ᠬᠣᠶᠠᠷ᠂ ᠪᠠᠯᠠᠷ ᠡᠷᠲᠡᠨ ᠦ᠌ ᠭᠤᠷᠪᠠᠯ ᠰᠡᠳᠬᠢᠯᠭᠡ-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Хаанбуу
ᠬᠣᠶᠠᠷ᠂ ᠪᠠᠯᠠᠷ ᠡᠷᠲᠡᠨ ᠦ᠌ ᠭᠤᠷᠪᠠᠯ ᠰᠡᠳᠬᠢᠯᠭᠡ
ᠣᠶᠤᠨᠲᠤ ᠬᠥᠮᠦᠨ(ᠬᠤᠮᠤᠰᠠᠫᠢᠶᠢᠨᠰ ) ᠠᠩᠬ᠎ᠠ ᠪᠣᠢ ᠪᠣᠯᠤᠭᠰᠠᠨ ᠬᠠᠭᠤᠴᠢᠨ ᠴᠢᠯᠠᠭᠤᠨ ᠵᠡᠪᠰᠡᠭ ᠦ᠋ᠨ ᠦᠶ᠎ᠡ ᠶ᠋ᠢᠨ ᠳᠤᠷᠠᠳᠬᠠᠯ ᠭᠤᠷᠪᠠᠯᠵᠢᠨ ᠦᠵᠦᠭᠦᠷᠲᠦ ᠵᠢᠮᠰᠡᠭ ᠦ᠋ᠳ ᠭᠡᠬᠦ ᠡᠪᠦᠭᠡ ᠣᠯᠳᠠᠪᠤᠷᠢ᠂ ᠰᠢᠨ᠎ᠡ ᠴᠢᠯᠠᠭᠤᠨ ᠵᠡᠪᠰᠡᠭ ᠦ᠋ᠨ ᠦᠶ᠎ᠡ ᠡᠴᠡ ᠡᠭᠦᠳᠦᠯ ᠲᠡᠢ ᠨᠤᠮᠤ ᠰᠤᠮᠤ(ᠰᠤᠮᠤ ᠨᠢ ᠵᠡᠪᠡ᠂ ᠮᠥᠰᠥ᠂ ᠰᠣᠳᠣ ᠪᠦᠬᠦᠢ ᠭᠤᠷᠪᠠᠯ᠂ ᠰᠣᠳᠣ ᠨᠢ ᠭᠤᠷᠪᠠᠨ ᠲᠠᠯᠠᠲᠤ ᠥᠳᠥ)᠂ ᠬᠦᠷᠡᠯ ᠵᠡᠪᠰᠡᠭ ᠦ᠋ᠨ ᠦᠶ᠎ᠡ ᠶ᠋ᠢᠨ ᠭᠤᠷᠪᠠᠨ ᠬᠢᠩᠭ᠎ᠠ ᠲᠠᠢ ᠥᠩᠭᠡᠲᠦ ᠵᠡᠪᠡ ᠮᠡᠲᠦ ᠣᠯᠠᠨ ᠣᠯᠳᠠᠪᠤᠷᠢ ᠠ᠋ᠴᠠ ᠭᠠᠳᠠᠨ᠎ᠠ ᠬᠦᠢ ᠨᠢᠭᠡᠳᠦᠯ᠂ ᠵᠤᠨ ᠳᠢ ᠠᠢᠮᠠᠭ᠂ ᠾᠦᠩᠨᠦ ᠭᠦᠷᠦᠨ ᠨᠦ᠍ᠭᠦᠳ ᠦ᠋ᠨ ᠦᠶ᠎ᠡ ᠡᠴᠡ ᠳᠠᠬᠢᠵᠤ ᠢᠷᠡᠭᠰᠡᠨ ᠭᠠᠯ ᠤ᠋ᠨ ᠭᠤᠷᠪᠠᠨ ᠵᠠᠯᠢ(ᠳᠥᠯᠥ)᠂ ᠨᠠᠷᠠ ᠰᠠᠷ᠎ᠠ᠂ ᠭᠠᠯ ᠭᠤᠷᠪᠠᠨ ᠦᠵᠦᠭᠦᠷᠲᠦ ᠭᠠᠩ ᠰᠡᠷᠡᠭᠡ᠂ ᠬᠠᠷ᠎ᠠ ᠴᠠᠭᠠᠨ ᠠᠯᠠᠭ ᠰᠦᠯᠳᠡ ᠨᠦ᠍ᠭᠦᠳ᠂ ᠲᠤᠭ ᠤ᠋ᠨ ᠭᠤᠷᠪᠠᠨ ᠮᠠᠨᠵᠢᠯᠭ᠎ᠠ ᠪᠡᠯᠭᠡᠳᠡᠯ᠂ ᠲᠤᠯᠭᠠᠨ ᠤ᠋ ᠭᠤᠷᠪᠠᠨ ᠴᠢᠯᠠᠭᠤᠨ ᠤ᠋ ᠶᠣᠰᠣ ᠰᠢᠲᠦᠯᠭᠡ ᠭᠡᠳ ᠣᠯᠠᠨ ᠲᠡᠦᠬᠡᠲᠦ ᠳᠤᠷᠠᠳᠬᠠᠯ ᠲᠣᠭᠠᠴᠢᠵᠤ ᠪᠣᠯᠬᠤ ᠠᠵᠠᠢ᠃ ᠭᠠᠯ ᠤ᠋ᠨ ᠭᠤᠷᠪᠠᠨ ᠳᠥᠯᠥ ᠨᠢ ᠭᠤᠷᠪᠠᠨ ᠴᠠᠭ ᠤ᠋ᠨ ᠦᠨᠡᠨ ᠮᠠᠨᠳᠤᠨ ᠪᠠᠳᠠᠷᠠᠬᠤ ᠶ᠋ᠢᠨ᠂ ᠰᠡᠷᠡᠭᠡᠨ ᠦ᠌ ᠭᠤᠷᠪᠠᠨ ᠦᠵᠦᠭᠦᠷ ᠨᠢ ᠭᠤᠷᠪᠠᠨ ᠴᠠᠭ ᠤ᠋ᠨ ᠬᠤᠳᠠᠯ ᠢ᠋ ᠨᠢᠴᠤᠭᠠᠨ ᠳᠠᠷᠤᠬᠤ ᠶ᠋ᠢᠨ ᠤᠴᠢᠷ ᠪᠥᠭᠡᠳ ᠭᠡᠷ ᠦ᠋ᠨ ᠭᠤᠷᠪᠠᠨ ᠬᠣᠰᠢᠯᠠᠩ᠂ ᠲᠤᠯᠭᠠᠨ ᠤ᠋ ᠪᠣᠯᠤᠨ ᠮᠠᠨᠴᠤᠢ ᠶ᠋ᠢᠨ ᠭᠤᠷᠪᠠᠨ ᠪᠦᠰᠡ ᠵᠡᠷᠭᠡ ᠬᠥᠨᠳᠡᠯᠡᠨ ᠭᠤᠷᠪᠠᠯ ᠤ᠋ᠳ ᠨᠢ ᠪᠠᠲᠤ ᠣᠷᠣᠰᠢᠬᠤ ᠶ᠋ᠢᠨ ᠪᠡᠯᠭᠡ ᠪᠣᠯᠠᠢ᠃ ᠡᠨᠡ ᠨᠢ ᠣᠷᠴᠢᠯᠠᠩ ᠳ᠋ᠤ᠌ ᠪᠠᠢᠭᠠᠯᠢ(ᠡᠳ᠋)᠂ ᠬᠥᠮᠦᠨ(ᠣᠷᠣᠨ)᠂ ᠨᠡᠢᠭᠡᠮ(ᠠᠮᠢᠲᠠᠨ) ᠭᠡᠰᠡᠨ ᠣᠢᠯᠭᠠᠯᠲᠠ ᠶ᠋ᠢ ᠨᠡᠭᠡᠭᠡᠭᠰᠡᠨ ᠶᠠᠭᠤᠮᠠᠰ ᠦᠵᠡᠭᠳᠡᠯ ᠦ᠋ᠨ ᠵᠢᠮ᠎ᠡ ᠪᠠᠢᠯ᠎ᠠ᠃ ᠣᠷᠴᠢᠯᠠᠩ ᠣᠷᠴᠢᠨ ᠪᠣᠯ ᠠᠬᠤᠢ ᠡᠳ᠋᠂ ᠬᠥᠮᠦᠨ ᠪᠣᠯ ᠣᠶᠤᠨ ᠰᠠᠨᠠᠭ᠎ᠠ᠂ ᠬᠠᠷᠢᠨ ᠨᠡᠢᠭᠡᠮ ᠭᠡᠳᠡᠭ ᠨᠢ ᠮᠣᠩᠭᠣᠯ ᠤᠳᠬ᠎ᠠ ᠪᠠᠷ ᠢ᠋ᠶ᠋ᠠᠨ ᠰᠦᠨᠡᠰᠦᠯᠢᠭ ᠬᠢᠭᠡᠳ ᠤᠷᠭᠤᠮᠠᠯ ᠠᠮᠢᠲᠠᠨ ᠤ᠋ ᠠᠢᠮᠠᠭ ᠤ᠋ᠳ ᠲᠡᠳᠡᠭᠡᠷ ᠦ᠋ᠨ ᠰᠢᠲᠦᠯᠴᠡᠯ ᠡᠺᠣᠯᠣᠭᠢ ᠶ᠋ᠢᠨ ᠠᠮᠢᠳᠤᠷᠠᠯ ᠠᠵᠠᠢ᠃ ᠨᠡᠢᠭᠡᠮ ᠭᠡᠳᠡᠭ ᠦᠭᠡ ᠶ᠋ᠢᠨ ᠢᠵᠠᠭᠤᠷ ᠤᠳᠬ᠎ᠠ ᠨᠢ《ᠨᠡᠢᠲᠡ ᠠᠮᠢ》 ᠪᠠᠰᠠ《ᠨᠢᠭᠡ ᠠᠮᠢ》 ᠪᠣᠯᠤᠨ᠎ᠠ᠃ ᠬᠥᠮᠦᠨ ᠦ᠌ ᠪᠣᠳᠣᠯ ᠰᠠᠨᠠᠭ᠎ᠠ ᠨᠡᠢᠲᠡ ᠠᠮᠢ(ᠨᠡᠢᠭᠡᠮ) ᠳ᠋ᠦ᠍ ᠬᠠᠮᠢᠶ᠎ᠠ ᠲᠠᠢ᠃ ᠨᠡᠢᠲᠡ ᠠᠮᠢᠨ ᠤ᠋ ᠮᠠᠲᠠᠷᠢᠮᠵᠢ ᠪᠠᠢᠭᠠᠯᠢ ᠶᠢᠷᠲᠢᠨᠴᠦ ᠳ᠋ᠦ᠍ ᠬᠠᠮᠢᠶ᠎ᠠ ᠲᠠᠢ᠃ ᠡᠷᠭᠢᠭᠡᠳ ᠪᠠᠢᠭᠠᠯᠢ ᠶᠢᠷᠲᠢᠨᠴᠦ ᠶ᠋ᠢᠨ ᠠᠪᠤᠷᠢ ᠲᠥᠷᠬᠦ ᠬᠥᠮᠦᠨ ᠬᠢᠭᠡᠳ ᠨᠡᠢᠲᠡ ᠠᠮᠢᠨ ᠳ᠋ᠤ᠌ ᠬᠠᠮᠢᠶ᠎ᠠ ᠲᠠᠢ ᠨᠢᠭᠡ ᠬᠤᠪᠢ ᠵᠠᠶᠠᠭ᠎ᠠ ᠶᠤᠮᠰᠠᠨᠵᠠᠢ᠃ ᠪᠦᠬᠦᠢ ᠯᠡ ᠶᠠᠭᠤᠮᠠᠰ ᠦᠵᠡᠭᠳᠡᠯ ᠠᠮᠢᠨ ᠰᠦᠯᠵᠢᠶᠡᠨ ᠳ᠋ᠦ᠍ ᠲᠥᠪᠯᠡᠭᠰᠡᠨ ᠲᠤᠯᠠ ᠬᠤᠪᠢ ᠬᠥᠮᠦᠨ ᠦ᠌ ᠣᠶᠤᠨ ᠰᠠᠨᠠᠭ᠎ᠠ᠂ ᠡᠳ᠋ ᠬᠥᠷᠥᠩᠭᠡ᠂ ᠪᠠᠢᠭᠠᠯᠢ᠂ ᠨᠡᠢᠲᠡ ᠠᠮᠢ᠂ ᠰᠦᠰᠦᠭ᠂ ᠰᠢᠲᠦᠯᠭᠡ᠂ ᠭᠠᠭᠴᠠᠬᠦ ᠠᠷᠢᠭᠤᠨ ᠣᠩᠭᠣᠨ《ᠠᠮᠢᠨ》 ᠤ᠋ ᠲᠤᠯᠠ ᠠᠵᠠᠢ᠃ ᠠᠮᠢᠨ ᠠ᠋ᠴᠠ ᠴᠢᠬᠤᠯᠠ ᠦᠢᠯᠡ ᠦᠭᠡᠢ ᠶᠤᠮᠰᠠᠨᠵᠠᠢ᠃ ᠠᠮᠢ ᠶ᠋ᠢ ᠡᠰᠡ ᠰᠤᠳᠤᠯᠤᠯ ᠤ᠋ᠨ ᠵᠡᠷᠭᠡ ᠮᠠᠲ᠋ᠧᠷᠢ ᠠᠷᠭ᠎ᠠ ᠪᠠᠷ ᠪᠤᠰᠤ ᠰᠦᠨᠠᠰᠦᠯᠢᠭ(ᠬᠣᠭᠣᠰᠣᠨ) ᠮᠡᠳᠡᠷᠡᠮᠵᠢ ᠡᠴᠡ ᠠᠮᠢᠨ ᠰᠤᠳᠤᠯᠤᠯ ᠡᠬᠢᠯᠡᠨ᠎ᠡ᠃
ᠡᠨᠡᠬᠦ ᠣᠨᠣᠯ ᠣᠷᠴᠢᠨ ᠦᠶ᠎ᠡ ᠶ᠋ᠢᠨ ᠢ᠋ᠶ᠋ᠡᠨ ᠠᠮᠢᠳᠤᠷᠠᠯ ᠳ᠋ᠤ᠌ ᠬᠡᠷᠡᠭᠯᠡᠭᠡ ᠪᠣᠯᠵᠤ ᠣᠪᠣᠭ᠎ᠠ ᠭᠤᠷᠪᠠ ᠲᠣᠭᠣᠷᠢᠵᠤ᠂ ᠰᠡᠷᠵᠢᠮ ᠭᠤᠷᠪᠠ ᠡᠷᠭᠦᠬᠦ᠂ ᠭᠤᠷᠪᠠ ᠮᠥᠷᠭᠥᠬᠦ᠂ ᠭᠤᠷᠪᠠᠨ ᠤᠤᠬᠠᠢ ᠬᠤᠷᠤᠢ᠂ ᠲᠦᠷᠢᠯᠭᠡ᠂ ᠨᠠᠢᠷ ᠤ᠋ᠨ ᠭᠤᠷᠪᠠᠨ ᠳᠤᠭᠤᠷ᠎ᠠ᠂ ᠨᠠᠭᠠᠳᠤᠮ ᠤ᠋ᠨ ᠭᠤᠷᠪᠠᠨ ᠳᠠᠪᠠᠭ᠎ᠠ᠂ ᠡᠷ᠎ᠡ ᠶ᠋ᠢᠨ ᠭᠤᠷᠪᠠᠨ ᠨᠠᠭᠠᠳᠤᠮ᠂ ᠭᠤᠷᠪᠠᠨ ᠬᠦᠦ ᠲᠥᠷᠥᠭᠦᠯᠦᠭᠰᠡᠨ ᠳᠠᠷᠬᠠᠨ ᠪᠡᠷᠢ᠂ ᠨᠤᠲᠤᠭ ᠤ᠋ᠨ ᠭᠤᠷᠪᠠᠨ ᠴᠢᠯᠠᠭᠤ᠂ ᠰᠢᠨ᠎ᠡ ᠶ᠋ᠢᠨ ᠭᠤᠷᠪᠠᠨ ᠰᠠᠢᠨ ᠡᠳᠦᠷ᠁ ᠭᠡᠬᠦ ᠮᠡᠲᠦ ᠶᠣᠰᠣ ᠵᠠᠩᠰᠢᠯ ᠤ᠋ᠳ ᠲᠦᠭᠡᠵᠡᠢ᠃ ᠤᠭ ᠲᠠᠭᠠᠨ ᠤᠤᠭᠠᠨ ᠪᠡᠯᠭᠡ ᠨᠢ ᠪᠠᠢᠭᠠᠯᠢ ᠶᠢᠷᠲᠢᠨᠴᠦ ᠣᠷᠴᠢᠯᠠᠩᠲᠤ ᠬᠣᠷᠸ᠎ᠠ ᠶ᠋ᠢᠨ ᠠᠮᠢᠨ ᠤ᠋ ᠲᠤᠯᠠ᠂ ᠳᠡᠳ᠋ ᠪᠡᠯᠭᠡ ᠨᠢ ᠨᠡᠢᠲᠡ ᠠᠮᠢᠨ(ᠨᠡᠢᠭᠡᠮ) ᠦ᠋ᠨ ᠲᠤᠯᠠ᠂ ᠬᠣᠲᠠᠯᠠ᠂ ᠤᠯᠤᠰ ᠭᠦᠷᠦᠨ᠂ ᠲᠥᠷᠥ ᠶ᠋ᠢᠨ ᠰᠦᠯᠲᠠᠨ ᠤ᠋ ᠠᠮᠤᠷ ᠲᠠᠢᠪᠤᠩ ᠰᠠᠢᠨ ᠰᠠᠢᠬᠠᠨ ᠤ᠋ ᠲᠤᠯᠠ ᠠᠵᠠᠢ᠃ ᠭᠤᠷᠪᠠᠯ ᠣᠨᠣᠯ ᠶᠣᠰᠣᠨ ᠬᠠᠤᠯᠢ ᠢᠷᠡᠬᠦ ᠳᠡᠯᠭᠡᠷᠡᠵᠦ ᠡᠴᠦᠰ ᠦᠭᠡᠢ ᠭᠤᠷᠪᠠᠯ ᠰᠡᠳᠬᠢᠯᠭᠡ(ᠥᠷᠭᠡᠨ ᠳᠡᠯᠭᠡᠷ ᠤᠬᠠᠭᠠᠨ) ᠲᠦᠭᠡᠨ ᠬᠡᠪᠰᠢᠪᠡ᠃ ᠡᠷ᠎ᠡ ᠶ᠋ᠢᠨ ᠭᠤᠷᠪᠠᠨ ᠨᠠᠭᠠᠳᠤᠮ ᠭᠡᠬᠦ ᠳ᠋ᠦ᠍ ᠬᠤᠷᠳᠤᠨ ᠮᠣᠷᠢ(ᠶᠡᠬᠡ ᠨᠠᠰᠤ᠂ ᠬᠢᠵᠠᠯᠠᠩ᠂ ᠳᠠᠭ᠎ᠠ ᠭᠤᠷᠪᠠᠨ ᠨᠠᠰᠤ)᠂ ᠪᠥᠬᠡ(ᠴᠡᠷᠪᠡᠭᠦᠦ ᠴᠡᠭᠡᠵᠢ᠂ ᠳᠠᠯᠤ ᠪᠠᠷ ᠳᠠᠷᠤᠬᠤ᠂ ᠬᠥᠯ ᠢ᠋ᠶ᠋ᠡᠷ ᠤᠨᠠᠭᠠᠬᠤ ᠭᠤᠷᠪᠠᠨ ᠬᠡᠯᠪᠡᠷᠢ ᠲᠡᠢ)᠂ ᠨᠤᠮᠤ ᠰᠤᠮᠤ(ᠫᠠᠢ ᠤᠨᠤᠬᠤ᠂ ᠠᠩ ᠠᠪᠠᠯᠠᠬᠤ᠂ ᠳᠠᠢᠰᠤᠨ ᠲᠠᠢ ᠲᠡᠮᠡᠴᠡᠬᠦ ᠭᠤᠷᠪᠠᠨ ᠵᠣᠷᠢᠭᠤᠯᠤᠯᠲᠠ ᠲᠠᠢ) ᠪᠠᠢᠭᠰᠠᠨ ᠨᠢ ᠰᠣᠨᠢᠨ᠃
13 ᠳ᠋ᠤᠭᠠᠷ ᠵᠠᠭᠤᠨ ᠤ᠋ ᠬᠥᠬᠡ ᠮᠣᠩᠭᠣᠯ ᠤ᠋ᠨ ᠲᠥᠷᠥ ᠶ᠋ᠢᠨ ᠬᠥᠬᠡ ᠲᠤᠭ ᠭᠤᠷᠪᠠᠨ ᠦᠵᠦᠭᠦᠷ ᠲᠡᠢ ᠭᠤᠷᠪᠠᠯᠵᠢᠨ ᠪᠠᠢᠵᠠᠢ᠃ ᠡᠷᠲᠡᠨ ᠦ᠌ ᠪᠥᠬᠡ ᠶ᠋ᠢᠨ ᠶᠣᠰᠣᠨ ᠤ᠋13 ᠲᠩᠷᠢ ᠨᠢ3 ᠴᠠᠭ3 ᠴᠢᠭ ᠠᠵᠠᠢ᠃ ᠥᠩᠭᠡᠷᠡᠭᠰᠡᠨ᠂ ᠣᠳᠣ᠂ ᠢᠷᠡᠭᠡᠳᠦᠢ3 ᠴᠠᠭ᠂ ᠳᠡᠭᠡᠳᠦ ᠳᠣᠭᠣᠳᠤ ᠬᠣᠶᠠᠷ ᠪᠣᠯᠤᠨ ᠬᠠᠵᠠᠭᠤ ᠴᠢᠭ ᠦ᠋ᠨ8 ᠵᠦᠭ ᠵᠣᠪᠬᠢᠰ ᠨᠡᠢᠯᠡᠭᠡᠳ13 ᠲᠩᠷᠢ ᠶᠦᠮ᠃ ᠪᠢᠳᠡᠨ ᠦ᠌ ᠬᠣᠶᠠᠷ ᠤᠲᠠᠰᠤ ᠲᠠᠢ ᠭᠡᠳᠡᠭ ᠮᠣᠷᠢᠨ ᠬᠤᠭᠤᠷ ᠴᠤ᠌ ᠭᠤᠷᠪᠠᠯ ᠪᠥᠭᠡᠳ ᠤᠶᠠᠩᠭ᠎ᠠ ᠠᠮᠢᠯᠠᠭᠤᠯᠬᠤ ᠬᠥᠪᠴᠢᠲᠦ ᠲᠠᠲᠠᠯᠭ᠎ᠠ ᠶ᠋ᠢᠨ ᠤᠲᠠᠰᠤ ᠶ᠋ᠢ ᠶᠠᠭᠤᠨ ᠳ᠋ᠤ᠌ ᠦᠯᠦ ᠬᠠᠷᠠᠨ᠎ᠠ ᠪᠣᠢ? ᠭᠤᠷᠪᠠᠯ ᠤᠬᠠᠭᠠᠨ ᠤ᠋ ᠴᠣᠭᠴᠠ ᠶ᠋ᠢ ᠭᠤᠷᠪᠠᠨ ᠭᠤᠷᠪᠠ ᠲᠡᠭᠰᠢᠷᠡᠭᠰᠡᠨ ᠶᠢᠰᠦᠯ ᠪᠥᠭᠡᠳ ᠶᠢᠰᠦᠨ ᠬᠦᠰᠡᠯ᠂ ᠶᠢᠰᠦᠨ ᠡᠷᠳᠡᠨᠢ᠂ ᠶᠢᠰᠦᠨ ᠥᠷᠯᠥᠭ᠂ ᠲᠥᠷᠥ ᠶ᠋ᠢᠨ ᠶᠢᠰᠦᠨ ᠶᠡᠬᠡ ᠡᠷᠳᠡᠨᠢ᠂ ᠶᠢᠰᠦᠨ ᠴᠠᠭᠠᠨ ᠤ᠋ ᠪᠡᠯᠭᠡ᠂ ᠶᠢᠰᠦᠨ ᠰᠠᠴᠤᠯᠢ ᠰᠢᠪᠰᠢᠯᠭᠡ᠂ ᠶᠢᠰᠦᠨ ᠡᠷᠳᠡᠮ ᠵᠡᠷᠭᠡ ᠪᠣᠯᠤᠨ᠎ᠠ᠃ ᠡᠨᠡᠬᠦ ᠶᠢᠰᠦᠯ ᠨᠢ ᠪᠠᠢᠭᠠᠯᠢ(ᠠᠬᠤᠢ)᠂ ᠬᠥᠮᠦᠨ(ᠣᠶᠤᠨ)᠂ ᠨᠡᠢᠭᠡᠮ(ᠠᠮᠢ)᠂ ᠲᠥᠷᠥᠬᠦ ᠠᠮᠢᠳᠤᠷᠠᠬᠤ ᠦᠬᠦᠬᠦ᠂ ᠥᠩᠭᠡᠷᠡᠭᠰᠡᠨ ᠣᠳᠣ ᠢᠷᠡᠭᠡᠳᠦᠢ ᠳᠡᠭᠡᠵᠢ ᠶᠢᠰᠦ ᠶ᠋ᠢᠨ ᠪᠡᠯᠭᠡᠳᠡᠯ ᠪᠦᠬᠦᠢ ᠭᠦᠨ ᠤᠬᠠᠭᠠᠨ ᠤ᠋ ᠡᠭᠦᠳᠡ ᠠᠪᠠᠢ᠃ ᠬᠥᠮᠦᠨ ᠥᠪᠡᠷ ᠦ᠋ᠨ ᠣᠶᠤᠨ ᠤ᠋ ᠰᠦᠯᠳᠡ᠂ ᠪᠠᠢᠭᠠᠯᠢ ᠠᠬᠤᠢ ᠶ᠋ᠢᠨ ᠰᠦᠯᠳᠡ᠂ ᠨᠡᠢᠭᠡᠮ(ᠨᠡᠢᠲᠡ ᠠᠮᠢ ᠪᠠᠰᠠ ᠨᠢᠭᠡ ᠠᠮᠢ) ᠨᠢ ᠠᠮᠢᠨ ᠤ᠋ ᠰᠦᠯᠳᠡ ᠪᠣᠯᠤᠨ᠎ᠠ᠃ ᠮᠣᠩᠭᠣᠯ ᠤ᠋ᠨ ᠦᠨᠳᠦᠰᠦᠨ ᠦ᠌ ᠣᠨᠣᠯ ᠭᠤᠷᠮᠤᠰᠤᠨ ᠰᠡᠳᠬᠢᠯᠭᠡ ᠪᠣᠯ ᠪᠠᠯᠠᠷ ᠡᠷᠲᠡᠨ ᠡᠴᠡ ᠤᠯᠠᠮᠵᠢᠯᠠᠭᠰᠠᠨ ᠠᠮᠢᠨ ᠹᠢᠯᠣᠰᠣᠹᠢ ᠮᠥᠨ ᠪᠥᠯᠥᠭᠡ᠃
ᠠᠮᠢᠨ ᠤ᠋ ᠲᠤᠯᠠ ᠪᠡᠯᠭᠡ ᠣᠷᠣᠰᠢᠭᠰᠠᠨ ᠭᠤᠷᠪᠠᠯ ᠣᠨᠣᠯ ᠮᠣᠩᠭᠣᠯᠴᠤᠳ ᠤ᠋ᠨ ᠶᠣᠰᠣ ᠵᠠᠩᠰᠢᠯ ᠳ᠋ᠤ᠌ ᠬᠡᠪᠰᠢᠭᠰᠡᠨ ᠡᠰᠢ᠂ ᠬᠡᠪ ᠬᠠᠤᠯᠢ ᠪᠣᠯᠤᠭᠰᠠᠨ ᠵᠢᠱ᠌ᠢᠶ᠎ᠡ ᠶ᠋ᠢ ᠣᠷᠭᠢᠯ ᠭᠤᠷᠪᠠᠨ ᠨᠠᠭᠠᠳᠤᠮ ᠤ᠋ᠨ ᠦᠢᠯᠡ ᠡᠴᠡ ᠬᠠᠷᠠᠵᠤ ᠪᠣᠯᠤᠨ᠎ᠠ᠃ ᠪᠥᠬᠡ ᠬᠥᠮᠦᠨ ᠵᠠᠰᠠᠭᠤᠯ ᠳ᠋ᠤ᠌ ᠣᠴᠢᠬᠤ ᠪᠠᠷ ᠭᠠᠷᠬᠤ ᠳ᠋ᠠᠭᠠᠨ ᠭᠤᠶ᠎ᠠ ᠪᠠᠨ ᠠᠯᠠᠭᠠᠳᠠᠳᠠᠭ(ᠤᠳᠬ᠎ᠠ ᠶ᠋ᠢ ᠲᠠᠢᠯᠪᠤᠷᠢᠯᠠᠬᠤ ᠨᠢ ᠢᠯᠡᠭᠦᠴᠡ ᠭᠡᠵᠦ ᠦᠵᠡᠪᠡ)᠃ ᠵᠠᠰᠠᠭᠤᠯ ᠠ᠋ᠴᠠ ᠭᠠᠷᠬᠤ ᠳ᠋ᠠᠭᠠᠨ ᠨᠠᠭᠠᠳᠤᠮ ᠤ᠋ᠨ ᠪᠤᠶᠤ ᠪᠠᠭ᠎ᠠ᠂ ᠳᠤᠮᠳᠠ᠂ ᠶᠡᠬᠡ ᠳᠠᠪᠠᠯᠲᠠ ᠶ᠋ᠢᠨ ᠨᠢᠭᠡᠨ ᠢ᠋ᠶ᠋ᠡᠷ ᠳᠡᠪᠢᠬᠦ ᠶᠣᠰᠣᠲᠠᠢ᠃ ᠲᠤᠭ ᠤ᠋ᠨ ᠡᠮᠦᠨ᠎ᠡ ᠣᠴᠢᠭᠠᠳ ᠨᠠᠷᠠᠨ ᠤᠷᠭᠤᠬᠤ᠂ ᠵᠢᠷᠭᠠᠬᠤ ᠬᠢᠭᠡᠳ ᠲᠩᠷᠢ ᠵᠦᠭ ᠲᠦ᠍ ᠱᠠᠪᠳᠠᠭ᠃ ᠪᠠᠷᠢᠯᠳᠤᠬᠤ ᠪᠠᠷ ᠵᠡᠬᠡᠬᠦ ᠳ᠋ᠡᠭᠡᠨ ᠭᠤᠶ᠎ᠠ ᠪᠠᠨ ᠬᠣᠶᠠᠷ ᠠᠯᠠᠭᠠᠳᠠᠳᠠᠭ ᠪᠥᠭᠡᠳ ᠭᠤᠷᠪᠠᠯ ᠤᠳᠬ᠎ᠠ ᠨᠢ ᠤᠨᠠᠭᠰᠠᠨ ᠪᠥᠬᠡ ᠳᠡᠢᠯᠦᠭᠳᠡᠭᠰᠡᠨ ᠳ᠋ᠡᠭᠡᠨ᠂ ᠬᠠᠶᠠᠭᠰᠠᠨ ᠪᠥᠬᠡ ᠲᠤᠭ ᠲᠠᠭᠠᠨ ᠲᠠᠬᠢᠮ(ᠲᠠᠬᠢᠯ) ᠥᠭᠭᠦᠭᠰᠡᠨ ᠢ᠋ᠶ᠋ᠡᠷ ᠢ᠋ᠶ᠋ᠡᠨ ᠭᠤᠷᠪᠠᠨ ᠭᠤᠷᠪᠠ ᠶ᠋ᠢᠨ ᠲᠡᠭᠦᠰ ᠶᠣᠰᠣ ᠪᠣᠯᠤᠨ᠎ᠠ᠃ ᠬᠤᠷᠳᠤᠨ ᠤ᠋ ᠮᠣᠷᠢ ᠡᠬᠢᠯᠡᠭᠡᠳ ᠱᠣᠵᠢᠭ ᠢ᠋ᠶ᠋ᠠᠨ᠂ ᠳᠠᠷᠠᠭ᠎ᠠ ᠨᠢ ᠬᠣᠲᠠ ᠪᠠᠨ᠂ ᠡᠴᠦᠰ ᠲᠦ᠍ ᠨᠢ ᠨᠠᠭᠠᠳᠤᠮ ᠤ᠋ᠨ ᠬᠦᠷᠢᠶ᠎ᠡ ᠶ᠋ᠢ ᠭᠤᠷᠪᠠ ᠲᠣᠭᠣᠷᠢᠵᠤ ᠶᠢᠰᠦᠯ ᠶᠣᠰᠣ ᠴᠡᠭᠴᠡᠷᠡᠨᠡ᠃ ᠮᠣᠷᠢᠨ ᠤ᠋ ᠮᠠᠩᠯᠠᠢ ᠭᠤᠷᠪᠠᠯ ᠨᠢ ᠮᠠᠩᠨᠠᠢ᠂ ᠤᠷᠠᠨ ᠳᠡᠯ᠂ ᠬᠣᠨᠳᠣᠯᠠᠢ ᠠᠵᠢ᠃ ᠠᠢᠷᠠᠭᠳᠠᠵᠤ ᠢᠷᠡᠪᠡᠰᠦ ᠡᠯ᠎ᠡ ᠳᠡᠭᠡᠳᠦ ᠭᠤᠷᠪᠠ ᠳ᠋ᠤ᠌ ᠠᠢᠷᠠᠭ ᠳᠤᠰᠤᠭᠠᠵᠤ ᠳᠤᠰᠤᠭᠠᠵᠤ ᠮᠢᠯᠢᠶᠠᠨ᠎ᠠ᠃ ᠡᠨᠳᠡ ᠡᠴᠡ《ᠭᠤᠷᠪᠠ ᠶ᠋ᠢᠨ ᠭᠤᠸ᠎ᠠ》 ᠪᠤᠶᠤ ᠭᠢᠢᠩᠭᠣᠣ ᠳᠠᠭᠤᠳᠠᠯᠭ᠎ᠠ ᠭᠠᠷᠤᠭᠰᠠᠨ ᠲᠡᠳᠦᠢ ᠦᠭᠡᠢ᠂《ᠭᠣᠷᠢᠶ᠎ᠠ》 ᠴᠤ᠌ ᠭᠤᠷᠪᠠ ᠶᠤᠮᠰᠠᠨᠵᠠᠢ᠃ ᠲᠠᠰᠢᠷᠠᠮ ᠳ᠋ᠤ᠌ ᠳᠤᠷᠠᠳᠬᠤᠢ ᠡᠳᠦᠭᠡ ᠦᠷᠡᠰ ᠭᠠᠷᠭᠠᠬᠤ ᠶᠣᠰᠣᠯᠠᠯ ᠳ᠋ᠤ᠌《ᠴᠡᠭᠡᠨ ᠴᠣᠳ》 ᠭᠡᠮᠡᠨ ᠬᠤᠷᠤᠢᠯᠠᠵᠤ ᠵᠠᠷᠢᠮ ᠲᠣᠯᠢ ᠪᠢᠴᠢᠭ ᠲᠦ ᠴᠦ᠍ ᠲᠡᠭᠡᠵᠦ ᠪᠢᠴᠢᠭᠳᠡᠭᠰᠡᠨ ᠬᠠᠷᠠᠭᠳᠠᠳᠠᠭ᠃ ᠤᠭ ᠲᠠᠭᠠᠨ ᠡᠨᠡ ᠨᠢ《ᠴᠡᠭᠡᠨ ᠳ᠋ᠦ᠍ ᠴᠠᠳ》 ᠭᠡᠰᠡᠨ ᠢᠷᠦᠭᠡᠯ ᠠᠪᠠᠢ᠃
ᠲᠡᠭᠡᠪᠡᠯ ᠨᠤᠮᠤ ᠰᠤᠮᠤ ᠬᠠᠷᠪᠤᠬᠤ ᠲᠡᠮᠡᠴᠡᠭᠡᠨ ᠳ᠋ᠦ᠍ ᠭᠤᠷᠪᠠᠨ ᠰᠤᠮᠤ ᠪᠠᠷ ᠭᠤᠷᠪᠠ ᠤᠨᠤᠬᠤ ᠪᠠᠭ᠎ᠠ ᠲᠡᠮᠡᠴᠡᠭᠡᠨ ᠡᠴᠡ ᠡᠬᠢᠯᠡᠭᠡᠳ ᠭᠤᠷᠪᠠᠨ ᠬᠡᠯᠪᠡᠷᠢ ᠡᠬᠢᠯᠡᠬᠦ ᠪᠥᠭᠡᠳ ᠤᠤᠬᠠᠢ ᠨᠢ ᠤᠷᠢᠬᠤ ᠤᠤᠬᠠᠢ᠂ ᠪᠠᠶᠠᠷ ᠤ᠋ᠨ ᠤᠤᠬᠠᠢ᠂ ᠰᠠᠮᠪᠠᠷ᠎ᠠ ᠶ᠋ᠢᠨ ᠤᠤᠬᠠᠢ ᠭᠡᠰᠡᠨ ᠭᠤᠷᠪᠠᠨ ᠶᠠᠩᠵᠤ ᠠᠵᠢ᠃
ᠭᠤᠷᠪᠠ ᠶ᠋ᠢᠨ ᠬᠦᠴᠦ ᠠᠭᠤᠯᠬᠤ ᠥᠭᠡᠷ᠎ᠡ ᠨᠢᠭᠡ ᠬᠤᠪᠢᠯᠪᠤᠷᠢ ᠨᠢ ᠠᠷᠪᠠᠨ ᠭᠤᠷᠪᠠᠨ ᠠᠭᠠᠳ ᠡᠷ᠎ᠡ ᠬᠥᠮᠦᠨ ᠦ᠌ ᠠᠷᠪᠠᠨ ᠭᠤᠷᠪᠠᠨ ᠮᠡᠬᠡ᠂ ᠠᠷᠪᠠᠨ ᠭᠤᠷᠪᠠᠨ ᠨᠤᠮᠤ ᠶ᠋ᠢᠨ ᠭᠠᠵᠠᠷ᠂ ᠠᠷᠪᠠᠨ ᠭᠤᠷᠪᠠᠨ ᠠᠯᠲᠠᠢ᠂ ᠠᠷᠪᠠᠨ ᠭᠤᠷᠪᠠᠨ ᠰᠠᠭᠠᠬᠠᠯᠲᠠ ᠭᠠᠵᠠᠷ ᠵᠡᠷᠭᠡ ᠪᠥᠭᠡᠳ ᠡᠨᠡ ᠲᠣᠭ᠎ᠠ ᠶ᠋ᠢ ᠭᠤᠷᠪᠠ ᠳᠠᠬᠢᠨ ᠥᠰᠬᠡᠵᠦ ᠲᠠᠪᠢᠨ ᠬᠣᠶᠠᠷ ᠢ᠋ ᠡᠷᠬᠢᠮᠯᠡᠬᠦ ᠨᠢ ᠴᠦ᠍ ᠪᠣᠢ ᠠᠵᠠᠢ᠃
ᠡᠢᠨᠬᠦ《ᠠᠮᠢ》 ᠪᠢᠯᠢᠭᠳᠡᠯ ᠠᠬᠤᠢ ᠬᠢᠭᠡᠳ ᠰᠡᠳᠬᠢᠯ ᠦ᠋ᠨ ᠴᠣᠭᠴᠠᠰ ᠲᠠᠢ ᠪᠠᠲᠤ ᠣᠷᠣᠰᠢᠬᠤ ᠶ᠋ᠢᠨ ᠢᠷᠦᠭᠡᠯ ᠪᠣᠯᠵᠤ ᠬᠥᠬᠡ ᠲᠣᠯᠪᠣᠲᠤ ᠲᠦᠮᠡᠨ ᠦ᠌ ᠠᠬᠤᠢ ᠳ᠋ᠤ᠌ ᠨᠡᠩ ᠡᠷᠲᠡᠨ ᠡᠴᠡ ᠭᠤᠷᠮᠤᠰᠤᠨ ᠬᠡᠪᠰᠢᠯ ᠢ᠋ᠶ᠋ᠡᠷ ᠤᠯᠠᠮᠵᠢᠯᠠᠵᠠᠢ᠃
ᠮᠣᠩᠭᠣᠯ ᠤ᠋ᠨ ᠤᠯᠠᠮᠵᠢᠯᠠᠯᠲᠤ ᠭᠦᠨ ᠤᠬᠠᠭᠠᠨ ᠢ᠋ ᠰᠤᠳᠤᠯᠬᠤ ᠳ᠋ᠤ᠌ ᠡᠪᠦᠭᠡ ᠦᠶ᠎ᠡ ᠶ᠋ᠢᠨ ᠣᠶᠤᠨ ᠤᠬᠠᠭᠠᠨ ᠤ᠋ ᠪᠣᠳᠠᠲᠤ ᠪᠠᠢᠳᠠᠯ ᠪᠣᠯᠤᠭᠰᠠᠨ ᠡᠷᠲᠡᠨ ᠦ᠌ ᠠᠮᠠᠨ ᠵᠣᠬᠢᠶᠠᠯ ᠤ᠋ᠨ ᠳᠤᠷᠠᠰᠬᠠᠯ ᠤ᠋ᠳ ᠴᠢᠬᠤᠯᠠ ᠪᠥᠭᠡᠳ ᠡᠯ᠎ᠡ ᠶᠠᠨᠳᠠᠰᠢ ᠦᠭᠡᠢ ᠪᠠᠶᠠᠨ ᠥᠪ ᠪᠢᠴᠢᠭ ᠦ᠋ᠨ ᠵᠣᠬᠢᠰ ᠤ᠋ᠨ ᠡᠮᠦᠨᠡᠬᠢ ᠶᠡᠬᠡ ᠬᠤᠭᠤᠴᠠᠭ᠎ᠠ ᠶ᠋ᠢ ᠲᠥᠯᠥᠭᠡᠯᠡᠬᠦ ᠨᠢ ᠮᠡᠳᠡᠭᠡᠵᠢ ᠲᠤᠯᠠ ᠦᠨ᠎ᠡ ᠴᠠᠨ᠎ᠠ ᠨᠢ ᠶᠠᠭᠤ ᠲᠠᠢ ᠴᠤ᠌ ᠵᠦᠢᠷᠯᠡᠰᠢ ᠦᠭᠡᠢ᠃ ᠡᠨᠳᠡ ᠲᠡᠷᠡ ᠪᠦᠷᠢ ᠶ᠋ᠢ ᠨᠤᠷᠱᠤᠨ ᠲᠣᠭᠠᠴᠢᠵᠤ ᠵᠠᠳᠠᠯᠤᠨ ᠶᠠᠷᠢᠬᠤ ᠪᠣᠯᠤᠮᠵᠢ ᠦᠭᠡᠢ᠂ ᠵᠥᠪᠬᠡᠨ ᠠᠩᠬᠠᠷᠤᠯ ᠲᠥᠪᠯᠡᠷᠡᠭᠦᠯᠬᠦ ᠴᠢᠬᠤᠯᠠ ᠰᠠᠨ ᠭᠡᠳᠡᠭ ᠢ᠋ ᠴᠤᠬᠤᠰ ᠥᠭᠦᠯᠡᠬᠦ ᠨᠢ ᠵᠦᠢᠲᠡᠢ ᠮᠡᠲᠦ᠃ ᠡᠷᠳᠡᠮᠲᠡᠨ ᠮ· ᠭᠠᠳᠠᠮᠪᠠ《ᠮᠣᠩᠭᠣᠯ ᠠᠷᠠᠳ ᠤ᠋ᠨ ᠦᠯᠢᠭᠡᠷ ᠨᠣᠮ》 ᠳ᠋ᠠᠭᠠᠨ《ᠣᠷᠴᠢᠯᠠᠩ ᠶᠢᠷᠲᠢᠨᠴᠦ᠂ ᠬᠥᠮᠦᠨ ᠦ᠌ ᠨᠡᠢᠭᠡᠮ ᠦ᠋ᠨ ᠶᠠᠭᠤᠮ᠎ᠠ ᠦᠵᠡᠭᠳᠡᠯ ᠲᠡᠷᠢᠭᠦᠲᠡᠨ ᠢ᠋ ᠲᠠᠨᠢᠨ ᠮᠡᠳᠡᠵᠦ ᠲᠠᠢᠯᠪᠤᠷᠢᠯᠠᠬᠤ ᠡᠷᠲᠡᠨ ᠦ᠌ ᠬᠥᠮᠦᠰ ᠦ᠋ᠨ ᠡᠷᠡᠮᠡᠯᠵᠡᠯ ᠢ᠋ ᠳᠤᠰᠬᠠᠵᠤ᠁》 ᠭᠡᠮᠡᠨ ᠳᠣᠮᠣᠭ ᠦᠯᠢᠭᠡᠷ ᠦ᠋ᠨ ᠠᠴᠢ ᠬᠣᠯᠪᠣᠭᠳᠠᠯ ᠢ᠋ ᠦᠨᠡᠯᠡᠭᠰᠡᠨ ᠪᠣᠯ ᠡᠷᠳᠡᠮᠲᠡᠨ ᠳ· ᠴᠠᠷᠠᠨᠰᠣᠣᠨᠠᠮ《ᠮᠣᠩᠭᠣᠯ ᠤ᠋ᠨ ᠤᠷᠠᠨ ᠵᠣᠬᠢᠶᠠᠯ》 ᠪᠦᠲᠦᠭᠡᠯ ᠳ᠋ᠡᠭᠡᠨ《᠁ ᠠᠩᠬᠠᠨ ᠤ᠋ ᠬᠥᠮᠦᠰ ᠦ᠋ᠨ ᠣᠢᠯᠠᠭᠠᠯᠲᠠ ᠪᠠᠷ ᠳᠡᠭᠡᠳᠦ ᠲᠩᠷᠢ ᠪᠤᠶᠤ ᠪᠤᠷᠬᠠᠨ(ᠪᠤᠳ᠋ᠳ᠋ᠾᠠ ᠪᠤᠰᠤ ᠨ· ᠨ) ᠭᠠᠵᠠᠷ ᠳᠡᠯᠡᠬᠡᠢ ᠶ᠋ᠢ ᠪᠣᠢ ᠪᠣᠯᠭᠠᠵᠤ ᠤᠯᠠᠮ ᠢ᠋ᠶ᠋ᠠᠷ ᠠᠮᠢᠲᠠᠨ᠂ ᠬᠥᠮᠦᠨ ᠪᠦᠲᠦᠭᠡᠭᠰᠡᠨ ᠭᠡᠵᠦ ᠦᠵᠡᠳᠡᠭ ᠪᠠᠢᠪᠠ᠃ ᠡᠨᠡ ᠪᠣᠯ ᠬᠥᠮᠦᠨ ᠡᠭᠦᠰᠦᠭᠰᠡᠨ ᠴᠠᠭ ᠠ᠋ᠴᠠ ᠪᠠᠨ ᠡᠬᠢᠯᠡᠨ ᠰᠠᠪᠠ ᠶᠢᠷᠲᠢᠨᠴᠦ ᠪᠡᠨ ᠲᠠᠨᠢᠨ ᠮᠡᠳᠡᠬᠦ ᠶ᠋ᠢ ᠣᠷᠣᠯᠳᠣᠭᠰᠠᠨ ᠳᠣᠮᠣᠭ ᠦᠯᠢᠭᠡᠷ(ᠺᠦᠰᠮᠤᠭᠤᠨᠢᠴᠸᠰᠺᠢᠶᠸ ᠮᠢᠹᠢ) ᠪᠥᠭᠡᠳ ᠭᠣᠣᠯᠴᠢᠯᠠᠨ ᠨᠠᠷᠠ(ᠰᠤᠯᠶᠡᠷᠨᠢ)᠂ ᠰᠠᠷ᠎ᠠ(ᠯᠤᠨᠠᠷᠨᠢᠢ)᠂ ᠣᠳᠣ ᠡᠷᠬᠡᠰ(ᠠᠰᠲ᠋ᠷᠠᠯᠠᠨᠢᠢ) ᠶ᠋ᠢᠨ ᠰᠡᠳᠦᠪ ᠵᠣᠩᠬᠢᠯᠠᠳᠠᠭ》 ᠭᠡᠵᠦ ᠲᠡᠮᠳᠡᠭᠯᠡᠭᠰᠡᠨ ᠨᠢ ᠪᠢᠳᠡᠨ ᠦ᠌ ᠮᠥᠰᠬᠢᠨ ᠪᠣᠢ ᠶᠢᠷᠲᠢᠨᠴᠦ ᠶ᠋ᠢᠨ ᠭᠠᠷᠪᠠᠯᠢ ᠰᠡᠳᠦᠪ ᠲᠦ ᠡᠬᠢ ᠪᠠᠢᠭ᠎ᠠ ᠶ᠋ᠢ ᠨᠤᠲᠠᠯᠠᠨ᠎ᠠ᠃ ᠮᠥᠨ ᠰᠠᠪᠠ ᠶᠢᠷᠲᠢᠨᠴᠦ ᠶ᠋ᠢᠨ ᠵᠡᠷᠭᠡᠴᠡᠭᠡ《ᠰᠢᠮ᠎ᠡ ᠶᠢᠷᠲᠢᠨᠴᠦ ᠪᠤᠶᠤ ᠤᠷᠭᠤᠮᠠᠯ ᠠᠮᠢᠲᠠᠨ ᠤ᠋ ᠠᠢᠮᠠᠭ ᠤ᠋ᠨ ᠡᠭᠦᠰᠦᠯ ᠭᠠᠷᠤᠯ ᠤ᠋ᠨ ᠲᠤᠬᠠᠢ ᠳᠣᠮᠣᠭ ᠦᠯᠢᠭᠡᠷ(ᠲᠶᠸᠤᠭᠤᠨᠢᠴᠸᠰᠺᠢᠶᠸ ᠮᠢᠹᠢ) ᠮᠣᠩᠭᠣᠯ ᠠᠮᠠᠨ ᠵᠣᠬᠢᠶᠠᠯ ᠳ᠋ᠤ᠌ ᠴᠢᠬᠤᠯᠠ ᠪᠠᠢᠷᠢ ᠶ᠋ᠢ ᠡᠵᠡᠯᠡᠨ᠎ᠡ》 ᠭᠡᠵᠦ ᠲᠡᠮᠳᠡᠭᠯᠡᠭᠰᠡᠨ ᠪᠠᠢᠬᠤ ᠪᠥᠭᠡᠳ ᠡᠨᠡ ᠪᠦᠬᠦᠨ ᠨᠢ ᠮᠣᠩᠭᠣᠯᠴᠤᠳ ᠭᠦᠨ ᠤᠬᠠᠭᠠᠨ ᠤ᠋ ᠡᠭᠦᠰᠦᠯ ᠣᠨᠴᠠᠯᠢᠭ ᠥᠪᠡᠷᠮᠢᠴᠡ ᠶ᠋ᠢ ᠰᠤᠳᠤᠯᠬᠤ ᠳ᠋ᠤ᠌ ᠪᠡᠯᠡᠬᠡᠨ ᠰᠠᠩ ᠪᠣᠯᠬᠤ ᠨᠥᠭᠡᠴᠡ ᠠᠵᠤᠭᠤ᠃ ᠡᠨᠡᠴᠢᠯᠡᠨ ᠣᠪᠣᠭ ᠠᠢᠮᠠᠭ᠂ ᠨᠡᠢᠭᠡᠮ᠂ ᠬᠥᠮᠦᠨ ᠦ᠌ ᠡᠭᠦᠰᠦᠯ ᠪᠦᠬᠦᠢ(ᠭᠸᠨᠧᠶᠡᠯᠤᠭᠢᠴᠧᠺᠢᠶᠧ ᠮᠢᠹᠢ)᠂ ᠡᠷᠲᠡᠨ ᠦ᠌ ᠲᠣᠮ ᠰᠢᠪᠰᠢᠯᠭᠡ᠂ ᠢᠷᠦᠭᠡᠯ ᠪᠡᠯᠭᠡ ᠦᠭᠡᠰ᠂ ᠰᠤᠷᠭᠠᠯ᠂ ᠳᠡᠭᠡᠵᠢ ᠰᠠᠴᠤᠯᠢ ᠮᠢᠯᠢᠶᠠᠯᠭ᠎ᠠ᠂ ᠪᠥᠬᠡ ᠶ᠋ᠢᠨ ᠳᠠᠭᠤᠳᠠᠯᠭ᠎ᠠ᠂ ᠲᠠᠮᠤᠯᠠᠭᠠ᠂ ᠬᠠᠷᠢᠶᠠᠯ ᠵᠡᠷᠭᠡ ᠣᠯᠠᠨ ᠲᠥᠷᠥᠯ ᠠᠢ ᠶ᠋ᠢ ᠰᠢᠨᠵᠢᠯᠡᠨ ᠦᠵᠡᠬᠦ ᠨᠢ ᠮᠣᠩᠭᠣᠯ ᠤ᠋ᠨ ᠭᠦᠨ ᠤᠬᠠᠭᠠᠨ ᠤ᠋ ᠢᠵᠠᠭᠤᠷ ᠢ᠋ ᠲᠣᠭᠲᠠᠭᠠᠬᠤ ᠳ᠋ᠤ᠌ ᠴᠢᠬᠤᠯᠠ ᠰᠤᠳᠤᠯᠤᠭᠳᠠᠬᠤᠨ ᠪᠣᠯᠬᠤ ᠨᠢ ᠣᠢᠯᠠᠭᠠᠮᠵᠢ ᠲᠠᠢ ᠪᠥᠯᠥᠭᠡ᠃ ᠭᠤᠷᠪᠠᠨ ᠮᠠᠷᠠᠯ ᠣᠳᠣ ᠡᠭᠦᠰᠦᠭᠰᠡᠨ ᠲᠤᠬᠠᠢ ᠭᠠᠭᠴᠠ ᠦᠯᠢᠭᠡᠷ ᠢ᠋ ᠲᠣᠪᠴᠢ ᠵᠢᠱ᠌ᠢᠶᠡᠯᠡᠬᠦᠢ ᠡᠷᠳᠡᠮᠲᠡᠨ ᠵ· ᠴᠣᠯᠠ ᠶ᠋ᠢᠨ ᠲᠡᠮᠳᠡᠭᠯᠡᠵᠦ ᠠᠪᠤᠭᠰᠠᠨ《ᠬᠣᠷᠢᠨ ᠳᠥᠷᠪᠡᠨ ᠰᠠᠯᠠᠭ᠎ᠠ ᠡᠪᠡᠷ ᠲᠡᠢ ᠬᠤᠸᠠ ᠳᠥᠨᠡᠨ ᠪᠤᠭᠤ》 ᠦᠯᠢᠭᠡᠷ ᠦ᠋ᠨ ᠲᠡᠭᠦᠰᠬᠡᠯ《ᠬᠤᠸᠠ ᠳᠥᠨᠡᠨ ᠪᠤᠭᠤ ᠶ᠋ᠢᠨ ᠭᠡᠷᠢᠶᠡᠰ ᠢ᠋ᠶ᠋ᠡᠷ ᠭᠥᠭᠦᠯᠲᠡᠢ ᠮᠡᠷᠭᠡᠨ ᠬᠠᠭᠠᠨ ᠲᠡᠭᠦᠨ ᠦ᠌ ᠲᠣᠯᠣᠭᠠᠢ ᠶ᠋ᠢ ᠡᠬᠡ ᠡᠴᠢᠭᠡ ᠶ᠋ᠢᠨ ᠬᠢ ᠨᠢ ᠲᠣᠯᠣᠭᠠᠢ ᠶ᠋ᠢᠨ ᠬᠠᠮᠲᠤ ᠴᠠᠰᠤᠲᠤ ᠶ᠋ᠢᠨ ᠴᠠᠭᠠᠨ ᠠᠭᠤᠯᠠ ᠶ᠋ᠢᠨ ᠣᠷᠣᠢ ᠳ᠋ᠤ᠌ ᠲᠠᠯᠪᠢᠵᠤ ᠭᠤᠷᠪᠠᠨ ᠵᠢᠯ ᠳᠠᠬᠢᠵᠤ ᠳᠠᠢᠵᠤ ᠪᠠᠢᠲᠠᠯ᠎ᠠ ᠭᠤᠷᠪᠠᠨ ᠲᠣᠯᠣᠭᠠᠢ ᠭᠤᠷᠪᠠᠨ ᠥᠩᠭᠡ ᠶ᠋ᠢᠨ ᠰᠣᠯᠣᠩᠭ᠎ᠠ ᠳᠤᠲᠠᠭᠤᠯᠤᠨ ᠲᠩᠷᠢ ᠥᠭᠡᠳᠡ ᠭᠠᠷᠴᠠᠢ ᠭᠡᠨ᠎ᠡ᠃ ᠭᠥᠭᠦᠯᠲᠡᠢ ᠮᠡᠷᠭᠡᠨ᠁ ᠨᠢᠰᠴᠦ ᠦᠬᠦᠬᠦ ᠪᠡᠷ ᠦᠰᠦᠷᠲᠡᠯ᠎ᠡ ᠭᠤᠷᠪᠠᠨ ᠲᠣᠯᠣᠭᠠᠢ ᠭᠤᠷᠪᠠᠨ ᠲᠠᠯ᠎ᠠ ᠠ᠋ᠴᠠ ᠨᠢ ᠳᠠᠮᠵᠢᠯᠠᠵᠤ ᠲᠩᠷᠢ ᠶ᠋ᠢᠨ ᠣᠷᠣᠨ ᠳ᠋ᠤ᠌ ᠭᠠᠷᠴᠠᠢ》᠃ ᠡᠨᠡ ᠬᠤᠪᠢᠯᠪᠤᠷᠢ ᠳ᠋ᠤ᠌ ᠭᠤᠷᠪᠠᠨ ᠣᠳᠣᠲᠤ᠂ ᠭᠤᠷᠪᠠᠨ ᠪᠤᠭᠤ ᠶ᠋ᠢᠨ ᠲᠣᠯᠣᠭᠠᠢ᠂ ᠡᠨᠡᠬᠦ ᠪᠤᠭᠤ ᠪᠠᠰᠠ ᠣᠪᠣᠭ ᠠᠢᠮᠠᠭ ᠤ᠋ᠨ ᠣᠩᠭᠣᠨ ᠰᠢᠲᠦᠭᠡᠨ ᠦ᠌ ᠲᠣᠲᠧᠮ ᠭᠠᠷᠪᠠᠯᠢ᠂ ᠣᠷᠴᠢᠯᠠᠩ ᠠᠮᠢ ᠲᠠᠢ ᠪᠣᠯᠬᠤ᠂ ᠲᠩᠷᠢ ᠳᠡᠭᠡᠳᠦᠰ ᠦ᠋ᠨ ᠰᠦᠨᠡᠰᠦ ᠰᠦᠯᠳᠡ ᠪᠡᠷ ᠳᠠᠢᠬᠤ ᠣᠯᠠᠨ ᠰᠠᠨᠠᠭ᠎ᠠ ᠶ᠋ᠢ ᠤᠷᠠᠨ ᠰᠡᠳᠬᠢᠮᠵᠢ ᠪᠡᠷ ᠨᠣᠮᠯᠠᠭᠰᠠᠨ《ᠨᠤᠲᠠᠯᠠᠭ᠎ᠠ》 ᠪᠣᠯᠤᠨ᠎ᠠ᠃ ᠡᠯ᠎ᠡ ᠰᠡᠳᠦᠪ ᠢ᠋ ᠬᠣᠢᠨ᠎ᠠ ᠭᠤᠷᠪᠠᠨᠲᠠ ᠰᠡᠬᠦᠵᠦ ᠶᠠᠷᠢᠬᠤ ᠲᠤᠯᠠ ᠲᠣᠢᠮᠣᠯᠠᠪᠠᠢ᠃
ᠲᠡᠦᠬᠡ ᠰᠣᠶᠣᠯ ᠤ᠋ᠨ ᠡᠨᠡ ᠮᠡᠲᠦ ᠣᠯᠠᠨ ᠵᠢᠱ᠌ᠢᠶᠡᠨ ᠡᠴᠡ ᠭᠠᠳᠠᠨ᠎ᠠ ᠠᠮᠢᠳᠤ ᠳᠤᠷᠠᠳᠬᠠᠯ ᠪᠣᠯᠬᠤ ᠬᠡᠯᠡᠨ ᠦ᠌ ᠭᠠᠢᠬᠠᠮᠰᠢᠭ ᠳᠠᠪᠬᠤᠷ ᠨᠤᠲᠠᠯᠠᠭ᠎ᠠ ᠪᠣᠯᠬᠤ ᠪᠣᠯᠤᠮᠤᠢ᠃ ᠡᠨᠳᠡ《ᠤᠰᠤ》 ᠶ᠋ᠢ ᠲᠤᠬᠠᠢᠯᠠᠵᠤ ᠰᠣᠨᠢᠷᠬᠠᠰᠤᠭᠠᠢ᠃ ᠤᠰᠤ(ᠰᠢᠩᠭᠡᠨ) ᠨᠢ ᠤᠭ ᠲᠠᠭᠠᠨ ᠴᠠᠰᠤ(ᠪᠡᠰᠡᠷᠡᠭ) ᠮᠥᠰᠥ(ᠬᠠᠲᠠᠭᠤ) ᠭᠤᠷᠪᠠᠨ ᠴᠢᠨᠠᠷ ᠲᠠᠢ᠃ ᠤᠰᠤᠨ ᠤ᠋ ᠬᠥᠯᠳᠡᠭᠦᠰᠦ ᠮᠥᠰᠥ ᠨᠢ ᠵᠠᠢᠷᠮᠠᠭ᠂ ᠭᠠᠲᠠᠭᠠᠯ① ᠭᠤᠷᠪᠠᠨ ᠰᠢᠨᠵᠢ ᠲᠡᠢ ᠪᠣᠯ ᠤᠰᠤ ᠮᠥᠰᠥᠨ ᠦ᠌ ᠪᠡᠰᠡᠷᠡᠭ ᠬᠠᠭᠤᠷᠠᠢ ᠰᠢᠨᠵᠢᠲᠦ ᠴᠠᠰᠤ ᠨᠢ ᠬᠢᠷᠠᠭᠤ᠂ ᠮᠥᠨᠳᠥᠷ᠂ ᠲᠤᠢᠯᠠᠭᠠᠳᠠᠰᠤ ② ᠭᠤᠷᠪᠠᠯ ᠠᠵᠠᠢ᠃ ᠲᠡᠭᠡᠪᠡᠯ ᠤᠰᠤ ᠥᠪᠡᠷ ᠢ᠋ᠶ᠋ᠡᠨ ᠡᠷᠦᠳᠡᠰᠦ ᠳᠠᠪᠠᠭᠤ ᠷᠠᠰᠢᠶᠠᠨ᠂ ᠬᠤᠷᠠᠮᠳᠤᠯᠠᠭᠰᠠᠨ ᠤᠰᠤ ᠪᠤᠶᠤ ᠨᠠᠭᠤᠷ᠂ ᠭᠣᠣᠯ᠂ ᠴᠥᠭᠥᠷᠥᠮ ᠪᠣᠯᠬᠤ ᠬᠤᠷ᠎ᠠ ᠬᠢᠭᠡᠳ ᠪᠣᠷᠣᠭ᠎ᠠ ᠭᠡᠰᠡᠨ ᠭᠤᠷᠪᠠᠯ ᠳ᠋ᠤ᠌ ᠢᠯᠠᠭᠠᠭᠳᠠᠬᠣ᠃ ᠡᠨᠡ ᠪᠦᠬᠦᠨ ᠪᠠᠰᠠ ᠭᠤᠷᠪᠠᠯ ᠵᠠᠳᠠᠷᠠᠭᠠᠨ ᠳ᠋ᠤ᠌ ᠡᠴᠢᠬᠦ ᠪᠥᠭᠡᠳ ᠮᠥᠨᠳᠥᠷ ᠭᠡᠬᠦ ᠳ᠋ᠦ᠍ ᠬᠤᠷᠭᠤᠯᠠᠩ᠂ ᠬᠤᠪᠴᠠᠭᠠᠨ᠂ ᠰᠢᠪᠠᠭᠤᠳ ᠵᠤᠳ᠂ ᠲᠤᠢᠯᠭᠠᠳᠠᠰᠤ ᠨᠢ ᠲᠡᠮᠡᠭᠡ᠂ ᠢᠩᠭᠡ᠂ ᠲᠣᠷᠣᠮ᠂ ᠷᠠᠰᠢᠶᠠᠨ ᠨᠢ ᠬᠠᠯᠠᠭᠤᠨ᠂ ᠬᠦᠢᠲᠡᠨ᠂ ᠮᠥᠩᠬᠡ(ᠷᠢᠳᠢ ᠰᠢᠳᠢ ᠪᠡᠷ ᠠᠮᠢᠯᠠᠭᠤᠯᠵᠤ ᠨᠠᠢᠷᠠᠭᠤᠯᠤᠭᠰᠠᠨ) ᠤ᠋᠂ ᠪᠣᠷᠣᠭᠠᠨ ᠨᠢ ᠵᠦᠰᠡᠷ᠂ ᠰᠢᠪᠡᠷᠡᠭᠡ᠂ ᠠᠭᠠᠳᠠᠷ ᠭᠡᠬᠦ ᠮᠡᠲᠦ ᠶᠤᠮ᠃ ᠤᠰᠤᠨ ᠤ᠋ ᠭᠡᠢᠨ ᠲᠥᠯᠥᠪ ᠨᠢ ᠳᠡᠭᠡᠭᠰᠢ ᠳᠡᠭᠳᠡᠬᠦ ᠪᠤᠳᠠᠩ᠂ ᠬᠤᠷᠮᠤᠰᠲᠠ ᠳ᠋ᠤ᠌ ᠲᠣᠭᠲᠠᠭᠰᠠᠨ ᠡᠭᠦᠯᠡ᠂ ᠳᠣᠭᠣᠭᠰᠢ ᠰᠠᠭᠤᠬᠤ ᠮᠠᠨᠠᠨ᠂ ᠲᠡᠭᠦᠨ ᠦ᠌ ᠪᠢᠴᠢᠯ ᠰᠢᠨᠵᠢ ᠨᠢ ᠠᠭᠤᠷ᠂ ᠰᠠᠪᠰᠠᠯᠭ᠎ᠠ(ᠣᠭᠵᠣᠮ ᠶᠡᠬᠡ ᠠᠭᠤᠷ ᠪᠥᠭᠡᠳ ᠡᠨᠡ ᠦᠭᠡᠨ ᠳ᠋ᠦ᠍ ᠵᠠᠪᠰᠠᠷ ᠬᠣᠭᠣᠷᠣᠨᠳᠣ᠂ ᠲᠤᠬᠠᠢᠯᠠᠪᠠᠯ ᠲᠩᠷᠢ ᠭᠠᠵᠠᠷ ᠤ᠋ᠨ ᠰᠠᠪᠰᠠᠯᠭ᠎ᠠ ᠳ᠋ᠤ᠌ ᠭᠡᠬᠦ ᠮᠡᠲᠦ ᠤᠳᠬ᠎ᠠ᠂ ᠪᠠᠰᠠ ᠬᠣᠶᠠᠷ ᠵᠦᠢᠯ ᠢ᠋ ᠬᠠᠪᠴᠢᠬᠤ᠂ ᠵᠢᠱ᠌ᠢᠶᠡᠯᠡᠪᠡᠯ ᠮᠠᠯ ᠢ᠋ ᠵᠠᠰᠠᠬᠤ ᠳ᠋ᠤ᠌ ᠲᠥᠮᠥᠰᠥ ᠶ᠋ᠢ ᠬᠠᠪᠴᠢᠳᠠᠭ ᠪᠠᠭᠠᠵᠢ ᠭᠡᠬᠦ ᠮᠡᠲᠦ ᠰᠠᠯᠠᠭ᠎ᠠ ᠤᠳᠬ᠎ᠠ ᠤ᠋ᠳ ᠪᠣᠢ)᠂ ᠰᠤᠭᠤᠨᠠᠭ(ᠦᠷᠭᠦᠯᠵᠢᠯᠡᠭᠰᠡᠨ ᠨᠠᠮᠤᠭᠤᠨ ᠪᠠᠰᠠ ᠶᠡᠬᠡᠬᠡᠨ ᠠᠭᠤᠷ) ᠭᠡᠮᠡᠨ ᠦᠷᠭᠦᠯᠵᠢᠯᠡᠬᠦ ᠪᠣᠯᠠᠢ᠃ ᠤᠰᠤᠨ ᠤ᠋ ᠪᠢᠴᠢᠯ ᠬᠡᠮᠵᠢᠶ᠎ᠡ ᠶ᠋ᠢ ᠴᠢᠭᠢᠭ᠂ ᠬᠥᠯᠥᠰᠥ᠂ ᠳᠤᠰᠤᠯ ᠬᠡᠮᠡᠮᠦᠢ᠃ ᠡᠳᠡᠭᠡᠷ ᠦ᠋ᠨ ᠳᠤᠮᠳᠠ ᠪᠠᠮ(ᠪᠣᠬᠢᠷ ᠪᠢᠲᠡᠭᠦᠦ ᠴᠢᠭᠢᠭ)᠂ ᠬᠥᠯᠥᠷᠡᠭᠡᠰᠦ (ᠲᠣᠭᠣᠭ᠎ᠠ ᠬᠥᠯᠥᠷᠡᠬᠦ ᠵᠦᠢᠯ ᠨᠢ ᠬᠦᠯᠦᠰᠦᠷᠡᠬᠦ᠂ ᠮᠥᠰᠥ ᠬᠥᠯᠥᠷᠡᠬᠦ᠂ ᠵᠢᠯᠠᠪᠴᠢ ᠶ᠋ᠢᠨ ᠬᠥᠯᠥᠰᠥ ᠵᠡᠷᠭᠡ)᠂ ᠲᠣᠭᠲᠠᠭᠠᠯ(ᠣᠯᠠᠨ ᠳᠤᠰᠤᠯ ᠨᠢᠭᠡᠳᠦᠭᠰᠡᠨ) ᠭᠡᠬᠦ ᠵᠡᠷᠭᠡ ᠪᠢᠴᠢᠯ᠂ ᠪᠡᠰᠡᠷᠡᠭ᠂ ᠡᠰᠡᠷᠭᠦ ᠤᠳᠬᠠᠲᠤ ᠣᠯᠠᠨ ᠪᠣᠢ᠃ ᠡᠨᠡ ᠨᠢ ᠴᠠᠭᠠᠰᠢ ᠪᠠᠨ ᠪᠡᠶ᠎ᠡ ᠶ᠋ᠢᠨ ᠭᠤᠷᠪᠠᠨ ᠪᠠᠮ(ᠬᠤᠯᠤᠩᠰᠤ᠂ ᠰᠢᠪᠡᠷᠢ᠂ ᠬᠥᠯᠥᠰᠥ) ᠭᠡᠬᠦ ᠮᠡᠲᠦ ᠪᠡᠷ ᠠᠩᠭᠢᠯᠠᠭᠳᠠᠬᠤ ᠵᠢᠱ᠌ᠢᠶ᠎ᠡ ᠲᠡᠢ ᠪᠠᠢᠨ᠎ᠠ᠃ ᠭᠡᠬᠦ ᠳ᠋ᠡᠭᠡᠨ ᠡᠴᠦᠰ ᠦ᠋ᠨ ᠡᠴᠦᠰ ᠲᠤ ᠨᠢᠭᠡ ᠯᠡ ᠵᠦᠢᠯ《ᠤᠰᠤ》 ᠪᠣᠯᠤᠨ᠎ᠠ᠃ ᠪᠢᠳᠡ ᠡᠨᠡ ᠪᠦᠬᠦᠨ ᠢ᠋ ᠭᠦᠨ ᠤᠬᠠᠭᠠᠨ ᠤ᠋ ᠣᠯᠠᠨ ᠶᠠᠩᠵᠤ ᠺᠡᠲᠧᠭᠤᠷᠢ③ ᠪᠠᠷ ᠰᠢᠭᠦᠨ ᠬᠡᠯᠡᠯᠴᠡᠪᠡᠰᠦ ᠡᠴᠦᠰ ᠦᠭᠡᠢ ᠶᠠᠷᠢᠶ᠎ᠠ ᠡᠭᠦᠰᠬᠦ ᠲᠤᠯᠠ ᠵᠥᠪᠬᠡᠨ ᠥᠩᠭᠡᠴᠡ ᠠᠪᠴᠤ ᠦᠵᠡᠪᠡᠢ᠃ ᠵᠦᠢᠷᠯᠡᠪᠡᠰᠦ ᠴᠠᠰᠤ ᠮᠥᠰᠥ ᠤᠰᠤᠨ ᠤ᠋ ᠠᠯᠢ ᠨᠢ ᠡᠭᠦᠰᠬᠡᠯ ᠶᠦᠮ ᠪᠣᠢ? ᠤᠰᠤ ᠶᠤᠮ ᠪᠣᠯ ᠤᠰᠤ ᠠᠭᠤᠷ ᠠ᠋ᠴᠠ᠂ ᠠᠭᠤᠷᠰᠢᠭᠰᠠᠨ ᠴᠠᠰᠤᠨ ᠤ᠋ ᠬᠠᠢᠯᠤᠮᠠᠭ ᠠ᠋ᠴᠠ᠂ ᠮᠥᠰᠥᠨ ᠦ᠌ ᠠᠭᠤᠷᠰᠢᠯᠭᠠ ᠪᠣᠢ ᠪᠣᠯᠳᠠᠭ ᠭᠡᠮᠡᠨ ᠴᠡᠴᠡ ᠪᠤᠯᠢᠶᠠᠯᠳᠤᠪᠠᠴᠤ ᠭᠤᠷᠪᠠᠯ ᠠ᠋ᠴᠠ ᠲᠣᠭᠲᠠᠳᠠᠭ᠃ ᠶᠡᠷᠦᠩᠬᠡᠢ ᠨᠢᠭᠡ ᠭᠡᠰᠡᠨ ᠲᠣᠮᠢᠶᠠᠯᠠᠯ ᠳ᠋ᠤ᠌ ᠣᠷᠣᠰᠢᠬᠤ ᠪᠤᠶᠤ᠃
——————
① ᠬᠠᠲᠠᠭᠠᠯ— ᠮᠥᠰᠥᠨ ᠵᠠᠮ᠂ ᠭᠣᠣᠯ ᠤ᠋ᠨ ᠡᠷᠭᠢ ᠳ᠋ᠡᠬᠢ ᠵᠠᠢᠷᠮᠠᠭ(ᠪᠠᠭᠤᠯᠭᠠᠭᠴᠢ)
② ᠲᠣᠢᠯᠠᠭᠠᠳᠠᠰᠤ— ᠪᠤᠳᠠᠷᠠᠭᠠᠨ᠂ ᠬᠢᠷᠮᠠᠭ ᠴᠠᠰᠤ(ᠪᠠᠭᠤᠯᠠᠭᠠᠭᠴᠢ)
③ᠺᠡᠲᠧᠭᠤᠷᠢ— ᠲᠥᠷᠥᠯ ᠵᠦᠢᠯ᠂ ᠬᠦᠷᠢᠶ᠎ᠡ ᠴᠠᠷ᠎ᠠ᠂ ᠵᠡᠷᠭᠡ ᠳᠡᠰ( ᠪᠠᠭᠤᠯᠠᠭᠠᠭᠴᠢ)
ᠦᠰᠦᠭ ᠠᠮᠢᠯᠠᠭᠤᠯᠤᠭᠴᠢ᠄ ᠣᠶᠤᠨᠪᠢᠯᠢᠭ᠌᠂ ᠪᠠᠶᠠᠨᠰᠡᠷᠡᠩ᠂ ᠲᠤᠶᠠᠭ᠎ᠠ ᠂ ᠲᠣᠭᠲᠠᠭᠤᠨᠪᠠᠶᠠᠷ
ᠬᠢᠨᠠᠭᠴᠢ᠄ ᠣᠳᠬᠠᠨᠰᠣ᠎ᠠ
