ᠶᠢᠰᠦ᠂ ᠭᠤᠷᠮᠤᠰᠤᠨ ᠰᠡᠳᠬᠢᠯᠭᠡᠨ ᠦ᠌ ᠣᠷᠣᠨ ᠵᠠᠢ-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Хаанбуу
ᠶᠢᠰᠦ᠂ ᠭᠤᠷᠮᠤᠰᠤᠨ ᠰᠡᠳᠬᠢᠯᠭᠡᠨ ᠦ᠌ ᠣᠷᠣᠨ ᠵᠠᠢ
ᠮᠣᠩᠭᠣᠯᠴᠤᠳ ᠤ᠋ᠨ ᠦᠨᠳᠦᠰᠦᠨ ᠦ᠌ ᠡᠨᠡ ᠬᠦ᠌ ᠣᠨᠣᠯ ᠰᠡᠳᠬᠢᠯᠭᠡ ᠪᠤᠶᠤ ᠶᠢᠷᠲᠢᠨᠴᠦ ᠶ᠋ᠢᠨ ᠭᠤᠷᠪᠠᠲᠤ ᠴᠣᠭᠴᠠᠯᠠᠭᠰᠠᠨ ᠬᠡᠯᠪᠡᠷᠢ᠂ ᠪᠤᠰᠤᠳ ᠤᠯᠤᠰ ᠦᠨᠳᠦᠰᠦᠲᠡᠨ ᠦ᠌ ᠳᠤᠮᠳᠠ ᠪᠠᠢᠳᠠᠭ ᠴᠤ᠌ ᠠᠭᠤᠯᠭ᠎ᠠ ᠴᠠᠷ᠎ᠠ ᠶ᠋ᠢᠨ ᠬᠤᠪᠢ ᠳ᠋ᠤ᠌ ᠢᠪᠴᠤᠤ᠂ ᠡᠰᠡᠬᠦᠯ᠎ᠡ ᠲᠠᠰᠤ ᠥᠭᠡᠷ᠎ᠡ ᠰᠢᠨᠵᠢ ᠪᠡᠷ ᠢᠯᠡᠷᠡᠳᠡᠭ᠃ ᠲᠤᠬᠠᠢᠯᠠᠪᠠᠯ ᠡᠷᠲᠡᠨ ᠦ᠌ ᠡᠨᠡᠳᠬᠡᠭ ᠲᠦ᠍ ᠰᠡᠲ᠋ᠲ᠋ᠧᠨᠭᠤᠨᠠ(ᠠᠮᠢᠨ ᠰᠦᠨᠡᠰᠦ)᠂ ᠲᠣᠮᠠᠭᠤᠨᠠ(ᠪᠡᠶ᠎ᠡ)᠂ ᠷᠠᠵᠤᠭᠤᠨᠠ(ᠦᠬᠦᠭᠡᠷ) ᠭᠡᠮᠡᠷ ᠤᠳᠬ᠎ᠠ ᠲᠠᠢ ᠭᠤᠷᠪᠠᠯ ᠪᠠᠢᠳᠠᠯ ᠨᠢ ᠠᠮᠢ ᠶ᠋ᠢ ᠰᠦᠨᠡᠰᠦ ᠬᠡᠮᠡᠬᠦ ᠣᠢᠯᠠᠭᠠᠯᠲᠠ ᠲᠠᠢ ᠬᠤᠳᠬᠤᠵᠤ ᠡᠴᠦᠰ ᠲᠦ᠍ ᠨᠢ ᠪᠡᠶ᠎ᠡ ᠬᠢᠭᠡᠳ ᠠᠮᠢᠨ ᠰᠦᠨᠡᠰᠦ ᠬᠣᠶᠠᠷ ᠤ᠋ᠨ ᠵᠠᠮ(ззм) ᠰᠡᠭ ᠦ᠋ᠨ ᠲᠣᠳᠣᠷᠬᠠᠢ ᠠᠢ ᠪᠣᠯᠭᠠᠨ ᠠᠪᠴᠤ ᠦᠵᠡᠭᠰᠡᠨ ᠪᠠᠯᠠᠷ ᠦᠶ᠎ᠡ ᠶ᠋ᠢᠨ ᠪᠦᠳᠦᠭᠦᠯᠢᠭ ᠬᠢᠬᠦᠢᠴᠡ ᠡᠰᠡᠬᠦᠯ᠎ᠡ ᠤᠷᠠᠨ ᠰᠡᠳᠬᠢᠮᠵᠢ ᠶ᠋ᠢᠨ ᠰᠢᠨᠵᠢ ᠲᠡᠢ ᠪᠣᠯᠬᠤ ᠶ᠋ᠢ ᠬᠠᠷᠠᠵᠤ ᠪᠣᠯᠤᠨ᠎ᠠ᠃ ᠮᠥᠨ ᠡᠷᠲᠡᠨ ᠦ᠌ ᠡᠨᠡᠳᠬᠡᠭ ᠦ᠋ᠨ ᠭᠦᠨ ᠤᠬᠠᠭᠠᠨᠲᠠᠨ ᠨᠠᠭᠠᠷᠵᠣᠨᠠ(1—2 ᠳ᠋ᠤᠭᠠᠷ ᠵᠠᠭᠤᠨ)《ᠮᠠᠳᡁᠶᠡᠮᠡᠺᠡ》 ᠬᠡᠮᠡᠬᠦ ᠳᠤᠮᠳᠠᠳᠤ ᠦᠵᠡᠯ ᠭᠠᠷᠭᠠᠭᠰᠠᠨ ᠨᠢ ᠪᠣᠳ᠋ᠳ᠋ᡁᠠ ᠶ᠋ᠢᠨ ᠨᠣᠮᠯᠠᠯ ᠤ᠋ᠨ ᠭᠣᠣᠯ ᠱᠤᠭᠤᠮ ᠰᠢᠨᠡᠴᠢᠯᠡᠯ ᠪᠣᠯᠤᠭᠰᠠᠨ ᠪᠥᠭᠡᠳ ᠭᠦᠨ ᠤᠬᠠᠭᠠᠨ ᠤ᠋ ᠲᠣᠳᠣᠷᠬᠠᠢ ᠠᠢ ᠪᠠᠷᠢᠮᠲᠠᠯᠠᠭᠠ ᠦᠭᠡᠢ ᠵᠥᠪᠬᠡᠨ ᠶᠠᠭᠤᠮ᠎ᠠ ᠶ᠋ᠢ ᠪᠠᠢᠳᠠᠭ ᠭᠡᠵᠦ ᠬᠤᠪᠢᠷᠠᠰᠢ ᠦᠭᠡᠢ ᠪᠡᠷ ᠦᠵᠡᠬᠦ᠂ ᠡᠰᠡᠪᠡᠰᠦ ᠪᠠᠢᠬᠤ ᠦᠭᠡᠢ ᠭᠡᠮᠡᠨ ᠦᠭᠡᠢᠰᠬᠡᠵᠦ ᠦᠵᠡᠬᠦ ᠠᠯᠢ ᠨᠢ ᠴᠦ᠍ ᠥᠷᠥᠭᠡᠰᠦᠯ᠂ ᠲᠡᠳᠡᠭᠡᠷ ᠦ᠋ᠨ ᠳᠤᠮᠳᠠ ᠰᠢᠯᠵᠢᠮᠡᠲᠡᠭᠡᠢ ᠰᠢᠨᠵᠢ ᠲᠡᠢ ᠭᠡᠵᠦ ᠵᠢᠭᠠᠭᠰᠠᠨ ᠭᠦᠨ ᠤᠬᠠᠭᠠᠨ ᠤ᠋ ᠬᠠᠨᠳᠤᠯᠭ᠎ᠠ ᠲᠤᠯᠠ ᠡᠨᠡ ᠤᠳᠬ᠎ᠠ ᠪᠠᠷ ᠢ᠋ᠶ᠋ᠠᠨ ᠮᠠᠲ᠋ᠧᠷᠢᠶᠠᠯᠢᠰᠲ ᠤ᠋ᠳ ᠲᠤ᠌ ᠰᠣᠨᠢᠷᠬᠠᠭᠳᠠᠬᠤ ᠨᠢ ᠡᠯᠪᠡᠭ ᠠᠵᠠᠢ᠃ ᠲᠥᠪᠡᠳ ᠦ᠋ᠨ ᠭᠦᠨ ᠤᠬᠠᠭᠠᠨ ᠽᠤᠩᠺᠠᠪᠠ(1357— 1419) ᠦ᠌《ᠳᠡᠮᠪᠡᠷᠢᠯ ᠳ᠋ᠤ᠌ᠳ᠌ᠸᠠ》 ᠪᠤᠶᠤ《ᠰᠢᠲᠦᠨ ᠪᠠᠷᠢᠯᠳᠤᠬᠤᠢ ᠶ᠋ᠢᠨ ᠮᠠᠭᠲᠠᠭᠠᠯ》 ᠮᠥᠨ ᠯᠡ ᠬᠣᠭᠣᠰᠣᠨ ᠴᠢᠨᠠᠷ ᠢ᠋ ᠨᠣᠮᠯᠠᠵᠤ ᠶᠠᠭᠤᠮᠠᠰ ᠦᠵᠡᠭᠳᠡᠯ ᠰᠢᠲᠦᠨ ᠪᠠᠷᠢᠯᠳᠤᠬᠤ ᠰᠢᠨᠵᠢ ᠲᠡᠢ ᠴᠦ᠍ ᠮᠥᠨ ᠴᠢᠨᠠᠷ ᠢ᠋ᠶ᠋ᠠᠷ ᠢ᠋ᠶ᠋ᠠᠨ ᠡᠰᠡ ᠪᠦᠲᠦᠭᠰᠡᠨ ᠢ᠋ ᠨᠣᠮᠯᠠᠳᠠᠭ ᠪᠠᠢᠨ᠎ᠠ᠃ ᠲᠡᠭᠦᠨ ᠦ᠌ ᠣᠷᠴᠢᠭᠤᠯᠭ᠎ᠠ ᠳ᠋ᠤ᠌ ᠮᠣᠩᠭᠣᠯ ᠡᠷᠳᠡᠮᠲᠡᠳ ᠦ᠋ᠨ ᠬᠢᠭᠰᠡᠨ ᠲᠠᠢᠯᠪᠤᠷᠢ ᠰᠤᠳᠤᠯᠭ᠎ᠠ ᠣᠯᠠᠨ ᠪᠥᠭᠡᠳ《ᠲᠥᠪ ᠦᠵᠡᠯ》 ᠳ᠋ᠦ᠍ ᠮᠣᠩᠭᠣᠯ ᠤᠬᠠᠭᠠᠨ ᠤ᠋ ᠨᠡᠮᠡᠷᠢ ᠪᠣᠯᠤᠭᠰᠠᠨ ᠰᠤᠳᠤᠯᠤᠭᠤᠰᠢᠲᠠᠢ ᠶᠡᠬᠡ ᠳᠠᠯᠠᠢ ᠭᠡᠨ᠎ᠡ᠃ ᠪᠣᠳ᠋ᠳ᠋ᡁᠠ ᠶ᠋ᠢᠨ ᠱᠠᠰᠢᠨ ᠤ᠋ ᠨᠣᠮᠯᠠᠯ ᠳ᠋ᠤ᠌《ᠭᠤᠷᠪᠠᠨ ᠳᠡᠭᠡᠳᠦ》 ᠭᠡᠬᠦ ᠨᠣᠮᠯᠠᠯ ᠪᠠᠰᠠ ᠪᠣᠢ ᠪᠥᠭᠡᠳ ᠲᠡᠷᠡ ᠨᠢ《ᠨᠠᠮᠤ ᠪᠣᠳ᠋ᠳᠡᠶᠠ᠂ ᠨᠠᠮᠤ ᠳ᠋ᠠᠷᠮᠠᠶᠡ᠂ ᠨᠠᠮᠤ ᠰᠠᠩᠭᠠᠶᠠ》 ᠪᠤᠶᠤ《ᠪᠣᠭᠳᠠ ᠳ᠋ᠤ᠌ ᠮᠥᠷᠭᠥᠨ᠎ᠡ᠂ ᠨᠣᠮ ᠳ᠋ᠤ᠌ ᠮᠥᠷᠭᠥᠨ᠎ᠡ᠂ ᠬᠤᠸᠠᠷᠠᠭ ᠲᠤ ᠮᠥᠷᠭᠥᠨ᠎ᠡ》 ᠭᠡᠰᠡᠨ ᠰᠠᠮᠺᠡᠷᠳᠢ ᠦᠭᠡ ᠪᠥᠭᠡᠳ ᠱᠠᠰᠢᠨ ᠳ᠋ᠤ᠌ ᠦᠨᠡᠨᠴᠢ ᠪᠠᠢᠬᠤ ᠠᠷᠭ᠎ᠠ ᠶ᠋ᠢ ᠨᠣᠮᠯᠠᠵᠠᠢ᠃ ᠤᠭ ᠱᠠᠰᠢᠨ ᠤ᠋ ᠪᠤᠷᠬᠠᠨ ᠣᠢᠯᠠᠭᠠᠯᠲᠠ ᠨᠢ ᠳ᠋ᡁᠨᠷᠮᠡᠺᠡᠶᠡ(ᠭᠡᠭᠡᠷᠡᠯ)᠂ ᠰᠠᠮᠪᠷᠣᠭᠠᠺᠠᠶᠠ(ᠳᠣᠲᠣᠭᠠᠳᠤ ᠬᠦᠴᠦ ᠨᠥᠭᠡᠴᠡ)᠂ ᠨᠢᠷᠮᠠᠨᠠᠺᠠᠶᠠ(ᠢᠯᠡᠷᠡᠬᠦ ᠬᠡᠯᠪᠡᠷᠢ) ᠭᠡᠰᠡᠨ ᠪᠣᠳᠠᠲᠤ ᠪᠤᠰᠤ ᠭᠤᠷᠪᠠᠨ ᠳᠦᠷᠰᠦ ᠶ᠋ᠢᠨ ᠨᠣᠮᠯᠠᠯ ᠪᠠᠢᠳᠠᠭ ᠨᠢ ᠢᠳᠢᠶᠠᠯᠢᠰᠲ ᠰᠢᠨᠵᠢ ᠲᠡᠢ ᠲᠤᠩ ᠰᠣᠨᠢᠷᠬᠠᠭᠤᠰᠢᠲᠠᠢ ᠭᠦᠨ ᠤᠬᠠᠭᠠᠨ ᠠᠪᠠᠢ᠃ ᠮᠥᠨ ᠬᠣᠢᠲᠤ ᠨᠠᠰᠤᠨ ᠤ᠋ ᠳᠡᠭᠡᠳᠦ᠂ ᠳᠤᠮᠳᠠ᠂ ᠳᠣᠭᠣᠳᠤ ᠭᠤᠷᠪᠠᠨ ᠲᠥᠷᠥᠯ ᠦ᠋ᠨ ᠰᠤᠷᠲᠠᠯ ᠪᠣᠢ ᠭᠡᠬᠦ ᠮᠡᠲᠦ ᠣᠯᠠᠨ ᠵᠢᠱ᠌ᠢᠶ᠎ᠡ ᠳᠤᠷᠠᠳᠴᠤ ᠪᠣᠯᠬᠤ ᠶᠤᠮ᠃ ᠬᠢᠲᠠᠳ ᠤ᠋ᠨ ᠡᠷᠲᠡᠨ ᠦ᠌ ᠭᠦᠨ ᠤᠬᠠᠭᠠᠨᠲᠠᠨ ᠺᠦᠩᠽᠢ(ᠮᠠᠨ ᠤ᠋ ᠡᠷᠢᠨ ᠦ᠌ ᠡᠮᠦᠨ᠎ᠡ551—479 ᠣᠨ) ᠰᠤᠷᠭᠠᠯ ᠳ᠋ᠠᠭᠠᠨ ᠵᠸᠨ真(ᠬᠥᠮᠦᠨ ᠴᠢᠨᠠᠷ) ᠵᠡᠷᠭᠡ ᠶᠣᠰᠣ ᠰᠤᠷᠲᠠᠬᠤᠨ ᠤ᠋ ᠣᠯᠠᠨ ᠺᠡᠲᠧᠭᠤᠷᠢ ᠭᠠᠷᠭᠠᠵᠤ ᠰᠤᠷᠭᠠᠯ ᠪᠢᠴᠢᠭᠰᠡᠨ ᠦ᠌ ᠳᠡᠭᠡᠷ᠎ᠡ《ᠵᠦᠩ ᠶᠦᠩ中庸 ᠵᠠᠷᠴᠢᠮ》 ᠪᠤᠶᠤ ᠬᠡᠪ ᠳᠤᠮᠳᠠᠳᠤ ᠶᠣᠰᠣᠨ ᠤ᠋᠂《ᠳᠤᠮᠳᠠ ᠶ᠋ᠢ ᠪᠠᠷᠢᠮᠲᠠᠯᠠᠬᠤ》 ᠰᠤᠷᠭᠠᠯ ᠨᠢ ᠠᠯᠳᠠᠷ ᠲᠠᠢ ᠶᠤᠮ᠃ ᠵᠠᠷᠢᠮ ᠮᠡᠳᠡᠭᠡ ᠪᠡᠷ ᠪᠣᠯ ᠺᠦᠩᠽᠢ ᠮᠧᠩᠽᠢ ᠨᠠᠷ ᠡᠢᠮᠦ ᠵᠠᠷᠴᠢᠮ ᠰᠤᠷᠲᠠᠯᠴᠢᠯᠠᠵᠤ ᠪᠠᠢᠭ᠎ᠠ ᠦᠭᠡᠢ ᠪᠥᠭᠡᠳ ᠲᠡᠳᠡᠨ ᠦ᠌ ᠦᠶ᠎ᠡ ᠳ᠋ᠦ᠍ ᠬᠠᠷᠢᠨ ᠴᠤ᠌ ᠤᠨᠲᠠᠷᠠᠵᠤ ᠪᠠᠢᠭᠰᠠᠨ ᠭᠡᠯᠴᠡᠳᠡᠭ᠃ ᠲᠤᠬᠠᠢᠯᠠᠪᠠᠯ ᠺᠦᠩᠽᠢ《ᠬᠥᠮᠦᠰ ᠡᠷᠲᠡ ᠳᠡᠭᠡᠷ᠎ᠡ ᠦᠶ᠎ᠡ ᠡᠴᠡ ᠲᠡᠭᠦᠰ ᠪᠤᠶᠠᠨ ᠦᠢᠯᠡᠳᠦᠨ᠎ᠡ》 ᠭᠡᠰᠡᠨ《ᠵᠦᠩ ᠶᠦᠩ ᠢ᠋ ᠪᠠᠷᠢᠮᠲᠠᠯᠠᠬᠤ ᠨᠢ ᠮᠠᠰᠢ ᠬᠣᠪᠣᠷ ᠪᠣᠯᠵᠠᠢ》 ᠭᠡᠵᠦ ᠪᠢᠴᠢᠭᠰᠡᠨ ᠡᠴᠡ ᠦᠵᠡᠪᠡᠯ ᠲᠡᠭᠦᠨ ᠡᠴᠡ ᠡᠮᠦᠨᠡᠬᠢ ᠦᠶ᠎ᠡ ᠶ᠋ᠢᠨ ᠰᠤᠷᠭᠠᠯ ᠪᠥᠭᠡᠳ ᠺᠦᠩᠽᠢ《ᠯᠢᠽᠢ》 ᠪᠤᠶᠤ ᠯᠢᠵᠢ《ᠵᠠᠩ ᠦᠢᠯᠡ ᠶ᠋ᠢᠨ ᠨᠣᠮ》 ᠳ᠋ᠠᠭᠠᠨ ᠡᠨᠡ ᠲᠤᠬᠠᠢ ᠨᠡᠮᠡᠵᠦ ᠪᠦᠯᠦᠭ ᠪᠢᠴᠢᠭᠰᠡᠨ ᠢ᠋ ᠨᠢ ᠬᠣᠵᠢᠮ ᠤ᠋ᠨ ᠲᠡᠦᠬᠡᠴᠢᠳ ᠲᠡᠭᠦᠨ ᠢ᠋ ᠥᠨᠳᠥᠷ ᠠᠯᠳᠠᠷ ᠢ᠋ᠶ᠋ᠠᠷ ᠲᠤᠰᠬᠠᠢᠯᠠᠨ ᠡᠷᠭᠦᠮᠵᠢᠯᠡᠭᠰᠡᠨ ᠪᠣᠯᠤᠯᠲᠠᠢ ᠪᠠᠢᠳᠠᠭ᠃ ᠶᠠᠭᠤᠲᠠᠢ ᠴᠤ᠌ ᠡᠨᠡ ᠦᠵᠡᠯ ᠬᠢᠲᠠᠳ ᠤ᠋ᠨ ᠠᠷᠠᠳ ᠲᠦᠮᠡᠨ ᠦ᠌ ᠰᠡᠳᠬᠢᠯᠭᠡ ᠮᠥᠨ ᠪᠣᠯᠲᠠᠯ᠎ᠠ ᠪᠠᠨ ᠦᠨᠳᠦᠰᠦᠲᠡᠨ ᠦ᠌ ᠲᠥᠷᠬᠦ ᠪᠡᠨ ᠣᠯᠤᠭᠰᠠᠨ ᠪᠥᠭᠡᠳ ᠲᠡᠭᠦᠨ ᠢ᠋ ᠨᠢ ᠬᠢᠲᠠᠳ ᠰᠠᠨᠠᠭ᠎ᠠ ᠭᠡᠬᠦ ᠨᠢ ᠴᠦ᠍ ᠪᠣᠢ ᠠᠵᠠᠢ᠃ ᠡᠨᠡ ᠰᠤᠷᠭᠠᠯ ᠤ᠋ᠨ ᠵᠦᠩ ᠨᠢ ᠵᠦᠩ ᠭᠦᠸᠧ ᠪᠤᠶᠤ ᠳᠤᠮᠳᠠᠳᠤ ᠤᠯᠤᠰ ᠨᠡᠷ᠎ᠡ ᠠᠯᠳᠠᠷ ᠲᠤ᠌ ᠬᠦᠷᠲᠡᠯ᠎ᠡ ᠬᠡᠪᠰᠢᠵᠡᠢ᠃ ᠡᠨᠡ ᠬᠦ᠌ ᠳᠤᠮᠳᠠᠳᠤ ᠦᠵᠡᠯ ᠨᠢ ᠮᠣᠩᠭᠣᠯ ᠤ᠋ᠨ ᠭᠤᠷᠪᠠᠯ ᠣᠨᠣᠯ ᠮᠡᠲᠦ ᠭᠦᠨ ᠤᠬᠠᠭᠠᠨ ᠤ᠋ ᠲᠣᠳᠣᠷᠬᠠᠢ ᠰᠤᠷᠭᠠᠯ ᠠ᠋ᠴᠠ ᠮᠥᠨ ᠯᠡ ᠲᠠᠰᠤ ᠥᠭᠡᠷ᠎ᠡ ᠶᠦᠮ᠃ ᠮᠣᠩᠭᠣᠯᠴᠤᠳ ᠤ᠋ᠨ ᠣᠨᠣᠯ ᠰᠡᠳᠬᠢᠯᠭᠡ ᠨᠢ ᠡᠰᠡᠷᠭᠦᠴᠡᠭᠰᠡᠨ ᠬᠣᠶᠠᠷ ᠤ᠋ᠨ ᠬᠣᠶᠠᠷ ᠦᠨᠡᠨ ᠳᠠᠪᠰᠢᠯ ᠲᠠᠢ ᠲᠠᠯ᠎ᠠ ᠶ᠋ᠢ ᠡᠷᠭᠦᠵᠦ᠂ ᠬᠣᠶᠠᠷ ᠬᠤᠳᠠᠯ ᠰᠤᠯᠠ ᠲᠠᠯ᠎ᠠ ᠶ᠋ᠢ ᠨᠢ ᠭᠡᠭᠡᠵᠦ᠂ ᠭᠣᠣᠯ ᠠᠮᠢ ᠶ᠋ᠢ ᠨᠢ ᠰᠢᠨ᠎ᠡ ᠪᠡᠷ ᠪᠦᠷᠢᠯᠳᠦᠭᠦᠯᠦᠨ ᠪᠢᠰᠢᠯᠭᠠᠳᠠᠭ ᠪᠣᠯ ᠬᠢᠲᠠᠳ ᠬᠥᠮᠦᠰ ᠲᠤ ᠰᠢᠩᠭᠡᠭᠰᠡᠨ ᠡᠨᠡ ᠬᠦ᠌ ᠳᠤᠮᠳᠠ ᠶ᠋ᠢ ᠪᠠᠷᠢᠮᠲᠠᠯᠠᠬᠤ ᠰᠤᠷᠭᠠᠯ ᠨᠢ ᠬᠣᠶᠠᠷ ᠵᠦᠢᠯ ᠢ᠋ ᠭᠤᠷᠪᠠ ᠳ᠋ᠠᠬᠢ(ᠳᠤᠮᠳᠠ) ᠪᠠᠢᠷᠢ ᠰᠠᠭᠤᠷᠢᠨ ᠠ᠋ᠴᠠ《ᠰᠠᠯᠭᠠᠨ ᠳᠠᠰᠤᠯ᠂ ᠡᠰᠡᠬᠦᠯ᠎ᠡ ᠰᠥᠷᠭᠥᠯᠳᠡᠭᠦᠯ! ᠲᠡᠭᠡᠭᠡᠳ ᠲᠡᠮᠡᠴᠡᠯᠳᠦᠭᠴᠢ ᠬᠣᠶᠠᠷ ᠤ᠋ᠨ ᠲᠤᠯᠤᠯᠳᠤᠭᠠᠨ ᠢ᠋ ᠠᠭᠤᠯᠠᠨ ᠳᠡᠭᠡᠷ᠎ᠡ ᠡᠴᠡ ᠬᠠᠷ᠎ᠠ》 ᠭᠡᠰᠡᠨ ᠤᠳᠬ᠎ᠠ ᠪᠠᠷ ᠡᠰᠡᠷᠭᠦᠴᠡᠭᠰᠡᠨ ᠬᠣᠶᠠᠷ ᠤ᠋ᠨ ᠬᠣᠶᠠᠷ ᠬᠤᠳᠠᠯ ᠢ᠋ ᠠᠰᠢᠭᠯᠠᠵᠤ ᠳᠤᠮᠳᠠ ᠠ᠋ᠴᠠ ᠨᠢ ᠠᠰᠢᠭ ᠬᠠᠷᠠᠬᠤ ᠪᠣᠳᠣᠯᠭ᠎ᠠ ᠪᠣᠯᠵᠤ ᠬᠥᠭᠵᠢᠭᠰᠡᠨ ᠪᠠᠢᠳᠠᠯ ᠲᠠᠢ ᠠᠵᠠᠢ ᠠ᠋᠃ ᠡᠨᠡ ᠴᠢᠨᠠᠷ ᠢ᠋ᠶ᠋ᠠᠷ ᠢ᠋ᠶ᠋ᠠᠨ ᠵᠧᠨ ᠢ᠋ ᠨᠣᠮᠯᠠᠭᠰᠠᠨ ᠠᠤᠭ᠎ᠠ ᠶᠡᠬᠡ ᠺᠦᠩᠽᠢ ᠶ᠋ᠢᠨ ᠦᠵᠡᠯ ᠰᠠᠨᠠᠭ᠎ᠠ ᠲᠠᠢ ᠤᠭ ᠰᠤᠷᠭᠠᠯ ᠬᠠᠷᠰᠢ ᠶᠤᠮ᠃ ᠡᠢᠮᠦ ᠳ᠋ᠦ᠍ ᠡᠨᠡ ᠨᠢ ᠬᠠᠭᠠᠳ ᠤ᠋ᠨ᠂ ᠲᠤᠬᠠᠢᠯᠠᠪᠠᠯ ᠴᠢᠨ ᠱᠢ ᠬᠤᠸᠠᠩ ᠤ᠋ᠨ ᠨᠣᠮᠯᠠᠯ ᠪᠠᠢᠵᠤ ᠮᠠᠭᠠᠳ ᠦᠭᠡᠢ ᠰᠠᠨᠠᠭᠳᠠᠳᠠᠭ᠃ ᠮᠥᠨ ᠰᠣᠶᠣᠯ ᠢᠷᠭᠡᠨᠰᠢᠯ ᠦ᠋ᠨ ᠬᠥᠭᠵᠢᠯ ᠢ᠋ ᠭᠤᠷᠪᠠᠨ ᠱᠠᠲᠤ ᠪᠣᠯᠭᠠᠨ ᠦᠵᠡᠬᠦ ᠦᠵᠡᠯ ᠡᠷᠲᠡᠨ ᠦ᠌ ᠬᠢᠲᠠᠳ ᠤ᠋ᠨ ᠳ᠋ᠣᠣ ᠭᠦᠨ ᠤᠬᠠᠭᠠᠨ ᠳ᠋ᠤ᠌ ᠪᠣᠢ ᠪᠥᠭᠡᠳ ᠲᠡᠷᠡ ᠨᠢ ᠬᠥᠲᠥᠯᠪᠦᠷᠢ᠂ ᠰᠤᠷᠭᠠᠯ ᠲᠠᠯ᠎ᠠ ᠨᠢ ᠳᠡᠢᠯᠦᠩᠬᠡᠢ ᠠᠵᠠᠢ ᠠ᠋᠃ ᠢᠷᠠᠭᠤ ᠰᠠᠢᠬᠠᠨ ᠤ᠋ ᠰᠡᠳᠬᠢᠯᠭᠡᠨ ᠦ᠌ ᠭᠤᠷᠪᠠᠨ ᠮᠥᠷᠲᠦ ᠬᠠᠢᠺᠦ᠋ ᠰᠢᠯᠦᠭᠯᠡᠯ ᠦ᠋ᠨ ᠤᠯᠠᠮᠵᠢᠯᠠᠯ ᠶᠠᠫᠣᠨ ᠳ᠋ᠤ᠌ ᠪᠠᠰᠶᠣᠭ ᠠ᠋ᠴᠠ ᠡᠬᠢᠯᠡᠨ ᠬᠥᠭᠵᠢᠭᠰᠡᠨ ᠪᠣᠯᠪᠠᠴᠤ ᠲᠡᠷᠡ ᠨᠢ ᠮᠣᠩᠭᠣᠯ ᠠᠷᠠᠳ ᠤ᠋ᠨ《ᠶᠢᠷᠲᠢᠨᠴᠦ ᠶ᠋ᠢᠨ ᠭᠤᠷᠪᠠ》 ᠮᠡᠲᠦ ᠭᠤᠷᠮᠤᠰᠤᠨ ᠰᠡᠳᠬᠢᠯᠭᠡᠨ ᠳ᠋ᠦ᠍ ᠰᠢᠲᠦᠭᠰᠡᠨ ᠪᠤᠰᠤ᠂ ᠲᠤᠬᠠᠢ ᠶ᠋ᠢᠨ ᠰᠠᠨᠠᠭ᠎ᠠ ᠪᠠᠨ ᠭᠠᠷᠭᠠᠬᠤ ᠤᠷᠠᠨ ᠰᠠᠨᠠᠭ᠎ᠠ ᠶᠤᠮ᠃ ᠮᠥᠨ ᠶᠠᠫᠣᠨ ᠲᠦᠮᠡᠨ ᠦ᠌ ᠢᠺᠧᠪᠠᠨᠠ ᠴᠡᠴᠡᠭ ᠦ᠋ᠨ ᠤᠷᠢᠯᠭ᠎ᠠ ᠶ᠋ᠢᠨ ᠰᠢᠨ᠎ᠡ᠂ ᠰᠣ᠂ ᠾᠢᠺᠡ( ᠲᠩᠷᠢ᠂ ᠬᠥᠮᠦᠨ᠂ ᠭᠠᠵᠠᠷ) ᠭᠡᠬᠦ ᠪᠡᠯᠭᠡᠳᠡᠯᠲᠦ ᠭᠤᠷᠪᠠᠨ ᠰᠡᠳᠬᠢᠯᠭᠡ ᠪᠥᠭᠡᠳ ᠲᠡᠷᠡ ᠨᠢ12 ᠳ᠋ᠤᠭᠠᠷ ᠵᠠᠭᠤᠨ ᠠ᠋ᠴᠠ ᠲᠦᠭᠡᠮᠡᠯ ᠬᠥᠭᠵᠢᠭᠰᠡᠨ ᠤᠯᠠᠮᠵᠢᠯᠠᠯ ᠲᠠᠢ ᠠᠵᠠᠢ ᠠ᠋᠃ ᠶᠢᠷᠲᠢᠨᠴᠦ ᠶ᠋ᠢᠨ ᠳᠣᠯᠣᠭᠠᠨ ᠭᠠᠮᠰᠢᠭ ᠤ᠋ᠨ ᠨᠢᠭᠡ ᠲᠠᠵᠢ ᠮᠠᠬᠠᠯ ᠤ᠋ᠨ ᠣᠷᠣᠢ ᠳ᠋ᠤ᠌ ᠮᠣᠩᠭᠣᠯ ᠪᠠᠭᠠᠪᠤᠷ ᠬᠠᠭᠠᠨ ᠤ᠋ ᠵᠠᠷᠯᠢᠭ ᠢ᠋ᠶ᠋ᠠᠷ ᠨᠠᠷᠠ᠂ ᠰᠠᠷ᠎ᠠ᠂ ᠭᠠᠯ ᠭᠤᠷᠪᠠᠨ ᠰᠦᠯᠳᠡ ᠴᠢᠨᠳᠠᠮᠤᠨᠢᠯᠠᠨ ᠪᠦᠲᠦᠭᠡᠭᠰᠡᠨ ᠨᠢ ᠮᠣᠩᠭᠣᠯ ᠭᠤᠷᠪᠠᠯ ᠡᠮᠦᠨᠡᠬᠢ ᠲᠡᠷᠡ ᠰᠣᠶᠣᠯᠲᠤ ᠲᠦᠮᠡᠨ ᠦ᠌ ᠳᠤᠮᠳᠠ ᠬᠦᠷᠦᠭᠰᠡᠨ ᠪᠠᠷᠢᠮᠲᠠ ᠪᠣᠯᠵᠠᠢ᠃ ᠳᠡᠯᠡᠬᠡᠢ ᠳ᠋ᠦ᠍ ᠴᠤᠤᠲᠠᠢ ᠨᠠᠢᠷᠠᠭᠴᠢ ᠷᠠᠰᠤᠯ ᠭᠠᠮᠽᠡᠲ᠋ᠤ᠌ᠧ《ᠮᠢᠨᠦ ᠳ᠋ᠡᠭᠸᠰᠲ᠋ᠠᠨ》 ᠨᠣᠮ ᠳ᠋ᠠᠭᠠᠨ《ᠠᠭᠤᠯᠠ ᠲᠠᠩᠭᠢᠰ ᠪᠤᠰᠤᠳ ᠵᠦᠢᠯ ᠭᠤᠷᠪᠠ ᠳ᠋ᠡᠭᠧᠰᠲ᠋ᠠᠨ ᠤ᠋ ᠭᠤᠷᠪᠠᠨ ᠡᠷᠳᠡᠨᠢ ᠶᠦᠮ᠃ ᠠᠭᠤᠯᠠ ᠶ᠋ᠢᠨ ᠬᠢᠨ ᠡᠢᠮᠦ ᠡᠴᠡ ᠭᠤᠷᠪᠠᠨ ᠳᠠᠭᠤᠤ ᠲᠠᠢ᠂ ᠭᠤᠷᠪᠠᠨ ᠮᠥᠷᠭᠥᠯ ᠲᠡᠢ》᠂ ᠠᠶᠠᠨᠴᠢᠨ ᠬᠥᠮᠦᠨ ᠠᠨᠠᠢ《ᠪᠠᠶᠠᠯᠢᠭ ᠠᠯᠳᠠᠷ ᠦᠨᠡᠨ》 ᠢ᠋ ᠣᠯᠬᠤ ᠭᠤᠷᠪᠠᠨ ᠵᠣᠷᠢᠯᠭ᠎ᠠ ᠲᠠᠢ᠃ ᠳ᠋ᠡᠭᠸᠰᠲ᠋ᠠᠨ ᠪᠣᠯ ᠵᠢᠭᠦᠷ ᠲᠦ᠍ ᠨᠢ ᠡᠷᠦᠳᠡᠰᠦ ᠶ᠋ᠢᠨ ᠭᠤᠷᠪᠠᠨ ᠥᠳᠥ ᠪᠠᠢᠳᠠᠭ ᠰᠢᠪᠠᠭᠤ ᠶᠤᠮ ᠭᠡᠵᠦ ᠪᠠᠭ᠎ᠠ ᠳ᠋ᠤ᠌ ᠡᠵᠢ ᠮᠢᠨᠢ ᠰᠤᠷᠭᠠᠳᠠᠭ ᠪᠠᠢᠯ᠎ᠠ᠃ ᠮᠠᠨ ᠤ᠋ ᠳ᠋ᠡᠭᠧᠰᠲ᠋ᠠᠨ ᠢ᠋ ᠭᠤᠷᠪᠠᠨ ᠤᠷᠠᠨ ᠬᠥᠮᠦᠨ ᠭᠤᠷᠪᠠᠨ ᠡᠷᠳᠡᠨᠢ ᠪᠡᠷ ᠪᠦᠲᠦᠭᠡᠭᠰᠡᠨ ᠶᠦᠮ ᠭᠡᠵᠦ ᠠᠪᠤ ᠬᠡᠯᠡᠳᠡᠭ ᠪᠠᠢᠯ᠎ᠠ ᠭᠡᠮᠡᠨ ᠪᠠᠢᠵᠠᠢ᠃ ᠲᠡᠳᠡᠨ ᠦ᠌ ᠬᠦᠷᠰᠢ ᠤᠯᠤᠰ ᠨᠢ ᠭᠤᠷᠪᠠᠯ ᠬᠠᠭᠠᠨᠲᠤ ᠮᠣᠩᠭᠣᠯ ᠬᠠᠯᠢᠮᠠᠭᠴᠤᠳ ᠲᠡᠳᠦᠢ ᠦᠭᠡᠢ ᠲᠡᠳᠡ ᠥᠪᠡᠷᠰᠡᠳ ᠢ᠋ᠶ᠋ᠡᠨ ᠲᠥᠪ ᠠᠽᠢ ᠠ᠋ᠴᠠ ᠰᠠᠭᠤᠷᠢᠰᠢᠭᠰᠠᠨ ᠨᠡᠭᠦᠳᠡᠯᠴᠢᠨ ᠭᠡᠳᠡᠭ᠃ ᠴᠧᠴᠧᠨ( ᠴᠡᠴᠡᠨ)᠂ ᠳ᠋ᠡᠭᠸᠰᠲ᠋ᠠᠨᠴᠤᠳ ᠨᠢ ᠡᠷᠲᠡᠨ ᠦ᠌ ᠮᠣᠩᠭᠣᠯ ᠵᠣᠵᠠᠨ ( ᠴᠡᠴᠡᠨ) ᠨᠢᠷᠤᠨ ᠨᠠᠷ ᠤ᠋ᠨ ᠤᠳᠤᠮ ᠬᠡᠯᠡᠴᠡᠨᠡ᠃ ᠨᠠᠳᠠ ᠬᠤᠷᠮᠤᠰᠲᠠ ᠰᠡᠳᠬᠢᠯᠭᠡᠨ ᠦ᠌ ᠬᠡᠯᠪᠡᠷᠢ ᠪᠠᠲᠤ ᠲᠠᠢ ᠣᠷᠣᠰᠢᠵᠤ ᠪᠠᠢᠭ᠎ᠠ ᠨᠢ ᠲᠣᠳᠣᠷᠬᠠᠢ ᠪᠠᠢᠨ᠎ᠠ᠃ ᠭᠧᠷᠮᠠᠨ ᠤ᠋ ᠶᠡᠬᠡ ᠰᠡᠳᠬᠢᠭᠴᠢ ᠭᠦᠨ ᠤᠬᠠᠭᠠᠨᠲᠠᠨ ᠭ· ᠭᠧᠭᠧᠯ ᠳᠣᠷᠣᠨ᠎ᠠ ᠶ᠋ᠢᠨ ᠪᠠᠷᠢᠯ ᠢ᠋ ᠵᠥᠪᠰᠢᠶᠡᠵᠦ ᠰᠢᠨᠵᠢᠯᠡᠬᠦ ᠤᠬᠠᠭᠠᠨ ᠤ᠋ ᠠᠷᠭ᠎ᠠ ᠪᠣᠯᠭᠠᠨ《ᠲᠧᠽᠢᠰ᠂ ᠠᠨᠲ᠋ᠢᠲ᠋ᠧᠽᠢᠰ᠂ ᠰᠢᠨᠲ᠋ᠧᠽ》 ᠭᠡᠰᠡᠨ ᠭᠤᠷᠪᠠᠯ ᠤᠬᠠᠭᠠᠨ ᠨᠡᠪᠲᠡᠷᠡᠭᠦᠯᠦᠭᠰᠡᠨ ᠪᠣᠯᠪᠠᠴᠤ ᠡᠨᠡ ᠣᠨᠣᠯ ᠨᠢ ᠢᠳᠢᠶᠠᠯᠢᠰᠲ ᠠᠷᠭ᠎ᠠ ᠶ᠋ᠢ ᠲᠠᠢᠯᠪᠤᠷᠢᠯᠠᠭᠰᠠᠨ ᠥᠷᠥᠭᠡᠰᠬᠡᠯ ᠠᠷᠭ᠎ᠠ ᠪᠣᠯᠵᠠᠢ᠃
ᠮᠥᠨ ᠳᠡᠯᠡᠬᠡᠢ ᠶ᠋ᠢᠨ ᠭᠤᠷᠪᠠᠨ ᠲᠣᠮᠣ ᠱᠠᠰᠢᠨ ᠢ᠋ ᠦᠨᠳᠦᠰᠦᠯᠡᠭᠴᠢᠳ ᠪᠣᠳ᠋ᠳ᠋ᡁᠠ᠂ ᠾᠷᠢᠰᠲ᠋ᠣᠰ᠂ ᠮᠣᠬᠠᠮᠮᠧᠳ᠋( ᠮᠥᠰᠥᠯᠮᠠᠨ ᠱᠠᠰᠢᠨ) ᠨᠠᠷ ᠤ᠋ᠨ ᠰᠤᠷᠭᠠᠯ ᠨᠣᠮᠯᠠᠯ ᠳ᠋ᠤ᠌ ᠭᠤᠷᠪᠠᠯ ᠡᠯᠪᠡᠭ ᠪᠣᠢ ᠪᠥᠭᠡᠳ ᠭᠡᠪᠡᠴᠦ ᠲᠡᠳᠡᠭᠡᠷ ᠨᠢ ᠭᠦᠨ ᠤᠬᠠᠭᠠᠨ ᠪᠤᠰᠤ ᠱᠠᠰᠢᠨ ᠤ᠋ ᠨᠣᠮᠯᠠᠯ ᠶᠤᠮ᠃ ᠶᠡᠷᠦ ᠨᠢ ᠡᠨᠡ ᠭᠤᠷᠪᠠᠨ ᠱᠠᠰᠢᠨ ᠨᠢ ᠨᠢᠭᠡᠳᠦᠮᠡᠯ ᠨᠢᠭᠡ ᠭᠤᠷᠪᠠᠯ ᠤ᠋ᠨ ᠠᠭᠤᠯᠭ᠎ᠠ ᠲᠠᠢ ᠪᠠᠢᠬᠤ ᠦᠨᠳᠦᠰᠦ ᠪᠣᠢ᠃ ᠲᠡᠢᠮᠦ ᠦᠭᠡᠢ ᠪᠣᠯ ᠲᠡᠳᠡ ᠨᠢᠭᠡᠳᠬᠦ ᠡᠰᠡᠪᠡᠯ ᠬᠣᠯᠢᠯᠳᠤᠬᠤ ᠪᠠᠢᠯ᠎ᠠ᠃ ᠡᠨᠡ ᠤᠳᠬ᠎ᠠ ᠪᠠᠷ ᠠᠪᠴᠤ ᠦᠵᠡᠪᠡᠯ ᠯᠠᠯᠤ ᠪᠤᠶᠤ ᠮᠥᠰᠥᠯᠡᠮᠠᠨᠴᠣᠳ ᠡᠷᠡᠭᠦᠯ ᠮᠡᠨᠳᠦ( ᠪᠡᠶ᠎ᠡ) ᠶ᠋ᠢ ᠢᠯᠡᠭᠦᠦ ᠨᠣᠮᠯᠠᠵᠤ ᠰᠠᠳᠤᠷᠯᠠᠬᠤ ᠦᠭᠡᠢ᠂ ᠠᠷᠢᠬᠢ ᠤᠤᠭᠤᠬᠤ ᠦᠭᠡᠢ᠂ ᠡᠴᠦᠰᠯᠡᠯᠡ ᠭᠡᠬᠦ ᠳ᠋ᠦ᠍ ᠱᠠᠷᠢᠯ ᠢ᠋ ᠨᠢ ᠤᠬᠢᠶᠠᠵᠤ ᠣᠷᠣᠰᠢᠶᠠᠳᠠᠭ᠂ ᠨᠢᠭᠤᠷ ᠲᠠᠭᠠᠨ ᠭᠢᠪᠯᠡᠭᠦᠷ ᠵᠡᠭᠦᠳᠡᠭ ᠭᠡᠬᠦ ᠮᠡᠲᠦ᠁ ᠭᠡᠲᠡᠯ᠎ᠡ
ᠾᠷᠢᠰᠲ᠋ᠣᠰ ᠨᠢ ᠶᠣᠰᠣ ᠰᠤᠷᠲᠠᠬᠤᠨ ᠤ᠋ ᠰᠤᠷᠭᠠᠯ ᠶᠡᠬᠡᠲᠡᠢ ᠠᠵᠠᠢ ᠠ᠋᠃ ᠬᠠᠷᠢᠨ ᠪᠣᠳ᠋ᠳ᠋ᡁᠠ ᠶ᠋ᠢᠨ ᠱᠠᠰᠢᠨ ᠨᠢ ᠬᠠᠮᠤᠭ ᠠᠮᠢᠲᠠᠨ ᠤ᠋ ᠲᠤᠰᠠ ᠶ᠋ᠢᠨ ᠲᠤᠯᠠ ᠠᠮᠢᠨ ᠴᠢᠨᠠᠷ ᠲᠠᠢ ᠮᠡᠲᠦ᠃ ᠠᠮᠢᠨ ᠤ᠋ ᠲᠤᠯᠠ ᠪᠡᠳᠡᠷᠢᠭᠰᠡᠨ ᠡᠰᠢ ᠣᠨᠣᠯ ᠪᠤᠳ᠋ᠳ᠋ᠾᠠ ᠶ᠋ᠢᠨ ᠱᠠᠰᠢᠨ ᠳ᠋ᠤ᠌ ᠡᠯᠪᠡᠭ ᠪᠥᠭᠡᠳ ᠲᠡᠷᠡ ᠨᠢ ᠴᠥᠪ ᠦ᠋ᠨ ᠴᠠᠭ ᠤ᠋ᠨ ᠣᠨᠣᠯ ᠵᠡᠷᠭᠡ ᠶᠦᠮ᠃ ᠥᠷᠥᠨ᠎ᠡ ᠶ᠋ᠢᠨ ᠤᠷᠲᠤ(орл) ᠶ᠋ᠢᠨ ᠵᠢᠷᠤᠬᠠᠢ᠂ ᠳᠣᠷᠣᠨ᠎ᠠ ᠶ᠋ᠢᠨ ᠴᠠᠭᠠᠨ( ᠣᠳᠣᠨ ᠪᠠ ᠰᠢᠷ᠎ᠠ) ᠵᠢᠷᠤᠬᠠᠢ᠂ ᠬᠠᠷ᠎ᠠ( ᠠᠮᠢᠳᠤ ᠶ᠋ᠢᠨ᠂ ᠪᠡᠷᠢ ᠶ᠋ᠢᠨ᠂ ᠦᠬᠦᠭᠰᠡᠳ ᠦ᠋ᠨ) ᠵᠢᠷᠤᠬᠠᠢ ᠴᠥᠮ ᠭᠠᠢᠬᠠᠮᠰᠢᠭ ᠪᠥᠭᠡᠳ ᠲᠡᠳᠡ ᠳᠣᠲᠣᠷ᠎ᠠ ᠪᠠᠨ ᠲᠥᠪᠡᠳ ᠦ᠋ᠨ ᠫᠦᠷ ᠴᠥᠭ ᠶᠣᠰᠣᠨ ᠤ᠋ ᠮᠡᠲᠦ ᠲᠤᠰ ᠲᠤᠰ ᠤ᠋ᠨ ᠰᠤᠷᠭᠠᠯ ᠲᠠᠢ ᠪᠥᠯᠥᠭᠡ᠃ ᠡᠨᠡ ᠳᠤᠮᠳᠠ ᠠᠭᠤᠰᠤᠭᠰᠠᠨ ᠨᠡᠭᠦᠳᠡᠯᠴᠢᠳ ᠦ᠋ᠨ ᠰᠣᠶᠣᠯ ᠮᠣᠩᠭᠣᠯ ᠵᠢᠷᠤᠬᠠᠢ ᠶ᠋ᠢ ᠢᠯᠭᠠᠨ ᠲᠣᠭᠲᠠᠭᠠᠬᠤ ᠨᠢ ᠠᠴᠢ ᠬᠣᠯᠪᠣᠭᠳᠠᠯ ᠲᠠᠢ ᠪᠥᠭᠡᠳ ᠲᠡᠷᠡ ᠨᠢ ᠭᠤᠷᠪᠠᠯ ᠣᠨᠣᠯ ᠤ᠋ᠨ ᠹᠢᠯᠣᠰᠣᠹᠢ ᠳ᠋ᠤ᠌ ᠰᠢᠲᠦᠭᠰᠡᠨ ᠡᠷᠳᠡᠮ ᠢᠯᠭᠠᠷᠠᠨ᠎ᠠ ᠭᠡᠰᠡᠨ ᠬᠡᠷᠡᠭ ᠪᠣᠯᠤᠨ᠎ᠠ᠃
ᠪᠥᠬᠡ ᠶ᠋ᠢᠨ ᠶᠣᠰᠣᠨ ᠤ᠋《ᠠᠮᠢᠨ᠁ ᠲᠦᠷ ᠵᠠᠭᠤᠷ᠎ᠠ ᠶ᠋ᠢᠨ᠂ ᠡᠷᠭᠢᠵᠦ ᠲᠥᠷᠥᠬᠦ᠁》 ᠭᠤᠷᠪᠠᠨ ᠰᠦᠨᠡᠰᠦᠨ ᠦ᠌ ᠣᠢᠯᠠᠭᠠᠯᠲᠠ᠂ ᠪᠤᠳ᠋ᠳ᠋ᠾᠠ ᠶ᠋ᠢᠨ ᠱᠠᠰᠢᠨ ᠲᠥᠷᠥᠯᠬᠢ ᠰᠦᠨᠡᠰᠦ᠁ ᠠᠮᠢᠨ ᠰᠦᠨᠡᠰᠦ᠁ ᠬᠣᠢᠲᠤ ᠨᠠᠰᠤ ᠭᠡᠬᠦ ᠣᠢᠯᠠᠭᠠᠯᠲᠠ ᠪᠣᠢ᠃ ᠪᠠᠰᠠ ᠣᠷᠴᠢᠯ᠁ ᠢᠪ ᠴᠢᠪ᠁ ᠰᠠᠪᠠ ᠰᠢᠮ᠎ᠡ ᠬᠡᠮᠡᠬᠦ ᠭᠤᠷᠪᠠᠨ ᠶᠢᠷᠲᠢᠨᠴᠦ ᠶ᠋ᠢᠨ ᠭᠦᠨ ᠤᠬᠠᠭᠠᠨ ᠳᠡᠭᠡᠳᠦ ᠳᠤᠮᠳᠠ ᠳᠣᠭᠣᠳᠤ ᠭᠤᠷᠪᠠᠨ ᠲᠢᠪ ᠦ᠋ᠨ ᠳᠣᠮᠣᠭ ᠵᠦᠢ ᠡᠯ᠎ᠡ ᠪᠦᠬᠦᠨ ᠰᠢᠨᠡᠯᠢᠭ ᠰᠤᠳᠤᠯᠭ᠎ᠠ ᠦᠭᠡᠢᠯᠡᠭᠰᠡᠭᠡᠷ ᠪᠠᠢᠨ᠎ᠠ᠃
ᠨᠠᠰᠤ ᠨᠥᠭᠴᠢᠭᠰᠡᠳ ᠦ᠋ᠨ ᠦᠬᠦᠯ ᠤᠷᠭᠤᠮᠠᠯ᠂ ᠤᠰᠤ᠂ ᠭᠠᠵᠠᠷ ᠰᠢᠷᠣᠢ ᠬᠥᠨᠳᠡᠭᠰᠡᠨ ᠲᠡᠢ ᠬᠣᠯᠪᠣᠭ᠎ᠠ ᠲᠠᠢ ᠪᠠᠢᠬᠤ᠂ ᠬᠡᠢᠮᠣᠷᠢ ᠰᠦᠯᠳᠡ( ᠠᠮᠢᠨ ᠡᠷᠴᠢᠮ) ᠨᠢ ᠳᠣᠷᠣᠢᠲᠠᠵᠤ ᠵᠠᠭᠤᠷᠠᠳᠤ ᠶ᠋ᠢᠨ ᠦᠬᠦᠯ ᠪᠣᠭᠣᠨᠢ ᠨᠠᠰᠤᠨ ᠤ᠋ ᠰᠢᠯᠲᠠᠭᠠᠨ ᠪᠣᠯᠤᠭᠰᠠᠨ ᠪᠠᠢᠬᠤ ᠰᠢᠲᠦᠯᠭᠡ ᠶ᠋ᠢ ᠮᠤᠬᠤᠷ ᠰᠦᠰᠦᠭ ᠭᠡᠮᠡᠨ ᠦᠵᠡᠬᠦ ᠶᠣᠰᠣ ᠦᠭᠡᠢ ᠪᠢᠯᠡ᠃ ᠦᠬᠦᠯ ᠪᠦᠬᠦᠨ ᠭᠠᠳᠠᠨ᠎ᠠ ᠶ᠋ᠢᠨ ᠪᠤᠰᠤᠳ ᠠᠮᠢᠨ ᠤ᠋ ᠰᠥᠷᠬᠦ ᠦᠢᠯᠡᠴᠢᠯᠡᠯ ᠡᠴᠡ ᠰᠢᠯᠲᠠᠭᠠᠯᠠᠳᠠᠭ᠃ ᠮᠠᠭᠠᠳ ᠦᠭᠡᠢ ᠬᠥᠮᠦᠨ ᠳ᠋ᠦ᠍ ᠰᠠᠢᠨ ᠰᠠᠢᠬᠠᠨ ᠬᠠᠷᠠᠭᠳᠠᠭᠰᠠᠨ ᠬᠣᠢᠲᠤ ᠴᠢᠨᠠᠷ ᠠ᠋ᠴᠠ ᠪᠠᠨ ᠪᠣᠯᠵᠤ ᠴᠠᠭᠠᠨ ᠬᠡᠯᠡ ᠠᠮᠠ( ᠠᠲᠠᠭᠠᠷᠬᠠᠭᠰᠠᠨ ᠰᠡᠳᠬᠢᠯ ᠦ᠋ᠨ ᠬᠣᠣᠷᠲᠤ ᠴᠠᠴᠠᠷᠭᠠᠯ) ᠳ᠋ᠤ᠌ ᠥᠷᠲᠥᠵᠦ ᠡᠳᠦᠷ ᠲᠦ᠍ ᠬᠡᠴᠢᠨᠡᠨ ᠬᠥᠮᠦᠨ ᠳ᠋ᠦ᠍ ᠭᠠᠢ ᠳᠠᠭᠠᠷᠢᠯᠭ᠎ᠠ ᠪᠣᠯᠵᠤ ᠲᠣᠰᠳᠠᠭ ᠢ᠋ ᠴᠤ᠌ ᠪᠢᠳᠡ ᠮᠡᠳᠡᠬᠦ ᠦᠭᠡᠢ᠂ ᠡᠵᠢ ᠶ᠋ᠢᠨ ᠰᠠᠴᠤᠯᠢ ᠠᠪᠤ ᠶ᠋ᠢᠨ ᠣᠪᠣᠭ᠎ᠠ ᠲᠠᠬᠢᠯᠭ᠎ᠠ ᠶ᠋ᠢᠨ ᠰᠢᠪᠰᠢᠯᠭᠡ ᠬᠣᠷᠸ᠎ᠠ ᠶᠢᠷᠲᠢᠨᠴᠦ ᠶ᠋ᠢᠨ ᠠᠮᠢ ᠶ᠋ᠢ ᠤᠷᠲᠤᠰᠬᠠᠵᠤ ᠠᠭᠠᠰᠢ ᠶ᠋ᠢ ᠨᠢ ᠵᠥᠭᠡᠯᠡᠷᠡᠭᠦᠯᠵᠦ ᠪᠠᠢᠭᠰᠠᠨ ᠲᠡᠳᠦᠢ ᠦᠭᠡᠢ ᠨᠠᠮᠠᠢ ᠬᠠᠮᠠᠭᠠᠯᠠᠵᠤ ᠠᠭᠠᠰᠢᠯᠠᠭᠰᠠᠨ ᠦᠭᠡ ᠵᠢᠮᠡᠯᠡᠯ ᠨᠢ ᠴᠠᠭᠠᠨ ᠬᠡᠯᠡ ᠠᠮᠠ ᠶ᠋ᠢ ᠴᠠᠭᠠᠰᠢᠯᠠᠭᠤᠯᠵᠤ ᠪᠠᠢᠭᠰᠠᠨ ᠪᠣᠯᠤᠨ᠎ᠠ᠃
ᠠᠮᠢᠨ ᠹᠢᠯᠣᠰᠣᠹᠢ ᠶ᠋ᠢᠨ ᠣᠷᠣᠨ ᠵᠠᠢ ᠬᠢᠵᠠᠭᠠᠷ ᠦᠭᠡᠢ ᠴᠦ᠍ ᠲᠡᠳᠡᠨ ᠢ᠋ ᠬᠠᠷᠢᠯᠴᠠᠨ ᠨᠥᠯᠥᠭᠡᠯᠡᠯ᠂ ᠵᠥᠷᠢᠭ ᠰᠥᠷᠬᠦ ᠦᠢᠯᠡᠴᠢᠯᠡᠯ ᠦ᠋ᠨ ᠲᠠᠯ᠎ᠠ ᠪᠠᠷ ᠶᠠᠭᠤ ᠴᠤ᠌ ᠮᠡᠳᠡᠬᠦ ᠦᠭᠡᠢ ᠵᠥᠪᠬᠡᠨ ᠠᠨᠠᠭᠠᠬᠤ ᠤᠬᠠᠭᠠᠨ᠂ ᠰᠡᠳᠬᠢᠯ ᠰᠤᠳᠤᠯᠤᠯ᠁ ᠭᠡᠬᠦ ᠮᠡᠲᠦ ᠳᠠᠮ ᠵᠦᠢᠯ ᠢ᠋ᠶ᠋ᠡᠷ ᠯᠡ ᠲᠡᠭᠦᠨ ᠦ᠌ ᠨᠠᠰᠤ ᠶ᠋ᠢ ᠤᠷᠲᠤᠰᠬᠠᠬᠤ ᠭᠡᠵᠦ ᠬᠢᠴᠢᠶᠡᠮᠦᠢ᠃ ᠠᠮᠢᠨ ᠤ᠋ ᠲᠠᠯ᠎ᠠ ᠪᠠᠷ ᠶᠠᠭᠤ ᠴᠤ᠌ ᠮᠡᠳᠡᠬᠦ ᠦᠭᠡᠢ ᠪᠠᠢᠨ᠎ᠠ᠃
ᠳᠡᠳ᠋ ᠪᠦᠯᠦᠭ ᠢ᠋ᠶ᠋ᠡᠨ ᠮᠠᠨᠳᠤᠭᠠᠬᠤ ᠪᠠᠷ ᠲᠡᠷᠢᠭᠦᠨ ᠪᠦᠯᠦᠭ ᠵᠢᠷᠭᠠᠪᠠᠢ᠃ ᠲᠠ ᠦᠯᠦ ᠠᠯᠭᠤᠷᠯᠠᠵᠤ ᠪᠦᠯᠦᠭ ᠦ᠋ᠨ ᠡᠬᠢᠨ ᠳ᠋ᠦ᠍ ᠡᠰᠢᠯᠡᠭᠰᠡᠨ ᠶᠡᠬᠡ ᠡᠵᠡᠨ ᠬᠠᠭᠠᠨ ᠤ᠋ ᠪᠡᠯᠭᠡ ᠰᠤᠷᠭᠠᠯ ᠢ᠋ ᠡᠷᠭᠢᠵᠦ ᠨᠢᠭᠡ ᠬᠠᠷᠠᠵᠤ ᠡᠷᠭᠢᠴᠡᠭᠦᠯᠵᠦ ᠳᠠᠬᠢᠨ ᠪᠢᠰᠢᠯᠭᠠᠨ᠎ᠠ ᠤᠤ?
ᠦᠰᠦᠭ ᠠᠮᠢᠯᠠᠭᠤᠯᠤᠭᠰᠠᠨ᠄ ᠲᠣᠭᠳᠠᠭᠤᠨᠪᠠᠶᠠᠷ᠂ ᠪᠠᠶᠠᠨᠰᠡᠷᠡᠩ
ᠬᠢᠨᠠᠭᠴᠢ ᠪᠠᠭᠰᠢ᠄ ᠣᠳᠬᠠᠨᠰᠣ᠎ᠠ᠂ ᠰᠡᠬᠡᠭᠡᠷᠡᠯ
