ᠭᠤᠷᠪᠠ᠂ ᠬᠥᠭᠵᠢᠯ ᠦ᠋ᠨ ᠬᠠᠤᠯᠢ ᠪᠦᠬᠦᠨ ᠭᠤᠷᠪᠠᠯ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу
ᠭᠤᠷᠪᠠ᠂ ᠬᠥᠭᠵᠢᠯ ᠦ᠋ᠨ ᠬᠠᠤᠯᠢ ᠪᠦᠬᠦᠨ ᠭᠤᠷᠪᠠᠯ
ᠭᠠᠢᠬᠠᠮᠰᠢᠭᠲᠤ ᠬᠢᠮᠢ᠂ ᠹᠢᠽᠢᠺ ᠦ᠋ᠨ ᠤᠬᠠᠭᠠᠨ᠂ ᠂ᠲᠧᠭᠨᠢᠭ ᠲᠧᠭᠨᠣᠯᠣᠭᠢ ᠲᠡᠷᠡ ᠪᠠᠢᠲᠤᠭᠠᠢ ᠪᠢᠴᠢᠯ ᠴᠠᠬᠢᠮ ᠠᠥ᠋ᠲ᠋ᠣᠮᠠᠲ᠋ᠢᠺ① ᠤ᠋ᠨ ᠪᠠᠢᠭᠠᠯᠢ ᠪᠣᠯᠤᠨ ᠬᠥᠮᠦᠨ ᠳ᠋ᠦ᠍ ᠤᠴᠠᠷᠠᠭᠤᠯᠤᠭᠰᠠᠨ ᠬᠣᠬᠢᠷᠠᠯ ᠢ᠋ ᠵᠢᠱ᠌ᠢᠶᠡᠯᠡᠨ ᠲᠣᠭᠠᠴᠢᠬᠤ ᠳ᠋ᠤ᠌ ᠡᠯᠢᠭᠡ ᠡᠮᠲᠡᠷᠡᠮ᠎ᠡ ᠪᠥᠭᠡᠳ ᠲᠡᠷᠡ ᠪᠦᠬᠦᠨ ᠨᠢ ᠠᠮᠢᠨ ᠬᠥᠭᠵᠢᠯ ᠢ᠋ ᠡᠷᠬᠢᠮᠯᠡᠭᠡ ᠦᠭᠡᠢ᠂ ᠬᠠᠶᠠᠭᠳᠠᠯ ᠦᠭᠡᠢ ᠬᠣᠣᠷ ᠦᠭᠡᠢ ᠳ᠋ᠦ᠍ ᠵᠣᠷᠢᠭ᠎ᠠ ᠦᠭᠡᠢ ᠶ᠋ᠢᠨ ᠤᠷᠰᠢᠭ ᠶᠤᠮ᠃ ᠠᠮᠢᠲᠠᠨ ᠤ᠋ ᠢᠯᠭᠠᠳᠠᠰᠤ ᠨᠢ ᠬᠦᠷᠲᠡᠯ᠎ᠡ ᠡᠷᠭᠢᠭᠡᠳ ᠪᠠᠢᠭᠠᠯᠢ ᠳ᠋ᠠᠭᠠᠨ ᠰᠢᠮᠡᠳᠦ ᠲᠡᠵᠢᠭᠡᠯ᠂ ᠬᠡᠷᠡᠭᠴᠡᠭᠡ᠂ ᠬᠣᠭᠣᠯᠠ ᠤᠮᠳᠠ ᠪᠣᠯᠳᠠᠭ ᠰᠢᠭ᠋ ᠲᠡᠮᠦᠷᠯᠢᠭ ᠦ᠋ᠨ ᠦᠢᠯᠡᠳᠪᠦᠷᠢᠯᠡᠯ ᠴᠤ᠌ ᠬᠥᠷᠥᠰᠥ ᠬᠠᠭᠤᠯᠤᠯᠲᠠ ᠠ᠋ᠴᠠ ᠡᠬᠢᠯᠡᠭᠡᠳ ᠪᠦᠲᠦᠭᠡᠭᠳᠡᠬᠦᠨ ᠪᠣᠯᠲᠠᠯ᠎ᠠ ᠪᠠᠨ ᠰᠢᠭᠠᠷᠤ ᠰᠢᠮᠡᠯᠳᠡᠭ ᠨᠢ ᠴᠦ᠍ ᠪᠤᠶᠠᠨ ᠪᠠᠢᠬᠤ᠂ ᠪᠦᠲᠦᠭᠡᠭᠳᠡᠬᠦᠨ ᠨᠢ ᠡᠳ᠋ᠯᠡᠭᠡ ᠳᠠᠭᠤᠰᠴᠤ ᠡᠪᠳᠡᠷᠡᠵᠦ ᠵᠢᠪᠡᠷᠡᠯᠡ ᠴᠦ᠍ ᠬᠠᠶᠠᠭᠳᠠᠯ ᠪᠢᠰᠢ ᠬᠡᠷᠡᠭᠴᠡᠭᠡ ᠪᠣᠯᠵᠤ ᠪᠠᠢᠬᠤ ᠬᠥᠭᠵᠢᠯ ᠢ᠋ ᠭᠤᠷᠪᠠᠯ ᠤᠬᠠᠭᠠᠨ ᠱᠠᠭᠠᠷᠳᠠᠬᠤ ᠪᠥᠯᠥᠭᠡ᠃ ᠬᠥᠭᠵᠢᠯ ᠢ᠋ ᠰᠢᠢᠳᠪᠦᠷᠢᠯᠡᠭᠴᠢ ᠣᠶᠤᠨ ᠰᠠᠨᠠᠭ᠎ᠠ ᠭᠡᠬᠦ ᠳ᠋ᠦ᠍ ᠯᠡ ᠥᠪᠡᠷ ᠲᠡᠭᠡᠨ ᠪᠠᠰᠠ ᠠᠮᠢ ᠲᠠᠢ ᠮᠠᠲ᠋ᠧᠷᠢ ᠲᠡᠢ ᠪᠠᠢᠬᠤ ᠤᠳᠬ᠎ᠠ ᠶ᠋ᠢ ᠡᠮᠦᠨ᠎ᠡ ᠳᠤᠷᠠᠳᠤᠭᠰᠠᠨ ᠪᠢᠯᠡ᠃ ᠲᠡᠷᠡ ᠨᠢ ᠪᠦᠲᠦᠭᠡᠯ ᠡᠰᠡᠪᠡᠯ ᠬᠣᠣᠷᠯᠠᠯ ᠰᠦᠢᠳᠬᠡᠯ᠂ ᠰᠡᠳᠬᠢᠯ ᠦ᠋ᠨ ᠲᠦᠮᠡᠨ ᠥᠩᠭᠡ ᠠᠪᠤᠷᠢ ᠲᠥᠷᠬᠦ᠂ ᠳᠤᠷᠠᠯᠠᠯ᠂ ᠰᠤᠷᠭᠠᠯᠲᠠ᠂ ᠮᠠᠢᠮᠠᠢ᠂ ᠦᠵᠡᠯ᠂ ᠵᠠᠬᠢᠳᠠᠯ᠂ ᠬᠠᠷᠢᠶᠠᠯ᠂ ᠰᠢᠯᠦᠭ᠁ ᠲᠡᠷᠡ ᠪᠦᠬᠦᠨ ᠠᠮᠢ ᠲᠠᠢ᠃ ᠠᠮᠢ ᠨᠢ ᠤᠭ ᠵᠦᠢᠯ ᠦ᠋ᠨ ᠴᠢᠨᠠᠳᠤ ᠳ᠋ᠠᠬᠢ ᠨᠢᠭᠤᠴᠠ᠂ ᠤᠪᠠᠳᠢᠰ᠂ ᠬᠡᠯᠪᠡᠷᠢ᠂ ᠠᠭᠤᠯᠭ᠎ᠠ᠂ ᠤᠷ᠎ᠠ ᠴᠢᠳᠠᠪᠤᠷᠢ ᠳ᠋ᠤ᠌ ᠣᠷᠣᠰᠢᠨ᠎ᠠ᠃ ᠶᠡᠬᠡ ᠵᠠᠨᠠᠪᠠᠽᠠᠷ ᠤ᠋ᠨ21 ᠳ᠋ᠠᡁᠷᠠ ᠡᠬᠡ ᠶ᠋ᠢᠨ ᠠᠮᠢ ᠮᠥᠩᠬᠡᠷᠡᠯ ᠦ᠋ᠨ ᠬᠤᠲᠤᠭ᠂ ᠰᠦᠢᠷᠡᠯ ᠦ᠋ᠨ ᠭᠠᠮᠰᠢᠭ ᠡᠴᠦᠰ ᠦᠭᠡᠢ ᠮᠡᠲᠦ ᠴᠤ᠌ ᠹᠢᠯᠣᠰᠣᠹᠢ ᠤᠳᠬ᠎ᠠ ᠨᠢ ᠠᠮᠢ ᠲᠤᠯᠠ ᠮᠥᠩᠬᠡ ᠪᠤᠰᠤ᠃ ᠭᠠᠬᠠᠢ ᠶ᠋ᠢᠨ ᠵᠣᠭᠤᠷᠬᠠᠢ ᠶ᠋ᠢ ᠷᠢᠳᠢ ᠰᠢᠳᠢ ᠲᠡᠢ ᠭᠡᠮᠡᠨ ᠴᠤᠤᠷᠬᠠᠵᠤ ᠣᠯᠠᠨ ᠣᠶᠤᠨ ᠰᠢᠲᠦᠪᠡᠰᠦ ᠮᠧᠳᠢᠲ᠋ᠡᠼᠢ(ᠰᠠᠨᠠᠭ᠎ᠠ ᠪᠠᠨ ᠲᠥᠪᠯᠡᠷᠡᠭᠦᠯᠵᠦ ᠣᠷᠴᠢᠨ ᠠ᠋ᠴᠠ ᠲᠤᠰᠠᠭᠠᠷᠯᠠᠬᠤ ᠣᠶᠤᠨ ᠤ᠋ ᠦᠢᠯᠡᠳᠦᠯ) ᠡᠺᠰᠲ᠋ᠠᠼᠢ(ᠰᠡᠳᠬᠢᠯ ᠣᠶᠤᠨ ᠤ᠋ ᠶᠡᠬᠡ ᠡᠷᠴᠢᠮ) ᠦ᠋ᠨ ᠴᠠᠴᠠᠷᠭᠠᠯ ᠢ᠋ᠶ᠋ᠠᠷ ᠤᠭ ᠵᠣᠭᠤᠷᠬᠠᠢ ᠳ᠋ᠤ᠌ ᠷᠢᠳᠢ ᠰᠢᠳᠢ ᠬᠤᠷᠠᠮᠳᠤᠯᠠᠭᠳᠠᠵᠤ ᠰᠢᠲᠦᠭᠰᠡᠳ ᠲᠦ᠍ ᠠᠴᠢ ᠪᠤᠶᠠᠨ ᠢ᠋ᠶ᠋ᠠᠨ ᠥᠭᠴᠦ ᠠᠮᠢ ᠨᠠᠰᠤ ᠤᠷᠲᠤᠰᠬᠠᠵᠤ ᠴᠤ᠌ ᠪᠣᠯᠤᠨ᠎ᠠ᠃ ᠡᠨᠡ ᠨᠢ ᠢᠯᠠᠩᠭᠤᠶ᠎ᠠ ᠲᠥᠷᠥ ᠶ᠋ᠢᠨ ᠲᠤᠭ ᠰᠦᠯᠳᠡ᠂ ᠰᠦᠯᠳᠡ ᠳᠠᠭᠤᠯᠠᠯ ᠳ᠋ᠤ᠌ ᠣᠨᠴᠠ ᠬᠠᠮᠢᠶ᠎ᠠ ᠲᠠᠢ ᠶᠤᠮ᠃ ᠴᠡᠷᠢᠭ ᠡᠷᠡᠰ ᠲᠠᠩᠭᠠᠷᠢᠭ ᠢ᠋ᠶ᠋ᠠᠨ ᠡᠷᠭᠦᠨ ᠰᠥᠭᠥᠳᠴᠦ ᠮᠥᠷᠭᠥᠬᠦ ᠳᠠᠢᠴᠢᠨ ᠲᠤᠭ ᠨᠢ ᠳᠠᠪᠤᠤ ᠪᠢᠰᠢ ᠡᠬᠡ ᠣᠷᠣᠨ ᠤ᠋ ᠠᠮᠢᠨ ᠬᠦᠴᠦ ᠪᠤᠶᠤ᠃ ᠡᠨᠡ ᠪᠣᠯ ᠭᠤᠷᠪᠠ ᠳ᠋ᠠᠬᠢ ᠬᠥᠭᠵᠢᠯ ᠦ᠋ᠨ ᠰᠤᠯᠠᠪᠲᠤᠷ ᠮᠡᠳᠡᠷᠡᠭᠳᠡᠵᠦ ᠪᠣᠢ ᠬᠡᠯᠪᠡᠷᠢ ᠮᠥᠨ ᠶᠦᠮ᠃ ᠥᠨᠥ ᠶ᠋ᠢᠨ ᠥᠨᠳᠥᠷ ᠬᠥᠭᠵᠢᠯ ᠲᠡᠢ ᠵᠠᠷᠢᠮ ᠣᠷᠣᠨ ᠳ᠋ᠤ᠌ ᠡᠨᠡ ᠪᠠᠢᠳᠠᠯ ᠠᠵᠢᠭᠯᠠᠭᠳᠠᠵᠤ ᠰᠦᠯᠳᠡ ᠳᠠᠭᠤᠯᠠᠯ᠂ ᠲᠥᠷᠥ ᠶ᠋ᠢᠨ ᠳᠠᠯᠪᠠᠭ᠎ᠠ ᠪᠠᠨ ᠴᠢᠩ ᠰᠡᠳᠬᠢᠯ ᠡᠴᠡ ᠪᠡᠨ ᠢᠷᠭᠡᠨ ᠪᠦᠷᠢ ᠨᠢ ᠰᠢᠲᠦᠨ ᠳᠡᠭᠡᠳᠦᠯᠡᠬᠦ ᠵᠠᠩᠰᠢᠯ ᠢᠯᠡᠷᠡᠳᠡᠭ᠃ ᠵᠢᠩᠬᠢᠨᠢ ᠬᠥᠭᠵᠢᠯ ᠭᠡᠳᠡᠭ ᠬᠡᠵᠢᠶ᠎ᠡ ᠴᠦ᠍ ᠬᠠᠷ᠎ᠠ ᠮᠥᠷ ᠨᠢᠭᠦᠯ ᠦᠭᠡᠢ ᠬᠥᠳᠡᠯᠮᠦᠷᠢ ᠪᠦᠲᠦᠭᠡᠯ᠁ ᠪᠥᠭᠡᠳ ᠲᠡᠷᠡ ᠨᠢ ᠠᠷᠢᠭᠤᠨ ᠴᠠᠭᠠᠨ ᠠᠮᠢ ᠲᠠᠢ(ᠵᠣᠷᠢᠯᠭ᠎ᠠ ᠴᠤ᠌ ᠭᠡᠵᠦ ᠪᠣᠯᠤᠨ᠎ᠠ) ᠪᠠᠢᠬᠤ ᠱᠠᠭᠠᠷᠳᠠᠯᠭ᠎ᠠ ᠶᠤᠮ᠃ ᠬᠥᠭᠵᠢᠯ ᠭᠡᠳᠡᠭ ᠣᠢᠯᠠᠭᠠᠯᠲᠠ ᠨᠢ ᠡᠶᠡᠷᠭᠦ ᠬᠤᠪᠢᠰᠤᠯ ᠰᠢᠨᠡᠴᠢᠯᠡᠯ ᠪᠥᠭᠡᠳ ᠲᠡᠷᠡ ᠬᠦ᠌ ᠰᠢᠨᠡᠴᠢᠯᠡᠯ ᠨᠢ ᠰᠢᠯᠦᠭ ᠦ᠋ᠨ ᠰᠠᠨᠠᠭ᠎ᠠ ᠡᠷᠢᠬᠦ᠂ ᠣᠯᠬᠤ ᠮᠡᠲᠦ ᠪᠤᠰᠤ ᠤᠯᠠᠮᠵᠢᠯᠠᠯ ᠢ᠋ ᠪᠢᠰᠢᠯᠭᠠᠬᠤ ᠤᠬᠠᠭᠠᠨ ᠶᠤᠮ᠃ ᠡᠭᠦᠨ ᠢ᠋ ᠭᠤᠷᠪᠠᠯ ᠲᠣᠭᠲᠠᠯᠴᠠᠭ᠎ᠠ ᠪᠠᠷ ᠳᠦᠷᠰᠦᠯᠡᠪᠡᠯ ᠤᠯᠠᠮᠵᠢᠯᠠᠯ(ᠮᠠᠲ᠋ᠧᠷᠢ) ᠰᠢᠨᠡᠴᠢᠯᠡᠯ(ᠣᠶᠤᠨ)᠂ ᠬᠥᠭᠵᠢᠯ(ᠠᠮᠢ) ᠪᠣᠯᠤᠨ᠎ᠠ᠃
ᠢᠳᠢᠶᠡᠯᠢᠽᠮ② ᠲᠡᠢ ᠲᠡᠷᠰᠡᠭᠰᠡᠨ ᠳ᠋ᠢᠶᠠᠯᠧᠺᠲ᠋ᠢᠺ③ ᠲᠤ ᠬᠥᠭᠵᠢᠯ ᠦ᠋ᠨ ᠭᠤᠷᠪᠠᠨ ᠬᠠᠤᠯᠢ ᠪᠣᠢ ᠨᠢ ᠦᠨᠡᠨ ᠪᠥᠭᠡᠳ ᠳᠤᠲᠠᠭᠳᠠᠯ ᠨᠢ ᠵᠥᠪᠬᠡᠨ ᠬᠡᠯᠪᠡᠷᠢ ᠳ᠋ᠦ᠍ ᠰᠢᠲᠦᠭᠰᠡᠨ ᠪᠥᠭᠡᠳ ᠠᠭᠤᠯᠭ᠎ᠠ ᠶ᠋ᠢᠨ ᠬᠤᠪᠢ ᠳ᠋ᠤ᠌ ᠥᠷᠥᠭᠡᠰᠦᠭᠡᠯ ᠪᠠᠢᠨ᠎ᠠ᠃ ᠲᠡᠷᠡ ᠨᠢ
1. ᠲᠣᠭᠠᠨ ᠤ᠋ ᠬᠤᠪᠢᠰᠤᠯ ᠠ᠋ᠴᠠ ᠴᠢᠨᠠᠷ ᠤ᠋ᠨ ᠬᠤᠪᠢᠰᠤᠯ ᠳ᠋ᠤ᠌ ᠰᠢᠯᠵᠢᠬᠦ ᠬᠠᠤᠯᠢ
2. ᠦᠭᠡᠢᠰᠬᠡᠯ ᠦ᠋ᠨ ᠦᠭᠡᠢᠰᠬᠡᠯ ᠦ᠋ᠨ ᠬᠠᠤᠯᠢ
3. ᠡᠰᠡᠷᠭᠦ ᠲᠡᠰᠡᠷᠭᠦ ᠶ᠋ᠢᠨ ᠨᠢᠭᠡᠳᠦᠯ ᠲᠡᠮᠡᠴᠡᠯ ᠦ᠋ᠨ ᠬᠠᠤᠯᠢ ᠪᠥᠭᠡᠳ ᠤᠭ ᠬᠡᠯᠪᠡᠷᠢ ᠶ᠋ᠢ ᠭᠤᠷᠪᠠᠯ ᠣᠨᠣᠯ ᠤ᠋ᠨ ᠮᠣᠩᠭᠣᠯ ᠠᠷᠭ᠎ᠠ ᠵᠦᠢ ᠡᠢᠨ ᠦᠵᠡᠮᠦ᠃
a. ᠲᠣᠭᠠᠨ ᠤ᠋ ᠬᠤᠪᠢᠰᠤᠯ ᠠ᠋ᠴᠠ ᠴᠢᠨᠠᠷ ᠲᠤ᠌ ᠰᠢᠯᠵᠢᠬᠦ ᠬᠠᠤᠯᠢ ᠪᠠᠢᠭ᠎ᠠ ᠪᠣᠯ ᠴᠢᠨᠠᠷ ᠤ᠋ᠨ ᠬᠤᠪᠢᠰᠤᠯ ᠠ᠋ᠴᠠ ᠲᠣᠭᠠᠨ ᠤ᠋ ᠴᠢᠨᠠᠷ ᠲᠤ᠌ ᠡᠷᠭᠢᠵᠦ ᠰᠢᠯᠵᠢᠬᠦ ᠬᠠᠤᠯᠢ ᠪᠠᠢᠬᠤ ᠶᠣᠰᠣᠲᠠᠢ᠃ ᠲᠡᠭᠡᠪᠡᠯ ᠨᠢᠭᠡᠳᠦᠭᠡᠷ ᠬᠠᠤᠯᠢ ᠠ᠋ᠴᠠ ᠴᠢᠨᠠᠷ᠂ ᠬᠣᠶᠠᠳᠤᠭᠠᠷ ᠬᠠᠤᠯᠢ ᠠ᠋ᠴᠠ ᠲᠣᠭ᠎ᠠ ᠨᠢ ᠡᠷᠬᠢᠮᠯᠡᠭᠳᠡᠵᠦ᠂ ᠡᠯ᠎ᠡ ᠬᠣᠶᠠᠷ ᠴᠢᠨᠠᠷ ᠤ᠋ᠨ ᠡᠶᠡᠷᠭᠦ ᠨᠢᠭᠡᠳᠦᠯ ᠡᠴᠡ ᠠᠮᠢᠨ ᠬᠥᠭᠵᠢᠯ ᠡᠬᠢᠯᠡᠨ᠎ᠡ᠃
b. ᠡᠭᠦᠨ ᠯᠦ᠍ᠭᠡ ᠠᠳᠠᠯᠢ ᠦᠭᠡᠢᠰᠬᠡᠭᠳᠡᠵᠦ ᠪᠠᠢᠭ᠎ᠠ ᠬᠥᠭᠵᠢᠯ ᠳ᠋ᠦ᠍ ᠥᠪᠯᠡᠬᠦ ᠳᠠᠪᠰᠢᠯ ᠪᠠᠢᠭ᠎ᠠ᠂ ᠦᠭᠡᠢᠰᠬᠡᠵᠦ ᠪᠠᠢᠭ᠎ᠠ ᠬᠥᠭᠵᠢᠯ ᠳ᠋ᠦ᠍ ᠰᠤᠯᠠ ᠲᠠᠯ᠎ᠠ ᠪᠣᠢ ᠶ᠋ᠢ ᠪᠢᠰᠢᠯᠭᠠᠨ ᠨᠢᠭᠡᠳᠦᠭᠡᠷ ᠪᠣᠯᠤᠨ ᠬᠣᠶᠠᠳᠤᠭᠠᠷ ᠬᠥᠭᠵᠢᠯ ᠦ᠋ᠨ ᠨᠡᠢᠯᠡᠪᠦᠷᠢ ᠶ᠋ᠢ ᠠᠮᠢᠨ ᠬᠥᠭᠵᠢᠯ ᠭᠡᠨ᠎ᠡ᠃ ᠡᠢᠮᠦ ᠳ᠋ᠦ᠍ ᠡᠨᠡ ᠬᠠᠤᠯᠢ ᠠ᠋ᠴᠠ ᠦᠭᠡᠢᠰᠬᠡᠯ ᠦ᠋ᠨ ᠡᠰᠡᠷᠭᠦ ᠴᠢᠨᠠᠷ ᠲᠠᠢ ᠲᠡᠷᠰᠡᠨ ᠰᠥᠷᠭᠡᠯᠳᠦᠬᠦ ᠤᠳᠬ᠎ᠠ ᠨᠢ ᠴᠢᠬᠤᠯᠠ ᠪᠢᠰᠢ ᠪᠠᠢᠨ᠎ᠠ᠃
c. ᠡᠰᠡᠷᠭᠦᠴᠡᠭᠰᠡᠨ ᠲᠡᠮᠡᠴᠡᠯ ᠬᠥᠭᠵᠢᠯ ᠪᠢᠰᠢ᠂ ᠰᠦᠢᠷᠡᠯ ᠨᠢ ᠳᠠᠪᠠᠭᠤ ᠤᠴᠢᠷ ᠠ᠋ᠴᠠ ᠡᠨᠳᠡ ᠡᠰᠡᠷᠭᠦ ᠬᠣᠶᠠᠷ ᠤᠳᠬ᠎ᠠ ᠶ᠋ᠢᠨ ᠡᠶᠡᠷᠭᠦ ᠰᠢᠢᠳ ᠢ᠋ ᠨᠡᠭᠡᠭᠡᠬᠦ ᠶᠠᠪᠤᠳᠠᠯ ᠡᠷᠬᠢᠮ ᠶᠦᠮ᠃ ᠡᠨᠡ ᠨᠡᠭᠡᠭᠡᠯᠲᠡ ᠶ᠋ᠢ ᠣᠯᠬᠤ ᠳ᠋ᠤ᠌ ᠲᠡᠮᠡᠴᠡᠯ ᠦ᠋ᠨ ᠬᠠᠤᠯᠢ ᠪᠤᠰᠤ ᠭᠤᠷᠪᠠᠯ ᠬᠤᠪᠢᠯᠪᠤᠷᠢ ᠶ᠋ᠢᠨ ᠬᠠᠤᠯᠢ ᠴᠢᠬᠤᠯᠠᠴᠢᠯᠠᠭᠳᠠᠨᠠ᠃ ᠤᠭ ᠨᠢ ᠳ᠋ᠢᠶᠠᠯᠧᠺᠲ᠋ᠢᠺ ᠭᠡᠳᠡᠭ ᠦᠭᠡ ᠥᠪᠡᠷ ᠢ᠋ᠶ᠋ᠡᠨ《ᠪᠢ ᠶᠠᠷᠢᠵᠤ ᠪᠠᠢᠨ᠎ᠠ》 ᠭᠡᠰᠡᠨ ᠤᠳᠬ᠎ᠠ ᠲᠠᠢ ᠭᠷᠧᠭ ᠦᠭᠡᠨ ᠡᠴᠡ ᠭᠠᠷᠤᠯ ᠲᠠᠢ ᠪᠥᠭᠡᠳ ᠡᠰᠡᠷᠭᠦ ᠬᠣᠶᠠᠷ ᠰᠠᠨᠠᠯ ᠢ᠋ ᠬᠠᠷᠢᠴᠠᠭᠤᠯᠤᠨ ᠦᠵᠡᠵᠦ ᠦᠨᠡᠨ ᠢ᠋ ᠣᠯᠬᠤ ᠠᠷᠭ᠎ᠠ ᠭᠡᠰᠡᠨ ᠤᠬᠠᠭᠳᠠᠬᠤᠨ ᠢ᠋ ᠢᠯᠡᠷᠬᠡᠢᠯᠡᠵᠦ ᠪᠠᠢᠭᠰᠠᠨ ᠪᠣᠯᠪᠠᠴᠤ ᠡᠴᠦᠰ ᠲᠡᠭᠡᠨ ᠵᠥᠪᠬᠡᠨ ᠨᠢᠭᠡ ᠲᠠᠯ᠎ᠠ ᠶ᠋ᠢᠨ ᠥᠮᠴᠢ᠂ ᠠᠭᠤᠯᠭ᠎ᠠ ᠪᠠᠨ ᠠᠯᠳᠠᠭᠰᠠᠨ ᠬᠡᠯᠪᠡᠷᠢ ᠲᠡᠳᠦᠢ ᠦᠯᠡᠳᠡᠭᠰᠡᠨ ᠢ᠋ ᠳᠡᠭᠡᠷᠡᠬᠢ ᠡᠷᠭᠢᠴᠡᠭᠦᠯᠦᠯ ᠡᠷᠡᠭᠡᠯᠵᠡᠭᠡ ᠬᠠᠷᠠᠭᠤᠯᠵᠤ ᠪᠣᠢ ᠊ᠶ᠎ᠠ᠃ ᠭᠤᠷᠪᠠᠨ ᠴᠠᠭ ᠤ᠋ᠨ ᠰᠦᠯᠵᠢᠶ᠎ᠡ ᠶ᠋ᠢ ᠲᠣᠮᠣᠭᠰᠠᠨ ᠭᠤᠷᠪᠠᠨ ᠦᠨᠡᠨ ᠦ᠌ ᠠᠮᠢ ᠶ᠋ᠢ ᠨᠡᠭᠡᠭᠡᠬᠦ ᠲᠡᠷᠡ ᠬᠥᠭᠵᠢᠯ ᠥᠨᠥᠳᠥᠷ ᠡᠬᠡ ᠶ᠋ᠢᠨ ᠬᠡᠪᠡᠯᠢ ᠳ᠋ᠦ᠍ ᠤᠷᠤᠭ ᠲᠡᠳᠦᠢ ᠪᠠᠢᠨ᠎ᠠ᠃ ᠭᠡᠬᠦ ᠳ᠋ᠡᠭᠡᠨ ᠪᠠᠢᠭᠠᠯᠢ ᠶ᠋ᠢᠨ᠂ ᠣᠶᠤᠨ ᠤ᠋ ᠡᠳ᠋ ᠦ᠋ᠨ ᠵᠠᠰᠠᠭ ᠤ᠋ᠨ ᠳᠡᠰ ᠳᠠᠷᠠᠭ᠎ᠠ ᠲᠠᠢ ᠡᠷᠡᠭᠦᠯ ᠮᠡᠨᠳᠦ ᠶ᠋ᠢᠨ ᠬᠠᠷᠢᠯᠴᠠᠨ ᠤᠶᠠᠯᠳᠤᠭ᠎ᠠ ᠲᠠᠢ ᠴᠣᠭᠴᠠ ᠭᠤᠷᠪᠠᠨ ᠬᠥᠭᠵᠢᠯ ᠡᠴᠡ ᠥᠭᠡᠷ᠎ᠡ ᠶᠠᠭᠤ ᠶ᠋ᠢ ᠴᠤ᠌ ᠨᠡᠭᠡᠭᠡᠵᠦ ᠦᠯᠦ ᠴᠢᠳᠠᠬᠤ᠁ ᠡᠨᠡ ᠯᠡ ᠰᠦᠯᠵᠢᠶ᠎ᠡ ᠶ᠋ᠢ ᠪᠣᠢ ᠪᠣᠯᠭᠠᠬᠤ ᠶ᠋ᠢᠨ ᠲᠤᠯᠠ ᠢᠷᠡᠭᠡᠳᠦᠢ ᠶ᠋ᠢᠨ ᠮᠢᠩᠭ᠎ᠠ ᠮᠢᠩᠭᠠᠨ ᠣᠨ ᠤ᠋ ᠶᠡᠬᠡ ᠡᠷᠳᠡᠮᠲᠡᠳ ᠡᠭᠡᠯ ᠲᠦᠮᠡᠨ ᠦ᠌ ᠠᠮᠢᠳᠤᠷᠠᠯ ᠵᠣᠷᠢᠵᠤ ᠪᠣᠯᠤᠨ᠎ᠠ᠃ ᠪᠢᠳᠡᠨ ᠦ᠌ ᠴᠡᠴᠡᠯᠡᠭᠰᠡᠨ ᠴᠡᠭᠴᠡᠯᠡᠭᠰᠡᠨ ᠪᠦᠬᠦᠨ ᠶᠠᠭ ᠲᠠᠭ ᠦᠨᠡᠨ ᠪᠤᠰᠤ᠃ ᠦᠨᠳᠦᠰᠦ ᠨᠢ ᠬᠣᠢᠮᠣᠰᠣᠨ ᠲᠤᠯᠠ《ᠡᠩᠬᠡ ᠲᠠᠢᠪᠤᠩ》 ᠢ᠋ ᠬᠠᠮᠠᠭᠠᠯᠠᠬᠤ ᠶ᠋ᠢᠨ ᠲᠤᠯᠠᠳᠠ ᠲᠡᠢᠨ ᠬᠢᠬᠦ ᠰᠢᠢᠳᠪᠦᠷᠢ ᠶ᠋ᠢ ᠨ ᠥ ᠤ᠋ ④ ᠭᠠᠷᠭᠠᠬᠤ ᠴᠤ᠌ ᠡᠨᠡᠭᠦᠬᠡᠨ ᠳ᠋ᠦ᠍ ᠶᠦᠮ᠃
ᠲᠡᠷᠡ ᠢᠯᠠᠯᠲᠠ ᠪᠠᠨ ᠲᠡᠮᠳᠡᠭᠯᠡᠵᠦ ᠠᠯᠠᠭᠳᠠᠭᠰᠠᠨ ᠬᠥᠮᠦᠰ ᠦ᠋ᠨ ᠠᠮᠢ ᠨᠠᠰᠤ ᠪᠠᠷ ᠲᠣᠬᠣᠭᠤᠷᠬᠠᠬᠤ ᠴᠤ᠌ ᠡᠨᠡᠭᠦᠬᠡᠨ ᠳ᠋ᠦ᠍᠃ ᠲᠡᠢᠮᠦ ᠯᠡ ᠪᠢᠴᠢᠬᠠᠨ ᠦᠨᠡᠨ ᠢ᠋ ᠦᠨᠡᠮᠰᠢᠬᠦ ᠥᠴᠦᠬᠡᠨ ᠴᠠᠭ ᠦᠶ᠎ᠡ ᠠᠪᠠᠢ᠃ ᠡᠨᠳᠡ ᠲᠣᠳᠣᠷᠬᠠᠢ ᠨᠢᠭᠡ ᠰᠢᠨᠵᠢᠯᠡᠬᠦ ᠤᠬᠠᠭᠠᠨ ᠤ᠋ ᠰᠠᠯᠪᠤᠷᠢ ᠪᠠᠷ ᠲᠤᠬᠠᠢᠯᠠᠪᠠᠯ ᠭᠤᠸ᠎ᠠ ᠵᠦᠢ ᠶ᠋ᠢᠨ ᠤᠬᠠᠭᠠᠨ ᠢ᠋ᠶ᠋ᠠᠷ ᠵᠢᠱ᠌ᠢᠶᠡᠯᠡᠵᠦ ᠦᠵᠡᠶ᠎ᠡ᠃ ᠥᠨᠥ ᠶ᠋ᠢᠨ ᠬᠡᠪᠰᠢᠯ ᠢ᠋ᠶ᠋ᠡᠷ ᠪᠣᠯ ᠦᠨᠳᠦᠰᠦᠨ ᠺᠠᠲ᠋ᠧᠭᠣᠷᠢ ᠪᠣᠯᠬᠤ ᠤᠬᠠᠭᠳᠠᠬᠤᠨ ᠨᠢ《ᠰᠠᠢᠬᠠᠨ᠂ ᠭᠠᠢᠬᠠᠮᠰᠢᠭᠲᠤ᠂ ᠡᠮᠭᠡᠨᠢᠯᠲᠦ᠂ ᠢᠨᠢᠶᠡᠳᠦᠮᠲᠦ》 ᠭᠡᠰᠡᠨ ᠬᠠᠷᠢᠯᠴᠠᠨ ᠬᠠᠮᠢᠶᠠᠷᠤᠯ ᠲᠠᠢ ᠬᠣᠣᠰ ᠬᠣᠶᠠᠷᠯᠠᠯ ᠠᠵᠠᠢ᠃ ᠡᠭᠦᠨ ᠢ᠋ ᠭᠤᠷᠪᠠᠯ ᠰᠡᠳᠬᠢᠭᠰᠡᠨ ᠦ᠌ ᠭᠠᠷᠭᠠᠯᠭ᠎ᠠ ᠪᠠᠷ ᠬᠤᠪᠢ ᠬᠥᠮᠦᠨ ᠦ᠌ ᠥᠪᠡᠷᠮᠢᠴᠡ ᠰᠡᠳᠬᠢᠮᠵᠢ ᠶ᠋ᠢᠨ ᠨᠢᠭᠡ ᠬᠤᠪᠢᠯᠪᠤᠷᠢ ᠪᠣᠯᠭᠠᠨ ᠳᠡᠪᠰᠢᠭᠦᠯᠪᠡᠰᠦ ᠡᠢᠮᠦ ᠠᠵᠠᠢ᠃
1. ᠤᠷᠠᠨ ᠰᠠᠢᠬᠠᠨ ᠤ᠋ ᠭᠠᠳᠠᠭᠠᠳᠤ ᠶᠢᠷᠲᠢᠨᠴᠦ(ᠪᠡᠶ᠎ᠡ) ᠨᠢ《ᠰᠠᠢᠬᠠᠨ᠂ ᠮᠠᠭᠤᠬᠠᠢ᠂ ᠭᠠᠢᠬᠠᠮᠰᠢᠭᠲᠤ》 ᠭᠡᠰᠡᠨ ᠭᠤᠷᠪᠠᠨ ᠺᠠᠲ᠋ᠧᠭᠣᠷᠢ ᠲᠠᠢ ᠪᠠᠢᠬᠤ ᠶᠣᠰᠣᠲᠠᠢ᠃《ᠰᠠᠢᠬᠠᠨ》 ᠭᠡᠳᠡᠭ ᠠᠢ ᠪᠠᠢᠭ᠎ᠠ ᠪᠣᠯ《ᠮᠠᠭᠤᠬᠠᠢ》 ᠴᠤ᠌ ᠪᠠᠰᠠ ᠰᠤᠳᠤᠯᠤᠭᠳᠠᠬᠤ ᠶᠣᠰᠣᠲᠠᠢ᠃
2. ᠤᠷᠠᠨ ᠰᠠᠢᠬᠠᠨ ᠤ᠋ ᠳᠣᠲᠣᠭᠠᠳᠤ ᠶᠢᠷᠲᠢᠨᠴᠦ(ᠰᠡᠳᠬᠢᠯ) ᠨᠢ《ᠢᠨᠢᠶᠡᠳᠦᠮᠲᠦ᠂ ᠡᠮᠭᠡᠨᠢᠯᠲᠦ᠂ ᠤᠶᠠᠩᠭᠠᠲᠤ》 ᠭᠡᠰᠡᠨ ᠭᠤᠷᠪᠠᠯ ᠺᠠᠲ᠋ᠧᠭᠣᠷᠢ ᠲᠠᠢ ᠪᠠᠢᠬᠤ᠃ ᠤᠷᠠᠯᠢᠭ ᠤ᠋ᠨ ᠭᠣᠣᠯ ᠦᠷ᠎ᠡ ᠳ᠋ᠦᠩ《ᠤᠶᠠᠩᠭ᠎ᠠ》 ᠵᠠᠢᠯᠠᠰᠢ ᠦᠭᠡᠢ ᠲᠤᠰᠬᠠᠢ ᠠᠢ ᠮᠥᠨ ᠪᠠᠢᠬᠤ ᠨᠢ ᠵᠥᠪ᠃
ᠡᠪᠦᠯ ᠦ᠋ᠨ ᠰᠥᠨᠢ ᠶ᠋ᠢᠨ ᠬᠦᠢᠲᠡᠨ ᠳ᠋ᠦ᠍
ᠥᠨᠳᠡᠢᠵᠦ ᠬᠥᠬᠥᠭᠦᠯᠦᠭᠰᠡᠨ ᠡᠵᠢ ᠮᠢᠨᠢ᠁
ᠡᠨᠡ ᠪᠣᠯ ᠢᠨᠢᠶᠡᠳᠦᠮ ᠪᠤᠰᠤ᠂ ᠡᠮᠭᠡᠨᠢᠯ ᠪᠤᠰᠤ᠂ ᠤᠶᠠᠩᠭ᠎ᠠ᠃
3. ᠳᠦᠷᠢ(ᠠᠮᠢ) ᠭᠤᠸ᠎ᠠ ᠵᠦᠢ ᠶ᠋ᠢᠨ ᠰᠢᠨᠵᠢᠯᠡᠬᠦ ᠤᠬᠠᠭᠠᠨ ᠤ᠋ ᠡᠴᠦᠰ ᠦ᠋ᠨ ᠦᠷ᠎ᠡ ᠳ᠋ᠦᠩ ᠤᠷᠠᠨ ᠪᠦᠲᠦᠭᠡᠯ ᠦ᠋ᠨ ᠶᠡᠷᠦᠩᠬᠡᠢ ᠵᠦᠢ ᠲᠣᠭᠲᠠᠯ ᠢ᠋ ᠰᠤᠳᠤᠯᠬᠤ ᠳ᠋ᠤ᠌᠂《ᠳᠦᠷᠢ》ᠤᠬᠠᠭᠳᠠᠬᠤᠨ ᠵᠠᠪᠠᠯ ᠦᠨᠳᠦᠰᠦᠨ ᠪᠦᠯᠦᠭ ᠪᠣᠯᠵᠤ ᠵᠠᠩᠭᠢᠯᠠᠭᠳᠠᠬᠤ ᠪᠥᠭᠡᠳ ᠲᠡᠷᠡ ᠨᠢ《ᠭᠣᠶᠣ᠂ ᠲᠡᠭᠦᠯᠳᠡᠷ ᠴᠢᠨᠠᠷ᠂ ᠵᠣᠬᠢᠶᠠᠯ ᠬᠡᠮᠨᠡᠯ》 ᠦ᠋ᠨ ᠭᠤᠷᠪᠠᠯ ᠲᠣᠭᠲᠠᠴᠠ ᠶᠤᠮ᠃ ᠡᠨᠡ ᠭᠡᠮ ᠬᠡᠮᠵᠢᠶ᠎ᠡ ᠨᠢ ᠴᠠᠭᠯᠠᠰᠢ ᠦᠭᠡᠢ ᠮᠥᠩᠬᠡ ᠶ᠋ᠢᠨ ᠦᠶᠡᠴᠢᠯᠡᠯ ᠤᠴᠢᠷ ᠠ᠋ᠴᠠ ᠪᠦᠲᠦᠭᠡᠯ ᠪᠦᠬᠦᠨ ᠳ᠋ᠦ᠍ ᠰᠢᠨ᠎ᠡ ᠪᠠᠢᠬᠤ᠂ ᠭᠦᠨ ᠤᠬᠠᠭᠠᠨ ᠪᠠᠰᠠ ᠵᠥᠩᠴᠢ ᠪᠠᠢᠬᠤ ᠱᠠᠭᠠᠷᠳᠠᠯᠭ᠎ᠠ ᠳᠡᠪᠰᠢᠭᠳᠡᠨᠡ᠃
ᠤᠷᠠᠨ ᠰᠠᠢᠬᠠᠨ ᠤ᠋ ᠭᠠᠳᠠᠭᠠᠳᠤ ᠶᠢᠷᠲᠢᠨᠴᠦ ᠨᠢ ᠳᠣᠲᠣᠭᠠᠳᠤ ᠶᠢᠷᠲᠢᠨᠴᠦ ᠶ᠋ᠢᠨ ᠢ᠋ᠶ᠋ᠡᠨ ᠭᠠᠳᠠᠭᠠᠳᠤ ᠰᠢᠨᠵᠢ ᠡᠰᠡᠬᠦᠯ᠎ᠡ ᠳᠣᠲᠣᠭᠠᠳᠤ ᠴᠢᠨᠠᠷ ᠪᠠᠢᠬᠤ ᠵᠡᠷᠭᠡ ᠪᠡᠷ ᠬᠠᠷᠢᠯᠴᠠᠨ ᠬᠣᠯᠪᠣᠭᠠᠨ ᠳ᠋ᠤ᠌ ᠰᠢᠲᠦᠯᠴᠡᠬᠦ ᠤᠷᠠᠯᠢᠭ ᠤ᠋ᠨ ᠹᠢᠯᠣᠰᠣᠹᠢ ᠳ᠋ᠠᠬᠢ ᠭᠤᠷᠮᠤᠰᠤᠨ ᠬᠠᠳᠠᠯᠠᠭᠳᠠᠬᠤᠨ ᠪᠣᠯᠤᠨ᠎ᠠ᠃ ᠡᠨᠳᠡ ᠪᠠᠰᠠ ᠰᠠᠢᠬᠠᠨ ᠤ᠋ ᠳᠣᠲᠣᠷᠠᠬᠢ ᠮᠠᠭᠤᠬᠠᠢ᠂ ᠮᠠᠭᠤᠬᠠᠢ ᠶ᠋ᠢᠨ ᠴᠢᠨᠠᠳᠤ ᠳ᠋ᠠᠬᠢ ᠰᠠᠢᠬᠠᠨ ᠬᠢᠭᠡᠳ ᠭᠠᠢᠬᠠᠮᠰᠢᠭᠲᠤ᠂ ᠪᠠᠰᠠ ᠡᠮᠭᠡᠨᠢᠯᠲᠦ ᠪᠠ ᠢᠨᠢᠶᠡᠳᠦᠮᠲᠦ ᠠᠢ ᠶ᠋ᠢᠨ ᠨᠢᠭᠡᠳᠦᠯ ᠳ᠋ᠦ᠍ ᠣᠷᠣᠵᠤ ᠶᠢᠰᠦᠯ ᠵᠠᠳᠠᠷᠠᠭ᠎ᠠ ᠵᠠᠩᠭᠢᠯᠠᠭᠠᠨ ᠳ᠋ᠤ᠌ ᠣᠷᠣᠰᠢᠨ᠎ᠠ᠃ ᠡᠨᠡ ᠨᠢ ᠡᠷᠭᠢᠵᠦ ᠵᠢᠱ᠌ᠢᠶ᠎ᠡ ᠨᠢ ᠢᠨᠢᠶᠡᠳᠦᠮᠲᠦ ᠠᠢ ᠶ᠋ᠢᠨ ᠰᠠᠢᠬᠠᠨ ᠮᠠᠭᠤᠬᠠᠢ ᠭᠠᠢᠬᠠᠮᠰᠢᠭᠲᠤ ᠴᠢᠨᠠᠷ ᠤ᠋ᠳ᠂ ᠲᠡᠭᠦᠨ ᠦ᠌ ᠭᠣᠴᠣ ᠲᠡᠭᠦᠯᠳᠡᠷ ᠵᠣᠬᠢᠶᠠᠯ ᠬᠡᠮᠨᠡᠯ ᠦ᠋ᠨ ᠲᠡᠭᠦᠰ ᠳᠦᠷᠢ ᠶ᠋ᠢᠨ ᠰᠢᠨᠵᠢᠯᠡᠬᠦ ᠤᠬᠠᠭᠠᠨᠴᠢ ᠰᠤᠳᠤᠯᠭ᠎ᠠ ᠪᠣᠯᠬᠤ ᠵᠢᠱ᠌ᠢᠶ᠎ᠡ ᠲᠡᠢ ᠶᠦᠮ᠃ ᠪᠣᠳᠠᠲᠤ ᠪᠠᠢᠳᠠᠯ ᠤ᠋ᠨ ᠭᠤᠸ᠎ᠠ ᠵᠦᠢ ᠶ᠋ᠢᠨ ᠲᠠᠨᠢᠨ ᠮᠡᠳᠡᠬᠦᠢ ᠮᠥᠨ ᠴᠢᠨᠠᠷ ᠡᠢᠮᠦ ᠨᠥᠬᠥᠴᠡᠯ( ᠵᠡᠷᠡᠮᠳᠡᠭ ᠪᠤᠰᠤ) ᠳ᠋ᠤ᠌ ᠰᠢᠨᠵᠢᠯᠡᠬᠦ ᠤᠬᠠᠭᠠᠨ ᠤ᠋《ᠠᠮᠢ》 ᠣᠯᠵᠤ ᠦᠨᠡᠨ ᠵᠥᠪ ᠬᠠᠷᠢᠭᠤ ᠭᠠᠷᠭᠠᠬᠤ ᠭᠠᠷᠭᠠᠬᠤ ᠪᠣᠢ ᠊ᠶ᠎ᠠ᠃
① ᠠᠦ᠋ᠲ᠋ᠣᠮᠠᠲ᠋ᠢᠺ— ᠠᠦ᠋ᠲ᠋ᠣ᠋ ᠮᠡᠷᠭᠡᠵᠢᠯ᠂ ᠠᠦ᠋ᠳᠢᠲ ᠮᠧᠬᠠᠨᠢᠭ᠂ ᠠᠦ᠋ᠲ᠋ᠣ᠋ ᠮᠠᠰᠢᠨ᠂ ᠠᠦ᠋ᠲ᠋ᠣ᠋ ᠲᠣᠨᠣᠭ ᠲᠥᠬᠥᠭᠡᠷᠦᠮᠵᠢ(
① ᠢᠳᠢᠶᠡᠯᠢᠽᠮ— ᠰᠡᠳᠬᠢᠯᠴᠢ ᠦᠵᠡᠯ(ᠪᠠᠭᠤᠯᠭᠠᠭᠴᠢ)
② ᠳ᠋ᠢᠶᠠᠯᠧᠺᠲ᠋ᠢᠺ— ᠬᠤᠪᠢᠰᠤᠩᠭᠤᠢ ᠠᠷᠭ᠎ᠠ(ᠪᠠᠭᠤᠯᠭᠠᠭᠴᠢ)
④ ᠨ ᠥ ᠤ᠋ — ᠨᠢᠭᠡᠳᠦᠭᠰᠡᠨ ᠦᠨᠳᠦᠰᠦᠲᠡᠨ ᠦ᠌ ᠪᠠᠢᠭᠤᠯᠤᠯᠭ᠎ᠠ᠂ ᠬᠣᠯᠪᠣᠭᠠᠲᠤ ᠤᠯᠤᠰ(ᠪᠠᠭᠤᠯᠭᠠᠭᠴᠢ)
ᠦᠰᠦᠭ ᠠᠮᠢᠯᠠᠭᠤᠯᠤᠭᠰᠠᠨ᠄ ᠲᠣᠭᠳᠠᠭᠤᠨᠪᠠᠶᠠᠷ᠂ ᠪᠠᠶᠠᠨᠰᠡᠷᠡᠩ᠂ ᠱᠠᠭᠰᠠᠯ
ᠦᠰᠦᠭ ᠬᠢᠨᠠᠭᠴᠢ᠄ ᠰᠡᠬᠡᠭᠡᠷᠡᠯ᠂ ᠣᠳᠬᠠᠨᠰᠣ᠎ᠠ
