ᠳᠣᠯᠣᠭ᠎ᠠ᠂ ᠴᠢᠩᠭᠢᠰ ᠬᠠᠭᠠᠨ ᠭᠤᠷᠪᠠᠯ ᠣᠨᠣᠯᠴᠢ-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Хаанбуу
ᠳᠣᠯᠣᠭ᠎ᠠ᠂ ᠴᠢᠩᠭᠢᠰ ᠬᠠᠭᠠᠨ ᠭᠤᠷᠪᠠᠯ ᠣᠨᠣᠯᠴᠢ
ᠡᠨᠳᠡ ᠪᠦᠳᠦᠭᠦᠨ ᠵᠢᠷᠦᠬᠡ ᠭᠠᠷᠭᠠᠵᠤ ᠵᠠᠯᠠᠷᠠᠭᠤᠯᠬᠤ ᠲᠡᠦᠬᠡ ᠶ᠋ᠢᠨ ᠵᠠᠷᠢᠮ ᠰᠥᠷᠬᠦ ᠣᠢᠯᠠᠭᠠᠯᠲᠠ ᠪᠠᠢᠬᠤ ᠮᠡᠲᠦ᠃ ᠲᠤᠬᠠᠢᠯᠠᠪᠠᠯ᠄
a) ᠴᠢᠩᠭᠢᠰ ᠬᠠᠭᠠᠨ ᠪᠣᠷᠵᠢᠭᠢᠨ ᠣᠪᠣᠭᠲᠠᠨ ᠪᠢᠰᠢ
ᠪᠢᠳᠡ《ᠮᠣᠩᠭᠣᠯ ᠤ᠋ᠨ ᠨᠢᠭᠤᠴᠠ ᠲᠣᠪᠴᠢᠶ᠎ᠠ》 ᠳ᠋ᠤ᠌ ᠮᠣᠩᠭᠣᠯ ᠲᠦᠮᠡᠨ ᠦ᠌ ᠢᠵᠠᠭᠤᠷ ᠪᠥᠷᠲᠡ ᠴᠢᠨᠣ᠎ᠠ᠂ ᠭᠤᠸ᠎ᠠ ᠮᠠᠷᠠᠯ ᠠ᠋ᠴᠠ ᠡᠬᠢ ᠲᠡᠢ ᠳᠣᠮᠣᠭ ᠵᠡᠷᠭᠡ ᠳ᠋ᠦ᠍ ᠡᠷᠡᠭᠡᠯᠵᠡᠵᠦ ᠪᠣᠯᠬᠤ ᠴᠤ᠌ ᠲᠡᠭᠦᠨ ᠦ᠌ ᠳᠡᠭᠡᠷ᠎ᠡ ᠳᠣᠯᠣᠭ᠎ᠠ ᠳ᠋ᠠᠬᠢ ᠡᠪᠦᠭᠡ ᠪᠣᠯᠬᠤ ᠬᠠᠢᠲᠤ (ᠨᠠᠮᠤᠯᠤᠨ ᠡᠵᠢ᠂ ᠬᠠᠴᠢᠬᠦᠯᠡᠩ ᠠᠪᠤ ᠶ᠋ᠢᠨ ᠬᠦᠦ) ᠡᠴᠡ ᠴᠢᠩᠭᠢᠰ ᠬᠦᠷᠲᠡᠯᠡᠬᠢ ᠤᠷᠤᠭ ᠤ᠋ᠨ ᠲᠡᠦᠬᠡ ᠮᠠᠷᠭᠤᠭᠠᠨ ᠦᠭᠡᠢ᠂ ᠳᠣᠯᠣᠭᠠᠨ ᠦᠶ᠎ᠡ ᠦᠯᠦ ᠮᠡᠳᠡᠬᠦ ᠢᠵᠠᠭᠤᠷᠲᠠᠨ ᠲᠡᠳᠦᠢ ᠦᠭᠡᠢ ᠡᠭᠡᠯ ᠬᠥᠮᠦᠨ ᠲᠡᠷᠡ ᠦᠶ᠎ᠡ ᠳ᠋ᠦ᠍ ᠪᠠᠢᠭ᠎ᠠ ᠦᠭᠡᠢ ᠨᠢ ᠮᠠᠭᠠᠳ᠃ ᠬᠠᠢᠲᠤ ᠪᠣᠯ ᠪᠣᠳᠣᠨᠴᠠᠷ ᠤ᠋ᠨ ᠤᠳᠤᠮ ᠪᠣᠷᠵᠢᠭᠢᠨ ᠣᠪᠣᠭᠲᠠᠨ ᠪᠥᠭᠡᠳ ᠡᠨᠡ ᠣᠪᠣᠭ ᠵᠥᠪᠬᠡᠨ ᠤᠤᠭᠠᠨ ᠬᠥᠪᠡᠭᠦᠨ ᠳ᠋ᠡᠭᠡᠨ ᠵᠠᠯᠭᠠᠮᠵᠢᠯᠠᠭᠰᠠᠨ ᠨᠢ ᠬᠠᠢᠲᠤ— ᠪᠠᠢᠰᠢᠩᠬᠣᠷ— ᠲᠤᠮᠪᠢᠨᠠᠢ— ᠬᠠᠪᠤᠯ— ᠥᠬᠢᠨ ᠪᠠᠷᠬᠠᠭ (ᠶᠢᠰᠦᠭᠡᠢ ᠶ᠋ᠢᠨ ᠡᠴᠢᠭᠡ ᠪᠠᠷᠳᠠᠨᠪᠠᠭᠠᠲᠤᠷ ᠤ᠋ᠨ ᠠᠬ᠎ᠠ) ᠶᠤᠮ᠃ ᠭᠡᠲᠡᠯ᠎ᠡ ᠥᠬᠢᠨ ᠪᠠᠷᠬᠠᠭ ᠤ᠋ᠨ ᠬᠥᠪᠡᠭᠦᠨ ᠰᠠᠴᠠᠪᠡᠬᠢ ᠲᠠᠢᠴᠤ ᠬᠣᠶᠠᠷ ᠵᠦᠷᠭᠢᠨ (ᠵᠢᠷᠦᠬᠡᠨ) ᠣᠪᠣᠭᠲᠠᠨ ᠪᠣᠯᠤᠭᠰᠠᠨ ᠪᠢᠯᠡ᠃ ᠡᠢᠮᠦ ᠳ᠋ᠦ᠍ ᠥᠨᠥ ᠶ᠋ᠢᠨ ᠪᠣᠷᠵᠢᠭᠢᠨ ᠣᠪᠣᠭᠲᠠᠨ ᠭᠡᠵᠦ ᠥᠪᠡᠷ ᠢ᠋ ᠪᠡᠨ ᠦᠵᠡᠵᠦ ᠪᠣᠢ ᠬᠥᠮᠦᠰ ᠳᠡᠭᠡᠷᠡᠬᠢ ᠬᠠᠭᠠᠳ ᠤ᠋ᠨ ᠦᠷᠡᠳᠦᠰ ᠮᠥᠨ ᠭᠡᠰᠡᠨ ᠦᠭᠡ᠃
ᠬᠠᠢᠲᠤ ᠠ᠋ᠴᠠ ᠬᠣᠢᠰᠢ ᠬᠢ ᠳᠣᠯᠣᠭᠠᠨ ᠦᠶ᠎ᠡ ᠳᠣᠲᠣᠷ᠎ᠠ ᠪᠠᠷᠤᠯᠠᠰ᠂ ᠪᠤᠳᠠᠭᠠᠳ᠂ ᠠᠳᠠᠷᠭᠢᠨ᠂ ᠣᠷᠤᠤᠳ᠂ ᠮᠠᠩᠭᠤᠳ᠂ ᠲᠠᠢᠴᠢᠭᠤᠳ᠂ ᠪᠠᠰᠤᠳ᠂ ᠣᠷᠤᠨᠠᠷ᠂ ᠬᠣᠩᠬᠣᠲᠠᠨ᠂ ᠠᠷᠤᠯᠤᠨ᠂ ᠰᠥᠨᠢᠳ᠂᠂ ᠬᠡᠨᠢᠬᠢᠰ᠂ ᠵᠣᠷᠬᠢᠨ ᠵᠡᠷᠭᠡ ᠰᠢᠨ᠎ᠡ ᠣᠪᠣᠭ ᠤ᠋ᠳ ᠡᠭᠦᠰᠦᠭᠰᠡᠨ ᠠᠭᠠᠳ ᠲᠡᠷᠡ ᠪᠦᠭᠦᠳᠡ ᠬᠠᠮᠤᠭ ᠮᠥᠩᠬᠡ ᠭᠠᠯ ᠰᠦᠯᠳᠡᠲᠦ ᠦᠷ᠎ᠡ ᠶ᠋ᠢᠨ ᠰᠠᠳᠤᠨ ᠬᠠᠮᠢᠶᠠᠲᠠᠨ ᠢᠵᠠᠭᠤᠷᠲᠠᠨ ᠨᠤᠭᠤᠳ ᠶᠤᠮ᠃ ᠲᠡᠳᠡ ᠠᠯᠪᠠᠲᠤ ᠠᠷᠠᠳ ᠤ᠋ᠨ ᠲᠣᠭ᠎ᠠ ᠪᠠᠷ ᠥᠷᠢᠰᠦᠯᠳᠦᠭᠰᠡᠨ ᠪᠥᠭᠡᠳ ᠬᠠᠮᠤᠭ ᠤ᠋ᠨ ᠬᠦᠴᠦᠷᠬᠡᠭ ᠲᠠᠢᠴᠢᠭᠤᠳ ᠭᠡᠬᠦ ᠲᠠᠢᠵᠢ (ᠪᠣᠷᠵᠢᠭᠢᠨ ᠬᠢᠶᠠᠳ ᠠᠢᠮᠠᠭ ᠤ᠋ᠨ ᠤᠭᠰᠠᠭᠠᠲᠠᠨ) ᠨᠠᠷ ᠤ᠋ᠨ ᠬᠣᠯᠪᠣᠭ᠎ᠠ (ᠠᠢᠮᠠᠭ) ᠪᠥᠭᠡᠳ ᠲᠡᠨᠳᠡ ᠬᠠᠭᠤᠴᠢᠨ ᠤ᠋ ᠬᠢᠶᠠᠳ ᠠᠢᠮᠠᠭ ᠤ᠋ᠨ ᠰᠦᠯᠳᠡ ᠲᠤᠭ ᠤ᠋ᠨ ᠡᠵᠡᠨ ᠳ᠋ᠦ᠍ ᠲᠥᠪᠯᠡᠷᠡᠵᠦ ᠪᠠᠢᠯ᠎ᠠ᠃
ᠬᠠᠢᠲᠤ ᠶ᠋ᠢᠨ ᠭᠤᠷᠪᠠᠨ ᠬᠦᠦ ᠶ᠋ᠢᠨ ᠪᠠᠰᠢᠩᠬᠤᠢ ᠪᠣᠷᠵᠢᠭᠢᠨ᠂ ᠳᠡᠳ᠋ ᠬᠥᠪᠡᠭᠦᠨ ᠴᠢᠷᠠᠬᠠᠢ ᠯᠢᠩᠬᠤ᠎ᠠ ᠶ᠋ᠢᠨ ᠬᠦᠦ ᠰᠡᠩᠭᠦᠨ ᠪᠡᠯᠭᠡ ᠲᠠᠢᠴᠢᠭᠤᠳ ᠣᠪᠣᠭ᠂ ᠥᠭᠡᠷ᠎ᠡ ᠡᠬᠡᠨᠡᠷ ᠦ᠋ᠨ ᠬᠦᠦ ᠪᠡᠰᠦᠲᠡᠢ᠂ ᠪᠡᠰᠥ᠋ᠳ ᠣᠪᠣᠭ ᠡᠭᠦᠰᠬᠡᠨ ᠰᠠᠯᠪᠤᠷᠢᠯᠠᠭᠰᠠᠨ ᠢ᠋ ᠰᠠᠨᠠᠭᠲᠤᠨ! ᠭᠤᠷᠪᠠᠳᠠᠬᠢ ᠬᠦᠦ ᠴᠠᠦᠵᠢᠨ᠂ ᠣᠷᠲ᠋ᠣᠭᠠᠢ ᠶ᠋ᠢᠨ ᠵᠢᠷᠭᠤᠭᠠᠨ ᠬᠦᠦ ᠵᠢᠷᠭᠤᠭᠤᠯᠠ ᠪᠠᠨ ᠥᠪᠡᠷᠰᠡᠳ ᠦ᠋ᠨ ᠨᠡᠷ᠎ᠡ ᠪᠡᠷ ᠰᠢᠨ᠎ᠡ ᠣᠪᠣᠭ ᠤ᠋ᠨ ᠡᠭᠦᠰᠬᠡᠭᠰᠡᠨ ᠦ᠌ ᠵᠠᠷᠢᠮ ᠤ᠋ᠨ ᠦᠯᠡᠳᠡᠴᠡ ᠡᠳᠦᠭᠡ ᠴᠦ᠍ ᠪᠣᠢ᠃ ᠶᠢᠰᠦᠭᠡᠢ ᠶ᠋ᠢᠨ ᠡᠴᠢᠭᠡ ᠪᠠᠷᠳᠠᠨᠪᠠᠭᠠᠲᠤᠷ ᠥᠪᠡᠷ ᠦ᠋ᠨ ᠠᠬ᠎ᠠ ᠦᠬᠢᠨᠪᠠᠷᠬᠠᠭ ᠤ᠋ᠨ ᠬᠥᠪᠡᠭᠦᠳ ᠦ᠋ᠨ ᠣᠷᠬᠢᠭᠰᠠᠨ ᠪᠣᠷᠵᠢᠭᠢᠨ ᠣᠪᠣᠭ ᠢ᠋ ᠵᠠᠯᠭᠠᠮᠵᠢᠯᠠᠭᠰᠠᠨ ᠭᠡᠵᠦ ᠪᠣᠳᠣᠶ᠎ᠠ ᠭᠡᠰᠡᠨ ᠴᠦ᠍ ᠶᠢᠰᠦᠭᠡᠢ ᠶ᠋ᠢᠨ ᠠᠬ᠎ᠠ ᠮᠡᠩᠭᠢᠲᠦ ᠳ᠋ᠦ᠍ ᠲᠡᠢᠮᠦ ᠡᠷᠬᠡ ᠣᠯᠭᠣᠭᠳᠠᠵᠤ ᠪᠣᠯᠬᠤ᠃ ᠭᠡᠲᠡᠯ᠎ᠡ ᠠᠩᠭᠢᠲᠤ ᠬᠢᠶᠠᠨ ᠤ᠋ ᠬᠦᠦ ᠦᠩᠭᠡᠷ ᠨᠢ ᠴᠠᠨᠢᠰᠤᠳ ᠪᠠᠶᠠᠳ ᠨᠠᠷ ᠢ᠋ᠶ᠋ᠠᠨ ᠳᠠᠭᠠᠭᠤᠯᠵᠤ ᠴᠢᠩᠭᠢᠰ ᠲᠦ᠍ ᠨᠢᠭᠡᠳᠦᠭᠰᠡᠨ ᠲᠡᠦᠬᠡ ᠪᠠᠢᠭ᠎ᠠ ᠶ᠋ᠢ ᠬᠠᠷᠠᠬᠤᠯ᠎ᠠ ᠲᠡᠷᠡ ᠴᠦ᠍ ᠪᠦᠷᠵᠢᠬᠢᠨ ᠪᠢᠰᠢ ᠪᠣᠯᠵᠠᠢ (ᠮᠦ᠍ ᠨᠢ ᠳ᠋ᠦ᠍—10 ᠳ᠋ᠤᠭᠠᠷ39)᠃
b)ᠲᠠᠢᠴᠢᠭᠤᠳ ᠪᠣᠯ ᠶᠢᠰᠦᠭᠡᠢ ᠶ᠋ᠢᠨ ᠠᠢᠮᠠᠭ
ᠶᠢᠰᠦᠭᠡᠢ ᠶ᠋ᠢᠨ ᠡᠪᠦᠭᠡ ᠡᠴᠢᠭᠡ ᠬᠠᠪᠤᠯ ᠬᠠᠭᠠᠨ ᠲᠠᠢᠴᠢᠭᠤᠳ ᠣᠪᠣᠭ ᠢ᠋ ᠡᠭᠦᠰᠬᠡᠭᠰᠡᠨ ᠰᠡᠩᠭᠦᠨ ᠪᠡᠯᠭᠡ ᠶ᠋ᠢᠨ ᠬᠦᠦ ᠦᠶᠡᠯᠢ ᠠᠬ᠎ᠠ ᠳᠡᠭᠦᠦ ᠠᠮᠪᠠᠭᠠᠢ ᠶ᠋ᠢ ᠥᠪᠡᠷ ᠦ᠋ᠨ ᠳᠣᠯᠣᠭᠠᠨ ᠬᠦᠦ ᠶ᠋ᠢ ᠪᠠᠢᠭᠰᠠᠭᠠᠷ ᠬᠠᠮᠤᠭ ᠮᠥᠩᠬᠡ ᠭᠠᠯ ᠤ᠋ᠨ ᠬᠠᠭᠠᠨ ᠪᠣᠯᠤᠭᠰᠠᠨ᠃ ᠠᠮᠪᠠᠭᠠᠢ ᠨᠠᠰᠤ ᠡᠴᠦᠰᠯᠡᠬᠦ ᠳ᠋ᠡᠭᠡᠨ ᠠᠪᠠᠭ᠎ᠠ ᠪᠣᠷᠵᠢᠭᠢᠨ ᠬᠠᠪᠤᠯ ᠤ᠋ᠨ ᠳᠤᠮᠳᠠ ᠬᠦᠦ ᠬᠣᠲᠠᠯᠠ᠂ ᠥᠪᠡᠷ ᠦ᠋ᠨ ᠠᠷᠪᠠᠨ ᠬᠦᠦ ᠶ᠋ᠢᠨ ᠨᠢᠭᠡ ᠬᠠᠲᠠᠭᠠᠨ ᠲᠠᠢᠵᠢ ᠨᠠᠷ ᠲᠤ᠌ ᠭᠡᠷᠢᠶᠡᠰᠦᠯᠡᠭᠰᠡᠨ᠃ ᠡᠨᠡ ᠦᠶ᠎ᠡ ᠳ᠋ᠦ᠍ ᠨᠢᠭᠡᠨᠲᠡ ᠪᠣᠷᠵᠢᠭᠢᠨ ᠶᠤᠮ ᠤᠤ ᠬᠢᠶᠠᠳ ᠠᠢᠮᠠᠭ ᠭᠡᠵᠦ ᠭᠠᠵᠠᠷ ᠡᠵᠡᠯᠡᠭᠰᠡᠨ ᠨᠢᠭᠡᠴᠢ ᠪᠠᠢᠭ᠎ᠠ ᠦᠭᠡᠢ ᠤᠴᠢᠷ ᠲᠠᠢᠴᠢᠭᠤᠳ ᠠᠢᠮᠠᠭ ᠵᠣᠩᠬᠢᠯᠠᠬᠤ ᠲᠥᠯᠥᠭᠡᠯᠡᠭᠴᠢᠳ ᠢ᠋ ᠪᠦᠷᠢᠯᠳᠦᠭᠦᠯᠦᠭᠰᠡᠨ ᠠᠭᠰᠠᠨ ᠤ᠋ ᠨᠤᠲᠠᠯᠠᠭ᠎ᠠ᠃ ᠴᠣᠬᠣᠮ ᠲᠠᠢᠴᠢᠭᠤᠳ ᠯᠠ ᠬᠠᠮᠤᠭ ᠮᠣᠩᠭᠣᠯ ᠢ᠋ ᠨᠡᠷᠡᠯᠡᠬᠦ ᠬᠦᠴᠦᠷᠬᠡᠭ ᠠᠢᠮᠠᠭ ᠪᠣᠯᠵᠤ ᠨᠢᠭᠡᠳᠦᠭᠰᠡᠨ ᠦ᠌ ᠤᠴᠢᠷ ᠠ᠋ᠴᠠ ᠪᠠᠷᠳᠠᠨᠪᠠᠭᠠᠲᠤᠷ ᠬᠣᠲᠠᠯᠠ ᠬᠠᠭᠠᠨ ᠨᠠᠷ ᠤ᠋ᠨ ᠳᠡᠭᠦᠦ ᠲᠣᠳᠣᠢ ᠶ᠋ᠢᠨ ᠦᠷᠡᠴᠢᠯᠡᠮᠡᠯ ᠬᠦᠦ ᠬᠢᠷᠳᠡ ᠪᠣᠯᠤᠨ ᠲᠠᠢᠴᠢᠭᠤᠳ ᠠᠢᠮᠠᠭ ᠢ᠋ ᠠᠩᠬ᠎ᠠ ᠡᠭᠦᠰᠬᠡᠭᠰᠡᠨ ᠰᠡᠩᠭᠦᠨ ᠪᠡᠯᠭᠡ ᠶ᠋ᠢᠨ ᠬᠦᠦ ᠠᠮᠪᠠᠭᠠᠢ ᠶ᠋ᠢᠨ ᠠᠷᠪᠠᠨ ᠬᠥᠪᠡᠭᠦᠨ ᠦ᠌ ᠨᠢᠭᠡ ᠬᠢᠷᠤᠯᠳᠤᠭ ᠨᠠᠷ᠂ ᠠᠪᠠᠭ᠎ᠠ ᠶᠢᠰᠦᠭᠡᠢ ᠶ᠋ᠢᠨ ᠤᠤᠭᠠᠨ ᠬᠦᠦ ᠲᠡᠮᠦᠵᠢᠨ ᠢ᠋ ᠬᠦᠴᠦᠷᠬᠡᠭᠵᠢᠬᠦ ᠡᠴᠡ ᠠᠶᠤᠵᠤ ᠳᠣᠪᠲᠣᠯᠤᠭᠰᠠᠨ ᠪᠥᠯᠥᠭᠡ᠃ ᠡᠢᠮᠦ ᠶ᠋ᠢᠨ ᠲᠤᠯᠠ ᠲᠠᠢᠴᠢᠬᠤᠳ ᠠᠬ᠎ᠠ ᠳᠡᠭᠦᠦ ᠪᠡᠯᠪᠡᠰᠦᠨ ᠥᠭᠡᠯᠦᠨ ᠥᠵᠢᠨ ᠢ᠋ ᠪᠢᠴᠢᠬᠠᠨ ᠬᠥᠪᠡᠭᠦᠳ ᠦ᠋ᠨ ᠬᠠᠮᠲᠤ ᠨᠤᠲᠤᠭ ᠲᠤ᠌ ᠭᠡᠭᠡᠵᠦ ᠨᠡᠭᠦᠭᠰᠡᠨ ᠠᠵᠢ ᠠ᠋ (ᠮᠦ᠍ ᠨᠢ ᠳ᠋ᠦ᠍—10—45)᠃ ᠲᠡᠮᠦᠵᠢᠨ ᠲᠡᠢ ᠲᠡᠷᠰᠡᠭᠰᠡᠨ ᠬᠤᠴᠢᠷ ᠪᠣᠯ ᠶᠢᠰᠦᠭᠡᠢ ᠶ᠋ᠢᠨ ᠠᠬ᠎ᠠ ᠨᠡᠭᠦᠨ ᠲᠠᠢᠵᠢ ᠶ᠋ᠢᠨ ᠬᠦᠦ᠂ ᠠᠯᠲᠠᠨ ᠨᠢ ᠶᠢᠰᠦᠭᠡᠢ ᠶ᠋ᠢᠨ ᠦᠶᠡᠯᠢ ᠪᠤᠶᠤ ᠬᠣᠲᠠᠯᠠ ᠬᠠᠭᠠᠨ ᠤ᠋ ᠬᠦᠦ ᠬᠢᠭᠡᠳ ᠲᠠᠢᠴᠢᠭᠤᠳ ᠤ᠋ᠨ ᠪᠠᠭᠠᠲᠤᠷ ᠤ᠋ᠳ ᠲᠡᠷᠡᠴᠢᠯᠡᠨ ᠣᠷᠣᠳ ᠮᠠᠩᠭᠤᠳ ᠬᠣᠩᠬᠣᠳᠠᠨ ᠵᠦᠷᠬᠢᠨ ᠨᠠᠷ ᠪᠦᠭᠦᠳᠡ ᠬᠠᠢᠲᠤ ᠶ᠋ᠢᠨ ᠤᠳᠤᠮᠲᠤ ᠠᠬ᠎ᠠ ᠳᠡᠭᠦᠦᠰ ᠦ᠋ᠨ ᠲᠡᠮᠡᠴᠡᠯ ᠪᠠᠢᠵᠤᠬᠤᠢ᠃ ᠬᠠᠮᠤᠭ ᠤᠴᠢᠷ ᠨᠢ ᠲᠠᠢᠴᠢᠭᠤᠳ ᠳᠤᠮᠳᠠ ᠡᠷᠡᠯᠬᠡᠭ ᠪᠠᠭᠠᠲᠤᠷ ᠶᠢᠰᠦᠭᠡᠢ ᠶ᠋ᠢᠨ ᠭᠠᠪᠢᠶ᠎ᠠ ᠨᠡᠷ᠎ᠡ ᠬᠡᠲᠦᠢᠳᠦᠭᠰᠡᠨ ᠨᠢ ᠲᠡᠭᠦᠨ ᠦ᠌ ᠠᠬ᠎ᠠ ᠨᠠᠷ ᠤ᠋ᠨ ᠬᠡᠦᠬᠡᠳ ᠦ᠋ᠳ ᠪᠤᠰᠤᠳ ᠵᠢᠴᠢ ᠠᠪᠠᠭ᠎ᠠ ᠨᠠᠷ ᠤ᠋ᠨ ᠬᠡᠦᠬᠡᠳ ᠦ᠋ᠳ ᠲᠤ ᠪᠣᠯᠭᠣᠭᠠᠮᠵᠢᠯᠠᠯ ᠠᠲᠠᠭᠠᠷᠬᠠᠯ ᠲᠥᠷᠥᠭᠦᠯᠦᠭᠰᠡᠨ ᠬᠡᠷᠡᠭ᠃ ᠵᠠᠮᠤᠬ᠎ᠠ ᠴᠤ᠌ ᠪᠣᠳᠣᠨᠴᠠᠷ ᠤ᠋ᠨ ᠤᠳᠤᠮ ᠵᠠᠳᠠᠷᠠᠨ ᠣᠪᠣᠭᠲᠤ᠂ ᠴᠢᠩᠭᠢᠰ ᠦ᠋ᠨ ᠴᠢᠰᠤᠨ ᠲᠥᠷᠥᠯ ᠪᠣᠯᠤᠨ᠎ᠠ᠃ ᠢᠩᠭᠢᠬᠦ ᠪᠡᠷ ᠲᠠᠢᠴᠢᠭᠤᠳ ᠤᠤ ᠵᠠᠮᠤᠬ᠎ᠠ ᠶ᠋ᠢᠨ᠂ ᠴᠢᠩᠭᠢᠰ ᠦ᠋ᠨ᠂ ᠠᠯᠲᠠᠨ ᠬᠣᠴᠢᠷ ᠨᠠᠷ ᠤ᠋ᠨ᠂ ᠬᠢᠷᠤᠯᠳᠤᠭ ᠬᠢᠷᠲᠡ ᠨᠠᠷ ᠤ᠋ᠨ ᠵᠡᠷᠭᠡ ᠬᠠᠢᠳᠣ ᠶ᠋ᠢᠨ ᠤᠳᠤᠮ ᠤ᠋ᠨ ᠣᠯᠠᠨ ᠤᠳᠤᠮ ᠮᠣᠷᠢᠲᠤ ᠴᠡᠷᠢᠭᠲᠡᠨ ᠨᠦ᠍ᠭᠦᠳ ᠠᠬ᠎ᠠ ᠳᠡᠭᠦᠦᠰ ᠥᠪᠡᠷ ᠬᠣᠭᠣᠷᠣᠨᠳᠣ ᠪᠠᠨ ᠠᠷᠠᠴᠠᠯᠳᠤᠵᠤ② ᠪᠠᠢᠭᠰᠠᠨ ᠤ᠋ ᠳᠡᠭᠡᠷ᠎ᠡ ᠥᠭᠡᠷ᠎ᠡ ᠠᠢᠮᠠᠭ ᠤ᠋ᠨ ᠠᠤᠴᠤ ᠪᠠᠭᠠᠲᠤᠷ ᠬᠣᠳᠣᠨ— ᠣᠷᠴᠠᠨ᠂ ᠬᠤᠳᠤᠤᠲᠠᠷ ᠵᠡᠷᠭᠡ ᠴᠡᠷᠢᠭ ᠠᠬᠠᠯᠠᠭᠰᠠᠨ ᠲᠣᠮᠣ ᠢᠵᠠᠭᠤᠷᠲᠠᠨ ᠨᠤᠭᠤᠳ ᠵᠥᠷᠢᠴᠡᠯᠳᠦᠵᠦ ᠪᠠᠢᠪᠠᠢ᠃ ᠡᠨᠡ ᠦᠶ᠎ᠡ ᠳ᠋ᠦ᠍ ᠬᠠᠮᠤᠭ ᠮᠣᠩᠭᠣᠯ ᠤ᠋ᠨ ᠠᠯᠳᠠᠷ ᠢ᠋ ᠡᠷᠭᠦᠭᠰᠡᠨ ᠲᠠᠢᠴᠢᠭᠤᠳ ᠨᠠᠷ ᠰᠢᠭ᠋ ᠮᠥᠩᠬᠡ ᠭᠠᠯ ᠡᠷᠲᠡᠨ ᠰᠢᠲᠦᠭᠡᠨᠲᠦ ᠮᠡᠷᠭᠢᠳ᠂ ᠲᠠᠲ᠋ᠠᠷ᠂ ᠬᠡᠷᠡᠢᠳ᠂ ᠵᠠᠯᠠᠢᠷ᠂ ᠣᠢᠷᠠᠳ᠂ ᠨᠠᠢ᠍ᠮᠠᠨ᠂ ᠬᠤᠷ᠂ ᠪᠠᠷᠭᠤ᠂ ᠲᠦᠮᠡᠳ᠂ ᠪᠤᠯᠠᠭᠠᠴᠢᠨ᠂ ᠬᠡᠷᠡᠮᠦᠴᠢᠨ᠂ ᠤᠷᠢᠶᠠᠩᠬᠠᠢ ᠵᠡᠷᠭᠡ ᠣᠯᠠᠨ ᠠᠢᠮᠠᠭ ᠤᠯᠤᠰ ᠪᠠᠢᠭᠰᠠᠨ ᠪᠥᠭᠡᠳ《ᠤᠯᠤᠰ》 ᠭᠡᠬᠦ ᠣᠢᠯᠠᠭᠠᠯᠲᠠ ᠨᠢ ᠣᠯᠠᠨ ᠣᠪᠣᠭ ᠬᠥᠮᠦᠰ ᠭᠡᠰᠡᠨ ᠤᠳᠬ᠎ᠠ ᠪᠣᠯᠬᠤ ᠠ᠋ᠴᠠ ᠪᠤᠰᠤ《ᠭᠦᠷᠦᠨ》 ᠣᠳᠣ ᠶ᠋ᠢᠨ《ᠤᠯᠤᠰ》 ᠭᠡᠬᠦ ᠤᠳᠬ᠎ᠠ ᠪᠢᠰᠢ ᠶᠦᠮ᠃ ᠭᠤᠷᠪᠠᠨ ᠮᠡᠷᠭᠢᠳ ᠭᠡᠬᠦ ᠳ᠋ᠦ᠍ ᠥᠭᠡᠯᠦᠨ ᠡᠬᠡ ᠶ᠋ᠢᠨ ᠤᠳᠤᠮ ᠣᠯᠭᠣᠨᠣᠳ ᠢᠷᠭᠡᠳ ᠲᠡᠷᠡ ᠠᠢᠮᠠᠭ ᠤ᠋ᠨ ᠬᠢ ᠪᠥᠭᠡᠳ ᠡᠳᠡᠭᠡᠷ ᠦ᠋ᠨ ᠢᠵᠠᠭᠤᠷᠲᠠᠨ ᠡᠵᠡᠳ ᠨᠢ ᠮᠥᠩᠬᠡ ᠭᠠᠯ ᠰᠦᠯᠳᠡ ᠲᠡᠢ ᠴᠦ᠍ ᠴᠢᠩᠭᠢᠰ ᠡᠴᠡ ᠲᠠᠰᠤ ᠥᠭᠡᠷ᠎ᠡ ᠣᠪᠣᠭ ᠠᠢᠮᠠᠭ ᠤᠯᠠᠮᠵᠢᠯᠠᠭᠰᠠᠨ ᠶᠡᠬᠡᠰ ᠰᠤᠷᠪᠤᠯᠵᠢᠲᠠᠨ ᠨᠠᠷ ᠪᠣᠯᠤᠨ᠎ᠠ᠃ ᠮᠡᠳᠡᠭᠡᠵᠢ ᠮᠣᠩᠭᠣᠯ ᠬᠥᠮᠦᠰ ᠪᠦᠭᠦᠳᠡ ᠴᠢᠩᠭᠢᠰ ᠲᠦ᠍ ᠬᠠᠮᠢᠶᠠᠷᠬᠤ ᠨᠢᠭᠡ ᠤᠳᠤᠮ ᠭᠠᠷᠤᠯ ᠲᠠᠢ ᠪᠤᠰᠤ᠂ ᠬᠡᠳᠦᠨ ᠮᠢᠩᠭᠠᠨ ᠭᠠᠷᠪᠠᠯᠢ ᠳ᠋ᠤ᠌ ᠰᠠᠯᠪᠤᠷᠢᠯᠠᠭᠰᠠᠨ ᠨᠢ ᠣᠢᠯᠠᠭᠠᠮᠵᠢ ᠲᠠᠢ ᠪᠤᠶᠤ᠃
c) ᠬᠠᠮᠤᠭ ᠮᠥᠩᠬᠡ ᠭᠠᠯ ᠤ᠋ᠨ ᠲᠤᠬᠠᠢ ᠳ᠋ᠤ᠌
ᠲᠡᠷᠡ ᠦᠶ᠎ᠡ ᠳ᠋ᠦ᠍ ᠮᠣᠩᠭᠣᠯ ᠠᠢᠮᠠᠭ ᠭᠡᠵᠦ ᠪᠠᠢᠭᠰᠠᠨ ᠦᠭᠡᠢ᠃ ᠶᠠᠮᠠᠷ ᠴᠤ᠌ ᠨᠡᠷ᠎ᠡ ᠲᠡᠢ ᠪᠠᠢᠭᠰᠠᠨ《ᠮᠥᠩᠬᠡ ᠭᠠᠯ》 ᠰᠦᠯᠳᠡ ᠭᠦᠨ ᠤᠬᠠᠭᠠᠨ ᠲᠦᠰᠢᠭᠰᠡᠨ ᠠᠢᠮᠠᠭ ᠢ᠋ ᠮᠣᠩᠭᠣᠯ ᠭᠡᠵᠦ ᠨᠡᠷᠡᠯᠡᠳᠡᠭ ᠨᠢ ᠬᠡᠪᠰᠢᠯ ᠪᠠᠢᠪᠠ᠃ ᠨᠢᠷᠤᠭᠤᠨ ᠤᠯᠤᠰ ᠤ᠋ᠨ ᠦᠶ᠎ᠡ ᠳ᠋ᠦ᠍ ᠮᠣᠭᠣᠯᠶᠦ᠌ ᠣᠪᠣᠭ ᠭᠡᠵᠦ ᠬᠢᠲᠠᠳ ᠤ᠋ᠨ ᠰᠤᠳᠤᠷ ᠲᠤ ᠪᠢᠴᠢᠭᠳᠡᠭᠰᠡᠨ ᠨᠢ《ᠮᠥᠩᠬᠡ ᠭᠠᠯ》 ᠰᠦᠯᠳᠡᠲᠦ ᠣᠪᠣᠭ ᠭᠡᠵᠦ ᠬᠥᠷᠰᠢ ᠠᠢᠮᠠᠭ ᠢ᠋ᠶ᠋ᠠᠨ ᠲᠤᠬᠠᠢᠯᠠᠭᠰᠠᠨ ᠪᠥᠭᠡᠳ ᠤᠭ ᠲᠠᠭᠠᠨ ᠲᠡᠷᠡ ᠨᠢ ᠬᠣᠵᠢᠮ ᠤ᠋ᠨ ᠲᠠᠯ᠎ᠠ ᠶ᠋ᠢᠨ ᠠᠷᠠᠳ (ᠲᠠᠲ᠋ᠠᠷ) ᠨᠠᠷ ᠢ᠋ ᠬᠡᠯᠡᠭᠰᠡᠨ ᠪᠠᠢᠵᠤ ᠪᠣᠯᠬᠤ ᠲᠠᠯ᠎ᠠ ᠲᠠᠢ᠃ ᠨᠠᠢ᠍ᠮᠠᠨ ᠨᠠᠷ ᠪᠤᠰᠤᠳ ᠠᠢᠮᠠᠭ (ᠤᠯᠤᠰ) ᠣᠪᠣᠭ ᠤ᠋ᠳ ᠢ᠋ᠶ᠋ᠠᠨ《ᠮᠣᠩᠭᠣᠯᠴᠤᠳ》 ᠭᠡᠵᠦ ᠬᠥᠨᠳᠡᠢᠷᠡᠭᠡᠦ ᠬᠡᠯᠡᠳᠡᠭ ᠨᠢ ᠺᠢᠳᠠᠨ (ᠬᠡᠳᠦᠨ) ᠤᠯᠤᠰ ᠤ᠋ᠨ ᠤᠭ ᠢᠯᠭᠠᠷᠠᠬᠤ ᠤᠯᠠᠮ ᠢ᠋ᠶ᠋ᠠᠷ ᠮᠥᠩᠬᠡᠭᠠᠯ ᠤ᠋ᠨ ᠬᠠᠭᠠᠨ ᠰᠢᠷᠡᠭᠡᠨ ᠦ᠌ ᠲᠥᠯᠥᠭᠡ ᠲᠡᠮᠡᠴᠡᠬᠦ ᠡᠷᠬᠡ ᠲᠡᠢ ᠪᠣᠯᠬᠤ ᠪᠠᠨ ᠦᠵᠡᠭᠦᠯᠬᠦ ᠭᠡᠰᠡᠨ ᠯᠡ ᠬᠡᠷᠡᠭ ᠶᠦᠮ᠃《ᠮᠥᠩᠬᠡ ᠭᠠᠯ》 ᠭᠡᠳᠡᠭ ᠨᠢ ᠶᠠᠮᠠᠷ ᠨᠢᠭᠡ ᠲᠤᠰᠬᠠᠢ ᠣᠪᠣᠭ᠂ ᠲᠡᠦᠬᠡᠲᠦ ᠬᠥᠮᠦᠨ ᠦ᠌ ᠨᠡᠷ᠎ᠡ ᠬᠡᠵᠢᠶ᠎ᠡ ᠴᠦ᠍ ᠪᠠᠢᠭ᠎ᠠ ᠦᠭᠡᠢ ᠲᠥᠪ ᠠᠽᠢ ᠶ᠋ᠢᠨ ᠴᠡᠭᠡᠵᠢᠨ ᠳ᠋ᠦ᠍ ᠠᠮᠢᠳᠤᠷᠠᠬᠤ ᠨᠡᠭᠦᠳᠡᠯᠴᠢ ᠮᠠᠯᠴᠢ᠂ ᠠᠩᠴᠢ ᠣᠯᠠᠨ ᠣᠪᠣᠭ ᠤ᠋ᠨ ᠰᠦᠯᠳᠡ ᠰᠢᠲᠦᠭᠡᠨ ᠪᠣᠯᠤᠨ᠎ᠠ᠃
ᠡᠨᠡ ᠣᠢᠯᠠᠭᠠᠯᠲᠠ ᠨᠢ ᠡᠷᠲᠡᠨ ᠦ᠌ ᠵᠣᠵᠠᠨ(ᠴᠡᠴᠡᠨ) ᠨᠠᠷ ᠤ᠋ᠨ ᠦᠶ᠎ᠡ ᠳ᠋ᠦ᠍(ᠡᠨᠡ ᠤᠯᠤᠰ ᠤ᠋ᠨ ᠨᠢᠭᠡᠨ ᠲᠠᠰᠤᠷᠬᠠᠢ ᠨᠢ ᠣᠳᠣ ᠶ᠋ᠢᠨ ᠴᠧᠴᠧᠨ[ ᠴᠡᠴᠡᠨ] ᠪᠣᠯᠤᠨ᠎ᠠ) ᠲᠣᠪᠠ
(ᠳᠠᠪ ᠭᠡᠵᠢᠭᠡᠲᠦ) ᠨᠠᠷ ᠤ᠋ᠨ ᠪᠣᠭᠣᠯ ᠮᠤᠭᠤᠯᠶᠤᠢ(ᠮᠥᠩᠬᠡᠭᠠᠯᠠᠢ) ᠪᠠᠷ ᠤᠳᠤᠷᠢᠳᠤᠭᠤᠯᠤᠭᠰᠠᠨ ᠲᠡᠮᠡᠴᠡᠯ ᠦ᠋ᠨ ᠦᠶ᠎ᠡ ᠳ᠋ᠦ᠍《 ᠵᠣᠵᠠᠨ》 ᠬᠡᠮᠡᠬᠦ ᠨᠡᠷ᠎ᠡ ᠠᠪᠤᠭᠰᠠᠨ ᠭᠡᠬᠦ ᠲᠡᠦᠬᠡ ᠶ᠋ᠢᠨ ᠡᠬᠢᠨ ᠳ᠋ᠦ᠍ ᠴᠦ᠍ ᠬᠠᠮᠢᠶᠠᠷᠰᠢ ᠦᠭᠡᠢ᠃ ᠲᠡᠭᠦᠨ ᠡᠴᠡ ᠡᠮᠦᠨ᠎ᠡ ᠴᠦ᠍ ᠬᠣᠢᠨ᠎ᠠ ᠴᠤ᠌ ᠡᠢᠮᠦ ᠨᠡᠷ᠎ᠡ ᠲᠡᠢ ᠲᠦᠮᠡ ᠪᠤᠮ ᠪᠥᠯᠥᠭᠡ᠃ ᠡᠭᠦᠨ ᠦ᠌ ᠵᠢᠱ᠌ᠢᠶ᠎ᠡ ᠨᠢ ᠮᠤᠬᠤᠯᠠᠢ᠁ ᠮᠠᠩᠭᠠᠯᠠᠢ᠁ ᠶᠤᠮ᠃ ᠪᠠᠰᠠ ᠰᠦᠮᠪᠡ ᠾᠦᠩᠨᠦ ᠭᠦᠷᠦᠨ ᠦ᠌ ᠦᠶ᠎ᠡ ᠳ᠋ᠦ᠍ ᠴᠤ᠌ ᠬᠠᠮᠢᠶ᠎ᠠ ᠦᠭᠡᠢ ᠶᠦᠮ᠃ ᠲᠡᠳᠡᠭᠡᠷ ᠨᠢ ᠡᠢᠮᠦ ᠪᠡᠯᠭᠡᠲᠦ ᠨᠡᠷ᠎ᠡ ᠣᠨᠣᠭᠠᠭᠰᠠᠨ ᠴᠤ᠌《ᠮᠥᠩᠬᠡ ᠭᠠᠯ》 ᠰᠢᠲᠦᠭᠡᠨᠲᠦ ᠨᠦ᠍ᠭᠦᠳ ᠯᠡ ᠪᠠᠢᠭᠰᠠᠨ᠃ ᠤᠴᠢᠷ ᠨᠢ ᠲᠡᠳᠡᠨ ᠳ᠋ᠦ᠍ ᠡᠨᠡ ᠨᠣᠮ ᠳ᠋ᠤ᠌ ᠳᠤᠷᠠᠰᠤᠭᠳᠠᠬᠤ ᠡᠪᠦᠭᠡ ᠲᠡᠦᠬᠡ᠂ ᠠᠮᠠᠨ ᠵᠣᠬᠢᠶᠠᠯ᠂ ᠬᠡᠪ ᠬᠠᠤᠯᠢ᠂ ᠭᠦᠨ ᠤᠬᠠᠭᠠᠨ ᠤ᠋ ᠥᠪ ᠰᠠᠩ᠂ ᠭᠤᠷᠮᠤᠰᠤᠨ ᠰᠡᠳᠬᠢᠯᠭᠡᠲᠣ ᠬᠡᠪᠰᠢᠯ᠂
《ᠭᠤᠷᠪᠠᠨ ᠵᠠᠯᠢᠲᠤ》 ᠭᠠᠯ᠂ ᠳᠦᠷᠰᠦ ᠰᠦᠯᠳᠡ ᠪᠦᠭᠦᠳᠡ ᠬᠠᠮᠢᠶ᠎ᠠ ᠲᠠᠢ ᠪᠥᠯᠥᠭᠡ᠃
ᠴᠢᠩᠭᠢᠰ ᠬᠠᠭᠠᠨ ᠢ᠋ ᠭᠤᠷᠪᠠᠯ ᠣᠨᠣᠯᠴᠢ ᠭᠡᠰᠡᠨ ᠨᠢ ᠣᠨᠴᠠᠭᠠᠢ ᠡᠷᠳᠡᠮᠲᠦ ᠡᠷᠭᠦᠮᠵᠢᠯᠡᠯ ᠪᠤᠰᠤ᠂ ᠡᠨᠡ ᠶᠡᠬᠡ ᠥᠪ ᠰᠠᠩ ᠢ᠋ ᠤᠳᠤᠮᠰᠢᠨ ᠥᠪᠯᠡᠵᠦ ᠰᠢᠨᠡᠴᠢᠯᠡᠭᠰᠡᠨ ᠭᠠᠪᠢᠶᠠᠲᠠᠨ ᠤ᠋ ᠨᠢᠭᠡ ᠮᠥᠨ ᠭᠡᠬᠦ ᠳ᠋ᠦᠩᠨᠡᠯᠲᠡ ᠪᠢᠯᠡ᠃
ᠡᠢᠮᠦ ᠤᠴᠢᠷ ᠠ᠋ᠴᠠ《ᠮᠣᠩᠭᠣᠯ ᠤ᠋ᠨ ᠨᠢᠭᠤᠴᠠ ᠲᠣᠪᠴᠢᠶᠠᠨ》 ᠭᠤᠷᠪᠠᠯ ᠣᠨᠣᠯ ᠤ᠋ᠨ ᠪᠦᠲᠦᠭᠡᠯ ᠪᠥᠭᠡᠳ ᠲᠡᠮᠦᠵᠢᠨ ᠬᠦᠦ ᠲᠠᠢᠴᠢᠭᠤᠳ ᠲᠠᠭᠠᠨ ᠣᠯᠵᠠᠯᠠᠭᠳᠠᠭᠠᠳ ᠤᠷᠭᠤᠵᠤ ᠤᠨᠤᠨ ᠭᠣᠣᠯ ᠤ᠋ᠨ ᠤᠰᠤᠨ ᠳ᠋ᠤ᠌ ᠨᠢᠭᠤᠭᠳᠠᠬᠤ ᠳ᠋ᠤ᠌ ᠰᠣᠷᠬᠠᠨ ᠰᠢᠷ᠎ᠠ3 ᠤᠳᠠᠭ᠎ᠠ ᠢᠷᠡᠵᠦ ᠦᠵᠡᠭᠡᠳ ᠠᠪᠤᠷᠠᠳᠠᠭ ᠨᠢ ᠴᠦ᠍ ᠪᠡᠯᠭᠡᠳᠡᠯᠲᠦ ᠶᠠᠪᠤᠳᠠᠯ ᠤ᠋ᠨ ᠡᠬᠢ᠁ ᠭᠡᠬᠦ ᠮᠡᠲᠦ ᠶ᠋ᠢ ᠶᠡᠬᠡ ᠯᠡ ᠨᠠᠷᠢᠪᠴᠢᠯᠠᠨ ᠰᠤᠳᠤᠯᠤᠭᠤᠰᠢᠲᠠᠢ ᠰᠠᠨᠠᠭᠳᠠᠳᠠᠭ ᠠ᠋᠃ ᠦᠨᠡᠨ ᠳ᠋ᠡᠭᠡᠨ ᠵᠢᠭᠠᠰᠤ ᠴᠤ᠌ ᠰᠢᠪᠠᠭᠤ ᠴᠤ᠌ ᠰᠦᠯᠡᠨ ᠰᠡᠭᠦᠯ ᠦ᠋ᠨ ᠰᠠᠯᠢᠪᠴᠢ ᠦᠭᠡᠢ ᠠᠬᠤᠯ᠎ᠠ ᠬᠣᠶᠠᠷ ᠰᠡᠯᠢᠭᠦᠷ᠂ ᠵᠢᠭᠦᠷ ᠢ᠋ᠶ᠋ᠡᠷ ᠦᠯᠦ ᠨᠢᠰᠦᠶᠦ᠂ ᠡᠰᠡ ᠱᠤᠩᠪᠠᠶᠤ᠃
ᠴᠢᠩᠭᠢᠰ ᠪᠤᠭᠤᠷᠤᠯ ᠦᠶ᠎ᠡ ᠶ᠋ᠢᠨ ᠰᠠᠢᠨ ᠱᠠᠪᠢ
ᠴᠢᠩᠭᠢᠰ ᠲᠤ ᠬᠠᠨᠳᠤᠬᠤ ᠭᠠᠳᠠᠭᠠᠳᠤ ᠳᠣᠲᠣᠭᠠᠳᠤ ᠦᠭᠡᠢ ᠤᠵᠢᠭᠷᠠᠭᠰᠠᠨ ᠨᠢᠭᠡ ᠳᠤᠲᠠᠭᠳᠠᠯ ᠪᠣᠯ ᠲᠡᠭᠦᠨ ᠢ᠋ ᠰᠡᠳᠬᠢᠭᠰᠡᠨ ᠮᠡᠲᠦ ᠲᠥᠭᠡᠷᠢᠭᠳᠡᠯ ᠪᠥᠭᠡᠳ ᠡᠨᠡ ᠨᠢ ᠲᠡᠭᠦᠨ ᠦ᠌ ᠡᠮᠦᠨᠡᠬᠢ ᠦᠶ᠎ᠡ ᠶ᠋ᠢᠨ ᠪᠤᠭᠤᠷᠤᠯ ᠲᠡᠦᠬᠡ ᠶ᠋ᠢ ᠥᠩᠭᠡᠷᠡᠭᠡᠭᠰᠡᠨ《ᠮᠥᠩᠬᠡ ᠭᠠᠯ》ᠰᠦᠯᠳᠡᠲᠦ ᠨᠦ᠍ᠭᠦᠳ ᠦ᠋ᠨ ᠪᠠᠯᠠᠷ ᠡᠷᠲᠡᠨ ᠦ᠌ ᠭᠠᠷᠤᠯ ᠢ᠋ ᠪᠤᠶᠤ ᠴᠢᠩᠭᠢᠰ ᠦ᠋ᠨ ᠵᠣᠷᠢᠯᠭ᠎ᠠ ᠶ᠋ᠢ ᠭᠤᠲᠤᠭᠠᠭᠰᠠᠨ ᠬᠡᠷᠡᠭ ᠪᠣᠯᠬᠤ ᠶᠤᠮ᠃ ᠲᠡᠭᠦᠨ ᠡᠴᠡ ᠮᠢᠩᠭᠠᠨ ᠵᠢᠯ ᠦ᠋ᠨ ᠡᠮᠦᠨᠡᠬᠢ ᠠᠤᠭ᠎ᠠ ᠶᠡᠬᠡ ᠰᠤᠤᠲᠠᠨ ᠮᠣᠳᠣᠨ(ᠾᠦᠩᠨᠦ ᠭᠦᠷᠦᠨ ᠦ᠌ ᠶᠡᠬᠡ ᠬᠠᠭᠠᠨ) ᠤ᠋ ᠪᠠᠢᠭᠤᠯᠤᠭᠰᠠᠨ ᠲᠥᠷᠥ ᠤᠯᠤᠰ ᠢ᠋ ᠳᠠᠬᠢᠨ ᠲᠥᠪᠬᠢᠨᠡᠭᠦᠯᠵᠦ ᠰᠡᠷᠭᠦᠭᠡᠬᠦ ᠵᠣᠷᠢᠯᠭ᠎ᠠ ᠳ᠋ᠠᠭᠠᠨ ᠲᠥᠷᠥ ᠴᠡᠷᠢᠭ ᠦ᠋ᠨ ᠪᠦᠬᠦᠢ ᠯᠡ ᠵᠣᠬᠢᠶᠠᠨ ᠪᠠᠢᠭᠤᠯᠤᠯᠲᠠ᠂ ᠲᠤᠷᠰᠢᠯᠭ᠎ᠠ ᠶ᠋ᠢ ᠤᠯᠠᠮᠵᠢᠯᠠᠨ ᠬᠡᠷᠡᠭᠵᠢᠭᠦᠯᠦᠭᠰᠡᠨ ᠣᠨᠣᠯᠴᠢ ᠡᠷᠳᠡᠮᠲᠡᠨ ᠭᠡᠳᠡᠭ ᠢ᠋ ᠬᠡᠯᠡᠬᠦ ᠶᠣᠰᠣᠲᠠᠢ᠂ ᠪᠠᠷᠠᠭᠤᠨ ᠾᠦᠩᠨᠦ ᠶ᠋ᠢᠨ ᠶᠡᠬᠡ ᠬᠠᠭᠠᠨ ᠵᠢᠵᠢᠭ ᠦ᠋ᠨ ᠳ᠋ᠤᠨᠠᠢ ᠮᠥᠷᠡᠨ ᠬᠦᠷᠲᠡᠯ᠎ᠡ ᠲᠡᠮᠡᠴᠡᠭᠰᠡᠨ ᠲᠡᠦᠬᠡ᠂ ᠧᠦ᠋ᠷᠣᠫᠠ ᠳᠠᠶᠠᠩ ᠢ᠋ᠶ᠋ᠠᠷ《ᠲᠩᠷᠢ ᠶ᠋ᠢᠨ ᠲᠠᠰᠢᠭᠤᠷ》 ᠭᠡᠮᠡᠨ ᠠᠯᠳᠠᠷᠰᠢᠭᠰᠠᠨ ᠾᠦᠩᠨᠦ ᠶ᠋ᠢᠨ ᠠᠲ᠋ᠲ᠋ᠢᠯᠠ ᠬᠠᠭᠠᠳ ᠤ᠋ᠨ ᠲᠡᠦᠬᠡᠲᠦ ᠵᠠᠮ ᠢ᠋ ᠦᠯᠢᠭᠡᠷ ᠠᠪᠤᠭᠰᠠᠨ ᠬᠤᠪᠢᠯᠪᠤᠷᠢ ᠰᠢᠨᠡᠴᠢᠯᠡᠯ ᠲᠡᠦᠬᠡ ᠭᠠᠵᠠᠷ ᠵᠦᠢ ᠶ᠋ᠢᠨ ᠥᠷᠭᠡᠨ ᠮᠡᠳᠡᠯᠭᠡ ᠶ᠋ᠢ ᠤᠶᠠᠯᠳᠤᠭ᠎ᠠ ᠠ᠋ᠴᠠ ᠰᠤᠳᠤᠯᠬᠤ ᠦᠭᠡᠢ ᠪᠠᠢᠭ᠎ᠠ ᠨᠢ ᠶᠠᠭᠠᠬᠢᠬᠤ ᠠᠷᠭ᠎ᠠ ᠦᠭᠡᠢ ᠰᠤᠯᠠ ᠲᠠᠯ᠎ᠠ᠃ ᠭᠡᠲᠡᠯ᠎ᠡ ᠲᠡᠳᠡᠨ ᠡᠴᠡ1000᠁ ᠪᠠᠷᠤᠭ2000 ᠵᠢᠯ ᠦ᠋ᠨ ᠬᠣᠢᠨ᠎ᠠ ᠠᠽᠢ ᠳ᠋ᠤ᠌ ᠢᠷᠡᠭᠰᠡᠨ ᠧᠦ᠋ᠷᠣᠫᠠ ᠢᠷᠭᠡᠨ ᠢ᠋ ᠳᠡᠯᠡᠬᠡᠢ ᠶ᠋ᠢᠨ ᠰᠤᠤᠲᠠᠨ ᠭᠠᠵᠠᠷ ᠵᠦᠢ ᠶ᠋ᠢᠨ ᠨᠡᠭᠡᠭᠡᠯᠲᠡ ᠬᠢᠭᠴᠢ ᠭᠡᠮᠡᠨ ᠰᠤᠷᠲᠠᠯᠴᠢᠯᠠᠵᠤ ᠦᠨᠡᠮᠰᠢᠭᠦᠯᠦᠭᠰᠡᠨ ᠧᠦ᠋ᠷᠣᠫᠠ ᠶ᠋ᠢᠨ ᠬᠢᠨ ᠦᠨᠡᠬᠡᠷ ᠬᠣᠵᠢᠭᠤ ᠦᠶ᠎ᠡ ᠳ᠋ᠦ᠍ ᠬᠣᠯᠠ ᠵᠠᠮ ᠳ᠋ᠤ᠌ ᠭᠠᠷᠤᠭᠰᠠᠨ ᠬᠥᠮᠦᠰ ᠠ᠋᠃
ᠠᠯᠲᠠᠨ ᠤᠷᠤᠭ ᠤ᠋ᠨ ᠲᠡᠦᠬᠡ ᠭᠠᠭᠴᠠ ᠴᠢᠩᠭᠢᠰ ᠦ᠋ᠨ ᠬᠢ ᠪᠢᠰᠢ
《ᠠᠯᠲᠠᠨ ᠤᠷᠤᠭ》 ᠭᠡᠳᠡᠭ ᠢ᠋ ᠵᠥᠪᠬᠡᠨ ᠴᠢᠩᠭᠢᠰ ᠦ᠋ᠨ ᠭᠡᠵᠦ ᠦᠵᠡᠬᠦ ᠰᠣᠭᠣᠭ ᠬᠡᠪᠰᠢᠬᠦ ᠨᠢ ᠪᠣᠳᠣᠨᠴᠠᠷ ᠠ᠋ᠴᠠ ᠡᠮᠦᠨ᠎ᠡ(10 ᠳ᠋ᠤᠭᠠᠷ ᠵᠠᠭᠤᠨ) ᠮᠥᠩᠬᠡ ᠭᠠᠯ ᠰᠦᠯᠳᠡᠲᠦ ᠨᠦ᠍ᠭᠦᠳ ᠦ᠋ᠨ ᠠᠤᠭ᠎ᠠ ᠶᠡᠬᠡ ᠬᠠᠭᠠᠳ1 ᠳ᠋ᠦ᠍ᠭᠡᠷ ᠵᠠᠭᠤᠨ ᠲᠡᠳᠦᠢ ᠦᠭᠡᠢ ᠮᠠᠨ ᠤ᠋ ᠡᠷᠢᠨ ᠦ᠌ ᠡᠮᠦᠨ᠎ᠡ ᠵᠠᠭᠤᠨ ᠨᠤᠭᠤᠳ ᠠ᠋ᠴᠠ ᠡᠬᠢ ᠲᠡᠢ ᠪᠢᠯᠡ᠃ ᠮᠣᠳᠣᠨ(ᠮᠠᠨ ᠤ᠋ ᠡᠷᠢᠨ ᠦ᠌ ᠡᠮᠦᠨ᠎ᠡ2 ᠳ᠋ᠤᠭᠠᠷ ᠵᠠᠭᠤᠨ) ᠵᠢᠵᠢᠭ(ᠮᠠᠨ ᠤ᠋ ᠡᠷᠢᠨ ᠦ᠌ ᠡᠮᠦᠨ᠎ᠡ1 ᠳ᠋ᠦ᠍ᠭᠡᠷ ᠵᠠᠭᠤᠨ)᠂ ᠠᠲ᠋ᠲ᠋ᠢᠯᠠ(ᠲᠠᠪᠤ ᠳ᠋ᠤᠭᠠᠷ ᠵᠠᠭᠤᠨ)᠂ ᠰᠦᠮᠪᠡ ᠤᠯᠤᠰ ᠤ᠋ᠨ ᠦᠶ᠎ᠡ ᠶ᠋ᠢᠨ ᠠᠯᠲᠠᠨᠱᠠᠭᠠᠢ (2 ᠳ᠋ᠤᠭᠠᠷ ᠵᠠᠭᠤᠨ ᠤ᠋ ᠠᠤᠭ᠎ᠠ ᠶᠡᠬᠡ ᠬᠥᠮᠦᠨ)᠂ ᠬᠡᠳᠦᠨ ᠤᠯᠤᠰ ᠤ᠋ᠨ ᠦᠶ᠎ᠡ ᠶ᠋ᠢᠨ ᠰᠢᠯᠦᠨ ᠬᠠᠭᠠᠨ(5 ᠳ᠋ᠤᠭᠠᠷ ᠵᠠᠭᠤᠨ ᠤ᠋ ᠶᠡᠬᠡ ᠬᠠᠭᠠᠨ ᠡᠷᠳᠡᠮᠲᠡᠨ)᠂ ᠬᠡᠳᠦᠨ ᠤᠯᠤᠰ ᠤ᠋ᠨ(ᠠᠢᠮᠠᠭ ᠤ᠋ᠨ) ᠬᠠᠭᠠᠨ ᠠᠮᠪᠠᠭᠠᠢ(10 ᠳ᠋ᠤᠭᠠᠷ ᠵᠠᠭᠤᠨ ᠤ᠋ ᠡᠬᠢ)᠁ ᠲᠡᠳᠡᠭᠡᠷ ᠦ᠋ᠨ ᠠᠯᠲᠠᠨ ᠤᠷᠤᠭ ᠤᠳᠤᠮ᠂ ᠡᠷᠬᠡ ᠮᠠᠲᠠᠯ᠂ ᠡᠳ᠋ ᠪᠠᠶᠠᠯᠢᠭ ᠦᠷᠭᠦᠯᠵᠢᠯᠡᠭᠰᠡᠭᠡᠷ ᠲᠡᠳᠡᠨ ᠦ᠌ ᠭᠣᠯᠣᠮᠲᠠ ᠮᠥᠬᠥᠭᠡ ᠦᠭᠡᠢ ᠨᠢ ᠥᠨᠥ ᠶ᠋ᠢᠨ ᠪᠢᠳᠡ ᠣᠷᠣᠰᠢᠨ ᠪᠣᠢ ᠶᠠᠪᠤᠳᠠᠯ ᠶᠤᠮ᠃ ᠶᠡᠬᠡ ᠬᠠᠭᠠᠳ ᠲᠤᠰ ᠪᠦᠷᠢ ᠶ᠋ᠢᠨ ᠠᠯᠲᠠᠨ ᠤᠷᠤᠭ ᠦᠭᠡᠢᠯᠡᠭᠳᠡᠮᠦᠢ᠃ ᠴᠢᠩᠭᠢᠰ ᠬᠠᠭᠠᠨ ᠤ᠋ ᠦᠶ᠎ᠡ ᠳ᠋ᠡᠬᠢ ᠬᠡᠷᠡᠢᠳ ᠦ᠋ᠨ ᠲᠣᠭᠣᠷᠢᠯ ᠬᠠᠭᠠᠨ ᠤ᠋᠂ ᠮᠡᠷᠭᠡᠳ ᠦ᠋ᠨ ᠲᠣᠭᠲᠣᠬᠠ ᠬᠠᠭᠠᠨ ᠤ᠋᠂ ᠨᠠᠢ᠍ᠮᠠᠨ ᠤ᠋ ᠪᠣᠢᠷᠤᠭ ᠢᠨᠠᠴᠠ ᠪᠢᠯᠭᠡ᠂ ᠬᠠᠭᠠᠨ ᠨᠠᠷ ᠤ᠋ᠨ᠂ᠲᠠᠲ᠋ᠷ ᠣᠢᠷᠠᠳ᠁ ᠨᠠᠷ ᠤ᠋ᠨ ᠬᠠᠨ ᠳᠡᠭᠡᠳᠦᠰ ᠦ᠋ᠨ ᠠᠯᠲᠠᠨ ᠤᠷᠤᠭ ᠤ᠋ᠳ ᠤ᠋ᠨ ᠭᠣᠯᠣᠮᠲᠠ ᠠᠷᠴᠢᠭᠳᠠᠭ᠎ᠠ ᠦᠭᠡᠢ ᠨᠢ ᠮᠠᠭᠠᠳ᠃ ᠲᠡᠳᠡᠨ ᠦ᠌ ᠲᠠᠬᠢᠯᠭ᠎ᠠ ᠰᠦᠯᠳᠡ ᠶ᠋ᠢ ᠥᠷᠲᠡᠭᠡᠯᠡᠭᠰᠡᠳ ᠪᠠᠢᠭᠰᠠᠭᠠᠷ ᠪᠣᠢ ᠶ᠋ᠢᠨ ᠥᠩᠭᠡᠴᠡ ᠢᠯᠡᠷᠡᠯ ᠭᠡᠬᠦ ᠳ᠋ᠦ᠍ ᠮᠣᠳᠣ ᠶ᠋ᠢ ᠶᠠᠮᠠᠷ ᠴᠤ᠌ ᠲᠣᠬᠢᠶᠠᠯᠳᠤᠯ《ᠮᠣᠳᠣ》 ᠭᠡᠳᠡᠭ ᠦᠭᠡᠢ᠂ ᠲᠦᠯᠡᠭᠡ᠂ ᠳ᠋ᠦᠨᠵᠡ᠂ ᠭᠡᠷ ᠦ᠋ᠨ ᠶᠠᠰᠤ ᠡᠰᠡᠬᠦᠯ᠎ᠡ ᠬᠠᠷᠭᠠᠢ ᠶᠠᠷᠭᠠᠢ ᠭᠡᠬᠦ ᠮᠡᠲᠦ ᠪᠡᠷ ᠴᠡᠭᠡᠷᠯᠡᠨ ᠬᠡᠯᠡᠳᠡᠭ ᠬᠥᠮᠦᠰ ᠮᠣᠳᠣᠨ ᠬᠠᠭᠠᠨ ᠤ᠋ ᠤᠭ ᠲᠠᠢ ᠪᠠᠢᠵᠤ ᠮᠠᠭᠠᠳ᠃ ᠠᠳᠠᠭᠯᠠᠭᠠᠳ ᠲᠡᠳᠡᠨ ᠦ᠌ ᠠᠴᠢ ᠤᠳᠤᠮ᠁ ᠠᠯᠪᠠᠲᠤ ᠨᠠᠷ ᠳᠡᠭᠡᠷᠡᠬᠢ ᠬᠠᠭᠠᠳ ᠤ᠋ᠨ ᠣᠪᠣᠭ ᠤᠭᠰᠠᠭ᠎ᠠ ᠶ᠋ᠢ ᠵᠠᠯᠭᠠᠮᠵᠢᠯᠠᠭᠰᠠᠭᠠᠷ ᠪᠠᠰᠠ ᠲᠡᠮᠡᠴᠡᠭᠰᠡᠭᠡᠷ ᠢᠷᠡᠭᠰᠡᠨ ᠪᠥᠯᠥᠭᠡ᠃ ᠳᠡᠭᠦᠦ ᠨᠠᠷ ᠤ᠋ᠨ ᠰᠢᠭᠦᠮᠵᠢ ᠶᠠᠷᠢᠶ᠎ᠠ ᠶ᠋ᠢ ᠸᠠᠩ ᠬᠠᠨ ᠳ᠋ᠤ᠌ ᠠᠯᠲᠠᠨ ᠤᠱᠤᠭ ᠤ᠋ᠨ ᠡᠷᠭᠦᠭᠰᠡᠨ ᠬᠡᠪ ᠢ᠋ ᠵᠢᠭᠰᠢᠵᠦ《ᠠᠯᠲᠠᠨ ᠬᠣᠰᠢᠭᠤ ᠡᠷᠭᠦᠬᠦ》 ᠭᠡᠵᠦ ᠵᠦᠢᠷ ᠡᠭᠦᠰᠬᠡᠭᠰᠡᠨ ᠲᠡᠷᠡ ᠬᠥᠮᠦᠰ ᠶᠠᠮᠠᠷ ᠤᠳᠤᠮ ᠤ᠋ᠨ ᠬᠥᠮᠦᠰ ᠪᠣᠯ᠁?
ᠡᠨᠡ ᠨᠢ《ᠠᠯᠲᠠᠨ ᠤᠱᠤᠭ ᠡᠷᠭᠦᠬᠦ》 ᠭᠡᠰᠡᠨ ᠲᠡᠷᠡ ᠯᠠ ᠤᠳᠬ᠎ᠠ ᠪᠠᠷ ᠢ᠋ᠶ᠋ᠠᠨ ᠪᠠᠢᠨ᠎ᠠ᠃ ᠡᠨᠡ ᠪᠦᠬᠦᠨ ᠢ᠋ ᠳᠤᠷᠠᠳᠤᠭᠰᠠᠨ ᠨᠢ ᠴᠢᠩᠭᠢᠰ ᠬᠠᠭᠠᠨ ᠤ᠋ ᠲᠠᠯ᠎ᠠ ᠪᠠᠷ ᠡᠮᠵᠡᠭᠯᠡᠭᠰᠡᠨ ᠰᠠᠨᠠᠭ᠎ᠠ ᠪᠠᠢᠭ᠎ᠠ ᠶ᠋ᠢᠨ ᠢᠯᠡᠷᠡᠯ ᠪᠤᠰᠤ᠂《ᠭᠤᠷᠪᠠᠨ ᠣᠨᠣᠯ》᠂《ᠮᠣᠩᠭᠣᠯ ᠰᠡᠳᠬᠢᠯᠭᠡ ᠬᠡᠳᠦᠨ ᠮᠢᠩᠭᠠᠨ ᠵᠢᠯ ᠦ᠋ᠨ ᠥᠪ ᠲᠡᠢ》᠂《ᠮᠥᠩᠬᠡ ᠭᠠᠯ》 ᠰᠦᠯᠳᠡ ᠰᠢᠲᠦᠯᠭᠡ ᠡᠷᠲᠡ ᠪᠠᠯᠠᠷ ᠴᠠᠭ ᠤ᠋ᠨ ᠨᠠᠰᠤ ᠲᠠᠢ ᠪᠣᠯᠬᠤ ᠶ᠋ᠢ ᠵᠢᠱ᠌ᠢᠶᠡᠯᠡᠬᠦ ᠭᠡᠰᠡᠨ ᠬᠡᠷᠡᠭ ᠪᠢᠯᠡ᠃ ᠶᠡᠬᠡ ᠬᠠᠭᠠᠨ ᠤ᠋ ᠦᠶ᠎ᠡ ᠳ᠋ᠦ᠍《ᠮᠥᠩᠬᠡ ᠭᠠᠯ》 ᠦᠭᠡ ᠪᠡᠷ ᠢ᠋ᠶ᠋ᠡᠨ ᠠᠪᠢᠶ᠎ᠠ ᠥᠭᠡᠷ᠎ᠡ ᠴᠤ᠌ ᠠᠭᠤᠯᠭ᠎ᠠ ᠬᠡᠪ ᠢ᠋ᠶ᠋ᠡᠷ ᠠᠭᠰᠠᠨ ᠤ᠋ ᠴᠤᠬᠤᠰ ᠪᠠᠷᠢᠮᠲᠠ ᠳᠤᠷᠠᠳᠴᠤ ᠤᠯᠠᠮᠵᠢᠯᠠᠯᠲᠤ ᠤᠬᠠᠭᠠᠨ ᠤ᠋ ᠤᠯᠪᠠᠭ᠎ᠠ ᠶ᠋ᠢ ᠪᠡᠳᠡᠷᠢᠪᠡᠰᠦ᠂ ᠯᠦ᠍᠂《ᠠᠯᠲᠠᠨ ᠲᠣᠪᠴᠢ 》 ᠳ᠋ᠤ᠌《ᠥᠭᠡᠳᠡᠢ ᠬᠠᠭᠠᠨ ᠤ᠋ ᠬᠥᠪᠡᠭᠦᠨ ᠭᠦᠶᠦᠭ ᠬᠦᠯᠦᠭ ᠬᠠᠭᠠᠨ᠂ ᠲᠤᠯᠤᠢ ᠡᠵᠡᠨ ᠦ᠌ ᠬᠥᠪᠡᠭᠦᠨ ᠮᠥᠩᠬᠡ ᠬᠠᠭᠠᠨ᠂ ᠬᠤᠪᠢᠯᠠᠢ ᠬᠤᠪᠢᠯᠭᠠᠨ ᠰᠡᠴᠡᠨ ᠬᠠᠭᠠᠨ᠂ ᠠᠷᠢᠪᠤᠬᠠ ᠡᠵᠡᠨ ᠡᠳᠡ ᠪᠥᠯᠥᠭᠡ᠃ ᠶᠡᠬᠡ ᠭᠣᠯᠣᠮᠲᠠ ᠳ᠋ᠤ᠌ ᠲᠥᠪᠯᠡᠨ ᠳᠥᠴᠢᠨ ᠲᠦᠮᠡᠨ ᠮᠣᠩᠭᠣᠯ ᠤ᠋ᠨ ᠡᠵᠡᠨ ᠪᠣᠯᠤᠯ᠎ᠠ》 ᠬᠡᠮᠡᠵᠡᠢ᠃ ᠡᠨᠳᠡ ᠡᠴᠡ《ᠶᠡᠬᠡ ᠭᠣᠯᠣᠮᠲᠠ》 ᠳ᠋ᠤ᠌ ᠳᠥᠴᠢᠨ ᠲᠦᠮᠡᠨ ᠮᠣᠩᠭᠣᠯ ᠲᠥᠪᠯᠡᠨ ᠭᠡᠬᠦ ᠦᠭᠡ ᠰᠣᠨᠢᠷᠬᠠᠯ ᠲᠠᠢ ᠪᠥᠭᠡᠳ《ᠶᠡᠬᠡ ᠭᠣᠯᠣᠮᠲᠠ》 ᠨᠢ ᠡᠬᠡ ᠨᠤᠲᠤᠭ ᠤ᠋ᠨ ᠲᠥᠪ ᠭᠡᠰᠡᠨ ᠪᠤᠰᠤ᠂ ᠮᠥᠩᠬᠡ ᠭᠠᠯ ᠤ᠋ᠨ ᠭᠣᠯᠣᠮᠲᠠ ᠭᠡᠰᠡᠨ ᠭᠦᠨ ᠤᠬᠠᠭᠠᠨ ᠤ᠋ ᠤᠳᠬᠠᠲᠤ ᠭᠣᠯᠣᠮᠲᠠ ᠪᠥᠯᠥᠭᠡ᠃ ᠪᠠᠰᠠ ᠶᠡᠬᠡ ᠬᠠᠭᠠᠨ ᠢ᠋ ᠨᠠᠰᠤ ᠪᠠᠷᠠᠬᠤ ᠳ᠋ᠤ᠌ ᠰᠥᠨᠢᠳ ᠭᠢᠯᠦᠭᠡᠳᠡᠢ ᠪᠠᠭᠠᠲᠤᠷ
ᠬᠠᠮᠤᠭ ᠤ᠋ᠨ ᠮᠥᠩᠬᠡ ᠶ᠋ᠢ ᠲᠡᠨᠳᠡ ᠣᠷᠣᠰᠢᠭᠤᠯᠵᠤ(ᠮᠦ᠍ ᠨᠢ ᠳ᠋ᠦ᠍)
ᠬᠠᠭᠠᠨ ᠵᠠᠢᠰᠠᠩ ᠤ᠋ᠳ ᠤ᠋ᠨ ᠲᠤᠯᠭ᠎ᠠ ᠪᠣᠯᠤᠭᠠᠳ(ᠠ ᠳ᠋ᠤ᠌)
ᠬᠠᠮᠤᠭ ᠤᠯᠤᠰ ᠤ᠋ᠨ ᠰᠢᠲᠦᠭᠡᠨ ᠪᠣᠯᠤᠭᠠᠳ(ᠬᠣᠶᠠᠭᠤᠯᠠ ᠠᠳᠠᠯᠢ)᠁ ᠭᠡᠬᠦ ᠪᠥᠭᠡᠳ《ᠬᠠᠮᠤᠭ ᠤ᠋ᠨ ᠮᠥᠩᠬᠡ》 ᠶ᠋ᠢ ᠬᠠᠮᠤᠭ ᠨᠣᠶᠠᠳ ᠤ᠋ᠨ《ᠲᠤᠯᠭ᠎ᠠ》᠂ ᠬᠠᠮᠤᠭ ᠤᠯᠤᠰ ᠤ᠋ᠨ ᠰᠢᠲᠦᠭᠡᠨ ᠪᠣᠯᠤᠭᠠᠳ ᠭᠡᠰᠡᠨ ᠨᠢ ᠮᠥᠨ ᠯᠡ ᠮᠥᠩᠬᠡ ᠭᠠᠯ ᠤ᠋ᠨ ᠨᠢᠭᠤᠴᠠᠰ ᠲᠤ ᠪᠢᠲᠡᠭᠦᠦ ᠤᠳᠬ᠎ᠠ ᠪᠣᠯᠠᠢ᠃ ᠡᠨᠡᠴᠢᠯᠡᠨ ᠶᠡᠬᠡ ᠬᠠᠭᠠᠨ ᠸᠠᠩ ᠬᠠᠭᠠᠨ ᠬᠣᠶᠠᠷ ᠢ᠋ ᠡᠴᠢᠭᠡ ᠬᠦᠦ ᠬᠡᠮᠡᠯᠳᠦᠵᠦ ᠠᠮᠠᠷᠠᠭᠯᠠᠨ ᠶᠠᠪᠤᠬᠤ ᠳ᠋ᠤ᠌ ᠠᠢᠮᠠᠯᠵᠢᠨ ᠡᠮᠡᠭᠡᠨ《ᠤᠰᠤᠲᠤ ᠬᠣᠵᠤᠤᠯ᠎ᠠ ᠪᠠᠷ ᠭᠠᠯ ᠢ᠋ ᠰᠥᠨᠥᠭᠡᠶᠦ》 ᠭᠡᠰᠡᠨ ᠪᠣᠯ ᠣᠳᠴᠢᠬᠢᠨ ᠳ᠋ᠤ᠌ ᠳᠣᠩᠭᠣᠳᠲᠠᠢ ᠶ᠋ᠢᠨ ᠭᠤᠸ᠎ᠠ ᠰᠡᠴᠡᠨ
ᠬᠦᠢᠲᠡᠨ ᠬᠣᠵᠤᠤᠯ᠎ᠠ ᠪᠠᠷ
ᠭᠠᠯ ᠢ᠋ ᠬᠥᠨᠳᠡᠪᠡᠰᠦ
ᠬᠦᠷᠬᠢᠷᠡᠨ ᠪᠦᠬᠦᠢ
ᠭᠠᠯ ᠢ᠋ ᠰᠥᠨᠥᠭᠡᠶᠦ᠁
ᠤᠰᠤᠲᠤ ᠬᠣᠵᠤᠤᠯ᠎ᠠ ᠪᠠᠷ
ᠭᠠᠯ ᠢ᠋ ᠬᠥᠨᠳᠡᠪᠡᠰᠦ
ᠦᠷᠭᠢᠷᠡᠨ ᠪᠦᠬᠦᠢ
ᠭᠠᠯ ᠢ᠋ ᠰᠥᠨᠥᠭᠡᠶᠦ᠁ ᠭᠡᠰᠡᠨ ᠨᠢ ᠣᠳᠣ ᠴᠤ᠌ ᠨᠢᠭᠡ ᠯᠡ ᠪᠡᠯᠭᠡ ᠥᠬᠡᠢ ᠬᠦᠢᠲᠡᠨ ᠰᠣᠨᠣᠰᠤᠭᠳᠠᠬᠤ ᠨᠢ ᠪᠢᠳᠡᠨ ᠦ᠌ ᠤᠤᠭᠠᠯ ᠭᠦᠨ ᠤᠬᠠᠭᠠᠨ ᠤ᠋ ᠬᠥᠷᠥᠩᠭᠡ᠂ ᠡᠵᠡᠨ ᠴᠢᠩᠭᠢᠰ ᠦ᠋ᠨ ᠣᠨᠣᠯ ᠤ᠋ᠨ ᠤᠯᠠᠮᠵᠢᠯᠠᠯ ᠵᠢᠷᠦᠬᠡᠨ᠎ᠡ ᠣᠷᠣᠰᠢᠬᠤ ᠶ᠋ᠢᠨ ᠤᠪᠠᠳᠢᠰ ᠪᠣᠢ ᠊ᠶ᠎ᠠ᠃ ᠡᠨᠡ ᠦᠭᠡ ᠮᠡᠳᠡᠭᠡᠵᠢ ᠲᠦᠢᠮᠡᠷ᠂᠂᠂ ᠤᠨᠲᠠᠷᠠᠭᠠᠬᠤ ᠵᠢᠭᠠᠪᠤᠷᠢ ᠪᠢᠰᠢ ᠪᠢᠯᠡ ᠠ᠋᠃
————————
① ᠰᠦᠯᠡᠯᠳᠡᠵᠦ — ᠬᠠᠳᠬᠤᠨ ᠵᠠᠪᠰᠠᠷᠳᠠᠭᠤᠯᠬᠤ᠂ ᠬᠡᠷᠡᠭ ᠵᠠᠷᠭᠤ ᠰᠡᠳᠦᠬᠦ᠂ ᠡᠪ ᠨᠠᠢᠷ ᠡᠪᠳᠡᠬᠦ (ᠪᠠᠭᠤᠯᠠᠭᠠᠴᠢ)
② ᠠᠷᠠᠴᠠᠯᠳᠤᠵᠤ— ᠮᠠᠷᠭᠤᠯᠳᠤᠬᠤᠤ᠂ ᠮᠡᠳᠬᠡᠯᠴᠡᠬᠦ᠂ ᠬᠡᠷᠡᠯᠳᠦᠬᠦ (ᠪᠠᠭᠤᠯᠠᠭᠠᠴᠢ)
ᠦᠰᠦᠭ ᠠᠮᠢᠯᠠᠭᠤᠯᠤᠭᠰᠠᠨ ᠨᠢ᠄ ᠦᠯᠵᠡᠢᠪᠠᠭᠠᠲᠤᠷ᠂ ᠲᠣᠭᠳᠠᠭᠤᠨᠪᠠᠶᠠᠷ᠂ ᠪᠠᠶᠠᠨᠰᠡᠷᠡᠩ᠂ ᠲᠤᠶᠠᠭ᠎ᠠ᠂ ᠣᠳᠬᠠᠨᠰᠣ᠎ᠠ
ᠬᠢᠨᠠᠭᠴᠢ ᠪᠠᠭᠰᠢ ᠨᠢ᠄ ᠰᠡᠬᠡᠭᠡᠷᠡᠯ᠂ ᠣᠳᠬᠠᠨᠰᠣ᠎ᠠ
