ᠭᠤᠷᠪᠠ᠂ ᠶᠢᠷᠲᠢᠨᠴᠦ ᠶ᠋ᠢᠨ ᠭᠤᠷᠪᠠᠯ ᠲᠣᠭᠲᠠᠯᠴᠠᠭ᠎ᠠ-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Хаанбуу ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠ᠂ ᠶᠢᠷᠲᠢᠨᠴᠦ ᠶ᠋ᠢᠨ ᠭᠤᠷᠪᠠᠯ ᠲᠣᠭᠲᠠᠯᠴᠠᠭ᠎ᠠ-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Хаанбуу

ᠭᠤᠷᠪᠠ᠂ ᠶᠢᠷᠲᠢᠨᠴᠦ ᠶ᠋ᠢᠨ ᠭᠤᠷᠪᠠᠯ ᠲᠣᠭᠲᠠᠯᠴᠠᠭ᠎ᠠ-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Хаанбуу

2024-01-06

1014

ᠭᠤᠷᠪᠠ᠂ ᠶᠢᠷᠲᠢᠨᠴᠦ ᠶ᠋ᠢᠨ ᠭᠤᠷᠪᠠᠯ ᠲᠣᠭᠲᠠᠯᠴᠠᠭ᠎ᠠ 

      ᠣᠷᠴᠢᠯᠠᠩ ᠤ᠋ᠨ ᠡᠭᠦᠰᠦᠯ᠂ ᠬᠤᠪᠢᠰᠬᠠᠯ᠂ ᠬᠥᠭᠵᠢᠯ ᠦ᠋ᠨ ᠬᠠᠤᠯᠢ ᠵᠢᠮ᠎ᠡ ᠭᠤᠷᠪᠠᠯ ᠲᠣᠭᠲᠠᠭᠠᠯᠴᠠᠨ ᠳ᠋ᠤ᠌ ᠰᠢᠲᠦᠯᠴᠡᠨ ᠪᠠᠷᠢᠯᠳᠤᠳᠠᠭ ᠳᠣᠣᠷᠠᠬᠢ ᠵᠢᠱ᠌ᠢᠶ᠎ᠡ ᠶ᠋ᠢ ᠪᠣᠯᠭᠣᠭᠠᠨ ᠡᠷᠭᠢᠴᠡᠭᠦᠯᠦᠭᠲᠦᠨ! ᠭᠤᠷᠪᠠᠨ ᠴᠠᠭ(ᠥᠩᠭᠡᠷᠡᠭᠰᠡᠨ᠂ ᠣᠳᠣ᠂ ᠢᠷᠡᠭᠡᠳᠦᠢ)᠂ ᠭᠤᠷᠪᠠᠨ ᠬᠡᠮᠵᠢᠶᠡᠰᠦ(ᠤᠷᠲᠤ᠂ ᠥᠷᠭᠡᠨ᠂ ᠥᠨᠳᠥᠷ)᠂ ᠪᠡᠶᠡᠲᠦ ᠶ᠋ᠢᠨ ᠭᠤᠷᠪᠠᠨ ᠴᠢᠨᠠᠷ(ᠬᠠᠲᠠᠭᠤ᠂ ᠰᠢᠩᠭᠡᠨ᠂ ᠬᠡᠢ)᠂ ᠣᠷᠣᠰᠢᠬᠤᠢ(ᠣᠷᠣᠬᠤ᠂ ᠣᠷᠣᠩᠨᠠᠬᠤ᠂ ᠣᠳᠬᠤ)᠂ ᠦᠢᠯᠡ ᠬᠥᠳᠡᠯᠦᠯ(ᠵᠣᠷᠢᠬᠤ᠂ ᠬᠦᠷᠬᠦ᠂ ᠪᠤᠴᠠᠬᠤ)᠂ ᠠᠮᠢᠳᠤᠷᠠᠬᠤᠢ(ᠲᠥᠷᠥᠬᠦ᠂ ᠠᠮᠢᠳᠤᠷᠠᠬᠤ᠂ ᠦᠬᠦᠬᠦ)᠂ ᠤᠳᠤᠮᠰᠢᠬᠤᠢ(ᠡᠴᠢᠭᠡ᠂ ᠡᠬᠡ᠂ ᠦᠷ᠎ᠡ)᠂ ᠤᠷᠭᠤᠬᠤᠢ(ᠦᠨᠳᠦᠰᠦ᠂ ᠮᠥᠴᠢᠷ᠂ ᠨᠠᠬᠢᠶ᠎ᠠ) ᠭᠡᠬᠦ ᠮᠡᠲᠦ ᠪᠡᠷ ᠬᠢᠵᠠᠭᠠᠷ ᠦᠭᠡᠢ ᠶ᠋ᠢ ᠲᠣᠭᠠᠴᠢᠵᠤ ᠪᠣᠯᠤᠨ᠎ᠠ᠃
      ᠮᠣᠩᠭᠣᠯ ᠤᠬᠠᠭᠠᠨ ᠤ᠋ ᠡᠨᠡᠬᠦ ᠵᠠᠮ ᠢ᠋ᠶ᠋ᠠᠷ ᠥᠨᠥ ᠶ᠋ᠢᠨ ᠰᠢᠨᠵᠢᠯᠡᠬᠦ ᠤᠬᠠᠭᠠᠨ ᠵᠠᠮᠨᠠᠵᠤ ᠪᠠᠢᠳᠠᠭ ᠢ᠋ ᠲᠤᠶᠠᠭ᠎ᠠ(ᠪᠧᠲ᠋ᠲ᠋ᠠ᠂ ᠭᠠᠮᠮᠠ᠂ ᠠᠯᠹᠠ)᠂ ᠴᠥᠮ᠎ᠡ(ᠫᠷᠣᠲ᠋ᠣᠨ ᠨᠧᠲ᠋ᠷᠤᠨ᠂ ᠡᠯᠧᠺᠲ᠋ᠷᠣᠨ)᠂ ᠳᠡᠯᠡᠬᠡᠢ ᠶ᠋ᠢᠨ ᠪᠦᠲᠦᠴᠡ(ᠭᠠᠳᠠᠷᠭᠤ᠂ ᠮᠠᠨᠲ᠋ᠢ᠂ ᠴᠥᠮ᠎ᠡ)᠂ ᠳᠡᠯᠡᠬᠡᠢ ᠶ᠋ᠢᠨ ᠴᠠᠷᠴᠠᠳᠠᠰᠤ(ᠮᠠᠭᠮᠠ᠂ ᠲᠤᠨᠤᠮᠠᠯ᠂ ᠬᠤᠪᠢᠷᠠᠮᠠᠯ)᠂ ᠠᠰᠢᠭᠲᠤ ᠮᠠᠯᠲᠠᠮᠠᠯ(ᠬᠦᠳᠡᠷ ᠦ᠋ᠨ᠂ ᠲᠦᠯᠡᠰᠢᠨ ᠦ᠌᠂ ᠬᠡᠷᠡᠭᠯᠡᠭᠡᠨ ᠦ᠌)᠂ ᠠᠮᠢᠲᠠᠨ ᠤ᠋ ᠠᠢᠮᠠᠭ(ᠪᠢᠷᠢᠳ᠂ ᠥᠨᠳᠡᠭᠡᠯᠡᠭᠴᠢ᠂ ᠬᠥᠬᠥᠲᠡᠨ)᠂ ᠠᠮᠢᠳᠤ ᠪᠡᠶ᠎ᠡ(ᠶᠠᠰᠤ᠂ ᠮᠢᠬ᠎ᠠ᠂ ᠴᠢᠰᠤ)᠂ ᠠᠮᠢᠳᠤᠷᠠᠯ ᠲᠡᠳᠬᠦᠭᠴᠢ(ᠤᠰᠤ᠂ ᠭᠡᠷᠡᠯ᠂ ᠳᠤᠯᠠᠭᠠᠨ) ᠭᠡᠬᠦ ᠮᠡᠲᠦ ᠪᠦᠲᠦᠴᠡ ᠶ᠋ᠢᠨ ᠣᠯᠠᠨ ᠭᠤᠷᠪᠠᠯ ᠵᠢᠭᠰᠠᠭᠠᠵᠤ ᠪᠣᠯᠬᠤ ᠠᠵᠠᠢ᠃ ᠳᠡᠯᠡᠬᠡᠢ ᠶ᠋ᠢᠨ ᠡᠭᠦᠰᠦᠯ ᠦ᠋ᠨ ᠲᠤᠬᠠᠢ ᠳ᠋ᠤ᠌ ᠡᠷᠲᠡᠨ ᠦ᠌ ᠳᠣᠮᠣᠭ ᠭᠤᠷᠪᠠᠨ ᠶᠠᠰᠤᠲᠤ ᠮᠡᠯᠡᠬᠡᠢ ᠡᠰᠡᠪᠡᠯ ᠭᠤᠷᠪᠠᠨ ᠬᠠᠯᠢᠮᠤ ᠶᠤᠮ ᠤᠤ ᠵᠠᠭᠠᠨ ᠤ᠋ ᠨᠢᠷᠤᠭᠤᠨ ᠳᠡᠭᠡᠷ᠎ᠡ ᠳᠡᠯᠡᠬᠡᠢ ᠲᠣᠭᠲᠠᠳᠠᠭ ᠲᠤᠬᠠᠢ ᠥᠭᠦᠯᠡᠭᠰᠡᠨ ᠨᠢ ᠰᠣᠨᠢᠷᠬᠠᠯ ᠲᠠᠲᠠᠨ᠎ᠠ᠃ ᠲᠡᠷᠡᠬᠦ ᠠᠪᠤᠷᠭᠤ ᠪᠡᠶᠡᠲᠦ ᠨᠦ᠍ᠭᠦᠳ ᠨᠢ ᠮᠣᠩᠭᠣᠯ ᠳ᠋ᠤ᠌ ᠪᠠᠢᠳᠠᠭ ᠦᠭᠡᠢ ᠰᠤᠷᠠᠭ ᠤ᠋ᠨ ᠲᠣᠮᠣ ᠠᠮᠢᠲᠠᠳ ᠪᠥᠭᠡᠳ ᠳᠡᠯᠡᠬᠡᠢ ᠳᠡᠭᠡᠷ᠎ᠡ ᠪᠠᠢᠳᠠᠭ ᠶᠠᠰᠤᠲᠤ ᠮᠡᠯᠡᠬᠡᠢ ᠵᠠᠭᠠᠨ᠂ ᠬᠠᠯᠢᠮᠤ ᠪᠢᠰᠢ ᠪᠡᠯᠭᠡ ᠪᠢᠯᠢᠭᠳᠡᠯ ᠦ᠋ᠨ ᠰᠢᠨᠵᠢ ᠲᠡᠢ ᠨᠢ ᠢᠯᠡᠷᠬᠡᠢ᠃ ᠭᠡᠲᠡᠯ᠎ᠡ ᠶᠡᠬᠡᠳᠡ ᠬᠥᠭᠵᠢᠭᠰᠡᠨ ᠭᠡᠭᠳᠡᠬᠦ ᠡᠨᠡ ᠵᠠᠭᠤᠨ ᠳ᠋ᠤ᠌ ᠬᠥᠮᠦᠨ ᠲᠥᠷᠥᠯᠬᠢᠲᠡᠨ ᠪᠠᠰᠠ ᠨᠢᠭᠡ ᠭᠤᠷᠪᠠᠨ《ᠲᠤᠢᠯ》 ᠤ᠋ᠨ ᠦᠨᠡᠨ ᠢ᠋ ᠵᠥᠪ ᠭᠡᠮᠡᠨ ᠰᠠᠨᠠᠯ ᠨᠢᠭᠡᠳᠴᠡᠢ᠃ ᠲᠡᠷᠡ ᠨᠢa· ᠣᠷᠣᠰᠢᠨ ᠲᠣᠭᠲᠠᠨᠢᠬᠤᠢ ᠶ᠋ᠢᠨ ᠦᠨᠡᠨb· ᠲᠠᠨᠢᠨ ᠮᠡᠳᠡᠬᠦᠢ ᠶ᠋ᠢᠨ ᠦᠨᠡᠨc· ᠪᠠᠶᠠᠰᠤᠯ ᠴᠡᠩᠭᠡᠯ ᠦ᠋ᠨ ᠦᠨᠡᠨ ᠭᠡᠬᠦ ᠨᠡᠢᠲᠡᠯᠢᠭ ᠶᠤᠮᠰᠠᠨᠵᠠᠢ᠃ ᠡᠨᠡᠬᠦ ᠭᠤᠷᠪᠠᠨ ᠦᠨᠡᠨ ᠣᠷᠴᠢᠨ ᠴᠠᠭ ᠤ᠋ᠨ ᠠᠯᠢᠪᠠ ᠲᠥᠯᠥᠪᠯᠡᠯᠲᠡ ᠭᠦᠢᠴᠡᠳᠬᠡᠯ᠂ ᠦᠷ᠎ᠡ ᠳ᠋ᠦᠩ ᠦ᠋ᠨ ᠢᠷᠡᠭᠡᠳᠦᠢ ᠶ᠋ᠢ(ᠠᠮᠢᠨ ᠬᠥᠭᠵᠢᠯ ᠢ᠋) ᠲᠣᠳᠣᠷᠬᠠᠢᠯᠠᠬᠤ ᠰᠢᠯᠭᠠᠭᠤᠷ ᠶᠤᠮ ᠪᠠᠢᠨ᠎ᠠ᠃
      ᠠᠬᠤᠢ ᠤᠬᠠᠮᠰᠠᠷ ᠬᠣᠶᠠᠷ ᠤ᠋ᠨ ᠠᠯᠢ ᠨᠢ ᠠᠩᠬᠠᠳᠠᠭᠴᠢ ᠪᠣᠯᠬᠤ ᠶ᠋ᠢ ᠰᠢᠨᠵᠢᠯᠡᠬᠦ ᠤᠬᠠᠭᠠᠨ ᠳᠠᠯᠴᠠᠭᠰᠠᠨ ᠡᠰᠡᠷᠭᠦ ᠣᠨᠣᠯ ᠭᠠᠷᠭᠠᠨ ᠪᠠᠲᠤᠯᠠᠬᠤ ᠭᠡᠵᠦ ᠮᠡᠦᠭᠡᠯᠴᠡᠭᠰᠡᠭᠡᠷ ᠣᠯᠠᠨ ᠮᠢᠩᠭᠠᠨ ᠢ᠋ ᠡᠯᠡᠭᠡᠨ ᠰᠠᠭᠠᠷᠮᠠᠭᠵᠠᠭᠤᠯᠵᠠᠢ᠃ ᠲᠡᠳᠡ ᠡᠶᠡᠷᠡᠬᠦ ᠡᠰᠡᠷᠭᠦ ᠭᠡᠰᠡᠨ ᠤᠳᠬ᠎ᠠ ᠶ᠋ᠢ ᠡᠷᠬᠢᠮᠯᠡᠨ᠎ᠡ᠃ ᠳᠣᠷᠣᠨ᠎ᠠ ᠶ᠋ᠢᠨ ᠱᠠᠰᠢᠨ ᠤ᠋ ᠭᠦᠨ ᠤᠬᠠᠭᠠᠨ ᠠᠷᠭ᠎ᠠ(ᠫᠷᠠᠵᠠᠨ᠎ᠠ)᠂ ᠪᠢᠯᠢᠭ(ᠤᠫᠠᠶᠠ) ᠭᠡᠬᠦ ᠬᠣᠶᠠᠷᠯᠠᠯ ᠢ᠋ᠶ᠋ᠠᠷ ᠶᠢᠷᠲᠢᠨᠴᠦ ᠶ᠋ᠢᠨ ᠵᠠᠮ ᠢ᠋ ᠪᠢᠰᠢᠯᠭᠠᠵᠤ ᠫᠠᠷᠠᠮᠠᠲ᠋ᠠᠰᠠᠲ᠋ᠶᠠ(ᠦᠨᠡᠮᠯᠡᠬᠦᠢ)᠂ ᠰᠠᠮᠪᠠᠷᠢᠲ᠋ᠰᠠᠲ᠋ᠶᠠ(ᠢᠨᠠᠭᠤᠬᠤ) ᠬᠣᠶᠠᠷ ᠦᠨᠡᠨ ᠢ᠋ ᠨᠣᠮᠯᠠᠮᠤᠢ᠃ ᠠᠬᠤᠢ ᠶ᠋ᠢᠨ ᠠᠷᠭ᠎ᠠ ᠪᠠᠷ ᠨᠢᠭᠤᠴᠠ ᠳ᠋ᠤ᠌ ᠨᠡᠪᠲᠡᠷᠬᠡᠢ ᠶ᠋ᠢ ᠬᠢᠴᠢᠶᠡᠭᠴᠢ ᠰᠢᠨᠵᠢᠯᠡᠬᠦ ᠤᠬᠠᠭᠠᠨ᠂ ᠰᠡᠳᠬᠢᠯ ᠢ᠋ ᠨᠣᠮᠯᠠᠵᠤ ᠨᠢᠭᠦᠯᠡᠰᠦᠩᠭᠦᠢ ᠶ᠋ᠢ ᠳᠠᠭᠠᠭᠤᠯᠤᠭᠴᠢ ᠱᠠᠰᠢᠨ ᠬᠣᠶᠠᠭᠤᠯᠠ ᠠᠤᠭ᠎ᠠ ᠴᠤ᠌ ᠲᠡᠳᠡᠨ ᠦ᠌ ᠲᠤᠢᠯᠰᠢᠷᠠᠯᠲᠠ ᠴᠢᠨᠠᠷ ᠠᠮᠢ ᠶ᠋ᠢ ᠠᠬᠤᠢ ᠪᠢᠰᠢ ᠤᠬᠠᠮᠰᠠᠷ ᠴᠤ᠌ ᠪᠢᠰᠢ ᠭᠡᠮᠡᠨ ᠠᠩᠵᠠᠭᠠᠷᠠᠯ ᠦᠭᠡᠢ ᠳᠤᠮᠳᠠ ᠪᠠᠨ ᠣᠷᠬᠢᠭᠰᠠᠨ ᠭᠡᠮ ᠲᠡᠢ ᠠᠵᠤᠭᠤ᠃
      ᠨᠡᠭᠦᠳᠡᠯᠴᠢᠳ ᠦ᠋ᠨ ᠭᠣᠯᠣᠮᠲᠠ ᠢᠷᠦᠭᠡᠯ ᠳ᠋ᠦ᠍ ᠰᠢᠩᠭᠡᠭᠰᠡᠨ ᠭᠦᠨ ᠤᠬᠠᠭᠠᠨ《ᠠᠮᠢ》 ᠬᠡᠮᠡᠬᠦ ᠭᠤᠷᠪᠠᠳᠠᠭᠴᠢ ᠨᠢᠭᠤᠴᠠ ᠳ᠋ᠤ᠌ ᠨᠡᠪᠲᠡᠷᠡᠬᠦ ᠲᠦᠯᠬᠢᠭᠦᠷ ᠢ᠋ᠶ᠋ᠡᠷ ᠠᠰᠠᠭᠤᠳᠠᠯ ᠢ᠋ ᠰᠢᠢᠳᠴᠦ᠂ ᠠᠮᠢᠨ ᠭᠣᠣᠯ᠂ ᠠᠮᠢᠨ ᠬᠠᠢᠷ᠎ᠠ᠂ ᠠᠮᠢᠨ ᠰᠦᠯᠳᠡ᠂ ᠠᠮᠢᠨ ᠴᠢᠬᠤᠯᠠ᠂ ᠠᠮᠢᠨ ᠵᠢᠷᠦᠬᠡ᠂ ᠠᠮᠢᠨ ᠰᠦᠨᠡᠰᠦ᠂ ᠠᠮᠢᠨ ᠤ᠋ ᠬᠦᠦ᠂ ᠠᠮᠢᠨ ᠤ᠋ ᠥᠮᠴᠢ᠂ ᠠᠮᠢᠨ ᠴᠢᠬᠤᠯᠠ᠂ ᠠᠮᠢᠨ ᠤ᠋ ᠦᠭᠡ᠂ ᠠᠮᠢᠨ ᠵᠠᠭᠤᠯᠭ᠎ᠠ ᠭᠡᠬᠦ ᠮᠡᠲᠦ ᠠᠮᠢᠨ ᠤᠬᠠᠭᠠᠨ ᠢ᠋ ᠡᠷᠬᠢᠮᠯᠡᠵᠦ ᠵᠣᠩ ᠤᠯᠤᠰ ᠤ᠋ᠨ ᠵᠦᠢ ᠵᠢᠢ(ᠮᠠᠨ ᠤ᠋ ᠡᠷᠢᠨ ᠦ᠌ ᠡᠮᠦᠨ᠎ᠡ5 ᠳ᠋ᠤᠭᠠᠷ ᠵᠠᠭᠤᠨ) ᠪᠣᠯᠤᠨ ᠾᠦᠩᠨᠦ ᠶ᠋ᠢᠨ ᠠᠲ᠋ᠲ᠋ᠢᠯᠨ᠁ ᠮᠣᠳᠣᠨ᠂ ᠮᠣᠩᠭᠣᠯ ᠤ᠋ᠨ ᠴᠢᠩᠭᠢᠰ ᠬᠠᠭᠠᠳ ᠢ᠋ ᠥᠰᠬᠡᠵᠡᠢ᠃ ᠠᠮᠢᠨ ᠤ᠋ ᠲᠤᠯᠠ ᠠᠵᠢᠯ ᠦᠢᠯᠡ᠂ ᠠᠬᠤᠢ ᠶᠣᠰᠣ ᠪᠦᠷᠢ ᠳ᠋ᠦ᠍ ᠢᠷᠦᠭᠡᠯ ᠪᠡᠯᠭᠡ ᠶ᠋ᠢ ᠳᠡᠭᠡᠳᠦᠯᠡᠬᠦ ᠨᠡᠭᠦᠳᠡᠯᠴᠢ ᠲᠦᠮᠡᠨ ᠢᠷᠦᠭᠡᠯ᠂ ᠮᠠᠭᠲᠠᠭᠠᠯ ᠢ᠋ᠶ᠋ᠠᠷ ᠳᠦᠭᠦᠷᠡᠩ᠂ ᠶᠣᠰᠣ ᠵᠠᠩᠰᠢᠯᠲᠤ ᠣᠷᠴᠢᠨ ᠶᠤᠮ᠃ ᠭᠤᠷᠮᠤᠰᠤᠨ ᠰᠡᠳᠬᠢᠯᠭᠡ《ᠠᠮᠢᠨ》 ᠺᠠᠲ᠋ᠧᠭᠣᠷᠢ ᠶ᠋ᠢᠨ ᠭᠣᠣᠯ ᠢᠯᠡᠷᠬᠡᠢᠯᠡᠯ᠂ ᠶᠡᠬᠡ ᠵᠣᠷᠢᠯᠲᠠ ᠳ᠋ᠤ᠌ ᠰᠢᠲᠦᠬᠦ ᠢᠲᠡᠭᠡᠬᠦ᠂ ᠵᠣᠷᠢᠬᠤ ᠰᠡᠳᠬᠢᠴᠡ ᠶ᠋ᠢᠨ ᠬᠢᠨᠢ ᠮᠥᠨ ᠴᠢᠨᠠᠷ ᠪᠥᠯᠥᠭᠡ᠃ ᠧᠦ᠋ᠷᠣᠫᠠ᠂ ᠠᠮᠧᠷᠢᠺᠠ ᠲᠢᠪ ᠢ᠋ ᠲᠥᠪ ᠠᠽᠢ ᠲᠠᠢ ᠬᠣᠯᠪᠣᠭᠰᠠᠨ ᠳᠡᠯᠡᠬᠡᠢ ᠶ᠋ᠢᠨ ᠶᠡᠬᠡ ᠨᠡᠭᠦᠳᠡᠯ ᠢ᠋ ᠬᠢᠵᠦ᠂ ᠬᠥᠮᠦᠨ ᠦ᠌ ᠬᠥᠭᠵᠢᠯ ᠢ᠋ ᠰᠡᠷᠢᠭᠡᠭᠰᠡᠨ ᠠᠶᠠᠨ ᠲᠡᠢᠨ ᠰᠡᠳᠦᠵᠦ ᠲᠡᠦᠬᠡᠲᠦ ᠡᠭᠦᠷᠭᠡ ᠭᠦᠢᠴᠡᠳᠬᠡᠭᠰᠡᠨ ᠳᠡᠭᠡᠷᠡᠬᠢ ᠶᠡᠬᠡ ᠬᠠᠭᠠᠳ ᠲᠤᠬᠠᠢ ᠶ᠋ᠢᠨ ᠦᠶ᠎ᠡ ᠳ᠋ᠡᠭᠡᠨ ᠪᠡᠯᠭᠡ ᠢᠷᠦᠭᠡᠯᠲᠦ ᠭᠤᠷᠮᠤᠰᠤᠨ ᠣᠨᠣᠯ ᠢ᠋ᠶ᠋ᠠᠷ ᠵᠡᠪᠰᠡᠭᠯᠡᠭᠰᠡᠨ ᠣᠨᠴᠠᠭᠠᠢ ᠰᠠᠢᠨ ᠪᠣᠯᠪᠠᠰᠤᠷᠠᠯ ᠲᠠᠢ ᠬᠣᠯᠠ ᠶ᠋ᠢ ᠰᠡᠳᠬᠢᠭᠴᠢ ᠴᠤᠴᠠᠰᠢ ᠦᠭᠡᠢ ᠵᠣᠷᠢᠭᠲᠤ ᠨᠤᠭᠤᠳ ᠪᠠᠢᠯ᠎ᠠ᠃ ᠨᠡᠭᠦᠳᠡᠯ ᠭᠡᠳᠡᠭ ᠤᠳᠬ᠎ᠠ ᠴᠤ᠌ ᠪᠡᠯᠴᠢᠭᠡᠷ(ᠪᠠᠢᠭᠠᠯᠢ)᠂ ᠮᠠᠯ(ᠠᠮᠢ) ᠬᠥᠮᠦᠨ(ᠣᠶᠤᠨ) ᠭᠤᠷᠮᠤᠰᠤᠨ ᠰᠡᠳᠬᠢᠯᠭᠡᠨ ᠦ᠌ ᠦᠢᠯᠡᠳᠦᠯ ᠰᠢᠲᠦᠯᠴᠡᠭᠡ ᠪᠣᠯᠤᠨ᠎ᠠ᠃ ᠨᠡᠭᠦᠳᠡᠯᠴᠢ ᠤᠳᠤᠮ ᠤ᠋ᠨ ᠣᠯᠠᠨ ᠤᠯᠤᠰ ᠣᠷᠣᠨ ᠤ᠋ ᠲᠤᠯᠭ᠎ᠠ ᠶ᠋ᠢᠨ ᠴᠢᠯᠠᠭᠤ ᠶ᠋ᠢ ᠲᠠᠯᠪᠢᠭᠰᠠᠨ  ᠾᠦᠩᠨᠦ ᠶ᠋ᠢᠨ ᠶᠡᠬᠡ ᠬᠠᠭᠠᠨ ᠵᠠᠵᠢ ᠪᠤᠶᠤ ᠵᠢᠵᠢᠭ(ᠮᠠᠨ ᠤ᠋ ᠡᠷᠢᠨ ᠦ᠌ ᠡᠮᠦᠨ᠎ᠡ56—36 ᠣᠨ ᠳ᠋ᠤ᠌ ᠬᠠᠭᠠᠨ ᠰᠠᠭᠤᠭᠴᠢ) ᠠᠽᠢ ᠠ᠋ᠴᠠ ᠧᠦ᠋ᠷᠣᠫᠠ ᠬᠦᠷᠬᠦ ᠶᠡᠬᠡ ᠠᠶᠠᠨ ᠢ᠋ ᠨᠡᠭᠡᠭᠡᠭᠰᠡᠨ ᠭᠡᠨᠡᠮ᠃ ᠲᠡᠳᠡ ᠬᠠᠷ᠎ᠠ ᠬᠣᠷᠣᠨ ᠰᠠᠨᠠᠭᠠᠲᠤ ᠨᠤᠭᠤᠳ ᠢ᠋ ᠶᠠᠯᠠᠯᠠᠨ ᠭᠡᠰᠬᠡᠬᠦ ᠳ᠋ᠡᠭᠡᠨ ᠳᠡᠯᠡᠬᠡᠢ ᠶ᠋ᠢᠨ ᠠᠮᠢ ᠶ᠋ᠢ ᠴᠡᠪᠡᠷᠯᠡᠵᠦ᠂《ᠮᠥᠩᠬᠡ ᠭᠠᠯ》 ᠰᠦᠯᠳᠡᠲᠦ ᠲᠤᠭ ᠢᠶᠠᠨ ᠠᠮᠢ ᠪᠠᠷ ᠢᠶᠠᠨ ᠳᠠᠬᠢᠵᠤ ᠮᠥᠩᠬᠡᠷᠡᠭᠦᠯᠵᠦ ᠪᠠᠢᠯ᠎ᠠ᠃ ᠥᠭᠡᠳᠡᠢ ᠬᠠᠭᠠᠨ ᠤ᠋ ᠡᠪᠡᠳᠴᠢᠯᠡᠬᠦ ᠳ᠋ᠦ᠍ ᠳᠡᠭᠦᠦ ᠲᠤᠯᠤᠢ(ᠬᠣᠵᠢᠮ ᠤ᠋ᠨ ᠳᠥᠷᠪᠡᠨ ᠶᠡᠬᠡ ᠬᠠᠭᠠᠨ ᠤ᠋ ᠲᠥᠷᠥᠭᠰᠡᠨ ᠡᠴᠢᠭᠡ) ᠠᠮᠢ ᠪᠠᠷ ᠢ᠋ᠶ᠋ᠠᠨ ᠠᠬ᠎ᠠ ᠪᠠᠨ ᠬᠠᠭᠠᠵᠤ ᠠᠮᠢ ᠪᠠᠨ ᠳᠡᠯᠡᠬᠡᠢ ᠳ᠋ᠦ᠍ ᠥᠭᠳᠡᠭ ᠪᠢᠯᠡ᠃ ᠳᠡᠯᠡᠬᠡᠢ ᠶ᠋ᠢᠨ ᠥᠨᠥ ᠴᠠᠭ ᠤ᠋ᠨ ᠰᠡᠷᠭᠦᠯᠲᠡ ᠠᠮᠢᠨ ᠤ᠋ ᠨᠢᠭᠤᠴᠠ ᠶ᠋ᠢ ᠨᠡᠭᠡᠭᠡᠬᠦ ᠡᠷᠳᠡᠮ ᠦ᠋ᠨ ᠥᠨᠳᠥᠷᠯᠢᠭ ᠪᠠᠢᠬᠤ ᠪᠣᠯᠤᠨ᠎ᠠ᠃ ᠠᠮᠢ ᠭᠡᠳᠡᠭ ᠬᠣᠷᠸ᠎ᠠ ᠶ᠋ᠢᠨ ᠰᠢᠯᠲᠠᠭᠠᠨ᠂ ᠠᠮᠢᠳᠤᠷᠠᠯ ᠭᠡᠳᠡᠭ ᠠᠬᠤᠢ ᠬᠢᠭᠡᠳ ᠰᠡᠳᠬᠢᠯ ᠦ᠋ᠨ ᠪᠠᠷᠢᠮᠲᠠ᠂ ᠠᠮᠢᠲᠠᠨ ᠭᠡᠳᠡᠭ ᠶᠢᠷᠲᠢᠨᠴᠦ ᠶ᠋ᠢᠨ ᠵᠢᠱ᠌ᠢᠶ᠎ᠡ ᠶᠦᠮ᠃ ᠡᠭᠦᠨ ᠢ᠋ ᠣᠢᠯᠠᠭᠠᠭᠰᠠᠨ ᠠ᠋ᠴᠠ ᠮᠣᠩᠭᠣᠯ ᠣᠷᠣᠨ ᠣᠩᠭᠣᠨ ᠲᠠᠩᠰᠤᠭ ᠪᠠᠢᠭᠠᠯᠢ ᠲᠠᠢ ᠭᠡᠮᠡᠨ ᠠᠯᠳᠠᠷᠰᠢᠵᠠᠢ᠃ ᠬᠣᠢᠮᠣᠰᠣᠨ ᠬᠥᠭᠵᠢᠯ ᠦ᠋ᠨ ᠢᠯᠠᠯᠲᠠ ᠬᠠᠩᠭᠠᠢ ᠶ᠋ᠢ ᠴᠦᠯ ᠪᠣᠯᠭᠠᠨ ᠥᠭᠡᠷᠡᠴᠢᠯᠡᠳᠡᠭ ᠪᠣᠯ ᠭᠤᠷᠪᠠᠯ ᠣᠨᠣᠯ ᠭᠣᠪᠢ ᠶ᠋ᠢ ᠬᠠᠩᠭᠠᠢ ᠪᠣᠯᠭᠠᠬᠤ ᠶ᠋ᠢ ᠴᠤ᠌ ᠡᠷᠡᠮᠡᠯᠵᠡᠳᠡᠭ ᠦᠭᠡᠢ ᠪᠣᠯᠤᠨ᠎ᠠ᠃ ᠮᠣᠩᠭᠣᠯᠴᠤᠳ ᠤ᠋ᠨ ᠬᠣᠶᠠᠷ ᠵᠥᠷᠢᠴᠡᠯ ᠦ᠋ᠨ ᠬᠥᠭᠵᠢᠯ ᠦ᠋ᠨ ᠪᠠᠯᠠᠭ ᠨᠢ ᠶᠡᠬᠡ ᠲᠤᠯᠠ《ᠡᠪᠯᠡᠪᠡᠯ ᠪᠦᠲᠦᠨ᠎ᠡ᠂ ᠬᠣᠪᠯᠠᠪᠠᠯ ᠭᠤᠲᠤᠨ᠎ᠠ》᠂《ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ》᠂《ᠰᠠᠨᠠᠭᠠᠨ ᠤ᠋ ᠭᠬᠢᠷ ᠢ᠋ ᠬᠡᠯᠡᠯᠴᠡᠵᠦ ᠠᠷᠢᠯᠭᠠᠨ᠎ᠠ᠃ ᠰᠠᠪᠠᠨ ᠤ᠋ ᠭᠬᠢᠷ ᠢ᠋ ᠤᠬᠢᠶᠠᠵᠤ ᠠᠷᠢᠯᠭᠠᠨ᠎ᠠ》 ᠭᠡᠬᠦ ᠮᠡᠲᠦᠴᠢᠯᠡᠨ ᠭᠤᠷᠪᠠᠯ ᠣᠨᠣᠯ ᠢ᠋ᠶ᠋ᠠᠨ ᠵᠦᠢᠷ ᠰᠡᠴᠡᠨ ᠦᠭᠡ ᠶ᠋ᠢᠨ ᠭᠠᠷᠭᠠᠯᠭ᠎ᠠ ᠪᠠᠷ ᠳᠠᠶᠠᠩ ᠤ᠋ᠨ ᠬᠢᠴᠢᠶᠡᠯ ᠪᠣᠯᠭᠠᠨ ᠤᠯᠠᠮᠵᠢᠯᠠᠭᠤᠯᠵᠤ ᠦᠶ᠎ᠡ ᠡᠴᠡ ᠦᠶ᠎ᠡ ᠳ᠋ᠦ᠍ ᠳᠠᠮᠵᠢᠭᠤᠯᠳᠠᠭ ᠪᠠᠢᠨ᠎ᠠ᠃19.20 ᠳ᠋ᠤᠭᠠᠷ ᠵᠠᠭᠤᠨ᠁《ᠡᠪᠷᠢᠺᠡ》 ᠭᠡᠵᠦ ᠳᠠᠭᠤ ᠠᠯᠳᠠᠭᠤᠯᠤᠭᠰᠠᠨ ᠨᠡᠭᠡᠭᠡᠯᠲᠡ ᠦ᠋ᠳ᠁ ᠡᠴᠦᠰ ᠦ᠋ᠨ ᠡᠴᠦᠰ ᠲᠤ ᠳᠡᠯᠡᠬᠡᠢ ᠶ᠋ᠢ ᠵᠡᠷᠡᠮᠳᠡᠭᠯᠡᠵᠦ᠂ ᠠᠮᠢᠳᠤᠷᠠᠯ ᠢ᠋ ᠬᠣᠣᠷᠳᠠᠭᠤᠯᠵᠤ ᠬᠠᠷᠰᠢᠯᠳᠤᠭᠤᠯᠤᠨ ᠵᠠᠭᠪᠤᠷ ᠪᠣᠢ ᠪᠣᠯᠭᠠᠵᠠᠢ᠃ ᠮᠣᠩᠭᠣᠯᠴᠤᠳ ᠤ᠋ᠨ ᠪᠠᠢᠭᠠᠯᠢ ᠪᠠᠨ ᠬᠠᠮᠠᠭᠠᠯᠠᠵᠤ᠂ ᠳᠠᠬᠢᠵᠤ ᠦᠯᠡᠲᠡᠯ᠎ᠡ᠃ ᠠᠮᠢ ᠶ᠋ᠢ ᠳᠡᠭᠡᠳᠦᠯᠡᠭᠡ ᠦᠭᠡᠢ ᠬᠣᠢᠮᠣᠰᠣᠨ ᠤᠬᠠᠭᠠᠨ ᠤ᠋ ᠬᠠᠷ᠎ᠠ ᠲᠡᠦᠬᠡ ᠬᠠᠷ᠎ᠠ ᠮᠥᠷ ᠢ᠋ ᠠᠷᠢᠯᠭᠠᠬᠤ ᠭᠡᠵᠦ ᠬᠣᠢᠮᠣᠰᠣᠨ ᠣᠨᠣᠯ ᠢ᠋ᠶ᠋ᠠᠷ ᠭᠠᠢᠬᠠᠮᠰᠢᠭᠲᠤ ᠨᠡᠭᠡᠭᠡᠯᠲᠡ ᠬᠢᠬᠦ ᠲᠣᠰᠤᠮ ᠭᠤᠲᠤᠮᠰᠢᠭᠲᠤ ᠦᠷ᠎ᠡ ᠳ᠋ᠦᠩ ᠬᠤᠷᠠᠮᠳᠤᠯᠠᠭᠳᠠᠬᠤ ᠪᠣᠯᠪᠠ ᠤᠤ? ᠢᠷᠦᠭᠡᠯ᠂ ᠬᠦᠰᠡᠯ᠂ ᠰᠢᠲᠦᠯᠭᠡ ᠪᠦᠬᠦᠨ ᠠᠮᠢᠨ ᠤ᠋ ᠲᠤᠯᠠ ᠠᠲᠠᠯ᠎ᠠ ᠠᠬᠤᠢ ᠶ᠋ᠢᠨ ᠬᠥᠭᠵᠢᠯ ᠳ᠋ᠦ᠍ ᠥᠷᠢᠰᠦᠯᠳᠦᠨ ᠳᠠᠩ ᠣᠶᠤᠨ ᠤ᠋ ᠬᠥᠭᠵᠢᠯ ᠦ᠋ᠨ ᠲᠥᠯᠥᠭᠡ ᠰᠥᠷᠭᠡᠯᠳᠦᠭᠡᠳ ᠶᠢᠷᠲᠢᠨᠴᠦ ᠶ᠋ᠢᠨ ᠠᠮᠢ ᠶ᠋ᠢ ᠠᠪᠤᠷᠠᠨ᠎ᠠ ᠭᠡᠵᠦ ᠤᠤ? ᠡᠨᠡ ᠤᠳᠬ᠎ᠠ ᠪᠠᠷ ᠳᠡᠯᠡᠬᠡᠢ ᠶ᠋ᠢᠨ ᠬᠥᠭᠵᠢᠯ ᠦ᠋ᠨ ᠢᠷᠡᠭᠡᠳᠦᠢ ᠪᠦᠷᠬᠦᠭ ᠪᠦᠲᠡᠬᠡᠷ ᠪᠠᠢᠳᠠᠭ ᠪᠣᠯᠤᠨ᠎ᠠ᠃
      ᠮᠣᠩᠭᠣᠯ ᠤ᠋ᠨ ᠡᠷᠲᠡᠨ ᠦ᠌ ᠭᠦᠨ ᠤᠬᠠᠭᠠᠨ ᠤ᠋《ᠠᠮᠢ》 ᠭᠡᠬᠦ ᠣᠢᠯᠠᠭᠠᠯᠲᠠ ᠨᠢ ᠮᠥᠩᠬᠡ ᠭᠠᠯ ᠪᠣᠯᠤᠨ ᠪᠤᠷᠬᠠᠨ ᠣᠩᠭᠣᠨ ᠰᠢᠲᠦᠭᠡᠨ ᠲᠡᠢ ᠨᠠᠰᠤ ᠴᠠᠴᠤᠭᠤ ᠪᠠᠯᠠᠷᠯᠢᠭ ᠦᠶ᠎ᠡ ᠶ᠋ᠢᠨ ᠹᠢᠯᠣᠰᠣᠹᠢ ᠰᠠᠨᠠᠭ᠎ᠠ ᠪᠥᠭᠡᠳ《ᠪᠡᠶ᠎ᠡ— ᠰᠡᠳᠬᠢᠯ— ᠠᠮᠢ》 ᠲᠡᠭᠰᠢᠷᠡᠭᠰᠡᠨ ᠡᠭᠦᠰᠦᠯ ᠲᠡᠢ ᠬᠣᠯᠪᠣᠭᠳᠠᠨ᠎ᠠ᠃ ᠪᠤᠷᠬᠠᠨ ᠭᠡᠬᠦ ᠦᠭᠡ— ᠣᠢᠯᠠᠭᠠᠯᠲᠠ— ᠰᠢᠲᠦᠯᠭᠡ ᠨᠢ ᠪᠥᠬᠡ ᠶ᠋ᠢᠨ ᠶᠣᠰᠣᠨ ᠤ᠋ ᠰᠦᠯᠲᠠᠨ ᠤ᠋ ᠨᠡᠷ᠎ᠡ ᠪᠣᠷ᠂ ᠪᠤᠷᠠ— ᠬᠠᠨ᠂ ᠪᠤᠷᠬ᠎ᠠ— ᠬᠠᠨ᠂ ᠪᠣᠷᠭᠠᠬᠠᠨ ᠪᠤᠶᠤ ᠤᠭ ᠲᠠᠭᠠᠨ《ᠪᠤᠷᠭᠠᠰᠤ》 ᠭᠡᠳᠡᠭ ᠨᠢᠭᠡ ᠤᠳᠬᠠᠲᠤ ᠦᠭᠡ ᠶ᠋ᠢᠨ 《ᠬᠠᠨ》 ᠭᠡᠳᠡᠭ ᠨᠢ ᠥᠨᠥ ᠶ᠋ᠢᠨ ᠣᠢᠯᠠᠭᠠᠯᠲᠠ ᠪᠠᠷ ᠬᠠᠭᠠᠨ ᠳᠡᠭᠡᠳᠦᠯᠡᠯ ᠶᠦᠮ᠃ ᠡᠳᠦᠭᠡ ᠬᠢ ᠬᠡᠯᠡᠯᠭᠡ ᠪᠡᠷ ᠪᠣᠯ《ᠪᠣᠷᠭᠠᠰᠤᠬᠠᠨ》 ᠪᠣᠯᠬᠤ ᠠᠵᠠᠢ᠃ ᠡᠢᠮᠦ ᠵᠢᠱ᠌ᠢᠶ᠎ᠡ ᠭᠡᠪᠡᠯ ᠪᠦᠷᠳᠡ ᠴᠢᠨᠣ᠎ᠠ  ᠶ᠋ᠢᠨ ᠬᠦᠦ ᠪᠠᠲᠤᠴᠢ ᠬᠠᠨ(ᠪᠠᠲᠤᠴᠠᠭᠠᠨ ᠪᠤᠰᠤ)᠂ ᠣᠳᠬᠠᠨ ᠲᠩᠷᠢ(ᠤᠳᠬᠤᠨ ᠪᠤᠰᠤ) ᠠᠭᠤᠯᠠ ᠭᠡᠬᠦ ᠮᠡᠲᠦ ᠠᠪᠠᠢ᠃ (ᠣᠳᠬᠠᠨ ᠪᠤᠶᠤ ᠭᠠᠯ ᠤ᠋ᠨ ᠬᠠᠭᠠᠨ ᠭᠡᠬᠦ ᠮᠥᠨᠥᠬᠢ ᠭᠦᠨ ᠤᠬᠠᠭᠠᠨ ᠤ᠋ ᠤᠳᠬ᠎ᠠ) ᠪᠤᠷᠭᠠᠰᠤ ᠶ᠋ᠢ ᠮᠣᠩᠭᠣᠯ ᠮᠣᠳᠣ ᠭᠡᠮᠡᠨ ᠳᠡᠭᠡᠳᠦᠯᠡᠭᠰᠡᠭᠡᠷ ᠢᠷᠡᠭᠰᠡᠨ ᠦ᠌ ᠤᠴᠢᠷ ᠡᠨᠡ ᠠᠵᠠᠢ᠃ ᠪᠤᠳ᠋ᠳ᠋ᠾᠠ ᠭᠡᠳᠡᠭ ᠦᠭᠡ ᠶ᠋ᠢᠨ ᠬᠤᠪᠢᠷᠠᠯ ᠨᠢ《ᠪᠣᠭᠳᠠ》 ᠲᠤᠯᠠ ᠡᠨᠡ ᠱᠠᠰᠢᠨ ᠢ᠋ ᠪᠤᠷᠬᠠᠨ ᠤ᠋ ᠱᠠᠵᠢᠨ ᠭᠡᠬᠦ ᠨᠢ ᠪᠤᠷᠤᠭᠤ ᠪᠥᠭᠡᠳ ᠦᠨᠡᠬᠡᠷ ᠮᠣᠩᠭᠣᠯ ᠢ᠋ᠶ᠋ᠠᠷ《ᠣᠷᠴᠢᠭᠤᠯᠵᠤ》 ᠬᠡᠯᠡᠵᠦ ᠵᠠᠩᠰᠢᠵᠤ ᠱᠠᠭᠠᠷᠳᠠᠯᠭ᠎ᠠ ᠪᠣᠢ ᠭᠡᠪᠡᠯ ᠪᠣᠭᠳᠠ ᠶ᠋ᠢᠨ ᠱᠠᠵᠢᠨ ᠭᠡᠬᠦ ᠨᠢ ᠵᠥᠪ ᠪᠣᠯᠤᠨ᠎ᠠ᠃ ᠽᠣᠩᠺᠡᠪᠠ ᠪᠣᠭᠳᠠ᠂ ᠸᠴᠢᠷᠪᠠᠨᠢ ᠪᠣᠭᠳᠠ᠂ ᠨᠠᠮᠰᠠᠷᠠᠢ ᠪᠣᠭᠳᠠ᠁ ᠭᠡᠬᠦ ᠮᠡᠲᠦ ᠶᠦᠮ᠃ ᠪᠦᠷ ᠲᠣᠳᠣᠷᠠᠭᠤᠯᠪᠠᠯ ᠪᠤᠳ᠋ᠳ᠋ᠾᠠ ᠶ᠋ᠢᠨ ᠱᠠᠵᠢᠨ ᠡᠰᠡᠬᠦᠯ᠎ᠡ ᠪᠣᠭᠳᠠ ᠶ᠋ᠢᠨ ᠱᠠᠵᠢᠨ ᠲᠤᠯᠠ ᠮᠣᠩᠭᠣᠯ ᠪᠥᠬᠡ ᠶ᠋ᠢᠨ《ᠪᠤᠷᠬᠠᠨ》 ᠢ᠋ ᠬᠠᠳᠬᠤᠵᠤ ᠦᠯᠦ ᠪᠣᠯᠬᠤ ᠠᠵᠠᠢ᠃ ᠪᠤᠷᠬᠠᠨ ᠤ᠋ ᠱᠠᠵᠢᠨ ᠭᠡᠳᠡᠭ ᠤᠭ ᠲᠠᠭᠠᠨ ᠪᠥᠬᠡ ᠶ᠋ᠢᠨ ᠰᠢᠲᠦᠯᠭᠡ ᠶᠦᠮ᠃
      ᠶᠡᠬᠡ ᠣᠪᠣᠭᠠᠨ ᠤ᠋ ᠣᠷᠣᠢ ᠳ᠋ᠤ᠌ ᠪᠤᠷᠭᠠᠰᠤ ᠬᠠᠳᠬᠤᠨ ᠵᠠᠯᠠᠵᠤ ᠳᠠᠭᠢᠬᠤ᠂ ᠭᠤᠷᠪᠠ ᠲᠣᠭᠣᠷᠢᠵᠤ ᠮᠥᠷᠭᠥᠳᠡᠭ ᠨᠢ ᠪᠥᠬᠡ ᠶ᠋ᠢᠨ ᠶᠣᠰᠣᠨ ᠤ᠋ ᠲᠠᠬᠢᠯᠭ᠎ᠠ ᠪᠣᠯᠤᠨ᠎ᠠ᠃ ᠪᠤᠷᠬᠠᠨ ᠬᠠᠯᠳᠤᠨ ᠭᠡᠵᠦ ᠨᠡᠷᠡᠰᠢᠭᠡᠳ ᠪᠠᠢᠭ᠎ᠠ ᠡᠵᠡᠨ ᠴᠢᠩᠭᠢᠰ ᠦ᠋ᠨ ᠲᠥᠷᠥᠯᠬᠢ ᠤᠤᠯ ᠦᠭᠡ ᠨᠢ ᠪᠤᠷᠬᠠᠨ ᠬᠠᠯᠳᠤᠨ ᠠᠵᠠᠢ᠃ ᠭᠠᠯᠲᠣᠨ ᠭᠡᠳᠡᠭ ᠦᠭᠡ ᠪᠣᠯ ᠭᠠᠯ ᠤ᠋ᠨ ᠲᠠᠬᠢᠯᠭ᠎ᠠ ᠲᠠᠢ ᠭᠡᠬᠦ ᠤᠳᠬ᠎ᠠ ᠪᠦᠬᠦᠢ ᠪᠥᠭᠡᠳ ᠪᠤᠷᠬᠠᠨ ᠪᠡᠯᠭᠡ ᠴᠢᠮᠡᠭ ᠣᠷᠣᠰᠢᠭᠰᠠᠨ ᠬᠠᠪᠰᠤᠷᠤᠯ ᠪᠣᠯᠠᠢ᠃ 《ᠠᠮᠢ ᠭᠠᠯ ᠪᠤᠷᠬᠠᠨ》 ᠭᠤᠷᠪᠠ ᠨᠢᠭᠡᠨ ᠴᠣᠭᠴᠠ ᠣᠢᠯᠠᠭᠠᠯᠲᠠ(ᠭᠤᠷᠪᠠᠯᠵᠢᠨ) ᠤᠴᠢᠷ ᠠᠮᠢᠨ ᠤ᠋ ᠪᠣᠳᠠᠲᠤ ᠴᠢᠨᠠᠷ ᠨᠢ ᠪᠤᠷᠭᠠᠰᠤ(ᠪᠤᠷᠬᠠᠨ)᠂ ᠬᠡᠢ ᠳᠦᠷᠢ ᠨᠢ ᠭᠠᠯ᠂ ᠠᠮᠢᠨ ᠴᠢᠨᠠᠷ ᠨᠢ《ᠠᠮᠢ》 ᠰᠢᠲᠦᠯᠭᠡ ᠠᠵᠠᠢ᠃ ᠲᠡᠳᠡᠭᠡᠷ ᠦ᠋ᠨ ᠳᠦᠷᠰᠦ ᠪᠡᠯᠭᠡ ᠨᠢ ᠭᠤᠷᠪᠠᠨ ᠵᠠᠯᠢᠲᠤ《ᠮᠥᠩᠬᠡ ᠭᠠᠯ》 ᠰᠦᠯᠳᠡ  ᠶᠦᠮ᠃ ᠡᠨᠡᠬᠦ ᠮᠥᠩᠬᠡ ᠭᠠᠯ ᠨᠢ ᠪᠤᠷᠬᠠᠨ ᠮᠥᠨ᠂ ᠠᠮᠢ ᠮᠥᠨ᠂ ᠪᠠᠰᠠ ᠭᠠᠯ ᠮᠥᠨ ᠠᠵᠠᠢ ᠠ᠋᠃
      ᠭᠤᠷᠪᠠᠯ ᠣᠨᠣᠯ ᠤ᠋ᠨ ᠰᠦᠯᠳᠡ ᠡᠨᠡᠬᠦ ᠳᠦᠷᠰᠦ ᠨᠢ ᠨᠡᠭᠦᠳᠡᠯᠴᠢᠨ ᠵᠣᠩ᠂ ᠳᠢ᠂ ᠾᠦᠩᠨᠦ᠂ ᠭᠥᠷᠳᠡ ᠡᠴᠡ ᠡᠮᠦᠨᠡᠬᠢ ᠦᠶ᠎ᠡ ᠶ᠋ᠢᠨ ᠪᠦᠲᠦᠭᠡᠯ ᠪᠥᠭᠡᠳ ᠠᠩᠬᠠᠨ ᠤ᠋ ᠲᠥᠷᠥ ᠤᠯᠤᠰ ᠡᠭᠦᠰᠬᠦ  ᠳ᠋ᠦ᠍ ᠦᠨᠳᠦᠰᠦᠲᠡᠨ ᠦ᠌ ᠪᠡᠯᠭᠡᠳᠡᠯ ᠪᠣᠯᠤᠭᠰᠠᠨ ᠹᠷᠡᠽᠣᠭᠷᠠᠹᠢᠶ᠎ᠠ ᠪᠤᠶᠤ ᠤᠳᠬ᠎ᠠ ᠪᠢᠴᠢᠭ ᠦ᠋ᠨ ᠳᠤᠷᠠᠰᠬᠠᠯ ᠪᠣᠯᠤᠨ᠎ᠠ᠃《ᠮᠥᠩᠬᠡ ᠭᠠᠯ》 ᠨᠢᠭᠡᠨ ᠪᠦᠯᠢ ᠣᠪᠣᠭ ᠤ᠋ᠨ ᠬᠡᠮᠵᠢᠶᠡᠨ ᠡᠴᠡ ᠨᠡᠢᠲᠡ ᠦᠨᠳᠦᠰᠦᠲᠡᠨ ᠦ᠌ ᠬᠡᠮᠵᠢᠶᠡᠨ ᠦ᠌ ᠰᠢᠲᠦᠭᠡᠨ ᠪᠣᠯᠵᠠᠢ᠃ ᠪᠤᠷᠬᠠᠨ ᠪᠣᠯ ᠲᠩᠷᠢ ᠤᠯᠤᠰ ᠤ᠋ᠨ ᠦᠷ᠎ᠡ ᠪᠣᠯᠬᠤ ᠡᠪᠦᠭᠡ ᠳᠡᠭᠡᠳᠦᠰ ᠦ᠋ᠨ ᠠᠮᠢ ᠰᠢᠩᠭᠡᠭᠰᠡᠨ ᠡᠳᠦᠭᠡᠨ ᠡᠬᠡ ᠪᠠᠢᠭᠠᠯᠢ᠁ ᠭᠡᠬᠦ ᠮᠡᠲᠦ ᠪᠡᠷ ᠲᠤᠰ ᠲᠤᠰ ᠲᠥᠯᠥᠭᠡᠯᠡᠯ ᠤᠳᠬ᠎ᠠ ᠪᠢᠰᠢᠯᠭᠠᠨ᠎ᠠ᠃ ᠡᠭᠦᠨ ᠯᠦ᠍ᠭᠡ ᠠᠳᠠᠯᠢ《ᠭᠠᠯ》 ᠨᠢ ᠬᠤᠯᠵᠢᠭᠰᠠᠨ ᠠᠮᠢ ᠶ᠋ᠢ ᠪᠤᠷᠬᠠᠨ ᠤ᠋ ᠣᠷᠣᠨ ᠳ᠋ᠤ᠌(ᠪᠤᠷᠭᠠᠰᠤ ᠮᠣᠳᠣᠨ ᠳ᠋ᠤᠷ ᠰᠢᠩᠭᠡᠬᠦ) ᠵᠠᠯᠠᠷᠠᠬᠤ  ᠶ᠋ᠢ᠂ ᠡᠨᠡ ᠪᠡᠶ᠎ᠡ ᠳ᠋ᠦ᠍ ᠪᠠᠶᠠᠰᠬᠤᠯᠠᠩ ᠲᠡᠭᠦᠰ ᠵᠢᠷᠭᠠᠯ ᠢ᠋᠂ ᠢᠷᠡᠭᠡᠳᠦᠢ ᠬᠣᠢᠴᠢ ᠳ᠋ᠤ᠌ ᠮᠠᠨᠳᠤᠨ ᠪᠠᠳᠠᠷᠠᠬᠤ ᠶ᠋ᠢᠨ ᠪᠡᠯᠭᠡᠳᠡᠯ ᠢ᠋ ᠠᠭᠤᠯᠤᠨ᠎ᠠ ᠭᠡᠬᠦ ᠮᠡᠲᠦ ᠪᠡᠷ ᠪᠤᠷᠬᠠᠨ ᠪᠠ ᠠᠮᠢ ᠴᠤ᠌ ᠲᠤᠰ ᠲᠤᠰ ᠤ᠋ᠨ ᠵᠣᠷᠢᠯᠭ᠎ᠠ ᠶ᠋ᠢᠨ ᠭᠤᠷᠪᠠᠯ ᠤᠳᠬ᠎ᠠ ᠶ᠋ᠢᠨ ᠲᠠᠢᠯᠤᠯ ᠳ᠋ᠤ᠌ ᠢᠴᠢᠬᠦ ᠠᠮᠤᠢ᠃ ᠡᠨᠳᠡ ᠲᠥᠯᠥᠭᠡᠯᠡᠯ ᠪᠠ ᠵᠣᠷᠢᠯᠭ᠎ᠠ ᠶ᠋ᠢᠨ ᠭᠠᠭᠴᠠ ᠭᠠᠭᠴᠠ ᠭᠠᠷᠭᠠᠯᠭ᠎ᠠ ᠶ᠋ᠢ ᠲᠣᠢᠮᠣᠯᠠᠪᠠ᠃ ᠪᠢᠳᠡ ᠪᠤᠷᠬᠠᠨ ᠮᠢᠨᠢ!
ᠭᠡᠵᠦ ᠤᠤᠯᠭ᠎ᠠ ᠠᠯᠳᠠᠬᠤ ᠳ᠋ᠠᠭᠠᠨ ᠡᠨᠡ ᠯᠡ ᠪᠡᠯᠭᠡ ᠪᠢᠯᠢᠭᠳᠡᠯ᠂ ᠰᠦᠯᠳᠡ ᠶ᠋ᠢ ᠳᠠᠭᠤᠳᠠᠵᠤ ᠪᠠᠢᠳᠠᠭ ᠪᠥᠭᠡᠳ ᠪᠤᠷᠤᠭᠤ ᠣᠢᠯᠠᠭᠠᠯᠲᠠ ᠪᠠᠷ ᠨᠢᠭᠡᠨᠲᠡ ᠬᠡᠪᠰᠢᠭᠰᠡᠨ ᠲᠤᠯᠠ ᠬᠤᠸᠠᠷᠠᠭ ᠤ᠋ᠳ ᠪᠣᠯᠤᠨ ᠤᠬᠠᠮᠰᠠᠷ ᠲᠠᠢ ᠱᠠᠪᠢ ᠨᠠᠷ ᠨᠢ ᠵᠠᠪᠢᠯᠠᠵᠤ ᠵᠠᠯᠪᠠᠷᠢᠭᠰᠠᠨ ᠪᠤᠳ᠋ᠳ᠋ᠾᠠ ᠪᠠᠭᠰᠢ ᠶ᠋ᠢ ᠪᠣᠳᠣᠵᠤ ᠮᠥᠷᠭᠥᠳᠡᠭ ᠪᠣᠢ ᠊ᠶ ‍ᠠ᠋᠃
      ᠲᠡᠭᠡᠬᠦ ᠪᠡᠷ ᠨᠡᠭᠦᠳᠡᠯᠴᠢᠨ ᠮᠥᠩᠬᠡ ᠭᠠᠯ ᠰᠦᠯᠳᠡᠲᠦ ᠨᠦ᠍ᠭᠦᠳ ᠪᠤᠷᠬᠠᠨ ᠲᠠᠢ ᠪᠥᠭᠡᠳ ᠲᠡᠷᠡ ᠨᠢ ᠪᠠᠢᠭᠠᠯᠢ ᠭᠠᠯ᠂ ᠠᠮᠢ ᠶᠤᠮᠰᠠᠨᠵᠠᠢ᠂ ᠡᠢᠮᠦ ᠳ᠋ᠦ᠍ ᠲᠥᠷᠥ ᠶ᠋ᠢᠨ ᠰᠦᠯᠳᠡ ᠳ᠋ᠦ᠍《ᠮᠥᠩᠬᠡ ᠭᠠᠯ》 ᠰᠢᠲᠦᠭᠡᠨ ᠢ᠋ᠶ᠋ᠡᠨ ᠳᠠᠩ ᠢ᠋ᠶ᠋ᠠᠷ ᠨᠢ ᠵᠠᠯᠠᠵᠤ᠂ ᠣᠷᠣᠨ ᠰᠠᠭᠤᠴᠠᠨ ᠤ᠋ ᠠᠢᠯ ᠴᠤ᠌ ᠭᠠᠯ ᠰᠢᠲᠦᠭᠡᠨ ᠲᠡᠢ ᠪᠣᠯᠬᠤ᠂ ᠭᠠᠯ ᠤ᠋ᠨ ᠠᠷᠢᠭᠤᠨ ᠢ᠋ ᠳᠡᠭᠡᠳᠦᠯᠡᠬᠦ ᠶᠣᠰᠣ ᠵᠠᠩᠰᠢᠯ ᠢ᠋ᠶ᠋ᠠᠨ ᠰᠡᠷᠭᠦᠭᠡᠭᠦᠰᠢᠲᠡᠢ ᠠᠵᠢ ᠠ᠋᠃ ᠭᠠᠯ ᠦᠵᠦᠭᠦᠷ ᠢᠷᠲᠦ ᠵᠦᠢᠯ᠂ ᠪᠣᠬᠢᠷ ᠪᠤᠷᠲᠠᠭ᠂ ᠪᠡᠯᠭᠡ ᠥᠬᠡᠢ ᠬᠠᠨᠳᠤᠯᠭ᠎ᠠ ᠳᠥᠭᠥᠭᠦᠯᠬᠦ ᠶ᠋ᠢ ᠴᠡᠭᠡᠷᠯᠡᠳᠡᠭ ᠭᠠᠯ ᠲᠠᠬᠢᠯᠭ᠎ᠠ ᠶ᠋ᠢᠨ ᠶᠣᠰᠣ ᠶ᠋ᠢ ᠪᠢᠴᠢᠭᠯᠡᠬᠦ ᠠᠬᠤᠯ᠎ᠠ ᠬᠡᠳᠦᠨ ᠠᠷᠪᠠᠨ ᠪᠣᠳᠢ ᠪᠣᠯᠬᠤ ᠬᠡᠪ ᠶᠣᠰᠣ(ᠠᠮᠠᠨ ᠬᠠᠤᠯᠢ)᠂ ᠠᠬᠤᠢ ᠶ᠋ᠢᠨ ᠵᠠᠩᠰᠢᠯ ᠤ᠋ᠨ ᠮᠢᠩᠭ᠎ᠠ ᠲᠦᠮᠡᠨ ᠰᠤᠷᠭᠠᠯ ᠵᠠᠩ ᠦᠢᠯᠡ ᠳᠡᠭᠡᠳᠦᠰ ᠡᠴᠡ ᠪᠢᠳᠡᠨ ᠳ᠋ᠦ᠍ ᠤᠯᠠᠮᠵᠢᠯᠠᠭᠳᠠᠭᠰᠠᠨ ᠪᠠᠢᠨ᠎ᠠ᠃ ᠲᠡᠷᠡ ᠦᠶ᠎ᠡ ᠶ᠋ᠢ ᠰᠤᠳᠤᠯᠤᠨ ᠬᠡᠪᠰᠢᠭᠦᠯᠬᠦ ᠨᠢ ᠭᠤᠷᠪᠠᠯ ᠣᠨᠣᠯ ᠢ᠋ ᠹᠢᠯᠣᠰᠣᠹᠢ ᠳ᠋ᠤ᠌ ᠰᠤᠷᠤᠯᠴᠠᠬᠤ ᠳ᠋ᠠᠭᠠᠨ ᠴᠠᠭᠠᠨ ᠲᠣᠯᠣᠭᠠᠢ ᠶ᠋ᠢ ᠡᠵᠡᠮᠰᠢᠵᠦ ᠪᠣᠢ ᠬᠡᠷᠡᠭ ᠪᠣᠯᠬᠤ ᠲᠤᠯᠠ ᠡᠯ᠎ᠡ ᠡᠷᠳᠡᠮ ᠳ᠋ᠦ᠍ ᠶᠡᠬᠡᠰ ᠳᠣᠣᠷᠠᠳᠤᠰ ᠦᠭᠡᠢ ᠬᠠᠨᠳᠤᠮᠤᠢ ᠪᠥᠯᠥᠭᠡ᠃
      ᠮᠣᠩᠭᠣᠯ ᠵᠢᠷᠤᠬᠠᠢ ᠳ᠋ᠤ᠌ ᠭᠠᠯ ᠢ᠋ ᠊᠊᠊᠊᠊᠊᠊᠊᠊᠊᠊᠊᠊᠊᠊᠊ ᠊᠊᠊᠊᠊᠊᠊᠊᠊᠊᠊᠊᠊᠊᠊᠊● ᠊᠊᠊᠊᠊᠊᠊᠊᠊᠊᠊᠊᠊᠊ ᠭᠡᠮᠡᠨ ᠲᠡᠮᠳᠡᠭᠯᠡᠳᠡᠭ ᠨᠢ ᠲᠩᠷᠢ ᠶ᠋ᠢᠨ ᠳᠤᠮᠳᠠᠬᠢ ᠭᠤᠷᠪᠠᠨ ᠰᠢᠳᠢ ᠠᠵᠠᠢ᠃ ᠲᠩᠷᠢ ᠶ᠋ᠢ ᠦᠷᠭᠦᠯᠵᠢᠯᠡᠭᠰᠡᠨ ᠵᠢᠷᠤᠭᠠᠰᠤ ᠪᠣᠢ᠂ ᠭᠠᠵᠠᠷ ᠢ᠋ ᠭᠤᠷᠪᠠᠨ ᠲᠠᠰᠤᠷᠬᠠᠢ ᠱᠤᠭᠤᠮ ᠢ᠋ᠶ᠋ᠠᠷ ᠲᠡᠮᠳᠡᠭᠯᠡᠬᠦ ᠠᠵᠢ ᠠ᠋᠃ ᠡᠷᠲᠡᠨ ᠦ᠌ ᠨᠡᠭᠦᠳᠡᠯᠴᠢ ᠰᠡᠳᠬᠢᠭᠴᠢᠳ ᠭᠠᠵᠠᠷ ᠢ᠋ ᠭᠤᠷᠪᠠᠨ ᠤᠳᠬ᠎ᠠ ᠭᠠᠯ᠂ ᠠᠮᠢ᠂ ᠪᠤᠷᠬᠠᠨ ᠨᠡᠢᠯᠡᠪᠦᠷᠢ ᠭᠡᠵᠦ ᠰᠡᠬᠡᠭᠡᠷᠡᠭᠰᠡᠨ ᠪᠠᠷᠢᠮᠲᠠ ᠡᠨᠡ᠃ ᠪᠠᠰᠠ ᠭᠠᠯ ᠤᠰᠤᠨ ᠤ᠋ ᠭᠠᠰᠢᠭᠤᠨ ᠵᠣᠪᠠᠯᠠᠩ ᠢ᠋ᠶ᠋ᠠᠨ ᠲᠩᠷᠢ ᠪᠤᠷᠬᠠᠨ ᠳ᠋ᠠᠭᠠᠨ ᠳᠠᠭᠠᠳᠬᠠᠳᠠᠭ ᠨᠢ ᠪᠦᠷ ᠴᠦ᠍ ᠨᠠᠷᠢᠨ ᠷᠢᠳᠢ ᠰᠢᠳᠢ ᠦᠢᠯᠡᠴᠢᠯᠡᠯ ᠲᠩᠷᠢ ᠶ᠋ᠢᠨ ᠳᠤᠮᠳᠠ ᠭᠠᠵᠠᠷ ᠣᠷᠣᠰᠢᠳᠠᠭ ᠦᠨᠡᠨ ᠢ᠋ ᠰᠡᠬᠡᠭᠡᠷᠡᠭᠰᠡᠨ ᠮᠡᠳᠡᠯᠭᠡ ᠶᠦᠮ᠃ ᠭᠡᠲᠡᠯ᠎ᠡ ᠡᠨᠡ ᠴᠠᠭ ᠲᠤ᠌《ᠭᠠᠯ》(ᠫᠯᠠᠽᠮ①) ᠢ᠋ ᠬᠣᠢᠮᠣᠰᠣᠨ ᠬᠥᠭᠵᠢᠯ ᠭᠠᠯᠲᠤ ᠵᠡᠪᠰᠡᠭ᠂ ᠠᠲ᠋ᠣᠮ ᠴᠥᠮ᠎ᠡ ᠶ᠋ᠢᠨ ᠠᠶᠤᠯᠲᠤ ᠪᠥᠮᠪᠥᠭᠡ ᠬᠦᠷᠲᠡᠯ᠎ᠡ ᠠᠬᠤᠢᠵᠢᠭᠤᠯᠵᠤ ᠲᠡᠷᠡ ᠮᠡᠳᠡᠯᠭᠡ ᠪᠡᠨ ᠣᠷᠣᠰᠢᠬᠤᠢ ᠶ᠋ᠢᠨ ᠵᠠᠨᠤᠯ ᠪᠣᠯᠭᠠᠭᠰᠠᠨ ᠨᠢ ᠭᠠᠢᠬᠠᠮᠰᠢᠭᠲᠤ ᠪᠤᠰᠤ ᠭᠠᠢ ᠭᠠᠮᠰᠢᠭ ᠪᠦᠲᠦᠭᠡᠵᠡᠢ᠃ ᠭᠠᠯ ᠪᠤᠶᠤ ᠠᠮᠢᠳᠤᠷᠠᠬᠤᠢ ᠣᠷᠣᠰᠢᠬᠤᠢ ᠤᠬᠠᠭᠠᠷᠠᠬᠤᠢ ᠶ᠋ᠢᠨ ᠴᠤᠯᠤ ᠡᠷᠴᠢᠮ ᠦ᠋ᠨ ᠡᠵᠡᠨ ᠢᠪᠡᠭᠡᠭᠴᠢ ᠨᠢ ᠲᠩᠷᠢ ᠤᠴᠢᠷ ᠭᠠᠯ ᠲᠩᠷᠢ ᠬᠣᠶᠠᠷ ᠤ᠋ᠨ ᠰᠢᠲᠦᠯᠴᠡᠯ ᠰᠢᠲᠦᠭᠡᠨ᠂ ᠲᠩᠷᠢᠯᠢᠭ ᠭᠡᠬᠦ ᠦᠭᠡ ᠶ᠋ᠢᠨ ᠬᠢᠨ ᠨᠢᠭᠤᠴᠠᠯᠢᠭ ᠤᠳᠬ᠎ᠠ ᠲᠦᠰᠦᠭᠡᠯᠡᠭᠳᠡᠨ ᠠᠮᠢ ᠪᠡᠶ᠎ᠡ ᠤᠬᠠᠭᠠᠷᠠᠬᠤᠢ ᠶ᠋ᠢᠨ ᠲᠩᠷᠢ ᠡᠴᠡ ᠬᠠᠷᠠᠭᠠᠲᠤ ᠪᠠᠢᠳᠠᠯ᠂ ᠲᠩᠷᠢ ᠭᠠᠯ ᠪᠤᠷᠬᠠᠨ ᠢ᠋ᠶ᠋ᠠᠨ(ᠪᠠᠢᠭᠠᠯᠢ) ᠰᠦᠰᠦᠭᠯᠡᠬᠦ ᠡᠷᠲᠡᠨ ᠦ᠌ ᠦᠨᠡᠨ ᠡᠨᠳᠡ ᠵᠠᠩᠭᠢᠯᠠᠭᠳᠠᠵᠠᠢ᠃ ᠪᠢᠳᠡᠨ ᠦ᠌ ᠦᠯᠦ ᠮᠡᠳᠡᠬᠦ ᠠᠮᠢ᠂ ᠪᠣᠳᠣᠯ ᠣᠶᠤᠨ᠂ ᠵᠡᠭᠦᠳᠦ ᠵᠦᠩ᠂ ᠢᠷᠣ᠎ᠠ ᠵᠡᠷᠭᠡ ᠳᠣᠯᠭᠢᠶᠠᠯᠢᠭ ᠡᠯᠳᠡᠪ ᠣᠷᠣᠨ ᠢᠷᠷᠡᠼᠢᠥᠨᠡᠯ ᠰᠡᠳᠬᠢᠯᠭᠡ ᠪᠦᠷᠢ ᠶ᠋ᠢᠨ ᠣᠷᠣᠰᠢᠬᠤᠢ ᠢᠪᠡᠭᠡᠭᠴᠢ ᠨᠢ ᠲᠩᠷᠢ ᠪᠤᠷᠬᠠᠨ ᠮᠥᠨ ᠠᠵᠠᠢ ᠠ᠋᠃ ᠲᠩᠷᠢ ᠶ᠋ᠢᠨ ᠳᠤᠮᠳᠠᠬᠢ ᠭᠠᠵᠠᠷ ᠭᠤᠷᠪᠠᠯ ᠪᠤᠶᠤ《ᠭᠠᠯ》 ᠤ᠋ᠨ ᠵᠢᠷᠤᠬᠠᠢ ᠡᠨᠡ ᠪᠤᠶᠤ᠃
      ᠠᠯᠢᠪᠠ ᠱᠠᠰᠢᠨ ᠳ᠋ᠤ᠌ ᠰᠦᠰᠦᠭᠯᠡᠬᠦ ᠪᠢᠰᠢᠷᠡᠬᠦ ᠡᠰᠡᠬᠦ ᠨᠢ ᠬᠤᠪᠢ ᠬᠥᠮᠦᠨ ᠦ᠌ ᠠᠰᠠᠭᠤᠳᠠᠯ᠂ ᠬᠠᠷᠢᠨ ᠭᠤᠷᠪᠠᠯ ᠣᠨᠣᠯ ᠤ᠋ᠨ ᠪᠡᠯᠭᠡᠳᠡᠯ《ᠮᠥᠩᠬᠡ ᠭᠠᠯ 》 ᠤ᠋ᠨ ᠤᠳᠬ᠎ᠠ ᠰᠢᠲᠦᠭᠡᠨ ᠳ᠋ᠦ᠍ ᠵᠠᠪᠠᠯ ᠴᠤ᠌ ᠦᠭᠡᠢ ᠪᠢᠰᠢᠷᠡᠬᠦ ᠱᠠᠭᠠᠷᠳᠠᠯᠭ᠎ᠠ ᠨᠢ ᠤᠯᠤᠰ ᠦᠨᠳᠦᠰᠦᠲᠡᠨ ᠣᠷᠣᠰᠢᠬᠤ ᠡᠰᠡᠬᠦ ᠶ᠋ᠢᠨ ᠲᠤᠯᠭᠠᠭᠤᠷᠢ ᠲᠤᠯᠠ ᠴᠡᠷᠪᠡᠬᠦ ᠬᠠᠨᠳᠤᠯᠭ᠎ᠠ ᠲᠥᠪ ᠠᠽᠢ ᠶ᠋ᠢᠨ ᠡᠯᠢᠭᠡᠨ ᠳ᠋ᠦ᠍ ᠪᠠᠢᠬᠤ ᠶᠣᠰᠣᠲᠠᠢ᠂ ᠬᠠᠷᠢᠨ ᠴᠤ᠌ ᠬᠦᠷᠢᠶ᠎ᠡ ᠨᠢ ᠲᠡᠯᠡᠭᠰᠡᠭᠡᠷ ᠠᠬᠤᠢ ᠪᠣᠯ ᠳᠡᠯᠡᠬᠡᠢ ᠶ᠋ᠢᠨ ᠰᠣᠶᠣᠯ ᠤ᠋ᠨ ᠢᠷᠭᠡᠨᠰᠢᠯ ᠳ᠋ᠦ᠍ ᠨᠢᠭᠡᠨ ᠰᠢᠨ᠎ᠡ ᠨᠡᠮᠡᠷᠢ ᠪᠣᠯᠬᠤ ᠰᠠᠨ᠃ ᠮᠥᠩᠬᠡ ᠭᠠᠯ ᠤ᠋ᠨ ᠭᠤᠷᠪᠠᠯ ᠨᠢ ᠨᠠᠷᠠ ᠰᠠᠷᠠ ᠪᠣᠯᠬᠤ ᠴᠤ᠌ ᠹᠢᠯᠣᠰᠣᠹᠢ ᠤᠳᠬ᠎ᠠ ᠶ᠋ᠢᠨ ᠬᠤᠪᠢ ᠳ᠋ᠤ᠌ ᠲᠡᠭᠦᠨ ᠦ᠌ ᠳᠡᠭᠡᠷ᠎ᠡ ᠣᠷᠣᠰᠢᠳᠠᠭ ᠨᠢ ᠭᠠᠢᠬᠠᠮᠰᠢᠭ᠃ ᠮᠥᠩᠬᠡ ᠭᠠᠯ ᠰᠢᠲᠦᠭᠡᠨ ᠦ᠌ ᠭᠤᠷᠪᠠᠨ ᠴᠠᠭ ᠨᠢ ᠪᠤᠷᠬᠠᠨ— ᠡᠪᠦᠭᠡ ᠳᠡᠭᠡᠳᠦᠰ ᠦ᠋ᠨ ᠣᠶᠤᠨᠲᠤ ᠰᠦᠨᠡᠰᠦ— ᠥᠩᠭᠡᠷᠡᠭᠰᠡᠨ ᠴᠠᠭ᠂ ᠠᠮᠢ— ᠣᠳᠣ ᠴᠠᠭ᠂ ᠭᠠᠯ— ᠢᠷᠡᠭᠡᠳᠦᠢ ᠴᠠᠭ ᠶᠤᠮ᠃ ᠣᠪᠣᠭᠠᠨ ᠳ᠋ᠤ᠌ ᠪᠤᠷᠭᠠᠰᠤ ᠵᠠᠯᠠᠵᠤ ᠵᠡᠯᠮ᠎ᠡ ᠬᠠᠳᠬᠤᠳᠠᠭ᠂ ᠭᠠᠯ ᠢ᠋ ᠰᠦᠯᠳᠡᠯᠡᠳᠡᠭ ᠠᠮᠢ ᠶ᠋ᠢ ᠳᠡᠭᠡᠳᠦᠯᠡᠨ ᠢᠷᠥᠭᠡᠬᠦ ᠶ᠋ᠢᠨ ᠭᠤᠷᠮᠤᠰᠤᠨ ᠨᠢᠭᠤᠴᠠ ᠡᠨᠡ ᠪᠥᠭᠡᠳ ᠪᠤᠷᠭᠠᠰᠤ ᠭᠠᠯ ᠳ᠋ᠤ᠌ ᠣᠷᠣᠭᠤᠵᠢᠨ ᠭᠡᠮᠡᠨ ᠴᠡᠷᠪᠡᠳᠡᠭ ᠨᠢ ᠡᠪᠦᠭᠡ ᠳᠡᠭᠡᠳᠦᠰ ᠦ᠋ᠨ ᠠᠮᠢ ᠰᠢᠩᠭᠡᠭᠰᠡᠨ ᠠᠮᠢᠳᠤ ᠪᠠᠢᠭᠠᠯᠢ ᠶ᠋ᠢᠨ ᠤᠴᠢᠷ ᠲᠤ ᠶᠤᠮᠰᠠᠨᠵᠠᠢ᠃ ᠡᠨᠳᠡ ᠬᠢᠵᠠᠭᠠᠷ ᠬᠡᠮᠵᠢᠶᠡᠨ ᠦ᠌ ᠲᠤᠬᠠᠢ ᠳ᠋ᠤ᠌ ᠪᠠᠰᠠ ᠲᠣᠪᠴᠢ ᠥᠭᠦᠯᠡᠬᠦ ᠨᠢ ᠵᠥᠪ ᠰᠠᠨᠠᠭᠳᠠᠪᠠ᠃ ᠭᠠᠯ ᠤ᠋ᠨ ᠪᠡᠯᠭᠡᠳᠡᠯ ᠢ᠋ ᠬᠢᠬᠦ ᠳ᠋ᠦ᠍ ᠵᠥᠪᠬᠡᠨ ᠭᠣᠯᠣᠮᠲᠠ ᠶ᠋ᠢᠨ ᠬᠦᠷᠢᠶᠡᠨ ᠳ᠋ᠦ᠍ ᠰᠦᠰᠦᠭᠯᠡᠬᠦ ᠪᠥᠭᠡᠳ ᠭᠣᠯᠣᠮᠲᠠ ᠲᠠᠬᠢᠯᠭ᠎ᠠ ᠠ᠋ᠴᠠ ᠳᠠᠪᠠᠭᠰᠠᠨ ᠭᠠᠯ ᠲᠤᠬᠠᠢᠯᠠᠪᠠᠯ ᠲᠦᠢᠮᠡᠷ ᠵᠡᠷᠭᠡ ᠨᠢ ᠭᠠᠢ ᠢᠷᠣ᠎ᠠ ᠪᠣᠯᠤᠨ᠎ᠠ᠃ ᠡᠨᠳᠡ《ᠭᠠᠯ ᠤ᠋ᠨ ᠳᠥᠯᠥ ᠥᠭᠡᠳᠡ ᠪᠡᠨ》 ᠭᠡᠬᠦ ᠪᠡᠯᠭᠡᠰᠢᠶᠡᠯ ᠲᠠᠢᠪᠤᠰᠢᠷᠠᠯ ᠲᠠᠭᠠᠷᠠᠬᠤ ᠦᠭᠡᠢ ᠬᠠᠷᠢᠨ ᠴᠤ᠌ ᠭᠠᠯ ᠤ᠋ᠨ ᠳᠣᠭᠰᠢᠷᠠᠯ᠂ ᠠᠮᠢᠨ ᠤ᠋ ᠨᠡᠬᠡᠯ ᠭᠡᠮᠡᠨ ᠴᠡᠭᠡᠷᠯᠡᠮᠦᠢ᠃ ᠡᠭᠦᠨ ᠯᠦ᠍ᠭᠡ ᠠᠳᠠᠯᠢ ᠠᠮᠢ ᠶ᠋ᠢ ᠳᠡᠭᠡᠳᠦᠯᠡᠪᠡᠴᠦ ᠭᠡᠮᠲᠡᠨ ᠢ᠋ ᠴᠠᠭᠠᠵᠠᠯᠠᠨ ᠬᠣᠷᠣᠭᠠᠬᠤ᠂ ᠳᠠᠢᠰᠤᠨ ᠢ᠋ ᠳᠠᠷᠤᠨ ᠤᠰᠠᠳᠬᠠᠬᠤ᠃ ᠡᠭᠦᠨ ᠯᠦ᠍ᠭᠡ ᠠᠳᠠᠯᠢ ᠤᠳᠠ ᠪᠤᠶᠤ ᠢᠳᠤᠭᠠᠨ ᠪᠤᠷᠭᠠᠰᠤ(ᠰᠠᠭᠯᠠᠭᠠᠷ ᠮᠣᠳᠣ ᠭᠡᠮᠡᠨ ᠨᠡᠷ᠎ᠡ ᠶ᠋ᠢ ᠨᠢ ᠴᠡᠭᠡᠵᠢᠯᠡᠬᠦ ᠶᠣᠰᠣ ᠪᠣᠢ) ᠶ᠋ᠢ ᠪᠤᠷᠬᠠᠨ ᠭᠡᠮᠡᠨ ᠳᠠᠭᠢᠬᠤ ᠪᠥᠭᠡᠳ ᠵᠥᠪᠬᠡᠨ ᠳᠥᠩᠭᠡ ᠥᠳᠬᠡᠨ ᠪᠤᠷᠭᠠᠰᠤᠨ ᠤ᠋ ᠪᠤᠲᠠ ᠨᠤᠭᠤᠳ ᠠ᠋ᠴᠠ ᠨᠢᠭᠡ ᠪᠤᠶᠤ ᠬᠣᠶᠠᠷ ᠤ᠋ᠨ ᠵᠡᠷᠭᠡ ᠰᠢᠯᠤᠭᠤᠨ ᠢ᠋ ᠰᠣᠩᠭᠣᠨ ᠲᠡᠭᠦᠪᠦᠷᠢᠯᠡᠬᠦ ᠪᠠᠢᠳᠠᠯ ᠢ᠋ᠶ᠋ᠠᠷ ᠡᠳᠦᠷ ᠦ᠋ᠨ ᠰᠠᠢᠨ ᠴᠠᠭ ᠤ᠋ᠨ ᠢᠪᠡᠭᠡᠯ ᠳ᠋ᠦ᠍ ᠠᠪᠤᠷᠠᠯ ᠬᠡᠰᠢᠭ ᠦ᠋ᠨ ᠶᠣᠰᠣ ᠭᠦᠢᠴᠡᠭᠡᠨ ᠠᠬᠤᠢ ᠶ᠋ᠢᠨ ᠪᠣᠯᠤᠨ ᠵᠠᠩ ᠦᠢᠯᠡ ᠶ᠋ᠢᠨ ᠬᠡᠷᠡᠭᠴᠡᠭᠡᠨ ᠳ᠋ᠦ᠍ ᠠᠪᠴᠤ ᠪᠣᠯᠳᠠᠭ᠃ ᠡᠭᠦᠨ ᠦ᠌ ᠵᠢᠱ᠌ᠢᠶ᠎ᠡ ᠨᠢ ᠪᠤᠷᠭᠠᠰᠤᠨ ᠣᠩᠭᠣᠨ ᠡᠷᠲᠡ ᠴᠠᠭ ᠲᠤ᠌ ᠡᠯᠪᠡᠭ ᠪᠠᠢᠵᠠᠢ᠃ ᠣᠷᠴᠢᠨ ᠴᠠᠭ ᠲᠤ᠌ ᠤᠯᠠᠮᠵᠢᠯᠠᠭᠰᠠᠨ ᠨᠢ ᠮᠠᠯ ᠳ᠋ᠤ᠌ ᠡᠭᠡᠯᠢ ᠲᠡᠢ ᠭᠡᠬᠦ ᠪᠤᠷᠭᠠᠰᠤᠨ ᠰᠢᠯᠪᠢᠭᠦᠷ ᠰᠠᠪᠠᠭ᠎ᠠ᠂ ᠪᠦᠯᠢ ᠳ᠋ᠦ᠍ ᠢᠪᠡᠭᠡᠯ ᠲᠡᠢ ᠭᠡᠬᠦ ᠪᠤᠷᠭᠠᠰᠤᠨ ᠮᠣᠳᠣ(ᠭᠡᠷ ᠦ᠋ᠨ) ᠵᠡᠷᠭᠡ ᠪᠣᠯᠤᠨ᠎ᠠ᠃ ᠬᠡᠷᠪᠡ ᠪᠤᠷᠭᠠᠰᠤᠨ ᠲᠣᠭᠣᠨᠣ ᠶ᠋ᠢᠨ ᠴᠠᠭ ᠤ᠋ᠨ ᠤᠷᠲᠤ ᠳ᠋ᠤ᠌ ᠮᠠᠭᠤᠳᠠᠯ᠎ᠠ ᠭᠡᠬᠦ ᠳ᠋ᠦ᠍ ᠲᠦᠯᠡᠳᠡᠭ ᠦᠭᠡᠢ ᠣᠪᠣᠭᠠᠨ ᠳ᠋ᠤ᠌ ᠶᠤᠮ ᠤᠤ ᠰᠢᠭᠤᠢ ᠳ᠋ᠤ᠌ ᠵᠠᠯᠠᠳᠠᠭ ᠠᠵᠠᠢ ᠠ᠋᠃ ᠣᠨᠢ ᠬᠠᠨ᠎ᠠ ᠪᠠᠷ ᠪᠣᠯ ᠰᠢᠯᠪᠢᠭᠦᠷ ᠰᠠᠪᠠᠭ᠎ᠠ ᠮᠣᠳᠣ ᠶ᠋ᠢ ᠬᠢᠵᠦ ᠲᠦᠭᠡᠭᠡᠬᠦ ᠵᠠᠯᠮ᠎ᠠ ᠬᠢᠬᠦ ᠶᠣᠰᠣᠲᠠᠢ ᠠᠪᠠᠢ᠃ ᠮᠣᠩᠭᠣᠯ《ᠶᠢᠷᠲᠢᠨᠴᠦ ᠶ᠋ᠢᠨ ᠭᠤᠷᠪᠠᠯ》 ᠲᠣᠭᠲᠠᠯᠴᠠᠭ᠎ᠠ ᠡᠢᠮᠦ ᠪᠣᠳᠠᠲᠤ ᠴᠢᠨᠠᠷ ᠲᠠᠢ ᠪᠣᠯᠤᠨ᠎ᠠ᠃ ᠪᠠᠷᠠᠭᠰᠠᠳ ᠢ᠋ᠶ᠋ᠠᠨ ᠪᠤᠷᠬᠠᠨ ᠪᠣᠯᠤᠭᠠᠴᠢ᠂ ᠪᠣᠷᠯᠠᠭᠠᠴᠢ ᠭᠡᠳᠡᠭ ᠨᠢ《ᠪᠤᠳ᠋ᠳ᠋ᠾᠠ ᠪᠣᠯᠤᠭᠠᠴᠢ》 ᠭᠡᠬᠦ ᠱᠠᠰᠢᠨ ᠤ᠋ ᠦᠭᠡ ᠪᠤᠷᠭᠠᠰᠤᠨ ᠳ᠋ᠤ᠌ ᠰᠢᠩᠭᠡᠭᠡᠭᠰᠡᠨ᠂ ᠣᠪᠣᠭᠠᠨ ᠳ᠋ᠤ᠌ ᠵᠠᠯᠮ᠎ᠠ ᠪᠣᠯᠵᠤ ᠲᠠᠬᠢᠭᠳᠠᠭᠰᠠᠨ ᠠᠮᠢᠳᠤ ᠬᠡᠪ ᠢ᠋ᠶ᠋ᠡᠷ ᠪᠠᠢᠭ᠎ᠠ ᠭᠡᠰᠡᠨ ᠤᠳᠬ᠎ᠠ ᠲᠠᠢ ᠪᠣᠳᠠᠲᠤ ᠪᠠᠢᠳᠠᠯ ᠲᠠᠢ ᠪᠥᠬᠡ ᠶ᠋ᠢᠨ ᠶᠣᠰᠣᠨ ᠤ᠋ ᠣᠢᠯᠠᠭᠠᠯᠲᠠ ᠪᠣᠯᠤᠨ᠎ᠠ᠃
—————————
① ᠫᠯᠠᠽᠮ— ᠡᠭᠡᠳᠡᠩ᠂ ᠴᠢᠰᠤᠨ ᠤ᠋ ᠰᠢᠩᠭᠡᠨ᠂ ᠴᠢᠰᠤᠨ ᠤ᠋ ᠡᠭᠡᠳᠡᠩ

   ᠦᠰᠦᠭ ᠠᠮᠢᠯᠠᠭᠤᠯᠤᠭᠰᠠᠨ ᠨᠢ᠄ ᠱᠠᠭᠰᠠᠯ᠂ ᠲᠣᠭᠳᠠᠭᠤᠨᠪᠠᠶᠠᠷ᠂ ᠪᠠᠶᠠᠨᠰᠡᠷᠡᠩ
   ᠬᠢᠨᠠᠭᠴᠢ ᠪᠠᠭᠰᠢ ᠨᠢ᠄ ᠰᠡᠬᠡᠭᠡᠷᠡᠯ᠂ ᠣᠳᠬᠠᠨᠰᠣ᠎ᠠ