ᠮᠥᠩᠬᠡ ᠲᠤᠩᠬᠤ 5-07Мөнх ТунхMunkh Tunkh
ᠮᠥᠩᠬᠡ ᠲᠤᠩᠬᠤ 5-07
ᠮᠥᠩᠬᠡ ᠲᠤᠩᠬᠤ᠄ ᠲᠠᠪᠤᠳᠤᠭᠠᠷ ᠤᠯᠠᠷᠢᠯ ᠤ᠋ᠨ ᠳᠣᠯᠣᠳᠤᠭᠠᠷ ᠠᠩᠭᠢ 5—7
ᠮᠠᠢ ᠮᠠᠢ ᠮᠠᠢ( ᠬᠣᠨᠢ ᠢᠮᠠᠭᠠᠨ ᠤ᠋ ᠮᠠᠢᠯᠠᠬᠤ ᠳᠠᠭᠤ)
ᠲᠤᠩᠬᠤ᠄ ᠰᠠᠢᠨ ᠪᠠᠢᠵᠠᠭᠠᠨ᠎ᠠ ᠤᠤ?ᠡᠷᠬᠢᠮ ᠬᠦᠨᠳᠦᠲᠦ ᠦᠵᠡᠭᠴᠢᠳ ᠠ᠋᠂ ᠪᠢᠳᠡᠨ ᠦ᠌ ᠬᠦᠰᠡᠨ ᠬᠦᠯᠢᠶᠡᠳᠡᠭ Cooking day( ᠲᠣᠭᠣᠭᠠᠯᠠᠬᠤ ᠡᠳᠦᠷ) ᠦ᠋ᠨ TV show( ᠲᠧᠯᠸᠢᠰ ᠨᠡᠪᠲᠡᠷᠡᠭᠦᠯᠭᠡ) ᠮᠠᠨᠢ ᠡᠬᠢᠯᠡᠬᠦ ᠳ᠋ᠦ᠍ ᠪᠡᠯᠡᠨ ᠪᠣᠯᠤᠯ᠎ᠠ᠃ ᠮᠡᠳᠡᠭᠡᠵᠢ ᠮᠠᠨ ᠤ᠋ ᠥᠨᠥᠳᠥᠷ ᠦ᠋ᠨ ᠨᠡᠪᠲᠡᠷᠡᠭᠦᠯᠭᠡ ᠳ᠋ᠦ᠍ ᠲᠤᠩᠬᠤ ᠮᠢᠨᠦ ᠪᠡᠶ᠎ᠡ ᠪᠣᠯᠤᠨ ᠮᠠᠨ ᠤ᠋ ᠠᠷᠸ᠎ᠠ ᠠᠬ᠎ᠠ ᠪᠢᠳᠡ ᠬᠣᠶᠠᠷ ᠣᠷᠣᠯᠴᠠᠬᠤ ᠪᠣᠯᠤᠨ᠎ᠠ ᠃ ᠡᠨᠡ ᠭᠠᠯ ᠭᠠᠷᠤᠭᠰᠠᠨ ᠰᠢᠷᠦᠭᠦᠨ ᠬᠣᠭᠣᠯᠠᠨ ᠤ᠋ ᠥᠷᠢᠰᠦᠯᠳᠦᠭᠡᠨ ᠳ᠋ᠦ᠍ ᠬᠡᠨ ᠨᠢ ᠢᠯᠠᠭᠴᠢ ᠪᠣᠯᠬᠤ ᠪᠣᠯ ᠠ᠋ ᠂ ᠭᠠᠭᠴᠠᠬᠦ ᠲᠠ ᠲᠡᠭᠦᠨ ᠢ᠋ ᠰᠢᠢᠳᠬᠦ ᠪᠣᠯᠤᠨ᠎ᠠ᠃ ᠬᠢ ᠬᠢ ᠢᠩᠭᠢᠭᠡᠳ ᠪᠦᠷ ᠬᠣᠭᠣᠯᠠᠨ ᠤ᠋ ᠨᠡᠪᠲᠡᠷᠡᠭᠦᠯᠭᠡ ᠰᠢᠭ ᠶᠠᠷᠢᠭᠠᠳ ᠪᠠᠢᠬᠤ ᠦᠭᠡᠢ ᠤᠤ ᠲᠡᠢᠮᠦ᠂ ᠬᠢ ᠬᠢ
ᠠᠷᠸ᠎ᠠ᠄ ᠬᠢ ᠬᠢ᠂ ᠲᠤᠩᠬᠤ ᠲᠠᠢ ᠪᠠᠨ ᠬᠠᠮᠲᠤ ᠬᠣᠭᠣᠯᠠ ᠬᠢᠬᠦ ᠭᠡᠵᠦ ᠪᠠᠢᠭᠠᠳ ᠪᠦᠷ ᠶᠠᠮᠠᠷ ᠨᠡᠪᠲᠡᠷᠡᠭᠦᠯᠭᠡ ᠳ᠋ᠦ᠍ ᠣᠷᠣᠭᠠᠳ ᠪᠠᠢᠭ᠎ᠠ ᠪᠢᠯᠡ ᠭᠡᠵᠦ ᠪᠣᠳᠣᠯ᠎ᠠ᠂ ᠬᠢ ᠬᠢ᠃
ᠲᠤᠩᠬᠤ᠄ ᠬᠢ ᠬᠢ᠂ ᠵᠠ ᠠᠷᠸ᠎ᠠ ᠠᠬ᠎ᠠ ᠠ᠋᠂ ᠥᠨᠥᠳᠥᠷ ᠨᠡᠭᠡᠷᠡᠨ ᠶᠠᠮᠠᠷ ᠬᠣᠭᠣᠯᠠ ᠬᠢᠬᠦ ᠪᠣᠢ? ᠨᠠᠢᠵᠠ ᠨᠤᠭᠤᠳ ᠲᠤ᠌ ᠪᠠᠨ ᠪᠦᠷ ᠶᠠᠩᠵᠤ ᠶ᠋ᠢᠨ ᠬᠣᠭᠣᠯᠠ ᠬᠢᠵᠦ ᠥᠭᠭᠦᠮᠡᠷ ᠰᠠᠨᠠᠭᠳᠠᠭᠠᠳ ᠪᠠᠢᠬᠤ ᠶᠤᠮ᠂ ᠡᠩ ᠠᠮᠲᠠᠲᠠᠢ ᠪᠢᠯᠠᠭᠤᠨ ᠴᠤ᠌ ᠶᠤᠮ ᠤᠤ᠃
ᠠᠷᠸ᠎ᠠ᠄ ᠬᠠᠷᠢᠨ ᠲᠡᠢᠮᠦ ᠠ᠋᠂ ᠢᠩᠭᠢᠬᠦ ᠳ᠋ᠦ᠍ ᠮᠠᠨ ᠤ᠋ ᠬᠡᠳᠦ ᠮᠠᠨᠢ ᠬᠠᠮᠢᠭ᠎ᠠ ᠪᠠᠢᠭ᠎ᠠ ᠶᠤᠮ ᠪᠣᠯ᠂ ᠤᠭ ᠨᠢ ᠪᠦᠭᠦᠳᠡᠭᠡᠷ ᠢ᠋ᠶ᠋ᠡᠨ ᠬᠠᠮᠲᠤ ᠳ᠋ᠤ᠌ ᠪᠠᠨ ᠨᠡᠢᠯᠡᠭᠡᠳ ᠬᠣᠭᠣᠯᠠ ᠬᠢᠪᠡᠯ ᠭᠣᠶᠣ ᠶᠤᠮ ᠳᠠ᠃
ᠲᠤᠩᠬᠤ᠄ ᠬᠢ ᠬᠢ᠂ ᠮᠥᠩᠬᠡ ᠳ᠋ᠤᠷᠤᠷᠠᠨ ᠬᠣᠶᠠᠷ ᠮᠠᠨᠢ ᠯᠠᠪᠠᠷᠲ᠋ᠤᠷ( ᠲᠤᠷᠰᠢᠯᠲᠠ ᠶ᠋ᠢᠨ ᠲᠠᠰᠤᠭ ) ᠳᠣᠲᠣᠷ᠎ᠠ ᠷᠤᠪᠲ᠋ᠤᠨ ᠳ᠋ᠤᠷᠤᠨ ᠤ᠋ ᠪᠣᠰᠤᠯᠭ᠎ᠠ ᠭᠡᠬᠦ comment (ᠰᠡᠳᠬᠢᠭᠳᠡᠯ ᠢ᠋ᠶ᠋ᠡᠨ ᠪᠢᠴᠢᠬᠦ ) ᠪᠡᠨ ᠦᠷᠭᠦᠯᠵᠢᠯᠡᠭᠦᠯᠵᠦ ᠪᠠᠢᠨ᠎ᠠ ᠯᠠᠢ᠃
ᠠᠷᠸ᠎ᠠ᠄ ᠥ ᠲᠡᠢᠮᠦ ᠤᠤ᠂ ᠬᠠ ᠬᠠ ᠠᠢ ᠳᠠ ᠮᠠᠨ ᠤ᠋ ᠰᠡᠭᠦᠯᠴᠢ ᠶ᠋ᠢᠨ ᠡᠰᠡᠷᠭᠦᠴᠡᠭᠴᠢᠳ ᠮᠠᠨᠢ ᠵᠢᠩᠬᠢᠨᠢ ᠳᠣᠯᠣᠭᠠᠨ ᠳ᠋ᠤ᠌ ᠪᠠᠨ ᠣᠷᠣᠭᠰᠠᠨ ᠪᠣᠯᠪᠠ ᠤᠤ? ᠣᠳᠣ ᠬᠣᠶᠠᠭᠤᠯᠠ ᠪᠠᠨ ᠣᠴᠢᠪᠠᠯ᠂ ᠶᠠᠭ ᠢᠳᠡ ᠳᠣᠯᠣᠭᠠᠨ ᠤ᠋ ᠬᠢᠨᠢ ᠦᠶ᠎ᠡ ᠪᠡᠷ ᠣᠴᠢᠴᠢᠬᠠᠬᠤ ᠪᠣᠢ ᠳᠠ᠂ ᠲᠡᠢᠮᠦ ᠠ᠋᠃
ᠲᠤᠩᠬᠤ᠄ ᠬᠠᠷᠢᠨ ᠲᠡᠢᠮᠦ ᠠ᠋᠂ ᠶᠠᠭ ᠣᠷᠭᠢᠯ ᠦᠶ᠎ᠡ ᠳᠡᠭᠡᠷ᠎ᠡ ᠪᠡᠨ ᠲᠠᠩᠳᠠ ᠪᠢ ᠭᠠᠷᠴᠤ ᠢᠷᠡᠭᠡᠳ᠂ ᠮᠥᠩᠬᠡ comment (ᠰᠡᠳᠬᠢᠭᠳᠡᠯ ᠢ᠋ᠶ᠋ᠡᠨ ᠪᠢᠴᠢᠬᠦ ) ᠶ᠋ᠢ ᠪᠡᠨ ᠳᠠᠭᠤᠰᠬᠠᠵᠤ ᠴᠢᠳᠠᠬᠤ ᠦᠭᠡᠢ ᠪᠠᠢᠨ᠎ᠠ ᠭᠡᠳ ᠠᠭᠤᠷᠯᠠᠭᠠᠳ ᠪᠠᠢᠭᠰᠠᠨ᠃ ᠬᠢ ᠬᠢ᠂ ᠶᠠᠭᠤ ᠴᠤ᠌ ᠭᠡᠰᠡᠨ ᠬᠢᠭᠰᠡᠨ ᠬᠣᠭᠣᠯᠠᠨ ᠠ᠋ᠴᠠ ᠪᠠᠨ ᠬᠦᠷᠭᠡᠵᠦ ᠥᠭᠭᠦᠨ᠎ᠡ᠃
ᠠᠷᠸ᠎ᠠ᠄ ᠮᠡᠳᠡᠯ᠎ᠡ᠂ ᠠᠬᠠᠯᠠᠭᠴᠢ ᠲᠣᠭᠣᠭᠠᠴᠢ ᠲᠤᠩᠬᠤ ᠠ᠋᠂ ᠬᠡ ᠬᠡ
ᠲᠤᠩᠬᠤ᠄ ᠬᠢ ᠬᠢ
ᠮᠥᠩᠬᠡ᠄ ᠷᠤᠪᠲ᠋ᠤᠨ ᠳ᠋ᠤᠷᠤᠷᠠᠨ ᠤ᠋ ᠪᠣᠰᠤᠯᠭ᠎ᠠ ᠪᠦᠷ ᠶᠡᠬᠡ ᠱᠢᠷᠦᠭᠦᠰᠰᠡᠭᠡᠷ ᠪᠠᠢᠯ᠎ᠠ᠂᠂ᠳ᠋ᠤᠷᠤᠷᠠᠨ ᠪᠣᠯᠤᠨ ᠲᠡᠭᠦᠨ ᠦ᠌ ᠬᠦᠴᠦᠲᠦ ᠳ᠋ᠤᠷᠤᠷᠠᠨ ᠤ᠋ ᠠᠷᠮᠢ ᠰᠡᠭᠦᠯᠴᠢ ᠶ᠋ᠢᠨ ᠡᠰᠡᠷᠭᠦᠴᠡᠭᠴᠢᠳ ᠢ᠋ ᠬᠠᠢᠵᠤ ᠪᠣᠯᠬᠤ ᠪᠦᠬᠦᠢ ᠯᠡ ᠭᠠᠵᠠᠷ ᠢ᠋ᠶ᠋ᠠᠷ ᠬᠠᠢᠵᠤ ᠪᠠᠢᠯ᠎ᠠ᠂ ᠲᠡᠷᠡ ᠦᠶ᠎ᠡ ᠪᠡᠷ ᠮᠠᠨ ᠤ᠋ ᠲᠠᠯ᠎ᠠ ᠶ᠋ᠢᠨ ᠬᠢᠨ ᠬᠦᠴᠦ ᠪᠡᠨ ᠰᠡᠯᠪᠢᠵᠦ᠂ ᠬᠦᠴᠦᠲᠦ ᠳ᠋ᠤᠷᠤᠷᠠᠨ ᠤ᠋ ᠠᠷᠮᠢ ᠲᠠᠢ ᠨᠢᠭᠤᠷ ᠲᠤᠯᠬᠤ ᠪᠠᠷ ᠪᠡᠯᠡᠳᠴᠦ ᠪᠠᠢᠯ᠎ᠠ᠂᠃ ᠨᠢᠭᠤᠭᠳᠠᠵᠤ ᠪᠠᠢᠬᠤ ᠦᠶ᠎ᠡ ᠳ᠋ᠦ᠍ ᠪᠡᠨ ᠷᠤᠪᠲ᠋ᠤᠨ ᠳ᠋ᠤᠷᠤᠷᠠᠨ ᠤ᠋ ᠡᠰᠡᠷᠭᠦ ᠲᠤᠯᠤᠯᠳᠤᠵᠤ ᠴᠢᠳᠠᠬᠤ ᠮᠠᠰᠢ ᠬᠦᠴᠦᠲᠡᠢ ᠵᠡᠪᠰᠡᠭ ᠦ᠋ᠳ ᠢ᠋ ᠪᠦᠲᠦᠭᠡᠭᠰᠡᠨ ᠶᠦᠮ᠃ ᠲᠡᠷᠡ ᠪᠣᠯ Iron ( ᠭᠠᠩ ᠪᠣᠯᠣᠳ) ᠮᠥᠩᠬᠡ᠂ᠮᠥᠨ ᠪᠡᠬᠢ ᠪᠠᠮᠪᠠᠷ ᠤ᠋ᠨ ᠡᠷᠳᠡᠨᠢ ᠶ᠋ᠢᠨ ᠴᠢᠯᠠᠭᠤ ᠲᠠᠢ ᠬᠦᠴᠦᠲᠦ ᠪᠡᠭᠡᠯᠡᠢ᠂ ᠮᠥᠨ ᠠᠷᠢᠶᠠᠲᠠᠨ ᠪᠠᠰᠠᠷ ᠤ᠋ᠨ ᠠᠦ᠋ᠲ ᠲᠠᠷᠬᠠᠭᠠᠯᠲᠤ ᠯᠠᠢᠰᠧᠷ ᠦ᠋ᠨ ᠫᠤᠤ᠂ ᠰᠡᠭᠦᠯᠴᠢ ᠶ᠋ᠢᠨ ᠡᠰᠡᠷᠭᠦᠴᠡᠭᠴᠢᠳ ᠦ᠋ᠨ ᠭᠠᠢᠬᠠᠯᠲᠠᠢ ᠬᠦᠴᠦ ᠷᠤᠪᠲ᠋ᠤᠨ ᠳ᠋ᠤᠷᠤᠨ ᠤ᠋ ᠪᠣᠰᠤᠯᠭ᠎ᠠ ᠶ᠋ᠢ ᠰᠥᠷᠦᠨ ᠵᠣᠭᠰᠣᠬᠤ ᠳ᠋ᠤ᠌ ᠠᠯᠢ ᠬᠡᠳᠦᠢᠨ ᠦ᠌ ᠪᠡᠯᠡᠨ ᠪᠣᠯᠵᠠᠢ᠃
ᠲᠤᠩᠬᠤ᠄ ᠲᠡᠭᠡᠭᠰᠡᠨ ᠴᠢᠨᠢ ᠪᠠᠰᠠᠷ ᠪᠦᠷ ᠭᠣᠮᠣᠳᠠᠭᠠᠳ ᠤᠬᠢᠯᠠᠬᠤ ᠭᠡᠳ ᠪᠠᠢᠭᠰᠠᠨ ᠬᠢ ᠬᠢ ᠬᠢ ᠂ ᠪᠢᠳᠡ ᠨᠠᠷ ᠲᠣᠭᠯᠠᠭᠰᠠᠨ ᠶᠤᠮ ᠠ᠋ ᠭᠡᠳActor ( ᠲᠣᠭᠯᠠᠭᠴᠢ) ᠶ᠋ᠢ ᠨᠢ ᠰᠡᠷᠭᠦᠭᠡᠭᠰᠡᠨ ᠰᠢᠳᠡ ᠠ᠋᠂ Game day ( ᠲᠣᠭᠯᠠᠭᠠᠮ ᠤ᠋ᠨ ᠨᠡᠷ᠎ᠡ) ᠳᠡᠭᠡᠷ᠎ᠡ᠃
ᠠᠷᠸ᠎ᠠ᠄ ᠬᠡ ᠬᠡ ᠮᠤᠨᠳᠠᠭ ᠬᠡᠦᠬᠡᠳ ᠦ᠋ᠳ ᠰᠢᠦ᠂ ᠦ ᠨᠡᠭᠡᠷᠡᠨ ᠨᠥᠭᠦᠭᠡ ᠬᠡᠳᠦ ᠳ᠋ᠦ᠍ ᠪᠡᠨ ᠠᠪᠠᠴᠢᠵᠤ ᠥᠭᠬᠦ ᠪᠢᠯᠠᠭᠤᠨ ᠨᠢ ᠪᠣᠯᠤᠭᠰᠠᠨ ᠤᠤ?
ᠲᠤᠩᠬᠤ᠄ ᠪᠣᠯᠤᠭᠰᠠᠨ ᠠ᠋᠂ ᠠᠷᠸ᠎ᠠ ᠠᠬ᠎ᠠ᠂ ᠮᠠᠨ ᠤ᠋ ᠬᠡᠳᠦ ᠶᠡᠬᠡ ᠪᠠᠶᠠᠷᠯᠠᠬᠤ ᠪᠠᠢᠬᠤ ᠳᠠ᠂ ᠮᠥᠩᠬᠡ ᠪᠦᠷ ᠶᠠᠮᠠᠷ ᠭᠣᠶᠣ ᠠᠮᠲᠠᠲᠠᠢ ᠶᠤᠮ ᠪᠣᠢ? ᠲᠤᠩᠬᠤ ᠠ᠋ ᠳᠠᠬᠢᠭᠠᠳ ᠠᠮᠲᠠᠲᠠᠨ ᠬᠢᠭᠡᠳ ᠥᠭ ᠯᠡ ᠳᠡ ᠭᠡᠵᠦ ᠮᠡᠭᠡᠳ ᠯᠡ᠂ ᠬᠢ ᠬᠢ᠃
ᠠᠷᠸ᠎ᠠ᠄ ᠬᠢ ᠬᠢ᠂ ᠳᠡᠭᠡᠯ ᠦᠭᠡᠢ ᠶᠠᠭᠠᠬᠢᠬᠤᠪ ᠳᠠ᠂ ᠮᠠᠨ ᠤ᠋ ᠶᠡᠷᠦᠩᠬᠡᠢ ᠲᠣᠭᠣᠭᠠᠴᠢ ᠲᠤᠩᠬᠤ ᠶ᠋ᠢᠨ ᠮᠠᠨᠢ ᠬᠢᠭᠰᠡᠨ ᠪᠢᠯᠠᠭᠤᠨ ᠪᠣᠯᠬᠣᠷ ᠦᠨᠡᠬᠡᠷ ᠠᠮᠲᠠᠲᠠᠢ ᠪᠠᠢᠬᠤ ᠨᠢ ᠭᠠᠷᠴᠠᠭ᠎ᠠ ᠦᠭᠡᠢ ᠰᠢᠦ ᠳᠡ᠂ ᠵᠠ ᠬᠣᠶᠠᠭᠤᠯᠠ ᠯᠠᠪᠠᠷᠲ᠋ᠤᠷ( ᠲᠤᠷᠰᠢᠯᠲᠠ ᠶ᠋ᠢᠨ ᠲᠠᠰᠤᠭ ) ᠲᠤ᠌ ᠣᠷᠣᠵᠤ ᠨᠥᠭᠦᠭᠡ ᠬᠡᠳᠦ ᠶ᠋ᠢ ᠪᠡᠨ ᠳᠠᠭᠤᠳᠠᠬᠤ ᠤᠤ ᠳᠠ?
ᠲᠤᠩᠬᠤ᠄ ᠵᠠ ᠲᠡᠭᠡᠶ᠎ᠡ᠂ ᠠᠷᠸ᠎ᠠ ᠠᠬ᠎ᠠ ᠠ᠋᠃
ᠮᠥᠩᠬᠡ᠄ ᠰᠡᠭᠦᠯᠴᠢ ᠶ᠋ᠢᠨ ᠡᠰᠡᠷᠭᠦᠴᠡᠭᠴᠢᠳ ᠮᠠᠰᠢ ᠣᠯᠠᠨ ᠳᠠᠢᠰᠤᠨ ᠤ᠋ ᠡᠮᠦᠨ᠎ᠡ ᠡᠴᠡ ᠰᠥᠷᠦᠨ ᠵᠣᠭᠰᠣᠭᠰᠠᠨ᠂ ᠲᠡᠳᠡᠨ ᠦ᠌ ᠬᠡᠨ ᠦ᠌ ᠬᠢᠨᠢ ᠴᠦ᠍ ᠨᠢᠭᠤᠷ ᠲᠤ᠌ ᠣᠭᠲᠣᠬᠠᠨ ᠴᠤ᠌ ᠠᠢᠳᠠᠰ ᠬᠠᠷᠠᠭᠳᠠᠬᠤ ᠦᠭᠡᠢ ᠪᠠᠢᠯ᠎ᠠ᠂ ᠡᠩ ᠪᠠᠰᠠᠷ ᠠ᠋ ᠶᠠᠮᠠᠷᠴᠤ ᠠᠢᠳᠠᠰ ᠲᠥᠷᠥᠭᠰᠡᠨ ᠴᠢᠷᠠᠢ ᠪᠠᠢᠬᠤ ᠦᠭᠡᠢ ᠪᠠᠰᠠᠷ ᠠ᠋
ᠪᠠᠰᠠᠷ᠄ ᠦ ᠺᠠᠮᠧᠷᠠ ᠨᠠᠮ᠎ᠠ ᠶ᠋ᠢ ᠠᠪᠤᠭᠠᠳ ᠪᠠᠢᠭᠰᠠᠨ ᠶᠤᠮ ᠤᠤ?
ᠮᠥᠩᠬᠡ᠄ ᠪᠠᠰᠠᠷ ᠠ᠋᠂ ᠶᠠᠮᠠᠷ ᠴᠤ᠌ ᠠᠶᠤᠭᠰᠠᠨ ᠴᠢᠷᠠᠢ ᠪᠠᠢᠬᠤ ᠦᠭᠡᠢ ᠪᠠᠭᠠᠲᠤᠷᠯᠢᠭ ᠰᠦᠷ ᠲᠡᠢ ᠴᠢᠷᠠᠢ ᠲᠠᠢ ᠪᠠᠢᠨ᠎ᠠ᠃
ᠪᠠᠰᠠᠷ᠄ ᠵᠠ
ᠮᠥᠩᠬᠡ᠄ ᠦᠨᠡᠬᠡᠷ ᠡᠢᠮᠦ ᠪᠠᠭᠠᠲᠤᠷᠯᠢᠭ ᠴᠢᠷᠠᠢ ᠪᠠᠨ ᠭᠠᠷᠭᠠᠨ ᠦ ᠪᠠᠰᠠᠷ ᠠ᠋᠂ ᠬᠢ ᠬᠢ᠁
ᠪᠠᠰᠠᠷ᠄ ᠦ᠋ ᠠ ᠡᠩ᠂ ᠶᠠᠭᠠᠬᠢᠭᠰᠠᠨ ᠮᠥᠩᠬᠡ ᠠ᠋?
ᠮᠥᠩᠬᠡ᠄ ᠢᠱ᠌ᠢ ᠰᠢᠦ ᠂ ᠳ᠋ᠠᠸᠠᠢ( ᠨᠠᠭᠠᠰᠢ ᠪᠠᠨ) ᠂ ᠪᠠᠭᠠᠲᠤᠷᠯᠢᠭ ᠴᠢᠷᠠᠢ ᠂ ᠲᠠᠢᠰᠠ ᠤᠷᠤᠭᠤ ᠪᠠᠭᠠᠲᠤᠷᠯᠢᠭ ᠴᠢᠷᠠᠢ ᠰᠢᠳᠡᠭᠡᠳ ᠥᠭ᠂ ᠦ ᠪᠢᠰᠢ ᠠ᠋᠂ ᠪᠠᠰᠠᠷ ᠠ᠋᠂ ᠬᠢ ᠬᠢ ᠪᠠᠭᠠᠲᠤᠷᠯᠢᠭ ᠪᠦᠷ ᠰᠦᠷ ᠲᠡᠢ ᠠ ᠬᠠ ᠠᠩ ᠵᠠ ᠃ ᠲᠡᠳᠡ ᠪᠦᠭᠦᠳᠡ ᠬᠢᠮᠡᠯ ᠣᠶᠤᠨ ᠤᠬᠠᠭᠠᠨᠲᠤ ᠷᠤᠪᠲ᠋ᠤᠨ ᠳ᠋ᠤᠷᠤᠨ ᠤ᠋ ᠠᠷᠮᠢ ᠶ᠋ᠢᠨ ᠡᠰᠡᠷᠭᠦ ᠵᠣᠭᠰᠣᠬᠤ ᠳ᠋ᠤ᠌ ᠪᠡᠯᠡᠨ ᠪᠠᠢᠯ᠎ᠠ᠂ ᠰᠡᠭᠦᠯᠴᠢ ᠶ᠋ᠢᠨ ᠡᠰᠡᠷᠭᠦᠴᠡᠭᠴᠢᠳ ᠦ᠋ᠨ ᠬᠦᠴᠦ ᠡᠩ ᠲᠡᠩᠴᠡᠭᠦᠦ ᠪᠢᠰᠢ ᠬᠠᠷᠠᠭᠳᠠᠵᠤ ᠪᠠᠢᠭ᠎ᠠ ᠴᠤ᠌ ᠲᠡᠳᠡᠨ ᠳ᠋ᠦ᠍ ᠲᠤᠰᠠᠯᠠᠬᠤ ᠪᠠᠷ ᠰᠦᠷ ᠬᠦᠴᠦᠲᠦ ᠲᠤᠩᠬᠤ ᠪᠣᠯᠤᠨ ᠠᠷᠸ᠎ᠠ ᠠᠬ᠎ᠠ ᠨᠠᠷ ᠴᠠᠭ ᠬᠤᠭᠤᠴᠠᠭᠠᠨ ᠤ᠋ ᠪᠣᠳᠣᠯ ᠢ᠋ ᠠᠰᠢᠭᠯᠠᠨ ᠣᠷᠣᠵᠤ ᠢᠷᠡᠯ᠎ᠡ᠂ ᠲᠡᠳᠡᠨ ᠦ᠌ ᠦᠨᠡᠨᠴᠢ ᠨᠥᠬᠥᠳ ᠢᠯᠳᠦ ᠪᠠᠮᠪᠠᠢ ᠪᠠᠨ ᠠᠭᠰᠠᠨ᠂ ᠰᠦᠷ ᠬᠦᠴᠦ ᠲᠡᠢ ᠪᠡᠷ ᠣᠷᠣᠵᠤ ᠢᠷᠡᠯ᠎ᠡ᠃
ᠲᠤᠩᠬᠤ᠄ ᠦ᠂ ᠬᠡ ᠬᠡ ᠠᠷᠸ᠎ᠠ ᠠᠬ᠎ᠠ ᠠ᠋᠂ ᠳᠠᠬᠢᠭᠠᠳ ᠯᠠ ᠬᠣᠶᠠᠭᠤᠯᠠ ᠪᠠᠨ ᠣᠷᠭᠢᠯ ᠦᠶ᠎ᠡ ᠳᠡᠭᠡᠷ᠎ᠡ ᠨᠢ ᠣᠷᠣᠭᠠᠳ ᠢᠷᠡᠬᠦ ᠰᠢᠭ ᠪᠣᠯᠤᠯ᠎ᠠ᠃
ᠠᠷᠸ᠎ᠠ᠄ ᠬᠢ ᠬᠢ ᠶᠠᠭ ᠲᠡᠭᠡᠯ᠎ᠡ ᠰᠢᠦ᠃
ᠮᠥᠩᠬᠡ᠄ ᠦ ᠬᠢ ᠬᠢ ᠮᠢᠨᠦ comment (ᠰᠡᠳᠬᠢᠭᠳᠡᠯ ᠢ᠋ᠶ᠋ᠡᠨ ᠪᠢᠴᠢᠬᠦ ) ᠶ᠋ᠢ ᠳᠠᠬᠢᠭᠠᠳ ᠯᠠ ᠣᠷᠭᠢᠯ ᠦᠶ᠎ᠡ ᠳᠡᠭᠡᠷ᠎ᠡ ᠪᠡᠨ ᠶᠠᠪᠤᠵᠤ ᠪᠠᠢᠬᠤ ᠳ᠋ᠤ᠌ ᠪᠦᠷ ᠶᠠᠭ ᠲᠠᠭᠠᠷᠠᠭᠤᠯᠤᠭᠠᠳ ᠣᠷᠣᠭᠠᠳ ᠢᠷᠡᠯ᠎ᠡ ᠰᠢᠦ᠃
ᠲᠤᠩᠬᠤ᠄ ᠬᠢ ᠬᠢ ᠬᠠᠷᠢᠨ ᠲᠡᠭᠡᠯ᠎ᠡ᠂ ᠤᠭ ᠨᠢ ᠠᠷᠸ᠎ᠠ ᠠᠬ᠎ᠠ ᠪᠢᠳᠡ ᠬᠣᠶᠠᠷ ᠶᠠᠭ ᠣᠷᠭᠢᠯ ᠦᠶ᠎ᠡ ᠳᠡᠭᠡᠷ᠎ᠡ ᠨᠢ ᠣᠷᠣᠴᠢᠬᠠᠪᠠᠯ ᠶᠠᠭᠠᠬᠢᠨ᠎ᠠ ᠭᠡᠳ ᠶᠠᠷᠢᠵᠤ ᠶᠠᠷᠢᠵᠤ ᠢᠷᠡᠭᠰᠡᠨ ᠶᠦᠮ ᠰᠠᠨ᠃
ᠠᠷᠸ᠎ᠠ᠄ ᠬᠠᠷᠢᠨ ᠲᠤᠩᠬᠤ ᠪᠢᠳᠡ ᠬᠣᠶᠠᠷ ᠬᠣᠭᠣᠯᠠᠨ ᠤ᠋ ᠡᠳᠦᠷᠯᠢᠭ ᠢ᠋ᠶ᠋ᠡᠨ ᠡᠬᠢᠯᠡᠭᠦᠯᠬᠦ ᠭᠡᠳ ᠲᠠ ᠬᠡᠳᠦ ᠶ᠋ᠢ ᠪᠢᠳᠡ ᠬᠣᠶᠠᠷ ᠲᠠᠢ ᠬᠠᠮᠲᠤ ᠬᠣᠭᠣᠯᠠ ᠬᠢᠬᠦ ᠤᠤ ᠭᠡᠵᠦ ᠠᠰᠠᠭᠤᠬᠤ ᠭᠡᠳ ᠣᠷᠣᠭᠠᠳ ᠢᠷᠡᠯ᠎ᠡ᠃
ᠳ᠋ᠤᠷᠤᠨ᠄ ᠬᠢ ᠬᠢ᠂ ᠷᠤᠪᠲ᠋ᠤᠨ ᠳ᠋ᠤᠷᠤᠷᠠᠨ ᠨᠤᠭᠤᠳ ᠪᠠᠷᠤᠭ ᠳᠡᠯᠡᠬᠡᠢ ᠶ᠋ᠢ ᠡᠵᠡᠯᠡᠬᠦ ᠭᠡᠵᠦ ᠪᠠᠢᠯ᠎ᠠ ᠰᠢᠦ ᠳᠡ᠃
ᠮᠥᠩᠬᠡ᠄ ᠲᠡᠭᠡᠭᠡᠳ ᠰᠡᠭᠦᠯᠴᠢ ᠶ᠋ᠢᠨ ᠡᠰᠡᠷᠭᠦᠴᠡᠭᠴᠢᠳ ᠳᠠᠭᠠᠷᠢᠭᠠᠳ ᠯᠠ ᠪᠢ ᠪᠦᠷ ᠷᠤᠪᠲ᠋ᠤᠨ ᠬᠤᠪᠴᠠᠰᠤ ᠲᠠᠢ ᠪᠣᠯᠴᠢᠬᠠᠭᠰᠠᠨ ᠭᠡᠵᠦ ᠪᠣᠳᠣ ᠳᠠ᠃
ᠲᠤᠩᠬᠤ᠄ ᠦ᠋ ᠵᠠ ᠵᠠ ᠮᠥᠩᠬᠡ ᠠ᠋᠂ ᠪᠢ ᠴᠢᠮ᠎ᠠ ᠳ᠋ᠤ᠌ ᠥᠪᠡᠷ ᠦ᠋ᠨ ᠢ᠋ᠶ᠋ᠡᠨ ᠰᠢᠨ᠎ᠡ ᠰᠤᠷᠤᠭᠰᠠᠨ ᠵᠣᠷ ᠢ᠋ᠶ᠋ᠠᠷ ᠢ᠋ᠶ᠋ᠠᠨ ᠪᠢᠯᠠᠭᠤᠨ ᠬᠢᠭᠡᠳ ᠠᠪᠴᠢᠷᠠᠭᠰᠠᠨ᠃
ᠮᠥᠩᠬᠡ᠄ ᠸᠠ ᠲᠡᠢᠮᠦ ᠤᠤ᠂ comment (ᠰᠡᠳᠬᠢᠭᠳᠡᠯ ᠢ᠋ᠶ᠋ᠡᠨ ᠪᠢᠴᠢᠬᠦ ) ᠶ᠋ᠢᠨ ᠢ᠋ᠶ᠋ᠡᠨ ᠵᠢᠷᠤᠭᠰᠠᠭᠠᠷ ᠪᠠᠢᠭᠠᠳ ᠶᠠᠭ ᠭᠣᠶᠣ ᠠᠮᠲᠠᠲᠠᠨ ᠢᠳᠡᠮᠡᠷ ᠰᠠᠨᠠᠭᠳᠠᠵᠤ ᠪᠠᠢᠯ᠎ᠠ᠃
ᠲᠤᠩᠬᠤ᠄ ᠵᠠ ᠲᠡᠭᠡᠪᠡᠯ ᠰᠦᠫᠸᠷ ᠪᠠᠭᠠᠲᠤᠷ ᠤ᠋ᠳ ᠮᠢᠨᠢ ᠮᠢᠨᠦ ᠬᠢᠭᠰᠡᠨ ᠪᠢᠯᠠᠭᠤᠨ ᠢ᠋ ᠢᠳᠡᠵᠦ ᠲᠦᠷ ᠠᠮᠠᠷᠠᠴᠢᠬᠠᠭᠠᠳ ᠳᠡᠭᠡᠭᠰᠢ ᠪᠡᠨ ᠭᠠᠷᠴᠤ ᠬᠣᠭᠣᠯᠠᠨ ᠤ᠋ ᠡᠳᠦᠷᠯᠢᠭ ᠢ᠋ᠶ᠋ᠡᠨ ᠬᠠᠮᠲᠤ ᠳ᠋ᠤ᠌ ᠪᠠᠨ ᠦᠷᠭᠦᠯᠵᠢᠯᠡᠭᠦᠯᠦᠶ᠎ᠡ ᠳᠡ᠃
ᠳ᠋ᠤᠷᠤᠨ᠄ ᠠᠮᠲᠠᠲᠠᠢ ᠬᠠᠷᠠᠭᠳᠠᠵᠤ ᠪᠠᠢᠨ᠎ᠠ ᠳᠠ᠃
ᠲᠤᠩᠬᠤ᠄ ᠮᠥᠩᠬᠡ ᠠ᠋᠂ ᠮᠢᠨᠦ ᠰᠢᠨ᠎ᠡ ᠪᠡᠷ ᠬᠢᠵᠦ ᠰᠤᠷᠤᠭᠰᠠᠨ ᠪᠢᠯᠠᠭᠤᠨ ᠶᠠᠮᠠᠷ ᠪᠣᠯᠤᠭᠰᠠᠨ ᠪᠠᠢᠨ᠎ᠠ᠂ ᠲᠠᠭᠠᠯᠠᠭᠳᠠᠵᠤ ᠪᠠᠢᠨ᠎ᠠ ᠤᠤ?
ᠮᠥᠩᠬᠡ᠄ ᠭᠣᠶᠣ ᠪᠣᠯᠵᠠᠢ ᠲᠤᠩᠬᠤ ᠠ᠋᠂ ᠭᠡᠬᠦ ᠳ᠋ᠦ᠍ ᠪᠡᠨ ᠵᠢᠭᠠᠬᠠᠨ ᠠᠭᠠᠷᠠᠤ ᠤᠤ᠂ ᠦ ᠪᠢᠰᠢ ᠠ᠋ ᠪᠢᠰᠢ ᠭᠣᠶᠣ ᠪᠠᠢᠨ᠎ᠠ᠃
ᠲᠤᠩᠬᠤ᠄ ᠦ ᠮᠥᠩᠬᠡ ᠠ᠋᠂ ᠪᠢ ᠲᠠ ᠨᠠᠷ ᠲᠤ᠌ ᠵᠣᠷᠢᠭᠤᠯᠤᠭᠠᠳ ᠵᠥᠩᠳᠡᠭᠡᠨ ᠬᠢᠴᠢᠶᠡᠵᠦ ᠪᠠᠢᠬᠤ ᠳ᠋ᠤ᠌ ᠴᠢᠨᠢ᠂ ᠬᠡᠩ ᠮᠠᠭᠤᠬᠠᠢ ᠮᠥᠩᠬᠡ᠃
ᠮᠥᠩᠬᠡ᠄ ᠦ ᠲᠤᠩᠬᠤ ᠠ᠋᠂ ᠤᠤᠯ ᠨᠢ ᠭᠣᠶᠣ ᠴᠤ᠌ ᠯᠠ ᠪᠠᠢᠨ᠎ᠠ ᠳᠠ᠂ ᠪᠢ ᠮᠠᠭᠤᠬᠠᠢ ᠭᠡᠵᠦ ᠬᠡᠯᠡᠬᠦ ᠬᠡ ᠥᠬᠡᠢ ᠶᠦᠮ ᠠ᠋᠂ ᠴᠢ ᠴᠢᠨᠢ ᠂ ᠠᠭᠠᠷᠠᠤ ᠪᠠᠢᠨ᠎ᠠ ᠯᠠ ᠭᠡᠰᠡᠨ ᠰᠢᠳᠡ ᠠ᠋᠃
ᠲᠤᠩᠬᠤ᠄ ᠠᠷᠸ᠎ᠠ ᠠᠬ᠎ᠠ ᠠ᠋᠂ ᠪᠢ ᠶᠠᠪᠤᠵᠤ ᠬᠢᠴᠢᠶᠡᠯ ᠢ᠋ᠶ᠋ᠡᠨ ᠬᠢᠯ᠎ᠡ᠃
ᠳ᠋ᠤᠷᠤᠨ᠄ ᠦ᠋ ᠦᠭᠡᠢ᠂ ᠶᠠᠭᠠᠬᠢᠬᠤ ᠤᠤ ᠠᠷᠸ᠎ᠠ ᠠᠬ᠎ᠠ ᠠ᠋?
ᠠᠷᠸ᠎ᠠ᠄ ᠦ ᠶᠠᠭᠠᠬᠢᠳᠠᠭ ᠪᠢᠯᠡ ᠮᠥᠩᠬᠡ ᠠ᠋᠂ ᠲᠤᠩᠬᠤ ᠨᠢ ᠤᠭ ᠨᠢ ᠶᠡᠬᠡᠯ᠎ᠡ ᠬᠢᠴᠢᠶᠡᠵᠦ ᠪᠢᠯᠠᠭᠤᠨ ᠢ᠋ᠶ᠋ᠠᠨ ᠬᠢᠭᠰᠡᠨ ᠶᠤᠮᠰᠠᠨ᠃
ᠮᠥᠩᠬᠡ᠄ ᠬᠠᠷᠢᠨ ᠲᠡᠢᠮᠦ ᠠ᠋ ᠠᠷᠸ᠎ᠠ ᠠᠬ᠎ᠠ᠂ ᠣᠳᠣ ᠲᠤᠩᠬᠤ ᠠ᠋ᠴᠠ ᠪᠠᠨ ᠶᠠᠭᠠᠬᠢᠵᠤ ᠠᠭᠤᠴᠢᠯᠠᠯ ᠭᠤᠶᠤᠨ᠎ᠠ ᠶᠣᠰᠣᠲᠠᠢ ᠲᠣᠭ᠎ᠠ ᠦᠭᠡᠢ ᠶᠠᠭᠤᠮ᠎ᠠ ᠪᠣᠯᠴᠢᠬᠠᠯ᠎ᠠ᠃
ᠠᠷᠸ᠎ᠠ᠄ ᠠ ᠠᠬ᠎ᠠ ᠳ᠋ᠤ᠌ ᠨᠢ ᠨᠢᠭᠡ ᠰᠠᠨᠠᠭ᠎ᠠ ᠲᠥᠷᠥᠯ᠎ᠡ᠂ ᠬᠡᠳᠦᠭᠦᠯᠡ ᠪᠡᠨ ᠳᠡᠭᠡᠭᠰᠢ ᠪᠡᠨ ᠭᠠᠷᠤᠭᠠᠳ ᠲᠤᠩᠬᠤ ᠳ᠋ᠤ᠌ ᠪᠠᠨ ᠭᠣᠶᠣ ᠠᠮᠲᠠᠲᠠᠢ ᠬᠣᠭᠣᠯᠠ ᠬᠢᠵᠦ ᠥᠭᠪᠡᠯ ᠶᠠᠮᠠᠷ ᠪᠣᠢ?
ᠮᠥᠩᠬᠡ᠄ ᠦ ᠨᠡᠭᠡᠷᠡᠨ ᠲᠡᠢᠮᠦ ᠰᠢᠦ᠂ ᠠᠷᠸ᠎ᠠ ᠠᠬ᠎ᠠ ᠠ᠋ ᠲᠡᠭᠡᠶ᠎ᠡ᠂ ᠪᠢ ᠲᠡᠭᠡᠪᠡᠯ ᠵᠢᠩᠬᠢᠨᠢ ᠡᠴᠡ ᠪᠡᠨ ᠭᠠᠷ ᠢ᠋ᠶ᠋ᠠᠨ ᠭᠠᠷᠭᠠᠭᠠᠳ ᠲᠤᠩᠬᠤ ᠳ᠋ᠤ᠌ ᠪᠠᠨ ᠬᠠᠮᠤᠭ ᠤ᠋ᠨ ᠭᠣᠶᠣ ᠬᠣᠭᠣᠯᠠ ᠬᠢᠵᠦ ᠥᠭᠭᠦᠨ᠎ᠡ᠃
ᠳ᠋ᠤᠷᠤᠨ᠄ ᠵᠠ ᠲᠡᠭᠡᠪᠡᠯ ᠠᠷᠸ᠎ᠠ ᠠᠬ᠎ᠠ ᠲᠠ ᠬᠣᠶᠠᠷ ᠬᠣᠭᠣᠯᠠ ᠬᠢᠵᠦ ᠪᠠᠢᠬᠤ ᠬᠣᠭᠣᠷᠣᠨᠳᠣ ᠪᠢ ᠲᠤᠩᠬᠤ ᠲᠠᠢ ᠬᠠᠮᠲᠤ ᠪᠠᠢᠵᠤ ᠪᠠᠢᠶ᠎ᠠ᠃
ᠮᠥᠩᠬᠡ᠄ok
ᠠᠷᠸ᠎ᠠ᠄ ᠵᠠ ᠲᠡᠭᠡᠪᠡᠯ ᠪᠦᠭᠦᠳᠡᠭᠡᠷ ᠢ᠋ᠶ᠋ᠡᠨ ᠭᠠᠯ ᠲᠣᠭᠣᠭ᠎ᠠ ᠣᠷᠣᠬᠤ ᠤᠤ ᠳᠠ?
ᠮᠥᠩᠬᠡ᠄ ᠰᠡᠭᠦᠯᠴᠢ ᠶ᠋ᠢᠨ ᠡᠰᠡᠷᠭᠦᠴᠡᠭᠴᠢᠳ ᠪᠡᠯᠡᠨ᠃
ᠠᠷᠸ᠎ᠠ᠄ ᠵᠠ ᠥᠨᠥᠳᠥᠷ ᠦ᠋ᠨCooking day ( ᠲᠣᠭᠣᠭᠠᠯᠠᠬᠤ ᠡᠳᠦᠷ) ᠡᠬᠢᠯᠡᠯ᠎ᠡ᠂ ᠪᠡᠯᠡᠨ ᠤᠤ ᠮᠥᠩᠬᠡ?
ᠮᠥᠩᠬᠡ᠄ ᠦ ᠶᠧ
ᠠᠷᠸ᠎ᠠ᠄ ᠥᠨᠥᠳᠥᠷ ᠬᠣᠶᠠᠭᠤᠯᠠ ᠪᠠᠨ Disney ( ᠬᠡᠦᠬᠡᠯᠳᠡᠢ ᠶ᠋ᠢᠨ ᠺᠢᠨᠣ᠋ )ᠭᠠᠷᠳᠠᠭᠭᠠᠢᠬᠠᠯᠲᠠᠢ ᠬᠣᠭᠣᠯᠠ ᠨᠤᠭᠤᠳ ᠢ᠋ ᠬᠢᠬᠦ ᠪᠣᠯᠤᠨ᠎ᠠ᠃
ᠮᠥᠩᠬᠡ᠄ ᠸᠠ ᠦ
ᠠᠷᠸ᠎ᠠ᠄ ᠵᠠ ᠲᠡᠭᠡᠪᠡᠯ ᠡᠬᠢᠯᠡᠵᠡᠭᠡᠶ᠎ᠡ᠃
ᠮᠥᠩᠬᠡ᠄ It's show time!( ᠵᠠ᠂ ᠮᠡᠷᠭᠡᠵᠢᠯ ᠢ᠋ᠶ᠋ᠡᠨ ᠦᠵᠡᠭᠦᠯᠦᠶ᠎ᠡ)᠃
ᠮᠥᠩᠬᠡ᠄ ᠸᠠ ᠦ ᠢᠩᠭᠢᠭᠡᠳ ᠳᠠᠭᠤᠰᠴᠢᠬᠠᠯ᠎ᠠ ᠰᠢᠦ ᠳᠡ ᠠᠷᠸ᠎ᠠ ᠠᠬ᠎ᠠ ᠠ᠋᠃
ᠠᠷᠸ᠎ᠠ᠄ ᠵᠠ ᠬᠣᠶᠠᠭᠤᠯᠠ ᠪᠠᠨ ᠨᠥᠭᠦᠭᠡ ᠬᠡᠳᠦ ᠶ᠋ᠢ ᠪᠡᠨ ᠳᠠᠭᠤᠳᠠᠭᠠᠳ ᠠᠮᠲᠠᠲᠠᠢ ᠬᠣᠭᠣᠯᠠ ᠨᠤᠭᠤᠳ ᠢ᠋ᠶ᠋ᠠᠷ ᠢ᠋ᠶ᠋ᠠᠨ ᠳᠠᠢᠯᠠᠬᠤ ᠤᠤ ᠳᠠ?
ᠮᠥᠩᠬᠡ᠄ Yes please ( ᠵᠠ ᠲᠡᠭᠡᠶ᠎ᠡ)
ᠠᠷᠸ᠎ᠠ᠄ ᠥᠨᠥᠳᠥᠷ ᠦ᠋ᠨCooking day( ᠲᠣᠭᠣᠭᠠᠯᠠᠬᠤ ᠡᠳᠦᠷ) ᠮᠠᠨᠢ ᠦᠷᠭᠦᠯᠵᠢᠯᠡᠵᠦ ᠪᠠᠢᠨ᠎ᠠ᠂ ᠡᠨᠡ ᠤᠳᠠᠭ᠎ᠠ ᠶ᠋ᠢᠨ ᠬᠣᠭᠣᠯᠠᠨ ᠤ᠋ ᠡᠳᠦᠷ ᠢ᠋ᠶ᠋ᠡᠷ Disney ( ᠬᠡᠦᠬᠡᠯᠳᠡᠢ ᠶ᠋ᠢᠨ ᠺᠢᠨᠣ᠋ ) ᠳᠡᠭᠡᠷ᠎ᠡ ᠭᠠᠷᠳᠠᠭ ᠭᠠᠢᠬᠠᠯᠲᠠᠢ ᠵᠣᠭᠣᠭ ᠤ᠋ᠳ ᠢ᠋ ᠪᠡᠯᠡᠳᠦᠭᠰᠡᠨ ᠪᠠᠢᠭ᠎ᠠ᠂ ᠶᠤᠮ᠂ ᠮᠡᠳᠡᠭᠡᠵᠢ ᠠᠬᠠᠯᠠᠭᠴᠢ ᠲᠣᠭᠣᠭᠠᠴᠢ ᠪᠠᠷ ᠮᠠᠨ ᠤ᠋ ᠮᠥᠩᠬᠡ ᠮᠠᠨᠢ ᠠᠵᠢᠯᠯᠠᠯ᠎ᠠ᠃
ᠮᠥᠩᠬᠡ᠄ ᠰᠠᠢᠨ ᠪᠠᠢᠵᠠᠭᠠᠨ᠎ᠠ ᠤᠤ᠂ ᠦ ᠪᠠᠶᠠᠷᠯᠠᠯ᠎ᠠ ᠪᠠᠶᠠᠷᠯᠠᠯ᠎ᠠ᠂ ᠡᠨᠡ ᠬᠣᠭᠣᠯᠠ ᠶ᠋ᠢ ᠬᠥᠭᠡᠷᠦᠬᠦᠨ ᠨᠠᠢᠵᠠ ᠨᠤᠭᠤᠳ ᠪᠣᠯᠬᠤ ᠪᠠᠰᠠᠷ ᠴᠠᠰᠤᠬᠠᠨ ᠳ᠋ᠤᠷᠤᠷᠠᠨ ᠮᠥᠨ ᠬᠠᠮᠤᠭ ᠤ᠋ᠨ ᠰᠠᠢᠨ ᠨᠠᠢᠵᠠ ᠲᠤᠩᠬᠤ ᠳ᠋ᠤ᠌ ᠪᠠᠨ ᠵᠣᠷᠢᠭᠤᠯᠤᠨ ᠡᠨᠡᠬᠦ ᠬᠣᠭᠣᠯᠠ ᠨᠤᠭᠤᠳ ᠢ᠋ᠶ᠋ᠠᠨ ᠬᠢᠯ᠎ᠡ᠃ ᠨᠠᠢᠵᠠ ᠶ᠋ᠢ ᠪᠡᠨ ᠠᠭᠤᠴᠢᠯᠠᠭᠠᠷᠠᠢ᠃ ᠪᠢ ᠥᠪᠡᠷ ᠢ᠋ᠶ᠋ᠡᠨ ᠬᠣᠭᠣᠯᠠ ᠬᠢᠵᠦ ᠦᠵᠡᠵᠦ ᠪᠠᠢᠵᠤ ᠶᠠᠮᠠᠷ ᠶᠡᠬᠡ ᠠᠵᠢᠯ ᠪᠣᠯᠳᠠᠭ᠂ ᠶᠠᠮᠠᠷ ᠶᠡᠬᠡ ᠵᠢᠳᠬᠦᠯ ᠭᠠᠷᠳᠠᠭ ᠢ᠋ ᠣᠢᠯᠠᠭᠠᠵᠤ ᠠᠪᠤᠯ᠎ᠠ᠃
ᠲᠤᠩᠬᠤ᠄ ᠬᠢ ᠬᠢ᠂ ᠵᠠ ᠵᠠ ᠨᠠᠢᠵᠠ ᠨᠢ ᠠᠭᠤᠴᠢᠯᠠᠯ᠎ᠠ᠃
ᠠᠷᠸ᠎ᠠ᠄ ᠢᠩᠭᠢᠭᠡᠳ ᠠᠮᠲᠠᠲᠤ ᠬᠣᠭᠣᠯᠠ ᠨᠤᠭᠤᠳ ᠢ᠋ᠶ᠋ᠠᠨ ᠮᠠᠨ ᠤ᠋ ᠮᠥᠩᠬᠡ ᠲᠠᠨᠢᠯᠴᠠᠭᠤᠯᠤᠨ᠎ᠠ᠃
ᠮᠥᠩᠬᠡ᠄ ᠬᠠᠮᠤᠭ ᠤ᠋ᠨ ᠡᠬᠢ ᠨᠢRatatuille ᠬᠡᠦᠬᠡᠯᠳᠡᠢ ᠺᠢᠨᠣ᠋ ᠳᠡᠭᠡᠷ᠎ᠡ ᠭᠠᠷᠳᠠᠭ ᠠᠮᠲᠠᠲᠤ Ratatuille
ᠲᠣᠷᠤᠨ᠄ ᠶᠠᠮᠠᠷ ᠭᠣᠶᠣ ᠶᠤᠮ ᠪᠣᠢ᠃
ᠴᠠᠰᠤᠬᠠᠨ᠄ ᠮᠢᠶᠣᠤ
ᠲᠤᠩᠬᠤ᠄ ᠸᠠ ᠦ
ᠮᠥᠩᠬᠡ᠄ ᠴᠠᠰᠤᠨ ᠭᠤᠸ᠎ᠠ ᠪᠠ ᠳᠣᠯᠣᠭᠠᠨ ᠣᠳᠣᠢ ᠳᠡᠭᠡᠷ᠎ᠡ ᠭᠠᠷᠳᠠᠭ ᠦᠬᠡᠷ ᠦ᠋ᠨ ᠨᠢᠳᠦ ᠵᠢᠮᠢᠰ ᠲᠡᠢ ᠪᠢᠯᠠᠭᠤᠨ᠂ ᠳᠠᠷᠠᠭ᠎ᠠ ᠶ᠋ᠢᠨ ᠬᠢᠨᠢ ᠬᠣᠭᠣᠯᠠ ᠪᠣᠯ ᠮᠦᠯᠠᠨ ᠳᠡᠭᠡᠷ᠎ᠡ ᠭᠠᠷᠳᠠᠭ Mu shu ᠶᠢᠨ ᠥᠷᠯᠥᠭᠡᠨ ᠦ᠌ ᠴᠠᠢ᠃
ᠲᠤᠩᠬᠤ᠄ ᠬᠢ ᠬᠢ ᠶᠠᠮᠠᠷ ᠡᠭᠳᠡᠭᠦᠦ ᠲᠡᠢ ᠶᠦᠮ ᠪᠣᠢ᠃
ᠮᠥᠩᠬᠡ᠄ ᠳᠠᠷᠠᠭ᠎ᠠ ᠶ᠋ᠢᠨ ᠬᠣᠭᠣᠯᠠ ᠪᠣᠯ ᠬᠠᠲᠤᠭᠲᠠᠢ ᠪᠠ ᠲᠠᠨᠤᠮᠠᠯ ᠭᠡᠳ ᠬᠡᠦᠬᠡᠯᠳᠡᠢ ᠳᠡᠭᠡᠷ᠎ᠡ ᠭᠠᠷᠳᠠᠭ ᠪᠥᠭᠡᠷᠡᠩᠬᠡᠢ ᠮᠢᠬ᠎ᠠ ᠲᠠᠢ Spaghetti ( ᠢᠲ᠋ᠠᠯᠢ ᠶ᠋ᠢᠨ ᠭᠤᠯᠢᠷ ᠬᠣᠭᠣᠯᠠ)
ᠲᠤᠩᠬᠤ᠄ ᠸᠠ ᠶᠠᠮᠠᠷ ᠭᠣᠶᠣ ᠬᠣᠭᠣᠯᠠ ᠨᠤᠭᠤᠳ ᠬᠢᠭᠰᠡᠨ ᠶᠦᠮ ᠪᠣᠢ᠃
ᠮᠥᠩᠬᠡ᠄ ᠬᠠ ᠬᠠ᠂ ᠶᠣ ᠶᠠᠭ ᠢᠩᠭᠢᠵᠦ ᠬᠠᠷᠠᠭᠳᠠᠵᠤ ᠪᠠᠢᠭ᠎ᠠ ᠰᠢᠭ᠋ ᠢ᠋ᠶ᠋ᠡᠨ ᠭᠣᠶᠣ ᠠᠮᠲᠠᠲᠠᠢ ᠭᠡᠵᠦ ᠪᠣᠳᠣ ᠳᠠ᠂ ᠪᠢ ᠬᠣᠭᠣᠯᠠ ᠨᠤᠭᠤᠳ ᠢ᠋ᠶ᠋ᠠᠨ ᠬᠢᠵᠦ ᠳᠠᠭᠤᠰᠬᠠᠴᠢᠬᠠᠭᠠᠳ ᠠᠮᠲᠠᠯᠠᠵᠤ ᠦᠵᠡᠭᠰᠡᠨ ᠴᠢᠨᠢ ᠪᠦᠷ ᠶᠠᠮᠠᠷ ᠰᠠᠢᠬᠠᠨ ᠪᠠᠢᠭᠰᠠᠨ ᠭᠡᠭᠡᠴᠢ᠃
ᠲᠤᠩᠬᠤ᠄ ᠠᠢ ᠳᠠ ᠮᠥᠩᠬᠡ ᠮᠢᠨᠢ ᠲᠡᠭᠦᠨ ᠢ᠋ ᠴᠢᠨᠢ ᠬᠥᠳᠡᠯᠮᠦᠷᠢ ᠶ᠋ᠢᠨ ᠠᠮᠲᠠ ᠭᠡᠳᠡᠭ ᠶᠦᠮ ᠰᠢᠦ ᠳᠡ᠂ ᠬᠢ ᠬᠢ᠃
ᠮᠥᠩᠬᠡ᠄ ᠸᠠ ᠦ ᠬᠠᠷᠢᠨ ᠲᠡᠢᠮᠦ ᠪᠠᠢᠨ᠎ᠠ ᠯᠠᠢ ᠬᠢ ᠬᠢ᠂ ᠥᠪᠡᠷ ᠢ᠋ᠶ᠋ᠡᠨ ᠬᠢᠭᠡᠳ ᠢᠳᠡᠬᠦ ᠪᠡᠷ ᠪᠦᠷ ᠠᠮᠲᠠᠲᠠᠢ ᠰᠠᠨᠠᠭᠳᠠᠭᠰᠠᠨ᠂ ᠲᠡᠭᠡᠬᠦ ᠪᠡᠷ ᠴᠢᠨᠦ ᠪᠢᠯᠠᠭᠤᠨ ᠬᠡᠴᠢᠨᠡᠭᠡᠨ ᠠᠮᠲᠠᠲᠠᠢ ᠪᠠᠢᠭᠰᠠᠨ ᠢ᠋ ᠰᠠᠶᠢ ᠯᠠ ᠣᠢᠯᠠᠭᠠᠯ᠎ᠠ᠃
ᠠᠷᠸ᠎ᠠ᠄ ᠲᠡᠢᠮᠦ ᠰᠢᠦ᠂ ᠬᠥᠮᠦᠨ ᠥᠪᠡᠷ ᠢ᠋ᠶ᠋ᠡᠨ ᠬᠥᠳᠡᠯᠮᠦᠷᠢᠯᠡᠵᠦ᠂ ᠲᠡᠭᠦᠨ ᠦ᠌ ᠪᠡᠨ ᠦᠷ᠎ᠡ ᠰᠢᠮ᠎ᠡ ᠶ᠋ᠢ ᠠᠮᠰᠠᠨ᠎ᠠ ᠭᠡᠳᠡᠭ ᠦᠨᠡᠬᠡᠷ ᠴᠢᠬᠤᠯᠠ ᠶᠤᠮ ᠰᠢᠦ᠃ ᠮᠥᠩᠬᠡ ᠮᠠᠨᠢ ᠡᠨᠡ ᠬᠣᠭᠣᠯᠠ ᠨᠤᠭᠤᠳ ᠢ᠋ ᠬᠢᠬᠦ ᠭᠡᠵᠦ ᠶᠡᠬᠡ ᠬᠢᠴᠢᠶᠡᠯ ᠵᠢᠳᠬᠦᠯ ᠵᠠᠷᠤᠴᠠᠭᠤᠯᠤᠭᠰᠠᠨ ᠤᠴᠢᠷ ᠠ᠋ᠴᠠ ᠦᠨᠡᠬᠡᠷ ᠠᠮᠲᠠᠲᠠᠢ ᠪᠠᠢᠭ᠎ᠠ ᠶᠤᠮ ᠰᠢᠦ ᠳᠡ᠃
ᠮᠥᠩᠬᠡ᠄ ᠬᠠᠷᠢᠨ ᠲᠡᠢᠮᠦ ᠠᠷᠸ᠎ᠠ ᠠᠬ᠎ᠠ ᠠ᠋᠂ ᠦᠨᠡᠬᠡᠷ ᠶᠠᠭ ᠰᠠᠢᠨ ᠠ᠋᠃
ᠲᠤᠩᠬᠤ᠄ ᠡᠢᠮᠦ ᠭᠣᠶᠣ ᠬᠣᠭᠣᠯᠠ ᠨᠤᠭᠤᠳ ᠬᠢᠵᠦ ᠥᠭᠭᠦᠭᠰᠡᠨ ᠮᠥᠩᠬᠡ ᠪᠣᠯᠤᠨ ᠠᠷᠸ᠎ᠠ ᠠᠬ᠎ᠠ ᠳ᠋ᠤ᠌ ᠪᠠᠨ ᠪᠠᠶᠠᠷᠯᠠᠯ᠎ᠠ᠃
ᠠᠷᠸ᠎ᠠ᠄ ᠬᠡ ᠬᠡ᠂ ᠮᠤᠨᠳᠠᠭ ᠬᠡᠦᠬᠡᠳ ᠦ᠋ᠳ ᠰᠢᠦ᠂ ᠵᠠ ᠳᠡᠭᠦᠦ ᠨᠠᠷ ᠮᠢᠨᠢ ᠬᠣᠭᠣᠯᠠ ᠨᠢ ᠬᠦᠷᠦᠬᠦ ᠡᠴᠡ ᠡᠮᠦᠨ᠎ᠡ ᠢᠳᠡᠵᠡᠭᠡᠶ᠎ᠡ ᠢᠳᠡᠵᠡᠭᠡᠶ᠎ᠡ᠃
ᠲᠣᠷᠤᠨ᠄ ᠵᠠ ᠲᠡᠭᠡᠶ᠎ᠡ᠃
ᠪᠠᠰᠠᠷ᠄ ᠬᠥᠪ ᠬᠥᠪ ᠬᠥᠪ
ᠮᠥᠩᠬᠡ᠄ ᠪᠠᠰᠠᠷ ᠰᠠᠶᠢMu shu ᠤᠨ ᠥᠷᠯᠥᠭᠡᠨ ᠴᠠᠢ ᠶ᠋ᠢ ᠢᠳᠡᠶ᠎ᠡ ᠭᠡᠰᠡᠨ ᠤᠤ ᠳᠠ᠃
( ᠪᠦᠭᠦᠳᠡᠭᠡᠷ ᠢᠨᠢᠶᠡᠨ᠎ᠡ᠃)
ᠦᠰᠦᠭ ᠢ᠋ ᠨᠢ ᠬᠤᠸᠠᠷ ᠠᠮᠢᠯᠠᠭᠤᠯᠵᠤ᠂ ᠾᠦᠩ ᠸᠧᠢ ᠦᠰᠦᠭ ᠢ᠋ ᠨᠢ ᠬᠠᠲᠠᠪᠠ᠃
ᠮᠥᠴᠢᠷ᠂ ᠱᠤᠳᠤᠷᠭᠤ ᠬᠢᠨᠠᠯᠲᠠ ᠬᠢᠪᠡ᠃