ᠳᠥᠷᠪᠡ᠂ ᠵᠢᠮ᠎ᠡ( ᠨᠠᠰᠤ) ᠪᠣᠯ ᠹᠢᠯᠣᠰᠣᠹᠢ ᠮᠥᠨ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу
ᠳᠥᠷᠪᠡ᠂ ᠵᠢᠮ᠎ᠡ( ᠨᠠᠰᠤ) ᠪᠣᠯ ᠹᠢᠯᠣᠰᠣᠹᠢ ᠮᠥᠨ
ᠰᠢᠨᠵᠢᠯᠡᠬᠦ ᠤᠬᠠᠭᠠᠨ ᠤ᠋ ᠬᠥᠭᠵᠢᠯ ᠲᠤᠬᠠᠢᠯᠠᠪᠠᠯ ᠹᠢᠽᠢᠺ ᠦ᠋ᠨ ᠰᠠᠯᠪᠤᠷᠢ ᠶ᠋ᠢᠨ ᠣᠨᠣᠯ ᠤ᠋ᠳ ᠨᠢᠶᠥ᠋ᠲ᠋ᠦᠨ ᠦ᠌ ᠬᠥᠳᠡᠯᠭᠡᠭᠡᠨ ᠦ᠌ ᠬᠠᠤᠯᠢ ᠨᠤᠭᠤᠳ᠂ ᠶᠢᠷᠲᠢᠨᠴᠦ ᠶ᠋ᠢᠨ ᠲᠠᠲᠠᠯᠴᠠᠯ ᠤ᠋ᠨ ᠬᠠᠤᠯᠢ᠂ ᠺᠸᠫᠯᠸᠷ ᠦ᠋ᠨ ᠬᠠᠤᠯᠢ ᠨᠤᠭᠤᠳ᠂ ᠺᠢᠨᠧᠲ᠋ᠢᠺ ᠣᠨᠣᠯ᠂ ᠠᠮᠫᠧᠷ ᠦ᠋ᠨ ᠬᠠᠤᠯᠢ᠂ ᠹᠠᠷᠠᠳ᠌ᠸᠢ ᠶ᠋ᠢᠨ ᠬᠠᠤᠯᠢ᠂ ᠺᠤᠯᠤᠨ ᠤ᠋ ᠬᠠᠤᠯᠢ᠂ ᠴᠠᠬᠢᠯᠭᠠᠨ ᠤ᠋ ᠣᠨᠣᠯ᠂ ᠠᠢᠨᠰᠲ᠋ᠧᠨ ᠦ᠌ ᠬᠠᠷᠢᠴᠠᠩᠭᠤᠢ ᠶ᠋ᠢᠨ ᠣᠨᠣᠯ᠂ ᠡᠭᠡᠯ ᠪᠥᠭᠡᠮᠡᠰ ᠦ᠋ᠨ ᠣᠨᠣᠯ ᠰᠤᠳᠤᠯᠭ᠎ᠠ ᠠᠯᠢ ᠨᠢ ᠴᠦ᠍ ᠠᠮᠢᠨ ᠤ᠋ ᠪᠤᠰᠤ ᠪᠣᠳᠠᠰ ᠤ᠋ᠨ ᠣᠨᠣᠯ ᠬᠠᠤᠯᠢ ᠨᠤᠭᠤᠳ ᠶᠤᠮ᠃ ᠡᠨᠡᠴᠢᠯᠡᠨ ᠹᠢᠤᠯᠤᠬᠢ ᠶ᠋ᠢᠨ ᠰᠠᠯᠪᠤᠷᠢ ᠶ᠋ᠢᠨ ᠣᠯᠠᠨ ᠠᠷᠪᠢᠨ ᠰᠢᠨᠵᠢᠯᠡᠬᠦ ᠤᠬᠠᠭᠠᠨ ᠪᠣᠢ ᠪᠣᠯᠵᠤ ᠰᠢᠨ᠎ᠡ ᠰᠢᠨ᠎ᠡ ᠨᠡᠭᠡᠭᠡᠯᠲᠡ ᠣᠨᠣᠯ ᠪᠦᠲᠦᠭᠡᠯ ᠦ᠋ᠳ ᠭᠠᠷᠤᠭᠰᠠᠭᠠᠷ ᠪᠠᠢᠭ᠎ᠠ ᠪᠣᠯᠪᠠᠴᠤ ᠠᠮᠢ ᠶ᠋ᠢ ᠬᠠᠢᠬᠤᠷᠤᠭᠠ ᠦᠭᠡᠢ ᠬᠡᠪ ᠢ᠋ᠶ᠋ᠡᠷ ᠢ᠋ᠶ᠋ᠡᠨ ᠪᠠᠢᠨ᠎ᠠ᠃ ᠭᠡᠪᠡᠴᠦ ᠥᠨᠥ ᠶ᠋ᠢᠨ ᠭᠠᠢᠬᠠᠮᠰᠢᠭᠲᠤ ᠰᠤᠯᠠᠷᠠᠭᠰᠠᠨ ᠴᠠᠭ ᠰᠢᠭ᠋ ᠪᠣᠯᠵᠠᠢ᠃ ᠭᠡᠪᠡᠴᠦ《ᠠᠮᠢᠨ》 ᠰᠤᠳᠤᠯᠭ᠎ᠠ ᠶ᠋ᠢ ᠬᠥᠭᠵᠢᠭᠦᠯᠦᠶ᠎ᠡ ᠭᠡᠲᠡᠯ᠎ᠡ ᠬᠥᠮᠦᠨ ᠲᠥᠷᠥᠯᠬᠢᠲᠡᠨ ᠦ᠌ ᠡᠨᠡ ᠴᠢᠭᠯᠡᠯ ᠮᠡᠳᠡᠯᠭᠡ ᠬᠦᠢ ᠨᠢᠭᠡᠳᠦᠯ ᠦ᠋ᠨ ᠦᠶᠡᠷ ᠡᠴᠡ ᠪᠠᠢᠭ᠎ᠠ ᠨᠢ ᠬᠠᠷᠠᠮᠰᠠᠯ ᠲᠠᠢ᠃ ᠠᠮᠢᠨ ᠤ᠋ ᠲᠤᠯᠠ ᠪᠠᠷᠢᠭᠰᠠᠨ ᠪᠠᠭᠠᠵᠢ ᠭᠡᠪᠡᠯ ᠴᠢᠯᠠᠭᠤᠨ ᠵᠡᠪᠰᠡᠭ ᠦ᠋ᠨ ᠬᠡᠮᠵᠢᠶᠡᠨ ᠦ᠌ ᠬᠥᠭᠵᠢᠯ ᠲᠡᠢ ᠠᠢᠳᠠᠰ ᠯᠠ ᠪᠠᠢᠭ᠎ᠠ ᠠᠵᠠᠢ᠃ ᠲᠡᠷᠡ ᠠᠢᠳᠠᠰ ᠥᠨᠥᠳᠥᠷ ᠲᠡᠭᠡᠨ ᠮᠠᠲ᠋ᠧᠷᠢ ᠪᠦᠬᠦᠨ ᠦ᠌ ᠠᠮᠢ ᠶ᠋ᠢ ᠬᠠᠢᠷᠠᠯᠠᠨ᠂ ᠣᠶᠤᠨ ᠤᠬᠠᠮᠰᠠᠷ ᠤ᠋ᠨ ᠢ᠋ᠶ᠋ᠠᠨ ᠰᠡᠳᠬᠢᠯᠭᠡ ᠶ᠋ᠢ ᠭᠤᠷᠪᠠᠯ ᠪᠣᠯᠭ᠎ᠠ ᠭᠡᠵᠦ ᠲᠦᠭᠰᠢᠭᠦᠷᠢᠯᠡᠵᠦ ᠪᠠᠢᠨ᠎ᠠ᠃ ᠡᠨᠡ ᠬᠦ᠌ ᠹᠢᠯᠣᠰᠣᠹᠢ ᠰᠠᠨᠠᠭᠠᠨ ᠤ᠋ ᠡᠭᠦᠰᠦᠯ ᠠᠳᠠᠭᠯᠠᠭᠠᠳ ᠠᠮᠢᠨ ᠤ᠋ ᠨᠠᠰᠤ ᠵᠢᠮ᠎ᠡ ᠶ᠋ᠢ ᠡᠷᠭᠢᠴᠡᠭᠦᠯᠬᠦ ᠳ᠋ᠦ᠍ ᠬᠦᠷᠭᠡᠨ᠎ᠡ᠃ ᠥᠭᠡᠷ᠎ᠡ ᠪᠡᠷ ᠬᠡᠯᠡᠪᠡᠯ ᠯᠠᠪ ᠯᠠ ᠴᠡᠷᠢᠭ᠂ ᠲᠡᠢᠨ᠂ ᠬᠣᠣᠷ᠂ ᠵᠡᠪᠰᠡᠭ᠂ ᠠᠯᠠᠭᠤᠷᠴᠢᠨ ᠭᠡᠬᠦ ᠮᠡᠲᠦ ᠶᠠᠭᠤᠮ᠎ᠠ ᠦᠭᠡᠢ ᠪᠣᠯᠤᠨ᠎ᠠ ᠭᠡᠰᠡᠨ ᠲᠣᠢᠮᠣ ᠲᠥᠷᠥᠵᠦ ᠡᠪᠡᠳᠴᠢᠨ ᠥᠯᠥᠰᠬᠦᠯᠡᠩ᠂ ᠡᠺᠣᠯᠣᠭᠢ ᠶ᠋ᠢᠨ ᠰᠦᠢᠷᠡᠯ ᠦ᠋ᠨ ᠡᠰᠡᠷᠭᠦ ᠬᠠᠮᠤᠭ ᠲᠥᠰᠥᠪ ᠮᠥᠩᠭᠥ ᠤᠷᠤᠰᠬᠤ ᠬᠥᠭᠵᠢᠯ ᠦ᠋ᠨ《ᠪᠦᠳᠦᠭᠦᠯᠢᠭ》 ᠦᠨᠳᠦᠰᠦ ᠲᠠᠯᠪᠢᠭᠳᠠᠬᠤ ᠪᠣᠯᠪᠠ ᠤᠤ᠃ ᠪᠢᠳᠡ ᠢᠷᠡᠭᠡᠳᠦᠢ ᠶ᠋ᠢᠨ ᠰᠠᠶ᠎ᠠ ᠰᠠᠶ᠎ᠠ ᠵᠢᠯ ᠦ᠋ᠨ ᠡᠮᠦᠨ᠎ᠡ ᠠᠵᠤ ᠲᠥᠷᠥᠵᠦ ᠪᠠᠢᠭ᠎ᠠ ᠪᠦᠳᠦᠭᠦᠯᠢᠭ ᠦ᠋ᠳ᠂ ᠠᠮᠢᠨ ᠬᠥᠭᠵᠢᠯ ᠢ᠋ ᠲᠥᠰᠦᠭᠡᠯᠡᠬᠦ ᠭᠡᠵᠦ ᠶᠠᠳᠠᠵᠤ ᠪᠠᠢᠭ᠎ᠠ ᠬᠦᠢ ᠨᠢᠭᠡᠳᠦᠯ ᠦ᠋ᠨ ᠬᠢᠨ᠃
ᠡᠢᠮᠦ ᠳ᠋ᠦ᠍ ᠠᠬᠤᠢ ᠤᠬᠠᠮᠰᠠᠷ ᠤ᠋ᠨ ᠠᠩᠬᠠᠳᠠᠭᠴᠢ ᠶ᠋ᠢᠨ ᠰᠡᠳᠦᠪ ᠢ᠋ ᠲᠣᠭᠣᠷᠢᠵᠤ ᠲᠥᠭᠡᠷᠢᠬᠦ ᠪᠤᠰᠤ᠂《ᠠᠮᠢ᠂ ᠠᠬᠤᠢ᠂ ᠤᠬᠠᠮᠰᠠᠷ》 ᠤ᠋ᠨ ᠵᠢᠮ᠎ᠡ ᠰᠢᠲᠦᠯᠴᠡᠭᠡ ᠶ᠋ᠢ ᠰᠤᠳᠤᠯᠬᠤ ᠠᠰᠠᠭᠤᠳᠠᠯ ᠹᠢᠯᠣᠰᠣᠹᠢ ᠮᠥᠨ ᠭᠡᠳᠡᠭ ᠲᠦ᠍ ᠢᠲᠡᠭᠡᠵᠡᠭᠡᠶᠡ᠃
ᠠᠮᠢ ᠶ᠋ᠢ ᠤᠬᠠᠮᠰᠠᠷ ᠨᠢ ᠬᠣᠣᠷᠯᠠᠨ ᠬᠥᠨᠥᠭᠡᠵᠦ ᠪᠣᠯᠤᠨ᠎ᠠ(ᠪᠣᠭᠣᠵᠤ ᠦᠬᠦᠬᠦ᠂ ᠬᠣᠣᠷ ᠤᠤᠭᠤᠬᠤ᠂ ᠪᠡᠶ᠎ᠡ ᠪᠡᠨ ᠫᠤᠤᠳᠠᠬᠤ᠂ ᠦᠵᠡᠯ ᠳ᠋ᠡᠭᠡᠨ ᠢᠲᠡᠭᠡᠵᠦ ᠠᠮᠢ ᠪᠡᠶ᠎ᠡ ᠪᠡᠨ ᠵᠣᠯᠢᠶᠠᠰᠤᠯᠠᠬᠤ)᠃ ᠡᠮᠭᠡᠨᠢᠯ ᠲᠡᠢ ᠨᠢ ᠠᠮᠢᠨ ᠠ᠋ᠴᠠ ᠴᠢᠬᠤᠯᠠ ᠦᠢᠯᠡᠰ ᠪᠠᠢᠬᠤ ᠦᠭᠡᠢ᠃ ᠳᠠᠢᠰᠤᠨ ᠤ᠋ ᠪᠠᠨ ᠡᠮᠦᠨ᠎ᠡ ᠪᠢ ᠺᠣᠮᠮᠤᠨᠢᠰᠲ ᠬᠥᠮᠦᠨ ᠭᠡᠬᠦ ᠶᠦᠮ ᠤᠤ᠂ ᠡᠰᠡᠪᠡᠯ ᠡᠬᠡ ᠣᠷᠣᠨ ᠮᠠᠨᠳᠤᠲᠤᠭᠠᠢ! ᠭᠡᠮᠡᠨ ᠪᠠᠭᠠᠲᠤᠷᠯᠢᠭ ᠢ᠋ᠶ᠋ᠠᠷ ᠨᠠᠰᠤ ᠪᠠᠷᠠᠭᠰᠠᠨ ᠭᠡᠳᠡᠭ ᠨᠢ《ᠲᠡᠨᠡᠭᠯᠡᠭᠰᠡᠭᠡᠷ ᠨᠠᠰᠤ ᠪᠠᠷᠠᠭᠰᠠᠨ》 ᠭᠡᠰᠡᠨ ᠤᠳᠬ᠎ᠠ ᠶ᠋ᠢ ᠢᠯᠡᠭᠦᠦ ᠢᠯᠡᠷᠬᠡᠢᠯᠡᠨ᠎ᠡ᠃ ᠥᠪᠡᠷ ᠢ᠋ᠶ᠋ᠡᠨ ᠶᠦᠮ ᠤᠤ ᠥᠷᠥᠭᠡᠯ ᠢ᠋ ᠦᠬᠦᠭᠦᠯᠵᠦ ᠢᠯᠠᠯᠲᠠ ᠪᠠᠢᠭᠤᠯᠤᠨ᠎ᠠ ᠭᠡᠳᠡᠭ ᠲᠡᠢᠮᠦ ᠠᠷᠪᠢᠨ ᠯᠠ ᠠᠵᠢᠯ ᠶᠤᠮ᠃
ᠠᠮᠢ ᠪᠠᠨ ᠶᠠᠭᠠᠬᠢᠵᠤ ᠬᠢᠭᠡᠳ ᠠᠪᠴᠤ ᠭᠠᠷᠤᠭᠰᠠᠨ᠂ ᠦᠵᠡᠯ ᠰᠠᠨᠠᠭ᠎ᠠ᠂ ᠪᠡᠶ᠎ᠡ ᠬᠣᠶᠠᠷ ᠢ᠋ᠶ᠋ᠠᠨ ᠠᠪᠤᠷᠠᠵᠤ ᠭᠠᠷᠴᠤ ᠴᠢᠳᠠᠭᠰᠠᠨ ᠡᠨᠡ ᠯᠡ ᠲᠣᠬᠢᠶᠠᠯᠳᠤᠯ ᠰᠠᠶᠢ ᠪᠠᠭᠠᠲᠤᠷᠯᠢᠭ ᠪᠣᠯᠤᠨ᠎ᠠ᠃ ᠠᠮᠢ ᠶ᠋ᠢ ᠪᠠᠰᠠ ᠠᠬᠤᠢ ᠨᠢ(ᠶᠠᠳᠠᠭᠤᠷᠠᠯ᠂ ᠡᠪᠡᠳᠴᠢᠯᠡᠯ᠂ ᠣᠰᠣᠯᠳᠠᠬᠤ᠂ ᠣᠰᠤᠭᠤᠬᠤ᠂ ᠥᠯᠪᠡᠷᠬᠦ) ᠬᠥᠨᠥᠭᠡᠵᠦ ᠪᠣᠯᠤᠨ᠎ᠠ᠃ ᠭᠡᠪᠡᠴᠦ ᠠᠬᠤᠢ ᠶ᠋ᠢ ᠪᠦᠷᠢᠯᠳᠦᠭᠦᠯᠬᠦ ᠳ᠋ᠦ᠍ ᠣᠶᠤᠨ ᠤ᠋ ᠪᠣᠯᠤᠭᠠᠳ ᠪᠡᠶ᠎ᠡ ᠶ᠋ᠢᠨ ᠳᠣᠷᠣᠢ ᠪᠠᠢᠳᠠᠯ᠂ ᠨᠡᠢᠭᠡᠮ ᠦ᠋ᠨ ᠪᠣᠯᠤᠨ ᠲᠥᠷᠥ ᠶ᠋ᠢᠨ ᠦᠬᠦᠮᠡᠯ ᠪᠣᠳᠣᠯᠭ᠎ᠠ ᠨᠥᠯᠥᠭᠡᠯᠡᠭᠰᠡᠨ ᠪᠠᠢᠵᠤ ᠪᠣᠯᠤᠨ᠎ᠠ᠃
ᠭᠡᠲᠡᠯ᠎ᠡ ᠠᠮᠢ ᠶ᠋ᠢ ᠤᠬᠠᠮᠰᠠᠷ ᠠᠪᠤᠷᠠᠵᠤ ᠪᠣᠯᠤᠨ᠎ᠠ᠃ ᠬᠥᠯᠳᠡᠵᠦ ᠦᠬᠦᠬᠦ ᠦᠭᠡᠢ ᠶ᠋ᠢᠨ ᠲᠤᠯᠠᠳᠠ ᠴᠠᠰᠤ ᠤᠬᠤᠬᠤ᠂ ᠭᠠᠯ ᠭᠠᠷᠭᠠᠬᠤ᠂ ᠦᠵᠡᠯ ᠢ᠋ᠶ᠋ᠡᠨ ᠪᠤᠷᠤᠭᠤᠳᠬᠠᠵᠤ ᠳᠠᠢᠰᠤᠨ ᠡᠲᠡᠭᠡᠳ ᠲᠡᠭᠡᠨ ᠪᠠᠭᠤᠯᠲᠠ ᠬᠢᠬᠦ᠁ ᠵᠡᠷᠭᠡ᠃ ᠠᠮᠢ ᠶ᠋ᠢ ᠪᠠᠰᠠ ᠠᠬᠤᠢ ᠠᠪᠤᠷᠠᠵᠤ ᠪᠣᠯᠤᠨ᠎ᠠ᠃ ᠴᠠᠩᠭᠠᠵᠤ ᠦᠬᠦᠬᠦ ᠭᠡᠵᠦ ᠪᠠᠢᠲᠠᠯ᠎ᠠ ᠨᠢᠷᠤᠭᠤᠨ ᠳᠡᠭᠡᠷ᠎ᠡ ᠠᠭᠠᠳᠠᠷ ᠠᠰᠬᠠᠷᠠᠵᠤ ᠪᠣᠯᠤᠨ᠎ᠠ᠃ ᠡᠨᠡ ᠪᠦᠬᠦᠨ ᠦ᠌ ᠬᠣᠯᠪᠣᠭ᠎ᠠ ᠡᠷᠭᠢᠭᠡᠳ ᠲᠠᠰᠤ ᠥᠭᠡᠷ᠎ᠡ ᠪᠡᠷ ᠬᠤᠪᠢᠷᠠᠬᠤ ᠲᠣᠬᠢᠶᠠᠯᠳᠤᠯ ᠴᠤ᠌ ᠬᠢᠵᠠᠭᠠᠷ ᠦᠭᠡᠢ᠃ ᠠᠮᠢ ᠪᠠᠨ ᠬᠣᠣᠷᠯᠠᠬᠤ ᠣᠶᠤᠨ ᠪᠡᠶ᠎ᠡ ᠶ᠋ᠢᠨ ᠢᠳᠬᠠᠯᠭ᠎ᠠ ᠨᠢ ᠠᠬᠤᠢ ᠲᠠᠢ ᠬᠣᠯᠪᠣᠭ᠎ᠠ ᠲᠠᠢ ᠪᠠᠢᠭᠠᠳ ᠶᠠᠳᠠᠬᠤ ᠳ᠋ᠠᠭᠠᠨ ᠭᠤᠲᠤᠷᠠᠵᠤ ᠴᠥᠬᠥᠷᠡᠵᠦ ᠣᠯᠣᠰᠣ ᠬᠣᠭᠣᠯᠠᠢ ᠳ᠋ᠠᠭᠠᠨ ᠤᠭᠯᠠᠨ ᠳᠡᠭᠦᠵᠢᠯᠡᠲᠡᠯᠡ ᠬᠡᠨ ᠨᠢ ᠴᠦ᠍ ᠶᠦᠮ ᠲᠡᠷᠪᠤᠮ ᠲᠥᠭᠥᠷᠢᠭ ᠦ᠋ᠨ ᠭᠡᠷᠢᠶᠡᠰᠦᠯᠡᠯ ᠪᠠᠷᠢᠭᠠᠳ ᠭᠦᠶᠦᠵᠦ ᠢᠷᠡᠬᠦ ᠳ᠋ᠦ᠍ ᠮᠥᠩᠬᠡᠷᠡᠬᠦ ᠲᠤᠬᠠᠢ ᠮᠥᠷᠥᠭᠡᠳᠦᠯ ᠡᠬᠢᠯᠡᠵᠦ ᠪᠣᠯᠬᠤ ᠶᠤᠮ ᠰᠢᠦ᠃᠃ ᠭᠠᠢᠬᠠᠮᠰᠢᠭᠲᠤ ᠠᠮᠢᠳᠤᠷᠠᠯ ᠤ᠋ᠨ ᠪᠣᠯᠤᠮᠵᠢ ᠰᠢᠨᠤᠯ ᠪᠤᠴᠠᠯᠤᠭᠰᠠᠨ ᠡᠨᠡ ᠭᠱᠠᠨ ᠳ᠋ᠤ᠌ ᠠᠮᠢ ᠬᠡᠮᠡᠬᠦ ᠦᠯᠦ ᠦᠵᠡᠭᠳᠡᠭᠴᠢ ᠰᠢᠳᠢᠲᠡᠨ ᠠᠬᠤᠢ ᠪᠣᠯᠤᠭᠠᠳ ᠮᠥᠷᠥᠭᠡᠳᠦᠯ ᠢ᠋ᠶ᠋ᠡᠨ ᠰᠥᠨᠥᠭᠡᠵᠦ ᠬᠡᠪ ᠭᠡᠨᠡᠳᠲᠡ᠁ ᠲᠡᠷᠪᠤᠮ ᠲᠥᠭᠥᠷᠢᠭ ᠢ᠋ᠶ᠋ᠡᠷ ᠡᠢᠮᠦ ᠡᠢᠮᠦ ᠶᠠᠭᠤᠮ᠎ᠠ ᠠᠪᠤᠨ᠎ᠠ᠁ ᠳᠠᠭᠤᠷᠢ ᠳ᠋ᠷᠠᠮ᠁ ᠠᠯᠲᠠᠨ ᠬᠥᠰᠢᠶ᠎ᠡ᠁ ᠡᠨᠡ ᠰᠠᠨᠠᠭ᠎ᠠ ᠪᠠᠨ ᠲᠡᠮᠳᠡᠭᠯᠡᠬᠦ ᠭᠡᠳ ᠰᠠᠭᠤᠲᠠᠯ᠎ᠠ ᠠᠮᠢᠰᠬᠤᠯ ᠬᠤᠷᠢᠶᠠᠵᠤ ᠪᠣᠯᠤᠨ᠎ᠠ᠃ ᠪᠦᠬᠦ ᠯᠡ ᠵᠦᠢᠯ ᠡᠭᠦᠰᠦᠯ᠂ ᠲᠦᠷᠦᠯᠲᠡ᠂ ᠦᠬᠦᠯ᠂ ᠮᠥᠬᠥᠯ ᠲᠡᠢ ᠪᠥᠭᠡᠳ ᠡᠳᠡᠭᠡᠷ ᠦ᠋ᠨ ᠬᠣᠭᠣᠷᠣᠨᠳᠣ ᠣᠷᠣᠰᠢᠬᠤ ᠨᠢ ᠠᠮᠢᠳᠤᠷᠠᠯ᠃《ᠨᠠᠰᠤ》 ᠭᠡᠳᠡᠭ ᠣᠢᠯᠠᠭᠠᠯᠲᠠ ᠵᠥᠪᠬᠡᠨ ᠠᠮᠢᠨ ᠤ᠋ ᠲᠣᠭᠠᠯᠠᠭᠤᠷ ᠪᠢᠰᠢ ᠪᠠᠰᠠ ᠠᠬᠤᠢ ᠤᠬᠠᠮᠰᠠᠷ ᠤ᠋ᠨ ᠬᠡᠮᠵᠢᠭᠦᠷ ᠪᠣᠯᠬᠤ ᠶ᠋ᠢᠨ ᠢ᠋ᠶ᠋ᠡᠨ ᠬᠤᠪᠢ ᠳ᠋ᠤ᠌ ᠰᠠᠶᠢ ᠲᠡᠭᠦᠰ ᠹᠢᠯᠣᠰᠣᠹᠢ ᠠᠵᠠᠢ᠃ ᠡᠭᠦᠰᠦᠯ ᠪᠣᠯ ᠬᠥᠳᠡᠯᠭᠡᠭᠡᠨ ᠦ᠌ ᠡᠬᠢᠯᠡᠯ ᠴᠠᠭ ᠲᠡᠷᠡ ᠨᠢ ᠬᠥᠳᠡᠯᠭᠡᠭᠡᠨ ᠦ᠌ ᠶᠠᠪᠤᠴᠠ ᠪᠠᠨ ᠲᠣᠳᠣᠷᠬᠠᠢᠯᠠᠵᠤ ᠳᠡᠭᠡᠳᠦ ᠬᠡᠯᠪᠡᠷᠢ᠂ ᠡᠴᠦᠰ ᠲᠦ ᠪᠠᠢᠭ᠎ᠠ ᠴᠠᠭ ᠤᠷᠤᠭᠤ ᠠᠬᠢᠵᠤ ᠬᠥᠳᠡᠯᠭᠡᠭᠡᠨ ᠦ᠌ ᠡᠴᠦᠰ ᠦ᠋ᠨ ᠴᠠᠭ ᠢ᠋ ᠪᠠᠰᠠ ᠡᠭᠦᠰᠬᠡᠵᠦ ᠪᠠᠢᠭ᠎ᠠ ᠬᠡᠷᠡᠭ᠃ ᠡᠬᠢᠯᠡᠬᠦ ᠴᠠᠭ ᠨᠢ ᠤᠯᠠᠮᠵᠢᠯᠠᠯ ᠤ᠋ᠨ᠂ ᠡᠴᠦᠰ ᠦ᠋ᠨ ᠡᠴᠦᠰ ᠦ᠋ᠨ ᠡᠬᠢᠯᠡᠯ᠂ ᠴᠠᠭ ᠨᠢ ᠰᠢᠨᠡᠴᠢᠯᠡᠯ ᠦ᠋ᠨ ᠡᠬᠢᠨ ᠦ᠌ ᠴᠠᠭ᠃ ᠭᠶᠦᠲ᠋ᠧ ᠪᠢᠪᠯᠢ ᠰᠤᠳᠤᠷ ᠠ᠋ᠴᠠ ᠡᠰᠢ ᠠᠪᠴᠤ《ᠹᠣᠸᠠᠰᠲ᠋》 ᠲᠤ᠌《ᠡᠬᠢᠯᠡᠭᠡᠳ ᠦᠭᠡ ᠡᠭᠦᠰᠦᠭᠰᠡᠨ》 ᠭᠡᠵᠡᠢ᠃ ᠡᠭᠦᠨ ᠢ᠋ ᠢᠳᠢᠶᠠᠯᠢᠰᠲ ᠲᠥᠭᠡᠷᠢᠭᠳᠡᠯ ᠭᠡᠬᠦ ᠳ᠋ᠦ᠍ ᠪᠠᠰᠠ ᠬᠡᠴᠡᠭᠦᠦ᠃《ᠬᠦᠦ ᠲᠡᠢ ᠪᠣᠯᠤᠶ᠎ᠠ》 ᠭᠡᠰᠡᠨ ᠦᠭᠡ ᠳᠣᠬᠢᠶ᠎ᠠ ᠦᠢᠯᠡᠳᠦᠯ ᠳ᠋ᠦ᠍ ᠬᠦᠷᠭᠡᠵᠦ ᠭᠡᠪᠡᠯ᠁ ᠡᠬᠢᠯᠡᠭᠡᠳ ᠦᠭᠡ ᠡᠭᠦᠰᠦᠭᠰᠡᠨ ᠭᠡᠵᠦ ᠨᠤᠲᠠᠯᠠᠬᠤ ᠪᠣᠯᠤᠮᠵᠢ ᠣᠯᠭᠣᠬᠤ ᠰᠠᠨ᠃ ᠭᠡᠪᠡᠴᠦ ᠡᠨᠡ ᠨᠢ ᠶᠠᠮᠠᠷ ᠴᠤ᠌ ᠪᠠᠢᠯ᠎ᠠ ᠭᠡᠰᠡᠨ ᠠᠮᠢᠨ ᠤ᠋ ᠯᠠ ᠦᠢᠯᠡᠳᠦᠯ᠃
—1917 ᠣᠨ ᠤ᠋ ᠣᠺᠲ᠋ᠢᠶᠠᠪᠧᠷ ᠦ᠋ᠨ ᠬᠤᠪᠢᠰᠬᠠᠯ ᠳ᠋ᠤ᠌《ᠦᠵᠡᠯ ᠰᠠᠨᠠᠭᠠᠨ》 ᠤ᠋ ᠬᠥᠰᠢᠭᠦᠷᠬᠡ《ᠢᠯᠠᠯᠲᠠ》 ᠠᠪᠴᠢᠷᠠᠭᠰᠠᠨ᠃
— ᠳᠡᠯᠡᠬᠡᠢ ᠶ᠋ᠢᠨ ᠬᠣᠶᠠᠳᠤᠭᠠᠷ ᠲᠡᠢᠨ ᠢ᠋ ᠷᠸᠢ᠋ᡁᠰᠲ᠋ᠠᠭ ᠲᠤ᠌ ᠡᠴᠦᠰᠯᠡᠬᠦ ᠳ᠋ᠦ᠍ ᠹᠡᠱ᠌ᠢᠽᠮ ᠦ᠋ᠨ《ᠠᠮᠢ》 ᠶ᠋ᠢ ᠭᠡᠰᠬᠡᠨ ᠶᠠᠯᠠᠯᠠᠵᠠᠢ᠃
1990 ᠭᠡᠳ ᠣᠨ ᠳ᠋ᠤ᠌ ᠰᠣᠼᠢᠶᠠᠯᠢᠽᠮ ᠢ᠋ ᠺᠠᠫᠢᠲ᠋ᠠᠯᠢᠽᠮ ᠳᠡᠢᠯᠦᠭᠰᠡᠨ ᠨᠢ《ᠠᠬᠤᠢ》 ᠲᠣᠳᠣᠷᠬᠠᠢᠯᠠᠭᠰᠠᠨ ᠦᠢᠯᠡ ᠬᠡᠷᠡᠭ ᠵᠣᠩᠬᠢᠯᠠᠵᠤ᠂ ᠣᠶᠤᠨ ᠰᠠᠨᠠᠭ᠎ᠠ ᠶ᠋ᠢ ᠤᠷᠤᠭᠤ ᠲᠠᠲᠠᠭᠰᠠᠨ ᠬᠡᠷᠡᠭ᠃ ᠭᠡᠪᠡᠴᠦ ᠡᠳᠡᠭᠡᠷ ᠬᠠᠨᠳᠤᠯᠭ᠎ᠠ ᠪᠦᠷᠢ ᠨᠢ ᠥᠷᠥᠭᠡᠰᠦᠭᠡᠯ ᠪᠣᠯᠬᠤ ᠨᠢ ᠢᠯᠡᠳᠲᠡ ᠲᠤᠯᠠ《ᠦᠨᠡᠨ》 ᠪᠢᠰᠢ ᠶᠦᠮ᠃ ᠣᠺᠲ᠋ᠢᠶᠠᠪᠧᠷ ᠦ᠋ᠨ ᠬᠤᠪᠢᠰᠬᠠᠯ《ᠠᠮᠢ ᠠᠬᠤᠢ》 ᠬᠣᠶᠠᠷ ᠢ᠋ ᠬᠣᠬᠢᠷᠠᠭᠠᠨ ᠦᠵᠡᠯ ᠢᠯᠠᠭᠰᠠᠨ ᠪᠣᠯ ᠬᠣᠶᠠᠳᠤᠭᠠᠷ ᠲᠡᠢᠨ《ᠠᠬᠤᠢ ᠤᠬᠠᠮᠰᠠᠷ》 ᠬᠣᠶᠠᠷ ᠢ᠋ ᠬᠡᠯᠮᠡᠭᠳᠡᠭᠦᠯᠵᠦ᠂《ᠠᠮᠢ》 ᠢᠯᠠᠭᠰᠠᠨ ᠪᠠᠢᠵᠤ ᠪᠣᠯᠤᠨ᠎ᠠ᠃ ᠺᠠᠫᠢᠲ᠋ᠠᠯᠢᠽᠮ ᠰᠣᠼᠢᠶᠠᠯᠢᠽᠮ ᠢ᠋ ᠨᠤᠭᠤᠰᠤᠯᠠᠬᠤ ᠳ᠋ᠠᠭᠠᠨ ᠠᠬᠤᠢ ᠨᠢ ᠤᠬᠠᠮᠰᠠᠷ ᠠᠮᠢ ᠬᠣᠶᠠᠷ ᠢ᠋ ᠭᠤᠲᠤᠭᠠᠨ ᠨᠢᠷᠭᠡᠭᠰᠡᠨ ᠪᠠᠢᠵᠤ ᠪᠣᠯᠤᠨ᠎ᠠ᠃ ᠭᠤᠷᠪᠠᠯ ᠣᠨᠣᠯ ᠤ᠋ᠨ ᠶᠣᠰᠣᠭᠠᠷ ᠪᠣᠯ ᠶᠡᠷᠦ ᠡᠴᠡ ᠪᠡᠨ ᠣᠺᠲ᠋ᠢᠶᠠᠪᠧᠷ ᠦ᠋ᠨ ᠬᠤᠪᠢᠰᠬᠠᠯ ᠢ᠋ ᠥᠳᠥᠭᠡᠬᠦ ᠦᠭᠡᠢ᠂ ᠳᠡᠯᠡᠬᠡᠢ ᠶ᠋ᠢᠨ ᠬᠣᠶᠠᠳᠤᠭᠠᠷ ᠲᠡᠢᠨ ᠢ᠋ ᠳᠡᠭᠳᠡᠭᠡᠬᠦ ᠦᠭᠡᠢ᠂ ᠰᠣᠼᠢᠶᠠᠯᠢᠽᠮ1990— ᠭᠡᠳ ᠣᠨ ᠳ᠋ᠤ᠌ ᠰᠥᠬᠥᠷᠡᠬᠦ ᠦᠭᠡᠢ ᠪᠠᠢᠬᠤ ᠨᠥᠬᠥᠴᠡᠯ ᠪᠣᠯᠤᠮᠵᠢ ᠪᠠᠢᠭᠰᠠᠨ ᠪᠠᠢᠵᠤ ᠲᠠᠭᠠᠷᠠᠨ᠎ᠠ᠃ ᠡᠨᠡᠴᠢᠯᠡᠨ1917 ᠣᠨ ᠳ᠋ᠤ᠌ ᠬᠠᠭᠠᠨᠲᠤ ᠵᠠᠰᠠᠭ᠂1945 ᠣᠨ ᠳ᠋ᠤ᠌ ᠹᠡᠱ᠌ᠢᠰᠲ᠋ ᠭᠧᠷᠮᠠᠨ᠂1990 ᠣᠨ ᠳ᠋ᠤ᠌ ᠺᠣᠮᠮᠤᠢᠨᠢᠰᠲ ᠦᠵᠡᠯ ᠢᠯᠠᠵᠤ ᠪᠣᠯᠬᠤ ᠮᠠᠭᠠᠳᠯᠠᠯ ᠪᠠᠰᠠ ᠲᠦᠭᠡᠮᠡᠯ ᠪᠠᠢᠵᠠᠢ᠃ ᠨᠠᠰᠤ ᠪᠣᠯ ᠵᠢᠮ᠎ᠡ ᠪᠢᠰᠢ᠃ ᠵᠢᠮ᠎ᠡ ᠭᠡᠳᠡᠭ ᠲᠤᠢᠯ ᠤ᠋ᠨ ᠣᠢᠯᠠᠭᠠᠯᠲᠠ᠃ ᠵᠥᠪᠬᠡᠨ ᠥᠨᠥᠳᠥᠷ ᠦ᠋ᠨ《ᠵᠥᠪ᠁ ᠲᠡᠢᠮᠦ》᠂《ᠪᠤᠷᠤᠭᠤ᠁ ᠦᠭᠡᠢ》 ᠭᠡᠮᠡᠨ ᠬᠠᠷᠢᠭᠤᠯᠲᠠ ᠲᠠᠢ《ᠢᠯᠠᠯᠲᠠ᠁ ᠬᠣᠵᠢᠮ᠁ ᠬᠥᠭᠵᠢᠯ》 ᠪᠣᠯ ᠵᠥᠪᠬᠡᠨ ᠥᠨᠥᠳᠥᠷ ᠦ᠋ᠨ《ᠦᠨᠡᠨ》 ᠭᠡᠭᠴᠢ ᠴᠡᠴᠡᠷᠬᠡᠯ ᠶᠦᠮ᠃ ᠸ· ᠢ· ᠯᠧᠨᠢᠨ6 ᠨᠠᠰᠤ ᠲᠠᠢ ᠳ᠋ᠠᠭᠠᠨ ᠬᠢᠵᠢᠭ ᠡᠪᠡᠳᠴᠢᠨ ᠢ᠋ᠶ᠋ᠡᠷ ᠦᠬᠦᠭᠰᠡᠨ ᠪᠣᠯ ᠠ· ᠭᠢᠲ᠋ᠯᠧᠷ19 ᠨᠠᠰᠤ ᠲᠠᠢ ᠳ᠋ᠠᠭᠠᠨ ᠴᠡᠷᠢᠭ ᠲᠦ ᠠᠬᠠᠯᠠᠬᠤ ᠴᠡᠷᠢᠭ ᠲᠦ ᠳᠢᠭᠯᠡᠭᠦᠯᠦᠭᠡᠳ ᠦᠬᠦᠭᠰᠡᠨ ᠪᠣᠯ᠂ ᠮ᠂ ᠰ· ᠭᠤᠷᠪᠠᠴᠶᠦᠸ ᠬᠠᠮᠲᠤᠷᠠᠯ ᠤ᠋ᠨ ᠳᠠᠷᠤᠭ᠎ᠠ ᠠ᠋ᠴᠠ ᠠᠪᠤᠭᠠᠢ ᠶ᠋ᠢᠨ ᠠᠰᠠᠭᠤᠳᠠᠯ ᠢ᠋ᠶ᠋ᠠᠷ ᠬᠥᠭᠡᠭᠡᠭᠳᠡᠭᠰᠡᠨ ᠪᠣᠯ ᠥᠨᠥᠳᠥᠷ ᠳᠡᠯᠡᠬᠡᠢ ᠶ᠋ᠢᠨ ᠶᠢᠷᠲᠢᠨᠴᠦ ᠶᠠᠭᠤ ᠭᠡᠭᠴᠢ ᠢᠯᠠᠯᠲᠠ ᠲᠠᠢ ᠰᠠᠭᠤᠬᠤ ᠪᠠᠢᠭᠰᠠᠨ ᠪᠣᠯ ᠳᠠ᠃ ᠭᠤᠷᠪᠠᠯ ᠣᠨᠣᠯ ᠤ᠋ᠨ ᠢᠷᠡᠭᠡᠳᠦᠢ ᠬᠢᠵᠠᠭᠠᠷ ᠦᠭᠡᠢ ᠴᠦ᠍ ᠶᠠᠭᠤᠮᠠᠰ ᠦᠵᠡᠭᠳᠡᠯ ᠪᠦᠬᠦᠨ ᠨᠠᠰᠤ ᠭᠡᠳᠡᠭ ᠲᠣᠭᠠᠯᠠᠭᠤᠷ ᠲᠠᠢ᠁ ᠵᠢᠮ᠎ᠡ ᠭᠡᠳᠡᠭ ᠬᠢᠵᠠᠭᠠᠷ ᠲᠠᠢ᠃ ᠭᠡᠲᠡᠯ᠎ᠡ ᠨᠠᠰᠤ ᠭᠡᠳᠡᠭ ᠬᠠᠷᠢᠴᠠᠩᠭᠤᠢ᠁ ᠵᠢᠮ᠎ᠡ ᠭᠡᠳᠡᠭ ᠴᠦ᠍ ᠪᠠᠰᠠ ᠯᠠ ᠬᠠᠷᠢᠴᠠᠩᠭᠤᠢ ᠶᠤᠮ ᠪᠢᠯᠡ ᠤᠤ᠃ ᠡᠳᠡᠭᠡᠷ ᠠᠰᠠᠭᠤᠳᠠᠯ ᠤ᠋ᠨ ᠦᠨᠡᠨ ᠬᠠᠷᠢᠭᠤ ᠶ᠋ᠢ4042 ᠣᠨ ᠳ᠋ᠤ᠌340 ᠨᠠᠰᠤ ᠲᠠᠢ ᠵᠠᠯᠠᠭᠤ ᠡᠷᠳᠡᠮᠲᠡᠨ ᠨᠡᠭᠡᠭᠡᠬᠦ ᠴᠤ᠌ ᠶᠤᠮ ᠪᠢᠯᠡ ᠤᠤ᠁ ᠪᠤᠤ ᠮᠡᠳᠡ ᠪᠠᠢᠨ᠎ᠠ᠃
ᠤᠬᠠᠭᠠᠨᠲᠤ ᠬᠥᠮᠦᠨ ᠲᠥᠷᠥᠯᠬᠢᠲᠡᠨ ᠦ᠌ ᠬᠤᠪᠢ ᠵᠠᠶᠠᠭ᠎ᠠ ᠡᠬᠡ ᠶ᠋ᠢᠨ ᠠᠯᠲᠠᠨ ᠬᠡᠪᠡᠯᠢ᠂ ᠠᠩᠭᠢᠷ ᠰᠢᠷ᠎ᠠ ᠤᠭᠤᠷᠠᠭ᠂ ᠠᠷᠢᠭᠤᠨ ᠡᠯᠪᠡᠷᠢᠯ᠂ ᠬᠠᠢᠷ᠎ᠠ ᠠ᠋ᠴᠠ ᠤᠶᠠᠭ᠎ᠠ ᠲᠠᠢ ᠪᠢᠯᠡ᠃ ᠡᠨᠡ ᠨᠢ ᠥᠪᠡᠷ ᠲᠦ᠍ ᠡᠬᠡ ᠶ᠋ᠢᠨ ᠠᠴᠢ᠂ ᠦᠷ᠎ᠡ ᠶ᠋ᠢᠨ ᠡᠬᠡ᠂ ᠬᠠᠨᠢ ᠶ᠋ᠢᠨ ᠠᠴᠢ᠂ ᠦᠷ᠎ᠡ ᠶ᠋ᠢᠨ ᠬᠠᠨ᠂ ᠪᠡᠷᠢ ᠶ᠋ᠢᠨ ᠠᠴᠢ ᠭᠤᠷᠪᠠᠯ ᠶᠤᠮ᠃ ᠡᠷ᠎ᠡ ᠬᠥᠮᠦᠨ ᠦ᠌ ᠨᠠᠰᠤᠨ ᠤ᠋ ᠹᠢᠯᠣᠰᠣᠹᠢ ᠡᠨᠡ ᠠᠵᠠᠢ᠃ ᠡᠢᠮᠦ ᠤᠴᠢᠷ ᠮᠣᠩᠭᠣᠯ ᠠᠷᠠᠳ ᠤ᠋ᠨ ᠪᠣᠯᠤᠨ ᠤᠷᠲᠤ ᠶ᠋ᠢᠨ ᠤᠶᠠᠩᠭᠠᠲᠤ ᠳᠠᠭᠤᠤ ᠨᠤᠭᠤᠳ ᠡᠨᠡ ᠯᠡ ᠹᠢᠯᠣᠰᠣᠹᠢ ᠶ᠋ᠢ ᠦᠶ᠎ᠡ ᠡᠴᠡ ᠦᠶ᠎ᠡ ᠳ᠋ᠦ᠍ ᠵᠢᠷᠦᠬᠡᠨ ᠡᠴᠡ ᠵᠢᠷᠦᠬᠡᠨ ᠳ᠋ᠦ᠍ ᠳᠠᠮᠵᠢᠭᠤᠯᠳᠠᠭ ᠪᠠᠢᠵᠠᠢ᠃ ᠡᠨᠡ ᠯᠡ ᠰᠡᠳᠬᠢᠯ ᠡᠮᠡᠭᠲᠡᠢᠴᠦᠳ ᠢ᠋ ᠦᠯᠦ ᠢᠯᠭᠠᠪᠤᠷᠢᠯᠠᠬᠤ ᠭᠦᠨ ᠤᠬᠠᠭᠠᠨ ᠤ᠋ ᠦᠨᠡᠮᠰᠢᠯ ᠢ᠋ ᠬᠡᠪᠰᠢᠭᠦᠯᠵᠦ ᠬᠡᠪ ᠶᠣᠰᠣ᠂ ᠬᠠᠤᠯᠢ ᠴᠠᠭᠠᠵᠠ ᠪᠠᠷ ᠢ᠋ᠶ᠋ᠠᠨ ᠬᠠᠮᠠᠭᠠᠯᠠᠵᠤ ᠢᠷᠡᠭᠰᠡᠨ ᠮᠣᠩᠭᠣᠯ ᠤ᠋ᠨ ᠥᠪᠡᠷᠮᠢᠴᠡ ᠣᠨᠴᠠᠯᠢᠭ ᠢ᠋ ᠳᠠᠷᠬᠠᠯᠠᠵᠠᠢ᠃ ᠭᠤᠷᠪᠠᠯ ᠣᠨᠣᠯ ᠤ᠋ᠨ《ᠡᠴᠢᠭᠡ ᠡᠬᠡ ᠦᠷ᠎ᠡ》 ᠭᠤᠷᠪᠠᠨ ᠬᠡᠯᠬᠢᠶᠡᠨ ᠦ᠌ ᠪᠣᠳᠠᠲᠤ ᠪᠠᠢᠳᠠᠯ ᠡᠨᠡ ᠶᠦᠮ᠃
ᠭᠤᠸ᠎ᠠ ᠮᠠᠷᠠᠯ᠂ ᠮᠣᠩᠭᠣᠯᠵᠢᠨ᠂ ᠠᠯᠤᠩᠭᠤᠸ᠎ᠠ᠂ ᠥᠭᠡᠯᠦᠨ᠂ ᠪᠥᠷᠲᠡ᠂ ᠶᠢᠰᠦᠢ᠂ ᠰᠤᠷᠬᠠᠭᠲᠠᠨᠢ᠂ ᠳ᠋ᠥ᠋ᠷᠭᠡᠨᠡ᠁ ᠮᠠᠨᠳᠤᠬᠠᠢ ᠭᠡᠳ ᠣᠯᠠᠨ ᠬᠠᠲᠤᠳ ᠤ᠋ᠨ ᠭᠠᠪᠢᠶ᠎ᠠ ᠲᠡᠦᠬᠡᠨ᠎ᠡ ᠥᠩᠭᠡᠷᠡᠭᠰᠡᠨ ᠨᠢ ᠶᠠᠭᠠᠬᠢᠬᠤ ᠠᠷᠭ᠎ᠠ ᠦᠭᠡᠢ ᠮᠣᠩᠭᠣᠯ ᠹᠢᠯᠣᠰᠣᠹᠢ ᠶ᠋ᠢᠨ ᠪᠤᠶᠠᠨ ᠪᠣᠯᠤᠨ᠎ᠠ᠃ ᠡᠨᠡ ᠨᠢ ᠤᠬᠠᠭᠠᠨ ᠳ᠋ᠤ᠌ ᠰᠠᠭᠤᠷᠢᠯᠠᠭᠰᠠᠨ ᠠ᠋ᠴᠠ《ᠶᠡᠬᠡ ᠴᠠᠭᠠᠵᠠ》 ᠬᠢᠭᠡᠳ ᠬᠣᠵᠢᠮ ᠤ᠋ᠨ ᠬᠠᠤᠯᠢ ᠨᠤᠭᠤᠳ ᠡᠮᠡᠭᠲᠡᠢᠴᠦᠳ ᠦ᠋ᠨ ᠡᠷᠬᠡ ᠶ᠋ᠢ ᠪᠠᠲᠤᠯᠠᠨ ᠬᠠᠮᠠᠭᠠᠯᠠᠵᠤ《ᠬᠥᠨᠵᠢᠯᠡ ᠶ᠋ᠢᠨ ᠦᠵᠦᠭᠦᠷ ᠡᠴᠡ ᠲᠠᠲᠠᠬᠤ》 ᠠᠬᠤᠯ᠎ᠠ ᠴᠡᠭᠡᠷᠯᠡᠯ ᠳ᠋ᠦ᠍ ᠬᠦᠷᠬᠦ ᠠᠷᠢᠭᠤᠨ ᠳ᠋ᠤ᠌ ᠲᠣᠭᠠᠴᠢᠵᠠᠢ᠃ ᠬᠠᠭᠠᠨ ᠪᠣᠯᠤᠭᠰᠠᠨ ᠴᠤ᠌ ᠡᠵᠢ ᠡᠴᠡ ᠪᠡᠨ ᠡᠮᠢᠶᠡᠨ ᠢᠴᠢᠩᠭᠦᠷᠡᠵᠦ ᠠᠭᠰᠠᠨ ᠡᠵᠡᠨ ᠴᠢᠩᠭᠢᠰ ᠬᠠᠮᠤᠭ ᠤ᠋ᠨ ᠰᠡᠭᠦᠯᠴᠢ ᠶ᠋ᠢᠨ ᠠᠶᠠᠨ ᠲᠡᠢᠨ ᠳ᠋ᠦ᠍ ᠭᠡᠷᠭᠡᠢ ᠶᠢᠰᠦᠢ ᠶ᠋ᠢᠨ ᠢ᠋ᠶ᠋ᠡᠨ ᠮᠡᠷᠭᠡᠨ ᠤᠬᠠᠭᠠᠨ ᠳ᠋ᠤ᠌ ᠪᠢᠰᠢᠷᠡᠵᠦ ᠬᠥᠮᠦᠨ ᠦ᠌ ᠨᠤᠲᠤᠭ ᠲᠤ᠌ ᠴᠤ᠌ ᠬᠠᠨᠢ ᠶ᠋ᠢᠨ ᠬᠠᠯᠠᠮᠵᠢ ᠳᠤᠮᠳᠠ ᠬᠠᠯᠢᠭᠰᠠᠨ ᠪᠢᠯᠡ᠃ ᠲᠡᠷᠡ ᠪᠡᠷ ᠡᠮᠡᠭᠲᠡᠢ ᠬᠥᠮᠦᠨ ᠳ᠋ᠦ᠍《ᠲᠥᠷᠥ᠂ ᠨᠡᠷ᠎ᠡ᠂ ᠡᠷ᠎ᠡ》 ᠭᠤᠷᠪᠠᠨ ᠡᠷᠬᠢᠮ ᠪᠠᠢᠬᠤ ᠶᠣᠰᠣᠲᠠᠢ ᠶ᠋ᠢ ᠨᠣᠮᠯᠠᠵᠠᠢ᠃ ᠡᠮᠡᠭᠲᠡᠢ ᠬᠥᠮᠦᠨ ᠳ᠋ᠦ᠍ ᠰᠢᠲᠦᠭᠡᠨ ᠲᠠᠬᠢᠯᠭ᠎ᠠ ᠶ᠋ᠢᠨ ᠵᠢᠷᠤᠮ ᠤ᠋ᠨ ᠳᠠᠷᠬᠠᠨ ᠡᠷᠬᠡ ᠢᠯᠡᠭᠦᠦ ᠶᠡᠬᠡ ᠪᠣᠢ ᠨᠢ ᠭᠠᠮᠰᠢᠭ ᠶᠤᠮ᠃᠃ ᠬᠥᠮᠦᠨ ᠦ᠌ ᠨᠠᠰᠤᠨ ᠤ᠋ ᠲᠤᠬᠠᠢ ᠭᠤᠷᠪᠠᠯ ᠣᠨᠣᠯ ᠳ᠋ᠠᠬᠢ ᠭᠦᠨ ᠤᠬᠠᠭᠠᠨ ᠤ᠋ ᠤᠳᠬ᠎ᠠ ᠨᠢ ᠬᠠᠢᠷ᠎ᠠ᠂ ᠡᠬᠡ ᠶ᠋ᠢᠨ ᠬᠠᠢᠷ᠎ᠠ᠂ ᠡᠨᠡ ᠬᠠᠢᠷ᠎ᠠ ᠠ᠋ᠴᠠ ᠤᠷᠭᠤᠬᠤ ᠨᠢᠩᠵᠢᠨ ᠰᠡᠳᠬᠢᠯ ᠦ᠋ᠨ ᠪᠤᠶᠠᠨ᠂ ᠠᠮᠢᠨ ᠬᠠᠢᠷ᠎ᠠ ᠠᠪᠠᠢ᠃ ᠡᠢᠮᠦ ᠶ᠋ᠢᠨ ᠤᠴᠢᠷ ᠮᠣᠩᠭᠣᠯ ᠡᠬᠡᠴᠦᠳ ᠦᠷ᠎ᠡ ᠪᠡᠨ ᠪᠤᠤ ᠠᠶᠠᠯᠵᠤ(ᠪᠤᠤ ᠠᠶᠤ ᠪᠤᠶᠤ ᠪᠦᠪᠡᠢ) ᠶᠤᠮᠰᠠᠨᠵᠠᠢ᠃ ᠡᠴᠢᠭᠡ ᠬᠥᠮᠦᠨ ᠴᠦ᠍ ᠡᠬᠡ ᠶ᠋ᠢᠨ ᠦᠷ᠎ᠡ ᠲᠤᠯᠠ ᠨᠠᠰᠤᠨ ᠤ᠋ ᠤᠴᠢᠷ ᠬᠣᠯᠪᠣᠭᠳᠠᠯ ᠡᠬᠡ ᠬᠥᠮᠦᠨ ᠪᠣᠯᠠᠢ᠃ ᠡᠬᠡ ᠬᠥᠮᠦᠨ ᠰᠠᠮᠠᠭᠤᠨ ᠠᠬᠤᠯ᠎ᠠ ᠠᠢᠯ ᠭᠡᠷ᠂ ᠠᠮᠢ ᠪᠡᠶ᠎ᠡ᠂ ᠠᠬᠤ ᠲᠥᠷᠥ ᠪᠦᠭᠦᠳᠡ ᠰᠠᠮᠠᠭᠤᠷᠠᠬᠤ ᠲᠤᠯᠠ ᠡᠮ᠎ᠡ ᠬᠥᠮᠦᠨ ᠦ᠌ ᠵᠢᠷᠤᠮ ᠬᠥᠮᠦᠨ ᠦ᠌ ᠶᠢᠷᠲᠢᠨᠴᠦ ᠶ᠋ᠢᠨ ᠨᠠᠰᠤᠨ ᠤ᠋ ᠠᠮᠢᠨ ᠤᠴᠢᠷ ᠠᠵᠠᠢ᠃ ᠡᠮ᠎ᠡ ᠬᠥᠮᠦᠨ ᠥᠪᠡᠷ ᠢ᠋ᠶ᠋ᠡᠨ ᠪᠠᠰᠠ ᠡᠵᠢ ᠶ᠋ᠢᠨ ᠦᠷ᠎ᠡ᠃ ᠡᠬᠡ ᠭᠡᠳᠡᠭ ᠦᠭᠡ ᠶ᠋ᠢᠨ ᠤᠬᠠᠭᠠᠨ ᠨᠢ ᠹᠢᠯᠣᠰᠣᠹᠢ《ᠡᠬᠡ》 ᠪᠣᠯᠤᠨ᠎ᠠ᠃ ᠡᠮᠡᠭᠲᠡᠢ ᠬᠥᠮᠦᠨ ᠢ᠋ ᠭᠣᠮᠣᠳᠠᠭᠠᠭᠰᠠᠨ ᠬᠥᠮᠦᠨ ᠡᠨᠡ ᠨᠠᠰᠤᠨ ᠳ᠋ᠠᠭᠠᠨ ᠥᠭᠡᠳᠡᠯᠡᠳᠡᠭ ᠦᠭᠡᠢ ᠰᠤᠷᠭᠠᠯ ᠤ᠋ᠨ ᠤᠴᠢᠷ ᠡᠨᠡ ᠪᠣᠯᠠᠢ᠃
ᠦᠨᠳᠦᠰᠦᠨ ᠦ᠌ ᠭᠦᠨ ᠤᠬᠠᠭᠠᠨ᠂ ᠰᠣᠶᠣᠯ ᠲᠡᠦᠬᠡ᠂ ᠶᠣᠰᠣ ᠵᠠᠩᠰᠢᠯ ᠢ᠋ ᠡᠰᠡ ᠬᠠᠢᠬᠤᠷᠤᠭᠰᠠᠨ ᠠ᠋ᠴᠠ ᠣᠢᠯᠠᠭᠠᠯᠲᠠ ᠨᠢ ᠲᠠᠰᠢᠶᠠᠷᠠᠬᠤ ᠶᠡᠬᠡ ᠳᠤᠲᠠᠭᠳᠠᠯ ᠭᠠᠳᠠᠭᠠᠳᠤ ᠶ᠋ᠢᠨ ᠲᠡᠳᠦᠢ ᠦᠭᠡᠢ《ᠮᠣᠩᠭᠣᠯ ᠤ᠋ᠨ ᠨᠢᠭᠤᠴᠠ ᠲᠣᠪᠴᠢᠶ᠎ᠠ》᠂《ᠶᠡᠬᠡ ᠵᠠᠰᠠᠭ》 ᠵᠡᠷᠭᠡ ᠳ᠋ᠦ᠍ ᠬᠠᠨᠳᠤᠬᠤ ᠮᠠᠨ ᠤ᠋ ᠡᠷᠳᠡᠮᠲᠡᠨ ᠨᠠᠷ ᠲᠤ᠌ ᠴᠤ᠌ ᠡᠯᠪᠡᠭ ᠪᠣᠯᠵᠠᠢ᠃ ᠡᠨᠳᠡ《ᠰᠦᠢ》 ᠶᠣᠰᠣᠨ ᠢ᠋ ᠥᠬᠢᠳ ᠡᠮᠡᠭᠲᠡᠢᠴᠦᠦᠯ ᠢ᠋ᠶ᠋ᠡᠨ ᠬᠤᠳᠠᠯᠳᠤᠳᠠᠭ ᠭᠡᠰᠡᠨ ᠬᠠᠴᠢᠷᠬᠠᠮᠠᠷ ᠨᠢᠳᠦ ᠪᠡᠷ ᠬᠠᠷᠠᠳᠠᠭ ᠵᠢᠱ᠌ᠢᠶ᠎ᠡ ᠶᠦᠮ᠃ ᠮᠠᠷᠺᠣ ᠫᠣᠯᠣ᠋᠂ ᠫᠯᠡᠨᠣ᠋ ᠺᠡᠷᠫᠢᠨᠢ᠂ ᠸ᠂ ᠷᠦᠪᠷᠥ᠋ᠺ ᠨᠠᠷ ᠤ᠋ᠨ ᠲᠡᠮᠳᠡᠭᠯᠡᠯ ᠡᠴᠡ ᠡᠬᠢᠯᠡᠵᠦ ᠨᠡᠭᠦᠳᠡᠯᠴᠢᠳ ᠦ᠋ᠨ ᠪᠤᠰᠤᠳ《ᠪᠦᠳᠦᠭᠦᠯᠢᠭ》 ᠵᠠᠩ ᠦᠢᠯᠡ ᠶ᠋ᠢᠨ ᠨᠢᠭᠡᠨ ᠪᠣᠯᠵᠤ ᠰᠤᠷᠲᠠᠯᠴᠢᠯᠠᠭᠳᠠᠭᠰᠠᠨ ᠠᠵᠠᠢ᠃ ᠮᠣᠩᠭᠣᠯ ᠤ᠋ᠨ ᠪᠤᠷᠬᠠᠨ ᠣᠢᠯᠠᠭᠠᠯᠲᠠ ᠨᠠᠵᠠᠭᠠᠢ᠂ ᠡᠳᠦᠭᠡᠨ ᠭᠡᠬᠦ ᠪᠡᠯᠭᠡ ᠣᠩᠭᠣᠨ ᠪᠦᠬᠦᠨ ᠡᠮ᠎ᠡ ᠬᠦᠢᠰᠦ ᠲᠡᠢ(ᠮᠠᠷᠺᠣ ᠫᠤᠯᠣ᠋ ᠴᠤ᠌ ᠣᠨᠴᠠᠯᠠᠭᠰᠠᠨ) ᠲᠡᠳᠦᠢ ᠦᠭᠡᠢ ᠭᠠᠯ(ᠡᠷᠦᠬᠡ ᠠᠢᠯ)᠂ ᠨᠠᠷᠠ(ᠡᠬᠡ)᠂ ᠰᠠᠷ᠎ᠠ(ᠡᠷ᠎ᠡ) ᠰᠦᠯᠳᠡ ᠲᠠᠬᠢᠯᠭ᠎ᠠ ᠲᠠᠢ ᠶ᠋ᠢ ᠮᠠᠷᠲᠠᠵᠤ ᠦᠯᠦ ᠪᠣᠯᠤᠨ᠎ᠠ᠃ ᠰᠠᠷᠠᠨ ᠤ᠋ ᠡᠬᠡ ᠨᠠᠷᠠ ᠭᠡᠮᠡᠨ ᠰᠦᠯᠲᠠᠨ ᠳ᠋ᠠᠭᠠᠨ ᠳᠡᠭᠡᠳᠦᠯᠡᠭᠰᠡᠨ ᠨᠢ ᠴᠦ᠍ ᠤᠳᠬ᠎ᠠ ᠤᠴᠢᠷ ᠲᠡᠭᠦᠰ ᠠᠵᠠᠢ᠃ ᠠᠢᠯ ᠤ᠋ᠨ ᠵᠡᠭᠦᠨ ᠲᠠᠯ᠎ᠠ ᠨᠠᠷᠠᠨ ᠮᠠᠨᠳᠤᠬᠤ ᠴᠢᠭ ᠲᠤᠯᠠ ᠪᠡᠷᠢ ᠬᠥᠮᠦᠨ ᠡᠵᠡᠮᠰᠢᠨ᠎ᠡ᠃ ᠬᠠᠳᠠᠮ ᠤ᠋ᠨ ᠭᠡᠷ ᠦ᠋ᠨ ᠪᠠᠷᠠᠭᠤᠨ ᠲᠠᠯ᠎ᠠ ᠳ᠋ᠤ᠌ ᠭᠠᠷᠬᠤ ᠴᠡᠭᠡᠷ ᠲᠡᠢ᠃ ᠡᠨᠡ ᠨᠢ ᠬᠠᠳᠠᠮ ᠤ᠋ᠨ ᠭᠣᠯᠣᠮᠲᠠ ᠶ᠋ᠢᠨ ᠤᠭ ᠡᠬᠡ ᠵᠢᠷᠭᠠᠵᠤ ᠰᠢᠪᠲᠤᠷᠠᠬᠤ ᠶᠣᠷᠣᠯᠠᠯ᠂ ᠪᠠᠷᠤᠭ ᠬᠠᠷᠢᠶᠠᠯ ᠭᠡᠰᠡᠨ ᠤᠳᠬ᠎ᠠ᠃ ᠠᠢᠯ ᠤ᠋ᠨ ᠭᠠᠯ ᠭᠣᠯᠣᠮᠲᠠ ᠳ᠋ᠤ᠌ ᠪᠡᠷᠢ ᠬᠥᠮᠦᠨ ᠨᠠᠷᠠᠨ ᠤᠷᠭᠤᠬᠤ ᠵᠦᠭ ᠡᠴᠡ ᠮᠥᠷᠭᠥᠳᠡᠭ ᠨᠢ ᠲᠡᠷᠡ ᠣᠪᠣᠭ ᠠᠢᠯ ᠤ᠋ᠨ ᠮᠠᠨᠳᠠᠯ ᠪᠠᠳᠠᠷᠠᠯ ᠤ᠋ᠨ ᠡᠬᠡ ᠢᠷᠡᠪᠡ ᠭᠡᠰᠡᠨ ᠪᠡᠯᠭᠡᠳᠡᠯ᠃ ᠡᠢᠮᠦ ᠬᠦᠨᠳᠦᠲᠦ ᠬᠥᠮᠦᠨ ᠢ᠋ ᠥᠰᠬᠡᠭᠰᠡᠨ ᠡᠴᠢᠭᠡ ᠡᠬᠡ ᠶ᠋ᠢᠨ ᠬᠠᠢᠷ᠎ᠠ ᠶ᠋ᠢ ᠦᠨᠡᠯᠡᠭᠰᠡᠨ ᠨᠢ ᠰᠦᠢ ᠪᠥᠭᠡᠳ ᠥᠬᠢᠨ ᠦ᠌ ᠦᠨ᠎ᠡ ᠬᠥᠮᠦᠨ ᠳ᠋ᠦ᠍ ᠶᠡᠬᠡ ᠲᠣᠰᠤᠮ ᠰᠦᠢ(ᠰᠦ ᠬᠠᠷᠢᠭᠤ) ᠨᠢ ᠶᠡᠬᠡ᠃ ᠬᠦᠦ ᠬᠥᠮᠦᠨ ᠪᠣᠯ ᠡᠴᠢᠭᠡ ᠡᠬᠡ ᠪᠡᠨ ᠨᠠᠰᠤᠨ ᠲᠤᠷᠰᠢᠲᠠ ᠪᠠᠨ ᠳᠡᠷᠭᠡᠳᠡ ᠪᠡᠨ ᠡᠷᠭᠦᠬᠦ ᠵᠢᠮ᠎ᠡ ᠲᠡᠢ᠃ ᠬᠠᠷᠢ ᠳ᠋ᠤ᠌ ᠣᠴᠢᠭᠰᠠᠨ ᠪᠡᠷᠢ ᠬᠠᠳᠠᠨ ᠳ᠋ᠤ᠌ ᠬᠠᠷᠪᠤᠭᠰᠠᠨ ᠰᠤᠮᠤ ᠠᠳᠠᠯᠢ ᠲᠤᠯᠠ ᠪᠦᠰᠡᠭᠦᠢ ᠬᠥᠮᠦᠨ ᠡᠷ᠎ᠡ ᠶ᠋ᠢᠨ ᠣᠪᠣᠭ ᠤ᠋ᠨ ᠡᠷᠳᠡᠨᠢ ᠪᠣᠯᠵᠤ ᠬᠠᠳᠠᠮ ᠤ᠋ᠨ ᠭᠠᠯ ᠳ᠋ᠤ᠌ ᠮᠥᠷᠭᠥᠳᠡᠭ ᠬᠠᠤᠯᠢ᠃ ᠲᠡᠢᠮᠦ ᠡᠴᠡ ᠲᠡᠷᠡ ᠰᠦᠨ ᠬᠠᠷᠢᠭᠤ ᠰᠦᠢ ᠬᠥᠷᠥᠩᠭᠡ ᠨᠢ ᠥᠬᠢᠨ ᠦᠷ᠎ᠡ ᠶ᠋ᠢᠨ ᠠᠴᠢᠯᠠᠯ ᠲᠥᠯᠥᠭᠡᠯᠡᠬᠦ ᠪᠤᠶᠠᠨ ᠬᠡᠰᠢᠭ ᠪᠣᠯᠠᠢ᠃ ᠰᠠᠷᠠᠨ ᠡᠵᠢ ᠭᠡᠳᠡᠭ ᠦᠭᠡ ᠬᠢᠵᠠᠭᠠᠷ ᠢ᠋ᠶ᠋ᠠᠷ ᠢ᠋ᠶ᠋ᠠᠨ ᠡᠨᠳᠡᠭᠦᠦ᠂ ᠡᠨᠡ ᠨᠢ ᠰᠠᠷᠠᠨ ᠤ᠋ ᠡᠵᠢ ᠨᠠᠷᠠᠨ ᠭᠤᠸ᠎ᠠ ᠡᠬᠡ ᠭᠡᠰᠡᠨ ᠦᠭᠡ ᠶ᠋ᠢᠨ ᠲᠠᠰᠢᠶ᠎ᠠ ᠤᠳᠬ᠎ᠠ ᠶᠤᠮ᠃ ᠵᠥᠪ ᠨᠢ ᠨᠠᠷᠠᠨ ᠡᠵᠢ ᠡᠷᠭᠦᠮᠵᠢᠯᠡᠯ ᠪᠣᠯᠤᠨ᠎ᠠ᠃ ᠦᠯᠢᠭᠡᠷ ᠳᠣᠮᠣᠭ ᠲᠡᠦᠬᠡ ᠪᠠᠲᠤᠯᠠᠨ᠎ᠠ᠃ ᠭᠡᠲᠡᠯ᠎ᠡ ᠡᠨᠡ ᠮᠡᠲᠦ ᠭᠦᠨ ᠤᠬᠠᠭᠠᠨ ᠢ᠋ ᠡᠰᠡ ᠮᠡᠳᠡᠵᠦ ᠡᠮ᠎ᠡ ᠬᠥᠮᠦᠨ ᠭᠡᠷ ᠦ᠋ᠨ ᠵᠡᠭᠦᠨ ᠲᠠᠯ᠎ᠠ ᠶ᠋ᠢᠨ ᠡᠷᠬᠡ ᠲᠡᠢ ᠭᠠᠯ ᠲᠣᠭᠣᠭᠠᠨ ᠤ᠋ ᠬᠥᠮᠦᠨ ᠨᠡᠷ᠎ᠡ ᠲᠡᠢ᠂ ᠬᠠᠳᠠᠮ ᠤ᠋ᠨ ᠪᠠᠷᠠᠭᠤᠨ ᠳ᠋ᠤ᠌ ᠭᠠᠷᠬᠤ(ᠭᠠᠳᠠᠭᠤᠷ ᠴᠤ᠌) ᠡᠷᠬᠡ ᠦᠭᠡᠢ ᠳᠠᠷᠤᠯᠠᠭᠳᠠᠵᠤ ᠪᠠᠢᠪᠠ᠁ ᠬᠤᠳᠠᠯᠳᠤᠭᠳᠠᠵᠤ ᠪᠠᠢᠪᠠ᠁ ᠭᠡᠵᠦ ᠰᠤᠷᠲᠠᠯᠳᠠᠬᠤ ᠨᠢ ᠦᠨᠳᠦᠰᠦᠨ ᠦ᠌ ᠶᠣᠰᠣ ᠪᠠᠨ ᠦᠯᠦ ᠮᠡᠳᠡᠭᠴᠢ ᠶ᠋ᠢᠨ ᠬᠣᠭᠣᠰᠣᠨ ᠦᠭᠡ ᠪᠣᠯᠤᠨ᠎ᠠ᠃ ᠡᠨᠡ ᠮᠡᠲᠦ ᠭᠠᠰᠢᠭᠤᠨ ᠬᠠᠭᠤᠷᠮᠠᠭ ᠮᠡᠳᠡᠭᠡ ᠲᠠᠢᠯᠪᠤᠷᠢ ᠳᠡᠭᠡᠷᠡᠬᠢ ᠵᠢᠭᠤᠯᠴᠢᠳ ᠤ᠋ᠨ ᠲᠡᠮᠳᠡᠭᠯᠡᠯ᠂《ᠶᠡᠬᠡ ᠵᠠᠰᠠᠭ》 ᠬᠠᠤᠯᠢ ᠶ᠋ᠢᠨ ᠰᠤᠳᠤᠯᠤᠯ᠂《ᠮᠣᠩᠭᠣᠯ ᠶᠣᠰᠣ ᠵᠠᠩᠰᠢᠯ ᠤ᠋ᠨ ᠲᠣᠯᠢ》 ᠵᠡᠷᠭᠡ ᠳ᠋ᠦ᠍ ᠴᠢᠭᠤᠯᠤᠭᠰᠠᠨ ᠢ᠋ ᠰᠥᠷᠬᠦ ᠶᠡᠬᠡ ᠰᠠᠨᠠᠭ᠎ᠠ ᠳᠠᠷᠠᠭ᠎ᠠ ᠶ᠋ᠢᠨ ᠨᠣᠮ ᠳ᠋ᠤ᠌ ᠣᠨᠣᠭᠳᠠᠭᠰᠠᠨ ᠢ᠋ ᠲᠠᠰᠢᠷᠠᠮ ᠳ᠋ᠤ᠌ ᠳᠤᠷᠠᠳᠰᠤᠭᠠᠢ᠃ ᠡᠮ᠎ᠡ ᠬᠥᠮᠦᠨ ᠳ᠋ᠡᠭᠡᠨ ᠴᠠᠢ ᠢᠳᠡᠭᠡᠨ ᠦ᠌ ᠳᠡᠭᠡᠵᠢ ᠪᠡᠨ ᠪᠠᠷᠢᠳᠠᠭ᠂ ᠯᠤᠤᠰ ᠳᠡᠯᠡᠬᠡᠢ ᠳ᠋ᠡᠭᠡᠨ ᠰᠠᠴᠤᠯᠢ ᠡᠷᠭᠦᠳᠡᠭ ᠨᠢ ᠬᠠᠷᠢᠨ ᠴᠤ᠌ ᠡᠮᠡᠭᠲᠡᠢ ᠬᠥᠮᠦᠨ ᠦ᠌ ᠬᠤᠪᠢ ᠳ᠋ᠤ᠌ ᠢᠯᠡᠭᠦᠦ ᠶᠡᠬᠡ ᠬᠦᠨᠳᠦᠳᠬᠡᠯ ᠣᠯᠳᠠᠭᠰᠠᠨ ᠤᠳᠬ᠎ᠠ ᠪᠣᠯᠤᠨ᠎ᠠ᠃ ᠤᠴᠢᠷ ᠨᠢ ᠨᠠᠷᠠᠨ ᠤ᠋ ᠪᠡᠯᠭᠡ᠂ ᠭᠠᠯ ᠪᠤᠷᠬᠠᠨ ᠤ᠋ ᠬᠡᠰᠢᠭ ᠢ᠋ ᠲᠦᠭᠡᠭᠡᠵᠦ ᠪᠣᠢ ᠪᠤᠶᠠᠨ ᠤ᠋ ᠡᠵᠡᠨ ᠡᠬᠡ ᠬᠥᠮᠦᠨ ᠶᠦᠮ᠃ ᠡᠷ᠎ᠡ ᠬᠥᠮᠦᠨ ᠦ᠌ ᠬᠡᠢᠮᠣᠷᠢ ᠶ᠋ᠢ ᠳᠡᠭᠡᠳᠦᠯᠡᠬᠦ ᠨᠢ《ᠣᠯᠵᠠ ᠣᠯᠤᠭᠴᠢ》 ᠲᠤᠯᠠ᠂ ᠡᠷᠦᠬᠡ ᠶ᠋ᠢ ᠡᠷ᠎ᠡ ᠬᠥᠮᠦᠨ ᠲᠡᠷᠢᠭᠦᠯᠡᠳᠡᠭ ᠨᠢ ᠦᠷ᠎ᠡ ᠶ᠋ᠢᠨ ᠡᠰᠢ ᠡᠴᠢᠭᠡ᠂ ᠣᠨᠣᠯ ᠨᠢ ᠡᠬᠡ ᠲᠤᠯᠠ᠂ ᠥᠭᠡᠷ᠎ᠡ ᠪᠡᠷ ᠬᠡᠯᠡᠪᠡᠯ ᠲᠡᠷᠡ ᠡᠷᠦᠬᠡ ᠳ᠋ᠦ᠍ ᠥᠭᠡᠷ᠎ᠡ ᠡᠴᠢᠭᠡ ᠶ᠋ᠢᠨ ᠬᠡᠦᠬᠡᠳ ᠦᠯᠦ ᠮᠡᠨᠳᠦᠯᠡᠬᠦ ᠪᠠᠲᠤᠯᠠᠭᠠᠨ ᠤ᠋ ᠠᠷᠢᠭᠤᠨ ᠵᠢᠷᠤᠮ᠂ ᠴᠢᠰᠤ ᠨᠢᠭᠡ ᠤᠷᠤᠭ ᠤ᠋ᠨ ᠪᠡᠯᠭᠡᠳᠡᠯ ᠶᠦᠮ᠃ ᠡᠨᠡ ᠪᠦᠬᠦᠨ ᠢ᠋ ᠬᠦᠢᠰᠦ ᠶ᠋ᠢᠨ ᠢᠯᠭᠠᠪᠤᠷᠢᠯᠠᠯ ᠭᠡᠵᠦ ᠦᠵᠡᠬᠦ ᠡᠴᠡ ᠪᠡᠨ ᠪᠠᠢᠭᠠᠯᠢ ᠶ᠋ᠢᠨ ᠬᠠᠤᠯᠢ ᠳ᠋ᠤ᠌ ᠬᠠᠮᠢᠶᠠᠲᠤᠭᠤᠯᠬᠤ ᠦᠨᠡᠨ ᠪᠥᠯᠥᠭᠡ᠃ ᠡᠷ᠎ᠡ ᠬᠥᠮᠦᠨ ᠡᠬᠡᠨᠡᠷ ᠦ᠋ᠨ ᠳᠡᠷᠭᠡᠳᠡ ᠭᠠᠯ ᠲᠣᠭᠣᠭᠠᠨ ᠳ᠋ᠤ᠌ ᠣᠷᠣᠯᠴᠠᠬᠤ ᠶ᠋ᠢ ᠨᠠᠷᠠᠨ ᠪᠡᠯᠭᠡᠲᠦ ᠭᠠᠯ ᠤ᠋ᠨ ᠪᠤᠷᠬᠠᠨ ᠢ᠋ᠶ᠋ᠠᠨ ᠳᠣᠣᠷᠠᠰᠢᠶᠠᠭᠰᠠᠨ ᠬᠡᠷᠡᠭ᠂ ᠡᠵᠡᠭᠦᠢ ᠳ᠋ᠦ᠍ ᠨᠢ ᠭᠠᠯ ᠲᠣᠭᠣᠭ᠎ᠠ ᠶ᠋ᠢ ᠡᠷᠬᠢᠯᠡᠬᠦ ᠨᠢ ᠭᠠᠯ ᠤ᠋ᠨ ᠡᠵᠡᠨ ᠲᠡᠢ ᠶ᠋ᠢ ᠪᠠᠲᠤᠯᠠᠭᠰᠠᠨ ᠲᠥᠯᠥᠭᠡᠯᠡᠯ ᠶᠦᠮ᠃ ᠡᠨᠡ ᠤᠳᠠᠭ᠎ᠠ ᠶ᠋ᠢ ᠡᠬᠡᠨᠡᠷ ᠬᠥᠮᠦᠨ ᠡᠴᠡ ᠵᠥᠪᠰᠢᠶᠡᠷᠡᠵᠦ ᠭᠠᠯ ᠳ᠋ᠠᠭᠠᠨ ᠳᠡᠭᠡᠵᠢ᠂ ᠲᠤᠯᠭᠠᠨ ᠳ᠋ᠠᠭᠠᠨ ᠬᠡᠰᠢᠭ᠂ ᠢᠷᠡᠭᠡᠳᠦᠢ ᠳ᠋ᠡᠭᠡᠨ ᠬᠤᠪᠢ ᠡᠷᠭᠦᠭᠰᠡᠨ ᠦ᠌ ᠳᠠᠷᠠᠭ᠎ᠠ ᠡᠷ᠎ᠡ ᠳ᠋ᠡᠭᠡᠨ ᠪᠠᠷᠢᠭᠰᠠᠨ ᠠᠷᠭᠠᠯ ᠢ᠋ ᠠᠪᠴᠤ ᠭᠠᠯ ᠳ᠋ᠠᠭᠠᠨ ᠬᠢᠵᠦ ᠤᠭ ᠠᠵᠢᠯ ᠢ᠋ ᠬᠦᠯᠢᠶᠡᠵᠦ ᠠᠪᠳᠠᠭ ᠶᠣᠰᠣᠲᠠᠢ ᠠᠵᠢ᠃ ᠡᠢᠮᠦ ᠳ᠋ᠦ᠍ ᠡᠷ᠎ᠡ ᠬᠥᠮᠦᠨ ᠭᠡᠷ ᠬᠣᠲᠠᠨ ᠳ᠋ᠤ᠌ ᠠᠷᠭᠠᠯ ᠪᠠᠷᠢᠬᠤ ᠶ᠋ᠢ ᠴᠡᠭᠡᠷᠯᠡᠳᠡᠭ ᠠᠪᠠᠢ᠃ ᠡᠨᠡ ᠪᠦᠬᠦᠨ ᠴᠥᠮ ᠵᠠᠩ ᠵᠠᠩᠰᠢᠯ ᠪᠤᠰᠤ ᠤᠯᠠᠮᠵᠢᠯᠠᠯᠲᠤ ᠭᠦᠨ ᠤᠬᠠᠭᠠᠨ ᠤ᠋ ᠭᠠᠷᠭᠠᠯᠭ᠎ᠠ ᠪᠣᠯᠠᠢ᠃ ᠰᠦᠯᠲᠠᠨ ᠳ᠋ᠤ᠌ ᠡᠷ᠎ᠡ ᠪᠡᠯᠭᠡ ᠪᠣᠯᠬᠤ ᠰᠠᠷᠠᠨ ᠤ᠋ ᠳᠡᠭᠡᠷ᠎ᠡ ᠨᠠᠷᠠ(ᠡᠬᠡ ᠪᠡᠯᠭᠡ) ᠭᠠᠯ(ᠪᠤᠷᠬᠠᠨ ᠲᠥᠷᠥ ᠪᠡᠯᠭᠡ) ᠣᠷᠣᠰᠢᠳᠠᠭ ᠨᠢ ᠳᠡᠭᠡᠳᠦᠯᠠᠯ ᠤ᠋ᠨ ᠳᠠᠷᠠᠭᠠᠯᠠᠯ ᠪᠣᠯᠤᠨ᠎ᠠ᠃ ᠡᠨᠳᠡ ᠪᠡᠨ ᠡᠷ᠎ᠡ— ᠭᠡᠷ— ᠲᠥᠷᠥ ᠭᠤᠷᠮᠤᠰᠤᠨ ᠬᠣᠯᠪᠣᠭ᠎ᠠ ᠡᠭᠦᠰᠬᠦ ᠪᠥᠭᠡᠳ ᠡᠨᠡ ᠨᠢ《ᠭᠡᠷ》 ᠤᠭ ᠲᠠᠭᠠᠨ《ᠡᠮ᠎ᠡ ᠪᠡᠯᠭᠡᠳᠡᠯ》 ᠲᠡᠢ ᠡᠷ᠎ᠡ ᠡᠵᠡᠨ ᠲᠡᠢ ᠭᠡᠰᠡᠨ ᠤᠳᠬ᠎ᠠ ᠴᠠᠴᠤᠷᠠᠭᠠᠨᠠ᠃ ᠡᠷ᠎ᠡ ᠬᠥᠮᠦᠨ ᠭᠡᠷ ᠰᠠᠬᠢᠬᠤ ᠨᠢ ᠬᠡᠢᠮᠣᠷᠢ ᠦᠭᠡᠢ ᠶ᠋ᠢᠨ ᠰᠢᠨᠵᠢ ᠭᠡᠬᠦ ᠠᠭᠤᠯᠭ᠎ᠠ ᠡᠨᠳᠡ ᠡᠴᠡ ᠡᠭᠦᠳᠦᠯ ᠲᠡᠢ ᠠᠪᠠᠢ᠃ ᠡᠢᠮᠦ ᠡᠴᠡ ᠬᠠᠭᠠᠳ ᠤ᠋ᠨ ᠬᠣᠭᠣᠷᠣᠨᠳᠣ ᠲᠥᠷᠥ ᠪᠠᠷᠢᠭᠰᠠᠨ ᠡᠬᠡᠴᠦᠳ ᠢ᠋ ᠬᠡᠯᠬᠢᠶᠡᠨ ᠳ᠋ᠦ᠍ ᠲᠣᠭᠠᠴᠠᠬᠤ ᠦᠭᠡᠢ᠂ ᠭᠠᠪᠢᠶ᠎ᠠ ᠶ᠋ᠢ ᠨᠢ ᠮᠠᠷᠲᠠᠬᠤ ᠦᠭᠡᠢ ᠲᠣᠮᠣᠭᠯᠠᠬᠤ ᠪᠥᠯᠥᠭᠡ᠃ ᠡᠮᠡᠭᠲᠡᠢ ᠬᠥᠮᠦᠨ ᠰᠠᠢᠳ ᠪᠠᠢᠬᠤ ᠪᠢᠰᠢ ᠲᠥᠷᠥ ᠪᠤᠰᠤ ᠪᠠᠢᠭᠤᠯᠤᠯᠭ᠎ᠠ ᠨᠤᠭᠤᠳ ᠤ᠋ᠨ ᠲᠡᠷᠢᠭᠦᠨ᠂ ᠤᠷᠠᠯᠢᠭ᠂ ᠰᠣᠶᠣᠯ᠂ ᠰᠫᠣᠷᠲ᠂ ᠡᠷᠳᠡᠮ ᠦ᠋ᠨ ᠠᠯᠳᠠᠷᠲᠠᠨ ᠨᠤᠭᠤᠳ ᠪᠠᠢᠵᠤ ᠲᠥᠷᠥ ᠶ᠋ᠢᠨ ᠪᠤᠶᠠᠨ ᠭᠠᠪᠢᠶ᠎ᠠ ᠡᠳ᠋ᠯᠡᠬᠦ ᠨᠢ ᠤᠯᠠᠮᠵᠢᠯᠠᠯ᠂ ᠪᠠᠰᠠ ᠰᠢᠨᠡᠴᠢᠯᠡᠯ ᠪᠤᠶᠤ᠃ ᠤᠯᠤᠰ ᠲᠥᠷᠥ ᠳ᠋ᠦ᠍ ᠡᠬᠡ ᠬᠥᠮᠦᠨ ᠣᠷᠣᠯᠴᠠᠨ᠎ᠠ ᠭᠡᠳᠡᠭ ᠬᠤᠪᠢ ᠬᠥᠮᠦᠨ ᠦ᠌ ᠪᠡᠨ ᠬᠤᠪᠢ ᠳ᠋ᠤ᠌ ᠭᠤᠲᠤᠭᠠᠨ ᠳᠣᠷᠣᠮᠵᠢᠯᠠᠭᠳᠠᠬᠤ ᠲᠡᠦᠬᠡ ᠶ᠋ᠢᠨ ᠳᠣᠷᠣᠮᠵᠢᠯᠠᠯ ᠳ᠋ᠤ᠌ ᠥᠷᠲᠥᠬᠦ ᠡᠭᠦᠳᠡ ᠨᠡᠭᠡᠭᠡᠭᠳᠡᠪᠡ ᠭᠡᠵᠦ ᠬᠠᠮᠠᠭᠠᠯᠠᠬᠤ᠂ ᠥᠮᠥᠭᠯᠡᠬᠦ ᠠᠵᠢᠯ ᠤᠳᠠᠨ᠎ᠠ ᠭᠡᠰᠡᠨ ᠦᠭᠡ᠃ ᠲᠥᠷᠥ ᠲᠡᠮᠦᠷ ᠨᠢᠭᠤᠷ ᠲᠠᠢ᠂ ᠪᠦᠰᠡᠭᠦᠢ ᠬᠥᠮᠦᠨ ᠠᠩᠭᠢᠷ ᠤᠭᠤᠷᠠᠭ ᠲᠠᠢ ᠪᠢᠯᠡ᠃ ᠡᠷ᠎ᠡ ᠬᠥᠮᠦᠨ ᠳ᠋ᠦ᠍ ᠬᠡᠷᠡᠭᠦᠯ ᠲᠡᠮᠡᠴᠡᠯ ᠦ᠋ᠨ ᠲᠠᠯᠠᠪᠤᠷ ᠪᠤᠰᠤ᠂ ᠡᠷᠡᠭᠦᠯ ᠡᠩᠬᠡ ᠶ᠋ᠢᠨ ᠠᠯᠳᠠᠷ ᠬᠡᠷᠡᠭᠲᠡᠢ᠃ ᠲᠡᠭᠰᠢ ᠡᠷᠬᠡ ᠬᠡᠮᠵᠢᠶ᠎ᠡ《ᠡᠷᠦᠬᠡ ᠲᠣᠯᠣᠭᠠᠢᠯᠠᠭᠰᠠᠨ ᠡᠮᠡᠭᠲᠡᠢ》 ᠶ᠋ᠢ ᠣᠯᠠᠰᠢᠷᠠᠭᠤᠯᠵᠤ᠂ ᠡᠴᠢᠭᠡ ᠬᠥᠮᠦᠨ ᠢ᠋ ᠵᠢᠷᠯᠦᠰᠦᠯᠡᠭᠦᠯᠵᠦ ᠦᠯᠦ ᠪᠣᠯᠬᠤ᠃ ᠡᠨᠡ ᠰᠠᠨᠠᠭ᠎ᠠ ᠪᠡᠯᠭᠡᠳᠡᠯ ᠢ᠋ᠶ᠋ᠡᠷ ᠢ᠋ᠶ᠋ᠡᠨ ᠢᠮᠠᠭᠲᠠ ᠲᠥᠷᠥ ᠶ᠋ᠢᠨ ᠳᠡᠭᠡᠷ᠎ᠡ《ᠡᠬᠡ》 ᠵᠠᠯᠠᠷᠠᠵᠤ ᠪᠣᠢ ᠲᠤᠯᠠ ᠡᠷ᠎ᠡ ᠦᠷ᠎ᠡ ᠪᠦᠷᠢ ᠲᠥᠷᠥ ᠪᠡᠨ ᠲᠦᠪᠰᠢᠨ ᠪᠠᠢᠯᠭᠠᠬᠤ ᠶ᠋ᠢ ᠭᠡᠴᠢᠶᠡᠬᠦ ᠤᠳᠬ᠎ᠠ ᠲᠠᠢ᠃ ᠡᠬᠡ ᠡᠴᠡ ᠲᠥᠷᠥ ᠲᠥᠷᠥᠳᠡᠭ ᠲᠤᠯᠠ ᠮᠥᠩᠬᠡ ᠲᠩᠷᠢ᠂ ᠳᠥᠷᠦᠲᠦ ᠶᠣᠰᠣ᠂ ᠶᠠᠰᠤ ᠤᠭᠰᠠᠭ᠎ᠠ ᠡᠴᠢᠭᠡ ᠪᠡᠯᠭᠡᠳᠡᠯ ᠲᠡᠢ ᠭᠤᠷᠪᠠᠯ ᠶᠣᠰᠣ᠂᠃ ᠭᠤᠷᠮᠤᠰᠤᠨ ᠰᠡᠳᠬᠢᠯᠭᠡ ᠦᠨᠳᠦᠰᠦᠯᠡᠬᠦ ᠠᠪᠠᠢ᠃ ᠡᠨᠡ ᠬᠣᠣᠰ ᠶᠣᠰᠣ《ᠭᠠᠯ》 ᠪᠤᠶᠤ ᠭᠠᠯ ᠭᠣᠯᠣᠮᠳᠠᠨ ᠤ᠋ ᠭᠤᠷᠪᠠᠯ ᠵᠠᠳᠠᠷᠠᠭᠠᠨ ᠳ᠋ᠤ᠌ ᠴᠣᠭᠴᠠᠯᠠᠮᠤᠢ᠃ ᠮᠣᠩᠭᠣᠯ ᠤᠯᠠᠮᠵᠢᠯᠠᠯᠲᠤ ᠭᠦᠨ ᠤᠬᠠᠭᠠᠨ ᠤ᠋《ᠡᠬᠡ》 ᠰᠠᠨᠠᠭᠠᠨ ᠤ᠋ ᠲᠤᠢᠯ ᠤ᠋ᠨ ᠠᠭᠤᠯᠭ᠎ᠠ ᠨᠢ《ᠮᠥᠩᠬᠡᠷᠡᠯ》 ᠣᠢᠯᠠᠭᠠᠯᠲᠠ ᠪᠥᠭᠡᠳ ᠮᠥᠩᠬᠡ ᠲᠩᠷᠢ(ᠣᠷᠴᠢᠯᠠᠩ) ᠮᠥᠩᠬᠡ ᠭᠠᠯ(ᠣᠷᠴᠢᠯ)᠂ ᠮᠥᠩᠬᠡ ᠨᠠᠰᠤ(ᠠᠮᠢᠳᠤᠷᠠᠯ) ᠭᠡᠬᠦ ᠭᠤᠷᠪᠠᠨ ᠠᠢ ᠪᠣᠯᠤᠨ᠎ᠠ᠃ ᠡᠳᠦᠭᠡ ᠮᠥᠩᠬᠡ ᠭᠠᠯ ᠨᠢ ᠮᠣᠩᠭᠣᠯ ᠤᠯᠤᠰ ᠭᠡᠬᠦ ᠦᠭᠡᠨ ᠳ᠋ᠦ᠍ ᠬᠤᠪᠢᠯᠤᠭᠰᠠᠨ ᠴᠤ᠌ ᠪᠡᠯᠭᠡ ᠴᠢᠨᠠᠷ ᠢ᠋ᠶ᠋ᠠᠨ ᠠᠭᠤᠯᠤᠭᠰᠠᠭᠠᠷ ᠪᠥᠭᠡᠳ《ᠮᠥᠩᠬᠡ ᠲᠩᠷᠢ ᠶ᠋ᠢᠨ ᠬᠦᠴᠦᠨ ᠳᠣᠣᠷ᠎ᠠ》 ᠰᠢᠲᠦᠭᠡᠨ᠂ ᠮᠥᠩᠬᠡ ᠨᠠᠰᠤᠨ ᠤ᠋ ᠢᠷᠦᠭᠡᠯ ᠢ᠋ ᠤᠳᠬ᠎ᠠ ᠬᠢᠭᠡᠳ ᠦᠭᠡ ᠶ᠋ᠢᠨ ᠰᠠᠯᠠᠭ᠎ᠠ ᠦᠭᠡᠢ ᠢᠵᠠᠭᠤᠷ ᠴᠢᠨᠠᠷ ᠢ᠋ᠶ᠋ᠠᠨ ᠬᠠᠳᠠᠭᠠᠯᠠᠭᠰᠠᠭᠠᠷ ᠢᠷᠡᠵᠡᠢ᠃ ᠠᠯᠪᠠᠳᠠᠮᠠᠯ( ᠮᠧᠬᠠᠨᠢᠺ) ᠬᠠᠷᠢᠴᠠᠭᠤᠯᠤᠯ ᠰᠠᠨᠠᠭᠳᠠᠵᠤ ᠮᠠᠭᠠᠳ ᠦᠭᠡᠢ ᠴᠦ᠍《ᠠᠩᠬ᠎ᠠ᠂ ᠡᠩᠬᠡ᠂ ᠮᠥᠩᠬᠡ》 ᠭᠡᠰᠡᠨ ᠭᠤᠷᠪᠠᠨ ᠴᠠᠭ ᠤ᠋ᠨ ᠤᠳᠬ᠎ᠠ ᠵᠢᠭᠠᠭᠰᠠᠨ ᠲᠥᠰᠲᠦ ᠦᠭᠡᠰ ᠢ᠋ ᠮᠤᠰᠬᠢᠨ ᠠᠵᠢᠪᠠᠰᠤ ᠵᠣᠬᠢᠰᠲᠠᠢ ᠮᠡᠲᠦ᠃᠃ ᠡᠨᠡ ᠨᠢ ᠠᠩ — ᠡᠬᠡ᠂ ᠡᠩ — ᠡᠬᠡ᠂ ᠮᠥᠩ᠊ — ᠡᠬᠡ ᠭᠡᠬᠦ ᠰᠤᠷᠭᠠᠯ ᠳ᠋ᠤ᠌ ᠳᠡᠭᠡᠳᠦᠰ ᠮᠠᠨᠢ ᠦᠭᠡ ᠪᠦᠷᠢ ᠤᠬᠠᠭᠠᠨ ᠵᠢᠭᠠᠵᠤ ᠰᠣᠩᠭᠣᠳᠠᠭ ᠪᠠᠷᠢᠯ ᠢ᠋ᠶ᠋ᠠᠷ ᠬᠡᠪᠰᠢᠭᠦᠯᠦᠭᠰᠡᠨ ᠭᠡᠳᠡᠭ ᠲᠤ ᠢᠲᠡᠭᠡᠵᠡᠭᠡᠬᠦ ᠶᠣᠰᠣᠲᠠᠢ ᠪᠢᠯᠡ᠃《ᠠᠩᠬ᠎ᠠ》 ᠪᠣᠯ ᠠᠮᠢᠲᠠᠨ ᠤ᠋ ᠡᠬᠡ ᠡᠭᠦᠰᠦᠯ ᠴᠢᠨᠠᠷ ᠢ᠋ ᠵᠢᠭᠠᠭᠰᠠᠨ ᠰᠠᠨᠠᠭᠳᠠᠬᠤ᠁ ᠡᠳᠦᠭᠡ ᠶ᠋ᠢᠨ ᠠᠩ ᠭᠡᠳᠡᠭ ᠦᠭᠡ ᠶ᠋ᠢᠨ ᠡᠷᠲᠡᠨ ᠦ᠌ ᠬᠡᠯᠪᠡᠷᠢ ᠨᠢ ᠠᠪ ᠪᠣᠯᠤᠨ᠎ᠠ᠃ ᠡᠩ ᠭᠡᠳᠡᠭ ᠦᠭᠡ ᠢᠵᠠᠭᠤᠷ ᠴᠢᠨᠠᠷ ᠪᠥᠭᠡᠳ ᠪᠡᠶ᠎ᠡ ᠶ᠋ᠢᠨ ᠠᠷᠢᠭᠤᠨ ᠨᠢᠯᠬ᠎ᠠ( ᠲᠥᠷᠥᠯᠬᠢ) ᠤᠳᠬ᠎ᠠ ᠶ᠋ᠢᠨ ᠡᠬᠡ ᠮᠡᠲᠦ᠃《ᠪᠡᠶ᠎ᠡ ᠡᠩ+ ᠡᠬᠡ ᠮᠡᠨᠳᠦ ᠪᠠᠢᠨ᠎ᠠ ᠤᠤ?》 ᠭᠡᠬᠦ ᠮᠡᠲᠦ ᠪᠡᠷ ᠬᠡᠪᠰᠢᠭᠰᠡᠨ《ᠲᠤᠩᠬ᠎ᠠ ᠪᠤᠶᠤ ᠲᠤᠩ + ᠡᠬᠡ》 ᠲᠡᠢ ᠣᠷᠣᠰᠢᠭᠰᠠᠨ( ᠲᠤᠩ— ᠮᠠᠰᠢ ᠰᠠᠢᠨ ᠭᠡᠰᠡᠨ ᠦᠭᠡ) ᠪᠠᠢᠵᠤ ᠪᠣᠯᠬᠤ᠃ ᠮᠦᠩ ᠭᠡᠳᠡᠭ ᠨᠢ ᠲᠡᠭᠦᠯᠳᠡᠷ ᠲᠡᠭᠦᠰ( ᠲᠡᠭᠦᠰᠬᠡᠯ) ᠣᠢᠯᠠᠭᠠᠯᠲᠠ ᠠᠭᠠᠳ《ᠲᠡᠭᠦᠰᠪᠡ》 ᠭᠡᠪᠡᠰᠦ ᠳᠠᠭᠤᠰᠬᠠᠭᠠᠪᠤᠷᠢ ᠪᠤᠰᠤ ᠪᠦᠷᠢᠨ ᠴᠣᠭᠴᠠᠯᠠᠪᠠ ᠭᠡᠰᠡᠨ ᠰᠠᠨᠠᠭ᠎ᠠ ᠮᠥᠨ ᠶᠦᠮ᠃《ᠭᠠᠵᠠᠷ ᠤᠯᠤᠰ ᠤ᠋ᠨ ᠥᠮᠴᠢ ᠮᠥᠨ》᠂《ᠠᠰᠠᠭᠤᠳᠠᠯ ᠤ᠋ᠨ ᠮᠥᠨ ᠴᠢᠨᠠᠷ》 ᠵᠡᠷᠭᠡ ᠶ᠋ᠢᠨ ᠢᠨᠠᠭᠤᠬᠤ① ᠦᠨᠡᠨ ᠮᠥᠩ᠊ — ᠡᠬᠡ ᠹᠢᠯᠣᠰᠣᠹᠢ ᠰᠠᠨᠠᠭ᠎ᠠ ᠮᠡᠲᠦ᠃ ᠶᠠᠭᠠᠬᠢᠭᠠᠳ ᠡᠢᠨ ᠪᠣᠳᠣᠪᠠ ᠬᠡᠮᠡᠪᠡᠰᠦ ᠮᠣᠩᠭᠣᠯ ᠭᠦᠨ ᠤᠬᠠᠭᠠᠨ ᠤ᠋ ᠠᠩᠬᠠᠳᠠᠭᠴᠢ ᠶ᠋ᠢᠨ ᠡᠷᠢᠯ ᠨᠢ ᠭᠤᠷᠪᠠᠯ ᠤ᠋ᠨ《ᠡᠬᠡ》( ᠡᠵᠢ ᠪᠢᠰᠢ《ᠡᠬᠢᠯᠡᠯ》 ᠢᠵᠠᠭᠤᠷ) ᠣᠢᠯᠠᠭᠠᠯᠲᠠ ᠲᠤᠯᠠ ᠵᠢᠷᠤ — ᠡᠬᠡ᠂ ᠳᠠᠷᠢ — ᠡᠬᠡ᠂ ᠪᠠᠯ — ᠡᠬᠡ( ᠵᠢᠷᠦᠬᠡ᠂ ᠲᠠᠷᠢᠬᠢ᠂ ᠪᠡᠯᠭᠡ) ᠭᠡᠵᠦ ᠡᠮᠦᠨ᠎ᠡ ᠴᠤ᠌ ᠡᠷᠭᠢᠴᠡᠭᠦᠯᠵᠦ ᠠᠭᠰᠠᠨ ᠪᠢᠯᠡ᠃ ᠡᠨᠳᠡ ᠴᠦᠩᠬᠦ( ᠰᠣᠮᠺᠡ) ᠭᠡᠬᠦ ᠮᠡᠲᠦ ᠭᠠᠳᠠᠭᠠᠳᠤ ᠭᠠᠷᠤᠯ ᠲᠠᠢ ᠦᠭᠡ᠂ ᠳᠠᠩᠬᠤ( ᠲᠤᠩᠬᠤ) ᠭᠡᠬᠦ ᠮᠡᠲᠦ ᠰᠢᠨ᠎ᠡ ᠡᠭᠦᠰᠦᠯ ᠲᠡᠢ ᠦᠭᠡ ᠦᠯᠦ ᠬᠠᠮᠤᠷᠤᠨ᠎ᠠ᠃ ᠡᠢᠮᠦᠷᠬᠦ ᠦᠭᠡ ᠭᠡᠪᠡᠰᠦ ᠭᠣᠩᠬᠤ᠂ ᠬᠤᠩᠬ᠎ᠠ᠂ ᠬᠠᠩᠬᠤ᠂ ᠬᠣᠩᠬᠣ᠂ ᠱᠠᠩᠬᠤ ᠱᠣᠩᠬᠣ ᠪᠥᠭᠡᠳ ᠭᠠᠷᠤᠯ ᠡᠭᠦᠰᠦᠯ ᠦᠭᠡ ᠪᠦᠲᠦᠴᠡ ᠶ᠋ᠢᠨ ᠲᠠᠯ᠎ᠠ ᠪᠠᠷ ᠡᠨᠳᠡ ᠰᠣᠨᠢᠷᠬᠠᠵᠤ ᠦᠵᠡᠭᠰᠡᠨ ᠦᠭᠡᠢ᠃ ᠶᠠᠭᠤᠲᠠᠢ ᠴᠤ᠌ ᠮᠣᠩᠭᠣᠯ ᠤ᠋ᠨ ᠡᠷᠲᠡᠨ ᠦ᠌ ᠹᠢᠯᠣᠰᠣᠹᠢ ᠳ᠋ᠤ᠌ ᠡᠬᠡ( ᠡᠵᠢ)᠂ ᠡᠬᠡ( ᠨᠤᠲᠤᠭ ᠣᠷᠣᠨ)᠂ ᠡᠬᠡ( ᠲᠡᠷᠢᠭᠦᠨ ᠡᠬᠢᠯᠡᠯ) ᠭᠡᠰᠡᠨ ᠰᠤᠷᠭᠠᠯ ᠣᠨᠣᠯ ᠪᠣᠢ ᠪᠣᠯᠭᠠᠭᠰᠠᠨ ᠶᠤᠮᠰᠠᠨᠵᠠᠢ᠃ ᠡᠯ᠎ᠡ ᠭᠤᠷᠪᠠᠨ ᠡᠬᠡ ᠨᠡᠢᠯᠡᠭᠡᠳ ᠹᠢᠯᠣᠰᠣᠹᠢ ᠡᠬᠡ( ᠠᠩᠬᠠᠳᠠᠭᠴᠢ) ᠰᠠᠨᠠᠭ᠎ᠠ ᠪᠣᠢ ᠪᠣᠯᠭᠠᠵᠠᠢ᠃ ᠡᠬᠡ ᠳᠡᠯᠡᠬᠡᠢ᠁ ᠡᠬᠡ ᠵᠣᠬᠢᠶᠠᠯ᠁ ᠡᠬᠡ( ᠠᠳᠠᠭ)᠁ ᠡᠬᠡ ᠬᠡᠯᠡ᠁ ᠹᠢᠯᠣᠰᠣᠹᠢ ᠡᠭᠦᠳᠬᠡᠯ ᠪᠤᠶᠤ᠃ ᠭᠣᠣᠯ ᠤ᠋ᠨ ᠡᠬᠢ ᠠᠳᠠᠭ ᠵᠥᠪᠬᠡᠨ ᠬᠣᠶᠠᠷ ᠲᠤᠢᠯ᠃ ᠭᠣᠣᠯ ᠥᠪᠡᠷ ᠢ᠋ᠶ᠋ᠡᠨ ᠠᠤᠭ᠎ᠠ ᠤᠷᠲᠤ ᠲᠠᠬᠢᠷᠮᠠᠭ ᠪᠢᠯᠡ᠃
———————————
① ᠢᠨᠠᠭᠤᠬᠤ— ᠢᠨᠠᠭᠤᠨ᠂ ᠥᠩᠭᠡᠨ ᠲᠠᠯ᠎ᠠ ᠶ᠋ᠢᠨ᠂ ᠦᠵᠡᠭᠳᠡᠯ ᠦ᠋ᠨ ᠭᠠᠳᠠᠷ ᠲᠠᠯ᠎ᠠ ᠶ᠋ᠢᠨ ᠰᠠᠭᠤᠭᠳᠠᠭᠴᠠ( ᠪᠠᠭᠤᠯᠭᠠᠭᠴᠢ)
ᠦᠰᠦᠭ ᠠᠮᠢᠯᠠᠭᠤᠯᠤᠭᠴᠢ᠄ ᠱᠠᠭᠰᠠᠯ᠂ ᠲᠣᠭᠳᠠᠭᠤᠨᠪᠠᠶᠠᠷ᠂ ᠪᠠᠶᠠᠨᠰᠡᠷᠡᠩ᠂ ᠲᠤᠶᠠᠭ᠎ᠠ
ᠬᠢᠨᠠᠭᠴᠢ᠄ ᠰᠡᠬᠡᠭᠡᠷᠡᠯ᠂ ᠣᠳᠬᠠᠨᠰᠣ᠎ᠠ᠂ ᠲᠤᠶᠠᠭ᠎ᠠ
