ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ- ᠨᠢᠭᠡᠳᠦᠭᠡᠷ ᠪᠦᠯᠦᠭ-ᠮᠣᠩᠭᠣᠯ ᠡᠮᠡᠭᠲᠡᠢᠴᠦᠳ ᠦ᠋ᠨ ᠤᠷᠠᠨ ᠦᠢᠯᠡ ᠶ᠋ᠢᠨ ᠲᠡᠦᠬᠡᠨ ᠤᠯᠠᠮᠵᠢᠯᠠᠯ ᠠ᠋ᠴᠠМонгол эмэгтэйн уран үйл-Ц Сонгино ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ- ᠨᠢᠭᠡᠳᠦᠭᠡᠷ ᠪᠦᠯᠦᠭ-ᠮᠣᠩᠭᠣᠯ ᠡᠮᠡᠭᠲᠡᠢᠴᠦᠳ ᠦ᠋ᠨ ᠤᠷᠠᠨ ᠦᠢᠯᠡ ᠶ᠋ᠢᠨ ᠲᠡᠦᠬᠡᠨ ᠤᠯᠠᠮᠵᠢᠯᠠᠯ ᠠ᠋ᠴᠠМонгол эмэгтэйн уран үйл-Ц Сонгино

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ- ᠨᠢᠭᠡᠳᠦᠭᠡᠷ ᠪᠦᠯᠦᠭ-ᠮᠣᠩᠭᠣᠯ ᠡᠮᠡᠭᠲᠡᠢᠴᠦᠳ ᠦ᠋ᠨ ᠤᠷᠠᠨ ᠦᠢᠯᠡ ᠶ᠋ᠢᠨ ᠲᠡᠦᠬᠡᠨ ᠤᠯᠠᠮᠵᠢᠯᠠᠯ ᠠ᠋ᠴᠠМонгол эмэгтэйн уран үйл-Ц Сонгино

ᠠᠩᠭᠢᠯᠠᠯ:ᠵᠠᠩ ᠦᠢᠯᠡ
2024-04-02

434

ᠨᠢᠭᠡᠳᠦᠭᠡᠷ ᠪᠦᠯᠦᠭ-ᠮᠣᠩᠭᠣᠯ ᠡᠮᠡᠭᠲᠡᠢᠴᠦᠳ ᠦ᠋ᠨ ᠤᠷᠠᠨ ᠦᠢᠯᠡ ᠶ᠋ᠢᠨ ᠲᠡᠦᠬᠡᠨ ᠤᠯᠠᠮᠵᠢᠯᠠᠯ ᠠ᠋ᠴᠠ

       ᠮᠣᠩᠭᠣᠯ ᠤ᠋ᠨ ᠡᠮᠡᠭᠲᠡᠢᠴᠦᠳ ᠦ᠋ᠨ ᠤᠷᠠᠨ ᠦᠢᠯᠡ ᠶ᠋ᠢᠨ ᠬᠥᠭᠵᠢᠵᠦ ᠢᠷᠡᠭᠰᠡᠨ ᠲᠡᠦᠬᠡ ᠲᠤᠰ ᠣᠷᠣᠨ ᠤ᠋ ᠡᠷᠲᠡ ᠪᠠ ᠡᠷᠢᠨ ᠦᠶ᠎ᠡ ᠶ᠋ᠢᠨ ᠲᠡᠦᠬᠡᠨ ᠬᠥᠭᠵᠢᠯ ᠲᠡᠢ ᠬᠣᠯᠪᠣᠭ᠎ᠠ ᠲᠠᠢ ᠪᠥᠭᠡᠳ ᠶᠠᠭᠤᠨ ᠤ᠋ ᠡᠮᠦᠨ᠎ᠡ ᠡᠷᠲᠡᠨ ᠦ᠌ ᠮᠣᠩᠭᠣᠯᠴᠤᠳ ᠤ᠋ᠨ ᠨᠤᠲᠤᠭᠯᠠᠵᠤ ᠪᠠᠢᠭᠰᠠᠨ ᠭᠠᠵᠠᠷ ᠨᠤᠲᠤᠭ᠂ ᠣᠯᠠᠨ ᠣᠪᠣᠭ ᠠᠢᠮᠠᠭ᠂ ᠲᠡᠭᠦᠨ ᠦ᠌ ᠪᠦᠷᠢᠯᠳᠦᠬᠦᠨ ᠪᠣᠯᠤᠭᠰᠠᠨ ᠦᠨᠳᠦᠰᠦᠲᠡᠨ ᠶᠠᠰᠤᠲᠠᠨ ᠤ᠋ ᠤᠷᠠᠯᠠᠯ ᠤ᠋ᠨ ᠥᠪ ᠰᠠᠩ ᠢ᠋ ᠰᠤᠳᠤᠯᠬᠤ ᠪᠥᠭᠡᠳ ᠡᠭᠦᠨ ᠢ᠋ᠶ᠋ᠡᠷ ᠴᠦ᠍ ᠦᠯᠦ ᠪᠠᠷᠠᠮ ᠠᠽᠢᠶ᠎ᠠ ᠶ᠋ᠢᠨ ᠲᠥᠪ ᠬᠡᠰᠡᠭ ᠲᠤ ᠪᠣᠯᠤᠨ ᠬᠦᠷᠰᠢ ᠵᠡᠷᠭᠡᠯᠡᠳᠡᠭᠡ ᠨᠤᠲᠤᠭᠯᠠᠨ ᠪᠠᠢᠭᠰᠠᠨ ᠤᠯᠤᠰ ᠦᠨᠳᠦᠰᠦᠲᠡᠨ ᠦ᠌ ᠤᠷᠠᠯᠢᠭ ᠢ᠋ ᠰᠤᠳᠤᠯᠬᠤ ᠶᠣᠰᠣᠲᠠᠢ ᠪᠣᠯᠬᠤ ᠶ᠋ᠢ ᠳᠡᠭᠡᠷ᠎ᠡ ᠳᠤᠷᠠᠳᠤᠭᠰᠠᠨ ᠪᠢᠯᠡ᠃
       ᠠᠽᠢᠶ᠎ᠠ ᠶ᠋ᠢᠨ ᠲᠥᠪ ᠬᠡᠰᠡᠭ ᠲᠤ ᠢᠷᠭᠡᠨᠰᠢᠵᠦ ᠢᠷᠡᠭᠰᠡᠨ ᠮᠠᠨ ᠤ᠋ ᠠᠷᠠᠳ ᠲᠦᠮᠡᠨ ᠦ᠌ ᠭᠠᠷ ᠤᠷᠠᠯᠠᠯ᠂ ᠤᠷᠠᠨ ᠦᠢᠯᠡ ᠲᠤᠰ ᠣᠷᠣᠨ ᠤ᠋ ᠠᠷᠠᠳ ᠲᠦᠮᠡᠨ ᠦ᠌ ᠤᠷᠠᠨ ᠭᠠᠷ᠂ ᠤᠬᠠᠭᠠᠨ ᠲᠠᠢ ᠲᠣᠯᠣᠭᠠᠢ ᠪᠠᠷ ᠬᠥᠭᠵᠢᠵᠦ ᠢᠷᠡᠭᠰᠡᠨ ᠤᠯᠠᠮᠵᠢᠯᠠᠯᠲᠤ ᠤᠷᠠᠯᠠᠯ ᠪᠥᠭᠡᠳ ᠠᠷᠠᠳ ᠲᠦᠮᠡᠨ ᠦ᠌ ᠣᠯᠠᠨ ᠵᠠᠭᠤᠨ ᠵᠢᠯ ᠬᠤᠷᠠᠮᠳᠤᠭᠤᠯᠤᠭᠰᠠᠨ ᠤᠷᠠᠨ ᠤ᠋ ᠰᠠᠩ ᠤ᠋ᠨ ᠨᠢᠭᠡᠨ ᠬᠡᠰᠡᠭ ᠪᠢᠯᠡ᠃ ᠠᠯᠢᠪᠠ ᠤᠯᠤᠰ᠂ ᠦᠨᠳᠦᠰᠦᠲᠡᠨ ᠦ᠌ ᠤᠷᠠᠯᠢᠭ ᠤ᠋ᠨ ᠲᠤᠬᠠᠢ ᠶ᠋ᠢᠨ ᠤᠯᠤᠰ ᠭᠦᠷᠦᠨ ᠦ᠌ ᠣᠷᠣᠰᠢᠨ ᠲᠣᠭᠲᠠᠨᠢᠵᠤ ᠢᠷᠡᠭᠰᠡᠨ ᠲᠡᠦᠬᠡᠨ ᠦᠢᠯᠡ ᠠᠮᠢᠳᠤᠷᠠᠯ ᠲᠠᠢ ᠬᠣᠯᠪᠣᠭ᠎ᠠ ᠲᠠᠢ ᠪᠥᠭᠡᠳ ᠤᠯᠤᠰ ᠭᠦᠷᠦᠨ ᠦ᠌ ᠳᠠᠪᠰᠢᠯ ᠬᠥᠭᠵᠢᠯ ᠦ᠋ᠨ ᠶᠠᠪᠤᠴᠠ ᠳ᠋ᠤ᠌ ᠪᠣᠯᠪᠠᠰᠤᠷᠠᠩᠭᠤᠢ ᠪᠠᠷ ᠰᠢᠨᠡᠴᠢᠯᠡᠭᠳᠡᠨ ᠪᠠᠢᠳᠠᠭ ᠢ᠋ ᠬᠥᠮᠦᠨ ᠦ᠌ ᠨᠡᠢᠭᠡᠮ ᠪᠣᠯᠤᠨ ᠤᠯᠤᠰ ᠭᠦᠷᠦᠨ ᠦ᠌ ᠲᠡᠦᠬᠡ ᠡᠴᠡ ᠮᠡᠳᠡᠭᠰᠡᠨ ᠪᠢᠯᠡ᠃
       ᠤᠷᠠᠯᠠᠯ ᠢᠩᠭᠢᠵᠦ ᠰᠢᠨᠡᠴᠢᠯᠡᠭᠳᠡᠬᠦ ᠳ᠋ᠡᠭᠡᠨ ᠳᠡᠪᠰᠢᠯᠲᠡ ᠲᠡᠢ ᠬᠡᠰᠡᠭ ᠨᠢ ᠥᠪᠯᠡᠨ ᠦᠯᠡᠳᠡᠵᠦ ᠵᠠᠷᠢᠮ ᠨᠢ ᠬᠡᠷᠡᠭᠯᠡᠭᠳᠡᠬᠦ ᠪᠡᠨ ᠪᠣᠯᠢᠳᠠᠭ ᠲᠤ ᠭᠡᠰᠡᠨ ᠲᠡᠦᠬᠡᠨ ᠬᠥᠭᠵᠢᠯ ᠦ᠋ᠨ ᠤᠯᠠ ᠮᠥᠷ᠂ ᠥᠩᠭᠡᠷᠡᠭᠰᠡᠨ ᠦᠶ᠎ᠡ ᠶ᠋ᠢᠨ ᠲᠡᠦᠬᠡᠨ ᠪᠠᠷᠢᠮᠲᠠ ᠪᠣᠯᠳᠠᠭ᠃
       ᠡᠭᠦᠨ ᠦ᠌ ᠨᠢᠭᠡ ᠠᠳᠠᠯᠢ ᠮᠣᠩᠭᠣᠯ ᠤ᠋ᠨ ᠠᠷᠠᠳ ᠲᠦᠮᠡᠨ ᠦ᠌ ᠭᠠᠷ ᠤᠷᠠᠯᠠᠯ᠂ ᠤᠷᠠᠨ ᠦᠢᠯᠡ ᠨᠡᠢᠭᠡᠮ ᠦ᠋ᠨ ᠬᠥᠭᠵᠢᠯ ᠦ᠋ᠨ ᠳᠠᠭᠠᠤ ᠠᠤᠭ᠎ᠠ ᠶᠡᠬᠡ ᠰᠢᠨ᠎ᠡ ᠳᠠᠪᠰᠢᠯ᠂ ᠬᠥᠭᠵᠢᠯ ᠦ᠋ᠨ ᠵᠠᠮ ᠢ᠋ᠶ᠋ᠠᠷ ᠶᠠᠪᠤᠵᠤ ᠠᠤᠭ᠎ᠠ ᠶᠡᠬᠡ ᠤᠳᠬ᠎ᠠ ᠠᠭᠤᠯᠭ᠎ᠠ᠂ ᠤᠷ᠎ᠠ ᠬᠢᠴᠡ ᠪᠡᠷ ᠪᠠᠶᠠᠯᠢᠭᠵᠢᠵᠤ ᠢᠷᠡᠭᠰᠡᠨ ᠶᠦᠮ᠃ ᠡᠷᠳᠡᠮᠲᠡᠳ ᠦ᠋ᠨ ᠰᠤᠳᠤᠯᠭᠠᠨ ᠠ᠋ᠴᠠ ᠦᠵᠡᠬᠦ ᠳ᠋ᠦ᠍ ᠤᠷᠠᠨ ᠦᠢᠯᠡ ᠤᠤᠭᠠᠨ ᠤᠷᠠᠯᠠᠯ ᠤ᠋ᠨ ᠨᠢᠭᠡ ᠪᠥᠭᠡᠳ ᠬᠥᠮᠦᠨ ᠦ᠌ ᠨᠡᠢᠭᠡᠮ ᠦ᠋ᠨ ᠬᠥᠭᠵᠢᠯ ᠦ᠋ᠨ ᠡᠬᠢᠨ ᠦ᠌ ᠦᠶ᠎ᠡ ᠪᠣᠯᠬᠤ ᠬᠠᠭᠤᠴᠢᠨ ᠴᠢᠯᠠᠭᠤᠨ ᠵᠡᠪᠰᠡᠭ ᠦ᠋ᠨ ᠦᠶ᠎ᠡ ᠳ᠋ᠦ᠍ ᠡᠭᠦᠰᠴᠡᠢ᠃ ᠲᠡᠷᠡ ᠦᠶ᠎ᠡ ᠳ᠋ᠦ᠍ ᠬᠥᠮᠦᠨ ᠰᠦᠷᠦᠭ ᠬᠠᠳᠠ ᠴᠢᠯᠠᠭᠤᠨ ᠳᠡᠭᠡᠷ᠎ᠡ ᠡᠯᠳᠡᠪ ᠶᠠᠩᠵᠤ ᠶ᠋ᠢᠨ ᠳᠦᠷᠰᠦ᠂ ᠰᠦᠭ ᠵᠢᠷᠤᠭ ᠤᠷᠠᠯᠠᠨ ᠪᠦᠲᠦᠭᠡᠵᠦ ᠡᠬᠢᠯᠡᠭᠰᠡᠨ ᠢ᠋ᠶ᠋ᠡᠷ ᠳᠦᠷᠰᠦᠯᠡᠬᠦ ᠤᠷᠠᠯᠢᠭ ᠤᠤᠭᠠᠨ ᠤᠷᠠᠯᠢᠭ ᠭᠡᠭᠳᠡᠳᠡᠭ ᠪᠣᠯ ᠭᠠᠷ ᠢ᠋ᠶ᠋ᠠᠷ ᠦᠳᠡᠬᠦ᠂ ᠵᠠᠩᠭᠢᠳᠬᠤ᠂ ᠤᠶᠠᠬᠤ ᠠᠵᠢᠯ ᠬᠥᠮᠦᠨ ᠦ᠌ ᠡᠷᠲᠡ ᠦᠶ᠎ᠡ ᠲᠡᠢ ᠬᠣᠯᠪᠣᠭ᠎ᠠ ᠲᠠᠢ ᠪᠢᠯᠡ᠃ ᠲᠤᠰ ᠣᠷᠣᠨ ᠳ᠋ᠤ᠌ ᠬᠠᠭᠤᠴᠢᠨ ᠴᠢᠯᠠᠭᠤᠨ ᠵᠡᠪᠰᠡᠭ ᠦ᠋ᠨ ᠦᠶ᠎ᠡ ᠲᠡᠢ ᠬᠣᠯᠪᠣᠭ᠎ᠠ ᠲᠠᠢ ᠬᠠᠳᠠ᠂ ᠴᠢᠯᠠᠭᠤᠨ ᠤ᠋ ᠰᠦᠭ ᠵᠢᠷᠤᠭ᠂ ᠵᠤᠰᠤ ᠪᠣᠳᠣᠭ ᠤ᠋ᠨ ᠵᠢᠷᠤᠭ ᠡᠯᠪᠡᠭ ᠪᠠᠢᠳᠠᠭ ᠪᠥᠭᠡᠳ ᠡᠨᠡ ᠨᠢ ᠥᠩᠭᠡᠷᠡᠭᠰᠡᠨ ᠦᠶ᠎ᠡ ᠶ᠋ᠢᠨ ᠲᠡᠦᠬᠡ ᠶ᠋ᠢ ᠭᠡᠷᠡᠴᠢᠯᠡᠬᠦ ᠣᠯᠠᠨ ᠲᠣᠳᠣᠷᠬᠠᠢ ᠪᠠᠷᠢᠮᠲᠠ ᠨᠤᠭᠤᠳ ᠶᠤᠮ᠃
       ᠲᠡᠭᠦᠨᠴᠢᠯᠡᠨ ᠬᠦᠢ ᠨᠢᠭᠡᠳᠦᠯ ᠦ᠋ᠨ ᠡᠬᠢᠨ ᠦ᠌ ᠦᠶ᠎ᠡ ᠱᠠᠲᠤᠨ ᠳ᠋ᠤ᠌ ᠡᠬᠡ ᠶ᠋ᠢᠨ ᠡᠷᠬᠡᠲᠦ ᠶᠣᠰᠣ ᠨᠣᠶᠠᠷᠬᠠᠵᠤ ᠪᠠᠢᠬᠤ ᠳ᠋ᠤ᠌ ᠡᠮᠡᠭᠲᠡᠢᠴᠦᠳ ᠠᠷᠠᠰᠤ ᠨᠡᠬᠡᠢ ᠡᠯᠳᠡᠵᠦ ᠪᠠᠢᠭᠰᠠᠨ ᠪᠣᠯᠬᠣᠷ ᠤᠷᠠᠯᠠᠨ ᠣᠶᠣᠬᠤ ᠠᠵᠢᠯ ᠡᠨᠡ ᠦᠶ᠎ᠡ ᠲᠡᠢ ᠬᠣᠯᠪᠣᠭ᠎ᠠ ᠲᠠᠢ ᠪᠣᠯᠬᠤ ᠨᠢ ᠯᠠᠪᠲᠠᠢ᠃ ᠲᠤᠰ ᠣᠷᠣᠨ ᠳ᠋ᠤ᠌ ᠴᠢᠯᠠᠭᠤᠨ᠂ ᠬᠦᠷᠡᠯ᠂ ᠲᠡᠮᠦᠷ ᠵᠡᠪᠰᠡᠭ ᠦ᠋ᠨ ᠦᠶ᠎ᠡ ᠶ᠋ᠢᠨ ᠬᠥᠮᠦᠨ ᠦ᠌ ᠤᠯᠠ ᠮᠥᠷ ᠪᠣᠯᠬᠤ ᠲᠡᠦᠬᠡ ᠳᠤᠷᠠᠰᠬᠠᠯ ᠤ᠋ᠨ ᠪᠠᠷᠢᠮᠲᠠ᠂ ᠣᠯᠳᠠᠪᠤᠷᠢ ᠡᠯᠪᠡᠭ ᠪᠠᠢᠳᠠᠭ ᠤᠴᠢᠷ ᠳᠡᠭᠡᠷ᠎ᠡ ᠳᠤᠷᠠᠳᠤᠭᠰᠠᠨ ᠬᠥᠮᠦᠨ ᠦ᠌ ᠨᠡᠢᠭᠡᠮ ᠦ᠋ᠨ ᠬᠥᠭᠵᠢᠯ ᠦ᠋ᠨ ᠲᠡᠷᠡ ᠵᠠᠮ ᠢ᠋ᠶ᠋ᠠᠷ ᠶᠠᠪᠤᠵᠤ ᠢᠷᠡᠭᠰᠡᠨ ᠪᠣᠯᠬᠤ ᠶ᠋ᠢ ᠨᠤᠲᠠᠯᠠᠵᠤ ᠪᠠᠢᠨ᠎ᠠ᠃
       ᠲᠤᠰ ᠤᠯᠤᠰ ᠲᠤ ᠲᠡᠷᠡ ᠦᠶ᠎ᠡ ᠳ᠋ᠦ᠍ ᠣᠷᠣᠰᠢᠨ ᠲᠣᠭᠲᠠᠨᠢᠵᠤ ᠪᠠᠢᠭᠰᠠᠨ ᠣᠯᠠᠨ ᠣᠪᠣᠭ ᠠᠢᠮᠠᠭ ᠤ᠋ᠨ ᠭᠠᠷ ᠤᠷᠠᠯᠠᠯ᠂ ᠤᠷᠠᠨ ᠦᠢᠯᠡ ᠶ᠋ᠢᠨ ᠬᠥᠭᠵᠢᠯ ᠪᠢᠳᠡᠨ ᠦ᠌ ᠡᠷᠢᠨ ᠦᠶ᠎ᠡ ᠶ᠋ᠢᠨ ᠬᠥᠭᠵᠢᠯ ᠳ᠋ᠦ᠍ ᠬᠦᠷᠬᠦ ᠳ᠋ᠦ᠍ ᠴᠢᠬᠤᠯᠠ ᠤᠯᠠᠮᠵᠢᠯᠠᠯ ᠪᠣᠯᠵᠤ ᠢᠷᠡᠭᠰᠡᠨ ᠤᠴᠢᠷ ᠠ᠋ᠴᠠ ᠤᠭ ᠣᠪᠣᠭ ᠠᠢᠮᠠᠭ ᠤ᠋ᠳ ᠤ᠋ᠨ ᠭᠠᠷ ᠤᠷᠠᠯᠠᠯ ᠤᠷᠠᠨ ᠦᠢᠯᠡ ᠶ᠋ᠢᠨ ᠬᠥᠭᠵᠢᠯᠲᠡ ᠡᠴᠡ ᠴᠤᠬᠤᠰ ᠳᠤᠷᠠᠳᠤᠶ᠎ᠠ᠃
       ᠮᠣᠩᠭᠣᠯ ᠤᠨ ᠠᠭᠤᠳᠠᠮ ᠨᠤᠲᠤᠭ ᠲᠤ ᠮᠠᠨ ᠤ᠋ ᠲᠡᠦᠬᠡ᠂ ᠰᠣᠶᠣᠯ ᠢᠷᠭᠡᠨᠰᠢᠯ ᠲᠡᠢ ᠬᠣᠯᠪᠣᠭ᠎ᠠ ᠲᠠᠢ ᠣᠪᠣᠭ ᠠᠢᠮᠠᠭ ᠤ᠋ᠳ ᠨᠢᠭᠡ ᠦᠶ᠎ᠡ ᠪᠦᠷᠢᠯᠳᠦᠨ ᠲᠣᠭᠲᠠᠵᠤ᠂ ᠨᠢᠭᠡ ᠦᠶ᠎ᠡ ᠵᠠᠳᠠᠷᠠᠨ ᠪᠤᠲᠠᠷᠠᠵᠤ᠂ ᠲᠡᠢᠨ ᠪᠠᠢᠯᠳᠤᠭᠠᠨ ᠣᠯᠠᠨᠲᠠ ᠭᠠᠷᠴᠤ᠂ ᠬᠥᠮᠦᠨ ᠲᠥᠷᠥᠯᠬᠢᠲᠡᠨ ᠦ᠌ ᠬᠤᠷᠠᠮᠳᠤᠭᠤᠯᠤᠭᠰᠠᠨ ᠠᠰᠤᠷᠤ ᠶᠡᠬᠡ ᠪᠠᠶᠠᠯᠢᠭ ᠢ᠋ ᠰᠦᠢᠳᠬᠡᠬᠦ᠂ ᠵᠠᠷᠢᠮ ᠦᠶ᠎ᠡ ᠳ᠋ᠦ᠍ ᠡᠮᠬᠢᠯᠡᠨ ᠰᠡᠷᠭᠦᠭᠡᠬᠦ ᠵᠡᠷᠭᠡ ᠣᠯᠠᠨ ᠶᠠᠪᠤᠳᠠᠯ ᠪᠣᠯᠵᠤ ᠥᠩᠭᠡᠷᠡᠵᠡᠢ᠃ ᠭᠡᠪᠡᠴᠦ ᠠᠷᠠᠳ ᠲᠦᠮᠡᠨ ᠦ᠌ ᠤᠷᠠᠨ ᠤ᠋ ᠰᠠᠩ ᠰᠢᠪᠬᠠᠭᠳᠠᠰᠢ ᠦᠭᠡᠢ ᠣᠨᠳᠣᠷᠴᠤ ᠪᠠᠢᠳᠠᠭ ᠪᠣᠯᠬᠣᠷ ᠳᠠᠷᠠᠭᠠᠬᠢ ᠦᠶ᠎ᠡ ᠳ᠋ᠦ᠍ ᠤᠯᠠᠮᠵᠢᠯᠠᠭᠳᠠᠨ ᠦᠯᠡᠳᠡᠵᠡᠢ᠃
       ᠾᠦᠩᠨᠦ ᠤᠯᠤᠰ ᠤ᠋ᠨ ᠭᠠᠷ ᠤᠷᠠᠯᠠᠯ ᠮᠣᠩᠭᠣᠯ ᠣᠷᠣᠨ ᠤ᠋ ᠨᠤᠲᠤᠭ ᠲᠤ ᠡᠷᠲᠡ ᠦᠶ᠎ᠡ ᠡᠴᠡ ᠣᠯᠠᠨ ᠣᠪᠣᠭ ᠠᠢᠮᠠᠭ ᠤ᠋ᠳ ᠣᠷᠣᠰᠢᠨ ᠰᠠᠭᠤᠵᠤ ᠪᠠᠢᠭᠰᠠᠨ ᠲᠤᠬᠠᠢ ᠬᠠᠭᠤᠴᠢᠰ ᠤ᠋ᠨ ᠰᠤᠳᠤᠯᠤᠯ ᠪᠣᠯᠤᠨ ᠪᠢᠴᠢᠭ ᠦ᠋ᠨ ᠣᠯᠠᠨ ᠲᠣᠭᠠᠨ ᠤ᠋ ᠪᠠᠷᠢᠮᠲᠠ ᠪᠠᠢᠳᠠᠭ᠃ ᠮᠠᠨ ᠤ᠋ ᠡᠷᠢᠨ ᠦ᠌ ᠡᠮᠦᠨᠡᠬᠢ ᠭᠤᠷᠪᠠᠳᠤᠭᠠᠷ ᠵᠠᠭᠤᠨ ᠤ᠋ ᠦᠶ᠎ᠡ ᠳ᠋ᠦ᠍ ᠲᠥᠪ ᠠᠽᠢᠶ᠎ᠠ ᠳ᠋ᠤ᠌  ᠳ᠋ᠦᠩᠬᠤ ᠭᠡᠳᠡᠭ ᠬᠣᠶᠠᠷ ᠲᠣᠮᠣ ᠠᠢᠮᠠᠭ ᠪᠦᠷᠢᠯᠳᠦᠨ ᠲᠣᠭᠲᠠᠭᠰᠠᠨ ᠪᠥᠭᠡᠳ ᠡᠨᠡ ᠨᠢ ᠮᠣᠩᠭᠣᠯ ᠤ᠋ᠨ ᠠᠩᠬᠠᠨ ᠤ᠋ ᠲᠣᠮᠣ ᠭᠦᠷᠦᠨ ᠪᠠᠢᠵᠠᠢ᠃ ᠰᠡᠭᠦᠯ ᠳ᠋ᠡᠭᠡᠨ ᠤᠯᠠᠮ ᠬᠦᠴᠦᠷᠬᠡᠭ ᠪᠡᠶ᠎ᠡ ᠪᠡᠨ ᠳᠠᠭᠠᠭᠠᠭᠰᠠᠨ ᠾᠦᠩᠨᠦ ᠭᠦᠷᠦᠨ ᠪᠣᠯᠵᠤ300 ᠵᠢᠯ ᠬᠥᠭᠵᠢᠵᠦ ᠪᠠᠢᠵᠠᠢ᠃ ᠲᠤᠰ ᠣᠷᠣᠨ ᠳ᠋ᠤ᠌ ᠾᠦᠩᠨᠦ ᠶ᠋ᠢᠨ ᠦᠶ᠎ᠡ ᠡᠴᠡ ᠡᠬᠢᠯᠡᠨ ᠠᠩᠭᠢᠲᠤ ᠨᠡᠢᠭᠡᠮ᠂ ᠲᠥᠷᠥ ᠤᠯᠤᠰ ᠡᠭᠦᠰᠴᠦ᠂ ᠹᠧᠣᠳᠠᠯ ᠤ᠋ᠨ ᠨᠡᠢᠭᠡᠮ ᠦ᠋ᠨ ᠬᠠᠷᠢᠴᠠᠭ᠎ᠠ ᠲᠣᠭᠲᠠᠭᠰᠠᠨ ᠪᠥᠭᠡᠳ ᠾᠦᠩᠨᠦ᠂ ᠳ᠋ᠥ᠋ᠩᠬᠤ ᠨᠠᠷ ᠢ᠋ ᠭᠠᠷᠤᠯ ᠡᠭᠦᠰᠦᠯ ᠦ᠋ᠨ ᠬᠤᠪᠢ ᠳ᠋ᠤ᠌ ᠮᠣᠩᠭᠣᠯ ᠭᠠᠷᠤᠯ ᠲᠠᠢ ᠭᠡᠵᠦ ᠳᠣᠷᠣᠨᠠᠳᠠᠬᠢᠨ ᠤ᠋ ᠰᠤᠳᠤᠯᠤᠭᠴᠢ ᠣᠷᠣᠰ ᠤᠨ  ᠡᠷᠳᠡᠮᠲᠡᠨ ᠨ· ᠶᠠ᠊· ᠪᠢᠴᠥ᠋ᠷᠢᠨ ᠰᠠᠨᠠᠯ ᠳᠡᠪᠰᠢᠭᠦᠯᠦᠭᠰᠡᠨ ᠨᠢ ᠣᠷᠴᠢᠨ ᠦᠶ᠎ᠡ ᠳ᠋ᠦ᠍ ᠪᠠᠷᠤᠭ ᠨᠤᠲᠠᠯᠠᠭᠳᠠᠭᠠᠳ ᠪᠠᠢᠨ᠎ᠠ᠃
       ᠾᠦᠩᠨᠦ ᠨᠠᠷ ᠤ᠋ᠨ ᠠᠮᠢᠳᠤᠷᠠᠯ ᠮᠠᠯ ᠠᠵᠤ ᠠᠬᠤᠢ᠂ ᠭᠠᠵᠠᠷ ᠲᠠᠷᠢᠶᠠᠯᠠᠩ᠂ ᠦᠰᠦᠯᠢᠭ ᠠᠩ ᠡᠷᠬᠢᠯᠡᠵᠦ ᠪᠠᠢᠵᠠᠢ᠃ ᠭᠠᠵᠠᠷ ᠨᠤᠲᠤᠭ ᠤ᠋ᠨ ᠬᠤᠪᠢ ᠳ᠋ᠤ᠌ ᠠᠭᠤᠳᠠᠮ ᠨᠤᠲᠤᠭ ᠲᠠᠢ᠂ ᠪᠠᠷᠠᠭᠤᠨ ᠲᠠᠯ᠎ᠠ ᠨᠢ ᠳᠣᠷᠣᠨᠠᠲᠤ ᠲᠦᠷᠺᠢᠰᠲ᠋ᠠᠨ ᠤ᠋ ᠬᠣᠢᠲᠤ ᠤᠯᠤᠰ ᠤ᠋ᠳ᠂ ᠵᠡᠭᠦᠨ ᠲᠠᠯ᠎ᠠ ᠨᠢ ᠳᠣᠷᠣᠨᠠᠲᠤ《ᠬᠤ᠌》 ᠠᠢᠮᠠᠭ ᠤ᠋ᠨ ᠨᠤᠲᠤᠭᠯᠠᠵᠤ ᠪᠠᠢᠭᠰᠠᠨ ᠯᠢᠶᠣᠣ ᠭᠣᠣᠯ ᠤ᠋ᠨ ᠡᠬᠢ᠂ ᠡᠮᠦᠨᠡᠲᠦ ᠬᠡᠰᠡᠭ ᠨᠢ ᠨᠠᠩᠭᠢᠶᠠᠳ᠂ ᠬᠣᠢᠲᠤ ᠬᠡᠰᠡᠭ ᠨᠢ ᠪᠠᠢᠭᠠᠯ ᠨᠠᠭᠤᠷ ᠬᠦᠷᠴᠦ ᠪᠠᠢᠵᠠᠢ᠃
       ᠡᠢᠮᠦ ᠳ᠋ᠦ᠍ ᠾᠦᠩᠨᠦ ᠤᠯᠤᠰ ᠤ᠋ᠨ ᠤᠷᠠᠯᠢᠭ ᠢ᠋ ᠰᠤᠳᠤᠯᠬᠤ ᠳ᠋ᠤ᠌ ᠡᠳᠡᠭᠡᠷ ᠨᠤᠲᠤᠭ ᠤ᠋ᠨ ᠡᠷᠲᠡ ᠪᠠ ᠡᠳᠦᠭᠡ ᠤᠯᠤᠰ ᠭᠦᠷᠦᠨ ᠦ᠌ ᠣᠷᠣᠰᠢᠨ ᠰᠠᠭᠤᠭ᠎ᠠ ᠰᠣᠶᠣᠯ ᠢᠷᠭᠡᠨᠰᠢᠯ ᠦ᠋ᠨ ᠡᠷᠲᠡᠨ ᠦ᠌ ᠤᠯᠠᠮᠵᠢᠯᠠᠯ ᠢ᠋ ᠰᠤᠳᠤᠯᠤᠨ᠎ᠠ᠃ ᠢᠯᠠᠩᠭᠤᠶ᠎ᠠ ᠨᠠᠩᠭᠢᠶᠠᠳ ᠤ᠋ᠨ ᠤᠷᠠᠯᠠᠯ ᠢ᠋ ᠨᠠᠷᠢᠨ ᠰᠤᠳᠤᠯᠬᠤ ᠶᠣᠰᠣᠲᠠᠢ ᠪᠢᠯᠡ᠃ ᠾᠦᠩᠨᠦ ᠨᠠᠷ ᠨᠡᠭᠦᠳᠡᠯᠴᠢᠨ ᠠᠢᠮᠠᠭ ᠤᠴᠢᠷ ᠠ᠋ᠴᠠ ᠥᠪᠡᠷᠮᠢᠴᠡ ᠣᠨᠴᠠᠯᠢᠭ ᠲᠠᠭᠠᠨ ᠲᠣᠬᠢᠷᠠᠭᠤᠯᠤᠨ ᠨᠡᠭᠦᠳᠡᠯᠯᠡᠨ ᠶᠠᠪᠤᠬᠤ ᠳ᠋ᠤ᠌ ᠲᠣᠬᠢᠷᠠᠭᠰᠠᠨ ᠬᠥᠩᠭᠡᠨ ᠮᠠᠶᠢᠭ ᠤ᠋ᠨ ᠢᠰᠡᠭᠡᠢ ᠪᠤᠶᠤ ᠠᠷᠠᠰᠤᠨ ᠭᠡᠷ᠂ ᠮᠠᠯ ᠤ᠋ᠨ ᠠᠷᠠᠰᠤ ᠰᠢᠷᠢ ᠪᠡᠷ ᠬᠢᠭᠰᠡᠨ ᠭᠤᠲᠤᠯ᠂ ᠬᠤᠪᠴᠠᠰᠤ ᠡᠮᠦᠰᠬᠦ᠂ ᠮᠠᠯ ᠤ᠋ᠨ ᠨᠣᠣᠰᠣ ᠪᠠᠷ ᠢᠰᠡᠭᠡᠢ ᠬᠢᠬᠦ᠂ ᠳᠡᠭᠡᠰᠦ ᠲᠠᠮᠤᠬᠤ ᠵᠡᠷᠭᠡ ᠠᠵᠢᠯ ᠢ᠋ ᠬᠢᠬᠦ ᠶ᠋ᠢᠨ ᠵᠡᠷᠭᠡᠴᠡᠭᠡ ᠪᠡᠷ ᠭᠠᠷ ᠤᠷᠠᠯᠠᠯ ᠤ᠋ᠨ ᠥᠩᠭᠡ ᠪᠣᠳᠣᠭ ᠢ᠋ ᠭᠣᠶᠣᠮᠰᠣᠭ ᠵᠣᠬᠢᠴᠠᠭᠤᠯᠵᠤ ᠤᠷᠠᠯᠢᠭ ᠤ᠋ᠨ ᠰᠡᠳᠦᠪ ᠨᠢ ᠭᠣᠣᠯ ᠲᠥᠯᠥᠪ ᠠᠮᠢᠲᠠᠨ ᠤ᠋ ᠳᠦᠷᠰᠦ ᠶ᠋ᠢ ᠶᠠᠩᠵᠤ ᠪᠦᠷᠢ ᠪᠡᠷ ᠤᠷᠠᠯᠠᠨ ᠪᠦᠲᠦᠭᠡᠬᠦ ᠪᠠ ᠵᠠᠷᠢᠮ ᠠᠮᠢᠲᠠᠨ ᠢ᠋ ᠬᠡᠢ ᠪᠣᠳᠣᠯ ᠮᠠᠶᠢᠭ ᠢ᠋ᠶ᠋ᠠᠷ ᠵᠢᠷᠤᠳᠠᠭ ᠪᠠᠢᠵᠠᠢ᠃
       ᠭᠠᠷ ᠤᠷᠠᠯᠠᠯ ᠤ᠋ᠨ ᠥᠩᠭᠡ ᠪᠣᠳᠣᠭ ᠲᠤ ᠬᠠᠮᠤᠭ ᠤ᠋ᠨ ᠲᠣᠳᠣ ᠤᠯᠠᠭᠠᠨ᠂ ᠨᠣᠭᠣᠭᠠᠨ᠂ ᠰᠢᠷ᠎ᠠ᠂ ᠴᠡᠩᠬᠡᠷ᠂ ᠬᠥᠬᠡ ᠥᠩᠭᠡ ᠶ᠋ᠢ ᠭᠣᠣᠯᠯᠠᠨ ᠬᠡᠷᠡᠭᠯᠡᠵᠦ ᠪᠠᠢᠭᠰᠠᠨ ᠤ᠋ ᠳᠡᠭᠡᠷ᠎ᠡ ᠪᠣᠳᠣᠭ ᠤ᠋ᠨ ᠥᠩᠭᠡ ᠵᠣᠬᠢᠴᠠᠯ ᠶᠡᠬᠡᠬᠡᠨ ᠰᠠᠢᠵᠢᠷᠠᠵᠠᠢ᠃ ᠡᠭᠦᠨ ᠲᠡᠢ ᠤᠶᠠᠯᠳᠤᠨ ᠤᠷᠠᠨ ᠬᠠᠳᠬᠤᠮᠠᠯ ᠤ᠋ᠨ ᠥᠩᠭᠡ ᠵᠣᠬᠢᠴᠠᠯ ᠶᠡᠬᠡᠬᠡᠨ ᠰᠠᠢᠵᠢᠷᠠᠵᠤ ᠢᠰᠡᠭᠡᠢ ᠤᠷᠠᠯᠠᠯ᠂ ᠢᠰᠡᠭᠡᠢ ᠰᠢᠷᠢᠮᠡᠯ ᠬᠥᠭᠵᠢᠵᠦ᠂ ᠭᠡᠷ ᠣᠷᠣᠨ᠂ ᠣᠷᠣ ᠳᠡᠷ᠎ᠡ᠂ ᠡᠮᠦᠰᠬᠦ ᠬᠤᠪᠴᠠᠰᠤᠨ ᠳ᠋ᠤ᠌ ᠢᠰᠡᠭᠡᠢ ᠶ᠋ᠢ ᠶᠡᠬᠡᠬᠡᠨ ᠬᠡᠷᠡᠭᠯᠡᠵᠦ ᠲᠡᠭᠦᠨ ᠢ᠋ ᠰᠢᠷᠢᠬᠦ᠂ ᠬᠡᠯᠡᠬᠦ ᠤᠷᠠᠯᠢᠭ ᠶᠡᠬᠡ ᠬᠥᠭᠵᠢᠵᠡᠢ᠃ ᠡᠭᠦᠨ ᠦ᠌ ᠵᠡᠷᠭᠡᠴᠡᠭᠡ ᠪᠡᠷ ᠨᠡᠬᠡᠮᠡᠯ᠂ ᠬᠠᠳᠬᠤᠮᠠᠯ᠂ ᠵᠡᠭᠡᠭᠲᠦ ᠨᠠᠭᠠᠮᠠᠯ ᠶᠡᠬᠡ ᠬᠥᠭᠵᠢᠵᠦ᠂ ᠤᠷᠠᠨ ᠦᠢᠯᠡ ᠶ᠋ᠢᠨ ᠣᠶᠣᠳᠠᠯ ᠪᠣᠯᠪᠠᠰᠤᠷᠠᠩᠭᠤᠢ ᠪᠣᠯᠵᠤ ᠢᠯᠠᠩᠭᠤᠶ᠎ᠠ ᠬᠡᠯᠡᠬᠦ᠂ ᠴᠢᠮᠡᠭᠯᠡᠬᠦ ᠤᠷᠠᠯᠠᠯ ᠨᠡᠯᠢᠶᠡᠳ ᠬᠥᠭᠵᠢᠵᠡᠢ᠃ ᠢᠩᠭᠢᠵᠦ ᠤᠷᠠᠨ ᠦᠢᠯᠡ ᠶ᠋ᠢᠨ ᠲᠥᠷᠥᠯ᠂ ᠥᠩᠭᠡ ᠦᠵᠡᠮᠵᠢ ᠰᠠᠢᠵᠢᠷᠠᠭᠰᠠᠨ ᠨᠢ ᠲᠡᠭᠦᠨ ᠦ᠌ ᠪᠠᠭᠠᠵᠢ ᠶ᠋ᠢᠨ ᠬᠥᠭᠵᠢᠯ ᠲᠡᠢ ᠬᠣᠯᠪᠣᠭ᠎ᠠ ᠲᠠᠢ ᠶᠤᠮ᠃
       ᠭᠤᠷᠪᠠᠳᠤᠭᠠᠷ ᠵᠠᠭᠤᠨ ᠤ᠋ ᠦᠶ᠎ᠡ ᠪᠤᠶᠤ ᠲᠤᠬᠠᠢᠯᠠᠪᠠᠯ ᠾᠦᠩᠨᠦ ᠶ᠋ᠢᠨ ᠦᠶ᠎ᠡ ᠳ᠋ᠦ᠍ ᠬᠠᠮᠤᠷᠤᠭᠳᠠᠬᠤ ᠨᠣᠶᠠᠨ ᠠᠭᠤᠯᠠ ᠶ᠋ᠢᠨ ᠪᠤᠯᠠᠰᠢᠨ ᠠ᠋ᠴᠠ ᠣᠯᠳᠠᠭᠰᠠᠨ ᠰᠢᠷᠢᠮᠡᠯ ᠰᠢᠷᠳᠡᠭ ᠳᠡᠭᠡᠷ᠎ᠡ ᠶᠠᠮᠠᠷ ᠨᠢᠭᠡ ᠦᠯᠦ ᠮᠡᠳᠡᠬᠦ ᠳᠠᠯᠠᠪᠴᠢ ᠲᠠᠢ ᠠᠮᠢᠲᠠᠨ ᠠ᠋ᠴᠠ ᠠᠶᠤᠨ ᠵᠢᠭᠤᠲᠠᠵᠤ ᠶᠠᠪᠤᠭ᠎ᠠ ᠪᠤᠭᠤ ᠶ᠋ᠢᠨ ᠳᠦᠷᠰᠦ ᠶ᠋ᠢ ᠴᠢᠳᠠᠪᠤᠷᠢᠯᠢᠭ ᠢ᠋ᠶ᠋ᠠᠷ ᠭᠠᠷᠭᠠᠨ ᠵᠡᠭᠡᠭᠲᠦ ᠨᠠᠭᠠᠮᠠᠯ ᠢ᠋ᠶ᠋ᠠᠷ ᠪᠦᠲᠦᠭᠡᠵᠡᠢ᠃ ᠤᠭ ᠳᠦᠷᠰᠦ ᠶ᠋ᠢᠨ ᠳᠣᠲᠣᠭᠠᠳᠤ ᠤᠳᠬ᠎ᠠ ᠠᠭᠤᠯᠭ᠎ᠠ ᠶ᠋ᠢ ᠲᠣᠳᠣᠷᠬᠠᠢ ᠲᠤᠰᠬᠠᠭᠰᠠᠨ ᠨᠢ ᠠᠮᠢᠳᠤᠷᠠᠯ ᠤ᠋ᠨ ᠶᠡᠬᠡ ᠲᠤᠷᠰᠢᠯᠭ᠎ᠠ ᠲᠠᠢ ᠤᠷᠠᠨ ᠬᠥᠮᠦᠨ ᠪᠦᠲᠦᠭᠡᠭᠰᠡᠨ ᠪᠣᠯᠬᠤ ᠨᠢ ᠲᠣᠳᠣᠷᠬᠠᠢ᠃ ᠤᠭ ᠰᠢᠷᠲᠡᠭ ᠲᠦ ᠲᠠᠯᠪᠢᠭᠰᠠᠨ ᠤᠲᠠᠰᠤᠨ ᠤᠭᠠᠯᠵᠠ᠂ ᠣᠶᠣᠳᠠᠯ ᠤ᠋ᠨ ᠬᠡᠯᠪᠡᠷᠢ ᠨᠢ ᠣᠳᠣ ᠶ᠋ᠢᠨ ᠬᠠᠰᠠᠭ ᠰᠢᠷᠢᠮᠡᠯ ᠲᠡᠢ ᠲᠤᠢᠯ ᠤ᠋ᠨ ᠣᠢᠷᠠᠯᠴᠠᠭ᠎ᠠ ᠪᠥᠭᠡᠳ ᠲᠤᠬᠠᠢᠯᠠᠵᠤ ᠲᠠᠯᠪᠢᠭᠰᠠᠨ ᠬᠡ ᠶ᠋ᠢᠨ ᠢ᠋ᠶ᠋ᠡᠨ ᠬᠣᠭᠣᠷᠣᠨᠳᠣᠬᠢ ᠵᠠᠢ ᠶ᠋ᠢ ᠳᠥᠷᠪᠡᠯᠵᠢᠨ ᠨᠢᠳᠦ ᠭᠠᠷᠭᠠᠵᠤ ᠨᠡᠪᠲᠡᠭᠡᠯᠵᠡᠬᠦ ᠣᠶᠣᠳᠠᠯ ᠢ᠋ᠶ᠋ᠠᠷ ᠰᠢᠷᠢᠭᠰᠡᠨ ᠨᠢ ᠲᠤᠬᠠᠢ ᠶ᠋ᠢᠨ ᠦᠶ᠎ᠡ ᠶ᠋ᠢᠨ ᠣᠶᠣᠳᠠᠯ ᠤ᠋ᠨ ᠲᠥᠷᠥᠯ ᠶᠠᠮᠠᠷ ᠪᠠᠢᠭᠰᠠᠨ ᠢ᠋ ᠭᠡᠷᠡᠴᠢᠯᠡᠵᠦ ᠪᠠᠢᠨ᠎ᠠ᠃ ᠮᠥᠨ ᠡᠨᠡ ᠪᠤᠯᠠᠰᠢᠨ ᠠ᠋ᠴᠠ ᠣᠯᠳᠠᠭᠰᠠᠨ ᠨᠢᠭᠡ ᠬᠣᠪᠣᠷ ᠨᠠᠨᠳᠢᠨ ᠮᠠᠲ᠋ᠧᠷᠢᠶᠠᠯ ᠨᠢ ᠣᠳᠠᠨᠪᠣᠷ ᠭᠡᠳᠡᠭ ᠨᠢᠮᠭᠡᠨ ᠲᠣᠷᠭᠠᠨ ᠳᠡᠭᠡᠷ᠎ᠡ ᠲᠠᠮᠤᠵᠤ ᠡᠷᠴᠢᠮᠯᠡᠭᠰᠡᠨ ᠪᠦᠳᠦᠭᠦᠨ ᠤᠲᠠᠰᠤ ᠪᠠᠷ ᠡᠪᠡᠷ ᠤᠭᠠᠯᠵᠠ ᠬᠡ ᠣᠶᠣᠭᠰᠠᠨ ᠨᠢ ᠲᠤᠬᠠᠢ ᠶ᠋ᠢᠨ ᠦᠶ᠎ᠡ ᠶ᠋ᠢᠨ ᠤᠷᠠᠨ ᠬᠠᠳᠬᠤᠮᠠᠯ ᠤ᠋ᠨ ᠨᠢᠭᠡᠨ ᠥᠪᠡᠷᠮᠢᠴᠡ ᠣᠨᠴᠠᠯᠢᠭ ᠢ᠋ ᠬᠠᠷᠠᠭᠤᠯᠵᠤ ᠪᠠᠢᠨ᠎ᠠ᠃ 
       ᠰᠢᠶᠡᠨᠪᠢ ᠲᠣᠪᠠ ᠷᠦᠷᠡᠨ ᠠᠪᠠᠷ ᠠᠢᠮᠠᠭ ᠤ᠋ᠳ ᠤ᠋ᠨ ᠭᠠᠷ ᠤᠷᠠᠯᠠᠯ ᠾᠦᠩᠨᠦ ᠭᠦᠷᠦᠨ ᠢ᠋ ᠮᠥᠬᠥᠭᠰᠡᠨ ᠦ᠌ ᠳᠠᠷᠠᠭ᠎ᠠ ᠣᠷᠣᠨ ᠰᠠᠭᠤᠷᠢᠨ ᠳᠡᠭᠡᠷ᠎ᠡ ᠲᠡᠭᠦᠨ ᠦ᠌ ᠵᠠᠬᠢᠷᠭᠠᠨ ᠳ᠋ᠤ᠌ ᠪᠠᠢᠭᠰᠠᠨ ᠰᠢᠶᠡᠨᠪᠢ ᠨᠣᠶᠠᠷᠬᠠᠬᠤ ᠪᠣᠯᠵᠠᠢ᠃ ᠡᠨᠡ ᠨᠢ ᠮᠠᠨ ᠤ᠋ ᠡᠷᠢᠨ ᠦ᠌ ᠡᠮᠦᠨᠡᠬᠢ ᠨᠢᠭᠡᠳᠦᠭᠡᠷ ᠵᠠᠭᠤᠨ ᠠ᠋ᠴᠠ ᠲᠥᠪ ᠠᠽᠢᠶ᠎ᠠ ᠶ᠋ᠢᠨ ᠲᠡᠦᠬᠡᠨ ᠳ᠋ᠦ᠍ ᠮᠡᠳᠡᠭᠳᠡᠬᠦᠢᠴᠡ ᠬᠦᠴᠦᠷᠬᠡᠭ ᠪᠣᠯᠵᠠᠢ᠃ ᠭᠠᠷ ᠤᠷᠠᠯᠠᠯ ᠤ᠋ᠨ ᠬᠤᠪᠢ ᠳ᠋ᠤ᠌ ᠾᠦᠩᠨᠦ ᠤᠯᠤᠰ ᠤ᠋ᠨ ᠤᠷᠠᠯᠢᠭ ᠢ᠋ ᠥᠪᠯᠡᠨ ᠬᠥᠭᠵᠢᠭᠦᠯᠵᠦ ᠡᠬᠢᠯᠡᠵᠡᠢ᠃ ᠨᠤᠲᠤᠭ ᠳᠡᠪᠢᠰᠬᠡᠷ ᠦ᠋ᠨ ᠲᠠᠯ᠎ᠠ ᠪᠠᠷ ᠥᠷᠭᠡᠨ ᠠᠭᠤᠳᠠᠮ ᠨᠤᠲᠤᠭ ᠢ᠋ ᠡᠵᠡᠩᠨᠡᠨ ᠥᠪᠡᠷ ᠦ᠋ᠨ ᠭᠠᠷ ᠤᠷᠠᠯᠠᠯ ᠢ᠋ ᠵᠡᠷᠭᠡᠯᠡᠳᠡᠭᠡ ᠤᠯᠤᠰ ᠭᠦᠷᠦᠨ ᠳ᠋ᠦ᠍ ᠳᠡᠯᠭᠡᠷᠡᠭᠦᠯᠵᠡᠢ᠃ ᠰᠢᠶᠠᠨᠪᠧᠢ ᠶ᠋ᠢᠨ ᠦᠶ᠎ᠡ ᠳ᠋ᠦ᠍ ᠤᠷᠠᠨ ᠦᠢᠯᠡ ᠡᠴᠡ ᠨᠠᠭᠠᠮᠠᠯ ᠬᠠᠳᠬᠤᠮᠠᠯ ᠨᠡᠯᠢᠶᠡᠳ ᠬᠥᠭᠵᠢᠵᠦ᠂ ᠬᠤᠪᠴᠠᠰᠤᠨ ᠳ᠋ᠤ᠌ ᠭᠣᠶᠣᠯ ᠴᠢᠮᠡᠭᠯᠡᠯ ᠬᠢᠬᠦ ᠤᠷᠠᠯᠠᠯ ᠶᠡᠬᠡ ᠳᠡᠯᠭᠡᠷᠡᠵᠡᠢ᠃
       ᠡᠨᠡ ᠲᠤᠬᠠᠢ ᠨᠢᠭᠡ ᠪᠠᠷᠢᠮᠲᠠ ᠳᠤᠷᠠᠳᠬᠤ ᠳ᠋ᠤ᠌ ᠰᠢᠶᠠᠨᠪᠧᠢ ᠶ᠋ᠢᠨ ᠦᠶ᠎ᠡ ᠳ᠋ᠦ᠍ ᠣᠷᠣᠰᠢᠨ ᠪᠠᠢᠭᠰᠠᠨ ᠬᠠᠭᠠᠨ ᠳ᠋ᠤ᠌ ᠰᠤᠪᠤᠳ ᠬᠡᠯᠬᠢᠨ ᠪᠦᠲᠦᠭᠡᠭᠰᠡᠨ ᠪᠤᠷᠬᠠᠨ ᠤ᠋ ᠬᠥᠷᠥᠭ ᠪᠡᠯᠡᠭᠯᠡᠭᠰᠡᠨ ᠲᠤᠬᠠᠢ ᠰᠤᠳᠤᠷ ᠲᠤ ᠪᠢᠴᠢᠭᠳᠡᠭᠰᠡᠨ ᠪᠠᠢᠳᠠᠭ᠃
       ᠲᠡᠭᠦᠨᠴᠢᠯᠡᠨ ᠲᠣᠪᠠ ᠤᠯᠤᠰ ᠦᠶ᠎ᠡ ᠳ᠋ᠦ᠍ ᠰᠤᠪᠤᠳ ᠬᠡᠯᠬᠢᠶᠡᠰᠦᠲᠦ ᠵᠡᠭᠡᠭᠲᠦ ᠨᠠᠭᠠᠮᠠᠯ ᠤᠷᠠᠯᠠᠯ ᠶᠡᠬᠡ ᠳᠡᠯᠭᠡᠷᠡᠵᠦ ᠪᠠᠢᠭᠰᠠᠨ ᠲᠤᠬᠠᠢ ᠡᠷᠳᠡᠮᠲᠡᠳ ᠪᠢᠴᠢᠭᠰᠡᠨ ᠪᠠᠢᠳᠠᠭ᠃ ᠰᠤᠳᠤᠯᠭᠠᠨ ᠠ᠋ᠴᠠ ᠦᠵᠡᠬᠦ ᠳ᠋ᠦ᠍ ᠲᠡᠦᠬᠡᠨ ᠳ᠋ᠦ᠍ ᠠᠩᠭᠢᠲᠤ ᠨᠡᠢᠭᠡᠮ ᠡᠭᠦᠰᠴᠦ ᠠᠯᠢᠪᠠ ᠪᠠᠶᠠᠯᠢᠭ ᠪᠠᠶᠠᠯᠢᠭ ᠲᠤ ᠴᠢᠨᠦ ᠮᠢᠨᠦ ᠢᠯᠭᠠᠭ᠎ᠠ ᠡᠭᠦᠰᠴᠦ᠂ ᠠᠷᠠᠳ ᠲᠦᠮᠡᠨ ᠦ᠌ ᠭᠠᠷ ᠤᠷᠠᠯᠠᠯ ᠤ᠋ᠨ ᠰᠠᠢᠨ ᠰᠠᠢᠬᠠᠨ ᠪᠦᠬᠦᠨ ᠨᠣᠶᠠᠯᠠᠭᠴᠢ ᠠᠩᠭᠢ ᠶ᠋ᠢᠨ ᠭᠠᠷ ᠲᠤ ᠠᠯᠬᠤᠮ ᠠᠯᠬᠤᠮ ᠢ᠋ᠶ᠋ᠠᠷ ᠰᠢᠯᠵᠢᠨ ᠡᠴᠦᠰ ᠲᠡᠭᠡᠨ ᠲᠡᠢᠨ ᠳᠠᠵᠢᠨ ᠳ᠋ᠤ᠌ ᠬᠦᠷᠴᠦ ᠠᠰᠤᠷᠤ ᠶᠡᠬᠡ ᠪᠠᠶᠠᠯᠢᠭ ᠢ᠋ ᠰᠦᠢᠳᠬᠡᠵᠦ ᠪᠠᠢᠭᠰᠠᠨ ᠤ᠋ ᠳᠡᠭᠡᠷ᠎ᠡ ᠪᠤᠳ᠋ᠳ᠋ᠾᠠ ᠶ᠋ᠢᠨ ᠱᠠᠰᠢᠨ ᠤ᠋ ᠪᠤᠷᠤᠩᠬᠤᠢ ᠭᠠᠮᠰᠢᠭ ᠢ᠋ᠶ᠋ᠠᠷ ᠠᠷᠠᠳ ᠲᠦᠮᠡᠨ ᠦ᠌ ᠪᠣᠳᠠᠲᠤ ᠤᠷᠠᠯᠢᠭ ᠤ᠋ᠨ ᠶᠡᠬᠡᠬᠡᠨ ᠬᠡᠰᠡᠭ ᠬᠡᠢ ᠬᠣᠭᠣᠰᠣᠨ ᠪᠤᠷᠬᠠᠨ ᠰᠢᠲᠦᠭᠡᠨ ᠦ᠌ ᠬᠥᠷᠥᠭ ᠪᠦᠲᠦᠭᠡᠬᠦ ᠳ᠋ᠦ᠍ ᠵᠣᠷᠢᠭᠤᠯᠤᠭᠳᠠᠵᠤ ᠪᠠᠢᠵᠠᠢ᠃ ᠡᠭᠦᠨ ᠦ᠌ ᠨᠢᠭᠡ ᠭᠡᠷᠡᠴᠢ ᠨᠢ ᠲᠣᠪᠠ᠂ ᠠᠪᠠᠷ ᠠᠢᠮᠠᠭ ᠤ᠋ᠳ ᠦᠨᠡᠲᠦ ᠡᠷᠳᠡᠨᠢᠰ ᠢ᠋ᠶ᠋ᠡᠷ ᠪᠤᠷᠬᠠᠨ ᠪᠦᠲᠦᠭᠡᠬᠦ ᠠᠵᠢᠯ ᠶᠡᠬᠡ ᠪᠠᠢᠵᠠᠢ᠃ ᠠᠯᠲᠠ ᠮᠥᠩᠭᠥ᠂ ᠭᠣᠶᠣᠯ ᠴᠢᠮᠡᠭᠯᠡᠯ ᠦ᠋ᠨ ᠤᠷᠠᠯᠢᠭ ᠶᠡᠬᠡ ᠬᠥᠭᠵᠢᠵᠦ᠂ ᠢᠯᠠᠩᠭᠤᠶ᠎ᠠ ᠠᠪᠠᠷ ᠠᠢᠮᠠᠭ ᠲᠤ ᠤᠷᠠᠨ ᠦᠢᠯᠡ ᠳ᠋ᠦ᠍ ᠲᠣᠨᠣᠭ ᠴᠢᠮᠡᠭ ᠬᠡᠯᠡᠬᠦ ᠤᠷᠠᠯᠢᠭ ᠢ᠋ ᠡᠷᠬᠢᠮᠯᠡᠳᠡᠭ ᠪᠠᠢᠵᠠᠢ᠃
       ᠲᠦᠷᠺ ᠤᠯᠤᠰ ᠤ᠋ᠨ ᠤᠷᠠᠯᠢᠭ ᠷᠦᠷᠡᠨ ᠤ᠋ ᠬᠠᠷᠢᠶ᠎ᠠ ᠪᠠᠢᠭᠰᠠᠨ ᠣᠯᠠᠨ ᠠᠢᠮᠠᠭ ᠤ᠋ᠨ ᠳᠣᠲᠣᠷ᠎ᠠ ᠠ᠋ᠴᠠ ᠬᠦᠴᠦᠷᠬᠡᠭᠵᠢᠨ ᠰᠣᠶᠣᠯ ᠤᠷᠠᠯᠢᠭ ᠢ᠋ᠶ᠋ᠠᠷ ᠨᠡᠯᠢᠶᠡᠳ ᠳᠣᠪᠣᠢᠵᠤ ᠭᠠᠷᠤᠭᠰᠠᠨ ᠨᠢ ᠲᠦᠷᠺ ᠠᠢᠮᠠᠭ ᠪᠠᠢᠭᠰᠠᠨ ᠪᠣᠯᠬᠣᠷ ᠪᠤᠰᠤᠳ ᠠᠢᠮᠠᠭ ᠤ᠋ᠳ ᠢ᠋ ᠨᠢᠭᠡᠳᠬᠡᠨ ᠵᠠᠬᠢᠷᠴᠤ ᠲᠦᠷᠺ ᠦ᠋ᠨ ᠬᠠᠭᠠᠨᠲᠤ ᠤᠯᠤᠰ ᠢ᠋ ᠪᠠᠢᠭᠤᠯᠵᠠᠢ᠃ ᠲᠦᠷᠺᠴᠦᠳ ᠮᠣᠩᠭᠣᠯ ᠠᠢᠮᠠᠭ ᠤ᠋ᠳ ᠤ᠋ᠨ ᠨᠤᠲᠤᠭ ᠢ᠋ᠶ᠋ᠠᠷ ᠳᠠᠷᠬᠠᠨ ᠮᠠᠯ ᠠᠵᠤ ᠠᠬᠤᠢ᠂ ᠭᠠᠵᠠᠷ ᠲᠠᠷᠢᠶᠠᠯᠠᠩ ᠡᠷᠬᠢᠯᠡᠵᠦ ᠪᠠᠢᠵᠠᠢ᠃
       ᠳᠦᠷᠺ ᠦᠨ ᠦᠶ᠎ᠡ ᠳᠦ ᠠᠷᠠᠰᠤ ᠰᠢᠷᠢ ᠪᠡᠷ ᠬᠤᠪᠴᠠᠰᠤ ᠡᠳ᠋ᠯᠡᠯ ᠬᠢᠬᠦ᠂ ᠭᠡᠷ ᠣᠷᠣᠨ ᠢ᠋ᠶ᠋ᠠᠨ ᠪᠦᠷᠢᠬᠦ ᠶ᠋ᠢᠨ ᠬᠠᠮᠲᠤ ᠬᠤᠪᠴᠠᠰᠤᠨ ᠳ᠋ᠤ᠌ ᠬᠠᠷ᠎ᠠ ᠪᠤᠯᠠᠭ᠎ᠠ᠂ ᠬᠡᠷᠡᠮᠦ ᠶ᠋ᠢᠨ ᠠᠷᠠᠰᠤ ᠬᠡᠷᠡᠭᠯᠡᠳᠡᠭ ᠪᠠᠢᠵᠠᠢ᠃ ᠡᠭᠦᠨ ᠡᠴᠡ ᠦᠵᠡᠬᠦ ᠳ᠋ᠦ᠍ ᠡᠮᠡᠭᠲᠡᠢᠴᠦᠳ ᠦ᠋ᠨ ᠭᠠᠷ ᠤᠷᠠᠯᠠᠯ ᠠᠷᠠᠰᠤ᠂ ᠰᠢᠷᠢ᠂ ᠦᠰᠦᠯᠢᠭ ᠠᠩ ᠤ᠋ᠨ ᠠᠷᠠᠰᠤ ᠡᠰᠬᠡᠨ ᠤᠷᠠᠯᠠᠬᠤ ᠳ᠋ᠤ᠌ ᠵᠣᠷᠢᠭᠤᠯᠤᠭᠳᠠᠵᠤ ᠪᠠᠢᠵᠠᠢ᠃ ᠲᠦᠷᠺ ᠦ᠋ᠨ ᠬᠠᠭᠠᠨᠲᠤ ᠤᠯᠤᠰ ᠤ᠋ᠨ ᠦᠶ᠎ᠡ ᠳ᠋ᠦ᠍ ᠪᠥᠬᠡ ᠶ᠋ᠢᠨ ᠪᠣᠯᠤᠨ ᠪᠤᠳ᠋ᠳ᠋ᠾᠠ ᠶ᠋ᠢᠨ ᠱᠠᠰᠢᠨ᠂ ᠵᠠᠭᠠᠯᠮᠠᠢ ᠶ᠋ᠢᠨ ᠱᠠᠰᠢᠨ ᠭᠡᠬᠦ ᠮᠡᠲᠦ ᠱᠠᠰᠢᠨ ᠤ᠋ ᠣᠯᠠᠨ ᠬᠡᠯᠪᠡᠷᠢ ᠨᠦ᠍ᠭᠦᠳ ᠳᠡᠯᠭᠡᠷᠡᠵᠦ᠂ ᠡᠮᠡᠭᠲᠡᠢᠴᠦᠳ ᠭᠡᠷ᠂ ᠣᠷᠣᠨ᠂ ᠬᠤᠪᠴᠠᠰᠤ ᠬᠤᠨᠠᠷ ᠤᠷᠠᠯᠠᠬᠤ ᠶ᠋ᠢᠨ ᠬᠠᠮᠲᠤ ᠱᠠᠰᠢᠨ ᠤ᠋ ᠡᠮᠦᠰᠬᠡᠯ᠂ ᠪᠤᠷᠬᠠᠨ ᠰᠢᠲᠦᠭᠡᠨ ᠦ᠌ ᠳᠦᠷᠢ ᠤᠷᠠᠯᠠᠬᠤ ᠪᠣᠯᠵᠠᠢ᠃ ᠲᠦᠷᠺ ᠦ᠋ᠨ ᠤᠷᠠᠯᠢᠭ ᠤ᠋ᠨ ᠪᠠᠰᠠ ᠨᠢᠭᠡ ᠣᠨᠴᠠᠯᠢᠭ ᠨᠢ ᠬᠥᠰᠢᠶ᠎ᠡ᠂ ᠬᠡᠷᠡᠮ᠂ ᠬᠥᠮᠦᠨ ᠦ᠌ ᠳᠦᠷᠰᠦ ᠶ᠋ᠢ ᠴᠢᠯᠠᠭᠤ ᠪᠠᠷ ᠬᠢᠬᠦ ᠶᠠᠪᠤᠳᠠᠯ ᠶᠡᠬᠡ ᠪᠠᠢᠵᠠᠢ᠃
       ᠬᠥᠰᠢᠶ᠎ᠡ ᠴᠢᠯᠠᠭᠤᠨ ᠳ᠋ᠤ᠌ ᠪᠣᠳᠢ ᠭᠥᠷᠥᠭᠡᠰᠦ᠂ ᠠᠳᠤᠭᠤ᠂ ᠬᠣᠨᠢᠨ ᠤ᠋ ᠳᠦᠷᠰᠦ ᠶᠡᠬᠡ ᠭᠠᠷᠭᠠᠳᠠᠭ ᠪᠠᠢᠭᠰᠠᠨ ᠨᠢ ᠡᠷᠢᠨ ᠦᠶ᠎ᠡ ᠳ᠋ᠦ᠍ ᠲᠦᠷᠺ ᠦ᠋ᠨ ᠲᠡᠦᠬᠡ ᠰᠤᠳᠤᠯᠬᠤ ᠳ᠋ᠤ᠌ ᠴᠢᠬᠤᠯᠠ ᠳᠤᠷᠠᠰᠬᠠᠯ ᠤ᠋ᠨ ᠤᠯᠠ ᠮᠥᠷ ᠪᠣᠯᠵᠤ ᠳᠦᠷᠰᠦᠯᠡᠬᠦ ᠤᠷᠠᠯᠢᠭ᠂ ᠭᠠᠷ ᠤᠷᠠᠯᠠᠯ ᠤ᠋ᠨ ᠤᠷᠠᠨ ᠬᠠᠳᠬᠤᠮᠠᠯ ᠳ᠋ᠤ᠌ ᠲᠤᠰᠬᠠᠭᠳᠠᠵᠤ ᠪᠠᠢᠭᠰᠠᠨ ᠨᠢ ᠡᠷᠡᠭᠡᠯᠵᠡᠭᠡ ᠦᠭᠡᠢ ᠪᠢᠯᠡ᠃ ᠡᠨᠡ ᠦᠶ᠎ᠡ ᠶ᠋ᠢᠨ ᠨᠡᠭᠦᠳᠡᠯᠴᠢᠨ ᠨᠦ᠍ᠭᠦᠳ ᠤᠷᠢᠳᠤ ᠣᠪᠣᠭ ᠠᠢᠮᠠᠭ ᠤ᠋ᠨ ᠨᠢᠭᠡ ᠠᠳᠠᠯᠢ ᠢᠰᠡᠭᠡᠢ ᠭᠡᠷ ᠲᠦ ᠰᠠᠭᠤᠳᠠᠭ ᠪᠠᠢᠭᠰᠠᠨ ᠤᠴᠢᠷ ᠤᠷᠢᠳᠤ ᠠ᠋ᠴᠠ ᠤᠯᠠᠮᠵᠢᠯᠠᠵᠤ ᠢᠷᠡᠭᠰᠡᠨ ᠢᠰᠡᠭᠡᠢ ᠶ᠋ᠢᠨ ᠤᠷᠠᠯᠢᠭ ᠬᠥᠭᠵᠢᠵᠦ ᠢᠰᠡᠭᠡᠢ ᠶ᠋ᠢ ᠥᠩᠭᠡ ᠪᠦᠷᠢ ᠪᠡᠷ ᠬᠡᠯᠡᠬᠦ᠂ ᠠᠯᠠᠭᠯᠠᠬᠤ ᠵᠡᠷᠭᠡ ᠪᠡᠷ ᠭᠣᠶᠣᠮᠰᠣᠭ ᠤᠷᠠᠯᠠᠵᠤ ᠪᠠᠢᠭᠰᠠᠨ ᠤ᠋ ᠳᠡᠭᠡᠷ᠎ᠡ ᠵᠤᠨ ᠤ᠋ ᠴᠠᠭ ᠲᠤ ᠬᠠᠭᠠᠳ ᠨᠣᠶᠠᠳ ᠤ᠋ᠨ ᠭᠡᠷ ᠢ᠋ ᠲᠣᠣᠷ ᠢ᠋ᠶ᠋ᠠᠷ ᠪᠦᠷᠬᠦᠳᠡᠭ ᠪᠠᠢᠵᠠᠢ᠃ ᠭᠠᠷ ᠤᠷᠠᠯᠠᠯ᠂ ᠤᠷᠠᠨ ᠦᠢᠯᠡ ᠳ᠋ᠦ᠍ ᠾᠦᠩᠨᠦ ᠪᠠ ᠨᠠᠩᠭᠢᠶᠠᠳ ᠤ᠋ᠨ ᠭᠠᠷ ᠤᠷᠠᠯᠠᠯ ᠢ᠋ ᠤᠯᠠᠮᠵᠢᠯᠠᠨ ᠬᠥᠭᠵᠢᠭᠦᠯᠵᠦ ᠵᠢᠷᠤᠭ᠂ ᠬᠠᠳᠬᠤᠮᠠᠯ ᠳ᠋ᠤ᠌ ᠪᠠᠢᠭᠠᠯᠢ ᠶ᠋ᠢ ᠶᠡᠬᠡ ᠳᠦᠷᠰᠦᠯᠡᠳᠡᠭ ᠪᠠᠢᠵᠠᠢ᠃
       ᠳᠦᠷᠺ ᠦᠳ ᠭᠠᠷ ᠤᠷᠠᠯᠠᠯ ᠤ᠋ᠨ ᠨᠢᠭᠡ ᠳᠡᠪᠢᠰᠬᠡᠷ ᠲᠦ ᠣᠯᠠᠨ ᠶᠠᠭᠤᠮ᠎ᠠ ᠶ᠋ᠢ ᠪᠠᠭᠲᠠᠭᠠᠳᠠᠭ ᠪᠠᠢᠭᠰᠠᠨ ᠠ᠋ᠴᠠ ᠦᠵᠡᠬᠦ ᠳ᠋ᠦ᠍ ᠤᠷᠠᠨ ᠬᠠᠳᠬᠤᠮᠠᠯ ᠳ᠋ᠤ᠌ ᠴᠤ ᠲᠡᠢᠮᠦ ᠪᠠᠢᠭᠰᠠᠨ ᠪᠠᠢᠵᠤ ᠪᠣᠯᠬᠤ ᠶᠤᠮ᠃ ᠲᠦᠷᠺᠴᠦᠳ ᠪᠠᠢᠰᠢᠩ ᠪᠠᠷᠢᠯᠭ᠎ᠠ ᠶ᠋ᠢᠨ ᠬᠠᠨ᠎ᠠ᠂ ᠪᠠᠭᠠᠨ᠎ᠠ ᠳ᠋ᠤ᠌ ᠯᠤᠤ ᠣᠷᠢᠶᠠᠬᠤ᠂ ᠶᠠᠩᠵᠤ ᠪᠦᠷᠢ ᠶ᠋ᠢᠨ ᠬᠡ ᠤᠭᠠᠯᠵᠠ ᠲᠠᠯᠪᠢᠬᠤ᠂ ᠭᠠᠷ ᠲᠠᠭᠠᠨ ᠠᠯᠴᠢᠭᠤᠷ ᠪᠠᠷᠢᠭᠰᠠᠨ ᠡᠮᠡᠭᠲᠡᠢ᠂ ᠰᠡᠯᠡᠮ᠎ᠡ ᠪᠠᠷᠢᠭᠰᠠᠨ ᠡᠷᠡᠴᠦᠳ ᠦ᠋ᠨ ᠳᠦᠷᠰᠦ ᠵᠡᠷᠭᠡ ᠪᠡᠷ ᠴᠢᠮᠡᠳᠡᠭ ᠪᠠᠢᠭᠰᠠᠨ ᠨᠢ᠂ ᠡᠮᠡᠭᠲᠡᠢᠴᠦᠳ ᠦ᠋ᠨ ᠤᠷᠠᠨ ᠦᠢᠯᠡ ᠳ᠋ᠦ᠍ ᠲᠤᠰᠬᠠᠯ ᠢ᠋ᠶ᠋ᠠᠨ ᠣᠯᠵᠠᠢ᠃ ᠲᠦᠷᠺ ᠦ᠋ᠨ ᠦᠶ᠎ᠡ ᠶ᠋ᠢᠨ ᠭᠠᠷ ᠵᠢᠷᠤᠭ᠂ ᠤᠷᠠᠯᠠᠯ ᠤ᠋ᠨ ᠭᠣᠣᠯ ᠨᠢ ᠪᠠᠢᠭ᠎ᠠ ᠵᠦᠢᠯ ᠢ᠋ ᠪᠣᠳᠠᠲᠤ ᠪᠠᠢᠳᠠᠯ ᠢ᠋ᠶ᠋ᠠᠷ ᠳᠦᠷᠰᠦᠯᠡᠬᠦ ᠶ᠋ᠢ ᠭᠣᠣᠯ ᠪᠣᠯᠭᠠᠳᠠᠭ ᠦᠭᠡᠢ ᠬᠡᠲᠦᠷᠡᠭᠦᠯᠦᠯ ᠢ᠋ ᠶᠡᠬᠡ ᠭᠡᠵᠦ ᠴᠢᠮᠡᠭᠯᠡᠬᠦ ᠶ᠋ᠢ ᠣᠷᠣᠯᠳᠣᠳᠠᠭ ᠪᠠᠢᠭᠰᠠᠨ ᠭᠡᠵᠦ ᠴ· ᠰᠣᠨᠤᠮᠴᠡᠷᠡᠨ ᠨᠣᠮ ᠳ᠋ᠠᠭᠠᠨ ᠪᠢᠴᠢᠵᠡᠢ᠃
       ᠤᠢᠭᠤᠷ ᠤᠨ ᠦᠶ᠎ᠡ ᠶᠢᠨ  ᠤᠷᠠᠯᠢᠭ ᠲᠦᠷᠺ ᠦ᠋ᠨ ᠬᠠᠭᠠᠨᠲᠤ ᠤᠯᠤᠰ ᠮᠥᠬᠥᠭᠰᠡᠨ ᠦ᠌ ᠳᠠᠷᠠᠭ᠎ᠠ ᠲᠡᠭᠦᠨ ᠦ᠌ ᠪᠠᠢᠷᠢ ᠰᠠᠭᠤᠷᠢᠨ ᠳᠡᠭᠡᠷ᠎ᠡ ᠤᠢᠭᠤᠷ ᠤ᠋ᠨ ᠬᠠᠭᠠᠨᠲᠤ ᠤᠯᠤᠰ ᠲᠣᠭᠲᠠᠵᠠᠢ᠃ ᠡᠨᠡ ᠨᠢ ᠨᠠᠢ᠍ᠮᠠᠳᠤᠭᠠᠷ ᠵᠠᠭᠤᠨ ᠠ᠋ᠴᠠ ᠶᠢᠰᠦᠳᠦᠭᠡᠷ ᠵᠠᠭᠤᠨ ᠤ᠋ ᠦᠶ᠎ᠡ ᠶᠤᠮ᠃ ᠤᠢᠭᠤᠷ ᠤ᠋ᠨ ᠤᠷᠢᠳᠤ ᠨᠣᠶᠠᠷᠬᠠᠨ ᠪᠠᠢᠭᠰᠠᠨ ᠮᠣᠩᠭᠣᠯ ᠤ᠋ᠨ ᠨᠡᠭᠦᠳᠡᠯᠴᠢᠨ ᠠᠢᠮᠠᠭ ᠤ᠋ᠨ ᠨᠤᠲᠤᠭ ᠳᠡᠪᠢᠰᠬᠡᠷ ᠲᠦ ᠣᠷᠣᠰᠢᠨ ᠰᠠᠭᠤᠵᠤ ᠪᠠᠢᠭᠰᠠᠨ ᠪᠥᠭᠡᠳ ᠲᠡᠳᠡᠨ  ᠦ᠌ ᠠᠩᠬ᠎ᠠ ᠣᠷᠣᠰᠢᠨ ᠪᠠᠢᠭᠰᠠᠨ ᠭᠠᠵᠠᠷ ᠨᠢ ᠬᠠᠭᠤᠴᠢᠨ ᠾᠦᠩᠨᠦ᠂ ᠲᠦᠷᠺ ᠨᠠᠷ ᠤ᠋ᠨ ᠰᠠᠭᠤᠵᠤ ᠪᠠᠢᠭᠰᠠᠨ ᠭᠠᠵᠠᠷ ᠭᠡᠵᠦ ᠲᠡᠦᠬᠡᠴᠢᠨ ᠨᠤᠲᠠᠯᠠᠭᠰᠠᠨ ᠲᠤᠬᠠᠢ《ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠲᠡᠦᠬᠡ》 ᠶ᠋ᠢᠨ ᠲᠡᠷᠢᠭᠦᠨ  ᠳᠡᠪᠲᠡᠷ ᠲᠦ ᠪᠢᠴᠢᠵᠡᠢ᠃
       ᠡᠭᠦᠨ ᠡᠴᠡ ᠦᠵᠡᠬᠦ ᠳ᠋ᠦ᠍ ᠤᠢᠭᠤᠷ ᠤ᠋ᠨ ᠤᠷᠠᠯᠢᠭ ᠳᠡᠭᠡᠷ᠎ᠡ ᠦᠶ᠎ᠡ ᠶ᠋ᠢᠨ ᠮᠣᠩᠭᠣᠯ ᠠᠢᠮᠠᠭ ᠤ᠋ᠳ ᠤ᠋ᠨ ᠤᠷᠠᠨ ᠰᠠᠩ ᠲᠠᠢ ᠬᠣᠯᠪᠣᠭ᠎ᠠ ᠲᠠᠢ ᠲᠡᠭᠦᠨ ᠢ᠋ ᠥᠪᠯᠡᠨ ᠬᠥᠭᠵᠢᠭᠦᠯᠵᠦ ᠢᠷᠡᠵᠡᠢ᠃ ᠤᠢᠭᠤᠷ ᠤ᠋ᠳ ᠮᠠᠯ ᠠᠵᠤ ᠠᠬᠤᠢ ᠡᠷᠬᠢᠯᠡᠵᠦ᠂ ᠲᠡᠭᠦᠨ ᠦ᠌ ᠠᠷᠠᠰᠤ ᠰᠢᠷᠢ ᠶ᠋ᠢ ᠪᠣᠯᠪᠠᠰᠤᠷᠠᠭᠤᠯᠤᠨ ᠬᠤᠪᠴᠠᠰᠤ ᠬᠤᠨᠠᠷ ᠬᠢᠳᠡᠭ ᠪᠠᠢᠭᠰᠠᠨ ᠨᠢ ᠮᠠᠨ ᠤ᠋ ᠠᠷᠠᠳ ᠲᠦᠮᠡᠨ ᠦ᠌ ᠡᠷᠲᠡ ᠦᠶ᠎ᠡ ᠶ᠋ᠢᠨ ᠰᠣᠶᠣᠯ ᠠᠮᠢᠳᠤᠷᠠᠯ ᠤ᠋ᠨ ᠲᠣᠳᠣ ᠵᠢᠱ᠌ᠢᠶ᠎ᠡ ᠪᠣᠯᠳᠠᠭ᠃ ᠡᠨᠡ ᠦᠶ᠎ᠡ ᠶ᠋ᠢᠨ ᠡᠮᠡᠭᠲᠡᠢᠴᠦᠳ ᠦ᠋ᠨ ᠭᠠᠷ ᠤ᠋ᠨ ᠤᠷ᠎ᠠ ᠠᠷᠠᠰᠤ ᠨᠡᠬᠡᠢ ᠶ᠋ᠢ ᠡᠰᠬᠡᠵᠦ ᠣᠶᠣᠬᠤ᠂ ᠬᠠᠳᠬᠤᠬᠤ᠂ ᠨᠠᠭᠠᠬᠤ᠂
ᠨᠡᠬᠡᠬᠦ᠂ ᠰᠦᠯᠵᠢᠬᠦ ᠤᠷᠠᠯᠢᠭ ᠪᠠᠢᠵᠠᠢ᠃ ᠤᠢᠭᠤᠷ ᠤ᠋ᠨ ᠦᠶ᠎ᠡ ᠳ᠋ᠦ᠍ ᠬᠥᠮᠦᠨ ᠠᠷᠠᠳ ᠳᠠᠩ ᠭᠠᠭᠴᠠ ᠨᠡᠭᠦᠳᠡᠯᠴᠢᠨ ᠬᠡᠪ ᠢ᠋ᠶ᠋ᠡᠷ ᠪᠠᠢᠭᠰᠠᠨ ᠦᠭᠡᠢ᠂ ᠵᠠᠷᠢᠮ ᠭᠠᠵᠠᠷ ᠬᠣᠲᠠ ᠰᠠᠭᠤᠷᠢᠨ ᠪᠠᠷᠢᠵᠤ ᠨᠡᠢᠰᠯᠡᠯ ᠲᠡᠢ ᠪᠣᠯᠵᠤ ᠡᠬᠢᠯᠡᠭᠰᠡᠨ ᠪᠠ ᠬᠤᠳᠠᠯᠳᠤᠭ᠎ᠠ᠂ ᠭᠠᠷ ᠦᠢᠯᠡᠳᠪᠦᠷᠢ᠂ ᠤᠷᠠᠨ ᠪᠠᠷᠢᠯᠭ᠎ᠠ ᠶᠡᠬᠡ ᠬᠥᠭᠵᠢᠵᠡᠢ᠃ ᠡᠭᠦᠨ ᠢ᠋ ᠳᠠᠭᠠᠵᠤ ᠭᠠᠷ ᠤᠷᠠᠯᠠᠯ᠂ ᠰᠣᠶᠣᠯ ᠢᠷᠭᠡᠨᠰᠢᠯ ᠦ᠋ᠨ ᠡᠬᠢ ᠡᠭᠦᠰᠪᠦᠷᠢ ᠲᠠᠯᠪᠢᠭᠳᠠᠵᠠᠢ ᠭᠡᠵᠦ ᠤᠯᠤᠰ ᠤ᠋ᠨ ᠲᠡᠦᠬᠡ ᠶ᠋ᠢᠨ ᠲᠡᠷᠢᠭᠦᠨ ᠳᠡᠪᠲᠡᠷ ᠲᠦ ᠪᠢᠴᠢᠭᠰᠡᠨ ᠪᠠᠢᠳᠠᠭ᠃
       ᠭᠠᠷ ᠤᠷᠠᠯᠠᠯ ᠳ᠋ᠤ᠌ ᠪᠣᠳᠠᠲᠤ ᠪᠠᠢᠳᠠᠯ ᠢ᠋ ᠶᠡᠬᠡᠬᠡᠨ ᠲᠤᠰᠬᠠᠵᠤ᠂ ᠢᠯᠠᠩᠭᠤᠶ᠎ᠠ ᠬᠥᠮᠦᠨ ᠦ᠌ ᠬᠥᠷᠥᠭ ᠲᠦ ᠨᠠᠮᠪᠠ ᠲᠥᠷᠬᠦ᠂ ᠡᠳ᠋ᠯᠡᠯ ᠬᠡᠷᠡᠭᠯᠡᠯ᠂ ᠬᠡᠷᠬᠡᠮ᠂ ᠲᠤᠰᠢᠶᠠᠯ ᠢ᠋ ᠬᠦᠷᠲᠡᠯ᠎ᠡ ᠢᠯᠭᠠᠬᠤ ᠲᠡᠮᠳᠡᠭ ᠢ᠋ᠶ᠋ᠡᠷ ᠨᠢ ᠲᠣᠳᠣᠷᠬᠠᠢ ᠲᠤᠰᠬᠠᠳᠠᠭ ᠪᠠᠢᠯ᠎ᠠ᠃ ᠡᠨᠡ ᠦᠶ᠎ᠡ ᠳ᠋ᠦ᠍ ᠭᠠᠷ ᠤᠷᠠᠯᠠᠯ ᠤ᠋ᠨ ᠰᠡᠳᠦᠪ ᠬᠥᠮᠦᠨ ᠦ᠌ ᠶᠡᠷᠦᠳᠡ ᠶ᠋ᠢᠨ ᠠᠮᠢᠳᠤᠷᠠᠯ᠂ ᠱᠠᠰᠢᠨ ᠰᠢᠲᠦᠯᠭᠡ᠂ ᠪᠠᠢᠭᠠᠯᠢ ᠶ᠋ᠢᠨ ᠰᠡᠳᠦᠪ ᠦ᠋ᠳ ᠪᠠᠢᠭᠰᠠᠨ ᠪᠠ ᠴᠢᠮᠡᠭᠯᠡᠬᠦ ᠥᠩᠭᠡ ᠳ᠋ᠦ᠍ ᠤᠯᠠᠭᠠᠨ ᠥᠩᠭᠡ ᠶ᠋ᠢ ᠶᠡᠬᠡ ᠬᠡᠷᠡᠭᠯᠡᠵᠦ᠂ ᠪᠠᠢᠭᠠᠯᠢ ᠶ᠋ᠢ ᠬᠡ ᠤᠭᠠᠯᠵᠠ ᠪᠠᠷ ᠵᠢᠷᠤᠳᠠᠭ ᠪᠠᠢᠵᠠᠢ᠃
       ᠭᠠᠷ ᠤᠷᠠᠯᠠᠯ ᠳ᠋ᠤ᠌ ᠭᠤᠸ᠎ᠠ ᠰᠠᠢᠬᠠᠨ᠂ ᠤᠷᠠᠨ ᠴᠢᠮᠡᠭᠯᠡᠯ ᠬᠥᠭᠵᠢᠵᠦ ᠪᠠᠢᠭᠰᠠᠨ ᠤ᠋ ᠭᠠᠳᠠᠨ᠎ᠠ ᠴᠢᠮᠡᠭᠯᠡᠯ ᠳ᠋ᠦ᠍ ᠴᠡᠴᠡᠭ ᠦ᠋ᠨ ᠪᠠ ᠡᠪᠡᠷ ᠤᠭᠠᠯᠵᠠ᠂ ᠬᠧᠣ᠌ᠮᠧᠲ᠋ᠷ ᠦ᠋ᠨ ᠬᠡ ᠶ᠋ᠢ ᠥᠷᠭᠡᠨ ᠬᠡᠷᠡᠭᠯᠡᠳᠡᠭ ᠪᠠᠢᠵᠠᠢ᠃ ᠤᠢᠭᠤᠷ ᠤ᠋ᠨ ᠦᠶ᠎ᠡ ᠳ᠋ᠦ᠍ ᠡᠮᠡᠭᠲᠡᠢᠴᠦᠳ ᠦ᠋ᠨ ᠤᠷᠠᠨ ᠦᠢᠯᠡ᠂ ᠬᠠᠳᠬᠤᠮᠠᠯ ᠭᠣᠶᠣᠮᠰᠣᠭ ᠬᠡᠯᠪᠡᠷᠢ ᠣᠯᠵᠤ᠂ ᠤᠭᠠᠯᠵᠠ ᠬᠡ ᠶ᠋ᠢ ᠳᠣᠪᠣᠢᠯᠭᠠᠬᠤ᠂ ᠬᠣᠲᠣᠢᠯᠭᠠᠬᠤ᠂ ᠲᠠᠬᠢᠷ ᠰᠢᠯᠤᠭᠤᠨ᠂ ᠳᠣᠯᠭᠢᠶᠠᠨ ᠲᠠᠢ᠂ ᠬᠠᠭᠠᠰ ᠳᠤᠭᠤᠢᠯᠠᠭᠰᠠᠨ ᠪᠠᠢᠳᠠᠯ ᠢ᠋ᠶ᠋ᠠᠷ ᠬᠡᠯᠡᠳᠡᠭ ᠪᠠᠢᠵᠠᠢ᠃
       ᠤᠢᠭᠤᠷ ᠤᠨ ᠦᠶ᠎ᠡ ᠳᠦ ᠨᠡᠬᠡᠮᠡᠯᠴᠢᠨ ᠬᠥᠮᠦᠰ ᠶᠡᠬᠡ ᠣᠯᠠᠰᠢᠷᠠᠵᠤ᠂ ᠨᠡᠬᠡᠮᠡᠯ ᠦ᠋ᠨ ᠤᠷᠠᠯᠢᠭ ᠶᠡᠬᠡ ᠬᠥᠭᠵᠢᠵᠦ ᠢᠷᠡᠵᠡᠢ᠃ ᠤᠢᠭᠤᠷ ᠤ᠋ᠳ ᠬᠠᠷᠢ ᠣᠷᠣᠨ ᠳ᠋ᠤ᠌ ᠮᠠᠯ ᠠᠵᠤ ᠠᠬᠤᠢ ᠶ᠋ᠢᠨ ᠪᠦᠲᠦᠭᠡᠭᠳᠡᠬᠦᠨ ᠭᠠᠷᠭᠠᠵᠤ ᠣᠷᠣᠨ ᠳ᠋ᠤ᠌ ᠨᠢ ᠲᠣᠷᠭ᠎ᠠ᠂ ᠳᠠᠪᠤᠤ ᠠᠪᠳᠠᠭ ᠪᠠᠢᠭᠰᠠᠨ ᠲᠤᠬᠠᠢ ᠪᠢᠴᠢᠭᠳᠡᠭᠰᠡᠨ ᠪᠠᠢᠳᠠᠭ᠃ ᠲᠤᠬᠠᠢᠯᠠᠪᠠᠯ᠂ ᠬᠢᠲᠠᠳ ᠲᠤ 6000 ᠲᠣᠯᠣᠭᠠᠢ ᠠᠳᠤᠭᠤ ᠭᠠᠷᠭᠠᠵᠤ240000 ᠲᠣᠯᠣᠭᠠᠢ ᠳᠠᠪᠤᠤ ᠠᠪᠴᠤ ᠪᠠᠢᠭᠰᠠᠨ ᠲᠤᠬᠠᠢ ᠤᠯᠤᠰ ᠤ᠋ᠨ ᠲᠡᠦᠬᠡ ᠶ᠋ᠢᠨ (1984 ᠣᠨ ᠤ᠋)131 ᠳ᠋ᠦ᠍ᠭᠡᠷ ᠲᠠᠯ᠎ᠠ ᠳ᠋ᠤ᠌ ᠪᠢᠴᠢᠭᠳᠡᠭᠰᠡᠨ ᠪᠠᠢᠳᠠᠭ᠃
       ᠬᠢᠳᠠᠨ ᠭᠦᠷᠦᠨ ᠦ᠌ ᠤᠷᠠᠯᠢᠭ  ᠬᠢᠳᠠᠨ ᠭᠦᠷᠦᠨ ᠮᠠᠨ ᠤ᠋ ᠲᠣᠭᠠᠯᠠᠯ ᠤ᠋ᠨ ᠬᠣᠶᠠᠳᠤᠭᠠᠷ ᠵᠠᠭᠤᠨ ᠤ᠋ ᠦᠶ᠎ᠡ ᠳ᠋ᠦ᠍ ᠪᠣᠢ ᠪᠣᠯᠵᠤ ᠨᠠᠢ᠍ᠮᠠᠳᠤᠭᠠᠷ ᠵᠠᠭᠤᠨ ᠤ᠋ ᠦᠶ᠎ᠡ ᠡᠴᠡ ᠪᠡᠶ᠎ᠡ ᠪᠡᠨ ᠳᠠᠭᠠᠭᠠᠭᠰᠠᠨ ᠠᠢᠮᠠᠭ ᠪᠣᠯᠵᠤ ᠨᠣᠶᠠᠷᠬᠠᠨ12 ᠳ᠋ᠤᠭᠠᠷ ᠵᠠᠭᠤᠨ ᠤ᠋ ᠦᠶ᠎ᠡ ᠳ᠋ᠦ᠍ ᠪᠤᠰᠤᠳ ᠠᠢᠮᠠᠭ ᠤ᠋ᠳ ᠠ᠋ᠴᠠ ᠳᠣᠪᠣᠢᠵᠤ ᠥᠷᠭᠡᠨ ᠠᠭᠤᠳᠠᠮ ᠨᠤᠲᠤᠭ ᠢ᠋ ᠡᠵᠡᠩᠨᠡᠬᠦ ᠪᠣᠯᠤᠯ᠎ᠠ᠃ ᠭᠢᠲᠠᠨᠴᠤᠳ ᠵᠡᠭᠦᠨ ᠳᠠᠯᠠᠢ ᠠ᠋ᠴᠠ ᠠᠯᠲᠠᠢ ᠶ᠋ᠢᠨ ᠨᠢᠷᠤᠭᠤ᠂ ᠬᠡᠷᠦᠯᠦᠨ ᠭᠣᠣᠯ ᠠ᠋ᠴᠠ ᠨᠠᠩᠭᠢᠶᠠᠳ ᠤ᠋ᠨ ᠴᠠᠭᠠᠨ ᠬᠡᠷᠡᠮ ᠬᠦᠷᠲᠡᠯ᠎ᠡ ᠨᠤᠲᠤᠭ ᠢ᠋ ᠡᠵᠡᠯᠡᠵᠦ ᠪᠠᠢᠵᠠᠢ᠃
       ᠡᠢᠮᠦ ᠳᠦ ᠬᠢᠳᠠᠨ ᠭᠦᠷᠦᠨ ᠦ ᠦᠶ᠎ᠡ ᠶ᠋ᠢᠨ ᠤᠷᠠᠯᠢᠭ ᠢ᠋ ᠰᠤᠳᠤᠯᠬᠤ ᠳ᠋ᠤ᠌ ᠡᠳᠡᠭᠡᠷ ᠭᠠᠵᠠᠷ ᠨᠤᠲᠤᠭ ᠪᠣᠯᠤᠨ ᠲᠡᠭᠦᠨ ᠲᠡᠢ ᠬᠢᠯᠢᠯᠡᠵᠦ ᠪᠠᠢᠭᠰᠠᠨ ᠤᠯᠤᠰ ᠭᠦᠷᠦᠨ ᠦ᠌ ᠤᠷᠠᠯᠢᠭ ᠢ᠋ ᠬᠠᠮᠲᠤ ᠰᠤᠳᠤᠯᠤᠨ᠎ᠠ ᠭᠡᠰᠡᠨ ᠦᠭᠡ ᠶᠦᠮ᠃ ᠬᠢᠳᠠᠨ ᠨᠠᠷ ᠮᠣᠩᠭᠣᠯ ᠤ᠋ᠨ ᠲᠡᠷᠢᠭᠦᠨ ᠰᠣᠶᠣᠯ ᠲᠠᠢ ᠠᠢᠮᠠᠭ ᠤ᠋ᠨ ᠨᠢᠭᠡ ᠪᠠᠢᠭᠰᠠᠨ ᠤᠴᠢᠷ ᠠ᠋ᠴᠠ ᠲᠡᠷᠡ ᠦᠶ᠎ᠡ ᠳ᠋ᠦ᠍ ᠨᠣᠮ ᠤ᠋ᠨ ᠰᠠᠩ᠂ ᠪᠥᠵᠢᠭ᠂ ᠵᠦᠴᠦᠭᠡ ᠬᠥᠭᠵᠢᠬᠦ ᠶ᠋ᠢᠨ ᠬᠠᠵᠠᠭᠤ ᠪᠠᠷ ᠪᠥᠬᠡ ᠶ᠋ᠢᠨ ᠣᠩᠭᠣᠨ ᠲᠩᠷᠢ ᠳᠡᠭᠡᠳᠦᠰ ᠲᠠᠬᠢᠬᠤ᠂ ᠪᠤᠷᠬᠠᠨ ᠱᠠᠰᠢᠨ ᠶᠡᠬᠡ ᠳᠡᠯᠭᠡᠷᠡᠵᠦ᠂ ᠡᠭᠦᠨ ᠲᠡᠢ ᠤᠶᠠᠯᠳᠤᠨ ᠵᠦᠴᠦᠭᠡ᠂ ᠪᠥᠵᠢᠭ᠂ ᠱᠠᠰᠢᠨ ᠤ᠋ ᠡᠮᠦᠰᠬᠡᠯ᠂ ᠪᠤᠷᠬᠠᠨ ᠤ᠋ ᠬᠥᠷᠥᠭ ᠤᠷᠠᠯᠠᠬᠤ ᠪᠣᠯᠵᠠᠢ᠃ ᠬᠢᠳᠠᠨ ᠨᠠᠷ ᠨᠡᠭᠦᠳᠡᠯᠴᠢᠨ ᠠᠢᠮᠠᠭ ᠪᠠᠢᠭᠰᠠᠨ ᠤᠴᠢᠷ ᠠ᠋ᠴᠠ5 ᠨᠡᠢᠰᠯᠡᠯ ᠬᠣᠲᠠ ᠲᠠᠢ ᠪᠠᠢᠵᠠᠢ᠃ ᠬᠢᠳᠠᠨ ᠨᠠᠷ ᠤᠷᠠᠨ ᠪᠠᠷᠢᠯᠭ᠎ᠠ ᠶ᠋ᠢᠨ ᠬᠡ ᠶ᠋ᠢ ᠬᠥᠮᠦᠨ ᠪᠤᠶᠤ ᠤᠭᠠᠯᠵᠠ ᠬᠡ ᠪᠡᠷ ᠴᠢᠮᠡᠬᠦ ᠶ᠋ᠢᠨ ᠬᠠᠮᠲᠤ ᠪᠠᠲᠤ ᠪᠡᠬᠢ ᠶ᠋ᠢ ᠪᠡᠯᠭᠡᠰᠢᠶᠡᠵᠦ ᠬᠠᠰ ᠬᠡ ᠪᠡᠷ ᠴᠢᠮᠡᠳᠡᠭ ᠪᠠᠢᠵᠠᠢ᠃ ᠬᠥᠮᠦᠨ ᠦ᠌ ᠬᠥᠷᠥᠭ ᠢ᠋ ᠪᠦᠲᠦᠭᠡᠬᠦ ᠳ᠋ᠡᠭᠡᠨ ᠬᠥᠮᠦᠨ ᠦ᠌ ᠣᠨᠴᠠᠯᠢᠭ ᠰᠢᠨᠵᠢ ᠶ᠋ᠢ ᠭᠣᠣᠯ ᠪᠣᠯᠭᠠᠵᠤ ᠳᠦᠷᠰᠦᠯᠡᠬᠦ ᠡᠴᠡ ᠭᠠᠳᠠᠨ᠎ᠠ ᠬᠥᠮᠦᠨ ᠢ᠋ ᠠᠵᠢᠯ ᠬᠥᠳᠡᠯᠮᠦᠷᠢ ᠲᠡᠢ ᠨᠢᠭᠲᠠ ᠬᠣᠯᠪᠣᠵᠤ ᠳᠦᠷᠰᠦᠯᠡᠬᠦ ᠶᠠᠪᠤᠳᠠᠯ ᠨᠡᠯᠢᠶᠡᠳ ᠶᠡᠬᠡ ᠪᠠᠢᠵᠠᠢ᠃
       ᠪᠠᠢᠭᠠᠯᠢ ᠶᠢ ᠤᠷᠠᠯᠠᠨ ᠪᠦᠲᠦᠭᠡᠬᠦ ᠳ᠋ᠡᠭᠡᠨ ᠥᠩᠭᠡ ᠵᠣᠬᠢᠴᠠᠯ ᠢ᠋ ᠢᠷᠠᠭᠤ ᠰᠠᠢᠬᠠᠨ ᠢ᠋ᠶ᠋ᠠᠷ ᠳᠦᠷᠰᠦᠯᠡᠳᠡᠭ ᠪᠠᠢᠵᠠᠢ᠃ ᠬᠢᠳᠠᠨ ᠤ᠋ ᠦᠶ᠎ᠡ ᠳ᠋ᠦ᠍ ᠢᠯᠡᠭᠦᠦ ᠴᠢᠮᠡᠭᠯᠡᠯ ᠪᠠᠢᠳᠠᠭ ᠦᠭᠡᠢ᠂ ᠪᠣᠳᠠᠲᠤ ᠪᠠᠢᠳᠠᠯ ᠢ᠋ᠶ᠋ᠠᠷ ᠳᠦᠷᠰᠦᠯᠡᠳᠡᠭ ᠢ᠋ᠶ᠋ᠡᠷ ᠢ᠋ᠶ᠋ᠡᠨ ᠣᠨᠴᠠᠯᠢᠭ ᠲᠠᠢ ᠪᠠᠢᠵᠠᠢ᠃ ᠬᠢᠳᠠᠨ ᠤ᠋ ᠦᠶ᠎ᠡ ᠶ᠋ᠢᠨ ᠬᠤᠪᠴᠠᠰᠤ ᠲᠠᠢ ᠬᠣᠯᠪᠣᠭᠳᠠᠬᠤ ᠴᠢᠬᠤᠯᠠ ᠣᠯᠳᠠᠪᠤᠷᠢ ᠮᠠᠯᠲᠠᠮᠠᠯ ᠢ᠋ᠶ᠋ᠠᠷ ᠣᠯᠳᠠᠵᠠᠢ᠃ ᠮᠠᠯᠲᠠᠮᠠᠯ ᠢ᠋ᠶ᠋ᠠᠷ ᠣᠯᠳᠠᠭᠰᠠᠨ ᠰᠢᠪᠠᠷ ᠪᠠᠷᠢᠮᠠᠯ ᠤ᠋ᠨ ᠥᠭᠡᠳᠡᠰᠦᠨ ᠡᠴᠡ ᠡᠷᠳᠡᠮᠲᠡᠳ ᠰᠤᠳᠤᠯᠭ᠎ᠠ ᠳ᠋ᠦᠩᠨᠡᠯᠲᠡ ᠭᠡᠬᠦ ᠳ᠋ᠦ᠍ ᠤᠭ ᠪᠠᠷᠢᠮᠠᠯ ᠤ᠋ᠨ ᠳᠡᠪᠡᠯ ᠦ᠋ᠨ ᠵᠠᠬ᠎ᠠ ᠲᠥᠪ ᠠᠽᠢᠶ᠎ᠠ ᠶ᠋ᠢᠨ ᠪᠠ ᠢᠯᠠᠩᠭᠤᠶ᠎ᠠ ᠮᠣᠩᠭᠣᠯ ᠤ᠋ᠨ ᠡᠷᠲᠡᠨ ᠦ᠌ ᠳᠡᠪᠡᠯ ᠲᠡᠢ ᠠᠳᠠᠯᠢ ᠲᠥᠰᠲᠡᠢ ᠪᠠᠢᠭᠰᠠᠨ ᠤ᠋ ᠳᠡᠭᠡᠷ᠎ᠡ ᠵᠠᠬ᠎ᠠ ᠶ᠋ᠢ ᠵᠥᠪ ᠳᠠᠰᠢ ᠨᠢ ᠵᠥᠷᠢᠭᠦᠯᠡᠳᠡᠭ ᠵᠥᠷᠢᠭᠦᠦ ᠡᠩᠭᠡᠷ ᠲᠡᠢ᠂ ᠯᠠᠮ᠎ᠠ ᠵᠠᠬ᠎ᠠ ᠲᠠᠢ᠂ ᠤᠯᠠᠭᠠᠨ ᠬᠠᠵᠢ ᠲᠠᠢ᠂ ᠮᠥᠨ ᠥᠷᠭᠡᠨ ᠤᠯᠠᠭᠠᠨ ᠡᠮᠵᠢᠶᠡᠷᠢ ᠭᠠᠷᠭᠠᠭᠰᠠᠨ ᠪᠠᠢᠵᠠᠢ᠃ ᠭᠤᠲᠤᠯ ᠤ᠋ᠨ ᠳᠣᠣᠷᠠᠲᠤ ᠬᠡᠰᠡᠭ ᠡᠷᠲᠡᠨ ᠦ᠌ ᠮᠣᠩᠭᠣᠯ ᠤ᠋ᠨ ᠬᠠᠭᠤᠴᠢᠨ ᠴᠠᠭ ᠤ᠋ᠨ ᠭᠤᠲᠤᠯ ᠲᠠᠢ ᠠᠳᠠᠯᠢᠬᠠᠨ ᠪᠠᠢᠭᠰᠠᠨ ᠤ᠋ ᠳᠡᠭᠡᠷ᠎ᠡ ᠰᠠᠷᠢᠰᠤ ᠦᠭᠡᠢ᠂ ᠵᠤᠯᠤᠭ ᠵᠠᠯᠭᠠᠭ᠎ᠠ ᠦᠭᠡᠢ᠂ ᠤᠯᠠ ᠵᠤᠵᠠᠭᠠᠨ ᠪᠠᠮᠪᠠᠭᠠᠷ᠂ ᠤᠷᠲᠤ ᠲᠠᠯ᠎ᠠ ᠶ᠋ᠢᠨ ᠬᠣᠰᠢᠭᠤ ᠨᠢ ᠳᠡᠭᠡᠭᠰᠢ ᠪᠡᠨ ᠡᠷᠭᠢᠭᠰᠡᠨ᠂ ᠬᠣᠩᠰᠢᠶᠠᠷ ᠨᠢ ᠡᠭᠡᠳᠡᠨ᠂ ᠮᠥᠯᠢᠬᠡᠷ᠂ ᠥᠩᠭᠡ ᠨᠢ ᠤᠯᠠᠭᠠᠨ ᠪᠠᠢᠵᠠᠢ (ᠯ· ᠰᠣᠨᠤᠮᠴᠡᠷᠡᠨ·《ᠮᠣᠩᠭᠣᠯ ᠤ᠋ᠨ ᠡᠷᠲᠡᠨ ᠦ᠌ ᠳᠦᠷᠰᠦᠯᠡᠬᠦ ᠤᠷᠠᠯᠢᠭ》·1971· ᠤᠯᠠᠭᠠᠨᠪᠠᠭᠠᠲᠤᠷ ·69—70 ᠳ᠋ᠠᠬᠢ ᠲᠠᠯ᠎ᠠ)᠃
       ᠬᠢᠳᠠᠨ ᠤ ᠦᠶ᠎ᠡ ᠳᠦ ᠡᠭᠡᠷᠡᠬᠦ᠂ ᠨᠡᠬᠡᠬᠦ᠂ ᠰᠤᠷ ᠢᠶᠠᠷ ᠰᠦᠯᠵᠢᠬᠦ ᠡᠳ᠋ᠯᠡᠯ ᠶᠡᠬᠡ ᠬᠥᠭᠵᠢᠵᠦ ᠭᠠᠷ ᠦᠢᠯᠡᠳᠪᠦᠷᠢ ᠶ᠋ᠢᠨ ᠲᠥᠷᠥᠯᠵᠢᠭᠰᠡᠨ ᠭᠠᠵᠠᠷ᠂ ᠮᠠᠰᠲ᠋ᠧᠷ᠂ ᠲᠡᠮᠦᠷᠴᠢᠨ ᠵᠡᠷᠭᠡ ᠣᠯᠠᠰᠢᠷᠠᠵᠤ ᠪᠠᠢᠭᠰᠠᠨ ᠠ᠋ᠴᠠ ᠭᠠᠳᠠᠨ᠎ᠠ ᠰᠢᠪᠡᠭᠡ ᠵᠡᠷᠭᠡ ᠵᠠᠷᠢᠮ ᠠᠢᠮᠠᠭ ᠭᠡᠷ ᠲᠡᠷᠭᠡ ᠬᠢᠬᠦ ᠳ᠋ᠦ᠍ ᠳᠠᠳᠤᠭᠰᠠᠨ ᠪᠠᠢᠵᠠᠢ᠃ ᠣᠨᠢᠰᠣᠨ ᠰᠠᠭᠤᠷᠢ ᠪᠠᠷ ᠨᠡᠬᠡᠮᠡᠯ ᠨᠡᠬᠡᠬᠦ ᠦᠢᠯᠡᠳᠪᠦᠷᠢ ᠬᠥᠭᠵᠢᠭᠦᠯᠵᠦ ᠪᠠᠢᠭᠰᠠᠨ ᠤ᠋ ᠳᠡᠭᠡᠷ᠎ᠡ940 ᠣᠨ ᠳ᠋ᠤ᠌ ᠬᠠᠷᠢ ᠶ᠋ᠢᠨ ᠵᠠᠷᠯᠢᠭ ᠢ᠋ᠶ᠋ᠠᠷ ᠲᠤᠰᠬᠠᠢ ᠲᠦᠰᠢᠮᠡᠯ ᠭᠠᠷᠭᠠᠨ ᠠᠷᠠᠳ ᠤ᠋ᠳ ᠲᠤ ᠡᠭᠡᠷᠡᠬᠦ᠂ ᠨᠡᠬᠡᠬᠦ ᠠᠵᠢᠯ ᠢ᠋ ᠰᠤᠷᠭᠠᠵᠤ ᠪᠠᠢᠵᠠᠢ(ᠬᠡ· ᠫᠡᠷᠡᠩᠯᠡᠢ·《ᠬᠢᠳᠠᠨ ᠨᠠᠷ ᠤ᠋ᠨ ᠮᠣᠩᠭᠣᠯᠴᠤᠳ ᠲᠠᠢ ᠬᠣᠯᠪᠣᠭᠳᠠᠭᠰᠠᠨ ᠨᠢ》·50 ᠳ᠋ᠠᠬᠢ ᠲᠠᠯ᠎ᠠ)᠃ ᠡᠭᠦᠨ ᠡᠴᠡ ᠦᠵᠡᠬᠦ ᠳ᠋ᠦ᠍ ᠬᠢᠳᠠᠨ ᠤ᠋ ᠦᠶ᠎ᠡ ᠳ᠋ᠦ᠍ ᠤᠷᠠᠨ ᠦᠢᠯᠡ ᠶ᠋ᠢᠨ ᠲᠥᠷᠥᠯ ᠪᠦᠷᠢ ᠶ᠋ᠢᠨ ᠰᠠᠯᠪᠤᠷᠢ ᠵᠣᠬᠢᠶᠠᠨ ᠪᠠᠢᠭᠤᠯᠵᠤ᠂ ᠤᠳᠤᠷᠢᠳᠤᠨ ᠴᠢᠭᠯᠡᠭᠦᠯᠬᠦ ᠤᠳᠤᠷᠢᠳᠤᠯᠭ᠎ᠠ ᠲᠠᠢ ᠬᠥᠭᠵᠢᠵᠦ ᠪᠠᠢᠭᠰᠠᠨ ᠢ᠋ᠶ᠋ᠠᠷ ᠤᠷᠢᠳᠤᠬᠢ ᠠᠢᠮᠠᠭ ᠤ᠋ᠳ ᠠ᠋ᠴᠠ ᠳᠠᠪᠰᠢᠯᠲᠠ ᠲᠠᠢ ᠬᠥᠭᠵᠢᠵᠦ ᠪᠠᠢᠭᠰᠠᠨ ᠨᠢ ᠲᠣᠪᠣᠯᠣᠢ ᠳ᠋ᠤᠷᠬᠠᠨ᠎ᠠ᠃
       13—18 ᠳ᠋ᠤᠭᠠᠷ ᠵᠠᠭᠤᠨ ᠤ᠋ ᠦᠶ᠎ᠡ ᠶ᠋ᠢᠨ ᠮᠣᠩᠭᠣᠯ ᠤ᠋ᠨ ᠭᠠᠷ ᠤᠷᠠᠯᠠᠯ 13 ᠳ᠋ᠤᠭᠠᠷ ᠵᠠᠭᠤᠨ ᠤ᠋ ᠦᠶ᠎ᠡ ᠪᠡᠷ ᠹᠧᠣᠳᠠᠯ ᠤ᠋ᠨ ᠬᠠᠷᠢᠯᠴᠠᠭ᠎ᠠ ᠭᠦᠨᠵᠡᠭᠡᠢᠷᠡᠵᠦ ᠪᠠᠢᠭᠰᠠᠨ ᠴᠤ ᠰᠣᠶᠣᠯ ᠤ᠋ᠨ ᠬᠥᠭᠵᠢᠯᠲᠡ ᠠᠰᠤᠷᠤ ᠶᠡᠬᠡ ᠥᠭᠡᠷᠡᠴᠢᠯᠡᠯᠲᠡ ᠭᠠᠷᠴᠠᠢ᠃ ᠮᠣᠩᠭᠣᠯᠴᠤᠳ ᠤ᠋ᠨ ᠠᠵᠤ ᠠᠮᠢᠳᠤᠷᠠᠯ ᠨᠡᠭᠦᠳᠡᠯ ᠦ᠋ᠨ ᠮᠠᠯ ᠠᠵᠤ ᠠᠬᠤᠢ ᠬᠡᠪ ᠢ᠋ᠶ᠋ᠡᠷ᠃ ᠲᠡᠳᠡ ᠮᠠᠯ ᠠᠵᠤ ᠠᠬᠤᠢ ᠶ᠋ᠢᠨ ᠠᠰᠢᠭ ᠰᠢᠮ᠎ᠡ ᠪᠡᠷ ᠠᠮᠢᠳᠤᠷᠠᠯ ᠤ᠋ᠨ ᠬᠡᠷᠡᠭᠴᠡᠭᠡ ᠪᠡᠨ ᠬᠠᠩᠭᠠᠵᠤ ᠴᠣᠬᠣᠮ ᠳ᠋ᠠᠭᠠᠨ ᠮᠢᠬ᠎ᠠ᠂ ᠰᠦ᠂ ᠴᠠᠭᠠᠨ ᠢᠳᠡᠭᠡ ᠶ᠋ᠢ ᠣᠳᠣᠬᠢ ᠰᠢᠭ᠋ ᠪᠣᠯᠪᠠᠰᠤᠷᠠᠭᠤᠯᠤᠨ ᠬᠡᠷᠡᠭᠯᠡᠵᠦ ᠪᠠᠢᠵᠠᠢ᠃ ᠲᠡᠳᠡᠨ ᠦ᠌ ᠣᠷᠣᠨ ᠰᠠᠭᠤᠴᠠ ᠢᠰᠡᠭᠡᠢ ᠭᠡᠷ ᠬᠡᠪ ᠢ᠋ᠶ᠋ᠡᠷ ᠪᠠᠢᠭᠰᠠᠨ ᠤᠴᠢᠷ ᠡᠮᠡᠭᠲᠡᠢᠴᠦᠳ ᠦ᠋ᠨ ᠣᠶᠣᠳᠠᠯ ᠳ᠋ᠤ᠌ ᠢᠰᠡᠭᠡᠢ ᠡᠰᠬᠡᠵᠦ ᠣᠶᠣᠬᠤ᠂ ᠰᠢᠷᠢᠬᠦ ᠠᠵᠢᠯ ᠶᠡᠬᠡ ᠪᠠᠢᠵᠠᠢ᠃ ᠡᠭᠦᠨ ᠦ᠌ ᠵᠡᠷᠭᠡᠴᠡᠭᠡ ᠪᠡᠷ ᠳᠠᠪᠤᠤ᠂ ᠲᠣᠷᠭᠠᠨ ᠡᠳ᠋ᠯᠡᠯ ᠢ᠋ ᠤᠷᠠᠯᠠᠬᠤ᠂ ᠣᠶᠣᠬᠤ ᠠᠵᠢᠯ ᠦᠰᠦᠷᠦᠩᠭᠦᠢ ᠬᠥᠭᠵᠢᠵᠡᠢ᠃
    13 ᠳ᠋ᠤᠭᠠᠷ ᠵᠠᠭᠤᠨ ᠤ᠋ ᠦᠶᠡᠰ ᠢᠰᠡᠭᠡᠢ ᠶ᠋ᠢᠨ ᠴᠢᠨᠠᠷ᠂ ᠥᠩᠭᠡ ᠦᠵᠡᠮᠵᠢ ᠰᠠᠢᠵᠢᠷᠠᠵᠤ᠂ ᠢᠰᠡᠭᠡᠢ ᠶ᠋ᠢᠨ ᠥᠩᠭᠡ ᠶ᠋ᠢ ᠭᠢᠯᠠᠯᠵᠠᠭᠰᠠᠨ ᠭᠣᠶᠣ ᠴᠠᠭᠠᠨ ᠥᠩᠭᠡ ᠲᠡᠢ ᠪᠣᠯᠭᠠᠬᠤ ᠶ᠋ᠢᠨ ᠲᠤᠯᠠᠳᠠ ᠴᠣᠬᠣᠢ᠂ ᠴᠠᠭᠠᠨ ᠰᠢᠷᠣᠢ᠂ ᠶᠠᠰᠤᠨ ᠤ᠋ ᠨᠤᠨᠲᠠᠭᠯᠠᠭᠰᠠᠨ ᠭᠤᠯᠢᠷ ᠵᠡᠷᠭᠡ ᠶ᠋ᠢ ᠬᠡᠷᠡᠭᠯᠡᠵᠦ ᠪᠠᠢᠵᠠᠢ᠃ ᠲᠡᠭᠦᠨᠴᠢᠯᠡᠨ ᠬᠦ᠂ ᠬᠣᠨᠢᠨ ᠤ᠋ ᠰᠢᠷ᠎ᠠ ᠰᠦ ᠬᠡᠷᠡᠭᠯᠡᠵᠦ ᠤᠰᠤ ᠴᠢᠭᠢᠭ ᠦᠯᠦ ᠨᠡᠪᠲᠡᠷᠡᠬᠦ ᠰᠠᠢᠨ ᠴᠢᠨᠠᠷ ᠤ᠋ᠨ ᠬᠠᠷ᠎ᠠ ᠢᠰᠡᠭᠡᠢ ᠬᠢᠳᠡᠭ ᠪᠠᠢᠭᠰᠠᠨ ᠨᠢ ᠣᠷᠴᠢᠨ ᠦᠶ᠎ᠡ ᠳ᠋ᠦ᠍ ᠬᠠᠰᠠᠭ ᠤ᠋ᠳ ᠤᠷᠭᠤᠮᠠᠯ ᠤ᠋ᠨ ᠬᠠᠨᠳᠠ ᠪᠠᠷ ᠢᠰᠡᠭᠡᠢ ᠶ᠋ᠢ ᠰᠢᠷ᠎ᠠ ᠥᠩᠭᠡ ᠲᠡᠢ ᠪᠣᠯᠭᠠᠳᠠᠭ ᠠᠷᠭ᠎ᠠ ᠪᠣᠯᠤᠨ ᠬᠠᠳᠠᠭᠠᠯᠠᠭᠳᠠᠭᠰᠠᠨ ᠪᠠᠢᠵᠤ ᠪᠣᠯᠬᠤ ᠶᠤᠮ᠃
    ᠬᠣᠨᠢᠨ ᠤ᠋ ᠨᠡᠬᠡᠢ ᠶ᠋ᠢ ᠭᠠᠩᠳᠠᠬᠤ ᠳᠠᠪᠤᠰᠤᠯᠠᠬᠤ ᠵᠡᠷᠭᠡ ᠪᠡᠷ ᠠᠩᠬᠠᠨ ᠤ᠋ ᠪᠣᠯᠪᠠᠰᠤᠷᠠᠭᠤᠯᠤᠯᠲᠠ ᠬᠢᠵᠦ ᠪᠠᠢᠵᠠᠢ᠃ ᠡᠨᠡ ᠦᠶ᠎ᠡ ᠳ᠋ᠦ᠍ ᠬᠥᠳᠡᠯᠮᠦᠷᠢ ᠶ᠋ᠢᠨ ᠪᠠᠭᠠᠵᠢ᠂ ᠢᠯᠠᠩᠭᠤᠶ᠎ᠠ ᠤᠷᠠᠨ ᠦᠢᠯᠡ ᠶ᠋ᠢᠨ ᠪᠠᠭᠠᠵᠢ ᠲᠧᠭᠨᠢᠭ ᠪᠣᠯᠪᠠᠰᠤᠷᠠᠩᠭᠤᠢ ᠬᠥᠭᠵᠢᠵᠦ ᠪᠠᠢᠵᠠᠢ᠃
    13 ᠳ᠋ᠤᠭᠠᠷ ᠵᠠᠭᠤᠨ ᠤ᠋ ᠦᠶ᠎ᠡ ᠳ᠋ᠦ᠍ ᠪᠠᠶᠠᠨ ᠶᠠᠳᠠᠭᠤᠴᠤᠳ ᠤ᠋ᠨ ᠬᠤᠪᠴᠠᠰᠤ᠂ ᠡᠳ᠋ ᠲᠠᠸᠠᠷ᠂ ᠬᠢᠴᠡ ᠮᠠᠶᠢᠭ ᠢ᠋ᠶ᠋ᠠᠷ ᠢ᠋ᠶ᠋ᠠᠨ ᠶᠡᠬᠡᠬᠡᠨ ᠢᠯᠭᠠᠭ᠎ᠠ ᠲᠠᠢ ᠪᠠᠢᠵᠠᠢ᠃ ᠪᠠᠶᠠᠴᠤᠳ ᠭᠠᠳᠠᠭᠠᠳᠤ ᠣᠷᠣᠨ ᠤ᠋ ᠶᠠᠩᠵᠤ ᠪᠦᠷᠢ ᠶ᠋ᠢᠨ ᠲᠣᠷᠭ᠎ᠠ ᠮᠢᠨᠳᠠᠰᠤᠨ ᠪᠠ ᠨᠣᠣᠰᠣᠨ ᠡᠳ᠋᠂ ᠠᠩ ᠤ᠋ᠨ ᠦᠨᠡᠲᠦ ᠦᠰᠦ ᠪᠡᠷ ᠬᠢᠭᠰᠡᠨ ᠬᠤᠪᠴᠠᠰᠤ ᠬᠤᠨᠠᠷ ᠬᠡᠷᠡᠭᠯᠡᠵᠦ᠂ ᠶᠠᠳᠠᠭᠤᠴᠤᠳ ᠬᠣᠨᠢ᠂ ᠢᠮᠠᠭ᠎ᠠ᠂ ᠨᠣᠬᠠᠢ ᠶ᠋ᠢᠨ ᠠᠷᠠᠰᠤ᠂ ᠪᠦᠳᠦᠭᠦᠨ ᠶᠣᠷᠣᠭ᠂ ᠬᠥᠪᠥᠩ ᠡᠳ᠋᠂ ᠰᠢᠷᠦᠭᠦᠨ ᠨᠣᠣᠰᠣ᠂ ᠢᠰᠡᠭᠡᠢ ᠵᠡᠷᠭᠡ ᠪᠡᠷ ᠬᠢᠭᠰᠡᠨ ᠬᠤᠪᠴᠠᠰᠤ ᠡᠮᠦᠰᠳᠡᠭ ᠪᠠᠢᠵᠠᠢ᠃
    ᠡᠢᠮᠦ ᠳ᠋ᠦ᠍ ᠡᠮᠡᠭᠲᠡᠢᠴᠦᠳ ᠦ᠋ᠨ ᠭᠠᠷ ᠤᠷᠠᠯᠠᠯ ᠤ᠋ᠨ ᠮᠠᠲ᠋ᠧᠷᠢᠶᠠᠯ ᠡᠳᠡᠭᠡᠷ ᠪᠠᠷᠠᠭ᠎ᠠ ᠪᠠᠢᠵᠠᠢ᠃8 ᠳ᠋ᠤᠭᠠᠷ ᠵᠠᠭᠤᠨ ᠤ᠋ ᠦᠶ᠎ᠡ ᠶ᠋ᠢᠨ ᠪᠤᠯᠠᠰᠢᠨ ᠠ᠋ᠴᠠ ᠣᠯᠳᠠᠭᠰᠠᠨ ᠳᠠᠪᠤᠤ ᠶ᠋ᠢᠨ ᠡᠳ᠋ᠯᠡᠯ ᠢ᠋ᠶ᠋ᠡᠷ ᠬᠢᠭᠰᠡᠨ ᠭᠠᠳᠠᠭᠤᠷ᠂ ᠳᠣᠲᠣᠭᠤᠷ ᠬᠤᠪᠴᠠᠰᠤᠨ ᠤ᠋ ᠣᠶᠣᠳᠠᠯ ᠢ᠋ ᠠᠵᠢᠭᠯᠠᠬᠤ ᠳ᠋ᠤ᠌ ᠵᠢᠭᠳᠡ ᠰᠠᠢᠬᠠᠨ ᠰᠢᠭᠯᠠᠨ ᠳᠣᠲᠣᠷ ᠬᠠᠵᠢᠯᠭ᠎ᠠ ᠶ᠋ᠢ ᠲᠣᠪᠰᠢᠨ ᠣᠶᠣᠵᠤ ᠳᠠᠷᠤᠭᠤᠯᠵᠠᠢ᠃ ᠡᠨᠡ ᠨᠢ ᠣᠷᠴᠢᠨ ᠦᠶ᠎ᠡ ᠶ᠋ᠢᠨ ᠭᠠᠷ ᠣᠶᠣᠳᠠᠯ ᠤ᠋ᠨ ᠰᠢᠭᠯᠠᠭᠠᠰᠤ ᠲᠣᠪᠰᠢᠬᠤ ᠣᠶᠣᠳᠠᠯ ᠲᠠᠢ ᠠᠳᠠᠯᠢᠬᠠᠨ ᠪᠠᠢᠭ᠎ᠠ ᠠ᠋ᠴᠠ ᠦᠵᠡᠬᠦ ᠳ᠋ᠦ᠍ ᠰᠢᠭᠯᠠᠬᠤ ᠲᠣᠪᠰᠢᠬᠤ ᠣᠶᠣᠳᠠᠯ ᠮᠣᠩᠭᠣᠯ ᠳᠡᠪᠡᠯ ᠦ᠋ᠨ ᠭᠣᠣᠯ ᠣᠶᠣᠳᠠᠯ ᠬᠡᠪ ᠢ᠋ᠶ᠋ᠡᠷ ᠪᠠᠢᠭᠰᠠᠭᠠᠷ ᠣᠷᠴᠢᠨ ᠦᠶ᠎ᠡ ᠳ᠋ᠦ᠍ ᠬᠦᠷᠴᠡᠢ᠃13 ᠳ᠋ᠤᠭᠠᠷ ᠵᠠᠭᠤᠨ ᠠ᠋ᠴᠠ ᠬᠣᠵᠢᠭᠤ ᠦᠶ᠎ᠡ ᠬᠦᠷᠲᠡᠯ᠎ᠡ ᠮᠣᠩᠭᠣᠯ ᠳᠡᠪᠡᠯ ᠣᠳᠣᠬᠢ ᠶ᠋ᠢᠨ ᠡᠴᠡ ᠶᠡᠬᠡᠬᠡᠨ ᠥᠭᠡᠷ᠎ᠡ ᠵᠠᠬ᠎ᠠ ᠦᠭᠡᠢ ᠰᠢᠯᠤᠭᠤᠨ ᠵᠦᠷᠢᠭᠦᠯᠢᠭ ᠡᠩᠭᠡᠷ ᠲᠡᠢ᠂ ᠰᠣᠯᠣᠭᠠᠢ ᠲᠠᠯ᠎ᠠ ᠳ᠋ᠠᠭᠠᠨ ᠰᠤᠭᠤ ᠪᠠᠨ ᠬᠦᠷᠲᠡᠯ᠎ᠡ ᠣᠨᠣᠭᠣ ᠲᠠᠢ᠂ ᠪᠠᠷᠠᠭᠤᠨ ᠲᠠᠯ᠎ᠠ ᠳ᠋ᠠᠭᠠᠨ ᠭᠤᠷᠪᠠ᠂ ᠵᠡᠭᠦᠨ ᠲᠠᠯ᠎ᠠ ᠳ᠋ᠠᠭᠠᠨ ᠨᠢᠭᠡ ᠲᠣᠪᠴᠢ ᠰᠢᠯᠪᠢ ᠲᠡᠢ ᠪᠠᠢᠵᠠᠢ᠃ ᠡᠬᠡᠨᠡᠷ ᠬᠥᠮᠦᠨ ᠤᠷᠢᠳᠤᠭᠤᠷ ᠢ᠋ᠶ᠋ᠠᠨ ᠵᠠᠳᠠᠭᠠᠢ ᠥᠷᠭᠡᠨ ᠨᠥᠮᠥᠷᠭᠡ ᠨᠥᠮᠥᠷᠴᠦ《ᠪᠣᠭᠳᠣᠭ》 ᠭᠡᠳᠡᠭ ᠥᠨᠳᠥᠷ ᠮᠠᠯᠠᠭᠠᠢ ᠡᠮᠦᠰᠴᠦ ᠪᠠᠢᠵᠠᠢ᠃
    13—14 ᠳ᠋ᠦ᠍ᠭᠡᠷ ᠵᠠᠭᠤᠨ ᠤ᠋ ᠦᠶ᠎ᠡ ᠳ᠋ᠦ᠍ ᠮᠣᠩᠭᠣᠯ ᠳ᠋ᠤ᠌ ᠤᠷᠠᠨ ᠪᠠᠷᠢᠯᠭ᠎ᠠ᠂ ᠠᠯᠲᠠ ᠮᠥᠩᠭᠥᠨ ᠦ᠌ ᠪᠡᠶ᠎ᠡ ᠪᠡᠨ ᠳᠠᠭᠠᠭᠠᠭᠰᠠᠨ ᠳᠠᠷᠬᠠᠨ ᠲᠠᠢ ᠪᠠᠢᠵᠠᠢ᠃ ᠴᠢᠩᠭᠢᠰ ᠦ᠋ᠨ ᠦᠶ᠎ᠡ ᠶ᠋ᠢᠨ ᠨᠡᠢᠰᠯᠡᠯ ᠬᠠᠷ᠎ᠠ ᠬᠣᠷᠣᠮ ᠬᠣᠲᠠᠨ ᠤ᠋ ᠪᠠᠷᠢᠯᠭ᠎ᠠ ᠲᠡᠭᠦᠨ ᠦ᠌ ᠨᠢᠭᠡᠨ ᠳ᠋ᠦ᠍ ᠲᠣᠭᠠᠴᠢᠭᠳᠠᠳᠠᠭ᠃14—18 ᠳ᠋ᠤᠭᠠᠷ ᠵᠠᠭᠤᠨ ᠤ᠋ ᠦᠶ᠎ᠡ ᠶ᠋ᠢᠨ ᠮᠣᠩᠭᠣᠯ ᠣᠷᠣᠨ᠂ ᠹᠧᠣᠳᠠᠯ ᠤ᠋ᠨ ᠦᠢᠯᠡᠳᠪᠦᠷᠢᠯᠡᠯ ᠦ᠋ᠨ ᠠᠷᠭ᠎ᠠ ᠶ᠋ᠢᠨ ᠲᠣᠳᠣᠷᠬᠠᠢ ᠱᠠᠲᠤᠨ ᠳ᠋ᠤ᠌ ᠬᠦᠷᠴᠦ ᠪᠡᠶ᠎ᠡ ᠪᠡᠨ ᠳᠠᠭᠠᠭᠠᠬᠤ ᠶ᠋ᠢ ᠡᠷᠡᠮᠡᠯᠵᠡᠯᠡᠨ ᠹᠧᠣᠳᠠᠯ ᠤ᠋ᠨ ᠣᠯᠠᠨ ᠲᠣᠭᠠᠨ ᠤ᠋ ᠡᠵᠡᠮᠰᠢᠯ ᠪᠣᠯᠤᠨ ᠪᠤᠲᠠᠷᠠᠵᠠᠢ᠃ ᠡᠨᠡ ᠪᠤᠲᠠᠷᠠᠯ1 ᠳ᠋ᠦ᠍ᠭᠡᠷ ᠵᠠᠭᠤᠨ ᠠ᠋ᠴᠠ ᠡᠬᠢᠯᠡᠨ300 ᠣᠷᠴᠢᠮ ᠵᠢᠯ ᠦᠷᠭᠦᠯᠵᠢᠯᠡᠭᠰᠡᠨ ᠪᠥᠭᠡᠳ ᠮᠠᠨᠵᠤ ᠶ᠋ᠢᠨ ᠳᠠᠷᠤᠯᠠᠯ ᠳ᠋ᠤ᠌ ᠣᠷᠣᠬᠤ ᠰᠢᠯᠲᠠᠭᠠᠨ ᠪᠣᠯᠵᠠᠢ᠃ ᠡᠨᠡ ᠦᠶ᠎ᠡ ᠳ᠋ᠦ᠍ ᠳᠣᠷᠣᠨ᠎ᠠ ᠵᠦᠭ ᠲᠤ ᠬᠢᠩᠭᠠᠨ ᠠᠭᠤᠯᠠᠰ᠂ ᠥᠷᠥᠨ᠎ᠡ ᠵᠦᠭ ᠲᠦ᠍ ᠲᠩᠷᠢ ᠠᠭᠤᠯᠠ᠂ ᠤᠮᠠᠷ᠎ᠠ ᠵᠦᠭ ᠲᠤ ᠡᠷᠴᠢᠰ᠂ ᠶᠧᠨᠢᠰᠧᠢ ᠶ᠋ᠢᠨ ᠡᠬᠢ᠂ ᠡᠮᠦᠨ᠎ᠡ ᠵᠦᠭ ᠲᠤ ᠬᠢᠲᠠᠳ ᠤ᠋ᠨ ᠴᠠᠭᠠᠨ ᠬᠡᠷᠡᠮ ᠬᠦᠷᠲᠡᠯ᠎ᠡ ᠠᠭᠤᠳᠠᠮ ᠨᠤᠲᠤᠭ ᠲᠠᠢ ᠨᠡᠭᠦᠳᠡᠯ ᠦ᠋ᠨ ᠮᠠᠯ ᠠᠵᠤ ᠠᠬᠤᠢ ᠡᠷᠬᠢᠯᠡᠭᠰᠡᠨ ᠬᠡᠪ ᠢ᠋ᠶ᠋ᠡᠷ ᠪᠠᠢᠵᠠᠢ᠃ ᠰᠣᠶᠣᠯ ᠤ᠋ᠨ ᠲᠠᠯ᠎ᠠ ᠪᠠᠷ ᠶᠡᠬᠡᠬᠡᠨ ᠬᠥᠭᠵᠢᠵᠦ᠂ ᠮᠠᠯ ᠮᠠᠯᠯᠠᠬᠤ ᠶ᠋ᠢᠨ ᠬᠠᠵᠠᠭᠤ ᠪᠠᠷ ᠠᠩ ᠬᠢᠬᠦ ᠠᠵᠢᠯ ᠳ᠋ᠤ᠌ ᠲᠤᠢᠯ ᠤ᠋ᠨ ᠲᠠᠲᠣᠭᠠᠯᠵᠢᠬᠰᠠᠨ ᠤᠯᠤᠰ ᠪᠠᠢᠵᠠᠢ᠃
    16 ᠳ᠋ᠤᠭᠠᠷ ᠵᠠᠭᠤᠨ ᠤ᠋ ᠦᠶ᠎ᠡ ᠶ᠋ᠢᠨ ᠨᠢᠭᠡᠨ ᠰᠤᠷᠪᠤᠯᠵᠢᠲᠤ ᠪᠢᠴᠢᠭ ᠲᠤ ᠮᠣᠩᠭᠣᠯᠴᠤᠳ ᠥᠷᠯᠥᠭᠡ ᠭᠠᠷᠤᠭᠠᠳ ᠣᠷᠣᠢ ᠢᠷᠡᠵᠦ ᠠᠩ ᠤ᠋ᠨ ᠢ᠋ᠶ᠋ᠠᠨ ᠮᠢᠬ᠎ᠠ ᠶ᠋ᠢ ᠬᠦᠨᠡᠰᠦᠨ ᠳ᠋ᠦ᠍ ᠬᠡᠷᠡᠭᠯᠡᠵᠦ᠂ ᠠᠷᠠᠰᠤ ᠪᠠᠷ ᠨᠢ ᠬᠥᠨᠵᠢᠯᠡ ᠬᠤᠴᠢᠯᠭ᠎ᠠ ᠬᠢᠳᠡᠭ ᠭᠡᠵᠦ ᠪᠢᠴᠢᠭᠰᠡᠨ ᠪᠠᠢᠳᠠᠭ ᠲᠤᠬᠠᠢ《ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠲᠡᠦᠬᠡ》 ᠶ᠋ᠢᠨ1984 ᠣᠨ ᠤ᠋ ᠬᠡᠪᠯᠡᠯ ᠦ᠋ᠨ19 ᠳ᠋ᠦ᠍ᠭᠡᠷ ᠲᠠᠯ᠎ᠠ ᠳ᠋ᠤ᠌ ᠳᠤᠷᠠᠳᠤᠭᠰᠠᠨ ᠪᠠᠢᠨ᠎ᠠ᠃ ᠡᠭᠦᠨ ᠡᠴᠡ ᠦᠵᠡᠬᠦ ᠳ᠋ᠦ᠍ ᠮᠣᠩᠭᠣᠯ ᠤ᠋ᠨ ᠡᠮᠡᠭᠲᠡᠢᠴᠦᠳ ᠦ᠋ᠨ ᠣᠶᠣᠳᠠᠯ ᠦᠢᠯᠡ ᠭᠡᠷ ᠦ᠋ᠨ ᠮᠠᠯ ᠤ᠋ᠨ ᠠᠷᠠᠰᠤ ᠰᠢᠷᠢ᠂ ᠨᠣᠣᠰᠣ ᠦᠰᠦᠨ ᠡᠴᠡ ᠭᠠᠳᠠᠨ᠎ᠠ ᠠᠩ ᠤ᠋ᠨ ᠠᠷᠠᠰᠤ᠂ ᠦᠨᠡᠲᠦ ᠦᠰᠦᠯᠢᠭ ᠠᠩ ᠤ᠋ᠨ ᠠᠷᠠᠰᠤ ᠣᠶᠣᠬᠤ ᠳ᠋ᠤ᠌ ᠵᠣᠷᠢᠭᠤᠯᠤᠭᠳᠠᠵᠤ ᠪᠠᠢᠵᠠᠢ᠃
    ᠮᠣᠩᠭᠣᠯ ᠤ᠋ᠨ ᠭᠠᠷ ᠤᠷᠠᠯᠠᠯ᠂ ᠲᠡᠭᠦᠨᠴᠢᠯᠡᠨ ᠡᠮᠡᠭᠲᠡᠢᠴᠦᠳ ᠦ᠋ᠨ ᠤᠷᠠᠨ ᠦᠢᠯᠡᠰ ᠦ᠋ᠨ ᠤᠭ ᠰᠤᠷᠪᠤᠯᠵᠢ ᠶ᠋ᠢ ᠰᠤᠳᠤᠯᠬᠤ ᠳ᠋ᠤ᠌ ᠳᠡᠭᠡᠷ᠎ᠡ ᠳᠤᠷᠠᠳᠤᠭᠰᠠᠨ ᠨᠤᠲᠤᠭ ᠳᠡᠪᠢᠰᠬᠡᠷ ᠦ᠋ᠨ ᠡᠷᠲᠡᠨ ᠦ᠌ ᠤᠯᠠᠮᠵᠢᠯᠠᠯ ᠤᠭᠰᠠᠭᠠᠲᠠᠨ ᠤ᠋ ᠵᠦᠢ ᠶ᠋ᠢ ᠰᠤᠳᠤᠯᠬᠤ ᠶᠣᠰᠣᠲᠠᠢ᠃15—16 ᠳ᠋ᠤᠭᠠᠷ ᠵᠠᠭᠤᠨ ᠤ᠋ ᠮᠣᠩᠭᠣᠯ ᠦᠨᠳᠦᠰᠦᠲᠡᠨ ᠦ᠌ ᠬᠤᠪᠴᠠᠰᠤᠨ ᠳ᠋ᠤ᠌ ᠣᠨᠴᠠ ᠥᠭᠡᠷᠡᠴᠢᠯᠡᠯᠲᠡ ᠭᠠᠷᠤᠭᠰᠠᠨ ᠦᠭᠡᠢ᠃
    ᠵᠥᠪᠬᠡᠨ ᠴᠢᠩᠭᠢᠰ ᠦ᠋ᠨ ᠦᠶ᠎ᠡ ᠡᠴᠡ ᠡᠬᠢᠯᠡᠨ ᠴᠡᠷᠢᠭ ᠲᠡᠢᠨ ᠦ᠌ ᠬᠤᠪᠴᠠᠰᠤ ᠪᠣᠯᠪᠠᠰᠤᠷᠠᠩᠭᠤᠢ ᠪᠣᠯᠵᠤ ᠴᠡᠷᠢᠭ ᠦ᠋ᠨ ᠳᠠᠷᠤᠭ᠎ᠠ ᠨᠠᠷ ᠤ᠋ᠨ ᠬᠤᠪᠴᠠᠰᠤ ᠦᠨᠡᠲᠦ ᠬᠣᠷᠭᠣᠢ ᠲᠣᠷᠭ᠎ᠠ ᠪᠠᠷ ᠬᠢᠵᠦ ᠡᠷᠭᠢᠨ ᠲᠣᠭᠣᠷᠢᠨ ᠭᠠᠤᠯᠢᠨ ᠬᠠᠳᠠᠭᠠᠰᠤ ᠰᠢᠭᠢᠳᠬᠡᠵᠦ ᠴᠢᠮᠡᠬᠦ ᠪᠠ ᠱᠣᠪᠣᠭᠣᠷ ᠣᠷᠣᠢ ᠲᠠᠢ ᠲᠡᠮᠦᠷ ᠴᠢᠮᠡᠭ ᠲᠡᠢ ᠳᠤᠭᠤᠯᠠᠭ᠎ᠠ ᠡᠮᠦᠰᠬᠦ᠂ ᠡᠩ ᠦ᠋ᠨ ᠴᠡᠷᠢᠭ ᠤᠷᠢᠳᠤᠭᠤᠷ ᠢ᠋ᠶ᠋ᠠᠨ ᠬᠠᠭᠠᠷᠬᠠᠢ᠂ ᠳᠠᠪᠤᠤ ᠪᠠᠷ ᠬᠣᠣᠰᠯᠠᠨ ᠡᠮᠵᠢᠭᠰᠡᠨ ᠪᠣᠭᠣᠨᠢ ᠳᠡᠪᠡᠯ᠂ ᠴᠡᠭᠡᠵᠢ ᠪᠡᠷ ᠢ᠋ᠶ᠋ᠡᠨ ᠭᠣᠶᠣᠮᠰᠣᠭ ᠳᠠᠪᠤᠤ ᠶ᠋ᠢᠨ ᠬᠤᠪᠴᠠᠰᠤ᠂ ᠣᠷᠣᠢ ᠳᠡᠭᠡᠷ᠎ᠡ ᠪᠡᠨ ᠦᠰᠦᠨ ᠴᠠᠴᠤᠭ᠂ ᠲᠡᠮᠦᠷ ᠰᠠᠮᠪᠠᠨ ᠲᠠᠢ ᠳᠤᠭᠤᠯᠠᠭ᠎ᠠ ᠡᠮᠦᠰᠬᠦ᠂ ᠪᠦᠬᠦ ᠴᠡᠷᠢᠭ ᠳᠠᠷᠤᠭ᠎ᠠ ᠨᠠᠷ ᠪᠡᠶ᠎ᠡ ᠬᠠᠮᠠᠭᠠᠯᠠᠬᠤ ᠲᠣᠣᠷ ᠤ᠋ᠨ ᠬᠤᠶᠠᠭ ᠡᠮᠦᠰᠦᠨ᠎ᠡ᠃ ᠭᠤᠲᠤᠯ ᠤ᠋ᠨ ᠬᠡᠯᠪᠡᠷᠢ ᠬᠡᠳᠦ ᠡᠭᠡᠳᠡᠨ ᠪᠢᠰᠢ ᠱᠣᠪᠣᠭᠣᠷᠳᠠᠭᠤ ᠬᠣᠰᠢᠭᠤ ᠲᠠᠢ᠂ ᠰᠢᠷᠢ ᠳᠣᠲᠣᠷ ᠬᠣᠶᠠᠷ ᠤ᠋ᠨ ᠬᠣᠭᠣᠷᠣᠨᠳᠣ ᠲᠡᠮᠦᠷ ᠢᠯᠲᠠᠰᠤ ᠵᠠᠢ ᠦᠭᠡᠢ ᠴᠢᠭᠵᠢᠭᠰᠡᠨ ᠭᠤᠲᠤᠯ ᠡᠮᠦᠰᠳᠡᠭ ᠪᠠᠢᠵᠠᠢ᠃
    16 ᠳ᠋ᠤᠭᠠᠷ ᠵᠠᠭᠤᠨ ᠤ᠋ ᠬᠣᠶᠠᠳᠤᠭᠠᠷ ᠬᠠᠭᠠᠰ ᠠ᠋ᠴᠠ ᠮᠣᠩᠭᠣᠯ ᠤ᠋ᠨ ᠰᠣᠶᠣᠯ ᠤ᠋ᠨ ᠢᠳᠡᠪᠬᠢᠵᠢᠯ ᠦ᠋ᠨ ᠦᠶ᠎ᠡ ᠡᠬᠢᠯᠡᠵᠡᠢ᠃ ᠭᠡᠪᠡᠴᠦ ᠤᠷᠠᠯᠢᠭ᠂ ᠤᠳᠬ᠎ᠠ ᠵᠣᠬᠢᠶᠠᠯ᠂ ᠤᠷᠠᠨ ᠪᠠᠷᠢᠯᠭ᠎ᠠ ᠨᠡᠯᠢᠶᠡᠳ ᠬᠥᠭᠵᠢᠵᠦ ᠠᠷᠠᠳ ᠤ᠋ᠨ ᠭᠠᠷ ᠤᠷᠠᠯᠠᠯ ᠤ᠋ᠨ ᠲᠠᠯ᠎ᠠ ᠪᠠᠷ ᠬᠣᠮᠰᠠ ᠪᠣᠯᠪᠠᠴᠤ ᠭᠠᠷ ᠤᠷᠠᠯᠠᠯ᠂ ᠤᠷᠠᠨ ᠦᠢᠯᠡ ᠲᠠᠰᠤᠷᠠᠯᠲᠠ ᠦᠭᠡᠢ ᠦᠶ᠎ᠡ ᠱᠠᠲᠤ ᠲᠠᠢ ᠬᠥᠭᠵᠢᠵᠦ ᠢᠷᠡᠭᠰᠡᠨ ᠢ᠋ ᠨᠤᠲᠠᠯᠠᠬᠤ ᠪᠠᠷᠢᠮᠲᠠ ᠣᠯᠠᠨ ᠪᠠᠢᠨ᠎ᠠ᠃16 ᠳ᠋ᠤᠭᠠᠷ ᠵᠠᠭᠤᠨ ᠤ᠋ ᠡᠴᠦᠰ ᠡᠴᠡ ᠮᠣᠩᠭᠣᠯ ᠤ᠋ᠨ ᠤᠷᠠᠯᠢᠭ ᠱᠠᠰᠢᠨ ᠤ᠋ ᠨᠥᠯᠦᠭᠡᠨ ᠳ᠋ᠦ᠍ ᠠᠪᠲᠠᠭᠳᠠᠵᠤ ᠭᠡᠷ ᠦ᠋ᠨ ᠭᠠᠷ ᠤᠷᠠᠯᠠᠯ ᠢ᠋ ᠬᠡᠷᠡᠭᠯᠡᠬᠦ ᠣᠯᠠᠨ ᠮᠠᠯᠴᠢᠳ ᠤ᠋ᠨ ᠵᠡᠷᠭᠡᠴᠡᠭᠡ ᠪᠡᠷ ᠰᠦᠮ᠎ᠡ ᠬᠡᠢᠳ ᠱᠠᠰᠢᠨ ᠤ᠋ ᠠᠫᠫᠠᠷᠠᠲ ᠤ᠋ᠨ ᠵᠠᠬᠢᠶᠠᠯᠠᠭ᠎ᠠ ᠶᠡᠬᠡ ᠬᠡᠮᠵᠢᠶ᠎ᠡ ᠪᠡᠷ ᠨᠡᠮᠡᠭᠳᠡᠵᠦ᠂ ᠡᠮᠡᠭᠲᠡᠢᠴᠦᠳ ᠦ᠋ᠨ ᠭᠠᠷ ᠤᠷᠠᠯᠠᠯ ᠤ᠋ᠨ ᠰᠢᠯᠢᠳᠡᠭ ᠪᠦᠲᠦᠭᠡᠯ ᠦ᠋ᠳ ᠨᠣᠶᠠᠯᠠᠭᠴᠢ ᠠᠩᠭᠢ ᠶ᠋ᠢᠨ ᠭᠠᠷ ᠲᠤ᠌ ᠰᠢᠯᠵᠢᠵᠦ ᠪᠠᠢᠵᠠᠢ᠃
    ᠲᠤᠬᠠᠢ ᠶ᠋ᠢᠨ ᠦᠶ᠎ᠡ ᠳ᠋ᠦ᠍ ᠭᠠᠳᠠᠨ᠎ᠠ ᠠ᠋ᠴᠠ ᠨᠡᠪᠲᠡᠷᠡᠭᠰᠡᠨ ᠱᠠᠰᠢᠨ ᠤ᠋ ᠨᠥᠯᠥᠭᠡ ᠪᠡᠷ ᠡᠨᠡᠳᠬᠡᠭ᠂ ᠲᠥᠪᠡᠳ ᠮᠠᠶᠢᠭ ᠤ᠋ᠨ ᠤᠷᠠᠯᠢᠭ ᠨᠡᠪᠲᠡᠷᠡᠵᠦ ᠪᠠᠢᠭᠰᠠᠨ ᠪᠣᠯᠪᠠᠴᠤ ᠦᠨᠳᠦᠰᠦᠲᠡᠨ ᠦ᠌ ᠳᠠᠪᠲᠠᠭᠳᠠᠰᠢ ᠦᠭᠡᠢ ᠥᠪᠡᠷᠮᠢᠴᠡ ᠰᠢᠨᠵᠢ ᠴᠢᠨᠠᠷ ᠢ᠋ ᠬᠠᠳᠠᠭᠠᠯᠠᠭᠰᠠᠨ ᠨᠡᠭᠦᠳᠡᠯ ᠦ᠋ᠨ ᠠᠵᠤ ᠠᠮᠢᠳᠤᠷᠠᠯ ᠤ᠋ᠨ ᠨᠥᠬᠥᠴᠡᠯ ᠳ᠋ᠦ᠍ ᠳᠡᠭᠡᠳᠦ ᠵᠡᠷᠭᠡ ᠪᠡᠷ ᠲᠣᠬᠢᠷᠠᠭᠰᠠᠨ ᠭᠤᠸ᠎ᠠ ᠵᠦᠢ᠂ ᠥᠩᠭᠡ ᠦᠵᠡᠮᠵᠢ᠂ ᠬᠡ᠂ ᠭᠡᠷᠡᠯ᠂ ᠭᠡᠭᠡ᠂ ᠬᠥᠳᠡᠯᠭᠡᠭᠡᠨ ᠢ᠋ ᠳᠤᠰᠬᠠᠨ ᠬᠠᠷᠠᠭᠤᠯᠤᠭᠰᠠᠨ ᠡᠩ ᠦ᠋ᠨ ᠮᠥᠷᠲᠡᠭᠡᠨ ᠤᠷ᠎ᠠ ᠴᠢᠮᠡᠭ ᠰᠠᠢᠲᠠᠢ ᠤᠷᠠᠯᠢᠭ ᠬᠥᠭᠵᠢᠵᠦ ᠪᠠᠢᠵᠠᠢ᠃
    ᠭᠡᠪᠡᠴᠦ ᠠᠷᠠᠳ ᠤ᠋ᠨ ᠭᠠᠷ ᠤᠷᠠᠯᠠᠯ ᠤ᠋ᠨ ᠦᠨᠳᠦᠰᠦᠲᠡᠨ ᠦ᠌ ᠥᠪᠡᠷᠮᠢᠴᠡ ᠰᠢᠨᠵᠢ ᠴᠢᠨᠠᠷ ᠢ᠋ ᠪᠤᠳ᠋ᠳ᠋ᠾᠠ ᠶ᠋ᠢᠨ ᠱᠠᠰᠢᠨ ᠤ᠋ ᠤᠷᠠᠯᠢᠭ ᠲᠤ᠌ ᠨᠡᠢᠲᠡᠯᠢᠭ ᠪᠠᠢᠳᠠᠭ ᠲᠡᠷᠡ ᠰᠢᠨᠵᠢ ᠴᠢᠨᠠᠷ ᠤᠷᠤᠭᠤ ᠶᠡᠬᠡᠬᠡᠨ ᠬᠠᠨᠳᠤᠭᠤᠯᠵᠤ ᠤᠳᠬ᠎ᠠ ᠴᠢᠨᠠᠷ ᠢ᠋ ᠠᠯᠳᠠᠭᠳᠠᠭᠤᠯᠵᠤ ᠪᠠᠢᠭᠰᠠᠨ ᠤᠳᠠᠭ᠎ᠠ ᠪᠣᠢ᠃
    16—19 ᠳ᠋ᠦ᠍ᠭᠡᠷ ᠵᠠᠭᠤᠨ ᠤ᠋ ᠦᠶ᠎ᠡ ᠳ᠋ᠦ᠍ ᠪᠦᠲᠦᠭᠡᠭᠰᠡᠨ ᠵᠡᠭᠡᠭᠲᠦ ᠨᠠᠭᠠᠮᠠᠯ᠂ ᠬᠠᠳᠬᠤᠮᠠᠯ᠂ ᠦᠨᠡᠲᠦ ᠡᠷᠳᠡᠨᠢᠰ ᠦ᠋ᠨ ᠵᠦᠢᠯ ᠢ᠋ ᠰᠢᠭᠢᠳᠬᠡᠵᠦ ᠴᠢᠮᠡᠭᠰᠡᠨ ᠲᠣᠷᠭ᠎ᠠ ᠪᠠ ᠬᠢᠯᠭᠠᠰᠤᠨ ᠡᠳ᠋᠂ ᠡᠯᠳᠡᠪ ᠦᠨᠡᠲᠦ ᠬᠣᠷᠭᠣᠢ ᠰᠠ ᠪᠠᠷ ᠪᠦᠲᠦᠭᠡᠭᠰᠡᠨ ᠣᠯᠠᠨ ᠶᠠᠩᠵᠤ ᠶ᠋ᠢᠨ ᠬᠢᠴᠡ ᠶ᠋ᠢᠨ ᠪᠤᠷᠬᠠᠨ ᠤ᠋ ᠬᠥᠷᠥᠭ ᠦ᠋ᠳ ᠦ᠋ᠨ ᠰᠢᠷᠬᠡᠭ ᠤᠲᠠᠰᠤ ᠪᠦᠷᠢ ᠶ᠋ᠢ ᠤᠷ᠎ᠠ ᠤᠬᠠᠭᠠᠨ ᠢ᠋ᠶ᠋ᠠᠷ ᠢ᠋ᠶ᠋ᠠᠨ ᠲᠣᠳᠣᠷᠠᠭᠤᠯᠤᠨ ᠪᠦᠲᠦᠭᠡᠭᠰᠡᠨ ᠮᠣᠩᠭᠣᠯ ᠤ᠋ᠨ ᠡᠮᠡᠭᠲᠡᠢᠴᠦᠳ ᠦ᠋ᠨ ᠭᠠᠷ ᠤᠷᠠᠯᠠᠯ ᠲᠡᠢᠨ ᠰᠠᠮᠠᠭᠤᠨ ᠤ᠋ ᠦᠶ᠎ᠡ ᠳ᠋ᠦ᠍ ᠤᠰᠠᠳᠬᠠᠭᠳᠠᠵᠤ ᠬᠠᠷᠢ ᠶ᠋ᠢᠨ ᠬᠥᠮᠦᠨ ᠦ᠌ ᠭᠠᠷ ᠲᠤ᠌ ᠣᠷᠣᠵᠤ ᠪᠠᠢᠭᠰᠠᠨ ᠪᠣᠯᠪᠠᠴᠤ ᠤᠭ ᠠ᠋ᠴᠠ ᠠᠷᠠᠳ ᠤ᠋ᠨ ᠭᠠᠷ ᠤᠷᠠᠯᠠᠯ ᠤ᠋ᠨ ᠰᠠᠩ ᠰᠢᠪᠬᠠᠭᠳᠠᠰᠢ ᠦᠭᠡᠢ ᠣᠨᠳᠣᠷᠴᠤ ᠪᠠᠢᠳᠠᠭ ᠪᠣᠯᠬᠣᠷ ᠮᠠᠨ ᠤ᠋ ᠲᠡᠦᠬᠡ ᠦᠵᠡᠮᠦᠷᠢ ᠳ᠋ᠦ᠍ ᠵᠣᠬᠢᠬᠤ ᠬᠡᠮᠵᠢᠶ᠎ᠡ ᠪᠡᠷ ᠬᠠᠳᠠᠭᠠᠯᠠᠭᠳᠠᠨ ᠦᠯᠡᠳᠡᠵᠡᠢ᠃
    18—19 ᠳ᠋ᠦ᠍ᠭᠡᠷ ᠵᠠᠭᠤᠨ ᠤ᠋ ᠦᠶ᠎ᠡ ᠶ᠋ᠢᠨ ᠭᠠᠷ ᠤᠷᠠᠯᠠᠯ ᠡᠨᠡ ᠦᠶ᠎ᠡ ᠶ᠋ᠢᠨ ᠮᠣᠩᠭᠣᠯ ᠣᠷᠣᠨ ᠳ᠋ᠤ᠌ ᠱᠠᠰᠢᠨ ᠤ᠋ ᠨᠣᠮᠯᠠᠯ ᠭᠦᠨᠵᠡᠭᠡᠢ ᠨᠡᠪᠲᠡᠷᠡᠵᠦ ᠠᠷᠠᠳ ᠲᠦᠮᠡᠨ ᠦ᠌ ᠣᠶᠤᠨ ᠤ᠋ ᠰᠣᠶᠣᠯ ᠢ᠋ ᠪᠦᠬᠦᠯᠢ ᠳ᠋ᠦ᠍ᠨᠢ ᠬᠥᠨᠥᠭᠡᠵᠦ ᠪᠠᠢᠵᠠᠢ᠃ ᠨᠥᠭᠦᠭᠡ ᠲᠠᠯ᠎ᠠ ᠪᠠᠷ ᠮᠠᠨᠵᠤ ᠶ᠋ᠢᠨ ᠲᠦᠷᠢᠮᠡᠬᠡᠢᠯᠡᠯ ᠦ᠋ᠨ ᠭᠠᠮᠰᠢᠭ ᠲᠤ᠌ ᠨᠡᠷᠪᠡᠭᠳᠡᠨ ᠰᠣᠶᠣᠯᠲᠤ ᠶᠢᠷᠲᠢᠨᠴᠦ ᠡᠴᠡ ᠲᠤᠰᠠᠭᠠᠷᠯᠠᠭᠳᠠᠭᠰᠠᠨ ᠣᠷᠣᠨ ᠪᠠᠢᠵᠠᠢ᠃ ᠡᠨᠡ ᠲᠤᠬᠠᠢ ᠹ· ᠡᠩᠭᠧᠯᠰ ᠬᠡᠯᠡᠬᠦ ᠳ᠋ᠡᠭᠡᠨ᠄《ᠣᠶᠤᠨ ᠤᠬᠠᠭᠠᠨ ᠤ᠋ ᠦᠢᠯᠡ ᠠᠵᠢᠯᠯᠠᠭᠠᠨ ᠤ᠋ ᠪᠦᠬᠦ ᠰᠠᠯᠪᠤᠷᠢ ᠳ᠋ᠤ᠌ ᠪᠤᠷᠬᠠᠨ ᠤ᠋ ᠨᠣᠮᠯᠠᠯ ᠤ᠋ᠨ ᠳᠡᠭᠡᠳᠦ ᠬᠡᠮᠵᠢᠶᠡᠨ ᠦ᠌ ᠨᠣᠶᠠᠷᠬᠠᠯ ᠲᠣᠭᠲᠠᠨᠢᠵᠤ ᠪᠠᠢᠭᠰᠠᠨ ᠪᠥᠭᠡᠳ ᠪᠣᠯᠪᠠᠰᠤᠷᠠᠯ ᠨᠢ ᠶᠡᠬᠡᠪᠴᠢᠯᠡᠨ ᠪᠤᠷᠬᠠᠨ ᠤ᠋ ᠨᠣᠮᠯᠠᠯ ᠤ᠋ᠨ ᠰᠢᠨᠵᠢ ᠲᠥᠯᠥᠪᠲᠡᠢ ᠪᠣᠯᠤᠭᠰᠠᠨ》 ᠭᠡᠵᠦ ᠪᠢᠴᠢᠵᠡᠢ(《ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠲᠡᠦᠬᠡ》᠂1984᠂281ᠳᠠᠬᠢ ᠲᠠᠯ᠎ᠠ)᠃
    ᠲᠤᠰ ᠤᠯᠤᠰ ᠤ᠋ᠨ ᠡᠳ᠋ ᠦ᠋ᠨ ᠵᠠᠰᠠᠭ ᠨᠡᠭᠦᠳᠡᠯ ᠦ᠋ᠨ ᠮᠠᠯ ᠠᠵᠤ ᠠᠬᠤᠢ ᠬᠡᠪ ᠢ᠋ᠶ᠋ᠡᠷ ᠢ᠋ᠶ᠋ᠡᠨ ᠪᠠᠢᠭᠰᠠᠨ ᠠ᠋ᠴᠠ ᠬᠥᠮᠦᠰ ᠦ᠋ᠨ ᠡᠮᠦᠰᠴᠦ ᠵᠡᠭᠦᠬᠦ᠂ ᠭᠡᠷ ᠣᠷᠣᠨ ᠤ᠋ ᠬᠣᠭᠰᠢᠯ ᠤᠷᠢᠳᠤ ᠠ᠋ᠴᠠ ᠣᠨᠴᠣᠭᠣᠢ ᠥᠭᠡᠷᠡᠴᠢᠯᠡᠭᠳᠡᠭᠰᠡᠨ ᠵᠦᠢᠯ ᠦᠭᠡᠢ ᠪᠠᠢᠵᠠᠢ᠃ ᠬᠡᠳᠦᠢᠪᠡᠷ ᠱᠠᠰᠢᠨ ᠤ᠋ ᠨᠣᠮᠯᠠᠯ ᠨᠣᠶᠠᠷᠬᠠᠵᠤ ᠪᠠᠢᠭᠰᠠᠨ ᠪᠣᠯᠪᠠᠴᠤ ᠤᠷᠠᠯᠢᠭ ᠤᠳᠬ᠎ᠠ ᠵᠣᠬᠢᠶᠠᠯ ᠨᠡᠯᠢᠶᠡᠳ ᠬᠥᠭᠵᠢᠵᠦ17 ᠳ᠋ᠤᠭᠠᠷ ᠵᠠᠭᠤᠨ ᠤ᠋ ᠡᠬᠢ ᠪᠡᠷ ᠭᠠᠨᠵᠤᠤᠷ ᠳ᠋ᠠᠨᠵᠤᠤᠷ ᠢ᠋ ᠡᠬᠡ ᠬᠡᠯᠡᠨ᠎ᠡ ᠣᠷᠴᠢᠭᠤᠯᠵᠤ ᠳᠠᠭᠤᠰᠬᠠᠵᠠᠢ᠃ ᠠᠷᠠᠳ ᠤ᠋ᠨ ᠭᠠᠷ ᠤᠷᠠᠯᠠᠯ ᠳ᠋ᠤ᠌ ᠭᠤᠶᠤᠵᠤ ᠴᠢᠮᠡᠬᠦ ᠤᠷᠠᠯᠢᠭ ᠶᠡᠬᠡᠳᠡ ᠬᠥᠭᠵᠢᠵᠦ ᠢᠯᠠᠩᠭᠤᠶ᠎ᠠ ᠮᠣᠷᠢᠨ ᠤ᠋ ᠲᠣᠨᠣᠭ ᠬᠡᠷᠡᠭᠰᠡᠯ ᠢ᠋ ᠶᠡᠬᠡᠬᠡᠨ ᠭᠣᠶᠣᠳᠠᠭ ᠪᠠᠢᠵᠠᠢ᠃ ᠲᠡᠷᠡ ᠦᠶ᠎ᠡ ᠳ᠋ᠦ᠍ ᠮᠠᠨ ᠤ᠋ ᠣᠷᠣᠨ ᠢ᠋ᠶ᠋ᠠᠷ ᠶᠠᠪᠤᠵᠤ ᠪᠠᠢᠭᠰᠠᠨ ᠣᠷᠣᠰ ᠤ᠋ᠨ ᠵᠢᠭᠤᠯᠴᠢᠨ ᠫ᠂᠂ ᠺ ᠺᠤᠽᠯᠤᠧ ᠮᠣᠷᠢᠨ ᠤ᠋ ᠲᠣᠨᠣᠭ ᠬᠡᠷᠡᠭᠰᠡᠯ ᠦ᠋ᠨ ᠭᠣᠶᠣᠯᠠᠯ ᠢ᠋ ᠶᠡᠬᠡᠳᠡ ᠭᠠᠢᠬᠠᠨ ᠥᠭᠦᠯᠡᠬᠦ ᠳ᠋ᠡᠭᠡᠨ᠄ ᠮᠣᠩᠭᠣᠯᠴᠤᠳ ᠣᠮᠣᠭᠯᠠᠩ ᠵᠢᠷᠣᠭ᠎ᠠ ᠮᠣᠷᠢ᠂ ᠡᠮᠡᠭᠡᠯ ᠦ᠋ᠨ ᠭᠣᠶᠣᠯ ᠴᠢᠮᠡᠭᠯᠡᠯ ᠢ᠋ᠶ᠋ᠡᠷ ᠢ᠋ᠶ᠋ᠡᠨ ᠪᠡᠶ᠎ᠡ ᠪᠡᠶ᠎ᠡ ᠳ᠋ᠡᠭᠡᠨ ᠭᠠᠢᠬᠠᠭᠤᠯᠤᠨ ᠳᠡᠭᠵᠢᠷᠡᠬᠦ ᠶ᠋ᠢ ᠬᠢᠴᠢᠶᠡᠨ᠎ᠡ᠃ ᠠᠯᠲᠠ᠂ ᠮᠥᠩᠭᠥ᠂ ᠡᠷᠳᠡᠨᠢ ᠶ᠋ᠢᠨ ᠴᠢᠯᠠᠭᠤ᠂ ᠨᠣᠣᠰᠣᠨ ᠪᠠ ᠲᠣᠷᠭᠠᠨ ᠡᠳ᠋ᠯᠡᠯ ᠨᠡᠭᠦᠳᠡᠯᠴᠢᠳ ᠦ᠋ᠨ ᠭᠣᠶᠣᠯ ᠳ᠋ᠤ᠌ ᠶᠡᠬᠡ ᠡᠭᠦᠷᠭᠡ ᠶ᠋ᠢ ᠭᠦᠢᠴᠡᠳᠬᠡᠨ᠎ᠡ ᠭᠡᠵᠦ ᠪᠢᠴᠢᠵᠡᠢ᠃ ᠲᠡᠭᠦᠨᠴᠢᠯᠡᠨ ᠮᠣᠩᠭᠣᠯᠴᠤᠳ ᠤ᠋ᠨ ᠳᠤᠮᠳᠠ ᠤᠷᠠᠨ ᠭᠠᠷᠳᠠᠨ ᠣᠯᠠᠨ ᠪᠠᠢᠳᠠᠭ ᠢ᠋ ᠪᠠᠬᠠᠷᠬᠠᠨ ᠳᠤᠷᠠᠳᠤᠭᠰᠠᠨ ᠪᠠᠢᠳᠠᠭ᠃ ᠮᠣᠩᠭᠣᠯ ᠤ᠋ᠨ ᠠᠷᠠᠳ ᠤ᠋ᠨ ᠤᠷᠠᠯᠢᠭ ᠭᠡᠷ ᠠᠬᠤᠢ ᠶ᠋ᠢᠨ ᠡᠳ᠋ ᠬᠣᠭᠰᠢᠯ ᠳ᠋ᠤ᠌ ᠲᠣᠳᠣ ᠢᠯᠡᠷᠡᠳᠡᠭ ᠪᠥᠭᠡᠳ ᠤᠷᠠᠯᠢᠭ ᠤ᠋ᠨ ᠭᠤᠸ᠎ᠠ ᠵᠦᠢ ᠶ᠋ᠢ ᠲᠡᠳᠡ ᠥᠪᠡᠷᠰᠡᠳ ᠦ᠋ᠨ ᠰᠡᠳᠬᠢᠯ ᠣᠶᠤᠨ ᠤ᠋ ᠭᠤᠸ᠎ᠠ ᠵᠦᠢ ᠶ᠋ᠢᠨ ᠡᠭᠦᠳᠡᠨ ᠡᠴᠡ ᠬᠦᠰᠡᠭᠰᠡᠨ ᠪᠦᠬᠦᠨ ᠢ᠋ᠶ᠋ᠡᠨ ᠴᠢᠯᠥᠭᠡᠲᠡᠢ ᠢᠷᠠᠭᠤ ᠲᠣᠳᠣ ᠪᠠᠷ ᠲᠤᠰᠬᠠᠨ ᠬᠠᠷᠠᠭᠤᠯᠬᠤ ᠪᠥᠭᠡᠳ ᠮᠠᠯ ᠤ᠋ᠨ ᠠᠷᠠᠰᠤ ᠨᠡᠬᠡᠢ᠂ ᠢᠰᠡᠭᠡᠢ ᠪᠡᠷ ᠠᠮᠢᠳᠤᠷᠠᠯ ᠤ᠋ᠨ ᠢ᠋ᠶ᠋ᠠᠨ ᠬᠡᠷᠡᠭᠴᠡᠭᠡᠲᠦ ᠵᠦᠢᠯ ᠢ᠋ ᠭᠣᠣᠯᠴᠢᠯᠠᠨ ᠬᠢᠳᠡᠭ ᠪᠠᠢᠭᠰᠠᠨ ᠤᠴᠢᠷ ᠠ᠋ᠴᠠ ᠡᠮᠡᠭᠲᠡᠢᠴᠦᠳ ᠦ᠋ᠨ ᠭᠠᠷ ᠤᠷᠠᠯᠠᠯ ᠣᠶᠣᠳᠠᠯ ᠦᠢᠯᠡ ᠲᠡᠷᠡ ᠴᠢᠭ ᠲᠦ᠍ ᠬᠠᠨᠳᠤᠵᠤ ᠪᠠᠢᠵᠠᠢ᠃ ᠤᠷᠠᠨ ᠦᠢᠯᠡ ᠳ᠋ᠦ᠍ ᠲᠤᠰᠤᠭᠰᠠᠨ ᠨᠢᠭᠡ ᠣᠨᠴᠠᠯᠢᠭ ᠨᠢ ᠦᠢᠯᠡ ᠶ᠋ᠢᠨ ᠪᠠᠭᠠᠵᠢ ᠬᠡᠷᠡᠭᠰᠡᠯ ᠶᠡᠬᠡᠳᠡ ᠬᠥᠭᠵᠢᠭᠰᠡᠨ ᠨᠢ ᠤᠷᠠᠨ ᠦᠢᠯᠡ ᠶ᠋ᠢᠨ ᠲᠣᠭ᠎ᠠ ᠴᠢᠨᠠᠷ ᠭᠤᠸ᠎ᠠ ᠦᠵᠡᠮᠵᠢ ᠰᠠᠢᠵᠢᠷᠠᠬᠤ ᠳ᠋ᠤ᠌ ᠴᠢᠬᠤᠯᠠ ᠨᠥᠯᠥᠭᠡᠯᠡᠵᠡᠢ᠃
    18—19 ᠳ᠋ᠦ᠍ᠭᠡᠷ ᠵᠠᠭᠤᠨ ᠤ᠋ ᠦᠶ᠎ᠡ ᠳ᠋ᠦ᠍ ᠮᠣᠩᠭᠣᠯ ᠤ᠋ᠨ ᠡᠮᠡᠭᠲᠡᠢᠴᠦᠳ ᠦ᠋ᠨ ᠳᠤᠮᠳᠠ ᠬᠠᠳᠬᠤᠮᠠᠯ᠂ ᠨᠠᠭᠠᠮᠠᠯ᠂ ᠵᠡᠭᠦᠦ ᠣᠷᠢᠶᠠᠬᠤ ᠠᠷᠠᠰᠤ ᠪᠠᠷ ᠬᠥᠭᠡᠭᠡᠮᠡᠯ ᠬᠢᠬᠦ ᠪᠣᠯᠤᠨ ᠬᠤᠪᠴᠠᠰᠤ ᠬᠤᠨᠠᠷ᠂ ᠭᠡᠷ ᠣᠷᠣᠨ ᠤ᠋ ᠬᠡᠷᠡᠭᠰᠡᠯ ᠢ᠋ ᠭᠤᠶᠤᠵᠤ ᠴᠢᠮᠡᠬᠦ ᠤᠷᠠᠯᠢᠭ ᠮᠡᠳᠡᠭᠳᠡᠬᠦᠢᠴᠡ ᠬᠥᠭᠵᠢᠵᠦ ᠪᠠᠢᠵᠠᠢ᠃ ᠡᠨᠡ ᠤᠷᠠᠯᠢᠭ ᠣᠳᠣ ᠬᠦᠷᠲᠡᠯ᠎ᠡ ᠬᠠᠳᠠᠭᠠᠯᠠᠭᠳᠠᠵᠤ ᠢᠷᠡᠭᠰᠡᠨ ᠢ᠋ᠶ᠋ᠡᠷ ᠦᠯᠦ ᠪᠠᠷᠠᠮ ᠤᠯᠠᠮ ᠪᠣᠯᠪᠠᠰᠤᠷᠠᠩᠭᠤᠢ ᠬᠥᠭᠵᠢᠵᠦ20 ᠳ᠋ᠤᠭᠠᠷ ᠵᠠᠭᠤᠨ ᠤ᠋ ᠪᠤᠶᠤ ᠣᠷᠴᠢᠨ ᠦᠶ᠎ᠡ ᠶ᠋ᠢᠨ ᠤᠷ᠎ᠠ ᠶ᠋ᠢᠨ ᠴᠡᠴᠡᠭ ᠰᠣᠶᠣᠭᠠᠯᠠᠬᠤ ᠬᠥᠷᠥᠰᠥ ᠨᠢ ᠪᠣᠯᠵᠠᠢ᠃
    ᠣᠷᠴᠢᠨ ᠦᠶ᠎ᠡ ᠶ᠋ᠢᠨ ᠤᠷᠠᠯᠢᠭ ᠬᠥᠮᠦᠨ ᠦ᠌ ᠨᠡᠢᠭᠡᠮ ᠡᠭᠦᠰᠦᠨ ᠬᠥᠭᠵᠢᠭᠰᠡᠨ ᠲᠡᠷᠡ ᠴᠠᠭ ᠠ᠋ᠴᠠ ᠥᠨᠥ ᠦᠶ᠎ᠡ ᠶ᠋ᠢ ᠬᠦᠷᠲᠡᠯ᠎ᠡ ᠤᠷᠲᠤ ᠤᠳᠠᠭᠠᠨ ᠬᠤᠭᠤᠴᠠᠭ᠎ᠠ ᠥᠩᠭᠡᠷᠡᠭᠰᠡᠨ ᠪᠣᠯᠪᠠᠴᠤ ᠬᠥᠮᠦᠨ ᠠᠵᠤ ᠲᠥᠷᠥᠬᠦ ᠶ᠋ᠢᠨ ᠦᠨᠳᠦᠰᠦ ᠪᠣᠯᠤᠭᠰᠠᠨ ᠣᠷᠴᠢᠨ ᠠᠬᠤᠢ ᠪᠠᠨ ᠲᠠᠨᠢᠨ ᠮᠡᠳᠡᠵᠦ ᠠᠮᠢᠳᠤᠷᠠᠯ ᠤ᠋ᠨ ᠢ᠋ᠶ᠋ᠠᠨ ᠨᠥᠬᠥᠴᠡᠯ ᠢ᠋ ᠰᠠᠢᠵᠢᠷᠠᠭᠤᠯᠬᠤ ᠲᠠᠯ᠎ᠠ ᠪᠠᠷ ᠠᠰᠤᠷᠤ ᠶᠡᠬᠡ ᠦᠢᠯᠡ ᠶ᠋ᠢ ᠪᠦᠲᠦᠭᠡᠵᠦ᠂ ᠪᠠᠭ᠎ᠠ ᠦᠭᠡᠢ ᠪᠠᠶᠠᠯᠢᠭ ᠢ᠋ ᠬᠤᠷᠠᠮᠳᠤᠭᠤᠯᠵᠤ ᠢᠷᠡᠭᠰᠡᠨ ᠨᠢ ᠲᠣᠳᠣᠷᠬᠠᠢ ᠪᠢᠯᠡ᠃ ᠡᠭᠦᠨ ᠦ᠌ ᠭᠡᠷᠡᠴᠢ ᠨᠢ ᠶᠠᠮᠠᠷ ᠴᠤ᠌ ᠬᠠᠷᠭᠢᠰ ᠨᠡᠢᠭᠡᠮ ᠨᠣᠶᠠᠷᠬᠠᠵᠤ ᠪᠠᠢᠯ᠎ᠠ ᠴᠤ᠌ ᠭᠡᠰᠡᠨ ᠠᠷᠠᠳ ᠲᠦᠮᠡᠨ ᠦ᠌ ᠤᠷᠠᠯᠠᠨ ᠪᠦᠲᠦᠭᠡᠬᠦ ᠠᠵᠢᠯ ᠲᠠᠰᠤᠷᠠᠯᠲᠠ ᠦᠭᠡᠢ ᠬᠥᠭᠵᠢᠵᠦ ᠪᠠᠢᠭᠰᠠᠨ ᠲᠡᠦᠬᠡ ᠲᠡᠢ᠃
    ᠬᠥᠮᠦᠨ ᠲᠥᠷᠥᠯᠬᠢᠲᠡᠨ ᠦ᠌ ᠲᠡᠦᠬᠡᠨ ᠳ᠋ᠦ᠍ ᠠᠩᠭᠢᠲᠤ ᠨᠡᠢᠭᠡᠮ ᠡᠭᠦᠰᠴᠦ ᠳᠡᠯᠡᠬᠡᠢ ᠶ᠋ᠢᠨ ᠪᠠᠶᠠᠯᠢᠭ᠂ ᠨᠡᠢᠭᠡᠮ ᠦ᠋ᠨ ᠠᠮᠢᠳᠤᠷᠠᠯ ᠳ᠋ᠤ᠌ ᠮᠢᠨᠦ ᠴᠢᠨᠦ ᠢᠯᠭᠠᠭ᠎ᠠ ᠡᠭᠦᠰᠦᠮᠡᠭᠴᠡ ᠬᠦᠴᠦᠲᠡᠢ ᠨᠢ ᠬᠦᠴᠦ ᠦᠭᠡᠢ ᠪᠡᠨ ᠲᠣᠨᠣᠨ ᠳᠡᠭᠡᠷᠡᠮᠳᠡᠬᠦ ᠪᠣᠯᠤᠭᠰᠠᠨ ᠲᠡᠷᠡ ᠴᠠᠭ ᠠ᠋ᠴᠠ ᠬᠥᠮᠦᠨ ᠠᠷᠠᠳ ᠤ᠋ᠨ ᠭᠠᠷ ᠤᠷᠠᠯᠠᠯ ᠭᠣᠶᠣᠯ ᠨᠢᠭᠡ ᠲᠠᠯ᠎ᠠ ᠪᠠᠷ ᠴᠡᠴᠡᠭᠯᠡᠨ ᠬᠥᠭᠵᠢᠵᠦ ᠪᠠᠢᠪᠠᠴᠤ ᠨᠥᠭᠦᠭᠡ ᠲᠠᠯ᠎ᠠ ᠪᠠᠷ ᠨᠣᠶᠠᠯᠠᠭᠴᠢ ᠠᠩᠭᠢ ᠶ᠋ᠢᠨ ᠮᠠᠲᠠᠯ ᠳ᠋ᠤ᠌ ᠰᠢᠯᠵᠢᠨ ᠬᠥᠮᠦᠨ ᠦ᠌ ᠴᠢᠯᠥᠭᠡᠲᠦ ᠠᠮᠢᠳᠤᠷᠠᠯ ᠬᠢᠵᠠᠭᠠᠷᠯᠠᠭᠳᠠᠮᠠᠯ ᠪᠣᠯᠵᠤ ᠪᠠᠢᠭᠰᠠᠨ ᠴᠤ᠌ ᠬᠥᠮᠦᠨ ᠠᠷᠠᠳ ᠤᠷᠠᠯᠢᠭ ᠢ᠋ᠶ᠋ᠠᠨ ᠣᠷᠬᠢᠭ᠎ᠠ ᠦᠭᠡᠢ ᠪᠢᠯᠡ᠃ ᠨᠣᠶᠠᠯᠠᠭᠴᠢ ᠠᠩᠭᠢ ᠶ᠋ᠢᠨ ᠳᠠᠷᠤᠯᠠᠯ ᠠᠯᠬᠤᠮ ᠠᠯᠬᠤᠮ ᠢ᠋ᠶ᠋ᠠᠷ ᠳᠡᠪᠡᠷᠡᠵᠦ ᠪᠦᠬᠦ ᠳᠡᠯᠡᠬᠡᠢ ᠳ᠋ᠦ᠍ ᠬᠥᠷᠥᠩᠭᠡᠲᠦ ᠨᠡᠢᠭᠡᠮ ᠨᠣᠶᠠᠷᠬᠠᠬᠤ ᠪᠣᠯᠤᠭᠰᠠᠨ ᠨᠢ ᠬᠥᠮᠦᠨ ᠦ᠌ ᠪᠦᠲᠦᠭᠡᠭᠰᠡᠨ ᠡᠳ᠋ ᠮᠠᠲ᠋ᠧᠷᠢᠶᠠᠯ ᠤ᠋ᠨ ᠪᠣᠯᠤᠨ ᠣᠶᠤᠨ ᠰᠠᠨᠠᠭᠠᠨ ᠤ᠋ ᠠᠰᠤᠷᠤ ᠶᠡᠬᠡ ᠪᠠᠶᠠᠯᠢᠭ ᠰᠦᠢᠷᠡᠯ ᠳ᠋ᠦ᠍ ᠬᠦᠷᠴᠦ ᠲᠡᠢᠨ ᠳᠠᠵᠢᠨ ᠤ᠋ ᠬᠥᠯ ᠳ᠋ᠦ᠍ ᠤᠳᠠᠭ᠎ᠠ ᠳᠠᠷᠠᠭ᠎ᠠ ᠪᠠᠷ ᠨᠡᠷᠪᠡᠭᠳᠡᠨ ᠪᠠᠢᠵᠠᠢ᠃
    ᠳᠡᠯᠡᠬᠡᠢ ᠶ᠋ᠢᠨ ᠬᠥᠮᠦᠨ ᠠᠷᠠᠳ ᠤ᠋ᠨ ᠵᠢᠷᠦᠬᠡᠨ ᠳ᠋ᠦ᠍ ᠮᠡᠰᠡ ᠪᠣᠯᠤᠨ ᠦᠯᠡᠳᠡᠭᠰᠡᠨ ᠳᠡᠯᠡᠬᠡᠢ ᠶ᠋ᠢᠨ ᠬᠣᠶᠠᠷ ᠲᠡᠢᠨ ᠧᠦ᠋ᠷᠣᠫᠠ ᠶ᠋ᠢᠨ ᠵᠠᠷᠢᠮ ᠣᠷᠣᠨ ᠢ᠋ᠶ᠋ᠠᠷ ᠪᠠᠷᠠᠬᠤ ᠦᠭᠡᠢ ᠳᠡᠯᠡᠬᠡᠢ ᠶ᠋ᠢᠨ ᠰᠣᠶᠣᠯ ᠤ᠋ᠨ ᠥᠪ ᠢ᠋ ᠶᠡᠬᠡᠬᠡᠨ ᠰᠦᠢᠳᠬᠡᠭᠰᠡᠨ ᠢ᠋ ᠲᠡᠦᠬᠡ ᠪᠢᠳᠡᠨ ᠳ᠋ᠦ᠍ ᠰᠤᠷᠭᠠᠳᠠᠭ᠃ ᠡᠭᠦᠨ ᠦ᠌ ᠨᠢᠭᠡ ᠠᠳᠠᠯᠢ ᠮᠣᠩᠭᠣᠯ ᠣᠷᠣᠨ ᠳ᠋ᠤ᠌ ᠡᠷᠲᠡ ᠦᠶ᠎ᠡ ᠡᠴᠡ ᠣᠷᠣᠰᠢᠨ ᠲᠣᠭᠲᠠᠨᠢᠵᠤ ᠪᠠᠢᠭᠰᠠᠨ ᠣᠯᠠᠨ ᠣᠪᠣᠭ ᠠᠢᠮᠠᠭ ᠤ᠋ᠳ ᠥᠪᠡᠷ ᠬᠣᠭᠣᠷᠣᠨᠳᠣ ᠪᠠᠨ ᠪᠠᠢᠯᠳᠤᠨ ᠳᠠᠭᠠᠭᠤᠯᠤᠯ ᠬᠢᠬᠦ᠂ ᠭᠠᠳᠠᠭᠠᠳᠤ ᠶ᠋ᠢᠨ ᠰᠢᠨᠤᠬᠠᠢᠴᠤᠳ ᠲᠣᠨᠣᠨ ᠳᠡᠭᠡᠷᠡᠮᠳᠡᠵᠦ ᠲᠡᠢᠨ ᠰᠠᠮᠠᠭᠤᠨ ᠳᠡᠭᠳᠡᠭᠡᠬᠦ ᠵᠡᠷᠭᠡ ᠪᠡᠷ ᠲᠤᠰ ᠤᠯᠤᠰ ᠤ᠋ᠨ ᠬᠥᠮᠦᠨ ᠠᠷᠠᠳ ᠤ᠋ᠨ ᠤᠷ᠎ᠠ ᠶ᠋ᠢᠨ ᠰᠠᠩ ᠢ᠋ ᠨᠢᠭᠡ ᠪᠢᠰᠢ ᠤᠳᠠᠭ᠎ᠠ ᠰᠦᠢᠳᠬᠡᠵᠡᠢ᠃ ᠮᠠᠨᠵᠤ ᠶ᠋ᠢᠨ ᠲᠦᠷᠢᠮᠡᠬᠡᠢᠯᠡᠭᠴᠢᠳ ᠦ᠋ᠨ ᠲᠠᠯᠬᠢᠨ ᠳ᠋ᠤ᠌200 ᠭᠠᠷᠤᠢ ᠵᠢᠯ ᠨᠤᠬᠤᠯᠠᠭᠳᠠᠵᠤ ᠥᠭᠡᠳᠡ ᠲᠡᠢ ᠥᠩᠭᠡ ᠲᠡᠢ ᠪᠦᠬᠦᠨ ᠢ᠋ᠶ᠋ᠡᠨ ᠲᠣᠨᠣᠭᠤᠯᠵᠤ ᠰᠦᠢᠳᠦᠭᠦᠯᠵᠦ ᠪᠠᠢᠯ᠎ᠠ ᠴᠤ᠌ ᠲᠤᠰ ᠤᠯᠤᠰ ᠤ᠋ᠨ ᠠᠷᠠᠳ ᠲᠦᠮᠡᠨ ᠦ᠌ ᠭᠠᠷ ᠤᠷᠠᠯᠠᠯ ᠲᠠᠰᠤᠷᠠᠯᠲᠠ ᠦᠭᠡᠢ ᠬᠥᠭᠵᠢᠵᠦ ᠪᠠᠢᠵᠠᠢ᠃20 ᠳ᠋ᠤᠭᠠᠷ ᠵᠠᠭᠤᠨ ᠤ᠋ ᠡᠬᠢ ᠪᠡᠷ ᠳᠡᠯᠡᠬᠡᠢ ᠶ᠋ᠢ ᠨᠣᠶᠠᠯᠠᠵᠤ ᠪᠠᠢᠭᠰᠠᠨ ᠬᠥᠷᠥᠩᠭᠡᠲᠦ ᠨᠡᠢᠭᠡᠮ ᠦ᠋ᠨ ᠮᠥᠬᠥᠯ ᠦ᠋ᠨ ᠦᠶ᠎ᠡ ᠡᠬᠢᠯᠡᠵᠦ ᠣᠷᠣᠰ ᠣᠷᠣᠨ ᠳ᠋ᠤ᠌ ᠡᠭᠦᠰᠦᠭᠰᠡᠨ ᠠᠷᠪᠠᠨ ᠰᠠᠷ᠎ᠠ ᠶ᠋ᠢᠨ ᠬᠤᠪᠢᠰᠬᠠᠯ ᠤ᠋ᠨ ᠭᠡᠭᠡᠨ ᠲᠤᠶᠠᠭ᠎ᠠ ᠪᠦᠬᠦᠯᠢ ᠪᠦᠲᠦᠨ ᠬᠥᠷᠥᠩᠭᠡᠲᠦ ᠨᠡᠢᠭᠡᠮ ᠦ᠋ᠨ ᠺᠣᠯᠣᠨᠢᠴᠢᠯᠠᠯ ᠤ᠋ᠨ ᠭᠢᠨᠵᠢ ᠶ᠋ᠢ ᠲᠠᠰᠤᠯᠤᠨ ᠨᠡᠢᠭᠡᠮ ᠵᠢᠷᠤᠮᠲᠤ ᠨᠡᠢᠭᠡᠮ ᠢ᠋ ᠪᠠᠢᠭᠤᠯᠤᠭᠰᠠᠨ ᠢ᠋ᠶ᠋ᠠᠷ ᠮᠠᠨ ᠤ᠋ ᠭᠠᠷᠠᠭ ᠤ᠋ᠨ ᠰᠠᠶ᠎ᠠ ᠰᠠᠶ᠎ᠠ ᠬᠥᠮᠦᠨ ᠠᠷᠠᠳ ᠳᠠᠪᠰᠢᠯ ᠬᠥᠭᠵᠢᠯ ᠦ᠋ᠨ ᠢ᠋ᠶ᠋ᠡᠨ ᠴᠢᠭ ᠢ᠋ ᠣᠯᠵᠤ ᠡᠬᠢᠯᠡᠯ᠎ᠡ᠃
    ᠡᠨᠡ ᠦᠶ᠎ᠡ ᠳ᠋ᠦ᠍ ᠠᠽᠢᠶ᠎ᠠ ᠶ᠋ᠢᠨ ᠮᠣᠩᠭᠣᠯ ᠣᠷᠣᠨ ᠹᠧᠣᠳᠠᠯ ᠤ᠋ᠨ ᠨᠡᠢᠭᠡᠮ ᠦ᠋ᠨ ᠬᠣᠴᠣᠷᠤᠭᠳᠠᠭᠰᠠᠨ ᠣᠷᠣᠨ ᠠ᠋ᠴᠠ ᠬᠥᠭᠵᠢᠯ ᠦ᠋ᠨ ᠲᠤᠰᠬᠠᠢ ᠱᠠᠲᠤ ᠶ᠋ᠢ ᠠᠯᠭᠠᠰᠠᠵᠤ ᠰᠢᠨ᠎ᠡ ᠨᠡᠢᠭᠡᠮ ᠥᠭᠡᠳᠡ ᠦᠰᠦᠷᠦᠨ ᠳᠠᠪᠰᠢᠨ ᠲᠡᠦᠬᠡ ᠶ᠋ᠢᠨ ᠣᠬᠣᠷ ᠪᠣᠭᠣᠨᠢ ᠬᠤᠭᠤᠴᠠᠭᠠᠨ ᠳ᠋ᠤ᠌ ᠬᠥᠮᠦᠨ ᠦ᠌ ᠰᠠᠨᠠᠭᠠᠨ ᠳ᠋ᠤ᠌ ᠪᠠᠭᠲᠠᠰᠢ ᠦᠭᠡᠢ ᠶᠡᠬᠡ ᠶ᠋ᠢ ᠪᠦᠲᠦᠭᠡᠵᠡᠢ᠃ ᠬᠤᠪᠢᠰᠬᠠᠯ ᠠ᠋ᠴᠠ ᠡᠮᠦᠨ᠎ᠡ ᠲᠤᠰ ᠣᠷᠣᠨ ᠨᠡᠢᠭᠡᠮ ᠦ᠋ᠨ ᠬᠥᠭᠵᠢᠯ ᠡᠴᠡ ᠨᠡᠯᠢᠶᠡᠳ ᠬᠣᠴᠣᠷᠤᠩᠭᠤᠢ ᠵᠢᠯᠠᠭ᠎ᠠ ᠶ᠋ᠢᠨ ᠨᠢᠭᠡ ᠲᠠᠷᠠᠬᠠᠢ ᠪᠤᠲᠠᠷᠬᠠᠢ ᠨᠡᠭᠦᠳᠡᠯ ᠦ᠋ᠨ ᠮᠠᠯ ᠠᠵᠤ ᠠᠬᠤᠢ ᠡᠷᠬᠢᠯᠡᠭᠰᠡᠨ ᠣᠷᠣᠨ ᠪᠠᠢᠭᠰᠠᠨ ᠴᠤ᠌ ᠨᠡᠭᠦᠳᠡᠯ ᠦ᠋ᠨ ᠢ᠋ᠶ᠋ᠡᠨ ᠣᠨᠴᠠᠯᠢᠭ ᠲᠤ᠌ ᠲᠣᠬᠢᠷᠠᠭᠰᠠᠨ ᠰᠣᠶᠣᠯ ᠤᠷᠠᠯᠢᠭ ᠢ᠋ᠶ᠋ᠠᠨ ᠬᠥᠭᠵᠢᠭᠦᠯᠵᠦ ᠪᠠᠢᠵᠠᠢ᠃ ᠲᠤᠰ ᠣᠷᠣᠨ ᠤ᠋ ᠬᠥᠮᠦᠨ ᠠᠷᠠᠳ ᠬᠡᠵᠢᠶᠡᠨᠡᠢ ᠠᠵᠢᠯᠰᠠᠭ᠂ ᠮᠠᠯ ᠠ᠋ᠴᠠ ᠭᠠᠷᠤᠯ ᠲᠠᠢ ᠪᠦᠲᠦᠭᠡᠭᠳᠡᠬᠦᠨ ᠢ᠋ᠶ᠋ᠡᠷ ᠠᠵᠤ ᠠᠮᠢᠳᠤᠷᠠᠯ ᠤ᠋ᠨ ᠢ᠋ᠶ᠋ᠠᠨ ᠬᠡᠷᠡᠭᠴᠡᠭᠡ ᠶ᠋ᠢ ᠬᠠᠩᠭᠠᠵᠤ᠂ ᠠᠷᠠᠰᠤ ᠨᠡᠬᠡᠢ ᠶ᠋ᠢ ᠡᠯᠳᠡᠬᠦ᠂ ᠢᠰᠡᠭᠡᠢ ᠬᠢᠬᠦ᠂ ᠰᠦ ᠰᠠᠭᠠᠯᠢ ᠴᠠᠭᠠᠨ ᠢᠳᠡᠭᠡ ᠪᠣᠯᠪᠠᠰᠤᠷᠠᠭᠤᠯᠬᠤ ᠵᠡᠷᠭᠡ ᠳ᠋ᠦ᠍ ᠳᠠᠳᠤᠭᠰᠠᠨ ᠤᠯᠤᠰ ᠪᠠᠢᠵᠠᠢ᠃ ᠮᠣᠩᠭᠣᠯᠴᠤᠳ ᠠᠯᠢ ᠴᠤ᠌ ᠨᠡᠢᠭᠡᠮ ᠦ᠋ᠨ ᠦᠶ᠎ᠡ ᠳ᠋ᠦ᠍ ᠡᠮᠡᠭᠲᠡᠢᠴᠦᠳ ᠢ᠋ ᠤᠷᠠᠨ ᠦᠢᠯᠡ ᠳ᠋ᠦ᠍ ᠰᠤᠷᠭᠠᠨ ᠶᠠᠭᠤᠮᠠᠬᠠᠨ ᠢ᠋ᠶ᠋ᠠᠷ ᠶᠠᠭᠤᠮ᠎ᠠ ᠬᠢᠬᠦ ᠠᠵᠢᠯ ᠳ᠋ᠤ᠌ ᠪᠠᠭ᠎ᠠ ᠪᠠᠯᠴᠢᠷ ᠠ᠋ᠴᠠ ᠨᠢ ᠳᠠᠳᠤᠯᠭᠠᠵᠢᠭᠤᠯᠵᠤ ᠪᠠᠢᠭᠰᠠᠨ ᠲᠡᠦᠬᠡ ᠲᠡᠢ ᠪᠢᠯᠡ᠃
ᠭᠡᠪᠡᠴᠦ ᠬᠥᠮᠦᠨ ᠠᠷᠠᠳ ᠤ᠋ᠨ ᠭᠠᠷ ᠤᠷᠠᠯᠠᠯ ᠠᠮᠢ ᠪᠠᠨ ᠠᠷᠭᠠᠴᠠᠬᠤ ᠲᠡᠳᠦᠢ ᠢᠪᠴᠤᠤ ᠬᠦᠷᠢᠶᠡᠨ ᠳ᠋ᠦ᠍ ᠪᠠᠢᠭᠰᠠᠨ ᠤ᠋ ᠳᠡᠭᠡᠷ᠎ᠡ ᠬᠦᠴᠦ ᠲᠡᠢ ᠨᠢ ᠬᠦᠴᠦ ᠦᠭᠡᠢ ᠪᠡᠨ ᠴᠥᠯᠮᠥᠵᠦ ᠪᠠᠢᠳᠠᠭ ᠠᠩᠭᠢᠲᠤ ᠨᠡᠢᠭᠡᠮ ᠦ᠋ᠨ ᠲᠦᠭᠡᠮᠡᠯ ᠬᠠᠤᠯᠢ ᠶᠣᠰᠣᠭᠠᠷ ᠠᠷᠠᠳ ᠲᠦᠮᠡᠨ ᠦ᠌ ᠭᠠᠷ ᠤᠷᠠᠯᠠᠯ ᠤ᠋ᠨ ᠰᠠᠢᠨ ᠰᠠᠢᠬᠠᠨ ᠪᠦᠬᠦᠨ ᠭᠠᠳᠠᠭᠠᠳᠤ ᠶ᠋ᠢᠨ ᠰᠢᠨᠤᠬᠠᠢ ᠬᠤᠳᠠᠯᠳᠤᠭᠠᠴᠢᠨ ᠹᠧᠣᠳᠠᠯ ᠤ᠋ᠨ ᠨᠣᠶᠠᠯᠠᠭᠴᠢ ᠮᠡᠳᠡᠵᠦ ᠠᠮᠢᠳᠤᠷᠠᠯ ᠤ᠋ᠨ ᠢ᠋ᠶ᠋ᠠᠨ ᠨᠥᠬᠥᠴᠡᠯ ᠢ᠋ ᠰᠠᠢᠵᠢᠷᠠᠭᠤᠯᠬᠤ ᠲᠠᠯ᠎ᠠ ᠪᠠᠷ ᠠᠰᠤᠷᠤ ᠶᠡᠬᠡ ᠦᠢᠯᠡ ᠶ᠋ᠢ ᠪᠦᠲᠦᠭᠡᠵᠦ᠂ ᠪᠠᠭ᠎ᠠ ᠦᠭᠡᠢ ᠪᠠᠶᠠᠯᠢᠭ ᠢ᠋ ᠬᠤᠷᠠᠮᠳᠤᠭᠤᠯᠵᠤ ᠢᠷᠡᠭᠰᠡᠨ ᠨᠢ ᠲᠣᠳᠣᠷᠬᠠᠢ ᠪᠢᠯᠡ᠃ ᠡᠭᠦᠨ ᠦ᠌ ᠭᠡᠷᠡᠴᠢ ᠨᠢ ᠶᠠᠮᠠᠷ ᠴᠤ᠌ ᠬᠠᠷᠭᠢᠰ ᠨᠡᠢᠭᠡᠮ ᠨᠣᠶᠠᠷᠬᠠᠵᠤ ᠪᠠᠢᠯ᠎ᠠ ᠴᠤ᠌ ᠭᠡᠰᠡᠨ ᠠᠷᠠᠳ ᠲᠦᠮᠡᠨ ᠦ᠌ ᠤᠷᠠᠯᠠᠨ ᠪᠦᠲᠦᠭᠡᠬᠦ ᠠᠵᠢᠯ ᠲᠠᠰᠤᠷᠠᠯᠲᠠ ᠦᠭᠡᠢ ᠬᠥᠭᠵᠢᠵᠦ ᠪᠠᠢᠭᠰᠠᠨ ᠲᠡᠦᠬᠡ ᠲᠡᠢ᠃
    ᠬᠥᠮᠦᠨ ᠲᠥᠷᠥᠯᠬᠢᠲᠡᠨ ᠦ᠌ ᠲᠡᠦᠬᠡᠨ ᠳ᠋ᠦ᠍ ᠠᠩᠭᠢᠲᠤ ᠨᠡᠢᠭᠡᠮ ᠡᠭᠦᠰᠴᠦ ᠳᠡᠯᠡᠬᠡᠢ ᠶ᠋ᠢᠨ ᠪᠠᠶᠠᠯᠢᠭ᠂ ᠨᠡᠢᠭᠡᠮ ᠦ᠋ᠨ ᠠᠮᠢᠳᠤᠷᠠᠯ ᠳ᠋ᠤ᠌ ᠮᠢᠨᠦ ᠴᠢᠨᠦ ᠢᠯᠭᠠᠭ᠎ᠠ ᠡᠭᠦᠰᠦᠮᠡᠭᠴᠡ ᠬᠦᠴᠦᠲᠡᠢ ᠨᠢ ᠬᠦᠴᠦ ᠦᠭᠡᠢ ᠪᠡᠨ ᠲᠣᠨᠣᠨ ᠳᠡᠭᠡᠷᠡᠮᠳᠡᠬᠦ ᠪᠣᠯᠤᠭᠰᠠᠨ ᠲᠡᠷᠡ ᠴᠠᠭ ᠠ᠋ᠴᠠ ᠬᠥᠮᠦᠨ ᠠᠷᠠᠳ ᠤ᠋ᠨ ᠭᠠᠷ ᠤᠷᠠᠯᠠᠯ ᠭᠣᠶᠣᠯ ᠨᠢᠭᠡ ᠲᠠᠯ᠎ᠠ ᠪᠠᠷ ᠴᠡᠴᠡᠭᠯᠡᠨ ᠬᠥᠭᠵᠢᠵᠦ ᠪᠠᠢᠪᠠᠴᠤ ᠨᠥᠭᠦᠭᠡ ᠲᠠᠯ᠎ᠠ ᠪᠠᠷ ᠨᠣᠶᠠᠯᠠᠭᠴᠢ ᠠᠩᠭᠢ ᠶ᠋ᠢᠨ ᠮᠠᠲᠠᠯ ᠳ᠋ᠤ᠌ ᠰᠢᠯᠵᠢᠨ ᠬᠥᠮᠦᠨ ᠦ᠌ ᠴᠢᠯᠥᠭᠡᠲᠦ ᠠᠮᠢᠳᠤᠷᠠᠯ ᠬᠢᠵᠠᠭᠠᠷᠯᠠᠭᠳᠠᠮᠠᠯ ᠪᠣᠯᠵᠤ ᠪᠠᠢᠭᠰᠠᠨ ᠴᠤ᠌ ᠬᠥᠮᠦᠨ ᠠᠷᠠᠳ ᠤᠷᠠᠯᠢᠭ ᠢ᠋ᠶ᠋ᠠᠨ ᠣᠷᠬᠢᠭ᠎ᠠ ᠦᠭᠡᠢ ᠪᠢᠯᠡ᠃ ᠨᠣᠶᠠᠯᠠᠭᠴᠢ ᠠᠩᠭᠢ ᠶ᠋ᠢᠨ ᠳᠠᠷᠤᠯᠠᠯ ᠠᠯᠬᠤᠮ ᠠᠯᠬᠤᠮ ᠢ᠋ᠶ᠋ᠠᠷ ᠳᠡᠪᠡᠷᠡᠵᠦ ᠪᠦᠬᠦ ᠳᠡᠯᠡᠬᠡᠢ ᠳ᠋ᠦ᠍ ᠬᠥᠷᠥᠩᠭᠡᠲᠦ ᠨᠡᠢᠭᠡᠮ ᠨᠣᠶᠠᠷᠬᠠᠬᠤ ᠪᠣᠯᠤᠭᠰᠠᠨ ᠨᠢ ᠬᠥᠮᠦᠨ ᠦ᠌ ᠪᠦᠲᠦᠭᠡᠭᠰᠡᠨ ᠡᠳ᠋ ᠮᠠᠲ᠋ᠧᠷᠢᠶᠠᠯ ᠤ᠋ᠨ ᠪᠣᠯᠤᠨ ᠣᠶᠤᠨ ᠰᠠᠨᠠᠭᠠᠨ ᠤ᠋ ᠠᠰᠤᠷᠤ ᠶᠡᠬᠡ ᠪᠠᠶᠠᠯᠢᠭ ᠰᠦᠢᠷᠡᠯ ᠳ᠋ᠦ᠍ ᠬᠦᠷᠴᠦ ᠲᠡᠢᠨ ᠳᠠᠵᠢᠨ ᠤ᠋ ᠬᠥᠯ ᠳ᠋ᠦ᠍ ᠤᠳᠠᠭ᠎ᠠ ᠳᠠᠷᠠᠭ᠎ᠠ ᠪᠠᠷ ᠨᠡᠷᠪᠡᠭᠳᠡᠨ ᠪᠠᠢᠵᠠᠢ᠃
    ᠳᠡᠯᠡᠬᠡᠢ ᠶ᠋ᠢᠨ ᠬᠥᠮᠦᠨ ᠠᠷᠠᠳ ᠤ᠋ᠨ ᠵᠢᠷᠦᠬᠡᠨ ᠳ᠋ᠦ᠍ ᠮᠡᠰᠡ ᠪᠣᠯᠤᠨ ᠦᠯᠡᠳᠡᠭᠰᠡᠨ ᠳᠡᠯᠡᠬᠡᠢ ᠶ᠋ᠢᠨ ᠬᠣᠶᠠᠷ ᠲᠡᠢᠨ ᠧᠦ᠋ᠷᠣᠫᠠ ᠶ᠋ᠢᠨ ᠵᠠᠷᠢᠮ ᠣᠷᠣᠨ ᠢ᠋ᠶ᠋ᠠᠷ ᠪᠠᠷᠠᠬᠤ ᠦᠭᠡᠢ ᠳᠡᠯᠡᠬᠡᠢ ᠶ᠋ᠢᠨ ᠰᠣᠶᠣᠯ ᠤ᠋ᠨ ᠥᠪ ᠢ᠋ ᠶᠡᠬᠡᠬᠡᠨ ᠰᠦᠢᠳᠬᠡᠭᠰᠡᠨ ᠢ᠋ ᠲᠡᠦᠬᠡ ᠪᠢᠳᠡᠨ ᠳ᠋ᠦ᠍ ᠰᠤᠷᠭᠠᠳᠠᠭ᠃ ᠡᠭᠦᠨ ᠦ᠌ ᠨᠢᠭᠡ ᠠᠳᠠᠯᠢ ᠮᠣᠩᠭᠣᠯ ᠣᠷᠣᠨ ᠳ᠋ᠤ᠌ ᠡᠷᠲᠡ ᠦᠶ᠎ᠡ ᠡᠴᠡ ᠣᠷᠣᠰᠢᠨ ᠲᠣᠭᠲᠠᠨᠢᠵᠤ ᠪᠠᠢᠭᠰᠠᠨ ᠣᠯᠠᠨ ᠣᠪᠣᠭ ᠠᠢᠮᠠᠭ ᠤ᠋ᠳ ᠥᠪᠡᠷ ᠬᠣᠭᠣᠷᠣᠨᠳᠣ ᠪᠠᠨ ᠪᠠᠢᠯᠳᠤᠨ ᠳᠠᠭᠠᠭᠤᠯᠤᠯ ᠬᠢᠬᠦ᠂ ᠭᠠᠳᠠᠭᠠᠳᠤ ᠶ᠋ᠢᠨ ᠰᠢᠨᠤᠬᠠᠢᠴᠤᠳ ᠲᠣᠨᠣᠨ ᠳᠡᠭᠡᠷᠡᠮᠳᠡᠵᠦ ᠲᠡᠢᠨ ᠰᠠᠮᠠᠭᠤᠨ ᠳᠡᠭᠳᠡᠭᠡᠬᠦ ᠵᠡᠷᠭᠡ ᠪᠡᠷ ᠲᠤᠰ ᠤᠯᠤᠰ ᠤ᠋ᠨ ᠬᠥᠮᠦᠨ ᠠᠷᠠᠳ ᠤ᠋ᠨ ᠤᠷ᠎ᠠ ᠶ᠋ᠢᠨ ᠰᠠᠩ ᠢ᠋ ᠨᠢᠭᠡ ᠪᠢᠰᠢ ᠤᠳᠠᠭ᠎ᠠ ᠰᠦᠢᠳᠬᠡᠵᠡᠢ᠃ ᠮᠠᠨᠵᠤ ᠶ᠋ᠢᠨ ᠲᠦᠷᠢᠮᠡᠬᠡᠢᠯᠡᠭᠴᠢᠳ ᠦ᠋ᠨ ᠲᠠᠯᠬᠢᠨ ᠳ᠋ᠤ᠌200 ᠭᠠᠷᠤᠢ ᠵᠢᠯ ᠨᠤᠬᠤᠯᠠᠭᠳᠠᠵᠤ ᠥᠭᠡᠳᠡ ᠲᠡᠢ ᠥᠩᠭᠡ ᠲᠡᠢ ᠪᠦᠬᠦᠨ ᠢ᠋ᠶ᠋ᠡᠨ ᠲᠣᠨᠣᠭᠤᠯᠵᠤ ᠰᠦᠢᠳᠦᠭᠦᠯᠵᠦ ᠪᠠᠢᠯ᠎ᠠ ᠴᠤ᠌ ᠲᠤᠰ ᠤᠯᠤᠰ ᠤ᠋ᠨ ᠠᠷᠠᠳ ᠲᠦᠮᠡᠨ ᠦ᠌ ᠭᠠᠷ ᠤᠷᠠᠯᠠᠯ ᠲᠠᠰᠤᠷᠠᠯᠲᠠ ᠦᠭᠡᠢ ᠬᠥᠭᠵᠢᠵᠦ ᠪᠠᠢᠵᠠᠢ᠃20 ᠳ᠋ᠤᠭᠠᠷ ᠵᠠᠭᠤᠨ ᠤ᠋ ᠡᠬᠢ ᠪᠡᠷ ᠳᠡᠯᠡᠬᠡᠢ ᠶ᠋ᠢ ᠨᠣᠶᠠᠯᠠᠵᠤ ᠪᠠᠢᠭᠰᠠᠨ ᠬᠥᠷᠥᠩᠭᠡᠲᠦ ᠨᠡᠢᠭᠡᠮ ᠦ᠋ᠨ ᠮᠥᠬᠥᠯ ᠦ᠋ᠨ ᠦᠶ᠎ᠡ ᠡᠬᠢᠯᠡᠵᠦ ᠣᠷᠣᠰ ᠣᠷᠣᠨ ᠳ᠋ᠤ᠌ ᠡᠭᠦᠰᠦᠭᠰᠡᠨ ᠠᠷᠪᠠᠨ ᠰᠠᠷ᠎ᠠ ᠶ᠋ᠢᠨ ᠬᠤᠪᠢᠰᠬᠠᠯ ᠤ᠋ᠨ ᠭᠡᠭᠡᠨ ᠲᠤᠶᠠᠭ᠎ᠠ ᠪᠦᠬᠦᠯᠢ ᠪᠦᠲᠦᠨ ᠬᠥᠷᠥᠩᠭᠡᠲᠦ ᠨᠡᠢᠭᠡᠮ ᠦ᠋ᠨ ᠺᠣᠯᠣᠨᠢᠴᠢᠯᠠᠯ ᠤ᠋ᠨ ᠭᠢᠨᠵᠢ ᠶ᠋ᠢ ᠲᠠᠰᠤᠯᠤᠨ ᠨᠡᠢᠭᠡᠮ ᠵᠢᠷᠤᠮᠲᠤ ᠨᠡᠢᠭᠡᠮ ᠢ᠋ ᠪᠠᠢᠭᠤᠯᠤᠭᠰᠠᠨ ᠢ᠋ᠶ᠋ᠠᠷ ᠮᠠᠨ ᠤ᠋ ᠭᠠᠷᠠᠭ ᠤ᠋ᠨ ᠰᠠᠶ᠎ᠠ ᠰᠠᠶ᠎ᠠ ᠬᠥᠮᠦᠨ ᠠᠷᠠᠳ ᠳᠠᠪᠰᠢᠯ ᠬᠥᠭᠵᠢᠯ ᠦ᠋ᠨ ᠢ᠋ᠶ᠋ᠡᠨ ᠴᠢᠭ ᠢ᠋ ᠣᠯᠵᠤ ᠡᠬᠢᠯᠡᠯ᠎ᠡ᠃
    ᠡᠨᠡ ᠦᠶ᠎ᠡ ᠳ᠋ᠦ᠍ ᠠᠽᠢᠶ᠎ᠠ ᠶ᠋ᠢᠨ ᠮᠣᠩᠭᠣᠯ ᠣᠷᠣᠨ ᠹᠧᠣᠳᠠᠯ ᠤ᠋ᠨ ᠨᠡᠢᠭᠡᠮ ᠦ᠋ᠨ ᠬᠣᠴᠣᠷᠤᠭᠳᠠᠭᠰᠠᠨ ᠣᠷᠣᠨ ᠠ᠋ᠴᠠ ᠬᠥᠭᠵᠢᠯ ᠦ᠋ᠨ ᠲᠤᠰᠬᠠᠢ ᠱᠠᠲᠤ ᠶ᠋ᠢ ᠠᠯᠭᠠᠰᠠᠵᠤ ᠰᠢᠨ᠎ᠡ ᠨᠡᠢᠭᠡᠮ ᠥᠭᠡᠳᠡ ᠦᠰᠦᠷᠦᠨ ᠳᠠᠪᠰᠢᠨ ᠲᠡᠦᠬᠡ ᠶ᠋ᠢᠨ ᠣᠬᠣᠷ ᠪᠣᠭᠣᠨᠢ ᠬᠤᠭᠤᠴᠠᠭᠠᠨ ᠳ᠋ᠤ᠌ ᠬᠥᠮᠦᠨ ᠦ᠌ ᠰᠠᠨᠠᠭᠠᠨ ᠳ᠋ᠤ᠌ ᠪᠠᠭᠲᠠᠰᠢ ᠦᠭᠡᠢ ᠶᠡᠬᠡ ᠶ᠋ᠢ ᠪᠦᠲᠦᠭᠡᠵᠡᠢ᠃ ᠬᠤᠪᠢᠰᠬᠠᠯ ᠠ᠋ᠴᠠ ᠡᠮᠦᠨ᠎ᠡ ᠲᠤᠰ ᠣᠷᠣᠨ ᠨᠡᠢᠭᠡᠮ ᠦ᠋ᠨ ᠬᠥᠭᠵᠢᠯ ᠡᠴᠡ ᠨᠡᠯᠢᠶᠡᠳ ᠬᠣᠴᠣᠷᠤᠩᠭᠤᠢ ᠵᠢᠯᠠᠭ᠎ᠠ ᠶ᠋ᠢᠨ ᠨᠢᠭᠡ ᠲᠠᠷᠠᠬᠠᠢ ᠪᠤᠲᠠᠷᠬᠠᠢ ᠨᠡᠭᠦᠳᠡᠯ ᠦ᠋ᠨ ᠮᠠᠯ ᠠᠵᠤ ᠠᠬᠤᠢ ᠡᠷᠬᠢᠯᠡᠭᠰᠡᠨ ᠣᠷᠣᠨ ᠪᠠᠢᠭᠰᠠᠨ ᠴᠤ᠌ ᠨᠡᠭᠦᠳᠡᠯ ᠦ᠋ᠨ ᠢ᠋ᠶ᠋ᠡᠨ ᠣᠨᠴᠠᠯᠢᠭ ᠲᠤ ᠲᠣᠬᠢᠷᠠᠭᠰᠠᠨ ᠰᠣᠶᠣᠯ ᠤᠷᠠᠯᠢᠭ ᠢ᠋ᠶ᠋ᠠᠨ ᠬᠥᠭᠵᠢᠭᠦᠯᠵᠦ ᠪᠠᠢᠵᠠᠢ᠃ ᠲᠤᠰ ᠣᠷᠣᠨ ᠤ᠋ ᠬᠥᠮᠦᠨ ᠠᠷᠠᠳ ᠬᠡᠵᠢᠶᠡᠨᠡᠢ ᠠᠵᠢᠯᠰᠠᠭ᠂ ᠮᠠᠯ ᠠ᠋ᠴᠠ ᠭᠠᠷᠤᠯ ᠲᠠᠢ ᠪᠦᠲᠦᠭᠡᠭᠳᠡᠬᠦᠨ ᠢ᠋ᠶ᠋ᠡᠷ ᠠᠵᠤ ᠠᠮᠢᠳᠤᠷᠠᠯ ᠤ᠋ᠨ ᠢ᠋ᠶ᠋ᠠᠨ ᠬᠡᠷᠡᠭᠴᠡᠭᠡ ᠶ᠋ᠢ ᠬᠠᠩᠭᠠᠵᠤ᠂ ᠠᠷᠠᠰᠤ ᠨᠡᠬᠡᠢ ᠶ᠋ᠢ ᠡᠯᠳᠡᠬᠦ᠂ ᠢᠰᠡᠭᠡᠢ ᠬᠢᠬᠦ᠂ ᠰᠦ ᠰᠠᠭᠠᠯᠢ ᠴᠠᠭᠠᠨ ᠢᠳᠡᠭᠡ ᠪᠣᠯᠪᠠᠰᠤᠷᠠᠭᠤᠯᠬᠤ ᠵᠡᠷᠭᠡ ᠳ᠋ᠦ᠍ ᠳᠠᠳᠤᠭᠰᠠᠨ ᠤᠯᠤᠰ ᠪᠠᠢᠵᠠᠢ᠃ ᠮᠣᠩᠭᠣᠯᠴᠤᠳ ᠠᠯᠢ ᠴᠤ᠌ ᠨᠡᠢᠭᠡᠮ ᠦ᠋ᠨ ᠦᠶ᠎ᠡ ᠳ᠋ᠦ᠍ ᠡᠮᠡᠭᠲᠡᠢᠴᠦᠳ ᠢ᠋ ᠤᠷᠠᠨ ᠦᠢᠯᠡ ᠳ᠋ᠦ᠍ ᠰᠤᠷᠭᠠᠨ ᠶᠠᠭᠤᠮᠠᠬᠠᠨ ᠢ᠋ᠶ᠋ᠠᠷ ᠶᠠᠭᠤᠮ᠎ᠠ ᠬᠢᠬᠦ ᠠᠵᠢᠯ ᠳ᠋ᠤ᠌ ᠪᠠᠭ᠎ᠠ ᠪᠠᠯᠴᠢᠷ ᠠ᠋ᠴᠠ ᠨᠢ ᠳᠠᠳᠤᠯᠭᠠᠵᠢᠭᠤᠯᠵᠤ ᠪᠠᠢᠭᠰᠠᠨ ᠲᠡᠦᠬᠡ ᠲᠡᠢ ᠪᠢᠯᠡ᠃
    ᠭᠡᠪᠡᠴᠦ ᠬᠥᠮᠦᠨ ᠠᠷᠠᠳ ᠤ᠋ᠨ ᠭᠠᠷ ᠤᠷᠠᠯᠠᠯ ᠠᠮᠢ ᠪᠠᠨ ᠠᠷᠭᠠᠴᠠᠬᠤ ᠲᠡᠳᠦᠢ ᠢᠪᠴᠤᠤ ᠬᠦᠷᠢᠶᠡᠨ ᠳ᠋ᠦ᠍ ᠪᠠᠢᠭᠰᠠᠨ ᠤ᠋ ᠳᠡᠭᠡᠷ᠎ᠡ ᠬᠦᠴᠦ ᠲᠡᠢ ᠨᠢ ᠬᠦᠴᠦ ᠦᠭᠡᠢ ᠪᠡᠨ ᠴᠥᠯᠮᠥᠵᠦ ᠪᠠᠢᠳᠠᠭ ᠠᠩᠭᠢᠲᠤ ᠨᠡᠢᠭᠡᠮ ᠦ᠋ᠨ ᠲᠦᠭᠡᠮᠡᠯ ᠬᠠᠤᠯᠢ ᠶᠣᠰᠣᠭᠠᠷ ᠠᠷᠠᠳ ᠲᠦᠮᠡᠨ ᠦ᠌ ᠭᠠᠷ ᠤᠷᠠᠯᠠᠯ ᠤ᠋ᠨ ᠰᠠᠢᠨ ᠰᠠᠢᠬᠠᠨ ᠪᠦᠬᠦᠨ ᠭᠠᠳᠠᠭᠠᠳᠤ ᠶ᠋ᠢᠨ ᠰᠢᠨᠤᠬᠠᠢ ᠬᠤᠳᠠᠯᠳᠤᠭᠠᠴᠢᠨ ᠹᠧᠣᠳᠠᠯ ᠤ᠋ᠨ ᠨᠣᠶᠠᠯᠠᠭᠴᠢ ᠠᠩᠭᠢ ᠶ᠋ᠢᠨ ᠭᠠᠷ ᠲᠤ ᠰᠢᠯᠵᠢᠵᠦ ᠪᠠᠢᠯ᠎ᠠ᠃ ᠡᠭᠦᠨ ᠦ᠌ ᠨᠢᠭᠡ ᠭᠡᠷᠡᠴᠢ ᠪᠣᠯ ᠨᠡᠢᠰᠯᠡᠯ ᠬᠦᠷᠢᠶᠡᠨ ᠳ᠋ᠦ᠍ ᠪᠠᠢᠭᠰᠠᠨ360 ᠭᠠᠷᠤᠢ ᠬᠤᠪᠢ ᠶ᠋ᠢᠨ ᠵᠢᠵᠢᠭ ᠦᠢᠯᠡᠳᠪᠦᠷᠢᠯᠡᠯ ᠭᠠᠳᠠᠭᠠᠳᠤ ᠶ᠋ᠢᠨ ᠬᠤᠳᠠᠯᠳᠤᠭᠠᠴᠢᠳ ᠤ᠋ᠨ ᠮᠠᠲᠠᠯ ᠳ᠋ᠤ᠌ ᠪᠠᠢᠵᠠᠢ᠃ 
    1921 ᠣᠨ ᠳ᠋ᠤ᠌ ᠲᠤᠰ ᠣᠷᠣᠨ ᠳ᠋ᠤ᠌ ᠢᠯᠠᠭᠰᠠᠨ ᠠᠷᠠᠳ ᠤ᠋ᠨ ᠬᠤᠪᠢᠰᠬᠠᠯ ᠤ᠋ᠨ ᠵᠢᠯ ᠦ᠋ᠳ ᠲᠤ ᠭᠠᠳᠠᠭᠠᠳᠤ ᠶ᠋ᠢᠨ ᠬᠤᠳᠠᠯᠳᠤᠭᠠᠴᠢᠨ ᠤ᠋ ᠮᠠᠲᠠᠯ ᠳ᠋ᠤ᠌ ᠪᠠᠢᠭᠰᠠᠨ ᠵᠠᠷᠢᠮ ᠵᠢᠵᠢᠭ ᠦᠢᠯᠡᠳᠪᠦᠷᠢ ᠶ᠋ᠢ ᠤᠯᠤᠰ ᠤ᠋ᠨ ᠮᠠᠲᠠᠯ ᠳ᠋ᠤ᠌ ᠠᠪᠴᠤ ᠲᠡᠭᠦᠨ ᠢ᠋ ᠥᠷᠭᠡᠳᠬᠡᠬᠦ᠂ ᠨᠡᠮᠡᠬᠦ ᠵᠡᠷᠭᠡ ᠠᠵᠢᠯ ᠬᠢᠵᠦ ᠡᠬᠢᠯᠡᠵᠡᠢ᠃1924 ᠣᠨ ᠳ᠋ᠤ᠌ ᠬᠤᠷᠠᠯᠳᠤᠭᠰᠠᠨ ᠮᠣᠩᠭᠣᠯ ᠠᠷᠠᠳ ᠤ᠋ᠨ ᠬᠤᠪᠢᠰᠬᠠᠯᠲᠤ ᠨᠠᠮ ᠤ᠋ᠨ ᠭᠤᠷᠪᠠᠳᠤᠭᠠᠷ ᠶᠡᠬᠡ ᠬᠤᠷᠠᠯ ᠲᠤᠰ ᠣᠷᠣᠨ ᠢ᠋ ᠬᠥᠷᠥᠩᠭᠡᠲᠦ ᠪᠤᠰᠤ ᠵᠠᠮ ᠢ᠋ᠶ᠋ᠠᠷ ᠬᠥᠭᠵᠢᠭᠦᠯᠬᠦ ᠵᠠᠩᠵᠤᠨ ᠱᠤᠭᠤᠮ ᠢ᠋ ᠪᠠᠲᠤᠯᠠᠵᠤ᠂ ᠤᠯᠤᠰ ᠣᠷᠣᠨ ᠤ᠋ ᠪᠠᠨ ᠡᠳ᠋ ᠦ᠋ᠨ ᠵᠠᠰᠠᠭ᠂ ᠰᠣᠶᠣᠯ ᠢ᠋ ᠬᠥᠭᠵᠢᠭᠦᠯᠬᠦ ᠲᠠᠯ᠎ᠠ ᠪᠠᠷ ᠲᠣᠳᠣᠷᠬᠠᠢ ᠵᠣᠷᠢᠯᠲᠠ ᠲᠠᠯᠪᠢᠵᠤ᠂ ᠲᠤᠰ ᠣᠷᠣᠨ ᠳ᠋ᠤ᠌ ᠬᠡᠳᠦ ᠬᠡᠳᠦᠨ ᠵᠢᠵᠢᠭ ᠦᠢᠯᠡᠳᠪᠦᠷᠢ ᠶ᠋ᠢ ᠥᠷᠭᠡᠳᠬᠡᠭᠰᠡᠨ ᠦ᠌ ᠳᠣᠲᠣᠷ᠎ᠠ ᠣᠶᠣᠳᠠᠯ ᠤ᠋ᠨ ᠦᠢᠯᠡᠳᠪᠦᠷᠢ ᠣᠷᠣᠵᠠᠢ᠃
    1931 ᠣᠨ ᠳ᠋ᠤ᠌ ᠠᠵᠤ ᠦᠢᠯᠡᠳᠪᠦᠷᠢ ᠶ᠋ᠢᠨ ᠺᠣᠮᠪᠢᠨᠠᠲ ᠤ᠋ᠨ ᠠᠩᠬᠠᠨ ᠤ᠋ ᠰᠠᠭᠤᠷᠢ ᠲᠠᠯᠪᠢᠭᠳᠠᠵᠤ ᠮᠣᠩᠭᠣᠯ ᠭᠤᠲᠤᠯ᠂ ᠨᠡᠬᠡᠢ ᠳᠡᠪᠡᠯ ᠬᠢᠵᠦ ᠪᠠᠢᠭᠰᠠᠨ ᠤ᠋ ᠳᠡᠭᠡᠷ᠎ᠡ ᠨᠣᠣᠰᠣ ᠤᠬᠢᠶᠠᠬᠤ᠂ ᠴᠡᠮᠪᠡ ᠨᠡᠬᠡᠬᠦ᠂ ᠢᠰᠡᠭᠡᠢ ᠭᠤᠲᠤᠯ ᠬᠢᠵᠦ ᠡᠬᠢᠯᠡᠭᠰᠡᠨ ᠪᠠ ᠡᠬᠡ ᠣᠷᠣᠨ ᠤ᠋ ᠲᠡᠢᠨ ᠦ᠌ ᠦᠶ᠎ᠡ ᠳ᠋ᠦ᠍ ᠴᠡᠷᠢᠭ ᠰᠢᠨᠧᠯᠢ᠂ ᠰᠡᠪᠬᠢᠨ ᠭᠤᠲᠤᠯ᠂ ᠴᠡᠷᠢᠭ ᠦ᠋ᠨ ᠪᠡᠭᠡᠯᠡᠢ᠂ ᠮᠠᠯᠠᠭᠠᠢ᠂ ᠰᠤᠷ ᠪᠦᠰᠡ ᠬᠢᠵᠦ ᠪᠠᠢᠵᠠᠢ᠃ ᠴᠢᠨᠠᠭᠰᠢᠳᠠ ᠪᠠᠨ ᠲᠤᠰ ᠣᠷᠣᠨ ᠤ᠋ ᠠᠷᠠᠳ ᠲᠦᠮᠡᠨ ᠰᠣᠶᠣᠯᠵᠢᠵᠤ ᠰᠢᠨᠵᠢᠯᠡᠬᠦ ᠤᠬᠠᠭᠠᠨ ᠤ᠋ ᠲᠥᠷᠥᠯ ᠪᠦᠷᠢ ᠶ᠋ᠢᠨ ᠰᠠᠯᠪᠤᠷᠢ ᠬᠥᠭᠵᠢᠬᠦ ᠳᠣᠳᠣᠮ ᠬᠢᠬᠦ ᠵᠦᠢᠯ ᠦ᠋ᠨ ᠨᠡᠷ᠎ᠡ ᠲᠥᠷᠥᠯ ᠣᠯᠠᠰᠢᠷᠠᠵᠤ᠂ ᠲᠥᠪ ᠬᠥᠳᠡᠭᠡ ᠳ᠋ᠦ᠍ ᠣᠯᠠᠨ ᠰᠠᠯᠪᠤᠷᠢ ᠨᠡᠮᠡᠭᠳᠡᠨ ᠬᠤᠪᠴᠠᠰᠤᠨ ᠤ᠋ ᠲᠥᠷᠥᠯᠵᠢᠭᠰᠡᠨ ᠦᠢᠯᠡᠳᠪᠦᠷᠢ ᠨᠦ᠍ᠭᠦᠳ ᠪᠣᠢ ᠪᠣᠯᠵᠠᠢ᠃ ᠢᠩᠭᠢᠭᠰᠡᠨ ᠢ᠋ᠶ᠋ᠡᠷ ᠮᠠᠨ ᠤ᠋ ᠣᠷᠣᠨ ᠤ᠋ ᠬᠥᠮᠦᠨ ᠠᠷᠠᠳ ᠤ᠋ᠨ ᠠᠵᠤ ᠠᠮᠢᠳᠤᠷᠠᠯ᠂ ᠰᠣᠶᠣᠯᠴᠢ ᠪᠣᠯᠪᠠᠰᠤᠨ ᠠᠵᠤ ᠪᠠᠢᠳᠠᠯ ᠳ᠋ᠤ᠌ ᠡᠳᠦᠷ ᠪᠦᠷᠢ ᠰᠢᠨ᠎ᠡ ᠵᠦᠢᠯ ᠨᠡᠪᠲᠡᠷᠡᠵᠦ ᠳᠠᠩ ᠭᠠᠭᠴᠠ ᠦᠨᠳᠦᠰᠦᠲᠡᠨ ᠦ᠌ ᠬᠤᠪᠴᠠᠰᠤᠨ ᠠ᠋ᠴᠠ ᠭᠠᠳᠠᠨ᠎ᠠ ᠲᠥᠷᠥᠯ ᠪᠦᠷᠢ ᠶ᠋ᠢᠨ ᠪᠣᠯᠪᠠᠰᠤᠨ ᠬᠤᠪᠴᠠᠰᠤ ᠬᠢᠵᠦ ᠬᠡᠷᠡᠭᠯᠡᠬᠦ ᠪᠣᠯᠵᠠᠢ᠃
       ᠣᠷᠴᠢᠨ ᠦᠶ᠎ᠡ ᠳ᠋ᠦ᠍ ᠮᠠᠨ ᠤ᠋ ᠣᠷᠣᠨ ᠤ᠋ ᠬᠥᠮᠦᠨ ᠠᠷᠠᠳ ᠳᠡᠯᠡᠬᠡᠢ ᠶ᠋ᠢᠨ ᠰᠣᠶᠣᠯᠲᠤ ᠤᠯᠤᠰ ᠤ᠋ᠨ ᠰᠣᠶᠣᠯ ᠤ᠋ᠨ ᠲᠦᠪᠰᠢᠨ ᠳ᠋ᠦ᠍ ᠬᠦᠷᠲᠡᠯ᠎ᠡ ᠪᠡᠨ ᠰᠢᠨ᠎ᠡ ᠦᠢᠯᠡ ᠪᠦᠲᠦᠭᠡᠵᠡᠢ᠃ ᠮᠠᠨ ᠤ᠋ ᠠᠵᠤ ᠦᠢᠯᠡᠳᠪᠦᠷᠢ ᠶ᠋ᠢᠨ ᠺᠣᠮᠪᠢᠨᠠᠲ ᠲᠥᠷᠥᠯ ᠪᠦᠷᠢ ᠶ᠋ᠢᠨ ᠬᠤᠪᠴᠠᠰᠤ ᠬᠡᠷᠡᠭᠯᠡᠯ ᠢ᠋ ᠳᠠᠩ ᠢ᠋ᠶ᠋ᠠᠷ ᠬᠢᠵᠦ ᠪᠠᠢᠭᠰᠠᠨ ᠪᠣᠯ ᠣᠳᠣ ᠨᠡᠬᠡᠮᠡᠯ᠂ ᠡᠭᠡᠷᠡᠮᠡᠯ᠂ ᠰᠠᠪᠢᠬᠢᠨ ᠡᠳ᠋ᠯᠡᠯ᠂ ᠬᠡᠦᠬᠡᠳ ᠦ᠋ᠨ ᠪᠣᠯᠤᠨ ᠠᠷᠮᠢ ᠶ᠋ᠢᠨ ᠲᠥᠷᠥᠯ ᠪᠦᠷᠢ ᠶ᠋ᠢᠨ ᠬᠤᠪᠴᠠᠰᠤᠨ ᠤ᠋ ᠲᠥᠷᠥᠯᠵᠢᠭᠰᠡᠨ ᠦᠢᠯᠡᠳᠪᠦᠷᠢ ᠨᠦ᠍ᠭᠦᠳ ᠪᠣᠢ ᠪᠣᠯᠤᠯ᠎ᠠ᠃
       ᠡᠳᠡᠭᠡᠷ ᠦᠢᠯᠡᠳᠪᠦᠷᠢ ᠨᠦ᠍ᠭᠦᠳ ᠦ᠋ᠨ ᠤᠷᠠᠯᠠᠨ ᠪᠦᠲᠦᠭᠡᠬᠦ ᠠᠵᠢᠯ ᠢ᠋ ᠳᠠᠩ ᠭᠠᠭᠴᠠ ᠡᠮᠡᠭᠲᠡᠢᠴᠦᠳ ᠬᠢᠵᠦ ᠪᠠᠢᠭ᠎ᠠ ᠪᠥᠭᠡᠳ ᠲᠤᠰ ᠦᠢᠯᠡᠳᠪᠦᠷᠢ ᠶ᠋ᠢᠨ ᠤᠷᠠᠨ ᠭᠠᠷᠳᠠᠨ ᠤ᠋ ᠳᠣᠲᠣᠷ᠎ᠠ ᠠ᠋ᠴᠠ ᠠᠵᠢᠯ ᠦᠢᠯᠡᠰ ᠢ᠋ᠶ᠋ᠡᠷ ᠢ᠋ᠶ᠋ᠡᠨ ᠰᠢᠯᠭᠠᠷᠠᠭᠰᠠᠨ ᠲᠡᠷᠢᠭᠦᠨ ᠦ᠌ ᠰᠠᠢᠴᠤᠳ ᠠᠯᠳᠠᠷ ᠴᠣᠯᠠᠲᠠᠨ ᠨᠤᠭᠤᠳ ᠣᠯᠠᠨ ᠢ᠋ᠶ᠋ᠠᠷ ᠲᠣᠳᠣᠷᠠᠭᠰᠠᠨ ᠪᠢᠯᠡ᠃ ᠠᠵᠤ ᠦᠢᠯᠡᠳᠪᠦᠷᠢ ᠶ᠋ᠢᠨ ᠺᠣᠮᠪᠢᠨᠠᠲ ᠤ᠋ᠨ ᠠᠬᠠᠮᠠᠳ ᠠᠵᠢᠯᠴᠢᠨ ᠡᠰᠬᠡᠭᠦᠷᠴᠢᠨ ᠴ᠂ ᠴᠠᠮᠪᠠᠯ ᠨᠡᠬᠡᠮᠡᠯᠴᠢᠨ ᠳ· ᠬᠦᠨᠵᠢᠯᠡᠮ᠂ ᠬᠥᠳᠡᠯᠮᠦᠷᠢᠴᠢᠨ ᠦ᠌ ᠪᠠᠭᠠᠲᠤᠷ ᠴ· ᠠᠮᠤᠭᠤᠯᠠᠩ᠂ ᠳ· ᠴᠠᠨᠳᠠ— ᠠᠶᠤᠰᠢ ᠨᠠᠷ ᠤ᠋ᠨ ᠵᠡᠷᠭᠡ ᠤᠯᠤᠰ ᠡᠬᠡ ᠣᠷᠣᠨ ᠤ᠋ ᠪᠠᠨ ᠡᠮᠦᠨ᠎ᠡ ᠢᠷᠭᠡᠨ ᠦ᠌ ᠪᠡᠨ ᠡᠭᠦᠷᠭᠡ ᠶ᠋ᠢ ᠨᠡᠷ᠎ᠡ ᠲᠥᠷᠥ ᠲᠡᠢ ᠪᠡᠶᠡᠯᠡᠭᠦᠯᠵᠦ᠂ ᠵᠠᠯᠠᠭᠤ ᠦᠶ᠎ᠡ ᠳ᠋ᠦ᠍ ᠦᠯᠢᠭᠡᠷ ᠳᠠᠭᠤᠷᠢᠶᠠᠯ ᠪᠣᠯᠵᠤ ᠶᠠᠪᠤᠭ᠎ᠠ ᠲᠡᠷᠢᠭᠦᠨ ᠦ᠌ ᠰᠠᠢᠴᠤᠳ ᠣᠯᠠᠨ ᠢ᠋ᠶ᠋ᠠᠷ ᠲᠥᠷᠥᠵᠡᠢ᠃ ᠡᠭᠦᠨ ᠦ᠌ ᠵᠡᠷᠭᠡᠴᠡᠭᠡ ᠪᠡᠷ ᠠᠷᠠᠳ ᠲᠦᠮᠡᠨ ᠦ᠌ ᠭᠠᠷ ᠤᠷᠠᠯᠠᠯ ᠪᠣᠯᠪᠠᠰᠤᠷᠠᠩᠭᠤᠢ ᠬᠥᠭᠵᠢᠵᠦ ᠰᠢᠨ᠎ᠡ ᠨᠡᠢᠭᠡᠮ ᠢ᠋ ᠪᠠᠢᠭᠤᠯᠬᠤ ᠳ᠋ᠤ᠌ ᠬᠤᠪᠢ ᠨᠡᠮᠡᠷᠢ ᠪᠣᠯᠵᠤ ᠪᠠᠢᠨ᠎ᠠ᠃
        ᠬᠡᠵᠢᠶᠡᠨᠡᠢ ᠡᠴᠡ ᠤᠷᠠᠨ ᠤᠳᠤᠮ ᠲᠠᠢ ᠮᠣᠩᠭᠣᠯ ᠤ᠋ᠨ ᠡᠮᠡᠭᠲᠡᠢᠴᠦᠳ ᠣᠯᠠᠨ ᠵᠠᠭᠤᠨ ᠤ᠋ ᠦᠶ᠎ᠡ ᠳ᠋ᠦ᠍ ᠭᠡᠷ ᠣᠷᠣᠨ᠂ ᠠᠬᠤᠢ ᠠᠮᠢᠳᠤᠷᠠᠯ ᠢ᠋ᠶ᠋ᠠᠨ ᠰᠠᠢᠵᠢᠷᠠᠭᠤᠯᠬᠤ ᠳ᠋ᠠᠭᠠᠨ ᠭᠠᠩ ᠵᠡᠭᠦᠦ ᠪᠡᠨ ᠬᠤᠷᠴᠠᠯᠠᠨ᠂ ᠣᠶᠤᠨ ᠤᠬᠠᠭᠠᠨ ᠢ᠋ᠶ᠋ᠠᠨ ᠬᠥᠭᠵᠢᠭᠦᠯᠵᠦ ᠠᠢᠯ ᠭᠡᠷ ᠬᠥᠮᠦᠨ ᠠᠷᠠᠳ ᠢ᠋ᠶ᠋ᠠᠨ ᠤᠷᠠᠨ ᠦᠢᠯᠡ ᠪᠡᠷ ᠢ᠋ᠶ᠋ᠡᠨ ᠴᠢᠮᠡᠵᠦ ᠢᠷᠡᠭᠰᠡᠨ ᠲᠡᠦᠬᠡ ᠲᠡᠢ᠃ ᠠᠯᠢᠪᠠ ᠤᠯᠤᠰ ᠭᠦᠷᠦᠨ ᠦ᠌ ᠬᠥᠮᠦᠨ ᠠᠷᠠᠳ ᠤ᠋ᠨ ᠤᠷᠠᠨ ᠦᠢᠯᠡ ᠬᠥᠮᠦᠨ ᠦ᠌ ᠨᠡᠢᠭᠡᠮ ᠲᠡᠢ ᠬᠠᠮᠲᠤ ᠡᠭᠦᠰᠦᠨ ᠬᠥᠭᠵᠢᠵᠦ ᠲᠤᠬᠠᠢ ᠶ᠋ᠢᠨ ᠤᠯᠤᠰ ᠭᠦᠷᠦᠨ ᠦ᠌ ᠠᠵᠤ ᠠᠮᠢᠳᠤᠷᠠᠯ ᠪᠣᠯᠤᠨ ᠰᠠᠨᠠᠭ᠎ᠠ ᠥᠩᠭᠡ ᠦᠵᠡᠮᠵᠢ ᠶ᠋ᠢ ᠳᠤᠰᠬᠠᠨ ᠬᠥᠭᠵᠢᠭᠦᠯᠵᠦ ᠡᠴᠦᠰ ᠲᠡᠭᠡᠨ ᠲᠡᠦᠬᠡ ᠳᠤᠷᠠᠰᠬᠠᠯ ᠤ᠋ᠨ ᠪᠣᠳᠠᠲᠤ ᠪᠠᠷᠢᠮᠲᠠ ᠪᠣᠯᠤᠨ ᠦᠯᠡᠳᠡᠳᠡᠭ ᠦ᠋ᠨ ᠨᠢᠭᠡ ᠠᠳᠠᠯᠢ ᠮᠣᠩᠭᠣᠯ ᠡᠮᠡᠭᠲᠡᠢᠴᠦᠳ ᠦ᠋ᠨ ᠤᠷᠠᠨ ᠦᠢᠯᠡ ᠲᠡᠷᠡ ᠵᠠᠮ ᠢ᠋ ᠲᠤᠭᠤᠯᠤᠨ ᠢᠷᠡᠯ᠎ᠡ᠃
          ᠮᠣᠩᠭᠣᠯ ᠤᠨ  ᠡᠮᠡᠭᠲᠡᠢᠴᠦᠳ ᠦ᠋ᠨ ᠤᠷᠠᠨ ᠦᠢᠯᠡ ᠲᠤᠰ  ᠣᠷᠣᠨ ᠤ᠋ ᠶᠣᠰᠣ ᠵᠠᠩᠰᠢᠯ ᠰᠣᠶᠣᠯ ᠢᠷᠭᠡᠨᠰᠢᠯ ᠦ᠋ᠨ ᠲᠣᠳᠣᠷᠬᠠᠢ ᠤᠯᠠ ᠮᠥᠷ ᠪᠥᠭᠡᠳ ᠣᠯᠠᠨ ᠵᠠᠭᠤᠨ ᠤ᠋ ᠦᠶ᠎ᠡ ᠳ᠋ᠦ᠍ ᠰᠢᠨ᠎ᠡ ᠤᠳᠬ᠎ᠠ ᠠᠭᠤᠯᠭ᠎ᠠ ᠪᠠᠷ ᠪᠠᠶᠠᠯᠢᠭᠵᠢᠵᠤ ᠢᠷᠡᠭᠰᠡᠨ ᠦ᠌ ᠳᠣᠲᠣᠷ᠎ᠠ ᠠ᠋ᠴᠠ ᠨᠡᠢᠭᠡᠮ ᠵᠢᠷᠤᠮᠲᠤ ᠨᠡᠢᠭᠡᠮ ᠦ᠋ᠨ ᠦᠶ᠎ᠡ ᠳ᠋ᠦ᠍ ᠤᠯᠠᠮ ᠪᠣᠯᠪᠠᠰᠤᠷᠠᠩᠭᠤᠢ ᠪᠣᠯᠵᠤ᠂ ᠨᠡᠢᠭᠡᠮ ᠵᠢᠷᠤᠮᠲᠤ ᠠᠬᠤᠢᠴᠢ ᠤᠷᠠᠯᠢᠭ ᠤ᠋ᠨ ᠭᠦᠨ ᠭᠦᠨᠵᠡᠭᠡᠢ ᠤᠳᠬ᠎ᠠ ᠠᠭᠤᠯᠭ᠎ᠠ᠂ ᠭᠤᠸ᠎ᠠ ᠰᠠᠢᠬᠠᠨ ᠤ᠋ ᠥᠩᠭᠡ ᠦᠵᠡᠮᠵᠢ ᠪᠡᠷ ᠪᠠᠶᠠᠯᠢᠭᠵᠢᠯ᠎ᠠ᠃ ᠡᠭᠦᠨ ᠦ᠌ ᠭᠡᠷᠡᠴᠢ ᠪᠣᠯ ᠤᠯᠤᠰ ᠡᠬᠡ ᠣᠷᠣᠨ ᠤ᠋ ᠪᠠᠨ ᠲᠤᠰᠠᠭᠠᠷ ᠲᠣᠭᠲᠠᠨᠢᠯ ᠤ᠋ᠨ ᠲᠥᠯᠥᠭᠡ ᠬᠠᠷᠢ ᠶ᠋ᠢᠨ ᠪᠤᠯᠢᠶᠠᠨ ᠡᠵᠡᠯᠡᠭᠴᠢᠳ ᠦ᠋ᠨ ᠡᠰᠡᠷᠭᠦ ᠭᠠᠷᠮᠠᠭᠠᠢ ᠲᠡᠮᠡᠴᠡᠭᠴᠢ ᠳᠠᠢᠴᠢᠨ ᠪᠠᠭᠠᠲᠤᠷ ᠡᠷᠡᠰ ᠢ᠋ᠶ᠋ᠡᠨ ᠮᠠᠭᠲᠠᠨ ᠲᠡᠭᠦᠨ ᠦ᠌ ᠳᠦᠷᠢ ᠶ᠋ᠢ ᠤᠷᠠᠨ ᠦᠢᠯᠡ ᠳ᠋ᠡᠭᠡᠨ ᠲᠣᠳᠣᠷᠠᠭᠤᠯᠵᠤ ᠴᠢᠷᠠᠢᠯᠢᠭ ᠲᠥᠷᠥᠭᠰᠡᠨ ᠴᠠᠰᠤ ᠴᠠᠬᠢᠷ ᠪᠠᠭᠠᠲᠤᠷ ᠢ᠋ᠶ᠋ᠠᠨ ᠴᠠᠰᠢ ᠨᠠᠰᠢ ᠨᠢ ᠬᠠᠷᠠᠭᠤᠯᠤᠨ ᠤᠷᠠᠯᠠᠵᠤ ᠪᠠᠢᠭᠰᠠᠨ ᠪᠣᠯ ᠲᠤᠰ ᠤᠯᠤᠰ ᠤ᠋ᠨ ᠬᠥᠮᠦᠨ ᠠᠷᠠᠳ ᠤ᠋ᠨ ᠣᠯᠠᠨ ᠵᠢᠯ ᠬᠦᠰᠡᠨ ᠬᠦᠯᠢᠶᠡᠵᠦ ᠪᠠᠢᠭᠰᠠᠨ ᠬᠠᠭᠤᠴᠢᠨ ᠨᠡᠢᠭᠡᠮ ᠢ᠋ ᠬᠤᠪᠢᠰᠬᠠᠯ ᠢ᠋ᠶ᠋ᠠᠷ ᠥᠭᠡᠷᠡᠴᠢᠯᠡᠬᠦ ᠳ᠋ᠦ᠍ ᠲᠡᠭᠦᠨ ᠳ᠋ᠦ᠍ ᠰᠡᠳᠬᠢᠯ ᠰᠠᠨᠠᠭ᠎ᠠ᠂ ᠭᠠᠷ ᠪᠡᠶ᠎ᠡ ᠪᠡᠷ ᠢ᠋ᠶ᠋ᠡᠨ ᠣᠷᠣᠯᠴᠠᠨ ᠠᠷᠠᠳ ᠤ᠋ᠨ ᠨᠠᠮ ᠤ᠋ᠨ ᠮᠠᠩᠨᠤᠭ ᠦᠰᠦᠭ ᠲᠡᠢ ᠲᠤᠭ ᠢ᠋ ᠤᠷᠠᠯᠠᠨ ᠪᠦᠲᠦᠭᠡᠵᠦ ᠤᠬᠠᠭ᠎ᠠ ᠬᠣᠩᠭᠣᠷ ᠤ᠋ᠨ ᠡᠵᠡᠨ ᠤᠬᠠᠭᠠᠨᠲᠤ ᠵᠠᠩᠵᠤᠨ ᠳ· ᠰᠦᠬᠡᠪᠠᠭᠠᠲᠤᠷ ᠤ᠋ᠨ ᠭᠠᠷ ᠲᠤ ᠠᠳᠬᠤᠭᠤᠯᠵᠤ ᠲᠥᠷᠥᠯᠬᠢ ᠨᠤᠲᠤᠭ ᠤ᠋ᠨ ᠢ᠋ᠶ᠋ᠠᠨ ᠲᠦᠮᠡᠨ ᠡᠬᠡᠴᠦᠳ ᠦ᠋ᠨ ᠰᠡᠳᠬᠢᠯ ᠰᠠᠨᠠᠭ᠎ᠠ ᠶ᠋ᠢ ᠢᠯᠡᠴᠢᠯᠡᠵᠦ ᠪᠠᠢᠭᠰᠠᠨ ᠶᠤᠮ᠃
         ᠲᠡᠭᠦᠨᠴᠢᠯᠡᠨ ᠡᠬᠡ ᠣᠷᠣᠨ ᠤ᠋ ᠲᠡᠢᠨ ᠦ᠌ ᠦᠶ᠎ᠡ ᠳ᠋ᠦ᠍ ᠴᠡᠩᠬᠡᠷ ᠳᠤᠷᠳᠤᠩ ᠠᠯᠴᠢᠭᠤᠷ ᠢ᠋ᠶ᠋ᠠᠨ ᠴᠡᠴᠡᠭ ᠨᠠᠪᠴᠢ ᠪᠠᠷ ᠴᠢᠮᠡᠵᠦ ᠴᠡᠷᠢᠭ ᠡᠷ᠎ᠡ ᠶ᠋ᠢᠨ ᠰᠡᠳᠬᠢᠯ ᠳ᠋ᠦ᠍ ᠡᠷ᠎ᠡ ᠵᠣᠷᠢᠭ ᠲᠥᠷᠥᠭᠦᠯᠵᠦ ᠰᠢᠷᠦᠭᠦᠨ ᠰᠤᠮᠤ ᠰᠥᠷᠬᠦ ᠳ᠋ᠦ᠍ ᠬᠦᠴᠦ ᠰᠠᠮᠪᠠᠭ᠎ᠠ ᠨᠡᠮᠡᠵᠦ ᠪᠠᠢᠭᠰᠠᠨ ᠪᠣᠯ ᠲᠠᠢᠪᠤᠩ ᠴᠠᠭ ᠤ᠋ᠨ ᠪᠦᠲᠦᠭᠡᠨ ᠪᠣᠰᠬᠠᠯᠲᠠ ᠳ᠋ᠤ᠌ ᠠᠯᠲᠠᠨ ᠰᠢᠷᠭᠠᠯ ᠲᠠᠷᠢᠶᠠᠨ ᠤ᠋ ᠲᠠᠩᠭᠢᠰ ᠳᠤᠮᠳᠠ ᠠᠪᠤᠷᠭᠤ ᠲᠷᠠᠺᠲ᠋ᠣᠷ ᠬᠥᠪᠴᠦ ᠶᠠᠪᠤᠭ᠎ᠠ᠂ ᠦᠢᠯᠡᠳᠪᠦᠷᠢ ᠶ᠋ᠢᠨ ᠲᠠᠰᠤᠭ᠂ ᠼᠧᠾ᠂ ᠰᠦᠷᠦᠭ ᠦ᠋ᠨ ᠳᠡᠷᠭᠡᠳᠡ ᠶᠡᠬᠡ ᠪᠦᠲᠦᠭᠡᠯ ᠢ᠋ᠶ᠋ᠡᠨ ᠣᠷᠭᠢᠯᠤᠭᠤᠯᠵᠤ ᠶᠠᠪᠤᠭ᠎ᠠ ᠠᠵᠢᠯᠴᠢᠨ᠂ ᠮᠠᠯᠴᠢᠨ᠂ ᠰᠣᠶᠣᠯ ᠰᠢᠨᠵᠢᠯᠡᠬᠦ ᠤᠬᠠᠭᠠᠨ ᠤ᠋ ᠣᠯᠤᠯᠲᠠ ᠠᠮᠵᠢᠯᠲᠠ᠂ ᠰᠠᠨᠰᠠᠷ ᠤ᠋ᠨ ᠠᠭᠤᠳᠠᠮ ᠳ᠋ᠤ᠌ ᠬᠤᠷᠳᠤᠨ ᠬᠦᠯᠦᠭ ᠵᠢᠯᠣᠭᠣᠳᠤᠨ ᠶᠠᠪᠤᠭ᠎ᠠ ᠮᠣᠩᠭᠣᠯ ᠬᠥᠮᠦᠨ ᠦ᠌ ᠳᠦᠷᠢ ᠶ᠋ᠢ ᠪᠦᠲᠦᠭᠡᠵᠦ ᠪᠠᠢᠭ᠎ᠠ ᠪᠠᠷ ᠢ᠋ᠶ᠋ᠠᠨ ᠮᠣᠩᠭᠣᠯ ᠤ᠋ᠨ ᠡᠮᠡᠭᠲᠡᠢᠴᠦᠳ ᠦ᠋ᠨ ᠤᠷᠠᠨ ᠦᠢᠯᠡ ᠨᠡᠢᠲᠡ ᠶ᠋ᠢᠨ ᠬᠦᠷᠲᠡᠭᠡᠯ ᠪᠣᠯᠵᠤ ᠪᠠᠢᠨ᠎ᠠ᠃
       ᠠᠷᠠᠳ ᠤ᠋ᠨ ᠭᠠᠷ ᠤᠷᠠᠯᠠᠯ ᠢ᠋ ᠴᠢᠨᠠᠭᠰᠢᠳᠠ ᠬᠥᠭᠵᠢᠭᠦᠯᠵᠦ ᠬᠣᠢᠴᠢ ᠦᠶ᠎ᠡ ᠳ᠋ᠦ᠍ ᠰᠤᠷᠭᠠᠨ ᠡᠵᠡᠮᠰᠢᠭᠦᠯᠬᠦ ᠠᠵᠢᠯ ᠳ᠋ᠤ᠌ ᠬᠤᠪᠢ ᠨᠡᠮᠡᠷᠢ ᠣᠷᠣᠭᠤᠯᠵᠤ ᠪᠠᠢᠭ᠎ᠠ ᠤᠷᠠᠨ ᠭᠠᠷᠳᠠᠨ ᠨᠤᠭᠤᠳ ᠮᠠᠨ ᠤ᠋ ᠡᠮᠡᠭᠲᠡᠢᠴᠦᠳ ᠦ᠋ᠨ ᠳᠤᠮᠳᠠ ᠣᠯᠠᠨ ᠪᠠᠢᠳᠠᠭ᠃ ᠠᠷᠠᠳ ᠤ᠋ᠨ ᠨᠠᠮ ᠤ᠋ᠨ ᠲᠤᠭ ᠢ᠋ ᠤᠷᠠᠯᠠᠨ ᠪᠦᠲᠦᠭᠡᠭᠰᠡᠨ ᠳᠠᠸᠠᠵᠠᠪ᠂ ᠤᠷᠠᠨ ᠬᠠᠳᠬᠤᠮᠠᠯᠴᠢᠨ ᠴᠠᠷᠮ᠎ᠠ ᠴᠠᠷᠠᠨᠬᠦᠦ᠂ ᠤᠷᠤᠯᠬᠤ᠎ᠠ᠂ ᠰᠤᠮᠢᠶ᠎ᠠ ᠨᠠᠷ ᠪᠣᠯᠤᠨ ᠪᠤᠰᠤᠳ ᠣᠯᠠᠨ ᠰᠠᠢᠴᠤᠳ ᠲᠥᠷᠥᠭᠰᠡᠨ ᠪᠢᠯᠡ᠃ ᠬᠤᠪᠢᠰᠬᠠᠯ ᠤ᠋ᠨ ᠵᠢᠯ ᠳ᠋ᠦ᠍ ᠮᠠᠨ ᠤ᠋ ᠣᠯᠠᠨ ᠦᠨᠳᠦᠰᠦᠲᠡᠨ ᠶᠠᠰᠤᠲᠠᠨ ᠤ᠋ ᠭᠠᠷ ᠤᠷᠠᠯᠠᠯ ᠭᠦᠨᠵᠡᠭᠡᠢ ᠤᠳᠬ᠎ᠠ ᠠᠭᠤᠯᠭ᠎ᠠ ᠪᠠᠷ ᠪᠠᠶᠠᠯᠢᠭᠵᠢᠨ ᠭᠡᠷ ᠣᠷᠣᠨ᠂ ᠡᠮᠦᠰᠬᠦ ᠬᠤᠪᠴᠠᠰᠤᠨ ᠳ᠋ᠤ᠌ ᠰᠣᠶᠣᠯ ᠨᠡᠪᠲᠡᠷᠡᠵᠦ ᠤᠷ᠎ᠠ ᠬᠢᠴᠡ ᠪᠣᠯᠪᠠᠰᠤᠷᠠᠩᠭᠤᠢ ᠪᠣᠯᠵᠤ ᠢᠷᠡᠵᠡᠢ᠃ ᠮᠣᠩᠭᠣᠯ ᠤ᠋ᠨ ᠣᠯᠠᠨ ᠦᠨᠳᠦᠰᠦᠲᠡᠨ ᠶᠠᠰᠤᠲᠠᠨ ᠤ᠋ ᠭᠡᠷ ᠣᠷᠣᠨ ᠡᠮᠦᠰᠬᠦ ᠬᠤᠪᠴᠠᠰᠤ ᠲᠤᠰ ᠪᠦᠷᠢ ᠳ᠋ᠡᠭᠡᠨ ᠲᠤᠬᠠᠢ ᠶ᠋ᠢᠨ ᠦᠨᠳᠦᠰᠦᠲᠡᠨ ᠶᠠᠰᠤᠲᠠᠨ ᠤ᠋ ᠥᠪᠡᠷᠮᠢᠴᠡ ᠣᠨᠴᠠᠯᠢᠭ ᠤᠷᠠᠨ ᠰᠠᠩ ᠢ᠋ ᠬᠠᠳᠠᠭᠠᠯᠠᠬᠤ ᠶ᠋ᠢᠨ ᠳᠡᠭᠡᠷ᠎ᠡ ᠣᠷᠴᠢᠨ ᠤ᠋ ᠪᠠᠨ ᠨᠥᠬᠥᠴᠡᠯ ᠳ᠋ᠦ᠍ ᠵᠣᠬᠢᠴᠠᠭᠰᠠᠨ ᠪᠠᠢᠳᠠᠭ ᠢ᠋ᠶ᠋ᠠᠷ ᠢ᠋ᠶ᠋ᠠᠨ ᠣᠨᠴᠠᠯᠢᠭ ᠲᠠᠢ ᠶᠤᠮ᠃ ᠡᠭᠦᠨ ᠦ᠌ ᠵᠡᠷᠭᠡᠴᠡᠭᠡ ᠪᠡᠷ ᠬᠥᠮᠦᠨ ᠠᠷᠠᠳ ᠤ᠋ᠨ ᠮᠠᠨᠢ ᠡᠳ᠋ᠯᠡᠵᠦ ᠬᠡᠷᠡᠭᠯᠡᠵᠦ ᠪᠠᠢᠭ᠎ᠠ ᠬᠤᠪᠴᠠᠰᠤ ᠬᠤᠨᠠᠷ᠂ ᠭᠡᠷ ᠣᠷᠣᠨ ᠴᠥᠮ ᠤᠯᠤᠰ ᠡᠬᠡ ᠣᠷᠣᠨ ᠤ᠋ ᠪᠠᠨ ᠠᠯᠢᠪᠠ ᠵᠦᠢᠯ ᠢ᠋ ᠪᠡᠯᠭᠡᠰᠢᠶᠡᠬᠦ᠂ ᠤᠯᠤᠰ ᠭᠦᠷᠦᠨ ᠦ᠌ ᠲᠤᠰᠠᠭᠠᠷ ᠲᠣᠭᠲᠠᠨᠢᠯ ᠳᠣᠲᠣᠭᠠᠳᠤ ᠦᠵᠡᠯ ᠰᠠᠨᠠᠭ᠎ᠠ ᠶᠣᠰᠣ ᠵᠠᠩᠰᠢᠯ ᠤᠷᠠᠨ ᠦᠢᠯᠡ ᠶ᠋ᠢᠨ ᠥᠩᠭᠡ ᠵᠢᠰᠦ᠂ ᠬᠡ ᠤᠭᠠᠯᠵᠠ ᠶ᠋ᠢᠨ ᠣᠨᠴᠠᠯᠢᠭ ᠢ᠋ᠶ᠋ᠠᠷ ᠢᠯᠡᠷᠬᠡᠢᠯᠡᠬᠦ ᠤᠴᠢᠷ ᠤᠷᠠᠨ ᠦᠢᠯᠡ ᠶ᠋ᠢ ᠵᠥᠪᠬᠡᠨ ᠤᠷᠠᠯᠠᠨ ᠪᠦᠲᠦᠭᠡᠬᠦ ᠳ᠋ᠦ᠍ ᠵᠣᠭᠰᠣᠬᠤ ᠦᠭᠡᠢ᠂ ᠲᠡᠭᠦᠨ ᠦ᠌ ᠥᠩᠭᠡ᠂ ᠬᠡ ᠤᠭᠠᠯᠵᠠ ᠶ᠋ᠢᠨ ᠤᠴᠢᠷ ᠤᠳᠬ᠎ᠠ ᠶ᠋ᠢ ᠭᠦᠨ ᠭᠦᠨᠵᠡᠭᠡᠢ ᠰᠤᠳᠤᠯᠤᠭᠰᠠᠨ ᠪᠠᠢᠬᠤ ᠶ᠋ᠢ ᠵᠦᠢ ᠶᠣᠰᠣᠭᠠᠷ ᠱᠠᠭᠠᠷᠳᠠᠳᠠᠭ᠃ ᠵᠢᠱ᠌ᠢᠶᠡᠯᠡᠪᠡᠯ᠂ ᠤᠯᠤᠰ ᠤ᠋ᠨ ᠢ᠋ᠶ᠋ᠠᠨ ᠰᠦᠯᠳᠡ ᠰᠣᠶᠣᠩᠪᠣ ᠶ᠋ᠢ ᠤᠷᠠᠯᠠᠬᠤ ᠳ᠋ᠤ᠌ ᠨᠢᠭᠡ ᠳᠡᠪᠢᠰᠬᠡᠷ ᠲᠦ ᠣᠯᠠᠨ ᠲᠥᠷᠥᠯ ᠦ᠋ᠨ ᠶᠠᠭᠤᠮ᠎ᠠ ᠪᠠᠭᠲᠠᠭᠠᠬᠤ ᠶ᠋ᠢᠨ ᠳᠡᠭᠡᠷ᠎ᠡ ᠰᠦᠯᠳᠡ ᠪᠡᠨ ᠪᠠᠢᠪᠠᠯ ᠵᠣᠬᠢᠬᠤ ᠭᠠᠵᠠᠷ ᠤᠰᠤ᠂ ᠲᠠᠷᠢᠶᠠᠨ ᠦᠷ᠎ᠡ᠂ ᠮᠣᠷᠢᠨ ᠤ᠋ ᠳᠡᠯ᠂ ᠰᠡᠭᠦᠯ᠂ ᠬᠥᠬᠥᠯ ᠬᠦᠷᠲᠡᠯ᠎ᠡ ᠲᠣᠭ᠎ᠠ ᠲᠠᠢ ᠪᠠᠢᠳᠠᠭ ᠢ᠋ ᠮᠡᠳᠡᠭᠰᠡᠨ ᠪᠠᠢᠬᠤ ᠠ᠋ᠴᠠ ᠭᠠᠳᠠᠨ᠎ᠠ ᠪᠠᠲᠤᠯᠠᠭᠳᠠᠭᠰᠠᠨ ᠥᠩᠭᠡᠨ ᠡᠴᠡ ᠥᠭᠡᠷ᠎ᠡ ᠥᠩᠭᠡ ᠪᠡᠷ ᠣᠷᠣᠯᠠᠵᠤ ᠪᠣᠯᠳᠠᠭ ᠦᠭᠡᠢ ᠤᠴᠢᠷ ᠰᠦᠯᠳᠡ ᠶ᠋ᠢᠨ ᠤᠴᠢᠷ ᠤᠳᠬ᠎ᠠ ᠶ᠋ᠢ ᠲᠤᠩ ᠰᠠᠢᠨ ᠮᠡᠳᠡᠵᠦ ᠤᠷᠠᠯᠠᠬᠤ ᠶᠣᠰᠣᠲᠠᠢ ᠪᠣᠯᠳᠠᠭ᠃
        ᠲᠡᠭᠦᠨᠴᠢᠯᠡᠨ ᠬᠥᠮᠦᠨ ᠦ᠌ ᠬᠥᠷᠥᠭ ᠢ᠋ ᠣᠶᠣᠬᠤ ᠳ᠋ᠤ᠌ ᠢᠯᠠᠩᠭᠤᠶ᠎ᠠ ᠤᠳᠤᠷᠢᠳᠤᠭᠴᠢᠳ ᠤ᠋ᠨ ᠬᠥᠷᠥᠭ ᠢ᠋ ᠨᠠᠷᠢᠨ ᠬᠠᠷᠢᠴᠠᠯ ᠤ᠋ᠨ ᠳᠠᠭᠠᠤ ᠣᠶᠣᠨ᠎ᠠ᠃ ᠳᠡᠯᠡᠬᠡᠢ ᠶ᠋ᠢᠨ ᠬᠤᠪᠢᠰᠬᠠᠯ ᠤ᠋ᠨ ᠶᠡᠬᠡ ᠤᠳᠤᠷᠢᠳᠤᠭᠴᠢ ᠸ· ᠢ· ᠯᠧᠨᠢᠨ ᠦ᠌ ᠬᠥᠷᠥᠭ ᠢ᠋ ᠵᠢᠷᠤᠭᠠᠴᠢ ᠶ᠋ᠢᠨ᠂ ᠰᠢᠷᠠᠪ ᠠᠩᠬ᠎ᠠ ᠪᠦᠲᠦᠭᠡᠵᠦ ᠲᠡᠭᠦᠨ ᠡᠴᠡ ᠤᠷᠠᠨ ᠦᠢᠯᠡᠴᠢᠨ ᠯᠧᠨᠢᠨ ᠦ᠌ ᠬᠥᠷᠥᠭ ᠢ᠋ ᠤᠷᠠᠯᠠᠬᠤ ᠪᠣᠯᠤᠭᠰᠠᠨ ᠶᠤᠮ᠃
        ᠠᠯᠢᠪᠠ ᠤᠯᠤᠰ ᠭᠦᠷᠦᠨ ᠳ᠋ᠦ᠍ ᠤᠷᠠᠨ ᠦᠢᠯᠡ ᠶ᠋ᠢ ᠡᠮᠡᠭᠲᠡᠢᠴᠦᠳ ᠡᠷᠬᠢᠯᠡᠨ ᠬᠢᠵᠦ ᠢᠷᠡᠭᠰᠡᠨ ᠪᠣᠯᠪᠠᠴᠤ ᠤᠷᠠᠨ ᠦᠢᠯᠡ ᠬᠢᠳᠡᠭ ᠡᠷᠡᠭᠲᠡᠢᠴᠦᠳ ᠴᠥᠭᠡᠨ ᠦᠭᠡᠢ ᠪᠠᠢᠳᠠᠭ ᠢ᠋ ᠳᠤᠷᠠᠳᠬᠤ ᠶᠣᠰᠣᠲᠠᠢ᠃ ᠤᠷᠠᠨ ᠦᠢᠯᠡ ᠶ᠋ᠢ ᠬᠢᠬᠦ ᠳ᠋ᠦ᠍ ᠲᠡᠭᠦᠨ ᠳ᠋ᠦ᠍ ᠰᠢᠢᠳᠪᠦᠷᠢᠯᠡᠬᠦ ᠡᠭᠦᠷᠭᠡ ᠶ᠋ᠢ ᠭᠦᠢᠴᠡᠳᠬᠡᠵᠦ ᠢᠷᠡᠭᠰᠡᠨ ᠪᠠᠭᠠᠵᠢ᠂ ᠬᠡᠮᠵᠢᠭᠦᠷ ᠦ᠋ᠨ ᠬᠡᠷᠡᠭᠰᠡᠯ ᠤᠷᠠᠨ ᠦᠢᠯᠡ ᠶ᠋ᠢᠨ ᠴᠢᠨᠠᠷ᠂ ᠳᠠᠪᠰᠢᠯ᠂ ᠬᠥᠭᠵᠢᠯ ᠳ᠋ᠦ᠍ ᠠᠯᠬᠤᠮ ᠪᠦᠷᠢ ᠰᠢᠨ᠎ᠡ ᠵᠦᠢᠯ ᠨᠡᠮᠡᠵᠡᠢ᠃ ᠤᠷᠠᠨ ᠦᠢᠯᠡ ᠶ᠋ᠢᠨ ᠬᠥᠭᠵᠢᠯ ᠢ᠋ ᠳ᠋ᠦᠩᠨᠡᠬᠦ ᠳ᠋ᠡᠭᠡᠨ ᠬᠥᠮᠦᠨ ᠲᠥᠷᠥᠯᠬᠢᠲᠡᠨ ᠦ᠌ ᠤᠷᠠᠯᠠᠨ ᠪᠦᠲᠦᠭᠡᠭᠰᠡᠨ ᠪᠠᠶᠠᠯᠢᠭ ᠢ᠋ᠶ᠋ᠠᠷ ᠪᠢᠰᠢ ᠲᠡᠭᠦᠨ ᠦ᠌ ᠪᠠᠭᠠᠵᠢ ᠵᠡᠪᠰᠡᠭ ᠦ᠋ᠨ ᠬᠥᠭᠵᠢᠯᠲᠡ ᠪᠡᠷ ᠦᠨᠡᠯᠡᠳᠡᠭ ᠤᠴᠢᠷ᠂ ᠤᠷᠠᠨ ᠦᠢᠯᠡ ᠶ᠋ᠢᠨ ᠪᠠᠭᠠᠵᠢ ᠶ᠋ᠢᠨ ᠲᠠᠯ᠎ᠠ ᠪᠠᠷ ᠵᠠᠷᠢᠮ ᠵᠦᠢᠯ ᠢ᠋ ᠲᠣᠳᠣᠷᠠᠭᠤᠯᠤᠶ᠎ᠠ᠃
         ᠤᠷᠠᠨ ᠦᠢᠯᠡ ᠶ᠋ᠢᠨ ᠪᠠᠭᠠᠵᠢ    ᠬᠥᠮᠦᠨ ᠲᠥᠷᠥᠯᠬᠢᠲᠡᠨ ᠡᠭᠦᠰᠦᠨ ᠬᠥᠭᠵᠢᠵᠦ ᠨᠡᠢᠭᠡᠮ ᠦ᠋ᠨ ᠣᠯᠠᠨ ᠬᠡᠯᠪᠡᠷᠢ ᠶ᠋ᠢ ᠳᠠᠮᠵᠢᠬᠤ ᠳ᠋ᠠᠭᠠᠨ ᠦᠢᠯᠡᠳᠪᠦᠷᠢᠯᠡᠯ ᠦ᠋ᠨ ᠪᠠᠭᠠᠵᠢ ᠵᠡᠪᠰᠡᠭ ᠢ᠋ ᠰᠢᠨᠡᠴᠢᠯᠡᠵᠦ ᠪᠣᠯᠪᠠᠰᠤᠷᠠᠩᠭᠤᠢ ᠪᠣᠯᠭᠠᠵᠤ ᠢᠷᠡᠭᠰᠡᠨ ᠦ᠌ ᠭᠡᠷᠡᠴᠢ ᠪᠣᠯ ᠬᠠᠭᠤᠴᠢᠨ ᠴᠢᠯᠠᠭᠤᠨ ᠵᠡᠪᠰᠡᠭ ᠦ᠋ᠨ ᠦᠶ᠎ᠡ ᠶ᠋ᠢᠨ ᠠᠮᠢ ᠪᠠᠨ ᠠᠷᠭᠠᠴᠠᠬᠤ ᠲᠡᠳᠦᠢ ᠥᠴᠦᠬᠡᠨ ᠭᠠᠷ ᠠᠵᠢᠯᠯᠠᠭᠠᠨ ᠠ᠋ᠴᠠ ᠥᠨᠥ ᠶ᠋ᠢᠨ ᠥᠭᠡᠷ᠎ᠡ ᠭᠠᠷᠠᠭ ᠶᠢᠷᠲᠢᠨᠴᠦ ᠶ᠋ᠢᠨ ᠨᠢᠭᠤᠴᠠ ᠶ᠋ᠢ ᠲᠠᠢᠯᠬᠤ᠂ ᠰᠠᠨᠰᠠᠷ ᠤ᠋ᠨ ᠠᠭᠤᠳᠠᠮ ᠢ᠋ ᠡᠵᠡᠮᠰᠢᠬᠦ ᠬᠦᠷᠲᠡᠯ᠎ᠡ ᠥᠨᠳᠥᠷ ᠬᠥᠭᠵᠢᠯ ᠳ᠋ᠦ᠍ ᠬᠦᠷᠦᠭᠰᠡᠨ ᠶᠠᠪᠤᠳᠠᠯ ᠮᠥᠨ᠃ ᠢᠯᠠᠩᠭᠤᠶ᠎ᠠ ᠡᠨᠡ ᠵᠠᠭᠤᠨ ᠭᠡᠳᠡᠭ ᠶᠠᠮᠠᠷ ᠭᠠᠢᠬᠠᠮᠰᠢᠭᠲᠠᠢ ᠪᠢᠯᠡ᠃
ᠮᠠᠨ ᠤ᠋20 ᠳ᠋ᠤᠭᠠᠷ ᠵᠠᠭᠤᠨ ᠳ᠋ᠤ᠌ ᠶᠡᠷᠦ ᠪᠤᠰᠤ ᠶ᠋ᠢᠨ ᠶᠡᠬᠡ ᠥᠭᠡᠷᠡᠴᠢᠯᠡᠯᠲᠡ ᠭᠠᠷᠴᠤ ᠵᠢᠯ ᠦ᠋ᠨ ᠠᠵᠢᠯ ᠢ᠋ ᠮᠢᠨᠦ᠋ᠲ ᠢ᠋ᠶ᠋ᠡᠷ ᠲᠣᠪᠴᠢᠯᠠᠬᠤ ᠪᠣᠯᠲᠠᠯ᠎ᠠ ᠬᠥᠮᠦᠨ ᠦ᠌ ᠨᠡᠢᠭᠡᠮ ᠬᠥᠭᠵᠢᠯ᠎ᠡ᠃ ᠡᠭᠦᠨ ᠦ᠌ ᠨᠢᠭᠡ ᠠᠳᠠᠯᠢ ᠦᠢᠯᠡ ᠶ᠋ᠢᠨ ᠪᠠᠭᠠᠵᠢ ᠴᠤ᠌ ᠬᠥᠮᠦᠨ ᠲᠥᠷᠥᠯᠬᠢᠲᠡᠨ ᠦ᠌ ᠬᠤᠪᠴᠠᠰᠤ ᠡᠮᠦᠰᠬᠦ ᠪᠣᠯᠤᠭᠰᠠᠨ ᠦᠶ᠎ᠡ ᠲᠡᠢ ᠬᠣᠯᠪᠣᠭ᠎ᠠ ᠲᠠᠢ ᠡᠭᠦᠰᠦᠭᠰᠡᠨ ᠨᠢ ᠮᠡᠳᠡᠭᠡᠵᠢ ᠶᠦᠮ᠃ ᠡᠷᠲᠡᠨ ᠦ᠌ ᠬᠥᠮᠦᠨ ᠦ᠌ ᠤᠷᠠᠨ ᠦᠢᠯᠡ ᠶ᠋ᠢᠨ ᠪᠠᠭᠠᠵᠢ ᠬᠥᠮᠦᠨ ᠲᠥᠷᠥᠯᠬᠢᠲᠡᠨ ᠴᠣᠬᠣᠮ ᠶᠠᠭᠤ ᠪᠠᠷ ᠪᠠᠭᠠᠵᠢ ᠬᠢᠵᠦ ᠪᠠᠢᠭᠰᠠᠨ ᠲᠠᠢ ᠬᠣᠯᠪᠣᠭ᠎ᠠ ᠲᠠᠢ ᠪᠣᠯᠪᠠᠴᠤ ᠲᠡᠮᠦᠷ ᠵᠡᠪᠰᠡᠭ ᠡᠴᠡ ᠡᠮᠦᠨᠡᠬᠢ ᠦᠶ᠎ᠡ ᠳ᠋ᠦ᠍ ᠬᠡᠷᠡᠭᠯᠡᠵᠦ ᠪᠠᠢᠭᠰᠠᠨ ᠵᠡᠭᠦᠦ᠂ ᠬᠠᠢᠴᠢ ᠮᠡᠲᠦ ᠪᠠᠭᠠᠵᠢ ᠶ᠋ᠢ ᠶᠠᠭᠤ ᠪᠠᠷ ᠣᠷᠣᠯᠠᠭᠤᠯᠵᠤ ᠪᠠᠢᠭᠰᠠᠨ ᠲᠤᠬᠠᠢ ᠮᠠᠨ ᠤ᠋ ᠣᠷᠣᠨ ᠤ᠋ ᠨᠤᠲᠤᠭ ᠳᠡᠪᠢᠰᠬᠡᠷ ᠲᠤ ᠤᠯᠠ ᠮᠥᠷ ᠪᠣᠯᠬᠤ ᠶᠠᠭᠤᠮ᠎ᠠ ᠣᠳᠣ ᠪᠠᠷ ᠢ᠋ᠶ᠋ᠠᠨ ᠮᠡᠳᠡᠭᠳᠡᠬᠦ ᠦᠭᠡᠢ ᠪᠠᠢᠨ᠎ᠠ᠃
ᠬᠠᠷᠢᠨ ᠠᠩᠬᠠᠨ ᠤ᠋ ᠬᠥᠮᠦᠨ ᠵᠡᠭᠦᠦ ᠶ᠋ᠢ ᠴᠢᠯᠠᠭᠤ᠂ ᠶᠠᠰᠤ᠂ ᠮᠣᠳᠣ᠂ ᠬᠤᠯᠤᠰᠤ ᠪᠠᠷ ᠬᠢᠵᠦ ᠪᠠᠢᠭᠰᠠᠨ ᠲᠤᠬᠠᠢ ᠮᠡᠳᠡᠭᠡ ᠪᠠᠢᠳᠠᠭ᠃ ᠲᠤᠰ ᠤᠯᠤᠰ ᠤ᠋ᠨ ᠬᠠᠭᠤᠴᠢᠰ ᠤ᠋ᠨ ᠰᠤᠳᠤᠯᠭᠠᠲᠠᠨ ᠤ᠋ ᠪᠤᠯᠠᠰᠢ ᠣᠬᠣᠭᠰᠠᠨ ᠰᠤᠳᠤᠯᠭᠠᠨ ᠠ᠋ᠴᠠ ᠦᠵᠡᠬᠦ ᠳ᠋ᠦ᠍ ᠶᠠᠰᠤᠨ ᠵᠡᠭᠦᠦ᠂ ᠵᠡᠭᠦᠦ ᠶ᠋ᠢᠨ ᠶᠠᠰᠤᠨ ᠰᠠᠪᠠ ᠭᠠᠷᠴᠤ ᠪᠠᠢᠭᠰᠠᠨ ᠪᠠᠢᠨ᠎ᠠ᠃ ᠬᠦᠷᠡᠯ ᠵᠡᠪᠰᠡᠭ ᠡᠴᠡ ᠡᠮᠦᠨ᠎ᠡ ᠬᠥᠮᠦᠨ ᠪᠠᠢᠭᠠᠯᠢ ᠶ᠋ᠢᠨ ᠵᠡᠰ ᠦ᠋ᠨ ᠬᠦᠳᠡᠷ ᠢ᠋ ᠠᠰᠢᠭᠯᠠᠵᠤ ᠵᠡᠰ ᠢ᠋ᠶ᠋ᠡᠷ ᠰᠢᠪᠦᠭᠡ ᠬᠢᠵᠦ ᠪᠠᠢᠭᠰᠠᠨ ᠲᠤᠬᠠᠢ《ᠡᠷᠲᠡᠨ ᠦ᠌ ᠳᠡᠯᠡᠬᠡᠢ ᠶ᠋ᠢᠨ ᠲᠡᠦᠬᠡ ᠶ᠋ᠢᠨ ᠳᠡᠭᠡᠵᠢ ᠪᠢᠴᠢᠭ》 ᠲᠦ ᠥᠭᠦᠯᠡᠭᠰᠡᠨ ᠡᠴᠡ ᠦᠵᠡᠬᠦ ᠳ᠋ᠦ᠍ ᠵᠡᠭᠦᠦ ᠵᠡᠰ ᠢ᠋ᠶ᠋ᠡᠷ ᠬᠢᠭᠳᠡᠵᠦ ᠪᠠᠢᠭᠰᠠᠨ ᠪᠠᠢᠵᠤ ᠪᠣᠯᠬᠤ ᠶᠤᠮ᠃
ᠬᠥᠮᠦᠨ ᠵᠡᠰ ᠢ᠋ ᠳᠠᠩ ᠢ᠋ᠶ᠋ᠠᠷ ᠠᠰᠢᠭᠯᠠᠵᠤ ᠪᠠᠢᠭᠰᠠᠨ ᠳᠡᠭᠡᠷ᠎ᠡ ᠦᠶ᠎ᠡ ᠡᠴᠡ ᠬᠣᠶᠠᠳᠠᠭᠴᠢ ᠲᠡᠮᠦᠷᠯᠢᠭ ᠪᠣᠯᠬᠤ ᠬᠥᠩᠭᠡᠨ ᠴᠠᠭᠠᠨ ᠢ᠋ ᠠᠰᠢᠭᠯᠠᠨ ᠵᠡᠰ ᠲᠡᠢ ᠬᠣᠯᠢᠵᠤ ᠬᠠᠲᠠᠭᠤᠷᠠᠭᠤᠯᠵᠤ ᠬᠦᠷᠡᠯ ᠵᠡᠪᠰᠡᠭ ᠢ᠋ ᠦᠢᠯᠡᠳᠪᠦᠷᠢᠯᠡᠬᠦ ᠪᠣᠯᠤᠭᠰᠠᠨ ᠦᠶ᠎ᠡ ᠡᠴᠡ ᠬᠥᠮᠦᠨ ᠦ᠌ ᠪᠠᠭᠠᠵᠢ ᠵᠡᠪᠰᠡᠭ ᠲᠦ ᠠᠰᠤᠷᠤ ᠶᠡᠬᠡ ᠥᠭᠡᠷᠡᠴᠢᠯᠡᠯᠲᠡ ᠭᠠᠷᠤᠭᠰᠠᠨ ᠭᠡᠵᠦ ᠡᠷᠳᠡᠮᠲᠡᠳ ᠳ᠋ᠦᠩᠨᠡᠭᠰᠡᠨ ᠪᠠᠢᠨ᠎ᠠ᠃ ᠬᠦᠷᠡᠯ ᠦ᠋ᠨ ᠦᠶ᠎ᠡ ᠶ᠋ᠢᠨ ᠵᠡᠭᠦᠦ᠂ ᠬᠠᠢᠴᠢ ᠮᠠᠨ ᠤ᠋ ᠣᠷᠣᠨ ᠠ᠋ᠴᠠ ᠣᠳᠣᠬᠠᠨ ᠳ᠋ᠠᠭᠠᠨ ᠣᠯᠳᠠᠭ᠎ᠠ ᠦᠭᠡᠢ ᠪᠣᠯᠪᠠᠴᠤ ᠬᠢᠯᠢ ᠵᠠᠯᠭᠠᠭ᠎ᠠ ᠲᠣᠪᠠ ᠠ᠋ᠴᠠ ᠬᠦᠷᠡᠯ ᠵᠡᠭᠦᠦ ᠣᠯᠳᠠᠭᠰᠠᠨ ᠰᠤᠷᠠᠭ ᠪᠠᠢᠳᠠᠭ᠃
         ᠠᠽᠢᠶ᠎ᠠ ᠶᠢᠨ ᠲᠥᠪ ᠬᠡᠰᠡᠭ ᠪᠣᠯᠤᠭᠰᠠᠨ ᠮᠣᠩᠭᠣᠯ    ᠣᠷᠣᠨ ᠤ᠋ ᠨᠤᠲᠤᠭ ᠲᠤ ᠬᠠᠭᠤᠴᠢᠰ ᠤ᠋ᠨ ᠰᠤᠳᠤᠯᠭᠠᠲᠠᠨ ᠤ᠋ ᠰᠢᠨᠵᠢᠯᠡᠭᠡᠨ ᠢ᠋ᠶ᠋ᠡᠷ ᠣᠯᠳᠠᠭᠰᠠᠨ ᠴᠢᠯᠠᠭᠤ᠂ ᠬᠦᠷᠡᠯ᠂ ᠲᠡᠮᠦᠷ ᠵᠡᠪᠰᠡᠭ ᠦ᠋ᠨ ᠣᠯᠳᠠᠪᠤᠷᠢ ᠪᠠᠶᠠᠨ ᠪᠥᠭᠡᠳ   ᠡᠨᠡ20 ᠳ᠋ᠤᠭᠠᠷ ᠵᠠᠭᠤᠨ ᠤ᠋ ᠦᠶ᠎ᠡ ᠶ᠋ᠢᠨ ᠵᠠᠷᠢᠮ ᠲᠡᠦᠬᠡᠴᠢᠳ ᠦ᠋ᠨ ᠬᠡᠯᠡᠭᠰᠡᠨᠴᠢᠯᠡᠨ ᠡᠷᠲᠡᠨ ᠦ᠌ ᠬᠥᠮᠦᠨ ᠲᠥᠪ ᠠᠽᠢᠶ᠎ᠠ ᠠ᠋ᠴᠠ ᠭᠠᠷᠤᠯ ᠲᠠᠢ ᠭᠡᠰᠡᠨ ᠨᠤᠲᠠᠯᠠᠭ᠎ᠠ ᠲᠣᠬᠢᠷᠠᠵᠤ ᠪᠠᠢᠭ᠎ᠠ ᠶᠤᠮ᠃
         ᠵᠥᠪᠯᠡᠯᠲᠦ ᠬᠣᠯᠪᠣᠭᠠᠲᠤ  ᠤᠯᠤᠰ ᠤ᠋ᠨ ᠬᠠᠭᠤᠴᠢᠰ ᠤ᠋ᠨ ᠰᠤᠳᠤᠯᠭᠠᠲᠠᠨ ᠤ᠋ ᠪᠤᠯᠠᠰᠢᠨ ᠠ᠋ᠴᠠ ᠣᠯᠤᠭᠰᠠᠨ ᠴᠢᠯᠠᠭᠤᠨ ᠵᠡᠪᠰᠡᠭ ᠦ᠋ᠨ ᠦᠯᠡᠳᠡᠴᠡ ᠶ᠋ᠢᠨ ᠳᠣᠲᠣᠷ᠎ᠠ ᠵᠡᠭᠦᠦ ᠬᠡᠯᠪᠡᠷᠢ ᠲᠡᠢ ᠨᠢᠭᠡ ᠲᠠᠯ᠎ᠠ ᠨᠢ ᠮᠣᠬᠢᠷᠳᠠᠭᠤ ᠴᠢᠯᠠᠭᠤ ᠪᠠᠢᠭᠰᠠᠨ ᠢ᠋ ᠲᠡᠳᠡ ᠵᠡᠭᠦᠦ ᠭᠡᠵᠦ ᠨᠡᠷᠡᠯᠡᠵᠡᠢ᠃ ᠬᠠᠭᠤᠴᠢᠰ ᠤ᠋ᠨ ᠰᠤᠳᠤᠯᠭᠠᠲᠠᠨ ᠤ᠋ ᠰᠢᠨᠵᠢᠯᠡᠭᠡᠨ ᠦ᠌ ᠮᠡᠳᠡᠭᠡᠨ ᠳ᠋ᠦ᠍ ᠰᠦᠪᠡᠭᠴᠢ ᠦᠭᠡᠢ ᠬᠦᠷᠡᠯ ᠵᠡᠭᠦᠦ ᠮᠡᠲᠦ ᠨᠠᠷᠢᠨ ᠴᠢᠳᠬᠤᠮᠠᠯ ᠣᠯᠳᠠᠭᠰᠠᠨ ᠪᠠᠢᠨ᠎ᠠ᠃ ᠬᠦᠷᠡᠯ ᠦ᠋ᠨ ᠦᠶ᠎ᠡ ᠶ᠋ᠢᠨ ᠣᠯᠳᠠᠪᠤᠷᠢ ᠠ᠋ᠴᠠ ᠤᠷᠠᠨ ᠦᠢᠯᠡ ᠶ᠋ᠢᠨ ᠬᠦᠷᠡᠯ ᠬᠠᠢᠴᠢ ᠣᠯᠳᠠᠭᠰᠠᠨ ᠲᠤᠬᠠᠢ ᠮᠡᠳᠡᠭᠡ ᠣᠳᠣ ᠪᠠᠷ ᠢ᠋ᠶ᠋ᠠᠨ ᠠᠯᠠᠭ᠎ᠠ ᠪᠠᠢᠨ᠎ᠠ᠃
         ᠮᠠᠨ ᠤ ᠣᠷᠣᠨ ᠳᠤ13 ᠳ᠋ᠤᠭᠠᠷ ᠵᠠᠭᠤᠨ ᠤ᠋ ᠦᠶ᠎ᠡ ᠶ᠋ᠢᠨ ᠡᠮᠡᠭᠲᠡᠢ ᠬᠥᠮᠦᠨ ᠦ᠌ ᠪᠤᠯᠠᠰᠢ ᠪᠦᠷᠢ ᠳ᠋ᠦ᠍ ᠰᠢᠬᠠᠮ ᠬᠠᠢᠴᠢ᠂ ᠰᠢᠪᠡᠷ ᠪᠤᠶᠤ ᠸᠠᠭᠠᠷ ᠢ᠋ᠶ᠋ᠠᠷ ᠬᠢᠭᠰᠡᠨ ᠡᠭᠡᠷᠡᠦᠯ ᠦ᠋ᠨ ᠳᠤᠭᠤᠢ ᠭᠠᠷᠤᠭᠰᠠᠨ ᠨᠢ ᠣᠳᠣ ᠶ᠋ᠢᠨ ᠲᠡᠮᠦᠷ ᠬᠠᠢᠴᠢ ᠠ᠋ᠴᠠ ᠠᠷᠠᠢ ᠪᠣᠯᠬᠢᠳᠠᠭᠤ ᠪᠠᠷᠢᠭᠤᠯ ᠭᠤᠶ᠎ᠠ ᠨᠢ ᠪᠥᠭᠡᠷᠡᠩᠬᠡᠢᠪᠲᠦᠷ ᠪᠠᠢᠨ᠎ᠠ᠃
         ᠤᠷᠠᠨ ᠦᠢᠯᠡ ᠶ᠋ᠢᠨ ᠪᠠᠭᠠᠵᠢ ᠶ᠋ᠢ ᠬᠥᠮᠦᠨ ᠲᠥᠷᠥᠯᠬᠢᠲᠡᠨ ᠬᠡᠷᠡᠭᠯᠡᠬᠦ ᠦᠢᠯᠡ ᠶ᠋ᠢᠨ ᠢ᠋ᠶ᠋ᠡᠨ ᠣᠨᠴᠠᠯᠢᠭ ᠲᠤ ᠲᠣᠬᠢᠷᠠᠭᠤᠯᠤᠨ ᠣᠭᠲᠣᠯᠬᠤ᠂ ᠴᠣᠭᠣᠯᠬᠤ᠂ ᠬᠡᠮᠵᠢᠬᠦ᠂ ᠦᠭᠡᠯᠡᠬᠦ᠂ ᠨᠠᠭᠠᠬᠤ᠂ ᠪᠡᠬᠢᠯᠡᠬᠦ᠂ ᠴᠣᠬᠢᠬᠤ᠂ ᠲᠠᠲᠠᠬᠤ ᠵᠡᠷᠭᠡ ᠶ᠋ᠢᠨ ᠶᠠᠩᠵᠤ ᠪᠦᠷᠢ ᠶ᠋ᠢᠨ ᠬᠡᠯᠪᠡᠷᠢ ᠪᠡᠷ ᠬᠢᠵᠦ ᠬᠡᠷᠡᠭᠯᠡᠵᠦ ᠢᠷᠡᠵᠡᠢ᠃ ᠡᠨᠡ ᠨᠢ ᠬᠡᠯᠪᠡᠷᠢ ᠮᠠᠶᠢᠭ ᠤ᠋ᠨ ᠬᠤᠪᠢ ᠳ᠋ᠤ᠌ ᠥᠭᠡᠷᠡᠴᠢᠯᠡᠭᠳᠡᠨ ᠪᠣᠯᠪᠠᠰᠤᠷᠠᠩᠭᠤᠢ ᠪᠣᠯᠵᠤ ᠢᠷᠡᠭᠰᠡᠨ ᠪᠥᠭᠡᠳ ᠰᠡᠭᠦᠯ ᠦ᠋ᠨ ᠦᠶ᠎ᠡ ᠳ᠋ᠦ᠍ ᠪᠣᠯᠪᠠᠰᠤᠷᠠᠩᠭᠤᠢ ᠮᠧᠬᠠᠨᠢᠰᠮ ᠢ᠋ᠶ᠋ᠠᠷ ᠰᠣᠯᠢᠭᠳᠠᠵᠤ ᠭᠠᠷ ᠠᠵᠢᠯᠯᠠᠭ᠎ᠠ ᠶ᠋ᠢ ᠠᠯᠭᠤᠷ ᠴᠢᠯᠥᠭᠡᠯᠡᠭᠰᠡᠭᠡᠷ ᠪᠠᠢᠨ᠎ᠠ᠃ ᠤᠷᠠᠨ ᠦᠢᠯᠡ ᠶ᠋ᠢᠨ ᠪᠠᠭᠠᠵᠢ ᠬᠡᠷᠡᠭᠯᠡᠬᠦ ᠠᠷᠭ᠎ᠠ᠂ ᠬᠢᠬᠦ ᠵᠦᠢᠯ ᠲᠡᠢ ᠬᠣᠯᠪᠣᠭᠳᠠᠨ ᠳᠡᠰ ᠳᠠᠷᠠᠭ᠎ᠠ ᠲᠠᠢ ᠪᠠᠢᠳᠠᠭ᠃ ᠬᠥᠮᠦᠨ ᠤᠷᠠᠨ ᠦᠢᠯᠡ ᠪᠣᠯᠤᠨ ᠪᠤᠰᠤᠳ ᠶᠠᠭᠤᠮ᠎ᠠ ᠶ᠋ᠢ ᠬᠢᠬᠦ ᠳ᠋ᠡᠭᠡᠨ ᠡᠬᠢᠯᠡᠭᠡᠳ ᠬᠡᠮᠵᠢᠵᠦ᠂ ᠳᠠᠷᠠᠭ᠎ᠠ ᠨᠢ ᠣᠭᠲᠣᠯᠳᠠᠭ᠂ ᠡᠭᠦᠨ ᠦ᠌ ᠳᠠᠷᠠᠭ᠎ᠠ ᠡᠪᠯᠡᠭᠦᠯᠵᠦ ᠣᠶᠣᠳᠠᠭ᠃ ᠡᠰᠬᠡᠬᠦ᠂ ᠣᠶᠣᠬᠤ ᠶᠠᠪᠤᠴᠠ ᠳ᠋ᠠᠭᠠᠨ ᠵᠠᠰᠠᠵᠤ ᠦᠭᠡᠯᠡᠵᠦ ᠪᠠᠢᠳᠠᠭ ᠪᠣᠯᠬᠣᠷ ᠬᠠᠮᠤᠭ ᠤ᠋ᠨ ᠲᠦᠷᠦᠭᠦᠨ ᠳ᠋ᠦ᠍ ᠬᠡᠮᠵᠢᠭᠦᠷ ᠦ᠋ᠨ ᠬᠡᠷᠡᠭᠰᠡᠯ ᠣᠷᠣᠳᠠᠭ᠃ ᠦᠢᠯᠡ ᠶ᠋ᠢᠨ ᠪᠠᠭᠠᠵᠢ ᠬᠡᠷᠡᠭᠰᠡᠯ ᠦ᠋ᠨ ᠬᠥᠭᠵᠢᠯ ᠦ᠋ᠨ ᠲᠣᠢᠮᠣ ᠠ᠋ᠴᠠ ᠳᠤᠷᠠᠳᠤᠶ᠎ᠠ᠃
         ᠬᠡᠮᠵᠢᠭᠦᠷ ᠦ᠋ᠨ ᠬᠡᠷᠡᠭᠰᠡᠯ ᠬᠡᠮᠵᠢᠭᠦᠷ ᠢ᠋ ᠬᠥᠮᠦᠨ ᠡᠷᠲᠡ ᠦᠶ᠎ᠡ ᠡᠴᠡ ᠬᠡᠷᠡᠭᠯᠡᠭᠰᠡᠨ ᠪᠥᠭᠡᠳ ᠬᠤᠪᠴᠠᠰᠤ ᠡᠮᠦᠰᠬᠦ᠂ ᠣᠷᠣᠨ ᠰᠠᠭᠤᠴᠠ ᠳ᠋ᠤ᠌ ᠰᠠᠭᠤᠬᠤ ᠪᠣᠯᠤᠭᠰᠠᠨ ᠲᠠᠢ ᠬᠣᠯᠪᠣᠭ᠎ᠠ ᠲᠠᠢ ᠪᠣᠯᠬᠤ ᠨᠢ ᠮᠡᠳᠡᠭᠡᠵᠢ᠃ ᠬᠡᠮᠵᠢᠭᠦᠷ ᠦ᠋ᠨ ᠬᠡᠷᠡᠭᠰᠡᠯ ᠦ᠋ᠨ ᠲᠠᠯ᠎ᠠ ᠪᠠᠷ ᠵᠥᠪᠬᠡᠨ ᠥᠪᠡᠷ ᠦ᠋ᠨ ᠣᠷᠣᠨ ᠤ᠋ ᠲᠤᠬᠠᠢ ᠥᠭᠦᠯᠡᠬᠦ ᠳ᠋ᠦ᠍ ᠮᠣᠩᠭᠣᠯ ᠤ᠋ᠨ ᠬᠥᠮᠦᠨ ᠠᠷᠠᠳ ᠡᠷᠲᠡ ᠦᠶ᠎ᠡ ᠡᠴᠡ ᠬᠡᠮᠵᠢᠭᠦᠷ ᠲᠡᠢ ᠪᠠᠢᠭᠰᠠᠨ ᠤ᠋ ᠠᠴᠢ ᠪᠠᠷ ᠮᠠᠨ ᠤ᠋ ᠤᠷ᠎ᠠ ᠶ᠋ᠢᠨ ᠰᠠᠩ ᠬᠥᠭᠵᠢᠵᠦ ᠪᠠᠢᠵᠠᠢ᠃ ᠮᠣᠩᠭᠣᠯᠴᠤᠳ ᠤᠷᠠᠨ ᠦᠢᠯᠡ᠂ ᠤᠷᠠᠨ ᠳᠠᠷᠬᠠᠨ ᠢ᠋ ᠬᠢᠬᠦ ᠳ᠋ᠡᠭᠡᠨ ᠪᠠᠷᠤᠭᠴᠠᠭ᠎ᠠ ᠬᠡᠮᠵᠢᠭᠦᠷ ᠢ᠋ ᠣᠯᠠᠨ ᠵᠠᠭᠤᠨ ᠵᠢᠯ ᠬᠡᠷᠡᠭᠯᠡᠵᠦ ᠢᠷᠡᠭᠰᠡᠨ ᠨᠢ ᠨᠡᠭᠦᠳᠡᠯᠴᠢᠨ ᠠᠮᠢᠳᠤᠷᠠᠯ ᠳ᠋ᠤ᠌ ᠲᠣᠬᠢᠷᠠᠭᠰᠠᠨ ᠥᠪᠡᠷᠮᠢᠴᠡ ᠬᠡᠮᠵᠢᠭᠦᠷ ᠪᠠᠢᠵᠠᠢ᠃ ᠮᠣᠩᠭᠣᠯ ᠬᠥᠮᠦᠨ ᠠᠯᠢᠪᠠ ᠬᠡᠮᠵᠢᠭᠦᠷ ᠢ᠋ ᠥᠪᠡᠷ ᠦ᠋ᠨ ᠪᠡᠶ᠎ᠡ ᠮᠠᠬᠠᠪᠣᠳ᠂ ᠭᠠᠷ ᠬᠤᠷᠤᠭᠤ᠂ ᠦᠶ᠎ᠡ ᠮᠥᠴᠢ ᠪᠡᠷ ᠢ᠋ᠶ᠋ᠡᠨ ᠬᠡᠮᠵᠢᠬᠦ ᠪᠤᠶᠤ ᠡᠳᠦᠷ ᠳᠣᠳᠣᠮ ᠬᠡᠷᠡᠭᠯᠡᠭᠳᠡᠵᠦ ᠪᠠᠢᠳᠠᠭ ᠬᠡᠨ ᠪᠦᠬᠦᠨ ᠦ᠌ ᠮᠡᠳᠡᠭᠡᠵᠢ ᠶᠠᠭᠤᠮ᠎ᠠ ᠲᠠᠢ ᠬᠠᠷᠢᠴᠠᠭᠤᠯᠵᠤ ᠬᠡᠮᠵᠢᠳᠡᠭ ᠪᠠᠢᠭᠰᠠᠨ ᠨᠢ ᠮᠣᠩᠭᠣᠯ ᠳ᠋ᠤ᠌ ᠨᠢᠭᠡᠳᠦᠭᠰᠡᠨ ᠨᠢᠭᠡ ᠪᠠᠷᠢᠮᠵᠢᠶ᠎ᠠ ᠬᠡᠮᠵᠢᠭᠦᠷ ᠠᠢᠯ ᠡᠷᠦᠬᠡ ᠪᠦᠷᠢ ᠳ᠋ᠦ᠍ ᠨᠡᠪᠲᠡᠷᠡᠭᠡ ᠦᠭᠡᠢ ᠪᠠᠢᠭᠰᠠᠨ ᠲᠤᠬᠠᠢ ᠶ᠋ᠢᠨ ᠦᠶ᠎ᠡ ᠳ᠋ᠦ᠍ ᠠᠮᠢᠳᠤᠷᠠᠯ ᠤ᠋ᠨ ᠬᠡᠷᠡᠭᠴᠡᠭᠡ ᠪᠡᠨ ᠬᠠᠩᠭᠠᠵᠤ ᠪᠠᠢᠭᠰᠠᠨ ᠢ᠋ᠶ᠋ᠠᠷ ᠦᠯᠦ ᠪᠠᠷᠠᠮ ᠨᠢᠭᠡᠳᠦᠭᠰᠡᠨ ᠪᠠᠷᠢᠮᠵᠢᠶ᠎ᠠ ᠬᠡᠮᠵᠢᠭᠦᠷ ᠡᠴᠡ ᠬᠣᠯᠠ ᠵᠥᠷᠢᠶ᠎ᠡ ᠦᠭᠡᠢ ᠪᠠᠢᠭᠰᠠᠨ ᠢ᠋ᠶ᠋ᠠᠷ ᠢ᠋ᠶ᠋ᠠᠨ ᠣᠳᠣ ᠬᠦᠷᠲᠡᠯ᠎ᠡ ᠬᠡᠷᠡᠭᠯᠡᠭᠳᠡᠵᠦ ᠪᠠᠢᠨ᠎ᠠ᠃
         ᠮᠣᠩᠭᠣᠯ ᠤ᠋ᠨ ᠡᠮᠡᠭᠲᠡᠢᠴᠦᠳ ᠬᠤᠪᠴᠠᠰᠤᠨ ᠤ᠋ ᠡᠰᠬᠡᠭᠦᠷ ᠬᠢᠬᠦ ᠳ᠋ᠡᠭᠡᠨ ᠭᠠᠷ ᠤ᠋ᠨ ᠢ᠋ᠶ᠋ᠠᠨ ᠲᠥᠭᠡ᠂ ᠠᠯᠲᠠ᠂ ᠳᠡᠯᠢᠮ᠂ ᠬᠤᠷᠤᠭᠤ ᠪᠠᠷ ᠬᠡᠮᠵᠢᠳᠡᠭ᠃ ᠡᠭᠦᠨ ᠡᠴᠡ ᠦᠨᠳᠦᠰᠦᠯᠡᠨ ᠳᠣᠯᠣᠭᠠᠨ ᠲᠥᠭᠡ ᠳᠡᠪᠡᠯ ᠡᠮᠦᠰᠬᠦ ᠡᠵᠡᠨ ᠳ᠋ᠡᠭᠡᠨ ᠤᠷᠲᠤ ᠶ᠋ᠢᠨ ᠬᠡᠮᠵᠢᠭᠦᠷ ᠪᠣᠯᠳᠠᠭ ᠪᠠ ᠳᠠᠪᠬᠤᠷ ᠢ᠋ᠶ᠋ᠠᠷ ᠨᠢᠭᠡ ᠲᠥᠭᠡ ᠬᠣᠶᠠᠷ ᠬᠤᠷᠤᠭᠤ ᠵᠠᠬ᠎ᠠ ᠮᠥᠨ ᠡᠵᠡᠨ ᠳ᠋ᠡᠭᠡᠨ ᠵᠠᠬ᠎ᠠ ᠪᠣᠯᠤᠨ᠎ᠠ᠃ ᠬᠠᠷᠢᠨ ᠨᠢᠭᠡ ᠬᠥᠮᠦᠨ ᠦ᠌ ᠭᠠᠷ ᠤ᠋ᠨ ᠲᠥᠭᠡ ᠨᠥᠭᠦᠭᠡ ᠬᠥᠮᠦᠨ ᠳ᠋ᠦ᠍ ᠬᠡᠮᠵᠢᠭᠦᠷ ᠪᠣᠯᠵᠤ ᠴᠢᠳᠠᠳᠠᠭ ᠦᠭᠡᠢ ᠪᠣᠯᠪᠠᠴᠤ ᠮᠣᠩᠭᠣᠯ ᠤ᠋ᠨ ᠡᠮᠡᠭᠲᠡᠢᠴᠦᠳ ᠥᠪᠡᠷ ᠦ᠋ᠨ ᠭᠡᠷ ᠲᠦ ᠬᠠᠮᠲᠤ ᠠᠮᠢᠳᠤᠷᠠᠵᠤ ᠪᠠᠢᠭ᠎ᠠ ᠪᠦᠬᠦ ᠬᠥᠮᠦᠨ ᠦ᠌ ᠡᠮᠦᠰᠬᠦ ᠬᠤᠪᠴᠠᠰᠤᠨ ᠤ᠋ ᠤᠷᠲᠤ ᠥᠷᠭᠡᠨ ᠦ᠌ ᠬᠡᠮᠵᠢᠶ᠎ᠡ ᠶ᠋ᠢ ᠨᠠᠷᠢᠨ ᠮᠡᠳᠡᠳᠡᠭ ᠢ᠋ᠶ᠋ᠡᠷ ᠢ᠋ᠶ᠋ᠡᠨ ᠣᠨᠴᠠᠯᠢᠭ ᠶᠤᠮ᠃ ᠤᠷᠠᠨ ᠦᠢᠯᠡ ᠳ᠋ᠦ᠍ ᠤᠷᠲᠤ᠂ ᠥᠨᠳᠥᠷ᠂ ᠨᠠᠮ ᠭᠡᠬᠦ ᠮᠡᠲᠦ ᠪᠦᠬᠦᠢᠯᠡ ᠬᠡᠮᠵᠢᠭᠦᠷ ᠬᠠᠮᠤᠷᠤᠭᠳᠠᠬᠤ ᠪᠥᠭᠡᠳ ᠲᠡᠭᠦᠨ ᠢ᠋ ᠬᠡᠷᠬᠢᠨ ᠬᠡᠷᠡᠭᠯᠡᠵᠦ ᠪᠠᠢᠭᠰᠠᠨ ᠲᠤᠬᠠᠢ ᠲᠣᠪᠴᠢ ᠳᠤᠷᠠᠳᠤᠶ᠎ᠠ᠃
         ᠤᠷᠲᠤ ᠶᠢᠨ   ᠬᠡᠮᠵᠢᠭᠦᠷ ᠮᠣᠩᠭᠣᠯᠴᠤᠳ ᠡᠷᠲᠡ ᠦᠶ᠎ᠡ ᠡᠴᠡ ᠮᠠᠯ ᠠᠵᠤ ᠠᠬᠤᠢ ᠡᠷᠬᠢᠯᠡᠵᠦ ᠲᠡᠭᠦᠨ ᠦ᠌ ᠠᠰᠢᠭ ᠰᠢᠮ᠎ᠡ ᠪᠡᠷ ᠠᠮᠢᠳᠤᠷᠠᠯ ᠤ᠋ᠨ ᠢ᠋ᠶ᠋ᠠᠨ ᠬᠡᠷᠡᠭᠴᠡᠭᠡ ᠶ᠋ᠢ ᠬᠠᠩᠭᠠᠵᠤ ᠢᠷᠡᠭᠰᠡᠨ ᠤᠴᠢᠷ ᠠ᠋ᠴᠠ ᠮᠠᠯ ᠠᠵᠤ ᠠᠬᠤᠢ ᠶ᠋ᠢᠨ ᠠᠵᠢᠯᠯᠠᠭᠠᠨ ᠳ᠋ᠤ᠌ ᠲᠣᠬᠢᠷᠠᠭᠤᠯᠤᠨ ᠤᠰᠤ ᠪᠡᠯᠴᠢᠭᠡᠷ ᠰᠣᠩᠭᠣᠨ ᠠᠭᠤᠳᠠᠮ ᠨᠤᠲᠤᠭ ᠤ᠋ᠨ ᠢ᠋ᠶ᠋ᠠᠨ ᠥᠨᠴᠥᠭ ᠪᠦᠷᠢ ᠨᠡᠭᠦᠳᠡᠯᠯᠡᠨ ᠶᠠᠪᠤᠬᠤ ᠳ᠋ᠠᠭᠠᠨ ᠥᠪᠡᠷᠰᠡᠳ ᠦ᠋ᠨ ᠬᠤᠪᠴᠠᠰᠤ ᠬᠤᠨᠠᠷ᠂ ᠮᠠᠯ ᠤ᠋ᠨ ᠲᠣᠨᠣᠭ ᠬᠡᠷᠡᠭᠰᠡᠯ ᠢ᠋ ᠬᠢᠬᠦ ᠲᠤᠰᠬᠠᠢ ᠲᠥᠪᠯᠡᠷᠡᠭᠰᠡᠨ ᠦᠢᠯᠡᠳᠪᠦᠷᠢ ᠦᠭᠡᠢ ᠪᠠᠢᠭᠰᠠᠨ ᠠ᠋ᠴᠠ ᠠᠢᠯ ᠡᠷᠦᠬᠡ ᠨᠦ᠍ᠭᠦᠳ ᠥᠪᠡᠷ ᠢ᠋ᠶ᠋ᠡᠨ ᠦᠢᠯᠡᠳᠪᠦᠷᠢᠯᠡᠯ ᠢ᠋ᠶ᠋ᠡᠨ ᠡᠷᠬᠢᠯᠡᠳᠡᠭ ᠪᠠᠢᠵᠠᠢ᠃ ᠡᠨᠡ ᠨᠢ ᠬᠥᠮᠦᠨ ᠠᠷᠠᠳ ᠢ᠋ ᠦᠶ᠎ᠡ ᠳᠠᠮᠵᠢᠨ ᠲᠣᠯᠣᠭᠠᠢ ᠳᠠᠭᠠᠭᠠᠬᠤ ᠠᠵᠤ ᠠᠬᠤᠢ ᠪᠠᠨ ᠬᠥᠲᠥᠯᠦᠨ ᠶᠠᠪᠤᠭᠤᠯᠬᠤ᠂ ᠢᠯᠠᠩᠭᠤᠶ᠎ᠠ ᠵᠠᠯᠠᠭᠤ ᠦᠶ᠎ᠡ ᠳ᠋ᠦ᠍ ᠠᠵᠢᠯ ᠰᠤᠷᠭᠠᠬᠤ ᠳ᠋ᠤ᠌ ᠴᠢᠬᠤᠯᠠ ᠨᠥᠯᠥᠭᠡ ᠪᠣᠯᠵᠤ ᠪᠠᠢᠭᠰᠠᠨ ᠶᠤᠮ᠃
         ᠡᠨᠡ ᠠᠵᠢᠯ ᠢ᠋ ᠬᠢᠬᠦ ᠳ᠋ᠦ᠍ ᠬᠡᠮᠵᠢᠭᠦᠷ ᠵᠠᠢᠯᠠᠰᠢ ᠦᠭᠡᠢ ᠬᠡᠷᠡᠭ ᠲᠡᠢ ᠪᠣᠯᠬᠤ ᠨᠢ ᠠᠮᠢᠳᠤᠷᠠᠯ ᠠ᠋ᠴᠠ ᠠᠶᠠᠨᠳᠠᠭᠠᠨ ᠤᠷᠭᠤᠨ ᠭᠠᠷᠴᠤ ᠥᠪᠡᠷᠰᠡᠳ ᠦ᠋ᠨ ᠭᠠᠷ ᠬᠤᠷᠤᠭᠤ᠂ ᠦᠶ᠎ᠡ ᠮᠥᠴᠢ ᠪᠡᠷ ᠬᠡᠮᠵᠢᠭᠦᠷ ᠬᠢᠳᠡᠭ ᠪᠣᠯᠤᠭᠰᠠᠨ ᠢ᠋ᠶ᠋ᠠᠷ ᠮᠣᠩᠭᠣᠯ ᠬᠥᠮᠦᠨ ᠦ᠌ ᠬᠡᠮᠵᠢᠭᠦᠷ ᠪᠡᠶ᠎ᠡ ᠳ᠋ᠡᠭᠡᠨ ᠶᠠᠪᠤᠳᠠᠭ ᠭᠡᠵᠦ ᠶᠠᠷᠢᠭᠳᠠᠬᠤ ᠪᠣᠯᠤᠭᠰᠠᠨ ᠨᠢ ᠰᠠᠨᠠᠮᠰᠠᠷ ᠦᠭᠡᠢ ᠬᠡᠷᠡᠭ ᠪᠢᠰᠢ ᠶᠦᠮ᠃ ᠮᠣᠩᠭᠣᠯᠴᠤᠳ ᠶᠡᠬᠡ ᠪᠠᠭ᠎ᠠ ᠶ᠋ᠢ ᠵᠡᠭᠦᠦ ᠶ᠋ᠢᠨ ᠰᠦᠪᠡᠭᠴᠢ ᠶ᠋ᠢᠨ ᠴᠢᠨᠡᠭᠡ᠂ ᠪᠤᠳᠠᠭᠠᠨ ᠴᠢᠨᠡᠭᠡ᠂ ᠲᠠᠷᠢᠶᠠᠨ ᠴᠢᠨᠡᠭᠡ᠂ ᠬᠢᠮᠤᠰᠤᠨ ᠲᠣᠯᠢ ᠶ᠋ᠢᠨ ᠴᠢᠨᠡᠭᠡ᠂ ᠬᠤᠷᠤᠭᠤᠨ ᠴᠢᠨᠡᠭᠡ᠂ ᠬᠣᠶᠠᠷ ᠬᠤᠷᠤᠭᠤᠨ ᠴᠢᠨᠡᠭᠡ ᠭᠡᠬᠦ ᠮᠡᠲᠦ ᠬᠡᠮᠵᠢᠳᠡᠭ᠃
         ᠭᠠᠷ ᠬᠤᠷᠤᠭᠤ ᠶ᠋ᠢᠨ ᠬᠡᠮᠵᠢᠭᠦᠷ ᠦ᠋ᠨ ᠬᠠᠮᠤᠭ ᠤ᠋ᠨ ᠪᠠᠭ᠎ᠠ ᠨᠢ ᠬᠢᠮᠤᠰᠤᠨ ᠲᠣᠯᠢ ᠪᠥᠭᠡᠳ ᠡᠨᠡ ᠨᠢ10-15 ᠬᠥᠮᠦᠨ ᠦ᠌ ᠳᠤᠮᠳᠠᠴᠢ ᠪᠡᠷ ᠦᠵᠡᠬᠦ ᠳ᠋ᠦ᠍ 1.5cm ᠶᠤᠮ᠃ ᠬᠤᠷᠤᠭᠤᠨ ᠤ᠋ ᠬᠡᠮᠵᠢᠭᠦᠷ ᠦ᠋ᠨ ᠬᠠᠮᠤᠭ ᠤ᠋ᠨ ᠪᠠᠭ᠎ᠠ ᠨᠢ ᠨᠢᠭᠡ ᠬᠤᠷᠤᠭᠤ ᠪᠥᠭᠡᠳ10-15 ᠬᠥᠮᠦᠨ ᠦ᠌ ᠳᠤᠮᠳᠠᠴᠢ ᠪᠠᠷ1.2-2cm᠂ ᠮᠥᠨ ᠬᠤᠷᠤᠭᠤᠨ ᠤ᠋ ᠦᠶ᠎ᠡ ᠪᠡᠷ ᠬᠡᠮᠵᠢᠬᠦ ᠬᠡᠮᠵᠢᠭᠦᠷ ᠪᠠᠢᠳᠠᠭ ᠪᠥᠭᠡᠳ ᠡᠭᠦᠨ ᠦ᠌ ᠬᠠᠮᠤᠭ ᠤ᠋ᠨ ᠪᠠᠭ᠎ᠠ ᠨᠢ ᠨᠢᠭᠡ ᠢᠮᠠᠬᠤ ᠶᠤᠮ᠃
   ᠡᠨᠡ ᠨᠢ ᠳᠣᠯᠣᠪᠣᠷ ᠬᠤᠷᠤᠭᠤᠨ ᠤ᠋ ᠨᠢᠭᠡᠳᠦᠭᠡᠷ ᠦᠶ᠎ᠡ ᠡᠴᠡ ᠬᠤᠷᠤᠭᠤᠨ ᠤ᠋ ᠦᠵᠦᠭᠦᠷ ᠬᠦᠷᠲᠡᠯᠡᠬᠢ ᠬᠡᠮᠵᠢᠶ᠎ᠡ ᠪᠥᠭᠡᠳ ᠳᠤᠮᠳᠠᠴᠢ ᠪᠠᠷ3cm᠂ ᠡᠭᠦᠨ ᠡᠴᠡ ᠭᠠᠳᠠᠨ᠎ᠠ ᠭᠠᠷ ᠤ᠋ᠨ ᠪᠠᠷᠢᠮ᠎ᠠ ᠪᠠᠷ ᠬᠡᠮᠵᠢᠭᠳᠡᠬᠦ ᠬᠡᠮᠵᠢᠭᠦᠷ ᠪᠠᠢᠳᠠᠭ᠃ ᠡᠨᠡ ᠨᠢ ᠠᠳᠬᠤᠭᠰᠠᠨ ᠭᠠᠷ ᠤ᠋ᠨ ᠠᠳᠬᠤᠨ ᠤ᠋ ᠤᠷᠲᠤ ᠪᠥᠭᠡᠳ ᠳᠤᠮᠳᠠᠴᠢ ᠪᠠᠷ10cm᠂ ᠬᠤᠷᠤᠭᠤᠨ ᠤ᠋ ᠬᠡᠮᠵᠢᠭᠦᠷ ᠴᠢᠨᠠᠭᠰᠢᠳᠠ ᠪᠠᠨ ᠨᠢᠭᠡ ᠬᠤᠷᠤᠭᠤᠨ ᠠ᠋ᠴᠠ ᠬᠣᠶᠠᠷ᠂ ᠭᠤᠷᠪᠠ᠂ ᠳᠥᠷᠪᠡ ᠭᠡᠬᠦ ᠮᠡᠲᠦ ᠬᠡᠮᠵᠢᠬᠦ ᠪᠠ ᠲᠤᠰ ᠪᠦᠷᠢ ᠬᠡᠮᠵᠢᠶ᠎ᠡ ᠲᠡᠢ᠃ ᠬᠤᠷᠤᠭᠤᠨ ᠤ᠋ ᠦᠶ᠎ᠡ ᠠᠯᠠᠭᠠᠨ ᠤ᠋ ᠬᠡᠮᠵᠢᠭᠦᠷ ᠦ᠋ᠨ ᠳᠠᠷᠠᠭ᠎ᠠ ᠬᠤᠷᠤᠭᠤᠨ ᠤ᠋ ᠬᠣᠭᠣᠷᠣᠨᠳᠣᠬᠢ ᠵᠠᠢ ᠪᠠᠷ ᠰᠥᠭᠥᠮ᠂ ᠲᠥᠭᠡ ᠶ᠋ᠢᠨ ᠬᠡᠮᠵᠢᠭᠦᠷ ᠡᠬᠢᠯᠡᠨ᠎ᠡ᠃ ᠮᠤᠬᠤᠷ ᠰᠥᠭᠥᠮ ᠭᠡᠳᠡᠭ ᠡᠷᠡᠬᠡᠢ ᠬᠤᠷᠤᠭᠤ ᠳᠣᠯᠣᠪᠣᠷ ᠬᠤᠷᠤᠭᠤᠨ ᠤ᠋ ᠳᠤᠮᠳᠠ ᠦᠶ᠎ᠡ ᠬᠣᠶᠠᠷ ᠤ᠋ᠨ ᠬᠣᠭᠣᠷᠣᠨᠳᠣᠬᠢ ᠰᠤᠩᠭᠠᠭᠰᠠᠨ ᠵᠠᠢ14cm᠂ ᠦᠵᠦᠭᠦᠷ ᠰᠥᠭᠥᠮ ᠭᠡᠳᠡᠭ ᠡᠷᠡᠬᠡᠢ ᠬᠤᠷᠤᠭᠤ ᠳᠣᠯᠣᠪᠣᠷ ᠬᠤᠷᠤᠭᠤ ᠬᠣᠶᠠᠷ ᠤ᠋ᠨ ᠰᠤᠩᠭᠠᠭᠰᠠᠨ ᠵᠠᠢ ᠪᠥᠭᠡᠳ ᠳᠤᠮᠳᠠᠴᠢ ᠪᠠᠷ18cm᠂ ᠦᠵᠦᠭᠦᠷ ᠰᠥᠭᠥᠮ ᠡᠴᠡ ᠲᠥᠭᠡ ᠪᠡᠷ ᠬᠡᠮᠵᠢᠬᠦ ᠪᠠ ᠡᠨᠡ ᠨᠢ ᠳᠤᠮᠳᠠ ᠬᠤᠷᠤᠭᠤᠨ ᠤ᠋ ᠦᠵᠦᠭᠦᠷ ᠡᠷᠡᠬᠡᠢ ᠬᠤᠷᠤᠭᠤ ᠬᠣᠶᠠᠷ ᠤ᠋ᠨ ᠬᠣᠭᠣᠷᠣᠨᠳᠣ ᠶ᠋ᠢᠨ ᠰᠤᠩᠭᠠᠭᠰᠠᠨ ᠵᠠᠢ ᠶ᠋ᠢ ᠬᠡᠯᠡᠬᠦ ᠪᠠ ᠳᠤᠮᠳᠠᠴᠢ ᠪᠠᠷ20cm ᠪᠠᠢᠳᠠᠭ᠃ ᠭᠠᠷ ᠤ᠋ᠨ ᠴᠠᠷᠪᠠᠭᠤ ᠶ᠋ᠢᠨ ᠬᠡᠮᠵᠢᠭᠦᠷ ᠡᠴᠡ ᠦᠶ᠎ᠡ ᠮᠥᠴᠢ ᠶ᠋ᠢᠨ ᠬᠡᠮᠵᠢᠭᠦᠷ ᠲᠦ ᠰᠢᠯᠵᠢᠬᠦ ᠪᠠ ᠡᠨᠡ ᠨᠢ ᠮᠤᠬᠤᠷ ᠲᠣᠬᠣᠢ ᠠ᠋ᠴᠠ ᠡᠬᠢᠯᠡᠨ᠎ᠡ᠃ ᠮᠤᠬᠤᠷ ᠲᠣᠬᠣᠢ ᠭᠡᠳᠡᠭ ᠲᠣᠬᠣᠢ ᠶ᠋ᠢᠨ ᠦᠶ᠎ᠡ ᠡᠴᠡ ᠠᠳᠬᠤᠭᠰᠠᠨ ᠭᠠᠷ ᠤ᠋ᠨ ᠳᠤᠮᠳᠠ ᠬᠤᠷᠤᠭᠤᠨ ᠤ᠋ ᠦᠶ᠎ᠡ ᠬᠦᠷᠲᠡᠯᠡᠬᠢ ᠵᠠᠢ ᠶ᠋ᠢ ᠬᠡᠯᠡᠬᠦ ᠪᠠ ᠳᠤᠮᠳᠠᠴᠢ ᠪᠠᠷ40cm᠂ ᠦᠵᠦᠭᠦᠷ ᠲᠣᠬᠣᠢ ᠭᠡᠳᠡᠭ ᠲᠣᠬᠣᠢ ᠶ᠋ᠢᠨ ᠦᠶ᠎ᠡ ᠡᠴᠡ ᠬᠤᠷᠤᠭᠤᠨ ᠤ᠋ ᠴᠠᠷᠪᠠᠭᠤ ᠶ᠋ᠢ ᠲᠡᠨᠢᠢᠯᠭᠡᠭᠰᠡᠨ ᠤᠷᠲᠤ ᠬᠡᠮᠵᠢᠶ᠎ᠡ ᠪᠥᠭᠡᠳ45cm ᠣᠷᠴᠢᠮ᠂ ᠳᠡᠯᠢᠮ ᠭᠡᠳᠡᠭ ᠠᠯᠲᠠ ᠶ᠋ᠢ ᠬᠣᠶᠠᠷ ᠬᠤᠪᠢᠶᠠᠭᠰᠠᠨ ᠤ᠋ ᠨᠢᠭᠡ ᠪᠤᠶᠤ ᠡᠪᠴᠢᠭᠦᠨ ᠭᠣᠣᠯ ᠠ᠋ᠴᠠ ᠨᠢᠭᠡ ᠲᠠᠯ᠎ᠠ ᠶ᠋ᠢ ᠲᠡᠨᠢᠢᠯᠭᠡᠭᠰᠡᠨ ᠤᠷᠲᠤ ᠶᠤᠮ᠃ ᠡᠨᠡ ᠨᠢ ᠳᠤᠮᠳᠠᠴᠢ ᠪᠠᠷ 100—105cm᠃ ᠠᠯᠲᠠ ᠭᠡᠳᠡᠭ ᠬᠣᠶᠠᠷ ᠭᠠᠷ ᠢ᠋ ᠲᠡᠨᠢᠢᠯᠭᠡᠭᠰᠡᠨ ᠤᠷᠲᠤ ᠪᠥᠭᠡᠳ ᠳᠤᠮᠳᠠᠴᠢ ᠪᠠᠷ172cm ᠶᠤᠮ᠃
   ᠲᠤᠰ ᠤᠯᠤᠰ1921 ᠣᠨ ᠠ᠋ᠴᠠ ᠡᠬᠢᠯᠡᠨ ᠮᠧᠲ᠋ᠷ ᠦ᠋ᠨ ᠬᠡᠮᠵᠢᠭᠦᠷ ᠦ᠋ᠨ ᠨᠢᠭᠡᠳᠦᠭᠰᠡᠨ ᠰᠢᠰᠲ᠋ᠧᠮ ᠬᠡᠷᠡᠭᠯᠡᠬᠦ ᠰᠢᠢᠳᠪᠦᠷᠢ ᠭᠠᠷᠴᠤ᠂1933 ᠣᠨ ᠤ᠋ ᠨᠢᠭᠡᠳᠦᠭᠡᠷ ᠰᠠᠷ᠎ᠠ ᠶ᠋ᠢᠨ ᠨᠢᠭᠡᠨ ᠡᠴᠡ ᠮᠧᠲ᠋ᠷ ᠦ᠋ᠨ ᠰᠢᠨ᠎ᠡ ᠰᠢᠰᠲ᠋ᠧᠮ ᠳ᠋ᠦ᠍ ᠰᠢᠯᠵᠢᠭᠰᠡᠨ ᠨᠢ ᠨᠢᠭᠡᠳᠦᠭᠰᠡᠨ ᠨᠢᠭᠡ ᠪᠠᠷᠢᠮᠵᠢᠶ᠎ᠠ ᠬᠡᠮᠵᠢᠭᠦᠷ ᠳᠡᠯᠭᠡᠷᠡᠵᠦ ᠡᠮᠡᠭᠲᠡᠢᠴᠦᠳ ᠦ᠋ᠨ ᠡᠰᠬᠡᠨ ᠣᠶᠣᠬᠤ ᠠᠵᠢᠯ ᠳ᠋ᠤ᠌ ᠰᠢᠨ᠎ᠡ ᠵᠦᠢᠯ ᠨᠠᠪᠲᠠᠷᠠᠵᠠᠢ᠃1981 ᠣᠨ ᠤ᠋ ᠨᠢᠭᠡ ᠰᠠᠷ᠎ᠠ ᠶ᠋ᠢᠨ ᠨᠢᠭᠡᠨ ᠡᠴᠡ ᠣᠯᠠᠨ ᠤᠯᠤᠰ ᠤ᠋ᠨ ᠬᠡᠮᠵᠢᠯ ᠦ᠋ᠨ ᠨᠢᠭᠡᠴᠢ ᠶ᠋ᠢᠨ ᠳᠡᠯᠡᠬᠡᠢ ᠳ᠋ᠠᠬᠢᠨ ᠢ᠋ᠶ᠋ᠠᠷ ᠬᠡᠷᠡᠭᠯᠡᠬᠦ ᠪᠡᠷ ᠪᠣᠯᠪᠠᠰᠤᠷᠠᠭᠤᠯᠤᠭᠰᠠᠨ ᠰᠢᠰᠲ᠋ᠧᠮ ᠳ᠋ᠦ᠍ ᠰᠢᠯᠵᠢᠵᠡᠢ᠃
   ᠤᠷᠠᠨ ᠦᠢᠯᠡ ᠳ᠋ᠦ᠍ ᠬᠡᠷᠡᠭᠯᠡᠭᠳᠡᠳᠡᠭ ᠵᠠᠷᠢᠮ ᠬᠡᠷᠡᠭᠯᠡᠭᠦᠷ ᠡᠴᠡ ᠳᠤᠷᠠᠳᠪᠠᠯ᠂ ᠮᠣᠩᠭᠣᠯᠴᠤᠳ ᠥᠨᠳᠥᠷ᠂ ᠥᠷᠭᠡᠨ ᠬᠡᠮᠵᠢᠭᠦᠷ ᠲᠦ ᠪᠠᠷᠤᠭᠴᠠᠭ᠎ᠠ ᠬᠡᠮᠵᠢᠭᠦᠷ ᠢ᠋ ᠬᠡᠷᠡᠭᠯᠡᠳᠡᠭ ᠪᠠᠢᠯ᠎ᠠ᠃ ᠵᠢᠱ᠌ᠢᠶ᠎ᠡ ᠨᠢ ᠥᠷᠭᠡᠨ ᠦ᠌ ᠬᠡᠮᠵᠢᠶ᠎ᠡ ᠶ᠋ᠢ ᠬᠢᠮᠤᠰᠤᠨ ᠤ᠋ ᠲᠣᠯᠢ ᠶ᠋ᠢᠨ ᠴᠢᠨᠡᠭᠡ᠂ ᠠᠯᠠᠭ᠎ᠠ ᠶ᠋ᠢᠨ ᠴᠢᠨᠡᠭᠡ᠂ ᠭᠡᠷ ᠦ᠋ᠨ ᠪᠠᠭᠤᠷᠢ ᠶ᠋ᠢᠨ ᠵᠠᠢ ᠲᠠᠢ᠂ ᠬᠣᠲᠠ ᠶ᠋ᠢᠨ ᠪᠠᠭᠤᠷᠢ ᠶ᠋ᠢᠨ ᠵᠠᠢ ᠲᠠᠢ ᠭᠡᠬᠦ ᠮᠡᠲᠦ ᠪᠡᠷ ᠬᠡᠮᠵᠢᠳᠡᠭ ᠨᠢ ᠠᠮᠢᠳᠤᠷᠠᠯ ᠳ᠋ᠤ᠌ ᠣᠢᠷᠠᠲᠤᠭᠰᠠᠨ ᠬᠡᠮᠵᠢᠭᠦᠷ ᠤᠴᠢᠷ ᠶᠠᠮᠠᠷ ᠨᠢᠭᠡ ᠤᠷᠠᠨ ᠦᠢᠯᠡ᠂ ᠤᠷᠠᠨ ᠳᠠᠷᠬ᠎ᠠ ᠪᠤᠰᠤᠳ ᠵᠦᠢᠯ ᠢ᠋ ᠬᠢᠬᠦ ᠳ᠋ᠦ᠍ ᠪᠠᠷᠢᠮᠵᠢᠶ᠎ᠠ ᠬᠡᠮᠵᠢᠭᠦᠷ ᠡᠴᠡ ᠣᠨᠴᠠ ᠶ᠋ᠢᠨ ᠵᠥᠷᠢᠶ᠎ᠡ ᠦᠭᠡᠢ ᠤᠴᠢᠷ ᠬᠡᠷᠡᠭᠯᠡᠭᠳᠡᠬᠦ ᠪᠣᠯᠤᠮᠵᠢ ᠲᠠᠢ ᠶᠤᠮ᠃ ᠣᠷᠴᠢᠨ ᠦᠶ᠎ᠡ ᠳ᠋ᠦ᠍ ᠨᠢᠭᠡᠳᠦᠭᠰᠡᠨ ᠪᠠᠷᠢᠮᠵᠢᠶ᠎ᠠ ᠬᠡᠮᠵᠢᠭᠦᠷ ᠭᠠᠷᠤᠭᠰᠠᠨ ᠨᠢ ᠡᠰᠬᠡᠭᠦᠷ ᠲᠤ ᠲᠣᠬᠢᠷᠠᠭᠰᠠᠨ ᠨᠠᠷᠢᠨ ᠬᠡᠮᠵᠢᠭᠦᠷ ᠬᠡᠷᠡᠭᠯᠡᠭᠳᠡᠬᠦ ᠪᠣᠯᠤᠮᠵᠢ ᠲᠠᠢ ᠪᠣᠯᠵᠤ ᠬᠤᠪᠴᠠᠰᠤᠨ ᠤ᠋ ᠬᠡᠯᠪᠡᠷᠢ ᠵᠠᠭᠪᠤᠷ ᠪᠣᠯᠪᠠᠰᠤᠷᠠᠩᠭᠤᠢ ᠪᠣᠯᠤᠯ᠎ᠠ᠃ ᠡᠢᠮᠦ ᠳ᠋ᠦ᠍ ᠦᠢᠯᠡᠴᠢᠨ ᠬᠥᠮᠦᠨ ᠨᠢᠭᠡᠳᠦᠭᠰᠡᠨ ᠪᠠᠷᠢᠮᠵᠢᠶ᠎ᠠ ᠬᠡᠮᠵᠢᠭᠦᠷ᠂ ᠴᠠᠪᠬ᠎ᠠ ᠶ᠋ᠢ ᠴᠢᠬᠤᠯᠠᠴᠢᠯᠠᠨ ᠦᠵᠡᠵᠦ ᠲᠡᠭᠦᠨ ᠢ᠋ᠶ᠋ᠡᠷ ᠬᠡᠮᠵᠢᠬᠦ ᠠᠷᠭ᠎ᠠ ᠲᠧᠭᠨᠢᠭ ᠢ᠋ ᠡᠵᠡᠮᠰᠢᠬᠦ ᠶᠣᠰᠣᠲᠠᠢ᠃ ᠬᠤᠪᠴᠠᠰᠤᠨ ᠤ᠋ ᠬᠡᠮᠵᠢᠭᠦᠷ ᠢ᠋ ᠬᠢᠬᠦ ᠳᠡᠭᠡᠨ ᠰᠡᠨᠲ᠋ᠢᠮᠧᠲ᠋ᠷ ᠢ᠋ ᠬᠡᠳᠦ ᠴᠢᠩᠭ᠎ᠠ ᠲᠠᠲᠠᠬᠤ ᠪᠤᠶᠤ ᠰᠤᠯᠠ ᠭᠣᠭᠴᠣᠭᠠᠷᠠᠭᠤᠯᠤᠨ ᠬᠡᠮᠵᠢᠬᠦ ᠨᠢ ᠠᠯᠳᠠᠭ᠎ᠠ ᠪᠣᠯᠬᠤ ᠪᠥᠭᠡᠳ ᠶᠠᠮᠠᠷ ᠴᠤ ᠡᠰᠬᠡᠭᠦᠷ ᠬᠢᠭᠰᠡᠨ ᠴᠦ᠍ ᠵᠠᠪᠠᠯ ᠣᠶᠣᠳᠠᠯ ᠲᠠᠯᠪᠢᠵᠤ ᠬᠡᠮᠵᠢᠨ᠎ᠡ᠃ ᠵᠢᠱ᠌ᠢᠶ᠎ᠡ ᠨᠢ᠂ ᠵᠢᠷᠭᠤᠭᠠᠨ ᠲᠠᠯᠠᠲᠤ ᠮᠠᠯᠠᠭᠠᠢ ᠡᠰᠬᠡᠬᠦ ᠳ᠋ᠡᠭᠡᠨ ᠣᠶᠣᠳᠠᠯ ᠭᠠᠷᠭᠠᠯ ᠦᠭᠡᠢ ᠰᠢᠭᠤᠳ ᠬᠡᠮᠵᠢᠪᠡᠯ ᠲᠠᠯ᠎ᠠ ᠪᠦᠷᠢ ᠡᠴᠡ1—2cm ᠬᠠᠰᠤᠭᠳᠠᠭᠰᠠᠭᠠᠷ ᠡᠴᠦᠰ ᠲᠡᠭᠡᠨ ᠮᠠᠯᠠᠭᠠᠢ ᠶ᠋ᠢᠨ ᠬᠡᠮᠵᠢᠶᠡᠨ ᠳ᠋ᠦ᠍ ᠨᠥᠯᠥᠭᠡᠯᠡᠵᠦ57 ᠨᠣᠮᠧᠷ ᠦ᠋ᠨ ᠮᠠᠯᠠᠭᠠᠢ ᠬᠢᠬᠦ ᠭᠡᠰᠡᠨ ᠪᠣᠯ53·55 ᠪᠣᠯᠬᠤ ᠵᠢᠱ᠌ᠢᠶ᠎ᠡ ᠲᠡᠢ ᠪᠢᠯᠡ᠃
ᠵᠢᠷᠤᠭ1

1. ᠬᠤᠷᠤᠭᠤ ᠬᠡᠮᠵᠢᠭᠦᠷ

(1) ᠨᠢᠭᠡ ᠬᠤᠷᠤᠭᠤ
(2) ᠬᠣᠶᠠᠷ ᠬᠤᠷᠤᠭᠤ
(3) ᠢᠮᠠᠬᠤ
(4) ᠰᠥᠭᠥᠮ
(5) ᠮᠤᠬᠤᠷ ᠰᠥᠭᠥᠮ
(6) ᠲᠥᠭᠡ

2. ᠦᠶ᠎ᠡ ᠮᠥᠴᠢ ᠶ᠋ᠢᠨ ᠬᠡᠮᠵᠢᠭᠦᠷ

(1) ᠦᠵᠦᠭᠦᠷ ᠲᠣᠬᠣᠢ
(2) ᠳᠡᠯᠢᠮ
(3) ᠮᠤᠬᠤᠷ ᠲᠣᠬᠣᠢ
(4) ᠠᠯᠲᠠ

   ᠭᠠᠷ ᠬᠤᠷᠤᠭᠤ᠂ ᠦᠶ᠎ᠡ ᠮᠥᠴᠢ ᠶ᠋ᠢᠨ ᠬᠡᠮᠵᠢᠭᠦᠷ ᠲᠦ ᠮᠤᠬᠤᠷ ᠰᠥᠭᠥᠮ᠂ ᠮᠤᠬᠤᠷ ᠲᠣᠬᠣᠢ᠂ ᠦᠵᠦᠭᠦᠷ ᠲᠣᠬᠣᠢ᠂ ᠳᠡᠯᠢᠮ᠂ ᠬᠤᠷᠤᠭᠤ᠂ ᠠᠯᠲᠠ᠂ ᠢᠮᠠᠬᠤ ᠵᠡᠷᠭᠡ ᠬᠡᠮᠵᠢᠭᠦᠷ ᠦ᠋ᠳ ᠪᠣᠢ᠃
    ᠣᠭᠲᠣᠯᠬᠤ ᠥᠭᠡᠯᠡᠬᠦ ᠬᠡᠷᠡᠭᠰᠡᠯ ᠤᠷᠠᠨ ᠦᠢᠯᠡ ᠶ᠋ᠢᠨ ᠣᠭᠲᠣᠯᠬᠤ ᠬᠡᠷᠡᠭᠰᠡᠯ ᠬᠥᠮᠦᠨ ᠦ᠌ ᠡᠭᠦᠰᠦᠯ ᠲᠡᠢ ᠬᠣᠯᠪᠣᠭ᠎ᠠ ᠲᠠᠢ ᠪᠥᠭᠡᠳ ᠴᠢᠯᠠᠭᠤᠨ ᠵᠡᠪᠰᠡᠭ ᠦ᠋ᠨ ᠦᠶ᠎ᠡ ᠳ᠋ᠦ᠍ ᠡᠭᠦᠰᠦᠭᠰᠡᠨ ᠭᠡᠵᠦ ᠦᠵᠡᠬᠦ ᠦᠨᠳᠦᠰᠦ ᠲᠡᠢ᠃ ᠲᠡᠷᠡ ᠦᠶ᠎ᠡ ᠳ᠋ᠦ᠍ ᠬᠠᠮᠤᠷᠤᠭᠳᠠᠬᠤ ᠴᠢᠯᠠᠭᠤᠨ ᠬᠢᠲᠤᠭ᠎ᠠ᠂ ᠶᠠᠰᠤᠨ ᠢᠯᠲᠠᠰᠤ ᠬᠢᠲᠤᠭ᠎ᠠ ᠨᠤᠭᠤᠳ ᠪᠤᠯᠠᠰᠢᠨ ᠠ᠋ᠴᠠ ᠡᠯᠪᠡᠭ ᠣᠯᠳᠠᠳᠠᠭ᠃ ᠶᠠᠰᠤᠨ ᠬᠢᠲᠤᠭ᠎ᠠ ᠶ᠋ᠢ ᠵᠥᠪᠬᠡᠨ ᠣᠯᠤᠭᠠᠳ ᠵᠣᠭᠰᠣᠬᠤ ᠦᠭᠡᠢ ᠶᠠᠮᠠᠷ ᠠᠮᠢᠲᠠᠨ ᠤ᠋ ᠶᠠᠰᠤ ᠪᠣᠯᠬᠤ ᠶ᠋ᠢ ᠬᠦᠷᠲᠡᠯ᠎ᠡ ᠲᠣᠭᠲᠠᠭᠠᠵᠤ ᠪᠣᠯᠳᠠᠭ ᠢ᠋ ᠪᠢᠳᠡ ᠮᠡᠳᠡᠨ᠎ᠡ᠃
     ᠬᠣᠵᠢᠮ ᠬᠥᠮᠦᠨ ᠲᠥᠷᠥᠯᠬᠢᠲᠡᠨ ᠦ᠌ ᠠᠩᠬ᠎ᠠ ᠬᠡᠷᠡᠭᠯᠡᠭᠰᠡᠨ ᠲᠡᠮᠦᠷᠯᠢᠭ ᠪᠣᠯᠬᠤ ᠵᠡᠰ ᠦ᠋ᠨ ᠬᠦᠳᠡᠷ ᠢ᠋ ᠠᠰᠢᠭᠯᠠᠭᠰᠠᠨ ᠲᠠᠢ ᠬᠣᠯᠪᠣᠭᠳᠠᠭᠤᠯᠵᠤ ᠵᠡᠰ ᠬᠢᠲᠤᠭ᠎ᠠ᠂ ᠳᠠᠷᠠᠭ᠎ᠠ ᠨᠢ ᠵᠡᠰ ᠬᠥᠩᠭᠡᠨ ᠴᠠᠭᠠᠨ ᠢ᠋ ᠬᠣᠯᠢᠵᠤ ᠬᠦᠷᠡᠯ ᠬᠢᠬᠦ ᠪᠣᠯᠤᠭᠰᠠᠨ ᠲᠠᠢ ᠤᠶᠠᠯᠳᠤᠨ ᠬᠦᠷᠡᠯ ᠬᠢᠲᠤᠭ᠎ᠠ᠂ ᠲᠡᠮᠦᠷ ᠦ᠋ᠨ ᠬᠦᠳᠡᠷ ᠢ᠋ ᠠᠰᠢᠭᠯᠠᠭᠰᠠᠨ ᠲᠠᠢ ᠬᠣᠯᠪᠣᠭᠳᠠᠨ ᠲᠡᠮᠦᠷ ᠬᠢᠲᠤᠭ᠎ᠠ ᠶ᠋ᠢ ᠣᠭᠲᠣᠯᠤᠯᠲᠠ ᠥᠭᠡᠯᠡᠯᠲᠡ ᠳ᠋ᠦ᠍ ᠬᠡᠷᠡᠭᠯᠡᠵᠦ ᠪᠠᠢᠵᠠᠢ᠃ ᠤᠷᠠᠨ ᠦᠢᠯᠡ ᠳ᠋ᠦ᠍ ᠬᠡᠷᠡᠭᠯᠡᠭᠳᠡᠵᠦ ᠪᠠᠢᠭ᠎ᠠ ᠬᠠᠢᠴᠢ ᠴᠣᠬᠣᠮ ᠬᠡᠳᠦᠢ ᠳ᠋ᠦ᠍ ᠡᠭᠦᠰᠦᠭᠰᠡᠨ ᠪᠣᠯᠬᠤ ᠶ᠋ᠢ ᠬᠡᠯᠡᠬᠦ ᠳ᠋ᠦ᠍ ᠬᠡᠴᠡᠭᠦᠦ ᠪᠥᠭᠡᠳ ᠬᠠᠭᠤᠴᠢᠰ ᠤ᠋ᠨ ᠰᠤᠳᠤᠯᠭᠠᠲᠠᠨ ᠤ᠋ ᠰᠤᠳᠤᠯᠭ᠎ᠠ᠂ ᠥᠪᠡᠷ ᠦ᠋ᠨ ᠣᠷᠣᠨ ᠤ᠋ ᠲᠡᠦᠬᠡ ᠳᠤᠷᠠᠰᠬᠠᠯ᠂ ᠮᠦᠽᠧᠢ ᠶ᠋ᠢᠨ ᠦᠵᠡᠮᠦᠷᠢ ᠡᠴᠡ ᠦᠵᠡᠬᠦ ᠳ᠋ᠦ᠍ ᠲᠡᠮᠦᠷ ᠬᠠᠢᠴᠢ ᠲᠡᠮᠦᠷ ᠦ᠋ᠨ ᠦᠶ᠎ᠡ ᠳ᠋ᠦ᠍ ᠡᠭᠦᠰᠦᠭᠰᠡᠨ ᠪᠣᠯᠤᠯᠲᠠᠢ᠃ ᠬᠠᠢᠴᠢ ᠡᠭᠦᠰᠬᠦ ᠳ᠋ᠡᠭᠡᠨ ᠬᠢᠲᠤᠭᠠᠨ ᠠ᠋ᠴᠠ ᠡᠭᠦᠰᠦᠭᠰᠡᠨ ᠪᠣᠯᠪᠠ ᠤᠤ ᠭᠡᠵᠦ ᠪᠤᠳᠤᠮᠠᠷ᠃ ᠬᠥᠮᠦᠨ ᠡᠬᠢᠯᠡᠭᠡᠳ ᠬᠢᠲᠤᠭ᠎ᠠ ᠪᠠᠷ ᠵᠦᠰᠦᠨ ᠣᠭᠲᠣᠯᠵᠤ ᠪᠠᠢᠭᠰᠠᠨ ᠢ᠋ᠶ᠋ᠠᠨ ᠠᠵᠢᠯ ᠤ᠋ᠨ ᠢ᠋ᠶ᠋ᠠᠨ ᠠᠷᠭ᠎ᠠ ᠶ᠋ᠢ ᠥᠭᠡᠷᠡᠴᠢᠯᠡᠵᠦ ᠬᠣᠶᠠᠷ ᠬᠢᠲᠤᠭ᠎ᠠ ᠰᠣᠯᠪᠢᠭᠤᠯᠤᠨ ᠣᠭᠲᠣᠯᠬᠤ ᠮᠠᠶᠢᠭ ᠢ᠋ᠶ᠋ᠠᠷ ᠡᠭᠦᠰᠦᠭᠰᠡᠨ ᠪᠠᠢᠵᠤ ᠪᠣᠯᠬᠤ ᠶᠤᠮ᠃
    ᠮᠣᠩᠭᠣᠯᠴᠤᠳ ᠬᠠᠢᠴᠢ ᠶ᠋ᠢ ᠡᠷᠲᠡ ᠦᠶ᠎ᠡ ᠡᠴᠡ ᠬᠡᠷᠡᠭᠯᠡᠵᠦ ᠢᠷᠡᠭᠰᠡᠨ ᠪᠥᠭᠡᠳ ᠮᠣᠩᠭᠣᠯ ᠤ᠋ᠨ ᠬᠠᠢᠴᠢ ᠭᠠᠷ ᠤ᠋ᠨ ᠲᠠᠪᠤᠨ ᠬᠤᠷᠤᠭᠤᠨ ᠤ᠋ ᠬᠦᠴᠦ ᠪᠡᠷ ᠳᠠᠷᠤᠵᠤ ᠬᠠᠢᠴᠢᠯᠠᠬᠤ ᠠ᠋ᠴᠠ ᠭᠠᠳᠠᠨ᠎ᠠ ᠬᠠᠢᠴᠢ ᠶ᠋ᠢᠨ ᠠᠩᠭᠠᠢᠬᠤ ᠠᠮᠠ ᠶ᠋ᠢᠨ ᠵᠠᠢ ᠶᠡᠬᠡ ᠤᠴᠢᠷ ᠵᠤᠵᠠᠭᠠᠨ ᠪᠤᠶᠤ ᠬᠠᠲᠠᠭᠤ᠂ ᠵᠥᠭᠡᠯᠡᠨ ᠶᠠᠮᠠᠷ ᠴᠤ ᠵᠦᠢᠯ ᠢ᠋ ᠬᠠᠢᠴᠢᠯᠠᠬᠤ ᠳ᠋ᠤ᠌ ᠲᠣᠬᠢᠷᠠᠮᠵᠢᠲᠠᠢ ᠬᠠᠮᠤᠭ ᠤ᠋ᠨ ᠰᠠᠢᠨ ᠬᠠᠢᠴᠢ ᠶᠤᠮ᠃ ᠬᠠᠭᠤᠴᠢᠰ ᠤ᠋ᠨ ᠰᠤᠳᠤᠯᠭᠠᠲᠠᠨ ᠤ᠋ ᠣᠯᠳᠠᠪᠤᠷᠢ ᠠ᠋ᠴᠠ ᠦᠵᠡᠬᠦ ᠳ᠋ᠦ᠍13 ᠳ᠋ᠤᠭᠠᠷ ᠵᠠᠭᠤᠨ ᠤ᠋ ᠦᠶ᠎ᠡ ᠶ᠋ᠢᠨ ᠡᠮᠡᠭᠲᠡᠢ ᠬᠥᠮᠦᠨ ᠦ᠌ ᠪᠤᠯᠠᠰᠢᠨ ᠠ᠋ᠴᠠ ᠤᠷᠠᠨ ᠦᠢᠯᠡ ᠶ᠋ᠢᠨ ᠪᠠᠭᠠᠵᠢ ᠠ᠋ᠴᠠ ᠬᠠᠢᠴᠢ ᠡᠯᠪᠡᠭ ᠣᠯᠳᠠᠳᠠᠭ ᠪᠥᠭᠡᠳ ᠬᠠᠢᠴᠢ ᠶ᠋ᠢᠨ ᠬᠡᠯᠪᠡᠷᠢ ᠣᠳᠣ ᠶ᠋ᠢᠨ ᠬᠠᠢᠴᠢ ᠲᠠᠢ ᠠᠳᠠᠯᠢ ᠲᠠᠪᠤᠨ ᠬᠤᠷᠤᠭᠤᠨ ᠤ᠋ ᠬᠠᠢᠴᠢ ᠪᠥᠭᠡᠳ ᠣᠨᠴᠠᠯᠢᠭ ᠨᠢ ᠪᠠᠷᠢᠭᠤᠯ ᠨᠢ ᠣᠳᠣ ᠶ᠋ᠢᠨ ᠬᠠᠢᠴᠢ ᠶ᠋ᠢ ᠪᠣᠳᠣᠪᠠᠯ ᠠᠷᠠᠢ ᠪᠥᠭᠡᠷᠡᠩᠬᠡᠢᠪᠲᠦᠷ᠂ ᠦᠵᠦᠭᠦᠷ ᠨᠢ ᠮᠣᠬᠣᠭᠣ ᠪᠠᠢᠵᠠᠢ᠃
       ᠰᠡᠭᠦᠯ ᠦᠨ ᠦᠶ᠎ᠡ ᠳᠦ ᠬᠡᠷᠡᠭᠯᠡᠭᠳᠡᠵᠦ ᠪᠠᠢᠭ᠎ᠠ ᠬᠣᠶᠠᠷ ᠬᠤᠷᠤᠭᠤᠨ ᠤ᠋ ᠬᠠᠢᠴᠢ ᠲᠣᠮᠣ ᠵᠢᠵᠢᠭ ᠶᠠᠩᠵᠤ ᠪᠦᠷᠢ ᠪᠠᠢᠬᠤ ᠪᠥᠭᠡᠳ ᠲᠡᠭᠦᠨ ᠢ᠋ ᠡᠰᠬᠡᠬᠦ ᠵᠦᠢᠯ ᠳ᠋ᠡᠭᠡᠨ ᠲᠣᠬᠢᠷᠠᠭᠤᠯᠤᠨ ᠰᠣᠩᠭᠣᠨ᠎ᠠ᠃ ᠬᠣᠶᠠᠷ ᠬᠤᠷᠤᠭᠤᠨ ᠤ᠋ ᠲᠣᠮᠣ ᠬᠠᠢᠴᠢ ᠪᠠᠷ ᠵᠤᠵᠠᠭᠠᠪᠲᠤᠷ ᠮᠠᠲ᠋ᠧᠷᠢᠶᠠᠯ ᠪᠤᠶᠤ ᠪᠥᠰ ᠪᠠᠷᠠᠭ᠎ᠠ ᠬᠡᠳᠦ ᠬᠡᠳᠦᠨ ᠳᠠᠪᠬᠤᠷ ᠢ᠋ᠶ᠋ᠠᠷ ᠬᠠᠢᠴᠢᠯᠠᠬᠤ ᠦᠶ᠎ᠡ ᠳ᠋ᠦ᠍ ᠬᠡᠷᠡᠭᠯᠡᠬᠦ ᠪᠠ ᠦᠨᠡᠲᠦ ᠠᠩ ᠤ᠋ᠨ ᠦᠰᠦ᠂ ᠬᠤᠷᠠᠭ᠎ᠠ᠂ ᠢᠰᠢᠭᠡ ᠶ᠋ᠢᠨ ᠠᠷᠠᠰᠤ ᠶ᠋ᠢ ᠬᠠᠢᠴᠢᠯᠠᠬᠤ ᠳ᠋ᠤ᠌ ᠲᠣᠬᠢᠷᠠᠮᠵᠢ ᠦᠭᠡᠢ ᠪᠠᠢᠳᠠᠭ᠃ ᠦᠨᠡᠲᠦ ᠦᠰᠦ᠂ ᠲᠥᠯ ᠦ᠋ᠨ ᠠᠷᠠᠰᠤ ᠶ᠋ᠢ ᠨᠠᠷᠢᠨ ᠱᠥᠪᠥᠭᠡᠷ ᠦᠵᠦᠭᠦᠷ ᠲᠡᠢ ᠵᠢᠵᠢᠭ ᠬᠣᠶᠠᠷ ᠬᠤᠷᠤᠭᠤᠨ ᠤ᠋ ᠬᠠᠢᠴᠢ ᠪᠠᠷ ᠬᠠᠢᠴᠢᠯᠠᠬᠤ ᠪᠠ ᠵᠢᠵᠢᠭ ᠬᠠᠢᠴᠢ ᠪᠠᠷ ᠨᠢᠮᠭᠡᠨ ᠲᠣᠷᠭ᠎ᠠ ᠳᠤᠷᠳᠤᠩ ᠬᠠᠢᠴᠢᠯᠠᠬᠤ ᠳ᠋ᠤ᠌ ᠲᠣᠬᠢᠷᠠᠮᠵᠢᠲᠠᠢ ᠪᠠᠢᠳᠠᠭ᠃
    ᠣᠭᠲᠣᠯᠬᠤ᠂ ᠥᠭᠡᠯᠡᠬᠦ ᠬᠡᠷᠡᠭᠰᠡᠯ ᠳ᠋ᠦ᠍ ᠬᠠᠢᠴᠢ ᠬᠢᠲᠤᠭ᠎ᠠ ᠬᠡᠵᠢᠶᠡᠨᠡᠢ ᠴᠢᠬᠤᠯᠠ ᠪᠠᠭᠠᠵᠢ ᠪᠥᠭᠡᠳ ᠲᠣᠮᠣ ᠵᠢᠵᠢᠭ ᠶᠠᠩᠵᠤ ᠪᠦᠷᠢ ᠪᠠᠢᠳᠠᠭ ᠨᠢ ᠲᠡᠭᠦᠨ ᠦ᠌ ᠬᠡᠷᠡᠭᠯᠡᠭᠳᠡᠬᠦ ᠬᠡᠯᠪᠡᠷᠢ ᠡᠴᠡ ᠰᠢᠯᠲᠠᠭᠠᠯᠠᠭᠳᠠᠳᠠᠭ᠃ ᠮᠣᠩᠭᠣᠯ ᠬᠠᠢᠴᠢ ᠲᠣᠮᠣ᠂ ᠵᠢᠵᠢᠭ᠂ ᠳᠤᠮᠳᠠ ᠵᠡᠷᠭᠡ ᠶ᠋ᠢᠨ ᠭᠡᠰᠡᠨ ᠭᠤᠷᠪᠠᠨ ᠣᠨᠴᠠᠯᠢᠭ ᠢᠯᠭᠠᠭ᠎ᠠ ᠲᠠᠢ ᠪᠥᠭᠡᠳ ᠵᠢᠵᠢᠭ ᠬᠠᠢᠴᠢ ᠶ᠋ᠢ ᠣᠭᠲᠣᠯᠬᠤ᠂ ᠥᠭᠡᠯᠡᠬᠦ ᠨᠠᠷᠢᠨ ᠠᠵᠢᠯ ᠳ᠋ᠤ᠌ ᠬᠡᠷᠡᠭᠯᠡᠵᠦ ᠪᠠᠢᠵᠠᠢ᠃
ᠵᠢᠷᠤᠭ2

      ᠴᠣᠭᠣᠯᠬᠤ ᠬᠡᠷᠡᠭᠰᠡᠯ
   ᠴᠣᠭᠣᠯᠬᠤ ᠬᠡᠷᠡᠭᠰᠡᠯ ᠤᠷᠠᠨ ᠦᠢᠯᠡ ᠶ᠋ᠢᠨ ᠬᠠᠮᠤᠭ ᠤ᠋ᠨ ᠴᠢᠬᠤᠯᠠ ᠬᠡᠷᠡᠭᠰᠡᠯ ᠪᠥᠭᠡᠳ ᠡᠨᠡ ᠬᠡᠷᠡᠭᠰᠡᠯ ᠳ᠋ᠦ᠍ ᠵᠡᠭᠦᠦ᠂ ᠰᠢᠪᠦᠭᠡ᠂ ᠵᠡᠭᠦᠦ ᠶ᠋ᠢᠨ ᠰᠢᠪᠦᠭᠡ᠂ ᠲᠡᠪᠡᠨᠡ᠂ ᠨᠡᠬᠡᠮᠡᠯ ᠬᠠᠳᠬᠤᠮᠠᠯ ᠤ᠋ᠨ ᠶᠠᠩᠵᠤ ᠪᠦᠷᠢ ᠶ᠋ᠢᠨ ᠵᠡᠭᠦᠦ᠂ ᠬᠡ ᠤᠭᠠᠯᠵᠠ ᠶ᠋ᠢᠨ ᠰᠢᠪᠡᠭᠦᠷ ᠦ᠋ᠳ ᠪᠠᠭᠲᠠᠨ᠎ᠠ᠃ ᠵᠡᠭᠦᠦ ᠶ᠋ᠢ ᠡᠷᠲᠡ ᠦᠶ᠎ᠡ ᠳ᠋ᠦ᠍ ᠶᠠᠰᠤ᠂ ᠬᠤᠯᠤᠰᠤ᠂ ᠮᠣᠳᠣ ᠪᠠᠷ ᠬᠢᠵᠦ ᠪᠠᠢᠭᠰᠠᠨ ᠲᠤᠬᠠᠢ ᠳᠡᠭᠡᠷ᠎ᠡ ᠥᠭᠦᠯᠡᠭᠰᠡᠨ ᠪᠢᠯᠡ᠃ ᠵᠡᠭᠦᠦ ᠲᠡᠮᠦᠷ ᠵᠡᠪᠰᠡᠭ ᠦ᠋ᠨ ᠦᠶ᠎ᠡ ᠳ᠋ᠦ᠍ ᠤᠯᠠᠮ ᠪᠣᠯᠪᠠᠰᠤᠷᠠᠩᠭᠤᠢ ᠪᠣᠯᠵᠤ ᠬᠠᠲᠠᠭᠤ ᠭᠠᠩ ᠢ᠋ᠶ᠋ᠠᠷ ᠬᠢᠭᠡᠳ ᠵᠣᠭᠰᠣᠬᠤ ᠦᠭᠡᠢ ᠰᠡᠭᠦᠯ ᠦ᠋ᠨ ᠦᠶ᠎ᠡ ᠳ᠋ᠦ᠍ ᠲᠡᠭᠦᠨ ᠦ᠌ ᠦᠵᠦᠭᠦᠷ ᠲᠦ ᠵᠦᠰᠦᠬᠦ ᠲᠠᠯᠠᠰᠲᠤ ᠭᠠᠷᠭᠠᠨ ᠬᠢᠳᠡᠭ ᠪᠣᠯᠤᠭᠰᠠᠨ ᠨᠢ ᠤᠷᠠᠨ ᠦᠢᠯᠡ ᠶ᠋ᠢᠨ ᠪᠠᠭᠠᠵᠢ ᠳ᠋ᠤ᠌ ᠨᠡᠪᠲᠡᠷᠡᠵᠦ ᠪᠠᠢᠭ᠎ᠠ ᠰᠢᠨ᠎ᠡ ᠵᠦᠢᠯ ᠪᠣᠯᠤᠨ᠎ᠠ᠃
    ᠵᠡᠭᠦᠦ ᠶᠢ ᠬᠡᠯᠪᠡᠷᠢ ᠪᠡᠷ ᠨᠢ ᠪᠦᠳᠦᠭᠦᠨ᠂ ᠨᠠᠷᠢᠨ᠂ ᠤᠷᠲᠤ᠂ ᠪᠣᠭᠣᠨᠢ ᠵᠡᠭᠦᠦ᠂ ᠲᠡᠪᠡᠨᠡ ᠭᠡᠵᠦ ᠢᠯᠭᠠᠭᠠᠳ ᠵᠣᠭᠰᠣᠬᠤ ᠦᠭᠡᠢ ᠲᠡᠭᠦᠨ ᠢ᠋ ᠳ᠋ᠢᠶᠠᠮᠧᠲ᠋ᠷ ᠦ᠋ᠨ ᠤᠷᠲᠤ᠂ ᠪᠣᠭᠣᠨᠢ ᠪᠠᠷ ᠨᠢ ᠢᠯᠭᠠᠪᠤᠷᠢᠯᠠᠨ ᠨᠡᠷᠡᠯᠡᠳᠡᠭ ᠪᠣᠯᠤᠭᠰᠠᠨ ᠨᠢ ᠤᠷᠠᠨ ᠦᠢᠯᠡ ᠶ᠋ᠢᠨ ᠪᠠᠭᠠᠵᠢ ᠶ᠋ᠢᠨ ᠬᠥᠭᠵᠢᠯ ᠤᠯᠠᠮ ᠪᠣᠯᠪᠠᠰᠤᠷᠠᠩᠭᠤᠢ ᠪᠣᠯᠤᠭᠰᠠᠨ ᠢ᠋ ᠭᠡᠷᠡᠴᠢᠯᠡᠵᠦ ᠪᠠᠢᠨ᠎ᠠ᠃ ᠣᠶᠣᠳᠠᠯ ᠤ᠋ᠨ ᠵᠡᠭᠦᠦ1—12 ᠬᠦᠷᠲᠡᠯ᠎ᠡ ᠨᠣᠮᠧᠷ ᠲᠡᠢ᠂35—70mmᠤᠷᠲᠤ᠂0.6—1.8mm ᠳ᠋ᠢᠶᠠᠮᠧᠲ᠋ᠷ ᠲᠡᠢ ᠪᠠᠢᠳᠠᠭ᠃ ᠮᠣᠩᠭᠣᠯᠴᠤᠳ ᠵᠡᠭᠦᠦ ᠪᠡᠨ ᠤᠷᠲᠤ ᠪᠣᠭᠣᠨᠢ᠂ ᠪᠦᠳᠦᠭᠦᠨ ᠨᠠᠷᠢᠨ ᠢ᠋ᠶ᠋ᠠᠷ ᠲᠤᠰ ᠪᠦᠷᠢ ᠲᠣᠳᠣᠷᠬᠠᠢ ᠨᠡᠷ᠎ᠡ ᠪᠡᠷ ᠢᠯᠭᠠᠪᠤᠷᠢᠯᠠᠳᠠᠭ᠃ ᠬᠠᠮᠤᠭ ᠤ᠋ᠨ ᠨᠠᠷᠢᠨ ᠵᠡᠭᠦᠦ ᠶ᠋ᠢ ᠵᠠᠮᠠᠭᠤᠤᠯ ᠪᠤᠶᠤ ᠬᠢᠯᠭᠠᠰᠤᠨ ᠵᠡᠭᠦᠦ᠂ ᠲᠡᠭᠦᠨ ᠡᠴᠡ ᠠᠷᠠᠢ ᠪᠦᠳᠦᠭᠦᠨ ᠢ᠋ ᠬᠠᠪᠠᠭᠠᠰᠤᠨ ᠵᠡᠭᠦᠦ᠂ ᠬᠠᠮᠤᠭ ᠤ᠋ᠨ ᠵᠢᠵᠢᠭ ᠵᠡᠭᠦᠦ ᠶ᠋ᠢ ᠬᠢᠯᠭᠠᠨᠠᠨ ᠵᠡᠭᠦᠦ᠂ ᠠᠷᠠᠢ ᠪᠦᠳᠦᠭᠦᠨ ᠤᠷᠲᠤᠬᠠᠨ ᠵᠡᠭᠦᠦ ᠶ᠋ᠢ ᠮᠣᠭᠵᠣᠭᠣᠷ ᠵᠡᠭᠦᠦ᠂ ᠤᠷᠲᠤ ᠪᠦᠳᠦᠭᠦᠨ ᠵᠡᠭᠦᠦ ᠶ᠋ᠢ ᠪᠦᠳᠦᠭᠦᠨ ᠵᠡᠭᠦᠦ ᠭᠡᠬᠦ ᠪᠥᠭᠡᠳ ᠮᠥᠨ ᠲᠡᠪᠡᠨᠡ ᠶ᠋ᠢ ᠨᠠᠷᠢᠨ ᠪᠤᠶᠤ ᠰᠢᠪᠡᠭᠡᠰᠦᠨ ᠦ᠌ ᠲᠡᠪᠡᠨᠡ ᠳᠤᠮᠳᠠ ᠵᠡᠷᠭᠡ ᠶ᠋ᠢᠨ ᠪᠤᠶᠤ ᠭᠣᠯᠢᠶ᠎ᠠ ᠲᠡᠪᠡᠨᠡ᠂ ᠬᠠᠮᠤᠭ ᠤ᠋ᠨ ᠲᠣᠮᠣ ᠲᠡᠪᠡᠨᠡ ᠶ᠋ᠢ ᠪᠠᠮᠪᠠᠢ ᠶ᠋ᠢᠨ ᠲᠡᠪᠡᠨᠡ ᠭᠡᠵᠦ ᠢᠯᠭᠠᠳᠠᠭ᠃
    ᠡᠳᠡᠭᠡᠷ ᠨᠢ ᠲᠤᠰ ᠪᠦᠷᠢ ᠳ᠋ᠡᠭᠡᠨ ᠡᠭᠦᠷᠭᠡ ᠲᠡᠢ᠃ ᠵᠢᠱ᠌ᠢᠶ᠎ᠡ ᠨᠢ ᠵᠠᠮᠠᠭᠤᠤᠯ ᠪᠤᠶᠤ ᠬᠢᠯᠭᠠᠰᠤᠨ ᠵᠡᠭᠦᠦ ᠪᠡᠷ ᠬᠠᠮᠤᠭ ᠤ᠋ᠨ ᠨᠠᠷᠢᠨ ᠲᠣᠷᠭᠠᠨ ᠬᠠᠳᠬᠤᠮᠠᠯ᠂ ᠬᠥᠮᠦᠨ ᠦ᠌ ᠬᠥᠷᠥᠭ ᠦ᠋ᠨ ᠰᠡᠭᠦᠳᠡᠷ ᠲᠣᠬᠢᠷᠠᠭᠤᠯᠬᠤ ᠵᠡᠷᠭᠡ ᠳ᠋ᠦ᠍ ᠬᠡᠷᠡᠭᠯᠡᠬᠦ ᠪᠠ ᠲᠡᠭᠦᠨ ᠡᠴᠡ ᠠᠷᠠᠢ ᠪᠦᠳᠦᠭᠦᠨ ᠤᠷᠲᠤ ᠨᠠᠷᠢᠨ ᠵᠡᠭᠦᠦ ᠪᠡᠷ ᠳᠡᠪᠡᠯ ᠬᠠᠪᠠᠬᠤ ᠵᠠᠷᠢᠮ ᠬᠠᠳᠬᠤᠮᠠᠯ ᠬᠣᠨᠢᠨ ᠬᠣᠯᠪᠣᠭ᠎ᠠ᠂ ᠲᠠᠤᠯᠠᠢ ᠬᠠᠷᠠᠢᠯᠭᠠᠬᠤ᠂ ᠵᠠᠬᠠᠯᠠᠬᠤ᠂ ᠬᠡᠯᠡᠬᠦ ᠣᠶᠣᠳᠠᠯ ᠳ᠋ᠤ᠌ ᠬᠡᠷᠡᠭᠯᠡᠨ᠎ᠡ᠃ ᠬᠢᠯᠭᠠᠨᠡᠨ ᠵᠡᠭᠦᠦ ᠪᠡᠷ ᠨᠠᠷᠢᠨ ᠬᠤᠷᠠᠭᠠᠨ ᠳᠣᠲᠣᠷ᠂ ᠦᠨᠡᠲᠦ ᠠᠩ ᠤ᠋ᠨ ᠦᠰᠦ ᠣᠶᠣᠨ᠎ᠠ᠃ ᠪᠦᠳᠦᠭᠦᠨ ᠵᠡᠭᠦᠦ ᠪᠡᠷ ᠬᠠᠲᠠᠭᠤᠪᠲᠤᠷ ᠰᠢᠷᠢᠭᠡᠰᠦ ᠭᠤᠲᠤᠯ ᠤ᠋ᠨ ᠤᠯᠠ᠂ ᠵᠠᠤᠵᠠᠢ ᠪᠣᠯᠤᠨ ᠵᠠᠷᠢᠮ ᠰᠢᠷᠢ ᠶ᠋ᠢᠨ ᠡᠳ᠋ᠯᠡᠯ ᠣᠶᠣᠬᠤ ᠳ᠋ᠤ᠌ ᠬᠡᠷᠡᠭᠯᠡᠨ᠎ᠡ᠃ ᠲᠡᠪᠡᠨᠡ ᠶ᠋ᠢ ᠬᠠᠲᠠᠭᠤ ᠵᠤᠵᠠᠭᠠᠨ ᠣᠶᠣᠳᠠᠯ᠂ ᠰᠢᠷᠢᠭᠡᠰᠦ᠂ ᠢᠰᠡᠭᠡᠢ᠂ ᠰᠢᠷᠢ ᠣᠶᠣᠬᠤ ᠳ᠋ᠤ᠌ ᠬᠡᠷᠡᠭᠯᠡᠬᠦ ᠪᠠ ᠵᠡᠭᠦᠦ ᠶ᠋ᠢᠨ ᠰᠢᠪᠦᠭᠡ ᠳ᠋ᠦ᠍ ᠰᠠᠭᠤᠯᠭᠠᠵᠤ ᠰᠢᠷᠢ ᠶ᠋ᠢᠨ ᠡᠳ᠋ᠯᠡᠯ ᠦ᠋ᠨ ᠵᠡᠭᠦᠦ ᠳᠠᠭᠠᠭᠠᠬᠤ ᠦᠭᠡᠢ᠂ ᠬᠠᠲᠠᠭᠤ ᠬᠡᠰᠡᠭ ᠢ᠋ ᠰᠢᠪᠦᠭᠡᠳᠡᠨ ᠨᠦᠬᠡᠯᠡᠬᠦ᠂ ᠤᠯᠠ ᠰᠢᠷᠢᠬᠦ ᠳ᠋ᠦ᠍ ᠬᠡᠷᠡᠭᠯᠡᠨ᠎ᠡ᠃ ᠬᠠᠮᠤᠭ ᠤ᠋ᠨ ᠪᠦᠳᠦᠭᠦᠨ ᠲᠡᠪᠡᠨᠡ ᠪᠡᠷ ᠣᠯᠠᠨ ᠳᠠᠪᠬᠤᠷ ᠵᠤᠵᠠᠭᠠᠨ ᠢᠰᠡᠭᠡᠢ᠂ ᠲᠡᠮᠡᠭᠡᠨ ᠱᠠᠲᠤ ᠶ᠋ᠢᠨ ᠪᠠᠮᠪᠠᠢ ᠣᠶᠣᠬᠤ ᠳ᠋ᠤ᠌ ᠬᠡᠷᠡᠭᠯᠡᠳᠡᠭ᠃ ᠤᠴᠢᠷ ᠪᠠᠮᠪᠠᠢ ᠶ᠋ᠢᠨ ᠲᠡᠪᠡᠨᠡ ᠭᠡᠵᠦ ᠨᠡᠷᠡᠯᠡᠳᠡᠭ᠃ ᠴᠣᠭᠣᠯᠬᠤ ᠬᠡᠷᠡᠭᠰᠡᠯ ᠳ᠋ᠦ᠍ ᠵᠡᠭᠦᠦ ᠶ᠋ᠢᠨ ᠰᠢᠪᠦᠭᠡ ᠶ᠋ᠢ ᠬᠡᠷᠡᠭᠯᠡᠳᠡᠭ ᠪᠥᠭᠡᠳ ᠡᠨᠡ ᠨᠢ ᠠᠷᠤ ᠳ᠋ᠠᠭᠠᠨ ᠭᠠᠷ ᠲᠤ ᠪᠠᠷᠢᠬᠤ ᠳ᠋ᠤ᠌ ᠵᠣᠬᠢᠷᠠᠭᠣᠯᠣᠭᠳᠠᠭᠰᠠᠨ ᠪᠠᠷᠢᠭᠤᠯ ᠪᠦᠬᠦᠢ ᠲᠡᠮᠦᠷ ᠬᠠᠪᠴᠢᠶᠠᠷᠢ ᠪᠥᠭᠡᠳ ᠭᠣᠣᠯᠳᠠᠭᠤ ᠲᠡᠪᠡᠨᠡ ᠰᠠᠭᠤᠯᠭᠠᠬᠤ ᠬᠣᠪᠢᠯ ᠲᠠᠢ ᠲᠡᠭᠦᠨ ᠳ᠋ᠦ᠍ᠨᠢ ᠲᠡᠪᠡᠨᠡ ᠶ᠋ᠢᠨ ᠰᠦᠪᠡᠭᠴᠢ ᠶ᠋ᠢ ᠪᠠᠭ᠎ᠠ ᠵᠡᠷᠭᠡ ᠣᠯᠣᠰᠣ᠂ ᠨᠣᠣᠰᠣ ᠪᠠᠷ ᠣᠷᠢᠶᠠᠵᠤ ᠰᠠᠭᠤᠯᠭᠠᠭᠠᠳ ᠬᠠᠪᠴᠢᠶᠠᠷᠢ ᠶ᠋ᠢᠨ ᠬᠣᠶᠠᠷ ᠦᠵᠦᠭᠦᠷ ᠢ᠋ ᠨᠡᠢᠯᠡᠭᠦᠯᠵᠦ ᠠᠮᠠ ᠦᠭᠡᠢ ᠲᠡᠮᠦᠷ ᠰᠢᠬᠠᠭᠤᠷᠭ᠎ᠠ ᠰᠢᠷᠭᠤᠭᠤᠯᠵᠤ ᠤᠭ ᠤᠷᠤᠭᠤ ᠨᠢ ᠴᠣᠬᠢᠵᠤ ᠴᠢᠩᠭᠠᠯᠠᠨ᠎ᠠ᠃
    ᠰᠢᠪᠦᠭᠡ ᠰᠢᠪᠦᠭᠡ ᠶ᠋ᠢ ᠪᠣᠯ ᠭᠠᠭᠴᠠᠬᠠᠨ ᠤᠷᠠᠨ ᠦᠢᠯᠡ ᠳ᠋ᠦ᠍ ᠬᠡᠷᠡᠭᠯᠡᠭᠳᠡᠬᠦ ᠲᠡᠳᠦᠢ ᠦᠭᠡᠢ ᠭᠠᠷ ᠡᠳ᠋ᠯᠡᠯ ᠬᠢᠬᠦ ᠪᠦᠷᠢ ᠳ᠋ᠦ᠍ ᠬᠡᠷᠡᠭᠯᠡᠭᠳᠡᠬᠦ ᠴᠢᠬᠤᠯᠠ ᠪᠠᠭᠠᠵᠢ ᠪᠥᠭᠡᠳ ᠬᠥᠮᠦᠨ ᠦ᠌ ᠭᠠᠷ ᠤᠷᠠᠯᠠᠯ ᠡᠭᠦᠰᠦᠭᠰᠡᠨ ᠲᠡᠢ ᠬᠣᠯᠪᠣᠭ᠎ᠠ ᠲᠠᠢ ᠨᠡᠢᠭᠡᠮ ᠦ᠋ᠨ ᠪᠦᠬᠦ ᠦᠶ᠎ᠡ ᠨᠦ᠍ᠭᠦᠳ ᠲᠤ ᠬᠡᠷᠡᠭᠯᠡᠭᠳᠡᠵᠦ ᠢᠷᠡᠵᠡᠢ᠃ ᠰᠢᠪᠦᠭᠡ ᠶ᠋ᠢ ᠲᠣᠮᠣ ᠵᠢᠵᠢᠭ ᠣᠯᠠᠨ ᠶᠠᠩᠵᠤ ᠪᠠᠷ ᠬᠢᠵᠦ ᠬᠡᠷᠡᠭᠯᠡᠬᠦ ᠡᠴᠡ ᠭᠠᠳᠠᠨ᠎ᠠ ᠦᠵᠦᠭᠦᠷ ᠲᠡᠭᠡᠨ ᠡᠷᠭᠢ ᠲᠡᠢ᠂ ᠵᠦᠰᠦᠬᠦ ᠲᠠᠯ᠎ᠠ ᠲᠠᠢ ᠶᠠᠩᠵᠤ ᠪᠦᠷᠢ ᠪᠠᠢᠳᠠᠭ᠃ ᠰᠢᠪᠦᠭᠡ ᠨᠢ ᠭᠠᠷ ᠳᠤ ᠡᠪᠲᠡᠢ ᠡᠪᠡᠷ᠂ ᠮᠣᠳᠣᠨ ᠡᠰᠢᠨ ᠳ᠋ᠦ᠍ ᠰᠠᠭᠤᠯᠭᠠᠭᠰᠠᠨ ᠨᠠᠷᠢᠨ ᠲᠡᠮᠦᠷ ᠪᠥᠭᠡᠳ ᠡᠬᠢᠨ ᠦ᠌ ᠦᠶ᠎ᠡ ᠳ᠋ᠦ᠍ ᠡᠰᠢ ᠦᠭᠡᠢ ᠵᠠᠳᠠᠭᠠᠢ ᠵᠡᠰ᠂ ᠲᠡᠮᠦᠷ ᠢ᠋ ᠨᠠᠷᠢᠬᠠᠨ ᠴᠣᠬᠢᠵᠤ ᠦᠵᠦᠭᠦᠷ ᠭᠠᠷᠭᠠᠨ ᠬᠡᠷᠡᠭᠯᠡᠵᠦ ᠪᠠᠢᠭᠰᠠᠨ ᠲᠥᠷᠥᠯ ᠪᠦᠷᠢ ᠶ᠋ᠢᠨ ᠵᠡᠭᠦᠦ᠂ ᠰᠢᠪᠦᠭᠡ᠂ ᠵᠡᠭᠦᠦ ᠶ᠋ᠢᠨ ᠰᠢᠪᠦᠭᠡ᠂ ᠬᠤᠷᠤᠭᠤᠪᠴᠢ ᠪᠠ ᠬᠣᠵᠢᠮ ᠬᠣᠢᠨ᠎ᠠ ᠡᠰᠢ ᠲᠡᠢ ᠪᠣᠯᠵᠠᠢ᠃ ᠰᠢᠪᠦᠭᠡ ᠪᠡᠷ ᠤᠷᠠᠨ ᠦᠢᠯᠡ ᠶ᠋ᠢᠨ ᠭᠣᠣᠯᠳᠠᠭᠤ ᠰᠢᠷᠢ ᠶ᠋ᠢᠨ ᠡᠳ᠋ᠯᠡᠯ ᠳ᠋ᠦ᠍ ᠪᠤᠶᠤ ᠮᠣᠩᠭᠣᠯ ᠭᠤᠲᠤᠯ ᠤ᠋ᠨ ᠰᠢᠷᠢ ᠬᠠᠲᠠᠬᠤ᠂ ᠤᠯᠠᠯᠠᠭᠠᠨ ᠳ᠋ᠤ᠌ ᠬᠡᠷᠡᠭᠯᠡᠵᠦ ᠪᠠᠢᠨ᠎ᠠ᠃
ᠵᠢᠷᠤᠭ3

    ᠰᠢᠪᠡᠭᠦᠷ ᠰᠢᠪᠡᠭᠦᠷ ᠪᠤᠰᠤᠳ ᠴᠣᠭᠣᠯᠬᠤ ᠬᠡᠷᠡᠭᠰᠡᠯ ᠡᠴᠡ ᠨᠡᠯᠢᠶᠡᠳ ᠬᠣᠵᠢᠭᠤ ᠡᠭᠦᠰᠦᠭᠰᠡᠨ ᠪᠠ ᠰᠢᠷᠢ ᠶ᠋ᠢᠨ ᠡᠳ᠋ᠯᠡᠯ ᠳ᠋ᠦ᠍ ᠬᠡ ᠲᠠᠯᠪᠢᠬᠤ ᠦᠶ᠎ᠡ ᠲᠡᠢ ᠬᠣᠯᠪᠣᠭᠳᠠᠨ ᠭᠠᠷᠴᠤ ᠢᠷᠡᠵᠡᠢ᠃ ᠰᠢᠪᠡᠭᠦᠷ ᠪᠠᠭᠠᠵᠢ ᠶ᠋ᠢ ᠬᠢᠬᠦ ᠳ᠋ᠡᠭᠡᠨ ᠰᠢᠪᠡᠬᠦ2-3 ᠬᠣᠣᠰ ᠦᠵᠦᠭᠦᠷ ᠭᠠᠷᠭᠠᠨ ᠡᠰᠢ ᠶ᠋ᠢ ᠤᠷᠲᠤ ᠨᠠᠷᠢᠨ ᠪᠣᠯᠭᠠᠵᠤ ᠳᠠᠪᠲᠠᠭᠠᠳ ᠮᠣᠳᠣ ᠪᠤᠶᠤ ᠡᠪᠡᠷ ᠲᠦ ᠰᠠᠭᠤᠯᠭᠠᠨ᠎ᠠ᠃ ᠡᠭᠦᠨ ᠢ᠋ᠶ᠋ᠡᠷ ᠡᠮᠡᠭᠡᠯ ᠦ᠋ᠨ ᠲᠣᠨᠣᠭ᠂ ᠭᠤᠲᠤᠯ ᠤ᠋ᠨ ᠤᠭᠠᠯᠵᠠ ᠣᠶᠣᠬᠤ᠂ ᠪᠤᠯᠢᠭᠠᠷᠢ ᠰᠠᠪᠢᠬᠢᠨ ᠳ᠋ᠤ᠌ ᠰᠠᠷᠢᠰᠤ ᠪᠠᠷ ᠬᠡ ᠲᠠᠯᠪᠢᠬᠤ ᠳ᠋ᠤ᠌ ᠬᠡᠷᠡᠭᠯᠡᠨ᠎ᠡ᠃ ᠰᠢᠪᠡᠭᠦᠷ ᠰᠢᠪᠦᠭᠡ᠂ ᠵᠡᠭᠦᠦ ᠶ᠋ᠢᠨ ᠰᠢᠪᠦᠭᠡ ᠲᠡᠢ ᠠᠳᠠᠯᠢᠬᠠᠨ ᠬᠠᠲᠠᠭᠤ ᠶᠠᠭᠤᠮ᠎ᠠ ᠶ᠋ᠢ ᠳᠠᠭᠠᠭᠠᠬᠤ ᠦᠭᠡᠢ ᠪᠣᠯᠪᠠᠴᠤ ᠨᠢᠭᠡ ᠤᠳᠠᠭ᠎ᠠ ᠬᠠᠳᠬᠤᠬᠤ ᠳ᠋ᠠᠭᠠᠨ2-3 ᠨᠦᠬᠡ ᠭᠠᠷᠬᠤ ᠪᠥᠭᠡᠳ ᠣᠶᠣᠬᠤ ᠣᠶᠣᠳᠠᠯ ᠤ᠋ᠨ ᠬᠡᠮᠵᠢᠶ᠎ᠡ ᠵᠢᠭᠳᠡ ᠪᠣᠯᠳᠠᠭ ᠤᠴᠢᠷ ᠨᠢᠮᠭᠡᠨ ᠰᠢᠷᠢ ᠶ᠋ᠢᠨ ᠬᠠᠳᠬᠤᠮᠠᠯ ᠳ᠋ᠤ᠌ ᠲᠣᠬᠢᠷᠠᠮᠵᠢᠲᠠᠢ᠃
    ᠴᠣᠭᠣᠯᠬᠤ ᠪᠠᠭᠠᠵᠢ ᠶ᠋ᠢᠨ ᠨᠢᠭᠡ ᠲᠥᠷᠥᠯ ᠳ᠋ᠦ᠍ ᠨᠡᠬᠡᠮᠡᠯ᠂ ᠰᠢᠪᠡᠭᠦᠷ ᠣᠶᠣᠳᠠᠯ ᠤ᠋ᠨ ᠵᠡᠭᠦᠦ ᠣᠷᠣᠬᠤ ᠪᠣᠯᠪᠠᠴᠤ ᠲᠤᠰ ᠲᠤᠰ ᠤ᠋ᠨ ᠬᠠᠳᠬᠤᠮᠠᠯ ᠳ᠋ᠤ᠌ ᠳᠤᠷᠠᠳᠬᠤ ᠪᠣᠯᠤᠨ᠎ᠠ᠃
    ᠬᠤᠷᠤᠭᠤᠪᠴᠢ ᠠᠯᠢᠪᠠ ᠣᠶᠣᠳᠠᠯ ᠳ᠋ᠤ᠌ ᠭᠠᠷ ᠬᠤᠷᠤᠭᠤᠨ ᠳ᠋ᠠᠭᠠᠨ ᠰᠢᠷᠬ᠎ᠠ᠂ ᠰᠢᠯᠪᠤᠷᠬᠠᠢ ᠭᠠᠷᠭᠠᠬᠤ ᠦᠭᠡᠢ ᠶ᠋ᠢᠨ ᠲᠤᠯᠠᠳᠠ ᠬᠤᠷᠤᠭᠤᠪᠴᠢ ᠶ᠋ᠢ ᠬᠢᠳᠡᠭ᠃ ᠬᠤᠷᠤᠭᠤᠪᠴᠢ ᠶ᠋ᠢ ᠤᠯᠤᠰ ᠭᠦᠷᠦᠨ ᠳ᠋ᠦ᠍ ᠶᠠᠩᠵᠤ ᠶᠠᠩᠵᠤ ᠶ᠋ᠢᠨ ᠰᠢᠷᠢ ᠪᠤᠯᠢᠭᠠᠷᠢ᠂ ᠲᠡᠮᠦᠷ᠂ ᠬᠤᠪᠠᠨᠴᠢᠷ ᠢ᠋ᠶ᠋ᠠᠷ ᠬᠢᠳᠡᠭ᠃ ᠮᠠᠨ ᠤ᠋ ᠬᠢᠨ ᠳ᠋ᠦ᠍ ᠭᠣᠣᠯᠳᠠᠭᠤ ᠪᠤᠯᠢᠭᠠᠷᠢ ᠪᠠᠷ ᠬᠢᠬᠦ ᠡᠴᠡ ᠭᠠᠳᠠᠨ᠎ᠠ ᠦᠨᠳᠦᠰᠦᠲᠡᠨ ᠦ᠌ ᠳᠥᠷᠦᠭᠡᠪᠴᠢᠨ ᠲᠡᠮᠦᠷ ᠬᠤᠷᠤᠭᠤᠪᠴᠢ ᠬᠡᠷᠡᠭᠯᠡᠳᠡᠭ ᠪᠠᠢᠵᠠᠢ᠃ ᠡᠨᠡ ᠬᠤᠷᠤᠭᠤᠪᠴᠢ ᠢᠯᠠᠩᠭᠤᠶ᠎ᠠ ᠬᠠᠲᠠᠭᠤ ᠶᠠᠭᠤᠮ᠎ᠠ ᠣᠶᠣᠬᠤ ᠳ᠋ᠤ᠌ ᠬᠠᠮᠤᠭ ᠤ᠋ᠨ ᠲᠣᠬᠢᠷᠠᠮᠵᠢᠲᠠᠢ ᠪᠠᠢᠳᠠᠭ᠃ ᠳᠥᠷᠦᠭᠡᠪᠴᠢᠨ ᠬᠤᠷᠤᠭᠤᠪᠴᠢ ᠶ᠋ᠢ ᠮᠣᠩᠭᠣᠯ ᠤ᠋ᠨ ᠡᠮᠡᠭᠲᠡᠢᠴᠦᠳ ᠭᠣᠶᠣᠯ ᠤ᠋ᠨ ᠪᠣᠯᠤᠨ ᠬᠡᠷᠡᠭᠴᠡᠭᠡᠨ ᠦ᠌ ᠬᠣᠶᠠᠷ ᠬᠡᠯᠪᠡᠷᠢ ᠪᠡᠷ ᠬᠡᠷᠡᠭᠯᠡᠵᠦ ᠪᠠᠢᠭᠰᠠᠨ ᠶᠤᠮ᠃ ᠭᠣᠶᠣᠯ ᠤ᠋ᠨ ᠳᠥᠷᠦᠭᠡᠪᠴᠢᠨ ᠬᠤᠷᠤᠭᠤᠪᠴᠢ ᠶ᠋ᠢ ᠮᠥᠩᠭᠥ ᠪᠡᠷ ᠬᠢᠬᠦ ᠪᠤᠶᠤ ᠡᠰᠡᠪᠡᠯ ᠵᠡᠰ ᠭᠠᠤᠯᠢ ᠪᠠᠷ ᠬᠢᠵᠦ ᠠᠪᠠᠬᠠᠢ ᠳᠡᠪᠡᠯ ᠦ᠋ᠨ ᠪᠠᠯ᠂ ᠪᠥᠰᠡᠨ ᠳ᠋ᠦ᠍ ᠵᠡᠭᠦᠬᠦ ᠡᠴᠡ ᠭᠠᠳᠠᠨ᠎ᠠ ᠵᠡᠭᠦᠪᠴᠢᠨ ᠳ᠋ᠦ᠍ ᠴᠢᠮᠡᠭ ᠪᠣᠯᠭᠠᠨ ᠬᠡᠷᠡᠭᠯᠡᠳᠡᠭ ᠪᠠᠢᠯ᠎ᠠ᠃ ᠳᠥᠷᠦᠭᠡᠪᠴᠢᠨ ᠬᠤᠷᠤᠭᠤᠪᠴᠢ ᠬᠡᠯᠪᠡᠷᠢ ᠶ᠋ᠢᠨ ᠬᠤᠪᠢ ᠳ᠋ᠤ᠌ ᠳᠥᠷᠥᠭᠡ ᠬᠡᠯᠪᠡᠷᠢᠲᠡᠢ᠂ ᠠᠷᠤ ᠳ᠋ᠠᠭᠠᠨ ᠰᠠᠨᠵᠢ ᠲᠠᠢ᠂ ᠤᠷᠲᠤ ᠲᠠᠯ᠎ᠠ ᠳ᠋ᠠᠭᠠᠨ ᠪᠤᠯᠢᠭᠠᠷᠢ ᠰᠠᠭᠤᠯᠭᠠᠬᠤ ᠨᠤᠤᠬ᠎ᠠ ᠲᠠᠢ᠂ ᠲᠡᠷᠡ ᠨᠤᠤᠬᠠᠨ ᠳ᠋ᠤᠨᠢ ᠪᠤᠯᠢᠭᠠᠷᠢ ᠨᠠᠭᠠᠵᠤ ᠪᠡᠬᠢᠯᠡᠨ ᠣᠶᠣᠳᠠᠯ ᠳ᠋ᠤ᠌ ᠬᠡᠷᠡᠭᠯᠡᠬᠦ ᠳ᠋ᠦ᠍ ᠵᠢᠷ ᠦ᠋ᠨ ᠲᠡᠮᠦᠷ ᠬᠤᠷᠤᠭᠤᠪᠴᠢ ᠲᠠᠢ ᠠᠳᠠᠯᠢ ᠵᠡᠭᠦᠦ ᠶ᠋ᠢᠨ ᠰᠦᠪᠡᠭᠴᠢᠨ ᠳ᠋ᠡᠬᠢ ᠤᠲᠠᠰᠤ ᠡᠯᠡᠵᠦ ᠲᠠᠰᠤᠷᠠᠳᠠᠭ ᠦᠭᠡᠢ ᠬᠠᠮᠤᠭ ᠤ᠋ᠨ ᠲᠣᠬᠢᠷᠠᠮᠵᠢᠲᠠᠢ ᠬᠤᠷᠤᠭᠤᠪᠴᠢ ᠶᠤᠮ᠃
    ᠪᠤᠯᠢᠭᠠᠷᠢ ᠬᠤᠷᠤᠭᠤᠪᠴᠢ ᠭᠠᠷ ᠲᠤ ᠡᠪᠲᠡᠢ᠂ ᠤᠲᠠᠰᠤ ᠲᠠᠰᠤᠯᠳᠠᠭ ᠦᠭᠡᠢ ᠪᠡᠷ ᠢ᠋ᠶ᠋ᠡᠨ ᠣᠨᠴᠠᠯᠢᠭ ᠪᠣᠯᠪᠠᠴᠤ ᠴᠣᠭᠣᠷᠠᠬᠤ ᠨᠢ ᠠᠮᠠᠷᠬᠠᠨ ᠪᠠᠢᠳᠠᠭ᠃ ᠡᠮᠡᠭᠲᠡᠢᠴᠦᠳ ᠪᠤᠯᠢᠭᠠᠷᠢ ᠰᠠᠪᠢᠬᠢᠨ ᠬᠤᠷᠤᠭᠤᠪᠴᠢ ᠶ᠋ᠢ ᠴᠣᠭᠣᠷᠠᠬᠤ ᠳ᠋ᠤ᠌ ᠳᠣᠲᠣᠷ ᠲᠠᠯ᠎ᠠ ᠳ᠋ᠤᠨᠢ ᠵᠢᠵᠢᠭ ᠪᠤᠯᠢᠭᠠᠷᠢ ᠶ᠋ᠢᠨ ᠥᠭᠡᠳᠡᠰᠦ ᠰᠢᠷᠭᠤᠭᠤᠯᠳᠠᠭ ᠪᠥᠭᠡᠳ ᠡᠭᠦᠨ ᠢ᠋ ᠬᠤᠷᠤᠭᠤᠪᠴᠢ ᠶ᠋ᠢᠨ ᠴᠠᠮᠴᠠ ᠭᠡᠵᠦ ᠨᠡᠷᠡᠯᠡᠳᠡᠭ᠃
    ᠲᠡᠮᠦᠷ ᠬᠤᠷᠤᠭᠤᠪᠴᠢ ᠠᠮᠠᠷᠬᠠᠨ ᠴᠣᠭᠣᠷᠠᠳᠠᠭ ᠦᠭᠡᠢ ᠪᠣᠯᠪᠠᠴᠤ ᠵᠡᠭᠦᠦ ᠬᠠᠪᠢᠷᠬᠤ᠂ ᠬᠠᠯᠲᠤᠷᠢᠬᠤ᠂ ᠵᠡᠭᠦᠦ ᠶ᠋ᠢᠨ ᠰᠦᠪᠡᠭᠴᠢᠨ ᠦ᠌ ᠤᠲᠠᠰᠤ ᠶ᠋ᠢ ᠡᠯᠡᠭᠡᠵᠦ ᠲᠠᠰᠤᠯᠬᠤ ᠨᠢ ᠶᠡᠬᠡ ᠤᠴᠢᠷ ᠠ᠋ᠴᠠ ᠢᠯᠠᠩᠭᠤᠶ᠎ᠠ ᠨᠠᠷᠢᠨ ᠲᠣᠷᠭᠠᠨ ᠤᠲᠠᠰᠤ ᠪᠠᠷ ᠬᠠᠳᠬᠤᠮᠠᠯ ᠬᠠᠳᠬᠤᠬᠤ ᠳ᠋ᠤ᠌ ᠪᠤᠯᠢᠭᠠᠷᠢ ᠬᠤᠷᠤᠭᠤᠪᠴᠢ ᠬᠢᠬᠦ ᠨᠢ ᠲᠣᠬᠢᠷᠠᠮᠵᠢᠲᠠᠢ ᠪᠠᠢᠳᠠᠭ᠃ ᠲᠡᠮᠦᠷ ᠬᠤᠷᠤᠭᠤᠪᠴᠢ ᠬᠡᠮᠵᠢᠶ᠎ᠡ ᠲᠡᠢ ᠪᠠᠢᠳᠠᠭ ᠤᠴᠢᠷ ᠭᠠᠷ ᠲᠤ ᠲᠣᠬᠢᠷᠠᠭᠤᠯᠬᠤ ᠶ᠋ᠢᠨ ᠲᠤᠯᠠᠳᠠ ᠪᠠᠷᠠᠭᠤᠨ ᠭᠠᠷ ᠤ᠋ᠨ ᠳᠣᠯᠣᠪᠣᠷ ᠬᠤᠷᠤᠭᠤᠨ ᠤ᠋ ᠬᠡᠮᠵᠢᠶ᠎ᠡ ᠶ᠋ᠢ ᠦᠢᠯᠡᠴᠢᠨ ᠬᠥᠮᠦᠨ ᠵᠠᠪᠠᠯ ᠮᠡᠳᠡᠭᠰᠡᠨ ᠪᠠᠢᠬᠤ ᠶ᠋ᠢᠨ ᠳᠡᠭᠡᠷ᠎ᠡ ᠣᠷᠴᠢᠨ ᠦᠶ᠎ᠡ ᠳ᠋ᠦ᠍ ᠳᠤᠮᠳᠠ ᠬᠤᠷᠤᠭᠤ᠂ ᠡᠷᠡᠬᠡᠢ ᠬᠤᠷᠤᠭᠤ ᠪᠠᠷ ᠵᠡᠭᠦᠦ ᠶ᠋ᠢ ᠴᠢᠮᠬᠢᠨ ᠪᠠᠷᠢᠵᠤ᠂ ᠵᠡᠭᠦᠦ ᠶ᠋ᠢ ᠳᠡᠭᠡᠭᠰᠢ ᠬᠠᠳᠬᠤᠵᠤ ᠣᠶᠣᠳᠠᠭ ᠪᠣᠯᠤᠭᠰᠠᠨ ᠲᠠᠢ ᠬᠣᠯᠪᠣᠭᠳᠠᠭᠤᠯᠵᠤ ᠪᠠᠷᠠᠭᠤᠨ ᠭᠠᠷ ᠤ᠋ᠨ ᠳᠤᠮᠳᠠ ᠬᠤᠷᠤᠭᠤᠨ ᠤ᠋ ᠬᠡᠮᠵᠢᠶᠡᠨ ᠳ᠋ᠦ᠍ ᠲᠣᠬᠢᠷᠠᠭᠤᠯᠤᠨ ᠰᠣᠩᠭᠣᠬᠤ ᠶᠣᠰᠣᠲᠠᠢ ᠪᠣᠯᠵᠤ ᠪᠠᠢᠨ᠎ᠠ᠃ ᠰᠡᠭᠦᠯ ᠦ᠋ᠨ ᠦᠶ᠎ᠡ ᠳ᠋ᠦ᠍ ᠬᠤᠪᠠᠨᠴᠠᠷ ᠬᠤᠷᠤᠭᠤᠪᠴᠢ ᠡᠯᠪᠡᠭᠵᠢᠵᠦ ᠪᠠᠢᠭ᠎ᠠ ᠪᠣᠯᠪᠠᠴᠤ ᠢᠯᠠᠩᠭᠤᠶ᠎ᠠ ᠰᠢᠨ᠎ᠡ ᠪᠡᠷ ᠦᠢᠯᠡ ᠰᠤᠷᠴᠤ ᠪᠠᠢᠭ᠎ᠠ ᠥᠬᠢᠳ ᠬᠡᠷᠡᠭᠯᠡᠬᠦ ᠳ᠋ᠦ᠍ ᠭᠠᠷ ᠲᠤ ᠡᠪ ᠦᠭᠡᠢ᠂ ᠵᠡᠭᠦᠦ ᠶᠡᠬᠡ ᠬᠠᠯᠲᠤᠷᠢᠳᠠᠭ ᠤᠴᠢᠷ ᠬᠡᠷᠡᠭᠯᠡᠬᠦ ᠳ᠋ᠦ᠍ ᠵᠣᠬᠢᠷᠠᠮᠵᠢ ᠦᠭᠡᠢ ᠪᠥᠭᠡᠳ ᠦᠷᠭᠦᠯᠵᠢ ᠭᠠᠷ ᠢ᠋ᠶ᠋ᠠᠷ ᠶᠠᠭᠤᠮ᠎ᠠ ᠣᠶᠣᠳᠠᠭ ᠬᠥᠮᠦᠨ ᠬᠡᠷᠡᠭᠯᠡᠬᠦ ᠳ᠋ᠦ᠍ ᠲᠣᠬᠢᠷᠠᠮᠵᠢᠲᠠᠢ᠃
    ᠡᠷᠴᠢᠯᠡᠬᠦ ᠬᠡᠷᠡᠭᠰᠡᠯ ᠡᠨᠡ ᠬᠡᠷᠡᠭᠰᠡᠯ ᠳ᠋ᠦ᠍ ᠤᠲᠠᠰᠤ ᠡᠭᠡᠷᠡᠳᠡᠭ ᠡᠭᠡᠷᠡᠦᠯ᠂ ᠳᠡᠭᠡᠰᠦ ᠡᠷᠴᠢᠯᠡᠬᠦ ᠰᠠᠪᠠᠭ᠎ᠠ᠂ ᠡᠷᠭᠢᠭᠦᠯᠭᠡ ᠣᠷᠣᠬᠤ ᠪᠥᠭᠡᠳ ᠡᠭᠦᠨ ᠢ᠋ ᠮᠠᠯ ᠤ᠋ᠨ ᠨᠣᠣᠰᠣ ᠶ᠋ᠢ ᠨᠡᠬᠡᠮᠡᠯ᠂ ᠬᠠᠳᠬᠤᠮᠠᠯ ᠳ᠋ᠤ᠌ ᠬᠡᠷᠡᠭᠯᠡᠬᠦ ᠪᠣᠯᠤᠭᠰᠠᠨ ᠲᠠᠢ ᠬᠣᠯᠪᠣᠭᠳᠠᠨ ᠭᠠᠷᠴᠠᠢ᠃ ᠳᠡᠭᠡᠰᠦ ᠡᠷᠴᠢᠯᠡᠬᠦ ᠰᠠᠪᠠᠭ᠎ᠠ ᠡᠷᠭᠢᠭᠦᠯᠭᠡ ᠶ᠋ᠢᠨ ᠲᠠᠯ᠎ᠠ ᠪᠠᠷ ᠲᠠᠮᠤᠯᠠᠯ ᠡᠳ᠋ᠯᠡᠯ ᠳ᠋ᠦ᠍ ᠳᠤᠷᠠᠳᠬᠤ ᠪᠣᠯᠤᠨ᠎ᠠ᠃
    ᠡᠭᠡᠷᠡᠦᠯ ᠢ᠋ ᠡᠷᠲᠡ ᠦᠶ᠎ᠡ ᠡᠴᠡ ᠬᠡᠷᠡᠭᠯᠡᠭᠰᠡᠨ ᠪᠥᠭᠡᠳ ᠬᠡᠯᠪᠡᠷᠢ ᠪᠡᠷ ᠳᠤᠭᠤᠢ᠂ ᠪᠥᠭᠡᠷᠡᠩᠬᠡᠢ ᠬᠡᠯᠪᠡᠷᠢᠲᠡᠢ ᠪᠠᠢᠬᠤ ᠪᠠ ᠤᠲᠠᠰᠤ ᠶ᠋ᠢ ᠪᠦᠳᠦᠭᠦᠨ ᠨᠠᠷᠢᠨ ᠡᠭᠡᠷᠡᠵᠦ ᠬᠡᠷᠡᠭᠯᠡᠬᠦ ᠲᠡᠢ ᠬᠣᠯᠪᠣᠭᠳᠠᠭᠤᠯᠵᠤ ᠲᠡᠭᠦᠨ ᠢ᠋ ᠳᠤᠭᠤᠢ ᠪᠠᠷ ᠨᠢ ᠭᠤᠷᠪᠠᠨ ᠬᠡᠰᠡᠭ ᠲᠦ ᠬᠤᠪᠢᠶᠠᠳᠠᠭ᠃ ᠡᠭᠡᠷᠡᠦᠯ ᠦ᠋ᠨ ᠳᠤᠭᠤᠢ ᠶ᠋ᠢ ᠶᠡᠬᠡᠪᠴᠢᠯᠡᠨ ᠮᠣᠳᠣ ᠪᠠᠷ ᠬᠢᠬᠦ ᠪᠣᠯᠪᠠᠴᠤ ᠰᠢᠪᠡᠷ ᠸᠠᠭᠠᠷ ᠢ᠋ᠶ᠋ᠠᠷ ᠬᠢᠵᠦ ᠪᠠᠢᠭᠰᠠᠨ ᠪᠠᠷᠢᠮᠲᠠ ᠪᠠᠢᠨ᠎ᠠ᠃13 ᠳ᠋ᠤᠭᠠᠷ ᠵᠠᠭᠤᠨ ᠤ᠋ ᠦᠶ᠎ᠡ ᠶ᠋ᠢᠨ ᠪᠤᠯᠠᠰᠢᠨ ᠠ᠋ᠴᠠ ᠣᠯᠳᠠᠭᠰᠠᠨ ᠰᠢᠪᠠᠷ ᠸᠠᠭᠠᠷ ᠢ᠋ᠶ᠋ᠠᠷ ᠬᠢᠭᠰᠡᠨ ᠡᠭᠡᠷᠡᠦᠯ ᠦ᠋ᠨ ᠳᠤᠭᠤᠢ ᠣᠳᠣ ᠤᠯᠤᠰ ᠤ᠋ᠨ ᠲᠥᠪ ᠮᠦᠽᠧᠢ ᠳ᠋ᠦ᠍ ᠬᠠᠳᠠᠭᠠᠯᠠᠭᠳᠠᠵᠤ ᠪᠠᠢᠭ᠎ᠠ ᠪᠥᠭᠡᠳ ᠡᠮᠡᠭᠲᠡᠢ ᠬᠥᠮᠦᠨ ᠦ᠌ ᠦᠶ᠎ᠡ ᠳᠠᠮᠵᠢᠨ ᠬᠡᠷᠡᠭᠯᠡᠵᠦ ᠢᠷᠡᠭᠰᠡᠨ ᠤᠷᠠᠨ ᠦᠢᠯᠡ ᠶ᠋ᠢᠨ ᠡᠷᠬᠢᠮ ᠪᠠᠭᠠᠵᠢ ᠪᠣᠯᠬᠤ ᠨᠢ ᠲᠣᠳᠣᠷᠬᠠᠢ ᠪᠠᠢᠨ᠎ᠠ(ᠡᠭᠡᠷᠡᠦᠯ ᠦ᠋ᠨ ᠲᠤᠬᠠᠢ ᠢᠰᠡᠭᠡᠢ ᠡᠳ᠋ᠯᠡᠯ ᠳᠡᠭᠡᠷ᠎ᠡ ᠦᠵᠡ)᠃
    ᠨᠠᠭᠠᠬᠤ ᠪᠡᠬᠢᠯᠡᠬᠦ ᠪᠤᠶᠤ ᠵᠠᠰᠠᠯ ᠤ᠋ᠨ ᠪᠠᠭᠠᠵᠢ ᠨᠤᠭᠤᠳ ᠣᠶᠣᠳᠠᠯ ᠤ᠋ᠨ ᠨᠠᠭᠠᠬᠤ ᠪᠤᠶᠤ ᠵᠠᠰᠠᠨ ᠲᠣᠷᠳᠠᠬᠤ ᠪᠠᠭᠠᠵᠢ ᠶ᠋ᠢᠨ ᠪᠦᠷᠢᠯᠳᠦᠬᠦᠨ ᠳ᠋ᠦ᠍ ᠢᠯᠡᠦᠷ᠂ ᠢᠩᠳᠡᠦ᠂ ᠤᠷᠠᠨ ᠦᠢᠯᠡ ᠶ᠋ᠢᠨ ᠶᠠᠩᠵᠤ ᠪᠦᠷᠢ ᠶ᠋ᠢᠨ ᠬᠡᠯᠪᠡᠷᠢ ᠪᠦᠬᠦᠢ ᠬᠠᠪᠲᠠᠭᠠᠢ ᠮᠣᠳᠣ᠂ ᠨᠠᠭᠠᠬᠤ ᠵᠣᠩᠬᠤᠤ᠂ ᠴᠠᠪᠠᠤ ᠣᠷᠣᠳᠠᠭ᠃ ᠮᠠᠨ ᠤ᠋ ᠣᠷᠣᠨ ᠳ᠋ᠤ᠌ ᠡᠷᠲᠡ ᠦᠶ᠎ᠡ ᠡᠴᠡ ᠤᠷᠠᠨ ᠦᠢᠯᠡ ᠳ᠋ᠦ᠍ ᠵᠢᠵᠢᠭ ᠲᠡᠮᠦᠷ ᠢᠯᠡᠦᠷ ᠢ᠋ ᠬᠡᠷᠡᠭᠯᠡᠵᠦ ᠢᠷᠡᠭᠰᠡᠨ ᠲᠡᠦᠬᠡ ᠲᠡᠢ᠃ ᠢᠯᠡᠦᠷ ᠪᠣᠯ ᠲᠤᠬᠠᠢ ᠶ᠋ᠢᠨ ᠦᠶ᠎ᠡ ᠳ᠋ᠡᠭᠡᠨ ᠣᠶᠣᠳᠠᠯᠴᠢᠨ ᠬᠥᠮᠦᠨ ᠦ᠌ ᠬᠡᠷᠡᠭᠴᠡᠭᠡ ᠶ᠋ᠢ ᠬᠠᠩᠭᠠᠵᠤ ᠪᠠᠢᠭᠰᠠᠨ ᠴᠢᠬᠤᠯᠠ ᠪᠠᠭᠠᠵᠢ ᠪᠢᠯᠡ᠃ ᠢᠯᠡᠦᠷ ᠭᠡᠳᠡᠭ ᠦᠵᠦᠭᠦᠷ ᠨᠢ ᠱᠥᠪᠥᠭᠡᠷ᠂ ᠥᠷᠭᠡᠨ ᠢ᠋ᠶ᠋ᠡᠷ ᠢ᠋ᠶ᠋ᠡᠨ2-3 ᠬᠤᠷᠤᠭᠤ᠂ ᠤᠷᠲᠤ ᠡᠰᠢ ᠲᠡᠢ ᠨᠠᠷᠢᠬᠠᠨ ᠲᠡᠮᠦᠷ ᠪᠥᠭᠡᠳ ᠳᠣᠲᠣᠷ᠎ᠠ ᠪᠠᠨ ᠬᠦᠨᠳᠦ᠂ ᠬᠥᠩᠭᠡᠨ᠂ ᠥᠷᠭᠡᠨ᠂ ᠨᠠᠷᠢᠨ ᠶᠠᠩᠵᠤ ᠪᠦᠷᠢ ᠪᠠᠢᠳᠠᠭ᠃ ᠲᠡᠭᠦᠨᠴᠢᠯᠡᠨ ᠢᠯᠡᠦᠷ ᠢ᠋ ᠵᠠᠷᠢᠮ ᠨᠤᠲᠤᠭ ᠬᠠᠭᠠᠷᠢᠵᠤ ᠨᠢᠭᠡ ᠵᠦᠭ ᠲᠦ᠍ ᠪᠣᠯᠭᠠᠬᠤ ᠪᠤᠶᠤ ᠢᠰᠡᠭᠡᠢ ᠮᠡᠲᠦ ᠵᠦᠢᠯ ᠢ᠋ ᠨᠠᠷᠢᠨ ᠥᠭᠦᠯᠡᠬᠦ ᠳ᠋ᠦ᠍ ᠬᠡᠷᠡᠭᠯᠡᠳᠡᠭ ᠪᠠᠢᠯ᠎ᠠ᠃ ᠢᠯᠡᠦᠷ ᠬᠠᠭᠠᠷᠢᠭᠤᠯ ᠤ᠋ᠨ ᠲᠡᠮᠦᠷ ᠢ᠋ ᠴᠣᠭ ᠤᠷᠤᠭᠤ ᠲᠥᠷᠥᠵᠦ ᠤᠯᠠᠢᠰᠬᠠᠨ ᠬᠡᠷᠡᠭᠯᠡᠳᠡᠭ᠃ ᠲᠤᠰ ᠣᠷᠣᠨ ᠳ᠋ᠤ᠌ ᠦᠢᠯᠡᠳᠪᠦᠷᠢ ᠭᠣᠶᠣᠯ ᠤ᠋ᠨ ᠣᠯᠠᠨ ᠲᠥᠪ ᠦ᠋ᠳ ᠨᠡᠮᠡᠭᠳᠡᠵᠦ ᠦᠢᠯᠡᠳᠪᠦᠷᠢ ᠶ᠋ᠢᠨ ᠭᠠᠷ ᠠᠵᠢᠯᠯᠠᠭ᠎ᠠ ᠮᠧᠬᠠᠨᠢᠭᠴᠢᠳ ᠴᠠᠬᠢᠯᠭᠠᠨᠵᠢᠵᠤ ᠡᠬᠢᠯᠡᠬᠦ ᠳ᠋ᠦ᠍ ᠴᠠᠬᠢᠯᠭᠠᠨ ᠢ᠋ᠶ᠋ᠠᠷ ᠬᠠᠯᠠᠭᠠᠳᠠᠭ ᠲᠥᠷᠥᠯ ᠪᠦᠷᠢ ᠶ᠋ᠢᠨ ᠴᠠᠬᠢᠯᠭᠠᠨ ᠢᠩᠳᠡᠦ ᠳᠡᠯᠭᠡᠷᠡᠭᠰᠡᠨ ᠨᠢ ᠡᠮᠡᠭᠲᠡᠢᠴᠦᠳ ᠦ᠋ᠨ ᠤᠷᠠᠨ ᠦᠢᠯᠡ ᠶ᠋ᠢᠨ ᠰᠣᠶᠣᠯᠴᠢ ᠪᠣᠯᠪᠠᠰᠤᠨ ᠠᠵᠢᠯᠯᠠᠭᠠᠨ ᠳ᠋ᠤ᠌ ᠴᠢᠬᠤᠯᠠ ᠨᠥᠯᠥᠭᠡ ᠦᠵᠡᠭᠦᠯᠦᠯ᠎ᠡ᠃
ᠵᠢᠷᠤᠭ4

     ᠴᠠᠬᠢᠯᠭᠠᠨ ᠢᠩᠳᠡᠦ ᠴᠠᠬᠢᠯᠭᠠᠨ ᠢᠩᠳᠡᠦ ᠬᠢᠴᠡ᠂ ᠬᠡᠯᠪᠡᠷᠢ᠂ ᠭᠠᠳᠠᠭᠠᠳᠤ ᠪᠠᠢᠳᠠᠯ᠂ ᠬᠠᠯᠠᠭᠠᠬᠤ ᠲᠧᠮᠫᠧᠷᠡᠲ᠋ᠥ᠋ᠷ ᠦ᠋ᠨ ᠲᠣᠬᠢᠷᠠᠭᠤᠯᠭ᠎ᠠ᠂ ᠵᠢᠩ ᠡᠴᠡ ᠪᠡᠨ ᠬᠠᠮᠢᠶᠠᠷᠴᠤ ᠣᠯᠠᠨ ᠶᠠᠩᠵᠤ ᠪᠠᠢᠳᠠᠭ᠃ ᠬᠦᠨᠳᠦ ᠶ᠋ᠢᠨ ᠵᠢᠩ ᠢ᠋ᠶ᠋ᠡᠷ0.8—3.5kg ᠤ᠋ᠨ ᠵᠢᠩ ᠲᠡᠢ ᠪᠠᠢᠳᠠᠭ ᠪᠥᠭᠡᠳ ᠲᠧᠮᠫᠧᠷᠡᠲ᠋ᠥ᠋ᠷ ᠦ᠋ᠨ ᠲᠣᠬᠢᠷᠠᠭᠤᠯᠭ᠎ᠠ ᠪᠠᠷ ᠶᠡᠷᠦᠳᠡ ᠶ᠋ᠢᠨ ᠲᠧᠮᠫᠧᠷᠡᠲ᠋ᠥ᠋ᠷ ᠪᠠ ᠴᠢᠭᠢᠭ ᠲᠣᠬᠢᠷᠠᠭᠤᠯᠬᠤ ᠪᠠᠢᠭᠤᠯᠤᠮᠵᠢ ᠦᠭᠡᠢ᠂ ᠶᠡᠷᠦᠳᠡ ᠶ᠋ᠢᠨ ᠬᠢᠴᠡ ᠲᠡᠢ ᠲᠧᠮᠫᠧᠷᠡᠲ᠋ᠥ᠋ᠷ ᠦ᠋ᠨ ᠲᠣᠬᠢᠷᠠᠭᠤᠯᠭ᠎ᠠ ᠲᠠᠢ᠂ ᠲᠤᠰᠬᠠᠢ ᠬᠢᠴᠡ ᠲᠡᠢ ᠳᠤᠯᠠᠭᠠᠨ ᠤ᠋ ᠪᠠ ᠴᠢᠭᠢᠭ ᠦ᠋ᠨ ᠲᠣᠬᠢᠷᠠᠭᠤᠯᠭ᠎ᠠ ᠲᠠᠢ ᠭᠡᠵᠦ ᠠᠩᠭᠢᠯᠠᠭᠳᠠᠨ᠎ᠠ᠃ ᠤᠯᠠᠢᠰᠬᠠᠭᠴᠢ ᠤᠲᠠᠰᠤᠨ ᠤ᠋ ᠪᠠᠢᠭᠤᠯᠤᠯᠲᠠ ᠪᠠᠷ ᠨᠢ ᠤᠯᠠᠢᠰᠬᠠᠭᠴᠢ ᠤᠲᠠᠰᠤ ᠨᠢ ᠠᠪᠲᠠᠳᠠᠭ᠂ ᠦᠯᠦ ᠠᠪᠲᠠᠳᠠᠭ ᠭᠡᠵᠦ ᠠᠩᠭᠢᠯᠠᠨ᠎ᠠ᠃ ᠳᠤᠯᠠᠭᠠᠨ ᠤ᠋ ᠲᠣᠬᠢᠷᠠᠭᠤᠯᠭ᠎ᠠ ᠲᠠᠢ ᠴᠠᠬᠢᠯᠭᠠᠨ ᠢᠩᠳᠡᠦ ᠶ᠋ᠢᠨ ᠠᠰᠢᠭᠯᠠᠮᠵᠢ70%᠂ ᠲᠣᠬᠢᠷᠠᠭᠤᠯᠭ᠎ᠠ ᠦᠭᠡᠢ ᠨᠢ60%᠂ ᠪᠠᠭ᠎ᠠ ᠬᠡᠮᠵᠢᠶᠡᠨ ᠦ᠌ ᠲᠣᠬᠢᠷᠠᠭᠤᠯᠭ᠎ᠠ ᠲᠠᠢ ᠨᠢ50% ᠠ᠋ᠴᠠ ᠪᠠᠭ᠎ᠠ ᠦᠭᠡᠢ ᠪᠠᠢᠬᠤ ᠶᠣᠰᠣᠲᠠᠢ᠃ ᠢᠩᠳᠡᠦ ᠶ᠋ᠢᠨ ᠤᠯᠠ ᠶ᠋ᠢᠨ ᠲᠧᠭᠨᠢᠭ ᠱᠠᠭᠠᠷᠳᠠᠯᠭ᠎ᠠ ᠨᠢ ᠰᠦᠯᠵᠢᠶ᠎ᠡ ᠶ᠋ᠢᠨ ᠬᠡᠪ ᠦ᠋ᠨ ᠬᠦᠴᠦᠳᠡᠯ ᠳ᠋ᠦ᠍ ᠬᠣᠯᠪᠣᠭᠰᠠᠨ ᠠ᠋ᠴᠠ ᠬᠣᠢᠰᠢ15 ᠮᠢᠨᠦ᠋ᠲ ᠦ᠋ᠨ ᠳᠠᠷᠠᠭ᠎ᠠ200℃ ᠬᠦᠷᠲᠡᠯ᠎ᠡ ᠬᠠᠯᠠᠭᠰᠠᠨ ᠪᠠᠢᠬᠤ ᠶᠣᠰᠣᠲᠠᠢ ᠪᠥᠭᠡᠳ ᠳᠤᠯᠠᠭᠠᠨ ᠤ᠋ ᠲᠣᠬᠢᠷᠠᠭᠤᠯᠭ᠎ᠠ ᠲᠠᠢ ᠢᠩᠳᠡᠦ ᠡᠴᠡ ᠪᠤᠰᠤᠳ ᠨᠢ12 ᠮᠢᠨᠦ᠋ᠲ ᠦ᠋ᠨ ᠳᠠᠷᠠᠭ᠎ᠠ ᠬᠠᠮᠤᠭ ᠤ᠋ᠨ ᠶᠡᠬᠡ ᠬᠠᠯᠠᠭᠠᠯᠲᠠ ᠳ᠋ᠠᠭᠠᠨ ᠬᠦᠷᠦᠭᠰᠡᠨ ᠪᠠᠢᠬᠤ ᠶᠣᠰᠣᠲᠠᠢ᠃ ᠴᠢᠭᠢᠭᠯᠡᠯ ᠲᠡᠢ ᠢᠩᠳᠡᠦ ᠡᠬᠢᠯᠡᠭᠡᠳ ᠤᠰᠤᠨ ᠠᠭᠤᠷ ᠪᠣᠯᠭᠠᠭᠠᠳ ᠳᠠᠷᠠᠭ᠎ᠠ ᠨᠢ ᠤᠯᠠ ᠪᠠᠨ200℃ ᠬᠦᠷᠲᠡᠯ᠎ᠡ ᠬᠠᠯᠠᠭᠠᠬᠤ ᠳ᠋ᠠᠭᠠᠨ20 ᠮᠢᠨᠦ᠋ᠲ ᠡᠴᠡ ᠢᠯᠡᠭᠦᠦ ᠦᠭᠡᠢ ᠬᠤᠭᠤᠴᠠᠭ᠎ᠠ ᠵᠠᠷᠤᠬᠤ ᠶᠣᠰᠣᠲᠠᠢ᠃ ᠳᠤᠯᠠᠭᠠᠨ ᠤ᠋ ᠲᠣᠬᠢᠷᠠᠭᠤᠯᠭ᠎ᠠ ᠲᠠᠢ ᠢᠩᠳᠡᠦ ᠲᠧᠮᠫᠸᠷᠡᠲ᠋ᠥ᠋ᠷ ᠦ᠋ᠨ ᠭᠷᠠᠳᠦ᠋ᠰ ᠦ᠋ᠨ ᠬᠤᠪᠢᠶᠠᠷᠢ ᠪᠤᠶᠤ ᠨᠡᠬᠡᠮᠡᠯ ᠡᠳ᠋ᠯᠡᠯ ᠦ᠋ᠨ ᠬᠤᠪᠢᠶᠠᠷᠢ ᠲᠠᠢ ᠪᠠᠢᠳᠠᠭ ᠤᠴᠢᠷ ᠠᠯᠢᠪᠠ ᠮᠠᠲ᠋ᠧᠷᠢᠶᠠᠯ ᠢ᠋ ᠢᠩᠳᠡᠦᠳᠡᠬᠦ ᠳ᠋ᠡᠭᠡᠨ ᠡᠨᠡ ᠲᠣᠬᠢᠷᠠᠭᠤᠯᠭ᠎ᠠ ᠶ᠋ᠢ ᠪᠠᠷᠢᠮᠲᠠᠯᠠᠨ᠎ᠠ᠃ ᠢᠩᠳᠡᠦ ᠶ᠋ᠢᠨ ᠲᠧᠮᠫᠸᠷᠡᠲ᠋ᠥ᠋ᠷ ᠦ᠋ᠨ ᠳᠤᠯᠠᠭᠠᠨ ᠤ᠋ ᠲᠣᠬᠢᠷᠠᠭᠤᠯᠭ᠎ᠠ ᠶ᠋ᠢᠨ ᠪᠠᠷᠢᠭᠤᠯ ᠢ᠋ ᠳᠣᠣᠷᠠᠲᠤ ᠰᠢᠳᠡᠯᠲᠡ ᠶ᠋ᠢᠨ ᠳᠤᠮᠳᠠ ᠨᠢ ᠲᠠᠭᠠᠷᠠᠭᠤᠯᠤᠨ᠎ᠠ᠂75—135 ᠲᠧᠮᠫᠧᠷᠡᠲ᠋ᠥ᠋ᠷ ᠲᠡᠢ᠃ ᠳᠡᠭᠡᠳᠦ ᠰᠢᠳᠡᠯᠲᠡ ᠶ᠋ᠢᠨ ᠳᠤᠮᠳᠠ ᠲᠠᠭᠠᠷᠠᠭᠤᠯᠪᠠᠯ180—240℃ ᠲᠧᠮᠫᠧᠷᠡᠲ᠋ᠥ᠋ᠷ ᠲᠡᠢ ᠪᠣᠯᠤᠨ᠎ᠠ᠃
     ᠳᠤᠯᠠᠭᠠᠨ ᠤ᠋ ᠲᠣᠬᠢᠷᠠᠭᠤᠯᠭ᠎ᠠ ᠶ᠋ᠢ ᠰᠡᠯᠭᠦᠨ ᠵᠠᠯᠭᠠᠬᠤ ᠪᠠᠷᠢᠭᠤᠯ ᠢ᠋ ᠡᠷᠭᠢᠭᠦᠯᠦᠨ ᠲᠣᠬᠢᠷᠠᠭᠤᠯᠬᠤ ᠳ᠋ᠠᠭᠠᠨ ᠠᠭᠤᠵᠢᠮ ᠢ᠋ᠶ᠋ᠠᠷ ᠴᠢᠭᠯᠡᠯ ᠳ᠋ᠦ᠍ ᠡᠷᠭᠢᠭᠦᠯᠵᠦ ᠲᠣᠬᠢᠷᠠᠭᠤᠯᠤᠨ᠎ᠠ᠃
     ᠳᠤᠯᠠᠭᠠᠨ ᠤ᠋ ᠲᠣᠬᠢᠷᠠᠭᠤᠯᠭ᠎ᠠ ᠦᠭᠡᠢ ᠢᠩᠳᠡᠦ᠂ ᠡᠨᠡ ᠲᠥᠷᠥᠯ ᠦ᠋ᠨ ᠢᠩᠳᠡᠦ ᠳ᠋ᠦ᠍ уэ—2A ᠨᠢ ᠪᠦᠷᠬᠦᠭᠦᠯ᠂ ᠰᠢᠷᠡᠮᠦᠨ ᠠᠴᠢᠶ᠎ᠠ᠂ ᠤᠯᠠ᠂ ᠤᠯᠠᠢᠰᠬᠠᠭᠴᠢ ᠤᠲᠠᠰᠤ᠂ ᠪᠠᠷᠢᠭᠤᠯ᠂ ᠵᠠᠯᠭᠠᠭᠴᠢ ᠤᠲᠠᠰᠤ ᠵᠡᠷᠭᠡ ᠡᠴᠡ ᠪᠦᠷᠢᠯᠳᠦᠨ᠎ᠡ᠃ ᠡᠨᠡ ᠢᠩᠳᠡᠦ ᠶ᠋ᠢᠨ ᠣᠨᠴᠠᠯᠢᠭ ᠨᠢ ᠠᠦ᠋ᠲ᠋ᠣᠮᠠᠲ ᠲᠣᠬᠢᠷᠠᠭᠤᠯᠭ᠎ᠠ ᠶ᠋ᠢᠨ ᠲᠤᠰᠠᠯᠠᠮᠵᠢ ᠪᠠᠷ ᠲᠸᠮᠫᠸᠷᠡᠲ᠋ᠥ᠋ᠷ ᠢ᠋90—220℃ ᠬᠣᠭᠣᠷᠣᠨᠳᠣ ᠪᠠᠷᠢᠳᠠᠭ ᠳᠤᠯᠠᠭᠠᠨ ᠤ᠋ ᠲᠣᠬᠢᠷᠠᠭᠤᠯᠭ᠎ᠠ ᠲᠠᠢ уэ—8 ᠮᠠᠶᠢᠭ ᠤ᠋ᠨ ᠢᠩᠳᠡᠦ ᠶ᠋ᠢ ᠠᠪᠴᠤ ᠦᠵᠡᠪᠡᠯ ᠮᠧᠲ᠋ᠠᠯ ᠪᠦᠷᠬᠦᠭᠦᠯ᠂ ᠤᠯᠠ᠂ ᠫᠦᠷᠱ ᠬᠡᠯᠪᠡᠷᠢ ᠶ᠋ᠢᠨ ᠤᠯᠠᠢᠰᠬᠠᠭᠴᠢ ᠤᠲᠠᠰᠤ ᠰᠠᠭᠤᠯᠭᠠᠭᠴᠢ᠂ ᠳᠤᠯᠠᠭᠠᠨ ᠤ᠋ ᠲᠣᠬᠢᠷᠠᠭᠤᠯᠭ᠎ᠠ᠂ ᠪᠠᠷᠢᠭᠤᠯ᠂ ᠠᠴᠢᠶ᠎ᠠ ᠵᠡᠷᠭᠡ ᠡᠴᠡ ᠪᠦᠷᠢᠳᠬᠦ ᠪᠠT—5᠂y—606 ᠮᠡᠲᠦ ᠢᠩᠳᠡᠦ ᠳ᠋ᠦ᠍ ᠳᠣᠬᠢᠶᠠᠨ ᠤ᠋ ᠴᠢᠳᠧᠩ ᠪᠠᠢᠷᠢᠯᠠᠭᠤᠯᠤᠭᠰᠠᠨ ᠪᠠᠢᠳᠠᠭ᠃
     ᠳᠤᠯᠠᠭᠠᠨ ᠤ᠋ ᠲᠣᠬᠢᠷᠠᠭᠤᠯᠭ᠎ᠠ ᠲᠠᠢ ᠪᠠ ᠠᠭᠤᠷ ᠢ᠋ᠶ᠋ᠠᠷ ᠴᠢᠭᠢᠭᠯᠡᠭᠴᠢ ᠢᠩᠳᠡᠦ ᠡᠢᠮᠦ ᠲᠥᠷᠥᠯ ᠦ᠋ᠨ ᠢᠩᠳᠡᠦ ᠣᠯᠠᠨ ᠲᠠᠯᠠᠲᠤ ᠠᠵᠢᠯᠯᠠᠭ᠎ᠠ ᠲᠠᠢ᠂ ᠶᠡᠷᠦᠳᠡ ᠶ᠋ᠢᠨ ᠬᠢ ᠡᠴᠡ2—3 ᠳᠠᠬᠢᠨ ᠬᠡᠮᠨᠡᠯᠲᠡ ᠲᠡᠢ᠂ ᠴᠢᠳᠠᠯ ᠶᠡᠬᠡ ᠲᠧᠮᠫᠧᠷᠡᠲ᠋ᠥ᠋ᠷ ᠦ᠋ᠨ ᠲᠣᠬᠢᠷᠠᠭᠤᠯᠭ᠎ᠠ ᠲᠠᠢ᠂ ᠴᠠᠬᠢᠯᠭᠠᠨ ᠡᠨᠧᠷᠭᠢ ᠶᠡᠬᠡ ᠬᠡᠷᠡᠭᠯᠡᠬᠦ ᠦᠭᠡᠢ ᠲᠦᠷᠭᠡᠨ ᠬᠠᠯᠠᠳᠠᠭ᠃ ᠡᠨᠡ ᠢᠩᠳᠡᠦ ᠪᠡᠷ ᠬᠠᠲᠠᠭᠰᠠᠨ ᠴᠠᠭᠠᠨ ᠬᠡᠷᠡᠭᠯᠡᠯ ᠢ᠋ ᠢᠩᠳᠡᠦᠳᠡᠬᠦ ᠶ᠋ᠢᠨ ᠵᠡᠷᠭᠡᠴᠡᠭᠡ ᠨᠢᠭᠲᠠ ᠨᠡᠬᠡᠮᠡᠯ ᠡᠳ᠋ᠯᠡᠯ ᠢ᠋ ᠴᠢᠭᠢᠭᠯᠡᠵᠦ ᠪᠣᠯᠤᠨ᠎ᠠ᠃ ᠡᠨᠡ ᠢᠩᠳᠡᠦ ᠶ᠋ᠢᠨ ᠲᠥᠷᠥᠯ ᠳ᠋ᠦ᠍ уэ—10 ᠂ у—61 ᠮᠠᠶᠢᠭ ᠤ᠋ᠨ ᠢᠩᠳᠡᠦ ᠬᠠᠮᠤᠷᠬᠤ ᠪᠥᠭᠡᠳ ᠤᠰᠤ ᠶ᠋ᠢᠨ ᠰᠠᠪᠠ ᠨᠢ130——150 cm³᠃ У——61 ᠲᠥᠷᠥᠯ ᠦ᠋ᠨ ᠢᠩᠳᠡᠦ ᠨᠢ ᠤᠯᠠ᠂ ᠪᠦᠷᠬᠦᠭᠦᠯ᠂ ᠪᠠᠷᠢᠭᠤᠯ᠂ ᠳᠤᠯᠠᠭᠠᠨ ᠲᠣᠬᠢᠷᠠᠭᠤᠯᠤᠭᠴᠢ᠂ ᠤᠯᠠᠢᠰᠬᠠᠭᠴᠢ ᠤᠲᠠᠰᠤ ᠵᠡᠷᠭᠡ ᠡᠴᠡ ᠪᠦᠷᠢᠯᠳᠦᠨ᠎ᠡ᠃ ᠢᠩᠳᠡᠦ ᠶ᠋ᠢᠨ ᠪᠠᠷᠢᠭᠤᠯ ᠳ᠋ᠠᠬᠢ ᠤᠰᠤ ᠬᠢᠬᠦ ᠨᠦᠬᠡ ᠨᠢ ᠪᠤᠷᠭᠤᠢ ᠳ᠋ᠤ᠌ ᠪᠠᠢᠷᠢᠯᠠᠭᠤᠯᠤᠭᠳᠠᠭᠰᠠᠨ Г ᠬᠡᠯᠪᠡᠷᠢ ᠶ᠋ᠢᠨ ᠭᠣᠮ ᠬᠣᠭᠣᠯᠠᠢ ᠪᠠᠢᠬᠤ ᠪᠠ ᠡᠭᠦᠨ ᠢ᠋ᠶ᠋ᠡᠷ ᠤᠰᠤᠨ ᠤ᠋ ᠰᠠᠪᠠ ᠲᠠᠢ ᠬᠣᠯᠪᠣᠭᠳᠠᠨ᠎ᠠ᠃ ᠤᠰᠤᠨ ᠰᠠᠪᠠᠨ ᠳ᠋ᠤ᠌ ᠵᠡᠭᠦᠦ ᠬᠡᠯᠪᠡᠷᠢ ᠶ᠋ᠢᠨ ᠬᠠᠪᠬᠠᠭᠯᠠᠭ᠎ᠠ ᠪᠠᠢᠬᠤ ᠪᠠ ᠡᠨᠡ ᠨᠢ ᠬᠠᠭᠠᠵᠤ ᠨᠡᠭᠡᠭᠡᠬᠦ ᠳ᠋ᠦ᠍ ᠵᠣᠷᠢᠭᠤᠯᠤᠭᠰᠠᠨ ᠠᠭᠤᠷ—— ᠬᠠᠭᠤᠷᠠᠢ ᠭᠡᠰᠡᠨ ᠲᠦᠯᠬᠢᠭᠦᠷ ᠪᠣᠢ᠃ ᠲᠦᠯᠬᠢᠭᠦᠷ《ᠠᠭᠤᠷ》 ᠭᠡᠰᠡᠨ ᠪᠠᠢᠳᠠᠯ ᠳ᠋ᠤ᠌ ᠲᠠᠭᠠᠷᠠᠵᠤ ᠪᠠᠢᠪᠠᠯ ᠤᠰᠤᠨ ᠳᠤᠰᠤᠯ ᠠᠭᠤᠷ ᠪᠣᠯᠬᠤ ᠰᠠᠪᠠᠨ ᠳ᠋ᠤ᠌ ᠣᠷᠣᠵᠤ ᠠᠭᠤᠷᠰᠢᠭᠠᠳ ᠲᠡᠨᠳᠡ ᠡᠴᠡ ᠪᠡᠨ ᠢᠩᠳᠡᠦᠳᠡᠵᠦ ᠪᠠᠢᠭ᠎ᠠ ᠳᠠᠪᠤᠤ ᠤᠷᠤᠭᠤ ᠤᠯᠠ ᠶ᠋ᠢᠨ ᠨᠦᠬᠡ ᠪᠡᠷ ᠭᠠᠷᠤᠨ᠎ᠠ᠃
     ᠬᠡᠷᠪᠡ ᠬᠠᠭᠤᠷᠠᠢ ᠭᠡᠰᠡᠨ ᠪᠠᠢᠳᠠᠯ ᠳ᠋ᠤ᠌ ᠲᠣᠬᠢᠷᠠᠭᠤᠯᠪᠠᠯ ᠤᠰᠤ᠂ ᠠᠭᠤᠷ ᠪᠣᠯᠬᠤ ᠰᠠᠪᠠ ᠤᠷᠤᠭᠤ ᠣᠷᠣᠬᠤ ᠨᠢ ᠵᠣᠭᠰᠣᠨ᠎ᠠ᠃ ᠢᠩᠳᠡᠦ ᠶ᠋ᠢ ᠪᠠᠷᠢᠭᠤᠯ ᠤ᠋ᠨ ᠰᠠᠭᠤᠷᠢ ᠳᠡᠭᠡᠷ᠎ᠡ ᠲᠠᠯᠪᠢᠭᠰᠠᠨ ᠨᠥᠬᠥᠴᠡᠯ ᠳ᠋ᠦ᠍ ᠤᠰᠤ ᠠᠭᠤᠷ ᠪᠣᠯᠬᠤ ᠦᠭᠡᠢ᠃ ᠢᠩᠳᠡᠦ ᠡᠴᠡ ᠬᠡᠪ ᠦ᠋ᠨ ᠠᠵᠢᠯᠯᠠᠭ᠎ᠠ ᠲᠠᠢ ᠪᠣᠯᠭᠠᠬᠤ ᠶ᠋ᠢᠨ ᠲᠤᠯᠠᠳᠠ ᠢᠩᠳᠡᠦ ᠶ᠋ᠢᠨ ᠤᠷᠲᠤ ᠬᠠᠪᠬᠠᠭᠯᠠᠭ᠎ᠠ ᠳ᠋ᠤ᠌ ᠪᠠᠢᠷᠢᠯᠠᠭᠤᠯᠤᠭᠰᠠᠨ ᠬᠤᠪᠠᠨᠴᠢᠷ ᠬᠣᠭᠣᠯᠠᠢ ᠶ᠋ᠢ ᠤᠰᠤᠨ ᠤ᠋ ᠰᠠᠪᠠ ᠲᠠᠢ ᠭᠣᠮ ᠬᠣᠭᠣᠯᠠᠢ ᠪᠠᠷ ᠬᠣᠯᠪᠣᠭᠰᠠᠨ ᠪᠠᠢᠳᠠᠭ ᠤᠴᠢᠷ ᠬᠠᠪᠬᠠᠭᠯᠠᠭ᠎ᠠ ᠶ᠋ᠢ ᠠᠪᠬᠤ ᠦᠶ᠎ᠡ ᠳ᠋ᠦ᠍ ᠮᠤᠯᠲᠤᠷᠠᠪᠠᠯ ᠳᠠᠬᠢᠨ ᠤᠭᠰᠠᠷᠠᠬᠤ ᠳ᠋ᠤ᠌ ᠬᠡᠴᠡᠭᠦᠦ ᠤᠴᠢᠷ ᠵᠠᠢᠯᠠᠰᠢ ᠦᠭᠡᠢ ᠬᠡᠷᠡᠭᠴᠡᠭᠡ ᠲᠡᠢ ᠦᠶ᠎ᠡ ᠳ᠋ᠦ᠍ ᠬᠠᠪᠬᠠᠭᠯᠠᠭ᠎ᠠ ᠶ᠋ᠢ ᠬᠣᠪᠬᠣᠯᠬᠤ ᠱᠠᠭᠠᠷᠳᠠᠯᠭ᠎ᠠ ᠭᠠᠷᠪᠠᠯ ᠣᠭᠲᠣᠯᠬᠤ ᠠ᠋ᠴᠠ ᠥᠭᠡᠷ᠎ᠡ ᠠᠷᠭ᠎ᠠ ᠦᠭᠡᠢ ᠶᠦᠮ᠃ ᠤᠰᠤᠨ ᠰᠠᠪᠠᠨ ᠳ᠋ᠤ᠌ ᠥᠩᠭᠥᠷ ᠲᠣᠭᠲᠠᠭᠠᠬᠤ ᠦᠭᠡᠢ ᠶ᠋ᠢᠨ ᠲᠤᠯᠠᠳᠠ ᠪᠣᠷᠣᠭᠠᠨ ᠤ᠋ ᠪᠤᠶᠤ ᠨᠡᠷᠡᠮᠡᠯ ᠤᠰᠤ ᠴᠡᠪᠡᠷ ᠫᠠᠯᠠᠩ ᠲᠠᠢ ᠰᠠᠪᠠᠨ ᠳ᠋ᠤ᠌ ᠪᠤᠴᠠᠯᠭᠠᠭᠰᠠᠨ ᠴᠡᠪᠡᠷ ᠤᠰᠤ ᠬᠢᠨ᠎ᠡ᠃ ᠶᠠᠭᠤᠮ᠎ᠠ ᠢᠩᠳᠡᠦᠳᠡᠵᠦ ᠳᠠᠭᠤᠰᠤᠮᠠᠭᠴᠠ ᠦᠯᠡᠳᠡᠭᠡᠰᠡ ᠤᠰᠤ ᠶ᠋ᠢ ᠠᠰᠬᠠᠨ᠎ᠠ᠃
     ᠠᠶᠠᠨ ᠤ᠋ ᠢᠩᠳᠡᠦ ᠠᠶᠠᠨ ᠵᠠᠮ ᠳ᠋ᠤ᠌ ᠠᠪᠴᠤ ᠶᠠᠪᠤᠬᠤ ᠳ᠋ᠤ᠌ ᠲᠣᠬᠢᠷᠠᠭᠰᠠᠨ ТП——1᠂ УЭ——4 ᠮᠠᠶᠢᠭ ᠤ᠋ᠨ ᠢᠩᠳᠡᠦ ᠶ᠋ᠢ ᠬᠡᠷᠡᠭᠯᠡᠬᠦ ᠪᠥᠭᠡᠳ УЭ—4 ᠤᠯᠠ᠂ ᠤᠯᠠᠢᠰᠬᠠᠭᠴᠢ ᠤᠲᠠᠰᠤ᠂ ᠪᠦᠷᠬᠦᠭᠦᠯ ᠵᠠᠯᠭᠠᠭᠤᠷ ᠲᠠᠢ ᠱᠠᠵᠠᠩ ᠭᠡᠷ᠂ ᠪᠠᠷᠢᠭᠤᠯ᠂ ᠴᠠᠬᠢᠯᠭᠠᠨ ᠬᠣᠯᠪᠣᠭᠴᠢ ᠤᠲᠠᠰᠤ ᠵᠡᠷᠭᠡ ᠪᠡᠷ ᠪᠦᠷᠢᠯᠳᠦᠨ᠎ᠡ᠃ ᠡᠭᠦᠨ ᠢ᠋ ᠵᠠᠯᠭᠠᠬᠤ ᠳ᠋ᠠᠭᠠᠨ127—220 V ᠬᠦᠴᠦᠳᠡᠯ ᠳ᠋ᠦ᠍ ᠬᠣᠯᠪᠣᠵᠤ ᠠᠵᠢᠯᠯᠠᠭᠤᠯᠤᠨ᠎ᠠ᠃
     ᠴᠠᠬᠢᠯᠭᠠᠨ ᠢᠩᠳᠡᠦ ᠳ᠋ᠦ᠍ ᠵᠠᠰᠠᠪᠤᠷᠢ ᠬᠢᠬᠦ ᠢᠩᠳᠡᠦ ᠳ᠋ᠦ᠍ ᠲᠣᠬᠢᠶᠠᠯᠳᠤᠬᠤ ᠬᠠᠮᠤᠭ ᠤ᠋ᠨ ᠢᠨᠠᠳᠤ ᠵᠠᠬ᠎ᠠ ᠶ᠋ᠢᠨ ᠭᠡᠮᠲᠦᠯ ᠨᠢ ᠤᠯᠠᠢᠰᠬᠠᠭᠴᠢ ᠤᠲᠠᠰᠤ ᠪᠥᠭᠡᠳ ᠲᠡᠭᠦᠨ ᠢ᠋ ᠵᠠᠰᠠᠬᠤ ᠳ᠋ᠠᠭᠠᠨ ᠴᠠᠬᠢᠯᠭᠠᠨ ᠱᠤᠭᠤᠮ ᠢ᠋ ᠵᠠᠰᠠᠪᠤᠷᠢᠯᠠᠭᠰᠠᠨ ᠰᠢᠭ᠋ ᠵᠠᠰᠠᠬᠤ ᠪᠣᠯᠤᠨ᠎ᠠ᠃ ᠬᠡᠷᠪᠡ ᠤᠲᠠᠰᠤ ᠵᠠᠰᠠᠪᠤᠷᠢ ᠠᠪᠬᠤ ᠦᠭᠡᠢ ᠪᠣᠯ ᠰᠣᠯᠢᠨ᠎ᠠ᠃ ᠵᠠᠯᠭᠠᠭᠤᠷ ᠤ᠋ᠨ ᠤᠲᠠᠰᠤ ᠶ᠋ᠢ ᠴᠢᠳᠧᠩ ᠪᠤᠶᠤ ᠤᠮᠮᠸᠲ᠋ᠷ ᠢ᠋ᠶ᠋ᠠᠷ ᠰᠢᠯᠭᠠᠨ᠎ᠠ᠃ ᠶᠠᠩᠵᠤ ᠪᠦᠷᠢ ᠶ᠋ᠢᠨ ᠮᠠᠶᠢᠭ ᠤ᠋ᠨ ᠢᠩᠳᠡᠦ ᠳ᠋ᠦ᠍ ᠲᠣᠬᠢᠶᠠᠯᠳᠤᠵᠤ ᠪᠣᠯᠬᠤ ᠭᠡᠮᠲᠦᠯ ᠲᠡᠭᠦᠨ ᠢ᠋ ᠵᠠᠰᠠᠬᠤ ᠠᠷᠭ᠎ᠠ ᠨᠤᠭᠤᠳ ᠶᠠᠩᠵᠤ ᠪᠦᠷᠢ ᠪᠠᠢᠳᠠᠭ᠃
     УЭЭ—2— A7 ᠤᠯᠠᠢᠰᠬᠠᠭᠴᠢ ᠤᠲᠠᠰᠤ ᠶ᠋ᠢ ᠰᠣᠯᠢᠬᠤ ᠶ᠋ᠢᠨ ᠲᠤᠯᠠᠳᠠ ᠵᠠᠯᠭᠠᠭᠤᠷ ᠤ᠋ᠨ ᠪᠠᠢᠭᠤᠯᠤᠮᠵᠢ ᠶ᠋ᠢᠨ ᠬᠠᠪᠬᠠᠭ ᠢ᠋ ᠠᠪᠴᠤ ᠳᠠᠷᠠᠭ᠎ᠠ ᠨᠢ ᠡᠷᠭᠢ ᠶ᠋ᠢ ᠨᠢ ᠰᠤᠯᠠᠯᠠᠵᠤ ᠵᠠᠯᠭᠠᠭᠤᠷ ᠤ᠋ᠨ ᠤᠲᠠᠰᠤ ᠶ᠋ᠢ ᠲᠠᠢᠯᠤᠭᠠᠳ ᠢᠩᠳᠡᠦ ᠶ᠋ᠢᠨ ᠪᠠᠷᠢᠭᠤᠯ ᠢ᠋ ᠡᠷᠭᠢᠭᠦᠯᠵᠦ ᠠᠪᠤᠨ᠎ᠠ᠃ ᠵᠠᠯᠭᠠᠭᠴᠢ ᠪᠠᠢᠭᠤᠯᠤᠮᠵᠢ ᠶ᠋ᠢᠨ ᠭᠡᠷ ᠢ᠋ ᠰᠢᠯᠭᠠᠭᠰᠠᠨ ᠤ᠋ ᠳᠠᠷᠠᠭ᠎ᠠ ᠨᠢ ᠪᠥᠭᠡᠵᠢ ᠪᠡᠬᠢᠯᠡᠭᠰᠡᠨ ᠡᠷᠭᠢ ᠶ᠋ᠢ ᠲᠠᠢᠯᠵᠤ ᠵᠢᠭᠢᠷᠢᠭ᠂ ᠢᠩᠳᠡᠦ ᠶ᠋ᠢᠨ ᠪᠦᠷᠬᠦᠭᠦᠯ᠂ ᠠᠴᠢᠶ᠎ᠠ᠂ ᠬᠥᠪᠥᠩ ᠴᠠᠭᠠᠰᠤ᠂ ᠵᠢᠭᠢᠷᠢᠪᠴᠢ ᠶ᠋ᠢ ᠠᠪᠴᠤ ᠳᠠᠷᠠᠭ᠎ᠠ ᠨᠢ ᠰᠢᠲᠠᠭᠰᠠᠨ ᠤᠯᠠᠢᠰᠬᠠᠭᠴᠢ ᠤᠲᠠᠰᠤ ᠪᠠᠨ ᠰᠣᠯᠢᠨ᠎ᠠ᠃ ᠰᠢᠨ᠎ᠡ ᠤᠲᠠᠰᠤ ᠪᠠᠨ ᠢᠩᠳᠡᠦ ᠶ᠋ᠢᠨ ᠬᠣᠪᠢᠯ ᠳ᠋ᠤ᠌ ᠰᠠᠭᠤᠯᠭᠠᠬᠤ ᠳ᠋ᠠᠭᠠᠨ ᠨᠢᠴᠦᠭᠦᠨ ᠤᠲᠠᠰᠤ ᠢᠩᠳᠡᠦ ᠶ᠋ᠢᠨ ᠤᠯᠠ ᠳ᠋ᠤ᠌ ᠬᠦᠷᠬᠦ ᠡᠴᠡ ᠪᠣᠯᠭᠣᠮᠵᠢᠯᠠᠬᠤ ᠬᠡᠷᠡᠭᠲᠡᠢ᠃
     УЭ—4 ᠢᠩᠳᠡᠦ ᠶ᠋ᠢ ᠵᠠᠰᠠᠬᠤ ᠳ᠋ᠠᠭᠠᠨ ᠤᠯᠠᠢᠰᠬᠠᠭᠴᠢ ᠤᠲᠠᠰᠤ ᠶ᠋ᠢ ᠰᠣᠯᠢᠬᠤ ᠶ᠋ᠢᠨ ᠲᠤᠯᠠᠳᠠ ᠢᠩᠳᠡᠦ ᠶ᠋ᠢᠨ ᠪᠦᠷᠬᠦᠭᠦᠯ ᠪᠡᠬᠢᠯᠡᠭᠰᠡᠨ ᠡᠷᠭᠢ ᠶ᠋ᠢ ᠲᠠᠢᠯᠵᠤ ᠪᠦᠷᠬᠦᠭᠦᠯ ᠢ᠋ ᠠᠪᠤᠭᠠᠳ ᠳᠠᠬᠢᠨ ᠬᠣᠶᠠᠷ ᠡᠷᠭᠢ ᠶ᠋ᠢ ᠲᠠᠢᠯᠬᠤ ᠳ᠋ᠤ᠌ ᠰᠢᠪᠡᠷ ᠰᠠᠭᠤᠷᠢ ᠶ᠋ᠢ ᠪᠡᠬᠢᠯᠡᠭᠰᠡᠨ ᠱᠠᠵᠠᠩ ᠭᠡᠷ ᠭᠠᠩ ᠪᠥᠭᠡᠵᠢ ᠡᠴᠡ ᠰᠠᠯᠵᠤ ᠱᠠᠵᠠᠩ ᠭᠡᠷ᠂ ᠰᠢᠪᠡᠷ ᠰᠠᠭᠤᠷᠢ ᠶ᠋ᠢ ᠰᠠᠯᠭᠠᠬᠤ ᠶ᠋ᠢᠨ ᠲᠤᠯᠠᠳᠠ ᠳᠠᠬᠢᠨ ᠨᠢᠭᠡ ᠡᠷᠭᠢ ᠶ᠋ᠢ ᠠᠪᠤᠨ᠎ᠠ᠃ ᠢᠩᠭᠢᠭᠡᠳ ᠰᠢᠨ᠎ᠡ ᠤᠲᠠᠰᠤ ᠪᠠᠨ ᠲᠠᠯᠪᠢᠭᠠᠳ ᠳᠠᠬᠢᠨ ᠤᠭᠰᠠᠷᠠᠨ᠎ᠠ᠃у—51᠂ уэ—1᠂ ут—59᠂ уэ—уэт ᠲᠥᠷᠥᠯ ᠦ᠋ᠨ ᠢᠩᠳᠡᠦ ᠶ᠋ᠢ ᠡᠢᠮᠦ ᠮᠠᠶᠢᠭ ᠢ᠋ᠶ᠋ᠠᠷ ᠵᠠᠰᠠᠪᠤᠷᠢᠯᠠᠨ᠎ᠠ᠃
     уэ—8 ᠢᠩᠳᠡᠦ ᠶ᠋ᠢᠨ ᠤᠯᠠᠢᠰᠬᠠᠭᠴᠢ ᠤᠲᠠᠰᠤ ᠶ᠋ᠢ ᠰᠣᠯᠢᠬᠤ ᠳ᠋ᠠᠭᠠᠨ ᠪᠦᠷᠬᠦᠭᠦᠯ ᠢ᠋ ᠠᠴᠢᠶ᠎ᠠ ᠲᠠᠢ ᠪᠡᠬᠢᠯᠡᠭᠰᠡᠨ ᠪᠣᠭᠣᠯᠲᠠ ᠶ᠋ᠢ ᠲᠠᠢᠯᠵᠤ᠂ ᠳᠤᠯᠠᠭᠠᠨ ᠲᠣᠬᠢᠷᠠᠭᠤᠯᠤᠭᠴᠢ ᠶ᠋ᠢᠨ ᠪᠠᠷᠢᠭᠤᠯ ᠪᠣᠯᠤᠨ ᠢᠯᠲᠠᠰᠤ ᠶ᠋ᠢ ᠠᠪᠤᠨ᠎ᠠ᠃ ᠳᠠᠷᠠᠭ᠎ᠠ ᠨᠢ ᠪᠦᠷᠬᠦᠭᠦᠯ ᠢ᠋ ᠤᠯᠠ ᠠ᠋ᠴᠠ ᠨᠢ ᠰᠠᠯᠭᠠᠨ᠎ᠠ᠃ ᠳᠠᠬᠢᠨ ᠨᠢᠭᠡ ᠪᠣᠭᠣᠯᠲᠠ ᠶ᠋ᠢ ᠲᠠᠢᠯᠵᠤ᠂ ᠬᠤᠪᠠᠨᠴᠠᠷ ᠭᠡᠷ ᠡᠴᠡ ᠵᠠᠯᠭᠠᠭᠤᠷ ᠤ᠋ᠨ ᠤᠲᠠᠰᠤ ᠶ᠋ᠢ ᠰᠠᠯᠭᠠᠵᠤ ᠠᠪᠤᠨ᠎ᠠ᠃ ᠪᠦᠷᠬᠦᠭᠦᠯ ᠢ᠋ ᠠᠪᠴᠤ ᠠᠴᠢᠶ᠎ᠠ ᠪᠡᠬᠢᠯᠡᠭᠰᠡᠨ ᠪᠣᠭᠣᠯᠲᠠ ᠶ᠋ᠢ ᠲᠠᠢᠯᠵᠤ ᠠᠴᠢᠶ᠎ᠠ ᠶ᠋ᠢ ᠠᠪᠴᠤ ᠰᠢᠲᠠᠭᠰᠠᠨ ᠤᠲᠠᠰᠤ ᠪᠠᠨ ᠲᠠᠢᠯᠬᠤ ᠪᠤᠶᠤ ᠰᠢᠨ᠎ᠡ ᠪᠡᠷ ᠰᠣᠯᠢᠵᠤ ᠲᠠᠯᠪᠢᠨ᠎ᠠ᠃ ᠢᠩᠳᠡᠦ ᠶ᠋ᠢᠨ ᠳᠣᠬᠢᠶᠠᠨ ᠴᠢᠳᠧᠩ ᠢ᠋ ᠰᠣᠯᠢᠬᠤ ᠶ᠋ᠢᠨ ᠲᠤᠯᠠᠳᠠ ᠪᠦᠷᠬᠦᠭᠦᠯ ᠦ᠋ᠨ ᠠᠷᠤ ᠶ᠋ᠢᠨ ᠪᠣᠭᠣᠯᠲᠠ ᠶ᠋ᠢ ᠰᠤᠯᠠᠯᠠᠨ ᠴᠢᠳᠧᠩ ᠪᠠᠷᠢᠭᠴᠢ ᠠ᠋ᠴᠠ ᠰᠢᠲᠠᠭᠰᠠᠨ ᠴᠢᠳᠧᠩ ᠢ᠋ ᠠᠪᠴᠤ ᠰᠢᠨ᠎ᠡ ᠪᠡᠷ ᠴᠢᠳᠧᠩ ᠲᠠᠯᠪᠢᠨ᠎ᠠ᠃ уэ—10᠂ у—61 ᠮᠠᠶᠢᠭ ᠤ᠋ᠨ ᠢᠩᠳᠡᠦ ᠶ᠋ᠢᠨ ᠳᠣᠬᠢᠶᠠᠨ ᠴᠢᠳᠧᠩ ᠢ᠋ ᠮᠥᠨ ᠡᠢᠮᠦ ᠮᠠᠶᠢᠭ ᠢ᠋ᠶ᠋ᠠᠷ ᠰᠣᠯᠢᠨ᠎ᠠ᠃
     ᠵᠣᠩᠬᠤ ᠪᠤᠴᠠᠯᠭᠠᠬᠤ ᠤᠷᠠᠨ ᠦᠢᠯᠡ ᠶ᠋ᠢᠨ ᠨᠠᠭᠠᠬᠤ᠂ ᠪᠡᠬᠢᠯᠡᠬᠦ᠂ ᠵᠠᠰᠠᠪᠤᠷᠢᠯᠠᠬᠤ ᠠᠵᠢᠯᠯᠠᠭᠠᠨ ᠳ᠋ᠤ᠌ ᠵᠣᠩᠬᠤ ᠴᠢᠬᠤᠯᠠ ᠱᠠᠭᠠᠷᠳᠠᠭᠳᠠᠳᠠᠭ ᠤᠴᠢᠷ ᠠ᠋ᠴᠠ ᠮᠣᠩᠭᠣᠯᠴᠤᠳ ᠦᠢᠯᠡᠴᠢᠨ ᠬᠥᠮᠦᠨ ᠦ᠌ ᠬᠢᠷᠢ ᠵᠡᠷᠭᠡ ᠤᠷᠠᠨ ᠪᠣᠯᠬᠤ ᠶ᠋ᠢ ᠪᠤᠴᠠᠯᠭᠠᠭᠰᠠᠨ ᠵᠣᠩᠬᠤ ᠪᠠᠷ ᠨᠢ ᠦᠨᠡᠯᠡᠳᠡᠭ ᠪᠠᠢᠵᠠᠢ᠃ ᠦᠢᠯᠡ ᠳ᠋ᠦ᠍ ᠬᠡᠷᠡᠭᠯᠡᠬᠦ ᠵᠣᠩᠬᠤ ᠪᠤᠴᠠᠯᠭᠠᠨ᠎ᠠ ᠭᠡᠳᠡᠭ ᠨᠢ ᠵᠢᠷ ᠦ᠋ᠨ ᠪᠣᠯᠪᠠᠴᠤ ᠨᠠᠷᠢᠨ ᠠᠵᠢᠯᠯᠠᠭ᠎ᠠ ᠱᠠᠭᠠᠷᠳᠠᠭᠳᠠᠨ᠎ᠠ᠃ ᠵᠣᠩᠬᠤ ᠪᠡᠯᠡᠳᠬᠡᠬᠦ ᠳ᠋ᠡᠭᠡᠨ100 ᠭᠷᠠᠮ ᠤᠰᠤᠨ ᠳ᠋ᠤ᠌50 ᠭᠷᠠᠮ ᠭᠤᠯᠢᠷ ᠬᠢᠵᠦ ᠴᠠᠢ ᠶ᠋ᠢᠨ ᠬᠠᠯᠪᠠᠭ᠎ᠠ ᠶ᠋ᠢᠨ ᠬᠠᠭᠠᠰ ᠡᠯᠡᠰᠦᠨ ᠰᠢᠬᠢᠷ ᠬᠢᠬᠦ ᠪᠠ ᠶᠡᠬᠡ ᠰᠤᠨᠳᠠᠭ ᠮᠠᠲ᠋ᠧᠷᠢᠶᠠᠯ ᠢ᠋ ᠵᠣᠩᠬᠣᠳᠠᠬᠣ ᠬᠡᠷᠡᠭᠲᠡᠢ ᠪᠣᠯ ᠴᠠᠢ ᠶ᠋ᠢᠨ ᠬᠠᠯᠪᠠᠭ᠎ᠠ ᠶ᠋ᠢᠨ ᠲᠠᠯ᠎ᠠ ᠳᠠᠪᠤᠰᠤ ᠬᠢᠨ᠎ᠡ᠃ ᠵᠣᠩᠬᠤ ᠶ᠋ᠢ ᠪᠤᠴᠠᠯᠭᠠᠬᠤ ᠳᠤᠮᠳᠠ ᠨᠢ ᠪᠠᠢᠩᠭᠤ ᠬᠤᠳᠬᠤᠵᠤ ᠥᠴᠦᠬᠡᠨ ᠴᠦ᠍ ᠪᠥᠭᠡᠮ ᠦᠭᠡᠢ ᠨᠢᠭᠡ ᠵᠢᠭᠳᠡ ᠪᠣᠯᠭᠠᠵᠤ ᠬᠥᠷᠥᠭᠡᠵᠦ ᠬᠡᠷᠡᠭᠯᠡᠨ᠎ᠡ᠃ ᠬᠠᠯᠠᠭᠤᠨ ᠵᠣᠩᠬᠤ ᠪᠠᠷ ᠢᠯᠠᠩᠭᠤᠶ᠎ᠠ ᠲᠣᠷᠭᠠᠮᠰᠤᠭ ᠡᠳ᠋ ᠢ᠋ ᠨᠠᠭᠠᠵᠤ ᠪᠣᠯᠬᠤ ᠦᠭᠡᠢ᠃
     ᠵᠣᠩᠬᠤ ᠪᠠᠷ ᠶᠠᠭᠤᠮ᠎ᠠ ᠨᠠᠭᠠᠬᠤ ᠳ᠋ᠠᠭᠠᠨ ᠭᠠᠷ ᠢ᠋ᠶ᠋ᠠᠷ ᠨᠠᠭᠠᠬᠤ ᠶ᠋ᠢᠨ ᠣᠷᠣᠨ ᠳ᠋ᠤ᠌ ᠦᠵᠦᠭᠦᠷ ᠨᠢ ᠨᠢᠮᠭᠡᠨ ᠳᠤᠭᠤᠢ ᠬᠠᠪᠲᠠᠭᠠᠢ ᠮᠣᠳᠣ ᠪᠤᠶᠤ ᠬᠤᠷᠴᠠ ᠱᠣᠪᠬᠣ ᠦᠵᠦᠭᠦᠷ ᠲᠡᠢ ᠨᠠᠷᠢᠬᠠᠨ ᠬᠣᠶᠠᠷ ᠶᠠᠩᠵᠤ ᠶ᠋ᠢᠨ ᠮᠣᠳᠣ ᠪᠡᠯᠡᠳᠬᠡᠬᠦ ᠪᠠ ᠨᠠᠷᠢᠨ ᠦᠵᠦᠭᠦᠷ ᠲᠡᠢ ᠮᠣᠳᠣ ᠶ᠋ᠢ ᠵᠡᠭᠡᠭᠲᠦ ᠨᠠᠭᠠᠮᠠᠯ ᠪᠤᠶᠤ ᠨᠠᠷᠢᠨ ᠡᠮᠵᠢᠶᠡᠷᠢ᠂ ᠲᠣᠨᠣᠭᠯᠠᠯ ᠨᠠᠭᠠᠬᠤ ᠵᠠᠰᠠᠬᠤ ᠳ᠋ᠤ᠌ ᠬᠡᠷᠡᠭᠯᠡᠨ᠎ᠡ᠃
     ᠶᠠᠮᠠᠷ ᠴᠤ᠌ ᠶᠠᠭᠤᠮ᠎ᠠ ᠶ᠋ᠢ ᠨᠠᠭᠠᠭᠰᠠᠨ ᠤ᠋ ᠳᠠᠷᠠᠭ᠎ᠠ ᠴᠢᠭᠢᠭ ᠲᠡᠢ ᠪᠠᠢᠬᠤ ᠳ᠋ᠤᠨᠢ ᠰᠠᠢᠨ ᠲᠠᠲᠠᠵᠤ ᠢᠩᠳᠡᠦᠳᠡᠨ᠎ᠡ᠃ ᠨᠠᠷᠢᠨ ᠨᠠᠭᠠᠮᠠᠯ ᠳ᠋ᠤ᠌ ᠢᠯᠡᠦᠷ ᠶᠡᠬᠡ ᠲᠣᠬᠢᠷᠠᠮᠵᠢᠲᠠᠢ ᠪᠠᠢᠳᠠᠭ᠃ ᠨᠠᠭᠠᠵᠤ ᠢᠩᠳᠡᠦᠳᠡᠭᠰᠡᠨ ᠦᠢᠯᠡ ᠪᠡᠨ ᠬᠠᠪᠲᠠᠭᠠᠢ ᠮᠣᠳᠣᠨ ᠳᠡᠭᠡᠷ᠎ᠡ ᠲᠠᠯᠪᠢᠵᠤ ᠳᠡᠭᠡᠷ᠎ᠡ ᠡᠴᠡ ᠨᠢ ᠵᠢᠭᠳᠡ ᠭᠠᠳᠠᠷᠭᠤ ᠲᠠᠢ ᠬᠦᠨᠳᠦ(ᠬᠠᠢᠷᠴᠠᠭ ᠮᠡᠲᠦ) ᠶᠠᠭᠤᠮ᠎ᠠ ᠲᠠᠯᠪᠢᠵᠤ ᠬᠡᠪᠰᠢᠭᠦᠯᠦᠨ ᠬᠠᠲᠠᠭᠠᠨ᠎ᠠ᠃ ᠤᠷᠠᠨ ᠦᠢᠯᠡ ᠶ᠋ᠢᠨ ᠢᠯᠡᠦᠷ ᠢᠩᠳᠡᠦ ᠶ᠋ᠢᠨ ᠳᠣᠣᠷ᠎ᠠ ᠲᠠᠯᠪᠢᠳᠠᠭ ᠰᠢᠷᠡᠭᠡ᠂ ᠮᠣᠳᠣ ᠮᠠᠰᠢ ᠴᠡᠪᠡᠷᠬᠡᠨ᠂ ᠲᠡᠭᠰᠢ ᠭᠠᠳᠠᠷᠭᠤ ᠲᠠᠢ ᠪᠠᠢᠬᠤ ᠨᠢ ᠶᠠᠭᠤᠮ᠎ᠠ ᠢᠩᠳᠡᠦᠳᠡᠬᠦ ᠳ᠋ᠦ᠍ ᠶᠠᠳᠠᠷᠠᠭ᠎ᠠ ᠦᠭᠡᠢ᠂ ᠢᠩᠳᠡᠦᠳᠡᠭᠰᠡᠨ ᠵᠦᠢᠯ ᠴᠡᠪᠡᠷ ᠦᠵᠡᠮᠵᠢᠲᠡᠢ ᠪᠣᠯᠳᠠᠭ᠃
     ᠡᠰᠬᠡᠭᠦᠷ ᠦ᠋ᠨ ᠲᠤᠬᠠᠢ ᠲᠣᠪᠴᠢᠬᠠᠨ ᠤᠷᠠᠨ ᠦᠢᠯᠡ ᠶ᠋ᠢᠨ ᠡᠰᠬᠡᠭᠦᠷ ᠣᠶᠣᠳᠠᠯ ᠬᠣᠶᠠᠷ ᠤ᠋ᠨ ᠠᠯᠢ ᠨᠢ ᠲᠦᠷᠦᠭᠦᠯᠡᠵᠦ ᠪᠣᠢ ᠪᠣᠯᠤᠭᠰᠠᠨ ᠲᠠᠯ᠎ᠠ ᠪᠠᠷ ᠬᠡᠯᠡᠬᠦ ᠳ᠋ᠦ᠍ ᠬᠡᠴᠡᠭᠦᠦ ᠶᠦᠮ᠃ ᠭᠡᠪᠡᠴᠦ ᠣᠶᠣᠳᠠᠯ ᠲᠦᠷᠦᠭᠦᠨ ᠳ᠋ᠦ᠍ᠨᠢ ᠡᠭᠦᠰᠦᠭᠰᠡᠨ ᠪᠠᠢᠵᠤ ᠪᠣᠯᠬᠤ ᠶᠤᠮ᠃ ᠶᠠᠭᠠᠬᠢᠭᠠᠳ ᠭᠡᠪᠡᠯ ᠬᠥᠮᠦᠨ ᠠᠩᠬ᠎ᠠ ᠬᠤᠪᠴᠠᠰᠤ ᠬᠡᠷᠡᠭᠯᠡᠬᠦ ᠳ᠋ᠡᠭᠡᠨ ᠪᠡᠶ᠎ᠡ ᠳ᠋ᠡᠭᠡᠨ ᠲᠣᠬᠢᠷᠠᠭᠰᠠᠨ ᠬᠤᠪᠴᠠᠰᠤ ᠡᠮᠦᠰᠬᠦ ᠴᠢᠭᠯᠡᠯ ᠢ᠋ᠶ᠋ᠡᠷ ᠪᠢᠰᠢ ᠵᠥᠪᠬᠡᠨ ᠣᠷᠴᠢᠨ ᠤ᠋ ᠨᠥᠯᠦᠭᠡᠨ ᠡᠴᠡ ᠪᠡᠶ᠎ᠡ ᠪᠡᠨ ᠬᠠᠯᠠᠭᠯᠠᠬᠤ ᠶ᠋ᠢᠨ ᠲᠤᠯᠠᠳᠠ ᠠᠩ ᠠᠮᠢᠲᠠᠨ ᠤ᠋ ᠠᠷᠠᠰᠤ᠂ ᠤᠷᠭᠤᠮᠠᠯ ᠤ᠋ᠨ ᠲᠣᠮᠣ ᠨᠠᠪᠴᠢ ᠶ᠋ᠢ ᠳᠣᠣᠷ᠎ᠠ ᠪᠠᠨ ᠳᠡᠪᠢᠰᠴᠦ ᠠᠷᠤ ᠲᠠᠯ᠎ᠠ ᠳ᠋ᠠᠭᠠᠨ ᠨᠥᠮᠥᠷᠴᠦ ᠡᠬᠢᠯᠡᠭᠰᠡᠨ ᠪᠠᠢᠵᠤ ᠲᠠᠭᠠᠷᠠᠨ᠎ᠠ᠃ ᠲᠡᠢᠮᠦ ᠵᠢᠷᠤᠭ ᠴᠤ᠌ ᠭᠧᠷᠡᠺᠯ ᠪᠠᠭᠠᠲᠤᠷ ᠮᠡᠲᠦ ᠲᠡᠦᠬᠡᠨ ᠵᠣᠬᠢᠶᠠᠯ ᠳ᠋ᠤ᠌ ᠤᠯᠠᠮᠵᠢᠯᠠᠭᠳᠠᠭᠰᠠᠨ ᠪᠠᠢᠳᠠᠭ᠃ ᠭᠠᠭᠴᠠ ᠠᠷᠠᠰᠤ ᠬᠥᠮᠦᠨ ᠦ᠌ ᠪᠡᠶ᠎ᠡ ᠳ᠋ᠦ᠍ ᠲᠣᠭᠲᠠᠬᠤ ᠦᠭᠡᠢ ᠤᠴᠢᠷ ᠲᠡᠭᠦᠨ ᠢ᠋ ᠪᠡᠶ᠎ᠡ ᠳ᠋ᠦ᠍ ᠪᠡᠬᠢᠯᠡᠨ ᠪᠣᠭᠣᠵᠤ ᠡᠬᠢᠯᠡᠭᠰᠡᠨ ᠪᠠᠢᠵᠤ ᠲᠠᠭᠠᠷᠠᠨ᠎ᠠ᠃ ᠢᠩᠭᠢᠵᠦ ᠨᠥᠮᠥᠷᠦᠭᠰᠡᠨ ᠭᠠᠭᠴᠠ ᠠᠷᠠᠰᠤ ᠵᠥᠪᠬᠡᠨ ᠠᠷᠤ ᠲᠠᠯ᠎ᠠ ᠶ᠋ᠢ ᠬᠠᠯᠠᠭᠯᠠᠵᠤ᠂ ᠭᠡᠳᠡᠰᠦᠨ ᠲᠠᠯ᠎ᠠ ᠠ᠋ᠴᠠ ᠳᠤᠯᠠᠭᠠᠴᠠᠭᠤᠯᠵᠤ ᠬᠣᠶᠠᠳᠠᠭᠴᠢ ᠠᠷᠠᠰᠤ ᠬᠡᠷᠡᠭ ᠲᠡᠢ ᠪᠣᠯᠤᠭᠰᠠᠨ ᠪᠠᠢᠬ᠎ᠠ᠃ ᠡᠨᠡ ᠬᠣᠶᠠᠷ ᠠᠷᠠᠰᠤ ᠶ᠋ᠢ ᠬᠣᠭᠣᠷᠣᠨᠳᠣ ᠨᠢ ᠬᠣᠯᠪᠣᠵᠤ ᠤᠶᠠᠵᠤ᠂ ᠪᠣᠭᠣᠵᠤ ᠲᠣᠭᠲᠠᠭᠠᠭᠰᠠᠨ ᠪᠢᠵᠡ᠃ ᠡᠨᠡ ᠨᠢ ᠨᠢᠭᠡ ᠲᠠᠯ᠎ᠠ ᠪᠠᠷ ᠤᠶᠠᠭ᠎ᠠ ᠪᠡᠬᠢᠯᠡᠭᠡ᠂ ᠨᠥᠭᠦᠭᠡ ᠲᠠᠯ᠎ᠠ ᠪᠠᠷ ᠣᠶᠣᠳᠠᠯ ᠤ᠋ᠨ ᠡᠬᠢ ᠡᠭᠦᠰᠪᠦᠷᠢ ᠪᠠᠢᠭᠰᠠᠨ ᠪᠠᠢᠵᠤ ᠪᠣᠯᠬᠤ ᠶᠤᠮ᠃
     ᠬᠥᠮᠦᠨ ᠠᠩᠬ᠎ᠠ ᠬᠤᠪᠴᠠᠰᠤ ᠬᠡᠷᠡᠭᠯᠡᠬᠦ ᠳ᠋ᠡᠭᠡᠨ ᠴᠠᠪᠢ ᠠ᠋ᠴᠠ ᠪᠠᠨ ᠳᠣᠭᠣᠭᠰᠢ ᠤᠷᠲᠤ ᠲᠠᠯ᠎ᠠ ᠤᠷᠤᠭᠤ ᠪᠠᠨ ᠴᠢᠬᠢᠷᠰᠦ᠂ ᠤᠷᠭᠤᠮᠠᠯ ᠤ᠋ᠨ ᠨᠠᠪᠴᠢ᠂ ᠮᠠᠯ ᠤ᠋ᠨ ᠠᠷᠠᠰᠤ ᠤᠨᠵᠢᠭᠤᠯᠤᠨ ᠡᠷᠬᠡᠲᠡᠨ ᠢ᠋ᠶ᠋ᠡᠨ ᠬᠠᠭᠠᠵᠤ ᠨᠠᠷᠢᠨ ᠪᠦᠴᠡ ᠪᠡᠷ ᠲᠣᠭᠲᠠᠭᠠᠳᠠᠭ ᠪᠠᠢᠭᠰᠠᠨ ᠲᠡᠷᠡ ᠴᠠᠭ ᠠ᠋ᠴᠠ ᠪᠣᠭᠣᠨᠢ ᠥᠮᠥᠳᠥ᠂ ᠪᠠᠩᠵᠠᠯ ᠪᠦᠰᠡ᠂ ᠬᠠᠨᠴᠤᠢ ᠦᠭᠡᠢ ᠬᠤᠪᠴᠠᠰᠤᠨ ᠳ᠋ᠤ᠌ ᠰᠢᠯᠵᠢᠭᠰᠡᠨ ᠪᠣᠯᠬᠣᠷ ᠡᠨᠡ ᠦᠶ᠎ᠡ ᠳ᠋ᠦ᠍ ᠡᠰᠬᠡᠭᠦᠷ ᠡᠭᠦᠰᠦᠭᠰᠡᠨ ᠪᠠᠢᠵᠤ ᠪᠣᠯᠬᠤ ᠶᠤᠮ᠃
     ᠡᠰᠬᠡᠭᠦᠷ ᠬᠥᠮᠦᠨ ᠦ᠌ ᠨᠡᠢᠭᠡᠮ ᠬᠥᠭᠵᠢᠬᠦ ᠳᠣᠳᠣᠮ ᠰᠢᠨᠡᠴᠢᠯᠡᠭᠳᠡᠨ ᠥᠭᠡᠷᠡᠴᠢᠯᠡᠭᠳᠡᠵᠦ ᠤᠯᠠᠮ ᠪᠣᠯᠪᠠᠰᠤᠷᠠᠩᠭᠤᠢ ᠪᠣᠯᠤᠭᠰᠠᠨ ᠢ᠋ᠶ᠋ᠠᠷ ᠥᠨᠥ ᠦᠶ᠎ᠡ ᠶ᠋ᠢᠨ ᠬᠦᠴᠦᠷᠬᠡᠭ ᠮᠧᠬᠠᠨᠢᠰᠮ ᠳ᠋ᠤ᠌ ᠬᠦᠷᠴᠡᠢ᠃ ᠡᠰᠬᠡᠭᠦᠷ ᠢ᠋ ᠡᠷᠲᠡ ᠦᠶ᠎ᠡ ᠡᠴᠡ ᠡᠳᠦᠭᠡ ᠬᠦᠷᠲᠡᠯ᠎ᠡ ᠳᠡᠰ ᠳᠠᠷᠠᠭ᠎ᠠ ᠲᠠᠢ᠂ ᠨᠠᠷᠢᠨ ᠤᠷ᠎ᠠ ᠤᠬᠠᠭᠠᠨ ᠰᠡᠢᠯᠵᠦ ᠬᠢᠵᠦ ᠢᠷᠡᠭᠰᠡᠨ ᠪᠥᠭᠡᠳ ᠬᠥᠮᠦᠨ ᠠᠷᠠᠰᠤ᠂ ᠨᠡᠬᠡᠢ ᠨᠥᠮᠥᠷᠴᠦ ᠶᠠᠪᠤᠭᠰᠠᠨ ᠲᠡᠷᠡ ᠦᠶ᠎ᠡ ᠡᠴᠡ ᠥᠨᠥ ᠶ᠋ᠢᠨ ᠪᠡᠶ᠎ᠡ ᠳ᠋ᠦ᠍ ᠲᠣᠬᠢᠷᠠᠭᠰᠠᠨ ᠣᠯᠠᠨ ᠵᠠᠭᠪᠤᠷ ᠤ᠋ᠨ ᠬᠤᠪᠴᠠᠰᠤ ᠰᠣᠩᠭᠣᠨ ᠬᠡᠷᠡᠭᠯᠡᠬᠦ ᠬᠦᠷᠲᠡᠯ᠎ᠡ ᠬᠥᠮᠦᠨ ᠦ᠌ ᠣᠢᠭ᠎ᠠ ᠦᠭᠡᠢ ᠠᠵᠢᠯᠯᠠᠭ᠎ᠠ ᠤᠷ᠎ᠠ ᠤᠬᠠᠭᠠᠨ ᠢ᠋ ᠪᠠᠭ᠎ᠠ ᠦᠭᠡᠢ ᠱᠠᠭᠠᠷᠳᠠᠵᠤ ᠲᠡᠭᠦᠨ ᠦ᠌ ᠪᠠᠭᠠᠵᠢ ᠵᠡᠪᠰᠡᠭ ᠬᠦᠷᠲᠡᠯ᠎ᠡ ᠪᠣᠯᠪᠠᠰᠤᠷᠠᠩᠭᠤᠢ ᠪᠣᠯᠵᠠᠢ᠃ ᠬᠤᠪᠴᠠᠰᠤ ᠡᠰᠬᠡᠬᠦ ᠳ᠋ᠡᠭᠡᠨ ᠬᠥᠮᠦᠨ ᠡᠬᠢᠯᠡᠭᠡᠳ ᠬᠡᠮᠵᠢᠳᠡᠭ᠂ ᠳᠠᠷᠠᠭ᠎ᠠ ᠨᠢ ᠲᠡᠮᠳᠡᠭᠯᠡᠳᠡᠭ᠃ ᠡᠭᠦᠨ ᠦ᠌ ᠳᠠᠷᠠᠭ᠎ᠠ ᠣᠭᠲᠣᠯᠤᠨ ᠡᠪ ᠲᠤᠨᠢ ᠣᠷᠣᠭᠤᠯᠵᠤ ᠣᠶᠣᠳᠠᠭ ᠤᠴᠢᠷ ᠡᠰᠬᠡᠭᠦᠷ ᠲᠤ ᠬᠡᠮᠵᠢᠭᠦᠷ᠂ ᠲᠡᠮᠳᠡᠭᠯᠡᠬᠦ ᠰᠢᠯᠡᠮ᠎ᠡ᠂ ᠪᠣᠳᠣᠭ᠂ ᠴᠣᠬᠣᠢ᠂ ᠬᠤᠵᠢᠷ᠂ ᠭᠤᠯᠢᠷ᠂ ᠴᠢᠪᠬ᠎ᠠ᠂ ᠣᠭᠲᠣᠯᠬᠤ ᠰᠢᠳᠡᠬᠦ ᠬᠡᠷᠡᠭᠰᠡᠯ ᠣᠷᠣᠳᠠᠭ᠃ ᠡᠭᠦᠨ ᠢ᠋ ᠳᠡᠭᠡᠷ᠎ᠡ ᠳᠤᠷᠠᠳᠤᠭᠰᠠᠨ ᠪᠢᠯᠡ᠃

       ᠦᠰᠦᠭ ᠠᠮᠢᠯᠠᠭᠤᠯᠤᠭᠴᠢ᠄ ᠲᠤᠶᠠᠭ᠎ᠠ᠂ ᠣᠶᠣᠨᠪᠠᠲᠤ᠂  ᠪᠠᠶᠠᠨᠰᠡᠷᠡᠩ᠂ ᠪᠠᠳᠮᠠᠰᠡᠴᠡᠨ᠂ ᠤᠯᠠᠭᠠᠨ᠂  ᠲᠣᠭᠳᠠᠭᠤᠨᠪᠠᠶᠠᠷ᠂ ᠳ· ᠣᠶᠤᠨᠪᠢᠯᠢᠭ᠌᠂ ᠱᠠᠭᠰᠠᠯ᠂ ᠰᠠᠢᠨᠪᠢᠯᠢᠭ᠌᠂ ᠭᠡᠭᠡᠷᠡᠯ᠂ ᠴᠠᠬᠠᠷ ᠪᠠᠲᠤ Цахар бат  
       ᠬᠢᠨᠠᠭᠴᠢ᠄ ᠰᠡᠬᠡᠭᠡᠷᠡᠯ᠂ ᠪᠠᠶᠠᠷᠴᠡᠴᠡᠭ᠂ ᠪᠠᠶᠠᠨᠰᠡᠷᠡᠩ᠂  ᠣᠳᠬᠠᠨᠰᠣ᠎ᠠ᠂ ᠥᠯᠵᠡᠢᠪᠠᠭᠠᠲᠤᠷ᠂ ᠭᠠᠷᠮ᠎ᠠ