ᠳᠥᠷᠪᠡ· ᠠᠮᠢ- ᠠᠬᠤᠢ-ᠤᠬᠠᠮᠰᠠᠷ-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Хаанбуу
ᠳᠥᠷᠪᠡ· ᠠᠮᠢ- ᠠᠬᠤᠢ-ᠤᠬᠠᠮᠰᠠᠷ
《ᠪᠡᠶ᠎ᠡ》 ᠭᠡᠭᠴᠢ ᠪᠣᠳᠠᠲᠤ ᠠᠬᠤᠢ ᠣᠷᠴᠢᠯᠠᠩ ᠳ᠋ᠤ᠌ ᠪᠣᠢ ᠶ᠋ᠢ ᠬᠠᠷᠠᠵᠤ ᠪᠠᠢᠭ᠎ᠠ ᠰᠢᠭ᠋ ᠢ᠋ᠶ᠋ᠡᠨ ᠣᠶᠤᠨ ᠤ᠋ ᠮᠠᠨᠳᠤᠯ ᠰᠠᠨᠠᠭ᠎ᠠ ᠤᠬᠠᠮᠰᠠᠷ ᠪᠠᠢᠭ᠎ᠠ ᠶ᠋ᠢ ᠮᠡᠳᠡᠷᠡᠵᠦ ᠪᠠᠢᠭ᠎ᠠ ᠰᠢᠭ᠋ ᠢ᠋ᠶ᠋ᠡᠨ ᠣᠷᠴᠢᠯᠠᠩ ᠳᠦᠭᠦᠷᠡᠩ ᠠᠮᠢ ᠬᠢᠵᠠᠭᠠᠷ ᠦᠭᠡᠢ ᠬᠡᠮᠵᠢᠶᠡᠯᠡᠰᠢ ᠦᠭᠡᠢ ᠳ᠋ᠦ᠍ ᠲᠦᠭᠡᠮᠡᠯ ᠭᠡᠳᠡᠭ ᠲᠤ ᠢᠲᠡᠭᠡᠵᠡᠭᠡᠶᠡ᠃ ᠠᠮᠢ ᠪᠣᠯ ᠠᠬᠤᠢ ᠪᠢᠰᠢ ᠤᠬᠠᠮᠰᠠᠷ ᠪᠢᠰᠢ᠃ ᠠᠮᠢ ᠴᠠᠭ ᠬᠤᠭᠤᠴᠠᠭ᠎ᠠ ᠣᠷᠣᠨ ᠵᠠᠢ ᠶ᠋ᠢᠨ ᠡᠵᠡᠨ ᠮᠥᠨ᠃ ᠲᠡᠭᠦᠨ ᠢ᠋ ᠲᠣᠢᠮᠣᠯᠠᠪᠠᠯ ᠣᠷᠣᠰᠢᠬᠤᠢ ᠶ᠋ᠢᠨ ᠬᠤᠪᠢ (ᠬᠠᠲᠠᠭᠤ᠂ ᠰᠢᠩᠭᠡᠨ᠂ ᠬᠡᠢ) ᠳ᠋ᠦ᠍᠂ ᠮᠡᠳᠡᠷᠡᠭᠳᠡᠬᠦ (ᠬᠡᠮᠨᠡᠯ᠂ ᠬᠡᠯᠪᠡᠯᠵᠡᠯ᠂ ᠡᠷᠴᠢᠮᠯᠡᠭ) ᠨᠢ᠂ ᠦᠢᠯᠡ (ᠬᠥᠳᠡᠯᠭᠡᠭᠡᠨ᠂ ᠴᠢᠮᠡᠭᠡ᠂ ᠬᠣᠭᠣᠰᠣᠨ) ᠨᠢ᠂ ᠬᠡᠷᠡᠭᠴᠡᠭᠡ (ᠠᠷᠢᠭᠤᠨ᠂ ᠬᠠᠢᠷ᠎ᠠ᠂ ᠪᠤᠶᠠᠨ) ᠨᠢ᠂ ᠴᠠᠭᠯᠠᠯ (ᠥᠩᠭᠡᠷᠡᠭᠰᠡᠨ᠂ ᠣᠳᠣ᠂ ᠢᠷᠡᠭᠡᠳᠦᠢ) ᠨᠢ᠂ ᠬᠣᠣᠷᠯᠠᠯ (ᠠᠲᠠᠭ᠎ᠠ᠂ ᠰᠢᠨᠤᠯ᠂ ᠣᠮᠣᠭ) ᠨᠢ᠂ ᠰᠦᠯᠳᠡ (ᠮᠠᠭᠲᠠᠭᠠᠯ᠂ ᠢᠷᠦᠭᠡᠯ᠂ ᠬᠠᠷᠢᠶᠠᠯ) ᠨᠢ᠂ ᠭᠡᠮ (ᠬᠠᠯᠠᠭᠤᠨ᠂ ᠪᠦᠯᠢᠶᠡᠨ᠂ ᠬᠦᠢᠲᠡᠨ) ᠨᠢ᠂ ᠳᠦᠷᠰᠦ (ᠵᠡᠷᠭᠡᠯᠭᠡ᠂ ᠴᠤᠤᠷᠠᠢ᠂ ᠵᠡᠭᠦᠳᠦ) ᠨᠢ᠂ ᠬᠡᠮᠵᠢᠭᠳᠡᠬᠦᠨ ᠨᠢ (ᠵᠢᠩ᠂ ᠬᠡᠯᠪᠡᠷᠢ᠂ ᠡᠵᠡᠯᠡᠬᠦᠨ) ᠨᠢ᠁ ᠭᠡᠬᠦ ᠮᠡᠲᠦ ᠠᠪᠠᠢ᠃ ᠡᠳᠡᠭᠡᠷ ᠭᠤᠷᠪᠠᠯ ᠤ᠋ᠨ ᠰᠢᠲᠦᠯᠴᠡᠭᠡ ᠨᠢ ᠨᠢᠭᠡᠳᠡᠬᠢ ᠪᠣᠯᠭᠠᠨ ᠨᠢ ᠪᠡᠶ᠎ᠡ ᠳ᠋ᠦ᠍᠂ ᠬᠣᠶᠠᠳᠠᠬᠢ ᠪᠦᠷᠢ ᠳ᠋ᠦ᠍ ᠠᠮᠢᠨ ᠳ᠋ᠤ᠌᠂ ᠭᠤᠷᠪᠠᠳᠠᠬᠢ ᠪᠦᠷᠢ ᠨᠢ ᠣᠶᠤᠨ ᠳ᠋ᠤ᠌ (ᠰᠦᠨᠡᠰᠦ) ᠬᠠᠮᠢᠶ᠎ᠠ ᠲᠠᠢ ᠪᠣᠯᠬᠤ ᠶ᠋ᠢ ᠳᠤᠷᠠᠳᠰᠤ᠃ ᠲᠤᠬᠠᠢᠯᠠᠪᠠᠯ ᠬᠥᠮᠦᠨ ᠭᠡᠭᠴᠢ ᠠᠮᠢᠲᠠᠨ ᠠᠮᠢ ᠪᠡᠶ᠎ᠡ ᠤᠬᠠᠮᠰᠠᠷ ᠤ᠋ᠨ ᠨᠢᠭᠡᠳᠦᠯ ᠪᠣᠯᠬᠤ ᠶ᠋ᠢᠨ ᠪᠦᠳᠦᠭᠦᠪᠴᠢ ᠨᠢ ᠡᠢᠮᠦ ᠪᠤᠶᠤ᠄
| ᠬᠥᠮᠥᠨ | ᠠᠮᠢ | ᠪᠡᠶ᠎ᠡ | ᠰᠠᠨᠠᠭ᠎ᠠ (ᠰᠦᠨᠡᠰᠦ) |
| ᠣᠷᠣᠰᠢᠬᠤᠢ | ᠰᠢᠩᠭᠡᠨ | ᠬᠠᠲᠠᠭᠤ | ᠬᠡᠢ |
| ᠴᠢᠨᠠᠷ | ᠠᠮᠢᠳᠤᠷᠠᠯ | ᠦᠬᠦᠬᠦ | ᠮᠥᠩᠬᠡᠷᠡᠬᠦ |
| ᠴᠠᠭ | ᠣᠳᠣ᠌ | ᠥᠩᠭᠡᠷᠡᠬᠦ | ᠢᠷᠡᠭᠡᠳᠦᠢ |
| ᠦᠢᠯᠡᠳᠦᠯ | ᠴᠢᠮᠡᠭᠡ | ᠬᠥᠳᠡᠯᠭᠡᠭᠡᠨ | ᠬᠣᠭᠣᠰᠤᠨ |
| ᠳᠦᠷᠰᠦ | ᠴᠤᠤᠷᠠᠢ | ᠵᠡᠷᠭᠡᠯᠡᠭᠡ | ᠵᠡᠭᠦᠳᠦ |
| ᠰᠦᠯᠳᠡ | ᠢᠷᠦᠭᠡᠯ | ᠮᠠᠭᠲᠠᠭᠠᠯ | ᠬᠠᠷᠢᠶᠠᠯ |
| ᠬᠡᠷᠡᠭᠯᠡᠭᠡ | ᠬᠠᠢᠷ᠎ᠠ | ᠠᠷᠢᠭᠤᠨ | ᠪᠤᠶᠠᠨ |
| ᠬᠡᠮᠵᠢᠶᠡᠰᠦ | ᠤᠷᠲᠤ | ᠥᠨᠳᠥᠷ | ᠥᠷᠭᠡᠨ |
| ᠬᠡᠮ | ᠬᠠᠯᠠᠭᠤᠨ | ᠪᠦᠯᠢᠶᠡᠨ | ᠬᠦᠢᠲᠡᠨ |
| ᠮᠡᠳᠡᠷᠡᠭᠳᠡᠬᠦᠢ | ᠬᠠᠯᠪᠠᠯᠵᠠᠯ | ᠭᠡᠮᠨᠡᠯ | ᠬᠡᠷᠴᠢᠮᠯᠡᠭ |
| ᠬᠡᠮᠵᠢᠭᠳᠡᠬᠦᠢ | ᠬᠡᠯᠪᠡᠷᠢ | ᠵᠢᠩ | ᠡᠵᠡᠯᠡᠭᠦᠢ ᠶᠢᠨ |
ᠠᠮᠢ ᠰᠢᠩᠭᠡᠨ᠂ ᠪᠡᠶ᠎ᠡ ᠬᠠᠲᠠᠭᠤ᠂ ᠰᠥᠰᠥ ᠬᠡᠢ ᠪᠡᠯᠭᠡ ᠲᠡᠢ ᠪᠣᠯᠪᠠᠴᠤ ᠭᠤᠷᠮᠤᠰᠤᠨ ᠬᠡᠯᠬᠢᠶᠡᠨ ᠳ᠋ᠦ᠍ ᠨᠠᠷᠢᠪᠴᠢᠯᠠᠭᠳᠠᠨᠠ᠃ ᠵᠢᠱ᠌ᠢᠶ᠎ᠡ ᠨᠢ ᠠᠮᠢ ᠰᠢᠩᠭᠡᠨ ᠪᠡᠯᠭᠡ ᠲᠡᠢ ᠪᠣᠯᠪᠠᠴᠤ ᠲᠡᠭᠦᠨ ᠳ᠋ᠦ᠍ ᠵᠢᠩ ᠢ᠋ᠶ᠋ᠡᠷ ᠬᠡᠮᠵᠢᠭᠳᠡᠬᠦ ᠪᠡᠶ᠎ᠡ᠂ ᠬᠡᠢ ᠪᠡᠷ ᠬᠡᠮᠵᠢᠬᠦ ᠣᠶᠤᠨ ᠪᠠᠰᠠ ᠪᠣᠢ ᠭᠡᠰᠡᠨ ᠣᠢᠯᠠᠭᠠᠯᠲᠠ ᠶᠤᠮ᠃ ᠶᠠᠭᠤ ᠲᠠᠢ ᠴᠤ᠌ ᠪᠣᠳᠠᠲᠤ ᠶᠠᠭᠤᠮᠠᠰ ᠲᠤᠬᠠᠢᠯᠠᠪᠠᠯ ᠠᠯᠲᠠᠨ ᠦᠨ᠎ᠡ ᠲᠡᠢ ᠴᠤ᠌᠂ ᠬᠣᠭᠣᠰᠣᠨ ᠶᠠᠭᠤᠮᠠᠰ ᠰᠡᠳᠬᠢᠯ ᠭᠠᠢᠬᠠᠮᠰᠢᠭ ᠲᠠᠢ ᠴᠤ᠌ ᠷᠢᠳᠢ ᠰᠢᠳᠢᠲᠦ ᠠᠮᠢ ᠦᠨᠡᠮᠯᠡᠬᠦᠢ ᠲᠡᠷᠢᠭᠦᠨ ᠪᠥᠭᠡᠳ ᠡᠳᠡᠨ ᠦ᠌ ᠠᠯᠢ ᠨᠢᠭᠡ ᠶ᠋ᠢ ᠠᠩᠬᠠᠳᠠᠭᠴᠢ ᠭᠡᠵᠦ ᠣᠨᠴᠠᠭᠠᠢᠯᠠᠬᠤ ᠨᠢ ᠡᠬᠡ ᠳᠡᠯᠡᠬᠡᠢ ᠶ᠋ᠢᠨ ᠥᠴᠦᠬᠡᠨ ᠬᠡᠰᠡᠭ ᠢ᠋ ᠮᠢᠨᠦᠬᠢ ᠭᠡᠵᠦ ᠰᠦᠵᠢᠷᠡᠨ ᠥᠮᠴᠢᠯᠡᠬᠦ ᠲᠡᠢ ᠠᠳᠠᠯᠢ ᠡᠶᠡᠷᠭᠦ ᠲᠡᠨᠡᠭᠯᠡᠯ ᠪᠣᠯᠠᠢ᠃ ᠤᠭ ᠲᠠᠭᠠᠨ ᠪᠧᠲ᠋ᠲ᠋ᠠ᠂ ᠭᠠᠮᠮ᠎ᠠ᠂ ᠠᠯᠹᠠ᠂ ᠭᠤᠷᠪᠠ ᠶ᠋ᠢᠨ ᠠᠯᠢ ᠨᠢ ᠠᠩᠬᠠᠳᠠᠭᠴᠢ ᠪᠣᠯᠬᠤ ᠶ᠋ᠢ ᠲᠣᠭᠲᠠᠭᠠᠵᠤ ᠰᠢᠭᠦᠬᠦ ᠶ᠋ᠢᠨ ᠰᠢᠢᠳᠪᠦᠷᠢ ᠭᠠᠷᠭᠠᠭᠤᠯᠬᠤ ᠭᠡᠰᠡᠨ ᠲᠡᠢ ᠤᠳᠬ᠎ᠠ ᠠᠳᠠᠯᠢ ᠪᠣᠯᠤᠨ᠎ᠠ᠃ ᠪᠢᠳᠡ ᠵ· ᠯᠤᠺᠺ ᠤ᠋ᠨ ᠨᠣᠮᠯᠠᠭᠰᠠᠨ《ᠬᠥᠮᠦᠨ ᠦ᠌ ᠮᠡᠳᠡᠯᠭᠡ ᠮᠡᠳᠡᠷᠡᠬᠦᠢ ᠶ᠋ᠢᠨ ᠶᠢᠷᠲᠢᠨᠴᠦ ᠡᠴᠡ ᠡᠭᠦᠰᠦᠯ ᠲᠡᠢ》 ᠳ᠋ᠦ᠍ ᠢᠲᠡᠭᠡᠯ ᠮᠠᠲ᠋ᠧᠷᠢᠶᠠᠯᠢᠰᠲ ᠪᠣᠯᠬᠤ ᠶ᠋ᠢ ᠬᠢᠴᠢᠶᠡᠪᠡᠴᠦ᠂ ᠬ᠌· ᠬᠧᠬᠧᠯ ᠦ᠋ᠨ ᠤᠪᠧᠺᠲ᠋ᠢᠸ ᠣᠶᠤᠨ ᠰᠠᠨᠠᠭᠠᠨ ᠳ᠋ᠤ᠌ ᠰᠦᠰᠦᠭᠯᠡᠨ ᠢᠳᠢᠶᠠᠯᠢᠰᠲ ᠪᠣᠯᠬᠤ ᠶ᠋ᠢ ᠬᠦᠰᠡᠪᠡᠴᠦ《ᠠᠮᠢ》 ᠭᠡᠳᠡᠭ ᠨᠢᠭᠡᠨ ᠤᠪᠠᠳᠢᠰ ᠢ᠋ ᠦᠭᠡᠢᠯᠡᠮᠦᠢ᠃ ᠠᠮᠢ— ᠪᠡᠶ᠎ᠡ ᠶ᠋ᠢᠨ ᠪᠣᠯᠤᠭᠠᠳ ᠣᠶᠤᠨ ᠤ᠋ ᠡᠵᠡᠨ ᠪᠢᠰᠢ ᠭᠡᠵᠦ ᠤᠤ? ᠬᠧᠬᠧᠯ ᠴᠦ᠍ ᠶᠦᠮ ᠤᠤ᠂ ᠮᠠᠷᠺᠰ ᠴᠤ᠌ ᠶᠤᠮ ᠤᠤ᠂《ᠬᠥᠮᠦᠨ》 ᠦᠬᠦᠵᠡᠢ᠃ ᠬᠠᠷᠢᠨ ᠦᠵᠡᠯ ᠰᠠᠨᠠᠭ᠎ᠠ ᠪᠣᠯᠤᠨ ᠱᠠᠷᠢᠯ ᠨᠢ ᠦᠯᠡᠳᠡᠭᠰᠡᠨ᠃ ᠭᠠᠭᠴᠠᠬᠦ ᠠᠮᠢ ᠨᠢ ᠠᠯᠠᠭ᠎ᠠ᠃ ᠲᠡᠢᠮᠦ ᠤᠴᠢᠷ ᠲᠡᠳᠡ ᠥᠨᠥᠳᠥᠷ ᠬᠥᠮᠦᠨ ᠪᠢᠰᠢ᠃ ᠬᠥᠰᠢᠶ᠎ᠡ ᠨᠢ ᠬᠥᠷᠥᠭ ᠨᠢ ᠪᠠᠢᠪᠠᠴᠤ ᠲᠡᠳᠡᠭᠡᠷ ᠢ᠋ ᠬᠥᠮᠦᠨ ᠦ᠌ ᠣᠶᠤᠨ ᠰᠠᠨᠠᠭ᠎ᠠ ᠪᠦᠲᠡᠭᠡᠭᠰᠡᠨ ᠪᠣᠯᠪᠠᠴᠤ ᠲᠡᠷᠡ ᠨᠢ ᠬᠧᠬᠧᠯ ᠦ᠋ᠨ ᠬᠢ ᠶᠦᠮ ᠪᠣᠯ ᠣᠶᠤᠨ ᠰᠠᠨᠠᠭ᠎ᠠ ᠦᠭᠡᠢ᠂ ᠮᠠᠷᠺᠰ ᠤ᠋ᠨ ᠶᠤᠮ ᠪᠣᠯ ᠬᠥᠳᠡᠯᠭᠡᠭᠡᠨ ᠦᠭᠡᠢ᠃ ᠲᠡᠷᠡ ᠳᠦᠷᠢ ᠳᠦᠷᠰᠦ ᠨᠦ᠍ᠭᠦᠳ ᠲᠤ ᠬᠥᠮᠦᠨ ᠦ᠌ ᠣᠶᠤᠨ᠂ ᠮᠠᠲ᠋ᠧᠷᠢ ᠠᠮᠢ ᠦᠭᠡᠢ᠂ ᠬᠧᠬᠧᠯ ᠦ᠋ᠨ ᠤᠬᠠᠮᠰᠠᠷ᠂ ᠮᠠᠷᠺᠰ ᠤ᠋ᠨ ᠪᠡᠶ᠎ᠡ ᠶ᠋ᠢ ᠠᠮᠢ ᠨᠢ ᠲᠡᠳᠬᠦᠨ ᠠᠯᠳᠠᠷᠰᠢᠭᠤᠯᠵᠠᠢ᠃《ᠤᠪᠧᠺᠲ᠋ᠢᠪ ᠣᠷᠣᠰᠢᠵᠤ ᠪᠠᠢᠭ᠎ᠠ ᠵᠦᠢᠯ ᠨᠢ ᠦᠵᠡᠯ ᠰᠠᠨᠠᠭ᠎ᠠ ᠮᠥᠨ》 ᠭᠡᠰᠡᠨ ᠫᠯᠠᠲ᠋ᠣᠨ ᠤ᠋ ᠣᠨᠣᠯ ᠳ᠋ᠤ᠌ ᠢᠲᠡᠭᠡᠶ᠎ᠡ᠃《ᠶᠢᠷᠲᠢᠨᠴᠦ ᠨᠢ ᠬᠣᠭᠣᠰᠣᠨ ᠤ᠋ ᠳᠣᠲᠣᠷ᠎ᠠ ᠠᠲ᠋ᠣᠮ ᠤ᠋ᠳ ᠤ᠋ᠨ ᠬᠡᠯᠪᠡᠷᠢ ᠪᠡᠷ ᠬᠥᠳᠡᠯᠵᠦ ᠪᠠᠢᠭ᠎ᠠ ᠮᠠᠲ᠋ᠧᠷᠢ ᠮᠥᠨ》 ᠭᠡᠰᠡᠨ ᠡᠫᠢᠾᠥ᠋ᠷ ᠦ᠋ᠨ ᠰᠤᠷᠭᠠᠯ ᠳ᠋ᠤ᠌ ᠢᠲᠡᠭᠡᠶ᠎ᠡ᠃《ᠠᠮᠢ ᠪᠣᠯ ᠮᠠᠲ᠋ᠧᠷᠢ ᠪᠢᠰᠢ ᠣᠶᠤᠨ ᠰᠠᠨᠠᠭ᠎ᠠ ᠪᠢᠰᠢ》 ᠭᠡᠰᠡᠨ ᠭᠤᠷᠪᠠᠯ ᠣᠨᠣᠯ ᠳ᠋ᠤ᠌ ᠮᠣᠩᠭᠣᠯ ᠢ᠋ᠶ᠋ᠠᠷ ᠢ᠋ᠶ᠋ᠠᠨ ᠢᠲᠡᠭᠡᠶ᠎ᠡ᠃ ᠳᠡᠯᠡᠬᠡᠢ ᠳᠡᠭᠡᠷ᠎ᠡ ᠬᠥᠮᠦᠨ ᠡᠭᠦᠰᠦᠭᠡ ᠦᠭᠡᠢ᠂ ᠬᠥᠮᠦᠨ ᠳ᠋ᠦ᠍ ᠤᠬᠠᠭᠠᠨ ᠡᠭᠦᠰᠦᠭᠡ ᠦᠭᠡᠢ ᠳᠡᠯᠡᠬᠡᠢ ᠶ᠋ᠢ ᠰᠠᠨᠠᠭ᠎ᠠ ᠡᠭᠦᠰᠬᠡᠭᠡ ᠦᠭᠡᠢ᠃ ᠳᠡᠯᠡᠬᠡᠢ— ᠬᠥᠮᠦᠨ— ᠤᠬᠠᠭᠠᠨ ᠴᠥᠮ ᠨᠢᠭᠡᠨ ᠴᠠᠭ ᠲᠤ᠌ ᠡᠭᠦᠰᠦᠭᠰᠡᠨ᠃ ᠡᠭᠦᠰᠦᠯ ᠦ᠋ᠨ ᠦᠨᠳᠦᠰᠦ ᠨᠢ ᠶᠢᠷᠲᠢᠨᠴᠦ ᠶ᠋ᠢᠨ ᠨᠢᠭᠡᠳᠦᠮᠡᠯ ᠠᠮᠢ ᠪᠠᠢᠭᠰᠠᠨ᠃ ᠬᠣᠷᠸ᠎ᠠ ᠶ᠋ᠢᠨ ᠶᠠᠭᠤᠮ᠎ᠠ ᠪᠦᠬᠦᠨ ᠨᠢᠭᠡᠨ ᠡᠰ ᠨᠢᠭᠡᠨ ᠠᠮᠢᠲᠠᠢ ᠨᠢᠭᠡᠨ ᠰᠠᠷᠠᠯ ᠲᠠᠢ᠂ ᠲᠡᠢᠮᠦ ᠡᠴᠡ ᠮᠣᠩᠭᠣᠯᠴᠤᠳ ᠡᠬᠡ ᠳᠡᠯᠡᠬᠡᠢ ᠡᠴᠢᠭᠡ ᠲᠩᠷᠢ ᠳ᠋ᠡᠭᠡᠨ ᠢᠳᠡᠭᠡ ᠤᠮᠳᠠᠭᠠᠨ ᠤ᠋ ᠳᠡᠭᠡᠵᠢ ᠪᠡᠨ ᠡᠷᠭᠦᠳᠡᠭ ᠪᠥᠭᠡᠳ ᠡᠢᠮᠦ ᠵᠠᠩᠰᠢᠯ ᠥᠭᠡᠷ᠎ᠡ ᠦᠨᠳᠦᠰᠦᠲᠡᠨ ᠳ᠋ᠦ᠍ ᠴᠦ᠍ ᠪᠠᠢᠬᠤ ᠯᠠ ᠶᠣᠰᠣᠲᠠᠢ᠃ ᠳᠡᠭᠡᠷ᠎ᠡ ᠲᠩᠷᠢ᠂ ᠳᠡᠷᠭᠡᠳᠡ ᠳᠡᠯᠡᠬᠡᠢ ᠠᠮᠢ ᠲᠠᠢ ᠶ᠋ᠢᠨ ᠤᠴᠢᠷ ᠲᠡᠷᠡ ᠠᠵᠢ᠂ ᠶᠢᠷᠲᠢᠨᠴᠦ ᠶ᠋ᠢᠨ ᠠᠮᠢ ᠶ᠋ᠢ ᠲᠡᠵᠢᠭᠡᠨ ᠲᠡᠳᠬᠦᠵᠦ ᠪᠣᠢ ᠰᠡᠳᠬᠢᠯ ᠡᠨᠡ ᠪᠥᠭᠡᠳ ᠬᠡᠷᠪᠡ ᠭᠠᠵᠠᠷ ᠲᠤ᠌ ᠭᠠᠳᠠᠰᠤ ᠬᠠᠳᠬᠤᠬᠤ ᠪᠣᠯ ᠰᠦ ᠳᠤᠰᠤᠭᠠᠨ ᠤᠴᠢᠷ ᠥᠴᠢᠵᠦ᠂ ᠡᠳᠦᠷ ᠰᠤᠳᠤᠷ ᠢ᠋ᠶ᠋ᠠᠨ ᠦᠵᠡᠨ ᠪᠠᠢᠵᠤ ᠭᠦᠨᠳᠡᠳᠡᠭ ᠪᠢᠯᠡ᠃ ᠨᠡᠭᠦᠬᠦ ᠡᠳᠦᠷ ᠢ᠋ᠶ᠋ᠡᠨ ᠰᠣᠩᠭᠣᠨ᠎ᠠ ᠭᠡᠳᠡᠭ ᠪᠠᠭᠤᠬᠤ ᠪᠠᠭᠤᠷᠢᠨ ᠠ᠋ᠴᠠ ᠪᠠᠨ ᠡᠬᠢᠯᠡᠭᠡᠳ ᠴᠡᠴᠡᠭ ᠨᠣᠭᠣᠭᠠᠨ ᠤ᠋ ᠠᠮᠢ ᠬᠥᠨᠳᠡᠬᠦ ᠲᠤᠯᠠ᠁ ᠨᠡᠭᠦᠬᠦ ᠦᠢᠯᠡ ᠶᠢᠷᠲᠢᠨᠴᠦ ᠶ᠋ᠢᠨ ᠣᠳᠣ ᠲᠣᠬᠢᠶᠠᠯ ᠬᠠᠷᠢᠯᠴᠠᠨ ᠤᠶᠠᠯᠳᠤᠭ᠎ᠠ ᠠᠮᠢᠨ ᠤᠴᠢᠷ ᠤ᠋ᠨ ᠡᠭᠡᠳᠡᠷᠡᠭᠡ ᠲᠤᠯᠠ᠂ ᠡᠴᠦᠰ ᠦ᠋ᠨ ᠡᠴᠦᠰ ᠲᠤ ᠥᠪᠡᠷ ᠦ᠋ᠨ ᠬᠢᠭᠡᠳ ᠥᠷᠥᠭᠡᠯ ᠦ᠋ᠨ ᠠᠮᠢᠨ ᠤ᠋ ᠲᠤᠯᠠ ᠪᠣᠯᠠᠢ᠃
ᠣᠷᠣᠢ ᠶ᠋ᠢᠨ ᠭᠤᠷᠪᠠᠨ ᠡᠷᠳᠡᠨᠢ ᠣᠷᠴᠢᠯᠠᠩ ᠤ᠋ᠨ ᠭᠤᠷᠪᠠᠨ ᠳᠠᠯᠠᠢ ᠭᠡᠵᠦ ᠳᠡᠭᠡᠳᠦᠯᠡᠭᠳᠡᠭᠰᠡᠨ ᠭᠤᠷᠪᠠᠯ ᠤ᠋ᠨ ᠣᠨᠣᠯ ᠤ᠋ᠨ ᠨᠣᠮ ᠪᠦᠲᠦᠭᠡᠯ ᠮᠣᠩᠭᠣᠯ ᠳ᠋ᠤ᠌ ᠪᠠᠯᠠᠷ ᠡᠷᠲᠡᠨ ᠦ᠌ ᠥᠪ ᠲᠡᠢ ᠪᠥᠭᠡᠳ ᠲᠡᠷᠡ ᠨᠢ ᠰᠠᠨᠠᠭ᠎ᠠ (ᠤᠳᠬ᠎ᠠ) ᠪᠢᠴᠢᠭ ᠦ᠋ᠨ (ᠹᠷᠠᠽᠣᠭᠷᠠᠹᠢᠶᠠ) ᠳᠤᠷᠠᠰᠬᠠᠯ ᠤ᠋ᠳ (ᠬᠠᠳᠠᠨ ᠤ᠋ ᠵᠢᠷᠤᠭ᠂ ᠣᠪᠣᠭ ᠤ᠋ᠨ ᠰᠦᠯᠳᠡ ᠲᠠᠮᠠᠭ᠎ᠠ᠂ ᠬᠡ ᠤᠭᠠᠯᠵᠠ ᠬᠤᠪᠴᠠᠰᠤ᠂ ᠡᠳ᠋ ᠦᠯᠦᠭ᠂ ᠠᠷᠾᠧᠣᠯᠣᠭᠢ ᠶ᠋ᠢᠨ ᠣᠯᠳᠠᠪᠤᠷᠢ᠂ ᠠᠮᠠᠨ ᠵᠣᠬᠢᠶᠠᠯ) ᠮᠥᠨ ᠳᠦᠷᠰᠦ ᠪᠢᠴᠢᠭ (ᠢᠶᠧᠷᠦᠭᠯᠢᠹ) ᠵᠡᠷᠭᠡ ᠪᠥᠭᠡᠳ ᠲᠡᠳᠡᠭᠡᠷ ᠦ᠋ᠨ ᠭᠦᠨ ᠴᠣᠭᠴᠠ ᠤᠳᠬ᠎ᠠ ᠶ᠋ᠢ ᠭᠠᠭᠴᠠᠬᠦ ᠮᠣᠩᠭᠣᠯ ᠰᠡᠳᠬᠢᠯᠭᠡ ᠪᠡᠷ ᠯᠠ ᠲᠠᠢᠯᠤᠨ ᠤᠩᠰᠢᠬᠤ ᠶᠣᠰᠣᠲᠠᠢ ᠪᠢᠯᠡ᠃ ᠲᠡᠷᠡ ᠨᠢ ᠭᠠᠯ ᠤ᠋ᠨ ᠭᠤᠷᠪᠠᠨ ᠳᠥᠯᠥ᠁ ᠭᠤᠷᠪᠠᠨ ᠬᠡᠯᠬᠢᠶ᠎ᠡ ᠭᠡᠬᠦ ᠰᠡᠳᠬᠢᠯᠭᠡ᠁ ᠳᠠᠯᠤ ᠬᠡᠯᠪᠡᠷᠢ ᠪᠤᠶᠤ ᠭᠤᠷᠪᠠᠯᠵᠢᠨ ᠳᠦᠷᠰᠦ ᠁ ᠡᠴᠡ ᠡᠬᠢᠯᠡᠭᠡᠳ ᠺᠢᠳᠠᠨ ᠤ᠋ (10 ᠳ᠋ᠤᠭᠠᠷ ᠵᠠᠭᠤᠨ) ᠦᠶ᠎ᠡ ᠶ᠋ᠢᠨ ᠣᠯᠳᠠᠪᠤᠷᠢ ᠴᠢᠨ ᠲᠣᠯᠣᠭᠠᠢ ᠶ᠋ᠢᠨ ᠪᠠᠯᠭᠠᠰᠤᠨ ᠤ᠋ ᠪᠢᠴᠢᠭ ᠲᠤ ᠸᠠᠭᠠᠷ ᠤ᠋ᠨ3 ᠦᠰᠦᠭ (ᠠᠮᠢ᠂ ᠪᠡᠶ᠎ᠡ᠂ ᠰᠡᠳᠬᠢᠯ)᠁ ᠲᠣᠭᠠᠴᠢᠪᠠᠴᠤ ᠦᠯᠦ ᠪᠠᠷᠠᠭᠳᠠᠬᠤ ᠪᠣᠳᠠᠲᠤ ᠨᠤᠭᠤᠳ ᠠᠵᠠᠢ᠃ ᠲᠡᠭᠦᠨ ᠳ᠋ᠦ᠍ ᠭᠠᠳᠠᠭᠠᠳᠤ ᠨᠣᠮ᠂ ᠡᠷᠳᠡᠮᠲᠡᠳ ᠦ᠋ᠨ ᠡᠰᠢ ᠲᠠᠢᠯᠪᠤᠷᠢ ᠴᠢᠬᠤᠯᠠ ᠪᠤᠰᠤ᠂ ᠥᠪᠡᠷ ᠦ᠋ᠨ ᠳᠣᠲᠣᠭᠠᠳᠤ ᠡᠷᠳᠡᠮ ᠴᠢᠬᠤᠯᠠ ᠪᠥᠯᠥᠭᠡ᠃
ᠮᠥᠩᠬᠡ ᠭᠠᠯ ᠤ᠋ᠨ ᠲᠡᠦᠬᠡ ᠨᠢ ᠭᠠᠯ ᠡᠵᠡᠩᠨᠡᠭᠰᠡᠨ ᠴᠠᠭ ᠠ᠋ᠴᠠ᠂ ᠮᠥᠩᠬᠡ ᠭᠠᠯ ᠤ᠋ᠨ ᠰᠣᠶᠣᠯ ᠨᠢ ᠭᠠᠯ ᠢ᠋ ᠳᠦᠷᠰᠦᠯᠡᠭᠰᠡᠨ ᠦᠶ᠎ᠡ ᠡᠴᠡ᠂ ᠮᠥᠩᠬᠡ ᠭᠠᠯ ᠤ᠋ᠨ ᠬᠡᠯᠡ ᠨᠢ ᠭᠠᠯ ᠢ᠋ ᠭᠠᠯ ᠭᠡᠵᠦ ᠣᠢᠯᠠᠭᠠᠯᠴᠠᠭᠰᠠᠨ ᠭᠠᠯᠪᠠ ᠠ᠋ᠴᠠ ᠡᠬᠢᠯᠡᠮᠦᠢ᠃
ᠭᠠᠯ ᠢ᠋ ᠨᠡᠭᠦᠯᠭᠡᠬᠦ ᠨᠡᠭᠡᠭᠡᠯᠲᠡ ᠭᠠᠷᠤᠭᠰᠠᠨ ᠡᠯᠡᠨ ᠪᠠᠯᠠᠷ ᠤ᠋ᠨ ᠡᠷᠳᠡᠮ ᠡᠴᠡ ᠢᠨᠠᠭᠰᠢ ᠨᠡᠭᠦᠳᠡᠯᠴᠢᠨ ᠰᠣᠶᠣᠯ ᠢᠷᠭᠡᠨᠰᠢᠯ ᠡᠬᠢᠯᠡᠵᠡᠢ᠃ ᠨᠡᠭᠦᠳᠡᠯᠴᠢᠳ ᠦ᠋ᠨ ᠰᠣᠶᠣᠯ ᠢ᠋ ᠮᠠᠩᠯᠠᠢᠯᠠᠭᠴᠢ《ᠮᠥᠩᠬᠡ ᠭᠠᠯ》 ᠰᠦᠯᠳᠡᠲᠡᠨ ᠠᠢᠮᠠᠭ ᠣᠪᠣᠭᠲᠠᠨ ᠨᠤᠭᠤᠳ ᠤ᠋ᠨ ᠬᠥᠮᠦᠨ ᠲᠥᠷᠥᠯᠬᠢᠲᠡᠨ ᠦ᠌ ᠣᠶᠤᠨ ᠤ᠋ ᠪᠣᠯᠤᠭᠰᠠᠨ ᠡᠳ᠋ ᠦᠯᠦᠭ ᠦ᠋ᠨ ᠰᠣᠶᠣᠯ ᠤ᠋ᠨ ᠬᠥᠭᠵᠢᠯ ᠳ᠋ᠦ᠍ ᠣᠷᠣᠭᠤᠯᠤᠭᠰᠠᠨ ᠭᠠᠪᠢᠶ᠎ᠠ ᠶ᠋ᠢ ᠳᠡᠯᠡᠬᠡᠢ ᠶ᠋ᠢᠨ ᠰᠣᠶᠣᠯ ᠢᠷᠭᠡᠨᠰᠢᠯ ᠦ᠋ᠨ ᠤᠤᠭᠠᠨ ᠭᠣᠯᠣᠮᠲᠠ ᠶ᠋ᠢᠨ ᠨᠢᠭᠡ ᠮᠥᠨ ᠦ᠌ ᠬᠤᠪᠢ ᠳ᠋ᠤ᠌ ᠦᠨᠳᠦᠰᠦᠨ ᠦ᠌ ᠦᠵᠡᠯ ᠰᠠᠨᠠᠭᠠᠨ ᠤ᠋ ᠭᠤᠷᠪᠠᠯ ᠰᠡᠳᠬᠢᠯᠭᠡ ᠤᠯᠠᠮᠵᠢᠯᠠᠯ ᠲᠠᠢ ᠨᠢ ᠤᠶᠠᠯᠳᠤᠭᠤᠯᠵᠤ ᠰᠤᠳᠤᠯᠬᠤ ᠪᠠ ᠰᠤᠷᠲᠠᠯᠴᠢᠯᠠᠬᠤ ᠵᠣᠷᠢᠯᠭ᠎ᠠ ᠲᠤᠯᠭᠠᠷᠠᠵᠠᠢ᠃ ᠪᠠᠢᠭᠠᠯᠢ ᠣᠷᠴᠢᠯᠠᠩ ᠶᠢᠷᠲᠢᠨᠴᠦ ᠶ᠋ᠢᠨ ᠠᠮᠢᠨ ᠳ᠋ᠤ᠌ ᠰᠢᠲᠦᠭᠰᠡᠨ ᠮᠣᠩᠭᠣᠯ ᠤ᠋ᠨ ᠹᠢᠯᠣᠰᠣᠹᠢ ᠰᠡᠳᠬᠢᠯᠭᠡ《ᠮᠥᠩᠬᠡ ᠭᠠᠯ》 ᠤ᠋ᠨ ᠭᠤᠷᠪᠠᠯ ᠨᠢ ᠳᠣᠷᠣᠨ᠎ᠠ ᠶ᠋ᠢᠨ ᠲᠡᠳᠦᠢ ᠦᠭᠡᠢ ᠳᠡᠯᠡᠬᠡᠢ ᠶ᠋ᠢᠨ ᠹᠢᠯᠣᠰᠣᠹᠢ ᠰᠡᠳᠬᠢᠯᠭᠡᠨ ᠳ᠋ᠦ᠍ ᠵᠢᠩ ᠲᠡᠢ ᠨᠡᠮᠡᠷᠢ ᠪᠠᠰᠠ ᠰᠢᠨᠡᠴᠢᠯᠡᠯᠲᠡ ᠪᠣᠯᠬᠤ ᠶᠣᠰᠣᠲᠠᠢ᠃
ᠡᠨᠡ ᠯᠡ ᠹᠢᠯᠣᠰᠣᠹᠢ ᠰᠠᠨᠠᠭ᠎ᠠ ᠠᠩᠬ᠎ᠠ ᠮᠠᠯ ᠠᠮᠢᠲᠠᠨ ᠢ᠋ ᠭᠠᠷᠰᠢᠭᠤᠯᠵᠤ ᠥᠰᠬᠡᠨ ᠦᠷᠡᠵᠢᠭᠦᠯᠬᠦ ᠤᠬᠠᠭᠠᠨ ᠰᠡᠳᠦᠵᠦ ᠠᠳᠤᠭᠤ ᠮᠠᠯ ᠢ᠋ ᠬᠥᠮᠦᠨ ᠲᠡᠢ ᠨᠥᠬᠥᠷᠯᠡᠭᠦᠯᠦᠭᠰᠡᠨ ᠢ᠋ᠶ᠋ᠡᠷ ᠮᠠᠯᠴᠢ ᠡᠷᠳᠡᠮ ᠦ᠋ᠨ ᠮᠢᠩᠭᠠᠨ ᠰᠠᠯᠪᠤᠷᠢ ᠨᠡᠭᠡᠭᠡᠯᠲᠡ ᠪᠦᠲᠦᠭᠡᠯ ᠢ᠋ ᠪᠣᠢ ᠪᠣᠯᠭᠠᠵᠠᠢ᠃ ᠬᠥᠮᠦᠨ ᠦ᠌ ᠬᠥᠳᠡᠯᠮᠦᠷᠢ ᠶ᠋ᠢ ᠮᠠᠯ ᠤ᠋ᠨ ᠬᠦᠴᠦ ᠲᠡᠢ ᠣᠷᠣᠰᠢᠬᠤ ᠤᠤᠭᠠᠨ ᠲᠤᠷᠰᠢᠯᠭ᠎ᠠ ᠳ᠋ᠠᠭᠠᠨ ᠦᠨᠳᠦᠰᠦᠯᠡᠨ ᠲᠡᠷᠭᠡ ᠴᠢᠷᠭ᠎ᠠ᠂ ᠪᠤᠯᠤ᠂ ᠪᠣᠯᠤᠬᠠᠢ ᠵᠡᠷᠭᠡ ᠶ᠋ᠢ ᠰᠡᠳᠦᠵᠦ ᠬᠥᠳᠡᠯᠮᠦᠷᠢ ᠪᠡᠨ ᠬᠥᠩᠭᠡᠪᠴᠢᠯᠡᠬᠦ《ᠲᠧᠭᠨᠢᠭ》 ᠰᠡᠳᠬᠢᠯᠭᠡ ᠶ᠋ᠢ ᠬᠥᠭᠵᠢᠭᠦᠯᠵᠡᠢ᠃ ᠴᠠᠭᠠᠨ ᠢᠳᠡᠭᠡ ᠪᠡᠨ ᠪᠣᠯᠪᠠᠰᠤᠷᠠᠭᠤᠯᠬᠤ ᠵᠡᠷᠭᠡ ᠪᠡᠷ ᠬᠢᠮᠢ ᠹᠢᠽᠢᠺ ᠦ᠋ᠨ ᠲᠤᠷᠰᠢᠯᠲᠠ ᠣᠨᠣᠯ ᠤ᠋ᠳ ᠢ᠋ ᠨᠡᠭᠡᠭᠡᠵᠡᠢ᠃ ᠳᠡᠯᠡᠬᠡᠢ ᠶ᠋ᠢᠨ ᠲᠡᠦᠬᠡᠨ ᠳ᠋ᠦ᠍ ᠴᠢᠩᠭᠢᠰ ᠬᠠᠭᠠᠨ ᠤ᠋ ᠦᠶ᠎ᠡ ᠨᠢ ᠳᠡᠭᠡᠷᠡᠬᠢ ᠶᠡᠬᠡ ᠲᠡᠦᠬᠡ ᠨᠦ᠍ᠭᠦᠳ ᠦ᠋ᠨ ᠦᠷᠭᠦᠯᠵᠢᠯᠡᠯ ᠨᠢᠭᠡ ᠯᠡ ᠰᠦᠷᠲᠦ ᠴᠠᠯᠭᠢᠶ᠎ᠠ᠂ ᠠᠤᠭ᠎ᠠ ᠶᠡᠬᠡ ᠤᠯᠠᠮᠵᠢᠯᠠᠯ ᠳ᠋ᠤ᠌ ᠰᠢᠲᠦᠭᠰᠡᠨ ᠰᠢᠨᠡᠴᠢᠯᠡᠯ ᠪᠠᠢᠭᠰᠠᠨ ᠶᠤᠮ᠃ ᠥᠭᠡᠷ᠎ᠡ ᠪᠡᠷ ᠬᠡᠯᠡᠪᠡᠯ《ᠮᠥᠩᠬᠡ ᠭᠠᠯ》 ᠰᠦᠯᠳᠡᠲᠦ ᠨᠦ᠍ᠭᠦᠳ ᠦ᠋ᠨ ᠲᠡᠦᠬᠡ ᠶ᠋ᠢᠨ ᠨᠢᠭᠡᠨ ᠬᠡᠯᠬᠢᠶ᠎ᠡ ᠲᠡᠳᠦᠢ ᠪᠣᠯᠤᠨ᠎ᠠ᠃ ᠡᠯ᠎ᠡ ᠦᠨᠡᠨ ᠢ᠋ ᠮᠣᠩᠭᠣᠯ ᠤ᠋ᠨ ᠠᠷᠭᠧᠤᠯᠤᠬᠢ ᠶ᠋ᠢᠨ ᠪᠠᠶᠠᠨ ᠣᠯᠳᠠᠪᠤᠷᠢ ᠨᠤᠭᠤᠳ ᠬᠠᠭᠤᠴᠢᠨ ᠴᠢᠯᠠᠭᠤᠨ ᠵᠡᠪᠰᠡᠭ ᠦ᠋ᠨ ᠦᠶ᠎ᠡ ᠶ᠋ᠢᠨ ᠭᠤᠷᠪᠠᠯ ᠰᠡᠳᠬᠢᠯᠭᠡ ᠭᠤᠷᠪᠠᠨ ᠳᠦᠷᠰᠦ᠂ ᠰᠢᠨ᠎ᠡ ᠴᠢᠯᠠᠭᠤᠨ ᠤ᠋ ᠦᠶ᠎ᠡ ᠶ᠋ᠢᠨ ᠭᠤᠷᠪᠠᠨ ᠴᠢᠯᠠᠭᠤ᠂ ᠳᠤᠯᠠᠭᠠᠯᠠᠭᠰᠠᠨ ᠸᠠᠭᠠᠷ ᠰᠠᠪᠠ᠂ ᠴᠢᠯᠠᠭᠤᠨ ᠵᠡᠪᠡ ᠬᠢᠯᠪᠠᠷ ᠤ᠋ᠳ᠂ ᠬᠦᠷᠡᠯ ᠦ᠋ᠨ ᠦᠶ᠎ᠡ ᠶ᠋ᠢᠨ ᠭᠤᠷᠪᠠᠨ ᠥᠩᠭᠡᠲᠦ ᠵᠡᠪᠡ᠂ ᠭᠤᠷᠪᠠᠨ ᠳᠡᠯᠪᠡᠭᠡᠳᠣ ᠭᠤᠷᠪᠠᠨ ᠪᠡᠬᠢᠯᠡᠭᠲᠦ ᠵᠡᠪᠡ ᠨᠦ᠍ᠭᠦᠳ᠂ ᠭᠤᠷᠪᠠᠨ ᠬᠥᠯᠲᠦ ᠲᠣᠭᠣᠭ᠎ᠠ᠂ ᠾᠦᠩᠨᠦ ᠶ᠋ᠢᠨ ᠦᠶ᠎ᠡ ᠶ᠋ᠢᠨ ᠪᠤᠯᠠᠰᠢᠨ ᠤ᠋ ᠮᠠᠯ ᠤ᠋ᠨ ᠭᠤᠷᠪᠠᠨ ᠲᠣᠯᠣᠭᠠᠢ᠂ ᠭᠤᠷᠪᠠᠨ ᠲᠣᠭᠠᠲᠤ ᠳᠤᠷᠠᠰᠬᠠᠯ ᠤ᠋ᠳ ᠵᠡᠷᠭᠡ ᠣᠯᠠᠨ ᠪᠠᠷᠢᠮᠲᠠ ᠨᠤᠲᠠᠯᠠᠨ᠎ᠠ᠃ ᠬᠥᠮᠦᠨ ᠪᠠᠢᠭᠠᠯᠢ ᠳ᠋ᠤ᠌ ᠰᠢᠲᠦᠨ ᠲᠡᠵᠢᠭᠡᠯᠭᠡᠵᠦ ᠲᠩᠷᠢ ᠪᠡᠷ ᠲᠡᠳᠬᠦᠭᠦᠯᠬᠦ ᠳ᠋ᠡᠭᠡᠨ ᠦᠬᠦᠯ ᠭᠡᠭᠴᠢ ᠭᠠᠭᠴᠠᠬᠠᠨ ᠵᠦᠢᠯ ᠦ᠋ᠨ ᠤᠴᠢᠷ ᠲᠤ᠌ ᠮᠡᠬᠦᠰᠳᠡᠨ ᠠᠮᠢᠨ ᠪᠢᠰᠢᠷᠡᠯ ᠡᠭᠦᠰᠦᠭᠰᠡᠨ ᠢ᠋ ᠣᠯᠳᠠᠪᠤᠷᠢ ᠨᠤᠭᠤᠳ ᠭᠡᠷᠡᠴᠢᠯᠡᠨ᠎ᠡ᠃ᠡᠳᠦᠭᠡ ᠴᠠᠭ ᠲᠤ᠌ ᠴᠤ᠌ ᠮᠣᠩᠭᠣᠯ ᠬᠥᠮᠦᠨ ᠬᠡᠦᠬᠡᠳ ᠦ᠋ᠨ ᠮᠠᠨᠴᠤᠢ ᠪᠠᠨ ᠭᠤᠷᠪᠠᠨ ᠪᠦᠰᠡ ᠪᠡᠷ ᠪᠦᠰᠡᠯᠡᠳᠡᠭ ᠰᠢᠭ ᠬᠡᠷᠪᠡᠵᠢᠶᠡ ᠴᠢᠩᠭᠢᠰ ᠬᠠᠭᠠᠨ ᠤ᠋ ᠣᠩᠭᠣᠨ ᠢ᠋ ᠣᠯᠬᠤ ᠶᠤᠮ ᠪᠣᠯ ᠲᠡᠭᠦᠨ ᠦ᠌ ᠠᠯᠲᠠᠨ ᠱᠠᠷᠢᠯ ᠭᠤᠷᠪᠠᠨ ᠠᠯᠲᠠᠨ ᠪᠦᠰᠡ ᠲᠡᠢ ᠪᠠᠢᠬᠤ ᠨᠢ ᠵᠠᠢᠯᠠᠰᠢ ᠦᠭᠡᠢ ᠠ᠋᠃ ᠠᠮᠢ— ᠠᠬᠤᠢ— ᠤᠬᠠᠮᠰᠠᠷ ᠤ᠋ᠨ ᠭᠤᠷᠮᠤᠰᠤᠨ ᠰᠡᠳᠬᠢᠯᠭᠡ ᠡᠴᠡ ᠪᠡᠨ《 ᠠᠮᠢ》 ᠶ᠋ᠢ ᠨᠢ ᠪᠢᠳᠡ ᠪᠠᠷᠤᠭ ᠭᠡᠭᠡᠵᠡᠢ᠃ ᠪᠡᠶ᠎ᠡ ᠳᠣᠷᠣᠢᠲᠠᠵᠤ ᠣᠶᠤᠨ ᠮᠥᠬᠥᠬᠦ ᠲᠡᠷᠡ ᠴᠠᠭ ᠲᠤ᠌ ᠯᠠ ᠦᠨ᠎ᠡ ᠴᠠᠨ᠎ᠠ ᠶ᠋ᠢ ᠨᠢ ᠮᠡᠳᠡᠪᠡᠴᠦ᠁ ᠶᠠᠭᠠᠬᠢᠯᠲᠠᠢ ᠴᠤ᠌ ᠪᠢᠯᠡ ᠳᠠ᠃
ᠦᠰᠦᠭ ᠠᠮᠢᠯᠠᠭᠤᠯᠤᠭᠴᠢ᠄ ᠦᠯᠵᠡᠢᠪᠠᠭᠠᠲᠤᠷ᠂ ᠲᠤᠶᠠᠭ᠎ᠠ᠂ ᠲᠣᠭᠳᠠᠭᠤᠨᠪᠠᠶᠠᠷ
ᠬᠢᠨᠠᠭᠴᠢ᠄ ᠣᠳᠬᠠᠨᠰᠣ᠎ᠠ᠂ ᠰᠡᠬᠡᠭᠡᠷᠡᠯ
