ᠨᠢᠭᠡ᠂ ᠭᠤᠷᠪᠠᠯ ᠤ᠋ᠨ ᠣᠨᠣᠯ ᠡᠺᠯᠧᠺᠲ᠋ᠢᠽᠮ ᠪᠢᠰᠢ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡ᠂ ᠭᠤᠷᠪᠠᠯ ᠤ᠋ᠨ ᠣᠨᠣᠯ ᠡᠺᠯᠧᠺᠲ᠋ᠢᠽᠮ ᠪᠢᠰᠢ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

ᠨᠢᠭᠡ᠂ ᠭᠤᠷᠪᠠᠯ ᠤ᠋ᠨ ᠣᠨᠣᠯ ᠡᠺᠯᠧᠺᠲ᠋ᠢᠽᠮ ᠪᠢᠰᠢ-ᠮᠣᠩᠭᠣᠯ ᠤ᠋ᠨ ᠭᠤᠷᠪᠠᠯ ᠣᠨᠣᠯ2-ᠨᠠ᠊᠂ ᠨᠠᠭᠠᠨᠪᠤᠤМонголын гурвал онол-На,Хаанбуу

2024-01-17

415

ᠨᠢᠭᠡ᠂ ᠭᠤᠷᠪᠠᠯ ᠤ᠋ᠨ ᠣᠨᠣᠯ ᠡᠺᠯᠧᠺᠲ᠋ᠢᠽᠮ ᠪᠢᠰᠢ

ᠳᠡᠳ᠋ ᠶᠢᠰᠦᠯ ᠪᠦᠯᠦᠭ 

ᠠᠯᠠᠯᠳᠤᠨ ᠲᠡᠮᠡᠴᠡᠬᠦ ᠦᠰ ᠬᠤᠵᠢᠩ ᠢ᠋ ᠠᠰᠠᠷᠠᠯ ᠡᠨᠡᠷᠢᠯ ᠢ᠋ᠶ᠋ᠡᠷ ᠵᠣᠬᠢᠯᠳᠤᠭᠤᠯᠵᠤ 
ᠠᠮᠤᠭᠤᠯᠠᠩ ᠡᠩᠬᠡ ᠶ᠋ᠢᠨ ᠬᠣᠲᠠᠯᠠ ᠴᠢᠭᠤᠯᠭ᠎ᠠ ᠶ᠋ᠢ ᠳᠡᠯᠭᠡᠷᠡᠭᠦᠯᠦᠨ ᠰᠣᠶᠣᠷᠬ᠎ᠠ! 
( ᠠᠩᠬᠠᠳᠤᠭᠠᠷ ᠪᠣᠭᠳᠠ ᠵᠠᠨᠠᠪᠠᠽᠠᠷ) 

ᠨᠢᠭᠡ᠂ ᠭᠤᠷᠪᠠᠯ ᠤ᠋ᠨ ᠣᠨᠣᠯ ᠡᠺᠯᠧᠺᠲ᠋ᠢᠽᠮ① ᠪᠢᠰᠢ 

     ᠬᠥᠮᠦᠨ ᠲᠥᠷᠥᠯᠬᠢᠲᠡᠨ ᠦ᠌ ᠭᠦᠨ ᠤᠬᠠᠭᠠᠨ ᠤ᠋ ᠬᠥᠭᠵᠢᠯ ᠳ᠋ᠦ᠍ ᠮᠠᠲ᠋ᠧᠷᠢᠶᠠᠯᠢᠰᠲ ᠴᠤ᠌ ᠪᠢᠰᠢ᠂ ᠢᠳᠢᠶᠠᠯᠢᠰᠲ ᠴᠤ᠌ ᠪᠢᠰᠢ ᠶᠠᠮᠠᠷ ᠨᠢᠭᠡ ᠭᠤᠷᠪᠠ ᠳ᠋ᠠᠬᠢ ᠴᠢᠭᠯᠡᠯ ᠪᠠᠢᠵᠤ ᠪᠣᠢ ᠪᠣᠯᠭᠠᠬᠤ ᠭᠡᠰᠡᠨ ᠣᠷᠣᠯᠳᠣᠯᠭ᠎ᠠ ᠴᠥᠭᠡᠨ ᠪᠢᠰᠢ ᠭᠠᠷᠴᠤ ᠪᠠᠢᠭᠰᠠᠨ ᠪᠥᠭᠡᠳ ᠡᠢᠮᠦ ᠬᠠᠨᠳᠤᠯᠭ᠎ᠠ ᠶ᠋ᠢ ᠡᠺᠡᠧᠺᠲ᠋ᠽᠮ ᠭᠡᠳᠡᠭ ᠠᠵᠠᠢ᠃
              ᠬᠠᠷᠠᠮᠰᠠᠯ ᠲᠠᠢ ᠨᠢ ᠰᠢᠨ᠎ᠡ ᠨᠡᠷ᠎ᠡ ᠲᠣᠮᠢᠶ᠎ᠠ ᠪᠠᠷ ᠢᠯᠡᠷᠬᠡᠢᠯᠡᠭᠳᠡᠭᠰᠡᠨ ᠪᠦᠷᠬᠦᠭ ᠢᠳᠢᠶᠡᠯᠢᠽᠮ ᠡᠰᠡᠪᠡᠯ ᠪᠣᠯᠬᠢ ᠮᠠᠲ᠋ᠢ᠍ᠷᠢᠶᠠᠯᠢᠽᠮ ᠶᠤᠮ ᠤᠤ ᠹᠢᠯᠣᠰᠣᠹᠢ ᠶ᠋ᠢ ᠪᠦᠬᠦᠯᠢ ᠳ᠋ᠦ᠍ ᠨᠢ ᠦᠭᠡᠢᠰᠬᠡᠬᠦ ᠤᠷᠤᠰᠬᠠᠯ ᠴᠢᠭᠯᠡᠯ ᠪᠣᠯᠬᠤ ᠲᠡᠳᠦᠢ ᠡᠴᠡ ᠬᠡᠲᠦᠷᠡᠳᠡᠭ ᠦᠭᠡᠢ ᠶᠤᠮᠰᠠᠨᠵᠠᠢ᠃ ᠵᠢᠱ᠌ᠢᠶ᠎ᠡ ᠨᠢ ᠫᠣᠽᠢᠲ᠋ᠢᠸᠢᠰᠲ᠋ ᠤ᠋ᠳ ᠮᠠᠲ᠋ᠧᠷᠢ ᠢᠳᠢᠶᠡᠯ ᠬᠣᠶᠠᠷ ᠤᠳᠬ᠎ᠠ ᠦᠭᠡᠢ ᠰᠥᠷᠭᠡᠯᠳᠦᠭᠡᠨ ᠲᠤᠯᠠ ᠲᠡᠳᠡᠭᠡᠷ ᠦ᠋ᠨ ᠬᠠᠷᠢᠴᠠᠭᠠᠨ ᠤ᠋ ᠠᠰᠠᠭᠤᠳᠠᠯ ᠢ᠋ ᠹᠢᠯᠣᠰᠣᠹᠢ ᠠᠩᠬᠠᠷᠬᠤ ᠴᠤ᠌ ᠱᠠᠭᠠᠷᠳᠠᠯᠭ᠎ᠠ ᠦᠭᠡᠢ ᠭᠡᠵᠦ ᠦᠵᠡᠳᠡᠭ ᠪᠠᠢᠨ᠎ᠠ᠃ ᠠᠩᠭ᠌ᠯᠢ ᠶ᠋ᠢᠨ ᠨᠡᠷᠡᠲᠦ ᠭᠦᠨ ᠤᠬᠠᠭᠠᠨᠴᠢ ᠶ᠋ᠢᠨ· ᠷᠠᠰᠰᠧᠯ《ᠹᠢᠯᠣᠰᠣᠹᠢ ᠨᠢ ᠶᠢᠷᠲᠢᠨᠴᠦ ᠶ᠋ᠢᠨ ᠲᠤᠬᠠᠢ ᠶᠠᠮᠠᠷ ᠴᠤ᠌ ᠰᠢᠨ᠎ᠡ ᠮᠡᠳᠡᠯᠭᠡ ᠥᠭᠴᠦ ᠴᠢᠳᠠᠬᠤ ᠦᠭᠡᠢ ᠭᠠᠭᠴᠠᠬᠦ ᠰᠢᠨᠵᠢᠯᠡᠬᠦ ᠤᠬᠠᠭᠠᠨ ᠤ᠋ ᠲᠠᠨᠢᠨ ᠮᠡᠳᠡᠬᠦ ᠦᠭᠡᠢ ᠳ᠋ᠦ᠍ ᠤᠴᠢᠷ ᠵᠦᠢ ᠶ᠋ᠢᠨ ᠰᠢᠨᠵᠢᠯᠡᠭᠡ ᠬᠢᠭᠡᠳ ᠵᠣᠷᠢᠭᠤᠯᠤᠭᠳᠠᠭᠰᠠᠨ ᠬᠡᠯᠪᠡᠷᠢ ᠶ᠋ᠢᠨ ᠲᠡᠳᠦᠢ ᠰᠢᠨᠵᠢᠯᠡᠬᠦ ᠤᠬᠠᠭᠠᠨ ᠶᠤᠮ》 ᠭᠡᠵᠦ ᠨᠣᠮᠯᠠᠵᠠᠢ᠃ ᠷ· ᠺᠡᠷᠨᠠᠫ《ᠹᠢᠯᠣᠰᠣᠹᠢ ᠬᠥᠮᠦᠨ ᠶᠢᠷᠲᠢᠨᠴᠦ ᠳ᠋ᠦ᠍ ᠬᠣᠯᠪᠣᠭᠳᠠᠬᠤ ᠠᠰᠠᠭᠤᠳᠠᠯ ᠳ᠋ᠤ᠌ ᠬᠠᠷᠢᠭᠤᠯᠬᠤ ᠠᠷᠭ᠎ᠠ ᠬᠡᠷᠡᠭᠰᠡᠯ ᠦᠭᠡᠢ ᠪᠡᠨ ᠡᠭᠦᠷᠢᠳᠡ ᠰᠠᠨᠠᠵᠤ ᠶᠠᠪᠤᠬᠤ ᠶᠣᠰᠣᠲᠠᠢ》 ᠭᠡᠵᠡᠢ᠃ ᠲᠡᠭᠡᠪᠡᠯ ᠡᠺᠽᠢᠰᠲ᠋ᠧᠨᠽᠶᠡᠯᠢᠽᠮ《ᠣᠪᠧᠺᠲ᠋ᠢᠧ ᠠᠬᠤᠢ ᠶ᠋ᠢ ᠹᠢᠯᠣᠰᠣᠹᠢ ᠶ᠋ᠢᠨ ᠦᠨᠳᠦᠰᠦ ᠭᠡᠵᠦ ᠦᠵᠡᠬᠦ ᠦᠭᠡᠢ᠂ ᠲᠡᠭᠦᠨ ᠦ᠌ ᠰᠤᠳᠤᠯᠬᠤ ᠵᠦᠢᠯ ᠴᠦ᠍ ᠪᠢᠰᠢ》 ᠭᠡᠬᠦ ᠪᠥᠯᠥᠭᠡ᠃ ᠠ· ᠺᠡᠮᠶᠥ᠌ ᠰᠡᠳᠬᠢᠬᠦᠢ ᠠᠬᠤᠢ ᠲᠠᠢ ᠬᠡᠷᠬᠢᠨ ᠬᠠᠷᠢᠴᠠᠬᠤ ᠠᠰᠠᠭᠤᠳᠠᠯ ᠨᠢ ᠳᠡᠯᠡᠬᠡᠢ ᠨᠠᠷᠠ ᠬᠣᠶᠠᠷ ᠤ᠋ᠨ ᠠᠯᠢ ᠨᠢ ᠠᠯᠢᠨ ᠢ᠋ ᠪᠡᠨ

———————————
① ᠡᠺᠯᠧᠺᠲ᠋ᠢᠽᠮ— ᠡᠪᠰᠡᠭᠦᠯᠬᠦ ᠦᠵᠡᠯ( ᠪᠠᠭᠤᠯᠭᠠᠭᠴᠢ)

ᠲᠣᠭᠣᠷᠢᠨ ᠡᠷᠭᠢᠳᠡᠭ ᠰᠢᠭ ᠠᠴᠢ ᠬᠣᠯᠪᠣᠭᠳᠠᠯ ᠦᠭᠡᠢ ᠬᠣᠭᠣᠰᠣᠨ ᠠᠰᠠᠭᠤᠳᠠᠯ ᠪᠥᠭᠡᠳ ᠵᠥᠪᠬᠡᠨ《 ᠪᠢ ᠥᠪᠡᠷ ᠢ᠋ᠶ᠋ᠡᠨ ᠥᠪᠡᠷᠲᠡᠭᠡᠨ ᠲᠡᠷᠡ ᠶᠦᠮ》 ᠭᠡᠰᠡᠨ ᠵᠦᠢᠯ ᠠᠵᠠᠢ᠃ ᠡᠨᠡ ᠣᠨᠣᠯ ᠨᠢ ᠵ· ᠰᠡᠷᠲ᠋ᠷ ᠦ᠋ᠨ 《 ᠶᠡᠬᠡᠮᠰᠦᠭ ᠣᠷᠣᠰᠢᠬᠤᠢ》 ᠳ᠋ᠤ᠌ ᠭᠣᠢᠳᠠ ᠢᠯᠡᠷᠡᠭᠰᠡᠨ ᠪᠠᠢᠳᠠᠭ᠃
      ᠲᠡᠭᠡᠬᠦ ᠪᠡᠷ ᠡᠢᠮᠦᠷᠬᠦ ᠡᠺᠯᠧᠻᠲ᠋ᠢᠽᠮ ᠦ᠋ᠨ ᠨᠢᠭᠡ ᠤᠷᠤᠰᠬᠠᠯ ᠮᠣᠩᠭᠣᠯ ᠤ᠋ᠨ ᠭᠤᠷᠪᠠᠨ ᠣᠨᠣᠯ ᠮᠥᠨ ᠤᠤ ᠭᠡᠰᠡᠨ ᠠᠰᠠᠭᠤᠳᠠᠯ ᠭᠠᠷᠤᠨ᠎ᠠ᠃ ᠹᠢᠯᠣᠰᠣᠹᠢ ᠶ᠋ᠢᠨ ᠦᠨᠳᠦᠰᠦᠨ ᠠᠰᠠᠭᠤᠳᠠᠯ ᠪᠣᠯ ᠮᠠᠲ᠋ᠧᠷᠢ ᠤᠬᠠᠮᠰᠠᠷ ᠬᠣᠶᠠᠷ ᠤ᠋ᠨ ᠠᠯᠢ ᠨᠢ ᠠᠩᠬᠠᠳᠠᠭᠴᠢ ᠪᠣᠢ ᠭᠡᠰᠡᠨ ᠠᠰᠠᠭᠤᠳᠠᠯ ᠮᠥᠨ ᠭᠡᠵᠦ ᠸ· ᠢ· ᠯᠧᠨᠢᠨ《 ᠮᠠᠲ᠋ᠧᠷᠢᠶᠠᠯᠢᠽᠮ ᠪᠠ ᠡᠮᠫᠢᠷᠢᠤᠺᠷᠢᠲᠶ᠋ᠽᠢᠮ①》 ᠵᠣᠬᠢᠶᠠᠯ ᠳ᠋ᠠᠭᠠᠨ ᠲᠡᠮᠳᠡᠭᠯᠡᠭᠰᠡᠨ ᠭᠡᠳᠡᠭ ᠢ᠋ ᠰᠠᠨᠠᠬᠤ ᠳ᠋ᠤ᠌ ᠪᠠᠰᠠ ᠢᠯᠡᠭᠦᠳᠡᠬᠦ ᠦᠭᠡᠢ᠃ ᠲᠡᠭᠡᠪᠡᠯ ᠭᠤᠷᠪᠠᠯ ᠣᠨᠣᠯ《 ᠠᠮᠢ ᠠᠬᠤᠢ ᠤᠬᠠᠮᠰᠠᠷ》 ᠪᠤᠶᠤ《 ᠠᠮᠢ ᠡᠶᠡᠷᠭᠦ ᠡᠰᠡᠷᠭᠦ》 ᠭᠡᠰᠡᠨ ᠰᠢᠲᠦᠭᠡᠯᠴᠡᠲᠦ ᠭᠤᠷᠪᠠᠯ ᠭᠠᠷᠭᠠᠳᠠᠭ ᠪᠥᠭᠡᠳ ᠡᠳᠡᠭᠡᠷ ᠦ᠋ᠨ ᠠᠯᠢ ᠨᠢ ᠴᠦ᠍ ᠠᠩᠬᠠᠳᠠᠭᠴᠢ ᠪᠤᠰᠤ ᠨᠢᠭᠡᠳᠦᠯ᠂ ᠵᠥᠷᠢᠴᠡᠯ ᠪᠤᠰᠤ ᠰᠢᠲᠦᠯᠴᠡᠭᠡ ᠪᠣᠯᠤᠨ᠎ᠠ᠃ ᠡᠢᠮᠦ ᠳ᠋ᠦ᠍ ᠵᠠᠪᠠᠯ ᠠᠮᠢ ᠭᠡᠳᠡᠭ ᠢ᠋ ᠡᠬᠢᠨ ᠳ᠋ᠦ᠍ ᠨᠢ ᠶᠠᠷᠢᠬᠤ ᠴᠤ᠌ ᠬᠡᠷᠡᠭ ᠦᠭᠡᠢ ᠪᠥᠭᠡᠳ ᠭᠠᠭᠴᠠᠬᠦ ᠠᠮᠢ ᠪᠣᠯ ᠠᠮᠢᠳᠤᠷᠠᠯ ᠭᠡᠳᠡᠭ ᠤᠳᠬ᠎ᠠ ᠪᠠᠷ ᠨᠢ ᠪᠢ ᠡᠬᠢᠨ ᠳ᠋ᠦ᠍ ᠭᠠᠷᠭᠠᠭᠰᠠᠨ ᠬᠡᠷᠡᠭ᠃ ᠠᠮᠢ ᠦᠭᠡᠢ ᠪᠡᠶ᠎ᠡ᠂ ᠠᠮᠢ ᠦᠭᠡᠢ ᠤᠬᠠᠮᠰᠠᠷ ᠭᠡᠵᠦ ᠦᠭᠡᠢ ᠪᠣᠯᠪᠠᠴᠤ ᠠᠮᠢ ᠠᠩᠬᠠᠳᠠᠭᠴᠢ ᠪᠢᠰᠢ᠃ ᠡᠨᠡ ᠨᠢ ᠪᠡᠶ᠎ᠡ ᠦᠭᠡᠢ ᠠᠮᠢ᠂ ᠤᠬᠠᠮᠰᠠᠷ ᠦᠭᠡᠢ ᠠᠮᠢ ᠭᠡᠵᠦ ᠪᠠᠢᠬᠤ ᠦᠭᠡᠢ ᠭᠡᠰᠡᠨ ᠦᠭᠡ ᠪᠣᠯᠤᠨ᠎ᠠ᠃
      ᠤᠰᠤ᠂ ᠭᠡᠷᠡᠯ᠂ ᠳᠤᠯᠠᠭᠠᠨ ᠭᠤᠷᠪᠠᠨ ᠡᠭᠦᠳᠬᠡᠭᠴᠢ ᠪᠣᠢ ᠶ᠋ᠢᠨ ᠤᠴᠢᠷ ᠶᠠᠭᠤᠮᠠᠰ ᠦᠵᠡᠭᠳᠡᠯ ᠪᠦᠷ ᠭᠤᠷᠪᠠᠨ ᠠ᠋ᠴᠠ ᠪᠦᠲᠦᠵᠦ ᠭᠤᠷᠪᠠᠨ ᠲᠥᠯᠥᠪ ᠦ᠋ᠨ ᠪᠡᠶᠡᠲᠦ ᠶ᠋ᠢᠨ ᠨᠢᠭᠡᠨ ᠵᠦᠢᠯ ᠪᠦᠷ ᠠᠮᠢ ᠠᠬᠤᠢ ᠤᠬᠠᠮᠰᠠᠷ ᠪᠣᠯᠤᠨ᠎ᠠ᠃ ᠫᠷᠣᠲ᠋ᠣᠨ ᠨᠧᠢᠲ᠋ᠷᠣᠨ ᠭᠤᠷᠪᠠ ᠶ᠋ᠢᠨ ᠠᠯᠢᠨ ᠢ᠋ ᠨᠢ ᠠᠩᠬᠠᠳᠠᠭᠴᠢ ᠪᠣᠯᠬᠤ ᠶ᠋ᠢ ᠲᠣᠳᠣᠷᠬᠠᠢᠯᠠᠬᠤ ᠪᠣᠯᠤᠯᠴᠠᠭ᠎ᠠ ᠮᠥᠩᠬᠡᠳᠡ ᠬᠢᠵᠠᠭᠠᠷᠯᠠᠭᠳᠠᠮᠠᠯ ᠲᠡᠳᠦᠢ ᠦᠭᠡᠢ ᠶᠡᠷᠦ ᠡᠴᠡ ᠪᠣᠯᠤᠮᠵᠢ ᠦᠭᠡᠢ᠃ ᠭᠤᠷᠪᠠᠯ ᠤ᠋ᠨ ᠡᠨᠡ ᠤᠳᠬ᠎ᠠ ᠶ᠋ᠢ ᠬᠣᠢᠮᠣᠰᠣᠨ ᠣᠨᠣᠯ ᠳ᠋ᠤ᠌ ᠬᠠᠰᠢᠭᠰᠠᠨ ᠭᠦᠨ ᠤᠬᠠᠭᠠᠨ( ᠶᠡᠷᠦ ᠨᠢ ᠰᠢᠨᠵᠢᠯᠡᠬᠦ ᠤᠬᠠᠭᠠᠨ) ᠤ᠋ ᠬᠥᠭᠵᠢᠯ ᠵᠡᠷᠡᠮᠳᠡᠭ ᠪᠥᠭᠡᠳ ᠠᠮᠢ ᠰᠤᠳᠤᠯᠤᠯ ᠠᠯᠢᠪᠠ ᠰᠤᠳᠤᠯᠭᠠᠨ ᠤ᠋ ᠰᠤᠳᠤᠯᠤᠭᠳᠠᠬᠤᠨ ᠪᠤᠰᠤ ᠪᠠᠢᠭ᠎ᠠ ᠨᠢ ᠡᠷᠡᠨ ᠵᠠᠭᠤᠨ ᠤ᠋ ᠮᠠᠨᠢ ᠠᠯᠳᠠᠭ᠎ᠠ ᠪᠣᠯᠵᠤ ᠪᠠᠢᠨ᠎ᠠ᠃ ᠠᠮᠢ ᠶ᠋ᠢ ᠡᠷᠬᠢᠮᠯᠡᠨ ᠲᠡᠭᠦᠨ ᠳ᠋ᠦ᠍ ᠲᠤᠯᠭᠠᠭᠤᠷᠢᠯᠠᠭ᠎ᠠ ᠦᠭᠡᠢ ᠤᠴᠢᠷ ᠠ᠋ᠴᠠ ᠥᠨᠥ ᠶ᠋ᠢᠨ ᠬᠦᠰᠡᠯ ᠰᠤᠯᠠ ᠳᠣᠷᠣᠢ᠂ ᠢᠮᠠᠭᠲᠠ ᠮᠥᠬᠥᠭᠡᠬᠦ ᠬᠠᠨᠳᠤᠯᠭ᠎ᠠ ᠳᠠᠭᠠᠯᠳᠤᠭᠤᠯᠵᠤ ᠪᠠᠢᠳᠠᠭ᠃ ᠡᠭᠦᠨ ᠦ᠌ ᠢᠯᠡᠷᠡᠯ ᠨᠢ ᠬᠠᠷᠰᠢᠯ᠂ ᠬᠣᠣᠷᠳᠠᠯᠭ᠎ᠠ᠂ ᠴᠥᠯᠵᠢᠯᠲᠡ ᠵᠡᠷᠭᠡ ᠰᠢᠨ᠎ᠡ ᠡᠪᠡᠳᠴᠢᠨ ᠡᠭᠦᠰᠬᠦ ᠠᠶᠤᠯ ᠲᠠᠢ᠃ ᠮᠣᠩᠭᠣᠯᠴᠤᠳ ᠭᠠᠵᠠᠷ ᠤᠰᠤᠨ ᠳ᠋ᠤ᠌ ᠡᠵᠡᠨ ᠯᠤᠤᠰ ᠰᠠᠪᠳᠠᠭ ᠪᠠᠢᠳᠠᠭ ᠭᠡᠳᠡᠭ ᠲᠤ ᠢᠲᠡᠭᠡᠭᠰᠡᠨ ᠠᠷᠠᠳ ᠲᠦᠮᠡᠨ᠃ ᠲᠡᠷᠡ ᠯᠤᠤᠰ ᠰᠠᠪᠳᠠᠭ ᠨᠢ ᠠᠮᠢᠨ ᠤ᠋ ᠳᠦᠷᠢ ᠶᠤᠮᠰᠠᠨᠵᠠᠢ᠃ ᠯᠤᠤᠰ ᠤ᠋ᠨ ᠭᠠᠵᠠᠷ ᠬᠠᠭᠠᠨ ᠲᠠᠢ᠂ ᠬᠠᠭᠠᠨ ᠤᠴᠢᠷ ᠴᠡᠭᠡᠷᠯᠡᠯ ᠲᠡᠢ᠃ ᠯᠤᠤᠰ ᠤ᠋ᠨ ᠬᠣᠣᠷᠯᠠᠯ ᠬᠥᠮᠦᠰ ᠡᠴᠡ ᠰᠢᠯᠲᠠᠭᠠᠯᠠᠨ᠎ᠠ᠃ ᠲᠡᠭᠡᠬᠦ ᠪᠡᠷ ᠥᠨᠥ ᠶ᠋ᠢᠨ ᠬᠥᠮᠦᠨ ᠲᠥᠷᠥᠯᠬᠢᠲᠡᠨ ᠯᠤᠤᠰ ᠤ᠋ᠨ ᠬᠣᠣᠷᠯᠠᠯ ᠳ᠋ᠤ᠌ ᠠᠪᠲᠠᠬᠤ ᠨᠢᠭᠦᠯ ᠢ᠋ ᠬᠠᠩᠭᠠᠯᠲᠠ ᠲᠠᠢ ᠬᠤᠷᠠᠮᠳᠤᠭᠤᠯᠤᠭᠰᠠᠨ《 ᠬᠥᠭᠵᠢᠯ》 ᠪᠦᠲᠦᠭᠡᠵᠡᠢ᠃
      ᠰᠢᠨᠵᠢᠯᠡᠬᠦ ᠤᠬᠠᠭᠠᠨ ᠬᠥᠮᠦᠨ ᠦ᠌ ᠡᠭᠦᠰᠦᠯ ᠢ᠋ ᠨᠧᠭᠷᠢᠤᠳ᠋116000 ᠵᠢᠯ᠂ ᠧᠦᠷᠦᠫᠢᠦᠳ᠋113000 ᠵᠢᠯ᠂ ᠮᠣᠩᠭᠣᠯᠢᠤᠳ᠋ ᠨᠠᠷ ᠳᠥᠩᠭᠡᠵᠦ41000 ᠵᠢᠯ ᠦ᠋ᠨ ᠰᠠᠯᠪᠤᠷᠢ ᠳ᠋ᠤ᠌ ᠠᠩᠭᠢᠯᠠᠭᠰᠠᠨ ᠪᠠᠢᠬᠤ ᠶᠤᠮ᠃ ᠭᠤᠷᠪᠠᠯ ᠣᠨᠣᠯ ᠢ᠋ᠶ᠋ᠠᠷ ᠪᠣᠯ ᠬᠥᠮᠦᠨ ᠲᠥᠷᠥᠯᠬᠢᠲᠡᠨ ᠲᠥᠪ ᠠᠽᠢ ᠳ᠋ᠤ᠌ ᠴᠤ᠌ ᠶᠤᠮ ᠤᠤ ᠡᠭᠦᠰᠦᠭᠰᠡᠨ ᠭᠡᠳᠡᠭ ᠬᠤᠳᠠᠯ ᠲᠦᠭᠡᠭᠡᠳ ᠭᠤᠷᠪᠠᠨ ᠴᠠᠭ ᠲᠤ᠌ ᠡᠭᠦᠰᠦᠭᠰᠡᠨ ᠪᠠᠢᠬᠤ ᠤᠴᠢᠷᠲᠠᠢ᠃ ᠡᠭᠦᠰᠦᠯ ᠨᠢ ᠶᠢᠷᠲᠢᠨᠴᠦ ᠶ᠋ᠢᠨ ᠪᠤᠶᠤ ᠳᠡᠯᠡᠬᠡᠢ ᠶ᠋ᠢᠨ ᠡᠭᠦᠰᠦᠯ ᠲᠡᠢ ᠨᠠᠰᠤ ᠴᠢᠴᠠᠤ ᠪᠣᠯᠤᠨ᠎ᠠ᠃ ᠨᠠᠷᠠ ᠭᠡᠷᠡᠯ ᠦ᠋ᠨ ᠨᠥᠯᠥᠭᠡ ᠡᠷᠴᠢᠮ ᠳᠠᠪᠠᠭᠤ ᠨᠧᠭ᠋ᠷᠢᠣᠳ᠋᠂ ᠤᠰᠤ ᠴᠢᠭᠢᠭ ᠦ᠋ᠨ ᠡᠷᠴᠢᠮ ᠳᠠᠪᠠᠭᠤ ᠧᠦᠷᠣᠫᠢᠣᠳ᠋᠂ ᠠᠭᠠᠷ ᠲᠩᠷᠢ ᠶ᠋ᠢᠨ ᠵᠠᠶᠠᠭ᠎ᠠ ᠲᠦᠯᠬᠢᠭᠦᠦ ᠮᠣᠩᠭᠣᠯᠢᠣᠳ᠋ ᠨᠠᠷ ᠶᠤᠮᠰᠠᠨᠵᠠᠢ᠃ ᠡᠨᠡ ᠴᠢᠨᠠᠷ ᠨᠢ ᠲᠡᠳᠡᠨ ᠦ᠌ ᠥᠩᠭᠡ ᠶ᠋ᠢ ᠢᠯᠭᠠᠵᠤ᠂ ᠪᠡᠶ᠎ᠡ ᠡᠷᠬᠡᠲᠡᠨ ᠦ᠌ ᠪᠦᠲᠦᠴᠡ ᠶ᠋ᠢ ᠲᠣᠳᠣᠷᠬᠠᠢᠯᠠᠭᠰᠠᠨ ᠪᠠᠢᠬᠤ ᠶᠣᠰᠣᠲᠠᠢ᠃ ᠵᠢᠱ᠌ᠢᠶ᠎ᠡ ᠨᠢ ᠠᠽᠢ ᠶ᠋ᠢᠨ ᠬᠢᠨ ᠥᠨᠳᠥᠷ ᠬᠠᠮᠠᠷ ᠬᠡᠷᠡᠭ ᠦᠭᠡᠢ ᠲᠡᠳᠡᠨ ᠳ᠋ᠦ᠍ ᠠᠭᠠᠷ ᠲᠩᠷᠢ ᠶ᠋ᠢᠨ ᠵᠠᠶᠠᠭ᠎ᠠ ᠶᠡᠬᠡ᠂ ᠰᠢᠷ᠎ᠠ ᠤᠰᠤ᠂ ᠴᠡᠩᠬᠡᠷ ᠨᠢᠳᠦ᠂ ᠬᠠᠷ᠎ᠠ ᠴᠢᠷᠠᠢ᠂ ᠪᠤᠷᠵᠢᠭᠠᠷ ᠨᠢᠭᠲᠠ ᠦᠰᠦ ᠱᠠᠭᠠᠷᠳᠠᠯᠭ᠎ᠠ ᠥᠬᠡᠢ᠃ ᠭᠡᠲᠡᠯ᠎ᠡ ᠨᠧᠭ᠌ᠷᠢᠣᠳ᠋᠂ ᠧᠦᠷᠣᠫᠢᠣᠳ᠋ ᠨᠠᠷ ᠢ᠋ ᠡᠭᠦᠰᠦᠭᠰᠡᠨ ᠡᠴᠡ ᠳᠠᠯᠠ ᠭᠠᠷᠤᠢ ᠮᠢᠩᠭᠠᠨ ᠵᠢᠯ ᠦ᠋ᠨ ᠳᠠᠷᠠᠭ᠎ᠠ ᠮᠣᠩᠭᠣᠯᠢᠣᠳ᠋ ᠨᠠᠷ ᠡᠭᠦᠰᠦᠭᠰᠡᠨ ᠭᠡᠵᠦ ᠦᠵᠡᠬᠦ ᠨᠢ ᠶᠠᠭᠠᠬᠢᠬᠤ ᠠᠷᠭ᠎ᠠ ᠦᠭᠡᠢ ᠰᠢᠨᠵᠢᠯᠡᠬᠦ ᠤᠬᠠᠭᠠᠨ ᠤ᠋ ᠲᠥᠭᠡᠷᠢᠭᠳᠡᠯ᠁ ᠭᠦᠨ ᠤᠬᠠᠭᠠᠨ ᠤ᠋ ᠴᠢᠭᠯᠡᠯ ᠨᠢ ᠪᠤᠷᠤᠭᠤ ᠪᠠᠢᠭ᠎ᠠ ᠶ᠋ᠢᠨ ᠪᠠᠷᠢᠮᠲᠠ᠁ ᠠᠮᠢᠨ ᠤ᠋ ᠣᠨᠣᠯ ᠦᠭᠡᠢ ᠶ᠋ᠢᠨ ᠪᠠᠯᠠᠭ ᠶᠤᠮ᠃ ᠮᠣᠩᠭᠣᠯᠴᠤᠳ ᠣᠳᠣ ᠬᠠᠷᠪᠤᠬᠤ ᠳ᠋ᠤ᠌《 ᠲᠦᠢ᠂ ᠲᠦᠢ ᠲᠦᠢ᠂ ᠲᠡᠷᠡ ᠮᠢᠨᠦ ᠣᠳᠣ ᠪᠢᠰᠢ!》 ᠭᠡᠮᠡᠨ ᠳᠣᠮᠨᠣᠳᠠᠭ ᠨᠢ ᠣᠷᠴᠢᠯᠠᠩᠲᠤ ᠶᠢᠷᠲᠢᠨᠴᠦ᠂ ᠣᠳᠣ ᠡᠷᠬᠡᠰ ᠬᠥᠮᠦᠨ ᠦ᠌ ᠠᠮᠢ ᠲᠠᠢ ᠬᠣᠯᠪᠣᠭ᠎ᠠ ᠲᠠᠢ᠂ ᠭᠡᠮᠡᠨ ᠪᠢᠰᠢᠯᠭᠠᠭᠰᠠᠨ ᠦᠨᠡᠨ ᠶᠦᠮ᠃ ᠬᠡᠷᠪᠡ ᠮᠣᠩᠭᠣᠯ ᠤ᠋ᠨ ᠭᠤᠷᠪᠠᠯ ᠣᠨᠣᠯ《 ᠶᠢᠷᠲᠢᠨᠴᠦ ᠶ᠋ᠢᠨ ᠭᠤᠷᠪᠠ》 ᠳ᠋ᠤ᠌ ᠹᠢᠯᠣᠰᠣᠹᠢ ᠶ᠋ᠢᠨ ᠦᠨᠦᠷ ᠪᠠᠢᠭ᠎ᠠ ᠯᠠ ᠪᠣᠯ ᠲᠡᠷᠡ ᠨᠢ ᠡᠺᠯᠸᠲ᠋ᠢᠽᠮ ᠪᠢᠰᠢ ᠭᠡᠵᠦ ᠬᠦᠯᠢᠶᠡᠨ ᠵᠥᠪᠰᠢᠶᠡᠷᠡᠭᠰᠡᠨ ᠬᠡᠷᠡᠭ ᠪᠣᠯᠤᠨ᠎ᠠ᠃ ᠢᠩᠭᠢᠵᠦ ᠬᠠᠨᠳᠤᠭᠰᠠᠨ ᠯᠠ ᠪᠣᠯ ᠠᠬᠤᠢ ᠤᠬᠠᠮᠰᠠᠷ ᠤ᠋ᠨ ᠵᠥᠷᠢᠴᠡᠯᠳᠦᠭᠡᠨᠲᠦ ᠬᠣᠢᠮᠣᠰᠣᠨ ᠤᠬᠠᠭᠠᠨ ᠢ᠋ ᠪᠤᠷᠤᠭᠤᠳᠬᠠᠭᠰᠠᠨ ᠳ᠋ᠦᠩᠨᠡᠯᠲᠡ ᠳ᠋ᠦ᠍ ᠬᠦᠷᠦᠨ᠎ᠡ᠃ ᠭᠤᠷᠪᠠᠯ ᠣᠨᠣᠯ ᠡᠺᠯᠸᠺᠲ᠋ᠢᠽᠮ ᠪᠢᠰᠢ ᠲᠡᠳᠦᠢ ᠦᠭᠡᠢ ᠭᠦᠨ ᠤᠬᠠᠭᠠᠨ ᠤ᠋ ᠢᠷᠡᠭᠡᠳᠦᠢ ᠶ᠋ᠢᠨ ᠵᠥᠪ ᠭᠠᠷᠴᠠ ᠭᠢᠯᠠᠢᠬᠤ ᠭᠡᠷᠡᠯ ᠨᠢ ᠭᠡᠬᠦ ᠵᠦᠩ ᠦ᠋ᠨ ᠤᠴᠢᠷ ᠡᠨᠡ ᠶᠦᠮ᠃
      ᠠᠮᠢᠨ ᠤ᠋ ᠰᠦᠨᠡᠰᠦᠯᠢᠭ ᠠᠢᠮᠠᠭ ᠨᠢ ᠤᠷᠭᠤᠮᠠᠯ ᠠᠮᠢᠲᠠᠨ ᠤ᠋ ᠠᠢᠮᠠᠭ ᠲᠠᠢ ᠭᠤᠷᠮᠤᠰᠤᠨ ᠰᠦᠯᠵᠢᠶᠡᠨ ᠳ᠋ᠦ᠍ ᠣᠷᠣᠰᠢᠮᠤ᠃《 ᠠᠮᠢ》 ᠬᠡᠳᠦ ᠰᠦᠰᠦᠭᠯᠡᠭ ᠪᠠᠢᠭ᠎ᠠ ᠠ᠋ᠴᠠ ᠠᠯᠢᠪᠠ ᠰᠢᠲᠦᠯᠭᠡ᠂ ᠮᠥᠷᠭᠥᠯ᠂ ᠪᠢᠰᠢᠷᠡᠯ ᠪᠠᠰᠠ ᠷᠢᠳᠢ ᠰᠢᠳᠢ᠂ ᠳᠠᠯᠳᠠ ᠨᠢᠭᠤᠴᠠ ᠬᠡᠰᠡᠭ᠂ ᠬᠤᠪᠢᠯᠭᠠᠨ ᠴᠢᠨᠠᠷ ᠡᠭᠦᠳᠦᠮᠦ᠃ ᠰᠦᠨᠡᠰᠦᠯᠢᠭ ᠠᠮᠢᠨ ᠳ᠋ᠤ᠌( ᠦᠯᠦ ᠦᠵᠡᠭᠳᠡᠭᠴᠢ ᠤᠪᠠᠳᠢᠰᠲᠤ) ᠦᠯᠦ ᠢᠲᠡᠭᠡᠭᠴᠢ ᠣᠭᠲᠣ ᠰᠦᠰᠦᠭ ᠦᠭᠡᠢᠴᠤᠳ ᠪᠣᠯ ᠦᠨᠳᠦᠰᠦᠲᠡᠨ ᠦ᠌ ᠬᠡᠯᠡ ᠰᠤᠳᠤᠯᠬᠤ ᠭᠡᠭᠴᠢ ᠶ᠋ᠢ ᠭᠠᠢᠬᠠᠭᠰᠠᠨ ᠪᠢᠴᠢᠭ ᠦᠯᠦ ᠮᠡᠳᠡᠭᠴᠢ ᠯᠦ᠍ᠭᠡ ᠲᠦᠰ ᠨᠢᠭᠡᠨ ᠪᠥᠯᠥᠭᠡ᠃ ᠪᠠᠰᠠ ᠡᠨᠡ ᠴᠢᠭᠯᠡᠯ ᠳ᠋ᠦ᠍ ᠨᠥᠭᠦᠭᠡ ᠠᠳᠠᠯᠢᠳᠬᠠᠯ ᠪᠣᠯᠪᠠ᠃ ᠰᠦᠨᠡᠰᠦ ᠶ᠋ᠢ ᠣᠶᠤᠨ ᠤ᠋ ᠪᠣᠳᠠᠲᠤ ᠮᠠᠨᠳᠤᠯ( ᠨᠣᠣᠮᠠᠨᠳᠤᠯ) ᠭᠡᠮᠡᠨ ᠤᠬᠠᠭᠠᠷᠠᠪᠠᠰᠤ ᠵᠣᠬᠢᠯᠲᠠᠢ ᠮᠡᠲᠦ᠃ ᠪᠠᠰᠠ ᠡᠨᠡ ᠣᠢᠯᠠᠭᠠᠯᠲᠠ ᠶ᠋ᠢ ᠰᠢᠨ᠎ᠡ ᠪᠡᠷ ᠤᠳᠬᠠᠵᠢᠭᠤᠯᠪᠠᠰᠤ ᠵᠥᠪ ᠮᠡᠲᠦ᠃
      ᠪᠠᠢᠭᠠᠯᠢ ᠭᠡᠳᠡᠭ ᠢ᠋ ᠰᠦᠨᠡᠰᠦᠯᠢᠭ ᠦ᠋ᠨ᠂ ᠤᠷᠭᠤᠮᠠᠯ ᠤ᠋ᠨ᠂ ᠠᠮᠢᠲᠠᠨ ᠤ᠋ ᠠᠢᠮᠠᠭ ᠭᠡᠮᠡᠨ ᠭᠤᠷᠪᠠᠯ ᠳ᠋ᠤ᠌ ᠲᠡᠭᠦᠯᠳᠡᠷᠵᠢᠭᠦᠯᠵᠦ ᠠᠮᠢᠨ ᠤ᠋ ᠠᠢᠮᠠᠭ ᠤ᠋ᠨ ᠡᠯ᠎ᠡ ᠭᠤᠷᠪᠠᠨ ᠲᠥᠯᠥᠪ ᠦ᠋ᠨ ᠳᠣᠲᠣᠭᠠᠳᠤ ᠴᠢᠨᠠᠷ ᠢ᠋ ᠰᠢᠮ᠎ᠡ ᠶᠢᠷᠲᠢᠨᠴᠦ᠂ ᠭᠠᠳᠠᠭᠠᠳᠤ ᠴᠢᠨᠠᠷ ᠢ᠋ ᠰᠠᠪᠠ ᠶᠢᠷᠲᠢᠨᠴᠦ᠂ ᠬᠤᠪᠢᠰᠤᠭᠴᠢ ᠣᠶᠤᠨᠲᠤ ᠴᠢᠨᠠᠷ ᠢ᠋ ᠣᠷᠴᠢᠯᠠᠩᠲᠤ ᠶᠢᠷᠲᠢᠨᠴᠦ ᠬᠡᠮᠡᠨ᠎ᠡ᠃ ᠵᠠᠶᠠᠭ᠎ᠠ ᠲᠠᠪᠢᠯᠠᠩ ᠤ᠋ᠨ ᠵᠢᠷᠤᠭ ᠲᠥᠭᠡᠷᠭᠡ ᠭᠡᠳᠡᠭ ᠡᠯ᠎ᠡ ᠭᠤᠷᠪᠠᠯ ᠤ᠋ᠨ ᠦᠷ᠎ᠡ ᠳ᠋ᠦᠩ ᠠᠭᠠᠳ ᠶᠠᠭᠤᠨ ᠤ᠋ ᠡᠮᠦᠨ᠎ᠡ ᠪᠠᠢᠭᠠᠯᠢ ᠰᠡᠳᠦᠪ ᠲᠡᠷᠢᠭᠦᠨ ᠶᠦᠮ᠃
      ᠪᠠᠢᠭᠠᠯᠢ ᠢᠷᠡᠭᠡᠳᠦᠢ ᠳ᠋ᠦ᠍ ᠶᠠᠭᠠᠬᠢᠵᠤ ᠬᠥᠭᠵᠢᠬᠦ ᠪᠣᠢ? ᠬᠥᠮᠦᠨ ᠦ᠌ ᠪᠡᠶ᠎ᠡ ᠶ᠋ᠢᠨ ᠯᠣᠬᠢ ᠶ᠋ᠢᠨ ᠴᠢᠳᠠᠪᠤᠷᠢ( ᠪᠡᠶ᠎ᠡ᠂ ᠣᠶᠤᠨ᠂ ᠠᠮᠢ) ᠪᠤᠶᠤ ᠨᠠᠰᠤ ᠥᠭᠡᠷᠡᠴᠢᠯᠡᠭᠳᠡᠬᠦ ᠤᠤ? ᠪᠡᠶ᠎ᠡ ᠶ᠋ᠢᠨ ᠬᠥᠭᠵᠢᠯ ᠳ᠋ᠦ᠍ ᠬᠤᠷᠳᠤ᠂ ᠬᠦᠴᠦ᠂ ᠬᠠᠷᠢᠴᠠᠭ᠎ᠠ ᠨᠢ ᠶᠠᠮᠠᠷ ᠪᠣᠯᠬᠤ᠁ ᠣᠶᠤᠨ ᠤ᠋ ᠰᠡᠳᠬᠢᠯᠭᠡᠨ ᠦ᠌ ᠴᠢᠳᠠᠪᠤᠷᠢ ᠡᠷᠡᠰ ᠨᠡᠮᠡᠭᠳᠡᠬᠦ ᠡᠰᠡᠬᠦᠯ᠎ᠡ ᠪᠠᠭᠤᠷᠠᠬᠤ ᠡᠰᠡᠬᠦ᠁ ᠣᠶᠤᠨ ᠤ᠋ ᠬᠥᠭᠵᠢᠯ ᠳ᠋ᠦ᠍ ᠶᠠᠮᠠᠷ ᠰᠢᠯᠲᠠᠭᠠᠨ ᠶᠠᠭᠠᠬᠢᠵᠤ ᠨᠥᠯᠥᠭᠡᠯᠡᠵᠦ ᠤᠷᠲᠤᠳᠬᠠᠬᠤ ᠪᠤᠶᠤ ᠪᠣᠭᠣᠨᠢᠰᠬᠠᠬᠤ᠁
      ᠰᠢᠨᠵᠢᠯᠡᠬᠦ ᠤᠬᠠᠭᠠᠨ ᠤᠯᠠᠮ ᠬᠥᠭᠵᠢᠨ᠎ᠡ ᠭᠡᠳᠡᠭ ᠵᠠᠢᠯᠠᠰᠢ ᠦᠭᠡᠢ ᠤᠳᠬ᠎ᠠ ᠪᠠᠷ ᠪᠣᠯ ᠣᠶᠤᠨ ᠤ᠋ ᠴᠢᠳᠠᠪᠤᠷᠢ ᠨᠡᠮᠡᠭᠳᠡᠮᠡᠷ᠃ ᠭᠡᠲᠡᠯ᠎ᠡ ᠪᠡᠶ᠎ᠡ ᠶ᠋ᠢᠨ ᠪᠣᠯᠤᠨ ᠨᠠᠰᠤᠨ ᠤ᠋ ᠬᠥᠭᠵᠢᠯ ᠳ᠋ᠦ᠍ ᠶᠠᠮᠠᠷ ᠢ᠋ᠶ᠋ᠠᠷ ᠲᠤᠰᠬᠤ᠁ ᠵᠡᠷᠭᠡ ᠣᠯᠠᠨ ᠰᠢᠨ᠎ᠡ ᠪᠦᠲᠦᠮᠵᠢ ᠡᠭᠦᠰᠴᠦ ᠳᠠᠶᠠᠩ ᠤ᠋ᠨ ᠰᠠᠨᠠᠭ᠎ᠠ ᠶ᠋ᠢ ᠵᠣᠪᠠᠭᠠᠨ᠎ᠠ᠃ ᠰᠢᠨᠵᠢᠯᠡᠬᠦ ᠤᠬᠠᠭᠠᠨ ᠤ᠋ ᠬᠥᠭᠵᠢᠯᠲᠡ ᠡᠴᠡ ᠬᠥᠮᠦᠨ ᠦ᠌ ᠶᠣᠰᠣ ᠰᠤᠷᠲᠠᠬᠤᠨ ᠤ᠋ ᠲᠦᠪᠰᠢᠨ ᠢᠯᠡᠳᠲᠡ ᠬᠣᠴᠣᠷᠴᠤ ᠭᠦᠨ ᠬᠢᠮᠤᠷᠠᠯ ᠳ᠋ᠤ᠌ ᠠᠪᠲᠠᠵᠠᠢ ᠭᠡᠳᠡᠭ ᠢ᠋ ᠬᠦᠯᠢᠶᠡᠨ ᠵᠥᠪᠰᠢᠶᠡᠷᠡᠬᠦ ᠴᠠᠭ ᠢᠷᠡᠭᠰᠡᠨ ᠮᠡᠲᠦ᠃ ᠭᠡᠲᠡᠯ᠎ᠡ ᠶᠣᠰᠣ ᠰᠤᠷᠲᠠᠬᠤᠨ ᠪᠠ ᠡᠨᠡᠷᠢᠬᠦᠢ ᠶ᠋ᠢᠨ ᠬᠥᠭᠵᠢᠯ ᠢ᠋ ᠰᠢᠨᠵᠢᠯᠡᠬᠦ ᠤᠬᠠᠭᠠᠨ ᠤ᠋ ᠲᠦᠪᠰᠢᠨ ᠲᠡᠢ ᠲᠡᠩᠴᠡᠭᠦᠯᠵᠦ ᠳ᠋ᠦᠩᠨᠡᠯᠲᠡ ᠬᠢᠬᠦ ᠶᠠᠮᠠᠷ ᠨᠢᠭᠡᠨ ᠬᠡᠮᠵᠢᠭᠦᠷ ᠨᠢᠭᠡᠴᠢ ᠦᠭᠡᠢᠯᠡᠭᠳᠡᠨ᠎ᠡ᠃ ᠬᠣᠴᠣᠷᠴᠤ ᠪᠠᠢᠭ᠎ᠠ ᠨᠢ ᠬᠠᠷᠠᠪᠠᠰᠤ ᠲᠣᠳᠣᠷᠬᠠᠢ ᠴᠤ᠌ ᠶᠠᠮᠠᠷ ᠦᠵᠡᠭᠦᠯᠦᠯᠲᠡ ᠪᠡᠷ ᠶᠠᠭᠠᠬᠢᠵᠤ ᠬᠠᠷᠢᠴᠠᠭᠤᠯᠤᠭᠠᠳ ᠪᠠᠢᠭ᠎ᠠ ᠶ᠋ᠢ ᠪᠢᠳᠡ ᠮᠡᠳᠡᠳᠡᠭ ᠦᠭᠡᠢ᠃ ᠡᠨᠡᠴᠢᠯᠡᠨ ᠡᠳ᠋ ᠦ᠋ᠨ ᠵᠠᠰᠠᠭ ᠤ᠋ᠨ ᠥᠷᠢᠰᠦᠯᠳᠦᠭᠡᠨ ᠳ᠋ᠦ᠍ ᠡᠨᠡᠷᠢᠩᠭᠦᠢ ᠤᠬᠠᠭᠠᠨ ᠶᠣᠰᠣ ᠰᠤᠷᠲᠠᠬᠤᠨ ᠨᠥᠯᠥᠭᠡ ᠲᠡᠢ ᠭᠡᠰᠡᠨ ᠣᠨᠣᠯ ᠪᠠᠲᠤᠯᠠᠭ᠎ᠠ ᠭᠠᠷᠬᠤ ᠣᠷᠣᠯᠳᠣᠯᠭ᠎ᠠ ᠴᠤ᠌ ᠪᠣᠯᠤᠯᠴᠠᠭ᠎ᠠ ᠦᠭᠡᠢ ᠮᠡᠲᠦ᠃ ᠦᠨᠡᠨ ᠳ᠋ᠡᠭᠡᠨ ᠠᠮᠢᠨ ᠤ᠋ ᠲᠤᠬᠠᠢ ᠲᠤᠯᠭᠤᠷ ᠦᠵᠡᠯ᠂ ᠡᠨᠡᠷᠢᠩᠭᠦᠢ ᠶ᠋ᠢᠨ ᠰᠢᠨᠵᠢᠯᠡᠬᠦ ᠤᠬᠠᠭᠠᠨ ᠶᠣᠰᠣ ᠰᠤᠷᠲᠠᠬᠤᠨ ᠤ᠋ ᠭᠤᠷᠪᠠᠯ ᠣᠨᠣᠯ ᠠᠯᠠᠭ᠎ᠠ ᠪᠠᠢᠨ᠎ᠠ᠃
      ᠪᠢᠳᠡ ᠪᠠᠢᠭᠠᠯᠢ ᠶ᠋ᠢᠨ ᠠᠴᠢ ᠪᠠᠷ ᠮᠡᠳᠡᠯᠭᠡ ᠴᠢᠳᠠᠪᠤᠷᠢ ᠲᠠᠢ᠂ ᠥᠨᠳᠥᠷ ᠪᠣᠯᠪᠠᠰᠤᠷᠠᠯ ᠲᠠᠢ᠂ ᠲᠠᠩᠰᠤᠭ ᠠᠮᠢᠳᠤᠷᠠᠯ ᠲᠠᠢ ᠪᠣᠯᠤᠭᠰᠠᠨ ᠴᠤ᠌ ᠪᠤᠭᠤ ᠰᠢᠭ᠋᠂ ᠴᠢᠨᠣ᠎ᠠ ᠰᠢᠭ᠋᠂ ᠪᠤᠯᠠᠭ᠎ᠠ ᠮᠡᠲᠦ᠂ ᠰᠢᠷᠭᠤᠯᠵᠢ᠁ ᠰᠢᠪᠠᠭᠤ ᠮᠡᠲᠦ᠂ ᠠᠳᠠᠭᠯᠠᠭᠠᠳ ᠢᠯᠠᠭ᠎ᠠ ᠠᠳᠠᠯᠢ ᠰᠣᠬᠣᠷ ᠨᠣᠮᠣᠨ ᠠᠳᠠᠯᠢ ᠪᠠᠢᠭᠠᠯᠢ ᠳ᠋ᠤ᠌ ᠲᠤᠰᠠ ᠨᠡᠮᠡᠷᠢ ᠦᠭᠡᠢ ᠬᠠᠷᠢᠨ ᠴᠤ᠌ ᠨᠡᠮᠡᠭᠡᠰᠦ ᠭᠠᠢ ᠪᠣᠯᠳᠠᠭ ᠢ᠋ᠶ᠋ᠠᠷ ᠦᠯᠦ ᠪᠠᠷᠠᠮ ᠬᠣᠣᠷ᠁ ᠬᠢᠮᠢ᠁ ᠲᠧᠭᠨᠢᠭ᠁ ᠵᠡᠪᠰᠡᠭ ᠲᠦ᠍ ᠬᠠᠪᠢᠷᠭᠠᠨ᠂ ᠡᠷᠭᠢᠵᠦ ᠪᠠᠢᠭᠠᠯᠢ ᠳ᠋ᠤ᠌ ᠲᠡᠭᠦᠨ ᠢ᠋ᠶ᠋ᠡᠨ ᠬᠡᠷᠡᠭᠯᠡᠵᠦ ᠬᠣᠣᠷᠯᠠᠨ᠎ᠠ᠃ ᠬᠥᠮᠦᠨ ᠳᠡᠯᠡᠬᠡᠢ ᠶ᠋ᠢᠨ ᠪᠦᠬᠦ ᠲᠥᠷᠥᠯ ᠵᠦᠢᠯ ᠦ᠋ᠨ ᠠᠮᠢᠲᠠᠳ ᠢ᠋ ᠵᠠᠨᠤᠯᠬᠢᠯᠠᠨ ᠳᠠᠷᠤᠯᠠᠵᠤ᠂ ᠬᠤᠤᠳᠤᠤ ᠬᠠᠢᠷᠠᠯᠠᠨ ᠪᠤᠰᠠᠨᠢᠭᠤᠯᠵᠤ ᠭᠠᠭᠴᠠᠬᠦ ᠮᠣᠨᠣᠫᠣᠯᠢᠴᠢᠯᠠᠨ② ᠺᠣᠯᠣᠨᠢᠴᠢᠯᠠᠵᠤ ᠪᠠᠢᠨ᠎ᠠ᠃ ᠡᠴᠦᠰ ᠦ᠋ᠨ ᠭᠠᠭᠴᠠ ᠢᠯᠠᠭ᠎ᠠ ᠶ᠋ᠢ ᠬᠣᠣᠷ ᠢ᠋ᠶ᠋ᠠᠷ ᠤᠰᠠᠳᠬᠠᠵᠤ《 ᠠᠷᠢᠭᠤᠨ ᠰᠠᠢᠬᠠᠨ》 ᠣᠷᠴᠢᠨ ᠲᠠᠢ ᠪᠣᠯᠬᠤ ᠶ᠋ᠢ ᠮᠥᠷᠥᠭᠡᠳᠬᠦ ᠡᠨᠡᠭᠦᠬᠡᠨ ᠳ᠋ᠦ᠍᠃ ᠲᠡᠷᠡ ᠢᠯᠠᠯᠲᠠ ᠲᠠᠢ ᠳᠠᠪᠬᠤᠴᠠᠨ ᠪᠣᠷᠣ ᠰᠢᠪᠠᠭᠤ᠂ ᠲᠠᠭᠲᠠᠭ᠎ᠠ᠁ ᠥᠯᠪᠡᠷᠴᠦ᠂ ᠲᠡᠷᠡ ᠪᠤᠶᠠᠨ ᠢ᠋ᠶ᠋ᠠᠷ ᠨᠢᠭᠡᠨ ᠬᠡᠰᠡᠭ ᠲᠡᠭᠡᠨ ᠴᠠᠳᠤᠭᠰᠠᠨ ᠱᠣᠩᠬᠣᠷ᠂ ᠬᠠᠷᠴᠠᠭ᠎ᠠ ᠬᠡᠳᠦ ᠥᠰᠴᠦ ᠭᠡᠨᠡᠳᠲᠡ ᠤᠰᠠᠳᠴᠤ᠁ ᠲᠡᠳᠡ ᠦᠭᠡᠢ ᠡᠴᠡ ᠮᠠᠯ ᠠᠮᠢᠲᠠᠳ ᠤ᠋ᠨ ᠡᠪᠡᠳᠴᠢᠨ ᠲᠠᠬᠤᠯ ᠳᠡᠯᠭᠡᠷᠡᠵᠦ᠁ ᠬᠥᠮᠦᠨ ᠦ᠌ ᠬᠠᠷᠭᠢᠰ ᠵᠡᠷᠯᠢᠭ ᠰᠣᠨᠢᠷᠬᠠᠯ ᠤᠯᠠᠮ ᠪᠡᠷᠲᠡᠭᠴᠢᠨ ᠵᠣᠷᠢᠯᠭ᠎ᠠ ᠳ᠋ᠤ᠌ ᠰᠢᠯᠵᠢᠵᠦ ᠰᠠᠢᠨ ᠢ᠋ᠶ᠋ᠠᠷ ᠲᠥᠰᠥᠭᠡᠯᠡᠰᠢ ᠦᠭᠡᠢ ᠮᠤᠬᠤᠷᠳᠠᠯ ᠳ᠋ᠤ᠌ ᠠᠪᠲᠠᠨ᠎ᠠ ᠭᠡᠳᠡᠭ ᠢ᠋ᠶ᠋ᠡᠨ ᠮᠡᠳᠡᠪᠡᠴᠦ ᠥᠨᠥᠳᠥᠷ ᠦ᠋ᠨ ᠠᠰᠢᠭ ᠬᠤᠪᠢ ᠶ᠋ᠢᠨ ᠣᠯᠵᠠ ᠡᠴᠦᠰ ᠦ᠋ᠨ ᠰᠢᠢᠳᠪᠦᠷᠢ ᠪᠣᠯᠬᠤ ᠨᠢ ᠡᠮᠭᠡᠨᠢᠯ᠃ ᠬᠥᠮᠦᠨ ᠢᠯᠠᠭ᠎ᠠ ᠶ᠋ᠢ ᠤᠰᠠᠳᠬᠠᠵᠤ ᠴᠢᠳᠠᠪᠠᠴᠤ ᠰᠢᠨ᠎ᠡ ᠪᠡᠷ ᠡᠭᠦᠰᠬᠡᠬᠦ ᠴᠢᠳᠠᠪᠤᠷᠢ ᠦᠭᠡᠢ᠃ ᠲᠡᠭᠦᠨ ᠢ᠋ ᠬᠥᠮᠦᠨ ᠦ᠌ ᠭᠠᠢᠬᠠᠮᠰᠢᠭᠲᠤ ᠣᠶᠤᠨ ᠤᠬᠠᠭᠠᠨ ᠪᠤᠰᠤ ᠪᠠᠢᠭᠠᠯᠢ ᠪᠦᠲᠦᠭᠡᠭᠰᠡᠨ᠃ ᠴᠣᠬᠣᠮ ᠡᠢᠮᠦ ᠡᠴᠡ ᠴᠢᠨᠣ᠎ᠠ ᠶ᠋ᠢ ᠳᠠᠢᠰᠤᠨ ᠭᠡᠵᠦ ᠦᠵᠡᠨ ᠶᠠᠳᠠᠵᠤ ᠦᠯᠦ ᠪᠣᠯᠤᠨ᠎ᠠ᠂ ᠠᠰᠢᠭ ᠲᠠᠢ ᠭᠡᠵᠦ ᠠᠴᠢᠯᠠᠨ ᠥᠰᠬᠡᠵᠦ ᠴᠦ᠍ ᠦᠯᠦ ᠪᠣᠯᠤᠨ᠎ᠠ᠃ ᠭᠠᠭᠴᠠᠬᠦ ᠪᠣᠯᠤᠮᠵᠢ ᠶ᠋ᠢᠨ ᠢ᠋ᠶ᠋ᠡᠨ ᠬᠢᠷᠢ ᠪᠡᠷ ᠡᠪᠰᠡᠨ ᠠᠵᠤ ᠲᠥᠷᠥᠬᠦ ᠵᠠᠮ ᠲᠠᠢ ᠶ᠋ᠢ ᠲᠡᠦᠬᠡᠨ ᠥᠪ ᠭᠡᠷᠡᠴᠢᠯᠡᠳᠡᠭ᠃ ᠡᠨᠡ ᠯᠡ ᠤᠬᠠᠭᠠᠨ ᠣᠪᠣᠭ ᠢ᠋ᠶ᠋ᠠᠨ ᠴᠢᠨᠣ᠎ᠠ ᠠ᠋ᠴᠠ ᠡᠭᠦᠰᠬᠡᠯ ᠲᠡᠢ᠂ ᠪᠣᠳᠣᠩ ᠠ᠋ᠴᠠ ᠡᠬᠢ ᠲᠡᠢ᠂ ᠬᠣᠩ ᠬᠡᠷᠢᠶᠡᠨ ᠡᠴᠡ ᠭᠠᠷᠤᠯ ᠲᠠᠢ᠁ ᠭᠡᠬᠦ ᠮᠡᠲᠦ ᠣᠩᠭᠣᠨ ᠰᠢᠲᠦᠯᠭᠡ ᠶ᠋ᠢ(ᠹᠧᠲ᠋ᠢᠰᠢᠽᠮ) ᠡᠭᠦᠰᠬᠡᠵᠡᠢ᠃ ᠤᠭ ᠨᠢ ᠴᠢᠨᠣ᠎ᠠ ᠪᠣᠯ ᠴᠢᠨᠣ᠎ᠠ᠁ ᠭᠡᠳᠡᠭ ᠢ᠋ ᠡᠪᠦᠭᠡ ᠳᠡᠭᠡᠳᠦᠰ ᠮᠡᠳᠡᠵᠦ ᠯᠠ ᠪᠠᠢᠭᠰᠠᠨ᠃ ᠨᠢᠭᠡᠨ ᠴᠢᠨᠣ᠎ᠠ ᠭᠡᠬᠦ ᠳ᠋ᠦ᠍ ᠲᠡᠭᠦᠨ ᠳ᠋ᠦ᠍ ᠦᠷ᠎ᠡ ᠤᠳᠤᠮ ᠢ᠋ᠶ᠋ᠠᠨ ᠦᠯᠡᠳᠡᠭᠡᠬᠦ ᠪᠠᠢᠭᠠᠯᠢ ᠶ᠋ᠢᠨ ᠵᠠᠶᠠᠭ᠎ᠠ᠂ ᠲᠥᠷᠥᠯᠬᠢ ᠪᠦᠯᠢ᠂ ᠣᠷᠣᠨ᠂ ᠤᠨᠠᠭᠰᠠᠨ ᠭᠠᠵᠠᠷ ᠡᠬᠡ ᠨᠤᠲᠤᠭ ᠨᠢ ᠪᠠᠢᠭ᠎ᠠ᠃ ᠲᠡᠷᠡ ᠯᠠ ᠭᠠᠵᠠᠷ ᠤᠰᠤᠨ ᠳ᠋ᠠᠭᠠᠨ ᠤᠴᠢᠷ ᠲᠠᠪᠢᠯᠠᠩ ᠢ᠋ᠶ᠋ᠠᠷ ᠣᠨᠣᠭᠳᠠᠭᠰᠠᠨ ᠡᠭᠦᠷᠭᠡ ᠵᠣᠷᠢᠯᠭ᠎ᠠ ᠨᠢ ᠪᠠᠢᠭ᠎ᠠ᠃ ᠦᠷᠡᠷᠲᠦ ᠶ᠋ᠢᠨ ᠠᠮᠠ ᠭᠡᠳᠡᠭ ᠭᠠᠵᠠᠷ ᠬᠦᠦ ᠲᠥᠷᠥᠭᠰᠡᠨ᠂ ᠲᠡᠨᠳᠡ ᠪᠠᠰᠠ ᠲᠡᠷᠡ ᠴᠢᠨᠣ᠎ᠠ ᠪᠡᠯᠲᠡᠷᠭᠡ ᠪᠣᠯᠵᠤ ᠡᠬᠡ ᠡᠴᠡ ᠮᠡᠨᠳᠦᠯᠡᠭᠰᠡᠨ᠂ ᠪᠠᠰᠠ ᠥᠳᠥ ᠬᠣᠷᠣᠬᠠᠢ᠁ ᠰᠢᠷᠭᠤᠯᠵᠢ ᠶ᠋ᠢᠨ ᠴᠤ᠌ ᠲᠥᠷᠥᠭᠰᠡᠨ ᠨᠤᠲᠤᠭ ᠥᠰᠦᠭᠰᠡᠨ ᠭᠠᠵᠠᠷ ᠨᠢ ᠪᠢᠯᠡ᠃ ᠭᠡᠲᠡᠯ᠎ᠡ ᠡᠨᠡ ᠬᠥᠮᠦᠨ ᠳ᠋ᠦ᠍ ᠫᠤᠤᠳᠠᠭᠤᠯᠬᠤ ᠭᠡᠵᠦ ᠨᠢᠭᠡ ᠨᠤᠲᠤᠭ ᠲᠤ᠌ ᠴᠢᠨᠣ᠎ᠠ ᠶ᠋ᠢᠨ ᠦᠷ᠎ᠡ ᠲᠥᠷᠥᠭᠰᠡᠨ ᠭᠡᠵᠦ ᠪᠣᠳᠣᠵᠤ ᠪᠣᠯᠤᠨ᠎ᠠ ᠭᠡᠵᠦ ᠤᠤ? ᠪᠢᠳᠡ ᠯᠠ ᠭᠠᠭᠴᠠ ᠡᠵᠡᠨ ᠨᠢ ᠮᠡᠲᠦ ᠭᠡᠷ ᠲᠡᠭᠡᠨ ᠠᠭᠠᠯᠵᠢ ᠦᠵᠡᠭᠳᠡᠭᠰᠡᠨ ᠴᠦ᠍ ᠨᠢᠴᠠ ᠴᠣᠬᠢᠬᠤ ᠶ᠋ᠢ ᠡᠷᠬᠢᠮᠯᠡᠨ᠎ᠡ? ᠡᠨᠡ ᠪᠣᠯ ᠮᠣᠩᠭᠣᠯ ᠵᠠᠩ ᠪᠢᠰᠢ᠃ ᠪᠢᠳᠡ ᠯᠠ ᠪᠠᠢᠰᠢᠩ ᠢ᠋ᠶ᠋ᠠᠨ ᠪᠠᠷᠢᠵᠤ ᠬᠢᠮᠡᠯ ᠬᠣᠲᠠ᠂ ᠬᠢᠮᠢᠵᠢᠭᠦᠯᠬᠦ ᠦᠢᠯᠡᠳᠪᠦᠷᠢ ᠪᠡᠨ ᠪᠤᠰᠬᠠᠬᠤ ᠪᠠᠷ ᠲᠷᠠᠺᠲ᠋ᠣᠷ ᠢ᠋ᠶ᠋ᠠᠷ ᠲᠦᠷᠢᠬᠦ ᠡᠷᠬᠡ ᠲᠡᠢ᠁ ᠵᠠᠰᠠᠭ ᠤ᠋ᠨ ᠭᠠᠵᠠᠷ ᠤ᠋ᠨ ᠵᠥᠪᠰᠢᠶᠡᠷᠡᠯ ᠲᠡᠢ᠃ ᠬᠠᠷᠢᠨ ᠪᠠᠢᠭᠠᠯᠢ ᠶ᠋ᠢᠨ ᠵᠥᠪᠰᠢᠶᠡᠷᠡᠯ ᠠᠪᠳᠠᠭ ᠪᠢᠯᠡ ᠤᠤ? ᠲᠠᠷᠪᠠᠭᠠᠨ ᠤ᠋ ᠵᠠᠰᠠᠭ ᠤ᠋ᠨ ᠭᠠᠵᠠᠷ᠂ ᠲᠠᠤᠯᠠᠢ ᠶ᠋ᠢᠨ ᠡᠷᠬᠡ ᠴᠢᠯᠥᠭᠡ᠂ ᠵᠡᠭᠡᠷ᠎ᠡ ᠶ᠋ᠢᠨ ᠵᠢᠭᠰᠠᠭᠠᠯ᠂ ᠪᠣᠭᠣᠨ ᠤ᠋ ᠡᠰᠡᠷᠭᠦᠴᠡᠯ ᠭᠡᠵᠦ ᠪᠠᠢᠬᠤ ᠪᠢᠰᠢ᠃ ᠬᠥᠮᠦᠨ ᠲᠡᠳᠡᠨ ᠲᠡᠢ ᠶᠠᠷᠢᠬᠤ ᠭᠠᠭᠴᠠᠬᠠᠨ ᠬᠡᠯᠡ ᠲᠡᠢ᠂ ᠲᠡᠷᠡ ᠨᠢ ᠰᠤᠮᠤᠯᠠᠭᠰᠠᠨ ᠫᠤᠤ ᠪᠣᠯᠵᠠᠢ᠃ ᠪᠠᠢᠭᠠᠯᠢ ᠳ᠋ᠠᠭᠠᠨ ᠡᠶᠡᠷᠭᠦ ᠰᠡᠳᠬᠢᠯ ᠦ᠋ᠨ ᠬᠢᠭᠡᠳ ᠰᠡᠳᠬᠢᠯᠭᠡᠨ ᠦ᠌ ᠮᠣᠩᠭᠣᠯ ᠥᠪᠡᠷᠮᠢᠴᠡ ᠲᠥᠷᠬᠦ ᠤᠯᠠᠮᠵᠢᠯᠠᠯᠲᠤ ᠬᠥᠮᠦᠵᠢᠯ ᠨᠢ ᠪᠠᠢᠭᠰᠠᠨ᠁ ᠪᠢᠯᠡ᠃ ᠳᠡᠯᠡᠬᠡᠢ ᠠᠮᠢ ᠲᠠᠢ᠁ ᠳᠡᠪᠬᠡᠷᠭᠡ③ ᠠᠮᠢ ᠲᠠᠢ᠁ ᠬᠥᠮᠦᠨ ᠠᠮᠢ ᠲᠠᠢ᠁ ᠨᠢᠭᠡ ᠨᠢ ᠬᠥᠨᠥᠭᠡᠭᠳᠡᠪᠡᠯ ᠨᠡᠢᠲᠡ ᠳ᠋ᠦ᠍ ᠬᠠᠮᠤᠷᠬᠤ ᠠᠶᠤᠯ ᠵᠡᠭᠡᠰᠦᠲᠡᠢ᠃ᠭᠡᠪᠡᠴᠦ᠁ ᠲᠡᠩᠴᠡᠪᠦᠷᠢ᠁ᠡᠺᠣᠯᠣᠭᠢ᠁ ᠭᠠᠭᠴᠠ ᠡᠵᠡᠨ ᠬᠥᠮᠦᠨ ᠦ᠌ ᠯᠡ ᠮᠡᠳᠡᠯᠭᠡ ᠳ᠋ᠦ᠍ ᠪᠠᠢᠨ᠎ᠠ᠃ ᠬᠥᠮᠦᠨ ᠰᠢᠢᠳᠴᠦ᠂ ᠭᠡᠬᠦ ᠳ᠋ᠡᠭᠡᠨ ᠭᠠᠭᠴᠠᠬᠦ ᠬᠥᠮᠦᠨ ᠦ᠌ ᠲᠤᠯᠠᠳᠠ ᠯᠠ᠁ᠠᠰᠠᠭᠤᠳᠠᠯ ᠳᠠᠭᠤᠰᠴᠤ ᠪᠠᠢᠨ᠎ᠠ᠃ ᠡᠨᠡ ᠪᠣᠯ ᠢᠷᠡᠭᠡᠳᠦᠢ᠁ ᠬᠥᠮᠦᠨ ᠦ᠌ ᠰᠠᠢᠨ ᠰᠠᠢᠬᠠᠨ ᠤ᠋ ᠲᠤᠯᠠᠳᠠ ᠪᠠᠢᠭᠠᠯᠢ ᠦᠭᠡᠢᠷᠡᠵᠦ ᠪᠣᠢ ᠢᠷᠡᠭᠡᠳᠦᠢ᠃ ᠪᠠᠢᠭᠠᠯᠢ ᠶ᠋ᠢᠨ ᠢᠷᠡᠭᠡᠳᠦᠢ ᠰᠢᠭᠤᠳ ᠬᠥᠮᠦᠨ ᠡᠴᠡ ᠬᠠᠮᠢᠶᠠᠷᠬᠤ ᠪᠣᠯᠵᠤ᠁ ᠦᠭᠡᠢᠷᠡᠬᠦ ᠠᠵᠠᠢ᠃ ᠡᠨᠡ ᠠᠷᠠᠨᠰᠢᠨ ᠮᠣᠩᠭᠣᠯ ᠬᠥᠮᠦᠨ ᠦ᠌ ᠬᠤᠪᠢ ᠳ᠋ᠤ᠌ ᠬᠥᠮᠦᠨ ᠲᠥᠷᠥᠯᠬᠢᠲᠡᠨ ᠡᠴᠡ ᠰᠤᠷᠤᠯᠴᠠᠵᠤ ᠪᠣᠢ ᠰᠢᠨ᠎ᠡ《ᠰᠣᠶᠣᠯ》 ᠪᠣᠯᠵᠤ ᠪᠠᠢᠨ᠎ᠠ᠃ ᠤᠭ ᠨᠢ ᠪᠤᠭᠤ ᠶ᠋ᠢ ᠪᠠᠢᠭᠠᠯᠢ ᠶ᠋ᠢᠨ ᠠᠮᠢᠨ ᠣᠷᠣᠨ ᠤ᠋ ᠡᠯᠴᠢ ᠭᠡᠮᠡᠨ ᠳᠡᠭᠡᠳᠦᠯᠡᠳᠡᠭ᠂ ᠣᠯᠠᠨ ᠰᠠᠯᠠᠭ᠎ᠠ ᠡᠪᠡᠷ ᠨᠢ ᠬᠥᠮᠦᠨ ᠬᠢᠭᠡᠳ ᠠᠮᠢᠲᠠᠨ ᠤ᠋ ᠠᠢᠮᠠᠭ ᠲᠤ᠌ ᠭᠠᠵᠠᠷ᠂ ᠤᠰᠤ᠂ ᠯᠤᠤᠰ ᠰᠠᠪᠳᠠᠭ ᠤ᠋ᠨ ᠮᠡᠳᠡᠭᠡᠯᠡᠯ ᠳᠠᠮᠵᠢᠭᠤᠯᠳᠠᠭ ᠣᠪᠢᠳᠢᠰ ᠪᠣᠢ ᠭᠡᠮᠡᠨ ᠡᠰᠢᠯᠡᠭᠰᠡᠨ ᠠᠭᠠᠳ ᠲᠡᠷᠡᠬᠦ ᠷᠢᠳᠢ ᠰᠢᠳᠢᠲᠦ ᠤᠴᠢᠷ ᠢ᠋ ᠪᠠᠯᠠᠷ ᠴᠠᠭ ᠤ᠋ᠨ ᠲᠡᠷᠡ ᠬᠥᠮᠦᠨ ᠣᠢᠯᠠᠭᠠᠭᠰᠠᠨ ᠶᠠᠪᠤᠳᠠᠯ ᠭᠠᠢᠬᠠᠮᠰᠢᠭ᠃ ᠤᠴᠢᠷ ᠡᠢᠮᠦ ᠡᠴᠡ ᠪᠠᠲᠤᠯᠠᠭ᠎ᠠ ᠨᠢ ᠮᠣᠩᠭᠣᠯ ᠨᠤᠲᠤᠭ ᠲᠤ ᠲᠦᠭᠡᠮᠡᠯ ᠪᠣᠭᠣᠨ ᠬᠥᠰᠢᠶ᠎ᠡ᠂ ᠪᠤᠭᠤ ᠶ᠋ᠢᠨ ᠵᠢᠷᠤᠭᠲᠤ ᠬᠠᠳᠠ ᠳᠤᠷᠠᠰᠬᠠᠯ ᠤ᠋ᠨ ᠪᠠᠶᠠᠨ ᠥᠪ ᠠᠵᠠᠢ᠃ ᠨᠤᠲᠤᠭ ᠰᠡᠯᠭᠦᠨ ᠭᠦᠶᠦᠵᠦ ᠶᠠᠪᠤᠭ᠎ᠠ ᠣᠩᠭᠣᠨ ᠪᠤᠭᠤ ᠶ᠋ᠢ ᠯᠤᠤᠰ ᠤ᠋ᠨ ᠤᠨᠤᠭ᠎ᠠ᠂ ᠯᠤᠤᠰ ᠰᠠᠪᠳᠠᠭ ᠤ᠋ᠨ ᠬᠡᠯᠡᠮᠦᠷᠴᠢ ᠭᠡᠮᠡᠨ ᠪᠠᠷ᠎ᠠ ᠬᠠᠷᠠᠭᠳᠠᠭᠰᠠᠨ ᠭᠠᠵᠠᠷ ᠨᠢ ᠰᠥᠭᠥᠳᠦᠨ ᠮᠥᠷᠭᠥᠵᠦ ᠢᠳᠡᠭᠡ ᠤᠮᠳᠠᠭᠠᠨ ᠤ᠋ ᠳᠡᠭᠡᠵᠢ ᠪᠡᠨ ᠡᠷᠭᠦᠨ ᠰᠢᠨᠵᠢᠵᠦ ᠥᠭᠡᠳᠡᠯᠡᠭᠰᠡᠨ᠂ ᠪᠠᠰᠠ ᠲᠡᠷᠰᠯᠡᠭᠴᠢ ᠵᠠᠷᠢᠮ ᠤ᠋ᠨ ᠭᠠᠯ ᠭᠣᠯᠣᠮᠲᠠ ᠰᠦᠢᠷᠡᠭᠰᠡᠨ ᠳᠣᠮᠣᠭ ᠠᠮᠢᠳᠤᠷᠠᠯ ᠤ᠋ᠨ ᠰᠦᠯᠵᠢᠶ᠎ᠡ ᠠᠮᠢᠨ ᠣᠨᠣᠯ ᠤ᠋ᠨ ᠦᠨᠡᠨ ᠠᠪᠠᠢ᠃ ᠪᠤᠭᠤ ᠶ᠋ᠢᠨ ᠡᠪᠡᠷ ᠭᠠᠵᠠᠷ ᠯᠤᠤᠰ ᠤ᠋ᠨ ᠮᠡᠳᠡᠭᠡᠯᠡᠯ ᠢ᠋ ᠬᠦᠯᠢᠶᠡᠨ ᠠᠪᠴᠤ ᠳᠠᠶᠠᠩ ᠳ᠋ᠤ᠌ ᠵᠠᠷᠯᠠᠳᠠᠭ ᠢ᠋ ᠬᠡᠨ ᠪᠠᠲᠤᠯᠠᠭᠰᠠᠨ ᠶᠤᠮ ᠪᠣᠢ ᠭᠡᠮᠡᠨ ᠡᠷᠡᠭᠡᠯᠵᠡᠨ᠎ᠡ ᠤᠤ ᠭᠡᠬᠦ ᠡᠴᠡ ᠪᠢᠰᠢ ᠪᠤᠷᠬᠠᠨ ᠤ᠋ ᠰᠢᠲᠦᠯᠭᠡ ᠭᠡᠭᠡᠵᠦ ᠪᠤᠳ᠋ᠳ᠋ᠾᠠ ᠶ᠋ᠢᠨ ᠱᠠᠰᠢᠨ ᠳ᠋ᠤ᠌ ᠶᠣᠰᠣ ᠵᠠᠩᠰᠢᠯ ᠢ᠋ᠶ᠋ᠠᠨ ᠠᠭᠤᠰᠬᠠᠨ ᠳᠠᠭᠠᠭᠰᠠᠨ᠃ ᠪᠢᠳᠡ ᠥᠨᠥᠳᠥᠷ ᠶᠠᠭᠤ ᠪᠠᠨ ᠭᠠᠳᠠᠷᠯᠠᠬᠤ ᠪᠢᠯᠡ᠃ ᠭᠡᠲᠡᠯ᠎ᠡ ᠪᠠᠢᠭᠠᠯᠢ ᠶ᠋ᠢᠨ ᠣᠶᠤᠨᠲᠤ ᠣᠷᠣᠨ ᠤ᠋ ᠡᠯᠴᠢ ᠨᠢ ᠴᠢᠨᠣ᠎ᠠ ᠠᠵᠤᠭᠤ᠃ ᠲᠡᠭᠦᠨ ᠡᠴᠡ ᠢᠯᠡᠭᠦᠦ ᠤᠬᠠᠭᠠᠨᠲᠠᠨ ᠭᠡᠳᠡᠭ ᠢ᠋ᠶ᠋ᠡᠨ ᠦᠵᠡᠭᠦᠯᠬᠦ ᠳᠤᠷ᠎ᠠ ᠲᠠᠢ ᠬᠥᠮᠦᠨ ᠭᠡᠭᠴᠢ ᠶ᠋ᠢᠨ ᠴᠢᠨᠣ᠎ᠠ ᠲᠠᠢ ᠲᠡᠷᠰᠯᠡᠭᠦᠦ ᠴᠢᠨᠠᠷ ᠨᠢ ᠣᠷᠣᠰᠢᠬᠤ ᠡᠰᠡ ᠣᠷᠣᠰᠢᠬᠤ ᠶ᠋ᠢᠨ ᠲᠡᠮᠡᠴᠡᠯ᠂ ᠬᠡᠢᠮᠣᠷᠢ ᠶ᠋ᠢᠨ ᠰᠢᠯᠭᠠᠭᠤᠷ ᠭᠡᠨ᠎ᠡ᠃ ᠬᠠᠷᠢᠨ ᠪᠥᠷᠲᠡ ᠪᠤᠶᠤ ᠴᠠᠭᠠᠨ ᠥᠩᠭᠡ ᠲᠡᠢ ᠴᠢᠨᠣ᠎ᠠ ᠮᠥᠩᠬᠡ ᠭᠠᠯ ᠣᠪᠣᠭᠲᠠᠨ ᠬᠥᠮᠦᠨ ᠪᠢᠳᠡᠨ ᠦ᠌ ᠣᠶᠤᠨ ᠰᠠᠨᠠᠭᠠᠨ ᠤ᠋ ᠡᠴᠢᠭᠡ ᠲᠤᠯᠠ ᠠᠪᠠᠯᠠᠬᠤ ᠪᠤᠰᠤ ᠠᠪᠤᠷᠠᠬᠤ᠂ ᠮᠥᠷᠭᠥᠬᠦ᠂ ᠰᠢᠲᠦᠬᠦ ᠡᠴᠡ ᠥᠭᠡᠷ᠎ᠡ ᠴᠦ᠍ ᠬᠠᠨᠳᠤᠯᠭ᠎ᠠ ᠭᠠᠷᠭᠠᠬᠤ ᠶᠣᠰᠣᠨ ᠦᠭᠡᠢ ᠠᠵᠢᠶᠠᠮ᠃ ᠡᠭᠦᠨ ᠯᠦᠭᠡ ᠠᠳᠠᠯᠢ ᠴᠠᠭᠠᠨ ᠦᠨᠡᠭᠡ᠂ ᠲᠠᠷᠪᠠᠭ᠎ᠠ᠂ ᠲᠠᠤᠯᠠᠢ ᠶ᠋ᠢ ᠴᠤ᠌ ᠡᠰᠡ ᠬᠣᠷᠣᠭᠠᠬᠤ ᠴᠡᠭᠡᠷᠯᠡᠯ ᠲᠦᠭᠡᠵᠡᠢ᠃ ᠪᠤᠭᠤ ᠶ᠋ᠢᠨ ᠰᠠᠢᠬᠠᠨ ᠦᠷ᠎ᠡ ᠭᠤᠸ᠎ᠠ ᠮᠠᠷᠠᠯ᠂ ᠪᠥᠷᠲᠡ ᠴᠢᠨᠣ᠎ᠠ ᠬᠣᠶᠠᠷ ᠤ᠋ᠨ ᠳᠣᠮᠣᠭ ᠵᠦᠢ ᠶ᠋ᠢᠨ ᠭᠠᠷᠪᠠᠯᠢ ᠨᠢᠭᠤᠴᠠ ᠡᠢᠮᠦ ᠠᠵᠠᠢ᠂ ᠡᠨᠡ ᠰᠡᠳᠬᠢᠯᠭᠡ ᠪᠤᠭᠤ ᠶ᠋ᠢ ᠡᠶᠡᠷᠡᠬᠦ᠂ ᠴᠢᠨᠣ᠎ᠠ ᠶ᠋ᠢ ᠰᠥᠷᠬᠦ ᠤᠳᠬ᠎ᠠ ᠲᠠᠢ ᠨᠡᠭᠡᠭᠡᠵᠦ ᠲᠡᠳᠡᠨ ᠦ᠌ ᠳᠤᠮᠳᠠ ᠠ᠋ᠴᠠ ᠴᠢᠨᠣ᠎ᠠ ᠮᠡᠲᠦ ᠠᠷᠢᠶᠠᠲᠠᠨ᠂ ᠪᠤᠭᠤ ᠮᠡᠲᠦ ᠠᠪᠤᠷᠠᠯᠲᠠ ᠲᠥᠷᠬᠦ ᠠᠭᠤᠯᠤᠭᠰᠠᠨ ᠬᠡᠢᠮᠣᠷᠢ ᠲᠡᠭᠦᠰ ᠮᠣᠩᠭᠣᠯ ᠬᠥᠮᠦᠨ ᠡᠭᠦᠰᠦᠭᠰᠡᠨ ᠭᠡᠬᠦ ᠭᠦᠨ ᠤᠬᠠᠭᠠᠨ ᠨᠡᠭᠡᠭᠡᠭᠰᠡᠨ ᠨᠢ ᠪᠠᠢᠭᠠᠯᠢ ᠶ᠋ᠢᠨ ᠮᠥᠨ ᠴᠢᠨᠠᠷ ᠠᠮᠢᠨ ᠨᠢᠭᠡᠳᠦᠯ ᠦ᠋ᠨ ᠦᠨᠳᠦᠰᠦ ᠡᠯᠢᠭᠡ ᠲᠡᠢ ᠶ᠋ᠢ ᠨᠣᠮᠯᠠᠭᠰᠠᠨ ᠰᠤᠷᠭᠠᠯ ᠶᠤᠮ᠃ ᠢᠳᠢᠶᠡᠯ ᠮᠠᠲ᠋ᠧᠷᠢ ᠬᠣᠶᠠᠷ ᠢ᠋ ᠡᠰᠡᠷᠭᠦ ᠡᠶᠡᠷᠭᠦ ᠬᠣᠶᠠᠷ ᠢ᠋ ᠠᠮᠢᠯᠠᠭᠤᠯᠬᠤ ᠶ᠋ᠢᠨ ᠰᠣᠩᠭᠣᠳᠠᠭ ᠵᠢᠱ᠌ᠢᠶ᠎ᠡ ᠡᠨᠡ ᠪᠠᠢᠵᠠᠢ᠃ ᠭᠤᠷᠪᠠᠯ ᠤ᠋ᠨ ᠣᠨᠣᠯ ᠡᠺᠧᠯᠧᠺᠲ᠋ᠢᠽᠮ ᠪᠤᠰᠤ ᠲᠤᠯᠠ ᠬᠡᠪᠰᠢᠭᠰᠡᠨ ᠤᠬᠠᠭᠳᠠᠬᠤᠨ ᠪᠦᠷᠢ ᠳ᠋ᠦ᠍ ᠰᠢᠨᠡᠴᠢᠯᠡᠯᠲᠡ ᠰᠡᠳᠬᠢᠯᠭᠡ ᠳᠡᠪᠰᠢᠭᠦᠯᠵᠦ ᠢᠯᠭᠠᠷᠠᠬᠤ ᠶᠣᠰᠣᠲᠠᠢ ᠪᠣᠯᠤᠨ᠎ᠠ᠃ ᠵᠢᠱ᠌ᠢᠶ᠎ᠡ ᠨᠢ ᠡᠷᠬᠡ ᠴᠢᠯᠥᠭᠡ᠂ ᠲᠡᠭᠰᠢ ᠡᠷᠬᠡ᠂ ᠠᠵᠠ ᠵᠢᠷᠭᠠᠯ᠂ ᠬᠥᠮᠦᠵᠢᠯ ᠭᠡᠬᠦ ᠮᠡᠲᠦ ᠣᠢᠯᠠᠭᠠᠯᠲᠠ ᠨᠤᠭᠤᠳ ᠢ᠋ ᠯᠡ ᠭᠡᠬᠦ ᠳ᠋ᠦ᠍ ᠬᠥᠮᠦᠨ ᠦ᠌ ᠨᠡᠢᠭᠡᠮ ᠦ᠋ᠨ ᠬᠡᠳᠦ ᠢᠪᠴᠤᠤ ᠬᠦᠷᠢᠶᠡᠨ ᠡᠴᠡ ᠭᠠᠷᠭᠠᠵᠤ ᠣᠷᠴᠢᠯᠠᠩ ᠤ᠋ᠨ ᠬᠡᠮᠵᠢᠶᠡᠨ(ᠪᠠᠢᠭᠠᠯᠢ) ᠳ᠋ᠤ᠌ ᠠᠪᠴᠤ ᠦᠵᠡᠬᠦ ᠱᠠᠭᠠᠷᠳᠠᠯᠭ᠎ᠠ ᠳᠡᠪᠰᠢᠭᠳᠡᠨ᠎ᠡ᠃ ᠪᠤᠭᠤ ᠰᠤᠭᠤᠨ ᠳ᠋ᠤ᠌ ᠡᠷᠬᠡ ᠴᠢᠯᠥᠭᠡ ᠣᠯᠭᠣᠬᠤ᠂ ᠪᠤᠯᠠᠭ᠎ᠠ ᠮᠢᠨᠵᠢ ᠲᠡᠢ ᠪᠠᠢᠭᠠᠯᠢ ᠶ᠋ᠢᠨ ᠡᠮᠦᠨ᠎ᠡ ᠲᠡᠭᠰᠢ ᠡᠷᠬᠡ ᠡᠳ᠋ᠯᠡᠵᠦ ᠠᠵᠤ ᠲᠥᠷᠥᠬᠦ᠂ ᠪᠠᠢᠭᠠᠯᠢ ᠳ᠋ᠤ᠌ ᠠᠵᠠ ᠵᠢᠷᠭᠠᠯ ᠡᠳ᠋ᠯᠡᠭᠦᠯᠬᠦ《ᠤᠯᠤᠰ ᠲᠥᠷᠥ》 ᠶ᠋ᠢᠨ ᠲᠡᠳᠦᠢ ᠦᠭᠡᠢ ᠵᠣᠷᠢᠯᠭ᠎ᠠ ᠪᠠᠢᠬᠤ ᠶᠣᠰᠣᠲᠠᠢ᠃ ᠬᠥᠮᠦᠵᠢᠯ ᠦ᠋ᠨ ᠰᠡᠳᠦᠪ ᠢ᠋ ᠬᠥᠮᠦᠨ ᠦ᠌ ᠨᠡᠢᠭᠡᠮ ᠦ᠋ᠨ ᠬᠦᠷᠢᠶᠡᠨ ᠡᠴᠡ ᠬᠠᠯᠢᠵᠤ ᠪᠠᠢᠭᠠᠯᠢ ᠣᠷᠴᠢᠯᠠᠩ ᠤ᠋ᠨ ᠠᠢ ᠰᠠᠪᠠ ᠳ᠋ᠤ᠌ ᠬᠠᠮᠢᠶᠠᠳᠠᠭᠤᠯᠳᠠᠭ ᠶᠣᠰᠣ(ᠬᠠᠤᠯᠢ) ᠮᠣᠩᠭᠣᠯ ᠤ᠋ᠨ ᠳᠡᠭᠡᠳᠦ ᠦᠶ᠎ᠡ ᠳ᠋ᠦ᠍ ᠤᠯᠠᠮᠵᠢᠯᠠᠯ ᠠᠭᠰᠠᠨ ᠢ᠋ ᠬᠣᠴᠣᠷᠤᠭᠳᠠᠯ ᠭᠡᠮᠡᠨ ᠳᠣᠣᠷᠠᠰᠢᠶᠠᠭᠰᠠᠭᠠᠷ ᠪᠠᠢᠬᠤ ᠤᠤ? ᠬᠠᠯᠠᠭᠤᠨ ᠬᠣᠰᠢᠭᠤ ᠲᠠᠢ ᠮᠠᠯ ᠪᠡᠯᠭᠡᠯᠡᠬᠦ᠂ ᠵᠢᠰᠦᠯᠡᠵᠦ ᠥᠭᠬᠦ᠂ ᠮᠠᠯ ᠨᠡᠷᠡᠰᠢᠭᠦᠯᠬᠦ(ᠵᠦᠭᠲᠡᠢ ᠶ᠋ᠢᠨ ᠪᠣᠷᠣ ᠮᠣᠷᠢ ᠭᠡᠬᠦ ᠮᠡᠲᠦ)᠂ ᠪᠤᠯᠠᠭ ᠲᠤ ᠴᠠᠭᠠᠨ ᠶᠠᠭᠤᠮ᠎ᠠ(ᠰᠦ) ᠣᠷᠣᠭᠤᠯᠬᠤ ᠪᠣᠢ ᠭᠡᠵᠦ ᠰᠢᠨᠠᠭ᠎ᠠ ᠶ᠋ᠢ ᠨᠢ ᠴᠡᠪᠡᠷᠰᠢᠭᠦᠯᠬᠦ᠂ ᠰᠢᠪᠠᠭᠤᠨ ᠤ᠋ ᠥᠨᠳᠡᠭᠡᠨ ᠳ᠋ᠦ᠍ ᠰᠡᠭᠦᠳᠡᠷ ᠳᠤᠰᠬᠠᠪᠠᠯ(ᠣᠢᠷᠠᠳᠪᠠᠯ) ᠡᠬᠡ ᠨᠢ ᠭᠣᠯᠣᠳᠠᠭ᠂ ᠰᠢᠪᠠᠭᠤ ᠲᠡᠮᠦᠷ ᠳᠥᠷᠥᠭᠡ ᠰᠠᠳᠠᠷᠠᠲᠠᠯ᠎ᠠ ᠬᠠᠷᠢᠶᠠᠳᠠᠭ ᠭᠡᠵᠦ ᠰᠤᠷᠭᠠᠬᠤ᠁ ᠬᠡᠦᠬᠡᠳ ᠢ᠋《ᠬᠥᠮᠦᠨ》 ᠦᠭᠡᠯᠡᠵᠦ ᠪᠤᠰᠤ᠂ ᠪᠠᠢᠭᠠᠯᠢ ᠳ᠋ᠤ᠌ ᠬᠠᠷᠢᠴᠠᠵᠤ ᠬᠥᠮᠦᠵᠢᠭᠦᠯᠳᠡᠭ ᠠᠭᠰᠠᠨ ᠡᠨᠡ ᠲᠤᠷᠰᠢᠯᠭ᠎ᠠ ᠮᠣᠩᠭᠣᠯ ᠤᠬᠠᠭᠠᠨ ᠪᠤᠶᠤ《ᠭᠤᠷᠪᠠᠯ ᠣᠨᠣᠯ》 ᠪᠥᠯᠥᠭᠡ᠃ ᠠᠮᠢᠨ ᠹᠢᠯᠣᠰᠣᠹᠢ ᠭᠡᠳᠡᠭ《ᠪᠢ》 ᠭᠤᠷᠪᠠᠨ ᠴᠠᠭ ᠤ᠋ᠨ ᠰᠦᠯᠵᠢᠶ᠎ᠡ ᠶᠦᠮ᠃ ᠥᠩᠭᠡᠷᠡᠭᠰᠡᠨ ᠴᠠᠭ ᠬᠣᠴᠣᠷᠤᠭᠰᠠᠨ ᠪᠤᠰᠤ᠂ ᠥᠨᠥᠳᠥᠷ ᠬᠥᠭᠵᠢᠯ ᠲᠡᠢ ᠪᠤᠰᠤ᠂ ᠮᠠᠷᠭᠠᠰᠢ ᠳ᠋ᠧᠪᠠᠵᠠᠨ ᠪᠤᠰᠤ᠃ ᠡᠢᠮᠦ ᠡᠴᠡ ᠥᠩᠭᠡᠷᠡᠭᠰᠡᠨ ᠴᠠᠭ ᠤᠨᠠᠭᠠᠨ ᠬᠥᠭᠵᠢᠯ᠂ ᠣᠳᠣ ᠴᠠᠭ ᠭᠠᠵᠢᠭᠤ ᠬᠥᠭᠵᠢᠯ᠂ ᠢᠷᠡᠭᠡᠳᠦᠢ ᠴᠠᠭ ᠮᠤᠬᠤᠷᠳᠠᠮᠠᠯ ᠬᠥᠭᠵᠢᠯ ᠨᠥᠬᠥᠴᠡᠯ ᠪᠠᠢᠨ᠎ᠠ᠃ ᠭᠡᠬᠦ ᠳ᠋ᠡᠭᠡᠨ ᠦᠨᠡᠨ ᠨᠢᠭᠡ ᠪᠢᠰᠢ᠃ ᠠᠮᠢ ᠪᠦᠷᠢ ᠶ᠋ᠢᠨ ᠨᠢᠭᠡ ᠦᠨᠡᠨ ᠢ᠋ ᠨᠤᠲᠠᠯᠠᠨ᠎ᠠ᠂ ᠨᠣᠮᠯᠠᠨ᠎ᠠ᠃ ᠬᠡᠪᠢᠰᠦᠨ ᠳᠡᠭᠡᠷ᠎ᠡ᠂ ᠭᠣᠣᠯ ᠤ᠋ᠨ ᠡᠷᠭᠢ ᠳ᠋ᠦ᠍᠂ ᠠᠭᠤᠯᠠ ᠶ᠋ᠢᠨ ᠴᠠᠷᠠᠮ ᠳ᠋ᠤ᠌ ᠰᠢᠷᠭᠤᠯᠵᠢ ᠪᠦᠷᠢ ᠥᠭᠡᠷ᠎ᠡ ᠵᠠᠮ ᠢ᠋ᠶ᠋ᠠᠷ ᠥᠪᠡᠷ ᠦ᠋ᠨ ᠲᠡᠦᠬᠡ ᠪᠡᠨ ᠪᠦᠲᠦᠭᠡᠵᠦ ᠤᠬᠠᠮᠰᠠᠷ ᠢ᠋ᠶ᠋ᠠᠨ ᠳᠠᠷᠬᠠᠯᠠᠨ᠎ᠠ᠃ ᠡᠨᠡᠴᠢᠯᠡᠨ6 ᠲᠡᠷᠪᠤᠮ④ ᠬᠥᠮᠦᠨ ᠦ᠌6 ᠲᠡᠷᠪᠤᠮ ᠹᠢᠯᠣᠰᠣᠹᠢ ᠲᠡᠦᠬᠡ ᠨᠥᠬᠥᠴᠡᠯᠳᠦᠪᠡᠴᠦ ᠢᠵᠠᠭᠤᠷ ᠨᠢ ᠭᠤᠷᠪᠠᠯ᠃ ᠲᠡᠷᠡ ᠪᠦᠬᠦᠨ ᠠᠬᠤᠢ᠂ ᠤᠬᠠᠮᠰᠠᠷ᠂ ᠠᠮᠢᠨ ᠤ᠋ ᠠᠯᠢ ᠨᠢᠭᠡ ᠶ᠋ᠢ ᠡᠷᠬᠢᠮᠯᠡᠭᠰᠡᠨ ᠨᠢᠭᠡᠳᠦᠯ ᠳ᠋ᠦ᠍ ᠣᠷᠣᠰᠢᠨ᠎ᠠ᠃ ᠲᠡᠭᠡᠬᠦ ᠪᠡᠷ ᠪᠠᠢᠬᠤ ᠴᠤ᠌ ᠹᠢᠯᠣᠰᠣᠹᠢ ᠶ᠋ᠢᠨ ᠨᠡᠢᠲᠡᠯᠢᠭ ᠠᠢ ᠶ᠋ᠢ ᠳᠠᠭᠠᠬᠤ《ᠮᠥᠩᠬᠡ》 ᠶᠦᠮ᠃ ᠮᠣᠩᠭᠣᠯ ᠹᠢᠯᠣᠰᠣᠹᠢ ᠶ᠋ᠢᠨ ᠪᠤᠰᠤᠳ ᠴᠢᠭᠯᠡᠯ ᠡᠴᠡ ᠢᠯᠡᠭᠦᠦ ᠠᠮᠢᠳᠤᠷᠠᠯᠯᠢᠭ᠂ ᠪᠣᠳᠣᠯᠭ᠎ᠠ ᠲᠠᠯ᠎ᠠ ᠨᠢ ᠡᠨᠡ᠃ ᠬᠥᠮᠦᠨ ᠪᠣᠢ ᠴᠠᠭ ᠲᠤ ᠬᠥᠭᠵᠢᠯ ᠨᠢ ᠬᠢᠵᠠᠭᠠᠷ ᠦᠭᠡᠢ ᠭᠡᠰᠡᠨ ᠦᠭᠡ ᠪᠥᠯᠥᠭᠡ᠃ ᠬᠥᠮᠦᠨ ᠲᠥᠷᠥᠯᠬᠢᠲᠡᠨ ᠳ᠋ᠦ᠍《ᠡᠷᠬᠡ ᠴᠢᠯᠥᠭᠡ》 ᠨᠢ《ᠪᠢ》 ᠪᠢᠰᠢ᠂《ᠪᠢ》 ᠡᠴᠡ ᠪᠤᠰᠤᠳ ᠲᠤ᠌ ᠲᠦᠭᠡᠭᠡᠬᠦ ᠥᠭᠯᠢᠭᠡ ᠪᠥᠭᠡᠳ《ᠪᠢ》 ᠥᠪᠡᠷ ᠢ᠋ᠶ᠋ᠡᠨ ᠤᠬᠠᠮᠰᠠᠷ ᠶᠤᠮ᠃ ᠲᠡᠭᠰᠢ ᠡᠷᠬᠡ ᠠᠵᠠ ᠵᠢᠷᠭᠠᠯ ᠬᠥᠮᠦᠵᠢᠯ᠁ ᠪᠦᠭᠦᠳᠡ ᠠᠳᠠᠯᠢ《ᠪᠢ》 ᠳ᠋ᠦ᠍ ᠥᠭᠬᠦ ᠪᠤᠰᠤᠳ ᠤ᠋ᠨ ᠦᠨᠡᠯᠡᠭᠡ ᠪᠡᠯᠡᠭ ᠪᠥᠭᠡᠳ ᠲᠡᠭᠦᠨ ᠦ᠌ ᠲᠥᠯᠥᠭᠡ《ᠲᠡᠮᠡᠴᠡᠯ》 ᠦ᠋ᠨ ᠤᠳᠬ᠎ᠠ ᠤᠴᠢᠷ ᠨᠢ ᠶᠦᠮ᠃
    ᠹᠢᠯᠣᠰᠣᠹᠢ ᠬᠡᠯᠪᠡᠷᠢ ᠶ᠋ᠢᠨ ᠲᠡᠳᠦᠢ ᠰᠢᠨᠵᠢᠯᠡᠬᠦ ᠤᠬᠠᠭᠠᠨ ᠪᠤᠰᠤ ᠹᠢᠯᠣᠰᠣᠹᠢᠴᠢ ᠬᠥᠮᠦᠨ ᠶᠢᠷᠲᠢᠨᠴᠦ ᠳ᠋ᠦ᠍ ᠬᠣᠯᠪᠣᠭᠳᠠᠬᠤ ᠠᠰᠠᠭᠤᠳᠠᠯ ᠳ᠋ᠤ᠌ ᠬᠠᠷᠢᠭᠤᠯᠬᠤ ᠬᠡᠷᠡᠭᠰᠡᠯ ᠲᠡᠢ ᠪᠡᠨ ᠡᠭᠦᠷᠢᠳᠡ ᠰᠠᠨᠠᠵᠤ ᠶᠠᠪᠤᠬᠤ ᠶᠣᠰᠣᠲᠠᠢ᠃ ᠲᠡᠷᠡ ᠨᠢ ᠠᠮᠢ ᠨᠠᠰᠤ ᠪᠣᠯᠤᠨ᠎ᠠ᠃
———————————
   ① ᠠᠮᠫᠢᠷᠢᠣᠺᠷᠢᠲ᠋ᠢᠽᠢᠽᠮ— ᠰᠢᠭᠦᠮᠵᠢᠯᠡᠯᠲᠦ ᠲᠤᠷᠰᠢᠯᠭ᠎ᠠ ᠶ᠋ᠢᠨ ᠦᠵᠡᠯ( ᠪᠠᠭᠤᠯᠭᠠᠭᠴᠢ)
   ②ᠮᠣᠨᠣᠫᠣᠯᠢᠴᠢᠯᠠᠨ— ᠲᠤᠰᠬᠠᠢ ᠰᠤᠳᠠᠯᠲᠤᠭ᠎ᠠ᠂ ᠭᠠᠭᠴᠠᠭᠠᠷ ᠡᠵᠡᠷᠬᠡᠬᠦ᠂ ᠭᠠᠭᠴᠠᠭᠠᠷ ᠡᠵᠡᠮᠰᠢᠯ᠂ ᠲᠤᠰᠬᠠᠢ ᠬᠤᠳᠠᠯᠳᠤᠭᠠᠴᠢᠯᠠᠬᠤ᠂ ᠭᠠᠭᠴᠠᠭᠠᠷ ᠡᠵᠡᠮᠰᠢᠭᠦᠯᠬᠦ᠃ ᠮᠣᠨᠣᠫᠣᠯᠢᠲ( ᠪᠠᠭᠤᠯᠭᠠᠭᠴᠢ)   
   ③ ᠳᠡᠪᠬᠡᠷᠭᠡ— ᠨᠢᠭᠦᠯᠲᠦ ᠴᠠᠷᠴᠠᠬᠠᠢ᠂ ᠴᠠᠷᠴᠠᠬᠠᠢ(ᠪᠠᠭᠤᠯᠭᠠᠭᠴᠢ)
   ④ ᠲᠡᠷᠪᠤᠮ— ᠠᠷᠪᠠᠨ ᠳ᠋ᠦᠩᠰᠢᠭᠤᠷ(ᠪᠠᠭᠤᠯᠭᠠᠭᠴᠢ)

    ᠦᠰᠦᠭ ᠠᠮᠢᠯᠠᠭᠤᠯᠤᠭᠰᠠᠨ᠄ ᠲᠣᠭᠳᠠᠭᠤᠨᠪᠠᠶᠠᠷ᠂ ᠱᠠᠭᠰᠠᠯ ᠂ ᠪᠠᠶᠠᠨᠰᠡᠷᠡᠩ
    ᠬᠢᠨᠠᠭᠴᠢ᠄ ᠭᠠᠷᠮ᠎ᠠ᠂ ᠣᠳᠬᠠᠨᠰᠣ᠎ᠠ᠂ ᠰᠡᠬᠡᠭᠡᠷᠡᠯ᠂ ᠭᠠᠷᠮ᠎ᠠ