ᠬᠣᠶᠠᠷ᠂ ᠠᠮᠢ ᠭᠡᠳᠡᠭ ᠹᠢᠯᠣᠰᠣᠹᠢ ᠶ᠋ᠢᠨ ᠡᠬᠢᠯᠡᠯ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠶᠠᠷ᠂ ᠠᠮᠢ ᠭᠡᠳᠡᠭ ᠹᠢᠯᠣᠰᠣᠹᠢ ᠶ᠋ᠢᠨ ᠡᠬᠢᠯᠡᠯ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

ᠬᠣᠶᠠᠷ᠂ ᠠᠮᠢ ᠭᠡᠳᠡᠭ ᠹᠢᠯᠣᠰᠣᠹᠢ ᠶ᠋ᠢᠨ ᠡᠬᠢᠯᠡᠯ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

2024-01-18

501

ᠬᠣᠶᠠᠷ᠂ ᠠᠮᠢ ᠭᠡᠳᠡᠭ ᠹᠢᠯᠣᠰᠣᠹᠢ ᠶ᠋ᠢᠨ ᠡᠬᠢᠯᠡᠯ-ᠮᠣᠩᠭᠣᠯ ᠤ᠋ᠨ ᠭᠤᠷᠪᠠᠯ ᠣᠨᠣᠯ2

   《ᠠᠮᠢ》 ᠭᠡᠳᠡᠭ ᠹᠢᠯᠣᠰᠣᠹᠢ(ᠡᠭᠦᠰᠦᠯ ᠥᠷᠨᠢᠯ ᠲᠡᠭᠦᠰᠦᠯ) ᠮᠥᠨ ᠪᠥᠯᠥᠭᠡ᠃ ᠠᠮᠢ ᠪᠣᠯ ᠭᠧᠭᠧᠯ ᠦ᠋ᠨ ᠲᠤᠢᠯ ᠤ᠋ᠨ ᠰᠠᠨᠠᠭ᠎ᠠ ᠪᠢᠰᠢ ᠪᠤᠷᠬᠠᠨ ᠤ᠋ ᠢᠪᠡᠭᠡᠯ ᠴᠦ᠍ ᠪᠢᠰᠢ᠃ ᠠᠮᠢ ᠪᠣᠯ ᠮᠠᠷᠺᠰ ᠦ᠋ᠨ ᠠᠬᠤᠢ ᠬᠢᠭᠡᠳ ᠣᠶᠤᠨ ᠤᠬᠠᠭᠠᠨ ᠪᠢᠰᠢ᠃《ᠠ》 ᠣᠶᠤᠨ ᠤ᠋ ᠪᠦᠲᠦᠭᠡᠯ(ᠲᠣᠳᠣᠷᠬᠠᠢ ᠳᠦᠷᠰᠦ) ᠮᠥᠨ ᠪᠣᠯᠪᠠᠴᠤ ᠲᠡᠭᠦᠨ ᠢ᠋《ᠠ》 ᠠᠪᠢᠶ᠎ᠠ ᠪᠣᠯᠭᠠᠨ ᠠᠮᠢᠯᠠᠭᠤᠯᠬᠤ ᠨᠢ ᠠᠮᠢ᠃ ᠡᠨᠡ ᠤᠳᠬ᠎ᠠ ᠪᠠᠷ ᠲᠥᠷᠥ ᠡᠳ᠋ ᠦ᠋ᠨ ᠵᠠᠰᠠᠭ ᠴᠤ᠌ ᠠᠮᠢ ᠲᠠᠢ᠂ ᠣᠶᠤᠨ ᠲᠠᠢ ᠪᠠᠰᠠ ᠠᠬᠤᠢ ᠲᠠᠢ ᠃ᠠᠵᠢᠯ ᠤ᠋ᠨ ᠲᠥᠯᠥᠪᠯᠡᠯᠲᠡ᠂ ᠰᠢᠢᠳᠪᠦᠷᠢ᠂ ᠴᠢᠯᠠᠭᠤ ᠡᠯᠡᠰᠦ᠂ ᠬᠤᠷᠠᠯ ᠵᠠᠷᠯᠢᠭ᠂ ᠨᠣᠮ ᠰᠡᠳᠬᠦᠯ᠁ ᠪᠦᠭᠦᠳᠡ ᠠᠮᠢ ᠲᠠᠢ᠃ ᠠᠮᠢ ᠲᠠᠢ ᠪᠦᠬᠦᠨ ᠨᠠᠰᠤ ᠲᠠᠢ᠃ ᠠᠮᠢ ᠠᠬᠤᠢ ᠤᠬᠠᠮᠰᠠᠷ ᠤ᠋ᠨ ᠨᠢᠭᠡᠳᠦᠯ ᠪᠣᠯ ᠠᠮᠢᠳᠤᠷᠠᠯ ᠶᠤᠮ᠃ ᠠᠮᠢᠳᠤᠷᠠᠯ ᠨᠠᠰᠤ ᠭᠡᠳᠡᠭ ᠣᠢᠯᠠᠭᠠᠯᠲᠠ ᠹᠢᠯᠤᠰᠹᠢ ᠶ᠋ᠢᠨ ᠭᠣᠣᠯ ᠰᠤᠳᠤᠯᠬᠤ ᠵᠦᠢᠯ ᠶᠦᠮ᠃ ᠨᠠᠰᠤᠨ ᠤ᠋ ᠡᠬᠢ ᠨᠢ ᠡᠭᠦᠰᠦᠯ᠂ ᠲᠤᠢᠯ ᠨᠢ ᠮᠥᠩᠬᠡᠷᠡᠯ ᠡᠰᠡᠬᠦᠯ᠎ᠡ ᠰᠦᠢᠷᠡᠯ᠃ ᠡᠭᠦᠰᠦᠯ ᠰᠦᠢᠷᠡᠯ ᠪᠤᠰᠤ᠂ ᠲᠡᠳᠡᠭᠡᠷ ᠦ᠋ᠨ ᠳᠤᠮᠳᠠᠬᠢ ᠠᠮᠢᠳᠤᠷᠠᠯ ᠬᠠᠮᠤᠭ ᠠ᠋ᠴᠠ ᠴᠤᠬᠠᠭ᠃ ᠡᠨᠡ ᠬᠦ᠌ ᠤᠯᠠᠮᠵᠢᠯᠠᠯᠲᠤ ᠰᠡᠳᠬᠢᠯᠭᠡ ᠪᠡᠷ ᠡᠷᠲᠡ ᠪᠠᠯᠠᠷ ᠴᠠᠭ ᠤ᠋ᠨ ᠲᠥᠭᠡᠷᠢᠭᠳᠡᠯ᠂ ᠪᠠᠢᠭᠠᠯᠢ ᠨᠡᠢᠭᠡᠮ ᠦ᠋ᠨ ᠬᠠᠤᠯᠢ ᠶ᠋ᠢ ᠦᠯᠦ ᠲᠠᠨᠢᠭᠰᠠᠨ ᠬᠠᠷᠠᠩᠭᠤᠢ ᠮᠤᠬᠤᠷ ᠰᠦᠰᠦᠭ᠂ ᠬᠦᠢ ᠨᠢᠭᠡᠳᠦᠯ ᠦ᠋ᠨ ᠦᠶ᠎ᠡ ᠶ᠋ᠢᠨ《ᠠᠮᠢᠳᠤᠴᠢᠯᠠᠬᠤ ᠪᠦᠳᠦᠭᠦᠯᠢᠭ ᠲᠥᠰᠥᠪᠯᠡᠯ ᠦ᠋ᠨ ᠢᠯᠡᠷᠡᠯ᠂ ᠪᠠᠢᠭᠠᠯᠢ ᠶ᠋ᠢ ᠠᠮᠢᠲᠠᠨᠴᠢᠯᠠᠭᠰᠠᠨ ᠰᠢᠲᠦᠯᠭᠡ》 ᠮᠡᠲᠦ ᠪᠡᠷ ᠬᠣᠷᠢᠳᠤᠭᠠᠷ ᠵᠠᠭᠤᠨ ᠳᠡᠩᠳᠡᠭᠦᠦ ᠪᠠᠰᠤᠮᠵᠢᠯᠠᠭᠰᠠᠨ ᠠᠪᠠᠢ᠃ ᠮᠣᠩᠭᠣᠯᠴᠤᠳ ᠭᠠᠵᠠᠷ ᠲᠤ᠌ ᠰᠢᠭᠠᠭᠰᠠᠨ ᠭᠠᠳᠠᠰᠤ ᠪᠠᠨ ᠵᠠᠪᠠᠯ ᠠᠪᠴᠤ᠂ ᠠᠪᠤᠭᠠᠳ ᠨᠦᠬᠡ ᠶ᠋ᠢ ᠨᠢ ᠪᠥᠭᠯᠡᠳᠡᠭ ᠳᠡᠯᠡᠬᠡᠢ ᠶ᠋ᠢᠨ ᠠᠮᠢᠨ ᠳ᠋ᠤ᠌ ᠨᠢᠭᠦᠯᠡᠰᠦᠩᠭᠦᠢ ᠠᠷᠠᠳ ᠲᠦᠮᠡᠨ᠃ ᠪᠠᠢᠭᠠᠯᠢ ᠬᠥᠮᠦᠨ ᠨᠡᠢᠭᠡᠮ ᠦ᠋ᠨ ᠠᠮᠢᠨ ᠬᠣᠯᠪᠣᠭ᠎ᠠ ᠶ᠋ᠢ ᠡᠢᠨᠬᠦ ᠳᠡᠭᠡᠳᠦᠯᠡᠭᠰᠡᠨ ᠤᠴᠢᠷ ᠢ᠋ ᠲᠡᠳᠡᠨ ᠦ᠌ ᠹᠢᠯᠤᠰᠹᠢ ᠥᠨᠥᠳᠥᠷ ᠦᠨᠡᠮᠰᠢᠯ ᠦᠭᠡᠢ ᠵᠠᠩᠰᠢᠯ ᠰᠦᠰᠦᠭ ᠮᠡᠲᠦ ᠴᠦ᠍ ᠢᠷᠡᠭᠡᠳᠦᠢ ᠦᠶ᠎ᠡ ᠴᠣᠬᠣᠮ ᠡᠨᠡ ᠯᠡ ᠥᠪ ᠡᠴᠡ ᠰᠤᠷᠤᠯᠴᠠᠬᠤ ᠪᠣᠢ ᠊ᠶ ‍ᠠ᠋᠃ ᠬᠠᠭᠠᠨ ᠬᠥᠮᠦᠨ ᠦ᠌ ᠲᠠᠩᠭᠠᠷᠢᠭ ᠨᠢ ᠲᠣᠩᠭᠣᠷᠠᠭ ᠪᠣᠯᠵᠤ ᠨᠡᠢᠭᠡᠮ ᠨᠢ ᠬᠢᠷᠤᠮᠴᠠᠭ ᠪᠣᠯᠵᠤ ᠬᠢᠮᠤᠷᠠᠪᠠᠰᠤ ᠲᠡᠷᠡ ᠭᠠᠩ ᠵᠤᠳ᠂ ᠭᠠᠵᠠᠷ ᠤᠰᠤ᠂ ᠭᠠᠵᠠᠷ ᠬᠥᠳᠡᠯᠦᠯ᠂ ᠦᠶᠡᠷ᠂ ᠰᠢᠭᠤᠷᠭ᠎ᠠ᠂ ᠥᠯᠥᠰᠬᠦᠯᠡᠩ ᠵᠣᠪᠠᠯᠠᠩ᠂ ᠣᠰᠣᠯ ᠵᠡᠳᠬᠡᠷ ᠦ᠋ᠨ ᠭᠠᠰᠢᠭᠤᠨ ᠵᠣᠪᠠᠯᠠᠩ ᠪᠦᠬᠦᠨ ᠨᠡᠷᠮᠡᠳᠡᠭ ᠦᠨᠡᠨ ᠪᠢᠯᠡ᠃ ᠲᠡᠭᠦᠨ ᠢ᠋ ᠭᠠᠵᠠᠷ ᠤᠰᠤ ᠯᠤᠤᠰ ᠰᠠᠪᠳᠠᠭ ᠤ᠋ᠨ ᠬᠠᠯᠠᠩ ᠬᠢᠯᠢᠩᠯᠡᠯ ᠬᠡᠮᠡᠮᠦᠢ᠃ ᠣᠪᠣᠭ᠎ᠠ ᠳᠠᠭᠢᠬᠤ ᠳᠡᠭᠡᠵᠢ ᠡᠷᠭᠦᠯ ᠶᠣᠰᠣᠨ ᠤ᠋ ᠳᠠᠷᠬᠠᠨ ᠤᠴᠢᠷ ᠡᠨᠳᠡ ᠣᠷᠣᠰᠢᠨ᠎ᠠ᠃ ᠡᠢᠮᠦ ᠴᠦ᠍ ᠤᠴᠢᠷ ᠴᠢᠩᠭᠢᠰ ᠬᠠᠭᠠᠨ《ᠶᠡᠬᠡ ᠵᠠᠰᠠᠭ》 ᠲᠠᠭᠠᠨ ᠾᠦᠩᠨᠦ ᠭᠦᠷᠦᠨ ᠡᠴᠡ ᠤᠯᠠᠮᠵᠢᠯᠠᠭᠰᠠᠨ ᠮᠢᠩᠭᠠᠨ ᠣᠨ ᠤ᠋ ᠬᠡᠪ ᠶᠣᠰᠣ ᠶ᠋ᠢ ᠪᠢᠴᠢᠭᠯᠡᠨ ᠤᠷᠭᠤᠮᠠᠯ ᠰᠣᠶᠣᠭᠠᠯᠠᠬᠤ ᠦᠶ᠎ᠡ ᠳ᠋ᠦ᠍ ᠠᠩ ᠠᠪᠠᠯᠠᠬᠤ ᠶ᠋ᠢ ᠴᠠᠭᠠᠵᠠᠯᠠᠨ ᠬᠣᠷᠢᠭᠯᠠᠵᠠᠢ᠃ ᠪᠠᠢᠭᠠᠯᠢ ᠶ᠋ᠢᠨ ᠠᠮᠢᠨ ᠳ᠋ᠤ᠌ ᠲᠡᠷᠰᠯᠡᠭᠰᠡᠨ ᠡᠨᠡ ᠮᠡᠲᠦ ᠭᠡᠮ ᠢ᠋ ᠬᠥᠮᠦᠨ ᠦ᠌ ᠠᠮᠢᠨ ᠳ᠋ᠤ᠌ ᠠᠯᠳᠠᠭᠰᠠᠨ ᠯᠤᠭ᠎ᠠ ᠠᠳᠠᠯᠢ ᠦᠵᠡᠵᠦ ᠶᠠᠯᠠᠯᠠᠳᠠᠭ ᠪᠠᠢᠵᠠᠢ᠃ ᠪᠠᠢᠭᠠᠯᠢ ᠳᠡᠭᠡᠷᠡᠬᠢ ᠮᠠᠲᠸᠷᠢ ᠳ᠋ᠤ᠌ ᠬᠠᠯᠳᠠᠭᠰᠠᠨ ᠴᠠᠪᠳᠠᠩ ᠰᠡᠳᠬᠢᠯ ᠦ᠋ᠨ ᠶᠠᠯ᠎ᠠ ᠨᠢ ᠠᠮᠢ᠃ ᠲᠦᠮᠡᠨ ᠵᠦᠢᠯ ᠠᠮᠢᠲᠠᠨ ᠤ᠋ ᠡᠬᠡ ᠣᠷᠣᠨ ᠳ᠋ᠤ᠌ ᠵᠠᠨᠤᠯ ᠤᠴᠠᠷᠠᠭᠤᠯᠤᠭᠰᠠᠨ ᠨᠢᠭᠡ ᠠᠮᠢ ᠦᠬᠦᠬᠦ ᠶᠠᠯ᠎ᠠ ᠲᠠᠢ ᠠᠵᠤᠭᠤ᠃ ᠡᠢᠮᠦ ᠦᠢᠯᠡᠳᠦᠯ ᠢ᠋ ᠢᠩᠭᠢᠵᠦ ᠡᠰᠡ ᠶᠠᠯᠠᠯᠠᠪᠠᠰᠤ ᠪᠠᠢᠭᠠᠯᠢ ᠣᠷᠴᠢᠯᠠᠩ ᠮᠥᠬᠥᠵᠦ ᠨᠢᠭᠡ ᠬᠥᠮᠦᠨ ᠪᠤᠰᠤ ᠨᠡᠢᠲᠡ ᠠᠮᠢ(ᠨᠡᠢᠭᠡᠮ) ᠳ᠋ᠦ᠍ ᠠᠶᠤᠯ ᠤᠴᠠᠷᠠᠨ᠎ᠠ ᠭᠡᠮᠡᠨ ᠰᠡᠷᠡᠮᠵᠢᠯᠡᠭᠰᠡᠨ ᠬᠠᠤᠯᠢ ᠪᠠᠢᠵᠠᠢ᠃ ᠴᠢᠯᠠᠭᠤ ᠴᠤ᠌ ᠠᠮᠢ ᠲᠠᠢ ᠲᠤᠯᠠ ᠰᠠᠭᠤᠷᠢᠨ ᠠ᠋ᠴᠠ ᠪᠠᠨ ᠬᠥᠳᠡᠯᠦᠭᠰᠡᠨ ᠴᠢᠯᠠᠭᠤ ᠭᠤᠷᠪᠠᠨ ᠵᠢᠯ ᠵᠣᠪᠠᠳᠠᠭ ᠭᠡᠨᠡᠮ᠃
    ᠣᠷᠴᠢᠨ ᠦᠶ᠎ᠡ ᠶ᠋ᠢᠨ ᠬᠥᠮᠦᠨ ᠲᠥᠷᠥᠯᠬᠢᠲᠡᠨ ᠦ᠌ ᠳᠠᠪᠰᠢᠯ᠂ ᠰᠢᠨᠵᠢᠯᠡᠬᠦ ᠤᠬᠠᠭᠠᠨ ᠤ᠋ ᠬᠠᠨᠳᠤᠯᠭ᠎ᠠ᠂ ᠠᠮᠢᠳᠤᠷᠠᠬᠤ ᠶ᠋ᠢᠨ ᠨᠡᠢᠲᠡᠯᠢᠭ ᠲᠦᠪᠰᠢᠨ ᠳ᠋ᠡᠬᠢ ᠭᠤᠷᠮᠤᠰᠤᠨ ᠬᠣᠯᠪᠣᠭ᠎ᠠ ᠪᠠᠷ ᠬᠤᠷᠴᠠ ᠪᠠᠷ ᠵᠣᠷᠢᠴᠡᠯᠳᠤᠵᠤ ᠨᠡᠢᠭᠡᠮ ᠬᠢᠮᠤᠷᠠᠯ ᠳ᠋ᠤ᠌᠂ ᠰᠢᠨᠵᠢᠯᠡᠬᠦ ᠤᠬᠠᠭᠠᠨ ᠶᠠᠳᠠᠭᠤᠷᠠᠯ ᠳ᠋ᠤ᠌᠂ ᠬᠥᠮᠦᠨ ᠴᠥᠬᠥᠷᠡᠯ ᠳ᠋ᠦ᠍ ᠠᠪᠲᠠᠭᠰᠠᠨ ᠲᠥᠷᠬᠦ ᠳᠡᠯᠡᠬᠡᠢ ᠶ᠋ᠢ ᠬᠤᠴᠢᠵᠠᠢ᠃ ᠪᠢᠳᠡ ᠰᠢᠨᠵᠢᠯᠡᠬᠦ ᠤᠬᠠᠭᠠᠨ ᠨᠡᠢᠭᠡᠮ ᠳ᠋ᠦ᠍᠂ ᠨᠡᠢᠭᠡᠮ ᠬᠥᠮᠦᠨ ᠳ᠋ᠦ᠍᠂ ᠬᠥᠮᠦᠨ ᠰᠢᠨᠵᠢᠯᠡᠬᠦ ᠤᠬᠠᠭᠠᠨ ᠳ᠋ᠤ᠌ ᠬᠠᠨᠳᠤᠵᠤ ᠴᠢᠳᠠᠬᠤ ᠦᠭᠡᠢ ᠪᠠᠢᠭ᠎ᠠ ᠶ᠋ᠢ ᠬᠥᠮᠦᠨ ᠳ᠋ᠦ᠍ ᠬᠡᠷᠡᠭ ᠦᠭᠡᠢ᠂ ᠨᠡᠢᠭᠡᠮ ᠳ᠋ᠦ᠍ ᠬᠣᠣᠷ ᠲᠠᠢ᠂ ᠪᠠᠢᠭᠠᠯᠢ ᠳ᠋ᠤ᠌ ᠰᠦᠢᠳᠬᠡᠭᠴᠢ ᠬᠥᠭᠵᠢᠯ ᠦ᠋ᠨ ᠲᠤᠯᠠ ᠬᠥᠷᠥᠩᠭᠡ ᠤᠷᠤᠰᠴᠤ ᠬᠥᠮᠦᠨ ᠦ᠌ ᠶᠡᠬᠡᠩᠬᠢ ᠨᠢ ᠥᠯᠥᠰᠴᠦ ᠶᠠᠳᠠᠭᠤᠷᠠᠵᠤ᠂ ᠨᠡᠢᠭᠡᠮ ᠨᠢ ᠬᠡᠭᠡᠨᠴᠢᠷ ᠠᠮᠢᠯᠠᠯᠲᠠ ᠶ᠋ᠢᠨ ᠲᠥᠪ ᠪᠣᠯᠤᠭᠰᠠᠨ ᠢ᠋ ᠬᠠᠷᠠᠵᠤ ᠪᠠᠢᠨ᠎ᠠ᠃ ᠡᠷᠢᠨ ᠵᠠᠭᠤᠨ ᠤ᠋ ᠡᠨᠡ ᠰᠣᠭᠣᠭ ᠢ᠋《ᠥᠴᠥᠭᠡᠳᠦᠷ ᠦ᠋ᠨ ᠰᠠᠢᠨ ᠢ᠋ ᠮᠠᠭᠤ᠂ ᠮᠠᠭᠤ ᠶ᠋ᠢ ᠨᠢ ᠰᠠᠢᠨ》 ᠭᠡᠬᠦ ᠬᠠᠮᠢᠭ᠎ᠠ ᠰᠠᠢ ᠦᠭᠡᠢ ᠭᠠᠵᠠᠷ ᠠᠪᠤᠭᠰᠠᠨ《ᠰᠢᠨᠡᠯᠢᠭ ᠰᠡᠳᠬᠢᠯᠭᠡ》 ᠪᠡᠷ ᠰᠢᠢᠳᠪᠦᠷᠢᠯᠡᠬᠦ ᠪᠡᠷ ᠣᠷᠣᠯᠳᠣᠬᠤ ᠠᠵᠠᠢ᠃ ᠲᠡᠢᠮᠦ ᠲᠤᠰᠬᠠᠯ ᠢ᠋ ᠤᠬᠠᠭᠠᠨᠲᠤ ᠨᠤᠭᠤᠳ ᠤ᠋ᠨ ᠪᠣᠳᠣᠯᠭ᠎ᠠ ᠮᠡᠲᠦ ᠪᠡᠷ ᠠᠪᠴᠤ ᠬᠦᠯᠢᠶᠡᠨ ᠬᠥᠭᠡᠷᠴᠦᠭᠯᠡᠬᠦ ᠣᠶᠤᠨ ᠤᠬᠠᠭᠠᠨ ᠤ᠋ ᠭᠠᠵᠢᠭ᠂ ᠨᠡᠢᠲᠡ ᠶ᠋ᠢ ᠬᠠᠮᠤᠷᠤᠭᠰᠠᠨ ᠮᠡᠲᠦ᠃ ᠬᠥᠭᠵᠢᠯ ᠢ᠋ ᠪᠣᠳᠣᠯ ᠢ᠋ᠶ᠋ᠠᠷ ᠪᠤᠰᠤ ᠪᠢᠰᠢᠯᠭᠠᠯ ᠢ᠋ᠶ᠋ᠠᠷ ᠲᠣᠮᠢᠶᠠᠯᠠᠬᠤ ᠶᠣᠰᠣᠲᠠᠢ᠃ ᠲᠡᠷᠡ ᠨᠢ ᠦᠨᠳᠦᠰᠦᠨ ᠦ᠌ ᠣᠨᠣᠯ ᠰᠡᠳᠬᠢᠯᠭᠡᠨ ᠳ᠋ᠦ᠍ ᠰᠠᠭᠤᠷᠢᠯᠠᠳᠠᠭ ᠢ᠋ ᠬᠦᠯᠢᠶᠡᠨ ᠵᠥᠪᠰᠢᠶᠡᠷᠡᠬᠦ ᠡᠴᠡ ᠬᠥᠮᠦᠨ ᠲᠥᠷᠥᠯᠬᠢᠲᠡᠨ ᠲᠠᠲᠠᠭᠠᠯᠵᠠᠭᠰᠠᠨ ᠪᠠᠢᠳᠠᠯ ᠲᠠᠢ ᠬᠣᠰᠢᠭᠤᠷᠠᠵᠤ ᠪᠠᠢᠨ᠎ᠠ᠃ ᠥᠨᠥ ᠶ᠋ᠢᠨ ᠶᠡᠷᠦ ᠶ᠋ᠢᠨ ᠨᠢᠭᠡ ᠵᠠᠰᠠᠪᠤᠷᠢᠴᠢᠨ ᠯᠠ ᠭᠡᠬᠦ ᠳ᠋ᠦ᠍ ᠴᠢᠩᠭᠢᠰ ᠬᠠᠭᠠᠨ ᠠ᠋ᠴᠠ ᠬᠤᠪᠢ ᠢᠯᠡᠭᠦᠦ ᠮᠡᠳᠡᠯᠭᠡ ᠲᠡᠢ ᠭᠡᠵᠦ ᠪᠣᠳᠣᠬᠤ ᠨᠢ ᠲᠡᠨᠡᠭᠯᠡᠯ ᠪᠣᠯᠬᠤ ᠲᠠᠢ ᠠᠳᠠᠯᠢ ᠤᠯᠠᠮᠵᠢᠯᠠᠯ ᠢ᠋ᠶ᠋ᠠᠨ ᠮᠠᠷᠲᠠᠵᠤ᠂ ᠭᠣᠯᠣᠵᠤ ᠬᠠᠷᠢ ᠰᠢᠨᠡᠴᠢᠯᠡᠯ ᠢ᠋ ᠰᠢᠯᠢᠵᠦ ᠠᠰᠠᠭᠤᠳᠠᠯ ᠳ᠋ᠤ᠌ ᠬᠠᠨᠳᠤᠨ《ᠬᠥᠭᠵᠢᠭᠦᠯᠬᠦ》 ᠭᠡᠬᠦ ᠨᠢ ᠬᠣᠢᠮᠣᠰᠣᠨ ᠡᠷᠳᠡᠮ ᠦ᠋ᠨ ᠤᠷᠰᠢᠭ ᠶᠤᠮᠰᠠᠨᠵᠠᠢ᠃ ᠶᠠᠭᠤᠮᠠᠰ ᠦᠵᠡᠭᠳᠡᠯ ᠳᠤᠮᠳᠠ ᠠ᠋ᠴᠠ ᠳᠠᠪᠰᠢᠯ ᠢ᠋ ᠣᠯᠵᠤ᠂ ᠰᠢᠨ᠎ᠡ ᠶ᠋ᠢ ᠨᠡᠭᠡᠭᠡᠬᠦ ᠭᠤᠷᠮᠤᠰᠤᠨ ᠰᠡᠳᠬᠢᠯᠭᠡ ᠣᠷᠬᠢᠭᠳᠠᠭᠰᠠᠨ ᠤ᠋ ᠪᠠᠯᠠᠭ ᠡᠨᠡ᠃ ᠬᠣᠢᠮᠣᠰᠣᠨ ᠰᠡᠳᠬᠢᠯᠭᠡᠨ ᠦ᠌(ᠡᠰᠡᠷᠭᠦ᠂ ᠡᠶᠡᠷᠭᠦ) ᠭᠦᠨ ᠵᠥᠷᠢᠴᠡᠯ ᠳ᠋ᠦ᠍ ᠢᠳᠡᠭᠳᠡᠵᠦ ᠵᠠᠮᠪᠠᠷᠠᠭ᠎ᠠ ᠦᠭᠡᠢ ᠳ᠋ᠦ᠍ ᠵᠢᠪᠦᠭᠰᠡᠨ ᠬᠣᠷᠸ᠎ᠠ ᠶ᠋ᠢᠨ ᠡᠳᠦᠭᠡ ᠬᠢ ᠠᠮᠢᠳᠤᠷᠠᠯ ᠳ᠋ᠤ᠌ ᠭᠤᠷᠪᠠᠯ ᠣᠨᠣᠯ ᠢ᠋ᠶ᠋ᠠᠷ ᠢ᠋ᠶ᠋ᠠᠨ ᠪᠢᠰᠢᠯᠭᠠᠯ ᠬᠢᠵᠦ ᠹᠢᠯᠣᠰᠣᠹᠢ ᠶ᠋ᠢᠨ ᠠᠮᠢᠨ ᠤᠳᠬ᠎ᠠ ᠶ᠋ᠢ ᠡᠷᠢᠬᠦ ᠱᠠᠭᠠᠷᠳᠠᠯᠭ᠎ᠠ ᠲᠤᠯᠭᠠᠷᠠᠵᠠᠢ᠃《ᠦᠨᠡᠨ》 ᠢ᠋ ᠣᠯᠬᠤ ᠬᠠᠷᠢᠴᠠᠩᠭᠤᠢ ᠲᠡᠮᠡᠴᠡᠯ ᠪᠤᠰᠤ ᠬᠥᠮᠦᠨ ᠡᠴᠡ ᠰᠢᠯᠲᠠᠭᠠᠯᠠᠭᠰᠠᠨ ᠨᠡᠢᠲᠡᠯᠢᠭ ᠰᠣᠭᠣᠭ ᠢ᠋ ᠬᠦᠯᠢᠶᠡᠬᠦ᠂ ᠨᠡᠢᠲᠡᠯᠢᠭ ᠳᠠᠪᠰᠢᠯ ᠢ᠋ ᠵᠥᠪᠰᠢᠶᠡᠷᠡᠬᠦ ᠤᠬᠠᠭᠠᠨ ᠤ᠋ ᠴᠠᠭᠳᠠᠭ᠎ᠠ ᠠᠮᠢ ᠴᠢᠬᠤᠯᠠᠴᠢᠯᠠᠭᠳᠠᠪᠠ᠃ ᠬᠥᠮᠦᠨ ᠠᠮᠢ᠁ ᠨᠡᠢᠭᠡᠮ ᠦ᠋ᠨ ᠠᠮᠢ᠁ ᠪᠠᠢᠭᠠᠯᠢ ᠶ᠋ᠢᠨ ᠠᠮᠢ ᠭᠠᠭᠴᠠᠬᠦ ᠠᠮᠢᠨ ᠤᠴᠢᠷ ᠢ᠋ ᠨᠡᠭᠡᠭᠡᠪᠡᠰᠦ ᠪᠣᠯᠭᠣᠭᠠᠮᠵᠢ ᠦᠭᠡᠢ ᠪᠣᠳᠣᠯᠭ᠎ᠠ᠂ ᠠᠰᠢᠭ ᠦᠭᠡᠢ ᠳᠤᠷᠠᠰᠢᠯᠭ᠎ᠠ᠂ ᠠᠯᠳᠠᠭ᠎ᠠ ᠲᠠᠢ ᠵᠠᠮ ᠠ᠋ᠴᠠ ᠬᠥᠮᠦᠨ ᠲᠥᠷᠥᠯᠬᠢᠲᠡᠨ ᠢ᠋ ᠠᠪᠤᠷᠠᠨ᠎ᠠ᠃ ᠥᠨᠥᠳᠥᠷ《ᠭᠤᠷᠪᠠᠯ ᠣᠨᠣᠯ》 ᠠ᠋ᠴᠠ ᠥᠭᠡᠷ᠎ᠡ ᠬᠣᠩᠭᠢᠯ ᠤ᠋ᠨ ᠦᠵᠦᠭᠦᠷ ᠲᠡᠬᠢ ᠭᠡᠷᠡᠯ ᠢ᠋ ᠬᠠᠷᠠᠬᠤ ᠬᠠᠷᠠᠴᠠ《ᠨᠢᠳᠦ》 ᠠᠯᠠᠭ᠎ᠠ ᠪᠠᠢᠨ᠎ᠠ᠃ 
    ᠰᠠᠭᠤᠷᠢᠨ ᠢᠷᠭᠡᠨᠰᠢᠯ ᠦ᠋ᠨ ᠬᠣᠢᠮᠣᠰᠣᠨ ᠰᠡᠳᠬᠢᠯᠭᠡ ᠪᠡᠷ ᠬᠣᠵᠢᠭᠤ ᠰᠤᠳᠤᠯᠤᠭᠰᠠᠨ ᠧᠦ᠋ᠷᠣᠫᠠ ᠡᠬᠢ ᠲᠡᠢ ᠭᠠᠵᠢᠭᠤ ᠲᠡᠦᠬᠡ ᠡᠴᠡ ᠬᠥᠮᠦᠨ ᠲᠥᠷᠥᠯᠬᠢᠲᠡᠨ ᠰᠤᠷᠤᠯᠴᠠᠵᠤ ᠪᠠᠢᠨ᠎ᠠ᠃ ᠨᠡᠭᠦᠳᠡᠯᠴᠢᠳ ᠦ᠋ᠨ ᠭᠦᠨ ᠤᠬᠠᠭᠠᠨ ᠢ᠋ᠶ᠋ᠠᠷ ᠪᠣᠯ《ᠬᠥᠮᠦᠨ ᠪᠣᠰᠤᠭ᠎ᠠ ᠶᠠᠪᠤᠵᠤ ᠴᠢᠳᠠᠳᠠᠭ ᠪᠣᠯᠵᠠᠢ᠁》 ᠭᠡᠳᠡᠭ ᠣᠨᠣᠯ ᠬᠤᠳᠠᠯ ᠪᠥᠭᠡᠳ ᠮᠥᠯᠬᠥᠭᠡ ᠵᠠᠶᠠᠭᠠᠲᠤ ᠠᠮᠢᠲᠠᠨ ᠪᠢᠰᠢ《ᠲᠡᠨᠦᠭᠦᠴᠢᠯᠡᠬᠦ ᠪᠠᠨ ᠪᠣᠯᠢᠵᠤ ᠰᠠᠭᠤᠷᠢᠰᠢᠵᠤ ᠡᠬᠢᠯᠡᠭᠰᠡᠨ᠁》 ᠭᠡᠬᠦ ᠮᠡᠲᠦ ᠡᠷᠭᠡᠯᠵᠡᠭᠡᠲᠦ ᠨᠣᠮᠯᠠᠯ ᠵᠠᠬ᠎ᠠ ᠠ᠋ᠴᠠ ᠦᠷᠭᠦᠯᠵᠢᠯᠡᠮᠦ᠃ ᠰᠠᠭᠤᠷᠢᠨ ᠲᠡᠳᠡᠨ ᠡᠴᠡ ᠨᠡᠭᠦᠳᠡᠯᠴᠢᠳ ᠬᠣᠵᠢᠭᠤ ᠤᠬᠠᠭᠠᠨ ᠰᠠᠭᠤᠵᠤ ᠰᠣᠶᠣᠯᠵᠢᠭᠰᠠᠨ ᠭᠡᠳᠡᠭ ᠬᠠᠷᠢᠴᠠᠭᠤᠯᠤᠯᠲᠠ ᠴᠤ᠌ ᠮᠠᠭᠠᠳ ᠶᠤᠮ᠃ ᠡᠨᠡ ᠳᠡᠯᠡᠬᠡᠢ ᠳ᠋ᠦ᠍ ᠬᠥᠮᠦᠨ ᠦ᠌ ᠨᠡᠢᠭᠡᠮ ᠦ᠋ᠨ ᠰᠠᠭᠤᠷᠢᠨ᠂ ᠨᠡᠭᠦᠳᠡᠯᠴᠢᠨ᠂ ᠴᠢᠯᠥᠭᠡᠲᠦ ᠪᠤᠶᠤ ᠲᠡᠨᠦᠭᠦᠯᠴᠢᠨ ᠭᠤᠷᠪᠠᠨ ᠶᠡᠬᠡ ᠰᠣᠶᠣᠯ ᠤ᠋ᠨ ᠲᠡᠦᠬᠡ ᠪᠦᠲᠦᠭᠡᠭᠳᠡᠭᠰᠡᠨ ᠭᠡᠮᠡᠨ ᠦᠵᠡᠨ᠎ᠡ᠃ ᠰᠠᠭᠤᠷᠢᠨ ᠢ᠋ ᠲᠠᠭᠠᠯᠠᠮᠵᠢᠲᠤ ᠭᠠᠵᠠᠷ ᠬᠤᠷᠠᠭᠰᠠᠨ ᠬᠥᠮᠦᠨ ᠰᠦᠷᠦᠭ(ᠤᠯᠠᠭᠠᠨ ᠰᠢᠷᠭᠤᠯᠵᠢ ᠮᠡᠲᠦ) ᠶ᠋ᠢᠨ ᠪᠥᠭᠡᠮᠨᠡᠷᠡᠯ᠂ ᠨᠡᠭᠦᠳᠡᠯ ᠦ᠋ᠨ ᠢᠷᠭᠡᠨᠰᠢᠯ ᠨᠢ ᠤᠰᠤ ᠨᠤᠲᠤᠭ ᠲᠠᠭᠠᠨ ᠰᠡᠯᠭᠦᠨ ᠠᠮᠢᠳᠤᠷᠠᠳᠠᠭ ᠵᠣᠬᠢᠴᠠᠯ ᠲᠠᠢ(ᠤᠰᠤᠨ ᠤ᠋ ᠰᠢᠪᠠᠭᠤ ᠮᠡᠲᠦ) ᠪᠣᠯ ᠡᠨᠡ ᠬᠣᠶᠠᠷ ᠤ᠋ᠨ ᠵᠥᠷᠢᠴᠡᠯ ᠲᠡᠮᠡᠴᠡᠯ ᠡᠴᠡ ᠳᠠᠢᠵᠢᠭᠰᠠᠨ(ᠬᠣᠶᠠᠷ ᠨᠤᠲᠤᠭᠲᠠᠨ ᠮᠡᠲᠦ) ᠲᠥᠭᠡᠷᠭᠡ ᠪᠠᠰᠠ ᠪᠠᠢᠳᠠᠭ᠃ ᠲᠡᠳᠡᠨ ᠢ᠋ ᠴᠢᠯᠥᠭᠡᠲᠦ ᠪᠤᠶᠤ ᠲᠡᠨᠦᠮᠡᠯ ᠰᠣᠶᠣᠯ ᠢᠷᠭᠡᠨᠰᠢᠯ ᠭᠡᠵᠦ ᠰᠤᠳᠤᠯᠤᠭᠤᠰᠢᠲᠠᠢ ᠪᠥᠯᠥᠭᠡ᠃ ᠡᠭᠦᠨ ᠦ᠌ ᠤᠴᠢᠷ ᠨᠢ ᠨᠢᠭᠡ ᠭᠠᠵᠠᠷ ᠲᠤ᠌ ᠰᠢᠭᠢᠳᠦᠭᠰᠡᠨ ᠰᠠᠭᠤᠷᠢᠨ᠂ ᠮᠠᠯ ᠳᠠᠭᠠᠭᠰᠠᠨ ᠨᠡᠭᠦᠳᠡᠯᠴᠢ ᠠᠮᠢ᠂ ᠠᠯᠢᠨ ᠠ᠋ᠴᠠ ᠨᠢ ᠳᠠᠢᠵᠢᠭᠰᠠᠨ ᠲᠠᠪᠢᠯᠠᠩ ᠦᠨᠡᠬᠡᠷ ᠴᠢᠯᠥᠭᠡᠲᠦ ᠢᠷᠭᠡᠨᠰᠢᠯ ᠪᠠᠢᠵᠠᠢ᠃ ᠡᠷᠲᠡᠨ ᠦ᠌ ᠮᠠᠢᠶᠠ(ᠢᠨᠳᠢᠶᠡᠨ)᠂ ᠠᠷᠢ᠂ ᠣᠯᠠᠮᠺ᠂ ᠪᠠᠷᠠᠭᠤᠨ ᠾᠦᠩᠨᠦ᠂ ᠽᠢᠭᠠᠨ᠂ ᠶᠧᠪᠷᠡᠢ ᠬᠢᠭᠡᠳ ᠰᠢᠨ᠎ᠡ ᠲᠢᠪ ᠦ᠋ᠳ ᠤᠷᠤᠭᠤ ᠲᠡᠨᠦᠭᠦᠴᠢᠯᠡᠭᠰᠡᠨ ᠧᠦ᠋ᠷᠣᠫᠠ ᠶ᠋ᠢᠨ ᠤᠵᠢᠭᠷᠠᠯ᠂ ᠺᠣᠯᠣᠨᠢᠴᠢᠯᠠᠯ ᠤ᠋ᠨ ᠪᠤᠰᠤᠳ ᠵᠢᠱ᠌ᠢᠶ᠎ᠡ ᠪᠣᠯᠤᠨ᠎ᠠ᠃ ᠪᠠᠯᠠᠷ ᠡᠷᠲᠡᠨ ᠦ᠌ ᠲᠡᠨᠦᠭᠦᠯᠴᠢᠨ ᠬᠣᠶᠠᠷ ᠶᠡᠬᠡ ᠲᠢᠪ ᠢ᠋ ᠨᠡᠭᠡᠭᠡᠭᠰᠡᠨ ᠵᠡᠷᠭᠡ ᠭᠠᠢᠬᠠᠮᠰᠢᠭᠲᠤ ᠭᠠᠪᠢᠶ᠎ᠠ ᠪᠠᠢᠭᠤᠯᠤᠭᠰᠠᠨ ᠨᠢ ᠲᠦᠭᠡᠮᠡᠯ ᠴᠦ᠍ ᠲᠡᠦᠬᠡ ᠪᠢᠴᠢᠭ ᠲᠦ᠍ ᠥᠭᠡᠷ᠎ᠡ ᠪᠡᠷ ᠦᠵᠡᠵᠦ ᠪᠠᠢᠨ᠎ᠠ᠃ ᠭᠤᠴᠢᠨ ᠮᠢᠩᠭᠠᠨ ᠵᠢᠯ ᠦ᠋ᠨ ᠡᠮᠦᠨ᠎ᠡ ᠮᠡᠢᠶᠠ ᠶ᠋ᠢᠨ ᠰᠣᠶᠣᠯ ᠮᠠᠨᠳᠤᠨ ᠱᠠᠭᠰᠢᠭᠳᠠᠵᠤ ᠪᠠᠢᠭᠰᠠᠨ ᠪᠣᠯ700 ᠣᠨ ᠤ᠋ ᠦᠶ᠎ᠡ ᠳ᠋ᠦ᠍ ᠤᠮᠠᠷᠠᠲᠤ ᠠᠮᠧᠷᠢᠺᠠ ᠳ᠋ᠤ᠌ ᠮᠤᠭᠤᠯᠤᠨ(ᠮᠥᠩᠬᠡ ᠭᠠᠯ ᠤ᠋ᠨ ᠴᠤ᠌ ᠪᠠᠢᠵᠤ ᠪᠣᠯᠬᠤ) ᠰᠣᠶᠣᠯ ᠴᠡᠴᠡᠭᠯᠡᠵᠦ ᠪᠠᠢᠪᠠ᠃ ᠲᠡᠨᠦᠭᠦᠯᠴᠢ ᠶ᠋ᠢᠨ ᠰᠣᠶᠣᠯ ᠤ᠋ᠨ ᠨᠢᠭᠡᠨ ᠣᠨᠴᠠᠯᠢᠭ ᠨᠢ ᠰᠡᠳᠬᠢᠬᠦᠢ ᠶ᠋ᠢᠨ ᠷᠢᠳᠢ ᠰᠢᠳᠢᠲᠦ ᠤᠪᠠᠳᠢᠰ᠂ ᠣᠷᠴᠢᠯᠠᠩᠲᠤ ᠶᠢᠷᠲᠢᠨᠴᠦ ᠲᠡᠢ ᠬᠠᠷᠢᠴᠠᠬᠤ ᠣᠶᠤᠨ ᠤ᠋ ᠣᠩᠭᠣᠨ ᠴᠢᠨᠠᠷ ᠶᠤᠮ᠃ ᠠᠷᠢᠴᠤᠳ ᠳᠡᠯᠡᠬᠡᠢ ᠶ᠋ᠢ ᠰᠦᠯᠵᠢᠵᠦ ᠾᠦᠩᠨᠦ(ᠭᠣᠩᠨᠣ) ᠨᠡᠷ᠎ᠡ ᠲᠡᠢ ᠠᠳᠠᠯᠢ ᠲᠥᠪ ᠠᠽᠢ ᠠ᠋ᠴᠠ ᠧᠦ᠋ᠷᠣᠫᠠ ᠬᠦᠷᠲᠡᠯ᠎ᠡ ᠲᠡᠮᠡᠴᠡᠭᠰᠡᠨ ᠵᠡᠷᠭᠡ ᠪᠠᠷᠢᠮᠲᠠ ᠳᠤᠷᠠᠰᠴᠤ ᠪᠣᠯᠤᠨ᠎ᠠ᠃ ᠰᠠᠭᠤᠷᠢᠨ᠂ ᠨᠡᠭᠦᠳᠡᠯᠴᠢ ᠬᠣᠶᠠᠷ ᠤ᠋ᠨ ᠬᠥᠭᠵᠢᠯ ᠳ᠋ᠦ᠍ ᠴᠢᠯᠥᠭᠡᠲᠦ ᠢᠷᠭᠡᠨᠰᠢᠯ ᠠᠤᠭ᠎ᠠ ᠶᠡᠬᠡ ᠬᠤᠪᠢ ᠣᠷᠣᠭᠤᠯᠵᠠᠢ᠃ ᠡᠳᠦᠭᠡ ᠴᠦ᠍ ᠴᠠᠭᠠᠴᠢᠯᠠᠯ ᠳ᠋ᠤ᠌ ᠠᠴᠢ ᠬᠣᠯᠪᠣᠭᠳᠠᠯ ᠥᠭᠴᠦ ᠬᠦᠯᠢᠶᠡᠨ ᠠᠪᠬᠤ ᠬᠠᠨᠳᠤᠯᠭ᠎ᠠ ᠪᠣᠢ ᠪᠥᠯᠥᠭᠡ᠃ ᠭᠡᠲᠡᠯ᠎ᠡ ᠰᠠᠭᠤᠷᠢᠨ ᠢᠷᠭᠡᠨᠰᠢᠯ ᠦ᠋ᠨ ᠬᠢᠨ ᠬᠥᠪᠡᠭᠡ ᠳᠠᠪᠠᠭ᠎ᠠ ᠳ᠋ᠤ᠌ ᠦᠵᠡᠭᠰᠡᠨ ᠢ᠋ᠶ᠋ᠡᠨ ᠬᠥᠮᠦᠨ ᠲᠥᠷᠥᠯᠬᠢᠲᠡᠨ ᠦ᠌ ᠨᠡᠭᠡᠭᠡᠯᠲᠡ ᠳ᠋ᠦ᠍ ᠲᠣᠭᠠᠴᠢᠳᠠᠭ ᠨᠢ ᠡᠨᠳᠡᠭᠦᠦ ᠪᠥᠭᠡᠳ ᠥᠷᠥᠨᠡᠲᠦ᠂ ᠯᠠᠯᠤ᠂ ᠬᠢᠲᠠᠳ ᠤ᠋ᠨ ᠭᠤᠷᠪᠠᠨ ᠶᠡᠬᠡ ᠰᠣᠶᠣᠯ ᠭᠡᠬᠦ ᠮᠡᠲᠦ ᠪᠡᠷ ᠦᠵᠡᠭᠰᠡᠨ ᠨᠢ ᠭᠡᠨᠡᠨ ᠬᠡᠷᠡᠭ᠂ ᠤᠭ ᠲᠠᠭᠠᠨ ᠰᠠᠭᠤᠷᠢᠨ ᠢᠷᠭᠡᠨᠰᠢᠯ ᠦ᠋ᠨ ᠭᠤᠷᠪᠠᠨ ᠲᠥᠯᠥᠪ ᠲᠡᠳᠦᠢ ᠶᠦᠮ᠃ ᠮᠥᠨ ᠦᠯᠡᠳᠡᠪᠦᠷᠢ ᠶ᠋ᠢ ᠠᠩᠬᠠᠳᠠᠭᠴᠢ ᠪᠠᠷ ᠵᠠᠷᠯᠠᠳᠠᠭ ᠨᠢ ᠠᠯᠳᠠᠭ᠎ᠠ ᠪᠥᠭᠡᠳ ᠰᠠᠭᠤᠷᠢᠨ ᠠ᠋ᠴᠠ ᠣᠯᠳᠠᠭᠰᠠᠨ ᠳᠤᠷᠠᠰᠬᠠᠯ ᠭᠡᠬᠦ ᠳ᠋ᠦ᠍ ᠨᠡᠭᠦᠳᠡᠯᠴᠢᠳ ᠦ᠋ᠨ ᠪᠦᠲᠦᠭᠡᠭᠰᠡᠨ ᠢ᠋ ᠲᠡᠨᠦᠭᠦᠯᠴᠢᠳ ᠠᠪᠴᠢᠷᠠᠭᠰᠠᠨ᠂ ᠲᠡᠳᠡ ᠬᠠᠳᠠᠭᠠᠯᠠᠭᠰᠠᠨ ᠪᠠᠢᠬᠤ ᠶ᠋ᠢ ᠦᠭᠡᠢᠰᠬᠡᠬᠦ ᠠᠷᠭ᠎ᠠ ᠦᠭᠡᠢ ᠶᠦᠮ᠃ ᠡᠢᠮᠦ ᠳ᠋ᠦ᠍ ᠡᠷᠲᠡᠨ ᠦ᠌ ᠬᠥᠮᠦᠰ ᠦ᠋ᠨ ᠨᠢᠭᠡ ᠬᠡᠰᠡᠭ ᠨᠢ ᠤᠬᠠᠭᠠᠨ ᠲᠠᠢ᠂ ᠨᠡᠭᠦᠳᠡᠯᠴᠢᠳ ᠪᠦᠳᠦᠭᠦᠯᠢᠭ ᠪᠠᠢᠭᠰᠠᠨ ᠭᠡᠬᠦ ᠮᠡᠲᠦ ᠪᠠᠷᠢᠮᠲᠠᠯᠠᠯ ᠠ᠋ᠴᠠ ᠲᠠᠲᠠᠭᠠᠯᠵᠠᠵᠤ ᠲᠡᠦᠬᠡ ᠶ᠋ᠢ ᠳᠡᠭᠡᠷᠡᠬᠢ ᠭᠤᠷᠪᠠᠨ ᠬᠦᠷᠢᠶᠡᠨ ᠳ᠋ᠦ᠍ ᠲᠤᠰ ᠲᠤᠰ ᠤ᠋ᠨ ᠣᠨᠴᠠᠯᠢᠭ ᠢ᠋ᠶ᠋ᠠᠷ ᠨᠢ ᠵᠡᠷᠭᠡᠴᠡᠭᠦᠯᠦᠨ ᠰᠤᠳᠤᠯᠬᠤ ᠶᠠᠪᠤᠳᠠᠯ ᠴᠢᠬᠤᠯᠠ ᠪᠣᠯᠤᠨ᠎ᠠ᠃ ᠡᠯ᠎ᠡ ᠭᠤᠷᠪᠠᠨ ᠰᠣᠶᠣᠯ ᠢ᠋ ᠬᠠᠷᠢᠴᠠᠭᠤᠯᠬᠤ ᠬᠡᠮᠵᠢᠭᠦᠷ ᠦᠭᠡᠢ ᠲᠤᠯᠠ ᠵᠢᠱ᠌ᠢᠨ ᠳ᠋ᠦᠩᠨᠡᠬᠦ ᠪᠣᠯᠤᠮᠵᠢ ᠦᠭᠡᠢ ᠠᠪᠠᠢ᠃ ᠰᠠᠭᠤᠷᠢᠨ ᠢᠷᠭᠡᠨᠰᠢᠯ ᠦ᠋ᠨ ᠬᠥᠭᠵᠢᠯ ᠦ᠋ᠨ ᠣᠢᠯᠠᠭᠠᠯᠲᠠ ᠪᠠᠷ ᠪᠤᠰᠤ ᠨᠡᠭᠦᠳᠡᠯᠴᠢᠳ ᠦ᠋ᠨ ᠣᠨᠣᠯ ᠢ᠋ᠶ᠋ᠠᠷ ᠬᠥᠭᠵᠢᠯ ᠳ᠋ᠦ᠍ ᠨᠢᠭᠡᠳᠦᠭᠡᠷ ᠲᠦ᠍ ᠪᠠᠢᠭᠠᠯᠢ ᠶ᠋ᠢᠨ ᠦᠵᠡᠭᠦᠯᠦᠯᠲᠡ(ᠠᠮᠢ)᠂ ᠬᠣᠶᠠᠳᠤᠭᠠᠷ ᠲᠤ᠌ ᠨᠡᠢᠭᠡᠮ ᠦ᠋ᠨ ᠦᠵᠡᠭᠦᠯᠦᠯᠲᠡ(ᠣᠶᠤᠨ)᠂ ᠭᠤᠷᠪᠠᠳᠤᠭᠠᠷ ᠲᠤ᠌ ᠡᠳ᠋ ᠦ᠋ᠨ ᠵᠠᠰᠠᠭ ᠤ᠋ᠨ ᠦᠵᠡᠭᠦᠯᠦᠯᠲᠡ(ᠠᠬᠤᠢ) ᠳᠡᠪᠰᠢᠭᠳᠡᠬᠦ ᠱᠠᠭᠠᠷᠳᠠᠯᠭ᠎ᠠ ᠲᠤᠯᠭᠠᠷᠠᠵᠤ ᠪᠠᠢᠨ᠎ᠠ᠃ ᠠᠮᠢᠨ ᠹᠢᠯᠣᠰᠣᠹᠢ ᠶ᠋ᠢᠨ ᠭᠠᠷᠭᠠᠯᠭ᠎ᠠ ᠡᠢᠮᠦ ᠪᠥᠭᠡᠳ ᠴᠣᠬᠣᠮ《ᠨᠠᠰᠤ》 ᠭᠡᠳᠡᠭ ᠣᠢᠯᠠᠭᠠᠯᠲᠠ ᠶ᠋ᠢ ᠥᠨᠳᠥᠷ ᠴᠦ᠍ ᠡᠷᠭᠦᠭᠰᠡᠨ ᠡᠪᠦᠭᠡ ᠤᠬᠠᠭᠠᠨ ᠤ᠋ ᠴᠠᠷ᠎ᠠ ᠡᠨᠡ ᠶᠦᠮ᠃


   ᠦᠰᠦᠭ ᠠᠮᠢᠯᠠᠭᠤᠯᠤᠭᠰᠠᠨ᠄ ᠲᠣᠭᠳᠠᠭᠤᠨᠪᠠᠶᠠᠷ᠂ ᠲᠤᠶᠠᠭ᠎ᠠ ᠂ ᠳ᠂ ᠣᠶᠤᠨᠪᠢᠯᠢᠭ᠌
   ᠦᠰᠦᠭ ᠬᠢᠨᠠᠭᠴᠢ᠄ ᠣᠳᠬᠠᠨᠰᠣ᠎ᠠ᠂ ᠪᠠᠶᠠᠨᠰᠡᠷᠡᠩ