ᠲᠠᠪᠤ᠂ ᠬᠣᠶᠠᠷ ᠭᠡᠳᠡᠭ ᠵᠥᠪᠬᠡᠨ ᠲᠡᠩᠴᠡᠭᠦᠷᠢ-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Хаанбуу
ᠲᠠᠪᠤ᠂ ᠬᠣᠶᠠᠷ ᠭᠡᠳᠡᠭ ᠵᠥᠪᠬᠡᠨ ᠲᠡᠩᠴᠡᠭᠦᠷᠢ
ᠮᠣᠩᠭᠣᠯᠴᠤᠳ ᠨᠢᠭᠡ ᠶ᠋ᠢ ᠲᠣᠭ᠎ᠠ ᠭᠡᠵᠦ ᠦᠵᠡᠳᠡᠭ ᠦᠭᠡᠢ ᠵᠥᠪᠬᠡᠨ ᠰᠣᠨᠳᠣᠭᠣᠢ ᠠᠵᠢ᠃ ᠲᠡᠷᠡ ᠨᠢ ᠨᠢᠭᠡ ᠶᠠᠭᠤᠮ᠎ᠠ ᠭᠡᠵᠦ ᠪᠠᠢᠳᠠᠭ ᠦᠭᠡᠢ ᠶ᠋ᠢᠨ ᠬᠢ ᠪᠥᠭᠡᠳ ᠪᠠᠢᠭ᠎ᠠ ᠭᠡᠪᠡᠯ ᠲᠣᠭᠠᠯᠠᠬᠤ ᠶᠠᠭᠤᠮ᠎ᠠ ᠦᠭᠡᠢ ᠭᠠᠭᠴᠠ᠃ ᠳᠣᠷᠵᠢ ᠭᠡᠳᠡᠭ ᠬᠥᠮᠦᠨ ᠴᠢᠷᠠᠢ ᠵᠢᠰᠦ᠂ ᠪᠣᠳᠣᠯ ᠤᠬᠠᠭᠠᠨ᠂ ᠪᠡᠶ᠎ᠡ ᠴᠣᠭᠴᠢᠰ ᠤ᠋ᠨ ᠬᠤᠪᠢ ᠳ᠋ᠤ᠌ ᠴᠣᠷᠢ ᠶ᠋ᠢᠨ ᠭᠠᠭᠴᠠ ᠲᠤᠯᠠ ᠥᠭᠡᠷ᠎ᠡ ᠨᠢᠭᠡᠨ ᠳᠣᠷᠵᠢ ᠪᠠᠰᠠ ᠨᠢᠭᠡ ᠳᠣᠷᠵᠢ ᠲᠠᠢ ᠨᠡᠢᠯᠡᠭᠦᠯᠦᠨ ᠲᠣᠭᠠᠯᠠᠬᠤ ᠶᠣᠰᠣ ᠦᠭᠡᠢ ᠪᠣᠯᠤᠨ᠎ᠠ᠃ ᠡᠭᠦᠨ ᠯᠦ᠍ᠭᠡ ᠠᠳᠠᠯᠢ ᠬᠣᠶᠠᠷ ᠪᠠᠰᠠ ᠲᠣᠭ᠎ᠠ ᠪᠢᠰᠢ ᠵᠥᠪᠬᠡᠨ ᠲᠡᠭᠰᠢ ᠪᠤᠶᠤ ᠥᠷᠥᠭᠡᠯ᠃ ᠪᠠᠰᠠ ᠬᠣᠷᠸ᠎ᠠ ᠳ᠋ᠤ᠌ ᠬᠣᠶᠠᠷ ᠶᠠᠭᠤᠮ᠎ᠠ ᠦᠭᠡᠢ ᠪᠣᠯᠤᠨ᠎ᠠ ᠲᠡᠷᠡ ᠨᠢ ᠬᠣᠶᠠᠷ ᠨᠢᠭᠡ ᠶ᠋ᠢᠨ ᠲᠡᠩᠴᠡᠭᠦᠷᠢ ᠠᠵᠢ᠃ ᠡᠢᠮᠦ ᠡᠴᠡ ᠲᠡᠭᠰᠢ ᠪᠠ ᠰᠣᠨᠳᠣᠭᠣᠢ ᠬᠣᠶᠠᠷ ᠢ᠋ ᠠᠮᠢᠯᠠᠭᠤᠯᠤᠭᠰᠠᠨ ᠭᠤᠷᠪᠠ ᠶ᠋ᠢ ᠲᠣᠭᠠᠨ ᠤ᠋ ᠡᠬᠢᠨ ᠭᠡᠵᠦ ᠦᠵᠡᠳᠡᠭ᠃ ᠡᠨᠡ ᠨᠢ ᠭᠤᠷᠮᠤᠰᠤᠨ ᠤᠬᠠᠭᠠᠨ ᠤ᠋ ᠪᠠᠰᠠ ᠨᠢᠭᠡ ᠰᠢᠯᠲᠠᠭᠠᠨ ᠪᠥᠭᠡᠳ ᠨᠢᠭᠡ ᠶᠠᠭᠤᠮ᠎ᠠ ᠭᠡᠳᠡᠭ ᠢ᠋ ᠭᠤᠷᠪᠠ ᠭᠡᠰᠡᠨ ᠰᠠᠨᠠᠭ᠎ᠠ ᠪᠤᠶᠤ ᠨᠢᠭᠡ ᠶᠠᠭᠤᠮ᠎ᠠ ᠪᠦᠷᠢ ᠶ᠋ᠢ ᠭᠤᠷᠪᠠᠨ ᠤᠳᠬ᠎ᠠ ᠭᠤᠷᠮᠤᠰᠤᠨ ᠵᠠᠳᠠᠷᠠᠭ᠎ᠠ ᠪᠣᠢ ᠭᠡᠰᠡᠨ ᠪᠢᠰᠢᠯᠭᠠᠯ ᠠᠵᠢ2×1=2 ᠡᠨᠡ ᠪᠣᠯ ᠳᠡᠯᠡᠬᠡᠢ ᠨᠡᠢᠲᠡ ᠳ᠋ᠦ᠍ ᠮᠡᠳᠡᠷᠡᠭᠳᠡᠭᠰᠡᠨ ᠬᠠᠷᠢᠭᠤ᠂2×1=4 ᠡᠨᠡ ᠪᠣᠯ ᠮᠣᠩᠭᠣᠯ ᠤᠬᠠᠭᠠᠨ ᠤ᠋ ᠠᠮᠢᠨ ᠵᠥᠪ᠃ 2 ᠢ᠋ ᠨᠢᠭᠡ ᠬᠣᠶᠠᠷ ᠢ᠋ᠶ᠋ᠠᠷ ᠦᠷᠡᠵᠢᠭᠦᠯᠦᠭᠰᠡᠨ ᠭᠡᠰᠡᠨ ᠤᠳᠬ᠎ᠠ ᠲᠠᠢ ᠲᠤᠯᠠ4 ᠪᠠᠢᠬᠤ ᠶᠣᠰᠣᠲᠠᠢ᠃2×0=2 ᠨᠢ ᠪᠣᠯ2 ᠢ᠋ ᠶᠠᠭᠤ ᠪᠠᠷ ᠴᠤ᠌ ᠦᠷᠡᠵᠢᠭᠦᠯᠦᠭᠰᠡᠨ ᠦᠭᠡᠢ ᠲᠤᠯᠠ2 ᠭᠡᠰᠡᠨ ᠬᠠᠷᠢᠭᠤ᠃ ᠬᠠᠷᠢᠨ0×2 ᠪᠣᠯ ᠬᠠᠷᠢᠭᠤ ᠨᠢ ᠲᠡᠭ ᠶᠦᠮ᠃ ᠬᠥᠮᠦᠨ ᠬᠣᠶᠠᠷ ᠭᠠᠷ ᠲᠠᠢ ᠴᠤ᠌ ᠭᠡᠰᠡᠨ ᠭᠠᠷ ᠢ᠋ ᠠᠮᠢᠯᠠᠭᠤᠯᠤᠭᠴᠢ ᠰᠢᠳᠢᠲᠦ ᠠᠮᠢᠨ ᠭᠠᠷ ᠨᠢ ᠲᠠᠷᠢᠬᠢᠨ ᠳ᠋ᠤ᠌ ᠣᠷᠣᠰᠢᠬᠤ ᠪᠥᠭᠡᠳ ᠲᠡᠷᠡ ᠨᠢ ᠰᠠᠲᠤᠯ ᠪᠣᠳᠣᠯ ᠣᠶᠤᠨ ᠤ᠋ ᠬᠦᠴᠦ ᠪᠡᠷ ᠢᠯᠡᠷᠡᠳᠡᠭ᠃ ᠵᠢᠷᠤᠭᠠᠴᠢ ᠶ᠋ᠢᠨ ᠠᠪᠢᠶᠠᠰ ᠲᠠᠢ 《ᠲᠠᠷᠢᠬᠢᠨ》 ᠳ᠋ᠤ᠌ ᠠᠭᠤᠷᠬᠠᠢᠴᠢᠨ ᠤ᠋ ᠫᠠᠷᠠᠭᠠᠷ ᠭᠠᠷ ᠵᠠᠯᠭᠠᠪᠠᠰᠤ ᠪᠢᠷ ᠦ᠋ᠨ ᠤᠷᠠᠨ ᠦᠵᠦᠭᠦᠷ ᠲᠣᠷᠬᠤ ᠦᠭᠡᠢ ᠭᠦᠶᠦᠨ᠎ᠡ ᠭᠡᠰᠡᠨ ᠤᠳᠬ᠎ᠠ ᠲᠠᠢ᠃ ᠡᠨᠡ ᠮᠡᠲᠦᠴᠢᠯᠡᠨ ᠬᠥᠮᠦᠨ ᠪᠦᠷᠢ ᠭᠤᠷᠪᠠᠨ ᠨᠢᠳᠦ ᠲᠡᠢ᠂ ᠭᠤᠷᠪᠠᠨ ᠬᠥᠯ ᠲᠡᠢ᠂ ᠭᠤᠷᠪᠠᠨ ᠮᠥᠮᠥ ᠲᠡᠢ᠁ ᠭᠡᠬᠦ ᠮᠡᠲᠦ᠃ ᠤᠴᠢᠷ ᠢ᠋ ᠬᠠᠢᠪᠠᠯ ᠠᠮᠢᠨ ᠭᠤᠷᠪᠠᠨ ᠡᠷᠳᠡᠨᠢ ᠵᠢᠷᠦᠬᠡ᠂ ᠲᠠᠷᠢᠬᠢ᠂ ᠪᠡᠯᠭᠦ бэлх(ᠪᠡᠯᠭᠡ ᠡᠷᠬᠡᠲᠡᠨ ᠭᠡᠵᠦ ᠪᠢᠴᠢᠵᠦ ᠬᠡᠪᠰᠢᠭᠰᠡᠨ ᠣᠢᠯᠭᠠᠯᠲᠠ᠃ ᠵᠦᠢ ᠨᠢ ᠪᠡᠯᠭᠦ᠂ ᠪᠡᠯᠭᠦᠰ᠂ ᠪᠡᠯᠭᠦᠭᠡᠰᠦ ᠪᠣᠯᠤᠨ᠎ᠠ) ᠴᠤ᠌ ᠳᠣᠲᠣᠷ᠎ᠠ ᠪᠠᠨ ᠭᠤᠷᠪᠠᠯ ᠤ᠋ᠳ ᠠᠵᠠᠢ᠃ ᠬᠥᠮᠦᠨ ᠦ᠌ ᠪᠡᠶ᠎ᠡ ᠭᠡᠭᠴᠢ ᠬᠡᠢ᠂ ᠪᠠᠳᠬᠠᠨᠠ᠂ ᠰᠢᠷ᠎ᠠ ᠭᠤᠷᠪᠠᠯ ᠳ᠋ᠤ᠌ ᠰᠢᠲᠦᠯᠴᠡᠭᠰᠡᠨ ᠠᠪᠠᠢ᠃ ᠬᠥᠮᠦᠨ ᠬᠣᠶᠠᠷ ᠬᠥᠯ ᠳᠡᠭᠡᠷ᠎ᠡ ᠵᠣᠭᠰᠣᠵᠤ ᠴᠢᠳᠠᠬᠤ ᠦᠭᠡᠢ᠃ ᠲᠤᠯᠬᠤ ᠴᠢᠭ (ᠲᠤᠯᠬᠤ ᠭᠤᠷᠪᠠᠨ ᠴᠢᠯᠠᠭᠤ) ᠭᠤᠷᠪᠠ᠃ ᠠᠮᠢ ᠪᠤᠰᠠᠨᠢᠪᠠᠰᠤ ᠪᠡᠶ᠎ᠡ ᠰᠡᠳᠬᠢᠯ ᠰᠥᠭᠥᠳᠦᠨ ᠤᠨᠠᠮᠤᠢ᠃ ᠭᠡᠲᠡᠯ᠎ᠡ ᠬᠣᠶᠠᠷᠲᠤ ᠶ᠋ᠢᠨ ᠲᠣᠭᠳᠠᠭᠠᠯᠴᠠᠭᠠᠲᠣ ᠡᠨᠡ ᠡᠷᠢᠨ ᠦ᠌ ᠰᠡᠳᠬᠢᠯᠭᠡ ᠰᠠᠢᠨ ᠮᠠᠭᠤ᠂ ᠪᠠᠶᠠᠷ ᠭᠤᠨᠢᠭ᠂ ᠵᠢᠷᠭᠠᠯ ᠵᠣᠪᠠᠯᠠᠩ᠂ ᠬᠠᠷ᠎ᠠ ᠴᠠᠭᠠᠨ᠂ ᠬᠠᠯᠠᠭᠤᠨ ᠬᠦᠢᠲᠡᠨ ᠭᠡᠬᠦ ᠮᠡᠲᠦ ᠲᠡᠷᠰᠡᠭᠰᠡᠨ ᠬᠣᠶᠠᠷᠯᠠᠯ ᠳ᠋ᠤ᠌ ᠲᠤᠢᠯᠰᠢᠷᠠᠨ ᠰᠠᠮᠠᠭᠤᠷᠠᠵᠠᠢ᠃ ᠪᠠᠶᠠᠷ ᠭᠤᠨᠢᠭ ᠤ᠋ᠨ ᠳᠤᠮᠳᠠᠬᠢ ᠴᠠᠭ ᠬᠤᠭᠤᠴᠠᠭ᠎ᠠ ᠣᠷᠣᠨ ᠵᠠᠢ ᠶ᠋ᠢ ᠡᠵᠡᠯᠡᠬᠦ ᠡᠩᠭᠦᠨ(ᠡᠩ ᠦ᠋ᠨ) ᠶᠡᠬᠡ ᠠᠮᠢᠳᠤᠷᠠᠯ᠂ ᠵᠢᠷᠭᠠᠯ ᠵᠣᠪᠠᠯᠠᠩ ᠤ᠋ᠨ ᠳᠤᠮᠳᠠ ᠨᠠᠰᠤᠨ ᠤ᠋ ᠠᠮᠢᠳᠤᠷᠠᠯ ᠣᠷᠣᠰᠢᠳᠠᠭ ᠢ᠋ ᠰᠠᠨᠠᠬᠤ ᠶᠣᠰᠣᠲᠠᠢ᠃ ᠶᠡᠷᠦ ᠨᠢ ᠵᠥᠷᠢᠭ ᠡᠰᠡᠷᠭᠦ ᠶ᠋ᠢᠨ ᠵᠥᠪᠰᠢᠯ ᠪᠣᠯ ᠵᠥᠪᠬᠡᠨ ᠰᠠᠭᠠᠷᠮᠠᠭᠵᠢᠭᠤᠯᠤᠯᠲᠠ ᠡᠰᠡᠬᠦᠯ᠎ᠡ ᠰᠦᠢᠷᠡᠯ᠃ ᠡᠷ᠎ᠡ ᠡᠮ᠎ᠡ ᠬᠣᠶᠠᠷ ᠲᠡᠷᠰᠡᠪᠡᠯ ᠬᠠᠭᠠᠴᠠᠨ᠎ᠠ᠂ ᠡᠭᠡᠯ ᠲᠦᠮᠡᠨ ᠲᠡᠷᠰᠡᠪᠡᠰᠦ ᠳᠠᠢᠳᠤᠨ᠎ᠠ᠃ ᠡᠳᠦᠭᠡ ᠴᠠᠭ ᠤ᠋ᠨ ᠹᠢᠯᠣᠰᠣᠹᠢ ᠶ᠋ᠢᠨ ᠺᠡᠲᠧᠭᠤᠷ ᠤ᠋ᠳ ᠴᠤ᠌ ᠵᠠᠢᠯᠠᠰᠢ ᠦᠭᠡᠢ ᠪᠠ ᠰᠠᠨᠠᠮᠰᠠᠷ ᠦᠭᠡᠢ᠂ ᠰᠢᠯᠲᠠᠭᠠᠨ ᠪᠠ ᠦᠢᠯᠡᠳᠦᠯ᠂ ᠠᠭᠤᠯᠭ᠎ᠠ ᠪᠠ ᠬᠡᠯᠪᠡᠷᠢ᠂ ᠪᠣᠯᠤᠯᠴᠠᠭ᠎ᠠ ᠪᠠ ᠪᠣᠳᠠᠲᠤ ᠪᠠᠢᠳᠠᠯ᠂ ᠮᠥᠨ ᠴᠢᠨᠠᠷ ᠪᠠ ᠦᠵᠡᠭᠳᠡᠯ ᠭᠡᠬᠦ ᠵᠡᠷᠭᠡ ᠪᠡᠷ ᠬᠣᠢᠮᠣᠰᠣᠨ ᠪᠠᠷᠢᠯ ᠢ᠋ᠶ᠋ᠠᠷ ᠨᠣᠮᠯᠠᠬᠤ ᠠᠵᠠᠢ᠃ ᠭᠤᠷᠮᠤᠰᠤᠨ ᠰᠡᠳᠬᠢᠯᠭᠡ ᠪᠡᠷ ᠭᠦᠶᠦᠮᠡᠭ ᠴᠦ᠍ ᠠᠲᠤᠭᠠᠢ ᠡᠷᠭᠢᠴᠡᠭᠦᠯᠪᠡᠰᠦ᠃
ᠠᠭᠤᠯᠭ᠎ᠠ ᠬᠡᠯᠪᠡᠷᠢ ᠳᠡᠭᠡᠷ᠎ᠡ ᠤᠷ᠎ᠠ ᠴᠢᠳᠠᠪᠤᠷᠢ
ᠵᠠᠢᠯᠠᠰᠢ ᠦᠭᠡᠢ— ᠰᠠᠨᠠᠮᠰᠠᠷ ᠦᠭᠡᠢ ᠳᠡᠭᠡᠷ᠎ᠡ ᠡᠰᠡ ᠥᠳᠥᠭᠡᠭᠳᠡᠬᠦ
ᠴᠠᠭ ᠬᠤᠭᠤᠴᠠᠭ᠎ᠠ— ᠣᠷᠣᠨ ᠵᠠᠢ ᠳᠡᠭᠡᠷ᠎ᠡ ᠬᠣᠭᠣᠰᠣᠨ
ᠰᠢᠯᠲᠠᠭᠠᠨ— ᠦᠢᠯᠡᠳᠦᠯ ᠳᠡᠭᠡᠷ᠎ᠡ ᠦᠷ᠎ᠡ ᠳᠠᠭᠠᠪᠤᠷᠢ
ᠮᠥᠨ ᠴᠢᠨᠠᠷ— ᠦᠵᠡᠭᠳᠡᠯ ᠳᠡᠭᠡᠷ᠎ᠡ ᠬᠤᠪᠢᠰᠤᠯ
ᠪᠣᠯᠤᠯᠴᠠᠭ᠎ᠠ— ᠪᠣᠳᠠᠲᠤ ᠪᠠᠢᠳᠠᠯ ᠳᠡᠭᠡᠷ᠎ᠡ ᠨᠥᠬᠥᠴᠡᠯ ᠢ᠋ ᠨᠡᠮᠡᠵᠦ ᠰᠤᠳᠤᠯᠤᠭᠤᠰᠢᠲᠠᠢ ᠰᠠᠨᠠᠭᠳᠠᠨ᠎ᠠ᠃ ᠨᠥᠬᠥᠴᠡᠯ ᠪᠣᠯᠤᠯᠴᠠᠭ᠎ᠠ ᠬᠣᠶᠠᠷ ᠤᠳᠬ᠎ᠠ ᠨᠢᠭᠡ ᠮᠡᠲᠦ ᠴᠦ᠍ ᠪᠣᠯᠤᠯᠴᠠᠭ᠎ᠠ ᠨᠢ ᠥᠭᠡᠷ᠎ᠡ ᠡᠴᠡ᠂ ᠨᠥᠬᠥᠴᠡᠯ ᠨᠢ ᠥᠷᠥᠭᠡᠯ ᠡᠴᠡ ᠬᠠᠮᠢᠶᠠᠷᠬᠤ ᠪᠣᠳᠠᠲᠤ ᠪᠠᠢᠳᠠᠯ ᠤ᠋ᠨ ᠬᠣᠶᠠᠷ ᠥᠭᠡᠷ᠎ᠡ ᠲᠠᠯ᠎ᠠ ᠪᠠᠢᠬᠤ ᠵᠢᠱ᠌ᠢᠶ᠎ᠡ ᠲᠡᠢ᠃ ᠭᠤᠷᠪᠠᠯ ᠪᠦᠬᠦᠨ ᠴᠠᠭᠠᠰᠢ3·9·81(+-) ᠭᠡᠬᠦ ᠮᠡᠲᠦ ᠪᠡᠷ ᠵᠠᠳᠠᠷᠠᠵᠤ ᠡᠴᠦᠰ ᠦᠭᠡᠢ ᠮᠡᠳᠡᠯᠭᠡ ᠶ᠋ᠢᠨ ᠭᠦᠨ ᠤᠷᠤᠭᠤ ᠶᠠᠷᠭᠢᠨᠠ ᠭᠡᠮᠡᠨ ᠮᠣᠩᠭᠣᠯ ᠤᠬᠠᠭᠠᠨ ᠨᠣᠮᠯᠠᠮᠤᠢ᠃
ᠴᠠᠭ ᠬᠤᠭᠤᠴᠠᠭ᠎ᠠ ᠭᠡᠳᠡᠭ《ᠬᠤᠷᠳᠤᠨ ᠲᠠᠢᠪᠤᠭᠤ ᠤᠳᠠᠭᠠᠨ》 ᠭᠡᠬᠦ ᠮᠡᠲᠦ ᠭᠡᠮ ᠢ᠋ᠶ᠋ᠡᠷ ᠣᠳᠣ ᠠ᠋ᠴᠠ ᠢᠷᠡᠭᠡᠳᠦᠢ ᠤᠷᠤᠭᠤ ᠴᠢᠭᠯᠡᠭᠰᠡᠨ ᠭᠠᠭᠴᠠᠬᠠᠨ ᠴᠢᠭ ᠲᠡᠢ ᠭᠡᠰᠡᠨ ᠬᠡᠪᠰᠢᠭᠰᠡᠨ ᠣᠢᠯᠠᠭᠠᠯᠲᠠ ᠶ᠋ᠢ ᠠᠪᠴᠤ ᠦᠵᠡᠶ᠎ᠡ᠃ ᠡᠨᠡ ᠪᠣᠯ ᠵᠥᠪᠬᠡᠨ ᠪᠣᠳᠠᠲᠤ(ᠮᠠᠲ᠋ᠧᠷᠢ) ᠥᠷᠥᠭᠡᠰᠦᠭᠡᠯ ᠴᠢᠨᠠᠷ ᠶᠤᠮ᠃ ᠪᠢᠳᠡ100 ᠰᠠᠶ᠎ᠠ ᠵᠢᠯ ᠦ᠋ᠨ ᠡᠮᠦᠨᠡᠬᠢ ᠣᠯᠳᠠᠪᠤᠷᠢ ᠣᠯᠤᠭᠠᠳ ᠣᠳᠣ ᠠ᠋ᠴᠠ ᠥᠩᠭᠡᠷᠡᠭᠰᠡᠨ ᠲᠠᠢᠰᠢ ᠣᠶᠤᠨ ᠰᠠᠨᠠᠭᠠᠨ ᠤ᠋ ᠣᠨ ᠲᠣᠭᠠᠯᠠᠯ ᠢ᠋ ᠡᠳ᠋ᠯᠡᠨ᠎ᠡ᠃ ᠭᠡᠲᠡᠯ᠎ᠡ ᠢᠷᠡᠭᠡᠳᠦᠢ ᠡᠴᠡ ᠣᠳᠣ ᠤᠷᠤᠭᠤ ᠠᠶᠠᠯᠠᠨ ᠣᠳᠣ ᠶ᠋ᠢ ᠳᠠᠭᠠᠷᠢᠵᠤ ᠥᠩᠭᠡᠷᠡᠭᠰᠡᠨ ᠲᠠᠢᠰᠢ ᠤᠷᠤᠰᠴᠤ ᠪᠠᠢᠳᠠᠭ ᠴᠢᠭᠯᠡᠯ ᠪᠠᠰᠠ ᠪᠠᠢᠳᠠᠭ᠃ ᠶᠡᠬᠡ ᠵᠥᠩᠴᠢ ᠨᠠᠰᠲ᠋ᠷᠦᠳᠦᠮᠡᠰ ᠣᠳᠣ ᠴᠠᠭ ᠳᠡᠭᠡᠷ᠎ᠡ ᠡᠴᠡ ᠢᠷᠡᠭᠡᠳᠦᠢ ᠶ᠋ᠢᠨ ᠬᠡᠳᠦᠨ ᠮᠢᠩᠭᠠᠨ ᠵᠢᠯ ᠦ᠋ᠨ ᠲᠡᠷᠲᠡᠭᠡ ᠳ᠋ᠦ᠍ ᠪᠣᠯᠬᠤ ᠣᠨᠴᠠᠭᠠᠢ ᠦᠢᠯᠡ ᠶᠠᠪᠤᠳᠠᠯ ᠢ᠋ ᠬᠥᠮᠦᠨ ᠦ᠌ ᠨᠡᠷ᠎ᠡ ᠤᠰᠤ᠂ ᠣᠨ ᠴᠠᠭ ᠲᠠᠢ ᠨᠢ ᠬᠦᠷᠲᠡᠯ᠎ᠡ ᠶᠠᠭᠠᠬᠢᠵᠤ ᠬᠠᠷᠠᠪᠠ ᠠ᠋? ᠲᠡᠷᠡ ᠢᠷᠡᠭᠡᠳᠦᠢ ᠡᠴᠡ ᠣᠳᠣ ᠤᠷᠤᠭᠤ ᠪᠠᠨ ᠠᠶᠠᠯᠠᠭᠰᠠᠨ ᠬᠥᠮᠦᠨ ᠪᠠᠢᠵᠠᠢ᠃ ᠡᠭᠦᠨ ᠳ᠋ᠦ᠍ ᠤᠯᠠᠮᠵᠢᠯᠠᠯᠲᠤ ᠮᠡᠷᠭᠡ ᠲᠥᠯᠭᠡ ᠶᠢᠰᠦᠨ ᠵᠣᠭᠣᠰ᠂ ᠬᠣᠷᠢᠨ ᠨᠢᠭᠡᠨ ᠴᠢᠯᠠᠭᠤᠨ ᠤ᠋ ᠬᠤᠪᠢᠯᠭᠠ ᠳᠠᠯᠤ ᠲᠦᠯᠡᠬᠦ ᠵᠡᠷᠭᠡ ᠭᠤᠷᠮᠤᠰᠤᠨ ᠰᠡᠳᠬᠢᠯᠭᠡᠨ ᠦ᠌ ᠷᠢᠳᠢ ᠰᠢᠳᠢ ᠬᠠᠮᠢᠶᠠᠷᠤᠨ᠎ᠠ᠃ ᠡᠨᠡ ᠪᠣᠯ ᠠᠮᠢᠨ ᠴᠠᠭ ᠶᠤᠮ᠃ ᠡᠪᠦᠯ ᠵᠤᠳ ᠪᠣᠯᠬᠤ ᠶ᠋ᠢ ᠬᠤᠯᠤᠭᠠᠨ᠎ᠠ ᠵᠤᠨ ᠮᠡᠳᠡᠵᠦ ᠭᠦᠶᠦᠭᠡ ᠪᠡᠨ ᠡᠷᠲᠡ ᠬᠤᠷᠢᠶᠠᠬᠤ᠂ ᠥᠩ ᠪᠣᠯᠬᠤ ᠶ᠋ᠢ ᠬᠤᠨ ᠮᠡᠳᠡᠵᠦ ᠨᠠᠭᠤᠷ ᠲᠤ᠌ ᠡᠪᠦᠯᠵᠢᠬᠦ᠂ ᠭᠠᠵᠠᠷ ᠬᠥᠳᠡᠯᠬᠦ ᠶ᠋ᠢ ᠨᠣᠬᠠᠢ ᠮᠡᠳᠡᠵᠦ ᠬᠡᠳᠦᠨ ᠬᠣᠨᠣᠭ ᠤ᠋ᠨ ᠡᠮᠦᠨ᠎ᠡ ᠡᠴᠡ ᠭᠠᠰᠠᠯᠤᠨ ᠭᠠᠩᠭᠢᠨᠠᠬᠤ᠂ ᠡᠨᠡ ᠪᠦᠬᠦᠨ ᠠᠮᠢ ᠠᠮᠢᠨ ᠳ᠋ᠠᠭᠠᠨ ᠮᠡᠳᠡᠷᠡᠮᠵᠢ ᠥᠭᠴᠦ ᠪᠣᠢ ᠵᠦᠩ ᠢᠷᠣ᠎ᠠ ᠶᠤᠮ᠃ ᠬᠥᠮᠦᠨ ᠲᠥᠷᠥᠯᠬᠢᠲᠡᠨ ᠦ᠌ ᠲᠤᠬᠠᠢ ᠳ᠋ᠤ᠌ ᠮᠠᠯᠴᠢᠨ ᠮᠣᠩᠭᠣᠯᠴᠤᠳ ᠡᠨᠡ ᠴᠠᠭ ᠢ᠋ ᠳᠡᠩᠳᠡᠭᠦᠦ ᠰᠠᠢᠨ ᠠᠰᠢᠭᠯᠠᠳᠠᠭ ᠪᠥᠭᠡᠳ ᠬᠠᠷᠠᠭᠤᠯᠵᠤ ᠪᠣᠢ ᠮᠠᠯ᠂ ᠠᠮᠢᠲᠠᠨ ᠡᠪᠡᠰᠦ ᠨᠣᠭᠣᠭ᠎ᠠ ᠶ᠋ᠢ ᠬᠠᠷᠠᠭᠠᠳ ᠢᠷᠡᠭᠡᠳᠦᠢ ᠪᠡᠨ ᠰᠢᠨᠵᠢᠳᠡᠭ ᠴᠢᠨᠠᠷ ᠨᠢ ᠥᠨᠥ ᠴᠦ᠍ ᠬᠠᠳᠠᠭᠠᠯᠠᠭᠳᠠᠨ ᠦᠯᠡᠳᠡᠵᠡᠢ᠃ ᠲᠡᠭᠡᠬᠦ ᠪᠡᠷ
ᠣᠳᠣ— ᠢᠷᠡᠭᠡᠳᠦᠢ ᠤᠷᠤᠭᠤ(ᠮᠠᠲ᠋ᠧᠷᠢ ᠴᠠᠭ)
ᠣᠳᠣ— ᠥᠩᠭᠡᠷᠡᠭᠰᠡᠨ ᠤᠷᠤᠭᠤ(ᠣᠶᠤᠨ ᠴᠠᠭ)
ᠢᠷᠡᠭᠡᠳᠦᠢ— ᠣᠳᠣ ᠤᠷᠤᠭᠤ(ᠠᠮᠢᠨ ᠴᠠᠭ) ᠪᠠᠢᠨ᠎ᠠ ᠭᠡᠰᠡᠨ ᠦᠭᠡ᠃
ᠬᠥᠮᠦᠨ ᠲᠥᠷᠥᠯᠬᠢᠲᠡᠨ ᠦ᠌ ᠰᠣᠶᠣᠯ ᠢᠷᠭᠡᠨᠰᠢᠯ ᠦ᠋ᠨ ᠭᠠᠷᠤᠯ ᠬᠣᠶᠠᠷᠯᠠᠯ ᠤᠬᠠᠭᠠᠨ ᠢ᠋ᠶ᠋ᠠᠷ ᠬᠥᠯᠭᠡᠯᠡᠵᠦ12 ᠮᠢᠩᠭᠠᠨ ᠵᠢᠯ ᠢ᠋ ᠪᠠᠷᠠᠭᠠᠳ ᠮᠠᠨ ᠤ᠋ ᠣᠨ ᠲᠣᠭᠠᠯᠠᠯ ᠤ᠋ᠨ ᠬᠣᠶᠠᠷ ᠮᠢᠩᠭᠠᠨ ᠵᠢᠯ ᠢ᠋ᠶ᠋ᠡᠷ ᠬᠤᠭᠤᠴᠠᠭ᠎ᠠ ᠪᠠᠨ ᠳᠠᠭᠤᠰᠬᠠᠬᠤ ᠨᠢ᠃ ᠡᠴᠦᠰᠯᠡᠨ ᠪᠣᠢ ᠡᠨᠡ ᠭᠠᠯᠪᠠ ᠶ᠋ᠢᠨ ᠡᠮᠦᠨᠡᠬᠢ ᠠᠲ᠋ᠯᠠᠨᠲ᠋ᠢᠳ᠋ ᠤ᠋ᠨ ᠭᠡᠬᠦ ᠰᠣᠶᠣᠯ ᠨᠢᠭᠡ ᠦᠨᠡᠨ ᠲᠡᠢ ᠨᠢᠭᠡ ᠤᠬᠠᠭᠠᠨ ᠤ᠋ ᠬᠢ ᠪᠠᠢᠭᠰᠠᠨ ᠭᠡᠳᠡᠭ᠃ ᠣᠪᠣᠭ ᠳᠣᠲᠣᠷᠠᠬᠢ ᠵᠣᠩᠬᠢᠯᠠᠭᠠᠴᠢ ᠶᠠᠭᠤ ᠯᠠ ᠭᠡᠵᠦ ᠵᠠᠩᠭᠠᠭᠰᠠᠨ ᠮᠠᠷᠭᠤᠬᠤ ᠶᠠᠭᠤᠮ᠎ᠠ ᠦᠭᠡᠢ ᠨᠢᠭᠡ ᠦᠨᠡᠨ ᠪᠠᠢᠵᠠᠢ᠃ ᠬᠣᠶᠠᠷ ᠣᠪᠣᠭ ᠳᠠᠢᠳᠤᠭᠠᠳ ᠬᠡᠨ ᠢᠯᠠᠨ᠎ᠠ ᠲᠡᠭᠦᠨ ᠦ᠌ ᠦᠨᠡᠨ᠃ ᠭᠡᠲᠡᠯ᠎ᠡ12 ᠮᠢᠩᠭᠠᠨ ᠵᠢᠯ ᠦ᠋ᠨ ᠡᠮᠦᠨ᠎ᠡ ᠮᠥᠬᠥᠭᠰᠡᠨ ᠠᠲ᠋ᠯᠠᠨᠲ᠋ᠢᠳ᠋ ᠤ᠋ᠨ ᠰᠣᠶᠣᠯ ᠭᠤᠷᠮᠤᠰᠤᠨ ᠰᠡᠳᠬᠢᠯᠭᠡ ᠮᠠᠨ ᠤ᠋ ᠭᠠᠯᠪᠠ ᠳ᠋ᠤ᠌ ᠬᠠᠯᠠᠭ᠎ᠠ ᠪᠠᠨ ᠥᠭᠴᠡᠢ᠃ ᠡᠨᠡ ᠨᠢ ᠬᠦᠴᠦ ᠲᠡᠢ ᠶ᠋ᠢᠨ ᠦᠨᠡᠨ ᠡᠰᠡᠷᠭᠦ ᠲᠡᠷᠰᠯᠡᠳᠡᠭ ᠲᠡᠮᠡᠴᠡᠯ ᠦ᠋ᠨ ᠨᠡᠭᠡᠭᠡᠯᠲᠡ ᠪᠣᠯᠵᠤ᠂ ᠦᠨᠡᠨ ᠢ᠋ ᠵᠠᠢᠯᠠᠵᠤ ᠦᠵᠡᠯᠴᠡᠭᠰᠡᠭᠡᠷ᠂ ᠬᠣᠢᠮᠣᠰᠣᠨ ᠨᠣᠮᠯᠠᠯ ᠬᠥᠭᠵᠢᠭᠰᠡᠭᠡᠷ ᠪᠠᠰᠠ12 ᠮᠢᠩᠭᠠᠨ ᠵᠢᠯ ᠢ᠋ ᠦᠳᠡᠭᠡᠳ᠂ ᠵᠢᠷᠭᠤᠳᠤᠭᠠᠷ ᠭᠠᠯᠪᠠ ᠪᠤᠶᠤ ᠮᠣᠩᠭᠣᠯ ᠤᠭᠰᠠᠭᠠᠨ ᠤ᠋ ᠭᠤᠷᠪᠠᠯ ᠤᠬᠠᠭᠠᠨ ᠤ᠋ ᠪᠣᠱᠣᠭ᠎ᠠ ᠶ᠋ᠢ ᠠᠯᠬᠤᠬᠤ ᠴᠠᠭ ᠢᠷᠡᠪᠡ᠃ ᠣᠷᠣᠰ ᠤ᠋ᠨ ᠡᠷᠳᠡᠮᠲᠡᠨ ᠢ᠋· ᠰᠡᠫᠢᠥᠯᠺᠢᠨ《ᠣᠷᠴᠢᠯᠠᠩ ᠤ᠋ᠨ ᠲᠠᠪᠢᠯᠠᠩ ᠨᠠᠸᠲ᠋ᠧᠷᠤᠳᠥ᠋ᠮᠤᠰ ᠤ᠋ᠨ ᠯᠦᠨᠳᠦᠩ》 ᠨᠣᠮ ᠳ᠋ᠠᠭᠠᠨ《ᠮᠠᠨ ᠤ᠋ ᠰᠣᠶᠣᠯ ᠢᠷᠭᠡᠨᠰᠢᠯ ᠢᠯᠠᠭᠳᠠᠵᠠᠢ》 ᠭᠡᠮᠡᠨ ᠭᠤᠨᠢᠬᠠᠷᠠᠨ ᠰᠠᠨᠠᠭᠠᠰᠢᠷᠠᠭᠰᠠᠨ ᠪᠠᠢᠬᠤ ᠶᠤᠮ᠃ ᠰᠡᠫᠶᠥᠯᠭᠢᠨ ᠣᠪᠣᠭᠲᠠᠨ ᠳ᠋ᠤ᠌ ᠡᠭᠦᠨ ᠡᠴᠡ ᠡᠭᠦᠳᠴᠦ ᠰᠠᠨᠠᠯ ᠲᠥᠷᠥᠭᠰᠡᠨ ᠦᠭᠡᠢ᠂ ᠵᠥᠪᠬᠡᠨ《ᠳᠠᠷᠠᠭᠠᠴᠢ ᠶ᠋ᠢᠨ ᠭᠠᠯᠪᠠ ᠤᠬᠠᠭᠠᠯᠢᠭ ᠪᠠᠢᠭᠠᠰᠠᠢ》 ᠭᠡᠮᠡᠨ ᠵᠠᠯᠪᠠᠷᠢᠵᠠᠢ᠃ ᠲᠩᠷᠢ ᠶ᠋ᠢᠨ ᠣᠷᠣᠨ ᠤ᠋ ᠬᠢᠨ ᠭᠡᠬᠦ ᠬᠠᠷᠢ ᠭᠠᠵᠠᠷ ᠤ᠋ᠨ ᠤᠬᠠᠭᠠᠨᠲᠠᠨ ᠨᠤᠭᠤᠳ ᠪᠢᠳᠡᠨ ᠦ᠌ ᠬᠥᠭᠵᠢᠯ ᠢ᠋ ᠲᠣᠬᠣᠭᠤᠷᠬᠠᠨ ᠭᠣᠯᠣᠵᠤ ᠭᠤᠷᠪᠠᠨ ᠤᠳᠠᠭ᠎ᠠ ᠡᠢᠮᠦ ᠳ᠋ᠦᠩᠨᠡᠯᠲᠡ ᠬᠢᠭᠰᠡᠨ ᠪᠥᠭᠡᠳ ᠰᠡᠭᠦᠯᠴᠢ ᠶ᠋ᠢᠨ ᠢᠯᠡᠭᠡᠯᠲᠡ ᠳ᠋ᠡᠭᠡᠨ《 ᠡᠷᠢᠯᠬᠢᠯᠡᠯ ᠴᠢᠨᠢ ᠭᠣᠣᠯ ᠲᠥᠯᠥᠪ ᠬᠣᠶᠠᠷ ᠠ᠋ᠴᠠ ᠨᠢᠭᠡ ᠶ᠋ᠢ ᠨᠢ ᠰᠣᠩᠭᠣᠬᠤ ᠳ᠋ᠤ᠌ ᠬᠦᠷᠴᠦ᠂ ᠬᠣᠶᠠᠷ ᠭᠡᠳᠡᠭ ᠪᠣᠯᠤᠮᠵᠢᠲᠤ ᠱᠠᠲᠤᠯᠠᠯ ᠤ᠋ᠨ ᠬᠢᠵᠠᠭᠠᠷ ᠪᠣᠯᠵᠤ ᠪᠠᠢᠨ᠎ᠠ᠃ ᠭᠡᠲᠡᠯ᠎ᠡ ᠵᠥᠪ ᠰᠢᠢᠳᠦᠯ ᠲᠡᠳᠡᠭᠡᠷ ᠦ᠋ᠨ ᠬᠣᠭᠣᠷᠣᠨᠳᠣ ᠪᠠᠢᠳᠠᠭ᠃ ᠬᠣᠶᠠᠷᠬᠠᠨ ᠤᠳᠬ᠎ᠠ ᠲᠠᠢ ᠲᠣᠢᠮᠣ ᠢᠯᠡᠷᠬᠡᠢᠯᠡᠯ ᠦ᠋ᠨ ᠦᠨᠳᠦᠰᠦ ᠨᠢ ᠪᠣᠯᠵᠠᠢ᠃ ᠡᠢᠮᠦ ᠬᠠᠭᠤᠷᠮᠠᠴᠢ ᠰᠡᠳᠬᠢᠯᠭᠡ᠁ ᠪᠦᠬᠦᠨ ᠡᠴᠡ ᠬᠠᠮᠤᠭ ᠤ᠋ᠨ ᠪᠦᠳᠦᠭᠦᠯᠢᠭ ᠶᠦᠮ》 ᠭᠡᠵᠡᠢ (ᠳᠤᠷᠠᠳᠤᠭᠰᠠᠨ ᠨᠣᠮ ᠳ᠋ᠤ᠌ ᠪᠣᠢ)᠃ ᠡᠨᠡ ᠢᠯᠡᠭᠡᠯᠲᠡ ᠶ᠋ᠢ1976 ᠣᠨ ᠳ᠋ᠤ᠌ ᠬᠦᠯᠢᠶᠡᠨ ᠠᠪᠴᠤ ᠵᠥᠪᠯᠡᠯᠲᠦ ᠵᠠᠰᠠᠭ ᠤ᠋ᠨ ᠭᠠᠵᠠᠷ ᠲᠤ᠌ ᠮᠡᠳᠡᠭᠦᠯᠦᠭᠰᠡᠨ ᠮᠠᠳᠠᠭ ᠦᠭᠡᠢ ᠦᠨᠡᠨ ᠠᠵᠠᠢ᠃ ᠭᠡᠲᠡᠯ᠎ᠡ ᠥᠨᠥ ᠶ᠋ᠢᠨ ᠬᠥᠮᠦᠨ ᠲᠥᠷᠥᠯᠬᠢᠲᠡᠨ ᠦ᠌ ᠨᠡᠢᠲᠡᠯᠢᠭ ᠰᠢᠯᠭᠠᠭᠤᠷ ᠢ᠋ᠶ᠋ᠠᠷ ᠬᠣᠴᠣᠷᠤᠭᠳᠠᠭᠰᠠᠨ ᠬᠥᠭᠵᠢᠯ ᠲᠡᠢ ᠭᠡᠰᠡᠨ ᠦᠨᠡᠯᠡᠭᠡ ᠲᠡᠢ ᠮᠣᠩᠭᠣᠯᠴᠤᠳ ᠨᠡᠩ ᠡᠷᠲᠡᠨ ᠡᠴᠡ ᠭᠤᠷᠮᠤᠰᠤᠨ ᠰᠡᠳᠬᠢᠯᠭᠡᠨ ᠦ᠌ ᠦᠷ᠎ᠡ ᠬᠥᠪᠦᠷᠡᠯ ᠲᠡᠢ ᠨᠢ ᠭᠠᠢᠬᠠᠯ ᠲᠠᠢ᠃ ᠪᠢᠳᠡᠨ ᠦ᠌ ᠢᠷᠡᠭᠡᠳᠦᠢ ᠪᠠᠶᠠᠨ᠂ ᠪᠢᠳᠡᠨ ᠦ᠌ ᠥᠨᠥᠳᠥᠷ ᠪᠠᠶᠠᠨ᠃ ᠭᠠᠭᠴᠠᠬᠦ ᠭᠠᠳᠠᠭᠠᠳᠤ ᠰᠡᠳᠬᠢᠯᠭᠡ ᠶ᠋ᠢ ᠤᠷᠭᠤᠭᠤᠯᠵᠤ᠂ ᠲᠡᠭᠦᠪᠡᠷ ᠠᠮᠢᠳᠤᠷᠠᠬᠤ ᠭᠡᠳ ᠲᠡᠷᠡ ᠨᠢ ᠤᠷᠭᠤᠵᠤ ᠥᠭᠬᠦ ᠦᠭᠡᠢ ᠤᠷᠭᠤᠴᠠ ᠠᠯᠳᠠᠭᠠᠳ ᠪᠢᠳᠡ ᠬᠣᠭᠣᠰᠣᠨ ᠰᠠᠭᠤᠭ᠎ᠠ ᠪᠤᠰᠤ ᠤᠤ? ᠡᠨᠡ《ᠤᠷᠭᠤᠴᠠ》 ᠪᠠᠷ ᠪᠠᠶᠠᠵᠢᠨ᠎ᠠ ᠭᠡᠪᠡᠯ ᠮᠣᠩᠭᠣᠯᠴᠤᠳ ᠤ᠋ᠨ ᠦᠨᠳᠦᠰᠦᠨ ᠦ᠌ ᠰᠡᠳᠬᠢᠯᠭᠡ ᠶ᠋ᠢ ᠦᠭᠡᠢ ᠬᠢᠬᠦ ᠶᠣᠰᠣᠲᠠᠢ! ᠲᠡᠷᠡ ᠪᠣᠯᠲᠠᠯ᠎ᠠ ᠪᠠᠰᠠ ᠬᠡᠳᠦᠨ ᠦᠶ᠎ᠡ ᠲᠤᠷᠰᠢᠯᠭ᠎ᠠ ᠶ᠋ᠢᠨ ᠲᠠᠤᠯᠠᠢ ᠪᠣᠯᠭᠠᠬᠤ ᠬᠡᠷᠡᠭ ᠭᠠᠷᠤᠨ᠎ᠠ᠃ ᠭᠡᠲᠡᠯ᠎ᠡ ᠲᠡᠷᠡ ᠦᠶ᠎ᠡ ᠳ᠋ᠦ᠍ ᠳᠡᠯᠡᠬᠡᠢ ᠨᠡᠢᠲᠡ ᠬᠥᠭᠵᠢᠯ ᠦ᠋ᠨ ᠪᠠᠯᠠᠭ ᠢ᠋ᠶ᠋ᠠᠨ ᠤᠬᠠᠭᠠᠷᠠᠵᠤ ᠭᠤᠷᠪᠠᠯ ᠣᠨᠣᠯ ᠢ᠋ ᠮᠠᠨᠢ ᠰᠢᠭᠦᠷᠡᠵᠦ ᠠᠪᠤᠭᠠᠳ ᠨᠡᠢᠲᠡᠯᠢᠭ ᠬᠣᠢᠮᠣᠰᠣᠨ ᠰᠡᠳᠬᠢᠯᠭᠡ ᠶ᠋ᠢ ᠦᠭᠡᠢᠰᠬᠡᠵᠦ ᠡᠬᠢᠯᠡᠭᠰᠡᠨ ᠪᠠᠢᠬᠤ ᠪᠣᠢ᠃
ᠦᠰᠦᠭ ᠠᠮᠢᠯᠠᠭᠤᠯᠤᠭᠴᠢ᠄ ᠲᠤᠶᠠᠭ᠎ᠠ᠂ ᠲᠣᠭᠳᠠᠭᠤᠨᠪᠠᠶᠠᠷ᠂ ᠪᠠᠶᠠᠨᠰᠡᠷᠡᠩ
ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠴᠢᠨᠳᠠᠮᠤᠨᠢ
