ᠨᠠᠢ᠍ᠮᠠ᠂ ᠣᠨᠣᠯ ᠤ᠋ᠨ ᠵᠠᠷᠢᠮ ᠤᠯᠠᠮᠵᠢᠯᠠᠯ-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Хаанбуу
ᠨᠠᠢ᠍ᠮᠠ᠂ ᠣᠨᠣᠯ ᠤ᠋ᠨ ᠵᠠᠷᠢᠮ ᠤᠯᠠᠮᠵᠢᠯᠠᠯ
ᠪᠢᠳᠡ ᠡᠪᠦᠭᠡ ᠳᠡᠭᠡᠳᠦᠰ ᠦ᠋ᠨ ᠠᠯᠢᠪᠠ ᠥᠪ ᠰᠠᠩ ᠳ᠋ᠤ᠌ ᠬᠠᠨᠳᠤᠬᠤ ᠳ᠋ᠠᠭᠠᠨ ᠬᠣᠴᠣᠷᠤᠭᠳᠠᠭᠰᠠᠨ ᠮᠡᠲᠦ ᠪᠡᠷ ᠰᠣᠨᠵᠢᠬᠤ ᠨᠢ ᠬᠣᠢᠮᠣᠰᠣᠨ ᠤᠬᠠᠭᠠᠨ ᠤ᠋ ᠪᠠᠯᠠᠭ ᠪᠥᠭᠡᠳ ᠶᠠᠭᠤᠨ ᠤ᠋ ᠡᠮᠦᠨ᠎ᠡ ᠭᠤᠷᠪᠠᠯ ᠬᠡᠪᠰᠢᠯ ᠢ᠋ᠶ᠋ᠡᠷ ᠪᠦᠲᠦᠭᠰᠡᠨ ᠭᠡᠳᠡᠭ ᠢ᠋ ᠰᠠᠨᠠᠵᠤ ᠤᠬᠠᠭᠠᠷᠠᠪᠠᠰᠤ ᠰᠠᠶᠢ ᠪᠤᠶᠠᠨᠲᠤ ᠡᠬᠢ ᠪᠣᠯᠬᠤ ᠠᠪᠠᠢ᠃ ᠮᠣᠩᠭᠣᠯ ᠤ᠋ᠨ ᠡᠷᠲᠡᠨ ᠦ᠌ ᠰᠤᠤᠲᠠᠨ ᠪᠦᠷᠢ ᠭᠤᠷᠪᠠᠯ ᠤᠬᠠᠭᠠᠨ ᠤ᠋ ᠣᠨᠣᠯᠴᠢᠳ ᠪᠠᠢᠭᠰᠠᠨ ᠨᠢ ᠮᠠᠷᠭᠤᠭᠠᠨ ᠦᠭᠡᠢ ᠪᠥᠯᠥᠭᠡ᠃ ᠶᠡᠬᠡ ᠡᠷᠳᠡᠮᠲᠡᠨ ᠱᠠᠷᠠᠢ ᠶ᠋ᠢᠨ ᠮᠢᠩᠭᠠᠲᠤ ᠶ᠋ᠢᠨ(1685—1770) ᠫᠢ ᠲᠣᠭᠠᠨ ᠤ᠋ ᠤᠴᠢᠷ ᠤᠳᠬ᠎ᠠ ᠨᠢ ᠲᠣᠭ᠎ᠠ ᠳᠦᠷᠰᠦ ᠲᠣᠮᠢᠶᠠᠨ ᠳ᠋ᠠᠭᠠᠨ ᠪᠤᠰᠤ ᠬᠢᠵᠠᠭᠠᠷ ᠦᠭᠡᠢ ᠳ᠋ᠡᠭᠡᠨ ᠪᠠᠢᠵᠤ ᠪᠣᠯᠬᠤ᠃ ᠤᠴᠢᠷ ᠨᠢ ᠳᠡᠯᠡᠬᠡᠢ ᠳ᠋ᠦ᠍ ᠢᠷᠡᠭᠰᠡᠨ ᠲᠩᠷᠢ ᠶ᠋ᠢᠨ ᠣᠷᠣᠨ ᠤ᠋ ᠤᠬᠠᠭᠠᠨᠲᠠᠳ ᠨᠤᠭᠤᠳ ᠤ᠋ᠨ ᠢᠯᠡᠭᠡᠯᠲᠡ ᠳ᠋ᠦ᠍《ᠠᠮᠢᠳᠤ ᠠᠮᠢᠳᠤᠷᠠᠯ ᠡᠭᠦᠰᠬᠦ ᠳ᠋ᠦ᠍ ᠬᠠᠮᠤᠭ ᠤ᠋ᠨ ᠲᠣᠬᠢᠷᠠᠮᠵᠢᠲᠠᠢ ᠨᠥᠬᠥᠴᠡᠯ ᠨᠢ ᠫᠢ ᠲᠣᠭᠠᠨ ᠤ᠋ ᠣᠷᠣᠨ ᠵᠠᠢ ᠶ᠋ᠢᠨ ᠬᠡᠮᠵᠢᠶᠡᠰᠦ ᠮᠥᠨ》 ᠭᠡᠵᠦ ᠳᠤᠷᠠᠳᠤᠭᠰᠠᠨ ᠨᠢ ᠭᠠᠢᠬᠠᠯ ᠲᠥᠷᠥᠭᠦᠯᠦᠨ᠎ᠡ᠃ ᠪᠢᠳᠡ ᠶᠡᠬᠡ ᠮᠢᠩᠭᠠᠲᠤ ᠶ᠋ᠢᠨ ᠲᠣᠭ᠎ᠠ ᠵᠢᠷᠤᠬᠠᠢ ᠳᠦᠷᠰᠦ ᠬᠢᠭᠡᠳ ᠲᠣᠭᠣᠷᠢᠭ ᠤ᠋ᠨ ᠤᠬᠠᠭᠠᠨ ᠢ᠋ ᠧᠦ᠋ᠷᠣᠫᠠ ᠤᠬᠠᠭᠠᠨ ᠲᠠᠢ ᠪᠤᠰᠤ᠂ ᠭᠤᠷᠪᠠᠯ ᠣᠨᠣᠯ ᠰᠡᠳᠬᠢᠯᠭᠡ ᠲᠡᠢ ᠬᠣᠯᠪᠣᠨ ᠰᠤᠳᠤᠯᠪᠠᠰᠤ ᠢᠷᠡᠭᠡᠳᠦᠢ ᠨᠢ ᠠᠮᠢᠯᠠᠵᠤ ᠪᠣᠯᠤᠨ᠎ᠠ᠃ ᠲᠡᠭᠦᠨ ᠦ᠌ ᠵᠥᠪᠬᠡᠨ《ᠲᠣᠭᠣᠷᠢᠭ ᠣᠭᠲᠣᠯᠬᠤ ᠫᠢ ᠲᠣᠭ᠎ᠠ ᠶ᠋ᠢ ᠣᠯᠬᠤ ᠬᠢᠯᠪᠠᠷ ᠠᠷᠭ᠎ᠠ》 ᠳᠥᠷᠪᠡᠨ ᠪᠣᠳᠢ ᠶᠠᠭᠤ ᠠᠭᠤᠯᠵᠤ ᠪᠠᠢᠭ᠎ᠠ ᠶᠤᠮ ᠪᠣᠯ? ᠪᠢᠳᠡᠨ ᠦ᠌ ᠪᠣᠳᠣᠭᠰᠠᠨ ᠠ᠋ᠴᠠ ᠢᠯᠡᠭᠦᠦ ᠶᠡᠬᠡ ᠤᠳᠬ᠎ᠠ ᠮᠡᠳᠡᠭᠡᠯᠡᠯ ᠳᠣᠬᠢᠶ᠎ᠠ ᠬᠠᠳᠠᠭᠠᠯᠠᠭᠳᠠᠵᠤ ᠪᠠᠢᠵᠤ ᠮᠠᠭᠠᠳ ᠦᠭᠡᠢ ᠶᠦᠮ ᠰᠢᠦ᠃ ᠡᠨᠡᠴᠢᠯᠡᠨ ᠭᠦᠦᠰᠢ ᠴᠣᠷᠵᠢ᠂ ᠮᠡᠷᠭᠡᠨ ᠭᠡᠭᠡᠨ ᠪᠤᠰᠤᠳ ᠬᠤᠪᠢᠯᠭᠠᠳ ᠤ᠋ᠨ ᠪᠦᠲᠦᠭᠡᠯ ᠳ᠋ᠦ᠍ ᠶᠠᠭᠤ ᠨᠢᠭᠤᠭᠳᠠᠵᠤ ᠪᠠᠢᠨ᠎ᠠ ᠪᠣᠯ? ᠭᠠᠭᠴᠠᠬᠦ ᠮᠣᠩᠭᠣᠯ ᠤᠬᠠᠭᠠᠨ ᠢ᠋ᠶ᠋ᠠᠷ ᠢ᠋ᠶ᠋ᠠᠨ ᠬᠠᠨᠳᠤᠬᠤ ᠶᠤᠮᠰᠠᠨ᠃ ᠶᠡᠬᠡ ᠡᠷᠳᠡᠮᠲᠡᠨ ᠡᠪᠦᠭᠡᠳ ᠦ᠋ᠨ ᠨᠢᠭᠡ ᠳ᠋ᠠᠮᠼᠠᠨᠳᠣᠷᠵᠢ(1781—1856) ᠬᠥᠮᠦᠨ ᠪᠣᠯᠤᠭᠰᠠᠨ ᠶᠢᠷᠲᠢᠨᠴᠦ ᠶ᠋ᠢᠨ ᠡᠭᠦᠰᠦᠯ ᠦ᠋ᠨ ᠲᠤᠬᠠᠢ ᠳ᠋ᠤ᠌《ᠥᠴᠦᠬᠡᠨ ᠬᠤᠮᠠᠬᠢ ᠶ᠋ᠢᠨ ᠲᠣᠭᠣᠰᠣᠨ ᠤ᠋ ᠬᠢᠮᠤᠷᠠᠯᠳᠤᠭᠠᠨ ᠤ᠋ ᠦᠷ᠎ᠡ ᠪᠣᠯᠬᠤ{ ᠬᠡᠢ ᠭᠠᠯ ᠤᠰᠤ} ᠬᠡᠮᠡᠬᠦ ᠶᠠᠮᠠᠷ ᠨᠢᠭᠡᠨ ᠠᠶᠠᠨᠳᠠᠭᠠᠨ ᠡᠭᠦᠰᠬᠦ ᠬᠦᠴᠦᠨ ᠦ᠌ ᠨᠢᠭᠡᠳᠦᠯ ᠦ᠋ᠨ ᠦᠷ᠎ᠡ ᠪᠣᠯᠤᠨ ᠡᠭᠦᠰᠦᠭᠰᠡᠨ》 ᠬᠡᠮᠡᠵᠡᠢ᠃ ᠬᠣᠭᠣᠷᠣᠨᠳᠣ ᠪᠠᠨ ᠬᠢᠮᠤᠷᠠᠵᠤ ᠪᠠᠢᠳᠠᠭ ᠥᠴᠦᠬᠡᠨ ᠬᠤᠮᠠᠬᠢ ᠭᠡᠵᠦ ᠶᠠᠭᠤ ᠪᠣᠢ? ᠮᠠᠲ᠋ᠸᠷᠢ ᠤᠤ ᠣᠶᠤᠨ ᠰᠠᠨᠠᠭ᠎ᠠ ᠤᠤ? ᠬᠢᠮᠤᠷᠠᠯᠳᠤᠭᠠᠨ ᠭᠡᠮᠡᠷ ᠠᠮᠢᠨ ᠤ᠋ ᠰᠢᠨᠵᠢ ᠪᠤᠰᠤ ᠤᠤ? ᠠᠮᠢ ᠬᠢᠮᠤᠷᠠᠨ᠎ᠠ᠃ ᠮᠣᠩᠭᠣᠯ ᠬᠥᠮᠦᠨ ᠦᠨᠡᠰᠦ ᠬᠢᠮᠤᠷᠠᠪᠠ᠁ ᠲᠣᠭᠣᠰᠣ ᠬᠢᠮᠤᠷᠠᠪᠠ᠁ ᠭᠡᠵᠦ ᠶᠠᠷᠢᠳᠠᠭ ᠦᠭᠡᠢ᠃ ᠲᠡᠭᠡᠬᠦ ᠪᠡᠷ ᠬᠢᠮᠤᠷᠠᠯᠳᠤᠭᠠᠨ ᠭᠡᠳᠡᠭ ᠦᠭᠡ ᠠᠮᠢ ᠲᠠᠢ ᠶᠠᠭᠤᠮᠠᠨ ᠤ᠋ ᠰᠢᠨᠵᠢ ᠪᠠᠢᠬᠤ ᠨᠢ ᠪᠠᠰᠠ ᠲᠡᠷᠡ ᠬᠢᠮᠤᠷᠠᠯᠳᠤᠭᠴᠢ《ᠦᠷ᠎ᠡ ᠶ᠋ᠢᠨ ᠬᠠᠷᠢᠯᠴᠠᠨ ᠨᠥᠬᠥᠴᠡᠯᠳᠦᠭᠰᠡᠨ ᠦ᠌ ᠤᠯᠠᠮ ᠠ᠋ᠴᠠ》 ᠭᠡᠬᠦ ᠪᠡᠷ ᠦᠷ᠎ᠡ ᠭᠡᠳᠡᠭ ᠠᠮᠢᠳᠤ ᠠᠮᠢᠲᠠᠨ ᠤ᠋ ᠪᠢᠴᠢᠯ ᠣᠢᠯᠠᠭᠠᠯᠲᠠ ᠣᠷᠣᠵᠤ ᠢᠷᠡᠵᠦ ᠪᠢᠳᠡᠨ ᠦ᠌ ᠲᠠᠭᠠᠮᠠᠭᠯᠠᠯ ᠢ᠋ ᠤᠯᠠᠮ ᠲᠣᠳᠣᠷᠬᠠᠢ ᠪᠣᠯᠭᠠᠨ᠎ᠠ᠃ ᠬᠢᠮᠤᠷᠠᠯᠳᠤᠭᠠᠨ ᠤ᠋ ᠦᠷ᠎ᠡ ᠶ᠋ᠢᠨ ᠤᠯᠠᠮ ᠠ᠋ᠴᠠ ᠬᠢᠮᠤᠷᠠᠯᠳᠤᠭᠠᠨ ᠤ᠋ ᠦᠷ᠎ᠡ ᠪᠣᠯᠵᠤ《ᠬᠡᠢ ᠤᠰᠤ ᠭᠠᠯ》 ᠬᠡᠮᠡᠬᠦ᠁ ᠠᠶᠠᠨᠳᠠᠭᠠᠨ ᠡᠭᠦᠰᠬᠦ ᠬᠦᠴᠦᠨ ᠦ᠌ ᠨᠢᠭᠡᠳᠦᠯ ᠦ᠋ᠨ ᠦᠷ᠎ᠡ ᠪᠣᠯᠤᠨ ᠡᠭᠦᠰᠦᠭᠰᠡᠨ ᠠᠵᠢ᠃ ᠡᠨᠳᠡ ᠦᠷ᠎ᠡ ᠭᠡᠳᠡᠭ ᠦᠭᠡ ᠭᠤᠷᠪᠠᠨ ᠰᠢᠯᠲᠠᠭᠠᠨ ᠢ᠋ᠶ᠋ᠠᠷ ᠭᠤᠷᠪᠠ ᠳᠠᠪᠲᠠᠭᠳᠠᠵᠤ ᠪᠣᠢ ᠶ᠋ᠢ ᠪᠣᠯᠭᠠᠭᠲᠤᠨ! ᠠᠮᠢ ᠦᠷ᠎ᠡ ᠶ᠋ᠢᠨ ᠬᠢᠮᠤᠷᠠᠯᠳᠤᠭᠠᠨ ᠤ᠋ ᠨᠢᠭᠡᠳᠦᠯ ᠡᠴᠡ ᠰᠠᠶᠢ ᠬᠡᠢ ᠤᠰᠤ ᠭᠠᠯ ᠭᠤᠷᠮᠤᠰᠤᠨ ᠪᠦᠲᠦᠴᠡ ᠡᠭᠦᠰᠴᠡᠢ ᠳᠡ᠃ ᠲᠡᠭᠡᠬᠦ ᠪᠡᠷ ᠮᠠᠨ ᠤ᠋ ᠡᠷᠡᠨ ᠦ᠌ ᠡᠮᠦᠨ᠎ᠡ6 ᠳ᠋ᠤᠭᠠᠷ ᠵᠠᠭᠤᠨ ᠤ᠋ ᠭᠷᠧᠭ ᠦ᠋ᠨ ᠶᠡᠬᠡ ᠹᠢᠯᠣᠰᠣᠹᠢᠴᠢᠳ ᠤ᠋ᠨ ᠨᠡᠭᠡᠭᠡᠭᠰᠡᠨ ᠹᠡᠯᠧᠰ ᠦ᠋ᠨ ᠤᠰᠤ᠂ ᠠᠨᠠᠺᠰᠢᠮᠧᠨ ᠦ᠌ ᠬᠡᠢ᠂ ᠭᠧᠷᠡᠺᠯᠢᠲ ᠦ᠋ᠨ ᠭᠠᠯ ᠲᠤᠰ ᠲᠤᠰ ᠲᠠᠭᠠᠨ ᠪᠤᠰᠤ᠂ ᠳ᠋ᠡᠮᠽᠠᠭᠳᠣᠷᠵᠢ ᠶ᠋ᠢᠨ ᠣᠨᠣᠯ ᠢ᠋ᠶ᠋ᠠᠷ ᠪᠣᠯ ᠬᠤᠮᠠᠬᠢ(ᠠᠮᠢ) ᠨᠢᠭᠡᠳᠦᠯ ᠲᠡᠢ ᠪᠠᠢᠨ᠎ᠠ᠃ ᠨᠣᠮᠴᠢ ᠮᠡᠷᠭᠡᠨ ᠳ᠋ᠠᠮᠽᠠᠭᠳᠣᠷᠵᠢ《ᠠᠶᠠᠨᠳᠠᠭᠠᠨ ᠤᠷᠤᠰᠬᠤ ᠬᠦᠴᠦᠨ ᠦ᠌ ᠨᠢᠭᠡᠳᠦᠯ》 ᠭᠡᠵᠦ ᠳᠤᠷᠠᠳᠤᠭᠰᠠᠨ ᠭᠤᠷᠪᠠᠳᠠᠬᠢ ᠦᠷ᠎ᠡ ᠶ᠋ᠢ ᠤᠬᠠᠮᠰᠠᠷ ᠤ᠋ᠨ ᠡᠭᠦᠳᠦᠯ ᠮᠡᠲᠦ᠃ ᠭᠤᠷᠪᠠᠨ ᠦᠷ᠎ᠡ ᠶ᠋ᠢᠨ ᠤᠴᠢᠷ ᠡᠢᠮᠦ ᠰᠠᠨᠠᠭᠳᠠᠨ᠎ᠠ᠃ ᠮᠥᠨ ᠦᠶ᠎ᠡ ᠶ᠋ᠢᠨ ᠡᠷᠳᠡᠮᠲᠡᠨ ᠠᠭᠸᠠᠩᠬᠠᠢᠳᠠᠪ(177—1838) 《ᠦᠯᠦᠭ᠂ ᠮᠠᠲᠠᠯ᠂ ᠲᠡᠭᠦᠯᠳᠡᠷ ᠪᠤᠰᠤ ᠬᠤᠷᠠᠨ ᠦᠢᠯᠡᠳᠦᠭᠴᠢ ᠭᠤᠷᠪᠠᠨ ᠵᠥᠪᠯᠡᠯᠭᠡᠨ》 ᠵᠣᠬᠢᠶᠠᠯ ᠳ᠋ᠠᠭᠠᠨ ᠪᠡᠶ᠎ᠡ ᠬᠢᠭᠡᠳ ᠰᠡᠳᠬᠢᠯ ᠦ᠋ᠨ ᠨᠡᠢᠯᠡᠪᠦᠷᠢ《ᠬᠤᠪᠢ ᠬᠥᠮᠦᠨ》 ᠭᠡᠳᠡᠭ ᠠᠰᠠᠭᠤᠳᠠᠯ ᠢ᠋ ᠳᠡᠪᠰᠢᠭᠦᠯᠦᠨ ᠲᠠᠯᠪᠢᠵᠠᠢ᠃ ᠭᠤᠷᠪᠠᠳᠠᠴᠢ ᠴᠢᠨᠠᠷ《ᠬᠤᠪᠢ ᠬᠥᠮᠦᠨ》 ᠪᠤᠶᠤ《ᠲᠡᠭᠦᠯᠳᠡᠷ ᠪᠤᠰᠤ ᠬᠤᠷᠠᠨ ᠦᠢᠯᠡᠳᠦᠭᠴᠢ》 ᠪᠣᠯ ᠠᠮᠢ ᠶᠤᠮᠰᠠᠨᠵᠠᠢ᠃ ᠠᠮᠢ ᠳᠠᠩ ᠢ᠋ᠶ᠋ᠠᠷ ᠢ᠋ᠶ᠋ᠠᠨ ᠲᠡᠭᠦᠯᠳᠡᠷ ᠪᠤᠰᠤ ᠭᠡᠳᠡᠭ ᠢ᠋ ᠡᠮᠦᠨ᠎ᠡ ᠴᠦ᠍ ᠪᠢᠳᠡ ᠶᠠᠷᠢᠭᠰᠠᠨ᠃ ᠥᠯᠥᠩ ᠭᠡᠳᠡᠭ ᠦᠭᠡ(ᠮᠠᠲ᠋ᠧᠷᠢ) ᠡᠳ᠋ ᠦᠯᠦᠭ᠃ ᠮᠠᠲᠠᠯ ᠭᠡᠳᠡᠭ ᠨᠢ ᠤᠬᠠᠮᠰᠠᠷ ᠪᠥᠭᠡᠳ ᠡᠨᠡ ᠤᠳᠬ᠎ᠠ ᠪᠠᠷ ᠠᠪᠴᠤ ᠦᠵᠡᠪᠡᠯ《ᠡᠳ᠋ ᠢ᠋ ᠮᠡᠳᠡᠬᠦ ᠠᠮᠢ》 ᠭᠤᠷᠪᠠᠯ ᠵᠥᠪᠯᠡᠯᠭᠡᠨ《ᠨᠢᠭᠡᠳᠦᠯ》 ᠪᠣᠯᠵᠤ ᠲᠠᠭᠠᠷᠠᠬᠤ ᠪᠠᠢᠵᠠᠢ᠃《ᠬᠤᠪᠢ ᠪᠡᠶ᠎ᠡ ᠪᠣᠯ ᠪᠡᠶ᠎ᠡ ᠴᠦ᠍ ᠪᠤᠰᠤ ᠮᠠᠲᠠᠯ ᠴᠤ᠌ ᠪᠤᠰᠤ》 ᠬᠡᠮᠡᠭᠰᠡᠨ ᠲᠣᠳᠣᠷᠬᠠᠢᠯᠠᠯᠲᠠ ᠶ᠋ᠢ ᠨᠢ ᠣᠳᠣ ᠠᠩᠵᠠᠷᠠᠪᠠᠯ᠂ ᠶᠢᠷᠲᠢᠨᠴᠦ ᠪᠡᠶ᠎ᠡ ᠡᠴᠡ ᠪᠣᠯᠤᠨ ᠰᠡᠳᠬᠢᠯ ᠡᠴᠡ ᠡᠭᠦᠰᠦᠭᠡ ᠦᠭᠡᠢ ᠬᠤᠪᠢ ᠬᠥᠮᠦᠨ(ᠠᠮᠢ) ᠨᠢᠭᠡᠳᠦᠯ ᠲᠡᠢ ᠪᠥᠭᠡᠳ ᠠᠮᠢ ᠨᠢ ᠠᠬᠤᠢ ᠴᠤ᠌ ᠪᠢᠰᠢ᠂ ᠤᠬᠠᠮᠰᠠᠷ ᠴᠤ᠌ ᠪᠢᠰᠢ ᠪᠣᠯᠬᠤ ᠨᠢ ᠠ᠋᠃ ᠮᠥᠨ ᠠᠭᠸᠠᠩᠳᠠᠨᠳᠠᠷ(1759—1840)᠂ ᠰᠣᠳᠨᠠᠮᠵᠠᠮᠴᠣ(19 ᠳ᠋ᠦ᠍ᠭᠡᠷ ᠵᠠᠭᠤᠨ)᠂ ᠴᠠᠷᠠᠨᠵᠠᠪ (ᠮᠥᠨ ᠦᠶ᠎ᠡ)᠂ ᠵᠠᠸᠠ ᠳᠠᠮᠳᠢᠨ(1857—1937) ᠵᠡᠷᠭᠡ ᠶᠡᠬᠡᠰ ᠤᠬᠠᠭᠠᠨᠲᠠᠨ ᠨᠤᠭᠤᠳ ᠤᠴᠢᠷ ᠰᠢᠯᠲᠠᠭᠠᠨ ᠤ᠋ ᠤᠬᠠᠭᠠᠨ ᠬᠡᠮᠡᠬᠦ ᠤᠳᠬ᠎ᠠ ᠶ᠋ᠢᠨ ᠶᠡᠷᠦᠩᠬᠡᠢ ᠠᠭᠤᠯᠭ᠎ᠠ ᠳᠣᠣᠷ᠎ᠠ ᠪᠦᠲᠦᠭᠡᠯ ᠦ᠋ᠳ ᠲᠣᠭᠣᠷᠪᠢᠰᠡᠨ ᠦ᠌ ᠳᠣᠲᠣᠷ᠎ᠠ《ᠭᠤᠷᠪᠠᠨ ᠶᠣᠰᠣ》 ᠭᠡᠳᠡᠭ ᠤᠬᠠᠭᠳᠠᠬᠤᠨ ᠭᠥᠪᠰᠢᠭᠦᠯᠵᠦ《ᠭᠤᠷᠪᠠᠨ ᠶᠣᠰᠣᠲᠤ ᠭᠠᠷᠭᠠᠯᠭ᠎ᠠ》 ᠪᠠᠷ ᠪᠢᠰᠢᠯᠭᠠᠨ᠂ ᠶᠠᠭᠤᠮᠠᠰ ᠦᠵᠡᠭᠳᠡᠯ ᠳ᠋ᠦ᠍ ᠳ᠋ᠦᠩᠨᠡᠯᠲᠡ ᠬᠢᠵᠦ ᠠᠭᠰᠠᠨ ᠢ᠋ ᠳᠤᠷᠠᠳᠰᠤ᠃ ᠲᠤᠬᠠᠢᠯᠠᠪᠠᠯ ᠠᠭᠸᠠᠩᠳᠠᠨᠳᠠᠷ ᠤ᠋ᠨ ᠪᠠᠷᠢᠯᠳᠤᠬᠤᠢ ᠶ᠋ᠢᠨ ᠦᠭᠡᠢᠰᠬᠡᠯ᠂ ᠭᠠᠷᠭᠠᠯᠭᠠᠨ ᠤ᠋ ᠨᠤᠲᠠᠯᠠᠭᠳᠠᠬᠤᠨ ᠨᠢ ᠭᠤᠷᠪᠠᠨ ᠣᠨᠣᠯ ᠠᠭᠠᠳ《ᠰᠢᠨᠵᠢ ᠬᠣᠶᠠᠭᠤᠯᠠ ᠪᠠᠨ ᠪᠠᠢᠬᠤ ᠶ᠋ᠢ ᠬᠣᠷᠢᠬᠤ ᠬᠡᠷᠡᠭᠲᠡᠢ》 ᠬᠡᠮᠡᠵᠡᠢ᠃ ᠬᠣᠶᠠᠷ ᠰᠢᠨᠵᠢ ᠬᠣᠶᠠᠭᠤᠯᠠ ᠪᠠᠨ ᠪᠠᠢᠬᠤ ᠦᠭᠡᠢ ᠶ᠋ᠢ ᠭᠤᠷᠪᠠᠳᠠᠭᠴᠢ ᠰᠢᠨᠵᠢ ᠯᠡ ᠬᠣᠷᠢᠬᠤ ᠶᠣᠰᠣᠲᠠᠢ᠃ ᠧᠦ᠋ᠷᠣᠫᠠ ᠶ᠋ᠢᠨ ᠬᠢᠨ ᠨᠣᠰᠲ᠋ᠷᠡᠳᠦᠮᠥ᠋ᠰ ᠢ᠋ ᠰᠤᠳᠤᠯᠤᠨ ᠠᠭᠤᠯᠭ᠎ᠠ ᠶ᠋ᠢ ᠨᠢ ᠰᠢᠨ᠎ᠡ ᠴᠠᠭ ᠤ᠋ᠨ ᠨᠡᠷ᠎ᠡ ᠲᠣᠮᠢᠶ᠎ᠠ᠂ ᠬᠡᠯᠡ ᠠᠭᠤᠯᠭ᠎ᠠ᠂ ᠳᠦᠷᠢ ᠳᠦᠷᠰᠦᠯᠡᠯ ᠳ᠋ᠦ᠍ ᠳᠡᠪᠰᠢᠭᠦᠯᠵᠦ ᠪᠠᠢᠭ᠎ᠠ ᠲᠠᠢ ᠠᠳᠠᠯᠢ ᠡᠪᠦᠭᠡᠳ ᠦ᠋ᠨ ᠤᠬᠠᠭᠠᠨ ᠠ᠋ᠴᠠ ᠥᠨᠥ ᠶ᠋ᠢᠨ ᠬᠡᠯᠡ ᠪᠡᠷ ᠲᠠᠢᠯᠬᠤ ᠶᠤᠮᠰᠠᠨ᠃
ᠭᠤᠷᠪᠠᠨ ᠣᠨᠣᠯ ᠪᠢᠳᠡᠨ ᠦ᠌ ᠤᠬᠠᠭᠠᠨ ᠲᠠᠢ ᠲᠣᠯᠣᠭᠠᠢ ᠠ᠋ᠴᠠ ᠭᠠᠷᠴᠤ ᠪᠣᠢ ᠰᠢᠨ᠎ᠡ ᠡᠷᠳᠡᠮ ᠪᠤᠰᠤ ᠡᠪᠦᠭᠡᠳ ᠦ᠋ᠨ ᠥᠪ ᠭᠡᠳ ᠪᠠᠢᠭ᠎ᠠ ᠶ᠋ᠢᠨ ᠨᠢᠭᠡᠨ ᠤᠴᠢᠷ ᠡᠨᠡ ᠶᠦᠮ᠃ ᠡᠭᠦᠨ ᠢ᠋ ᠵᠣᠬᠢᠶᠠᠮᠠᠯ᠂ ᠡᠰᠡᠪᠡᠯ ᠳᠠᠮ ᠣᠷᠴᠢᠭᠤᠯᠤᠭᠳᠠᠮᠠᠯ ᠶᠤᠮ ᠤᠤ ᠵᠢᠭᠡᠯᠡᠳᠦᠮᠡᠯ ᠪᠤᠰᠤ ᠪᠦᠷ ᠡᠭᠦᠰᠦᠮᠡᠯ ᠢᠵᠠᠭᠤᠷ ᠪᠣᠯᠬᠤ ᠶ᠋ᠢ ᠡᠨᠡ ᠮᠡᠲᠦ ᠡᠷᠲᠡᠨ ᠦ᠌ ᠮᠣᠩᠭᠣᠯ ᠰᠡᠳᠬᠢᠯᠭᠡ᠂ ᠬᠡᠪ ᠰᠢᠨᠵᠢ ᠶ᠋ᠢ ᠢᠯᠡᠷᠬᠡᠢᠯᠡᠬᠦ ᠦᠯᠡᠳᠡᠪᠦᠷᠢ ᠳᠤᠷᠠᠰᠬᠠᠯ᠂ ᠪᠠᠷᠢᠮᠲᠠ᠂ ᠲᠡᠦᠬᠡ ᠰᠤᠷᠪᠤᠯᠵᠢ ᠪᠢᠴᠢᠭ ᠦ᠋ᠳ᠂ ᠳᠣᠮᠣᠭ ᠦᠯᠢᠭᠡᠷ ᠲᠤᠤᠯᠢᠰ ᠤ᠋ᠳ ᠭᠡᠷᠡᠴᠢᠯᠡᠬᠦ ᠠᠵᠠᠢ ᠠ᠋᠃ ᠲᠠᠰᠢᠷᠠᠮ ᠳ᠋ᠤ᠌ ᠳᠤᠷᠠᠳᠬᠤ ᠳ᠋ᠤ᠌ ᠠᠷᠭ᠎ᠠ ᠪᠢᠯᠢᠭ ᠪᠣᠯ ᠳᠣᠷᠣᠨ᠎ᠠ ᠳ᠋ᠠᠬᠢᠨ ᠤ᠋ ᠭᠦᠨ ᠤᠬᠠᠭᠠᠨ ᠤ᠋ ᠥᠪ ᠪᠣᠯᠪᠠᠴᠤ ᠮᠠᠨ ᠤ᠋ ᠳ᠋ᠤ᠌ ᠶᠡᠬᠡ ᠬᠣᠵᠢᠭᠤ᠂ ᠰᠠᠢᠨ ᠳ᠋ᠠᠭᠠᠨ ᠯᠠ ᠮᠢᠩᠭ᠎ᠠ ᠭᠠᠷᠤᠢ ᠵᠢᠯ ᠦ᠋ᠨ ᠲᠡᠷᠲᠡᠭᠡ ᠡᠴᠡ ᠬᠣᠯᠢᠴᠠᠵᠤ ᠡᠬᠢᠯᠡᠭᠰᠡᠨ ᠭᠠᠳᠠᠨ᠎ᠠ ᠶ᠋ᠢᠨ ᠪᠦᠲᠦᠭᠡᠯ᠃ ᠮᠣᠩᠭᠣᠯᠴᠤᠳ ᠶᠡᠷᠦ ᠡᠴᠡ ᠪᠡᠯᠭᠡ(ᠪᠡᠯᠭᠥбэлх) ᠶ᠋ᠢ ᠡᠬᠢ ᠪᠣᠯᠭᠠᠨ᠂ ᠡᠷ᠎ᠡ ᠪᠡᠯᠭᠥ᠂ ᠡᠮ᠎ᠡ ᠪᠡᠯᠭᠥ ᠭᠡᠬᠦ ᠮᠡᠲᠦ ᠪᠡᠷ ᠪᠡᠯᠭᠥ ᠦᠷᠡᠵᠢᠯ ᠦ᠋ᠨ ᠰᠢᠯᠲᠠᠭᠠᠨ ᠢ᠋ ᠦᠷ᠎ᠡ ᠲᠡᠢ ᠨᠢ ᠭᠤᠷᠪᠠᠯ ᠳ᠋ᠤ᠌ ᠠᠪᠴᠤ ᠦᠵᠡᠳᠡᠭ ᠪᠣᠯᠬᠤ ᠶ᠋ᠢ ᠪᠠᠯᠠᠷ ᠴᠠᠭ ᠤ᠋ᠨ ᠬᠠᠳᠠᠨ ᠤ᠋ ᠰᠦᠭ ᠵᠢᠷᠤᠭ᠂ ᠹᠠᠯᠯᠤᠰ(ᠪᠣᠤᠪᠤᠨ) ᠬᠥᠰᠢᠶ᠎ᠡ ᠳᠤᠷᠠᠰᠬᠠᠯ ᠵᠡᠷᠭᠡ ᠡᠴᠡ ᠦᠵᠡᠵᠦ ᠪᠣᠯᠬᠤ ᠰᠠᠨ᠃
ᠡᠷ᠎ᠡ ᠬᠥᠮᠦᠨ ᠦ᠌ ᠰᠠᠨᠠᠭ᠎ᠠ ᠠᠯᠤᠰ ᠤ᠋ᠨ ᠭᠤᠷᠪᠠᠨ ᠠᠭᠤᠯᠠᠨ ᠳ᠋ᠤ᠌ ᠭᠡᠰᠡᠨ ᠨᠢ ᠡᠴᠢᠭᠡ ᠳᠡᠭᠡᠳᠦᠰ ᠦ᠋ᠨ ᠦᠯᠡᠳᠡᠭᠡᠭᠰᠡᠨ ᠪᠠᠰᠠ ᠯᠠ ᠨᠢᠭᠡ ᠲᠣᠮᠣ ᠥᠪ᠂ ᠨᠣᠮ ᠪᠢᠯᠡ᠃ ᠤᠴᠢᠷ ᠡᠢᠮᠦ ᠡᠴᠡ ᠠᠳᠠᠭᠯᠠᠭᠠᠳ ᠳᠡᠭᠡᠳᠦ ᠦᠶ᠎ᠡ ᠶ᠋ᠢᠨ ᠲᠡᠦᠬᠡᠨ ᠨᠡᠷᠡᠰ ᠢ᠋ᠶ᠋ᠡᠨ ᠬᠠᠷᠢ ᠭᠠᠯᠢᠭ ᠦᠰᠦᠭ᠂ ᠳᠠᠭᠤᠳᠠᠯᠭ᠎ᠠ ᠶ᠋ᠢᠨ ᠨᠥᠯᠦᠭᠡᠨ ᠡᠴᠡ ᠴᠢᠯᠥᠭᠡᠯᠡᠬᠦ ᠶᠤᠮᠰᠠᠨ᠃ ᠡᠷᠳᠡᠮ ᠰᠢᠨᠵᠢᠯᠡᠭᠡᠨ ᠦ᠌ ᠪᠦᠲᠦᠭᠡᠯ ᠲᠤᠭᠤᠷᠪᠢᠯ ᠳ᠋ᠠᠭᠠᠨ ᠬᠠᠷᠢ ᠣᠨᠣᠯ᠂ ᠭᠠᠳᠠᠭᠠᠳᠤ ᠨᠡᠷ᠎ᠡ᠂ ᠡᠰᠢᠯᠡᠯ ᠲᠠᠲᠠᠵᠤ ᠴᠡᠴᠡᠷᠬᠡᠬᠦ ᠡᠴᠡ ᠪᠡᠨ ᠡᠮᠦᠨ᠎ᠡ ᠭᠠᠷᠪᠠᠯᠢ ᠰᠡᠳᠬᠢᠯᠭᠡ᠂ ᠭᠤᠷᠪᠠᠯ ᠣᠨᠣᠯ᠂ ᠰᠠᠨᠠᠭ᠎ᠠ ᠪᠢᠴᠢᠭ ᠦ᠋ᠨ ᠳᠤᠷᠠᠰᠬᠠᠯ ᠤ᠋ᠳ ᠢ᠋ᠶ᠋ᠠᠨ ᠰᠡᠬᠦᠵᠦ ᠬᠠᠷᠠᠵᠤ ᠰᠤᠷᠴᠠᠭᠠᠬᠤ ᠶᠤᠮᠰᠠᠨ᠃ ᠮᠠᠤᠳᠤᠨ ᠬᠠᠭᠠᠨ ᠪᠢᠰᠢ ᠮᠣᠳᠣᠨ ᠬᠠᠭᠠᠨ᠃ ᠦᠭᠡ ᠢᠵᠠᠭᠤᠷ ᠨᠢ ᠮᠣᠳᠣ᠂ ᠪᠤᠷᠭᠠᠰᠤ ᠨᠠᠷᠠᠰᠤ ᠭᠡᠬᠦ ᠮᠡᠲᠦ ᠰᠢᠲᠦᠭᠡᠨᠲᠦ ᠠᠷᠠᠳ ᠲᠦᠮᠡᠨ ᠪᠥᠭᠡᠳ ᠴᠢᠯᠠᠭᠤᠨ᠂ ᠬᠦᠷᠡᠯ᠂ ᠲᠡᠮᠦᠷ ᠭᠡᠳᠡᠭ ᠰᠢᠭ ᠮᠣᠳᠣ᠃ ᠭᠠᠭᠴᠠᠬᠦ ᠶᠡᠬᠡ ᠬᠠᠭᠠᠨ ᠤ᠋ ᠡᠷ᠎ᠡ ᠬᠢᠭᠡᠳ ᠪᠥᠬᠡ ᠰᠢᠲᠦᠭᠡᠨ ᠡᠴᠡ ᠡᠭᠦᠳᠴᠦ ᠮᠣᠳᠣ ᠨᠡᠷ᠎ᠡ ᠴᠥᠭᠡᠷᠡᠵᠦ ᠪᠢᠳᠡᠨ ᠳ᠋ᠦ᠍ ᠰᠣᠳᠣᠨ ᠰᠣᠨᠣᠰᠳᠠᠬᠤ ᠪᠣᠯᠵᠤ ᠳᠠ᠃ ᠳᠡᠯᠡᠬᠡᠢ ᠶ᠋ᠢᠨ ᠪᠣᠳᠠᠲᠤ ᠴᠢᠨᠠᠷ ᠢ᠋ ᠮᠣᠩᠭᠣᠯᠴᠤᠳ ᠪᠠᠢᠭᠠᠯ ᠭᠡᠳᠡᠭ ᠪᠥᠭᠡᠳ ᠡᠨᠡ ᠨᠢ ᠪᠠᠶᠠᠨ ᠭᠠᠯ ᠭᠡᠰᠡᠨ ᠹᠢᠯᠣᠰᠣᠹᠢ ᠰᠠᠨᠠᠭ᠎ᠠ ᠪᠣᠯᠤᠨ᠎ᠠ᠃ ᠪᠠᠶᠠᠨ ᠭᠠᠯ ᠭᠡᠳᠡᠭ ᠨᠢ ᠲᠦᠭᠡᠮᠡᠯ ᠠᠮᠢ ᠬᠢᠭᠡᠳ ᠪᠡᠶ᠎ᠡ ᠰᠡᠳᠬᠢᠯ ᠬᠠᠮᠰᠠᠬᠤ ᠨᠢᠭᠡᠳᠦᠯ ᠭᠡᠰᠡᠨ ᠤᠳᠬ᠎ᠠ ᠠᠵᠤᠭᠤ᠃ ᠲᠡᠭᠡᠪᠡᠯ ᠪᠠᠢᠭᠠᠯᠢ ᠭᠡᠵᠦ ᠪᠢᠴᠢᠭᠡᠳ ᠪᠠᠢᠭ᠎ᠠ ᠮᠠᠨᠢ ᠪᠤᠷᠤᠭᠤ᠂ ᠪᠠᠢᠭᠠᠯ ᠨᠠᠭᠤᠷ ᠭᠡᠬᠦ ᠨᠢ ᠵᠥᠪ ᠪᠢᠴᠢᠯᠭᠡ᠃ ᠭᠠᠯ ᠭᠡᠰᠡᠨ ᠤᠳᠬ᠎ᠠ ᠶ᠋ᠢ ᠳᠦᠷᠡᠯᠵᠡᠳᠡᠭ ᠭᠠᠯ ᠭᠡᠰᠡᠨ ᠪᠣᠳᠠᠲᠤ ᠤᠳᠬ᠎ᠠ ᠠ᠋ᠴᠠ ᠤᠯᠠᠮᠵᠢᠯᠠᠬᠤ ᠬᠡᠢᠰᠪᠦᠷᠢ ᠹᠢᠯᠣᠰᠣᠹᠢ ᠰᠠᠨᠠᠭᠠᠨ ᠳ᠋ᠤ᠌ ᠠᠪᠴᠤ ᠰᠤᠷᠬᠤ ᠶᠠᠪᠤᠳᠠᠯ ᠪᠠᠰᠠ ᠴᠢᠬᠤᠯᠠ ᠪᠠᠢᠨ᠎ᠠ(ᠠᠶᠠᠨ ᠵᠢᠩ ᠂ ᠲᠠᠭᠤᠪᠤᠷᠢ ᠵᠡᠷᠭᠡ ᠳ᠋ᠦ᠍ ᠨᠢᠭᠡ ᠭᠠᠯ ᠪᠣᠯᠵᠤ ᠶᠠᠪᠤᠬᠤ《ᠭᠠᠯ ᠭᠤᠷᠪᠠ》 ᠭᠡᠰᠡᠨ ᠤᠳᠬ᠎ᠠ ᠲᠠᠢ ᠭᠤᠷᠪᠠᠭᠤᠯᠠ ᠨᠢᠭᠡ ᠭᠠᠯ ᠪᠣᠯᠬᠤ)᠃ ᠲᠡᠮᠡᠴᠡᠭᠡᠨ ᠨᠠᠭᠠᠳᠤᠮ ᠳ᠋ᠤ᠌ ᠨᠢᠭᠡ ᠭᠠᠯ(ᠪᠢᠳᠡ ᠲᠠᠯ᠎ᠠ᠂ ᠪᠠᠭ ᠭᠡᠵᠦ ᠶᠠᠷᠢᠬᠤ ᠪᠣᠯᠪᠠ) ᠪᠣᠯᠵᠤ ᠲᠣᠭᠯᠠᠬᠤ᠂ ᠣᠪᠣᠭ ᠠᠢᠮᠠᠭ ᠳᠣᠲᠣᠷ᠎ᠠ ᠪᠠᠨ ᠨᠢᠭᠡ ᠭᠠᠯ ᠪᠣᠯᠵᠤ ᠡᠰᠡᠷᠭᠦᠴᠡᠬᠦ ᠬᠢᠭᠡᠳ ᠴᠣᠬᠣᠮ ᠳ᠋ᠠᠭᠠᠨ ᠭᠠᠯ ᠤ᠋ᠨ ᠵᠢᠭᠡ ᠭᠡᠬᠦ ᠳ᠋ᠦ᠍ ᠭᠠᠯ ᠤ᠋ᠨ ᠥᠬᠢᠨ ᠦ᠌ ᠬᠡᠦᠬᠡᠳ ᠭᠡᠵᠦ ᠣᠢᠯᠠᠭᠠᠵᠤ ᠦᠯᠦ ᠪᠣᠯᠬᠤ ᠲᠠᠢ ᠠᠳᠠᠯᠢ ᠤᠳᠬ᠎ᠠ ᠪᠣᠯᠤᠨ᠎ᠠ᠃ ᠪᠠᠰᠠ ᠭᠠᠯ ᠳᠣᠲᠣᠷ᠎ᠠ ᠭᠠᠯ ᠤ᠋ᠨ ᠠᠪᠤ ᠭᠡᠭᠡᠵᠦ ᠭᠠᠯ ᠤ᠋ᠨ ᠬᠡᠦᠬᠡᠳ ᠪᠠᠢᠳᠠᠭ ᠲᠤᠯᠠ ᠭᠠᠯ ᠳ᠋ᠠᠭᠠᠨ ᠳᠡᠭᠡᠵᠢ ᠡᠷᠭᠦᠬᠦ ᠬᠡᠢᠰᠪᠦᠷᠢ ᠹᠢᠯᠣᠰᠣᠹᠢ ᠤᠳᠬ᠎ᠠ(ᠣᠩᠭᠣᠨ ᠰᠢᠲᠦᠯᠭᠡ) ᠪᠠᠢᠳᠠᠭ ᠢ᠋ ᠴᠦ᠍ ᠰᠠᠨᠠᠬᠤ ᠶᠣᠰᠣᠲᠠᠢ᠃ ᠡᠨᠡ ᠵᠠᠳᠠᠷᠠᠭ᠎ᠠ ᠨᠢ ᠮᠥᠨ ᠯᠡ ᠭᠤᠷᠪᠠᠯ ᠣᠨᠣᠯ ᠤ᠋ᠨ ᠭᠠᠷᠭᠠᠯᠭ᠎ᠠ ᠠᠵᠠᠢ ᠠ᠋᠃ ᠲᠡᠭᠡᠬᠦ ᠪᠡᠷ ᠮᠥᠩᠬᠡ ᠭᠠᠯ ᠤ᠋ᠨ ᠤᠴᠢᠷ ᠨᠢ《ᠮᠥᠩᠬᠡ ᠭᠠᠯ》 ᠪᠤᠶᠤ ᠤᠨᠲᠠᠷᠠᠭᠠᠬᠤ ᠦᠭᠡᠢ ᠪᠠᠮᠪᠠᠷ ᠭᠡᠰᠡᠨ ᠳᠠᠩ ᠰᠠᠨᠠᠭ᠎ᠠ ᠪᠢᠰᠢ ᠪᠣᠯᠬᠤ ᠨᠢ ᠠ᠋᠃ ᠣᠷᠴᠢᠭᠤᠯᠭ᠎ᠠ ᠶ᠋ᠢᠨ ᠰᠡᠳᠬᠢᠯᠭᠡᠨ ᠦ᠌ ᠤᠷᠰᠢᠭ ᠠ᠋ᠴᠠ ᠬᠥᠯ ᠪᠥᠮᠪᠥᠭᠡ ᠶ᠋ᠢᠨ ᠬᠠᠭᠠᠯᠭᠠᠴᠢ ᠭᠡᠳᠡᠭ ᠦᠭᠡ ᠭᠠᠷᠴᠠᠢ᠃ ᠬᠠᠭᠠᠯᠭᠠᠴᠢ ᠭᠡᠳᠡᠭ ᠨᠢ ᠤᠭ ᠲᠠᠭᠠᠨ ᠬᠠᠭᠠᠯᠭ᠎ᠠ ᠪᠠᠨ ᠨᠡᠭᠡᠭᠡᠵᠦ ᠥᠭᠭᠦᠭᠴᠢ ᠭᠡᠰᠡᠨ ᠦᠭᠡ ᠪᠤᠰᠤ ᠤᠤ᠃ ᠮᠣᠩᠭᠣᠯ ᠤ᠋ᠨ ᠡᠷᠲᠡ ᠴᠠᠭ ᠤ᠋ᠨ ᠡᠢᠮᠦ ᠲᠥᠷᠥᠯ ᠦ᠋ᠨ ᠲᠣᠭᠯᠠᠭᠠᠮ ᠳ᠋ᠤ᠌ ᠤᠲᠤᠭᠠᠴᠢ ᠭᠡᠳᠡᠭ᠂ ᠰᠠᠢᠨ ᠤᠲᠤᠭᠠᠴᠢ ᠲᠠᠢ ᠭᠠᠯ ᠨᠢ ᠱᠦᠭᠦᠳᠡᠭ ᠪᠠᠢᠵᠠᠢ ᠭᠡᠬᠦ ᠮᠡᠲᠦ ᠣᠯᠠᠨ ᠵᠦᠢᠯ ᠥᠭᠦᠯᠡᠵᠦ ᠪᠣᠯᠤᠨ᠎ᠠ᠃
ᠡᠨᠡ ᠳᠡᠯᠡᠬᠡᠢ ᠳ᠋ᠦ᠍ ᠠᠩᠬ᠎ᠠ ᠤᠳᠠᠭ᠎ᠠ ᠠᠳᠤᠭᠤ ᠶ᠋ᠢ ᠭᠠᠷᠰᠢᠭᠤᠯᠵᠤ᠂ ᠬᠥᠮᠦᠨ ᠦ᠌ ᠤᠨᠤᠭ᠎ᠠ ᠪᠣᠯᠭᠠᠵᠤ ᠠᠤᠭ᠎ᠠ ᠬᠤᠪᠢᠰᠬᠠᠯ ᠬᠢᠭᠰᠡᠨ ᠨᠢ ᠬᠥᠮᠦᠨ ᠪᠠᠢᠭᠠᠯᠢ ᠶ᠋ᠢᠨ ᠬᠣᠯᠪᠣᠭ᠎ᠠ ᠶ᠋ᠢ ᠣᠢᠷᠠᠲᠤᠭᠤᠯᠤᠭᠰᠠᠨ ᠮᠣᠩᠭᠣᠯ ᠡᠷᠳᠡᠮ ᠪᠠᠢᠪᠠ᠃ ᠤᠯᠠᠮ ᠢ᠋ᠶ᠋ᠠᠷ ᠲᠡᠷᠭᠡ ᠬᠢᠵᠦ ᠬᠥᠮᠦᠨ ᠠᠮᠢᠲᠠᠨ ᠬᠣᠶᠠᠷ ᠤ᠋ᠨ ᠬᠥᠳᠡᠯᠮᠦᠷᠢ ᠶ᠋ᠢ ᠬᠥᠩᠭᠡᠪᠴᠢᠯᠡᠬᠦ《ᠲᠧᠭᠨᠢᠭ》 ᠪᠦᠲᠦᠭᠡᠭᠰᠡᠨ ᠨᠢ ᠮᠥᠨ ᠯᠡ ᠨᠡᠭᠦᠳᠡᠯᠴᠢᠳ ᠦ᠋ᠨ ᠡᠭᠡᠯᠵᠢᠲᠦ ᠬᠤᠪᠢᠰᠬᠠᠯ ᠪᠣᠯᠵᠤ ᠬᠥᠮᠦᠨ ᠲᠥᠷᠥᠯᠬᠢᠲᠡᠨ ᠦ᠌ ᠣᠶᠤᠨ ᠢ᠋ ᠰᠡᠷᠢᠭᠡᠭᠰᠡᠨ ᠭᠠᠪᠢᠶᠠᠲᠤ ᠭᠤᠷᠪᠠᠯ ᠣᠨᠣᠯ ᠲᠠᠢ ᠬᠣᠯᠪᠣᠨ ᠰᠤᠳᠤᠯᠬᠤ ᠶᠣᠰᠣᠲᠠᠢ ᠪᠥᠭᠡᠳ ᠴᠢᠩᠭᠢᠪᠡᠰᠦ ᠬᠥᠮᠦᠨ
ᠲᠥᠷᠥᠯᠬᠢᠲᠡᠨ ᠦ᠌ ᠦᠨᠡᠨ ᠲᠡᠦᠬᠡ ᠰᠠᠶᠢ ᠵᠥᠪ ᠴᠠᠭ ᠠ᠋ᠴᠠ ᠡᠬᠢᠯᠡᠬᠦ ᠪᠣᠯᠤᠨ᠎ᠠ᠃ ᠪᠠᠯᠠᠷ ᠡᠷᠲᠡᠨ ᠦ᠌《ᠮᠥᠩᠬᠡ ᠭᠠᠯ》 ᠰᠢᠲᠦᠯᠭᠡᠲᠡᠨ ᠨᠦ᠍ᠭᠦᠳ ᠰᠢᠭ ᠳᠦᠷᠰᠦ ᠬᠢᠭᠡᠳ ᠤᠳᠬ᠎ᠠ ᠪᠢᠴᠢᠭ ᠦ᠋ᠨ ᠶᠡᠬᠡ ᠲᠤᠭᠤᠷᠪᠢᠯ ᠦᠯᠡᠳᠡᠭᠡᠭᠰᠡᠨ ᠠᠷᠠᠳ ᠲᠦᠮᠡᠨ ᠴᠥᠭᠡᠬᠡᠨ ᠪᠥᠭᠡᠳ ᠲᠡᠭᠦᠨ ᠦ᠌ ᠦᠨᠳᠦᠰᠦ ᠨᠢ ᠡᠷᠲᠡᠨ ᠦ᠌ ᠮᠣᠩᠭᠣᠯ ᠹᠢᠯᠣᠰᠣᠹᠢ᠂ ᠲᠡᠭᠦᠨ ᠡᠴᠡ ᠮᠥᠩᠬᠡᠯᠡᠬᠦ ᠰᠡᠳᠬᠢᠯᠭᠡ ᠶᠦᠮ᠃ ᠲᠡᠳᠡ ᠭᠠᠯ ᠢ᠋ ᠠᠮᠢ ᠭᠡᠮᠡᠨ ᠰᠢᠲᠦᠵᠦ᠂ ᠶᠢᠷᠲᠢᠨᠴᠦ ᠶ᠋ᠢᠨ ᠪᠣᠳᠠᠲᠤ ᠴᠢᠨᠠᠷ ᠢ᠋ ᠨᠠᠷᠠ ᠡᠷᠬᠢᠮᠯᠡᠬᠦ ᠶᠣᠰᠣᠭᠠᠷ ᠪᠠᠷᠢᠯᠳᠤᠭᠤᠯᠵᠤ᠂ ᠰᠡᠳᠬᠢᠯ ᠦ᠋ᠨ ᠥᠩᠭᠡ ᠶ᠋ᠢ ᠳᠣᠷᠣᠨ᠎ᠠ ᠶ᠋ᠢᠨ ᠰᠠᠷ᠎ᠠ ᠪᠠᠷ ᠰᠢᠲᠦᠯᠴᠡᠭᠦᠯᠵᠡᠢ᠃ ᠡᠨᠡ ᠶᠡᠬᠡ ᠪᠠᠶᠠᠨ ᠰᠠᠩ ᠰᠤᠳᠤᠯᠭᠠᠨ ᠤ᠋ ᠭᠠᠳᠠᠨ᠎ᠠ ᠪᠠᠢᠭ᠎ᠠ ᠨᠢ ᠥᠪᠡᠷ ᠦ᠋ᠨ ᠣᠨᠣᠯ ᠭᠦᠨ ᠤᠬᠠᠭᠠᠨ ᠤ᠋ ᠨᠢᠭᠡᠳᠦᠭᠰᠡᠨ ᠰᠢᠨᠡᠴᠢᠯᠡᠯ ᠪᠠᠢᠲᠤᠭᠠᠢ ᠤᠯᠠᠮᠵᠢᠯᠠᠯ ᠢ᠋ᠶ᠋ᠠᠷ ᠦᠭᠡᠢᠰᠬᠡᠵᠦ ᠠᠭᠰᠠᠨ ᠤ᠋ ᠪᠠᠯᠠᠭ ᠪᠣᠯᠵᠠᠢ᠃ ᠭᠤᠷᠪᠠᠯ ᠤ᠋ᠨ ᠣᠨᠣᠯ ᠤ᠋ᠨ ᠲᠡᠷᠡ ᠪᠠᠷ᠎ᠠ ᠶ᠋ᠢ ᠬᠠᠷᠠᠵᠤ ᠭᠤᠷᠮᠤᠰᠤᠨ ᠰᠡᠳᠬᠢᠯᠭᠡ ᠶ᠋ᠢ ᠮᠡᠳᠡᠷᠡᠭᠰᠡᠨ ᠯᠡ ᠪᠣᠯ ᠳᠥᠲᠡᠯᠡᠨ ᠵᠣᠷᠢᠬᠤ ᠶᠠᠪᠤᠳᠠᠯ ᠴᠤᠬᠠᠭ ᠪᠥᠯᠥᠭᠡ᠃
ᠲᠤᠬᠠᠢᠯᠠᠪᠠᠯ《ᠰᠣᠶᠣᠮᠪᠣ》 ᠮᠣᠩᠭᠣᠯ ᠤ᠋ᠨ ᠤᠯᠠᠮᠵᠢᠯᠠᠯᠲᠤ ᠰᠦᠯᠳᠡ ᠪᠢᠰᠢ ᠾᠢᠨᠳ᠋ ᠰᠠᠮᠺᠡᠷᠳᠢ ᠬᠡᠯᠡᠨ ᠦ᠌ ᠦᠭᠡ ᠪᠥᠭᠡᠳ ᠱᠠᠰᠢᠨ ᠤ᠋ ᠲᠡᠷᠢᠭᠦᠨ ᠵᠠᠨᠠᠪᠠᠽᠠᠷ1686 ᠣᠨ ᠳ᠋ᠤ᠌ ᠮᠣᠳᠣᠷ ᠤ᠋ᠨ ᠲᠡᠮᠳᠡᠭ ᠪᠣᠯᠭᠠᠨ ᠵᠣᠬᠢᠶᠠᠭᠰᠠᠨ ᠬᠤᠪᠢ ᠶ᠋ᠢᠨ ᠲᠡᠮᠳᠡᠭ ᠶᠤᠮᠰᠠᠨᠵᠠᠢ᠃ ᠮᠣᠩᠭᠣᠯ ᠰᠦᠯᠳᠡ ᠬᠠᠷᠢ ᠬᠡᠯᠡᠨ ᠦ᠌ ᠬᠢ ᠪᠠᠢᠵᠤ ᠪᠣᠯᠬᠤ ᠦᠭᠡᠢ᠃ ᠶᠡᠷᠦ ᠡᠴᠡ ᠵᠠᠨᠠᠪᠠᠽᠠᠷ ᠤ᠋ᠨ ᠦᠶ᠎ᠡ ᠡᠴᠡ ᠮᠠᠨᠵᠤ ᠶ᠋ᠢᠨ 200 ᠭᠠᠷᠤᠢ ᠵᠢᠯ ᠦ᠋ᠨ ᠳᠠᠷᠤᠯᠠᠯ ᠡᠬᠢᠯᠡᠭᠰᠡᠨ ᠭᠡᠳᠡᠭ ᠢ᠋ ᠰᠠᠨᠠᠬᠤ ᠶᠣᠰᠣᠲᠠᠢ᠃1911 ᠣᠨ ᠠ᠋ᠴᠠ ᠲᠥᠷᠥ ᠶ᠋ᠢᠨ ᠰᠦᠯᠳᠡ ᠪᠣᠯᠭᠠᠭᠰᠠᠨ ᠨᠢ ᠱᠠᠰᠢᠨᠲᠤ ᠲᠥᠷᠥ ᠶ᠋ᠢᠨ ᠰᠡᠷᠭᠦᠯᠲᠡ ᠶ᠋ᠢ ᠲᠡᠮᠳᠡᠭᠯᠡᠭᠰᠡᠨ ᠬᠡᠷᠡᠭ ᠪᠠᠢᠵᠠᠢ᠃ ᠮᠣᠩᠭᠣᠯ ᠤ᠋ᠨ ᠰᠦᠯᠳᠡ ᠭᠠᠯ ᠨᠠᠷᠠ ᠰᠠᠷ᠎ᠠ ᠳᠡᠭᠡᠳᠦᠯᠡᠬᠦ ᠥᠩᠭᠡ ᠨᠢ ᠤᠯᠠᠭᠠᠨ᠂ ᠬᠥᠬᠡ᠂ ᠴᠠᠭᠠᠨ ᠪᠤᠶᠤ᠃ ᠴᠢᠩᠭᠢᠪᠡᠯ ᠰᠠᠶᠢ ᠲᠥᠷᠥ ᠶ᠋ᠢᠨ ᠰᠦᠯᠳᠡ ᠭᠤᠷᠪᠠᠯ ᠤᠬᠠᠭᠠᠨᠲᠤ ᠳᠡᠭᠡᠳᠦᠰ ᠢ᠋ᠶ᠋ᠡᠨ ᠰᠢᠲᠦᠨ ᠠᠮᠢᠯᠠᠬᠤ ᠶᠣᠰᠣᠲᠠᠢ᠃ ᠬᠠᠷᠢᠨ ᠲᠥᠷᠥ ᠶ᠋ᠢᠨ ᠲᠠᠮᠠᠭᠠᠨ ᠳ᠋ᠤ᠌ ᠶᠤᠸᠠᠨ ᠭᠦᠷᠦᠨ ᠦ᠌ ᠳᠥᠷᠪᠡᠯᠵᠢᠨ ᠦᠰᠦᠭ ᠪᠠᠢᠵᠤ ᠪᠣᠯᠬᠤ ᠪᠥᠭᠡᠳ ᠰᠣᠶᠣᠮᠪᠣ ᠡᠪᠡᠮ ᠦᠰᠦᠭ᠂ ᠬᠠᠮᠪᠤ ᠯᠠᠮᠠ ᠶ᠋ᠢᠨ ᠲᠠᠮᠠᠭᠠᠨ ᠳ᠋ᠤ᠌ ᠦᠯᠡᠳᠡᠪᠡᠯ ᠢᠯᠡᠭᠦᠦ ᠨᠡᠢᠴᠡ ᠲᠡᠢ ᠪᠠᠢᠬᠤ ᠵᠢᠱ᠌ᠢᠶ᠎ᠡ ᠲᠡᠢ ᠪᠠᠢᠨ᠎ᠠ᠃
ᠡᠨᠡ ᠰᠡᠳᠦᠪ ᠲᠤ ᠳᠤᠷᠠᠳᠤᠭᠰᠠᠨ ᠳᠡᠭᠡᠷᠡᠬᠢ ᠡᠷᠳᠡᠮᠲᠡᠳ ᠨᠢ16 ᠳ᠋ᠤᠭᠠᠷ ᠵᠠᠭᠤᠨ ᠠ᠋ᠴᠠ ᠬᠣᠢᠰᠢ ᠬᠢ ᠦᠶ᠎ᠡ ᠶ᠋ᠢᠨ ᠪᠣᠳ᠋ᠳ᠋ᡁᠠ ᠶ᠋ᠢᠨ ᠱᠠᠰᠢᠨ ᠤ᠋ ᠮᠡᠷᠭᠡᠳ ᠪᠣᠯᠪᠠᠴᠤ ᠮᠣᠩᠭᠣᠯ ᠤᠭᠰᠠᠭᠠᠨ ᠤ᠋ ᠤᠯᠠᠮᠵᠢᠯᠠᠯ ᠤᠬᠠᠭᠠᠨ ᠤ᠋ ᠭᠠᠷᠭᠠᠯᠭ᠎ᠠ ᠶ᠋ᠢ ᠨᠢ ᠳᠤᠷᠠᠳᠤᠭᠰᠠᠨ ᠬᠡᠷᠡᠭ᠃ ᠵᠦᠢ ᠨᠢ ᠪᠥᠬᠡ ᠮᠥᠷᠭᠥᠯ ᠦ᠋ᠨ ᠰᠤᠳᠤᠯᠭ᠎ᠠ ᠮᠥᠷᠭᠥᠯ ᠲᠠᠬᠢᠯᠭ᠎ᠠ ᠶ᠋ᠢᠨ ᠶᠣᠰᠣ᠂ ᠪᠥᠬᠡ ᠶ᠋ᠢᠨ ᠳᠠᠭᠤᠳᠠᠯᠭ᠎ᠠ᠂ ᠭᠠᠯ ᠤ᠋ᠨ ᠲᠠᠬᠢᠯᠭ᠎ᠠ᠂ ᠭᠠᠨᠵᠤᠭᠠᠨ ᠤ᠋ ᠰᠠᠩ᠂ ᠳᠠᠯᠠᠯᠭ᠎ᠠ ᠵᠡᠷᠭᠡ ᠳ᠋ᠦ᠍ ᠢᠯᠡᠭᠦᠦ ᠶᠡᠬᠡ ᠡᠷᠳᠡᠨᠢᠰ ᠠᠭᠤᠯᠠᠭᠳᠠᠵᠣ ᠪᠣᠢ ᠴᠤ᠌ ᠲᠡᠭᠦᠨ ᠦ᠌ ᠰᠤᠳᠤᠯᠭ᠎ᠠ ᠨᠢ ᠳ᠋ᠣᠺᠲ᠋ᠣᠷ ᠰ· ᠳᠤᠯᠮ᠎ᠠ᠂ ᠣ· ᠫᠣᠷᠪᠣ ᠵᠡᠷᠭᠡ ᠭᠠᠷ ᠤ᠋ᠨ ᠬᠤᠷᠤᠭᠤᠨ ᠳ᠋ᠤ᠌ ᠪᠠᠭᠲᠠᠬᠤᠢᠴᠠ ᠬᠥᠮᠦᠰ ᠦ᠋ᠨ ᠬᠦᠷᠢᠶᠡᠨ ᠳ᠋ᠦ᠍ ᠪᠠᠭ᠎ᠠ ᠰᠤᠷᠲᠠᠯᠴᠢᠯᠠᠭᠳᠠᠭᠰᠠᠨ᠂ ᠪᠠᠰᠠ《ᠮᠣᠩᠭᠣᠯ ᠶᠣᠰᠣ ᠵᠠᠩᠰᠢᠯ》 ᠵᠡᠷᠭᠡ ᠳ᠋ᠦ᠍ ᠤᠳᠬ᠎ᠠ ᠶ᠋ᠢᠨ ᠲᠠᠢᠯᠪᠤᠷᠢ ᠥᠩᠭᠡᠴᠡ ᠳᠤᠷᠠᠳᠤᠭᠳᠠᠭᠰᠠᠨ ᠰᠢᠯᠲᠠᠭᠠᠨ ᠨᠤᠭᠤᠳ ᠲᠦᠭᠡᠮᠡᠯ ᠠᠪᠠᠢ᠃
ᠶᠡᠷᠦ ᠨᠢ ᠮᠣᠩᠭᠣᠯ ᠤ᠋ᠨ ᠭᠦᠨ ᠤᠬᠠᠭᠠᠨ ᠤ᠋ ᠠᠤᠭ᠎ᠠ ᠶᠡᠬᠡ ᠴᠠᠷ᠎ᠠ ᠪᠥᠬᠡ ᠶ᠋ᠢᠨ(ᠪᠤᠷᠬᠠᠨ ᠤ᠋) ᠰᠢᠲᠦᠯᠭᠡ ᠮᠥᠷᠭᠥᠯ ᠢ᠋ ᠳᠠᠷᠤᠨ ᠲᠡᠮᠡᠴᠡᠭᠰᠡᠨ ᠪᠤᠳ᠋ᠳ᠋ᠾᠠ ᠶ᠋ᠢᠨ ᠱᠠᠰᠢᠨ ᠤ᠋ ᠳᠠᠷᠤᠩᠭᠤᠢᠯᠠᠯ᠂ ᠡᠷᠲᠡ ᠪᠠᠯᠠᠢ ᠴᠠᠭ ᠠ᠋ᠴᠠ ᠤᠯᠠᠮᠵᠢᠯᠠᠭᠰᠠᠨ ᠶᠣᠰᠣ ᠵᠠᠩᠰᠢᠯ ᠤ᠋ᠳ ᠢ᠋ ᠬᠤᠪᠢᠷᠠᠭᠠᠨ ᠠᠰᠢᠭᠯᠠᠭᠰᠠᠨ᠂ ᠪᠦᠳᠡᠭᠢᠷᠡᠭᠦᠯᠦᠭᠰᠡᠨ᠂ ᠮᠠᠷᠲᠠᠭᠳᠠᠭᠤᠯᠤᠭᠰᠠᠨ ᠤᠷᠰᠢᠭ ᠦᠵᠡᠭᠦᠯᠦᠭᠰᠡᠨ ᠢ᠋ ᠳᠤᠷᠠᠰᠬᠤ ᠶᠣᠰᠣᠲᠠᠢ᠃ ᠪᠤᠳ᠋ᠳ᠋ᠾᠠ ᠶ᠋ᠢᠨ ᠱᠠᠰᠢᠨ ᠮᠣᠩᠭᠣᠯ ᠦᠨᠳᠦᠰᠦᠲᠡᠨ ᠦ᠌ ᠱᠠᠰᠢᠨ ᠪᠢᠰᠢ ᠪᠢᠯᠡ᠃ ᠭᠡᠲᠡᠯ᠎ᠡ ᠬᠠᠭᠤᠴᠢᠨ ᠢ᠋ ᠰᠡᠷᠭᠦᠭᠡᠨ᠎ᠡ ᠭᠡᠵᠦ ᠴᠣᠴᠢᠷ ᠰᠡᠬᠡᠭᠡᠷᠡᠬᠦ ᠳ᠋ᠡᠭᠡᠨ ᠣᠢᠷ᠎ᠠ ᠪᠠᠢᠭᠰᠠᠨ ᠴᠤ᠌ ᠱᠠᠪᠢ ᠨᠠᠷ ᠤ᠋ᠨ ᠤᠭ ᠲᠠᠰᠤᠷᠠᠭ᠎ᠠ ᠦᠭᠡᠢ ᠰᠢᠷ᠎ᠠ ᠶ᠋ᠢᠨ ᠱᠠᠰᠢᠨ ᠢ᠋ ᠲᠥᠷᠥ ᠶ᠋ᠢᠨ ᠬᠠᠤᠯᠢᠨ ᠳ᠋ᠠᠭᠠᠨ ᠳᠡᠭᠡᠳᠦᠯᠡᠪᠡ᠃ ᠪᠥᠬᠡ ᠶ᠋ᠢᠨ ᠮᠥᠷᠭᠥᠯ ᠦᠨᠳᠦᠰᠦᠨ ᠦ᠌ ᠰᠡᠳᠬᠢᠯᠭᠡᠨ ᠦ᠌ ᠥᠪ ᠢ᠋ ᠮᠡᠳᠡᠬᠦ ᠬᠥᠮᠦᠨ ᠬᠣᠪᠣᠷ ᠲᠤᠯᠠ ᠣᠯᠠᠨ ᠯᠠᠮᠠ᠂ ᠣᠨᠣᠯᠳᠤ ᠠᠷᠠᠳᠴᠢᠯᠠᠭᠴᠢ ᠨᠠᠷ ᠤ᠋ᠨ ᠳᠤᠮᠳᠠ ᠦᠯᠦ ᠦᠭᠡᠢᠯᠡᠭᠳᠡᠨ ᠪᠥᠬᠡ ᠶ᠋ᠢᠨ ᠱᠠᠰᠢᠨ ᠢ᠋ᠶ᠋ᠠᠨ ᠬᠠᠷᠢᠶᠠᠯᠴᠢ ᠂ ᠵᠣᠳᠣᠭᠠᠴᠢ ᠮᠡᠲᠦ ᠪᠡᠷ ᠪᠤᠷᠤᠭᠤ ᠣᠢᠯᠭᠠᠭᠰᠠᠭᠠᠷ ᠪᠣᠢ ᠮᠠᠨᠢ ᠪᠦᠷ ᠴᠦ᠍ ᠡᠮᠭᠡᠨᠢᠯᠡ᠃ ᠡᠢᠮᠦ ᠳ᠋ᠦ᠍ ᠪᠥᠬᠡ ᠮᠥᠷᠭᠥᠯᠲᠦ ᠦᠨᠳᠦᠰᠦᠨ ᠦ᠌ ᠱᠠᠰᠢᠨ ᠢ᠋ᠶ᠋ᠠᠨ ᠰᠤᠳᠤᠯᠬᠤ ᠴᠢᠬᠤᠯᠠ ᠶ᠋ᠢ ᠮᠥᠩᠬᠡ ᠲᠩᠷᠢ᠂ ᠨᠠᠷᠠ ᠰᠠᠷ᠎ᠠ᠂ ᠭᠠᠯ ᠰᠢᠲᠦᠭᠡᠨ᠂ ᠲᠥᠷᠥ ᠶ᠋ᠢᠨ ᠬᠠᠷ᠎ᠠ᠂ ᠴᠠᠭᠠᠨ᠂ ᠠᠯᠠᠭ ᠲᠤᠭ ᠤ᠋ᠳ ᠢ᠋ᠶ᠋ᠠᠨ ᠪᠠᠷᠢᠨ ᠰᠤᠷᠲᠠᠯᠴᠢᠯᠠᠬᠤ ᠶᠣᠰᠣᠲᠠᠢ ᠪᠣᠯᠪᠠ᠃ ᠬᠡᠨᠲᠡᠢ᠂ ᠬᠠᠩᠭᠠᠢ᠂ ᠠᠯᠲᠠᠢ ᠪᠠᠨ ᠳᠠᠭᠢᠬᠤ᠂ ᠬᠡᠢᠮᠣᠷᠢ ᠶ᠋ᠢᠨ ᠰᠠᠩ ᠡᠷᠭᠦᠬᠦ᠂ ᠴᠢᠩᠭᠢᠰ ᠦ᠋ᠨ ᠰᠦᠯᠳᠡ ᠲᠠᠬᠢᠯᠭ᠎ᠠ᠂ ᠣᠪᠣᠭ᠎ᠠ ᠵᠠᠯᠮ᠎ᠠ ᠪᠤᠰᠬᠠᠬᠤ᠂ ᠣᠳᠣ᠂ ᠨᠠᠷᠠ ᠰᠠᠷ᠎ᠠ ᠭᠠᠯ ᠤ᠋ᠨ ᠰᠠᠩ ᠰᠤᠳᠤᠷ᠂ ᠦᠷᠡᠰ ᠭᠠᠷᠭᠠᠬᠤ ᠥᠴᠢᠭ᠂ ᠠᠲᠠᠭ᠎ᠠ ᠲᠩᠷᠢ ᠶ᠋ᠢᠨ ᠰᠠᠩ᠂ ᠡᠨᠡ ᠪᠦᠬᠦᠨ ᠮᠠᠰᠢ ᠡᠷᠲᠡ ᠡᠴᠡ ᠤᠯᠪᠠᠭ᠎ᠠ ᠲᠠᠢ ᠭᠦᠨ ᠤᠬᠠᠭᠠᠨ ᠤ᠋ ᠳᠡᠭᠡᠵᠢ᠂ ᠮᠠᠨᠠᠨ ᠪᠣᠯᠤᠨ ᠪᠢᠴᠢᠭ ᠦ᠋ᠨ ᠵᠣᠬᠢᠶᠠᠯ ᠤ᠋ᠨ ᠢᠷᠠᠭᠤ ᠳᠤᠷᠠᠰᠬᠠᠯ᠂ ᠮᠣᠩᠭᠣᠯ ᠶᠣᠰᠣ ᠵᠠᠩᠰᠢᠯ ᠤ᠋ᠨ ᠦᠨᠳᠦᠰᠦ᠂ ᠪᠠᠢᠭᠠᠯᠢ᠂ ᠪᠤᠷᠬᠠᠨ᠂ ᠬᠥᠮᠦᠨ ᠭᠤᠷᠪᠠ ᠶ᠋ᠢᠨ ᠴᠢᠭᠤᠯᠭᠠᠨ ᠪᠢᠯᠡ᠃ ᠠᠮᠢᠨ ᠰᠢᠲᠦᠯᠭᠡ᠂ ᠶᠢᠷᠲᠢᠨᠴᠦ ᠶ᠋ᠢᠨ ᠭᠠᠷᠪᠠᠯᠢ ᠶ᠋ᠢᠨ ᠣᠨᠣᠯ ᠭᠤᠷᠮᠤᠰᠤᠨ ᠰᠡᠳᠬᠢᠯᠭᠡᠨ ᠦ᠌ ᠴᠥᠮ᠎ᠡ ᠨᠢ ᠪᠥᠬᠡ ᠶ᠋ᠢᠨ ᠱᠠᠰᠢᠨ ᠳᠡᠭᠡᠳᠦᠰ ᠦ᠋ᠨ ᠥᠪ ᠭᠡᠳᠡᠭ ᠢ᠋ ᠳᠠᠶᠠᠩ ᠢ᠋ᠶ᠋ᠠᠷ ᠣᠢᠯᠠᠭᠠᠭᠠᠰᠠᠢ᠁
ᠪᠥᠬᠡ ᠶ᠋ᠢᠨ ᠶᠣᠰᠣᠨ ᠤ᠋ ᠤᠬᠠᠭᠠᠨ ᠳ᠋ᠤ᠌ ᠴᠢᠩᠭᠢᠰ ᠦ᠋ᠨ ᠮᠥᠷᠭᠥᠯ ᠪᠣᠢ᠃ ᠶᠡᠬᠡ ᠴᠢᠩᠭᠢᠰ ᠦ᠋ᠨ ᠰᠣᠷᠢᠯᠭ᠎ᠠ ᠳ᠋ᠤ᠌ ᠮᠣᠩᠭᠣᠯ ᠲᠥᠷᠥ ᠶ᠋ᠢᠨ ᠶᠣᠰᠣ ᠪᠣᠢ᠃ ᠪᠤᠳ᠋ᠳ᠋ᠾᠠ ᠶ᠋ᠢᠨ ᠱᠠᠰᠢᠨ ᠨᠡᠪᠲᠡᠷᠡᠵᠦ ᠬᠠᠭᠠᠷᠠᠯᠳᠤᠨ ᠲᠡᠮᠡᠴᠡᠯᠳᠦᠭᠰᠡᠨ ᠡᠴᠦᠰ ᠲᠦ᠍ ᠠᠩᠬ᠎ᠠ ᠳ᠋ᠤᠭᠠᠷ ᠪᠣᠭᠳᠠ ᠶ᠋ᠢ ᠵᠠᠯᠠᠮᠠᠭᠴᠠ ᠪᠠᠨ ᠺᠤᠮᠮᠤᠨᠢᠽᠮ ᠤ᠋ᠨ ᠬᠣᠭᠣᠯᠠ ᠪᠣᠯᠵᠤ ᠨᠤᠬᠤᠯᠠᠭᠳᠠᠭᠰᠠᠨ᠃ ᠭᠤᠷᠪᠠᠳᠠᠬᠢ ᠤᠳᠠᠭ᠎ᠠ ᠪᠠᠨ ᠳᠠᠬᠢᠨ ᠰᠡᠷᠭᠦᠭᠡᠬᠦ ᠳ᠋ᠡᠭᠡᠨ ᠪᠠᠷᠠᠭᠤᠨ ᠤ᠋ ᠦᠵᠡᠯ ᠦ᠋ᠨ ᠨᠢᠳᠤᠷᠭᠠᠨ ᠳ᠋ᠤ᠌ ᠣᠷᠣᠪᠠ᠃1980— ᠊ᠭᠠᠳ ᠣᠨ ᠳ᠋ᠤ᠌ ᠰᠢᠲᠦᠬᠦ ᠯᠠᠮᠠ ᠦᠭᠡᠢ ᠰᠦᠵᠢᠭᠯᠡᠬᠦ ᠡᠷᠬᠡ ᠦᠭᠡᠢ ᠴᠦ᠍ ᠬᠣᠳᠣᠭᠣᠳᠣ ᠨᠢ ᠴᠠᠳᠬᠤᠯᠠᠩ ᠪᠠᠢᠭᠰᠠᠨ᠂ ᠥᠨᠥᠳᠥᠷ ᠵᠠᠭᠤᠨ ᠲᠣᠭᠠᠨ ᠳ᠋ᠤ᠌ ᠲᠣᠭᠲᠠᠬᠤ ᠦᠭᠡᠢ ᠰᠦᠮ᠎ᠡ ᠳᠤᠭᠠᠩ᠂ ᠮᠢᠩᠭ᠎ᠠ ᠮᠢᠩᠭᠠᠨ ᠯᠠᠮᠠ ᠲᠠᠢ ᠪᠣᠯᠤᠭᠰᠠᠨ ᠴᠤ᠌ ᠬᠣᠭᠣᠰᠣᠨ ᠢᠲᠡᠭᠡᠯ᠂ ᠬᠣᠷᠵᠢᠭᠢᠨᠠᠭᠰᠠᠨ ᠬᠣᠳᠣᠭᠣᠳᠣ᠂ ᠠᠯᠠᠭᠤᠷ ᠬᠡᠷᠡᠭᠦᠯ᠂ ᠦᠭᠡᠢᠷᠡᠯ ᠬᠣᠭᠣᠰᠣᠷᠠᠯ᠃ ᠪᠤᠳ᠋ᠳ᠋ᠾᠠ ᠶ᠋ᠢᠨ ᠶᠣᠰᠣ ᠶ᠋ᠢ ᠣᠢᠯᠠᠭᠠᠵᠤ ᠪᠣᠢ ᠬᠥᠮᠦᠨ ᠬᠡᠳᠦᠬᠡᠨ᠂ ᠮᠤᠬᠤᠷ ᠰᠦᠰᠦᠭ ᠲᠦᠭᠡᠮᠡᠯ᠃ ᠡᠨᠡ ᠳᠤᠮᠳᠠ ᠮᠣᠩᠭᠣᠯ ᠡᠬᠡ ᠣᠷᠣᠨ ᠤ᠋ ᠪᠠᠢᠭᠠᠯᠢ ᠰᠦᠢᠳᠴᠦ᠂ ᠳᠡᠭᠡᠳᠦᠰ ᠦ᠋ᠨ ᠰᠤᠷᠭᠠᠯ ᠰᠦᠨᠡᠰᠦ ᠭᠬᠢᠷᠲᠦᠵᠦ᠂ ᠬᠥᠬᠡ ᠲᠩᠷᠢ ᠤᠲᠤᠭ᠎ᠠ ᠤᠴᠠᠭᠠᠷ ᠲᠤ᠌ ᠤᠮᠪᠠᠮᠤᠢ᠃
ᠮᠣᠩᠭᠣᠯ ᠲᠥᠷᠥ ᠶ᠋ᠢᠨ ᠪᠣᠳᠣᠯᠭ᠎ᠠ ᠲᠤᠭ ᠰᠦᠯᠲᠠᠨ ᠤ᠋ ᠲᠠᠬᠢᠯᠭ᠎ᠠ ᠠᠯᠠᠭ᠎ᠠ᠃ ᠮᠣᠩᠭᠣᠯ ᠡᠬᠡ ᠪᠠᠢᠭᠠᠯᠢ ᠶ᠋ᠢᠨ ᠲᠠᠬᠢᠯᠭ᠎ᠠ ᠰᠦᠰᠦᠯᠢᠭ ᠠᠯᠠᠭ᠎ᠠ᠃ ᠮᠣᠩᠭᠣᠯ ᠤ᠋ᠨ ᠠᠢᠯ ᠭᠣᠯᠣᠮᠲᠠ ᠶ᠋ᠢᠨ ᠠᠷᠢᠭᠤᠨ ᠶᠣᠰᠣ ᠠᠯᠠᠭ᠎ᠠ ᠠ᠋᠃ ᠠᠭᠤᠯᠠ ᠳᠠᠭᠢᠨ᠎ᠠ ᠭᠡᠳᠡᠭ ᠢ᠋ ᠣᠯᠠᠨ ᠯᠠᠮᠠ ᠬᠠᠷᠢ ᠬᠡᠯᠡ ᠪᠡᠷ ᠨᠣᠮ ᠤᠩᠰᠢᠵᠤ᠂ ᠮᠠᠰᠢᠨ ᠲᠡᠷᠭᠡ ᠪᠡᠷ ᠵᠤᠭᠠᠴᠠᠨ᠂ ᠤᠤᠭᠤᠵᠤ ᠢᠳᠡᠬᠦ ᠮᠡᠲᠦ ᠪᠡᠷ ᠣᠢᠯᠠᠭᠠᠬᠤ ᠪᠣᠯᠬᠤ ᠨᠢ ᠠ᠋᠃
ᠠᠭᠤᠯᠠ ᠤᠰᠤ᠂ ᠲᠩᠷᠢ ᠬᠠᠢᠷᠬᠠᠨ ᠬᠢᠯᠢᠩᠨᠡᠵᠦ᠂ ᠤᠯᠤᠰ ᠣᠯᠠᠨ ᠤ᠋ ᠵᠠᠶᠠᠭ᠎ᠠ ᠪᠤᠶᠠᠨ ᠳᠣᠷᠣᠢᠲᠠᠭᠰᠠᠭᠠᠷ ᠠᠭᠠᠳ ᠲᠡᠭᠦᠨ ᠢ᠋ ᠬᠠᠷᠢ ᠦᠵᠡᠯ ᠣᠷᠴᠢᠭᠤᠯᠭ᠎ᠠ ᠶ᠋ᠢᠨ ᠣᠨᠣᠯ᠂ ᠯᠠᠮᠠ ᠶ᠋ᠢᠨ ᠤᠩᠰᠢᠯᠭ᠎ᠠ ᠪᠠᠷ ᠪᠤᠰᠤ ᠠᠷᠠᠳ ᠢᠷᠭᠡᠳ ᠦ᠋ᠨ ᠠᠬᠤᠢ ᠰᠣᠶᠣᠯ᠂ ᠠᠷᠢᠭᠤᠨ ᠰᠡᠳᠬᠢᠯ᠂ ᠭᠤᠷᠪᠠᠯ ᠰᠣᠶᠣᠯ ᠤ᠋ᠨ ᠭᠠᠷᠭᠠᠯᠭ᠎ᠠ᠂ ᠤᠯᠠᠮᠵᠢᠯᠠᠯ ᠢ᠋ᠶ᠋ᠠᠷ ᠲᠡᠭᠰᠢᠳᠬᠡᠬᠦ ᠪᠥᠯᠥᠭᠡ᠃ ᠲᠥᠷᠥ ᠶ᠋ᠢᠨ ᠶᠣᠰᠣ᠂ ᠨᠠᠢᠷ ᠬᠤᠷᠢᠮ ᠤ᠋ᠨ ᠶᠣᠰᠣ᠂ ᠣᠷᠣᠰᠢᠭᠤᠯᠭ᠎ᠠ ᠬᠦᠷᠲᠡᠯ᠎ᠡ ᠤᠯᠠᠮᠵᠢᠯᠠᠯᠲᠤ ᠵᠠᠩ ᠪᠡᠯᠭᠡ ᠲᠡᠢ᠂ ᠲᠡᠭᠦᠨ ᠳ᠋ᠦ᠍ ᠬᠠᠨᠳᠤᠬᠤ ᠬᠡᠯᠡ ᠰᠡᠳᠬᠢᠯ ᠪᠦᠭᠦᠳᠡ ᠦᠨᠳᠦᠰᠦᠲᠡᠨ ᠦ᠌ ᠬᠢ ᠪᠢᠯᠡ᠃ ᠢᠳᠡᠭᠡ ᠤᠮᠳᠠᠭᠠᠨ ᠤ᠋ ᠶᠣᠰᠣ᠂ ᠮᠡᠨᠳᠦᠯᠡᠬᠦ ᠬᠦᠨᠳᠦᠯᠡᠬᠦ ᠶᠣᠰᠣ ᠬᠦᠷᠲᠡᠯ᠎ᠡ ᠭᠦᠨ ᠤᠬᠠᠭᠠᠨ᠂ ᠵᠦᠩ ᠪᠡᠯᠭᠡᠳᠡᠯ ᠠᠭᠤᠯᠤᠮᠤᠢ᠃ ᠮᠣᠩᠭᠣᠯᠴᠤᠳ《ᠮᠥᠩᠬᠡ ᠭᠠᠯ ᠤ᠋ᠨ ᠬᠠᠭᠠᠨ》᠂《ᠬᠠᠮᠤᠭ ᠠᠮᠢᠲᠠᠨ ᠤ᠋ ᠡᠬᠡ ᠭᠠᠯ ᠤ᠋ᠨ ᠬᠠᠭᠠᠨ ᠳᠠᠬᠢᠵᠤ ᠡᠴᠢᠭᠡ ᠳᠡᠭᠡᠳᠦᠰ ᠦ᠋ᠨ ᠰᠦᠨᠡᠰᠦ ᠪᠡᠨ ᠳᠠᠭᠤᠳᠠᠭᠠᠳ ᠢᠷᠦᠭᠡᠯ ᠪᠡᠯᠭᠡᠳᠡᠯ ᠢ᠋ᠶ᠋ᠡᠨ ᠤᠷᠠᠨ ᠰᠢᠯᠦᠭᠯᠡᠯ᠂ ᠴᠢᠩ ᠰᠡᠳᠬᠢᠯ ᠢ᠋ᠶ᠋ᠡᠷ ᠤᠷᠢᠳᠠᠭ ᠪᠣᠯ ᠡᠳᠦᠭᠡ《ᠬᠠᠮᠤᠭ ᠠᠮᠢᠲᠠᠨ ᠤ᠋ ᠲᠤᠰᠠ ᠶ᠋ᠢᠨ ᠲᠤᠯᠠ》 ᠮᠠᠨᠢ ᠤᠩᠰᠢᠬᠤ ᠪᠣᠯᠵᠠᠢ᠃ ᠡᠨᠳᠡ ᠰᠡᠳᠬᠢᠯ ᠵᠢᠷᠦᠬᠡ᠂ ᠢᠲᠡᠭᠡᠯ ᠦᠨᠡᠮᠰᠢᠯ ᠦ᠋ᠨ ᠶᠡᠬᠡᠬᠡᠨ ᠢᠯᠭᠠᠯ ᠪᠣᠢ᠃ ᠡᠨᠡ ᠪᠦᠬᠦᠨ ᠦ᠌ ᠳᠤᠮᠳᠠ ᠪᠣᠳ᠋ᠳ᠋ᡁᠠ ᠶ᠋ᠢᠨ ᠱᠠᠰᠢᠨ ᠬᠣᠯᠢᠯᠳᠤᠨ ᠰᠢᠩᠭᠡᠬᠦ ᠶ᠋ᠢ ᠡᠷᠡᠮᠡᠯᠵᠡᠭᠰᠡᠨ ᠨᠢ ᠡᠯᠪᠡᠭ᠃ ᠭᠡᠪᠡᠴᠦ ᠲᠡᠷᠰ ᠬᠣᠶᠠᠷ ᠱᠠᠰᠢᠨ᠂ ᠭᠠᠷᠤᠯ ᠡᠬᠡ ᠬᠣᠯᠠ ᠲᠠᠢ ᠨᠢ ᠦᠨᠡᠨ᠃ ᠲᠤᠰ ᠲᠤᠰ ᠤ᠋ᠨ ᠦᠢᠯᠡ ᠪᠡᠷ ᠢ᠋ᠶ᠋ᠡᠨ ᠤᠷᠤᠭᠰᠢ ᠬᠥᠭᠵᠢᠬᠦ ᠨᠢ ᠵᠦᠢ ᠪᠣᠯᠠᠢ᠃ ᠲᠡᠭᠦᠨ ᠡᠴᠡ ᠪᠢᠰᠢ ᠪᠣᠳ᠋ᠳ᠋ᡁᠠ ᠶ᠋ᠢᠨ ᠱᠠᠰᠢᠨ ᠢ᠋ ᠦᠭᠡᠢᠰᠬᠡᠬᠦ ᠡᠬᠡ ᠦᠭᠡᠢ᠂ ᠳᠠᠪᠰᠢᠯ ᠢ᠋ ᠨᠢ ᠲᠠᠶᠠᠭᠳᠠᠬᠤ ᠬᠡ ᠦᠭᠡᠢ ᠪᠥᠯᠥᠭᠡ᠃
ᠦᠰᠦᠭ ᠠᠮᠢᠯᠠᠭᠤᠯᠤᠭᠴᠢ᠄ ᠦᠯᠵᠡᠢᠪᠠᠭᠠᠲᠤᠷ᠂ ᠲᠣᠭᠳᠠᠭᠤᠨᠪᠠᠶᠠᠷ᠂ ᠪᠠᠶᠠᠨᠰᠡᠷᠡᠩ
ᠬᠢᠨᠠᠭᠴᠢ᠄ ᠰᠡᠬᠡᠭᠡᠷᠡᠯ᠂ ᠣᠳᠬᠠᠨᠰᠣ᠎ᠠ
