠ ᠭᠠᠴᠠᠭᠠᠳ ᠪᠠᠢᠨ᠎ᠠ ᠠᠪᠤᠶ᠎ᠠ ᠠᠪᠤᠶ᠎ᠠ ᠢᠩᠭᠢᠭᠡᠳ ᠯᠡ ᠪᠠᠢᠬᠤ ᠶᠤᠮ᠃
ᠮᠥᠩᠬᠡ᠄ ᠶᠠᠭᠠᠬᠢᠳᠠᠭ ᠶᠤᠮ᠂ ᠠᠪᠤᠮᠠᠷ ᠯᠠ ᠪᠠᠢᠭ᠎ᠠ ᠶᠤᠮ ᠴᠢᠨᠢ ᠳᠡ᠃
ᠲᠤᠩᠬᠤ᠄ ᠮᠥᠩᠬᠡ ᠠ᠋᠂ ᠬᠥᠮᠦᠨ ᠥᠪᠡᠷᠲᠡᠭᠡᠨ ᠬᠡᠷᠡᠭᠴᠡᠭᠡ ᠲᠡᠢ ᠪᠣᠯᠤᠨ ᠱᠠᠭᠠᠷᠳᠠᠯᠭ᠎ᠠ ᠲᠠᠢ ᠡᠳ᠋ ᠵᠦᠢᠯᠡᠰ ᠢ᠋ᠶ᠋ᠡᠨ ᠯᠡ ᠠᠪᠴᠤ ᠪᠠᠢᠬᠤ ᠬᠡᠷᠡᠭᠲᠡᠢ᠂ ᠠᠷᠸ᠎ᠠ ᠠᠬ᠎ᠠ ᠬᠡᠯᠡᠵᠦ ᠪᠠᠢᠭᠰᠠᠨ ᠰᠢᠦ ᠳᠡ ᠰᠠᠨᠠᠬᠤ ᠦᠭᠡᠢ ᠪᠠᠢᠭ᠎ᠠ ᠶᠤᠮ ᠤᠤ?
ᠮᠥᠩᠬᠡ᠄ ᠥᠩ᠂ ᠠᠪᠤᠮᠠᠷ ᠯᠠ ᠪᠠᠢᠭ᠎ᠠ ᠶᠤᠮ ᠴᠢᠨᠢ
ᠠᠷᠸ᠎ᠠ᠄ ᠬᠡᠩ
ᠮᠥᠩᠬᠡ᠄ ᠲᠠᠩᠳᠠ ᠲᠡᠭᠡᠭᠡᠳ ᠯᠡ ᠢᠩᠭᠢᠵᠦ ᠪᠣᠯᠬᠤ ᠦᠭᠡᠢ ᠲᠡᠭᠡᠵᠦ ᠪᠣᠯᠬᠤ ᠦᠭᠡᠢ᠂ ᠮᠥᠩᠬᠡ ᠠ᠋᠂ ᠪᠢ ᠪᠢ ᠪᠢ ᠪᠠᠢ ᠪᠠᠢ ᠪᠠᠢ ᠭᠡᠳ ᠯᠡ ᠲᠠᠩᠳᠠ ᠦᠭᠡᠯᠡᠵᠦ ᠪᠠᠢᠬᠤ ᠶᠤᠮ᠃
ᠲᠤᠩᠬᠤ᠄ ᠦ ᠮᠥᠩᠭᠥᠲᠡᠢ ᠶᠠᠭᠠᠬᠢᠭᠰᠠᠨ ᠶᠤᠮ ᠪᠣᠢ᠂ ᠱᠣᠩ ᠱᠣᠩ ᠭᠡᠳ ᠤᠬᠢᠯᠠᠭᠰᠠᠨ ᠶᠤᠮ ᠤᠤ? ᠬᠢ ᠬᠢ᠃
ᠠᠷᠸ᠎ᠠ᠄ ᠬᠢ ᠬᠢ ᠵᠠ ᠦᠯᠢᠭᠡᠷ ᠢ᠋ᠶ᠋ᠡᠷ ᠢ᠋ᠶ᠋ᠡᠨ ᠠᠶᠠᠯᠠᠬᠤ ᠴᠠᠭ ᠪᠣᠯᠴᠢᠬᠠᠭᠰᠠᠨ ᠪᠠᠢᠨ᠎ᠠ ᠰᠢᠦ ᠳᠡᠭᠦᠦ ᠨᠠᠷ ᠮᠢᠨᠢ᠃ ᠲᠤᠩᠬᠤ᠄ yes ᠠᠷᠸ᠎ᠠ ᠠᠬ᠎ᠠ ᠠ᠋᠂ ᠥᠨᠥᠳᠥᠷ ᠶᠠᠮᠠᠷ ᠦᠯᠢᠭᠡᠷ ᠢ᠋ᠶ᠋ᠡᠷ ᠠᠶᠠᠯᠠᠬᠤ ᠶᠤᠮ ᠪᠣᠢ?
ᠠᠷᠸ᠎ᠠ᠄ ᠵᠠ ᠪᠠᠢᠵᠠ᠂ ᠠᠬ᠎ᠠ ᠨᠢ ᠨᠢᠭᠡ ᠦᠯᠢᠭᠡᠷ ᠣᠯᠴᠢᠬᠠᠯ᠎ᠠ ᠰᠢᠦ ᠶᠡᠬᠡ ᠰᠣᠨᠢᠷᠬᠠᠯᠲᠠᠢ ᠦᠯᠢᠭᠡᠷ ᠪᠠᠢᠭ᠎ᠠ᠃
ᠲᠤᠩᠬᠤ᠄ok(ᠵᠠ)
ᠮᠥᠩᠬᠡ᠄ok.ok ᠭᠡᠵᠦ ᠴᠦ᠍ ᠪᠠᠢᠬᠤ ᠰᠢᠭ᠋᠂ ᠡᠢᠮᠦ ᠴᠦ᠍ ᠶᠠᠭᠤᠮ᠎ᠠ ᠪᠣᠯᠬᠤ ᠦᠭᠡᠢ᠂ ᠲᠡᠢᠮᠦ ᠴᠦ᠍ ᠶᠠᠭᠤᠮ᠎ᠠ ᠪᠣᠯᠬᠤ ᠦᠭᠡᠢ ᠃
ᠲᠤᠩᠬᠤ᠄ ᠶᠠᠭᠠᠬᠢᠭᠰᠠᠨ ᠭᠡᠨ᠎ᠡ᠂ ᠮᠥᠩᠬᠡ ᠠ᠋?
ᠮᠥᠩᠬᠡ᠄ ᠠ ᠶᠠᠭᠤ ᠴᠤ᠌ ᠪᠢᠰᠢ᠂ ᠵᠠ ᠵᠠ ᠦᠯᠢᠭᠡᠷ ᠢ᠋ᠶ᠋ᠡᠷ ᠢ᠋ᠶ᠋ᠡᠨ ᠠᠶᠠᠯᠠᠬᠤ ᠤᠤ ᠳᠠ?
ᠠᠯᠲᠠᠨ ᠵᠢᠭᠠᠰᠤᠨ ᠤ᠋ ᠦᠯᠢᠭᠡᠷ
ᠬᠥᠷᠥᠰᠥᠲᠦ ᠠᠯᠲᠠᠨ ᠳᠡᠯᠡᠬᠡᠢ ᠶ᠋ᠢᠨ ᠬᠥᠪᠡᠭᠡ ᠬᠢᠵᠠᠭᠠᠷ ᠨᠤᠲᠤᠭ ᠲᠤ᠌ ᠬᠥᠬᠡ ᠴᠡᠩᠬᠡᠷ ᠳᠠᠯᠠᠢ ᠶ᠋ᠢᠨ ᠡᠷᠭᠢ ᠢᠷᠮᠡᠭ ᠭᠠᠵᠠᠷ ᠲᠤ᠌ ᠡᠷᠲᠡ ᠤᠷᠢᠳᠤ ᠴᠠᠭ ᠲᠤ᠌ ᠡᠮᠡᠭᠡᠨ ᠡᠪᠦᠭᠡᠨ ᠬᠣᠶᠠᠷ ᠠᠢᠯ ᠪᠣᠯᠤᠨ ᠠᠮᠢᠳᠤᠷᠠᠵᠤ ᠠᠵᠤ ᠲᠥᠷᠥᠨ ᠰᠠᠭᠤᠵᠠᠢ᠃ ᠡᠪᠦᠭᠡᠨ ᠨᠢᠭᠡ ᠡᠳᠦᠷ ᠳᠠᠯᠠᠢ ᠶ᠋ᠢᠨ ᠬᠥᠪᠡᠭᠡᠨ ᠳ᠋ᠦ᠍ ᠣᠴᠢᠭᠠᠳ ᠲᠣᠣᠷ ᠢ᠋ᠶ᠋ᠠᠨ ᠤᠰᠤᠨ ᠳ᠋ᠤ᠌ ᠲᠠᠯᠪᠢᠵᠤ ᠵᠢᠭᠠᠰᠤ ᠰᠢᠭᠦᠷᠳᠡᠵᠦ ᠡᠬᠢᠯᠡᠪᠡ᠃ ᠠᠳᠠᠭ ᠰᠡᠭᠦᠯ ᠳ᠋ᠦ᠍ ᠨᠢ ᠰᠢᠭᠦᠲᠡᠯ᠎ᠡ ᠠᠯᠲᠠᠨ ᠵᠢᠭᠠᠰᠤ ᠪᠠᠷᠢᠭᠳᠠᠪᠠ᠃ ᠠᠯᠢᠪᠠ ᠵᠢᠭᠠᠰᠤᠨ ᠠ᠋ᠴᠠ ᠣᠨᠴᠠ ᠠᠯᠲᠠᠨ ᠵᠢᠭᠠᠰᠤ ᠪᠣᠯᠪᠠᠯ ᠠᠳᠤᠭᠤᠰᠤ ᠠᠮᠢᠲᠠᠨ ᠠ᠋ᠴᠠ ᠣᠨᠴᠠ ᠬᠥᠮᠦᠨ ᠦ᠌ ᠬᠡᠯᠡ ᠮᠡᠳᠡᠨ᠎ᠡ᠃ 《ᠠᠮᠢ ᠶ᠋ᠢ ᠮᠢᠨᠢ ᠠᠪᠤᠷᠠᠭᠠᠴᠢ》 ᠭᠡᠵᠦ ᠠᠯᠲᠠᠨ ᠵᠢᠭᠠᠰᠤ ᠭᠤᠶᠤᠪᠠ᠃ 《ᠡᠪᠦᠭᠡᠨ ᠪᠣᠯᠤᠭᠰᠠᠨ ᠠᠬ᠎ᠠ ᠮᠢᠨᠢ ᠥᠷᠥᠰᠢᠶᠡᠵᠦ ᠬᠠᠢᠷᠠᠯᠠ᠂ ᠤᠷᠠᠬ᠎ᠠ ᠲᠣᠣᠷ ᠠ᠋ᠴᠠ ᠮᠢᠨᠢ ᠮᠤᠯᠲᠤᠯᠵᠤ ᠤᠰᠤᠨ ᠳ᠋ᠤ᠌ ᠪᠤᠴᠠᠭᠠᠵᠤ ᠲᠠᠯᠪᠢᠨ᠎ᠠ ᠤᠤ᠂ ᠠᠮᠢ ᠪᠡᠶ᠎ᠡ ᠶ᠋ᠢᠨ ᠮᠢᠨᠢ ᠣᠷᠣᠨ ᠳ᠋ᠤ᠌ ᠠᠯᠢ ᠳᠤᠷᠠᠲᠠᠢ ᠶ᠋ᠢ ᠴᠢᠨᠢ ᠥᠭᠭᠦᠨᠡᠮ ᠃ ᠡᠨᠡ ᠦᠭᠡ ᠶ᠋ᠢ ᠰᠣᠨᠣᠰᠤᠭᠠᠳ ᠡᠪᠦᠭᠡᠨ ᠶᠡᠬᠡ ᠰᠣᠴᠢᠪᠠ᠃《ᠶᠠᠮᠠᠷ ᠵᠢᠭᠲᠡᠢ ᠬᠡᠷᠡᠭ ᠪᠣᠢ》 ᠭᠡᠵᠦ ᠠᠵᠢᠭ ᠰᠡᠵᠢᠭ ᠲᠥᠷᠥᠵᠦ᠂ ᠠᠶᠤᠬᠤ ᠭᠠᠢᠬᠠᠬᠤ ᠵᠡᠷᠭᠡᠴᠡᠵᠦ ᠠᠯᠲᠠᠨ ᠵᠢᠭᠠᠰᠤ ᠶ᠋ᠢ ᠲᠠᠯᠪᠢᠬᠤ ᠳ᠋ᠤ᠌ ᠪᠠᠨ᠄《ᠴᠢᠨᠦ ᠥᠭᠬᠦ ᠶᠠᠭᠤᠮ᠎ᠠ ᠨᠠᠳᠠ ᠬᠡᠷᠡᠭ ᠪᠠᠢᠬᠤ ᠦᠭᠡᠢ᠂ ᠴᠢᠨᠦ ᠦᠨᠡᠲᠡᠢ ᠪᠡᠶ᠎ᠡ ᠨᠠᠳᠠ ᠣᠯᠵᠠ ᠪᠣᠯᠬᠤ ᠦᠭᠡᠢ᠂ ᠠᠴᠢᠲᠤ ᠲᠩᠷᠢ ᠳ᠋ᠦ᠍ ᠪᠡᠨ ᠥᠷᠦᠰᠢᠶᠡᠭᠳᠡᠵᠦ ᠠᠮᠤᠷ ᠮᠡᠨᠳᠦ ᠶᠠᠪᠤ》 ᠭᠡᠵᠦ ᠰᠠᠢᠨ ᠦᠭᠡ ᠪᠡᠨ ᠬᠡᠯᠡᠵᠦ ᠰᠠᠢᠬᠠᠨ ᠢᠷᠦᠭᠡᠯ ᠲᠠᠯᠪᠢᠪᠠ᠃ ᠡᠪᠦᠭᠡᠨ ᠲᠡᠨᠳᠡ ᠡᠴᠡ ᠪᠤᠴᠠᠵᠤ ᠭᠡᠷ ᠲᠦ᠍ ᠪᠡᠨ ᠬᠠᠷᠢᠵᠤ ᠢᠷᠡᠭᠡᠳ ᠥᠨᠥᠬᠢ ᠰᠣᠨᠢᠨ ᠶᠠᠭᠤᠮ᠎ᠠ ᠪᠠᠨ ᠡᠮᠡᠭᠡᠨ ᠳ᠋ᠦ᠍ ᠪᠡᠨ ᠶᠠᠷᠢᠵᠤ ᠬᠡᠯᠡᠪᠡ᠃ ᠥᠨᠥᠳᠥᠷ ᠪᠢ ᠳᠠᠯᠠᠢ ᠠ᠋ᠴᠠ ᠨᠢᠭᠡ ᠵᠢᠭᠠᠰᠤ ᠪᠠᠷᠢᠪᠠ᠂ ᠥᠩᠭᠡ ᠨᠢ ᠠᠯᠲᠠ ᠪᠥᠭᠡᠳ ᠬᠥᠮᠦᠨ ᠦ᠌ ᠬᠡᠯᠡ ᠮᠡᠳᠡᠨ᠎ᠡ᠂ ᠠᠮᠢ ᠪᠡᠶ᠎ᠡ ᠶ᠋ᠢ ᠨᠢ ᠠᠪᠤᠷᠠᠵᠤ ᠤᠰᠤᠨ ᠳ᠋ᠤ᠌ ᠲᠠᠯᠪᠢᠬᠤ ᠶ᠋ᠢ ᠭᠤᠶᠤᠵᠤ ᠠᠯᠢ ᠳᠤᠷᠠᠲᠠᠢ ᠶᠠᠭᠤᠮ᠎ᠠ ᠶ᠋ᠢ ᠨᠢ ᠨᠠᠳᠠ ᠳ᠋ᠤ᠌ ᠥᠭᠭᠦᠶ᠎ᠡ ᠭᠡᠬᠦ ᠳ᠋ᠦ᠍ ᠨᠢ ᠠᠶᠤᠵᠤ ᠰᠠᠨᠳᠤᠷᠤᠭᠠᠳ ᠪᠢ ᠶᠠᠭᠤ ᠴᠤ᠌ ᠠᠪᠴᠤ ᠴᠢᠳᠠᠭᠰᠠᠨ ᠦᠭᠡᠢ᠃《ᠡᠷᠭᠢᠭᠦᠦ ᠮᠤᠩᠬᠠᠭ ᠠᠮᠢᠲᠠᠨ》 ᠭᠡᠵᠦ ᠡᠮᠡᠭᠡᠨ ᠡᠪᠦᠭᠡᠨ ᠢ᠋ᠶ᠋ᠡᠨ ᠵᠢᠮᠡᠯᠡᠪᠡ᠃ ᠡᠪᠦᠭᠡᠨ ᠭᠡᠳᠡᠷᠭᠦ ᠶᠠᠪᠤᠵᠤ ᠥᠨᠥᠬᠢ ᠳᠠᠯᠠᠢ ᠳ᠋ᠤ᠌ ᠪᠠᠨ ᠢᠷᠡᠪᠡ᠃ ᠠᠯᠲᠠᠨ ᠵᠢᠭᠠᠰᠤ ᠬᠥᠪᠦᠭᠰᠡᠭᠡᠷ ᠡᠮᠦᠨ᠎ᠡ ᠨᠢ ᠬᠦᠷᠴᠦ ᠢᠷᠡᠭᠡᠳ ᠡᠪᠦᠭᠡᠨ ᠡᠴᠡ ᠢᠩᠭᠢᠵᠦ ᠠᠰᠠᠭᠤᠪᠠ᠃《ᠬᠦᠨᠳᠦᠲᠦ ᠡᠪᠦᠭᠡᠨ ᠠᠬ᠎ᠠ ᠮᠢᠨᠢ ᠬᠦᠷᠦᠭᠡᠳ ᠢᠷᠡᠪᠡ ᠤᠤ ᠪᠠᠰᠠ᠂ ᠶᠠᠪᠤᠳᠠᠯ ᠤᠴᠢᠷ ᠶᠠᠭᠤᠨ ᠳ᠋ᠤ᠌? ᠶᠠᠮᠠᠷ ᠬᠡᠷᠡᠭ ᠢ᠋ᠶ᠋ᠡᠷ ᠢᠷᠡᠪᠡ?》《ᠠᠯᠲᠠᠨ ᠵᠢᠭᠠᠰᠤ ᠮᠢᠨᠢ ᠬᠠᠢᠷᠠᠯᠠᠵᠤ ᠨᠠᠮ᠎ᠠ ᠶ᠋ᠢ ᠥᠷᠥᠰᠢᠶᠡ᠂ ᠠᠯᠲᠠᠨ ᠵᠢᠭᠠᠰᠤᠨ ᠠ᠋ᠴᠠ ᠶᠠᠭᠤᠮ᠎ᠠ ᠠᠪᠴᠤ ᠴᠢᠳᠠᠭᠰᠠᠨ ᠦᠭᠡᠢ ᠭᠡᠵᠦ ᠮᠠᠨ ᠤ᠋ ᠡᠮᠡᠭᠡᠨ ᠨᠠᠮ᠎ᠠ ᠶ᠋ᠢ ᠮᠠᠰᠢ ᠶᠡᠬᠡ ᠪᠡᠷ ᠵᠢᠮᠡᠯᠡᠵᠦ᠂ ᠡᠳ᠋ᠯᠡᠵᠦ ᠪᠠᠢᠭᠰᠠᠨ ᠲᠠᠪᠰᠢ ᠮᠢᠨᠢ ᠡᠪᠳᠡᠷᠡᠵᠦ ᠤᠨᠠᠬᠤ ᠳ᠋ᠤ᠌ ᠬᠦᠷᠦᠭᠰᠡᠨ ᠭᠡᠨ᠎ᠡ᠃》《ᠠᠴᠢᠲᠤ ᠪᠤᠭᠤᠷᠤᠯ ᠡᠪᠦᠭᠡᠨ ᠮᠢᠨᠢ ᠵᠣᠷᠢᠵᠤ ᠢᠷᠡᠭᠰᠡᠨ ᠬᠡᠷᠡᠭ ᠴᠢᠨᠢ ᠵᠣᠪᠠᠬᠤ ᠶᠠᠭᠤᠮ᠎ᠠ ᠦᠭᠡᠢ ᠪᠦᠲᠦᠨ᠎ᠡ᠂ ᠡᠷᠬᠡᠲᠦ ᠲᠩᠷᠢ ᠳ᠋ᠦ᠍ ᠢᠲᠡᠭᠡᠵᠦ ᠭᠡᠷ ᠲᠤ ᠪᠡᠨ ᠬᠠᠷᠢ ᠡᠪᠦᠭᠡᠨ ᠮᠢᠨᠢ》 ᠡᠪᠦᠭᠡᠨ ᠭᠡᠷ ᠲᠤ ᠪᠡᠨ ᠢᠷᠡᠲᠡᠯ᠎ᠡ ᠥᠨᠥᠬᠢ ᠵᠢᠭᠠᠰᠤᠨ ᠥᠭᠭᠦᠭᠰᠡᠨ ᠥᠩᠭᠡᠲᠡᠢ ᠰᠠᠢᠬᠠᠨ ᠳᠠᠪᠰᠢ ᠡᠮᠦᠨ᠎ᠡ ᠨᠢ ᠬᠡᠪᠲᠡᠵᠦ ᠬᠠᠷᠠᠭᠳᠠᠨ᠎ᠠ᠃ ᠡᠮᠡᠭᠡᠨ ᠳᠡᠷᠭᠡᠳᠡ ᠨᠢ ᠵᠣᠭᠰᠣᠭᠠᠳ ᠡᠯᠳᠡᠪ ᠢ᠋ᠶ᠋ᠡᠷ ᠬᠠᠷᠢᠶᠠᠬᠤ ᠨᠢ ᠰᠣᠨᠣᠰᠤᠭᠳᠠᠪᠠ᠃《ᠡᠷᠭᠢᠭᠦᠦ ᠲᠡᠨᠡᠭ ᠠᠮᠢᠲᠠᠨ ᠡᠨᠡ ᠳᠠᠪᠰᠢ ᠶ᠋ᠢ ᠭᠤᠶᠤᠭᠰᠠᠨ ᠤᠤ᠂ ᠲᠠᠪᠰᠢ ᠪᠠᠷ ᠶᠠᠭᠤ ᠬᠢᠬᠦ ᠪᠣᠢ? ᠳᠡᠮᠡᠢ ᠶᠠᠭᠤᠮ᠎ᠠ ᠠᠪᠴᠢᠷᠠᠬᠤ ᠶᠤᠮ᠂ ᠪᠠᠰᠠ ᠪᠤᠴᠠᠭᠠᠳ ᠶᠠᠪᠤ ᠪᠠᠢᠰᠢᠩ ᠠᠪᠤᠭᠠᠳ ᠢᠷ᠎ᠡ》 ᠭᠡᠵᠡᠢ᠃ ᠡᠪᠦᠭᠡᠨ ᠭᠡᠳᠡᠷᠭᠦ ᠪᠤᠴᠠᠵᠤ ᠢᠷᠡᠵᠦ ᠥᠨᠥᠬᠢ ᠳᠠᠯᠠᠢ ᠳ᠋ᠤ᠌ ᠢᠷᠡᠪᠡ᠃ ᠠᠯᠲᠠᠨ ᠵᠢᠭᠠᠰᠤ ᠬᠥᠪᠦᠭᠰᠡᠭᠡᠷ ᠡᠮᠦᠨ᠎ᠡ ᠨᠢ ᠬᠦᠷᠴᠦ ᠢᠷᠡᠭᠡᠳ ᠡᠪᠦᠭᠡᠨ ᠡᠴᠡ ᠢᠩᠭᠢᠵᠦ ᠠᠰᠠᠭᠤᠪᠠ《ᠬᠦᠨᠳᠦᠲᠦ ᠡᠪᠦᠭᠡᠨ ᠠᠬ᠎ᠠ ᠮᠢᠨᠢ ᠬᠠᠷᠠᠭᠠᠳ ᠢᠷᠡᠪᠡᠦ ᠪᠠᠰᠠ᠂ ᠶᠠᠪᠤᠳᠠᠯ ᠤᠴᠢᠷ ᠶᠠᠭᠤᠨ ᠳ᠋ᠤ᠌ ᠤᠤ ᠶᠠᠮᠠᠷ ᠬᠡᠷᠡᠭ ᠢ᠋ᠶ᠋ᠡᠷ ᠢᠷᠡᠪᠡ?》《ᠬᠠᠲᠤᠨ ᠳᠡᠭᠡᠳᠦ ᠵᠢᠭᠠᠰᠤ ᠮᠢᠨᠢ ᠬᠠᠢᠷᠠᠯᠠᠵᠤ ᠨᠠᠮ᠎ᠠ ᠶ᠋ᠢ ᠥᠷᠥᠰᠢᠶᠡ᠂ ᠮᠠᠨ ᠤ᠋ ᠡᠮᠡᠭᠡᠨ ᠠᠭᠤᠷᠯᠠᠵᠤ ᠮᠠᠰᠢ ᠶᠡᠬᠡ ᠪᠡᠷ ᠵᠢᠮᠡᠯᠡᠵᠦ ᠪᠠᠢᠨ᠎ᠠ᠂ ᠪᠠᠢᠰᠢᠩ ᠬᠡᠷᠡᠭᠲᠡᠢ ᠶᠦ᠍ᠮ ᠭᠡᠨ᠎ᠡ᠃《ᠠᠴᠢᠲᠤ ᠪᠤᠭᠤᠷᠤᠯ ᠡᠪᠦᠭᠡᠨ ᠮᠢᠨᠢ ᠵᠣᠷᠢᠵᠤ ᠢᠷᠡᠭᠰᠡᠨ ᠬᠡᠷᠡᠭ ᠴᠢᠨᠢ ᠵᠣᠪᠠᠬᠤ ᠶᠠᠭᠤᠮ᠎ᠠ ᠦᠭᠡᠢ ᠪᠦᠲᠦᠨ᠎ᠡ᠂ ᠡᠷᠬᠡᠲᠦ ᠲᠩᠷᠢ ᠳ᠋ᠦ᠍ ᠢᠲᠡᠭᠡᠵᠦ ᠭᠡᠷ ᠲᠤ ᠪᠡᠨ ᠬᠠᠷᠢ ᠡᠪᠦᠭᠡᠨ ᠮᠢᠨᠢ ᠡᠪᠳᠡᠷᠬᠡᠢ ᠮᠠᠭᠤ ᠭᠡᠷ ᠴᠢᠨᠢ ᠰᠢᠨ᠎ᠡ ᠪᠠᠢᠰᠢᠩ ᠢ᠋ᠶ᠋ᠠᠷ ᠰᠣᠯᠢᠭᠳᠠᠨ᠎ᠠ᠃ ᠡᠪᠦᠭᠡᠨ ᠲᠡᠨᠳᠡ ᠡᠴᠡ ᠪᠤᠴᠠᠵᠤ ᠭᠡᠷ ᠲᠦ᠍ ᠪᠡᠨ ᠬᠦᠷᠴᠦ ᠢᠷᠡᠪᠡᠯ ᠭᠡᠷ ᠪᠠᠢᠭᠰᠠᠨ ᠭᠠᠵᠠᠷ ᠲᠤ ᠨᠢ ᠭᠡᠭᠡᠨ ᠴᠠᠭᠠᠨ ᠥᠩᠭᠡᠲᠡᠢ ᠪᠠᠢᠰᠢᠩ ᠬᠠᠷᠠᠭᠳᠠᠵᠠᠢ ᠭᠡᠨ᠎ᠡ᠃ ᠢ᠂ ᠡᠷᠭᠢᠭᠦᠦ ᠮᠤᠩᠬᠠᠭ ᠠᠮᠢᠲᠠᠨ ᠪᠣᠢ ᠂ ᠡᠨᠡ ᠪᠠᠢᠰᠢᠩ ᠢ᠋ ᠭᠤᠶᠤᠭᠰᠠᠨ ᠤᠤ᠂ ᠬᠠᠷᠠᠴᠤ ᠢᠵᠠᠭᠤᠷ ᠢ᠋ᠶ᠋ᠠᠨ ᠰᠣᠯᠢᠵᠤ ᠲᠠᠢᠵᠢ ᠪᠣᠯᠬᠤ ᠶ᠋ᠢ ᠬᠦᠰᠡᠨ᠎ᠡ᠂ ᠬᠠᠮᠵᠢᠯᠭᠠᠲᠤ ᠲᠠᠷᠢᠶᠠᠴᠢᠨ ᠢ᠋ᠶ᠋ᠠᠨ ᠪᠠᠢᠵᠤ ᠨᠣᠶᠠᠨ ᠪᠣᠯᠬᠤ ᠶ᠋ᠢ ᠬᠦᠰᠡᠵᠦ ᠪᠠᠢᠨ᠎ᠠ᠃ ᠡᠪᠦᠭᠡᠨ ᠭᠡᠳᠡᠷᠭᠦ ᠪᠤᠴᠠᠵᠤ ᠥᠨᠥᠬᠢ ᠳᠠᠯᠠᠢ ᠳ᠋ᠤ᠌ ᠪᠠᠨ ᠢᠷᠡᠪᠡ᠃ ᠠᠯᠲᠠᠨ ᠵᠢᠭᠠᠰᠤ ᠡᠪᠦᠭᠡᠨ ᠡᠴᠡ ᠢᠩᠭᠢᠵᠦ ᠠᠰᠠᠭᠤᠪᠠ᠃《ᠬᠦᠨᠳᠦᠲᠦ ᠡᠪᠦᠭᠡᠨ ᠠᠬ᠎ᠠ ᠮᠢᠨᠢ ᠬᠦᠷᠦᠭᠡᠳ ᠯᠡ ᠢᠷᠡᠪᠡ ᠤᠤ ᠪᠠᠰᠠ᠂ ᠶᠠᠪᠤᠳᠠᠯ ᠤᠴᠢᠷ ᠶᠠᠭᠤᠨ ᠳ᠋ᠤ᠌ ᠪᠣᠢ ᠶᠠᠮᠠᠷ ᠬᠡᠷᠡᠭ ᠢ᠋ᠶ᠋ᠡᠷ ᠢᠷᠡᠪᠡ?》《ᠬᠠᠲᠤᠨ ᠳᠡᠭᠡᠳᠦ ᠵᠢᠭᠠᠰᠤ ᠮᠢᠨᠢ ᠮᠠᠨ ᠤ᠋ ᠡᠮᠡᠭᠡᠨ ᠤᠯᠠᠮ ᠶᠡᠬᠡ ᠪᠡᠷ ᠬᠠᠷᠢᠶᠠᠵᠤ ᠪᠠᠢᠨ᠎ᠠ᠂ ᠨᠣᠶᠠᠨ ᠯᠠ ᠪᠣᠯᠬᠤ ᠰᠠᠨᠠᠭ᠎ᠠ ᠲᠠᠢ ᠭᠡᠨ᠎ᠡ》《ᠠᠴᠢᠲᠤ ᠪᠤᠭᠤᠷᠤᠯ ᠡᠪᠦᠭᠡᠨ ᠮᠢᠨᠢ ᠡᠷᠬᠡᠲᠦ ᠲᠩᠷᠢ ᠶ᠋ᠢᠨ ᠥᠷᠥᠰᠢᠶᠡᠯ ᠢ᠋ᠶ᠋ᠡᠷ ᠡᠮᠡᠭᠡᠨ ᠴᠢᠨᠢ ᠬᠠᠲᠤᠨ ᠪᠣᠯᠬᠤ ᠪᠣᠯᠤᠨ᠎ᠠ》 ᠡᠪᠦᠭᠡᠨ ᠢ᠋ ᠪᠤᠴᠠᠭᠠᠳ ᠢᠷᠡᠲᠡᠯ᠎ᠡ ᠥᠨᠳᠥᠷ ᠰᠠᠢᠬᠠᠨ ᠪᠠᠢᠰᠢᠩ᠂ᠥᠷᠭᠥᠭᠡ ᠰᠠᠢᠬᠠᠨ ᠣᠷᠳᠣᠨ ᠨᠢ ᠡᠮᠦᠨ᠎ᠡ ᠨᠢ ᠬᠠᠷᠠᠭᠳᠠᠵᠠᠢ ᠭᠡᠨ᠎ᠡ᠃ ᠤᠷᠢᠳᠤ ᠶ᠋ᠢᠨ ᠬᠢ ᠡᠴᠡ ᠪᠡᠨ ᠡᠮᠡᠭᠡᠨ ᠨᠢ ᠤᠯᠠᠮ ᠳᠣᠭᠰᠢᠷᠠᠵᠤ ᠡᠪᠦᠭᠡᠨ ᠳ᠋ᠦ᠍ ᠲᠤᠰᠢᠶᠠᠪᠠ《ᠡᠵᠡᠨ ᠬᠠᠭᠠᠨ ᠪᠣᠯᠤᠭᠰᠠᠨ ᠴᠤ᠌ ᠡᠷᠬᠡ ᠶᠠᠮᠪᠠ ᠪᠠᠨ ᠴᠢᠮᠠᠯᠠᠨ᠎ᠠ ᠪᠢ᠂ ᠲᠠᠩᠭᠢᠰ ᠳᠠᠯᠠᠢ ᠶ᠋ᠢ ᠡᠵᠡᠯᠡᠵᠦ᠂ ᠲᠩᠷᠢ ᠭᠠᠵᠠᠷ ᠢ᠋ ᠵᠠᠬᠢᠷᠤᠮᠠᠷ ᠪᠠᠢᠨ᠎ᠠ᠃ ᠠᠯᠲᠠᠨ ᠵᠢᠭᠠᠰᠤ ᠥᠪᠡᠷ ᠢ᠋ᠶ᠋ᠡᠨ ᠠᠯᠪᠠᠲᠤ ᠵᠠᠷᠤᠴᠠ ᠮᠢᠨᠢ ᠪᠣᠯᠤᠭ᠂ ᠶᠠᠪᠤ ᠭᠡᠰᠡᠨ ᠭᠠᠵᠠᠷ ᠲᠤ ᠮᠠᠨᠢ ᠪᠠᠢᠭ᠂ ᠵᠣᠭᠰᠣ ᠭᠡᠰᠡᠨ ᠭᠠᠵᠠᠷ ᠲᠤ ᠮᠠᠨᠢ ᠵᠣᠭᠰᠣᠵᠤ ᠪᠠᠢᠭ》᠂ ᠡᠪᠦᠭᠡᠨ ᠡᠮᠡᠭᠡᠨ ᠦ᠌ ᠥᠭᠡᠳᠡ ᠡᠴᠡ ᠶᠠᠭᠤ ᠴᠤ᠌ ᠬᠡᠯᠡᠵᠦ ᠴᠢᠳᠠᠭᠰᠠᠨ ᠦᠭᠡᠢ᠂ ᠲᠤᠰᠢᠶᠠᠯ ᠢ᠋ ᠨᠢ ᠳᠠᠭᠠᠵᠤ ᠭᠦᠢᠴᠡᠳᠬᠡᠬᠦ ᠪᠡᠷ ᠳᠠᠭᠤ ᠦᠭᠡᠢ ᠭᠡᠳᠡᠷᠭᠦ ᠶᠠᠪᠤᠪᠠ᠃
ᠪᠠᠰᠠᠷ᠄ ᠠᠢ ᠳᠠ ᠪᠠᠰᠠ ᠯᠠ ᠶᠠᠩᠵᠤ ᠶ᠋ᠢᠨ ᠣᠯᠠᠨ ᠶᠠᠭᠤᠮ᠎ᠠ ᠬᠦᠰᠡᠳᠡᠭ ᠡᠮᠡᠭᠡ ᠪᠠᠢᠨ᠎ᠠ ᠳᠠ᠂ ᠪᠢ ᠡᠪᠦᠭᠡᠨ ᠠᠬ᠎ᠠ ᠶ᠋ᠢᠨ ᠣᠷᠣᠨ ᠳ᠋ᠤ᠌ ᠪᠠᠢᠭᠰᠠᠨ ᠪᠣᠯ ᠠᠵᠠᠲᠠᠢ ᠰᠢᠪᠡᠷ ᠦ᠋ᠨ ᠪᠦᠬᠦ ᠨᠣᠬᠠᠢ ᠮᠤᠤᠷ ᠨᠤᠭᠤᠳ ᠢ᠋ ᠣᠷᠣᠨ ᠭᠡᠷ ᠲᠡᠢ ᠪᠣᠯᠭᠠᠬᠤ ᠦᠭᠡᠢ ᠤᠤ ᠬᠢ ᠬᠢ᠂
ᠪᠠᠰᠠᠷ᠄ ᠢᠩᠭᠢᠬᠦ ᠳ᠋ᠦ᠍ ᠡᠨᠡ ᠤᠯᠤᠰ ᠤ᠋ᠨ ᠠᠷᠠᠳ ᠢᠷᠭᠡᠳ ᠨᠢ ᠬᠠᠮᠢᠭ᠎ᠠ ᠶᠠᠪᠤᠭᠰᠠᠨ ᠶᠤᠮ ᠪᠣᠯ?
ᠲᠤᠩᠬᠤ᠄ ᠬᠠᠷᠢᠨ ᠪᠦᠭᠦᠳᠡᠭᠡᠷ ᠢ᠋ᠶ᠋ᠡᠨ ᠳᠠᠢᠵᠢᠭᠠᠳ᠂ ᠬᠣᠲᠠ ᠠ᠋ᠴᠠ ᠪᠠᠨ ᠶᠠᠪᠤᠴᠢᠬᠠᠭᠰᠠᠨ ᠶᠤᠮ ᠪᠠᠢᠬ᠎ᠠ ᠳᠠ᠃
ᠳ᠋ᠤᠷᠤᠷᠠᠨ᠄ ᠰᠢᠨᠤᠯ ᠭᠡᠵᠦ ᠠᠶᠤᠯᠲᠠᠢ ᠵᠦᠢᠯ ᠪᠠᠢᠨ᠎ᠠ ᠰᠢᠦ᠃
ᠪᠠᠰᠠᠷ᠄ ᠲᠡᠢᠮᠦ ᠰᠢᠦ ᠳ᠋ᠣᠷᠤᠷᠠᠨ ᠮᠢᠨᠢ᠂ ᠠᠶᠤᠯ ᠲᠠᠢ ᠪᠠᠷ ᠪᠠᠷᠠᠬᠤ ᠤᠤ ᠳᠠ᠂ ᠪᠤᠰᠤᠳ ᠢ᠋ ᠪᠡᠨ ᠴᠦ᠍ ᠪᠠᠢᠲᠤᠭᠠᠢ ᠬᠥᠭᠡᠷᠦᠬᠦᠢ ᠡᠪᠦᠭᠡ ᠶ᠋ᠢ ᠬᠦᠷᠲᠡᠯ᠎ᠡ ᠢᠩᠭᠢᠵᠦ ᠵᠣᠪᠠᠭᠠᠵᠤ ᠪᠠᠢᠨ᠎ᠠ ᠰᠢᠦ ᠳᠡ᠃ ᠡᠪ ᠦᠭᠡᠢ ᠡᠪ ᠦᠭᠡᠢ ᠡᠪ ᠦᠭᠡᠢ᠂ ᠶᠠᠮᠠᠷ ᠠᠵᠠ ᠪᠠᠷ ᠮᠠᠨ ᠤ᠋ ᠮᠥᠩᠬᠡ ᠨᠢᠭᠡ ᠶᠡᠬᠡ ᠬᠦᠰᠡᠯ ᠬᠦᠰᠡᠳᠡᠭ ᠦᠭᠡᠢ ᠶᠦᠮ ᠲᠡᠢᠮᠦ ᠬᠢ ᠬᠢ᠂ ᠲᠡᠢᠮᠦ ᠠ᠋ ᠮᠥᠩᠬᠡ ᠠ᠋!
ᠮᠥᠩᠬᠡ᠄ ᠠᠢ᠂ ᠬᠡ ᠬᠠ ᠬᠠ᠂ ᠵᠠ ᠨᠠᠢᠵᠠ ᠨᠤᠭᠤᠳ ᠠ᠋᠂ ᠪᠢ ᠠᠷᠠᠢ ᠲᠡᠢᠮᠦ ᠰᠢᠨᠤᠯ ᠲᠠᠢ ᠪᠠᠢᠨ᠎ᠠ ᠭᠡᠵᠦ ᠶᠠᠭᠤ ᠪᠠᠢᠬᠤᠪ ᠳᠠ᠂ ᠮᠢᠨᠦ ᠲᠦᠷᠦᠭᠦᠨ ᠦ᠌ ᠯᠠᠪᠠᠷᠲ᠋ᠤᠷ(ᠲᠤᠷᠰᠢᠯᠲᠠ ᠶ᠋ᠢᠨ ᠲᠠᠰᠤᠭ) ᠲᠤ᠌ ᠶᠠᠷᠢᠭᠰᠠᠨ ᠵᠦᠢᠯᠡᠰ ᠢ᠋ ᠮᠠᠷᠲᠠᠭᠠᠷᠠᠢ ᠂ ᠵᠠ ᠤᠤ? ᠂ ᠣᠳᠣ ᠪᠣᠳᠣᠭᠰᠠᠨ ᠴᠢᠨᠢ ᠪᠠᠰᠠ ᠠᠷᠠᠢ ᠯᠠ ᠬᠡᠲᠦᠷᠡᠭᠦᠯᠴᠢᠬᠡᠭᠰᠡᠨ ᠶᠦᠮ ᠰᠢᠭ ᠰᠠᠨᠠᠭᠳᠠᠴᠢᠬᠠᠯ᠎ᠠ᠃
ᠴᠠᠰᠤᠬᠠᠨ᠄ ᠮᠠᠨ ᠤ᠋ ᠮᠥᠩᠬᠡ ᠦᠨᠡᠬᠡᠷ ᠮᠤᠨᠳᠠᠭ ᠬᠡᠦᠬᠡᠳ ᠰᠢᠦ᠂ ᠵᠠ ᠪᠦᠭᠦᠳᠡᠭᠡᠷ ᠢ᠋ᠶ᠋ᠡᠨ ᠶᠠᠭᠤ ᠴᠤ᠌ ᠭᠡᠰᠡᠨ ᠦᠯᠢᠭᠡᠷ ᠦ᠋ᠨ ᠭᠣᠣᠯ ᠳᠦᠷᠢ ᠪᠡᠨ ᠣᠯᠬᠤ ᠤᠤ ᠳᠠ?
ᠪᠠᠰᠠᠷ᠄ ᠵᠠ ᠪᠠᠷᠤᠭ ᠦᠯᠢᠭᠡᠷ ᠪᠣᠯᠭᠠᠨ ᠳᠡᠭᠡᠷ᠎ᠡ ᠴᠠᠰᠤᠬᠠᠨ ᠢᠩᠭᠢᠭᠡᠳ ᠬᠡᠳᠦᠭᠦᠯᠡ ᠪᠡᠨ ᠬᠠᠢᠵᠤ ᠣᠯᠬᠤ ᠤᠤ ᠳᠠ ᠭᠡᠬᠦ ᠳ᠋ᠦ᠍ ᠨᠢ ᠭᠣᠣᠯ ᠳᠦᠷᠢ ᠨᠢ ᠪᠣᠩ ᠭᠡᠳ ᠭᠠᠷᠤᠭᠠᠳ ᠢᠷᠡᠳᠡᠭ ᠲᠡᠢᠮᠦ᠂ ᠬᠡᠳᠦᠭᠦᠯᠡ ᠪᠡᠨ ᠬᠠᠢᠬᠤ ᠬᠡᠷᠡᠭ ᠪᠠᠷᠤᠭ ᠪᠠᠢᠨ᠎ᠠ ᠤᠤ?
ᠮᠥᠩᠬᠡ᠄ ᠬᠥᠶᠢ ᠲᠡᠷᠡ ᠨᠥᠭᠦᠭᠡ ᠡᠪᠦᠭᠡ ᠪᠢᠰᠢ ᠤᠤ?
ᠲᠤᠩᠬᠤ᠄ ᠠᠢ᠂ ᠮᠥᠨ ᠶᠦᠮ ᠪᠢᠰᠢ ᠤᠤ?
ᠪᠠᠰᠠᠷ᠄ ᠵᠠ᠂ ᠪᠢ ᠬᠡᠯᠡᠭᠡ ᠪᠢᠵᠡ᠂ ᠠ ᠬᠠ ᠬᠠ ᠡᠨᠡ ᠵᠣᠬᠢᠶᠠᠯᠴᠢ ᠠᠬ᠎ᠠ ᠮᠢᠨᠢ ᠠᠷᠠᠢ ᠵᠠᠯᠬᠠᠭᠤ ᠤᠤ ᠦᠭᠡᠢ ᠤᠤ
ᠲᠤᠩᠬᠤ᠄ ᠬᠥᠶᠢ ᠪᠠᠰᠠᠷ ᠠ᠋ ᠬᠡᠨ ᠲᠡᠢ ᠶᠠᠷᠢᠭᠠᠳ ᠪᠠᠢᠭ᠎ᠠ ᠶᠤᠮ ᠪᠣᠢ?
ᠪᠠᠰᠠᠷ᠄ ᠠ᠂ ᠶᠠᠭᠤ ᠴᠤ᠌ ᠪᠢᠰᠢ ᠠ᠋᠂ ᠬᠡᠳᠦᠭᠦᠯᠡ ᠪᠡᠨ ᠡᠪᠦᠭᠡ ᠲᠡᠢ ᠣᠴᠢᠵᠤ ᠠᠭᠤᠯᠵᠠᠶ᠎ᠠ᠃
ᠳ᠋ᠤᠷᠤᠷᠠᠨ᠄ ᠵᠠ ᠲᠡᠭᠡᠶ᠎ᠡ᠃
ᠲᠤᠩᠬᠤ᠄ ᠰᠠᠢᠨ ᠪᠠᠢᠨ᠎ᠠ ᠤᠤ ᠡᠪᠦᠭᠡ?
ᠡᠪᠦᠭᠡᠨ᠄ (ᠭᠠᠳᠠᠭᠠᠳᠤ ᠦᠭᠡ)
ᠲᠤᠩᠬᠤ ᠄ ᠠ⁈
ᠪᠠᠰᠠᠷ᠄
ᠮᠥᠩᠬᠡ᠄ ᠡᠨᠡ ᠡᠪᠦᠭᠡ ᠣᠷᠣᠰ ᠬᠡᠯᠡ ᠪᠡᠷ ᠶᠠᠷᠢᠭᠠᠳ ᠪᠠᠢᠨ᠎ᠠ ᠤᠤ ᠳᠠ?
ᠪᠠᠰᠠᠷ᠄ ᠥ ᠵᠠ ᠪᠠᠢᠵᠠ᠂ ᠬᠡᠳᠦᠭᠦᠯᠡ ᠪᠡᠨ ᠨᠡᠭᠡᠷᠡᠨ ᠣᠷᠣᠰ ᠠᠷᠠᠳ ᠤ᠋ᠨ ᠦᠯᠢᠭᠡᠷ ᠢ᠋ᠶ᠋ᠡᠷ ᠠᠶᠠᠯᠠᠵᠤ ᠪᠠᠢᠭ᠎ᠠ ᠰᠢᠦ ᠳᠡ᠂ ᠣᠳᠣ ᠶᠠᠭᠠᠬᠢᠵᠤ ᠰᠢᠤᠬᠠᠨ ᠬᠡᠯᠡ ᠠᠮᠠ ᠪᠠᠨ ᠣᠯᠤᠯᠴᠠᠳᠠᠭ ᠶᠤᠮ ᠪᠢᠯᠡ ᠳᠠ?
ᠡᠪᠦᠭᠡᠨ᠄(ᠭᠠᠳᠠᠭᠠᠳᠤ ᠦᠭᠡ)
ᠡᠪᠦᠭᠡᠨ᠄(ᠭᠠᠳᠠᠭᠠᠳᠤ ᠦᠭᠡ)
ᠴᠠᠰᠤᠬᠠᠨ᠄ ᠬᠥᠶᠢ᠂ ᠬᠡᠯᠡ ᠠᠮᠠ ᠨᠡᠪᠲᠡᠷᠡᠯᠴᠡᠬᠦ ᠦᠭᠡᠢ ᠪᠣᠯᠬᠣᠷ ᠬᠠᠮᠢᠶ᠎ᠠ ᠦᠭᠡᠢ ᠵᠦᠢᠯ ᠶᠠᠷᠢᠭᠠᠳ ᠬᠡᠷᠡᠭ ᠦᠭᠡᠢ ᠪᠠᠢᠬ᠎ᠠ ᠪᠠᠰᠠᠷ ᠠ᠋᠂ ᠶᠠᠭᠤ ᠴᠤ᠌ ᠭᠡᠰᠡᠨ ᠪᠦᠭᠦᠳᠡᠭᠡᠷ ᠢ᠋ᠶ᠋ᠡᠨ ᠠᠷᠸ᠎ᠠ ᠠᠬ᠎ᠠ ᠠ᠋ᠴᠠ ᠠᠰᠠᠭᠤᠵᠠᠭᠠᠶ᠎ᠠ ᠃
ᠠᠷᠸ᠎ᠠ᠄ ᠳᠡᠭᠦᠦ ᠨᠠᠷ ᠮᠢᠨᠢ ᠵᠦᠭᠡᠷ ᠤᠤ᠂ ᠶᠠᠮᠠᠷ ᠨᠢᠭᠡᠨ ᠶᠠᠭᠤᠮ᠎ᠠ ᠪᠣᠯᠤᠭ᠎ᠠ ᠤᠤ?
ᠴᠠᠰᠤᠬᠠᠨ᠄ ᠪᠢᠳᠡ ᠨᠠᠷ ᠬᠠᠷᠢᠨ ᠦᠯᠢᠭᠡᠷ ᠲᠦ᠍ ᠣᠷᠣᠵᠤ ᠢᠷᠡᠭᠰᠡᠨ ᠴᠢᠨᠢ ᠦᠯᠢᠭᠡᠷ ᠦ᠋ᠨ ᠪᠠᠭᠠᠲᠤᠷ ᠮᠠᠨᠢ ᠣᠷᠣᠰ ᠬᠡᠯᠡ ᠪᠡᠷ ᠶᠠᠷᠢᠭᠠᠳ ᠪᠠᠢᠨ᠎ᠠ᠃
ᠠᠷᠸ᠎ᠠ᠄ ᠦ ᠶᠠᠭᠠᠬᠢᠳᠠᠭ ᠪᠢᠯᠡ᠂ ᠠ ᠵᠠ᠂ ᠠᠬ᠎ᠠ ᠨᠢ ᠣᠳᠣᠬᠠᠨ ᠵᠠᠰᠠᠭᠠᠳ ᠲᠡᠭᠡᠶ᠎ᠡ᠃
ᠡᠪᠦᠭᠡᠨ᠄ ᠣᠳᠣ ᠶᠠᠭᠠᠬᠢᠳᠠᠭ ᠪᠢᠯᠡ ᠬᠡᠦᠬᠡᠳ ᠦ᠋ᠳ ᠮᠢᠨᠢ
ᠪᠠᠰᠠᠷ᠄ ᠵᠠ ᠪᠠᠷᠤᠭ Google translate ᠶ᠋ᠢᠨ ᠬᠢᠨ ᠨᠢ ᠠᠵᠢᠯᠯᠠᠭᠠᠳ ᠡᠬᠢᠯᠡᠪᠡ ᠤᠤ᠂ ᠠᠶᠠᠭᠦᠢ ᠰᠠᠢᠨ ᠬᠡᠯᠡ ᠨᠡᠪᠲᠡᠷᠡᠯᠴᠡᠵᠦ ᠪᠠᠢᠨ᠎ᠠ ᠰᠢᠲᠠ᠂ ᠠᠯᠢ ᠡᠰᠡᠬᠦᠯ᠎ᠡ Hippocards ᠴᠦ᠍ ᠶᠦᠮ ᠤᠤ? ᠲᠣᠮᠢᠶ᠎ᠠ ᠴᠤ᠌ ᠶᠤᠮ ᠤᠤ?
ᠴᠠᠰᠤᠬᠠᠨ᠄ ᠰᠠᠢᠨ ᠪᠠᠢᠨ᠎ᠠ ᠤᠤ ᠲᠠ? ᠡᠪᠦᠭᠡ ᠠ᠋ ᠪᠢᠳᠡ ᠠᠯᠲᠠᠨ ᠵᠢᠭᠠᠰᠤᠨ ᠳ᠋ᠤ᠌ ᠣᠴᠢᠵᠤ ᠬᠦᠰᠡᠯ ᠢ᠋ᠶ᠋ᠡᠨ ᠭᠤᠶᠤᠬᠤ ᠪᠠᠷ ᠶᠠᠪᠤᠵᠤ ᠪᠠᠢᠭ᠎ᠠ ᠬᠥᠮᠦᠨ ᠢ᠋ ᠬᠠᠢᠵᠤ ᠪᠠᠢᠭ᠎ᠠ ᠶᠤᠮ ᠠ᠋ ᠲᠠ ᠮᠥᠨ ᠤᠤ?
ᠡᠪᠦᠭᠡᠨ᠄ ᠬᠠᠢᠷᠠᠲᠠᠢ ᠮᠤᠤᠷ ᠮᠢᠨᠢ ᠮᠥᠨ ᠠ᠋ ᠮᠥᠨ᠂ ᠡᠯᠳᠡᠪ ᠬᠦᠰᠡᠯᠲᠦ ᠡᠮᠡᠭᠡᠨ ᠦ᠌ ᠪᠡᠨ ᠡᠷᠬᠡ ᠶᠠᠮᠪᠠ ᠶ᠋ᠢ ᠲᠠᠭᠠᠷᠠᠭᠤᠯᠬᠤ ᠪᠠᠷ ᠡᠨᠡ ᠪᠠᠢᠭ᠎ᠠ ᠦᠳᠡᠯᠦᠭᠡ ᠨᠠᠰᠤᠨ ᠠ᠋ᠴᠠ ᠢᠯᠡᠭᠦᠦ ᠡᠩ ᠦᠭᠡᠢ ᠵᠣᠪᠠᠯᠠᠩ ᠳ᠋ᠤ᠌ ᠤᠨᠠᠭᠰᠠᠨ᠂ ᠡᠭᠡᠯ ᠦᠭᠡᠢ ᠵᠠᠶᠠᠭ᠎ᠠ ᠨᠢ ᠠᠯᠠᠭ᠎ᠠ ᠪᠣᠯᠤᠭᠰᠠᠨ ᠡᠪᠦᠭᠡᠨ ᠲᠡᠷᠡ ᠪᠢ ᠪᠠᠢᠨ᠎ᠠ᠃
ᠪᠠᠰᠠᠷ᠄ ᠡᠪᠦᠭᠡᠨ ᠠᠬ᠎ᠠ ᠮᠢᠨᠢ ᠳᠡ ᠥᠪᠡᠷ ᠢ᠋ᠶ᠋ᠡᠨ ᠶᠠᠭᠠᠬᠢᠬᠤ ᠭᠡᠵᠦ ᠢᠩᠭᠢᠵᠦ ᠶᠡᠬᠡ ᠵᠣᠪᠠᠨ᠎ᠠ ᠪᠣᠢ᠂ ᠬᠠᠢᠷᠠᠲᠠᠢ ᠬᠥᠮᠦᠨ ᠲᠠᠨᠢ ᠪᠤᠰᠤ ᠤᠤ᠂ ᠬᠦᠷᠴᠦ ᠣᠴᠢᠭᠠᠳ ᠵᠠᠯᠠᠷᠠᠭᠤᠯᠤᠭᠠᠴᠢ ᠳᠠ᠃
ᠡᠪᠦᠭᠡᠨ᠄ ᠬᠦᠰᠡᠭᠡᠳ ᠪᠣᠯᠬᠤ ᠦᠭᠡᠢ ᠪᠠᠢᠭ᠎ᠠ ᠵᠦᠢᠯ ᠢ᠋ ᠬᠦᠴᠦᠯᠡᠵᠦ ᠪᠢ ᠬᠡᠷᠬᠢᠨ ᠴᠢᠳᠠᠬᠤ ᠪᠢᠯᠡ᠂ ᠬᠠᠨᠵᠤ ᠳᠠᠭᠤᠰᠬᠤ ᠦᠭᠡᠢ ᠲᠡᠷᠡ ᠶᠡᠬᠡ ᠰᠢᠨᠤᠯ ᠢ᠋ ᠬᠠᠷᠠᠯᠭᠠᠨ ᠡᠪᠦᠭᠡ ᠨᠢ ᠪᠠᠷᠠᠭᠳᠠᠭᠤᠯᠵᠤ ᠶᠡᠷᠦ ᠴᠢᠳᠠᠬᠤ ᠦᠭᠡᠢ ᠪᠠᠢᠨ᠎ᠠ ᠳᠠ᠃
ᠪᠠᠰᠠᠷ᠄ ᠠ ᠬᠠ ᠵᠠ ᠡᠪᠦᠭᠡᠨ ᠠᠬ᠎ᠠ ᠮᠢᠨᠢ ᠳᠡ ᠣᠳᠣ ᠰᠢᠯᠦᠭᠯᠡᠵᠦ ᠲᠣᠯᠣᠭᠠᠢ ᠰᠡᠭᠦᠯ ᠬᠣᠯᠪᠣᠵᠤ ᠶᠠᠷᠢᠬᠤ ᠪᠠᠨ ᠪᠣᠯᠢᠶ᠎ᠠ᠃ 
ᠡᠪᠦᠭᠡᠨ᠄ ᠲᠠ ᠨᠠᠷ ᠢ᠋ ᠴᠢᠨᠢ ᠬᠠᠷᠢᠨ ᠤᠷᠠᠨ ᠢᠷᠠᠭᠤ ᠬᠡᠯᠡᠯᠭᠡᠭᠦᠭᠡᠨ ᠭᠡᠭᠴᠢ ᠨᠢ ᠶᠠᠷᠢᠭᠠᠳ ᠪᠠᠢᠬᠤ ᠪᠠᠷ ᠨᠢ ᠮᠠᠭᠤ ᠡᠪᠦᠭᠡᠨ ᠠᠬ᠎ᠠ ᠨᠢ ᠤᠶᠠᠩᠭᠠᠯᠠᠵᠤ ᠥᠭᠭᠦᠯ᠎ᠡ ᠰᠢᠲᠠ ᠬᠡ ᠬᠡ ᠬᠡ᠃
ᠮᠥᠩᠬᠡ᠄ ᠡᠪᠦᠭᠡ ᠪᠢᠳᠡ ᠨᠠᠷ ᠲᠠᠨ ᠳ᠋ᠤ᠌ ᠶᠠᠭᠤ ᠪᠠᠷ ᠲᠤᠰᠠᠯᠠᠬᠤ ᠪᠣᠢ?
ᠳ᠋ᠤᠷᠤᠷᠠᠨ᠄ ᠪᠢᠳᠡᠨ ᠦ᠌ ᠲᠤᠰᠠᠯᠠᠵᠤ ᠴᠢᠳᠠᠬᠤ ᠶᠠᠮᠠᠷ ᠨᠢᠭᠡᠨ ᠵᠦᠢᠯ ᠪᠠᠢᠪᠠᠯ ᠡᠪᠦᠭᠡᠨ ᠠᠬ᠎ᠠ ᠲᠠᠨ ᠳ᠋ᠤ᠌ ᠲᠤᠰᠠᠯᠠᠶ᠎ᠠ᠃ ᠡᠪᠦᠭᠡᠨ᠄ ᠣᠳᠣ ᠬᠡᠷᠬᠢᠬᠦ ᠲᠠᠯ᠎ᠠ ᠪᠠᠷ ᠡᠪᠦᠭᠡᠨ ᠠᠬ᠎ᠠ ᠳ᠋ᠤ᠌ ᠨᠢ ᠶᠠᠮᠠᠷ ᠴᠤ᠌ ᠠᠷᠭ᠎ᠠ ᠠᠯᠠᠭ᠎ᠠ ᠳᠠ᠃
ᠲᠤᠩᠬᠤ᠄ ᠢᠩᠭᠢᠬᠦ ᠳ᠋ᠦ᠍ ᠶᠡᠷᠦ ᠡᠴᠡ ᠨᠢ ᠪᠢᠳᠡ ᠨᠠᠷ ᠲᠠᠨ ᠲᠠᠢ ᠬᠠᠮᠲᠤ ᠶᠠᠪᠤᠭᠠᠳ ᠡᠮᠡᠭᠡ ᠲᠡᠢ ᠠᠭᠤᠯᠵᠠᠵᠤ ᠪᠣᠯᠬᠤ ᠤᠤ? 
ᠴᠠᠰᠤᠬᠠᠨ᠄ ᠨᠡᠭᠡᠷᠡᠨ ᠡᠴᠡᠲᠡᠢᠮᠦ ᠰᠢᠦ᠂ ᠡᠨᠡ ᠪᠦᠬᠦ ᠪᠣᠯᠵᠤ ᠪᠠᠢᠭ᠎ᠠ ᠦᠢᠯᠡ ᠶᠠᠪᠤᠳᠠᠯ ᠢ᠋ ᠲᠡᠳᠦᠢᠯᠡᠨ ᠠᠩᠵᠠᠭᠠᠷᠠᠬᠤ ᠦᠭᠡᠢ ᠪᠠᠢᠵᠤ ᠮᠠᠭᠠᠳ ᠦᠭᠡᠢ᠂ ᠪᠢᠳᠡ ᠨᠠᠷ ᠲᠡᠭᠡᠪᠡᠯ ᠬᠠᠮᠲᠤ ᠶᠠᠪᠤᠵᠤ ᠪᠣᠯᠬᠤ ᠤᠤ ᠡᠪᠦᠭᠡᠨ ᠠᠬ᠎ᠠ ᠮᠢᠨᠢ?
ᠡᠪᠦᠭᠡᠨ᠄ ᠠᠢ ᠪᠤᠷᠬᠠᠨ᠂ ᠠᠢ ᠳᠠ ᠬᠡᠦᠬᠡᠳ ᠦ᠋ᠳ ᠮᠢᠨᠢ ᠲᠡᠷᠡ ᠴᠤ᠌ ᠪᠠᠷᠤᠭ ᠳᠡᠮᠡᠢ ᠪᠠᠢᠬᠤ ᠳᠠ᠂ ᠡᠮᠡᠭᠡᠨ ᠮᠢᠨᠢ ᠣᠳᠣ ᠮᠢᠨᠦ ᠲᠠᠨᠢᠳᠠᠭ ᠬᠥᠮᠦᠨ ᠪᠢᠰᠢ ᠪᠣᠯᠤᠭᠰᠠᠨ᠂ ᠲᠠ ᠨᠠᠷ ᠮᠢᠨᠢ ᠠᠶᠤᠯ ᠳ᠋ᠤ᠌ ᠴᠤ᠌ ᠣᠷᠣᠵᠤ ᠮᠡᠳᠡᠨ᠎ᠡ ᠬᠡᠷᠡᠭ ᠦᠭᠡᠢ᠃
ᠮᠥᠩᠬᠡ᠄ ᠲᠠ ᠰᠠᠨᠠᠭ᠎ᠠ ᠵᠣᠪᠠᠯᠲᠠ ᠦᠭᠡᠢ᠂ ᠪᠢᠳᠡ ᠨᠠᠷ ᠣᠴᠢᠭᠠᠳ ᠯᠠ ᠤᠴᠢᠷ ᠶᠠᠪᠤᠳᠠᠯ ᠢ᠋ ᠨᠢ ᠲᠦᠪᠡᠭ ᠥᠭᠡᠢᠬᠢᠨ ᠣᠢᠯᠭᠠᠭᠤᠯᠴᠢᠬᠠᠶ᠎ᠠ᠂ ᠲᠡᠢᠮᠦ ᠪᠣᠯᠬᠣᠷ ᠪᠢᠳᠡ ᠨᠠᠷ ᠲᠤ᠌ ᠢᠳᠡᠭᠡ ᠪᠤᠭᠤᠷᠤᠯ ᠠᠬ᠎ᠠ ᠮᠢᠨᠢok
ᠡᠪᠦᠭᠡᠨ᠄ ᠡᠩ ok ok
ᠡᠮᠡᠭᠡᠨ᠄ ᠲᠠ ᠨᠠᠷ ᠪᠣᠯᠬᠤ ᠦᠭᠡᠢ ᠪᠠᠢᠨ᠎ᠠ᠂ ᠲᠠᠲᠠᠪᠤᠷᠢ ᠶ᠋ᠢ ᠭᠤᠷᠪᠠ ᠳᠠᠬᠢᠨ ᠨᠡᠮᠡ᠂ ᠡᠨᠡ ᠡᠳᠦᠷ ᠦ᠋ᠨ ᠬᠣᠭᠣᠯᠠ ᠪᠣᠯᠵᠤ ᠪᠠᠢᠨ᠎ᠠ ᠤᠤ? ᠥᠭᠡᠳᠡ ᠦᠭᠡᠢ ᠲᠡᠷᠡ ᠵᠠᠷᠤᠴᠠ ᠡᠪᠦᠭᠡᠨ ᠬᠠᠮᠢᠭ᠎ᠠ ᠪᠠᠢᠨ᠎ᠠ?
ᠪᠠᠰᠠᠷ᠄ ᠢ᠂ ᠶᠠᠭᠠᠬᠢᠭᠰᠠᠨ ᠠᠢᠬᠤᠪᠲᠤᠷ ᠠᠭᠤᠷᠲᠠᠢ ᠪᠠᠢᠨ᠎ᠠ?
ᠮᠥᠩᠬᠡ᠄ ᠬᠢ ᠬᠢ ᠬᠠᠷᠢᠨ ᠳᠠ᠃
ᠡᠮᠡᠭᠡᠨ᠄ ᠡᠳᠡ ᠨᠠᠷ ᠴᠢᠨᠢ ᠨᠠᠷᠠ ᠰᠠᠷᠠᠨ ᠤ᠋ ᠴᠢᠮᠡᠭ ᠲᠡᠢ ᠭᠠᠨᠲᠢᠭ ᠣᠨ ᠡᠨᠡ ᠥᠷᠥᠭᠡᠨ ᠳ᠋ᠦ᠍ ᠮᠢᠨᠢ ᠨᠠᠪᠰᠠᠭᠠᠷ ᠡᠪᠦᠭᠡᠨ ᠲᠡᠢ ᠮᠢᠨᠢ ᠬᠠᠮᠲᠤ ᠨᠠᠳᠠ ᠳ᠋ᠤ᠌ ᠪᠠᠷᠠᠯᠬᠠᠬᠤ ᠭᠡᠵᠦ ᠪᠠᠢᠨ᠎ᠠ ᠭᠡᠳᠡᠭ ᠴᠢᠨᠢ ᠬᠡᠩ ᠨᠠᠷᠢᠨ ᠤᠴᠢᠷ ᠪᠠᠢᠭ᠎ᠠ ᠯᠠ ᠪᠢᠵᠡ ᠳᠡ᠃ 
ᠴᠠᠰᠤᠬᠠᠨ᠄ ᠪᠢᠳᠡ ᠡᠪᠦᠭᠡᠨ ᠪᠤᠭᠤᠷᠤᠯ ᠠᠬ᠎ᠠ ᠠ᠋ᠴᠠ ᠤᠴᠢᠷ ᠶᠠᠪᠤᠳᠠᠯ ᠢ᠋ ᠨᠢ ᠣᠯᠵᠤ ᠮᠡᠳᠡᠭᠡᠳ ᠲᠠᠨ ᠳ᠋ᠤ᠌ ᠪᠠᠷᠠᠯᠬᠠᠵᠤ ᠦᠨᠡᠨ ᠤᠴᠢᠷ ᠢ᠋ ᠬᠡᠯᠡᠬᠦ ᠪᠡᠷ ᠢᠷᠡᠯ᠎ᠡ᠃
ᠡᠮᠡᠭᠡᠨ᠄ ᠦᠨᠡᠨ ᠤᠴᠢᠷ ᠢ᠋? ᠲᠡᠷᠡ ᠴᠢᠨᠢ ᠶᠠᠭᠤ ᠭᠡᠰᠡᠨ ᠦᠭᠡ ᠶᠦᠮ?
ᠴᠠᠰᠤᠬᠠᠨ᠄ ᠲᠠᠨ ᠤ᠋ ᠠᠯᠲᠠᠨ ᠵᠢᠭᠠᠰᠤ ᠠ᠋ᠴᠠ ᠬᠦᠰᠡᠭᠰᠡᠨ ᠬᠡᠮᠵᠢᠶᠡᠯᠡᠰᠢ ᠦᠭᠡᠢ ᠶᠡᠬᠡ ᠡᠳ᠋ ᠪᠠᠶᠠᠯᠢᠭ᠂ ᠡᠷᠬᠡ ᠮᠠᠲᠠᠯ ᠢ᠋ᠶ᠋ᠠᠨ ᠪᠤᠷᠤᠭᠤ ᠠᠰᠢᠭᠯᠠᠭᠰᠠᠨ ᠠ᠋ᠴᠠ ᠪᠣᠯᠤᠭᠠᠳ ᠲᠠᠨ ᠤ᠋ ᠤᠯᠤᠰ ᠤ᠋ᠨ ᠠᠷᠠᠳ ᠢᠷᠭᠡᠳ ᠳᠠᠢᠵᠢᠭᠠᠳ ᠭᠤᠳᠤᠮᠵᠢ ᠳ᠋ᠤ᠌ ᠨᠢᠭᠡ ᠴᠤ᠌ ᠬᠥᠮᠦᠨ ᠪᠠᠢᠬᠤ ᠦᠭᠡᠢ ᠪᠠᠢᠨ᠎ᠠ᠂ ᠲᠠᠨ ᠤ᠋ ᠡᠨᠡ ᠵᠠᠬ᠎ᠠ ᠦᠭᠡᠢ ᠶᠡᠬᠡ ᠬᠦᠰᠡᠯ᠂ ᠲᠠᠨ ᠤ᠋ ᠠᠷᠠᠳ ᠢᠷᠭᠡᠳ ᠮᠥᠨ ᠲᠠᠨ ᠤ᠋ ᠬᠠᠨᠢ ᠡᠪᠦᠭᠡᠨ ᠠᠬ᠎ᠠ ᠳ᠋ᠤ᠌ ᠬᠦᠷᠲᠡᠯ᠎ᠡ ᠬᠡᠴᠡᠭᠦᠦ ᠪᠠᠢᠨ᠎ᠠ ᠰᠢᠦ ᠳᠡ᠃
ᠪᠠᠰᠠᠷ᠄ ᠲᠠ ᠭᠡᠬᠦ ᠳ᠋ᠦ᠍ ᠪᠡᠨ ᠠᠷᠠᠢ ᠴᠤ᠌ ᠳᠠ ᠡᠨᠳᠡ ᠪᠦᠷ᠁
ᠲᠤᠩᠬᠤ᠄ ᠪᠠᠰᠠᠷ ᠠ᠋᠂ ᠴᠢᠱ᠌ᠢ !
ᠡᠮᠡᠭᠡᠨ᠄ ᠡᠩ ᠡᠢᠮᠦ ᠵᠦᠢᠯ ᠪᠣᠯᠤᠭᠰᠠᠨ ᠪᠠᠢᠨ᠎ᠠ ᠪᠣᠢ ᠂ ᠬᠡᠴᠡᠭᠦᠦ ᠵᠦᠢᠯ ᠪᠣᠯᠵᠠᠢ᠂ ᠭᠡᠬᠦ ᠳ᠋ᠦ᠍ ᠪᠡᠨ ᠲᠡᠷᠡ ᠠᠷᠠᠳ ᠢᠷᠭᠡᠳ ᠦ᠋ᠨ ᠰᠢᠨᠠᠯᠵᠤ ᠵᠣᠪᠠᠭᠠᠳ ᠬᠠᠮᠢᠭᠠᠰᠢ ᠪᠠᠨ ᠳᠠᠢᠵᠢᠵᠤ ᠠᠯᠠᠭ᠎ᠠ ᠪᠣᠯᠬᠤ᠂ ᠨᠠᠳᠠ ᠳ᠋ᠤ᠌ ᠶᠡᠷᠦ ᠨᠢ ᠶᠠᠮᠠᠷ ᠬᠠᠮᠢᠶ᠎ᠠ ᠪᠠᠢᠨ᠎ᠠ? 
ᠪᠦᠭᠦᠳᠡᠭᠡᠷ᠄ ᠠ᠁
ᠡᠮᠡᠭᠡᠨ᠄ ᠲᠡᠳᠡᠨ ᠲᠡᠢ᠂ ᠲᠡᠳᠡᠨ ᠦᠭᠡᠢ ᠣᠳᠣ ᠭᠠᠵᠠᠷ ᠳᠡᠯᠡᠬᠡᠢ ᠶ᠋ᠢ ᠵᠠᠬᠢᠷᠬᠤ ᠬᠡᠮᠵᠢᠶᠡᠯᠡᠰᠢ ᠦᠭᠡᠢ ᠡᠷᠬᠡ ᠮᠠᠲᠠᠯ ᠲᠠᠢ ᠪᠣᠯᠬᠤ ᠭᠡᠳ ᠪᠠᠢᠬᠤ ᠳ᠋ᠤ᠌ ᠡᠨᠡ ᠤᠯᠤᠰ ᠤ᠋ᠨ ᠠᠷᠠᠳ ᠢᠷᠭᠡᠳ ᠲᠦ᠍ ᠰᠠᠨᠠᠭ᠎ᠠ ᠲᠠᠯᠪᠢᠬᠤ ᠴᠠᠭ ᠨᠠᠳᠠ ᠳ᠋ᠤ᠌ ᠳᠠᠩᠴᠤ ᠠᠯᠠᠭ᠎ᠠ ᠳᠠ ᠬᠡᠦᠬᠡᠳ ᠦ᠋ᠳ ᠮᠢᠨᠢ ᠬᠠ ᠬᠠ ᠬᠠ ᠬᠠ ᠬᠡᠩ᠂ ᠶᠠᠷᠢᠳᠠᠭ ᠠᠮᠢᠲᠠᠳ ᠲᠠᠢ ᠬᠡᠦᠬᠡᠳ ᠦ᠋ᠳ ᠡᠳᠡ ᠨᠢᠭᠡ ᠯᠡ ᠵᠢᠭᠲᠡᠢ ᠰᠢᠦ᠂ ᠠᠶᠠᠭᠦᠢ ᠪᠣᠯ ᠮᠢᠨᠦ ᠡᠷᠬᠡ ᠮᠠᠲᠠᠯ ᠢ᠋ᠶ᠋ᠠᠨ ᠣᠯᠵᠤ ᠠᠪᠬᠤ ᠦᠶ᠎ᠡ ᠪᠡᠷ ᠰᠠᠭᠠᠳ ᠬᠢᠵᠦ ᠮᠡᠳᠡᠬᠦ ᠶᠦᠮ᠃
ᠪᠠᠰᠠᠷ᠄ ᠫᠠᠰ ᠫᠠᠰ ᠂ ᠮᠠᠨ ᠤ᠋ ᠬᠢ᠂ ᠮᠠᠨ ᠤ᠋ ᠬᠢᠨ ᠠ᠋᠂ ᠡᠨᠳᠡ ᠨᠢᠭᠡ ᠯᠡ ᠪᠠᠢᠳᠠᠯ ᠪᠢᠰᠢᠳᠡᠭᠡᠳ ᠪᠠᠢᠭ᠎ᠠ ᠶᠤᠮ ᠰᠢᠭ᠋ ᠰᠠᠨᠠᠭᠳᠠᠭᠠᠳ ᠪᠠᠢᠨ᠎ᠠ ᠳᠠ᠃
ᠡᠮᠡᠭᠡᠨ᠄ ᠠᠯᠢᠪ ᠬᠠᠷᠠᠭᠤᠯ ᠤ᠋ᠳ ᠡᠨᠡ ᠬᠡᠦᠬᠡᠳ ᠦ᠋ᠳ ᠢ᠋ ᠶᠠᠭ ᠣᠳᠣ ᠪᠠᠷᠢᠭᠠᠳ ᠠᠪ᠂ ᠠᠯᠢᠪ ᠲᠦᠷᠭᠡᠯᠡᠭᠡᠴᠢ᠃ ᠮᠥᠩᠬᠡ᠄ ᠵᠢᠭᠤᠲᠠᠭᠠᠷᠠᠢ
ᠴᠡᠷᠢᠭ᠄ ᠪᠤᠤ ᠬᠥᠳᠡᠯ ᠠ᠋
ᠲᠤᠩᠬᠤ᠄ ᠵᠢᠭᠤᠲᠠᠭᠠᠷᠠᠢ
ᠴᠠᠰᠤᠬᠠᠨ᠄ ᠮᠠᠨ ᠤ᠋ ᠬᠢᠨ ᠠ᠋᠂ ᠨᠠᠮ᠎ᠠ ᠶ᠋ᠢ ᠳᠠᠭᠠᠭᠠᠷᠠᠢ ᠬᠤᠷᠳᠤᠯᠠᠭᠠᠷᠠᠢ!
ᠮᠥᠩᠬᠡ᠄ ᠠ
ᠪᠠᠰᠠᠷ᠄ ᠳ᠋ᠤᠷᠤᠷᠠᠨ ᠨᠠᠮ᠎ᠠ ᠶ᠋ᠢ ᠳᠠᠭᠠᠭᠠᠳ ᠨᠢᠰᠦᠭᠡᠷᠡᠢ᠂ ᠲᠡᠨᠳᠡ ᠨᠢᠭᠡ ᠴᠣᠩᠬᠣ ᠪᠠᠢᠨ᠎ᠠ᠃
ᠡᠮᠡᠭᠡᠨ᠄ ᠠ ᠶᠠᠷᠢᠳᠠᠭ ᠪᠠᠰᠠ ᠳᠡᠭᠡᠷ᠎ᠡ ᠨᠢ ᠨᠢᠰᠳᠡᠭ ᠨᠣᠬᠠᠢ ᠤᠤ ᠳᠠ᠂ ᠶᠠᠭᠤ ᠪᠣᠯᠤᠭᠠᠳ ᠪᠠᠢᠨ᠎ᠠ? ᠠᠯᠢᠪ ᠡᠳᠡᠨ ᠢ᠋ ᠪᠠᠷᠢᠭᠠᠷᠠᠢ᠂ ᠵᠠ ᠣᠳᠣ ᠭᠠᠷᠬᠤ ᠭᠠᠷᠤᠴᠠ ᠦᠭᠡᠢ᠂ ᠡᠨᠳᠡ ᠪᠡᠨ ᠦᠯᠡᠳᠡᠬᠦ ᠰᠢᠪ ᠳᠡ᠂ ᠨᠠᠢᠵᠠ ᠨᠤᠭᠤᠳ ᠢ᠋ ᠪᠡᠨ ᠣᠷᠬᠢᠭᠠᠳ ᠵᠢᠭᠤᠲᠠᠳᠠᠭ᠂ ᠦᠭᠡᠢ ᠮᠥᠨ ᠮᠠᠭᠤ ᠬᠡᠦᠬᠡᠳ ᠦ᠋ᠳ ᠪᠠᠢᠨ᠎ᠠ ᠳᠠ᠃ ᠮᠢᠨᠦ ᠰᠡᠭᠦᠯᠴᠢ ᠶ᠋ᠢᠨ ᠬᠦᠰᠡᠯ ᠢ᠋ ᠪᠡᠶᠡᠯᠡᠭᠦᠯᠦᠭᠡᠳ ᠨᠠᠢᠵᠠ ᠨᠤᠭᠤᠳ ᠢ᠋ ᠪᠡᠨ ᠡᠷᠭᠢᠭᠦᠯᠦᠨ ᠠᠪᠴᠤ ᠪᠣᠯᠤᠨ᠎ᠠ ᠭᠡᠵᠦ ᠬᠡᠯᠡᠭᠡᠷᠡᠢ᠂ ᠬᠠᠷᠢᠨ ᠨᠠᠪᠰᠠᠭᠠᠷ ᠡᠪᠦᠭᠡᠨ ᠴᠢ ᠬᠡᠯᠡᠵᠦ ᠵᠠᠬᠢᠭᠰᠠᠨ ᠶᠣᠰᠣᠭᠠᠷ ᠮᠢᠨᠦ ᠬᠦᠰᠡᠯ ᠢ᠋ ᠦᠳᠲᠡᠷ ᠲᠦᠷᠭᠡᠨ ᠣᠴᠢᠭᠠᠳ ᠬᠡᠯᠡᠭᠡᠳ ᠢᠷ᠎ᠡ᠃
ᠮᠥᠩᠬᠡ᠄ ᠵᠠ ᠭᠤᠷᠪᠠᠭᠤᠯᠠ ᠪᠠᠨ ᠨᠥᠭᠦᠭᠡ ᠬᠡᠳᠦ ᠶ᠋ᠢ ᠪᠡᠨ ᠶᠠᠭᠠᠬᠢᠵᠤ ᠰᠤᠯᠠᠯᠠᠬᠤ ᠤᠤ?
ᠪᠠᠰᠠᠷ᠄ ᠪᠢ ᠵᠦᠭᠡᠷ ᠣᠷᠣᠩᠭᠤᠲᠠ ᠪᠠᠨ ᠴᠢᠷᠠᠢ ᠪᠠᠨ ᠡᠢᠮᠦ ᠪᠣᠯᠭᠠᠵᠤ ᠪᠠᠢᠭᠠᠳ Say hello to my little friend (ᠮᠢᠨᠦ ᠨᠠᠢᠵᠠ ᠨᠠᠷ ᠲᠤ᠌ ᠮᠡᠨᠳᠦᠴᠢᠯᠡᠯ ᠬᠦᠷᠭᠡ) ᠭᠡᠳ ᠫᠤᠤᠳᠠᠭᠠᠳ ᠡᠬᠢᠯᠡᠬᠦ ᠤᠤ?
ᠳ᠋ᠤᠷᠤᠷᠠᠨ᠄ ᠲᠡᠭᠡᠵᠦ ᠪᠣᠯᠬᠤ ᠦᠭᠡᠢ ᠪᠠᠢᠬ᠎ᠠ ᠠ᠋ ᠃
ᠮᠥᠩᠬᠡ᠄ ᠬᠠᠷᠢᠨ ᠲᠡᠢᠮᠦ᠂ ᠪᠣᠯᠬᠤ ᠦᠭᠡᠢ ᠪᠣᠯᠬᠤ ᠦᠭᠡᠢ ᠂ ᠲᠡᠷᠡ ᠴᠡᠷᠢᠭ ᠦ᠋ᠳ ᠵᠦᠭᠡᠷ ᠯᠡ ᠲᠤᠰᠢᠶᠠᠯ ᠳᠠᠭᠠᠵᠤ ᠪᠠᠢᠭ᠎ᠠ ᠰᠢᠦ ᠳᠡ᠃
ᠪᠠᠰᠠᠷ᠄ ᠲᠡᠢᠮᠦ ᠪᠠᠢᠨ᠎ᠠ ᠰᠢᠦ᠃
ᠡᠪᠦᠭᠡᠨ᠄ ᠵᠠ ᠬᠡᠦᠬᠡᠳ ᠦ᠋ᠳ ᠮᠢᠨᠢ ᠠ᠋᠂ ᠬᠡᠴᠡᠭᠦᠳᠡᠯ᠎ᠡ ᠰᠢᠦ᠂ ᠠᠯᠢᠪ ᠬᠤᠷᠳᠤᠯᠠᠭᠠᠷᠠᠢ ᠱᠠᠯᠠᠪᠯᠠᠭᠠᠷᠠᠢ᠃
ᠪᠠᠰᠠᠷ᠄ ᠪᠤᠭᠤᠷᠤᠯ ᠠᠬ᠎ᠠ ᠮᠢᠨᠢ ᠠ᠋ ᠶᠠᠭᠤ ᠪᠣᠯᠤᠭᠰᠠᠨ ᠪᠣᠢ᠂ ᠮᠠᠨ ᠤ᠋ ᠬᠡᠳᠦ ᠶᠠᠭᠠᠬᠢᠭᠰᠠᠨ?
ᠮᠥᠩᠬᠡ᠄ ᠮᠠᠨ ᠤ᠋ ᠬᠡᠳᠦ ᠶ᠋ᠢ ᠬᠠᠮᠢᠭᠠᠰᠢ ᠪᠠᠨ ᠠᠪᠤᠭᠠᠳ ᠶᠠᠪᠤᠭᠰᠠᠨ ᠶᠤᠮ ᠪᠣᠢ?
ᠡᠪᠦᠭᠡᠨ᠄ ᠬᠡᠦᠬᠡᠳ ᠮᠢᠨᠢ᠂ ᠥᠭᠡᠳᠡ ᠦᠭᠡᠢ ᠰᠢᠨᠤᠯᠲᠤ ᠡᠮᠡᠭᠡᠨ ᠠᠯᠲᠠᠨ ᠵᠢᠭᠠᠰᠤᠨ ᠳᠡᠭᠡᠷ᠎ᠡ ᠣᠴᠢᠭᠠᠳ ᠰᠡᠭᠦᠯ ᠦ᠋ᠨ ᠬᠦᠰᠡᠯ ᠢ᠋ ᠨᠢ ᠪᠡᠶᠡᠯᠡᠭᠦᠯ ᠭᠡᠰᠡᠨ᠂ ᠭᠠᠭᠴᠠ ᠬᠦ᠌ ᠨᠠᠢᠵᠠ ᠨᠤᠭᠤᠳ ᠢ᠋ ᠴᠢᠨᠢ ᠬᠦᠰᠡᠯ ᠢ᠋ᠶ᠋ᠡᠨ ᠪᠡᠶᠡᠯᠡᠭᠦᠯᠵᠦ ᠪᠠᠢᠵᠤ ᠯᠠ ᠰᠤᠯᠠᠯᠠᠨ᠎ᠠ ᠭᠡᠰᠡᠨ ᠰᠢᠦ᠃
ᠮᠥᠩᠬᠡ᠄ ᠵᠠ ᠶᠠᠭᠤ ᠴᠤ᠌ ᠭᠡᠰᠡᠨ ᠪᠦᠭᠦᠳᠡᠭᠡᠷ ᠢ᠋ᠶ᠋ᠡᠨ ᠠᠯᠲᠠᠨ ᠵᠢᠭᠠᠰᠤᠨ ᠳᠡᠭᠡᠷ᠎ᠡ ᠣᠴᠢᠭᠠᠳ ᠨᠥᠭᠦᠭᠡ ᠬᠡᠳᠦ ᠶ᠋ᠢ ᠪᠡᠨ ᠶᠠᠭᠠᠬᠢᠵᠤ ᠰᠤᠯᠠᠯᠠᠬᠤ ᠲᠠᠯ᠎ᠠ ᠪᠠᠷ ᠠᠰᠠᠭᠤᠵᠤ ᠪᠣᠯᠬᠤ ᠶᠤᠮ᠃
ᠡᠪᠦᠭᠡᠨ᠄ ᠵᠠ ᠲᠡᠭᠡᠪᠡᠯ ᠪᠦᠭᠦᠳᠡᠭᠡᠷ ᠢ᠋ᠶ᠋ᠡᠨ ᠪᠤᠰᠢᠭᠤᠬᠠᠨ ᠣᠴᠢᠵᠠᠭᠠᠶ᠎ᠠ᠂ ᠬᠤᠷᠳᠤᠯᠠᠭᠠᠷᠠᠢ ᠬᠡᠦᠬᠡᠳ ᠦ᠋ᠳ ᠠ᠋! ᠠᠯᠲᠠᠨ ᠵᠢᠭᠠᠰᠤ ᠠ᠋᠂ ᠠᠯᠲᠠᠨ ᠵᠢᠭᠠᠰᠤ ᠠ᠋!
ᠠᠯᠲᠠᠨ ᠵᠢᠭᠠᠰᠤ᠄ ᠬᠦᠨᠳᠦᠲᠦ ᠡᠪᠦᠭᠡᠨ ᠠᠬ᠎ᠠ ᠮᠢᠨᠢ ᠬᠦᠷᠦᠭᠡᠳ ᠢᠷᠡᠪᠡᠦ ᠪᠠᠰᠠ᠂ ᠶᠠᠪᠤᠳᠠᠯ ᠤᠴᠢᠷ ᠶᠠᠭᠤᠨ ᠳ᠋ᠤ᠌ ᠤᠤ᠂ ᠶᠠᠮᠠᠷ ᠬᠡᠷᠡᠭ ᠢ᠋ᠶ᠋ᠡᠷ ᠢᠷᠡᠪᠡ?
ᠡᠪᠦᠭᠡᠨ᠄ ᠬᠠᠲᠤᠨ ᠳᠡᠭᠡᠳᠦ ᠵᠢᠭᠠᠰᠤ ᠮᠢᠨᠢ᠂ ᠬᠠᠢᠷᠠᠯᠠᠵᠤ ᠨᠠᠮ᠎ᠠ ᠶ᠋ᠢ ᠥᠷᠥᠰᠢᠶᠡ᠂ ᠮᠠᠨ ᠤ᠋ ᠡᠮᠡᠭᠡᠨ ᠠᠭᠤᠷᠯᠠᠵᠤ ᠮᠠᠰᠢ ᠶᠡᠬᠡ ᠪᠡᠷ ᠵᠢᠮᠡᠯᠡᠵᠦ᠂ ᠤᠷᠢᠳᠤ ᠵᠠᠩᠨᠠᠭᠰᠠᠨ ᠠ᠋ᠴᠠ ᠢᠯᠡᠭᠦᠦ ᠤᠯᠠᠮ ᠶᠡᠬᠡ ᠪᠡᠷ ᠬᠠᠷᠢᠶᠠᠵᠤ᠂ ᠬᠥᠭᠰᠢᠨ ᠨᠠᠮ᠎ᠠ ᠶ᠋ᠢ ᠠᠮᠠᠷᠠᠭᠠᠬᠤ ᠦᠭᠡᠢ ᠬᠥᠭᠡᠭᠡᠵᠦ ᠵᠠᠩᠨᠠᠭᠠᠳ ᠪᠣᠯᠳᠠᠭ ᠦᠭᠡᠢ᠃
ᠠᠯᠲᠠᠨ ᠵᠢᠭᠠᠰᠤ᠄ ᠬᠦᠰᠡᠯ ᠢ᠋ᠶ᠋ᠡᠨ ᠲᠠ ᠬᠡᠯᠡ ᠬᠡᠯᠡ᠃
ᠡᠪᠦᠭᠡᠨ᠄ ᠬᠥᠮᠦᠨ ᠦ᠌ ᠬᠠᠭᠠᠨ ᠪᠣᠯᠤᠭᠰᠠᠨ ᠴᠤ᠌ ᠬᠦᠰᠡᠯ ᠵᠢᠷᠭᠠᠯ ᠳᠤᠲᠠᠭᠤ ᠭᠡᠨ᠎ᠡ᠂ ᠡᠵᠡᠨ ᠬᠠᠭᠠᠨ ᠪᠣᠯᠤᠭᠰᠠᠨ ᠴᠤ᠌ ᠡᠷᠬᠡ ᠶᠠᠮᠪᠠ ᠪᠠᠨ ᠴᠢᠮᠠᠯᠠᠨ᠎ᠠ ᠭᠡᠨ᠎ᠡ᠂ ᠲᠠᠩᠭᠢᠰ ᠳᠠᠯᠠᠢ ᠶ᠋ᠢ ᠡᠵᠡᠯᠡᠵᠦ ᠲᠩᠷᠢ ᠭᠠᠵᠠᠷ ᠢ᠋ ᠵᠠᠬᠢᠷᠤᠨ᠎ᠠ ᠭᠡᠨ᠎ᠡ᠂ ᠠᠯᠲᠠᠨ ᠵᠢᠭᠠᠰᠤ ᠴᠢᠮ᠎ᠠ ᠶ᠋ᠢ ᠠᠯᠪᠠᠲᠤ ᠵᠠᠷᠤᠴᠠ ᠪᠠᠨ ᠪᠣᠯᠭᠠᠨ᠎ᠠ ᠭᠡᠨ᠎ᠡ᠂ ᠶᠠᠪᠤ ᠭᠡᠰᠡᠨ ᠭᠠᠵᠠᠷ ᠲᠤ ᠨᠢ ᠶᠠᠪᠤᠵᠤ ᠪᠠᠢᠬᠤ ᠬᠡᠷᠡᠭᠲᠡᠢ ᠭᠡᠨ᠎ᠡ᠂ ᠪᠠᠰᠠᠷ᠄ ᠶᠠᠭᠤ ᠴᠤ᠌ ᠪᠣᠯᠤᠭᠠᠳ ᠥᠩᠭᠡᠷᠡᠴᠢᠬᠡᠪᠡ ᠳᠡ? ᠶᠠᠮᠠᠷ ᠴᠤ᠌ ᠪᠠᠢᠭᠰᠠᠨ ᠠᠯᠲᠠᠨ ᠵᠢᠭᠠᠰᠤ ᠮᠠᠨᠢ ᠨᠠᠢᠷ ᠬᠠᠢᠷ᠎ᠠ ᠦᠭᠡᠢ ᠭᠣᠮᠣᠳᠠᠭᠠᠳ ᠶᠠᠪᠤᠴᠢᠬᠠᠬᠤ ᠰᠢᠭ᠋ ᠪᠣᠯᠤᠯ᠎ᠠ ᠳᠠ᠂ ᠨᠥᠭᠦᠭᠡ ᠬᠡᠳᠦ ᠳᠡᠭᠡᠷ᠎ᠡ ᠪᠡᠨ ᠶᠡᠷᠦ ᠨᠢ ᠣᠴᠢᠶ᠎ᠠ ᠳᠠ᠂ ᠬᠡᠳᠦᠭᠦᠯᠡ ᠪᠡᠨ ᠡᠮᠡᠭᠡ ᠶ᠋ᠢᠨ ᠬᠦᠰᠡᠯ ᠢ᠋ ᠨᠢ ᠪᠡᠶᠡᠯᠡᠭᠦᠯᠦᠭᠡᠳ ᠶᠠᠳᠠᠵᠤ ᠲᠡᠭᠡᠵᠦ ᠬᠡᠯᠡᠭᠡᠳ ᠨᠥᠭᠦᠭᠡ ᠬᠡᠳᠦ ᠶ᠋ᠢ ᠪᠡᠨ ᠵᠠᠪᠠᠯ ᠪᠤᠴᠠᠭᠠᠵᠤ ᠠᠪᠤᠶ᠎ᠠ᠃
ᠮᠥᠩᠬᠡ᠄ ᠲᠤᠩᠬᠤ ᠴᠠᠰᠤᠬᠠᠨ ᠬᠣᠶᠠᠷ ᠮᠠᠨᠢ ᠭᠠᠢᠭᠤᠢ ᠪᠠᠢᠭ᠎ᠠ ᠳᠠ᠂ ᠪᠠᠰᠠᠷ ᠠ᠋ ᠳ᠋ᠤᠷᠤᠷᠠᠨ ᠬᠤᠷᠳᠤᠨ ᠬᠥᠳᠡᠯᠵᠡᠭᠡᠶ᠎ᠡ᠃ 
ᠡᠪᠦᠭᠡᠨ᠄ ᠵᠠ ᠲᠡᠭᠡᠶ᠎ᠡ ᠳᠡ ᠬᠡᠦᠬᠡᠳ ᠦ᠋ᠳ ᠮᠢᠨᠢ᠂ ᠪᠢ ᠴᠦ᠍ ᠭᠡᠰᠡᠨ ᠡᠮᠡᠭᠡᠨ ᠢ᠋ᠶ᠋ᠡᠨ ᠢᠳᠬᠠᠬᠤ ᠶ᠋ᠢ ᠪᠣᠳᠣᠶ᠎ᠠ᠂ ᠬᠥᠶᠢ ᠂ ᠡᠮᠡᠭᠡᠨ ᠮᠢᠨᠢ ᠡᠨᠳᠡ ᠴᠢᠨᠢ ᠣᠳᠣ ᠶᠠᠭᠤ ᠪᠣᠯᠤᠭ᠎ᠠ ᠪᠣᠢ? ᠠᠯᠲᠠᠨ ᠭᠠᠨᠲᠢᠭ ᠴᠢᠯᠠᠭᠤ ᠲᠠᠢ ᠤᠷᠲᠤ ᠬᠠᠷᠰᠢ ᠨᠢ ᠠᠯᠠᠭ᠎ᠠ᠂ ᠠᠭᠰᠠᠭᠰᠠᠨ ᠰᠡᠯᠡᠮ᠎ᠡ ᠬᠤᠶᠠᠭᠲᠤ ᠡᠷ᠎ᠡ ᠴᠡᠷᠢᠭ ᠦ᠋ᠳ ᠴᠢᠨᠢ ᠬᠠᠮᠢᠭ᠎ᠠ ᠣᠴᠢᠭ᠎ᠠ ᠪᠣᠢ?
ᠪᠠᠰᠠᠷ᠄ ᠲᠤᠩᠬᠤ ᠠ᠋᠂ ᠴᠠᠰᠤᠬᠠᠨ ᠵᠦᠭᠡᠷ ᠤᠤ ᠵᠦᠭᠡᠷ ᠤᠤ? ᠶᠠᠮᠠᠷ ᠨᠢᠭᠡᠨ ᠶᠠᠭᠤᠮ᠎ᠠ ᠪᠣᠯᠤᠭ᠎ᠠ ᠦᠭᠡᠢ ᠪᠢᠵᠡ? 
ᠲᠤᠩᠬᠤ᠄ ᠵᠦᠭᠡᠷ ᠳᠡ ᠂ ᠪᠠᠰᠠᠷ ᠠ᠋
ᠴᠠᠰᠤᠬᠠᠨ᠄ ᠵᠦᠭᠡᠷ ᠳᠡ᠂ ᠬᠠᠷᠢᠨ ᠲᠠ ᠬᠡᠳᠦ ᠶ᠋ᠢ ᠶᠠᠭᠠᠬᠢᠭᠰᠠᠨ ᠪᠣᠯ ᠭᠡᠳ ᠰᠠᠨᠠᠭ᠎ᠠ ᠵᠣᠪᠠᠵᠤ ᠪᠠᠢᠯ᠎ᠠ᠃
ᠡᠮᠡᠭᠡᠨ᠄ ᠡᠮᠡᠭᠡᠨ ᠪᠢ ᠣᠳᠣ ᠯᠠ ᠤᠬᠠᠭᠠᠷᠠᠯ᠎ᠠ᠂ ᠡᠨᠡ ᠬᠡᠦᠬᠡᠳ ᠦ᠋ᠳ ᠨᠠᠳᠠ ᠳ᠋ᠤ᠌ ᠪᠠᠰᠠ ᠣᠢᠯᠠᠭᠠᠭᠤᠯᠵᠤ ᠶᠠᠷᠢᠵᠤ ᠥᠭᠭᠦᠯ᠎ᠡ᠂ ᠮᠤᠩᠬᠠᠭ ᠮᠢᠨᠦ ᠬᠢᠵᠠᠭᠠᠷ ᠦᠭᠡᠢ ᠶᠡᠬᠡ ᠰᠢᠨᠤᠯ ᠠ᠋ᠴᠠ ᠪᠣᠯᠤᠭᠠᠳ ᠣᠯᠠᠨ ᠠᠷᠠᠳ ᠢᠷᠭᠡᠳ ᠪᠢᠴᠢᠬᠠᠨ ᠦᠷᠡᠰ ᠲᠠ ᠬᠡᠳᠦ ᠶ᠋ᠢ ᠪᠡᠨ ᠦᠭᠡᠢ ᠲᠡᠷᠡ ᠳᠤᠮᠳᠠ ᠪᠠᠨ ᠨᠠᠰᠤ ᠪᠠᠷ ᠢ᠋ᠶ᠋ᠠᠨ ᠬᠠᠨᠢᠯᠠᠭᠰᠠᠨ ᠡᠪᠦᠭᠡᠨ ᠢ᠋ ᠪᠡᠨ ᠬᠦᠷᠲᠡᠯ᠎ᠡ ᠦᠨᠡᠬᠡᠷ ᠶᠡᠬᠡ ᠴᠢᠯᠡᠭᠡᠵᠡᠢ᠃ ᠰᠢᠨᠤᠯ ᠶᠡᠬᠡᠳᠪᠡᠯ ᠱᠤᠯᠤᠮ ᠪᠣᠯᠤᠨ᠎ᠠ ᠭᠡᠳᠡᠭ ᠦ᠋ᠨ ᠦᠯᠢᠭᠡᠷ ᠡᠨᠡ ᠪᠣᠯᠵᠠᠢ ᠳᠠ᠃
ᠴᠠᠰᠤᠬᠠᠨ᠄ ᠲᠡᠢᠮᠦ ᠰᠢᠦ᠂ ᠠᠯᠢᠪᠠ ᠵᠦᠢᠯ ᠳ᠋ᠦ᠍ ᠬᠡᠮᠵᠢᠶ᠎ᠡ ᠬᠢᠵᠠᠭᠠᠷ ᠵᠠᠪᠠᠯ ᠪᠠᠢᠬᠤ ᠬᠡᠷᠡᠭᠲᠡᠢ᠃
ᠲᠤᠩᠬᠤ᠄ ᠵᠠ ᠪᠢᠳᠡ ᠨᠠᠷ ᠢᠩᠭᠢᠭᠡᠳ ᠪᠤᠴᠠᠬᠤ ᠳᠥᠭᠥᠵᠦ ᠪᠠᠢᠨ᠎ᠠ᠂ ᠡᠮᠡᠭᠡᠨ ᠡᠪᠦᠭᠡᠨ ᠠᠬ᠎ᠠ ᠬᠣᠶᠠᠷ ᠮᠠᠨᠢ ᠡᠪᠲᠡᠢ ᠨᠠᠢᠷᠲᠠᠢ ᠰᠠᠢᠨ ᠰᠠᠭᠤᠵᠤ ᠪᠠᠢᠭᠠᠷᠠᠢ᠃
ᠡᠪᠦᠭᠡᠨ᠄ ᠪᠠᠶᠠᠷᠯᠠᠯ᠎ᠠ ᠬᠡᠦᠬᠡᠳ ᠦ᠋ᠳ ᠮᠢᠨᠢ᠂ ᠲᠠ ᠨᠠᠷ ᠪᠠᠢᠭ᠎ᠠ ᠦᠭᠡᠢ ᠪᠣᠯ ᠬᠥᠭᠰᠢᠨ ᠲᠣᠯᠣᠭᠠᠢ ᠪᠢ ᠶᠠᠭᠠᠬᠢᠵᠤ ᠮᠤᠩᠭᠠᠨᠢᠵᠤ ᠪᠠᠢᠬᠤ ᠪᠠᠨ ᠴᠤ᠌ ᠲᠥᠰᠦᠭᠡᠯᠡᠬᠦ ᠦᠭᠡᠢ ᠪᠠᠢᠨ᠎ᠠ᠃
ᠪᠠᠰᠠᠷ᠄ ᠦᠭᠡᠢ ᠡᠨᠡ ᠦᠯᠢᠭᠡᠷ ᠴᠢᠨᠢ ᠪᠦᠷ ᠶᠠᠩᠵᠤ ᠶ᠋ᠢᠨ ᠶᠡᠬᠡ ᠦᠢᠯᠡ ᠶᠠᠪᠤᠳᠠᠯ ᠪᠣᠯᠤᠯ᠎ᠠ ᠰᠢᠦ᠂ ᠶᠠᠭᠤ ᠶᠠᠭᠤ ᠴᠤ᠌ ᠪᠣᠯᠴᠢᠬᠠᠪᠠ ᠳᠠ?
ᠲᠤᠩᠬᠤ᠄ ᠵᠠ ᠪᠦᠭᠦᠳᠡᠭᠡᠷ ᠢ᠋ᠶ᠋ᠡᠨ ᠦᠯᠢᠭᠡᠷ ᠢ᠋ᠶ᠋ᠡᠷ ᠢ᠋ᠶ᠋ᠡᠨ ᠠᠶᠠᠯᠴᠢᠬᠠᠭᠰᠠᠨ ᠶᠤᠮ ᠴᠢᠨᠢ ᠣᠳᠣ ᠪᠤᠴᠠᠬᠤ ᠤᠤ ᠳᠠ? ᠪᠠᠰᠠᠷ᠄ ᠬᠥᠶᠢ ᠨᠠᠭᠠᠳᠤ ᠦᠭᠡ ᠶ᠋ᠢ ᠴᠢᠨᠢ ᠴᠠᠰᠤᠬᠠᠨ ᠬᠡᠯᠡᠳᠡᠭ ᠪᠢᠰᠢ ᠪᠢᠯᠡ ᠤᠤ?
ᠪᠦᠭᠦᠳᠡᠭᠡᠷ ᠢᠨᠢᠶᠡᠨ᠎ᠡ᠃
ᠮᠥᠩᠬᠡ᠄ ᠵᠠ ᠶᠠᠭᠠᠬᠢᠬᠤᠪ ᠳᠠ ᠪᠠᠰᠠᠷ ᠠ᠋
ᠪᠠᠰᠠᠷ᠄ ᠲᠡᠭᠡᠬᠦ ᠳ᠋ᠦ᠍ ᠪᠡᠨ ᠬᠡᠯᠡᠭᠰᠡᠨ ᠦ᠌ ᠳᠠᠷᠠᠭ᠎ᠠ ᠢᠩᠭᠢᠭᠡᠳ ᠭᠡᠷᠡᠯ ᠭᠡᠨᠡᠳᠲᠡ ᠭᠠᠷᠴᠤ ᠢᠷᠡᠭᠡᠳ᠁

   ᠦᠰᠦᠭ ᠠᠮᠢᠯᠠᠭᠤᠯᠤᠭᠴᠢ᠄ ᠬᠤᠸᠠᠷ
   ᠬᠥᠳᠡᠯᠭᠡᠭᠡᠨᠲᠦ ᠵᠢᠷᠤᠭ ᠳᠡᠭᠡᠷ᠎ᠡ ᠦᠰᠦᠭ ᠢ᠋ ᠨᠢ ᠬᠠᠲᠠᠭᠰᠠᠨ ᠨᠢ᠄ ᠾᠦᠩ ᠸᠧᠢ
   ᠬᠢᠨᠠᠯᠲᠠ ᠬᠢᠭᠰᠡᠨ ᠬᠥᠮᠦᠰ᠄ ᠱᠤᠳᠤᠷᠭᠤ᠂ ᠮᠥᠴᠢᠷ᠃