ᠨᠢᠭᠡ᠂ ᠭᠤᠷᠪᠠᠯ ᠤ᠋ᠨ ᠣᠨᠣᠯ ᠪᠣᠯ ᠮᠣᠩᠭᠣᠯ ᠠᠷᠠᠳ ᠤ᠋ᠨ ᠰᠢᠨᠵᠢᠯᠡᠬᠦ ᠤᠬᠠᠭᠠᠨ-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Хаанбуу
ᠨᠢᠭᠡ᠂ ᠭᠤᠷᠪᠠᠯ ᠤ᠋ᠨ ᠣᠨᠣᠯ ᠪᠣᠯ ᠮᠣᠩᠭᠣᠯ ᠠᠷᠠᠳ ᠤ᠋ᠨ ᠰᠢᠨᠵᠢᠯᠡᠬᠦ ᠤᠬᠠᠭᠠᠨ
ᠲᠡᠷᠢᠭᠦᠨ ᠶᠢᠰᠦᠯ ᠪᠦᠯᠦᠭ
《ᠦᠨᠳᠦᠰᠦ ᠢᠵᠠᠭᠤᠷ ᠢ᠋ᠶ᠋ᠠᠨ ᠪᠤᠤ ᠮᠠᠷᠲᠠᠰᠤᠭᠠᠢ!》 ᠭᠡᠮᠡᠨ ᠦᠷ᠎ᠡ ᠬᠡᠦᠬᠡᠳ ᠢ᠋ᠶ᠋ᠡᠨ ᠰᠤᠷᠭᠠᠰᠤᠭᠠᠢ᠂ ᠲᠡᠳᠡ ᠨᠠᠷ ᠲᠤ᠌ ᠥᠩᠭᠡᠲᠦ ᠳᠡᠪᠡᠯ ᠢ᠋ ᠡᠮᠦᠰᠦᠨ᠂ ᠠᠮᠲᠠᠲᠤ ᠢᠳᠡᠭᠡ ᠶ᠋ᠢ ᠢᠳᠡᠨ᠂ ᠲᠠᠷᠭᠤᠨ ᠠᠭᠲᠠ ᠶ᠋ᠢ ᠤᠨᠤᠨ᠂ ᠲᠠᠭᠠᠯᠠᠮᠵᠢᠲᠠᠢ ᠭᠡᠷᠭᠡᠢ ᠶ᠋ᠢ ᠲᠡᠪᠡᠷᠢᠬᠦ ᠶ᠋ᠢ ᠮᠡᠳᠡᠭᠦᠯᠵᠦ ᠦᠯᠦ ᠪᠣᠯᠬᠤ ᠪᠥᠭᠡᠳ ᠮᠠᠨ ᠤ᠋ ᠦᠢᠯᠡᠰ ᠦ᠋ᠨ ᠰᠢᠷᠭᠠᠭᠤ ᠵᠠᠮ ᠢ᠋ ᠮᠠᠷᠲᠠᠭᠤᠯᠵᠤ ᠦᠯᠦ ᠪᠣᠯᠤᠮᠤᠢ᠃
( ᠴᠢᠩᠭᠢᠰ ᠬᠠᠭᠠᠨ)
ᠨᠢᠭᠡ᠂ ᠭᠤᠷᠪᠠᠯ ᠤ᠋ᠨ ᠣᠨᠣᠯ ᠪᠣᠯ ᠮᠣᠩᠭᠣᠯ ᠠᠷᠠᠳ ᠤ᠋ᠨ ᠰᠢᠨᠵᠢᠯᠡᠬᠦ ᠤᠬᠠᠭᠠᠨ
ᠨᠡᠭᠦᠳᠡᠯ ᠦ᠋ᠨ ᠮᠠᠯ ᠠᠵᠤ ᠠᠬᠤᠢ ᠶ᠋ᠢᠨ ᠢᠷᠭᠡᠨᠰᠢᠯ᠂ ᠪᠠᠢᠭᠠᠯᠢ ᠶ᠋ᠢᠨ ᠡᠷᠡᠰ ᠲᠠᠰᠤ ᠨᠥᠬᠥᠴᠡᠯ ᠲᠡᠢ ᠤᠶᠠᠯᠳᠤᠭᠰᠠᠨ ᠮᠣᠩᠭᠣᠯᠴᠤᠳ ᠤ᠋ᠨ ᠰᠡᠳᠬᠢᠬᠦᠢ ᠶ᠋ᠢᠨ ᠥᠪᠡᠷᠮᠢᠴᠡ ᠬᠥᠭᠵᠢᠯ ᠨᠢ《ᠶᠢᠷᠲᠢᠨᠴᠦ ᠶ᠋ᠢᠨ ᠠᠮᠢᠨ ᠹᠢᠯᠣᠰᠣᠹᠢ》 ᠶ᠋ᠢ ᠨᠡᠭᠡᠭᠡᠵᠦ ᠭᠤᠷᠪᠠᠯ ᠣᠨᠣᠯ ᠤ᠋ᠨ ᠭᠠᠢᠬᠠᠮᠰᠢᠭ ᠢ᠋ ᠬᠣᠷᠸ᠎ᠠ ᠳ᠋ᠤ᠌ ᠳᠠᠷᠬᠠᠯᠠᠵᠠᠢ᠃ ᠡᠨᠡ ᠣᠨᠣᠯ ᠪᠣᠯ ᠶᠢᠷᠲᠢᠨᠴᠦ ᠶ᠋ᠢᠨ ᠵᠢᠮ᠎ᠡ ᠬᠠᠤᠯᠢ ᠶ᠋ᠢ ᠲᠠᠨᠢᠨ ᠮᠡᠳᠡᠬᠦ ᠭᠡᠰᠡᠨ ᠭᠦᠨ ᠤᠬᠠᠭᠠᠨ ᠤ᠋ ᠪᠠᠯᠠᠷ ᠡᠷᠲᠡᠨ ᠦ᠌ ᠨᠡᠭᠡᠭᠡᠯᠲᠡ ᠪᠥᠭᠡᠳ ᠦᠨᠳᠦᠰᠦᠲᠡᠨ ᠦ᠌ ᠰᠡᠳᠬᠢᠯᠭᠡᠨ ᠦ᠌ ᠶᠡᠷᠦᠩᠬᠡᠢ ᠬᠡᠪ ᠰᠢᠨᠵᠢ ᠪᠣᠯᠵᠤ ᠬᠥᠭᠵᠢᠭᠰᠡᠨ ᠨᠡᠭᠦᠳᠡᠯᠴᠢᠳ ᠦ᠋ᠨ ᠰᠣᠶᠣᠯ ᠤ᠋ᠨ ᠳᠡᠭᠡᠳᠦ ᠪᠠᠶᠠᠯᠢᠭ ᠶᠤᠮ᠃ ᠡᠨᠡ ᠰᠠᠨᠠᠭᠠᠨ ᠳ᠋ᠤ᠌ ᠡᠷᠡᠭᠡᠯᠵᠡᠬᠦ᠂ ᠡᠭᠳᠡᠭᠦᠴᠡᠨ ᠳᠤᠷ᠎ᠠ ᠦᠭᠡᠢᠴᠡᠭᠴᠢᠳ ᠣᠯᠠᠨ ᠭᠠᠷᠴᠤ《ᠠᠷᠭ᠎ᠠ ᠪᠢᠯᠢᠭ》 ᠢ᠋ ᠰᠥᠷᠭᠡᠦᠯᠡᠨ ᠲᠠᠯᠪᠢᠵᠤ ᠂ ᠡᠰᠡᠬᠦᠯ᠎ᠡ ᠢᠳᠢᠶᠡᠯᠢᠽᠮ ᠪᠣᠯᠤᠭᠠᠳ ᠮᠠᠲ᠋ᠷᠢᠶᠠᠯᠢᠽᠮ ᠤ᠋ᠨ ᠠᠯᠢ ᠨᠢᠭᠡᠨ ᠲᠠᠢᠰᠢ ᠬᠠᠮᠢᠶᠠᠳᠠᠭᠤᠯᠬᠤ ᠣᠷᠣᠯᠳᠣᠯᠭ᠎ᠠ ᠭᠠᠷᠴᠤ ᠪᠣᠯᠬᠤ ᠶᠤᠮ᠃ ᠶᠡᠷᠦ ᠨᠢ ᠳᠡᠯᠡᠬᠡᠢ ᠶ᠋ᠢᠨ ᠨᠡᠢᠲᠡᠯᠢᠭ ᠣᠨᠣᠯ ᠰᠡᠳᠬᠢᠯᠭᠡᠨ ᠡᠴᠡ ᠥᠭᠡᠷ᠎ᠡ《ᠮᠣᠩᠭᠣᠯ ᠤᠬᠠᠭᠠᠨ》 ᠭᠡᠵᠦ ᠲᠤᠰᠬᠠᠢ ᠶᠠᠭᠤ ᠪᠠᠢᠬᠤ ᠶᠤᠮ ᠪᠣᠢ? ᠪᠠᠩᠯᠡᠳᠧᠱ᠂ ᠺᠤᠩᠭᠣ᠋᠂ ᠮᠧᠺᠰᠢᠺᠦ᠂ ᠢᠲ᠋ᠠᠯᠢ᠁ ᠭᠡᠳ200 ᠰᠢᠬᠠᠮ ᠤᠯᠤᠰ ᠦᠨᠳᠦᠰᠦᠲᠡᠨ ᠪᠦᠷ ᠥᠭᠡᠷ᠎ᠡ ᠥᠭᠡᠷ᠎ᠡ ᠶ᠋ᠢᠨ ᠤᠬᠠᠭᠠᠨ ᠣᠨᠣᠯ ᠲᠠᠢ ᠪᠠᠢᠬᠤ ᠶᠤᠮ ᠤᠤ ᠭᠡᠬᠦ ᠵᠡᠷᠭᠡ ᠪᠡᠷ ᠲᠠᠰᠤ ᠵᠥᠷᠢᠨ ᠡᠰᠡᠷᠭᠦᠴᠡᠵᠦ ᠬᠥᠮᠦᠨ ᠲᠥᠷᠥᠯᠬᠢᠲᠡᠨ ᠦ᠌ ᠨᠡᠢᠲᠡᠯᠢᠭ ᠬᠠᠤᠯᠢ ᠵᠢᠮ᠎ᠡ᠂ ᠰᠣᠶᠣᠯ᠂ ᠲᠡᠦᠬᠡ ᠶ᠋ᠢ ᠬᠠᠷᠢᠭᠤ ᠨᠣᠮᠯᠠᠬᠤ ᠬᠥᠮᠦᠰ ᠡᠯᠪᠡᠭ ᠭᠠᠷᠬᠤ ᠪᠣᠢ ᠶᠠ᠃
ᠡᠨᠡ ᠪᠠᠶᠠᠨ ᠥᠪ ᠬᠡᠳᠦᠢᠪᠡᠷ ᠡᠨᠡᠳᠬᠡᠭ᠂ ᠲᠥᠪᠡᠳ ᠡᠴᠡ ᠡᠬᠢ ᠲᠡᠢ ᠪᠤᠳ᠋ᠳ᠋ᠾᠠ ᠶ᠋ᠢᠨ ᠱᠠᠰᠢᠨ ᠤ᠋ ᠨᠣᠮ ᠪᠢᠰᠢᠯᠭᠠᠯ ᠪᠣᠯᠤᠨ ᠮᠠᠨᠵᠤ ᠬᠢᠲᠠᠳ ᠤ᠋ᠨ ᠲᠤᠯᠭᠠᠭᠰᠠᠨ ᠲᠥᠷᠥ ᠶ᠋ᠢᠨ ᠶᠣᠰᠣ᠂ ᠧᠦ᠋ᠷᠣᠫᠠ ᠶ᠋ᠢᠨ ᠺᠣᠮᠮᠤᠨᠢᠰᠲ ᠦᠵᠡᠯ ᠦ᠋ᠨ ᠰᠤᠷᠲᠠᠯ ᠨᠥᠯᠥᠭᠡ ᠵᠡᠷᠭᠡ ᠡᠷᠡᠨ ᠵᠠᠭᠤᠨ ᠳᠠᠮᠵᠢᠭᠰᠠᠨ ᠠᠯᠪᠠᠳᠠᠮᠠᠯ ᠬᠠᠷᠢ ᠰᠤᠷᠲᠠᠯ ᠰᠤᠷᠭᠠᠯᠲᠠ ᠶ᠋ᠢᠨ ᠪᠠᠯᠠᠭ ᠢ᠋ᠶ᠋ᠠᠷ ᠡᠮᠬᠢ ᠴᠡᠭᠴᠡ ᠪᠡᠨ ᠠᠯᠳᠠᠵᠤ ᠰᠠᠷᠨᠢᠭᠰᠠᠨ ᠴᠤ᠌ ᠠᠷᠠᠳ ᠲᠦᠮᠡᠨ ᠦ᠌ ᠶᠣᠰᠣ ᠵᠠᠩᠰᠢᠯ᠂ ᠮᠠᠯᠴᠢ ᠰᠡᠳᠬᠢᠬᠦᠢ ᠶ᠋ᠢᠨ ᠬᠡᠪᠰᠢᠯ ᠳ᠋ᠦ᠍ ᠦᠨᠳᠦᠰᠦᠨ ᠦ᠌ ᠤᠬᠠᠮᠰᠠᠷ ᠤ᠋ᠨ ᠨᠣᠶᠠᠨ ᠨᠢᠷᠤᠭᠤ ᠲᠥᠪ ᠨᠢ ᠪᠣᠯᠵᠤ ᠬᠠᠳᠠᠭᠠᠯᠠᠭᠳᠠᠭᠰᠠᠭᠠᠷ ᠪᠣᠢ ᠠᠯᠲᠠᠨ ᠰᠠᠩ ᠶᠤᠮ᠃
ᠬᠠᠭᠤᠴᠢᠨ ᠢ᠋ ᠰᠡᠷᠭᠦᠭᠡᠨ᠎ᠡ ᠭᠡᠮᠡᠨ ᠡᠯᠳᠡᠪ ᠢ᠋ ᠤᠳᠬ᠎ᠠ ᠤᠴᠢᠷ ᠦᠭᠡᠢ ᠣᠩᠭᠢᠴᠢᠬᠤ᠂ ᠰᠢᠨ᠎ᠡ ᠶ᠋ᠢ ᠰᠤᠷᠤᠨ᠎ᠠ ᠭᠡᠳ ᠬᠠᠷᠢ ᠶ᠋ᠢᠨ ᠰᠡᠳᠬᠢᠯᠭᠡ ᠶ᠋ᠢ ᠬᠠᠮᠢᠶ᠎ᠠ ᠨᠠᠮᠢᠶ᠎ᠠ ᠦᠭᠡᠢ ᠱᠣᠬᠣᠭᠣᠷᠬᠠᠨ ᠰᠢᠭᠦᠷᠡᠬᠦ《ᠴᠠᠭ ᠦᠶ᠎ᠡ ᠶ᠋ᠢᠨ ᠵᠥᠪ》 ᠢ᠋ ᠭᠠᠭᠴᠠᠬᠦ ᠡᠨᠡ ᠰᠠᠩ ᠢ᠋ᠶ᠋ᠠᠷ ᠳᠠᠩᠰᠠᠯᠠᠨ ᠵᠢᠱ᠌ᠢᠬᠦ ᠶᠣᠰᠣᠲᠠᠢ᠃ ᠡᠭᠦᠨ ᠦ᠌ ᠦᠯᠢᠭᠡᠷ ᠨᠢ ᠠᠰᠠᠭᠤᠳᠠᠯ ᠲᠤᠯᠭᠠᠷᠠᠬᠤ ᠳ᠋ᠤ᠌ ᠭᠠᠩᠰᠠ ᠪᠠᠨ ᠰᠢᠪᠰᠢᠭᠡᠳ ᠰᠠᠭᠤᠴᠢᠬᠠᠳᠠᠭ ᠡᠪᠦᠭᠡᠳ ᠦ᠋ᠨ ᠪᠢᠰᠢᠯᠭᠠᠯ ᠶᠤᠮ᠃ ᠲᠡᠳᠡᠨ ᠦ᠌ ᠪᠣᠳᠣᠯ ᠶᠠᠮᠠᠷ ᠨᠢᠭᠡᠨ ᠰᠡᠳᠬᠢᠯ ᠦ᠋ᠨ ᠬᠥᠳᠡᠯᠦᠯ ᠦ᠋ᠨ ᠦᠷ᠎ᠡ ᠪᠤᠰᠤ᠂ ᠭᠠᠭᠴᠠᠬᠦ ᠠᠮᠢᠨ ᠴᠢᠨᠠᠷ ᠢ᠋ ᠶ᠋ᠢ ᠡᠷᠢᠵᠦ ᠣᠯᠬᠤ ᠤᠬᠠᠭᠠᠨ ᠠᠵᠠᠢ᠃ ᠲᠡᠢᠮᠦ ᠦᠭᠡᠢ ᠯᠡ ᠠᠪᠠᠰᠤ ᠬᠥᠮᠦᠨ ᠦ᠌ ᠮᠥᠰᠥ ᠦᠭᠡᠢ ᠦᠢᠯᠡ᠂ ᠭᠥᠮᠢᠰ(гөмс)①᠂ ᠭᠣᠣᠮᠠᠢ②᠂ ᠬᠡᠪᠡᠷᠡᠭ ᠰᠠᠢᠳ ᠪᠣᠯᠬᠤ ᠦᠭᠡᠢ᠃ ᠥᠭᠡᠷ᠎ᠡ ᠪᠡᠷ ᠬᠡᠯᠡᠪᠡᠯ ᠭᠤᠷᠪᠠᠯ ᠤᠬᠠᠭᠠᠨ ᠤ᠋ ᠣᠨᠣᠯ ᠤ᠋ᠨ ᠦᠨᠳᠦᠰᠦ ᠨᠢ ᠠᠮᠢ ᠶᠤᠮ᠃ ᠬᠣᠷᠸ᠎ᠠ ᠶᠢᠷᠲᠢᠨᠴᠦ ᠶ᠋ᠢ ᠪᠤᠷᠬᠠᠨ ᠪᠣᠢ ᠪᠣᠯᠭᠠᠭ᠎ᠠ ᠦᠭᠡᠢ᠃ ᠣᠶᠤᠨ ᠰᠠᠨᠠᠭ᠎ᠠ ᠡᠰᠡᠬᠦᠯ᠎ᠡ ᠮᠠᠲ᠋ᠧᠷᠢ ᠠᠩᠬᠠᠳᠠᠭᠴᠢ ᠪᠤᠰᠤ᠂ ᠡᠨᠡ ᠪᠣᠯ ᠮᠣᠩᠭᠣᠯ ᠤᠬᠠᠭᠠᠨ᠂ ᠡᠶᠡᠷᠭᠦ᠂ ᠢᠳᠢᠶᠡᠯ ᠮᠠᠲ᠋ᠧᠷᠢ᠂ ᠠᠷᠭ᠎ᠠ ᠪᠢᠯᠢᠭ᠂ ᠶᠢᠨ ᠶᠠᠩ ᠵᠡᠷᠭᠡ ᠰᠦᠷᠭᠡᠦᠲᠦᠭᠰᠡᠨ ᠬᠣᠶᠠᠷ ᠣᠢᠯᠠᠭᠠᠯᠲᠠ ᠶ᠋ᠢ ᠮᠣᠩᠭᠣᠯᠴᠤᠳ《ᠠᠮᠢ》 ᠭᠡᠬᠦ ᠠᠢ( ᠺᠠᠲ᠋ᠧᠭᠣᠷᠢ) ᠪᠠᠷ ᠰᠢᠭᠦᠨ ᠠᠮᠢᠯᠠᠭᠤᠯᠤᠭᠰᠠᠨ ᠢ᠋ᠶ᠋ᠠᠷ ᠭᠤᠷᠪᠠᠯ ᠤᠬᠠᠭᠠᠨ ᠪᠦᠷᠢᠯᠳᠦᠬᠦ ᠨᠥᠬᠥᠴᠡᠯ ᠡᠭᠦᠳᠴᠡᠢ᠃ ᠠᠮᠢ ᠦᠭᠡᠢ ᠡᠳ᠋ ᠪᠣᠳᠠᠰ᠂ ᠠᠮᠢ ᠦᠭᠡᠢ ᠦᠢᠯᠡ ᠬᠡᠷᠡᠭ ᠣᠶᠤᠨ ᠪᠠᠢᠳᠠᠭ ᠦᠭᠡᠢ᠃ ᠬᠣᠷᠸ᠎ᠠ ᠶᠢᠷᠲᠢᠨᠴᠦ ᠬᠣᠲᠠᠯᠠᠭᠠᠷ ᠢ᠋ᠶ᠋ᠠᠨ ᠠᠮᠢ ᠲᠠᠢ ᠪᠥᠭᠡᠳ ᠲᠠᠲᠠᠯᠴᠠᠵᠤ᠂ ᠲᠦᠯᠬᠢᠯᠴᠡᠬᠦ ᠪᠤᠰᠤ ᠰᠢᠲᠦᠯᠴᠡᠵᠦ ᠣᠷᠣᠰᠢᠨ᠎ᠠ᠃ ᠡᠨᠡ ᠪᠣᠯ ᠭᠤᠷᠪᠠᠯ ᠣᠨᠣᠯ ᠤ᠋ᠨ ᠪᠥᠲᠥᠭᠡᠪᠴᠢ( ᠬᠠᠷ᠎ᠠ ᠤᠬᠠᠭᠠᠨ) ᠪᠥᠭᠡᠳ ᠤᠭ ᠢᠵᠠᠭᠤᠷ ᠨᠢ ᠪᠥᠬᠡ ᠮᠥᠷᠭᠥᠯ᠂ ᠣᠩᠭᠣᠨ ᠰᠢᠲᠦᠭᠡᠨ᠂ ᠲᠡᠢᠨ ᠲᠠᠬᠢᠯᠭ᠎ᠠ ᠶ᠋ᠢᠨ ᠭᠣᠣᠯ ᠤᠳᠬ᠎ᠠ《ᠠᠮᠢ》 ᠠᠵᠠᠢ᠃ ᠪᠥᠬᠡ99 ᠲᠩᠷᠢ ᠶ᠋ᠢ ᠳᠠᠭᠤᠳᠠᠵᠤ ᠬᠠᠷᠢᠯᠴᠠᠨ᠂ ᠠᠮᠢᠨ ᠤ᠋ ᠠᠮᠢᠳᠤᠷᠠᠯ ᠢ᠋ ᠣᠩᠭᠣᠨ ᠰᠢᠲᠦᠭᠡᠨ ᠳ᠋ᠡᠭᠡᠨ ᠵᠠᠯᠠᠵᠤ ᠶᠢᠷᠲᠢᠨᠴᠦ ᠶ᠋ᠢᠨ ᠰᠡᠳᠬᠢᠯ ᠢ᠋ ᠳᠠᠢᠵᠤ ᠳᠠᠬᠢᠵᠤ ᠪᠠᠢᠳᠠᠭ᠃ ᠭᠤᠷᠪᠠᠯ ᠣᠨᠣᠯ ᠨᠢ ᠭᠦᠨ ᠤᠬᠠᠭᠠᠨ( ᠹᠢᠯᠣᠰᠣᠹᠢ) ᠮᠥᠨ ᠪᠥᠭᠡᠳ ᠨᠡᠭᠦᠳᠡᠯᠴᠢᠨ ᠠᠷᠠᠳ ᠲᠦᠮᠡᠨ ᠦ᠌ ᠬᠡᠳᠦᠨ ᠮᠢᠩᠭᠠᠨ ᠢ᠋ ᠲᠤᠭᠤᠯᠤᠭᠰᠠᠨ ᠡᠨᠡᠬᠦ ᠡᠷᠳᠡᠮ ᠢ᠋ ᠱᠠᠰᠢᠨ ᠤ᠋ ᠵᠠᠩ ᠦᠢᠯᠡ ᠡᠴᠡ ᠠᠩᠭᠢᠳᠠ ᠠᠪᠴᠤ ᠦᠵᠡᠬᠦ ᠨᠢ ᠴᠢᠬᠤᠯᠠ᠃ ᠪᠤᠳ᠋ᠳ᠋ᠾᠠ ᠶ᠋ᠢᠨ ᠱᠠᠰᠢᠨ ᠤ᠋ ᠵᠠᠩ ᠦᠢᠯᠡ ᠳ᠋ᠦ᠍ ᠮᠣᠩᠭᠣᠯ ᠤ᠋ᠨ ᠡᠨᠡ ᠣᠨᠣᠯ ᠬᠣᠯᠢᠯᠳᠤᠨ ᠰᠦᠯᠵᠢᠯᠳᠦᠭᠰᠡᠨ ᠨᠢ ᠶᠡᠬᠡ ᠭᠡᠳᠡᠭ ᠢ᠋ ᠪᠠᠢᠩᠭᠤ ᠰᠠᠨᠠᠬᠤ ᠨᠢ ᠮᠥᠨ ᠴᠢᠬᠤᠯᠠ᠃ ᠪᠠᠰᠠ ᠡᠳᠦᠭᠡ ᠶ᠋ᠢᠨ ᠰᠢᠨᠵᠢᠯᠡᠬᠦ ᠤᠬᠠᠭᠠᠨ ᠮᠡᠲᠦ ᠪᠠᠢᠭᠠᠯᠢ᠂ ᠣᠶᠤᠨ᠂ ᠠᠮᠢᠨ ᠠ᠋ᠴᠠ ᠬᠣᠯᠠ ᠬᠥᠨᠳᠡᠢ ᠬᠥᠨᠳᠡᠯᠡᠨ ᠦ᠌ ᠰᠤᠳᠤᠯᠤᠭᠠᠴᠢ ᠮᠡᠲᠦ ᠬᠠᠨᠳᠤᠯᠭ᠎ᠠ ᠠ᠋ᠴᠠ ᠲᠠᠰᠤ ᠥᠭᠡᠷ᠎ᠡ ᠨᠥᠬᠥᠴᠡᠯᠳᠦᠭᠰᠡᠨ ᠭᠤᠷᠪᠠᠯ ᠰᠢᠨᠵᠢ ᠲᠡᠢ ᠶ᠋ᠢ ᠮᠠᠷᠲᠠᠵᠤ ᠦᠯᠦ ᠪᠣᠯᠤᠨ᠎ᠠ᠃ ᠡᠨᠡ ᠨᠢ ᠰᠢᠨᠵᠢᠯᠡᠬᠦ ᠤᠬᠠᠭᠠᠨ ᠠᠮᠢ ᠶ᠋ᠢ ᠰᠤᠳᠤᠯᠤᠭ᠎ᠠ ᠦᠭᠡᠢ᠂ ᠨᠡᠭᠡᠭᠡᠭᠡ ᠦᠭᠡᠢ ᠬᠣᠢᠮᠣᠰᠣᠨ ᠬᠥᠭᠵᠢᠯ ᠳ᠋ᠦ᠍ ᠨᠠᠷᠢᠪᠴᠢᠯᠠᠨ ᠢᠪᠴᠤᠷᠠᠵᠤ ᠶᠢᠷᠲᠢᠨᠴᠦ ᠶ᠋ᠢᠨ ᠠᠮᠢᠨ ᠳ᠋ᠤ᠌ ᠲᠡᠷᠰᠯᠡᠭᠰᠡᠨ ᠬᠥᠭᠵᠢᠯ ᠪᠣᠢ ᠪᠣᠯᠭᠠᠭᠰᠠᠨ ᠢ᠋ᠶ᠋ᠠᠷ ᠲᠠᠢᠯᠪᠤᠷᠢᠯᠠᠭᠳᠠᠨᠠ᠃
ᠲᠡᠭᠡᠬᠦ ᠪᠡᠷ ᠭᠤᠷᠪᠠᠯ ᠣᠨᠣᠯ ᠨᠢ ᠱᠠᠰᠢᠨ ᠬᠢᠭᠡᠳ ᠰᠢᠨᠵᠢᠯᠡᠬᠦ ᠤᠬᠠᠭᠠᠨ ᠳ᠋ᠤ᠌ ᠶᠠᠪ ᠴᠠᠪ ᠨᠡᠢᠴᠡᠬᠦ ᠦᠭᠡᠢ ᠥᠪᠡᠷᠮᠢᠴᠡ ᠨᠢ ᠢᠯᠡᠳᠲᠡ ᠪᠥᠭᠡᠳ ᠡᠨᠡ ᠴᠢᠨᠠᠷ ᠢ᠋ᠶ᠋ᠠᠷ ᠢ᠋ᠶ᠋ᠠᠨ ᠠᠷᠠᠳ ᠤ᠋ᠨ ᠰᠢᠨᠵᠢᠯᠡᠬᠦ ᠤᠬᠠᠭᠠᠨ ᠭᠡᠪᠡᠯ ᠢᠯᠡᠭᠦᠦ ᠵᠣᠬᠢᠮᠵᠢ ᠲᠠᠢ ᠪᠠᠢᠨ᠎ᠠ᠃ ᠲᠤᠬᠠᠢᠯᠠᠵᠤ ᠲᠣᠳᠣᠷᠠᠭᠤᠯᠤᠨ ᠨᠡᠭᠦᠳᠡᠯᠴᠢᠳ ᠦ᠋ᠨ ᠲᠥᠪ ᠭᠣᠯᠣᠮᠲᠠ ᠮᠣᠩᠭᠣᠯ ᠲᠦᠮᠡᠨ ᠦ᠌ ᠰᠣᠩᠭᠣᠳᠠᠭ ᠭᠦᠨ ᠤᠬᠠᠭᠠᠨ ᠭᠡᠮᠡᠨ ᠡᠷᠭᠦᠮᠵᠢᠯᠡᠨ ᠤᠯᠠᠮᠵᠢᠯᠠᠬᠤ᠂ ᠰᠢᠨᠡᠴᠢᠯᠡᠨ ᠬᠥᠭᠵᠢᠭᠦᠯᠬᠦ ᠡᠭᠦᠷᠭᠡ ᠪᠢᠳᠡᠨ ᠳ᠋ᠦ᠍ ᠪᠠᠰᠠ ᠭᠤᠷᠪᠠᠳᠠᠬᠢ ᠮᠢᠩᠭᠠᠨ ᠤ᠋ ᠨᠡᠢᠲᠡ ᠶ᠋ᠢᠨ ᠣᠨ ᠲᠣᠭᠠᠯᠠᠯ ᠤ᠋ᠨ ᠬᠤᠪᠢ ᠵᠠᠶᠠᠭᠠᠨ ᠳ᠋ᠤ᠌ ᠲᠤᠯᠭᠠᠷᠠᠵᠤ ᠪᠠᠢᠨ᠎ᠠ ᠭᠡᠰᠡᠨ ᠦᠭᠡ ᠠ᠋᠃
ᠬᠢᠯᠢ ᠶ᠋ᠢᠨ ᠴᠠᠭᠠᠨ᠎ᠠ ᠳ᠋ᠠᠬᠢ ᠡᠯᠢᠭᠡ ᠬᠡᠯᠡ ᠨᠢᠭᠡᠲᠦ ᠥᠪᠥᠷ ᠮᠣᠩᠭᠣᠯᠴᠤᠳ《ᠮᠣᠩᠭᠣᠯ ᠤ᠋ᠨ ᠭᠤᠷᠪᠠ᠂ ᠮᠣᠳᠣᠨ ᠰᠢᠷᠡᠭᠡᠨ ᠦ᠌ ᠳᠥᠷᠪᠡ》 ᠭᠡᠬᠦ ᠵᠦᠢᠷ ᠦᠭᠡ ᠶ᠋ᠢ ᠰᠢᠨᠵᠢᠯᠡᠬᠦ ᠤᠬᠠᠭᠠᠨ ᠤ᠋ ᠲᠣᠮᠢᠶ᠎ᠠ ᠮᠡᠲᠦ ᠮᠥᠷᠳᠡᠯᠭᠡ ᠨᠢ ᠰᠢᠷᠡᠭᠡᠨ ᠦ᠌ ᠳᠥᠷᠪᠡᠨ ᠥᠨᠴᠥᠭ᠂ ᠳᠥᠷᠪᠡᠨ ᠲᠠᠯ᠎ᠠ᠂ ᠳᠥᠷᠪᠡᠨ ᠬᠥᠯ᠂ ᠬᠥᠯ ᠦ᠋ᠨ ᠳᠥᠷᠪᠡᠨ ᠪᠤᠯᠤᠩ ᠭᠡᠳᠡᠭ ᠲᠡᠢ ᠠᠳᠠᠯᠢ ᠮᠣᠩᠭᠣᠯ ᠵᠠᠩ ᠦᠢᠯᠡ ᠰᠡᠳᠬᠢᠯᠭᠡ ᠪᠡᠯᠭᠡᠳᠡᠯ ᠦ᠋ᠨ ᠪᠦᠬᠦ ᠬᠡᠪ ᠰᠢᠨᠵᠢ ᠭᠤᠷᠪᠠ ᠪᠣᠯᠬᠤ ᠶ᠋ᠢ ᠶᠠᠭᠰᠢᠲᠠᠯ᠎ᠠ ᠨᠣᠮᠯᠠᠭᠰᠠᠨ ᠬᠡᠷᠡᠭ᠃ ᠭᠡᠲᠡᠯ᠎ᠡ ᠣᠢᠷᠠᠳ ᠮᠣᠩᠭᠣᠯᠴᠤᠳ ᠬᠢᠭᠡᠳ ᠬᠠᠯᠢᠮᠠᠭ ᠲᠦᠮᠡᠨ《ᠨᠠᠢᠷ ᠤ᠋ᠨ ᠭᠤᠷᠪᠠᠨ ᠶᠣᠰᠣᠨ᠂ ᠨᠠᠭᠠᠳᠤᠮᠠᠷ ᠬᠣᠶᠠᠷ ᠲᠠᠯ᠎ᠠ( ᠠᠩ)》 ᠭᠡᠵᠦ ᠰᠤᠷᠭᠠᠵᠠᠢ᠃
ᠠᠯᠢᠪᠠ ᠨᠠᠭᠠᠳᠤᠭᠠᠨ ᠲᠡᠮᠡᠴᠡᠭᠡᠨ ᠬᠣᠨᠵᠢᠬᠤ᠂ ᠬᠣᠨᠵᠢᠭᠳᠠᠬᠤ ᠬᠣᠶᠠᠷ ᠲᠤᠢᠯ ᠲᠠᠢ ᠠᠳᠠᠯᠢ ᠨᠠᠢᠷ ᠲᠤ᠌ ᠲᠥᠷᠥ ᠶ᠋ᠢᠨ ᠶᠣᠰᠤᠨ᠎ᠠ ᠭᠤᠷᠪᠠᠯ ᠪᠡᠯᠭᠡ ᠬᠤᠪᠢᠷᠠᠰᠢ ᠦᠭᠡᠢ ᠪᠣᠯᠬᠤ ᠶ᠋ᠢ ᠨᠡᠩ ᠣᠨᠣᠪᠴᠢᠲᠠᠢ ᠴᠡᠴᠡᠯᠡᠭᠰᠡᠨ ᠵᠦᠢᠷ ᠪᠠᠢᠨ᠎ᠠ᠃ ᠡᠭᠦᠨ ᠲᠡᠢ ᠠᠳᠠᠯᠢ ᠡᠨᠡᠬᠦ ᠭᠦᠨ ᠤᠬᠠᠭᠠᠨ ᠢ᠋ᠶ᠋ᠠᠨ ᠪᠤᠷᠢᠶᠠᠳ ᠲᠦᠮᠡᠨ ᠣᠳᠣᠨ ᠮᠡᠲᠦ ᠴᠡᠭᠡᠵᠢᠨ ᠳ᠋ᠡᠭᠡᠨ ᠮᠥᠩᠬᠡᠯᠡᠨ ᠳᠡᠭᠡᠳᠦᠯᠡᠭᠰᠡᠨ ᠨᠢ ᠳᠡᠪᠡᠯ ᠦ᠋ᠨ ᠡᠩᠭᠡᠷ ᠲᠦ᠍ ᠲᠥᠭᠡ ᠰᠢᠬᠠᠮ ᠡᠮᠵᠢᠶᠡᠷᠢ ᠪᠠᠢᠷᠢ ᠡᠵᠡᠯᠡᠬᠦ ᠭᠤᠷᠪᠠᠯ ᠪᠡᠯᠭᠡᠳᠡᠯ ᠪᠣᠯᠤᠨ᠎ᠠ᠃ ᠭᠡᠬᠦ ᠳ᠋ᠡᠭᠡᠨ ᠡᠨᠡᠬᠦ ᠨᠣᠮ ᠳ᠋ᠤ᠌ ᠳᠤᠷᠠᠳᠤᠭᠰᠠᠨ ᠬᠡᠪ ᠶᠣᠰᠣ ᠵᠠᠩ ᠵᠠᠩᠰᠢᠯ᠂ ᠡᠰᠢᠯᠡᠭᠰᠡᠨ ᠵᠢᠱ᠌ᠢᠶ᠎ᠡ᠂ ᠰᠤᠷᠭᠠᠯ ᠪᠦᠲᠦᠭᠡᠯ᠂ ᠣᠯᠳᠠᠪᠤᠷᠢ ᠵᠡᠷᠭᠡ ᠶ᠋ᠢ ᠥᠨᠥ ᠶ᠋ᠢᠨ ᠮᠣᠩᠭᠣᠯ ᠤᠯᠤᠰ ᠤ᠋ᠨ ᠳᠤᠮᠳᠠ ᠠ᠋ᠴᠠ ᠥᠭᠡᠷᠡᠴᠢᠯᠡᠨ ᠪᠡᠳᠡᠷᠢᠵᠦ ᠡᠷᠢᠭᠰᠡᠨ ᠭᠡᠮ ᠪᠣᠢ ᠲᠤᠯᠠ ᠬᠦᠯᠢᠴᠡᠯ ᠥᠭᠰᠦ! ᠡᠷᠢᠯ ᠦ᠋ᠨ ᠡᠬᠡ ᠨᠢ ᠰᠠᠪᠠ( ᠭᠠᠳᠠᠭᠠᠳᠤ)᠂ ᠰᠢᠮ᠎ᠡ( ᠳᠣᠲᠣᠭᠠᠳᠤ)᠂ ᠣᠷᠴᠢᠯᠠᠩᠲᠤ( ᠬᠤᠪᠢᠰᠤᠭᠴᠢ) ᠭᠤᠷᠪᠠᠨ ᠶᠢᠷᠲᠢᠨᠴᠦ ᠶ᠋ᠢᠨ ᠭᠦᠨ ᠤᠬᠠᠭᠠᠨ ᠤ᠋ ᠡᠭᠦᠳᠡ ᠶ᠋ᠢ ᠨᠡᠭᠡᠭᠡᠵᠦ ᠨᠢᠭᠤᠴᠠ ᠳ᠋ᠤ᠌ ᠨᠢ ᠪᠡᠳᠡᠷᠢᠪᠡᠢ᠃ ᠬᠠᠷᠢᠨ《ᠮᠣᠩᠭᠣᠯᠴᠤᠳ ᠭᠤᠷᠪᠠ ᠶ᠋ᠢᠨ ᠲᠣᠭ᠎ᠠ ᠶ᠋ᠢ ᠡᠷᠬᠢᠮᠯᠡᠳᠡᠭ》 ᠭᠡᠰᠡᠨ ᠦᠭᠡ ᠦᠯᠡᠳᠡᠭᠰᠡᠨ ᠴᠦ᠍《ᠶᠠᠭᠠᠬᠢᠭᠠᠳ? ᠶᠠᠮᠠᠷ ᠤᠴᠢᠷ ᠠ᠋ᠴᠠ?》 ᠠᠰᠠᠭᠤᠯᠲᠠ ᠳ᠋ᠤ᠌ ᠬᠠᠷᠢᠭᠤᠯᠬᠤ ᠭᠦᠨ ᠤᠬᠠᠭᠠᠨ ᠤ᠋ ᠤᠯᠪᠠᠭ᠎ᠠ ᠡᠳᠦᠷ ᠢᠷᠡᠬᠦᠶ᠎ᠡ ᠪᠦᠳᠡᠭᠢᠷᠡᠭᠰᠡᠭᠡᠷ ᠦᠨᠳᠦᠰᠦᠨ ᠦ᠌ ᠲᠡᠳᠦᠢ ᠦᠭᠡᠢ ᠨᠡᠭᠦᠳᠡᠯᠴᠢ ᠤᠭᠰᠠᠭᠠᠲᠤ ᠨᠤᠭᠤᠳ ᠤ᠋ᠨ ᠬᠤᠪᠢ ᠳ᠋ᠤ᠌ ᠰᠣᠶᠣᠯ ᠢᠷᠭᠡᠨᠰᠢᠯ ᠦ᠋ᠨ ᠤᠳᠬ᠎ᠠ ᠤᠴᠢᠷ ᠠᠯᠳᠠᠭᠳᠠᠬᠤ ᠡᠮᠭᠡᠨᠢᠯ ᠦ᠋ᠨ ᠰᠢᠯᠲᠠᠭᠠᠨ ᠪᠣᠯᠬᠤ ᠴᠠᠭ ᠲᠤᠯᠤᠭᠰᠠᠨ ᠮᠡᠲᠦ᠁ ᠪᠢᠳᠡᠨ ᠦ᠌ ᠢᠷᠡᠭᠡᠳᠦᠢ ᠥᠴᠥᠭᠡᠳᠦᠷ ᠡᠴᠡ ᠡᠬᠢᠯᠡᠭᠰᠡᠨ ᠪᠥᠯᠥᠭᠡ᠃ ᠥᠴᠥᠭᠡᠳᠦᠷ ᠦ᠋ᠨ ᠤᠯᠠ ᠮᠥᠷ ᠤᠳᠤᠮᠰᠢᠵᠤ ᠡᠬᠢᠯᠡᠭᠰᠡᠨ ᠡᠷᠳᠡᠨᠢ ᠮᠠᠨᠢ ᠠᠷᠠᠳ ᠲᠦᠮᠡᠨ ᠦ᠌ ᠪᠣᠷᠣ ᠠᠪᠳᠠᠷ᠎ᠠ ᠪᠣᠯᠬᠤ ᠡᠭᠡᠯ ᠠᠮᠢᠳᠤᠷᠠᠯ ᠳ᠋ᠤ᠌《ᠵᠠᠩᠰᠢᠯ》 ᠨᠡᠷ᠎ᠡ ᠪᠡᠷ ᠬᠠᠳᠠᠭᠠᠯᠠᠭᠳᠠᠵᠤ ᠪᠠᠢᠨ᠎ᠠ᠃ ᠲᠡᠷᠡ ᠨᠢ ᠠᠮᠢᠨ ᠪᠡᠯᠭᠡᠳᠡᠯ ᠰᠢᠲᠦᠯᠭᠡ ᠲᠡᠢ ᠬᠣᠯᠪᠣᠭ᠎ᠠ ᠲᠠᠢ᠃ ᠠᠭᠤᠯᠠ ᠳᠠᠭᠢᠬᠤ᠂ ᠳᠡᠭᠡᠵᠢ ᠡᠷᠭᠦᠬᠦ ᠵᠡᠷᠭᠡ《ᠵᠠᠩ ᠵᠠᠩᠰᠢᠯ》᠂ ᠠᠮᠢᠳᠤᠷᠠᠯ ᠠᠬᠤᠢ ᠶ᠋ᠢᠨ ᠣᠨᠴᠠᠯᠢᠭ ᠲᠤ᠌ ᠤᠶᠠᠯᠳᠤᠭᠰᠠᠨ《ᠠᠬᠤᠢ ᠶ᠋ᠢᠨ ᠵᠠᠩᠰᠢᠯ》᠂ ᠲᠥᠷᠥ ᠬᠠᠤᠯᠢ
① ᠭᠥᠮᠢᠰ— ᠴᠠᠳᠬᠤᠯᠠᠩ ᠪᠤᠰᠤ᠂ ᠲᠡᠭᠦᠰ ᠳᠦᠭᠦᠷᠡᠩ ᠪᠤᠰᠤ
② ᠭᠣᠣᠮᠠᠢ— ᠬᠠᠭᠤᠮᠠᠭᠠᠢ᠂ ᠨᠠᠢᠳᠠᠪᠤᠷᠢ ᠦᠭᠡᠢ
ᠦᠰᠦᠭ ᠠᠮᠢᠯᠠᠭᠤᠯᠤᠭᠴᠢ᠄ ᠪᠠᠶᠠᠨᠰᠡᠷᠡᠩ᠂ ᠣᠶᠤᠨᠴᠡᠴᠡᠭ
ᠬᠢᠨᠠᠭᠴᠢ᠄ ᠣᠳᠬᠠᠨᠰᠣ᠎ᠠ᠂ ᠰᠡᠬᠡᠭᠡᠷᠡᠯ
