ᠮᠥᠩᠬᠡ ᠲᠤᠩᠬᠤ 5-10Мөнх ТунхMunkh Tunkh
ᠮᠥᠩᠬᠡ ᠲᠤᠩᠬᠤ ᠲᠠᠪᠤᠳᠤᠭᠠᠷ ᠤᠯᠠᠷᠢᠯ ᠤ᠋ᠨ ᠠᠷᠪᠠᠳᠤᠭᠠᠷ ᠠᠩᠭᠢ 5-10
ᠳ᠋ᠤᠷᠤᠷᠠᠨ᠄ ᠬᠠ ᠬᠠ᠂ ᠪᠠᠷᠢᠯ᠎ᠠ᠃ ᠰᠦᠫᠸᠷ ᠳ᠋ᠤᠷᠤᠷᠠᠨ ᠠᠷᠤ ᠠ᠋ᠴᠠ ᠴᠢᠨᠢ ᠣᠴᠢᠵᠤ ᠪᠠᠢᠨ᠎ᠠ ᠰᠢᠦ᠃
ᠮᠥᠩᠬᠡ᠄ ᠥ ᠂ᠦᠭᠡᠢ᠃
ᠲᠤᠩᠬᠤ ᠄ᠮᠥᠩᠬᠡ ᠠ᠋ ᠂ ᠵᠢᠭᠤᠲᠠᠭᠠᠷᠠᠢ!
ᠮᠥᠩᠬᠡ ᠄ ᠶᠠᠭᠠᠬᠢᠨ᠎ᠠ? ᠪᠠᠷᠤᠭ ᠪᠠᠷᠢᠯ᠎ᠠ᠃
ᠳ᠋ᠤᠷᠤᠷᠠᠨ ᠄ ᠬᠥᠶᠢ ᠂ᠡᠨᠳᠡ ᠪᠠᠢᠨ᠎ᠠ ᠤᠤ?
ᠮᠥᠩᠬᠡ ᠄ NO(ᠦᠭᠡᠢ)
ᠲᠤᠩᠬᠤ ᠄ ᠶᠠᠭᠠᠬᠢᠨ᠎ᠠ?
ᠳ᠋ᠤᠷᠤᠷᠠᠨ᠄ ᠣᠳᠣ ᠲᠤᠩᠬᠤ ᠯᠠ ᠦᠯᠡᠳᠡᠪᠡ ᠰᠢᠲᠠ ᠂ ᠸᠠ ᠬᠠ ᠬᠠ ᠬᠠ ᠂ᠪᠠᠷᠢᠨ᠎ᠠ᠃ ᠦ NO
ᠲᠤᠩᠬᠤ ᠄ ᠭᠦᠦᠭ ᠂ᠬᠠ ᠬᠠ ᠬᠠ!
ᠳ᠋ᠤᠷᠤᠷᠠᠨ᠄ ᠪᠢ ᠪᠦᠷ ᠰᠠᠶᠢ ᠶᠠᠭ ᠲᠤᠩᠬᠤ ᠶ᠋ᠢ ᠪᠠᠷᠢᠬᠤ ᠭᠡᠵᠦ ᠪᠠᠢᠯ᠎ᠠ ᠰᠢᠳᠡ᠃
ᠮᠥᠩᠬᠡ ᠄ ᠬᠠ ᠬᠠ ᠂ᠬᠠᠷᠢᠨ ᠲᠡᠢᠮᠦ ᠠ᠋ ᠂ᠪᠦᠷ ᠶᠣᠰᠣᠲᠠᠢ ᠣᠢᠷᠠᠬᠠᠨ ᠪᠠᠢᠯ᠎ᠠ ᠰᠢᠦ!
ᠲᠤᠩᠬᠤ ᠄ ᠶᠠᠭ ᠮᠢᠨᠦ ᠬᠤᠪᠢᠷᠠᠬᠤ ᠲᠠᠭᠠᠷᠠᠭᠠᠳ ᠶᠠᠩᠵᠤ ᠶ᠋ᠢᠨ ᠪᠠᠷᠢᠵᠤ ᠠᠪᠤᠯ᠎ᠠ ᠳᠠ᠃ᠬᠡ ᠬᠡ ᠬᠡ
ᠮᠥᠩᠬᠡ ᠄ ᠶᠠ ᠂ ᠵᠠ ᠣᠳᠣ ᠵᠢᠩᠬᠢᠨᠢ ᠡᠴᠡ ᠪᠡᠨ ᠪᠤᠵᠢᠭᠢᠨᠠᠭᠤᠯᠤᠨᠠ ᠂ ᠳᠠᠬᠢᠵᠤ ᠡᠬᠢᠯᠡᠶ᠎ᠡ!
ᠳ᠋ᠤᠷᠤᠷᠠᠨ᠄ ᠵᠠ ᠡᠬᠢᠯᠡᠬᠦ ᠤᠤ ᠳᠠ᠃
ᠮᠥᠩᠬᠡ ᠄ ᠵᠠ ᠣᠳᠣ ᠪᠢ ᠬᠥᠭᠡᠭᠡᠨ᠎ᠡ ᠰᠢᠦ᠃
ᠲᠤᠩᠬᠤ ᠄ Let's go (ᠡᠬᠢᠯᠡᠵᠡᠭᠡᠶ᠎ᠡ)
ᠪᠠᠰᠠᠷ ᠄ᠥᠩ⁈
ᠮᠥᠩᠬᠡ ᠄ ᠬᠥᠶᠢ ᠂ᠶᠠᠭᠤ ᠪᠣᠯᠤᠭᠠᠳ ᠪᠠᠢᠨ᠎ᠠ?
ᠲᠤᠩᠬᠤ ᠄ ᠡᠨᠡ ᠶᠠᠭᠤᠨ ᠭᠡᠷᠡᠯ ᠪᠣᠢ?
ᠳ᠋ᠤᠷᠤᠷᠠᠨ᠄ ᠠ⁈
ᠮᠥᠩᠬᠡ ᠄ ᠠ!
ᠲᠤᠩᠬᠤ ᠄ ᠦᠭᠡᠢ!
ᠳ᠋ᠤᠷᠤᠷᠠᠨ᠄ ᠬᠥᠶᠢ ᠨᠠᠢᠵᠠ ᠨᠤᠭᠤᠳ ᠠ᠋ ᠂ᠪᠢᠳᠡ ᠨᠠᠷ ᠯᠠᠪᠠᠷᠲ᠋ᠤᠷ (ᠲᠤᠷᠰᠢᠯᠲᠠ ᠶ᠋ᠢᠨ ᠲᠠᠰᠤᠭ)ᠳᠣᠲᠣᠷ᠎ᠠ ᠪᠠᠨ ᠯᠠ ᠪᠠᠢᠨ᠎ᠠ ᠰᠢᠦ ᠳᠡ᠃
ᠪᠠᠰᠠᠷ ᠄ ᠠ?
ᠲᠤᠩᠬᠤ ᠄ ᠶᠠᠭᠤ ᠪᠣᠯᠤᠭᠠᠳ ᠪᠠᠢᠨ᠎ᠠ?
ᠴᠠᠰᠤᠬᠠᠨ ᠄ ᠶᠠᠮᠠᠷ ᠰᠣᠨᠢᠨ ᠶᠤᠮ ᠪᠣᠢ?
ᠮᠥᠩᠬᠡ ᠄ ᠬᠥᠶᠢ ᠂ ᠪᠠᠰᠠᠷ ᠴᠠᠰᠣᠬᠠᠨ ᠠ᠋ ᠂ ᠲᠠ ᠬᠣᠶᠠᠷ robot (ᠷᠣᠪᠣᠲ)ᠬᠤᠪᠴᠠᠰᠤ ᠲᠠᠢ ᠪᠠᠨ ᠪᠠᠰᠠ ᠳᠡᠭᠡᠷ᠎ᠡ ᠡᠴᠡ ᠨᠢ ᠶᠠᠷᠢᠵᠤ ᠪᠠᠢᠨ᠎ᠠ ᠰᠢᠦ ᠳᠡ᠃
ᠪᠠᠰᠠᠷ ᠄ What (ᠶᠠᠭᠤ) ᠨᠡᠭᠡᠷᠡᠨ ᠲᠡᠢᠮᠦ ᠪᠠᠢᠨ᠎ᠠ ᠰᠢᠳᠡ ᠂ ᠲᠡᠭᠡᠭᠡᠳ ᠯᠠᠪᠠᠷᠲ᠋ᠤᠷ ᠳᠣᠲᠣᠷ᠎ᠠ ᠪᠠᠢᠭ᠎ᠠ ᠶᠤᠮ ᠪᠠᠢᠵᠤ ᠂ᠪᠢ ᠶᠠᠭᠠᠬᠢᠵᠤ ᠶᠠᠷᠢᠭᠠᠳ ᠪᠠᠢᠭ᠎ᠠ ᠶᠤᠮ ᠪᠣᠯ?
ᠴᠠᠰᠣᠬᠠᠨ ᠄ ᠬᠠᠷᠢᠨ ᠲᠡᠢᠮᠦ ᠠ᠋ ᠂ ᠰᠠᠶᠢ ᠪᠠᠰᠠᠷ ᠠᠷᠸ᠎ᠠ ᠠᠬ᠎ᠠ ᠶ᠋ᠢᠨ ᠦᠯᠢᠭᠡᠷ ᠢ᠋ᠶ᠋ᠡᠷ ᠠᠶᠠᠯᠠᠬᠤ ᠳ᠋ᠤ᠌ ᠪᠠᠨ ᠲᠤᠷᠰᠢᠵᠤ ᠦᠵᠡᠵᠦ ᠪᠠᠢᠭᠰᠠᠨ ᠮᠠᠯᠠᠭᠠᠢ ᠶ᠋ᠢ ᠡᠮᠦᠰᠴᠦ ᠪᠠᠢᠭᠠᠳ ᠢᠩᠭᠢᠭᠡᠳ ᠰᠢᠯᠵᠢᠴᠢᠬᠡᠪᠡ ᠤᠤ ᠳᠠ ᠪᠦᠭᠦᠳᠡᠭᠡᠷ ᠢ᠋ᠶ᠋ᠡᠨ᠃
ᠲᠤᠩᠬᠤ ᠄ᠬᠠᠷᠢᠨ ᠲᠡᠭᠡᠬᠦ ᠰᠢᠭ ᠪᠣᠯᠤᠯ᠎ᠠ ᠂ᠭᠡᠬᠦ ᠳ᠋ᠦ᠍ ᠪᠡᠨ ᠪᠦᠭᠦᠳᠡᠭᠡᠷ ᠢ᠋ᠶ᠋ᠡᠨ ᠰᠢᠯᠵᠢᠭᠰᠡᠨ ᠬᠢᠷᠢᠨ ᠢ᠋ᠶ᠋ᠡᠨ ᠶᠠᠭᠠᠬᠢᠭᠠᠳ ᠪᠠᠢᠷᠢᠨ ᠳ᠋ᠤ᠌ ᠪᠠᠨ ᠪᠠᠢᠭ᠎ᠠ ᠶᠤᠮ ᠪᠣᠢ?
ᠮᠥᠩᠬᠡ ᠄ᠭᠡᠬᠦ ᠳ᠋ᠦ᠍ ᠪᠡᠨ ᠡᠨᠳᠡ ᠶᠠᠭᠠᠬᠢᠭᠠᠳ ᠡᠢᠮᠦ ᠬᠠᠷᠠᠩᠭᠤᠢ ᠪᠠᠢᠭ᠎ᠠ ᠶᠤᠮ ᠪᠣᠯ ᠠ᠋? ᠨᠢᠭᠡ ᠯᠡ ᠰᠣᠨᠢᠨ ᠪᠦᠦᠳᠡᠭᠡᠷ ᠪᠠᠢᠭᠠᠳ ᠪᠠᠢᠬᠤ ᠶᠤᠮ᠃
ᠪᠠᠰᠠᠷ᠄ᠮᠥᠩᠬᠡ ᠶ᠋ᠢ ᠬᠡᠯᠡᠭᠰᠡᠨ ᠴᠢᠨᠢ ᠨᠡᠭᠡᠷᠡᠨ ᠢ᠋ᠶ᠋ᠡᠨ ᠠᠩᠵᠠᠭᠠᠷᠠᠭᠳᠠᠵᠤ ᠪᠠᠢᠨ᠎ᠠ ᠰᠢᠦ ᠂ ᠱ᠌ᠢᠦ ᠭᠡᠳ ᠨᠢᠷᠤᠭᠤ ᠪᠠᠷ ᠬᠦᠢᠲᠡ ᠣᠷᠬᠢᠭᠠᠳ ᠢᠷᠡᠯ᠎ᠡ ᠰᠢᠦ ᠂ ᠬᠥᠶᠢ ᠂ᠰᠠᠶᠢ ᠬᠡᠨ ᠳᠤᠤᠭᠠᠷᠤᠭᠰᠠᠨ ᠪᠣᠢ? ᠠᠷᠸ᠎ᠠ ᠠᠬ᠎ᠠ ᠢᠷᠡᠵᠦ ᠪᠠᠢᠭ᠎ᠠ ᠶᠤᠮ ᠪᠠᠢᠬ᠎ᠠ ᠳᠠ᠃
ᠲᠤᠩᠬᠤ ᠄ᠬᠠᠷᠢᠨ ᠲᠡᠢᠮᠦ ᠂ᠭᠡᠬᠦ ᠳ᠋ᠦ᠍ ᠪᠡᠨ ᠠᠷᠠᠢ ᠣᠯᠠᠨ ᠬᠥᠮᠦᠨ ᠢᠷᠡᠵᠦ ᠪᠠᠢᠭ᠎ᠠ ᠶᠤᠮ ᠰᠢᠭ᠋ ᠰᠣᠨᠣᠰᠳᠠᠭᠠᠳ ᠪᠠᠢᠬᠤ ᠶᠤᠮ᠃
ᠳ᠋ᠤᠷᠤᠷᠠᠨ᠄ ᠬᠥᠶᠢ ᠂ᠪᠠᠰᠠᠷ ᠠ᠋ ᠂ᠴᠢ ᠰᠠᠶᠢ ᠢᠨᠢᠶᠡᠭᠰᠡᠨ ᠤᠤ?
ᠪᠠᠰᠠᠷ ᠄ ᠠ! ᠬᠥᠶᠢ ᠬᠠᠮᠤᠭ ᠤ᠋ᠨ ᠰᠣᠨᠢᠨ ᠨᠢ ᠲᠤᠩᠬᠤ ᠴᠠᠰᠤᠬᠠᠨ ᠬᠣᠶᠠᠷ ᠪᠠᠰᠠ ᠪᠢ ᠰᠣᠨᠣᠰᠳᠠᠭᠠᠳ ᠪᠠᠢᠬᠤ ᠶᠤᠮ᠃
ᠴᠠᠰᠤᠬᠠᠨ ᠄ ᠵᠠ ᠠᠯᠢᠪ ᠂ ᠮᠠᠨ ᠤ᠋ ᠬᠢᠨ ᠠ᠋ ᠂ᠲᠡᠨᠳᠡ ᠡᠴᠡ ᠬᠡᠨ ᠴᠦ᠍ ᠢᠷᠡᠵᠦ ᠪᠠᠢᠵᠤ ᠮᠠᠭᠠᠳ ᠦᠭᠡᠢ ᠂ᠪᠦᠭᠦᠳᠡᠭᠡᠷ ᠢ᠋ᠶ᠋ᠡᠨ ᠨᠢᠭᠤᠭᠳᠠᠵᠠᠭᠠᠶᠠ᠃
ᠲᠤᠩᠬᠤ ᠄ᠲᠡᠭᠡᠶ᠎ᠡ ᠂ ᠬᠤᠷᠳᠤᠯᠠᠭᠠᠷᠠᠢ!
ᠪᠠᠰᠠᠷ ᠄ ᠲᠠᠢᠰᠢ ᠪᠠᠨ ᠲᠡᠷᠡ ᠪᠤᠯᠤᠩ ᠳ᠋ᠤ᠌ ᠨᠢᠭᠤᠭᠳᠠᠶᠠ᠃Let's go go go go (ᠶᠠᠪᠤᠶ᠎ᠠ ᠶᠠᠪᠤᠶ᠎ᠠ ᠶᠠᠪᠤᠶ᠎ᠠ)
ᠳ᠋ᠤᠷᠤᠷᠠᠨ᠄ ᠵᠠ!
ᠡᠩ ᠦᠭᠡᠢ ᠲᠤᠩᠬᠤ ᠄ᠬᠥᠶᠢ ᠮᠥᠩᠬᠡ ᠶᠠᠭᠤ ᠬᠢᠵᠦ ᠪᠠᠢᠭ᠎ᠠ ᠶᠤᠮ ᠪᠣᠢ?ᠴᠢᠮ᠎ᠠ ᠶ᠋ᠢ ᠪᠢᠳᠡ ᠨᠠᠷ ᠵᠥᠩᠳᠡᠭᠡᠨ ᠬᠠᠢᠯ᠎ᠠ ᠰᠢᠳᠡ᠃
ᠰᠠᠬᠢᠯᠭ᠎ᠠ ᠦᠭᠡᠢ ᠪᠠᠰᠠᠷ ᠄ What (ᠶᠠᠭᠤ)᠂ᠮᠥᠩᠬᠡ ᠠ᠋ ᠂ ᠶᠠᠭᠠᠬᠢᠭᠠᠳ ᠡᠩ ᠦ᠋ᠨ ᠮᠥᠩᠬᠡ ᠰᠢᠭ ᠬᠤᠪᠴᠠᠰᠤ ᠲᠠᠢ ᠶᠠᠪᠤᠵᠤ ᠪᠠᠢᠭ᠎ᠠ ᠶᠤᠮ ᠪᠣᠢ? ᠡᠩ!ᠳᠣᠯᠣᠭᠠᠨ ᠪᠣᠯᠪᠠᠯ ᠶᠠᠭᠠᠬᠢᠨ᠎ᠠ? ᠠᠨᠳᠠᠭᠤᠷᠠᠭᠠᠳ ᠰᠢᠭᠤᠳ ᠫᠤᠤᠳᠠᠵᠤ ᠮᠤᠤᠳᠠᠭᠠᠳ ᠫᠢᠤ ᠫᠢᠤ ᠫᠢᠶᠠᠩ ᠂ᠠ! ᠡᠪ ᠦᠭᠡᠢ ᠶᠠᠭᠤᠮ᠎ᠠ ᠪᠣᠯᠤᠨ᠎ᠠ ᠰᠢᠦ᠃ᠬᠡ ᠬᠡ ᠬᠡ
ᠰᠠᠨᠠᠭ᠎ᠠ ᠴᠠᠰᠤᠬᠠᠨ ᠄ ᠲᠡᠢᠮᠦ ᠰᠢᠦ ᠮᠥᠩᠬᠡ ᠠ᠋ ᠂ ᠵᠠ ᠠᠯᠢᠪ ᠳᠡᠭᠡᠭᠰᠢ ᠪᠡᠨ ᠭᠠᠷᠤᠶ᠎ᠠ ᠂ᠴᠠᠭ ᠪᠣᠯᠬᠤ ᠪᠠᠨ ᠪᠠᠢᠯ᠎ᠠ᠃
ᠮᠥᠩᠬᠡ ᠄ᠠᠢ ᠠᠢ ᠂ᠡᠩ ᠦᠭᠡᠢ ᠮᠥᠩᠬᠡ ᠨᠢ ᠪᠢᠯᠡ ᠠ ᠰᠢᠦ᠃
ᠰᠠᠬᠢᠯᠭ᠎ᠠ ᠦᠭᠡᠢ ᠪᠠᠰᠠᠷ ᠄ ᠠ! ᠡᠩ ᠦᠭᠡᠢ⁈
ᠮᠥᠩᠬᠡ ᠄ᠦ ᠪᠢᠰᠢ ᠂ ᠡᠲᠡᠭᠡᠳ ᠮᠥᠩᠬᠡ᠃
ᠰᠠᠨᠠᠭ᠎ᠠ ᠴᠠᠰᠣᠬᠠᠨ ᠄ ᠠ⁈ᠮᠥᠩᠬᠡ ᠴᠢᠮ᠎ᠠ ᠶ᠋ᠢ ᠲᠡᠭᠡᠵᠦ ᠳᠠᠭᠤᠳᠠᠳᠠᠭ ᠦᠭᠡᠢ ᠰᠢᠦ ᠳᠡ᠃
ᠮᠥᠩᠬᠡ ᠄ᠠ! ᠶᠠᠭᠤ? ᠪᠢ ᠨᠥᠭᠦᠭᠡ ᠶᠠᠭᠤ ᠲᠠᠢ ᠡᠪ ᠦᠭᠡᠢ ᠮᠥᠩᠬᠡ ᠪᠢᠯᠡ ᠤᠤ?ᠶᠠᠭᠤ ᠪᠢᠯᠡ? ᠠ ᠬᠡ ᠬᠡ
ᠡᠩ ᠦ᠋ᠨ ᠲᠤᠩᠬᠤ ᠄ᠮᠥᠩᠬᠡ ᠠ᠋ ᠂ᠴᠢ ᠨᠢᠭᠡ ᠯᠡ ᠡᠪ ᠦᠭᠡᠢ ᠪᠠᠢᠨ᠎ᠠ ᠳᠠ᠃
ᠮᠥᠩᠬᠡ ᠄ ᠠ ᠂ᠬᠡ ᠬᠡ ᠂ ᠶᠠᠭᠤ ᠪᠢ ᠴᠢᠨᠢ ᠡᠪ ᠦᠭᠡᠢ ᠮᠥᠩᠬᠡ ᠶᠦ᠍ᠮ ᠴᠢᠨᠢ ᠡᠪ ᠦᠭᠡᠢ ᠯᠡ ᠪᠠᠢᠨ᠎ᠠ ᠰᠢᠲᠠ᠃
ᠰᠠᠬᠢᠯᠭ᠎ᠠ ᠦᠭᠡᠢ ᠪᠠᠰᠠᠷ ᠄ ᠬᠡ ᠬᠠ ᠵᠠ ᠲᠡᠭᠡᠯ᠎ᠡ ᠂ᠡᠪ ᠦᠭᠡᠢ ᠶᠦ᠍ᠮ ᠠ᠋ ᠂ᠡᠪ ᠦᠭᠡᠢ᠃
ᠮᠥᠩᠬᠡ ᠄ᠡᠪ ᠦᠭᠡᠢ ᠡᠪ ᠦᠭᠡᠢ ᠂ᠡᠪ ᠦᠭᠡᠢ ᠰᠢᠦ᠃ᠬᠡ ᠬᠠ ᠬᠠ
ᠰᠠᠨᠠᠭ᠎ᠠ ᠴᠠᠰᠣᠬᠠᠨ ᠄ ᠬᠡ ᠬᠡ ᠬᠡ ᠂ᠵᠠ ᠲᠡᠭᠡᠪᠡᠯ ᠪᠦᠭᠦᠳᠡᠭᠡᠷ ᠢ᠋ᠶ᠋ᠡᠨ ᠳᠡᠭᠡᠭᠰᠢ ᠪᠡᠨ ᠭᠠᠷᠴᠠᠭᠠᠶ᠎ᠠ᠃
ᠮᠥᠩᠬᠡ ᠄ ᠵᠠ!
ᠪᠠᠰᠠᠷ ᠄ ᠶᠠᠭᠤ ᠪᠣᠯᠤᠭᠠᠳ ᠪᠠᠢᠨ᠎ᠠ?ᠰᠠᠶᠢ ᠡᠰᠡᠷᠭᠦ ᠲᠠᠯ᠎ᠠ ᠶ᠋ᠢᠨ ᠬᠡᠳᠦ ᠪᠠᠢᠭᠰᠠᠨ ᠤᠤ ᠦᠭᠡᠢ ᠤᠤ?ᠪᠢ ᠪᠦᠷ ᠨᠢᠳᠦᠨ ᠳ᠋ᠦ᠍ ᠪᠡᠨ ᠴᠦ᠍ ᠢᠲᠡᠭᠡᠬᠦ ᠦᠭᠡᠢ ᠶᠦ᠍ᠮ᠂ ᠥ ᠠ ᠠ ᠪᠢ ᠶᠠᠭ ᠵᠡᠭᠦᠳᠦᠯᠡᠵᠦ ᠪᠠᠢᠭ᠎ᠠ ᠶᠤᠮ ᠪᠠᠢᠨ᠎ᠠ ᠂ ᠰᠡᠷᠡᠭᠡᠷᠡᠢ ᠂Wake up(ᠰᠠᠷ᠎ᠠ) ᠪᠠᠰᠠᠷ ᠠ᠋
ᠳ᠋ᠤᠷᠤᠷᠠᠨ᠄ ᠥ ᠦᠭᠡᠢ ᠪᠠᠰᠠᠷ ᠠ᠋ ᠂ ᠡᠨᠡ ᠵᠡᠭᠦᠳᠦ ᠪᠢᠰᠢ᠃
ᠲᠤᠩᠬᠤ ᠄ ᠣᠳᠣ ᠶᠠᠭᠠᠬᠢᠨ᠎ᠠ? ᠮᠥᠩᠬᠡ ᠶ᠋ᠢ ᠮᠢᠨᠢ ᠠᠪᠤᠭᠠᠳ ᠶᠠᠪᠤᠴᠢᠬᠠᠯ᠎ᠠ ᠰᠢᠲᠠ᠃
ᠴᠠᠰᠣᠬᠠᠨ ᠄ ᠪᠠᠰᠠᠷ ᠠᠷᠸ᠎ᠠ ᠠᠬ᠎ᠠ ᠶ᠋ᠢᠨ ᠮᠠᠯᠠᠭᠠᠢ ᠶ᠋ᠢ ᠡᠮᠦᠰᠦᠭᠡᠳ ᠂ ᠪᠢᠳᠡ ᠨᠠᠷ ᠲᠣᠬᠢᠶᠠᠯᠳᠤᠯ ᠢ᠋ᠶ᠋ᠠᠷ ᠰᠢᠯᠵᠢᠭᠡᠳ ᠡᠰᠡᠷᠭᠦ ᠲᠠᠯ᠎ᠠ ᠶ᠋ᠢᠨ ᠯᠠᠪᠠᠷᠲ᠋ᠤᠷ ᠲᠤ᠌ ᠣᠷᠣᠭᠠᠳ ᠢᠷᠡᠴᠢᠬᠡᠭᠰᠡᠨ ᠶᠦ᠍ᠮ ᠰᠢᠭ ᠪᠠᠢᠨ᠎ᠠ᠃
ᠪᠠᠰᠠᠷ ᠄ᠲᠡᠢᠮᠦ ᠪᠠᠢᠨ᠎ᠠ ᠂ᠲᠡᠷᠡ ᠬᠠᠨᠠᠨ ᠳᠡᠭᠡᠭᠦᠷ ᠪᠠᠢᠭ᠎ᠠ ᠪᠢᠴᠢᠭ ᠮᠢᠴᠢᠭ᠌ ᠂ ᠲᠡᠷᠡ ᠵᠢᠷᠤᠭ ᠤ᠋ᠳ ᠢ᠋ ᠬᠠᠷ᠎ᠠ ᠳᠠ᠃
ᠴᠠᠰᠣᠬᠠᠨ ᠄ᠬᠡᠩ ᠂ᠳᠡᠭᠡᠳᠦ ᠦᠯᠢᠭᠡᠷ ᠭᠡᠵᠦ ᠶᠠᠭᠤ ᠪᠣᠢ ᠭᠡᠨ᠎ᠡ ᠤᠤ? ᠮᠥᠩᠬᠡ ᠶᠠᠮᠠᠷ ᠵᠠᠩ ᠴᠢᠨᠠᠷ ᠲᠠᠢ ᠪᠣᠢ? ᠶᠠᠭᠠᠬᠢᠵᠤ ᠪᠤᠷᠤᠯᠳᠠᠵᠤ ᠠᠶᠠᠯᠠᠬᠤ ᠪᠣᠢ ᠭᠡᠨ᠎ᠡ ᠤᠤ?
ᠲᠤᠩᠬᠤ ᠄ ᠶᠠᠮᠠᠷ ᠠᠶᠤᠮᠠᠷ ᠶᠤᠮ ᠪᠣᠢ? ᠬᠡᠳᠦᠭᠦᠯᠡ ᠪᠡᠨ ᠣᠳᠣ ᠡᠨᠳᠡ ᠡᠴᠡ ᠶᠠᠭᠠᠬᠢᠵᠤ ᠭᠠᠷᠤᠨ᠎ᠠ?
ᠴᠠᠰᠣᠬᠠᠨ ᠄ ᠬᠠᠷᠢᠨ ᠲᠡᠢᠮᠦ ᠂ᠣᠳᠣ ᠶᠠᠭᠠᠬᠢᠬᠤ ᠪᠣᠢ?
ᠪᠠᠰᠠᠷ ᠄ ᠰᠢᠯᠵᠢᠭᠡᠳ ᠢᠷᠡᠭᠰᠡᠨ ᠶᠦ᠍ᠮ ᠴᠢᠨᠢ ᠂ᠪᠤᠴᠠᠬᠤ ᠶᠠᠮᠠᠷ ᠨᠢᠭᠡᠨ ᠠᠷᠭ᠎ᠠ ᠪᠠᠢᠬᠤ ᠶᠣᠰᠣᠲᠠᠢ ᠳᠠ᠃
ᠴᠠᠰᠣᠬᠠᠨ ᠄ ᠶᠠᠭᠤ ᠴᠤ᠌ ᠭᠡᠰᠡᠨ ᠪᠦᠭᠦᠳᠡᠭᠡᠷ ᠢ᠋ᠶ᠋ᠡᠨ ᠠᠷᠸ᠎ᠠ ᠠᠬ᠎ᠠ ᠠᠢ ᠬᠣᠯᠪᠣᠭᠳᠠᠬᠤ ᠭᠡᠳ ᠦᠵᠡᠬᠦ ᠤᠤ?
ᠲᠤᠩᠬᠤ ᠄ ᠶᠠᠭ ᠲᠡᠢᠮᠦ ᠂ᠠᠷᠸ᠎ᠠ ᠠᠬ᠎ᠠ ᠤᠷᠤᠭᠤ ᠵᠠᠯᠭᠠᠵᠠᠭᠠᠶᠠ᠃
ᠴᠠᠰᠣᠬᠠᠨ ᠄ ᠪᠠᠢᠨ᠎ᠠ ᠤᠤ?ᠪᠠᠢᠨ᠎ᠠ ᠤᠤ? ᠠᠷᠸ᠎ᠠ ᠠᠬ᠎ᠠ ᠠ᠋ ᠪᠢᠳᠡ ᠡᠰᠡᠷᠭᠦ ᠬᠡᠳᠦ ᠶ᠋ᠢᠨ ᠦᠯᠢᠭᠡᠷ ᠦ᠋ᠨ ᠣᠷᠣᠨ ᠵᠠᠢ ᠳ᠋ᠤ᠌ ᠰᠢᠯᠵᠢᠭᠡᠳ ᠣᠷᠣᠭᠠᠳ ᠢᠷᠡᠴᠢᠬᠡᠯ᠎ᠡ᠃
ᠠᠷᠸ᠎ᠠ ᠄ ᠶᠠᠭᠠᠬᠢᠭᠰᠠᠨ ᠭᠡᠨ᠎ᠡ?ᠪᠣᠯᠤᠮᠵᠢ ᠦᠭᠡᠢ ᠰᠢᠦ ᠳᠡ ᠤᠭ ᠨᠢ ᠂ᠶᠠᠭᠤ ᠪᠣᠯᠬᠤ ᠨᠢ ᠡᠨᠡ ᠪᠣᠢ᠃ ᠵᠠ ᠠᠬ᠎ᠠ ᠨᠢ ᠤᠴᠢᠷ ᠢ᠋ ᠨᠢ ᠣᠯᠬᠤ ᠭᠡᠳ ᠦᠵᠡᠶ᠎ᠡ ᠂ᠵᠠ ᠶᠠᠭᠤ ᠴᠤ᠌ ᠭᠡᠰᠡᠨ ᠲᠠ ᠨᠠᠷ ᠮᠢᠨᠦ ᠵᠢᠭᠠᠭᠰᠠᠨ ᠢ᠋ᠶ᠋ᠠᠷ ᠰᠢᠭᠤᠳ ᠁
ᠴᠠᠰᠣᠬᠠᠨ ᠄ᠶᠠᠭᠠᠬᠢᠨ᠎ᠠ? ᠰᠦᠯᠵᠢᠶ᠎ᠡ ᠲᠠᠰᠤᠷᠠᠯ᠎ᠠ ᠭᠡᠵᠦ ᠭᠠᠷᠤᠭᠠᠳ ᠢᠷᠡᠬᠦ ᠶᠦᠮ᠃
ᠪᠠᠰᠠᠷ ᠄ ᠵᠠ ᠵᠠ ᠂ᠪᠠᠷᠤᠭ ᠡᠨᠳᠡ ᠪᠡᠨ ᠢᠩᠭᠢᠭᠡᠳ ᠭᠠᠴᠠᠵᠤ ᠪᠠᠢᠭ᠎ᠠ ᠶᠤᠮ ᠪᠢᠰᠢ ᠤᠤ?ᠬᠡᠳᠦᠭᠦᠯᠡ ᠪᠡᠨ
ᠴᠠᠰᠤᠬᠠᠨ᠄ ᠠᠷᠠᠢ ᠦᠭᠡᠢ ᠪᠠᠢᠬ᠎ᠠ ᠂ᠶᠠᠭᠤ ᠴᠤ᠌ ᠭᠡᠰᠡᠨ ᠳᠠᠬᠢᠭᠠᠳ ᠰᠦᠯᠵᠢᠶ᠎ᠡ ᠣᠷᠣᠭᠤᠯᠬᠤ ᠭᠡᠳ ᠦᠵᠡᠶ᠎ᠡ᠃
ᠲᠤᠩᠬᠤ ᠄ᠶᠠᠭᠠᠬᠢᠨ᠎ᠠ?ᠡᠨᠳᠡ ᠪᠡᠨ ᠡᠭᠦᠷᠢᠳᠡ ᠭᠠᠴᠠᠴᠢᠬᠠᠬᠤ ᠶᠤᠮ ᠪᠢᠰᠢ ᠪᠠᠢᠭ᠎ᠠ᠃
ᠳ᠋ᠤᠷᠣᠷᠠᠨ ᠄ᠠᠶᠤᠮᠠᠷ ᠶᠤᠮ ᠠ᠋᠃
ᠴᠠᠰᠤᠬᠠᠨ ᠄ ᠥᠩ ᠂ᠬᠥᠮᠦᠨ ᠢᠷᠡᠵᠦ ᠪᠠᠢᠨ᠎ᠠ ᠤᠤ ᠳᠠ?
ᠲᠤᠩᠬᠤ ᠄ ᠬᠠᠷᠢᠨ ᠲᠡᠢᠮᠦ ᠂ ᠬᠡᠨ ᠶᠦᠮ ᠪᠣᠯ ᠠ᠋?
ᠡᠪ ᠦᠭᠡᠢ ᠮᠥᠩᠬᠡ ᠄ ᠮᠠᠨ ᠤ᠋ ᠬᠢᠨ ᠠ᠋ ᠂ᠲᠠ ᠨᠠᠷ ᠬᠠᠮᠢᠭ᠎ᠠ ᠪᠠᠢᠨ᠎ᠠ?
ᠴᠠᠰᠤᠬᠠᠨ ᠄ ᠠ! ᠮᠥᠩᠬᠡ ᠤᠤ ᠳᠠ? ᠠᠰᠢᠭᠦᠢ ᠪᠢᠳᠡ ᠨᠠᠷ ᠢ᠋ ᠬᠠᠢᠭᠠᠳ ᠢᠷᠡᠵᠦ ᠪᠠᠢᠨ᠎ᠠ ᠶᠤᠮ ᠪᠠᠢᠬᠤ ᠳᠠ᠃
ᠪᠠᠰᠠᠷ ᠄ ᠵᠠ ᠵᠠ ᠂ᠶᠠᠭᠤ ᠴᠤ᠌ ᠭᠡᠰᠡᠨ ᠡᠷᠭᠢᠭᠡᠳ ᠢᠷᠡᠭᠰᠡᠨ ᠤᠤ? ᠶᠣ ᠶᠣ ᠂ᠮᠥᠩᠬᠡ ᠢᠩᠭᠢᠭᠡᠳ ᠁
ᠡᠪ ᠦᠭᠡᠢ ᠮᠥᠩᠬᠡ ᠄ ᠬᠡᠴᠢᠨᠡᠭᠡᠨ ᠬᠠᠢᠪᠠ ᠲᠠ ᠬᠡᠳᠦ ᠶ᠋ᠢ ᠂ ᠪᠠᠢᠵᠠ ᠳᠠ ᠂ᠲᠠ ᠬᠡᠳᠦ ᠴᠢᠨᠢ ᠶᠠᠭᠠᠬᠢᠭᠠᠳ ᠡᠩ ᠦ᠋ᠨ ᠬᠤᠪᠴᠠᠰᠤ ᠲᠠᠢ ᠪᠠᠢᠳᠠᠭ ᠪᠢᠯᠡ?ᠠᠩ
ᠪᠠᠰᠠᠷ ᠄ ᠠ ᠂ ᠶᠠᠭᠤ ᠪᠢᠳᠡ ᠨᠠᠷ ᠬᠠᠷᠢᠨ ᠠ ᠬᠡ ᠬᠡ ᠁
ᠴᠠᠰᠤᠬᠠᠨ ᠄ ᠠ ᠬᠤᠪᠴᠠᠰᠤ ᠪᠠᠨ ᠰᠣᠯᠢᠭᠠᠳ ᠪᠤᠴᠠᠭᠠᠭᠠᠳ ᠡᠮᠦᠰᠬᠦ ᠪᠡᠨ ᠮᠠᠷᠲᠠᠴᠢᠬᠠᠵᠠᠢ ᠂ᠣᠳᠣ ᠰᠣᠯᠢᠭᠠᠳ ᠡᠮᠦᠰᠴᠢᠬᠡᠨᠡ᠃
ᠡᠪ ᠦᠭᠡᠢ ᠮᠥᠩᠬᠡ ᠄ ᠠ ᠵᠠ ᠵᠠ ᠂ᠲᠡᠢᠮᠦ ᠶᠠᠭᠤᠮ᠎ᠠ ᠪᠠᠢᠳᠠᠭ ᠶᠤᠮ ᠪᠠᠢᠵᠠᠢ᠃
ᠪᠠᠰᠠᠷ ᠄ ᠦ ᠬᠡ ᠬᠡ ᠂ᠬᠠᠷᠢᠨ ᠲᠡᠢᠮᠦ ᠠ᠋ ᠂ᠵᠠ ᠪᠠᠢᠵᠠ ᠂ᠮᠥᠩᠬᠡ ᠦ ᠪᠢᠰᠢ ᠂
ᠡᠪ ᠦᠭᠡᠢ ᠮᠥᠩᠬᠡ ᠠ᠋ ᠂ᠨᠥᠭᠦᠭᠡ ᠲᠥᠬᠥᠭᠡᠷᠦᠮᠵᠢ ᠪᠡᠨ ᠶᠠᠭᠠᠬᠢᠭᠰᠠᠨ ᠪᠣᠢ?
ᠡᠪ ᠦᠭᠡᠢ ᠮᠥᠩᠬᠡ ᠄ ᠠ ᠬᠠᠷᠢᠨ ᠂ᠶᠠᠭ ᠳᠠᠭᠤᠰᠬᠤ ᠭᠡᠳ ᠪᠢ ᠰᠢᠨ᠎ᠡ ᠡᠨᠧᠷᠭᠢ ᠶ᠋ᠢᠨ ᠡᠬᠢ ᠡᠭᠦᠰᠪᠦᠷᠢ ᠬᠠᠢᠬᠤ ᠪᠠᠷ ᠶᠠᠪᠤᠭᠰᠠᠨ ᠴᠢᠨᠢ ᠬᠠᠷᠢᠨ ᠲᠠ ᠬᠡᠳᠦ ᠠᠯᠠᠭ᠎ᠠ ᠪᠣᠯᠴᠢᠬᠠᠭᠰᠠᠨ ᠪᠠᠢᠬᠤ ᠶᠤᠮ ᠂ᠣᠳᠣ ᠳᠡᠭᠡᠭᠰᠢ ᠪᠡᠨ ᠭᠠᠷᠤᠶ᠎ᠠ ᠂ᠬᠤᠷᠳᠤᠨ ᠳᠠᠭᠤᠰᠬᠠᠵᠠᠭᠠᠶᠠ᠃
ᠪᠠᠰᠠᠷ ᠄ ᠣ ᠬᠡ ᠬᠡ ᠂ᠵᠠ ᠲᠡᠭᠡᠨ᠎ᠡ ᠂ᠲᠡᠭᠡᠭᠡᠳ ᠪᠦᠭᠦᠳᠡᠭᠡᠷ ᠢ᠋ᠶ᠋ᠡᠨ ᠳᠡᠭᠡᠳᠦ ᠦᠯᠢᠭᠡᠷ ᠢ᠋ ᠣᠯᠤᠭᠠᠳ ᠯᠠ ᠠ ᠨᠥᠭᠦᠭᠡ ᠬᠡᠳᠦ ᠶ᠋ᠢ ᠪᠦᠭᠦᠳᠡ ᠶ᠋ᠢ ᠨᠢ ᠪᠠᠷᠢᠵᠤ ᠬᠣᠷᠢᠭᠠᠳ ᠯᠠ ᠂ᠮᠣᠤ ᠬᠡ ᠬᠠ ᠁
ᠡᠪ ᠦᠭᠡᠢ ᠮᠥᠩᠬᠡ ᠄ ᠠ? ᠶᠠᠭᠠᠬᠢᠭᠰᠠᠨ ᠭᠡᠨ᠎ᠡ?ᠰᠠᠬᠢᠯᠭ᠎ᠠ ᠦᠭᠡᠢ ᠪᠠᠰᠠᠷ ᠠ᠋?ᠤᠤᠯ ᠨᠢ ᠲᠡᠭᠡᠵᠦ ᠶᠠᠷᠢᠭ᠎ᠠ ᠦᠭᠡᠢ ᠪᠢᠵᠡ ᠳᠡ ᠂ᠪᠦᠭᠦᠳᠡᠭᠡᠷ ᠢ᠋ᠶ᠋ᠡᠨ᠃
ᠴᠠᠰᠤᠬᠠᠨ ᠄ ᠬᠠᠷᠢᠨ ᠲᠡᠢᠮᠦ ᠠ᠋ ᠶᠠᠭᠤ ᠭᠡᠵᠦ ᠳᠡᠭᠡᠳᠦ ᠦᠯᠢᠭᠡᠷ ᠢ᠋ ᠠᠪᠴᠤ ᠪᠠᠢᠬᠤ ᠪᠣᠢ ᠳᠠ ᠂ᠲᠡᠢᠮᠦ ᠠ᠋ ᠮᠥᠩᠬᠡ ᠠ᠋
ᠡᠪ ᠦᠭᠡᠢ ᠮᠥᠩᠬᠡ ᠄ ᠠᠢ ᠴᠠᠰᠤᠬᠠᠨ ᠠ᠋ ᠂ᠴᠢ ᠪᠠᠰᠠ ᠶᠠᠭᠤ ᠶᠠᠷᠢᠭᠠᠳ ᠪᠠᠢᠨ᠎ᠠ ᠡᠨᠳᠡ ᠨᠢᠭᠡ ᠯᠡ ᠵᠦᠢᠯ ᠪᠢᠰᠢ ᠪᠠᠢᠨ᠎ᠠ ᠳᠠ ᠂ᠲᠠ ᠨᠠᠷ ᠠᠷᠠᠢ?
ᠲᠤᠩᠬᠤ ᠄ ᠠ ᠠ! ᠶᠠᠭᠤᠨ ᠰᠣᠨᠢᠨ ᠪᠠᠢᠬᠤᠪ ᠳᠠ ᠮᠥᠩᠬᠡ ᠠ᠋ ᠪᠢ ᠪᠢ ᠪᠢᠳᠡ ᠴᠢᠨᠢ ᠡᠰᠡᠷᠭᠦ ᠲᠠᠯ᠎ᠠ ᠶ᠋ᠢᠨ ᠬᠢᠨ ᠰᠢᠦ ᠳᠡ ᠂ᠶᠧ᠃
ᠡᠪ ᠦᠭᠡᠢ ᠮᠥᠩᠬᠡ ᠄ ᠬᠡᠩ ᠂ ᠲᠠ ᠨᠠᠷ ᠲᠡᠭᠡᠬᠦ ᠳ᠋ᠦ᠍ ᠪᠡᠨ ᠨᠢᠭᠡ ᠯᠡ ᠵᠢᠭᠲᠡᠢ ᠪᠠᠢᠨ᠎ᠠ ᠳᠠ᠃
ᠪᠠᠰᠠᠷ ᠄ ᠠ ᠶᠠᠭᠤ ᠪᠣᠢ ᠂ᠪᠠᠢᠭ᠎ᠠ ᠪᠠᠷ ᠢ᠋ᠶ᠋ᠠᠨ ᠯᠠ ᠪᠠᠢᠨ᠎ᠠ ᠰᠢᠳᠡ ᠂ ᠥᠩ ᠠ ᠶᠠᠭᠠᠬᠢᠪᠠ ᠳᠠ ᠣᠳᠣ ᠂ᠡᠪ ᠦᠭᠡᠢ ᠮᠥᠩᠬᠡ ᠥᠩ᠃
ᠡᠪ ᠦᠭᠡᠢ ᠮᠥᠩᠬᠡ ᠄ ᠲᠠ ᠨᠠᠷ ᠠᠷᠠᠢ ᠵᠢᠩᠬᠢᠨᠢ ᠮᠥᠩᠬᠡ ᠲᠤᠩᠬᠤ ᠣᠷᠣᠭᠠᠳ ᠢᠷᠡᠭᠰᠡᠨ ᠶᠦᠮ ᠪᠢᠰᠢ ᠪᠢᠵᠡ ᠳᠡ᠃ᠢᠩᠭᠢᠬᠦ ᠳ᠋ᠦ᠍ ᠶᠠᠭᠠᠬᠢᠵᠤ ᠣᠷᠣᠵᠤ ᠢᠷᠡᠵᠡᠭᠡᠪᠡ?ᠮᠠᠨ ᠤ᠋ ᠯᠠᠪᠠᠷᠲ᠋ᠤᠷ ᠲᠤ᠌
ᠪᠠᠰᠠᠷ ᠄ ᠠᠢ ᠲᠡᠷᠡ ᠠᠮᠠᠷᠬᠠᠨ ᠪᠢᠯᠡ ᠳᠠ ᠂ ᠮᠥᠩᠬᠡ ᠠ᠋ ᠂ᠠ ᠪᠢᠰᠢ ᠡᠪ ᠦᠭᠡᠢ ᠮᠥᠩᠬᠡ ᠠ᠋
ᠡᠪ ᠦᠭᠡᠢ ᠮᠥᠩᠬᠡ ᠄ ᠬᠡᠩ ᠂ᠪᠢ ᠲᠠ ᠬᠡᠳᠦ ᠶ᠋ᠢ ᠢᠩᠭᠢᠭᠡᠳ ᠪᠠᠷᠢᠴᠢᠬᠠᠯ᠎ᠠ ᠳᠠ ᠂ᠠ ᠬᠠ ᠬᠠ ᠁
ᠲᠤᠩᠬᠤ ᠄ ᠥ ᠦᠭᠡᠢ ᠂ᠣᠳᠣ ᠪᠦᠭᠦᠳᠡᠭᠡᠷ ᠢ᠋ᠶ᠋ᠡᠨ ᠶᠠᠭᠠᠬᠢᠬᠤ ᠪᠣᠢ?
ᠴᠠᠰᠤᠬᠠᠨ ᠄ᠧᠦ ᠂NO
ᠪᠠᠰᠠᠷ ᠄ᠢ ᠂ ᠵᠢᠭᠤᠲᠠᠭᠠᠷᠠᠢ!
ᠡᠪ ᠦᠭᠡᠢ ᠪᠠᠰᠠᠷ ᠄ ᠠ ᠬᠠ ᠁ᠢᠩᠭᠢᠭᠡᠳ ᠵᠦᠴᠦᠭᠡᠯᠡᠭᠡᠳ ᠪᠠᠢᠪᠠᠯ ᠶᠠᠭᠠᠬᠢᠬᠤ ᠤᠤ?
ᠪᠠᠰᠠᠷ ᠄ ᠦ ᠬᠡ ᠬᠡ ᠂ᠲᠡᠨᠡᠭ ᠮᠥᠩᠬᠡ ᠰᠢᠲᠠ ᠂ᠠᠩ ᠬᠥᠮᠦᠨ ᠠᠶᠤᠯᠭᠠᠭᠠᠳ ᠬᠠᠶᠠᠴᠢᠬᠠᠬᠤ ᠶᠤᠮ᠃
ᠡᠪ ᠦᠭᠡᠢ ᠮᠥᠩᠬᠡ ᠄ ᠶᠣ ᠬᠠ ᠁ᠭᠡᠬᠦ ᠳ᠋ᠦ᠍ ᠪᠡᠨ ᠲᠠ ᠬᠡᠳᠦ ᠶᠠᠮᠠᠷ ᠰᠠᠢᠨ ᠵᠦᠴᠦᠭᠡᠯᠡᠳᠡᠭ ᠶᠦ᠍ᠮ ᠪᠣᠢ?ᠲᠤᠩᠬᠤ ᠪᠦᠷ ᠣᠳᠣ ᠪᠦᠭᠦᠳᠡᠭᠡᠷ ᠢ᠋ᠶ᠋ᠡᠨ ᠶᠠᠭᠠᠬᠢᠬᠤ ᠪᠣᠢ ᠭᠡᠳ ᠯᠡ ᠂ᠬᠡ ᠬᠠ ᠬᠠ ᠪᠦᠷ ᠶᠠᠭ ᠵᠢᠩᠬᠢᠨᠢ ᠲᠤᠩᠬᠤ ᠰᠢᠭ᠋ ᠪᠠᠢᠨ᠎ᠠ ᠰᠢᠳᠡ᠃
ᠲᠤᠩᠬᠤ᠄ ᠬᠢ ᠬᠢ ᠬᠢ ᠁
ᠪᠠᠰᠠᠷ ᠄ ᠬᠠᠷᠢᠨ ᠲᠡᠢᠮᠦ ᠪᠣᠯᠬᠣᠷ ᠂ᠶᠠᠭ ᠵᠢᠩᠬᠢᠨᠢ ᠲᠤᠩᠬᠤ ᠰᠢᠭ᠋ ᠪᠠᠢᠭᠰᠠᠨ ᠳᠠ ᠬᠢ ᠬᠢ᠃
ᠡᠪ ᠦᠭᠡᠢ ᠮᠥᠩᠬᠡ ᠄ ᠬᠡ ᠬᠠ ᠁ᠵᠠ ᠣᠳᠣ ᠪᠦᠭᠦᠳᠡᠭᠡᠷ ᠢ᠋ᠶ᠋ᠡᠨ ᠳᠡᠭᠡᠭᠰᠢ ᠪᠡᠨ ᠭᠠᠷᠴᠠᠭᠠᠶ᠎ᠠ᠃
ᠪᠠᠰᠠᠷ ᠄ ᠵᠠ ᠲᠡᠭᠡᠶ᠎ᠡ ᠂ᠦ! ᠨᠥᠭᠦᠭᠡ ᠬᠡᠳᠦ ᠴᠢᠨᠢ ᠨᠡᠭᠡᠷᠡᠨ ᠳᠡᠭᠡᠷ᠎ᠡ ᠪᠠᠢᠭ᠎ᠠ ᠰᠢᠳᠡ᠃
ᠡᠪ ᠦᠭᠡᠢ ᠮᠥᠩᠬᠡ ᠄ᠶᠠᠭᠠᠬᠢᠭᠰᠠᠨ ᠭᠡᠨ᠎ᠡ?
ᠪᠠᠰᠠᠷ ᠄ᠦ ᠶᠠᠭᠠᠬᠢᠭ᠎ᠠ ᠴᠤ᠌ ᠦᠭᠡᠢ ᠂ᠬᠡᠳᠦᠭᠦᠯᠡ ᠪᠡᠨ ᠡᠨᠳᠡ ᠵᠢᠭᠠᠬᠠᠨ ᠲᠥᠯᠥᠪᠯᠡᠭᠡ ᠪᠡᠨ ᠪᠣᠯᠪᠠᠰᠤᠷᠠᠭᠤᠯᠤᠶ᠎ᠠ ᠂ᠠᠩ
ᠡᠪ ᠦᠭᠡᠢ ᠮᠥᠩᠬᠡ ᠄ᠥᠩ ᠂ᠦᠭᠡᠢ ᠦᠭᠡᠢ
ᠮᠥᠩᠬᠡ ᠄ᠳᠦ ᠳᠦ ᠳᠦ᠁ ᠳ᠋ᠥᠷᠥ᠍ ᠳᠦ
ᠡᠩ ᠦᠭᠡᠢ ᠲᠤᠩᠬᠤ ᠄ ᠶᠠᠭᠠᠬᠢᠭᠰᠠᠨ ᠮᠥᠩᠬᠡ ᠠ᠋?
ᠮᠥᠩᠬᠡ ᠄ ᠶᠠᠭᠤ?ᠶᠠᠭᠠᠬᠢᠭᠰᠠᠨ ᠭᠡᠵᠦ?
ᠡᠩ ᠦᠭᠡᠢ ᠲᠤᠩᠬᠤ ᠄ ᠰᠢᠨ᠎ᠡ ᠡᠨᠧᠷᠭᠢ ᠶ᠋ᠢᠨ ᠡᠬᠢ ᠡᠭᠦᠰᠪᠦᠷᠢ ᠣᠯᠤᠨ᠎ᠠ ᠭᠡᠳ ᠶᠠᠪᠤᠭᠰᠠᠨ ᠰᠢᠳᠡ ᠂ᠠᠪᠴᠢᠷᠠᠭᠰᠠᠨ ᠶᠤᠮ ᠤᠤ?
ᠮᠥᠩᠬᠡ ᠄ ᠠ! ᠡᠢᠮᠦ ᠯᠡ ᠶᠠᠭᠤᠮ᠎ᠠ ᠪᠣᠯᠤᠯ᠎ᠠ ᠳᠠ᠃
ᠰᠠᠨᠠᠭ᠎ᠠ ᠴᠠᠰᠤᠬᠠᠨ ᠄ ᠶᠠᠮᠠᠷ ᠵᠦᠢᠯ ᠪᠣᠯᠤᠭᠰᠠᠨ ᠭᠡᠵᠦ?
ᠰᠠᠬᠢᠯᠭ᠎ᠠ ᠦᠭᠡᠢ ᠪᠠᠰᠠᠷ ᠄ ᠠ⁈ ᠶᠠᠭᠤ ᠳᠤᠤᠭᠠᠷᠤᠭᠰᠠᠨ ᠪᠣᠢ?
ᠮᠥᠩᠬᠡ ᠄ ᠦ ᠬᠤᠯᠤᠭᠠᠨ᠎ᠠ ᠪᠠᠢᠬ᠎ᠠ ᠠ᠋᠃
ᠡᠩ ᠦᠭᠡᠢ ᠲᠤᠩᠬᠤ ᠄ ᠬᠤᠯᠤᠭᠠᠨ᠎ᠠ ᠪᠠᠢᠬᠤ ᠦᠭᠡᠢ ᠳᠡ᠃
ᠮᠥᠩᠬᠡ ᠄ ᠦᠭᠡᠢ ᠡᠨᠡ ᠶᠠᠭ ᠮᠣᠭᠠᠢ ᠪᠢᠵᠡ?
ᠡᠩ ᠦᠭᠡᠢ ᠲᠤᠩᠬᠤ ᠄ ᠮᠣᠭᠠᠢ ᠪᠠᠢᠬᠤ ᠦᠭᠡᠢ ᠳᠡ᠃
ᠮᠥᠩᠬᠡ ᠄ ᠦ ᠂ᠮᠠᠲᠠᠷ ᠪᠢᠵᠡ?
ᠰᠠᠬᠢᠯᠭ᠎ᠠ ᠦᠭᠡᠢ ᠪᠠᠰᠠᠷ ᠄ ᠠ! ᠮᠠᠲᠠᠷ ᠠ᠋?ᠬᠠ ᠬᠠ ᠁
ᠮᠥᠩᠬᠡ ᠄ ᠦ ᠪᠢᠰᠢ ᠠ᠋ ᠂ᠬᠡ ᠬᠠ ᠬᠠ ᠠᠨᠳᠠᠭᠤᠷᠠᠵᠤ ᠪᠠᠢᠨ᠎ᠠ ᠂ ᠵᠦᠭᠡᠷ ᠶᠠᠭᠤᠮ᠎ᠠ ᠤᠨᠠᠭ᠎ᠠ ᠪᠠᠢᠯᠭᠦᠢ ᠳᠡ᠃
ᠡᠩ ᠦᠭᠡᠢ ᠲᠤᠩᠬᠤ ᠄ ᠥᠩ ᠂ᠳᠣᠭᠣᠭᠰᠢ ᠪᠠᠨ ᠪᠠᠭᠤᠵᠤ ᠦᠵᠡᠬᠦ ᠬᠡᠷᠡᠭᠲᠡᠢ ᠪᠠᠢᠬ᠎ᠠ᠃
ᠮᠥᠩᠬᠡ ᠄ ᠪᠣᠯᠬᠤ ᠦᠭᠡᠢ᠃
ᠡᠩ ᠦᠭᠡᠢ ᠲᠤᠩᠬᠤ ᠄ ᠥᠩ ᠂ᠶᠠᠭᠠᠬᠢᠭᠠᠳ?
ᠮᠥᠩᠬᠡ ᠄ ᠦ ᠂ᠪᠢ ᠰᠢᠨ ᠡᠨᠧᠷᠭᠢ ᠶ᠋ᠢᠨ ᠡᠬᠢ ᠡᠭᠦᠰᠪᠦᠷᠢ ᠪᠡᠨ ᠶᠠᠭᠠᠬᠢᠵᠤ ᠣᠯᠤᠭᠰᠠᠨ ᠲᠠᠯ᠎ᠠ ᠪᠠᠷ ᠶᠠᠷᠢᠬᠤ ᠭᠡᠵᠦ ᠪᠠᠢᠬᠤ ᠳ᠋ᠤ᠌ ᠳᠠ ᠂ᠡᠩ ᠦᠭᠡᠢ ᠲᠤᠩᠬᠤ ᠠ᠋᠃
ᠡᠩ ᠦᠭᠡᠢ ᠲᠤᠩᠬᠤ᠄ ᠠ ᠵᠠ ᠂ᠶᠠᠭᠠᠬᠢᠵᠤ ᠣᠯᠤᠭᠰᠠᠨ ᠶᠤᠮ ᠪᠣᠯ?
ᠪᠠᠰᠠᠷ ᠄ ᠳᠦ ᠁ ᠳ᠋ᠥᠷᠥ᠍ ᠳᠦ ᠳᠦ᠁
ᠲᠤᠩᠬᠤ ᠄ ᠳ᠋ᠥᠷᠥ᠍ ᠳᠦ ᠳᠦ᠁
ᠡᠪ ᠦᠭᠡᠢ ᠮᠥᠩᠬᠡ ᠄ ᠵᠠ ᠲᠡᠭᠡᠭᠡᠳ ᠶᠠᠭᠤ ᠬᠢᠬᠦ ᠭᠡᠵᠦ ᠪᠠᠢᠭᠰᠠᠨ ᠶᠤᠮ ᠪᠣᠢ?
ᠪᠠᠰᠠᠷ ᠄ ᠦ ᠂ᠬᠡᠳᠦᠭᠦᠯᠡ ᠪᠡᠨ ᠢᠩᠭᠢᠬᠦ ᠳ᠋ᠦ᠍ ᠶᠡᠷᠦ ᠨᠢ ᠭᠣᠶᠣ ᠶᠠᠭᠤᠮ᠎ᠠ ᠶᠠᠷᠢᠵᠠᠭᠠᠬᠤ ᠤᠤ?
ᠡᠪ ᠦᠭᠡᠢ ᠮᠥᠩᠬᠡ ᠄ ᠠ! ᠰᠢᠨ᠎ᠡ ᠡᠨᠧᠷᠭᠢ ᠶ᠋ᠢᠨ ᠡᠬᠢ ᠡᠭᠦᠰᠪᠦᠷᠢ ᠶᠠᠭᠠᠬᠢᠵᠤ ᠣᠯᠤᠭᠰᠠᠨ ᠲᠠᠯ᠎ᠠ ᠪᠠᠷ ᠤᠤ?
ᠪᠠᠰᠠᠷ ᠄ ᠦᠭᠡᠢ ᠪᠡᠶ᠎ᠡ ᠪᠠᠶᠠᠨ ᠤ᠋ ᠪᠠᠨ ᠶᠠᠭᠤᠨ ᠳ᠋ᠤ᠌ ᠳᠤᠷᠠᠲᠠᠢ ᠲᠠᠯ᠎ᠠ ᠪᠠᠷ ᠶᠤᠮ ᠤᠤ?ᠡᠩ ᠂ ᠬᠤᠤᠪᠸᠢ (ᠳᠤᠷ᠎ᠠ ᠪᠠᠬ᠎ᠠ) ᠮᠤᠤᠪᠸᠢ ᠪᠠᠨ᠃
ᠡᠪ ᠦᠭᠡᠢ ᠮᠥᠩᠬᠡ ᠄ ᠠᠢ ᠂ᠬᠡᠳᠦᠭᠦᠯᠡ ᠪᠡᠨ ᠬᠡᠵᠢᠶ᠎ᠡ ᠲᠡᠢᠮᠦ ᠶᠠᠭᠤᠮ᠎ᠠ ᠶᠠᠷᠢᠵᠤ ᠪᠠᠢᠭᠰᠠᠨ ᠶᠤᠮ ᠪᠣᠢ?
ᠲᠤᠩᠬᠤ ᠄ ᠬᠡ ᠬᠡ ᠂ᠭᠣᠶᠣ ᠰᠢᠳᠡ ᠂ᠰᠢᠨ᠎ᠡ ᠶᠠᠭᠤᠮ᠎ᠠ ᠲᠤᠷᠰᠢᠵᠤ ᠦᠵᠡᠶ᠎ᠡ ᠯᠡ ᠳᠡ᠂ᠬᠡᠳᠦᠭᠦᠯᠡ ᠪᠡᠨ᠃
ᠡᠪ ᠦᠭᠡᠢ ᠮᠥᠩᠬᠡ ᠄ᠠ⁈ᠵᠠ ᠵᠠ ᠂
ᠲᠤᠩᠬᠤ ᠄ ᠵᠢᠱ᠌ᠢᠶ᠎ᠡ ᠨᠢ ᠪᠢ ᠨᠢᠭᠡ ᠶᠡᠬᠡ ᠭᠣᠶᠣ ᠪᠣᠷᠣᠭ᠎ᠠ ᠲᠠᠢ ᠡᠳᠦᠷ ᠠᠳᠠᠯ ᠶᠠᠪᠤᠳᠠᠯ ᠲᠠᠢ ᠨᠣᠮ ᠤᠩᠰᠢᠵᠤ ᠰᠠᠭᠤᠬᠤ ᠦᠨᠡᠬᠡᠷ ᠳᠤᠷᠠᠲᠠᠢ᠃
ᠡᠪ ᠦᠭᠡᠢ ᠮᠥᠩᠬᠡ ᠄ ᠭᠦᠦᠭ ᠂ᠡᠩ ᠦᠭᠡᠢ ᠲᠤᠩᠬᠤ ᠠ᠋ ᠂ᠴᠢ ᠨᠣᠮ ᠤᠩᠰᠢᠬᠤ ᠳᠤᠷᠠᠲᠠᠢ ᠶᠤᠮ ᠤᠤ?
ᠲᠤᠩᠬᠤ ᠄ ᠠ ᠬᠠ᠃
ᠪᠠᠰᠠᠷ ᠄ ᠠᠢ ᠪᠢ ᠪᠣᠯᠬᠤ ᠪᠠᠷ ᠡᠭᠦᠯᠡᠨ ᠳᠤᠮᠳᠠᠭᠤᠷ ᠨᠢᠰᠦᠭᠡᠳ ᠯᠡ ᠰᠢᠪᠠᠭᠤᠳ ᠲᠠᠢ ᠬᠠᠮᠲᠤ ᠬᠥᠭᠡᠭᠡᠴᠡᠯᠳᠦᠬᠦ ᠳᠤᠷᠠᠲᠠᠢ᠃
ᠡᠪ ᠦᠭᠡᠢ ᠮᠥᠩᠬᠡ ᠄ ᠭᠦᠦᠭ ᠂ ᠬᠡ ᠬᠠ ᠬᠠ᠂ᠰᠠᠬᠢᠯᠭ᠎ᠠ ᠦᠭᠡᠢ ᠪᠠᠰᠠᠷ ᠠ᠋ ᠂ᠴᠢᠮ᠎ᠠ ᠶ᠋ᠢ ᠡᠢᠮᠦ ᠵᠥᠭᠡᠯᠡᠨ ᠭᠡᠵᠦ ᠪᠣᠳᠣᠵᠤ ᠪᠠᠢᠭ᠎ᠠ ᠦᠭᠡᠢ ᠶᠦᠮ ᠪᠠᠢᠨ᠎ᠠ ᠰᠢᠦ᠃
ᠪᠠᠰᠠᠷ ᠄ ᠤᠷᠠᠯᠢᠭ ᠤ᠋ᠨ ᠪᠢᠳᠡ ᠴᠢᠨᠢ ᠲᠡᠭᠡᠭᠡᠳ ᠯᠡ ᠶᠡᠬᠡ ᠵᠥᠭᠡᠯᠡᠨ ᠤᠶᠠᠬᠠᠨ ᠤᠯᠤᠰ ᠤ᠋ᠳ ᠪᠠᠢᠳᠠᠭ ᠰᠢᠦ ᠳᠡ ᠂ᠬᠢ ᠬᠢ
ᠴᠠᠰᠤᠬᠠᠨ ᠄ ᠬᠠᠷᠢᠨ ᠪᠢ ᠨᠢᠭᠤᠴᠠ Book ᠢ᠋ᠶ᠋ᠠᠨ ᠳᠡᠯᠭᠡᠭᠡᠳ ᠯᠡ ᠵᠣᠬᠢᠶᠠᠯ ᠪᠢᠴᠢᠵᠦ ᠰᠠᠭᠤᠬᠤ ᠶᠡᠬᠡ ᠳᠤᠷᠠᠲᠠᠢ᠃
ᠲᠤᠩᠬᠤ ᠄ ᠭᠦᠦᠭ ᠂ᠪᠢ ᠬᠦᠷᠲᠡᠯ᠎ᠡ ᠰᠣᠨᠣᠰᠴᠤ ᠪᠠᠢᠭ᠎ᠠ ᠦᠭᠡᠢ ᠶᠦ᠍ᠮ ᠪᠠᠢᠨ᠎ᠠ ᠂ᠶᠠᠮᠠᠷ ᠭᠣᠶᠣ ᠶᠤᠮ ᠪᠣᠢ᠃
ᠪᠠᠰᠠᠷ ᠄ ᠶᠠ ᠪᠠᠰᠠ ᠵᠣᠬᠢᠶᠠᠯᠴᠢ ᠪᠠᠢᠬᠤ ᠨᠢ ᠠ᠋ ᠂ᠬᠢ ᠬᠢ ᠬᠢ
ᠴᠠᠰᠤᠬᠠᠨ ᠄ ᠬᠠ ᠬᠠ ᠬᠠ
ᠡᠪ ᠦᠭᠡᠢ ᠮᠥᠩᠬᠡ ᠄ ᠬᠠ ᠬᠠ ᠁᠂ᠠᠢ!
ᠮᠥᠩᠬᠡ ᠄ᠵᠠ ᠲᠡᠭᠡᠭᠡᠳ ᠶᠠᠪᠤᠭᠠᠳ ᠯᠠ ᠪᠠᠢᠯ᠎ᠠ᠃ᠶᠠᠪᠤᠭᠠᠳ ᠯᠠ ᠪᠠᠢᠯ᠎ᠠ ᠂ ᠲᠡᠭᠡᠭᠰᠡᠨ ᠴᠢᠨᠢ ᠮᠢᠨᠦ ᠡᠮᠦᠨ᠎ᠡ ᠡᠴᠡ ᠠᠷᠪᠠᠨ ᠲᠠᠪᠤᠨ ᠲᠣᠯᠣᠭᠠᠢ ᠲᠠᠢ ᠠᠲᠠᠭᠠᠯᠵᠢᠨ ᠬᠠᠷ᠎ᠠ ᠮᠠᠩᠭᠤᠰ ᠭᠠᠷᠤᠭᠠᠳ ᠢᠷᠡᠵᠦ ᠪᠠᠢᠭ᠎ᠠ ᠶᠤᠮ ᠴᠢᠨᠢ᠃
ᠡᠩ ᠦᠭᠡᠢ ᠲᠤᠩᠬᠤ ᠄ ᠬᠥᠥᠭ!
ᠰᠠᠨᠠᠭ᠎ᠠ ᠴᠠᠰᠤᠬᠠᠨ ᠄ ᠸᠠ ᠧᠦ ᠂ᠪᠦᠷ ᠮᠢᠶᠣᠤ᠃
ᠰᠠᠬᠢᠯᠭ᠎ᠠ ᠦᠭᠡᠢ ᠪᠠᠰᠠᠷ ᠄ ᠶᠠ ᠂ᠶᠠᠩᠵᠤ ᠶ᠋ᠢᠨ ᠶᠠᠭᠤᠮ᠎ᠠ ᠪᠣᠯᠬᠤ ᠨᠢ ᠳᠡ᠃ᠠᠩ
ᠮᠥᠩᠬᠡ ᠄ ᠪᠢ ᠲᠡᠷᠡ ᠦᠶ᠎ᠡ ᠳ᠋ᠦ᠍ ᠶᠠᠭᠠᠬᠢᠬᠤ ᠪᠠᠨ ᠮᠡᠳᠡᠬᠦ ᠦᠭᠡᠢ ᠬᠡᠰᠡᠭ ᠭᠠᠴᠠᠨ ᠵᠣᠭᠰᠣᠭᠰᠠᠨ ᠶᠤᠮ ᠂ᠨᠦᠰᠡᠷ ᠬᠦᠴᠦᠲᠦ ᠠᠪᠤᠷᠭᠤ ᠮᠠᠩᠭᠤᠰ ᠨᠠᠳᠠ ᠤᠷᠤᠭᠤ ᠠᠭᠤᠷᠲᠠᠢ ᠨᠢ ᠠᠷᠭ᠎ᠠ ᠦᠭᠡᠢ ᠬᠤᠷᠳᠤᠨ ᠢᠷᠡᠵᠦ ᠪᠠᠢᠨ᠎ᠠ ᠰᠢᠦ᠃ᠪᠢ ᠪᠦᠷ ᠬᠦᠯᠦᠭ ᠮᠣᠷᠢᠨ ᠤ᠋ ᠪᠠᠨ ᠬᠤᠷᠳᠤ ᠪᠠᠷ ᠁
ᠰᠠᠬᠢᠯᠭ᠎ᠠ ᠦᠭᠡᠢ ᠪᠠᠰᠠᠷ ᠄ ᠬᠥᠥᠭ ᠂ᠴᠢ ᠮᠣᠷᠢᠲᠠᠢ ᠶᠠᠪᠤᠵᠤ ᠪᠠᠢᠭᠰᠠᠨ ᠶᠤᠮ ᠤᠤ?
ᠮᠥᠩᠬᠡ ᠄ᠠ! ᠳᠡᠭᠡᠯ ᠦᠭᠡᠢ ᠶᠠᠭᠠᠬᠢᠬᠤᠪ ᠂ᠮᠢᠨᠦ ᠬᠦᠯᠦᠭ ᠮᠣᠷᠢ ᠭᠡᠵᠦ ᠲᠤᠭᠤᠷᠠᠢ ᠨᠢ ᠭᠠᠵᠠᠷ ᠴᠠᠪᠴᠢᠬᠤ ᠳ᠋ᠤ᠌ ᠭᠠᠯ ᠴᠣᠭ ᠪᠤᠲᠠᠷᠠᠨ ᠭᠠᠷᠳᠠᠭ ᠂ᠬᠠᠮᠠᠷ ᠢ᠋ᠶ᠋ᠠᠷ ᠢ᠋ᠶ᠋ᠠᠨ ᠲᠤᠷᠭᠢᠬᠤ ᠳ᠋ᠤ᠌ ᠤᠲᠤᠭ᠎ᠠ ᠮᠠᠨᠠᠯᠵᠠᠨ ᠲᠤᠷᠭᠢᠳᠠᠭ ᠂ᠠᠯᠲᠠ ᠭᠢᠯᠠᠯᠵᠠᠭᠰᠠᠨ ᠳᠡᠯ ᠲᠡᠢ ᠠᠳᠤᠭᠤ ᠪᠣᠢ ᠳᠠ᠃ᠲᠡᠭᠡᠭᠡᠳ ᠯᠡ ᠠᠷᠪᠠᠨ ᠲᠠᠪᠤᠨ ᠲᠣᠯᠣᠭᠠᠢ ᠲᠠᠢ ᠠᠲᠠᠭᠠᠯᠵᠢᠨ ᠬᠠᠷ᠎ᠠ ᠮᠠᠩᠭᠤᠰ ᠨᠠᠳᠠ ᠤᠷᠤᠭᠤ ᠠᠭᠤᠷᠲᠠᠢ ᠨᠢ ᠠᠷᠭ᠎ᠠ ᠦᠭᠡᠢ ᠳᠠᠭᠠᠷᠢᠨ ᠢᠷᠡᠬᠦ ᠳ᠋ᠦ᠍ ᠰᠦᠫᠸᠷ ᠬᠦᠯᠦᠭ ᠮᠣᠷᠢ ᠮᠠᠨᠢ ᠨᠠᠮ᠎ᠠ ᠶ᠋ᠢ ᠪᠤᠯᠲᠠᠭᠤᠯᠵᠤ ᠵᠢᠭᠤᠲᠠᠭᠤᠯᠵᠤ ᠠᠮᠵᠢᠭᠰᠠᠨ ᠶᠤᠮ ᠳᠠ᠃
ᠡᠩ ᠦᠭᠡᠢ ᠲᠤᠩᠬᠤ ᠄ ᠠ!
ᠰᠠᠨᠠᠭ᠎ᠠ ᠴᠠᠰᠤᠬᠠᠨ ᠄ ᠲᠡᠭᠡᠭᠡᠳ ᠶᠠᠭᠠᠬᠢᠭᠰᠠᠨ?
ᠮᠥᠩᠬᠡ ᠄ ᠲᠡᠭᠡᠭᠡᠳ ᠪᠢ ᠰᠡᠯᠡᠮ᠎ᠡ ᠪᠡᠨ ᠰᠤᠭᠤᠯᠤᠨ ᠭᠠᠷᠭᠠᠵᠤ ᠢᠷᠡᠭᠡᠳ ᠠᠲᠠᠭᠠᠯᠵᠢᠨ ᠬᠠᠷ᠎ᠠ ᠮᠠᠩᠭᠤᠰ ᠤᠷᠤᠭᠤ ᠡᠷᠭᠢᠨ ᠳᠣᠪᠲᠣᠯᠤᠯ᠎ᠠ᠃
ᠲᠤᠩᠬᠤ ᠄ ᠵᠠ ᠡᠪ ᠦᠭᠡᠢ ᠮᠥᠩᠬᠡ ᠠ᠋ ᠂ᠴᠢ ᠪᠢᠳᠡᠨ ᠳ᠋ᠦ᠍ ᠴᠢᠯᠥᠭᠡ ᠴᠠᠭ ᠢ᠋ᠶ᠋ᠠᠷ ᠢ᠋ᠶ᠋ᠠᠨ ᠶᠠᠭᠤ ᠬᠢᠬᠦ ᠳᠤᠷᠠᠲᠠᠢ ᠪᠠᠨ ᠬᠡᠯᠡ ᠯᠡ ᠳᠡ ᠂ᠣᠩ
ᠡᠪ ᠦᠭᠡᠢ ᠮᠥᠩᠬᠡ ᠄ ᠪᠢ ᠤᠤ? ᠬᠡ ᠬᠠ ᠨᠠᠳᠠ ᠪᠠᠢᠬᠤ ᠦᠭᠡᠢ᠃
ᠪᠠᠰᠠᠷ ᠄ ᠵᠠ ᠪᠣᠯᠢ ᠳᠠ ᠂ᠬᠥᠮᠦᠨ ᠪᠣᠯᠭᠠᠨ ᠳ᠋ᠤ᠌ ᠬᠤᠤᠪᠸᠢ (ᠳᠤᠷ᠎ᠠ ᠪᠠᠬ᠎ᠠ)᠂ᠪᠠᠰᠠ ᠬᠢᠬᠦ ᠳᠤᠷᠠᠲᠠᠢ ᠶᠠᠭᠤᠮ᠎ᠠ ᠭᠡᠵᠦ ᠪᠠᠢᠭ᠎ᠠ ᠰᠢᠳᠡ᠃
ᠡᠪ ᠦᠭᠡᠢ ᠮᠥᠩᠬᠡ ᠄ ᠥᠩ ᠂ᠪᠢ ᠳᠡᠭᠡᠳᠦ ᠦᠯᠢᠭᠡᠷ ᠢ᠋ ᠯᠡ ᠬᠠᠢᠬᠤ ᠳᠤᠷᠠᠲᠠᠢ᠃
ᠴᠠᠰᠤᠬᠠᠨ ᠄ ᠪᠢᠳᠡ ᠨᠠᠷ ᠴᠢᠮ᠎ᠠ ᠳ᠋ᠤ᠌ ᠬᠠᠮᠤᠭ ᠤ᠋ᠨ ᠳᠤᠷᠠᠲᠠᠢ ᠵᠦᠢᠯ ᠦ᠋ᠳ ᠢ᠋ᠶ᠋ᠡᠨ ᠬᠡᠯᠡᠭᠰᠡᠨ ᠰᠢᠦ ᠳᠡ ᠂ᠪᠢᠳᠡᠨ ᠳ᠋ᠦ᠍ ᠬᠠᠮᠤᠭ ᠤ᠋ᠨ ᠡᠩ ᠦ᠋ᠨ ᠳᠤᠷᠠᠲᠠᠢ ᠵᠦᠢᠯ ᠡᠴᠡ ᠪᠡᠨ ᠴᠦ᠍ ᠭᠡᠰᠡᠨ ᠬᠤᠪᠢᠶᠠᠯᠴᠠᠭᠠᠴᠢ ᠂ ᠨᠠᠢᠵᠠ ᠨᠤᠭᠤᠳ ᠴᠢᠨᠢ ᠪᠡᠶ᠎ᠡ ᠪᠠᠶᠠᠨ ᠲᠠᠢ ᠪᠠᠨ ᠡᠨᠡ ᠵᠦᠢᠯᠡᠰ ᠦ᠋ᠨ ᠲᠠᠯ᠎ᠠ ᠪᠠᠷ ᠬᠤᠪᠢᠶᠠᠯᠴᠠᠬᠤ ᠬᠡᠷᠡᠭᠲᠡᠢ ᠪᠠᠢᠳᠠᠭ ᠶᠤᠮ ᠰᠢᠦ ᠳᠡ᠃
ᠡᠪ ᠬᠠᠮᠲᠤ ᠮᠥᠩᠬᠡ ᠄ᠨᠠᠢᠵᠠ ᠨᠤᠭᠤᠳ ᠠ᠋ ᠂ᠬᠡ ᠬᠠ ᠪᠢᠳᠡ ᠨᠠᠷ ᠨᠠᠢᠵᠠ ᠨᠤᠭᠤᠳ ᠪᠢᠯᠡ ᠤᠤ?
ᠲᠤᠩᠬᠤ ᠄ ᠳᠡᠭᠡᠯ ᠦᠭᠡᠢ ᠶᠠᠭᠠᠬᠢᠬᠤᠪ ᠳᠠ ᠂ ᠪᠢᠳᠡ ᠴᠢᠨᠢ ᠪᠠᠢᠩᠭᠤ ᠬᠠᠮᠲᠤ ᠪᠠᠢᠳᠠᠭ ᠪᠡᠶ᠎ᠡ ᠪᠠᠶᠠᠨ ᠳ᠋ᠤ᠌ ᠪᠠᠨ ᠲᠠᠩᠳᠠ ᠯᠠ ᠲᠤᠰᠠᠯᠠᠳᠠᠭ ᠂ ᠲᠡᠭᠡᠬᠦ ᠪᠡᠷ ᠪᠢᠳᠡ ᠨᠠᠷ ᠴᠢᠨᠢ ᠨᠠᠢᠵᠠ ᠨᠤᠭᠤᠳ ᠰᠢᠦ ᠳᠡ᠃
ᠡᠪ ᠦᠭᠡᠢ ᠮᠥᠩᠬᠡ ᠄ᠬᠡᠩ!
ᠮᠥᠩᠬᠡ ᠄ᠠᠲᠠᠭᠠᠯᠵᠢᠨ ᠬᠠᠷ᠎ᠠ ᠮᠠᠩᠭᠤᠰ ᠲᠡᠭᠡᠭᠰᠡᠨ ᠢ᠋ᠶ᠋ᠡᠨ ᠨᠠᠳᠠ ᠠ᠋ᠴᠠ ᠠᠮᠢ ᠭᠤᠶᠤᠨ ᠥᠭᠦᠯᠡᠪᠡ ᠂ᠮᠢᠨᠦ ᠠᠮᠢ ᠶ᠋ᠢ ᠬᠡᠯᠲᠦᠷᠢᠭᠦᠯᠪᠡᠯ ᠂ᠪᠢ ᠮᠥᠩᠬᠡ ᠶ᠋ᠢᠨ ᠡᠨᠧᠷᠭᠢ ᠶ᠋ᠢ ᠬᠠᠮᠢᠭ᠎ᠠ ᠠ᠋ᠴᠠ ᠠᠪᠴᠤ ᠪᠣᠯᠬᠤ ᠶ᠋ᠢ ᠬᠡᠯᠡᠶ᠎ᠡ ᠭᠡᠵᠦ ᠭᠤᠶᠤᠯ᠎ᠠ᠃ᠲᠡᠷᠡ ᠦᠶ᠎ᠡ ᠳ᠋ᠦ᠍ ᠮᠥᠩᠭᠥᠲᠡᠢ ᠪᠠᠭᠠᠲᠤᠷ ᠮᠢᠨᠦ ᠪᠡᠶ᠎ᠡ
ᠰᠠᠬᠢᠯᠭ᠎ᠠ ᠦᠭᠡᠢ ᠪᠠᠰᠠᠷ ᠄ ᠠ! ᠶᠠᠭᠤᠨ ᠮᠥᠩᠭᠥᠲᠡᠢ ᠪᠠᠭᠠᠲᠤᠷ ᠪᠢᠯᠡ?
ᠮᠥᠩᠬᠡ ᠄ ᠥ ᠦᠭᠡᠢ ᠂ ᠬᠡ ᠬᠠ ᠬᠠ ᠡᠪ ᠦᠭᠡᠢ ᠮᠥᠩᠬᠡ ᠪᠠᠭᠠᠲᠤᠷ ᠮᠢᠨᠦ ᠪᠡᠶ᠎ᠡ ᠡᠷᠡᠯᠬᠡᠭ ᠵᠣᠷᠢᠭ ᠤ᠋ᠨ ᠬᠦᠴᠦ ᠪᠡᠷ ᠰᠢᠨ᠎ᠡ ᠡᠨᠧᠷᠭᠢ ᠶ᠋ᠢᠨ ᠡᠬᠢ ᠡᠭᠦᠰᠪᠦᠷᠢ ᠶ᠋ᠢ ᠣᠯᠵᠤ ᠠᠪᠤᠭᠰᠠᠨ ᠶᠤᠮ ᠳᠠ᠃
ᠡᠩ ᠦᠭᠡᠢ ᠲᠤᠩᠬᠤ ᠄ᠶᠣᠰᠣᠲᠠᠢ ᠭᠠᠢᠬᠠᠯᠲᠠᠢ ᠵᠦᠢᠯ ᠣᠯᠵᠠᠢ᠃
ᠮᠥᠩᠬᠡ ᠄ᠠ ᠬᠠ᠃
ᠰᠠᠨᠠᠭ᠎ᠠ ᠴᠠᠰᠤᠬᠠᠨ ᠄ ᠪᠠᠭᠠᠲᠤᠷᠯᠢᠭ ᠵᠦᠢᠯ ᠪᠣᠯᠵᠠᠢ᠃
ᠮᠥᠩᠬᠡ ᠄ ᠠ ᠬᠠ᠃
ᠰᠠᠬᠢᠯᠭ᠎ᠠ ᠦᠭᠡᠢ ᠪᠠᠰᠠᠷ ᠄ ᠰᠢᠨ᠎ᠡ ᠡᠨᠧᠷᠭᠢ ᠶ᠋ᠢᠨ ᠡᠬᠢ ᠡᠭᠦᠰᠪᠦᠷᠢ ᠨᠢ ᠲᠡᠭᠡᠭᠡᠳ ᠬᠠᠮᠢᠭ᠎ᠠ ᠪᠠᠢᠨ᠎ᠠ?
ᠮᠥᠩᠬᠡ ᠄ᠦ ᠂ᠶᠠᠭᠠᠬᠢᠭᠰᠠᠨ ᠭᠡᠨ᠎ᠡ?
ᠰᠠᠬᠢᠯᠭ᠎ᠠ ᠦᠭᠡᠢ ᠪᠠᠰᠠᠷ ᠄ ᠣᠯᠵᠤ ᠠᠪᠤᠭᠰᠠᠨ ᠶᠤᠮ ᠳᠠ ᠭᠡᠳ ᠲᠡᠦᠬᠡ ᠲᠡᠭᠦᠰᠦᠭᠡ ᠂ᠦᠭᠡᠢ ᠪᠢᠯᠡ ᠤᠤ?ᠰᠢᠨ᠎ᠡ ᠡᠨᠧᠷᠭᠢ ᠶ᠋ᠢᠨ ᠡᠬᠢ ᠡᠭᠦᠰᠪᠦᠷᠢ ᠨᠢ ᠲᠡᠭᠡᠭᠡᠳ ᠬᠠᠮᠢᠭ᠎ᠠ ᠪᠠᠢᠨ᠎ᠠ?
ᠡᠩ ᠦᠭᠡᠢ ᠲᠤᠩᠬᠤ ᠄ ᠡᠪ ᠦᠭᠡᠢ ᠮᠥᠩᠬᠡ ᠪᠢᠳᠡᠨ ᠳ᠋ᠦ᠍ ᠭᠠᠷᠭᠠᠵᠤ ᠦᠵᠡᠭᠦᠯᠦᠭᠡᠴᠢ᠃
ᠮᠥᠩᠬᠡ ᠄ ᠠ ᠂ᠲᠡᠷᠡ ᠨᠥᠭᠦᠭᠡ ᠶᠠᠭᠤ ᠁
ᠰᠠᠨᠠᠭ᠎ᠠ ᠴᠠᠰᠤᠬᠠᠨ ᠄ᠡᠪ ᠮᠥᠩᠬᠡ ᠢᠩᠭᠢᠬᠦ ᠳ᠋ᠦ᠍ ᠬᠦᠴᠦᠲᠦ ᠬᠦᠯᠦᠭ ᠴᠢᠨᠢ ᠬᠠᠮᠢᠭ᠎ᠠ ᠪᠠᠢᠭ᠎ᠠ ᠶᠤᠮ ᠪᠣᠢ?
ᠡᠪ ᠦᠭᠡᠢ ᠮᠥᠩᠬᠡ ᠄ᠥᠩ ᠂ᠪᠢ ᠨᠥᠭᠦᠭᠡ ᠂ᠵᠠ ᠵᠠ ᠵᠠ ᠂ᠵᠠ ᠪᠣᠯᠢᠶ᠎ᠠ ᠪᠣᠯᠢᠶ᠎ᠠ᠃
ᠲᠤᠩᠬᠤ ᠄ᠵᠦᠭᠡᠷ ᠳᠡ ᠂ᠡᠪ ᠦᠭᠡᠢ ᠮᠥᠩᠬᠡ ᠠ᠋ ᠂ᠪᠢᠳᠡᠨ ᠳ᠋ᠦ᠍ ᠬᠡᠯᠡ ᠯᠡ ᠳᠡ᠃
ᠡᠪ ᠦᠭᠡᠢ ᠮᠥᠩᠬᠡ ᠄ ᠥᠩ ᠁ᠪᠢ ᠬᠥᠭᠡᠭᠡᠴᠡᠯᠳᠦᠵᠦ ᠂ ᠪᠢ ᠬᠥᠭᠡᠭᠡᠴᠡᠯᠳᠦᠵᠦ ᠲᠣᠭᠯᠠᠬᠤ ᠳᠤᠷᠠᠲᠠᠢ᠃
ᠲᠤᠩᠬᠤ ᠄ᠬᠥᠥᠭ ᠂ ᠴᠢᠨᠣ᠎ᠠ ᠲᠠᠤᠯᠠᠢ ᠭᠡᠳ ᠤᠤ?
ᠡᠩ ᠦᠭᠡᠢ ᠮᠥᠩᠬᠡ ᠄ ᠮᠤᠤᠷ ᠬᠤᠯᠤᠭᠠᠨ᠎ᠠ ᠴᠤ᠌ ᠶᠤᠮ ᠤᠤ?
ᠪᠠᠰᠠᠷ ᠄ ᠲᠤᠭ ᠪᠤᠯᠢᠶᠠᠯᠴᠠᠯᠳᠤᠬᠤ ᠴᠤ᠌ ᠶᠤᠮ ᠤᠤ?
ᠡᠪ ᠦᠭᠡᠢ ᠮᠥᠩᠬᠡ ᠄ᠡᠰᠡᠬᠦᠯ᠎ᠡ ᠪᠦᠷ ᠨᠢᠳᠦ ᠪᠡᠨ ᠪᠣᠭᠣᠵᠤ ᠬᠥᠭᠡᠭᠡᠴᠡᠯᠳᠦᠬᠦ ᠴᠦ᠍ ᠶᠦᠮ ᠤᠤ᠃
ᠴᠠᠰᠤᠬᠠᠨ ᠄ᠨᠢᠭᠤᠭᠳᠠᠵᠤ ᠲᠣᠭᠯᠠᠬᠤ ᠴᠤ᠌ ᠶᠤᠮ ᠤᠤ᠃
ᠡᠪ ᠦᠭᠡᠢ ᠮᠥᠩᠬᠡ ᠄ ᠠᠷᠪᠠ ᠶᠤᠮ ᠤᠤ ᠵᠠᠭᠤ ᠲᠣᠭᠠᠯᠠᠭᠠᠳ ᠬᠠᠢᠵᠤ ᠣᠯᠤᠭᠠᠳ ᠂ᠪᠤᠴᠠᠭᠠᠳ ᠬᠥᠭᠡᠭᠡᠴᠡᠯᠳᠦᠬᠦ ᠠᠶ᠎ᠠ ᠦᠭᠡᠢ ᠭᠣᠶᠣ ᠂ᠲᠡᠢᠮᠦ᠃
ᠲᠤᠩᠬᠤ ᠄ᠲᠡᠢᠮᠦ ᠰᠢᠦ ᠂ᠭᠣᠶᠣ ᠲᠡᠢᠮᠦ᠃
ᠡᠪ ᠦᠭᠡᠢ ᠮᠥᠩᠬᠡ ᠄ ᠬᠡ ᠬᠠ ᠁ᠪᠢ ᠪᠦᠷ ᠬᠠᠮᠤᠭ ᠬᠤᠷᠳᠤᠨ ᠢ᠋ᠶ᠋ᠠᠷ ᠢ᠋ᠶ᠋ᠠᠨ ᠭᠦᠶᠦᠭᠡᠳ ᠯᠡ ᠶᠣᠰᠣᠲᠠᠢ ᠭᠣᠶᠣ ᠰᠢᠦ ᠂ᠪᠢ ᠨᠡᠭᠡᠷᠡᠨ ᠲᠠ ᠨᠠᠷ ᠲᠤ᠌ ᠦᠨᠡᠨ ᠡᠭᠦᠨ ᠦ᠌ ᠪᠡᠨ ᠲᠠᠯ᠎ᠠ ᠪᠠᠷ ᠶᠡᠷᠦ ᠡᠴᠡ ᠪᠡᠨ ᠶᠠᠷᠢᠯᠴᠠᠵᠤ ᠪᠠᠢᠭ᠎ᠠ ᠦᠭᠡᠢ ᠶᠦ᠍ᠮ ᠪᠠᠢᠨ᠎ᠠ ᠰᠢᠲᠠ᠃ ᠶᠠᠭᠤᠨ ᠳ᠋ᠤ᠌ ᠳᠤᠷᠠᠲᠠᠢ᠂ ᠶᠠᠮᠠᠷ ᠬᠤᠤᠪᠸᠢ (ᠳᠤᠷ᠎ᠠ ᠪᠠᠬ᠎ᠠ) ᠲᠠᠢ ᠪᠣᠢ ᠭᠡᠳ ᠯᠡ ᠂ᠵᠥᠩᠳᠡᠭᠡᠨ ᠵᠦᠢᠯᠡᠰ ᠦ᠋ᠨ ᠲᠠᠯ᠎ᠠ ᠪᠠᠷ ᠶᠠᠷᠢᠯᠴᠠᠵᠤ ᠪᠠᠢᠭ᠎ᠠ ᠦᠭᠡᠢ ᠶᠦ᠍ᠮ ᠪᠠᠢᠨ᠎ᠠ ᠰᠢᠳᠡ᠃ᠶᠡᠷᠦ ᠨᠢ ᠶᠡᠬᠡ ᠭᠣᠶᠣ ᠪᠠᠢᠳᠠᠭ ᠶᠤᠮ ᠪᠠᠢᠨ᠎ᠠ ᠰᠢᠦ᠃
ᠮᠥᠩᠬᠡ ᠄ ᠠ ᠂ᠮᠠᠨ ᠤ᠋ ᠬᠢᠨ ᠠ᠋ ᠂ᠪᠠᠷᠢᠭᠳᠠᠭᠰᠠᠨ ᠰᠢᠦ ᠵᠢᠭᠤᠲᠠᠭᠠᠷᠠᠢ!
ᠡᠪ ᠦᠭᠡᠢ ᠮᠥᠩᠬᠡ ᠄ᠠ⁈
ᠡᠩ ᠦᠭᠡᠢ ᠲᠤᠩᠬᠤ ᠄ ᠡᠪ ᠦᠭᠡᠢ ᠮᠥᠩᠬᠡ ᠠ᠋ ᠂ᠡᠳᠡ ᠨᠠᠷ ᠵᠢᠩᠬᠢᠨᠢ ᠮᠥᠩᠬᠡ ᠲᠤᠩᠬᠤ ᠪᠠᠢᠨ᠎ᠠ ᠰᠢᠦ᠃
ᠡᠪ ᠦᠭᠡᠢ ᠮᠥᠩᠬᠡ ᠄ᠠ ᠂ᠲᠡᠢᠮᠦ ᠪᠠᠢᠭᠰᠠᠨ ᠶᠤᠮ ᠪᠠᠢᠨ᠎ᠠ ᠪᠣᠢ ᠂ᠨᠠᠮ᠎ᠠ ᠶ᠋ᠢ ᠬᠠᠭᠤᠷᠴᠤ ᠪᠠᠢᠵᠠᠢ᠃
ᠲᠤᠩᠬᠤ ᠄ᠦᠭᠡᠢ ᠳᠡ ᠂ᠡᠪ ᠦᠭᠡᠢ ᠮᠥᠩᠬᠡ ᠮᠢᠨᠢ ᠂ᠪᠢᠳᠡ ᠦᠨᠡᠬᠡᠷ ᠳᠤᠷᠠᠲᠠᠢ ᠵᠦᠢᠯᠡᠰ ᠦ᠋ᠨ ᠢ᠋ᠶ᠋ᠡᠨ ᠲᠠᠯ᠎ᠠ ᠪᠠᠷ ᠴᠢᠩ ᠰᠡᠳᠬᠢᠯ ᠡᠴᠡ ᠪᠡᠨ ᠶᠠᠷᠢᠵᠠᠭᠠᠵᠤ ᠪᠠᠢᠭᠰᠠᠨ ᠶᠤᠮ ᠰᠢᠦ ᠳᠡ᠃
ᠡᠪ ᠦᠭᠡᠢ ᠮᠥᠩᠬᠡ ᠄ ᠨᠠᠳᠠ ᠠ᠋ᠴᠠ ᠨᠢᠭᠤᠴᠠ ᠮᠡᠳᠡᠭᠡᠯᠡᠯ ᠠᠪᠬᠤ ᠭᠡᠰᠡᠨ ᠯᠡ ᠵᠠᠯᠢ ᠪᠠᠢᠭᠰᠠᠨ ᠶᠤᠮ ᠪᠠᠢᠨ᠎ᠠ ᠰᠢᠦ ᠳᠡ᠃
ᠰᠠᠬᠢᠯᠭ᠎ᠠ ᠦᠭᠡᠢ ᠪᠠᠰᠠᠷ ᠄ ᠵᠠ ᠢᠩᠭᠢᠭᠡᠳ ᠠᠮᠠᠨ ᠳ᠋ᠤ᠌ ᠣᠷᠣᠭᠠᠳ ᠢᠷᠡᠭᠰᠡᠨ ᠰᠢᠷ᠎ᠠ ᠲᠣᠰᠣ ᠶ᠋ᠢ ᠶᠠᠭᠠᠬᠢᠵᠤ ᠬᠡᠯᠡ ᠪᠡᠷ ᠢ᠋ᠶ᠋ᠡᠨ ᠲᠦᠯᠬᠢᠬᠦᠪ ᠂ ᠪᠠᠷᠢᠭᠳᠠᠵᠠᠢ ᠳᠠ ᠂ ᠬᠡ ᠬᠠ ᠬᠠ ᠁
ᠡᠪ ᠦᠭᠡᠢ ᠮᠥᠩᠬᠡ ᠄ ᠶᠠᠭ ᠠᠷᠭᠠᠨ ᠳ᠋ᠤ᠌ ᠨᠢ ᠣᠷᠣᠬᠤ ᠭᠡᠵᠦ ᠪᠠᠢᠭᠰᠠᠨ ᠶᠤᠮ ᠪᠠᠢᠨ᠎ᠠ ᠰᠢᠦ᠃
ᠪᠠᠰᠠᠷ ᠄ᠦᠭᠡᠢ ᠂ᠮᠥᠩᠬᠡ ᠪᠢᠳᠡ ᠨᠠᠷ ᠰᠠᠶᠢ ᠶᠠᠭ ᠰᠡᠳᠬᠢᠯ ᠡᠴᠡ ᠪᠠᠨ ᠯᠠ ᠶᠠᠷᠢᠯᠴᠠᠭᠰᠠᠨ ᠰᠢᠲᠠ᠃
ᠴᠠᠰᠤᠬᠠᠨ ᠄ ᠶᠠᠭ ᠲᠡᠢᠮᠦ ᠂ᠪᠢᠳᠡ ᠳᠣᠲᠣᠨᠣ ᠨᠠᠢᠵᠠ ᠪᠠᠢᠵᠤ ᠪᠣᠯᠬᠤ ᠶ᠋ᠢ ᠴᠢ ᠴᠦ᠍ ᠭᠡᠰᠡᠨ ᠬᠠᠷᠠᠯ᠎ᠠ ᠰᠢᠦ ᠳᠡ᠃
ᠡᠪ ᠦᠭᠡᠢ ᠮᠥᠩᠬᠡ ᠄ᠢᠩᠭᠢᠵᠦ ᠴᠦ᠍ ᠬᠠᠭᠤᠷᠴᠤ ᠨᠠᠢᠵᠠᠯᠠᠳᠠᠭ ᠦᠭᠡᠢ ᠪᠠᠢᠬ᠎ᠠ᠃ᠠᠯᠢᠪ ᠂ᠰᠠᠬᠢᠯᠭ᠎ᠠ ᠦᠭᠡᠢ ᠪᠠᠰᠠᠷ ᠠ᠋ ᠂ᠪᠡᠯᠡᠳᠦᠭᠡᠷᠡᠢ᠃
ᠰᠠᠬᠢᠯᠭ᠎ᠠ ᠦᠭᠡᠢ ᠪᠠᠰᠠᠷ ᠄ OK
ᠳ᠋ᠤᠷᠤᠷᠠᠨ ᠄ᠨᠠᠢᠵᠠ ᠨᠤᠭᠤᠳ ᠠ᠋ ᠂ᠪᠢ ᠠᠷᠸ᠎ᠠ ᠠᠬ᠎ᠠ ᠶ᠋ᠢᠨ ᠮᠠᠯᠠᠭᠠᠢ ᠶ᠋ᠢ ᠣᠯᠴᠢᠬᠠᠯ᠎ᠠ ᠂ ᠲᠠᠯ᠎ᠠ ᠳ᠋ᠤ᠌ ᠵᠣᠭᠰᠣᠭᠠᠷᠠᠢ!
ᠰᠠᠬᠢᠯᠭ᠎ᠠ ᠦᠭᠡᠢ ᠪᠠᠰᠠᠷ ᠄ ᠵᠠ ᠲᠤᠭᠤᠷᠳᠠᠬᠤ ᠠ᠋ᠴᠠ ᠨᠢ ᠡᠮᠦᠨ᠎ᠡ ᠯᠠᠢᠰᠸᠷᠳᠡᠴᠢᠬᠡᠶᠡ᠃
ᠡᠪ ᠦᠭᠡᠢ ᠮᠥᠩᠬᠡ ᠄ ᠪᠠᠢᠵᠤ ᠪᠠᠢ!ᠡᠳᠡᠨ ᠢ᠋ ᠢᠩᠭᠢᠭᠡᠳ ᠤᠰᠠᠳᠬᠠᠴᠢᠬᠠᠪᠠᠯ ᠂ᠳᠡᠭᠡᠳᠦ ᠦᠯᠢᠭᠡᠷ ᠢ᠋ ᠬᠠᠢᠬᠤ ᠳ᠋ᠤ᠌ ᠥᠷᠢᠰᠦᠯᠳᠦᠭᠴᠢ ᠦᠭᠡᠢ ᠪᠣᠯᠴᠢᠬᠠᠨ᠎ᠠ ᠂ᠤᠷᠤᠯᠳᠤᠭᠠᠨ ᠠᠮᠲᠠ ᠦᠭᠡᠢ ᠪᠣᠯᠴᠢᠬᠠᠨ᠎ᠠ ᠭᠡᠰᠡᠨ ᠦᠭᠡ ᠰᠢᠦ ᠳᠡ ᠂ᠳᠠᠷᠠᠭ᠎ᠠ ᠰᠢᠳᠤᠷᠭᠤ ᠪᠠᠷ ᠲᠤᠯᠤᠨ᠎ᠠ ᠭᠡᠵᠦ ᠢᠲᠡᠭᠡᠵᠦ ᠪᠠᠢᠨ᠎ᠠ ᠂ I jost any ghosts (ᠬᠡᠳᠦᠢ ᠴᠢᠳᠬᠥᠷ ᠦ᠋ᠨ ᠤᠬᠠᠭᠠᠨ ᠭᠠᠷᠭᠠᠭᠰᠠᠨ ᠴᠤ᠌ ᠲᠤᠯᠲᠠᠯ᠎ᠠ ᠨᠢ ᠲᠡᠮᠡᠴᠡᠨ᠎ᠡ)᠃ ᠢᠩᠭᠢᠬᠦ ᠳ᠋ᠦ᠍ ᠲᠠ ᠨᠠᠷ ᠴᠢᠯᠥᠭᠡ ᠵᠠᠪ ᠢ᠋ᠶ᠋ᠠᠷ ᠢ᠋ᠶ᠋ᠠᠨ ᠶᠠᠭᠤ ᠬᠢᠬᠦ ᠳᠤᠷᠠᠲᠠᠢ ᠪᠣᠢ?
ᠠᠷᠸ᠎ᠠ ᠄ᠵᠠ ᠳᠡᠭᠦᠦ ᠨᠠᠷ ᠮᠢᠨᠢ ᠵᠦᠭᠡᠷ ᠤᠤ?ᠪᠢ ᠪᠦᠷ ᠨᠢ ᠶᠠᠭᠤᠨ ᠠ᠋ᠴᠠ ᠪᠣᠯᠤᠭᠠᠳ ᠶᠠᠪᠤᠴᠢᠬᠠᠭᠰᠠᠨ ᠶᠤᠮ ᠪᠣᠯ ᠭᠡᠳ ᠠᠰᠠᠭᠤᠳᠠᠯ ᠢ᠋ ᠬᠠᠢᠭᠠᠳ ᠯᠠ ᠰᠠᠭᠤᠵᠤ ᠪᠠᠢᠯ᠎ᠠ᠃
ᠮᠥᠩᠬᠡ ᠄ ᠶᠣ ᠂ᠠᠷᠸ᠎ᠠ ᠠᠬ᠎ᠠ ᠠ᠋ ᠂ᠮᠠᠨ ᠤ᠋ ᠨᠥᠭᠦᠭᠡ ᠳᠥᠷᠪᠡ ᠴᠢᠨᠢ ᠪᠦᠷ ᠶᠠᠭ ᠂ᠪᠦᠷ ᠶᠠᠭ ᠡᠨᠡ ᠯᠠᠪᠠᠷᠲ᠋ᠤᠷ ᠰᠢᠭ᠋ ᠂ᠪᠦᠷ ᠶᠠᠭ ᠲᠠᠢ ᠨᠢᠭᠡ ᠭᠡᠷ ᠲᠡᠢ ᠪᠠᠢᠭᠰᠠᠨ ᠭᠡᠵᠦ ᠪᠣᠳᠣ ᠳᠠ᠃
ᠠᠷᠸ᠎ᠠ ᠄ᠬᠥᠥᠭ ᠂ᠪᠦᠷ ᠲᠡᠢᠮᠦ ᠪᠠᠢᠨ᠎ᠠ ᠤᠤ?
ᠲᠤᠩᠬᠤ ᠄ᠮᠠᠨ ᠤ᠋ ᠪᠠᠰᠠᠷ ᠲᠠᠨ ᠤ᠋ ᠡᠮᠦᠨ᠎ᠡ ᠨᠢ ᠪᠦᠲᠦᠭᠡᠵᠦ ᠪᠠᠢᠭᠰᠠᠨ ᠮᠠᠯᠠᠭᠠᠢ ᠪᠠᠷ ᠲᠣᠭᠯᠠᠵᠤ ᠪᠠᠢᠭᠠᠳ᠂ ᠰᠠᠨᠠᠮᠰᠠᠷ ᠦᠭᠡᠢ ᠲᠠᠢᠰᠢ ᠪᠠᠨ ᠪᠤᠷᠤᠯᠳᠠᠴᠢᠬᠠᠯᠠ᠃
ᠠᠷᠸ᠎ᠠ ᠄ ᠰᠣᠨᠢᠨ ᠶᠠᠭᠤᠮ᠎ᠠ ᠪᠣᠯᠵᠠᠢ ᠂ᠲᠠ ᠨᠠᠷ ᠮᠢᠨᠢ ᠲᠡᠭᠡᠭᠡᠳ ᠵᠦᠭᠡᠷ ᠤᠤ?
ᠮᠥᠩᠬᠡ ᠄ᠵᠦᠭᠡᠷ ᠠ᠋ ᠂ᠪᠢ ᠪᠦᠷ ᠰᠢᠨ᠎ᠡComment (ᠰᠡᠳᠬᠢᠭᠰᠡᠨ ᠪᠢᠴᠢᠯᠭᠡ)ᠰᠢᠭᠤᠳ ᠵᠣᠬᠢᠶᠠᠭᠠᠳ ᠪᠠᠢᠭᠰᠠᠨ ᠭᠡᠳ ᠪᠣᠳᠣ ᠳᠠ᠃ᠨᠠᠮ᠎ᠠ ᠶ᠋ᠢ ᠡᠪ ᠦᠭᠡᠢ ᠮᠥᠩᠬᠡ ᠲᠡᠢ ᠠᠨᠳᠠᠭᠤᠷᠠᠭᠠᠳ᠃
ᠠᠷᠸ᠎ᠠ ᠄ ᠬᠥᠥᠭ⁈
ᠲᠤᠩᠬᠤ ᠄ ᠭᠡᠬᠦ ᠳ᠋ᠦ᠍ ᠪᠡᠨ ᠨᠢᠭᠡ ᠵᠦᠢᠯ ᠠᠵᠢᠭᠯᠠᠭᠳᠠᠭᠰᠠᠨ ᠰᠢᠦ᠃
ᠠᠷᠸ᠎ᠠ ᠄ ᠵᠠ ᠂ᠶᠠᠭᠤ ᠠᠵᠢᠭᠯᠠᠭᠳᠠᠪᠠ?
ᠲᠤᠩᠬᠤ ᠄ ᠪᠢᠳᠡ ᠡᠪ ᠦᠭᠡᠢ ᠮᠥᠩᠬᠡ ᠲᠡᠢ ᠬᠤᠤᠪᠸᠢ (ᠳᠤᠷ᠎ᠠ ᠪᠠᠬ᠎ᠠ) ᠶ᠋ᠢᠨ ᠢ᠋ᠶ᠋ᠡᠨ ᠲᠤᠬᠠᠢ ᠬᠤᠪᠢᠶᠠᠯᠴᠠᠭᠠᠳ ᠂ᠪᠦᠷ ᠨᠠᠢᠵᠠ ᠨᠤᠭᠤᠳ ᠰᠢᠭ᠋ ᠢᠨᠢᠶᠡᠯᠳᠦᠭᠡᠳ ᠂ᠶᠠᠭᠤᠮ᠎ᠠ ᠶᠠᠷᠢᠵᠠᠭᠠᠭᠰᠠᠨ ᠭᠡᠵᠦ ᠪᠣᠳᠣ ᠳᠠ᠃
ᠮᠥᠩᠬᠡ ᠄ ᠬᠥᠥᠭ ᠂ᠲᠡᠭᠡᠭᠰᠡᠨ ᠶᠦ᠍ᠮ ᠤᠤ? ᠶᠠᠮᠠᠷ ᠰᠣᠨᠢᠨ ᠶᠤᠮ ᠪᠣᠢ?
ᠲᠤᠩᠬᠤ ᠄ ᠬᠠᠷᠢᠨ ᠳᠠ ᠂ᠶᠠᠭ ᠯᠠ ᠪᠢᠳᠡ ᠨᠠᠷ ᠰᠢᠭ᠋ ᠬᠠᠮᠲᠤ ᠳ᠋ᠤ᠌ ᠪᠠᠨ ᠲᠣᠭᠯᠠᠵᠤ ᠨᠠᠭᠠᠳᠬᠤ ᠳᠤᠷᠠᠲᠠᠢ ᠶᠤᠮ ᠪᠢᠯᠡ᠃
ᠠᠷᠸ᠎ᠠ ᠄ᠸᠠ ᠧᠦ ᠂ᠶᠣᠰᠣᠲᠠᠢ ᠭᠠᠢᠬᠠᠯᠲᠠᠢ ᠠᠶᠠᠯᠠᠯ ᠪᠣᠯᠵᠠᠢ᠃
ᠲᠤᠩᠬᠤ ᠄ ᠬᠠᠷᠢᠨ ᠳᠠ ᠂ᠲᠡᠳᠡ ᠨᠠᠷ ᠤ᠋ᠨ ᠲᠠᠯ᠎ᠠ ᠪᠠᠷ ᠢᠯᠡᠭᠦᠦ ᠶᠡᠬᠡ ᠮᠡᠳᠡᠵᠦ ᠠᠪᠤᠯ᠎ᠠ ᠰᠢᠦ ᠪᠦᠷ ᠂ᠬᠢ ᠬᠢ ᠬᠢ
ᠮᠥᠩᠬᠡ ᠄ ᠲᠡᠢᠮᠦ ᠪᠠᠢᠨ᠎ᠠ ᠰᠢᠦ ᠂ᠠ ᠬᠠ ᠬᠠ ᠁ ᠧᠦ ᠶᠧ ᠬᠠᠮᠲᠤ ᠪᠠᠷ ᠲᠣᠭᠯᠠᠬᠤ ᠬᠥᠭᠡᠷᠦᠬᠦᠨ ᠬᠡᠦᠬᠡᠳ ᠦ᠋ᠳ ᠴᠦ᠍ ᠪᠠᠢᠨ᠎ᠠ᠃
ᠲᠤᠩᠬᠤ ᠄ ᠠᠲᠠᠭᠠᠯᠵᠢᠨ ᠬᠠᠷ᠎ᠠ ᠮᠠᠩᠭᠤᠰ ᠤ᠋ᠨ ᠠᠮᠠᠨ ᠠ᠋ᠴᠠ ᠬᠡᠷᠬᠢᠨ ᠶᠠᠭᠠᠬᠢᠵᠤ ᠮᠤᠯᠲᠤᠷᠠᠨ ᠭᠠᠷᠴᠤ ᠴᠢᠳᠠᠬᠤ ᠶ᠋ᠢ
ᠠᠷᠸ᠎ᠠ ᠄ᠮᠠᠨ ᠤ᠋ ᠬᠥᠭᠡᠷᠦᠬᠦᠨ ᠰᠦᠫᠸᠷ ᠬᠦᠴᠦᠲᠡᠢ ᠬᠡᠦᠬᠡᠳ ᠦ᠋ᠳ ᠬᠠᠢᠵᠤ ᠣᠯᠤᠨ᠎ᠠ᠃
ᠮᠠᠨ ᠤ᠋ ᠲᠠᠪᠤᠳᠤᠭᠠᠷ ᠤᠯᠠᠷᠢᠯ ᠡᠢᠨ ᠬᠦ᠌ ᠳᠠᠭᠤᠰᠤᠯ᠎ᠠ ᠂ᠲᠠᠪᠢᠨ ᠠᠩᠭᠢ ᠶ᠋ᠢᠨ ᠲᠤᠷᠰᠢ ᠬᠠᠮᠲᠤ ᠪᠠᠢᠭᠰᠠᠨ ᠲᠠ ᠪᠦᠬᠦᠨ ᠳ᠋ᠦ᠍ ᠪᠡᠨ ᠦᠨᠡᠬᠡᠷ ᠶᠡᠬᠡ ᠪᠠᠶᠠᠷᠯᠠᠯ᠎ᠠ᠃ᠵᠢᠷᠭᠤᠳᠤᠭᠠᠷ ᠤᠯᠠᠷᠢᠯ ᠢ᠋ᠶ᠋ᠠᠷ ᠤᠳᠠᠬᠤ ᠦᠭᠡᠢ ᠠᠭᠤᠯᠵᠠᠲᠠᠯ᠎ᠠ ᠪᠠᠨ ᠲᠦᠷ ᠪᠠᠶᠠᠷᠲᠠᠢ! ᠮᠤᠨᠳᠠᠭ ᠬᠡᠦᠬᠡᠳ ᠪᠠᠢᠭᠠᠷᠠᠢ!
ᠰᠫᠣᠷᠲ ᠮᠠᠽᠠ
ᠮᠠᠽᠠ ᠄ ᠲᠡᠭᠡᠭᠰᠡᠨ ᠴᠢᠨᠢ ᠮᠠᠨ ᠤ᠋ ᠨᠠᠢᠵᠠ ᠪᠣᠯᠢ ᠯᠠ ᠳᠠ ᠪᠠᠲᠤ ᠠ᠋ ᠂ᠨᠢᠭᠡ ᠠᠩᠭᠢ ᠶ᠋ᠢᠨ ᠬᠡᠦᠬᠡᠳ ᠦ᠋ᠳ ᠶᠦ᠍ᠮ ᠪᠠᠢᠵᠤ ᠪᠢᠲᠡᠭᠡᠢ ᠡᠢᠮᠦ ᠮᠠᠭᠤᠬᠠᠢ ᠠᠭᠠᠰᠢ ᠭᠠᠷᠭᠠᠭᠠᠳ ᠪᠠᠢ ᠭᠡᠰᠡᠨ ᠴᠢᠨᠢ ᠪᠠᠲᠤ ᠪᠢ ᠵᠢᠭᠠᠬᠠᠨ ᠠᠭᠤᠷᠲᠠᠢ ᠪᠠᠢᠭᠰᠠᠨ ᠪᠣᠯᠬᠣᠷ ᠮᠠᠭᠤᠬᠠᠢ ᠠᠭᠠᠰᠢ ᠭᠠᠷᠭᠠᠴᠢᠬᠠᠯ᠎ᠠ ᠂ᠠᠭᠤᠴᠢᠯᠠᠭᠠᠷᠠᠢ ᠪᠢᠯᠢᠭᠦᠨ ᠠ᠋ ᠭᠡᠳ ᠯᠡ ᠰᠠᠢᠨᠳᠠᠵᠤ ᠪᠠᠢᠭ᠎ᠠ ᠶᠤᠮ ᠴᠢᠨᠢ᠃
ᠮᠥᠩᠬᠡ ᠄ ᠬᠥᠥᠭ ᠂ ᠲᠠᠨ ᠤ᠋ ᠨᠠᠢᠵᠠ ᠪᠢᠯᠢᠭᠦᠨ ᠦ᠌ ᠴᠢᠨᠢ ᠮᠤᠨᠳᠠᠭ ᠬᠡᠯᠡᠭᠰᠡᠨ ᠪᠠᠢᠨ᠎ᠠ ᠰᠢᠦ᠃
ᠮᠠᠽᠠ ᠄ ᠬᠠᠷᠢᠨ ᠳᠠ ᠂ᠪᠢ ᠪᠦᠷ ᠬᠣᠶᠠᠭᠤᠯᠠ ᠪᠠᠷ ᠨᠢ ᠠᠶᠠᠭᠦᠢ ᠶᠡᠬᠡ ᠮᠠᠭᠲᠠᠭᠰᠠᠨ ᠠ᠋᠃
ᠲᠤᠩᠬᠤ ᠄ ᠲᠡᠢᠮᠦ ᠪᠠᠢᠨ᠎ᠠ ᠰᠢᠦ ᠂ᠶᠣᠰᠣᠲᠠᠢ ᠮᠤᠨᠳᠠᠭ ᠪᠠᠢᠨ᠎ᠠ᠃
ᠮᠥᠩᠬᠡ ᠄ ᠮᠠᠨ ᠤ᠋ ᠰᠤᠷᠭᠠᠭᠤᠯᠢ ᠳ᠋ᠤ᠌ ᠪᠠᠰᠠ ᠵᠢᠭᠠᠬᠠᠨ ᠳᠡᠭᠡᠷᠡᠯᠬᠡᠦ ᠬᠡᠦᠬᠡᠳ ᠦ᠋ᠳ ᠪᠠᠢᠭᠠᠳ ᠯᠠ ᠪᠠᠢᠳᠠᠭ᠃
ᠮᠠᠽᠠ ᠄ ᠴᠢ ᠲᠡᠭᠡᠭᠡᠳ ᠶᠠᠭᠤ ᠭᠡᠵᠦ ᠬᠡᠯᠡᠳᠡᠭ ᠪᠣᠢ?
ᠮᠥᠩᠬᠡ ᠄ᠳᠡᠭᠡᠷᠡᠯᠬᠡᠦ ᠬᠡᠦᠬᠡᠳ ᠦ᠋ᠳ ᠪᠠᠢᠨ᠎ᠠ ᠳᠠ ᠭᠡᠳ ᠪᠣᠳᠣᠭᠠᠳ ᠯᠠ ᠥᠩᠭᠡᠷᠡᠳᠡᠭ ᠳᠡ᠃
ᠮᠠᠽᠠ ᠄ ᠲᠠ ᠨᠠᠷ ᠪᠣᠯᠢ ᠯᠠ ᠳᠠ ᠭᠡᠳ ᠬᠡᠯᠡᠵᠦ ᠦᠵᠡᠭᠰᠡᠨ ᠤᠤ?
ᠮᠥᠩᠬᠡ ᠄ ᠳᠣᠲᠣᠷ᠎ᠠ ᠪᠠᠨ ᠵᠥᠩᠳᠡᠭᠡᠨ ᠬᠡᠯᠡᠵᠦ ᠦᠵᠡᠭᠰᠡᠨ ᠠ᠋ ᠂ᠬᠡ ᠬᠡ ᠬᠡ᠃
ᠮᠠᠽᠠ ᠄ᠬᠡᠦᠬᠡᠳ ᠳᠡᠭᠡᠷᠡᠯᠬᠡᠵᠦ ᠪᠠᠢᠭ᠎ᠠ ᠶ᠋ᠢ ᠬᠠᠷᠠᠪᠠᠯ ᠬᠡᠯᠡᠬᠦ ᠶ᠋ᠢ ᠪᠣᠳᠣᠵᠤ ᠪᠠᠢᠭᠠᠷᠠᠢ!
ᠮᠥᠩᠬᠡ ᠄ ᠠᠢ ᠂ᠪᠠᠰᠠ ᠯᠠ ᠵᠣᠷᠢᠭ ᠱᠠᠭᠠᠷᠳᠠᠨ᠎ᠠ ᠰᠢᠦ ᠳᠡ᠃
ᠮᠠᠽᠠ ᠄ᠴᠢ ᠴᠢᠨᠢ ᠡᠢᠮᠦ ᠮᠤᠨᠳᠠᠭ ᠪᠠᠢᠩᠭᠤ ᠦᠯᠢᠭᠡᠷ ᠢ᠋ᠶ᠋ᠡᠷ ᠠᠶᠠᠯᠠᠳᠠᠭ ᠵᠣᠷᠢᠭᠲᠠᠢ ᠬᠡᠦᠬᠡᠳ ᠶᠦ᠍ᠮ ᠪᠠᠢᠵᠤ ᠬᠡᠯᠡᠵᠦ ᠴᠢᠳᠠᠯ ᠦᠭᠡᠢ ᠶᠠᠭᠠᠬᠢᠬᠤᠪ᠃
ᠮᠥᠩᠬᠡ ᠄ ᠶᠠᠭ ᠣᠴᠢᠭᠠᠳ ᠬᠡᠯᠡᠬᠦ ᠭᠡᠬᠦ ᠪᠡᠷ ᠶᠡᠷᠦ ᠳ᠋ᠦ᠍ ᠡᠴᠡ ᠪᠡᠨ ᠪᠣᠯᠵᠤ ᠥᠭᠳᠡᠭ ᠦᠭᠡᠢ ᠶᠦᠮ ᠠ᠋ ᠂ᠤᠭ ᠨᠢ ᠥᠪᠡᠷᠰᠡᠳ ᠢ᠋ᠶ᠋ᠡᠨ ᠯᠡ ᠤᠬᠠᠭᠠᠷᠠᠵᠤ ᠣᠢᠯᠠᠭᠠᠮᠠᠷ ᠶᠤᠮ᠃
ᠲᠤᠩᠬᠤ ᠄ ᠭᠡᠬᠦ ᠳ᠋ᠦ᠍ ᠪᠡᠨ ᠬᠡᠯᠡᠬᠦ ᠨᠢ ᠵᠥᠪ ᠰᠢᠦ ᠳᠡ ᠂ᠬᠠᠮᠲᠤ ᠣᠯᠠᠨ ᠳᠤᠮᠳᠠ ᠳᠡᠭᠡᠷᠡᠯᠬᠡᠦ ᠪᠤᠷᠤᠭᠤ ᠵᠦᠢᠯ ᠤᠷᠤᠭᠤ ᠲᠠᠲᠠᠳᠠᠭ ᠬᠡᠦᠬᠡᠳ ᠦ᠋ᠳ ᠪᠠᠢᠳᠠᠭ ᠰᠢᠦ ᠳᠡ ᠂ᠲᠡᠳᠡᠨ ᠳ᠋ᠦ᠍ ᠪᠡᠨ ᠪᠠᠢᠩᠭᠤ ᠬᠡᠯᠡᠵᠦ ᠣᠢᠯᠠᠭᠠᠭᠤᠯᠬᠤ ᠬᠡᠷᠡᠭᠲᠡᠢ ᠭᠡᠵᠦ ᠪᠣᠳᠣᠳᠠᠭ ᠠ᠋᠃
ᠮᠠᠽᠠ ᠄ ᠶᠠᠭ ᠵᠥᠪ ᠂ᠲᠡᠭᠡᠵᠦ ᠪᠠᠢᠵᠤ ᠣᠢᠯᠠᠭᠠᠨ᠎ᠠ ᠰᠢᠦ ᠳᠡ᠃
ᠪᠠᠰᠠᠷ ᠄ ᠠᠭᠤᠴᠢᠯᠠᠭᠠᠷᠠᠢ ᠂ᠪᠢ ᠰᠠᠨᠠᠯ ᠨᠡᠮᠡᠵᠦ ᠪᠣᠯᠬᠤ ᠤᠤ?
ᠮᠠᠽᠠ ᠄ ᠥ ᠵᠠ ᠂ᠪᠠᠰᠠᠷ ᠠ᠋ ᠂ᠴᠢ ᠶᠠᠭᠤ ᠭᠡᠵᠦ ᠪᠣᠳᠣᠵᠤ ᠪᠠᠢᠨ᠎ᠠ᠃
ᠪᠠᠰᠠᠷ ᠄ ᠵᠠ! ᠮᠠᠨ ᠤ᠋ ᠮᠥᠩᠬᠡ ᠲᠤᠩᠬᠤ ᠪᠣᠯᠤᠨ ᠰᠫᠣᠷᠲ ᠮᠠᠽᠠ ᠶ᠋ᠢᠨ ᠵᠥᠪᠯᠡᠯᠭᠡ ᠶ᠋ᠢ ᠦᠵᠡᠵᠦ ᠪᠠᠢᠭ᠎ᠠ ᠨᠠᠢᠵᠠ ᠨᠤᠭᠤᠳ ᠠ᠋ᠴᠠ ᠪᠠᠨ ᠨᠢᠭᠡ ᠵᠦᠢᠯ ᠠᠰᠠᠭᠤᠶ᠎ᠠ᠃ᠨᠠᠢᠵᠠ ᠨᠤᠭᠤᠳ ᠠ᠋ ᠂ᠬᠡᠷᠪᠡ ᠲᠠ ᠨᠠᠷ ᠦᠵᠡᠵᠦ ᠪᠠᠢᠭ᠎ᠠ ᠪᠣᠯ ᠥᠪᠡᠷᠰᠡᠳ ᠡᠴᠡ ᠪᠠᠨ ᠯᠠ ᠨᠢᠭᠡ ᠵᠦᠢᠯ ᠢ᠋ ᠠᠰᠠᠭᠤᠵᠤ ᠦᠵᠡᠭᠡᠷᠡᠢ! ᠰᠠᠶᠢᠬᠠᠨ ᠴᠤ᠌ ᠶᠤᠮ ᠤᠤ ᠂ᠨᠡᠯᠢᠶᠡᠳ ᠳᠡᠭᠡᠷ᠎ᠡ ᠴᠦ᠍ ᠶᠦ᠍ᠮ ᠤᠤ ᠪᠢ ᠥᠪᠡᠷ ᠢ᠋ᠶ᠋ᠡᠨ ᠶᠠᠮᠠᠷ ᠨᠢᠭᠡᠨ ᠨᠠᠢᠵᠠ ᠶ᠋ᠢ ᠪᠡᠨ ᠭᠣᠮᠣᠳᠠᠭᠠᠯᠠ ᠤᠤ ᠭᠡᠵᠦ ᠥᠪᠡᠷ ᠡᠴᠡ ᠪᠡᠨ ᠠᠰᠠᠭᠤ᠃ᠬᠡᠷᠪᠡ ᠲᠡᠭᠡᠭᠰᠡᠨ ᠭᠡᠵᠦ ᠪᠣᠳᠣᠵᠤ ᠪᠠᠢᠭ᠎ᠠ ᠪᠣᠯ ᠪᠢ ᠶᠠᠭᠤ ᠬᠡᠯᠡᠵᠦ ᠶᠠᠭᠤ ᠬᠢᠵᠦ ᠭᠣᠮᠣᠳᠠᠭᠠᠯᠠ ᠭᠡᠳᠡᠭ ᠢ᠋ᠶ᠋ᠡᠨ ᠪᠠᠰᠠ ᠰᠢᠯᠭᠠᠵᠤ ᠦᠵᠡᠭᠡᠷᠡᠢ!ᠴᠢᠨᠦ ᠲᠣᠭᠯᠠᠭᠠᠮ ᠭᠡᠵᠦ ᠪᠣᠳᠣᠵᠤ ᠪᠠᠢᠭᠰᠠᠨ ᠵᠦᠢᠯ ᠴᠢᠨᠢ ᠶᠠᠮᠠᠷ ᠨᠢᠭᠡᠨ ᠬᠡᠦᠬᠡᠳ ᠢ᠋ ᠭᠣᠮᠣᠳᠠᠭᠠᠵᠤ ᠪᠠᠢᠭ᠎ᠠ ᠪᠣᠯ ᠶᠠᠭᠠᠬᠢᠬᠤ ᠪᠣᠢ? ᠶᠠᠭᠠᠬᠢᠬᠤ ᠪᠣᠢ? ᠠ! ᠬᠣᠭᠣᠯᠠᠢ ᠵᠠᠩᠭᠢᠷᠠᠭᠠᠳ ᠪᠠᠢᠬᠤ ᠶᠤᠮ ᠂ᠮᠠᠽᠠ ᠣᠷᠣᠵᠤ ᠢᠷᠡᠭᠡᠳ ᠦᠷᠭᠦᠯᠵᠢᠯᠡᠭᠦᠯᠦᠭᠡᠷᠡᠢ!
ᠮᠠᠽᠠ ᠄ ᠠ ᠵᠠ ᠬᠢ ᠬᠢ ᠂ᠲᠡᠭᠡᠬᠦ ᠪᠡᠷ ᠮᠢᠨᠦ ᠨᠠᠢᠵᠠ ᠨᠤᠭᠤᠳ ᠶᠠᠮᠠᠷ ᠨᠢᠭᠡᠨ ᠪᠠᠢᠳᠠᠯ ᠢ᠋ᠶ᠋ᠠᠷ ᠪᠤᠰᠤᠳ ᠢ᠋ ᠪᠡᠨ ᠭᠣᠮᠣᠳᠠᠭᠠᠵᠤ ᠮᠠᠭᠠᠳ ᠦᠭᠡᠢ ᠭᠡᠰᠡᠨ ᠦᠭᠡ ᠶ᠋ᠢ ᠬᠡᠯᠡᠬᠦ ᠡᠴᠡ ᠪᠡᠨ ᠡᠮᠦᠨ᠎ᠡ ᠲᠤᠩᠭᠠᠵᠤ ᠪᠣᠳᠣᠵᠤ ᠪᠠᠢᠭᠠᠷᠠᠢ᠃ᠮᠥᠨ ᠡᠷᠭᠢᠨ ᠲᠣᠭᠣᠷᠢᠨ ᠳ᠋ᠤ᠌ ᠨᠢ ᠶᠠᠮᠠᠷ ᠨᠢᠭᠡᠨ ᠬᠡᠦᠬᠡᠳ ᠢ᠋ ᠳᠡᠭᠡᠷᠡᠯᠬᠡᠵᠦ ᠪᠠᠢᠭ᠎ᠠ ᠶ᠋ᠢ ᠠᠩᠵᠠᠭᠠᠷᠠᠪᠠᠯ ᠵᠣᠭᠰᠣᠭᠠᠬᠤ ᠶ᠋ᠢ ᠬᠢᠴᠢᠶᠡᠵᠦ ᠪᠠᠢᠭᠠᠷᠠᠢ! ᠣᠯᠠᠭᠤᠯᠠ ᠪᠠᠨ ᠳᠡᠭᠡᠷᠡᠯᠬᠡᠬᠦ ᠭᠡᠬᠦ ᠵᠦᠢᠯ ᠦ᠋ᠨ ᠡᠰᠡᠷᠭᠦ ᠵᠣᠭᠰᠣᠪᠠᠯ ᠂ᠪᠢᠳᠡ ᠵᠣᠭᠰᠣᠭᠠᠵᠤ ᠴᠢᠳᠠᠨ᠎ᠠ ᠰᠢᠦ ᠳᠡ᠃
ᠦᠰᠦᠭ ᠢ᠋ ᠨᠢ ᠾᠦᠩ ᠸᠧᠢ ᠠᠮᠢᠯᠠᠭᠤᠯᠵᠤ ᠬᠠᠳᠠᠪᠠ᠃
ᠬᠢᠨᠠᠯᠲᠠ ᠬᠢᠭᠰᠡᠨ ᠬᠥᠮᠦᠰ ᠄ ᠱᠤᠳᠤᠷᠭᠤ᠂ ᠮᠥᠴᠢᠷ᠂ ᠨᠤᠮᠤᠴᠢᠨ ᠪᠢᠯᠢᠭ᠃