ᠵᠢᠷᠭᠤᠭ᠎ᠠ᠂ ᠭᠤᠷᠪᠠᠯ ᠤ᠋ᠨ ᠣᠨᠣᠯ ᠮᠣᠩᠭᠣᠯ ᠤ᠋ᠨ ᠰᠤᠷᠪᠤᠯᠵᠢ ᠪᠢᠴᠢᠭ ᠦ᠋ᠳ ᠲᠦ᠍-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Хаанбуу
ᠵᠢᠷᠭᠤᠭ᠎ᠠ᠂ ᠭᠤᠷᠪᠠᠯ ᠤ᠋ᠨ ᠣᠨᠣᠯ ᠮᠣᠩᠭᠣᠯ ᠤ᠋ᠨ ᠰᠤᠷᠪᠤᠯᠵᠢ ᠪᠢᠴᠢᠭ ᠦ᠋ᠳ ᠲᠦ᠍
ᠳᠡᠯᠡᠬᠡᠢ ᠶ᠋ᠢᠨ ᠠᠩᠬᠠᠨ ᠤ᠋ ᠬᠠᠤᠯᠢ ᠭᠡᠮᠡᠨ ᠭᠧᠨᠧᠰ ᠦ᠋ᠨ ᠨᠣᠮ ᠳ᠋ᠤ᠌ ᠣᠷᠣᠭᠰᠠᠨ ᠠᠩᠭ᠌ᠯᠢ ᠶ᠋ᠢᠨ《ᠮᠠᠬᠠᠢ ᠬᠠᠷᠲ》 ᠠ᠋ᠴᠠ ᠳᠠᠷᠤᠢ9 ᠠᠬ᠎ᠠ ᠬᠠᠤᠯᠢ ᠮᠣᠩᠭᠣᠯ ᠤ᠋ᠨ《ᠶᠡᠬᠡ ᠵᠠᠰᠠᠭ》(ᠶᠡᠬᠡ ᠶᠣᠰᠣ) ᠪᠢᠯᠡ᠃《ᠶᠡᠬᠡ ᠵᠠᠰᠠᠭ》 ᠨᠢ ᠥᠪᠡᠷ ᠦ᠋ᠨ ᠦᠶ᠎ᠡ ᠡᠴᠡ ᠡᠮᠦᠨ᠎ᠡ2500 ᠰᠢᠬᠠᠮ ᠵᠢᠯ ᠮᠥᠷᠭᠥᠭᠳᠡᠵᠦ ᠪᠠᠢᠭᠰᠠᠨ ᠬᠡᠪ ᠬᠠᠤᠯᠢ ᠤ᠋ᠳ ᠤ᠋ᠨ ᠠᠮᠠᠨ ᠤᠯᠠᠮᠵᠢᠯᠠᠯ ᠢ᠋ ᠪᠢᠴᠢᠮᠡᠯ ᠪᠣᠯᠭᠠᠭᠰᠠᠨ ᠭᠠᠪᠢᠶ᠎ᠠ ᠲᠠᠢ ᠲᠤᠯᠠ1206 ᠣᠨ ᠳ᠋ᠤ᠌ ᠴᠣ ᠰᠢᠨ᠎ᠡ ᠪᠡᠷ ᠰᠠᠨᠠᠭᠠᠴᠢᠯᠠᠭᠰᠠᠨ ᠭᠡᠵᠦ ᠦᠵᠡᠬᠦ ᠦᠨᠳᠦᠰᠦ ᠦᠭᠡᠢ ᠪᠢᠯᠡ᠃ ᠲᠡᠭᠦᠨ ᠳ᠋ᠦ᠍《ᠵᠣᠳᠣᠭᠠᠨ ᠲᠡᠮᠡᠴᠡᠯᠳᠦᠭᠡᠨ ᠦ᠌ ᠬᠣᠭᠣᠷᠣᠨᠳᠣ ᠣᠷᠣᠭᠠᠳ ᠨᠢᠭᠡ ᠲᠠᠯ᠎ᠠ ᠳ᠋ᠤ᠌ ᠨᠢ ᠳᠠᠭᠠᠵᠤ ᠳᠡᠮᠵᠢᠭᠴᠢᠳ ᠢ᠋》 ᠬᠠᠤᠯᠢ ᠪᠠᠷ ᠴᠠᠭᠠᠵᠠᠯᠠᠬᠤ(ᠶᠠᠯᠠᠯᠠᠬᠤ) ᠵᠢᠭᠠᠯᠲᠠ ᠣᠷᠣᠭᠤᠯᠵᠤ ᠤᠯᠠᠮ ᠢ᠋ᠶ᠋ᠠᠷ《ᠭᠤᠷᠪᠠᠨ ᠬᠥᠮᠦᠨ ᠠᠮᠠ ᠠᠪᠤᠯᠴᠠᠨ ᠵᠥᠪᠰᠢᠶᠡᠷᠡᠭᠰᠡᠨ ᠬᠡᠷᠡᠭ ᠢ᠋ ᠬᠠᠮᠢᠭ᠎ᠠ ᠴᠦ᠍ ᠥᠭᠦᠯᠡᠵᠦ ᠪᠣᠯᠤᠨ᠎ᠠ᠃ ᠲᠡᠢᠮᠦ ᠪᠤᠰᠤ ᠪᠣᠯ ᠢᠲᠡᠭᠡᠵᠦ ᠦᠯᠦ ᠪᠣᠯᠤᠨ᠎ᠠ》 ᠭᠡᠮᠡᠨ ᠬᠠᠤᠯᠢᠴᠢᠯᠠᠭᠰᠠᠨ ᠨᠢ ᠠᠷᠠᠳ ᠲᠦᠮᠡᠨ ᠦ᠌ ᠡᠷᠲᠡ ᠳᠡᠭᠡᠳᠦ ᠶ᠋ᠢᠨ ᠬᠡᠪ ᠶᠡᠬᠡ ᠶᠣᠰᠣ ᠶ᠋ᠢ ᠬᠠᠤᠯᠢ ᠶ᠋ᠢᠨ ᠨᠣᠶᠠᠨ ᠨᠢᠷᠤᠭᠤ ᠪᠣᠯᠭᠠᠭᠰᠠᠨ ᠬᠡᠷᠡᠭ ᠪᠠᠢᠵᠠᠢ᠃ ᠬᠣᠶᠠᠷ ᠡᠲᠡᠭᠡᠳ ᠦ᠋ᠨ ᠲᠡᠮᠡᠴᠡᠯᠳᠦᠭᠡᠨ ᠳ᠋ᠦ᠍ ᠣᠷᠣᠨ᠎ᠠ ᠭᠡᠳᠡᠭ ᠭᠤᠷᠪᠠ ᠳ᠋ᠠᠬᠢ ᠬᠥᠮᠦᠨ ᠤᠬᠠᠭᠠᠨ ᠦᠭᠡᠢ ᠶ᠋ᠢᠨ ᠬᠢ ᠠᠵᠠᠢ᠃ ᠪᠠᠰᠠ ᠠᠯᠢᠪᠠ ᠨᠢᠭᠡᠨ ᠬᠥᠮᠦᠨ《ᠲᠡᠷᠡ ᠢᠩᠭᠢᠵᠦ ᠬᠡᠯᠡᠭᠰᠡᠨ》 ᠭᠡᠬᠦ ᠨᠢ ᠡᠰᠡᠷᠭᠦ ᠡᠲᠡᠭᠡᠳ ᠢ᠋ᠶ᠋ᠡᠨ ᠭᠦᠳᠬᠡᠭᠰᠡᠨ ᠴᠦ᠍ ᠪᠠᠢᠵᠤ ᠪᠣᠯᠬᠤ ᠲᠤᠯᠠ ᠭᠡᠷᠡᠴᠢ ᠪᠦᠬᠦᠢ ᠭᠤᠷᠪᠠᠨ ᠬᠥᠮᠦᠨ ᠦ᠌ ᠦᠭᠡ ᠦᠨᠡᠨ ᠪᠣᠯᠬᠤ ᠨᠢ ᠵᠠᠢᠯᠠᠪᠤᠷᠢ ᠦᠭᠡᠢ᠃ ᠸ· ᠷᠦᠪᠷᠦᠺ《ᠳᠣᠷᠣᠨ᠎ᠠ ᠡᠲᠡᠭᠡᠳ ᠲᠤ ᠵᠣᠷᠴᠢᠭᠰᠠᠨ ᠮᠢᠨᠢ》 ᠨᠣᠮ ᠳ᠋ᠠᠭᠠᠨ (1256 ᠣᠨ ᠳ᠋ᠤ᠌)《ᠡᠴᠢᠭᠡ ᠡᠬᠡ ᠨᠢ ᠦᠷ᠎ᠡ ᠬᠡᠦᠬᠡᠳ ᠦ᠋ᠨ ᠢ᠋ᠶ᠋ᠡᠨ ᠬᠡᠷᠡᠭᠦᠯ ᠳ᠋ᠦ᠍ ᠬᠥᠨᠳᠡᠯᠡᠨ ᠣᠷᠣᠯᠴᠠᠳᠠᠭ ᠦᠭᠡᠢ》 ᠭᠡᠮᠡᠨ ᠲᠡᠮᠳᠡᠭᠯᠡᠭᠰᠡᠨ ᠨᠢ ᠭᠤᠷᠪᠠᠯ ᠤ᠋ᠨ ᠣᠨᠣᠯ《ᠶᠡᠬᠡ ᠵᠠᠰᠠᠭ》 ᠬᠠᠤᠯᠢ ᠶ᠋ᠢᠨ ᠵᠢᠭᠠᠯᠲᠠ ᠠᠷᠠᠳ ᠣᠯᠠᠨ ᠤ᠋ ᠠᠬᠤᠢ ᠠᠮᠢᠳᠤᠷᠠᠯ ᠳ᠋ᠤ᠌ ᠪᠦᠷᠢᠨ ᠬᠡᠪᠰᠢᠭᠰᠡᠨ ᠪᠠᠢᠭᠰᠠᠨ ᠢ᠋ ᠪᠠᠲᠤᠯᠠᠨ᠎ᠠ᠃ ᠣᠳᠣ ᠦᠶ᠎ᠡ ᠳ᠋ᠦ᠍ ᠪᠢᠳᠡ ᠬᠦᠴᠦ ᠪᠡᠨ ᠨᠢᠭᠡᠳᠬᠡᠬᠦ ᠳ᠋ᠡᠭᠡᠨ《ᠨᠢᠭᠡ᠂᠂᠂᠂ ᠬᠣᠶᠠᠷ᠂᠂᠂᠂ ᠭᠤᠷᠪᠠ ᠠ᠋!》 ᠭᠡᠬᠦ ᠶᠦᠮ ᠤᠤ ᠠᠰᠠᠭᠤᠳᠠᠯ ᠨᠢᠭᠡᠳᠦᠭᠡᠷ ᠲᠦ᠍᠁ ᠬᠣᠶᠠᠷᠳᠤᠭᠠᠷ ᠲᠤ᠌᠁ ᠭᠤᠷᠪᠠᠳᠤᠭᠠᠷ ᠲᠤ᠌᠁ ᠭᠡᠮᠡᠨ ᠳ᠋ᠦᠩᠨᠡᠵᠦ ᠬᠡᠪᠰᠢᠭᠰᠡᠨ ᠲᠡᠢ ᠠᠭᠠᠷ ᠨᠢᠭᠡᠨ ᠳᠠᠳᠤᠯ ᠴᠤ᠌ ᠪᠠᠢᠵᠤ ᠪᠣᠯᠬᠤ ᠃ ᠲᠡᠢᠮᠦ ᠲᠣᠰᠤᠮ ᠢ᠋ᠶ᠋ᠠᠨ ᠭᠤᠷᠪᠠᠯ ᠤᠬᠠᠭᠠᠨ ᠤ᠋ ᠤᠳᠤᠮᠰᠢᠭᠰᠠᠨ ᠰᠤᠷᠭᠠᠭᠤᠯᠢ ᠭᠡᠯᠲᠡᠢ᠃ ᠬᠣᠪᠣᠷ ᠠᠩ ᠠᠮᠢᠲᠠᠨ ᠢ᠋ᠶ᠋ᠠᠨ ᠬᠠᠮᠠᠭᠠᠯᠠᠵᠤ ᠡᠷᠳᠡᠨᠢ ᠪᠠᠶᠠᠯᠢᠭ ᠢ᠋ᠶ᠋ᠠᠨ ᠭᠠᠳᠠᠭᠰᠢ ᠪᠠᠨ ᠬᠤᠳᠠᠯᠳᠤᠬᠤ ᠦᠭᠡᠢ ᠪᠠᠢᠬᠤ ᠬᠠᠤᠯᠢ ᠾᠦᠩᠨᠦ ᠭᠦᠷᠦᠨ ᠦ᠌ (ᠮᠠᠨ ᠤ᠋ ᠡᠷᠡᠨ ᠦ᠌209— ᠮᠠᠨ ᠤ᠋ ᠡᠷᠡᠨ ᠦ᠌ ᠬᠣᠶᠠᠳᠤᠭᠠᠷ ᠵᠠᠭᠤᠨ)᠂ ᠰᠦᠮᠪᠡ ᠭᠦᠷᠦᠨ ᠦ᠌ (ᠮᠠᠨ ᠤ᠋ ᠡᠷᠡᠨ ᠦ᠌2—4 ᠳ᠋ᠦ᠍ᠭᠡᠷ ᠵᠠᠭᠤᠨ) ᠦᠶ᠎ᠡ ᠦ᠋ᠳ ᠲᠦ᠍ ᠭᠠᠷᠭᠠᠵᠤ ᠪᠠᠢᠭᠰᠠᠨ ᠢ᠋ ᠲᠡᠦᠬᠡ ᠰᠤᠷᠪᠤᠯᠵᠢ ᠳ᠋ᠤ᠌ ᠲᠡᠮᠳᠡᠭᠯᠡᠭᠰᠡᠨ ᠪᠠᠢᠬᠤ ᠪᠥᠭᠡᠳ ᠲᠡᠦᠬᠡ ᠪᠡᠷ ᠦᠯᠦ ᠪᠠᠷᠠᠮ ᠨᠢᠷᠤᠭᠤᠨ ᠶᠣᠰᠣ ᠵᠢᠷᠤᠮ ᠭᠠᠷᠭᠠᠨ ᠮᠠᠨ ᠤ᠋ ᠡᠷᠡᠨ ᠦ᠌398 ᠣᠨ ᠳ᠋ᠤ᠌ ᠭᠠᠵᠠᠷ ᠢ᠋ᠶ᠋ᠠᠨ ᠬᠠᠮᠠᠭᠠᠯᠠᠵᠤ ᠶᠡᠬᠡ ᠵᠠᠮ ᠵᠠᠰᠠᠵᠤ ᠪᠠᠢᠭᠰᠠᠨ ᠢ᠋ ᠠ· ᠠᠮᠤᠷ ᠲᠡᠦᠬᠡᠴᠢ ᠲᠡᠮᠳᠡᠭᠯᠡᠭᠰᠡᠨ ᠪᠠᠢᠨ᠎ᠠ᠃ ᠭᠤᠷᠪᠠᠯ ᠤᠬᠠᠭᠠᠨᠲᠤ ᠮᠣᠩᠭᠣᠯᠴᠤᠳ ᠳᠡᠯᠡᠬᠡᠢ ᠳ᠋ᠦ᠍ ᠠᠩᠬᠠᠨ ᠤ᠋ ᠲᠥᠷᠥ ᠤᠯᠤᠰ ᠤ᠋ᠨ ᠨᠢᠭᠡ ᠶ᠋ᠢ ᠡᠢᠨᠬᠦ ᠪᠠᠢᠭᠤᠯᠵᠤ ᠳᠡᠯᠡᠬᠡᠢ ᠶ᠋ᠢᠨ ᠠᠩᠬᠠᠨ ᠤ᠋ ᠬᠠᠤᠯᠢ ᠴᠠᠭᠠᠵᠠ ᠶ᠋ᠢ ᠲᠣᠭᠲᠠᠭᠠᠨ ᠪᠠᠰᠠ ᠳᠡᠯᠡᠬᠡᠢ ᠳ᠋ᠦ᠍ ᠠᠩᠬ᠎ᠠ ᠤᠳᠠᠭ᠎ᠠ ᠵᠠᠬ᠎ᠠ ᠵᠡᠭᠡᠯᠢ ᠶ᠋ᠢᠨ ᠡᠳ᠋ ᠦ᠋ᠨ ᠵᠠᠰᠠᠭ ᠤ᠋ᠨ ᠦᠨᠳᠦᠰᠦ ᠲᠥᠭᠥᠷᠢᠭ ᠮᠥᠩᠭᠥᠨ ᠦ᠌ ᠬᠠᠷᠢᠯᠴᠠᠭ᠎ᠠ ᠶ᠋ᠢ ᠨᠡᠭᠡᠭᠡᠵᠦ᠂ ᠴᠡᠷᠢᠭ ᠦ᠋ᠨ ᠤᠬᠠᠭᠠᠨ ᠳ᠋ᠤ᠌ ᠨᠤᠮᠤ ᠰᠤᠮᠤ ᠲᠡᠳᠦᠢ ᠦᠭᠡᠢ ᠭᠠᠯᠲᠤ ᠵᠡᠪᠰᠡᠭ (ᠬᠢᠳᠠᠨ ᠭᠦᠷᠦᠨ ᠦ᠌ ᠦᠶ᠎ᠡ) ᠪᠦᠲᠦᠭᠡᠵᠦ ᠤᠯᠤᠰ ᠲᠥᠷᠥ᠂ ᠭᠠᠵᠠᠷ ᠣᠷᠣᠨ ᠬᠥᠮᠦᠨ ᠠᠷᠠᠳ ᠤ᠋ᠨ ᠢ᠋ᠶ᠋ᠠᠨ ᠠᠮᠢ ᠶ᠋ᠢ ᠬᠠᠮᠠᠭᠠᠯᠠᠵᠤ ᠪᠠᠰᠠ ᠳᠡᠯᠡᠬᠡᠢ ᠳ᠋ᠦ᠍ ᠠᠩᠬ᠎ᠠ ᠤᠳᠠᠭ᠎ᠠ ᠳ᠋ᠢᠫᠯᠣᠮᠠᠲ ᠠᠯᠪᠠ᠂ ᠡᠯᠴᠢ ᠲᠥᠯᠥᠭᠡᠯᠡᠭᠴᠢ ᠶ᠋ᠢᠨ ᠶᠣᠰᠣ ᠶ᠋ᠢ ᠨᠡᠭᠡᠭᠡᠵᠦ᠂《ᠶᠡᠬᠡ ᠵᠠᠰᠠᠭ》 ᠬᠠᠤᠯᠢ ᠪᠠᠷ ᠭᠠᠢᠯᠢ ᠶ᠋ᠢᠨ ᠪᠣᠯᠤᠨ ᠬᠤᠳᠠᠯᠳᠤᠭᠠᠨ ᠤ᠋ ᠳᠠᠷᠬᠠᠨ ᠡᠷᠬᠡ ᠶ᠋ᠢ ᠪᠠᠲᠤᠯᠠᠭᠠᠵᠢᠭᠤᠯᠵᠤ ᠪᠠᠢᠵᠠᠢ᠃ ᠪᠠᠢᠭᠠᠯᠢ ᠳᠡᠯᠡᠬᠡᠢ᠂ ᠲᠩᠷᠢ ᠶᠢᠷᠲᠢᠨᠴᠦ ᠶ᠋ᠢᠨ ᠠᠮᠢ ᠰᠢᠲᠦᠭᠰᠡᠨ ᠤᠳᠤᠮ ᠰᠤᠳᠤᠷ ᠤ᠋ᠨ ᠮᠠᠨᠢ ᠭᠤᠷᠪᠠᠯ ᠣᠢᠯᠠᠭᠠᠯᠲᠠ ᠳᠡᠭᠡᠷ᠎ᠡ ᠵᠢᠭᠠᠯᠲᠠ ᠶ᠋ᠢ ᠨᠢ ᠡᠰᠢᠯᠡᠭᠰᠡᠨ ᠶᠡᠬᠡ ᠵᠠᠰᠠᠭ (1206) ᠬᠠᠤᠯᠢ ᠠ᠋ᠴᠠ ᠭᠠᠳᠠᠨ᠎ᠠ᠂《ᠮᠣᠩᠭᠣᠯ ᠤ᠋ᠨ ᠨᠢᠭᠤᠴᠠ ᠲᠣᠪᠴᠢᠶᠠᠨ》 (1206) ᠮᠥᠨ ᠶᠤᠸᠠᠨ ᠱᠢ (ᠶᠤᠸᠠᠨ ᠤᠯᠤᠰ ᠤ᠋ᠨ ᠲᠡᠦᠬᠡ ᠬᠠᠤᠯᠢ ᠴᠠᠭᠠᠵᠠ) ᠭᠡᠬᠦ ᠭᠤᠷᠪᠠᠯ ᠳ᠋ᠤ᠌ ᠪᠢᠴᠢᠭ ᠦ᠋ᠨ ᠴᠠᠭᠠᠵᠠ ᠪᠣᠯᠤᠨ ᠲᠣᠳᠣ ᠦᠯᠡᠳᠡᠭᠰᠡᠨ ᠪᠠᠢᠨ᠎ᠠ᠃ ᠵᠥᠪᠬᠡᠨ ᠮᠣᠩᠭᠣᠯ ᠤ᠋ᠨ ᠨᠢᠭᠤᠴᠠ ᠲᠣᠪᠴᠢᠶᠠᠨ ᠳ᠋ᠤ᠌ ᠭᠡᠬᠦ ᠳ᠋ᠦ᠍ ᠲᠣᠭᠠᠨ ᠤ᠋ ᠨᠡᠷ᠎ᠡ ᠭᠤᠷᠪᠠ ᠭᠤᠷᠪᠠᠭᠤᠯᠠ᠂ ᠭᠤᠷᠪᠠᠨ ᠭᠡᠰᠡᠨ ᠦᠭᠡ ᠳᠡᠢᠯᠦᠩᠬᠡᠢ ᠪᠥᠭᠡᠳ ᠲᠣᠪᠴᠢᠯᠠᠨ ᠳᠤᠷᠠᠳᠪᠠᠰᠤ᠄ ᠤᠨᠤᠨ᠂ ᠬᠡᠷᠦᠯᠦᠨ᠂ ᠲᠤᠤᠯᠠ ᠭᠤᠷᠪᠠᠨ ᠭᠣᠣᠯ᠂ ᠥᠭᠡᠯᠦᠨ ᠦᠵᠢᠨ ᠢ᠋ ᠣᠯᠵᠠᠯᠠᠪᠠ᠃ ᠲᠡᠮᠦᠵᠢᠨ ᠰᠢᠭᠤᠢ ᠳ᠋ᠤ᠌ ᠭᠤᠷᠪᠠ ᠬᠣᠨᠣᠵᠤ ᠭᠡᠬᠦ ᠶᠦᠮ ᠤᠤ ᠭᠤᠷᠪᠠᠨ ᠡᠳᠦᠷ ᠭᠤᠷᠪᠠᠨ ᠰᠥᠨᠢ ᠶᠠᠪᠤᠵᠤ ᠲᠡᠮᠦᠵᠢᠨ ᠬᠠᠰᠠᠷ ᠪᠡᠯᠭᠦᠳᠡᠢ ᠭᠤᠷᠪᠠᠭᠤᠯᠠ ᠶᠠᠪᠤᠵᠤ ᠴᠢᠩᠭᠢᠰ᠂ ᠸᠠᠩ ᠬᠠᠭᠠᠨ᠂ ᠵᠠᠮᠤᠬ᠎ᠠ ᠭᠤᠷᠪᠠ᠂ ᠭᠤᠷᠪᠠ ᠬᠣᠨᠣᠭ ᠬᠦᠯᠢᠶᠡᠵᠡᠢ᠃ ᠴᠢᠩᠭᠢᠰ ᠭᠤᠷᠪᠠᠨ ᠲᠦᠮᠡᠨ ᠴᠡᠷᠢᠭ ᠢ᠋ ᠠᠪᠴᠤ᠂ ᠮᠠᠩᠯᠠᠢ ᠶ᠋ᠢᠨ ᠭᠤᠷᠪᠠᠨ ᠴᠡᠷᠢᠭ᠂ ᠶᠢᠰᠦᠨ ᠥᠷᠯᠥᠭ᠂᠂ ᠵᠢᠷᠭᠤᠭᠠᠨ ᠰᠠᠢᠳ᠂ ᠶᠢᠰᠦᠨ ᠰᠠᠢᠳ ᠮᠢᠨᠢ ᠭᠤᠷᠪᠠ ᠭᠤᠷᠪᠠ ᠪᠠᠷ ᠢ᠋ᠶ᠋ᠠᠨ ᠭᠤᠷᠪᠠᠨ ᠬᠡᠰᠡᠭ ᠪᠣᠯᠵᠤ ᠶᠠᠪᠤ᠂ ᠴᠢᠩᠭᠢᠰ ᠬᠠᠭᠠᠨ ᠭᠤᠷᠪᠠᠨᠲᠠ ᠠᠮᠠᠷᠠᠨ ᠰᠠᠭᠤᠵᠤ ᠭᠤᠷᠪᠠᠨᠲᠠ ᠮᠥᠷᠭᠥᠪᠡ᠂ ᠴᠢᠩᠭᠢᠰ᠂ ᠵᠠᠯᠮ᠎ᠠ ᠳ᠋ᠤ᠌ ᠭᠤᠷᠪᠠᠨ ᠠᠴᠢ ᠶ᠋ᠢ ᠴᠢᠨᠢ ᠮᠠᠷᠲᠠᠬᠤ ᠦᠭᠡᠢ ᠭᠡᠪᠡ᠂ ᠴᠢᠩᠭᠢᠰ ᠬᠠᠭᠠᠨ ᠭᠤᠷᠪᠠᠨ ᠳᠠᠷᠬᠠᠨ᠂ ᠭᠤᠷᠪᠠᠨ ᠠᠳᠤᠭᠤᠴᠢ᠂ ᠭᠤᠷᠪᠠᠨ ᠰᠢᠯᠲᠦᠴᠢ᠂ ᠭᠤᠷᠪᠠᠨ ᠲᠣᠭᠣᠭᠠᠴᠢ ᠲᠠᠢ ᠪᠠᠢᠪᠠ ᠭᠡᠬᠦᠴᠢᠯᠡᠨ ᠭᠤᠷᠪᠠᠯ ᠢ᠋ᠶ᠋ᠠᠷ ᠳᠦᠭᠦᠷᠡᠩ ᠠᠭᠠᠳ ᠡᠨᠡ ᠪᠦᠬᠦᠨ ᠲᠣᠬᠢᠶᠠᠯᠳᠤᠯ ᠪᠢᠰᠢ᠃ ᠬᠡᠪᠰᠢᠯ ᠲᠡᠳᠦᠢ ᠦᠭᠡᠢ ᠭᠤᠷᠪᠠᠭᠤᠯᠠ ᠭᠡᠰᠡᠨ ᠪᠦᠭᠦᠳᠡ ᠨᠢ ᠰᠠᠢᠨ ᠦᠢᠯᠡ ᠵᠥᠪ ᠬᠡᠷᠡᠭ ᠦ᠋ᠨ ᠪᠡᠯᠭᠡ ᠲᠡᠢ ᠪᠠᠢᠭ᠎ᠠ ᠶ᠋ᠢ ᠬᠠᠷᠠᠵᠤ ᠪᠣᠯᠤᠨ᠎ᠠ᠃ ᠬᠠᠭᠠᠨ ᠡᠷᠭᠦᠮᠵᠢᠯᠡᠬᠦ ᠶᠣᠰᠣᠯᠠᠯ ᠵᠡᠷᠭᠡ ᠲᠥᠷᠥ ᠶ᠋ᠢᠨ ᠪᠡᠯᠭᠡᠳᠡᠯ ᠦ᠋ᠨ ᠵᠠᠩ ᠵᠠᠩᠰᠢᠯ ᠪᠦᠬᠦᠨ ᠭᠤᠷᠪᠠ ᠬᠢᠭᠡᠳ ᠶᠢᠰᠦ ᠶ᠋ᠢᠨ ᠪᠡᠯᠭᠡ ᠴᠣᠭᠴᠠᠯᠠᠭᠰᠠᠨ ᠠᠭᠠᠳ ᠲᠣᠭᠠᠨ ᠤ᠋ ᠨᠡᠷ᠎ᠡ ᠡᠴᠡ ᠬᠥᠮᠦᠨ ᠦ᠌ ᠨᠡᠷ᠎ᠡ ᠳ᠋ᠦ᠍ ᠬᠤᠪᠢᠯᠤᠭᠰᠠᠨ ᠨᠢ ᠶᠣᠰᠣ (ᠶᠢᠰᠦᠭᠡᠢ᠂ ᠶᠢᠰᠦᠢ ᠶᠢᠰᠦᠬᠡᠨ᠂ ᠶᠢᠰᠦᠲᠡᠢ᠂ ᠶᠢᠰᠦᠲᠡᠷ᠂ ᠶᠢᠰᠦᠪᠡᠢ ᠭᠡᠬᠦ ᠮᠡᠲᠦ᠁) ᠪᠣᠯᠤᠨ᠎ᠠ᠃ ᠮᠣᠩᠭᠣᠯ ᠳ᠋ᠤ᠌ (ᠶᠠᠰᠤᠲᠠᠨ) ᠪᠣᠢ ᠪᠥᠭᠡᠳ ᠲᠩᠷᠢ ᠢᠵᠠᠭᠤᠷᠲᠤ ᠠᠯᠲᠠᠨ ᠤᠷᠤᠭ ᠤ᠋ᠨ ᠬᠢᠨ ᠴᠠᠭᠠᠨ ᠶᠠᠰᠤᠲᠠᠨ ᠪᠣᠯᠤᠨ᠎ᠠ᠃ ᠡᠨᠡ ᠤᠳᠤᠮ ᠤ᠋ᠨ ᠬᠢᠨ ᠪᠣᠯᠤᠨ ᠲᠥᠷᠥ ᠤᠯᠤᠰ ᠤ᠋ᠨ ᠪᠢᠰᠢᠷᠡᠯ ᠨᠢ ᠮᠥᠩᠬᠡ ᠲᠩᠷᠢ ᠶᠦᠮ᠃ ᠢᠵᠠᠭᠤᠷ ᠤᠭᠰᠠᠭ᠎ᠠ ᠦᠭᠡᠢ ᠨᠢ ᠬᠠᠷ᠎ᠠ ᠶᠠᠰᠤᠲᠠᠨ ᠪᠤᠶᠤ ᠬᠠᠷᠠᠴᠤ ᠠᠪᠠᠢ᠃ ᠬᠠᠷᠢᠨ ᠤᠯᠤᠰ᠂ ᠠᠢᠮᠠᠭ᠂ ᠣᠪᠣᠭ᠂ ᠠᠢᠯ ᠪᠦᠷᠢ ᠶ᠋ᠢᠨ ᠭᠣᠯᠣᠮᠲᠠ ᠶ᠋ᠢᠨ ᠰᠢᠲᠦᠭᠡᠨ ᠨᠢ ᠮᠥᠩᠬᠡ ᠭᠠᠯ᠂ ᠬᠤᠪᠢ ᠬᠥᠮᠦᠨ ᠪᠦᠬᠦᠨ ᠦ᠌ ᠠᠮᠢᠨ ᠰᠢᠲᠦᠭᠡᠨ ᠨᠢ ᠮᠥᠩᠬᠡ ᠨᠠᠰᠤᠨ ᠤ᠋ ᠪᠡᠯᠭᠡ ᠢᠷᠦᠭᠡᠯ ᠪᠣᠯᠤᠨ᠎ᠠ᠃
《ᠮᠥᠩᠬᠡ ᠲᠩᠷᠢ— ᠮᠥᠩᠬᠡ ᠭᠠᠯ— ᠮᠥᠩᠬᠡ ᠠᠮᠢ》 ᠢᠷᠦᠭᠡᠯ ᠪᠡᠯᠭᠡ ᠳᠤᠮᠳᠠ ᠠ᠋ᠴᠠ ᠲᠩᠷᠢ ᠨᠢ ᠶᠢᠷᠲᠢᠨᠴᠦ ᠶ᠋ᠢᠨ ᠭᠠᠯ ᠨᠢ ᠣᠪᠣᠭ ᠦᠨᠳᠦᠰᠦᠲᠡᠨ ᠦ᠌᠂ ᠠᠮᠢ ᠨᠢ ᠪᠠᠢᠭᠠᠯᠢ ᠶ᠋ᠢᠨ ᠤᠳᠬ᠎ᠠ ᠲᠠᠢ ᠠᠵᠠᠢ᠃ ᠮᠥᠩᠬᠡ ᠭᠠᠯ ᠪᠡᠯᠭᠡᠳᠡᠯ ᠤᠳᠬ᠎ᠠ ᠠ᠋ᠴᠠ ᠮᠣᠩᠭᠣᠯ ᠭᠡᠳᠡᠭ ᠨᠡᠷ᠎ᠡ ᠡᠭᠦᠰᠦᠭᠰᠡᠨ ᠪᠠᠢᠵᠤ ᠪᠣᠯᠤᠨ᠎ᠠ᠃ ᠬᠠᠮᠢᠭ᠎ᠠ ᠨᠢᠭᠡ ᠭᠠᠵᠠᠷ ᠪᠣᠢ ᠮᠤᠩ— ᠠᠭᠤᠯᠠ ᠶ᠋ᠢᠨ ᠨᠡᠷ᠎ᠡ ᠪᠡᠷ ᠤᠨᠤᠨ ᠬᠡᠷᠦᠯᠦᠨ ᠲᠤᠤᠯᠠ ᠣᠷᠴᠢᠮ ᠤ᠋ᠨ ᠠᠢᠮᠠᠭ ᠤ᠋ᠳ ᠨᠢᠭᠡᠳᠦᠭᠰᠡᠨ᠁ ᠭᠡᠬᠦ ᠮᠡᠲᠦ ᠲᠠᠭᠠᠮᠠᠭᠯᠠᠯ ᠤ᠋ᠳ ᠨᠢ ᠪᠢᠯᠢᠭ ᠲᠡᠭᠦᠰ ᠡᠪᠦᠭᠡᠳ ᠦ᠋ᠨ ᠪᠡᠯᠭᠡ ᠶᠣᠰᠣ ᠭᠤᠷᠪᠠᠯ ᠰᠡᠳᠬᠢᠯᠭᠡᠨ ᠡᠴᠡ ᠳᠡᠩᠳᠡᠭᠦᠦ ᠬᠣᠯᠠ ᠪᠢᠴᠢᠬᠠᠨ ᠮᠤᠬᠤᠷᠳᠠᠯ ᠶᠤᠮ᠃ ᠮᠥᠩᠬᠡ ᠭᠠᠯ ᠭᠡᠬᠦ ᠰᠦᠯᠳᠡ ᠦᠭᠡᠢ ᠶ᠋ᠢᠨ ᠬᠠᠪᠰᠤᠷᠤᠯ ᠨᠢ ᠨᠢᠭᠡ ᠡᠬᠡᠰᠢᠭ ᠦ᠋ᠨ ᠪᠤᠰᠤ᠂ ᠪᠠᠰᠠ ᠳᠠᠩ ᠡᠷ᠎ᠡ ᠡᠰᠡᠬᠦᠯ᠎ᠡ ᠡᠮ᠎ᠡ ᠦᠭᠡᠢ ᠶ᠋ᠢᠨ ᠨᠡᠢᠯᠡᠮᠵᠢ ᠪᠤᠰᠤ ᠨᠢ ᠢᠯᠡᠳᠲᠡ ᠪᠠᠢᠨ᠎ᠠ᠃ ᠡᠢᠮᠦ ᠡᠴᠡ ᠡᠮ᠎ᠡ ᠦᠭᠡ《ᠮᠥᠩᠬᠡ》 ᠶ᠋ᠢᠨ《ᠦ》᠂ ᠡᠷ᠎ᠡ ᠦᠭᠡ《ᠭᠠᠯ 》 ᠤ᠋ᠨ《ᠠ》 ᠡᠭᠡᠰᠢᠭ ᠦ᠋ᠳ《ᠦ》 ᠪᠠᠢᠳᠠᠯ ᠢ᠋ᠶ᠋ᠠᠷ ᠠᠪᠢᠶ᠎ᠠ ᠰᠡᠯᠭᠦᠨ ᠳᠠᠭᠤᠳᠠᠭᠳᠠᠬᠤ ᠮᠥᠩᠬᠡ ᠭᠠᠯ ᠪᠤᠰᠤ ᠮᠣᠩᠭᠣᠯ ᠭᠡᠵᠦ ᠬᠡᠯᠡᠬᠦ ᠤᠷᠤᠰᠬᠠᠯ ᠳ᠋ᠤ᠌ ᠠᠪᠢᠶ᠎ᠠ ᠣᠨᠳᠣᠣᠰᠢᠨ ᠳᠠᠭᠤᠳᠠᠭᠳᠠᠬᠤ ᠨᠢ ᠪᠠᠰᠠ ᠮᠡᠳᠡᠭᠡᠵᠢ ᠪᠠᠢᠨ᠎ᠠ᠃ ᠡᠯ᠎ᠡ ᠬᠣᠶᠠᠷ ᠦᠭᠡ ᠠᠳᠠᠯᠢᠬᠠᠨ ᠦᠭᠡ ᠶ᠋ᠢᠨ ᠡᠬᠢᠨ ᠨᠢ《ᠡᠩᠬᠡ 》 ᠡᠩᠬᠡᠯᠢᠭ ᠲᠡᠢ ᠪᠠᠢᠬᠤ ᠪᠥᠭᠡᠳ《ᠮᠥᠩᠬᠡ 》 ᠶ᠋ᠢᠨ《ᠬ᠌》 ᠭᠡᠢᠭᠦᠯᠦᠭᠴᠢ ᠨᠢ《ᠭᠠᠯ》 ᠭᠡᠳᠡᠭ ᠦᠭᠡ ᠶ᠋ᠢᠨ ᠡᠬᠢᠨ ᠦ᠌《ᠬ᠌》 ᠭᠡᠢᠭᠦᠯᠦᠭᠴᠢ ᠳᠠᠪᠬᠤᠴᠠᠭᠰᠠᠨ ᠠ᠋ᠴᠠ ᠤᠭ《ᠬ᠌》 ᠪᠠᠯᠠᠷᠠᠵᠤ ᠭᠡᠭᠡᠭᠳᠡᠭᠰᠡᠨ ᠭᠡᠵᠦ ᠦᠵᠡᠬᠦ ᠦᠨᠳᠦᠰᠦ ᠴᠦ᠍ ᠬᠠᠷᠠᠭᠳᠠᠨ᠎ᠠ᠃ ᠸ᠂ ᠷᠦᠪᠷᠦᠺ《ᠮᠣᠣᠯ》 ᠭᠡᠵᠦ ᠪᠢᠴᠢᠭᠰᠡᠨ ᠨᠢ ᠮᠣᠩᠭᠣᠯ ᠭᠡᠬᠦ ᠨᠢᠭᠡ ᠡᠭᠡᠰᠢᠭ ᠲᠡᠢ ᠦᠭᠡ ᠶ᠋ᠢᠨ ᠬᠤᠪᠢᠯᠪᠤᠷᠢ ᠶᠠᠭᠠᠬᠢᠪᠠᠴᠤ ᠪᠢᠰᠢ ᠨᠢ ᠲᠣᠳᠣᠷᠬᠠᠢ ᠠᠵᠠᠢ᠃ ᠭᠠᠭᠴᠠ《ᠣ》 ᠡᠬᠡᠰᠢᠭ ᠲᠡᠢ ᠬᠣᠶᠠᠷ ᠦᠶ᠎ᠡ ᠶ᠋ᠢᠨ《ᠩ》 ᠡᠩᠬᠡᠯᠢᠭ ᠪᠣᠯᠤᠭᠠᠳ《ᠬ᠌》 ᠭᠡᠢᠭᠦᠯᠦᠭᠴᠢ ᠨᠡᠩ ᠲᠣᠳᠣ ᠰᠣᠳᠣᠨ ᠰᠣᠨᠣᠰᠳᠠᠬᠤ ᠶᠣᠰᠣᠲᠠᠢ᠃ ᠲᠡᠭᠡᠪᠡᠯ《ᠮᠥᠩᠬᠡ ᠭᠠᠯ》 ᠤ᠋ᠨ《ᠩ+ ᠬ᠌》 ᠭᠤᠷᠪᠠᠨ ᠭᠡᠢᠭᠦᠯᠦᠭᠴᠢ ᠨᠢᠭᠡᠳᠬᠦ ᠳ᠋ᠡᠭᠡᠨ ᠭᠤᠷᠪᠠᠭᠤᠯᠠ ᠪᠠᠯᠠᠷᠬᠠᠢ ᠰᠣᠨᠣᠰᠳᠠᠬᠤ ᠨᠥᠬᠥᠴᠡᠯ ᠴᠦ᠍ ᠪᠦᠷᠢᠨ ᠢᠯᠡᠷᠡᠨ᠎ᠡ᠃ ᠡᠢᠮᠦ ᠳ᠋ᠦ᠍《ᠮᠥᠩᠬᠡ ᠭᠠᠯ》 ᠨᠢ ᠮᠤᠤᠯ ᠭᠡᠵᠦ ᠬᠠᠷᠢ ᠬᠡᠯᠡᠨ ᠦ᠌ ᠲᠡᠷᠡ ᠬᠥᠮᠦᠨ ᠳ᠋ᠦ᠍ ᠲᠡᠮᠳᠡᠭᠯᠡᠭᠳᠡᠬᠦ ᠳ᠋ᠦ᠍ ᠶᠠᠰᠤᠲᠠᠨ ᠨᠢ ᠤᠭ ᠲᠠᠭᠠᠨ ᠮᠣᠩᠭᠣᠯ ᠮᠥᠨ ᠭᠡᠵᠦ ᠡᠷᠳᠡᠮᠲᠡᠨ ᠠ ᠠᠮᠤᠷ ᠭᠤᠸᠠᠢ ᠲᠡᠮᠳᠡᠭᠯᠡᠵᠦ《ᠦᠨᠳᠦᠰᠦ ᠤᠳᠤᠮ ᠤ᠋ᠨ ᠡᠬᠡ》 ᠭᠡᠵᠦ ᠪᠢᠴᠢᠭᠰᠡᠨ ᠪᠣᠢ᠂ ᠮᠠᠩᠬ᠎ᠠ《ᠮᠥᠩᠬᠡ》 ᠠᠪᠢᠶ᠎ᠠ ᠨᠢ ᠭᠠᠯ ᠲᠠᠢ ᠭᠡᠳᠡᠭ ᠲᠤ ᠮᠥᠩᠬᠡ ᠨᠢ《ᠮᠣᠤ》᠂《ᠭᠠᠯ》 ᠨᠢ ᠬᠡᠪ ᠢ᠋ᠶ᠋ᠡᠷ ᠢ᠋ᠶ᠋ᠡᠨ ᠪᠠᠢᠭ᠎ᠠ ᠶ᠋ᠢ ᠠᠵᠢᠭᠲᠤᠨ! ᠮᠥᠨ ᠮᠣᠩᠭᠣᠯ ᠭᠡᠵᠦ ᠪᠢᠳᠡᠨ ᠦ᠌ ᠬᠡᠯᠡᠵᠦ ᠪᠣᠢ ᠡᠨᠡ ᠨᠡᠷ᠎ᠡ ᠶ᠋ᠢ ᠨᠠᠩᠭᠢᠶᠠᠳ ᠰᠤᠳᠤᠷ ᠪᠢᠴᠢᠭ ᠵᠡᠷᠭᠡ ᠳ᠋ᠦ᠍ ᠨᠡᠷᠡᠯᠡᠬᠦ ᠳ᠋ᠡᠭᠡᠨ《ᠮᠧᠩᠬᠥ᠋》 ᠪᠠᠰᠠ《ᠮᠠᠩᠭᠣ᠋》 ᠭᠡᠰᠡᠨ ᠨᠢ ᠮᠧᠩᠭᠥ᠋— ᠮᠥᠩᠬᠡ᠂ ᠮᠠᠩᠭᠣ᠋ (ᠮᠥᠩᠬᠡ ᠭᠠᠯ) ᠳᠠᠭᠤᠳᠠᠯᠭ᠎ᠠ ᠶᠠᠭᠠᠬᠢᠯᠲᠠ ᠦᠭᠡᠢ ᠮᠥᠨ᠃ ᠫᠯᠠᠨᠣ᠋᠂ ᠻᠡᠷᠫᠢᠨᠢ᠂ ᠮᠥᠩᠬᠡ ᠬᠠᠭᠠᠨ ᠢ᠋ ᠮᠠᠩᠭᠤ᠊ ᠭᠡᠵᠦ ᠪᠢᠴᠢᠭᠰᠡᠨ ᠪᠠᠢᠳᠠᠭ ᠲᠠᠢ ᠨᠠᠩᠭᠢᠶᠠᠳ (ᠬᠢᠲᠠᠳ) ᠰᠤᠳᠤᠷ ᠪᠢᠴᠢᠭ ᠦ᠋ᠨ ᠭᠠᠯᠢᠭ ᠲᠠᠭᠠᠷᠠᠵᠤ ᠪᠠᠢᠨ᠎ᠠ᠃ ᠬᠠᠷᠢᠨ ᠺᠠᠷᠫᠢᠨᠢ ᠮᠥᠩᠬᠡ ᠭᠠᠯ ᠭᠡᠳᠡᠭ ᠦᠭᠡ ᠶ᠋ᠢ ᠸ᠊᠂ ᠷᠦᠪᠷᠦᠢ᠍ᠺ ᠲᠡᠢ ᠠᠳᠠᠯᠢ ᠮᠣᠣᠯ ᠭᠡᠵᠦ ᠪᠢᠴᠢᠭᠰᠡᠨ ᠨᠢ ᠬᠠᠷᠠᠭᠳᠠᠨ᠎ᠠ᠃ ᠮᠥᠨ ᠡᠷᠳᠡᠮᠲᠡᠨ ᠰᠤᠮᠢᠶᠠᠪᠠᠭᠠᠲᠤᠷ ᠤ᠋ᠨ ᠰᠤᠳᠤᠯᠭ᠎ᠠ ᠪᠠᠷ ᠮᠠᠨ ᠤ᠋ ᠡᠷᠡᠨ ᠦ᠌ ᠡᠮᠦᠨ᠎ᠡ ᠭᠤᠴᠢᠭᠠᠳ ᠣᠨ ᠤ᠋ ᠦᠶ᠎ᠡ ᠳ᠋ᠦ᠍ ᠰᠣᠯᠣᠩᠭᠣᠰ ᠤ᠋ᠨ ᠺᠤᠺᠦᠢ᠍ᠷᠢᠦ᠋ ᠶ᠋ᠢᠨ ᠲᠡᠮᠳᠡᠭᠯᠡᠯ ᠳ᠋ᠦ᠍ ᠮᠦᠭᠣᠯ ᠮᠥᠩᠭᠣ ᠭᠡᠵᠦ ᠪᠢᠴᠢᠭᠰᠡᠨ ᠲᠤᠬᠠᠢ ᠮᠡᠳᠡᠭᠡ ᠪᠠᠢᠳᠠᠭ᠃ ᠡᠨᠳᠡ ᠨᠢᠭᠡᠳᠦᠭᠡᠷ ᠦᠶ᠎ᠡ ᠶ᠋ᠢᠨ《ᠮᠦ᠍》 ᠪᠣᠯᠤᠨ ᠬᠣᠶᠠᠳᠤᠭᠠᠷ ᠦᠶ᠎ᠡ ᠶ᠋ᠢᠨ ᠬᠣᠣᠰ《ᠭ᠌᠊ᠭ᠌᠊》 ᠭᠡᠢᠭᠦᠯᠦᠭᠴᠢ ᠰᠣᠨᠢᠷᠬᠠᠯ ᠲᠠᠲᠠᠨ᠎ᠠ᠃ ᠡᠮᠦᠨᠡᠬᠢ ᠦᠶ᠎ᠡ ᠨᠢ ᠨᠢᠭᠡᠨᠲᠡ ᠮᠦ᠍ (ᠮᠥᠩᠬᠡ) ᠭᠡᠵᠦ《ᠦ》 ᠡᠭᠡᠰᠢᠭ ᠲᠡᠢ ᠪᠠᠢᠭ᠎ᠠ ᠲᠣᠬᠢᠶᠠᠯᠳᠤᠯ ᠳ᠋ᠤ᠌《ᠭᠠᠯ》 ᠨᠢ ᠭᠣ᠊ ᠪᠤᠶᠤ ᠭᠣᠣᠯ ᠭᠡᠵᠦ ᠳᠠᠭᠤᠳᠠᠭᠳᠠᠬᠤ ᠡᠮᠦᠨᠡᠬᠢ ᠵᠢᠱ᠌ᠢᠶ᠎ᠡ ᠪᠡᠷ ᠲᠠᠢᠯᠪᠤᠷᠢᠯᠠᠭᠳᠠᠨᠠ᠃ ᠬᠠᠷᠢᠨ ᠡᠨᠳᠡ《ᠬᠡ ᠭ᠌᠊》 ᠬᠣᠶᠠᠷ ᠭᠡᠢᠭᠦᠯᠦᠭᠴᠢ ᠬᠣᠣᠰ《ᠭᠭ᠌᠊》 ᠪᠣᠯᠤᠨ ᠪᠢᠴᠢᠭᠳᠡᠵᠡᠢ ᠭᠡᠯᠲᠡᠢ᠃ ᠬᠢᠲᠠᠳ ᠤ᠋ᠨ《ᠤᠮᠠᠷᠠᠲᠤ ᠶ᠋ᠢᠨ ᠰᠤᠳᠤᠷ》 ᠤ᠋ᠨ ᠮᠡᠳᠡᠯᠭᠡ ᠶ᠋ᠢ ᠦᠨᠳᠦᠰᠦᠯᠡᠨ ᠡᠷᠳᠡᠮᠲᠡᠳ ᠵᠣᠵᠠᠨ (ᠨᠢᠷᠤᠭᠤᠨ) ᠤᠯᠤᠰ ᠤ᠋ᠨ ᠦᠶ᠎ᠡ ᠳ᠋ᠦ᠍ ᠮᠣᠩᠭᠣᠯ ᠭᠡᠰᠡᠨ ᠨᠡᠷ᠎ᠡ ᠮᠣᠭᠣᠯᠠᠢ ᠣᠪᠣᠭ ᠬᠡᠯᠪᠡᠷᠢ ᠪᠡᠷ ᠳᠤᠷᠠᠳᠤᠭᠳᠠᠭᠰᠠᠨ ᠭᠡᠵᠦ ᠦᠵᠡᠳᠡᠭ ᠪᠢᠯᠡ᠃ ᠡᠨᠳᠡ《ᠮᠦ᠍》 ᠨᠢ ᠮᠡᠳᠡᠭᠡᠵᠢ《ᠮᠥᠩᠬᠡ》 ᠪᠥᠭᠡᠳ ᠭᠣᠯᠠᠢ ᠨᠢ《ᠭᠠᠯᠠᠢ》 ᠠᠵᠢ ᠠ᠋᠃ ᠡᠳᠦᠭᠡ ᠴᠦ᠍《ᠭᠠᠯ ᠤ᠋ᠨ ᠰᠤᠳᠤᠷ》 ᠵᠡᠷᠭᠡ ᠳ᠋ᠦ᠍ ᠭᠠᠯᠠᠢ ᠭᠠᠯᠠᠢᠬᠠᠨ ᠭᠡᠰᠡᠨ ᠬᠡᠯᠡᠯᠭᠡ ᠪᠣᠢ ᠪᠥᠭᠡᠳ ᠮᠦ᠍ — ᠦᠶ᠎ᠡ ᠰᠢᠯᠲᠠᠭᠠᠯᠠᠵᠤ《ᠭᠠᠯᠠᠢ》 ᠨᠢ ᠭᠣᠯᠠᠢ ᠭᠡᠮᠡᠨ ᠪᠢᠴᠢᠭᠳᠡᠭᠰᠡᠨ ᠪᠠᠢᠨ᠎ᠠ᠃ ᠡᠨᠡ ᠰᠠᠨᠠᠭ᠎ᠠ ᠪᠠᠷ ᠪᠣᠯ ᠮᠤᠬᠤᠯᠠᠢ 《ᠮᠥᠩᠬᠡᠭᠠᠯᠠᠢ》 ᠭᠡᠬᠦ ᠪᠡᠯᠭᠡᠳᠡᠯᠲᠦ ᠨᠡᠷ᠎ᠡ ᠪᠥᠭᠡᠳ《ᠠᠢ》 ᠡᠩᠬᠦᠷᠡᠢ ᠳᠠᠭᠤᠳᠠᠯᠭ᠎ᠠ ᠶ᠋ᠢᠨ ᠠᠴᠢ ᠪᠠᠷ ᠤᠭ ᠦᠭᠡ ᠶ᠋ᠢᠨ ᠡᠭᠡᠰᠢᠭ《ᠣ4》 ᠪᠠᠢᠳᠠᠯ ᠢ᠋ᠶ᠋ᠠᠷ ᠪᠤᠰᠤ《ᠣ5》 ᠰᠣᠨᠣᠰᠬᠤᠯᠠᠩ ᠳ᠋ᠤ᠌ ᠬᠡᠪᠰᠢᠵᠡᠢ᠃ ᠡᠭᠦᠨ ᠯᠦ᠍ᠭᠡ ᠠᠳᠠᠯᠢ ᠬᠤᠪᠢᠯᠠᠢ ᠭᠤᠷᠪᠠᠳᠤᠭᠠᠷ ᠬᠥᠪᠡᠭᠦᠨ ᠮᠠᠩᠭᠠᠯᠠᠢ ᠤᠭ ᠲᠠᠭᠠᠨ ᠮᠥᠩᠭᠡᠭᠠᠯᠠᠢ ᠶᠤᠮ᠃ ᠲᠡᠷᠡᠴᠢᠯᠡᠨ ᠳᠣᠮᠣᠭ ᠲᠤᠤᠯᠢᠰ ᠤ᠋ᠨ ᠱᠣᠩᠭᠠᠯᠠᠢ ᠪᠠᠭᠠᠲᠤᠷ ᠤ᠋ᠨ ᠨᠡᠷ᠎ᠡ ᠨᠢ ᠱᠣᠩ (ᠤᠯᠠᠭᠠᠨ) ᠭᠠᠯᠠᠢ ᠠᠭᠠᠳ ᠬᠣᠶᠠᠷ ᠦᠭᠡ ᠶ᠋ᠢᠨ ᠨᠡᠢᠯᠡᠮᠵᠢ ᠳ᠋ᠡᠬᠢ《ᠨ᠊》 ᠲᠣᠳᠣ ᠬᠡᠯᠡᠭᠳᠡᠬᠦ ᠳ᠋ᠦ᠍《ᠭ᠊》《ᠭ᠌᠊》 ᠭᠡᠢᠭᠦᠯᠦᠭᠴᠢ ᠪᠡᠷ ᠰᠡᠯᠭᠦᠭᠰᠡᠨ ᠬᠠᠷᠠᠭᠳᠠᠨ᠎ᠠ᠃ ᠬᠠᠮᠤᠭ ᠤ᠋ᠨ ᠣᠢᠷ᠎ᠠ ᠵᠢᠱ᠌ᠢᠶ᠎ᠡ ᠭᠡᠬᠦ ᠳ᠋ᠦ᠍ ᠶᠡᠬᠡ ᠡᠷᠳᠡᠮᠲᠡᠨ ᠰᠦᠮᠪᠡ ᠬᠠᠮᠪᠤ ᠭᠡᠮᠡᠨ ᠠᠯᠳᠠᠷᠰᠢᠭᠰᠠᠨ ᠢᠰᠢᠪᠠᠯᠵᠤᠷ (1704 — 1788)《ᠭᠠᠯᠪᠠᠷᠸᠠᠰᠤᠨ ᠮᠣᠳᠣᠨ》 ᠨᠣᠮ ᠳ᠋ᠠᠭᠠᠨ ᠮᠣᠩᠭᠣᠯ ᠤ᠋ᠨ ᠭᠠᠷᠤᠯ ᠢ᠋ ᠮᠠᠩᠭᠣᠯ ᠭᠡᠵᠦ ᠪᠢᠴᠢᠭᠰᠡᠨ ᠨᠢ ᠮᠥᠩᠬᠡ ᠭᠠᠯ ᠭᠡᠰᠡᠨ ᠦᠭᠡ ᠶ᠋ᠢᠨ ᠳᠠᠭᠤᠳᠠᠯᠭ᠎ᠠ ᠶᠠᠷᠢᠶᠠᠨ ᠦᠭᠡᠢ ᠮᠥᠨ ᠶᠦᠮ᠃ ᠡᠨᠳᠡ《ᠩᠭᠣ᠊》 ᠨᠢ 《ᠩᠬᠣ᠊》 ᠭᠤᠷᠪᠠᠨ ᠭᠡᠢᠭᠦᠯᠦᠭᠴᠢ ᠶ᠋ᠢᠨ ᠬᠠᠮᠰᠠᠭᠰᠠᠨ ᠳᠠᠭᠤᠳᠠᠯᠭ᠎ᠠ ᠪᠠᠢᠳᠠᠯ ᠢ᠋ᠶ᠋ᠠᠷ ᠰᠣᠨᠣᠰᠤᠭᠳᠠᠨ᠎ᠠ᠃ ᠶᠡᠷᠦ ᠨᠢ《ᠨ》 ᠶᠦᠮ ᠤᠤ《ᠭ ᠭ᠌》 ᠭᠡᠢᠭᠦᠯᠦᠭᠴᠢᠳ ᠪᠠᠯᠠᠷᠬᠠᠢ《ᠮᠣᠣᠯ᠂ ᠮᠦᠭᠣᠯ ᠮᠥᠩᠭᠣᠯ᠂ ᠮᠣᠣᠭᠠᠯ ᠮᠣᠩᠭᠣᠯ᠂ ᠮᠣᠭᠣᠯ᠂ ᠮᠧᠩᠭᠥ᠋》 ᠭᠡᠮᠡᠨ ᠬᠡᠯᠡᠭᠳᠡᠵᠦ ᠪᠠᠢᠭ᠎ᠠ ᠶ᠋ᠢ ᠠᠩᠵᠠᠭᠠᠷᠠᠬᠤ ᠶᠣᠰᠣᠲᠠᠢ᠃
ᠭᠠᠯ ᠳᠠᠬᠢᠭᠰᠠᠨ ᠭᠠᠯ ᠰᠦᠯᠳᠡ ᠲᠡᠢ ᠮᠥᠩᠬᠡ ᠶ᠋ᠢᠨ ᠪᠡᠯᠭᠡ ᠡᠷᠬᠢᠮᠯᠡᠭᠰᠡᠨ ᠣᠯᠠᠨ ᠣᠪᠣᠭ ᠠᠢᠮᠠᠭ ᠣᠩᠭᠣ ᠰᠦᠯᠳᠡ ᠨᠢᠭᠡᠳᠦᠨ ᠡᠢᠮᠦ ᠨᠡᠷ᠎ᠡ ᠰᠣᠩᠭᠣᠭᠰᠠᠨ ᠨᠢ ᠪᠤᠲᠠᠨᠴᠢᠷ ᠤ᠋ᠨ ᠪᠤᠶᠤ ᠺᠢᠲᠠᠨ ᠤ᠋ ᠦᠶ᠎ᠡ (10 ᠳ᠋ᠤᠭᠠᠷ ᠵᠠᠭᠤᠨ) ᠪᠠᠢᠮᠠᠷ᠃ ᠴᠣᠬᠣᠮ ᠡᠨᠡ ᠦᠶ᠎ᠡ ᠳ᠋ᠦ᠍ ᠮᠥᠩᠬᠡ ᠭᠠᠯ ᠰᠦᠯᠳᠡ ᠳᠠᠬᠢᠯᠭᠠᠲᠠᠨ ᠨᠤᠭᠤᠳ ᠬᠡᠯᠡ ᠰᠣᠶᠣᠯ ᠨᠢᠭᠡᠲᠡᠢ ᠨᠡᠭᠦᠳᠡᠯᠴᠢᠳ ᠢ᠋ᠶ᠋ᠡᠨ ᠨᠢᠭᠡᠨ ᠬᠠᠭᠠᠨ ᠳᠣᠣᠷ᠎ᠠ ᠲᠥᠷᠥ ᠭᠦᠷᠦᠨ ᠴᠣᠭᠴᠠᠯᠠᠬᠤ ᠰᠠᠨᠠᠯ ᠵᠣᠷᠢᠯᠭ᠎ᠠ ᠲᠦᠭᠡᠵᠦ ᠬᠠᠭᠤᠴᠢᠨ ᠤ᠋ ᠮᠥᠩᠬᠡ ᠭᠠᠯ ᠰᠢᠲᠦᠭᠡᠨ ᠰᠦᠯᠳᠡᠲᠦ ᠣᠪᠣᠭ ᠠᠢᠮᠠᠭ ᠤ᠋ᠳ ᠠ᠋ᠴᠠ ᠬᠡᠳᠦ ᠨᠢ ᠨᠢᠭᠡᠳᠴᠦ (8 ᠠᠢᠮᠠᠭ) ᠬᠦᠴᠦᠷᠬᠡᠭᠵᠢᠭᠰᠡᠨ ᠨᠢ ᠺᠢᠲᠠᠨ (ᠬᠡᠳᠦᠨ) ᠰᠤᠤᠲᠠᠨ ᠮᠥᠨ ᠠᠵᠢ ᠠ᠋᠃ ᠴᠢᠩᠭᠢᠰ ᠦ᠋ᠨ ᠰᠤᠤ ᠳᠤᠤᠯᠢᠶᠠᠨ ᠤ᠋ ᠦᠨᠳᠦᠰᠦ ᠰᠤᠷᠪᠤᠯᠵᠢ ᠨᠢ ᠬᠡᠪ ᠶᠣᠰᠣᠭᠠᠷ ᠤᠯᠠᠮᠵᠢᠯᠠᠭᠰᠠᠨ ᠡᠪᠦᠭᠡ ᠭᠤᠷᠮᠤᠰᠤᠨ ᠣᠨᠣᠯ ᠢ᠋ᠶ᠋ᠠᠨ ᠥᠪᠯᠡᠵᠦ ᠥᠪᠡᠷ ᠦ᠋ᠨ ᠦᠶ᠎ᠡ ᠳ᠋ᠡᠭᠡᠨ ᠰᠢᠨᠡᠴᠢᠯᠡᠵᠦ ᠴᠢᠳᠠᠭᠰᠠᠨ ᠳ᠋ᠤ᠌ ᠣᠷᠣᠰᠢᠨ᠎ᠠ᠃ ᠬᠠᠰᠠᠷ ᠪᠡᠯᠭᠦᠳᠡᠢ ᠬᠣᠶᠠᠷ ᠳᠡᠭᠦᠦ ᠲᠡᠢ ᠪᠡᠨ ᠭᠤᠷᠪᠠᠭᠤᠯᠠ ᠸᠠᠩ ᠬᠠᠨ ᠲᠠᠢ ᠠᠭᠤᠯᠵᠠᠵᠤ ᠪᠠᠭ᠎ᠠ ᠲᠣᠭᠣᠷᠢᠭ ᠡᠭᠦᠰᠬᠡᠬᠦ ᠪᠡᠷ ᠲᠤᠤᠯᠠ ᠭᠣᠣᠯ ᠢ᠋ ᠵᠣᠷᠢᠵᠤ ᠶᠡᠬᠡ ᠦᠢᠯᠡ ᠨᠢ ᠡᠬᠢᠯᠡᠳᠡᠭ ᠪᠢᠯᠡ᠃ ᠭᠤᠷᠪᠠᠯ ᠬᠦᠴᠦᠨ ᠦ᠌ ᠡᠬᠢᠯᠡᠯ ᠸᠠᠩ ᠬᠠᠨ ᠴᠢᠩᠭᠢᠰ ᠵᠠᠮᠤᠬ᠎ᠠ ᠨᠠᠷ ᠢ᠋ᠶ᠋ᠠᠷ ᠡᠭᠦᠰᠴᠦ ᠸᠠᠩ ᠬᠠᠨ ᠵᠠᠬ᠎ᠠ ᠬᠠᠮᠪᠤ ᠴᠢᠩᠭᠢᠰ ᠭᠤᠷᠪᠠᠯ ᠵᠠᠮᠤᠬ᠎ᠠ ᠳᠡᠭᠡᠷ᠎ᠡ ᠣᠴᠢᠬᠤ ᠳ᠋ᠤ᠌ ᠭᠤᠷᠪᠠ ᠬᠣᠨᠣᠭ ᠬᠦᠯᠢᠶᠡᠭᠰᠡᠨ ᠪᠠᠢᠯ᠎ᠠ᠃ ᠡᠨᠡ ᠦᠶ᠎ᠡ ᠳ᠋ᠦ᠍ ᠡᠬᠢᠨ ᠦ᠌ ᠢᠯᠠᠯᠲᠠ ᠪᠠᠨ ᠳ᠋ᠦᠩᠨᠡᠵᠦ
ᠡᠴᠢᠭᠡ ᠬᠠᠨ ᠲᠤᠭᠤᠷᠢᠯ
ᠡᠷᠬᠢᠮ ᠠᠨᠳᠠ ᠵᠠᠮᠤᠬ᠎ᠠ
ᠡᠪ ᠬᠦᠴᠦ ᠶ᠋ᠢ ᠨᠢᠭᠡᠳᠬᠡᠨ (ᠲᠡᠮᠦᠵᠢᠨ ᠲᠡᠢ)
ᠡᠷᠬᠡᠲᠦ ᠲᠩᠷᠢ ᠶ᠋ᠢᠨ ᠥᠷᠥᠰᠢᠶᠡᠯ ᠢ᠋ᠶ᠋ᠡᠷ᠁ ᠭᠡᠵᠦ ᠬᠡᠯᠡᠭᠰᠡᠨ ᠪᠤᠰᠤ ᠤᠤ? ᠲᠡᠮᠦᠵᠢᠨ ᠵᠠᠮᠤᠬ᠎ᠠ ᠨᠠᠷ ᠭᠤᠷᠪᠠᠨ ᠤᠳᠠᠭ᠎ᠠ ᠶᠣᠰᠣ ᠦᠢᠯᠡᠳᠦᠨ ᠠᠨᠳᠠ ᠪᠣᠯᠤᠯᠴᠠᠪᠠ᠃《ᠴᠢᠩᠭᠢᠰ ᠬᠠᠭᠠᠨ》 ᠴᠣᠯᠠ ᠡᠷᠭᠦᠮᠵᠢᠯᠡᠭᠳᠡᠬᠦ ᠳ᠋ᠡᠭᠡᠨ ᠬᠠᠮᠤᠭ ᠢ᠋ ᠠᠩᠬᠠᠯᠠᠬᠤ ᠡᠭᠦᠷᠭᠡ ᠶ᠋ᠢ ᠵᠡᠯᠮ᠎ᠡ ᠪᠤᠭᠤᠷᠴᠢ ᠨᠠᠷ ᠲᠤ ᠥᠭᠴᠦ ᠲᠥᠷᠥ ᠶ᠋ᠢᠨ ᠠᠩᠬᠠᠨ ᠤ᠋ ᠭᠤᠷᠪᠠᠨ ᠲᠤᠯᠭᠤᠷ ᠤᠳᠤᠷᠢᠳᠤᠯᠭ᠎ᠠ ᠶ᠋ᠢ ᠡᠭᠦᠰᠬᠡᠵᠡᠢ᠃ ᠶᠡᠬᠡ ᠬᠠᠭᠠᠨ ᠪᠠᠢᠯᠳᠤᠭᠠᠨ ᠳ᠋ᠤ᠌ ᠰᠢᠷᠬᠠᠲᠤᠵᠤ ᠵᠡᠯᠮ᠎ᠡ ᠶ᠋ᠢ ᠲᠠᠷᠠᠭ ᠤᠰᠤ ᠤᠳᠬᠤᠨ ᠥᠭᠬᠦ ᠳ᠋ᠦ᠍ ᠭᠤᠷᠪᠠᠨᠲᠠ ᠠᠮᠠᠷᠠᠨ ᠤᠤᠭᠤᠭᠠᠳ《ᠴᠢ ᠮᠢᠨᠦ ᠠᠮᠢ ᠶ᠋ᠢ ᠠᠪᠤᠷᠠᠭᠰᠠᠨ᠃ ᠣᠳᠣ ᠪᠠᠰᠠ᠁ ᠴᠢᠰᠤ ᠶ᠋ᠢ ᠠᠮᠠ ᠪᠠᠷ ᠰᠢᠮᠡᠵᠦ ᠠᠮᠢᠨ ᠳ᠋ᠤ᠌ ᠣᠷᠣᠪᠠ᠃ ᠪᠠᠰᠠ ᠲᠠᠷᠠᠭ ᠣᠯᠵᠤ ᠲᠡᠩᠬᠡᠷᠡᠭᠦᠯᠪᠡ᠃ ᠡᠨᠡ ᠭᠤᠷᠪᠠᠨ ᠠᠴᠢ ᠶ᠋ᠢ ᠴᠢᠨᠢ ᠮᠠᠷᠲᠠᠬᠤ ᠦᠭᠡᠢ》 ᠭᠡᠪᠡ᠃ ᠲᠠᠲ᠋ᠠᠷ ᠢ᠋ ᠰᠥᠨᠥᠭᠡᠭᠰᠡᠨ ᠪᠠ ᠸᠠᠩ ᠬᠠᠨ ᠲᠠᠢ ᠡᠪᠳᠡᠷᠡᠭᠰᠡᠨ ᠳᠠᠷᠠᠭ᠎ᠠ ᠶ᠋ᠢᠨ ᠪᠠᠢᠯᠳᠤᠭᠠᠨ ᠳ᠋ᠤ᠌ ᠭᠤᠷᠪᠠᠨ ᠵᠠᠮ ᠤ᠋ᠨ ᠠᠶᠠᠨ ᠢ᠋ ᠠᠩᠬ᠎ᠠ ᠰᠡᠳᠦᠵᠦ ᠶᠢᠰᠦᠨ ᠰᠠᠢᠳ ᠢ᠋ᠶ᠋ᠠᠨ ᠭᠤᠷᠪᠠ ᠭᠤᠷᠪᠠ ᠪᠠᠷ ᠨᠢ ᠭᠤᠷᠪᠠᠨ ᠬᠡᠰᠡᠭ ᠪᠣᠯᠵᠤ ᠶᠠᠪᠤᠬᠤ ᠵᠠᠷᠯᠢᠭ ᠪᠠᠭᠤᠯᠭᠠᠪᠠ᠃ ᠶᠡᠬᠡ ᠬᠠᠭᠠᠨ ᠾᠦᠩᠨᠦ ᠭᠦᠷᠦᠨ ᠦ᠌ ᠮᠣᠳᠣᠨ ᠬᠠᠭᠠᠨ ᠤ᠋ ᠮᠢᠩᠭᠠᠨ ᠵᠢᠯ ᠦ᠋ᠨ ᠡᠮᠦᠨᠡᠬᠢ ᠥᠪ ᠢ᠋ ᠰᠠᠬᠢᠨ《ᠶᠡᠬᠡ ᠬᠤᠷᠠᠯᠳᠠᠢ— ᠬᠠᠭᠠᠨ— ᠰᠡᠴᠡᠳ ᠦ᠋ᠨ ᠵᠥᠪᠯᠡᠯ》 ᠲᠥᠷᠥ ᠶ᠋ᠢᠨ ᠲᠤᠯᠭ᠎ᠠ ᠲᠣᠭᠲᠠᠯᠴᠠᠭ᠎ᠠ ᠶ᠋ᠢ ᠪᠦᠷᠢᠯᠳᠦᠭᠦᠯᠵᠦ᠂《ᠬᠠᠭᠠᠨ— ᠵᠠᠰᠠᠭ ᠬᠠᠤᠯᠢ— ᠴᠡᠷᠢᠭ ᠠᠷᠠᠳ》 ᠭᠡᠮᠡᠨ ᠭᠦᠢᠴᠡᠳᠬᠡᠬᠦ ᠵᠠᠰᠠᠭᠯᠠᠯ ᠲᠣᠭᠲᠠᠭᠠᠵᠠᠢ᠃ ᠡᠨᠡ ᠪᠦᠬᠦᠨ ᠢ᠋ᠶ᠋ᠡᠨ《ᠶᠡᠬᠡ ᠵᠠᠰᠠᠭ》 ᠬᠠᠤᠯᠢ ᠪᠠᠷ ᠪᠠᠲᠤᠯᠠᠭᠠᠵᠢᠭᠤᠯᠵᠤ ᠲᠡᠷᠡ ᠶ᠋ᠢ ᠶᠡᠬᠡᠰ ᠳᠣᠣᠷᠠᠳᠤᠰ ᠢᠯᠭᠠᠯ ᠦᠭᠡᠢ ᠦᠢᠯᠡᠴᠢᠯᠡᠬᠦ ᠪᠡᠷ ᠦᠯᠦ ᠪᠠᠷᠠᠨ ᠬᠠᠭᠠᠨ ᠥᠪᠡᠷ ᠢ᠋ᠶ᠋ᠡᠨ ᠦᠯᠦ ᠵᠥᠷᠢᠴᠡᠨ ᠳᠠᠭᠠᠬᠤ ᠬᠠᠤᠯᠢ ᠪᠠᠢᠭᠰᠠᠨ ᠨᠢ ᠮᠥᠨ ᠯᠡ ᠭᠤᠷᠪᠠᠯ ᠤᠬᠠᠭᠠᠨ ᠤ᠋ ᠴᠣᠭᠴᠠᠯᠠᠯ ᠪᠣᠯᠵᠠᠢ᠃ ᠶᠡᠬᠡ ᠬᠠᠭᠠᠨ ᠬᠠᠷ᠎ᠠ ᠴᠠᠭᠠᠨ ᠠᠯᠠᠭ ᠭᠤᠷᠪᠠᠨ ᠰᠦᠯᠳᠡ ᠪᠦᠲᠦᠭᠡᠵᠦ ᠪᠠᠢᠯᠳᠤᠭᠠᠨ ᠤ᠋ ᠲᠠᠪᠰᠢᠬᠤ ᠬᠣᠷᠢᠭᠯᠠᠬᠤ ᠤᠬᠤᠷᠢᠬᠤ ᠭᠤᠷᠪᠠᠯ ᠲᠠᠺᠲ᠋ᠢᠺ ᠲᠠᠢ ᠶᠢᠰᠦᠯ ᠠᠷᠭ᠎ᠠ ᠰᠢᠲᠦᠵᠦ ᠳᠡᠯᠡᠬᠡᠢ ᠶ᠋ᠢ ᠰᠡᠷᠢᠭᠡᠪᠡ᠃ ᠲᠥᠷᠥ ᠶ᠋ᠢᠨ ᠬᠡᠷᠡᠭ ᠲᠦ ᠰᠢᠨᠡᠴᠢᠯᠡᠯ ᠬᠢᠵᠦ ᠬᠠᠭᠠᠨ— ᠤᠯᠤᠰ ᠤ᠋ᠨ ᠸᠠᠩ (ᠶᠡᠷᠦᠩᠬᠡᠢ ᠰᠠᠢᠳ) ᠶᠡᠬᠡ ᠵᠠᠷᠭᠤᠴᠢ (ᠤᠯᠤᠰ ᠤ᠋ᠨ ᠰᠢᠭᠦᠭᠴᠢ) ᠭᠡᠰᠡᠨ ᠰᠢᠨ᠎ᠡ ᠲᠣᠭᠲᠠᠯᠴᠠᠭ᠎ᠠ ᠨᠡᠭᠡᠭᠡᠵᠦ ᠮᠤᠬᠤᠯᠠᠢ ᠰᠢᠭᠢᠬᠤᠲᠤᠭ ᠨᠠᠷ ᠢ᠋ ᠲᠣᠳᠣᠷᠠᠭᠤᠯᠪᠠ᠃ ᠴᠡᠷᠢᠭ ᠦ᠋ᠨ《ᠬᠡᠰᠢᠭᠲᠡᠨ᠂ ᠲᠣᠷᠭᠤᠤᠯ ᠬᠡᠪᠲᠡᠭᠦᠯ》 ᠭᠡᠬᠦ ᠲᠥᠷᠥ ᠶ᠋ᠢᠨ ᠬᠠᠮᠠᠭᠠᠯᠠᠯᠲᠠ ᠶ᠋ᠢ ᠰᠢᠲᠦᠵᠦ ᠴᠣᠬᠣᠮ ᠶᠠᠭᠠᠬᠢᠭᠠᠳ ᠭᠤᠷᠪᠠᠨ ᠡᠳᠦᠷ ᠭᠤᠷᠪᠠᠨ ᠰᠥᠨᠢ ᠵᠢᠭᠰᠠᠭᠤᠯᠤᠨ ᠶᠠᠪᠤᠵᠤ ᠳᠠᠭᠤᠰᠤᠭᠠᠳ ᠭᠤᠷᠪᠠᠨ ᠡᠳᠦᠷ ᠭᠤᠷᠪᠠᠨ ᠰᠥᠨᠢ ᠠᠮᠠᠷᠠᠭᠠᠳᠠᠭ ᠪᠠᠢᠭᠰᠠᠨ ᠶᠤᠮ ᠪᠣᠯ? ᠴᠡᠷᠢᠭ ᠦ᠋ᠨ ᠵᠣᠬᠢᠶᠠᠨ ᠪᠠᠢᠭᠤᠯᠤᠯᠲᠠ ᠨᠢ《ᠠᠷᠪᠠᠲᠤ ᠵᠠᠭᠤᠲᠤ ᠮᠢᠩᠭᠠᠲᠤ》 ᠪᠥᠭᠡᠳ ᠲᠦᠮᠡᠲᠦ ᠶ᠋ᠢᠨ ᠳᠠᠷᠤᠭ᠎ᠠ ᠨᠢ ᠵᠠᠩᠵᠤᠨ ᠪᠠᠢᠵᠠᠢ᠃ ᠲᠡᠷᠡ ᠪᠠᠢᠲᠤᠭᠠᠢ ᠬᠠᠭᠠᠨ ᠤ᠋ ᠣᠯᠪᠣᠭ ᠴᠤ᠂ ᠬᠠᠷᠠᠴᠤ ᠶ᠋ᠢᠨ ᠭᠡᠷ ᠦ᠋ᠨ ᠳᠡᠭᠡᠪᠦᠷ ᠴᠦ᠍ (ᠪᠠᠪᠠᠭ ᠳᠡᠭᠡᠪᠦᠷ ᠪᠦᠷᠢᠶᠡᠰᠦ) ᠭᠤᠷᠪᠠᠯ ᠪᠠᠢᠭᠰᠠᠨ ᠨᠢ ᠭᠠᠢᠬᠠᠯᠲᠠᠢ᠃ ᠶᠡᠬᠡ ᠬᠠᠭᠠᠨ ᠶᠠᠭᠠᠬᠢᠭᠠᠳ ᠭᠤᠷᠪᠠ ᠳ᠋ᠠᠬᠢ ᠬᠦᠦ ᠳ᠋ᠡᠭᠡᠨ ᠬᠠᠭᠠᠨ ᠰᠢᠷᠡᠭᠡ ᠪᠡᠨ ᠵᠠᠯᠭᠠᠮᠵᠢᠯᠠᠭᠤᠯᠪᠠ? ᠭᠡᠳᠡᠭ ᠴᠦ᠍ ᠰᠣᠨᠢᠷᠬᠠᠯ ᠲᠠᠢ ᠪᠠᠢᠨ᠎ᠠ᠃ ᠠᠩᠬ᠎ᠠ ᠴᠠᠭᠠᠲᠠᠢ ᠬᠣᠶᠠᠷ ᠡᠴᠢᠭᠡ ᠶ᠋ᠢᠨ ᠳᠡᠷᠭᠡᠳᠡ ᠵᠦᠳᠡᠭ ᠦᠭᠡ ᠪᠡᠷ ᠳᠠᠭᠠᠷᠢᠯᠴᠠᠬᠤ ᠳ᠋ᠤ᠌ ᠥᠭᠡᠳᠡᠢ ᠳᠡᠭᠦᠦ ᠶ᠋ᠢ ᠨᠢ ᠡᠷᠭᠦᠮᠵᠢᠯᠡᠬᠦ ᠰᠠᠨᠠᠭ᠎ᠠ ᠲᠥᠷᠥᠭᠰᠡᠨ ᠦᠨᠡᠨ ᠪᠣᠯᠪᠠ ᠤᠤ? ᠰᠠᠷᠲᠠᠭᠤᠯ ᠤᠯᠤᠰ ᠲᠠᠢ ᠳᠠᠢᠳᠤᠬᠤ ᠪᠠᠷ ᠶᠠᠪᠤᠬᠤ ᠳ᠋ᠠᠭᠠᠨ ᠡᠢᠨ ᠵᠠᠬᠢᠭᠠᠳ ᠵᠡᠪᠡ ᠰᠦᠪᠡᠭᠡᠳᠡᠢ ᠲᠣᠭᠣᠴᠠᠷ ᠭᠤᠷᠪᠠ ᠶ᠋ᠢ ᠮᠠᠩᠨᠠᠢ ᠳ᠋ᠤ᠌ ᠢᠯᠡᠬᠡᠨ ᠭᠤᠷᠪᠠᠨ ᠬᠥᠪᠡᠭᠦᠨ ᠳ᠋ᠡᠭᠡᠨ ᠪᠠᠷᠠᠭᠤᠨ ᠭᠠᠷ ᠤ᠋ᠨ ᠴᠡᠷᠢᠭ ᠢ᠋ ᠵᠠᠬᠢᠷᠤᠭᠤᠯᠳᠠᠭ ᠪᠢᠯᠡ᠃ ᠠᠬ᠎ᠠ ᠳᠡᠭᠦᠦ ᠭᠤᠷᠪᠠ ᠡᠯᠴᠢ ᠢᠯᠡᠬᠡᠨ《ᠪᠢᠳᠡ ᠬᠡᠨ ᠦ᠌ ᠪᠡᠨ ᠦᠭᠡ ᠶ᠋ᠢ ᠳᠠᠭᠠᠬᠤ ᠪᠣᠢ?》 ᠭᠡᠵᠦ ᠬᠠᠭᠠᠨ ᠡᠴᠢᠭᠡ ᠡᠴᠡ ᠪᠡᠨ ᠠᠰᠠᠭᠤᠯᠭᠠᠬᠤ ᠳ᠋ᠤ᠌《ᠥᠭᠡᠳᠡᠢ ᠶ᠋ᠢᠨ ᠦᠭᠡ ᠪᠡᠷ ᠶᠠᠪᠤᠲᠤᠭᠠᠢ》 ᠬᠡᠮᠡᠭᠰᠡᠨ ᠪᠤᠰᠤ ᠤᠤ? ᠭᠤᠷᠪᠠᠨ ᠬᠥᠪᠡᠭᠦᠨ ᠢ᠋ᠶ᠋ᠡᠨ ᠪᠤᠴᠠᠵᠤ ᠢᠷᠡᠬᠦ ᠳ᠋ᠦ᠍ ᠬᠠᠭᠠᠨ ᠡᠴᠢᠭᠡ ᠠᠭᠤᠷᠯᠠᠵᠤ ᠭᠤᠷᠪᠠᠨ ᠡᠳᠦᠷ ᠡᠰᠡ ᠠᠭᠤᠯᠵᠠᠬᠤ ᠳ᠋ᠤ᠌ ᠪᠤᠭᠤᠷᠴᠢ ᠮᠤᠬᠤᠯᠠᠢ ᠰᠢᠭᠢᠬᠤᠲᠤᠭ ᠭᠤᠷᠪᠠ ᠤᠴᠢᠷ ᠢ᠋ ᠬᠡᠯᠡᠵᠦ ᠭᠤᠷᠪᠠᠨ ᠬᠥᠪᠡᠭᠦᠨ ᠢ᠋ ᠥᠮᠥᠭᠡᠷᠡᠳᠡᠭ ᠪᠤᠰᠤ ᠤᠤ? ᠲᠡᠷᠡ ᠦᠭᠡᠨ ᠳ᠋ᠦ᠍ ᠣᠷᠣᠵᠤ ᠬᠥᠪᠡᠭᠦᠨ ᠲᠡᠢ ᠪᠡᠨ ᠠᠭᠤᠯᠵᠠᠨ ᠳᠣᠩᠭᠣᠳᠴᠤ ᠵᠢᠮᠡᠯᠡᠨ ᠪᠤᠷᠤᠭᠤᠰᠢᠶᠠᠬᠤ ᠳ᠋ᠤ᠌ ᠬᠣᠩᠬᠠᠢ᠂ ᠬᠤᠩᠲᠠᠬᠠᠢ᠂ ᠴᠤᠷᠮᠠᠭᠠᠨ ᠭᠤᠷᠪᠠᠨ ᠬᠣᠷᠴᠢᠨ ᠵᠢᠮ᠎ᠡ (ᠵᠢᠮᠡᠯᠡᠬᠦ ᠶ᠋ᠢᠨ) ᠢ᠋ ᠨᠢ ᠢᠯᠠᠷᠢ ᠦᠭᠡ ᠪᠡᠷ ᠬᠠᠭᠠᠴᠠᠢᠯᠠᠳᠠᠭ ᠪᠤᠰᠤ ᠤᠤ? ᠬᠠᠭᠠᠨ ᠬᠣᠶᠠᠷ ᠬᠥᠮᠦᠨ ᠦ᠌ ᠦᠭᠡ ᠶ᠋ᠢ ᠳᠡᠭᠡᠳᠦᠯᠡᠳᠡᠭ ᠦᠭᠡᠢ ᠶᠡᠷᠦ ᠡᠴᠡ《ᠶᠡᠬᠡ ᠵᠠᠰᠠᠭ》 ᠬᠠᠤᠯᠢ ᠲᠡᠢᠮᠦ ᠴᠢᠩᠳᠠ ᠵᠢᠭᠠᠯᠲᠠ ᠲᠠᠢ ᠭᠤᠷᠮᠤᠰᠤᠨ ᠰᠡᠳᠬᠢᠯᠲᠡᠨ ᠦ᠌ ᠴᠠᠭᠠᠵᠠ ᠤᠴᠢᠷ ᠠ᠋ᠴᠠ ᠲᠡᠷᠡ ᠠ᠋! ᠶᠡᠬᠡ ᠬᠠᠭᠠᠨ ᠭᠤᠷᠪᠠᠯ ᠣᠨᠣᠯᠴᠢ ᠪᠥᠯᠥᠭᠡ᠃ ᠲᠡᠭᠦᠨ ᠦ᠌ ᠲᠠᠬᠢᠯᠭ᠎ᠠ ᠰᠦᠯᠳᠡ ᠨᠢ《ᠮᠥᠩᠬᠡ ᠲᠩᠷᠢ ᠶ᠋ᠢᠨ ᠬᠦᠴᠦᠨ》 ᠬᠡᠮᠡᠬᠦ ᠠᠮᠢᠨ ᠰᠢᠲᠦᠯᠭᠡ ᠪᠥᠭᠡᠳ ᠲᠩᠷᠢ ᠶ᠋ᠢᠨ ᠡᠷᠴᠢᠮᠲᠦ ᠬᠦᠴᠦᠨ (ᠫᠠᠰᠰᠶᠤᠨᠠᠷᠢ) ᠨᠢ ᠮᠥᠩᠬᠡ ᠭᠠᠯ ᠢ᠋ (ᠮᠣᠩᠭᠣᠯ) ᠳᠡᠪᠵᠢᠶᠡᠷᠡᠵᠦ《ᠮᠥᠩᠬᠡ ᠭᠠᠯ》 ᠰᠦᠯᠳᠡᠲᠦ ᠢᠰᠡᠭᠡᠢ ᠲᠤᠭᠤᠷᠭᠠᠲᠠᠨ ᠨᠢᠭᠡᠨ ᠤᠭᠰᠠᠭᠠᠲᠠᠨ ᠨᠤᠭᠤᠳ ᠢ᠋ ᠢᠪᠡᠭᠡᠨ ᠲᠡᠳᠬᠦᠬᠦ ᠪᠤᠶᠤ᠃ ᠶᠡᠬᠡ ᠬᠠᠭᠠᠨ ᠢ᠋《ᠨᠢᠭᠤᠴᠠ ᠲᠣᠪᠴᠢᠶᠠᠨ》 ᠳ᠋ᠤ᠌《ᠨᠢᠭᠤᠷ ᠲᠠᠭᠠᠨ ᠭᠠᠯ ᠲᠠᠢ᠁》 ᠭᠡᠮᠡᠨ ᠭᠤᠷᠪᠠᠨᠲᠠ ᠪᠢᠴᠢᠭᠰᠡᠨ ᠪᠣᠢ᠃ ᠲᠡᠷᠡ《ᠭᠠᠯ》 ᠪᠤᠰᠤᠳ ᠦᠯᠢᠭᠡᠷ ᠳᠣᠮᠣᠭ᠂ ᠬᠡᠯᠡᠴᠡ ᠵᠦᠢᠷ ᠦᠭᠡ ᠵᠡᠷᠭᠡ ᠳ᠋ᠦ᠍ ᠲᠦᠭᠡᠮᠡᠯ ᠪᠠᠢᠳᠠᠭ ᠮᠥᠨᠥᠬᠢ ᠹᠢᠯᠣᠰᠣᠹᠢ ᠤᠳᠬ᠎ᠠ ᠮᠥᠨ ᠪᠣᠯᠤᠨ᠎ᠠ᠃ ᠱᠠᠷᠢᠯ ᠨᠢ ᠬᠦᠷᠲᠡᠯ᠎ᠡ ᠭᠤᠷᠪᠠᠨ ᠴᠠᠭ ᠲᠤ ᠨᠢᠭᠤᠴᠠᠯᠠᠭᠰᠠᠨ ᠨᠢ ᠲᠥᠷᠥ ᠶ᠋ᠢᠨ ᠬᠠᠷ᠎ᠠ ᠬᠠᠢᠷᠴᠠᠭ ᠤ᠋ᠨ ᠪᠣᠳᠣᠯᠭ᠎ᠠ ᠶᠤᠮᠰᠠᠨᠵᠠᠢ᠃
ᠳᠡᠭᠡᠳᠦ ᠦᠶ᠎ᠡ ᠡᠴᠡ ᠥᠪᠯᠡᠭᠳᠡᠭᠰᠡᠨ ᠬᠡᠪ ᠶᠣᠰᠣᠨ ᠤ᠋ ᠦᠷ᠎ᠡ ᠳ᠋ᠦᠩ ᠳ᠋ᠦ᠍ ᠡᠭᠦᠰᠦᠭᠰᠡᠨ ᠴᠢᠩᠭᠢᠰ ᠦ᠋ᠨ《ᠶᠡᠬᠡ ᠵᠠᠰᠠᠭ》 (ᠶᠡᠬᠡ ᠶᠣᠰᠣ) ᠬᠠᠤᠯᠢ (1206—1259 ᠣᠨ ᠪᠤᠶᠤ ᠴᠢᠩᠭᠢᠰ᠂ ᠥᠭᠡᠳᠡᠢ᠂ ᠭᠦᠶᠦᠭ᠂ ᠮᠥᠩᠬᠡ ᠬᠠᠭᠠᠳ ᠤ᠋ᠨ) ᠤ᠋ ᠦᠶ᠎ᠡ ᠳ᠋ᠦ᠍ ᠪᠥᠬᠡ ᠶ᠋ᠢᠨ ᠱᠠᠰᠢᠨᠲᠤ ᠭᠤᠷᠮᠤᠰᠤᠨ ᠰᠡᠳᠬᠢᠯᠭᠡ ᠰᠦᠯᠳᠡ ᠨᠣᠶᠠᠯᠠᠵᠤ ᠣᠯᠠᠨ ᠮᠥᠩᠬᠡ ᠭᠠᠯ ᠤ᠋ᠨ ᠨᠢᠭᠡᠳᠦᠭᠰᠡᠨ ᠦᠶ᠎ᠡ ᠪᠥᠭᠡᠳ ᠴᠣᠬᠣᠮ ᠬᠦ᠌ ᠮᠥᠩᠬᠡ ᠭᠠᠯ (ᠮᠣᠩᠭᠣᠯ) ᠭᠦᠨ ᠤᠬᠠᠭᠠᠨ ᠤ᠋ ᠣᠷᠭᠢᠯ ᠨᠢ ᠪᠣᠯᠤᠨ᠎ᠠ᠃
ᠬᠠᠷᠢᠨ ᠤᠯᠤᠰ ᠤ᠋ᠨ ᠨᠡᠢᠰᠯᠡᠯ ᠢ᠋ ᠪᠡᠭᠡᠵᠢᠩ ᠳ᠋ᠦ᠍ (ᠳᠠᠢᠳᠤ) ᠰᠢᠯᠵᠢᠭᠦᠯᠵᠦ ᠰᠠᠭᠤᠷᠢᠨ ᠬᠠᠷᠢ ᠰᠣᠶᠣᠯ ᠢᠷᠭᠡᠨᠰᠢᠯ ᠲᠡᠢ ᠬᠣᠯᠢᠴᠠᠭᠰᠠᠨ ᠶᠤᠸᠠᠨ ᠭᠦᠷᠦᠨ (1260—1368 ᠣᠨ ᠪᠤᠶᠤ ᠬᠤᠪᠢᠯᠠᠢ ᠬᠠᠭᠠᠨ ᠠ᠋ᠴᠠ ᠲᠣᠭᠤᠭᠠᠨᠲᠡᠮᠦᠷ ᠬᠦᠷᠲᠡᠯᠡᠬᠢ11 ᠬᠠᠭᠠᠳ ᠤ᠋ᠨ) ᠤ᠋ ᠦᠶ᠎ᠡ ᠶ᠋ᠢᠨ100 ᠢᠯᠡᠭᠦᠦ ᠵᠢᠯ ᠦ᠋ᠨ ᠣᠯᠠᠨ ᠬᠠᠤᠯᠢ ᠨᠤᠭᠤᠳ ᠬᠡᠳᠦᠢᠪᠡᠷ ᠭᠤᠷᠮᠤᠰᠤᠨ ᠰᠡᠳᠬᠢᠯᠭᠡᠨ ᠦ᠌ ᠤᠯᠠᠮᠵᠢᠯᠠᠯ ᠢ᠋ ᠡᠷᠬᠢᠮᠯᠡᠬᠦ ᠬᠠᠨᠳᠤᠯᠭ᠎ᠠ ᠪᠠᠨ ᠣᠷᠣ ᠲᠠᠰᠤ ᠡᠰᠡ ᠡᠭᠡᠷᠡᠭᠰᠡᠨ ᠴᠤ᠌ ᠫᠠᠭᠪᠠ ᠯᠠᠮᠠ ᠶ᠋ᠢᠨ ᠨᠣᠮᠯᠠᠯ ᠳ᠋ᠤ᠌ ᠬᠥᠲᠥᠯᠦᠭᠳᠡᠨ ᠲᠥᠷᠥ ᠱᠠᠰᠢᠨ ᠬᠣᠣᠰᠯᠠᠭᠰᠠᠨ ᠬᠣᠶᠠᠷ ᠶᠣᠰᠣ ᠶ᠋ᠢ ᠪᠠᠷᠢᠮᠲᠠᠯᠠᠭᠰᠠᠨ ᠨᠢ ᠦᠨᠳᠦᠰᠦᠨ ᠤ᠋ ᠰᠣᠩᠭᠣᠳᠠᠭ ᠤᠬᠠᠭᠠᠨ ᠪᠦᠳᠡᠭᠢᠷᠡᠬᠦ ᠰᠢᠯᠲᠠᠭᠠᠨ ᠤ᠋ ᠡᠬᠢᠯᠡᠯ ᠪᠣᠯᠵᠠᠢ᠃ ᠡᠭᠦᠨ ᠦ᠌ ᠵᠢᠱ᠌ᠢᠶ᠎ᠡ ᠨᠢ ᠶᠡᠬᠡ ᠬᠤᠪᠢᠯᠠᠢ ᠬᠠᠭᠠᠨ ᠤ᠋ ᠨᠡᠷ᠎ᠡ ᠪᠡᠷ ᠠᠯᠳᠠᠷᠰᠢᠭᠰᠠᠨ《ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ ᠨᠡᠷᠡᠲᠦ ᠰᠤᠳᠤᠷ ᠣᠷᠣᠰᠢᠪᠠᠢ》 ᠪᠣᠯᠤᠨ᠎ᠠ᠃ ᠬᠣᠶᠠᠷ ᠶᠣᠰᠣᠨ ᠤ᠋ ᠲᠥᠷᠥ ᠶ᠋ᠢ ᠨᠣᠮᠯᠠᠭᠰᠠᠨ ᠬᠡᠳᠦᠢ ᠴᠦ᠍ ᠰᠡᠳᠬᠢᠯᠭᠡᠨ ᠦ᠌ ᠬᠡᠯᠪᠡᠷᠢ ᠳ᠋ᠡᠭᠡᠨ ᠭᠤᠷᠪᠠᠨ ᠶᠡᠬᠡ ᠦᠢᠯᠡ (a· ᠠᠪᠤᠷᠠᠭᠴᠢ ᠠᠮᠤᠭᠤᠯᠠᠩ ᠤ᠋ᠨ᠂b· ᠢᠷᠭᠡᠨ ᠦ᠌ ᠵᠠᠰᠠᠬᠤᠢ ᠵᠢᠷᠭᠠᠯᠠᠩ ᠤ᠋ᠨ᠂c· ᠤᠯᠤᠰ ᠢ᠋ ᠰᠠᠬᠢᠬᠤᠢ ᠳᠡᠭᠡᠳᠦ ᠦᠢᠯᠡ ᠨᠦ᠍ᠭᠦᠳ)᠂ ᠭᠤᠷᠪᠠᠨ ᠰᠢᠲᠦᠭᠡᠨ (ᠪᠡᠶ᠎ᠡ ᠶ᠋ᠢᠨ᠂ ᠵᠠᠷᠯᠢᠭ ᠤ᠋ᠨ᠂ ᠵᠢᠷᠦᠬᠡᠨ ᠦ᠌)᠂ ᠭᠤᠷᠪᠠᠨ ᠰᠤᠷᠲᠠᠬᠤᠨ (ᠱᠠᠭᠱᠠᠪᠠᠳ᠋ ᠤ᠋ᠨ᠂ ᠳ᠋ᠢᠶᠠᠨ ᠤ᠋᠂ ᠪᠢᠯᠢᠭ ᠦ᠋ᠨ ᠰᠤᠷᠲᠠᠯ ᠤ᠋ᠳ)᠂ ᠭᠤᠷᠪᠠᠨ ᠶᠢᠷᠲᠢᠨᠴᠦ (ᠠᠮᠠᠷᠠᠭ ᠤ᠋ᠨ ᠣᠷᠣᠨ᠂ ᠳᠦᠷᠰᠦᠲᠦ ᠣᠷᠣᠨ᠂ ᠳᠦᠷᠰᠦ ᠦᠭᠡᠢ ᠣᠷᠣᠨ) ᠭᠡᠬᠦ ᠮᠡᠲᠦ ᠠᠮᠢ ᠠᠬᠤᠢ ᠤᠬᠠᠮᠰᠠᠷ ᠤ᠋ᠨ ᠭᠤᠷᠪᠠᠨ ᠰᠡᠳᠬᠢᠯᠭᠡᠨ ᠳ᠋ᠦ᠍ ᠰᠠᠭᠤᠷᠢᠯᠠᠭᠰᠠᠨ ᠰᠢᠨᠵᠢ ᠲᠡᠢ ᠶ᠋ᠢ ᠬᠠᠷᠠᠵᠤ ᠪᠣᠯᠤᠨ᠎ᠠ᠃ ᠴᠣᠬᠣᠮ ᠡᠨᠡ ᠦᠶ᠎ᠡ ᠡᠴᠡ ᠮᠣᠩᠭᠣᠯ ᠤ᠋ᠨ ᠭᠤᠷᠪᠠᠯ ᠰᠡᠳᠬᠢᠯᠭᠡ ᠪᠤᠳ᠋ᠳ᠋ᠾᠠ ᠶ᠋ᠢᠨ ᠱᠠᠰᠢᠨ ᠤ᠋ ᠣᠨᠣᠯ ᠤ᠋ᠨ ᠬᠣᠶᠠᠷ᠂ ᠶᠣᠰᠣᠲᠠᠢ ᠰᠦᠯᠡᠯᠳᠡᠵᠦ① ᠪᠢᠳᠡ ᠥᠨᠥᠳᠥᠷ《ᠠᠷᠭ᠎ᠠ ᠪᠢᠯᠢᠭ》 ᠵᠡᠷᠭᠡ ᠶ᠋ᠢ《ᠦᠨᠳᠦᠰᠦᠨ》 ᠦ᠌ ᠣᠨᠣᠯ ᠮᠡᠲᠦ ᠪᠡᠷ ᠣᠢᠯᠠᠭᠠᠬᠤ ᠶᠠᠪᠤᠳᠠᠯ ᠲᠦᠭᠡᠮᠡᠯ ᠪᠣᠯᠵᠠᠢ᠃ ᠴᠣᠬᠣᠮ ᠡᠢᠮᠦ ᠡᠴᠡ ᠲᠥᠷᠥ ᠶ᠋ᠢᠨ ᠰᠦᠯᠳᠡ ᠳᠠᠯᠪᠠᠭ᠎ᠠ᠂ ᠵᠠᠷᠢᠮ ᠨᠠᠮ ᠤ᠋ᠨ ᠣᠨᠴᠠᠯᠢᠭ ᠵᠡᠷᠭᠡ ᠳ᠋ᠦ᠍《ᠠᠷᠭ᠎ᠠ ᠪᠢᠯᠢᠭ》 ᠲᠠᠬᠢᠭᠳᠠᠭᠰᠠᠭᠠᠷ᠂《ᠰᠣᠶᠣᠮᠪᠣ ᠵᠣᠶᠠᠳᠢ》 ᠬᠡᠮᠡᠬᠦ ᠡᠨᠡᠳᠬᠡᠭ ᠭᠠᠷᠤᠯ ᠲᠠᠢ ᠰᠠᠮᠭᠠᠷᠳᠢ ᠦᠭᠡ ᠪᠡᠷ ᠨᠡᠷᠡᠰᠢᠭᠰᠡᠨ ᠰᠦᠯᠳᠡ ᠰᠢᠲᠦᠭᠳᠡᠭᠰᠡᠭᠡᠷ᠂ ᠴᠠᠭᠠᠨ ᠰᠠᠷ᠎ᠠ ᠶ᠋ᠢᠨ ᠵᠢᠷᠤᠬᠠᠢ ᠳ᠋ᠤ᠌ ᠪᠣᠳ᠋ᠳ᠋ᡁᠠ ᠶ᠋ᠢᠨ ᠱᠠᠰᠢᠨ ᠤ᠋ ᠨᠣᠮ ᠰᠤᠳᠤᠷ ᠢ᠋ᠶ᠋ᠠᠷ ᠵᠠᠰᠠᠯ ᠠᠷᠭ᠎ᠠ
ᠭᠡᠬᠦ ᠵᠡᠷᠭᠡ ᠳᠡᠯᠭᠡᠷᠡᠭᠰᠡᠭᠡᠷ ᠪᠠᠢᠭ᠎ᠠ ᠠᠵᠢ ᠠ᠋᠃
ᠨᠢᠭᠡᠨᠲᠡ ᠠᠷᠠᠳ ᠲᠦᠮᠡᠨ ᠦ᠌ ᠠᠬᠤᠢ ᠬᠡᠪ ᠶᠣᠰᠣ ᠵᠠᠩᠰᠢᠯ ᠳ᠋ᠤ᠌ ᠤᠯᠠᠮᠵᠢᠯᠠᠭᠰᠠᠨ ᠭᠤᠷᠪᠠᠯ ᠰᠡᠳᠬᠢᠯᠭᠡᠨ ᠦ᠌ ᠬᠡᠪᠰᠢᠯ ᠢ᠋ᠶ᠋ᠡᠨ ᠰᠤᠯᠠᠷᠠᠭᠰᠠᠨ ᠴᠤ ᠬᠣᠵᠢᠮ1640 ᠣᠨ ᠤ᠋《ᠮᠣᠩᠭᠣᠯ ᠣᠢᠷᠠᠳ ᠤ᠋ᠨ ᠶᠡᠬᠡ ᠴᠠᠭᠠᠵᠠ》 ᠵᠡᠷᠭᠡ ᠳ᠋ᠦ᠍ ᠳᠠᠬᠢᠨ ᠬᠡᠪᠰᠢᠭᠦᠯᠬᠦ ᠵᠣᠷᠢᠯᠭ᠎ᠠ ᠲᠠᠯᠪᠢᠭᠳᠠᠵᠤ ᠪᠠᠢᠯ᠎ᠠ᠃ ᠭᠡᠪᠡᠴᠦ ᠡᠨᠡ ᠴᠠᠭ (1639 ᠣᠨ ᠳ᠋ᠤ᠌) ᠠᠩᠬᠠᠳᠤᠭᠠᠷ ᠪᠣᠭᠳᠠ ᠬᠠᠭᠠᠨ ᠳ᠋ᠤ᠌ ᠡᠷᠭᠦᠮᠵᠢᠯᠡᠭᠳᠡᠭᠰᠡᠨ ᠪᠣᠭᠳᠠ ᠵᠠᠨᠠᠪᠠᠽᠠᠷ (1635—1724) ᠲᠤ ᠲᠥᠷᠥ ᠱᠠᠵᠢᠨ ᠤ᠋ ᠬᠣᠣᠰᠯᠠᠨ ᠪᠠᠷᠢᠬᠤ ᠡᠷᠬᠡ ᠳᠣᠬᠢᠶᠠᠭᠳᠠᠵᠣ ᠬᠣᠶᠠᠷᠯᠠᠯ ᠶᠣᠰᠣ ᠳᠠᠬᠢᠨ ᠳᠡᠪᠰᠢᠭᠳᠡᠪᠡ᠃ ᠲᠡᠭᠦᠨ ᠡᠴᠡ 200 ᠰᠢᠬᠠᠮ ᠵᠢᠯ (ᠮᠠᠨᠵᠤ᠂ ᠬᠢᠲᠠᠳ ᠤ᠋ᠨ ᠡᠵᠡᠷᠬᠡᠢᠯᠡᠯ) ᠦ᠋ᠨ ᠡᠴᠦᠰ (1911 ᠣᠨ) ᠳ᠋ᠤ᠌ ᠣᠯᠠᠨ᠎ᠠ ᠡᠷᠭᠦᠭᠳᠡᠭᠰᠡᠨ ᠮᠣᠩᠭᠣᠯ ᠤᠯᠤᠰ ᠤ᠋ᠨ ᠬᠠᠭᠠᠨ ᠳ᠋ᠤ᠌ ᠡᠷᠭᠦᠮᠵᠢᠯᠡᠭᠳᠡᠭᠰᠡᠨ ᠨᠠᠢ᠍ᠮᠠᠳᠤᠭᠠᠷ ᠪᠣᠭᠳᠠ ᠵᠢᠪᠽᠣᠨᠳᠠᠮᠪᠠ (1870—1924) ᠦ᠌ ᠦᠶ᠎ᠡ ᠳ᠋ᠦ᠍ ᠤᠯᠤᠰ ᠭᠡᠷ ᠲᠥᠪᠬᠢᠨᠡᠬᠦ ᠰᠡᠷᠭᠦᠯᠲᠡ ᠳᠠᠬᠢᠨ ᠮᠠᠨᠳᠤᠭᠰᠠᠨ ᠪᠣᠯᠪᠠᠴᠤ ᠡᠨᠡ ᠨᠢ ᠨᠢᠭᠡᠨᠲᠡ ᠠᠯᠲᠠᠨ ᠤᠷᠤᠭ ᠤ᠋ᠨ ᠪᠣᠳᠣᠯᠭ᠎ᠠ ᠲᠠᠰᠤᠷᠠᠨ᠂ ᠭᠤᠷᠪᠠᠯ ᠰᠡᠳᠬᠢᠯᠭᠡᠨ ᠦ᠌ ᠥᠪ ᠳᠡᠳ᠋ ᠵᠡᠷᠭᠡ ᠳ᠋ᠦ᠍ ᠣᠷᠣᠵᠤ ᠵᠥᠪᠬᠡᠨ ᠰᠦᠯᠳᠡ ᠪᠡᠯᠭᠡ ᠨᠡᠷ᠎ᠡ ᠳᠡᠭᠡᠳᠦᠯᠡᠭᠳᠡᠭᠰᠡᠨ ᠪᠠ ᠪᠣᠭᠳᠠ ᠵᠠᠨᠠᠪᠠᠽᠠᠷ ᠤ᠋ᠨ ᠠᠳᠠᠯᠢ ᠱᠠᠰᠢᠨ ᠲᠥᠷᠥ ᠶ᠋ᠢ ᠬᠣᠣᠰᠯᠠᠨ ᠬᠣᠶᠠᠷ ᠶᠣᠰᠣ ᠡᠷᠬᠢᠮᠯᠡᠬᠦ ᠬᠡᠪᠰᠢᠯ ᠴᠢᠬᠤᠯᠠᠴᠢᠯᠠᠭᠳᠠᠵᠠᠢ᠃
ᠭᠡᠯᠡ ᠴᠦ᠍ ᠴᠢᠩᠭᠢᠰ ᠦ᠋ᠨ《ᠶᠡᠬᠡ ᠵᠠᠰᠠᠭ》 ᠬᠠᠤᠯᠢ ᠶ᠋ᠢᠨ ᠵᠢᠭᠠᠯᠲᠠ ᠨᠤᠭᠤᠳ ᠠᠷᠠᠳ ᠲᠦᠮᠡᠨ ᠦ᠌ ᠠᠮᠢᠳᠤᠷᠠᠯ ᠳ᠋ᠤ᠌ ᠵᠠᠩ ᠦᠢᠯᠡ ᠶᠣᠰᠣ ᠪᠣᠯᠵᠤ ᠬᠡᠪᠰᠢᠨ ᠠᠷᠠᠳ ᠤ᠋ᠨ ᠰᠤᠷᠭᠠᠯ ᠥᠪ ᠲᠦ ᠬᠠᠳᠠᠭᠠᠯᠠᠭᠳᠠᠵᠤ ᠭᠠᠯ ᠭᠣᠯᠣᠮᠲᠠ ᠶ᠋ᠢᠨ ᠠᠷᠢᠭᠤᠨ ᠶᠣᠰᠣ᠂ ᠮᠠᠯ᠂ ᠠᠩ ᠠᠮᠢᠲᠠᠨ ᠢ᠋ ᠬᠠᠢᠷᠠᠯᠠᠨ ᠬᠠᠷᠢᠴᠠᠬᠤ ᠶᠣᠰᠣ᠂ ᠪᠠᠢᠭᠠᠯᠢ ᠯᠤᠤᠰ ᠢ᠋ᠶ᠋ᠠᠨ ᠳᠠᠬᠢᠨ ᠰᠢᠲᠦᠬᠦ ᠶᠣᠰᠣ ᠬᠢᠭᠡᠳ ᠶᠣᠰᠣ ᠰᠤᠷᠲᠠᠬᠤᠨ ᠨᠡᠢᠭᠡᠮ ᠦ᠋ᠨ ᠬᠠᠷᠢᠯᠴᠠᠭᠠᠨ ᠤ᠋ ᠣᠯᠠᠨ ᠶᠣᠰᠣ ᠵᠢᠭᠠᠯᠲᠠ ᠨᠤᠭᠤᠳ ᠶᠠᠭᠰᠢᠲᠠᠯ᠎ᠠ ᠬᠡᠷᠡᠭᠵᠢᠭᠰᠡᠭᠡᠷ ᠥᠨᠥ ᠶ᠋ᠢ ᠬᠦᠷᠴᠡᠢ᠃ ᠡᠭᠦᠨ ᠳ᠋ᠦ᠍ ᠥᠷᠢ ᠵᠢᠭᠡᠯᠡ᠂ ᠥᠭᠬᠦ ᠠᠪᠬᠤ ᠶᠣᠰᠣ᠂ ᠡᠷ᠎ᠡ ᠡᠮ᠎ᠡ ᠶ᠋ᠢᠨ ᠬᠣᠷᠢᠮᠲᠤ ᠶᠣᠰᠣ᠂ ᠠᠬᠠᠰ ᠵᠠᠬᠠᠰ ᠢ᠋ ᠠᠴᠢᠯᠠᠬᠤ ᠶᠣᠰᠣ᠁ ᠵᠡᠷᠭᠡ ᠶ᠋ᠢ ᠤᠭ ᠬᠠᠤᠯᠢ ᠶ᠋ᠢᠨ ᠵᠢᠭᠠᠯᠲᠠ ᠨᠤᠭᠤᠳ ᠲᠠᠢ ᠵᠢᠱ᠌ᠢᠵᠦ ᠦᠵᠡᠵᠦ ᠪᠣᠯᠬᠤ ᠶᠤᠮ᠃ ᠲᠡᠷᠡ ᠪᠠᠢᠲᠤᠭᠠᠢ《ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ》 ᠡᠴᠡ ᠴᠦ᠍ ᠭᠤᠷᠪᠠᠯ ᠬᠡᠪᠰᠢᠯ ᠨᠢ ᠥᠪᠯᠡᠭᠳᠡᠭᠰᠡᠭᠡᠷ ᠠᠭᠰᠠᠨ ᠢ᠋《ᠮᠣᠩᠭᠣᠯ ᠣᠢᠷᠠᠳ ᠤ᠋ᠨ ᠴᠠᠭᠠᠵᠠ》 ᠪᠦᠷ ᠰᠡᠭᠦᠯ ᠳ᠋ᠦ᠍1709—1796 ᠣᠨ ᠤ᠋ ᠬᠣᠭᠣᠷᠣᠨᠳᠣ ᠪᠣᠯᠪᠠᠰᠤᠷᠠᠭᠳᠠᠭᠰᠠᠨ《ᠬᠠᠯᠬ᠎ᠠ ᠵᠢᠷᠤᠮ》 ᠠ᠋ᠴᠠ ᠬᠠᠷᠠᠵᠤ ᠪᠣᠯᠤᠨ᠎ᠠ᠃ ᠶᠤᠸᠠᠨ ᠤ᠋《ᠠᠷᠪᠠᠨ ᠪᠤᠶᠠᠨᠲᠤ᠁》 ᠶ᠋ᠢᠨ《ᠭᠤᠷᠪᠠᠯ ᠦᠢᠯᠡ》᠂《ᠬᠠᠯᠬ᠎ᠠ ᠵᠢᠷᠤᠮ》 ᠳ᠋ᠤ᠌ ᠤᠭ《ᠭᠤᠷᠪᠠᠨ ᠦᠢᠯᠡ》 ᠨᠡᠷ᠎ᠡ ᠪᠡᠷ ᠢ᠋ᠶ᠋ᠡᠨ ᠪᠦᠯᠦᠭ ᠠᠭᠤᠯᠭ᠎ᠠ ᠪᠣᠯᠤᠨ ᠣᠷᠣᠵᠤ ᠳᠠᠢᠰᠤᠨ ᠠᠢᠰᠤᠢ ᠶ᠋ᠢ᠁ ᠵᠠᠷᠯᠠᠬᠤ (ᠠᠪᠤᠷᠠᠭᠴᠢ ᠠᠮᠤᠭᠤᠯᠠᠩ ᠤ᠋ᠨ) ᠬᠠᠭᠠᠨ ᠬᠠᠲᠤᠨ ᠶᠡᠬᠡᠰ ᠦ᠋ᠨ ᠡᠪᠡᠳᠴᠢᠯᠡᠬᠦ (ᠢᠷᠭᠡᠨ ᠦ᠌ ᠵᠠᠰᠠᠬᠤᠢ)᠂ ᠨᠣᠶᠠᠳ ᠬᠣᠭᠣᠷᠣᠨᠳᠣ ᠪᠠᠨ ᠡᠪᠳᠡᠷᠡᠬᠦ ᠳ᠋ᠦ᠍ ᠡᠪ ᠵᠠᠰᠠᠬᠤ (ᠤᠯᠤᠰ ᠢ᠋ ᠵᠠᠰᠠᠬᠤᠢ) ᠭᠡᠮᠡᠨ ᠢᠪᠴᠤᠷᠠᠵᠤ ᠨᠥᠭᠦᠭᠡ ᠤᠳᠬ᠎ᠠ ᠪᠠᠷ ᠤᠯᠠᠮ ᠲᠣᠳᠣᠷᠬᠠᠢ ᠪᠣᠯᠵᠤ ᠲᠤᠰᠤᠭᠰᠠᠨ ᠪᠠᠢᠵᠤ ᠵᠢᠱ᠌ᠢᠶ᠎ᠡ ᠲᠡᠢ ᠤᠯᠠᠮᠵᠢᠯᠠᠯ ᠢ᠋ ᠦᠵᠡᠵᠦ ᠪᠣᠯᠤᠨ᠎ᠠ᠃ ᠡᠢᠮᠦ ᠳ᠋ᠦ᠍ ᠡᠵᠡᠨ ᠪᠣᠭᠳᠠ ᠴᠢᠩᠭᠢᠰ ᠦ᠋ᠨ ᠭᠤᠷᠪᠠᠯ ᠣᠨᠣᠯ ᠤ᠋ᠨ ᠭᠠᠷᠭᠠᠯᠭ᠎ᠠ ᠺᠡᠲ᠋ᠧᠭᠤᠷ ᠤ᠋ᠨ ᠥᠨᠥ ᠴᠦ᠍ ᠠᠷᠠᠳ ᠤ᠋ᠨ ᠪᠡᠯᠭᠡ ᠵᠦᠢ᠂ ᠶᠣᠰᠣ ᠵᠠᠩᠰᠢᠯ ᠳ᠋ᠤ᠌ ᠣᠷᠣᠰᠢᠭᠰᠠᠭᠠᠷ ᠪᠠᠢᠬᠤ ᠲᠠᠰᠤᠷᠠᠯᠲᠠ ᠦᠭᠡᠢ ᠬᠡᠯᠬᠢᠶᠡᠨ ᠳ᠋ᠦ᠍ ᠦᠨᠳᠦᠰᠦᠲᠡᠨ ᠦ᠌ ᠭᠣᠣᠯ ᠣᠨᠴᠠᠯᠢᠭ ᠪᠣᠯᠤᠭᠰᠠᠭᠠᠷ ᠠᠭᠰᠠᠨ ᠭᠡᠵᠦ ᠳ᠋ᠦᠩᠨᠡᠵᠦ ᠪᠣᠯᠬᠣᠷ ᠪᠥᠭᠡᠳ ᠲᠤᠰᠬᠠᠢᠯᠠᠨ ᠰᠤᠳᠤᠯᠤᠭᠤᠰᠢᠲᠠᠢ ᠰᠡᠳᠦᠪ ᠲᠤᠯᠠ ᠲᠣᠪᠴᠢᠯᠠᠨ ᠲᠣᠢᠮᠣᠯᠠᠪᠠᠢ᠃
ᠦᠰᠦᠭ ᠠᠮᠢᠯᠠᠭᠤᠯᠤᠭᠰᠠᠨ ᠨᠢ᠄ ᠦᠯᠵᠡᠢᠪᠠᠭᠠᠲᠤᠷ᠂ ᠲᠣᠭᠳᠠᠭᠤᠨᠪᠠᠶᠠᠷ᠂ ᠪᠠᠶᠠᠨᠰᠡᠷᠡᠩ᠂ ᠲᠤᠶᠠᠭ᠎ᠠ᠂ ᠣᠳᠬᠠᠨᠰᠣ᠎ᠠ
ᠬᠢᠨᠠᠭᠴᠢ ᠪᠠᠭᠰᠢ ᠨᠢ᠄ ᠰᠡᠬᠡᠭᠡᠷᠡᠯ᠂ ᠣᠳᠬᠠᠨᠰᠣ᠎ᠠ
