ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠡᠮᠦᠨᠡᠬᠢ ᠦᠭᠡ ᠣᠷᠣᠰᠢᠯМонгол эмэгтэйн уран үйл-Ц Сонгино-өмнөх үг оршил ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠡᠮᠦᠨᠡᠬᠢ ᠦᠭᠡ ᠣᠷᠣᠰᠢᠯМонгол эмэгтэйн уран үйл-Ц Сонгино-өмнөх үг оршил

ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠡᠮᠦᠨᠡᠬᠢ ᠦᠭᠡ ᠣᠷᠣᠰᠢᠯМонгол эмэгтэйн уран үйл-Ц Сонгино-өмнөх үг оршил

ᠠᠩᠭᠢᠯᠠᠯ:ᠵᠠᠩ ᠦᠢᠯᠡ
2024-03-14

561

ᠡᠮᠦᠨᠡᠬᠢ ᠦᠭᠡ

    ᠮᠣᠩᠭᠣᠯ ᠡᠮᠡᠭᠲᠡᠢ ᠶ᠋ᠢᠨ ᠤᠷᠠᠨ ᠦᠢᠯᠡ ᠭᠡᠳᠡᠭ ᠨᠣᠮ ᠢ᠋ ᠮᠣᠩᠭᠣᠯ ᠤ᠋ᠨ ᠡᠮᠡᠭᠲᠡᠢᠴᠦᠳ ᠦ᠋ᠨ ᠦᠶ᠎ᠡ ᠤᠯᠠᠮᠵᠢᠯᠠᠨ ᠬᠢᠵᠦ ᠢᠷᠡᠭᠰᠡᠨ ᠤᠷᠠᠨ ᠦᠢᠯᠡ ᠶ᠋ᠢᠨ ᠲᠡᠦᠬᠡᠨ ᠬᠥᠭᠵᠢᠯᠲᠡ ᠲᠡᠢ ᠤᠶᠠᠯᠳᠤᠭᠤᠯᠤᠨ ᠪᠢᠴᠢᠭᠰᠡᠨ ᠤᠴᠢᠷ ᠨᠢ ᠠᠽᠢᠶ᠎ᠠ ᠲᠥᠪ ᠬᠡᠰᠡᠭ ᠲᠦ᠍ ᠣᠯᠠᠨ ᠵᠠᠭᠤᠨ ᠵᠢᠯ ᠨᠡᠭᠦᠳᠡᠯ ᠦ᠋ᠨ ᠮᠠᠯ ᠠᠵᠤ ᠠᠬᠤᠢ ᠡᠷᠬᠢᠯᠡᠵᠦ ᠢᠷᠡᠭᠰᠡᠨ ᠮᠣᠩᠭᠣᠯ᠂ ᠲᠡᠭᠦᠨ ᠦ᠌ ᠬᠦᠷᠰᠢ ᠣᠷᠣᠨ ᠤ᠋ ᠰᠣᠶᠣᠯ᠂ ᠢᠷᠭᠡᠨᠰᠢᠯ᠂ ᠡᠳ᠋ ᠦ᠋ᠨ ᠵᠠᠰᠠᠭ ᠲᠤ ᠵᠣᠬᠢᠬᠤ ᠡᠭᠦᠷᠭᠡ ᠶ᠋ᠢ ᠭᠦᠴᠡᠳᠬᠡᠵᠦ ᠢᠷᠡᠭᠰᠡᠨ᠃ ᠮᠣᠩᠭᠣᠯ ᠪᠦᠰᠡᠭᠦᠢᠴᠦᠳ ᠦ᠋ᠨ ᠤᠷᠠᠨ ᠦᠢᠯᠡ ᠶ᠋ᠢᠨ ᠠᠷᠭ᠎ᠠ ᠠᠵᠢᠯᠯᠠᠭ᠎ᠠ ᠲᠠᠢ ᠵᠠᠯᠠᠭᠤ ᠦᠶ᠎ᠡ ᠶ᠋ᠢ ᠲᠣᠪᠴᠢ ᠪᠣᠯᠪᠠᠴᠤ ᠲᠠᠨᠢᠯᠴᠠᠭᠤᠯᠵᠤ᠂ ᠴᠢᠨᠠᠭᠰᠢᠳᠠ ᠤᠷᠠᠨ ᠦᠢᠯᠡ ᠶ᠋ᠢᠨ ᠣᠯᠠᠨ ᠲᠥᠷᠥᠯ ᠢ᠋ ᠰᠤᠷᠴᠤ ᠠᠮᠢᠳᠤᠷᠠᠯ ᠠᠬᠤᠢ ᠳ᠋ᠠᠭᠠᠨ ᠬᠡᠷᠡᠭᠯᠡᠬᠦ ᠳ᠋ᠦ᠍ ᠪᠠᠭ᠎ᠠ ᠪᠣᠯᠪᠠᠴᠤ ᠲᠤᠰᠠ ᠪᠣᠯᠬᠤ ᠵᠣᠷᠢᠯᠭ᠎ᠠ ᠪᠠᠷ ᠪᠢᠴᠢᠯ᠎ᠡ᠃ ᠭᠡᠬᠦ ᠳ᠋ᠡᠭᠡᠨ ᠥᠴᠦᠬᠡᠨ ᠡᠨᠡ ᠪᠦᠲᠦᠭᠡᠯ ᠳ᠋ᠦ᠍ ᠮᠣᠩᠭᠣᠯ ᠤ᠋ᠨ ᠡᠮᠡᠭᠲᠡᠢᠴᠦᠳ ᠦ᠋ᠨ ᠤᠷᠠᠨ ᠦᠢᠯᠡ ᠶ᠋ᠢᠨ ᠬᠥᠭᠵᠢᠯ ᠦ᠋ᠨ ᠪᠦᠬᠦᠯᠢ ᠪᠦᠲᠦᠨ ᠲᠡᠦᠬᠡ ᠶ᠋ᠢ ᠪᠠᠭᠲᠠᠭᠠᠬᠤ ᠭᠡᠰᠡᠨ ᠬᠡᠷᠡᠭ ᠪᠢᠰᠢ ᠪᠣᠯᠬᠤ ᠨᠢ ᠤᠩᠰᠢᠭᠴᠢ ᠲᠠᠨ ᠳ᠋ᠤ᠌ ᠠᠶᠠᠨᠳᠠᠭᠠᠨ ᠣᠢᠯᠠᠭᠠᠭᠳᠠᠨ᠎ᠠ᠃
    ᠮᠣᠩᠭᠣᠯ ᠤ᠋ᠨ ᠡᠮᠡᠭᠲᠡᠢᠴᠦᠳ ᠥᠪᠡᠷ ᠦ᠋ᠨ ᠣᠷᠣᠨ ᠤ᠋ ᠨᠡᠭᠦᠳᠡᠯ ᠦ᠋ᠨ ᠪᠣᠯᠤᠨ ᠴᠠᠭ ᠠᠭᠤᠷ ᠤ᠋ᠨ ᠣᠨᠴᠠᠯᠢᠭ ᠲᠤ᠌ ᠲᠣᠬᠢᠷᠠᠭᠤᠯᠤᠨ ᠬᠥᠮᠦᠨ ᠠᠷᠠᠳ ᠤ᠋ᠨ ᠢ᠋ᠶ᠋ᠠᠨ ᠬᠡᠷᠡᠭᠴᠡᠭᠡᠲᠦ ᠬᠤᠪᠴᠠᠰᠤ ᠬᠤᠨᠠᠷ᠂ ᠭᠡᠷ ᠣᠷᠣᠨ ᠤ᠋ ᠪᠦᠬᠦᠢᠯᠡ ᠬᠡᠷᠡᠭᠰᠡᠯ ᠢ᠋ ᠬᠦᠴᠦᠷᠬᠡᠭ ᠮᠧᠬᠠᠨᠢᠰᠮ ᠢ᠋ᠶ᠋ᠠᠷ ᠪᠢᠰᠢ ᠭᠠᠷ ᠤ᠋ᠨ ᠬᠦᠴᠦ ᠪᠡᠷ ᠬᠢᠵᠦ ᠭᠦᠢᠴᠡᠳᠬᠡᠵᠦ ᠢᠷᠡᠬᠦ ᠳ᠋ᠡᠭᠡᠨ ᠤᠷᠠᠨ ᠦᠢᠯᠡ ᠶ᠋ᠢᠨ ᠲᠡᠦᠬᠡᠨ ᠮᠠᠲ᠋ᠧᠷᠢᠶᠠᠯ ᠢ᠋ ᠲᠦᠳᠡ ᠪᠣᠯᠪᠠᠰᠤᠷᠠᠭᠤᠯᠬᠤ ᠠ᠋ᠴᠠ ᠡᠬᠢᠯᠡᠳᠡᠭ ᠪᠠᠢᠭᠰᠠᠨ ᠤᠴᠢᠷ ᠠ᠋ᠴᠠ ᠮᠠᠯ ᠠᠵᠤ ᠠᠬᠤᠢ ᠠ᠋ᠴᠠ ᠭᠠᠷᠤᠯᠲᠠᠢ ᠲᠡᠦᠬᠡᠨ ᠡᠳ᠋ ᠢ᠋ ᠲᠣᠷᠳᠠᠬᠤ ᠠᠩᠬᠠᠨ ᠤ᠋ ᠪᠣᠯᠪᠠᠰᠤᠷᠠᠭᠤᠯᠤᠯᠲᠠ ᠬᠢᠬᠦ ᠲᠠᠯ᠎ᠠ ᠪᠠᠷ ᠳᠠᠳᠤᠯᠭᠠᠵᠢᠭᠰᠠᠨ ᠬᠥᠮᠦᠰ ᠪᠢᠯᠡ᠃
    ᠡᠢᠮᠦ ᠳ᠋ᠦ᠍ ᠠᠬᠠᠮᠠᠳ ᠳᠡᠭᠡᠳᠦᠰ ᠦ᠋ᠨ ᠡᠨᠡ ᠠᠷᠭ᠎ᠠ ᠠᠵᠢᠯᠯᠠᠭᠠᠨ ᠠ᠋ᠴᠠ ᠵᠠᠯᠠᠭᠤ ᠦᠶ᠎ᠡ ᠰᠤᠷᠬᠤ ᠳ᠋ᠤ᠌ ᠲᠤᠰᠠ ᠪᠣᠯᠬᠤ ᠶ᠋ᠢ ᠬᠢᠴᠢᠶᠡᠯ᠎ᠡ᠃ ᠡᠨᠡ ᠨᠣᠮ ᠳ᠋ᠤ᠌ ᠮᠣᠩᠭᠣᠯ ᠤ᠋ᠨ ᠡᠮᠡᠭᠲᠡᠢᠴᠦᠳ ᠦ᠋ᠨ ᠤᠷᠠᠨ ᠦᠢᠯᠡ ᠶ᠋ᠢᠨ ᠬᠥᠭᠵᠢᠯ ᠦ᠋ᠨ ᠲᠣᠪᠴᠢ ᠲᠣᠢᠮᠣ ᠠ᠋ᠴᠠ ᠪᠣᠯᠤᠨ ᠤᠷᠠᠨ ᠦᠢᠯᠡ ᠶ᠋ᠢᠨ ᠪᠠᠭᠠᠵᠢ ᠬᠡᠷᠡᠭᠰᠡᠯ ᠦ᠋ᠨ ᠬᠥᠭᠵᠢᠯᠲᠡ ᠦᠨᠳᠦᠰᠦᠲᠡᠨ ᠦ᠌ ᠬᠤᠪᠴᠠᠰᠤ ᠂ ᠬᠡ ᠤᠭᠠᠯᠵᠠ᠂ ᠥᠩᠭᠡ ᠪᠣᠳᠣᠭ ᠤ᠋ᠨ ᠤᠴᠢᠷ ᠤᠳᠬ᠎ᠠ᠂ ᠤᠷᠠᠨ ᠬᠠᠳᠬᠤᠮᠠᠯ᠂᠂ ᠨᠡᠬᠡᠮᠡᠯ᠂ ᠰᠦᠯᠵᠢᠮᠡᠯ᠂ ᠤᠶᠠᠭ᠎ᠠ ᠵᠠᠩᠭᠢᠯᠠᠭ᠎ᠠ᠂ ᠦᠨᠳᠦᠰᠦᠲᠡᠨ ᠦ᠌ ᠲᠥᠷᠥᠯ ᠪᠦᠷᠢ ᠶ᠋ᠢᠨ ᠬᠤᠪᠴᠠᠰᠤ ᠶ᠋ᠢᠨ ᠡᠰᠬᠡᠭᠦᠷ᠂ ᠲᠣᠨᠣᠭ᠂ ᠴᠢᠮᠡᠭ᠂ ᠣᠶᠣᠳᠠᠯᠴᠢᠨ ᠤ᠋ ᠡᠷᠡᠭᠦᠯ ᠠᠬᠤᠢ ᠵᠡᠷᠭᠡ ᠶ᠋ᠢ ᠪᠠᠭᠲᠠᠭᠠᠭᠰᠠᠨ ᠪᠣᠯᠤᠨ᠎ᠠ᠃ ᠡᠨᠡ ᠨᠣᠮ ᠢ᠋ ᠪᠢᠴᠢᠬᠦ ᠳ᠋ᠦ᠍ ᠪᠡᠶᠡᠲᠦ ᠮᠠᠲ᠋ᠧᠷᠢᠶᠠᠯ ᠳᠤᠲᠠᠭᠳᠠᠵᠤ ᠪᠠᠢᠭᠰᠠᠨ ᠠ᠋ᠴᠠ ᠵᠠᠷᠢᠮ ᠲᠠᠯ᠎ᠠ ᠠ᠋ᠴᠠ ᠬᠣᠮᠰᠠ ᠪᠣᠯᠤᠭᠰᠠᠨ ᠨᠢ ᠲᠣᠳᠣᠷᠬᠠᠢ ᠪᠥᠭᠡᠳ ᠴᠢᠨᠠᠭᠰᠢᠳᠠ ᠥᠷᠭᠡᠳᠬᠡᠨ ᠪᠣᠯᠪᠠᠰᠤᠷᠠᠩᠭᠤᠢ ᠪᠣᠯᠭᠠᠬᠤ ᠳ᠋ᠤ᠌ ᠢᠯᠠᠩᠭᠤᠶ᠎ᠠ ᠠᠷᠠᠳ ᠤ᠋ᠨ ᠭᠠᠷ ᠤᠷᠠᠯᠠᠯ ᠤ᠋ᠨ ᠠᠷᠪᠢᠨ ᠰᠠᠩ ᠬᠥᠮᠥᠷᠭᠡ ᠳ᠋ᠦ᠍ ᠲᠦᠰᠢᠭᠯᠡᠬᠦ ᠲᠤᠯᠠ ᠡᠨᠡ ᠲᠠᠯ᠎ᠠ ᠪᠠᠷ ᠲᠤᠰᠠᠯᠠᠵᠤ ᠰᠠᠨᠠᠯ ᠬᠦᠰᠡᠯᠲᠡ ᠪᠡᠨ ᠢᠷᠡᠭᠦᠯᠬᠦ ᠶ᠋ᠢ ᠤᠩᠰᠢᠭᠴᠢ ᠲᠠ ᠨᠠᠷ ᠠ᠋ᠴᠠ ᠪᠠᠨ ᠬᠦᠰᠡᠵᠦ ᠪᠠᠢᠨ᠎ᠠ᠂ ᠡᠨᠡ ᠨᠣᠮ ᠢ᠋ ᠪᠢᠴᠢᠬᠦ ᠳ᠋ᠦ᠍ ᠲᠤᠰᠠᠯᠠᠯᠴᠠᠭ᠎ᠠ ᠦᠵᠡᠭᠦᠯᠵᠦ᠂ ᠰᠠᠨᠠᠯ ᠵᠥᠪᠯᠡᠯᠭᠡ ᠪᠡᠨ ᠦᠬᠦᠭᠰᠡᠨ ᠤᠭᠰᠠᠭᠠᠲᠠᠨ ᠤ᠋ ᠵᠦᠢ ᠶ᠋ᠢᠨ ᠤᠬᠠᠭᠠᠨ ᠤ᠋ ᠳ᠋ᠣᠺᠲ᠋ᠣᠷ ᠨᠠ‍᠂ ᠰᠧᠷᠡᠳᠵᠠᠪ ᠡᠷᠳᠡᠮᠲᠡᠨ ᠨᠠᠸᠠᠩ ᠨᠠᠷ ᠲᠠᠭᠠᠨ ᠴᠢᠩ ᠰᠡᠳᠬᠢᠯ ᠦ᠋ᠨ ᠲᠠᠯᠠᠷᠬᠠᠯ ᠢ᠋ᠶ᠋ᠠᠨ ᠢᠯᠡᠷᠬᠡᠢᠯᠡᠶ᠎ᠡ᠃
      ᠵᠣᠬᠢᠶᠠᠭᠴᠢ᠄ ᠴ ᠰᠣᠩᠭᠢᠨ᠎ᠠ

ᠣᠷᠣᠰᠢᠯ- ᠤᠷᠠᠨ ᠦᠢᠯᠡ ᠶ᠋ᠢᠨ ᠬᠥᠭᠵᠢᠯ ᠦ᠋ᠨ ᠲᠣᠪᠴᠢ ᠲᠣᠢᠮᠣ

     ᠡᠷᠲᠡ ᠦᠶ᠎ᠡ ᠡᠴᠡ ᠡᠳᠦᠭᠡ ᠬᠦᠷᠲᠡᠯ᠎ᠡ ᠮᠠᠨ ᠤ᠋ ᠭᠠᠷᠠᠭ ᠤ᠋ᠨ ᠠᠮᠢᠳᠤᠷᠠᠯ᠂ ᠭᠠᠵᠠᠷ᠂ ᠰᠢᠷᠣᠢ᠂ ᠬᠡᠢ᠂ ᠤᠰᠤ᠂ ᠤᠷᠭᠤᠮᠠᠯ᠂ ᠬᠥᠮᠦᠨ᠂ ᠠᠮᠢᠲᠠᠨ ᠴᠥᠮ ᠨᠢᠭᠡ ᠬᠡᠪ ᠲᠡᠭᠡᠨ ᠪᠠᠢᠭᠰᠠᠨ ᠦᠭᠡᠢ᠃ ᠢᠮᠠᠭᠲᠠ ᠬᠤᠪᠢᠰᠤᠨ ᠥᠭᠡᠷᠡᠴᠢᠯᠡᠭᠳᠡᠵᠦ ᠦᠬᠦᠵᠦ ᠮᠥᠬᠥᠬᠦ᠂ ᠰᠢᠨ᠎ᠡ ᠰᠣᠨᠢᠨ ᠥᠭᠡᠷᠡᠴᠢᠯᠡᠯᠲᠡ ᠪᠣᠢ ᠪᠣᠯᠵᠤ ᠪᠠᠢᠭᠰᠠᠨ ᠢ᠋ ᠰᠡᠴᠡᠨ ᠤᠬᠠᠭᠠᠨᠲᠤ ᠡᠴᠢᠭᠡ ᠳᠡᠭᠡᠳᠦᠰ ᠡᠷᠳᠡᠮᠲᠡᠨ ᠰᠠᠢᠴᠤᠳ ᠤ᠋ᠨ ᠬᠤᠷᠠᠮᠳᠤᠭᠤᠯᠤᠨ ᠪᠠᠶᠠᠵᠢᠭᠤᠯᠵᠤ ᠢᠷᠡᠭᠰᠡᠨ ᠰᠣᠶᠣᠯ ᠤ᠋ᠨ ᠰᠠᠩ ᠬᠥᠮᠥᠷᠭᠡ ᠡᠴᠡ ᠬᠣᠢᠴᠢ ᠦᠶ᠎ᠡ ᠰᠤᠷᠤᠯᠴᠠᠨ ᠰᠡᠳᠬᠢᠯ ᠣᠶᠤᠨ ᠢ᠋ᠶ᠋ᠠᠨ ᠰᠡᠯᠪᠢᠨ ᠢᠷᠡᠭᠰᠡᠨ ᠪᠢᠯᠡ᠃
     ᠲᠡᠢᠮᠦ ᠴᠦ᠍ ᠤᠴᠢᠷ ᠠ᠋ᠴᠠ ᠬᠥᠮᠦᠨ ᠦ᠌ ᠨᠢᠳᠦᠨ ᠳ᠋ᠦ᠍ ᠦᠯᠦ ᠦᠵᠡᠭᠳᠡᠬᠦ ᠵᠦᠢᠯᠡᠰ ᠰᠡᠳᠬᠢᠯ ᠣᠶᠤᠨ ᠳ᠋ᠤ᠌ ᠪᠠᠭᠲᠠᠮ᠎ᠠ ᠦᠭᠡᠢ ᠭᠠᠢᠬᠠᠮᠰᠢᠭᠲᠤ ᠲᠣᠮᠣ ᠦᠢᠯᠡ ᠶ᠋ᠢ ᠪᠦᠲᠦᠭᠡᠬᠦ ᠬᠦᠷᠲᠡᠯ᠎ᠡ ᠬᠥᠮᠦᠨ ᠦ᠌ ᠨᠡᠢᠭᠡᠮ ᠦ᠋ᠨ ᠬᠥᠭᠵᠢᠯ ᠦ᠋ᠨ ᠶᠠᠪᠤᠴᠠ ᠳ᠋ᠤ᠌ ᠣᠯᠠᠨ ᠵᠠᠭᠤᠨ ᠵᠢᠯ ᠥᠩᠭᠡᠷᠡᠵᠦ ᠠᠤᠭ᠎ᠠ ᠶᠡᠬᠡ ᠥᠭᠡᠷᠡᠴᠢᠯᠡᠯᠲᠡ ᠭᠠᠷᠤᠭᠰᠠᠨ ᠴᠤ᠌ ᠤᠷᠢᠳᠤ ᠦᠶ᠎ᠡ ᠶᠠᠮᠠᠷ ᠪᠣᠯᠵᠤ ᠥᠩᠭᠡᠷᠡᠭᠰᠡᠨ ᠢ᠋ ᠬᠥᠮᠦᠨ ᠲᠥᠷᠥᠯᠬᠢᠲᠡᠨ ᠡᠷᠭᠢᠨ ᠬᠠᠷᠠᠵᠤ ᠴᠢᠳᠠᠳᠠᠭ ᠨᠢ ᠭᠠᠢᠬᠠᠮᠰᠢᠭᠲᠠᠢ᠃
     ᠦᠨᠡᠨ ᠲᠣᠳᠣ ᠵᠢᠱ᠌ᠢᠶ᠎ᠡ ᠨᠢ ᠮᠠᠨ ᠤ᠋ ᠡᠷᠳᠡᠮᠲᠡᠳ ᠠᠵᠤ ᠲᠥᠷᠥᠵᠦ ᠠᠮᠢᠳᠤᠷᠠᠵᠤ ᠪᠠᠢᠭ᠎ᠠ ᠭᠠᠷᠠᠭ ᠳᠡᠭᠡᠷ᠎ᠡ ᠶᠠᠮᠠᠷ ᠦᠢᠯᠡ ᠶᠠᠪᠤᠳᠠᠯ᠂ ᠰᠣᠨᠢᠨ ᠭᠠᠢᠬᠠᠮᠰᠢᠭᠲᠤ ᠥᠭᠡᠷᠡᠴᠢᠯᠡᠯᠲᠡ᠂ ᠠᠶᠤᠮᠰᠢᠭᠲᠤ ᠦᠵᠡᠭᠳᠡᠯ ᠪᠣᠯᠵᠤ ᠪᠠᠢᠭᠰᠠᠨ ᠢ᠋ ᠰᠤᠳᠤᠯᠤᠭᠠᠳ ᠵᠣᠭᠰᠣᠬᠤ ᠦᠭᠡᠢ ᠭᠠᠷᠠᠭ ᠶᠢᠷᠲᠢᠨᠴᠦ ᠶ᠋ᠢᠨ ᠨᠠᠰᠤ ᠰᠡᠭᠦᠳᠡᠷ᠂ ᠲᠡᠭᠦᠨ ᠦ᠌ ᠳᠡᠭᠡᠷ᠎ᠡ ᠣᠷᠣᠰᠢᠵᠤ ᠪᠠᠢᠭ᠎ᠠ ᠬᠥᠷᠥᠰᠥ ᠤᠷᠭᠤᠮᠠᠯ᠂ ᠠᠮᠢᠲᠠᠨ ᠤ᠋ ᠠᠩᠬᠠᠨ ᠤ᠋ ᠭᠠᠷᠤᠯ ᠡᠭᠦᠰᠦᠯ ᠢ᠋ ᠬᠦᠷᠲᠡᠯ᠎ᠡ ᠲᠣᠭᠲᠠᠭᠠᠵᠠᠢ ᠵᠢᠱ᠌ᠢᠶᠡᠯᠡᠪᠡᠯ᠂ ᠮᠠᠨ ᠤ᠋ ᠭᠠᠷᠠᠭ4.56±0.03 ᠮᠢᠯᠯᠢᠶᠠᠷᠳ᠋ ᠵᠢᠯ ᠦ᠋ᠨ ᠨᠠᠰᠤ ᠲᠠᠢ᠂ ᠲᠡᠭᠦᠨ ᠦ᠌ ᠳᠡᠭᠡᠷ᠎ᠡ ᠠᠩᠬᠠᠨ ᠤ᠋ ᠠᠮᠢᠲᠠᠨ1——1.5 ᠮᠢᠯᠯᠢᠶᠠᠷᠳ᠋ ᠵᠢᠯ ᠦ᠋ᠨ ᠡᠮᠦᠨ᠎ᠡ᠂ ᠬᠥᠷᠥᠰᠥ ᠤᠷᠭᠤᠮᠠᠯ ᠤ᠋ᠨ ᠳᠡᠭᠡᠵᠢ4.5——4.7 ᠰᠠᠶ᠎ᠠ ᠵᠢᠯ ᠦ᠋ᠨ ᠡᠮᠦᠨ᠎ᠡ ᠡᠭᠦᠰᠦᠭᠰᠡᠨ ᠭᠡᠵᠦ ᠲᠣᠭᠲᠠᠭᠠᠵᠠᠢ(ᠳ· ᠥᠯᠵᠡᠢ᠂ ᠰᠢᠨᠵᠢᠯᠡᠬᠦ ᠤᠬᠠᠭᠠᠨ ᠤ᠋ ᠶᠢᠷᠲᠢᠨᠴᠦ᠂ ᠤᠯᠠᠭᠠᠨᠪᠠᠭᠠᠲᠤᠷ᠂1985)᠃
     ᠬᠥᠮᠦᠨ ᠲᠥᠷᠥᠯᠬᠢᠲᠡᠨ ᠣᠷᠣᠰᠢᠨ ᠰᠠᠭᠤᠭ᠎ᠠ ᠭᠠᠷᠠᠭ ᠤ᠋ᠨ ᠠᠭᠤᠷ ᠠᠮᠢᠰᠬᠤᠯ᠂ ᠭᠠᠵᠠᠷ᠂ ᠤᠰᠤ᠂ ᠤᠷᠭᠤᠮᠠᠯ᠂ ᠠᠮᠢᠲᠠᠳ ᠲᠠᠢ ᠴᠠᠭ ᠢᠮᠠᠭᠲᠠ ᠬᠣᠯᠪᠣᠭ᠎ᠠ ᠲᠠᠢ ᠠᠵᠤ ᠲᠥᠷᠥᠵᠦ ᠥᠪᠡᠷᠲᠡᠭᠡᠨ ᠲᠣᠬᠢᠷᠠᠮᠵᠢ ᠦᠭᠡᠢ ᠵᠦᠢᠯ ᠢ᠋ ᠵᠣᠬᠢᠴᠠᠭᠤᠯᠤᠨ ᠢᠷᠡᠭᠰᠡᠨ ᠨᠢ ᠰᠡᠳᠬᠢᠬᠦ ᠴᠢᠳᠠᠯ ᠦᠭᠡᠢ ᠠᠳᠤᠭᠤᠰᠤᠨ ᠤ᠋ ᠰᠦᠷᠦᠭ ᠡᠴᠡ ᠥᠨᠥ ᠶ᠋ᠢᠨ ᠰᠣᠶᠣᠯᠲᠤ ᠶᠢᠷᠲᠢᠨᠴᠦ ᠶ᠋ᠢᠨ ᠰᠠᠢᠨ ᠰᠠᠢᠬᠠᠨ ᠪᠦᠬᠦᠨ ᠢ᠋ ᠳᠤᠷᠠᠲᠠᠢ ᠵᠦᠭ ᠤᠷᠤᠭᠤ ᠪᠠᠨ ᠵᠢᠯᠣᠭᠣᠳᠬᠤ ᠴᠢᠳᠠᠯ ᠲᠠᠢ ᠬᠥᠮᠦᠨ ᠦ᠌ ᠨᠡᠢᠭᠡᠮ ᠳ᠋ᠦ᠍ ᠬᠦᠷᠴᠡᠢ᠃
     ᠮᠠᠨ ᠤ᠋ ᠭᠠᠷᠠᠭ ᠦᠵᠡᠰᠬᠦᠯᠡᠩᠲᠦ ᠨᠣᠭᠣᠭᠠᠨ ᠮᠣᠳᠣ᠂ ᠥᠩᠭᠡ ᠶ᠋ᠢᠨ ᠴᠡᠴᠡᠭ᠂ ᠠᠩ ᠠᠮᠢᠲᠠᠨ᠂ ᠪᠠᠯ ᠪᠤᠷᠠᠮ ᠢ᠋ᠶ᠋ᠠᠷ ᠪᠠᠶᠠᠨ᠂ ᠵᠥᠭᠡᠯᠡᠨ ᠠᠭᠤᠷ ᠠᠮᠢᠰᠬᠤᠯ ᠪᠠᠢᠭᠰᠠᠨ ᠲᠡᠷᠡ ᠦᠶ᠎ᠡ ᠳ᠋ᠦ᠍ ᠬᠥᠮᠦᠨ ᠳᠦᠷᠰᠦᠲᠦ ᠪᠡᠴᠢᠨ ᠨᠦ᠍ᠭᠦᠳ ᠪᠠᠢᠭᠠᠯᠢ ᠶ᠋ᠢᠨ ᠪᠡᠯᠡᠨ ᠵᠢᠮᠢᠰ ᠨᠣᠭᠣᠭ᠎ᠠ᠂ ᠠᠩ ᠠᠮᠢᠲᠠᠨ᠂ ᠵᠢᠭᠠᠰᠤ ᠵᠢᠷᠠᠭᠠᠬᠠᠢ ᠪᠠᠷ ᠬᠣᠭᠣᠯᠠᠯᠠᠨ᠂ ᠣᠷᠣᠨ ᠰᠠᠭᠤᠴᠠ᠂ ᠬᠤᠪᠴᠠᠰᠤ ᠬᠤᠨᠠᠷ ᠬᠡᠷᠡᠭᠯᠡᠬᠦ ᠶ᠋ᠢ ᠮᠡᠳᠡᠳᠡᠭ ᠦᠭᠡᠢ ᠪᠠᠢᠵᠠᠢ᠃ ᠭᠡᠲᠡᠯ᠎ᠡ ᠣᠯᠠᠨ ᠰᠠᠷ᠎ᠠ ᠵᠢᠯ ᠤᠯᠠᠷᠢᠨ ᠥᠩᠭᠡᠷᠡᠬᠦ ᠶᠠᠪᠤᠴᠠ ᠳ᠋ᠤ᠌ ᠮᠠᠨ ᠤ᠋ ᠭᠠᠷᠠᠭ ᠤ᠋ᠨ ᠪᠠᠢᠭᠠᠯᠢ᠂ ᠴᠠᠭ ᠠᠭᠤᠷ ᠤ᠋ᠨ ᠪᠠᠢᠳᠠᠯ᠂ ᠠᠮᠢᠲᠠᠨ ᠤ᠋ ᠠᠮᠢᠳᠤᠷᠠᠯ᠂ ᠪᠡᠶ᠎ᠡ ᠮᠠᠬᠠᠪᠣᠳ ᠲᠤ᠌ ᠮᠡᠳᠡᠭᠳᠡᠬᠦᠢᠴᠡ ᠨᠥᠯᠥᠭᠡ ᠪᠦᠬᠦᠢ ᠥᠭᠡᠷᠡᠴᠢᠯᠡᠯᠲᠡ ᠭᠠᠷᠴᠤ ᠬᠥᠮᠦᠨ ᠳᠦᠷᠰᠦᠲᠦ ᠪᠡᠴᠢᠨ ᠨᠦ᠍ᠭᠦᠳ ᠭᠠᠵᠠᠷ ᠤ᠋ᠨ ᠨᠠᠮ ᠳ᠋ᠤ᠌ ᠤᠷᠭᠤᠭᠰᠠᠨ ᠪᠡᠯᠡᠨ ᠵᠢᠮᠢᠰ᠂ ᠨᠣᠭᠣᠭ᠎ᠠ᠂ ᠮᠥᠭᠥ᠂ ᠦᠨᠳᠦᠰᠦ ᠢᠳᠡᠬᠦ ᠪᠣᠯᠤᠮᠵᠢ ᠦᠭᠡᠢ ᠪᠣᠯᠬᠤ ᠳ᠋ᠤ᠌ ᠮᠣᠳᠣᠨ ᠳ᠋ᠤ᠌ ᠪᠠᠢᠭ᠎ᠠ ᠵᠢᠮᠢᠰ᠂ ᠰᠠᠮᠤᠷ ᠢ᠋ ᠠᠪᠴᠤ ᠢᠳᠡᠬᠦ ᠶ᠋ᠢᠨ ᠲᠤᠯᠠᠳᠠ ᠤᠷᠢᠳᠤ ᠬᠣᠶᠠᠷ ᠬᠥᠯ ᠢ᠋ᠶ᠋ᠡᠷ ᠢ᠋ᠶ᠋ᠡᠨ ᠮᠣᠳᠣᠨ ᠳ᠋ᠤ᠌ ᠴᠣᠷᠣᠢᠬᠤ᠂ ᠨᠢᠭᠡ ᠮᠣᠳᠣᠨ ᠠ᠋ᠴᠠ ᠨᠥᠭᠦᠭᠡ ᠳ᠋ᠦ᠍ ᠳᠡᠭᠦᠯᠢᠬᠦ᠂ ᠮᠥᠴᠢᠷ ᠳᠡᠭᠡᠷ᠎ᠡ ᠰᠠᠭᠤᠵᠤ ᠵᠢᠮᠢᠰ ᠰᠠᠮᠤᠷ ᠢᠳᠡᠬᠦ᠂ ᠳᠠᠢᠰᠤᠨ ᠠ᠋ᠴᠠ ᠪᠡᠶ᠎ᠡ ᠬᠠᠮᠠᠭᠠᠯᠠᠨ ᠲᠤᠯᠤᠯᠳᠤᠬᠤ ᠵᠡᠷᠭᠡ ᠪᠡᠷ ᠬᠥᠳᠡᠯᠮᠦᠷᠢᠯᠡᠭᠰᠡᠨ ᠦ᠌ ᠦᠷ᠎ᠡ ᠳ᠋ᠦᠩ ᠳ᠋ᠦ᠍ ᠤᠷᠢᠳᠤ ᠬᠣᠶᠠᠷ ᠬᠥᠯ ᠨᠢ ᠭᠠᠷ ᠪᠣᠯᠤᠨ ᠬᠤᠪᠢᠷᠠᠵᠠᠢ᠃
     ᠡᠨᠡ ᠲᠤᠬᠠᠢ ᠹ· ᠡᠩᠭᠧᠯᠰ《ᠪᠠᠴᠢ ᠬᠥᠮᠦᠨ ᠪᠣᠯᠬᠤ ᠶᠠᠪᠤᠴᠠ ᠳ᠋ᠤ᠌ ᠬᠥᠳᠡᠯᠮᠦᠷᠢ ᠶ᠋ᠢᠨ ᠦᠢᠯᠡᠳᠦᠯ ᠭᠡᠳᠡᠭ ᠨᠣᠮ ᠳ᠋ᠠᠭᠠᠨ ᠬᠥᠮᠦᠨ ᠳᠦᠷᠰᠦᠲᠦ ᠪᠡᠴᠢᠨ ᠨᠦ᠍ᠭᠦᠳ ᠦ᠋ᠨ ᠤᠷᠢᠳᠤ ᠬᠣᠶᠠᠷ ᠬᠥᠯ ᠭᠠᠷ ᠪᠣᠯᠤᠭᠰᠠᠨ ᠨᠢ ᠬᠥᠳᠡᠯᠮᠦᠷᠢ ᠶ᠋ᠢᠨ ᠦᠷ᠎ᠡ ᠳ᠋ᠦᠩ ᠲᠡᠳᠦᠢ ᠦᠭᠡᠢ ᠬᠥᠳᠡᠯᠮᠦᠷᠢ ᠶ᠋ᠢᠨ ᠪᠦᠲᠦᠭᠡᠯ ᠪᠣᠯᠤᠭᠰᠠᠨ ᠶᠤᠮ ᠭᠡᠵᠦ ᠪᠢᠴᠢᠭᠰᠡᠨ ᠪᠠᠢᠳᠠᠭ᠃ ᠢᠩᠭᠢᠵᠦ ᠪᠡᠴᠢᠨ ᠨᠦ᠍ᠭᠦᠳ ᠬᠣᠢᠲᠤ ᠬᠥᠯ ᠳᠡᠭᠡᠷ᠎ᠡ ᠪᠡᠨ ᠶᠠᠪᠤᠳᠠᠭ ᠪᠣᠯᠤᠭᠰᠠᠨ ᠨᠢ ᠣᠷᠴᠢᠨ ᠢ᠋ ᠴᠢᠯᠥᠭᠡᠲᠡᠢ ᠬᠠᠷᠠᠵᠤ ᠰᠡᠳᠬᠢᠬᠦᠢ ᠬᠥᠭᠵᠢᠬᠦ ᠠᠯᠬᠤᠮ ᠪᠣᠯᠵᠠᠢ᠃
ᠡᠭᠦᠨ ᠢ᠋ᠶ᠋ᠡᠷ ᠦᠯᠦ ᠪᠠᠷᠠᠮ ᠬᠥᠳᠡᠯᠮᠦᠷᠢ ᠶ᠋ᠢᠨ ᠠᠴᠢ ᠪᠠᠷ ᠪᠡᠶ᠎ᠡ ᠪᠡᠶ᠎ᠡ ᠪᠡᠨ ᠳᠡᠮᠵᠢᠬᠦ ᠬᠠᠮᠲᠤ ᠶ᠋ᠢᠨ ᠠᠵᠢᠯᠯᠠᠭ᠎ᠠ ᠪᠣᠢ ᠪᠣᠯᠵᠤ᠂ ᠬᠣᠭᠣᠷᠣᠨᠳᠣ ᠪᠠᠨ ᠰᠠᠨᠠᠭ᠎ᠠ ᠪᠠᠨ ᠰᠣᠯᠢᠯᠴᠠᠬᠤ ᠠᠩᠬᠠᠨ ᠤ᠋ ᠬᠡᠯᠡ ᠶᠠᠷᠢᠶ᠎ᠠ ᠶ᠋ᠢᠨ ᠡᠬᠢ ᠰᠤᠷᠪᠤᠯᠵᠢ ᠪᠣᠯᠬᠤ ᠳᠣᠬᠢᠶ᠎ᠠ ᠵᠠᠩᠭᠠᠭ᠎ᠠ ᠡᠭᠦᠰᠴᠡᠢ᠃ ᠢᠩᠭᠢᠵᠦ ᠬᠡᠯᠡ ᠶᠠᠷᠢᠶ᠎ᠠ ᠡᠭᠦᠰᠦᠭᠰᠡᠨ ᠡᠴᠡ ᠤᠭᠤᠷᠠᠭ ᠲᠠᠷᠢᠬᠢ ᠶ᠋ᠢᠨ ᠪᠦᠲᠦᠴᠡ ᠳ᠋ᠦ᠍ ᠥᠭᠡᠷᠡᠴᠢᠯᠡᠯᠲᠡ ᠭᠠᠷᠴᠤ ᠪᠡᠴᠢᠨ ᠦ᠌ ᠦᠶ᠎ᠡ ᠶ᠋ᠢᠨ ᠬᠢ ᠡᠴᠡ ᠶᠡᠬᠡᠬᠡᠨ ᠬᠥᠭᠵᠢᠵᠦ᠂ ᠪᠠᠢᠭᠠᠯᠢ ᠶ᠋ᠢᠨ ᠪᠡᠯᠡᠨ ᠮᠣᠳᠣ ᠴᠢᠯᠠᠭᠤ ᠪᠠᠷᠢᠵᠤ ᠵᠡᠪᠰᠡᠭᠯᠡᠳᠡᠭ ᠪᠠᠢᠭᠰᠠᠨ ᠦᠶ᠎ᠡ ᠡᠴᠡ ᠮᠣᠳᠣ ᠴᠢᠯᠠᠭᠤ ᠶ᠋ᠢ ᠵᠠᠰᠠᠵᠤ ᠪᠠᠭᠠᠵᠢ ᠵᠡᠪᠰᠡᠭ ᠬᠢᠵᠦ ᠡᠬᠢᠯᠡᠭᠰᠡᠨ ᠨᠢ ᠵᠡᠷᠯᠢᠭ ᠢ᠋ᠶ᠋ᠡᠷ ᠶᠠᠪᠤᠭᠰᠠᠨ ᠠᠳᠤᠭᠤᠰᠤᠨ ᠰᠦᠷᠦᠭ ᠡᠴᠡ ᠲᠠᠰᠤᠷᠠᠵᠤ ᠬᠥᠮᠦᠨ ᠦ᠌ ᠨᠡᠢᠭᠡᠮ ᠪᠠᠢᠭᠤᠯᠬᠤ ᠡᠭᠦᠳᠡ ᠶ᠋ᠢ ᠨᠡᠭᠡᠭᠡᠵᠡᠢ᠃ ᠬᠥᠮᠦᠨ ᠲᠥᠷᠥᠯᠬᠢᠲᠡᠨ ᠢᠩᠭᠢᠵᠦ ᠠᠳᠤᠭᠤᠰᠤᠨ ᠰᠦᠷᠦᠭ ᠡᠴᠡ ᠪᠡᠨ ᠲᠠᠰᠤᠷᠠᠵᠤ ᠬᠥᠮᠦᠨ ᠦ᠌ ᠨᠡᠢᠭᠡᠮ ᠦ᠋ᠨ ᠵᠠᠮ ᠳ᠋ᠤ᠌ ᠬᠦᠷᠬᠦ ᠳ᠋ᠦ᠍ ᠠᠰᠤᠷᠤ ᠤᠷᠲᠤ ᠤᠳᠠᠭᠠᠨ ᠬᠤᠭᠤᠴᠠᠭ᠎ᠠ ᠥᠩᠭᠡᠷᠡᠭᠰᠡᠨ ᠪᠣᠯᠪᠠᠴᠤ ᠲᠤᠬᠠᠢ ᠶ᠋ᠢᠨ ᠠᠮᠢᠳᠤᠷᠠᠯ ᠤ᠋ᠨ ᠡᠷᠬᠡᠰᠢᠶᠡᠯ ᠳ᠋ᠦ᠍ ᠨᠢᠭᠡ ᠬᠡᠪ ᠢ᠋ᠶ᠋ᠡᠷ ᠪᠠᠢᠬᠰᠨ ᠥᠬᠡᠢ ᠣᠷᠴᠢᠨ ᠨᠥᠯᠥᠭᠡ ᠲᠡᠢ ᠵᠣᠬᠢᠴᠠᠬᠤ ᠶ᠋ᠢᠨ ᠲᠤᠯᠠ ᠬᠣᠭᠣᠯᠠ ᠬᠦᠨᠡᠰᠦ ᠣᠯᠵᠤ ᠢᠳᠡᠬᠦ᠂ ᠪᠠᠢᠭᠠᠯᠢ᠂ ᠴᠠᠭ ᠠᠭᠤᠷ ᠤ᠋ᠨ ᠨᠥᠯᠥᠭᠡ ᠲᠡᠢ ᠵᠣᠬᠢᠴᠠᠨ ᠠᠮᠢᠳᠤᠷᠠᠬᠤ ᠶ᠋ᠢᠨ ᠲᠤᠯᠠᠳᠠ ᠬᠤᠪᠴᠠᠰᠤ ᠬᠤᠨᠠᠷ᠂ ᠣᠷᠣᠨ ᠰᠠᠭᠤᠴᠠ ᠵᠡᠷᠭᠡ ᠬᠡᠷᠡᠭ ᠲᠡᠢ ᠪᠦᠬᠦᠨ ᠢ᠋ᠶ᠋ᠡᠨ ᠬᠢᠵᠦ ᠬᠡᠷᠡᠭᠯᠡᠵᠦ ᠢᠷᠡᠵᠡᠢ᠃
     ᠪᠢᠳᠡᠨ ᠦ᠌ ᠡᠪᠦᠭᠡ ᠳᠡᠭᠡᠳᠦᠰ ᠪᠠᠯᠠᠷ ᠡᠷᠲᠡ ᠦᠶ᠎ᠡ ᠳ᠋ᠦ᠍ ᠪᠠᠢᠭᠠᠯᠢ ᠶ᠋ᠢᠨ ᠤᠷᠠᠯᠠᠨ ᠪᠦᠲᠦᠭᠡᠭᠰᠡᠨ ᠬᠠᠳᠠᠨ ᠠᠭᠤᠢ᠂ ᠡᠯᠡᠰᠦᠨ ᠨᠦᠬᠡ᠂ ᠮᠣᠳᠣᠨ ᠬᠣᠩᠭᠢᠯ ᠵᠡᠷᠭᠡ ᠠᠯᠢ ᠲᠠᠭᠠᠷᠠᠯᠳᠤᠭᠰᠠᠨ ᠪᠦᠬᠦᠨ ᠳ᠋ᠦ᠍ ᠬᠣᠷᠭᠣᠳᠠᠵᠤ᠂ ᠬᠠᠯᠠᠭᠤᠨ ᠬᠦᠢᠲᠡᠨ᠂ ᠠᠷᠢᠶᠠᠲᠠᠨ ᠠᠮᠢᠲᠠᠨ ᠠ᠋ᠴᠠ ᠪᠡᠶ᠎ᠡ ᠪᠡᠨ ᠬᠠᠮᠠᠭᠠᠯᠠᠵᠤ ᠪᠠᠢᠭᠰᠠᠨ ᠪᠣᠯ ᠠᠩ ᠠᠮᠢᠲᠠᠨ᠂ ᠵᠢᠮᠢᠰ᠂ ᠨᠣᠭᠣᠭᠠᠨ ᠤ᠋ ᠠᠶᠠᠰ ᠢ᠋ ᠳᠠᠭᠠᠵᠤ ᠨᠡᠭᠦᠳᠡᠯᠯᠡᠨ ᠠᠮᠢᠳᠤᠷᠠᠬᠤ ᠳ᠋ᠤ᠌ ᠲᠣᠬᠢᠷᠠᠭᠤᠯᠤᠨ ᠲᠠᠭᠠᠷᠠᠯᠳᠤᠭᠰᠠᠨ ᠠᠭᠤᠢ ᠨᠦᠬᠡᠨ ᠳ᠋ᠦ᠍ ᠪᠢᠰᠢ ᠥᠪᠡᠷ ᠦ᠋ᠨ ᠭᠡᠬᠦ ᠨᠦᠬᠡ᠂ ᠠᠭᠤᠢ ᠤᠬᠤᠵᠤ ᠬᠣᠷᠭᠣᠳᠠᠬᠤ᠂ ᠪᠠᠢᠭᠠᠯᠢ ᠶ᠋ᠢᠨ ᠪᠡᠯᠡᠨ ᠮᠣᠳᠣ ᠴᠤᠭᠯᠠᠭᠤᠯᠵᠤ ᠣᠷᠣᠢ ᠶ᠋ᠢ ᠵᠥᠷᠢᠭᠦᠯᠦᠨ ᠬᠣᠯᠪᠣᠨ ᠣᠪᠣᠬᠠᠢ ᠬᠢᠵᠦ ᠠᠩ ᠠᠮᠢᠲᠠᠨ ᠤ᠋ ᠠᠷᠠᠰᠤ ᠰᠢᠷᠢ᠂ ᠮᠣᠳᠣᠨ ᠮᠥᠴᠢᠷ᠂ ᠲᠣᠮᠣ ᠨᠠᠪᠴᠢ ᠪᠠᠷ ᠬᠠᠯᠬᠠᠯᠠᠨ ᠪᠠᠢᠩᠭᠤ ᠶ᠋ᠢᠨ ᠪᠠᠢᠷᠢ ᠲᠠᠢ ᠪᠣᠯᠵᠠᠢ᠃
     ᠡᠭᠦᠨ ᠦ᠌ ᠨᠢᠭᠡ ᠠᠳᠠᠯᠢ ᠬᠥᠮᠦᠨ ᠦ᠌ ᠡᠮᠦᠰᠬᠦ ᠬᠤᠪᠴᠠᠰᠤ ᠴᠤ᠌ ᠬᠥᠮᠦᠨ ᠦ᠌ ᠨᠡᠢᠭᠡᠮ ᠦ᠋ᠨ ᠲᠡᠦᠬᠡ ᠲᠡᠢ ᠬᠠᠮᠲᠤ ᠡᠭᠦᠰᠴᠡᠢ᠃ ᠪᠠᠢᠭᠠᠯᠢ ᠴᠠᠭ ᠠᠭᠤᠷ ᠤ᠋ᠨ ᠵᠣᠬᠢᠰ ᠦᠭᠡᠢ ᠨᠥᠯᠦᠭᠡᠨ ᠳ᠋ᠦ᠍ ᠥᠪᠡᠷ ᠲᠤ ᠵᠠᠶᠠᠭᠠᠭᠰᠠᠨ ᠦᠰᠦ ᠠᠷᠠᠰᠤ ᠪᠠᠷ ᠠᠮᠢᠳᠤᠷᠠᠬᠤ ᠨᠥᠬᠥᠴᠡᠯ ᠦᠭᠡᠢ ᠪᠣᠯᠬᠤ ᠳ᠋ᠤ᠌ ᠬᠥᠮᠦᠨ᠂ ᠠᠯᠠᠵᠤ ᠢᠳᠡᠭᠰᠡᠨ ᠠᠩ ᠤ᠋ᠨ ᠢ᠋ᠶ᠋ᠠᠨ ᠠᠷᠠᠰᠤ ᠶ᠋ᠢ ᠨᠥᠮᠥᠷᠬᠦ᠂ ᠳᠡᠪᠢᠰᠬᠦ ᠵᠡᠷᠭᠡ ᠪᠡᠷ ᠬᠡᠷᠡᠭᠯᠡᠵᠦ ᠪᠠᠢᠭᠰᠠᠨ ᠢ᠋ᠶ᠋ᠠᠨ ᠬᠤᠪᠴᠠᠰᠤᠨ ᠬᠡᠯᠪᠡᠷᠢ ᠳ᠋ᠦ᠍ ᠰᠢᠯᠵᠢᠵᠡᠢ᠃ ᠡᠨᠡ ᠲᠤᠬᠠᠢ《ᠡᠷᠲᠡᠨ ᠦ᠌ ᠳᠡᠯᠡᠬᠡᠢ ᠶ᠋ᠢᠨ ᠲᠡᠦᠬᠡ ᠶ᠋ᠢᠨ ᠳᠡᠭᠡᠳᠦᠰ ᠪᠢᠴᠢᠭ》 ᠭᠡᠳᠡᠭ ᠨᠣᠮ ᠳ᠋ᠤ᠌ ᠴ᠂ ᠰᠠᠩᠵᠢᠶᠠᠰᠦ᠋ᠷᠦᠩ ᠳᠤᠷᠠᠳᠬᠤ ᠳ᠋ᠠᠭᠠᠨ᠄ ᠴᠠᠭ ᠠᠭᠤᠷ ᠤ᠋ᠨ ᠪᠠᠢᠳᠠᠯ ᠠ᠋ᠴᠠ ᠰᠢᠯᠲᠠᠭᠠᠯᠠᠵᠤ ᠬᠦᠢᠲᠡᠨ ᠠᠭᠤᠷ ᠠᠮᠢᠰᠬᠤᠯ ᠲᠠᠢ ᠨᠤᠲᠤᠭ ᠲᠤ᠌ ᠡᠬᠢᠯᠡᠵᠦ ᠬᠤᠪᠴᠠᠰᠤ ᠡᠭᠦᠰᠦᠭᠰᠡᠨ ᠪᠠ ᠠᠩᠬᠠᠨ ᠬᠤᠪᠴᠠᠰᠤ ᠪᠠᠩᠵᠠᠯ᠂ ᠪᠦᠰᠡ᠂ ᠬᠣᠷᠮᠣᠢᠪᠴᠢ ᠪᠠᠢᠭᠰᠠᠨ ᠪᠥᠭᠡᠳ ᠬᠠᠨᠴᠤᠢ ᠲᠠᠢ ᠬᠤᠪᠴᠠᠰᠤ᠂ ᠬᠣᠵᠢᠭᠤ ᠡᠭᠦᠰᠦᠭᠰᠡᠨ ᠭᠡᠵᠦ ᠪᠢᠴᠢᠵᠢ᠃ ᠬᠥᠮᠦᠨ ᠲᠥᠷᠥᠯᠬᠢᠲᠡᠨ ᠦ᠌ ᠡᠷᠲᠡ ᠦᠶ᠎ᠡ ᠶ᠋ᠢᠨ ᠤᠯᠠ ᠮᠥᠷ ᠪᠣᠯᠵᠤ ᠦᠯᠡᠳᠡᠭᠡᠰᠡ ᠬᠠᠳᠠᠨ ᠤ᠋ ᠰᠦᠭ ᠵᠢᠷᠤᠭ᠂ ᠵᠠᠷᠢᠮ ᠨᠣᠮ ᠵᠣᠬᠢᠶᠠᠯ ᠳ᠋ᠤ᠌ ᠪᠠᠢᠭ᠎ᠠ ᠵᠢᠷᠤᠭ ᠢ᠋ ᠠᠵᠢᠭᠯᠠᠬᠤ ᠳ᠋ᠤ᠌ ᠵᠠᠬ᠎ᠠ᠂ ᠡᠩᠭᠡᠷ᠂ ᠬᠠᠨᠴᠤᠢ ᠦᠭᠡᠢ ᠪᠣᠭᠣᠨᠢ ᠠᠷᠠᠰᠤᠨ ᠳᠡᠪᠡᠯ᠂ ᠡᠰᠡᠪᠡᠯ ᠭᠠᠭᠴᠠ ᠠᠩ ᠤ᠋ᠨ ᠠᠷᠠᠰᠤ ᠶ᠋ᠢ ᠲᠣᠯᠣᠭᠠᠢ ᠶ᠋ᠢ ᠨᠢ ᠳᠡᠭᠡᠭᠰᠢ ᠬᠠᠷᠠᠭᠤᠯᠵᠤ ᠤᠭᠤᠴᠠ ᠳ᠋ᠠᠭᠠᠨ ᠪᠠᠷᠢᠵᠤ ᠪᠣᠭᠣᠭᠰᠠᠨ ᠪᠠᠢᠳᠠᠭ ᠠ᠋ᠴᠠ ᠦᠵᠡᠬᠦ ᠳ᠋ᠦ᠍ ᠬᠠᠨᠴᠤᠢ ᠲᠠᠢ ᠬᠤᠪᠴᠠᠰᠤ ᠬᠣᠵᠢᠭᠤ ᠡᠭᠦᠰᠦᠭᠰᠡᠨ ᠪᠣᠯᠬᠤ ᠨᠢ ᠲᠣᠳᠣᠷᠬᠠᠢ ᠶᠤᠮ
     ᠬᠥᠮᠦᠨ ᠦ᠌ ᠬᠤᠪᠴᠠᠰᠤ᠂ ᠣᠷᠣᠨ ᠰᠠᠭᠤᠴᠠ ᠭᠠᠷ ᠤᠷᠠᠯᠠᠯ ᠤ᠋ᠨ ᠠᠩᠬᠠᠨ ᠤ᠋ ᠡᠭᠦᠰᠪᠦᠷᠢ ᠪᠣᠯᠬᠣᠷ ᠡᠨᠡ ᠲᠤᠬᠠᠢ ᠬᠥᠮᠦᠨ ᠦ᠌ ᠨᠡᠢᠭᠡᠮ ᠦ᠋ᠨ ᠬᠥᠭᠵᠢᠯ ᠦ᠋ᠨ ᠦᠶ᠎ᠡ ᠱᠠᠲᠤ ᠲᠠᠢ ᠬᠣᠯᠪᠣᠵᠤ ᠵᠠᠷᠢᠮ ᠵᠦᠢᠯ ᠢ᠋ ᠲᠣᠪᠴᠢ ᠳᠤᠷᠠᠳᠤᠶ᠎ᠠ᠃
     ᠬᠥᠮᠦᠨ ᠦ᠌ ᠨᠡᠢᠭᠡᠮ ᠦ᠋ᠨ ᠬᠥᠭᠵᠢᠯ ᠦ᠋ᠨ ᠠᠩᠬᠠᠨ ᠤ᠋ ᠦᠶ᠎ᠡ ᠱᠠᠲᠤ ᠪᠣᠯᠬᠤ ᠬᠦᠢ ᠨᠢᠭᠡᠳᠦᠯ ᠦ᠋ᠨ ᠨᠡᠢᠭᠡᠮ ᠪᠤᠰᠤᠳ ᠨᠡᠢᠭᠡᠮ ᠡᠴᠡ ᠠᠰᠤᠷᠤ ᠤᠷᠲᠤ ᠬᠤᠭᠤᠴᠠᠭ᠎ᠠ ᠲᠤᠭᠤᠯᠵᠤ ᠢᠷᠡᠭᠰᠡᠨ ᠪᠥᠭᠡᠳ ᠲᠤᠬᠠᠢᠯᠠᠪᠠᠯ ᠳᠥᠴᠢ ᠭᠠᠷᠤᠢ ᠰᠠᠶ᠎ᠠ ᠵᠢᠯ ᠦ᠋ᠨ ᠬᠤᠭᠤᠴᠠᠭ᠎ᠠ ᠥᠩᠭᠡᠷᠡᠭᠡᠭᠰᠡᠨ ᠭᠡᠵᠦ ᠡᠷᠳᠡᠮᠲᠡᠨ ᠨᠤᠲᠠᠯᠠᠳᠠᠭ᠃ ᠬᠦᠢ ᠨᠢᠭᠡᠳᠦᠯ ᠦ᠋ᠨ ᠨᠡᠢᠭᠡᠮ ᠢ᠋ ᠴᠢᠯᠠᠭᠤᠨ᠂ ᠬᠦᠷᠡᠯ᠂ ᠲᠡᠮᠦᠷ ᠵᠡᠪᠰᠡᠭ ᠦ᠋ᠨ ᠦᠶ᠎ᠡ ᠭᠡᠵᠦ ᠭᠤᠷᠪᠠᠨ ᠦᠶ᠎ᠡ ᠱᠠᠲᠤ ᠬᠤᠪᠢᠶᠠᠳᠠᠭ ᠨᠢ ᠲᠡᠭᠦᠨ ᠦ᠌ ᠬᠡᠷᠡᠭᠯᠡᠵᠦ ᠢᠷᠡᠭᠰᠡᠨ ᠪᠠᠭᠠᠵᠢ ᠵᠡᠪᠰᠡᠭ ᠦ᠋ᠨ ᠬᠥᠭᠵᠢᠯ ᠢ᠋ᠶ᠋ᠡᠷ ᠠᠩᠭᠢᠯᠠᠭᠰᠠᠨ ᠬᠡᠷᠡᠭ ᠪᠢᠯᠡ᠃ ᠡᠭᠦᠨ ᠦ᠌ ᠳᠣᠲᠣᠷ᠎ᠠ ᠠ᠋ᠴᠠ ᠴᠢᠯᠠᠭᠤᠨ ᠵᠡᠪᠰᠡᠭ ᠦ᠋ᠨ ᠦᠶ᠎ᠡ ᠶ᠋ᠢ ᠬᠠᠭᠤᠴᠢᠨ᠂ ᠳᠤᠮᠳᠠ᠂ ᠰᠢᠨ᠎ᠡ ᠴᠢᠯᠠᠭᠤᠨ ᠵᠡᠪᠰᠡᠭ ᠦ᠋ᠨ ᠦᠶ᠎ᠡ ᠭᠡᠵᠦ ᠢᠯᠭᠠᠳᠠᠭ᠃ ᠬᠠᠭᠤᠴᠢᠨ ᠴᠢᠯᠠᠭᠤᠨ ᠵᠡᠪᠰᠡᠭ ᠦ᠋ᠨ ᠮᠠᠨ ᠤ᠋ ᠡᠷᠢᠨ ᠦ᠌ ᠡᠮᠦᠨᠡᠬᠢ12 ᠮᠢᠩᠭᠠᠨ ᠵᠢᠯ ᠪᠥᠭᠡᠳ ᠮᠥᠰᠥᠲᠦᠯᠲᠡ ᠡᠴᠡ ᠡᠮᠦᠨᠡᠬᠢ ᠦᠶ᠎ᠡ ᠶᠦᠮ᠃ ᠡᠨᠡ ᠦᠶ᠎ᠡ ᠶ᠋ᠢᠨ ᠭᠠᠷ ᠤᠷᠠᠯᠠᠯ ᠮᠣᠳᠣ ᠴᠢᠯᠠᠭᠤ᠂ ᠮᠣᠳᠣᠨ ᠤ᠋ ᠬᠣᠯᠲᠣᠰᠣ ᠪᠣᠯᠪᠠᠰᠤᠷᠠᠭᠤᠯᠵᠤ ᠬᠡᠷᠡᠭᠯᠡᠬᠦ᠂ ᠠᠷᠠᠰᠤ ᠨᠡᠬᠡᠢ ᠡᠯᠳᠡᠬᠦ᠂ ᠢᠰᠡᠭᠡᠢ ᠬᠢᠬᠦ᠂ ᠰᠦᠯᠵᠢᠮᠡᠯ᠂ ᠡᠳ᠋ᠯᠡᠯ᠂ ᠸᠠᠭᠠᠷ ᠰᠠᠪᠠ ᠬᠢᠵᠦ ᠪᠠᠢᠵᠠᠢ᠃ ᠰᠦᠯᠵᠢᠮᠡᠯ ᠢ᠋ ᠤᠷᠭᠤᠮᠠᠯ ᠤ᠋ᠨ ᠰᠢᠯᠪᠢ᠂ ᠦᠰᠦ᠂ ᠨᠣᠣᠰᠣ᠂ ᠠᠷᠠᠰᠤ ᠵᠡᠷᠭᠡ ᠪᠡᠷ ᠴᠢᠬᠢᠷᠰᠦ᠂ ᠰᠠᠭᠰᠤ᠂ ᠲᠣᠣᠷ᠂ ᠪᠥᠰ᠂ ᠳᠡᠭᠡᠰᠦ᠂ ᠴᠦᠩᠬᠦ ᠰᠦᠯᠵᠢᠳᠡᠭ ᠪᠠᠢᠵᠠᠢ᠃ ᠰᠢᠪᠡᠷ ᠰᠠᠪᠠ ᠰᠠᠭᠤᠯᠠᠭ᠎ᠠ ᠶ᠋ᠢ ᠠᠩᠬ᠎ᠠ ᠡᠮᠡᠭᠲᠡᠢᠴᠦᠳ ᠡᠬᠢᠯᠡᠵᠦ ᠬᠢᠭᠰᠡᠨ ᠤᠴᠠᠷ ᠡᠮᠡᠭᠲᠡᠢ ᠬᠥᠮᠦᠨ ᠦ᠌ ᠠᠩᠬᠠᠨ ᠤ᠋ ᠤᠷᠠᠯᠠᠯ ᠪᠣᠯᠵᠠᠢ᠃ ᠲᠡᠷᠡ ᠦᠶ᠎ᠡ ᠳ᠋ᠦ᠍ ᠴᠡᠪᠡᠷ ᠮᠠᠲ᠋ᠧᠷᠢᠶᠠᠯ ᠬᠣᠪᠣᠷ᠂ ᠲᠡᠭᠦᠨ ᠢ᠋ ᠭᠠᠷᠭᠠᠨ ᠠᠪᠬᠤ ᠶ᠋ᠢ ᠮᠡᠳᠡᠳᠡᠭ ᠦᠭᠡᠢ ᠪᠠᠢᠭᠰᠠᠨ ᠪᠠᠢᠨ᠎ᠠ᠃ ᠬᠥᠮᠦᠨ ᠲᠥᠷᠥᠯᠬᠢᠲᠡᠨ ᠮᠠᠲ᠋ᠧᠷᠢᠶᠠᠯ ᠤ᠋ᠨ ᠵᠦᠢᠯ ᠡᠴᠡ ᠬᠠᠮᠤᠭ ᠤ᠋ᠨ ᠲᠦᠷᠦᠭᠦᠯᠡᠵᠦ ᠬᠢᠲᠤᠭ᠎ᠠ᠂ ᠰᠢᠪᠦᠭᠡ᠂ ᠭᠣᠶᠣᠯ ᠤ᠋ᠨ ᠠᠶᠠᠭ᠎ᠠ ᠬᠢᠳᠡᠭ ᠪᠠᠢᠵᠠᠢ(《ᠡᠷᠲᠡᠨ ᠦ᠌ ᠳᠡᠯᠡᠬᠡᠢ ᠶ᠋ᠢᠨ ᠲᠡᠦᠬᠡ ᠶ᠋ᠢᠨ ᠳᠡᠭᠡᠵᠢᠰ ᠪᠢᠴᠢᠭ》᠂ ᠴ· ᠰᠠᠩᠵᠡᠢᠰᠥ᠋ᠷᠦᠩ᠂ ᠤᠯᠠᠭᠠᠨᠪᠠᠭᠠᠲᠤᠷ᠂1985.10 ᠳ᠋ᠠᠬᠢ ᠲᠠᠯ᠎ᠠ)᠃
   ᠡᠨᠡ ᠦᠶ᠎ᠡ ᠳ᠋ᠦ᠍ ᠬᠥᠮᠦᠨ ᠦ᠌ ᠨᠡᠢᠭᠡᠮ ᠦ᠋ᠨ ᠬᠠᠮᠤᠭ ᠤ᠋ᠨ ᠤᠤᠭᠠᠨ ᠤᠷᠠᠯᠠᠯ ᠭᠡᠭᠳᠡᠬᠦ ᠳᠦᠷᠰᠦᠯᠡᠬᠦ ᠤᠷᠠᠯᠢᠭ ᠤ᠋ᠨ ᠨᠢᠭᠡ ᠵᠦᠢᠯ ᠪᠣᠯᠬᠤ ᠤᠷᠠᠨ ᠦᠢᠯᠡ ᠶ᠋ᠢᠨ ᠡᠬᠢ ᠰᠠᠭᠤᠷᠢ ᠲᠠᠯᠪᠢᠭᠳᠠᠵᠠᠢ᠃ ᠨᠢᠭᠡ ᠦᠭᠡ ᠪᠡᠷ ᠬᠡᠯᠡᠬᠦ ᠳ᠋ᠦ᠍ ᠬᠥᠮᠦᠨ ᠬᠤᠪᠴᠠᠰᠤ ᠡᠮᠦᠰᠬᠦ ᠪᠣᠯᠤᠭᠰᠠᠨ ᠦᠶ᠎ᠡ ᠪᠤᠶᠤ ᠳᠦᠷᠰᠦᠯᠡᠬᠦ ᠤᠷᠠᠯᠢᠭ ᠤ᠋ᠨ ᠬᠥᠭᠵᠢᠯ ᠦ᠋ᠨ ᠦᠶ᠎ᠡ ᠱᠠᠲᠤ ᠨᠤᠭᠤᠳ ᠲᠠᠢ ᠬᠣᠯᠪᠣᠵᠤ ᠦᠵᠡᠬᠦ ᠶᠣᠰᠣᠲᠠᠢ ᠶᠤᠮ᠃ ᠳᠦᠷᠰᠦᠯᠡᠬᠦ ᠤᠷᠠᠯᠢᠭ ᠢ᠋ ᠬᠠᠭᠤᠴᠢᠨ ᠵᠡᠪᠰᠡᠭ ᠦ᠋ᠨ ᠦᠶ᠎ᠡ ᠡᠴᠡ ᠡᠬᠢᠯᠡᠭᠰᠡᠨ ᠭᠡᠵᠦ ᠦᠵᠡᠳᠡᠭ᠃ ᠡᠨᠡ ᠦᠶ᠎ᠡ ᠳ᠋ᠦ᠍ ᠬᠠᠳᠠ᠂ ᠴᠢᠯᠠᠭᠤ᠂ ᠮᠣᠳᠣ᠂ ᠶᠠᠰᠤ᠂ ᠡᠪᠡᠷ ᠳᠡᠭᠡᠷ᠎ᠡ ᠰᠡᠢᠯᠦᠮᠡᠯ ᠳᠦᠷᠰᠦ ᠭᠠᠷᠭᠠᠵᠤ ᠡᠬᠢᠯᠡᠵᠡᠢ᠃ ᠪᠣᠳᠣᠭ ᠲᠤ ᠰᠢᠷ᠎ᠠ᠂ ᠤᠯᠠᠭᠠᠨ᠂ ᠬᠦᠷᠡᠩ ᠵᠣᠰᠣ᠂ ᠬᠦ ᠶ᠋ᠢ ᠬᠡᠷᠡᠭᠯᠡᠵᠦ ᠪᠠᠢᠭᠰᠠᠨ ᠨᠢ ᠤᠷᠠᠨ ᠦᠢᠯᠡ ᠳ᠋ᠦ᠍ ᠲᠤᠰᠬᠠᠭᠳᠠᠵᠤ᠂ ᠦᠢᠯᠡ ᠶ᠋ᠢᠨ ᠥᠩᠭᠡ ᠦᠵᠡᠮᠵᠢ ᠶ᠋ᠢ ᠰᠠᠢᠬᠠᠨ ᠪᠣᠯᠭᠠᠬᠤ ᠠᠩᠬᠠᠨ ᠤ᠋ ᠣᠷᠣᠯᠳᠣᠯᠭ᠎ᠠ ᠪᠠᠢᠵᠠᠢ᠃
   ᠬᠠᠭᠤᠴᠢᠨ ᠴᠢᠯᠠᠭᠤᠨ ᠵᠡᠪᠰᠡᠭ ᠦ᠋ᠨ ᠦᠶ᠎ᠡ ᠳ᠋ᠦ᠍ ᠡᠷᠡᠭᠲᠡᠢᠴᠦᠳ ᠠᠩ ᠠᠩᠨᠠᠬᠤ᠂ ᠵᠢᠭᠠᠰᠤ ᠪᠠᠷᠢᠬᠤ ᠠᠵᠢᠯ ᠡᠷᠬᠢᠯᠡᠵᠦ᠂ ᠡᠮᠡᠭᠲᠡᠢᠴᠦᠳ ᠣᠢ ᠠ᠋ᠴᠠ ᠵᠢᠮᠢᠰ ᠮᠥᠭᠥ ᠲᠡᠭᠦᠬᠦ᠂ ᠠᠷᠠᠰᠤ ᠨᠡᠬᠡᠢ ᠡᠯᠳᠡᠬᠦ ᠵᠡᠷᠭᠡ ᠠᠵᠢᠯ ᠢ᠋ ᠡᠷᠬᠢᠯᠡᠳᠡᠭ ᠪᠠᠢᠭᠰᠠᠨ ᠲᠤᠬᠠᠢ ᠪᠢᠴᠢᠭᠰᠡᠨ ᠡᠴᠡ ᠦᠵᠡᠬᠦ ᠳ᠋ᠦ᠍ ᠡᠮᠡᠭᠲᠡᠢ ᠬᠥᠮᠦᠨ ᠦ᠌ ᠤᠷᠠᠨ ᠦᠢᠯᠡ ᠲᠡᠷᠡ ᠦᠶ᠎ᠡ ᠡᠴᠡ ᠡᠬᠢᠯᠡᠭᠰᠡᠨ ᠭᠡᠵᠦ ᠦᠵᠡᠬᠦ ᠪᠣᠯᠣᠮᠵᠢᠲᠠᠢ ᠪᠥᠭᠡᠳ ᠡᠨᠡ ᠦᠶ᠎ᠡ ᠡᠴᠡ ᠡᠬᠡ ᠶ᠋ᠢᠨ ᠡᠷᠬᠡᠲᠦ ᠶᠣᠰᠣ ᠨᠣᠶᠠᠷᠬᠠᠵᠤ ᠤᠷᠠᠯᠠᠨ ᠪᠦᠲᠦᠭᠡᠬᠦ ᠠᠵᠢᠯ ᠳ᠋ᠤ᠌ ᠡᠬᠡ ᠬᠥᠮᠦᠨ ᠦ᠌ ᠬᠠᠳᠠ ᠴᠢᠯᠠᠭᠤᠨ ᠳᠡᠭᠡᠷ᠎ᠡ ᠰᠡᠢᠯᠬᠦ ᠠᠵᠢᠯ ᠶᠡᠬᠡ ᠪᠣᠯᠵᠠᠢ᠃
   ᠬᠠᠭᠤᠴᠢᠨ ᠴᠢᠯᠠᠭᠤᠨ ᠵᠡᠪᠰᠡᠭ ᠦ᠋ᠨ ᠦᠶ᠎ᠡ ᠳ᠋ᠦ᠍ ᠬᠥᠮᠦᠨ ᠪᠥᠭᠡᠮ ᠢ᠋ᠶ᠋ᠡᠷ ᠢ᠋ᠶ᠋ᠡᠨ ᠬᠠᠳᠠᠨ ᠠᠭᠤᠢ ᠳ᠋ᠤ᠌ ᠠᠮᠢᠳᠤᠷᠠᠳᠠᠭ ᠪᠠᠢᠬᠤ ᠳ᠋ᠠᠭᠠᠨ ᠠᠭᠤᠢ ᠳᠣᠲᠣᠷ᠎ᠠ ᠪᠠᠨ ᠡᠯᠳᠡᠪ ᠠᠮᠢᠲᠠᠨ ᠤ᠋ ᠳᠦᠷᠰᠦ ᠶ᠋ᠢ ᠴᠣᠬᠢᠵᠤ ᠰᠡᠢᠯᠬᠦ᠂ ᠤᠯᠠᠭᠠᠨ᠂ ᠰᠢᠷ᠎ᠠ ᠵᠣᠰᠣ ᠪᠠᠷ ᠬᠦᠷᠢᠶ᠎ᠡ ᠭᠠᠷᠭᠠᠨ ᠵᠢᠷᠤᠵᠤ ᠳᠦᠷᠰᠦᠯᠡᠳᠡᠭ ᠪᠠᠢᠭᠰᠠᠨ ᠨᠢ ᠭᠠᠷ ᠤᠷᠠᠯᠢᠭ ᠤ᠋ᠨ ᠡᠬᠢ ᠡᠭᠦᠰᠪᠦᠷᠢ ᠪᠠᠢᠵᠠᠢ᠃ ᠨᠢᠭᠡ ᠦᠭᠡ ᠪᠡᠷ ᠬᠡᠯᠡᠬᠦ ᠳ᠋ᠦ᠍ ᠬᠥᠮᠦᠨ ᠲᠥᠷᠥᠯᠬᠢᠲᠡᠨ ᠦ᠌ ᠪᠠᠯᠠᠷ ᠡᠷᠲᠡ ᠦᠶ᠎ᠡ ᠡᠴᠡ ᠥᠨᠥ ᠶ᠋ᠢᠨ ᠭᠠᠢᠬᠠᠮᠰᠢᠭᠲᠤ ᠤᠷᠠᠯᠢᠭ ᠲᠤ᠌ ᠲᠠᠪᠰᠢᠨ ᠣᠷᠣᠬᠤ ᠠᠩᠬᠠᠨ ᠤ᠋ ᠡᠬᠢᠯᠡᠯ ᠪᠣᠯᠵᠠᠢ᠃
   ᠬᠠᠭᠤᠴᠢᠨ ᠴᠢᠯᠠᠭᠤᠨ ᠵᠡᠪᠰᠡᠭ ᠦ᠋ᠨ ᠦᠶ᠎ᠡ ᠶ᠋ᠢ ᠮᠠᠨ ᠤ᠋ ᠤᠷᠠᠯᠢᠭ ᠰᠤᠳᠤᠯᠤᠭᠴᠢᠳ ᠤᠷᠠᠯᠢᠭ ᠤ᠋ᠨ ᠰᠡᠳᠦᠪ ᠢ᠋ᠶ᠋ᠡᠷ ᠬᠣᠶᠠᠷ ᠬᠤᠪᠢᠶᠠᠳᠠᠭ᠃ ᠨᠢᠭᠡᠳᠦᠭᠡᠷ ᠲᠦ᠍᠂ ᠡᠬᠡ ᠬᠥᠮᠦᠨ ᠦ᠌᠂ ᠳᠦᠷᠰᠦᠯᠡᠯ ᠬᠣᠶᠠᠳᠤᠭᠠᠷ ᠲᠤ᠌᠂ ᠮᠥᠰᠥᠲᠥᠯᠲᠡ ᠶ᠋ᠢᠨ ᠡᠮᠦᠨᠡᠬᠢ ᠦᠶ᠎ᠡ ᠳ᠋ᠦ᠍ ᠠᠮᠢᠳᠤᠷᠠᠵᠤ ᠪᠠᠢᠭᠰᠠᠨ ᠲᠣᠮᠣ᠂ ᠵᠢᠵᠢᠭ ᠠᠮᠢᠲᠠᠳ ᠤ᠋ᠨ ᠳᠦᠷᠰᠦᠯᠡᠯ ᠢ᠋ᠶ᠋ᠡᠷ ᠠᠩᠭᠢᠯᠠᠬᠤ ᠠ᠋ᠴᠠ ᠭᠠᠳᠠᠨ᠎ᠠ ᠳᠦᠷᠰᠦᠯᠡᠯ ᠦ᠋ᠨ ᠬᠤᠪᠢ ᠳ᠋ᠤ᠌ ᠬᠣᠶᠠᠷ ᠠᠩᠭᠢᠯᠠᠵᠤ ᠦᠵᠡᠳᠡᠭ᠃ ᠲᠡᠷᠡ ᠦᠶ᠎ᠡ ᠶ᠋ᠢᠨ ᠵᠢᠷᠤᠭ ᠤᠯᠠᠭᠠᠨ ᠵᠣᠰᠣ ᠪᠣᠳᠣᠭ ᠢ᠋ᠶ᠋ᠠᠷ ᠵᠥᠪᠬᠡᠨ ᠬᠦᠷᠢᠶ᠎ᠡ ᠭᠠᠷᠭᠠᠵᠤ ᠳᠦᠷᠰᠦᠯᠡᠳᠡᠭ ᠵᠢᠷᠤᠭ ᠤ᠋ᠨ ᠵᠣᠬᠢᠶᠠᠮᠵᠢ ᠬᠣᠭᠣᠷᠣᠨᠳᠣ ᠪᠠᠨ ᠬᠣᠯᠪᠣᠭ᠎ᠠ ᠦᠭᠡᠢ᠂ ᠬᠡᠮᠵᠢᠶ᠎ᠡ ᠬᠠᠷᠢᠴᠠᠭ᠎ᠠ ᠨᠠᠷᠢᠨ ᠪᠢᠰᠢ᠂ ᠦᠵᠡᠭᠰᠡᠨ ᠬᠠᠷᠠᠭᠰᠠᠨ ᠶᠠᠭᠤᠮ᠎ᠠ ᠪᠠᠨ ᠨᠢᠭᠡᠨ ᠳ᠋ᠡᠭᠡᠨ ᠳᠠᠮᠵᠢᠭᠤᠯᠵᠤ ᠰᠠᠨᠠᠭ᠎ᠠ ᠪᠠᠨ ᠢᠯᠡᠷᠬᠡᠢᠯᠡᠬᠦ᠂ ᠦᠵᠡᠵᠦ ᠬᠠᠷᠠᠭᠰᠠᠨ ᠦᠭᠡᠢ ᠶᠡᠷᠦ ᠪᠤᠰᠤ ᠶ᠋ᠢᠨ ᠠᠮᠢᠲᠠᠨ ᠢ᠋ ᠦᠵᠡᠬᠦ ᠪᠡᠷ ᠢ᠋ᠶ᠋ᠡᠨ ᠲᠡᠭᠦᠨ ᠡᠴᠡ ᠠᠶᠤᠨ ᠰᠦᠷᠳᠡᠵᠦ ᠪᠢᠰᠢᠷᠡᠬᠦ ᠶ᠋ᠢᠨ ᠡᠭᠦᠳᠡᠨ ᠡᠴᠡ ᠲᠡᠷᠡ ᠠᠮᠢᠲᠠᠨ ᠤ᠋ ᠳᠦᠷᠢ ᠶ᠋ᠢ ᠭᠠᠷᠭᠠᠨ ᠠᠭᠤᠢ ᠳ᠋ᠠᠭᠠᠨ ᠪᠤᠶᠤ ᠮᠣᠳᠣ᠂ ᠴᠢᠯᠠᠭᠤᠨ ᠳᠡᠭᠡᠷ᠎ᠡ ᠵᠢᠷᠤᠵᠤ ᠠᠭᠤᠢ ᠳ᠋ᠠᠭᠠᠨ ᠲᠠᠯᠪᠢᠵᠤ ᠰᠢᠲᠦᠵᠦ ᠪᠠᠢᠵᠠᠢ᠃
   ᠬᠠᠭᠤᠴᠢᠨ ᠴᠢᠯᠠᠭᠤᠨ ᠵᠡᠪᠰᠡᠭ ᠡᠴᠡ ᠰᠢᠨ᠎ᠡ ᠴᠢᠯᠠᠭᠤᠨ ᠵᠡᠪᠰᠡᠭ ᠲᠦ᠍ ᠰᠢᠯᠵᠢᠬᠦ ᠰᠢᠯᠵᠢᠯᠲᠡ ᠶ᠋ᠢᠨ ᠦᠶ᠎ᠡ ᠶ᠋ᠢ ᠳᠤᠮᠳᠠᠳᠤ ᠴᠢᠯᠠᠭᠤᠨ ᠵᠡᠪᠰᠡᠭ ᠦ᠋ᠨ ᠦᠶ᠎ᠡ ᠭᠡᠬᠦ ᠪᠥᠭᠡᠳ ᠡᠨᠡ ᠨᠢ ᠮᠠᠨ ᠤ᠋ ᠡᠷᠢᠨ ᠦ᠌ ᠡᠮᠦᠨᠡᠬᠢ12 ᠮᠢᠩᠭ᠎ᠠ ᠠ᠋ᠴᠠ ᠮᠠᠨ ᠤ᠋ ᠡᠷᠢᠨ ᠦ᠌ ᠡᠮᠦᠨᠡᠬᠢ8 ᠮᠢᠩᠭᠠᠨ ᠵᠢᠯ ᠦ᠋ᠨ ᠦᠶ᠎ᠡ ᠶᠦᠮ᠃ ᠡᠨᠡ ᠦᠶ᠎ᠡ ᠳ᠋ᠦ᠍ ᠬᠥᠮᠦᠰ ᠦ᠋ᠨ ᠭᠣᠣᠯ ᠠᠮᠢᠳᠤᠷᠠᠯ ᠠᠩ ᠠᠩᠨᠠᠭᠤᠷ ᠪᠠᠢᠭᠰᠠᠨ ᠪᠠ ᠵᠡᠪᠰᠡᠭ ᠦ᠋ᠨ ᠬᠤᠪᠢ ᠳ᠋ᠤ᠌ ᠶᠡᠬᠡᠬᠡᠨ ᠥᠭᠡᠷᠡᠴᠢᠯᠡᠯᠲᠡ ᠭᠠᠷᠴᠤ ᠴᠢᠯᠠᠭᠤ ᠶ᠋ᠢ ᠵᠠᠰᠠᠵᠤ ᠶᠠᠩᠵᠤ ᠪᠦᠷᠢ ᠶ᠋ᠢᠨ ᠬᠡᠯᠪᠡᠷᠢ ᠳ᠋ᠦ᠍ ᠣᠷᠣᠭᠤᠯᠤᠨ ᠴᠢᠯᠠᠭᠤᠨ ᠬᠢᠲᠤᠭ᠎ᠠ᠂ ᠱᠣᠪᠬᠣ ᠬᠡᠯᠪᠡᠷᠢ ᠲᠡᠢ ᠪᠠᠭᠠᠵᠢ ᠪᠣᠯᠭᠠᠨ ᠬᠡᠷᠡᠭᠯᠡᠵᠦ ᠪᠠᠢᠭᠰᠠᠨ ᠤ᠋ ᠳᠡᠭᠡᠷ᠎ᠡ ᠠᠩᠨᠠᠭᠤᠷ ᠲᠤ ᠨᠤᠮᠤ ᠰᠤᠮᠤ ᠬᠡᠷᠡᠭᠯᠡᠭᠰᠡᠨ ᠨᠢ ᠶᠡᠬᠡᠬᠡᠨ ᠲᠠᠪᠰᠢᠯᠲᠠ ᠪᠠᠢᠯ᠎ᠠ᠃ ᠲᠡᠷᠡ ᠦᠶ᠎ᠡ ᠶ᠋ᠢᠨ ᠬᠥᠮᠦᠨ ᠦ᠌ ᠠᠵᠤ ᠠᠮᠢᠳᠤᠷᠠᠯ ᠤ᠋ᠨ ᠬᠡᠷᠡᠭᠴᠡᠭᠡ ᠠᠩ ᠠᠩᠨᠠᠭᠤᠷ ᠪᠠᠢᠭᠰᠠᠨ ᠤᠴᠢᠷ ᠳᠦᠷᠰᠦᠯᠡᠬᠦ ᠤᠷᠠᠯᠢᠭ ᠤ᠋ᠨ ᠰᠡᠳᠦᠪ ᠡᠨᠡ ᠳᠠᠭᠠᠤ ᠥᠭᠡᠷᠡᠴᠢᠯᠡᠭᠳᠡᠨ ᠬᠡᠰᠡᠭ ᠬᠡᠰᠡᠭ ᠢ᠋ᠶ᠋ᠡᠷ ᠢ᠋ᠶ᠋ᠡᠨ ᠶᠠᠪᠤᠵᠤ ᠠᠩ ᠠᠮᠢᠲᠠᠳ ᠠᠩᠨᠠᠵᠤ ᠪᠠᠢᠭ᠎ᠠ ᠶ᠋ᠢ ᠬᠠᠷᠠᠭᠤᠯᠬᠤ ᠠ᠋ᠴᠠ ᠭᠠᠳᠠᠨ᠎ᠠ᠂ ᠵᠢᠷᠤᠭ ᠤ᠋ᠨ ᠵᠣᠬᠢᠶᠠᠮᠵᠢ ᠳ᠋ᠤ᠌ ᠡᠷᠡᠰ ᠥᠭᠡᠷᠡᠴᠢᠯᠡᠯᠲᠡ ᠭᠠᠷᠴᠤ ᠠᠮᠢᠲᠠᠨ ᠤ᠋ ᠬᠥᠳᠡᠯᠭᠡᠭᠡᠨ ᠢ᠋ ᠪᠦᠳᠦᠭᠦᠪᠴᠢᠯᠡᠨ ᠭᠠᠷᠭᠠᠭᠰᠠᠨ ᠪᠠᠢᠬᠤ ᠶ᠋ᠢᠨ ᠬᠠᠮᠲᠤ ᠨᠤᠮᠤ᠂ ᠰᠤᠮᠤ ᠪᠠᠷ ᠬᠠᠷᠪᠤᠵᠤ ᠪᠠᠢᠭ᠎ᠠ ᠬᠥᠮᠦᠨ ᠢ᠋ ᠳᠦᠷᠰᠦᠯᠡᠭᠡᠳ ᠵᠣᠭᠰᠣᠬᠤ ᠦᠭᠡᠢ ᠦᠢᠯᠡ ᠶᠠᠪᠤᠳᠠᠯ ᠤ᠋ᠨ ᠳᠣᠲᠣᠭᠠᠳᠤ ᠤᠳᠬ᠎ᠠ ᠰᠠᠨᠠᠭ᠎ᠠ ᠶ᠋ᠢ ᠲᠤᠰᠬᠠᠨ ᠦᠵᠡᠭᠦᠯᠦᠭᠰᠡᠨ ᠪᠠᠢᠳᠠᠭ ᠢ᠋ᠶ᠋ᠠᠷ ᠢ᠋ᠶ᠋ᠠᠨ ᠣᠨᠴᠠᠯᠢᠭ ᠲᠠᠢ᠃
    ᠰᠢᠨ᠎ᠡ ᠴᠢᠯᠠᠭᠤᠨ ᠵᠡᠪᠰᠡᠭ ᠦ᠋ᠨ ᠦᠶ᠎ᠡ ᠮᠠᠨ ᠤ᠋ ᠡᠷᠢᠨ ᠦ᠌ ᠡᠮᠦᠨᠡᠬᠢ8 ᠮᠢᠩᠭ᠎ᠠ ᠠ᠋ᠴᠠ ᠮᠠᠨ ᠤ᠋ ᠡᠷᠢᠨ ᠦ᠌ ᠡᠮᠦᠨᠡᠬᠢ4 ᠮᠢᠩᠭᠠᠨ ᠵᠢᠯ ᠦ᠋ᠨ ᠦᠶ᠎ᠡ ᠬᠠᠮᠤᠷᠤᠭᠳᠠᠨ᠎ᠠ᠃ ᠡᠨᠡ ᠦᠶ᠎ᠡ ᠶ᠋ᠢᠨ ᠬᠥᠮᠦᠨ ᠦ᠌ ᠨᠡᠢᠭᠡᠮ ᠦ᠋ᠨ ᠬᠥᠭᠵᠢᠯᠲᠡ ᠮᠡᠳᠡᠭᠳᠡᠬᠦᠢᠴᠡ ᠥᠭᠡᠷᠡᠴᠢᠯᠡᠯᠲᠡ ᠭᠠᠷᠴᠤ ᠳᠠᠩ ᠭᠠᠭᠴᠠ ᠠᠩ ᠠᠩᠨᠠᠭᠤᠷ᠂ ᠵᠢᠮᠢᠰ ᠨᠣᠭᠣᠭ᠎ᠠ ᠪᠠᠷ ᠠᠮᠢᠳᠤᠷᠠᠬᠤ ᠲᠡᠳᠦᠢ ᠦᠭᠡᠢ ᠮᠠᠯ ᠠᠵᠤ ᠠᠬᠤᠢ᠂ ᠭᠠᠵᠠᠷ ᠲᠠᠷᠢᠶᠠᠯᠠᠩ ᠡᠷᠬᠢᠯᠡᠬᠦ ᠪᠣᠯᠵᠠᠢ᠃ ᠡᠨᠡ ᠦᠶ᠎ᠡ ᠡᠴᠡ ᠡᠬᠡ ᠶ᠋ᠢᠨ ᠡᠷᠬᠡᠲᠦ ᠶᠣᠰᠣ ᠡᠴᠢᠭᠡ ᠶ᠋ᠢᠨ ᠡᠷᠬᠡᠲᠦ ᠶᠣᠰᠣ ᠪᠠᠷ ᠰᠣᠯᠢᠭᠳᠠᠨ ᠤᠷᠠᠨ ᠳᠠᠷᠬᠠᠨ ᠪᠡᠶ᠎ᠡ ᠪᠡᠨ ᠳᠠᠭᠠᠭᠠᠨ ᠬᠥᠭᠵᠢᠵᠦ ᠡᠬᠢᠯᠡᠵᠡᠢ᠃ ᠭᠠᠵᠠᠷ ᠲᠠᠷᠢᠶ᠎ᠠ ᠡᠷᠬᠢᠯᠡᠬᠦ ᠪᠣᠯᠤᠭᠰᠠᠨ ᠲᠠᠢ ᠬᠣᠯᠪᠣᠭᠳᠠᠬᠤ ᠴᠢᠯᠠᠭᠤᠨ ᠤᠭᠤᠷ᠂ ᠨᠦᠳᠦᠭᠦᠷ ᠪᠣᠢ ᠪᠣᠯᠵᠠᠢ᠃ ᠭᠣᠣᠯ ᠠᠮᠢᠳᠤᠷᠠᠯ ᠪᠣᠯᠤᠭᠰᠠᠨ ᠮᠠᠯ ᠠᠵᠤ ᠠᠬᠤᠢ ᠶ᠋ᠢ ᠡᠷᠬᠢᠯᠡᠬᠦ ᠪᠣᠯᠤᠭᠰᠠᠨ ᠤᠴᠢᠷ ᠳᠦᠷᠰᠦᠯᠡᠬᠦ ᠤᠷᠠᠯᠢᠭ ᠲᠤ ᠮᠠᠯ ᠤ᠋ᠨ ᠳᠦᠷᠰᠦ ᠶ᠋ᠢ ᠶᠡᠬᠡᠬᠡᠨ ᠤᠷᠠᠯᠠᠬᠤ ᠪᠣᠯᠵᠠᠢ᠃
    ᠡᠨᠡ ᠦᠶ᠎ᠡ ᠨᠢᠭᠡ ᠭᠣᠣᠯ ᠣᠨᠴᠠᠯᠢᠭ ᠤᠷᠠᠯᠠᠯ ᠰᠢᠪᠡᠷ ᠰᠠᠪᠠ ᠬᠢᠬᠦ ᠠᠵᠢᠯ ᠶᠡᠬᠡᠬᠡᠨ ᠥᠷᠭᠡᠵᠢᠵᠡᠢ ᠃ ᠰᠢᠪᠡᠷ ᠰᠠᠪᠠ ᠶ᠋ᠢ ᠭᠠᠷ ᠠᠷᠭ᠎ᠠ ᠪᠠᠷ ᠰᠢᠲᠠᠭᠠᠨ ᠬᠢᠵᠦ ᠬᠡ ᠤᠭᠠᠯᠵᠠ ᠪᠠᠷ ᠭᠤᠶᠤᠵᠤ ᠴᠢᠮᠡᠵᠦ ᠡᠬᠢᠯᠡᠵᠡᠢ᠃ ᠡᠨᠡ ᠦᠶ᠎ᠡ ᠶ᠋ᠢᠨ ᠡᠮᠡᠭᠲᠡᠢᠴᠦᠳ ᠦ᠋ᠨ ᠤᠷᠠᠨ ᠦᠢᠯᠡ ᠮᠠᠯ ᠤ᠋ᠨ ᠲᠣᠨᠣᠭ ᠬᠡᠷᠡᠭᠰᠡᠯ ᠦ᠋ᠨ ᠪᠣᠯᠪᠠᠰᠤᠷᠠᠩᠭᠤᠢ ᠤᠷᠠᠯᠠᠬᠤ ᠳ᠋ᠤ᠌ ᠴᠢᠭᠯᠡᠭᠳᠡᠵᠦ᠂ ᠲᠣᠨᠣᠭ ᠴᠢᠮᠡᠭ ᠬᠢᠬᠦ ᠠᠵᠢᠯ ᠳ᠋ᠤ᠌ ᠠᠬᠢᠴᠠ ᠭᠠᠷᠴᠠᠢ᠃
    ᠬᠦᠷᠡᠯ ᠵᠡᠪᠰᠡᠭ ᠦ᠋ᠨ ᠦᠶ᠎ᠡ ᠮᠠᠨ ᠤ᠋ ᠡᠷᠢᠨ ᠦ᠌ ᠡᠮᠦᠨᠡᠬᠢ2 ᠮᠢᠩᠭᠠᠨ ᠵᠢᠯ ᠳ᠋ᠦ᠍ ᠬᠠᠮᠤᠷᠬᠤ ᠪᠥᠭᠡᠳ ᠡᠨᠡ ᠦᠶ᠎ᠡ ᠳ᠋ᠦ᠍ ᠵᠡᠰ᠂ ᠬᠥᠩᠭᠡᠨ ᠴᠠᠭᠠᠨ ᠢ᠋ ᠬᠠᠢᠯᠤᠭᠤᠯᠵᠤ ᠬᠦᠷᠡᠯ ᠴᠢᠳᠬᠤᠨ ᠡᠯᠳᠡᠪ ᠪᠠᠭᠠᠵᠢ ᠵᠡᠪᠰᠡᠭ ᠬᠢᠵᠦ ᠬᠡᠷᠡᠭᠯᠡᠬᠦ ᠪᠣᠯᠤᠭᠰᠠᠨ ᠨᠢ ᠬᠥᠮᠦᠨ ᠦ᠌ ᠨᠡᠢᠭᠡᠮ ᠦ᠋ᠨ ᠬᠥᠭᠵᠢᠯ ᠳ᠋ᠦ᠍ ᠠᠤᠭ᠎ᠠ ᠶᠡᠬᠡ ᠦᠰᠦᠷᠦᠩᠭᠦᠢ ᠳᠡᠪᠰᠢᠯᠲᠡ ᠪᠣᠯᠵᠠᠢ᠃ ᠡᠨᠡ ᠦᠶ᠎ᠡ ᠶ᠋ᠢ ᠬᠥᠮᠦᠨ ᠦ᠌ ᠨᠡᠢᠭᠡᠮ ᠦ᠋ᠨ ᠰᠣᠶᠣᠯ ᠢᠷᠭᠡᠨᠰᠢᠯ᠂ ᠡᠳ᠋ ᠦ᠋ᠨ ᠵᠠᠰᠠᠭ ᠲᠤ ᠦᠨᠡᠯᠡᠵᠦ ᠪᠠᠷᠠᠰᠢ ᠦᠭᠡᠢ ᠡᠷᠭᠢᠯᠲᠡ ᠪᠣᠯᠤᠭᠰᠠᠨ ᠶᠤᠮ ᠭᠡᠵᠦ ᠰᠤᠳᠤᠯᠤᠭᠴᠢᠳ ᠦᠵᠡᠳᠡᠭ᠃ ᠡᠨᠡ ᠦᠶ᠎ᠡ ᠳ᠋ᠦ᠍ ᠤᠷᠠᠨ ᠳᠠᠷᠬᠠᠨ ᠤ᠋ ᠤᠷᠠᠯᠠᠯ ᠶᠡᠬᠡᠪᠡᠷ ᠬᠥᠭᠵᠢᠵᠦ᠂ ᠵᠥᠪᠬᠡᠨ ᠪᠠᠭᠠᠵᠢ ᠵᠡᠪᠰᠡᠭ ᠬᠢᠭᠡᠳ ᠵᠣᠭᠰᠣᠬᠤ ᠦᠭᠡᠢ᠂ ᠭᠣᠶᠣᠯ ᠴᠢᠮᠡᠭᠯᠡᠯ ᠡᠯᠳᠡᠪ ᠰᠠᠪᠠ ᠰᠠᠭᠤᠯᠠᠭ᠎ᠠ ᠮᠠᠯ ᠤ᠋ᠨ ᠲᠣᠨᠣᠭ ᠬᠡᠷᠡᠭᠰᠡᠯ᠂ ᠡᠮᠡᠭᠲᠡᠢ ᠬᠥᠮᠦᠨ ᠦ᠌ ᠡᠭᠡᠮᠦᠭ᠂ ᠪᠥᠭᠡᠵᠢ᠂ ᠬᠠᠪᠴᠢᠶᠠᠷᠢ ᠵᠡᠭᠦᠯᠲᠡ ᠬᠢᠵᠦ ᠪᠠᠢᠵᠠᠢ᠃
    ᠡᠭᠦᠨ ᠦ᠌ ᠵᠡᠷᠭᠡᠴᠡᠭᠡ ᠪᠡᠷ ᠳᠦᠷᠰᠦᠯᠡᠬᠦ ᠤᠷᠠᠯᠢᠭ᠂ ᠣᠶᠣᠳᠠᠯ ᠦᠢᠯᠡ ᠳ᠋ᠦ᠍ ᠲᠣᠯᠪᠣᠯᠠᠨ ᠵᠢᠷᠤᠵᠤ ᠡᠬᠢᠯᠡᠵᠡᠢ᠃ ᠬᠦᠷᠡᠯ ᠦ᠋ᠨ ᠦᠶ᠎ᠡ ᠶ᠋ᠢᠨ ᠬᠥᠮᠦᠨ ᠦ᠌ ᠠᠮᠢᠳᠤᠷᠠᠯ ᠳ᠋ᠤ᠌ ᠭᠠᠷᠤᠭᠰᠠᠨ ᠨᠢᠭᠡ ᠥᠭᠡᠷᠡᠴᠢᠯᠡᠯᠲᠡ ᠨᠢ ᠲᠡᠷᠭᠡ ᠬᠢᠵᠦ ᠬᠡᠷᠡᠭᠯᠡᠬᠦ ᠪᠣᠯᠤᠭᠰᠠᠨ ᠶᠠᠪᠤᠳᠠᠯ ᠪᠥᠭᠡᠳ ᠡᠭᠦᠨ ᠲᠡᠢ ᠤᠶᠠᠯᠳᠤᠭᠤᠯᠵᠤ ᠳᠦᠷᠰᠦᠯᠡᠬᠦ ᠤᠷᠠᠯᠢᠭ ᠲᠤ ᠲᠡᠷᠭᠡᠨ ᠳ᠋ᠦ᠍ ᠬᠥᠯᠦᠭᠰᠡᠨ ᠮᠣᠷᠢ᠂ ᠳᠥᠷᠪᠡᠨ ᠳᠤᠭᠤᠢ ᠲᠠᠢ ᠲᠡᠷᠭᠡ᠂ ᠭᠤᠷᠪᠠᠯᠠᠭᠰᠠᠨ ᠳᠥᠷᠪᠡᠯᠡᠭᠰᠡᠨ ᠮᠣᠷᠢᠲᠠᠢ ᠲᠡᠷᠭᠡ᠂ ᠨᠤᠮᠤ ᠰᠠᠭᠠᠳᠠᠭ ᠡᠭᠦᠷᠦᠭᠰᠡᠨ ᠬᠥᠮᠦᠨ ᠵᠡᠷᠭᠡ ᠶ᠋ᠢ ᠳᠦᠷᠰᠦᠯᠡᠨ ᠵᠢᠷᠤᠬᠤ ᠪᠣᠯᠵᠠᠢ᠃
    ᠮᠥᠨ ᠱᠠᠰᠢᠨ ᠰᠢᠲᠦᠯᠭᠡ ᠲᠡᠢ ᠬᠣᠯᠪᠣᠨ ᠭᠠᠵᠠᠷ ᠤᠰᠤᠨ ᠤ᠋ ᠰᠢᠲᠦᠭᠡᠨ ᠪᠣᠯᠭᠠᠵᠤ ᠮᠣᠭᠠᠢ ᠵᠢᠷᠤᠬᠤ᠂ ᠪᠤᠭᠤ ᠰᠢᠲᠦᠳᠡᠭ ᠪᠠᠢᠭᠰᠠᠨ ᠲᠠᠢ ᠬᠣᠯᠪᠣᠭᠳᠠᠭᠤᠯᠤᠨ ᠬᠥᠳᠡᠯᠭᠡᠭᠡᠨ ᠲᠡᠢ ᠪᠤᠭᠤ᠂ ᠡᠪᠡᠷ ᠬᠡ ᠤᠭᠠᠯᠵᠠ ᠶ᠋ᠢᠨ ᠵᠦᠢᠯ ᠢ᠋ ᠭᠣᠣᠯᠳᠠᠭᠤ ᠳᠦᠷᠰᠦᠯᠡᠳᠡᠭ ᠪᠠᠢᠵᠠᠢ᠃
    ᠵᠢᠷᠤᠭ ᠢ᠋ ᠳᠡᠭᠡᠷ᠎ᠡ ᠡᠴᠡ ᠨᠢ ᠪᠤᠶᠤ ᠬᠠᠵᠠᠭᠤ ᠠ᠋ᠴᠠ ᠨᠢ ᠡᠭᠴᠡᠯᠡᠨ ᠵᠢᠷᠤᠳᠠᠭ ᠪᠠᠢᠵᠠᠢ᠃ ᠵᠢᠷᠤᠭ ᠤ᠋ᠨ ᠤᠷᠠᠨ ᠴᠢᠳᠠᠪᠤᠷᠢ᠂ ᠶᠡᠬᠡᠬᠡᠨ ᠬᠥᠭᠵᠢᠵᠦ ᠠᠮᠢᠳᠤᠷᠠᠯ ᠳ᠋ᠤ᠌ ᠲᠤᠢᠯ ᠤ᠋ᠨ ᠣᠢᠷᠠᠲᠤᠵᠤ ᠡᠬᠢᠯᠡᠵᠡᠢ᠃ ᠮᠠᠨ ᠤ᠋ ᠣᠷᠣᠨ ᠳ᠋ᠤ᠌ ᠪᠤᠭᠤ᠂ ᠴᠢᠨᠣ᠎ᠠ ᠵᠡᠷᠭᠡ ᠠᠮᠢᠲᠠᠨ ᠢ᠋ ᠶᠡᠬᠡ ᠳᠦᠷᠰᠦᠯᠡᠳᠡᠭ ᠪᠠᠢᠭᠰᠠᠨ ᠨᠢ ᠮᠣᠩᠭᠣᠯ ᠤ᠋ᠨ ᠨᠡᠭᠦᠳᠡᠯᠴᠢᠨ ᠠᠢᠮᠠᠭ ᠤ᠋ᠨ ᠡᠷᠲᠡ ᠦᠶ᠎ᠡ ᠡᠴᠡ ᠨᠢ ᠤᠯᠠᠮᠵᠢᠯᠠᠭᠳᠠᠨ ᠢᠷᠡᠭᠰᠡᠨ ᠪᠤᠭᠤ ᠠᠵᠠ ᠵᠢᠷᠭᠠᠯ ᠠᠪᠴᠤ ᠢᠷᠡᠳᠡᠭ ᠭᠡᠵᠦ ᠦᠵᠡᠳᠡᠭ ᠵᠠᠩᠰᠢᠯ ᠣᠳᠣ ᠬᠦᠷᠲᠡᠯ᠎ᠡ ᠬᠠᠳᠠᠭᠠᠯᠠᠭᠳᠠᠨ ᠪᠠᠢᠨ᠎ᠠ᠃ ᠮᠣᠩᠭᠣᠯᠴᠤᠳ ᠪᠤᠭᠤ ᠶ᠋ᠢ ᠡᠷᠲᠡ ᠦᠶ᠎ᠡ ᠡᠴᠡ ᠰᠢᠲᠦᠵᠦ ᠪᠠᠢᠭᠰᠠᠨ ᠵᠠᠩᠰᠢᠯ ᠥᠪᠡᠷ ᠦ᠋ᠨ ᠣᠷᠣᠨ ᠢ᠋ᠶ᠋ᠠᠷ ᠦᠯᠦ ᠪᠠᠷᠠᠮ ᠭᠠᠳᠠᠭᠠᠳᠤ ᠶ᠋ᠢᠨ ᠣᠷᠣᠨ ᠤ᠋ ᠡᠷᠳᠡᠮᠲᠡᠳ ᠦ᠋ᠨ ᠰᠢᠨᠵᠢᠯᠡᠭᠡᠨ᠂ ᠰᠤᠳᠤᠯᠭᠠᠨ ᠤ᠋ ᠨᠣᠮ ᠳ᠋ᠤ᠌ ᠪᠢᠴᠢᠭᠳᠡᠵᠡᠢ᠃ ᠶᠠᠫᠣᠨ ᠤ᠋ ᠡᠷᠳᠡᠮᠲᠡᠨ《ᠡᠷᠲᠡᠨ ᠦ᠌ ᠮᠣᠩᠭᠣᠯ》 ᠭᠡᠳᠡᠭ ᠨᠣᠮ ᠳ᠋ᠠᠭᠠᠨ ᠮᠣᠩᠭᠣᠯᠴᠤᠳ ᠪᠤᠭᠤ ᠶ᠋ᠢ ᠡᠷᠲᠡ ᠦᠶ᠎ᠡ ᠡᠴᠡ ᠰᠢᠲᠦᠵᠦ ᠵᠢᠷᠤᠭ ᠢ᠋ ᠡᠳ᠋ ᠬᠣᠭᠰᠢᠯ ᠳᠡᠭᠡᠷ᠎ᠡ ᠪᠡᠨ ᠪᠠᠭᠤᠯᠭᠠᠨ ᠦᠯᠡᠳᠡᠭᠡᠳᠡᠭ ᠭᠡᠵᠦ ᠪᠢᠴᠢᠭᠰᠡᠨ ᠪᠠᠢᠳᠠᠭ( ᠴ᠂ ᠳᠠᠯᠠᠢ《ᠮᠣᠩᠭᠣᠯ ᠤ᠋ᠨ ᠪᠥᠬᠡ ᠶ᠋ᠢᠨ ᠮᠥᠷᠭᠥᠯ ᠦ᠋ᠨ ᠲᠣᠪᠴᠢ ᠲᠡᠦᠬᠡ》᠃ ᠤᠯᠠᠭᠠᠨᠪᠠᠭᠠᠲᠤᠷ᠂1959᠂10 ᠳ᠋ᠠᠬᠢ ᠲᠠᠯ᠎ᠠ)᠃
    ᠲᠡᠮᠦᠷ ᠵᠡᠪᠰᠡᠭ ᠦ᠋ᠨ ᠦᠶ᠎ᠡ(᠂ ᠮᠠᠨ ᠤ᠋ ᠡᠷᠢᠨ ᠦ᠌ ᠡᠮᠦᠨᠡᠬᠢ2 ᠮᠢᠩᠭ᠎ᠠ ᠠ᠋ᠴᠠ ᠮᠠᠨ ᠤ᠋ ᠡᠷᠢᠨ ᠦ᠌ ᠡᠮᠦᠨᠡᠬᠢ1 ᠮᠢᠩᠭᠠᠨ ᠵᠢᠯ ᠦ᠋ᠨ ᠦᠶ᠎ᠡ)᠃ ᠡᠨᠡ ᠦᠶ᠎ᠡ ᠳ᠋ᠦ᠍ ᠲᠡᠮᠦᠷ ᠦ᠋ᠨ ᠬᠦᠳᠡᠷ ᠢ᠋ ᠠᠰᠢᠭᠯᠠᠵᠤ ᠲᠡᠮᠦᠷ ᠢ᠋ᠶ᠋ᠡᠷ ᠣᠷᠣᠯᠠᠬᠤ ᠤᠷᠠᠯᠢᠭ ᠶᠡᠬᠡᠬᠡᠨ ᠬᠥᠭᠵᠢᠵᠦ ᠤᠷᠠᠨ ᠦᠢᠯᠡ ᠶ᠋ᠢᠨ ᠪᠠᠭᠠᠵᠢ ᠬᠡᠷᠡᠭᠰᠡᠯ ᠲᠡᠮᠦᠷ ᠢ᠋ᠶ᠋ᠡᠷ ᠬᠢᠭᠳᠡᠵᠦ ᠤᠷᠠᠨ ᠳᠠᠷᠬ᠎ᠠ ᠬᠢᠬᠦ᠂ ᠬᠡᠯᠡᠬᠦ(ХЭЭЛЭХ) ᠴᠢᠮᠡᠭᠯᠡᠬᠦ ᠤᠷᠠᠯᠢᠭ ᠶᠡᠬᠡᠪᠡᠷ ᠬᠥᠭᠵᠢᠵᠦ ᠪᠡᠶ᠎ᠡ ᠪᠡᠨ ᠳᠠᠭᠠᠭᠠᠭᠰᠠᠨ ᠲᠡᠮᠦᠷ ᠦ᠋ᠨ ᠳᠠᠷᠬᠠᠨ ᠨᠤᠭᠤᠳ ᠣᠯᠠᠰᠢᠷᠠᠵᠤ᠂ ᠤᠷᠠᠯᠠᠨ ᠪᠦᠲᠦᠭᠡᠬᠦ ᠠᠵᠢᠯ ᠳ᠋ᠤ᠌ ᠬᠥᠳᠡᠯᠮᠦᠷᠢ ᠶ᠋ᠢᠨ ᠬᠤᠪᠢᠶᠠᠷᠢ ᠪᠣᠢ ᠪᠣᠯᠵᠠᠢ᠃ ᠬᠥᠮᠦᠨ ᠦ᠌ ᠨᠡᠢᠭᠡᠮ ᠦ᠋ᠨ ᠭᠠᠷ ᠤᠷᠠᠯᠠᠯ ᠢᠩᠭᠢᠵᠦ ᠬᠥᠭᠵᠢᠵᠦ ᠢᠷᠡᠭᠰᠡᠨ ᠲᠤᠬᠠᠢ ᠡᠷᠳᠡᠮᠲᠡᠳ ᠦ᠋ᠨ ᠰᠤᠳᠤᠯᠭᠠᠨ ᠳ᠋ᠤ᠌ ᠤᠯᠠ ᠮᠥᠷ ᠦᠯᠡᠳᠡᠵᠦ ᠢᠷᠡᠭᠰᠡᠨ ᠴᠦ᠍ ᠤᠷᠠᠨ ᠦᠢᠯᠡᠰ ᠦ᠋ᠨ ᠣᠶᠣᠳᠠᠯ᠂ ᠬᠠᠳᠬᠤᠮᠠᠯ ᠬᠠᠳᠠᠭᠠᠯᠠᠭᠳᠠᠨ ᠦᠯᠡᠳᠡᠳᠡᠭ ᠦᠭᠡᠢ ᠨᠢ ᠬᠠᠷᠠᠮᠰᠠᠯᠲᠠᠢ᠃
    ᠭᠡᠪᠡᠴᠦ ᠳᠦᠷᠰᠦᠯᠡᠬᠦ ᠤᠷᠠᠯᠢᠭ ᠤᠷᠠᠨ ᠦᠢᠯᠡ ᠬᠥᠮᠦᠨ ᠦ᠌ ᠨᠡᠢᠭᠡᠮ ᠲᠡᠢ ᠬᠠᠮᠲᠤ ᠡᠭᠦᠰᠦᠨ ᠬᠥᠭᠵᠢᠭᠰᠡᠨ ᠪᠥᠭᠡᠳ ᠡᠨᠡ ᠨᠢ ᠨᠡᠢᠭᠡᠮ ᠦ᠋ᠨ ᠲᠤᠬᠠᠢ ᠶ᠋ᠢᠨ ᠦᠶ᠎ᠡ ᠶ᠋ᠢᠨ ᠠᠮᠢᠳᠤᠷᠠᠯ ᠬᠥᠭᠵᠢᠯ ᠢ᠋ ᠢᠯᠡᠷᠬᠡᠢᠯᠡᠵᠦ ᠪᠠᠢᠳᠠᠭ ᠤᠴᠢᠷ ᠡᠭᠦᠨ ᠡᠴᠡ ᠦᠨᠳᠦᠰᠦᠯᠡᠨ ᠤᠷᠠᠨ ᠦᠢᠯᠡ ᠶ᠋ᠢᠨ ᠬᠥᠭᠵᠢᠯᠲᠡ ᠶ᠋ᠢ ᠲᠣᠳᠣᠷᠬᠠᠢᠯᠠᠵᠤ ᠪᠣᠯᠬᠤ ᠦᠨᠳᠦᠰᠦ ᠲᠡᠢ ᠶᠦᠮ᠃ ᠬᠥᠮᠦᠨ ᠦ᠌ ᠨᠡᠢᠭᠡᠮ ᠦ᠋ᠨ ᠬᠥᠭᠵᠢᠯᠲᠡ ᠶ᠋ᠢᠨ ᠦᠶ᠎ᠡ ᠱᠠᠲᠤ ᠲᠠᠢ ᠬᠣᠯᠪᠣᠨ ᠳᠦᠷᠰᠦᠯᠡᠬᠦ ᠤᠷᠠᠯᠢᠭ᠂ ᠭᠠᠷ ᠤᠷᠠᠯᠠᠯ ᠤ᠋ᠨ ᠵᠠᠷᠢᠮ ᠵᠦᠢᠯ ᠢ᠋ ᠲᠣᠪᠴᠢ ᠲᠠᠨᠢᠯᠴᠠᠭᠤᠯᠬᠤ ᠳ᠋ᠠᠭᠠᠨ ᠲᠥᠷᠥᠯᠬᠢ ᠮᠣᠩᠭᠣᠯ ᠡᠬᠡ ᠣᠷᠣᠨ ᠤ᠋ ᠪᠠᠨ ᠡᠷᠲᠡ ᠦᠶ᠎ᠡ ᠡᠴᠡ ᠡᠳᠦᠭᠡ ᠬᠦᠷᠲᠡᠯ᠎ᠡ ᠬᠥᠭᠵᠢᠬᠦ ᠶᠠᠪᠤᠴᠠ ᠳ᠋ᠤ᠌ ᠠᠷᠠᠳ ᠤ᠋ᠨ ᠭᠠᠷ ᠤᠷᠠᠯᠠᠯ ᠲᠡᠭᠦᠨ ᠦ᠌ ᠳᠤᠮᠳᠠ ᠠ᠋ᠴᠠ ᠤᠷᠠᠨ ᠦᠢᠯᠡ ᠬᠡᠷᠬᠢᠨ ᠬᠥᠭᠵᠢᠵᠦ ᠢᠷᠡᠭᠰᠡᠨ ᠲᠤᠬᠠᠢ ᠬᠣᠢᠴᠢ ᠦᠶ᠎ᠡ ᠳ᠋ᠦ᠍ ᠡᠰ ᠲᠡᠳᠦᠢ ᠲᠠᠨᠢᠯᠴᠠᠭᠤᠯᠬᠤ ᠳ᠋ᠤ᠌ ᠲᠤᠰ ᠣᠷᠣᠨ ᠤ᠋ ᠨᠤᠲᠤᠭ ᠳᠡᠪᠢᠰᠬᠡᠷ ᠲᠦ᠍ ᠣᠷᠣᠰᠢᠨ ᠪᠠᠢᠭᠰᠠᠨ ᠣᠯᠠᠨ ᠣᠪᠣᠭ ᠠᠢᠮᠠᠭ ᠤ᠋ᠨ ᠲᠡᠦᠬᠡ᠂ ᠬᠠᠳᠠ ᠴᠢᠯᠠᠭᠤᠨ ᠳ᠋ᠤ᠌ ᠪᠢᠴᠢᠭᠰᠡᠨ ᠰᠦᠭ ᠵᠢᠷᠤᠭ᠂ ᠮᠠᠨ ᠤ᠋ ᠠᠬᠠᠮᠠᠳ ᠦᠶ᠎ᠡ ᠶ᠋ᠢᠨ ᠤᠷᠠᠯᠠᠨ ᠪᠦᠲᠦᠭᠡᠭᠰᠡᠨ ᠤᠷᠠᠨ ᠦᠢᠯᠡ᠂ ᠪᠤᠷᠬᠠᠨ ᠰᠢᠲᠦᠭᠡᠨ ᠦ᠌ ᠬᠥᠷᠥᠭ ᠲᠦ᠍ ᠦᠯᠡᠳᠡᠭᠰᠡᠨ ᠭᠠᠷ ᠤ᠋ᠨ ᠤᠷ᠎ᠠ ᠬᠢᠴᠡ᠂ ᠪᠤᠯᠠᠰᠢᠨ ᠠ᠋ᠴᠠ ᠣᠯᠳᠠᠭᠰᠠᠨ ᠣᠯᠳᠠᠪᠤᠷᠢ ᠨᠤᠭᠤᠳ ᠴᠢᠬᠤᠯᠠ ᠲᠤᠰᠠ ᠪᠣᠯᠬᠤ ᠶᠤᠮ᠃ ᠬᠣᠢᠴᠢ ᠦᠶ᠎ᠡ ᠴᠢᠨᠠᠭᠰᠢᠳᠠ ᠭᠦᠨᠵᠡᠭᠡᠢᠷᠡᠭᠦᠯᠦᠨ ᠰᠤᠳᠤᠯᠬᠤ ᠳ᠋ᠤ᠌ ᠠᠽᠢᠶ᠎ᠠ ᠶ᠋ᠢᠨ ᠮᠣᠩᠭᠣᠯ ᠣᠷᠣᠨ ᠤ᠋ ᠬᠢᠯᠢ ᠵᠡᠷᠭᠡᠯᠡᠳᠡᠭᠡ ᠪᠠᠢᠭᠰᠠᠨ ᠤᠯᠤᠰ ᠦᠨᠳᠦᠰᠦᠲᠡᠨ ᠦ᠌ ᠭᠠᠷ ᠤᠷᠠᠯᠠᠯ ᠢ᠋ ᠬᠠᠮᠲᠤ ᠳ᠋ᠤᠨᠢ ᠰᠤᠳᠤᠯᠬᠤ ᠶᠣᠰᠣᠲᠠᠢ ᠪᠢᠯᠡ᠃ ᠡᠨᠡ ᠨᠣᠮ ᠳ᠋ᠤ᠌ ᠮᠣᠩᠭᠣᠯ ᠤ᠋ᠨ ᠡᠮᠡᠭᠲᠡᠢᠴᠦᠳ ᠦ᠋ᠨ ᠡᠷᠲᠡ ᠦᠶ᠎ᠡ ᠡᠴᠡ ᠥᠨᠥ ᠬᠦᠷᠲᠡᠯ᠎ᠡ ᠡᠷᠬᠢᠯᠡᠵᠦ ᠢᠷᠡᠭᠰᠡᠨ ᠤᠷᠠᠨ ᠦᠢᠯᠡ ᠶ᠋ᠢᠨ ᠬᠥᠭᠵᠢᠯᠲᠡ ᠶ᠋ᠢ ᠪᠦᠬᠦᠯᠢ ᠳ᠋ᠦ᠍ᠨᠢ ᠪᠠᠭᠲᠠᠭᠠᠬᠤ ᠭᠡᠰᠡᠨ ᠬᠡᠷᠡᠭ ᠪᠢᠰᠢ᠂ ᠵᠥᠪᠬᠡᠨ ᠣᠯᠠᠨ ᠵᠢᠯ ᠡᠷᠬᠢᠯᠡᠵᠦ ᠢᠷᠡᠭᠰᠡᠨ ᠤᠷᠠᠨ ᠦᠢᠯᠡ ᠶ᠋ᠢᠨ ᠬᠥᠭᠵᠢᠯᠲᠡ ᠶ᠋ᠢᠨ ᠥᠴᠦᠬᠡᠨ ᠲᠣᠢᠮᠣ ᠲᠠᠢ ᠡᠮᠡᠭᠲᠡᠢᠴᠦᠳ᠂ ᠬᠣᠢᠴᠢ ᠦᠶ᠎ᠡ ᠶ᠋ᠢ ᠲᠠᠨᠢᠯᠴᠠᠭᠤᠯᠬᠤ ᠭᠡᠰᠡᠨ ᠬᠡᠷᠡᠭ ᠪᠢᠯᠡ᠃

   ᠦᠰᠦᠭ ᠠᠮᠢᠯᠠᠭᠤᠯᠤᠭᠴᠢ᠄ ᠲᠤᠶᠠᠭ᠎ᠠ᠂ ᠣᠶᠣᠨᠪᠠᠲᠤ᠂ ᠪᠠᠳᠮᠠᠰᠡᠴᠡᠨ
   ᠬᠢᠨᠠᠭᠴᠢ᠄ ᠣᠳᠬᠠᠨᠰᠣ᠎ᠠ