ᠲᠤᠯᠭ᠎ᠠ ᠶ᠋ᠢᠨ ᠭᠤᠷᠪᠠᠨ ᠴᠢᠯᠠᠭᠤ ᠪᠤᠶᠤ ᠣᠷᠣᠰᠢᠯ-ᠮᠣᠩᠭᠣᠯ ᠤ᠋ᠨ ᠭᠤᠷᠪᠠᠯ ᠣᠨᠣᠯ-ᠨᠠ᠊᠂ ᠨᠠᠭᠠᠨᠪᠤᠤМонголын гурвал онол-На,Нагаанбуу
ᠲᠤᠯᠭ᠎ᠠ ᠶ᠋ᠢᠨ ᠭᠤᠷᠪᠠᠨ ᠴᠢᠯᠠᠭᠤ ᠪᠤᠶᠤ ᠣᠷᠣᠰᠢᠯ
ᠭᠤᠷᠮᠤᠰᠤᠨ ᠰᠡᠳᠬᠢᠯᠭᠡ
ᠮᠣᠩᠭᠣᠯᠴᠤᠳ ᠤ᠋ᠨ ᠰᠡᠳᠬᠢᠯᠭᠡᠨ ᠦ᠌ ᠨᠢᠭᠡᠨ ᠥᠪᠡᠷᠮᠢᠴᠡ ᠣᠨᠴᠠᠯᠢᠭ ᠨᠢ ᠭᠤᠷᠮᠤᠰᠤᠨ ᠰᠢᠨᠵᠢ ᠶᠦᠮ᠃ ᠡᠭᠦᠨ ᠦ᠌ ᠲᠤᠬᠠᠢ ᠪᠢᠰᠢᠯᠭᠠᠨ ᠪᠣᠳᠣᠬᠤ ᠠ᠋ᠴᠠ ᠨᠡᠭᠡᠭᠡᠵᠦ ᠬᠡᠯᠡᠳᠡᠭ ᠦᠭᠡᠢ ᠤᠯᠠᠮᠵᠢᠯᠠᠯ ᠲᠠᠢ ᠪᠠᠢᠯ᠎ᠠ᠃ ᠭᠡᠪᠡᠴᠦ ᠥᠨᠥ ᠦᠶ᠎ᠡ ᠳ᠋ᠦ᠍ ᠮᠣᠩᠭᠣᠯᠴᠤᠳ ᠢ᠋ ᠲᠠᠯ᠎ᠠ ᠪᠦᠷᠢ ᠡᠴᠡ ᠨᠢ ᠳᠠᠩᠳᠠᠨ ᠰᠢᠨᠵᠢᠬᠦ ᠣᠯᠠᠨ ᠤᠯᠤᠰ ᠤ᠋ᠨ ᠬᠡᠮᠵᠢᠶᠡᠨ ᠦ᠌ ᠲᠤᠷᠬᠠᠳ ᠨᠢᠭᠡᠨᠲᠡ ᠪᠣᠢ ᠪᠣᠯᠵᠠᠢ᠃ ᠲᠡᠳᠡᠨ ᠢ᠋ ᠮᠣᠩᠭᠣᠯᠴᠢ ᠡᠷᠳᠡᠮᠲᠡᠨ ᠭᠡᠵᠦ ᠪᠢᠳᠡ ᠠᠪᠤᠭᠠᠢᠯᠠᠳᠠᠭ ᠪᠣᠯᠤᠭᠰᠠᠨ᠃ ᠪᠤᠰᠤᠳ ᠢ᠋ᠶ᠋ᠠᠷ ᠬᠡᠯᠡᠭᠦᠯᠵᠦ ᠪᠠᠢᠭᠰᠠᠨ ᠠ᠋ᠴᠠ ᠥᠪᠡᠷᠰᠡᠳ ᠢ᠋ᠶ᠋ᠡᠨ ᠶᠠᠷᠢᠵᠤ ᠪᠣᠯᠳᠠᠭ ᠦᠭᠡᠢ ᠶᠦᠮ ᠤᠤ ᠭᠡᠰᠡᠨ ᠪᠣᠳᠣᠯ ᠮᠣᠩᠭᠣᠯᠴᠤᠳ ᠤ᠋ᠨ ᠲᠣᠯᠣᠭᠠᠢ ᠳ᠋ᠤ᠌ ᠦᠶ᠎ᠡ ᠦᠶ᠎ᠡ ᠪᠠᠭᠤᠳᠠᠭ ᠪᠣᠯᠤᠯ᠎ᠠ᠃ ᠲᠡᠭᠡᠬᠦ ᠶ᠋ᠢ ᠴᠠᠭ ᠱᠠᠭᠠᠷᠳᠠᠵᠤ ᠴᠤ᠌ ᠪᠠᠢᠵᠤ ᠮᠡᠳᠡᠨ᠎ᠡ᠃
ᠠᠷᠪᠠᠨ ᠵᠢᠷᠭᠤᠭᠠᠳᠤᠭᠠᠷ ᠷᠠᠪᠵᠤᠩ ᠤ᠋ᠨ ᠭᠠᠬᠠᠢ ᠵᠢᠯ ᠡᠴᠡ ᠬᠣᠢᠰᠢ ᠮᠣᠩᠭᠣᠯᠴᠤᠳ ᠤ᠋ᠨ ᠭᠤᠷᠮᠤᠰᠤᠨ ᠰᠡᠳᠬᠢᠯᠭᠡ ᠬᠣᠢᠮᠣᠰᠣᠨ① ᠰᠢᠨᠵᠢ ᠶ᠋ᠢᠨ ᠰᠡᠳᠬᠢᠯᠭᠡ ᠪᠠᠷᠠᠭᠤᠨ ᠲᠡᠢᠰᠢ ᠨᠢ ᠲᠠᠲᠠᠬᠤ ᠪᠣᠯᠤᠭᠰᠠᠨ᠃ ᠭᠠᠭᠴᠠᠬᠠᠨ ᠵᠢᠷᠠᠨ ᠥᠩᠭᠡᠷᠡᠬᠦ ᠳ᠋ᠦ᠍ ᠭᠤᠷᠮᠤᠰᠤᠨ ᠰᠦᠯᠵᠢᠶ᠎ᠡ ᠲᠡᠢ ᠳᠣᠲᠣᠭᠠᠳᠤ ᠡᠷᠴᠢ ᠮᠠᠨᠢ ᠬᠣᠢᠮᠣᠰᠣᠨ ᠢ᠋ᠶ᠋ᠠᠷ ᠰᠣᠯᠢᠭᠳᠠᠨ ᠠᠯᠳᠠᠷᠠᠬᠤ ᠠᠶᠠᠰ ᠢᠯᠡᠷᠬᠡᠢ ᠪᠣᠯᠵᠤ ᠡᠬᠢᠯᠡᠵᠡᠢ᠃ ᠶᠠᠭᠤᠮ᠎ᠠ ᠪᠣᠳᠣᠳᠠᠭ ᠮᠣᠩᠭᠣᠯᠴᠤᠳ ᠰᠡᠳᠬᠢᠯ ᠦ᠋ᠨ ᠡᠷᠴᠢᠯᠡᠭᠡᠰᠦ ᠰᠠᠷᠨᠢᠨ ᠰᠤᠯᠠᠷᠠᠬᠤ ᠪᠣᠢ ᠭᠡᠳᠡᠭ ᠲᠤ ᠰᠠᠨᠠᠭ᠎ᠠ ᠲᠠᠯᠪᠢᠬᠤ ᠬᠥᠮᠦᠨ ᠪᠠᠰᠠ ᠴᠤ᠌ ᠪᠠᠢᠭ᠎ᠠ ᠶ᠋ᠢᠨ ᠨᠢᠭᠡ ᠨᠢ ᠡᠨᠡ ᠬᠦ᠌ ᠨᠣᠮ ᠢ᠋ ᠵᠣᠬᠢᠶᠠᠭᠴᠢ ᠪᠥᠭᠡᠳ ᠲᠣᠯᠢᠯᠠᠭᠤᠯᠤᠨ ᠪᠣᠢ ᠨᠣᠮ ᠳ᠋ᠠᠭᠠᠨ ᠮᠣᠩᠭᠣᠯ ᠤ᠋ᠨ ᠭᠤᠷᠮᠤᠰᠤᠨ ᠰᠡᠳᠬᠢᠯᠲᠡᠨ ᠦ᠌ ᠣᠨᠴᠠᠯᠢᠭ ᠢ᠋ ᠥᠪᠡᠷᠮᠢᠴᠡ ᠬᠡᠯᠪᠡᠷᠢ ᠪᠡᠷ ᠳᠡᠯᠭᠡᠨ ᠥᠭᠦᠯᠡᠵᠦ ᠪᠠᠢᠨ᠎ᠠ᠃
ᠭᠤᠷᠮᠤᠰᠤᠨ ᠮᠣᠩᠭᠣᠯ ᠰᠡᠳᠬᠢᠯᠭᠡᠨ ᠦ᠌ ᠡᠩ ᠦ᠋ᠨ ᠦᠷ᠎ᠡ ᠳ᠋ᠦᠩ ᠪᠣᠯᠤᠭᠰᠠᠨ ᠶᠡᠷᠦ ᠶ᠋ᠢᠨ ᠨᠢᠭᠡᠨ ᠴᠢᠳᠥᠷ ᠢ᠋ ᠠᠪᠤᠭᠠᠳ ᠦᠵᠡᠶ᠎ᠡ᠃ ᠮᠠᠯᠴᠢᠳ ᠤ᠋ᠨ ᠠᠬᠤᠢ ᠶ᠋ᠢᠨ ᠡᠳᠦᠷ ᠳᠣᠳᠣᠮ ᠤ᠋ᠨ ᠬᠡᠷᠡᠭᠴᠡᠭᠡᠲᠦ ᠲᠣᠨᠣᠭ ᠲᠥᠬᠥᠭᠡᠷᠦᠮᠵᠢ ᠶ᠋ᠢᠨ ᠨᠢᠭᠡ ᠪᠣᠯᠤᠭᠰᠠᠨ ᠡᠨᠡ ᠬᠦ᠌ ᠴᠢᠳᠥᠷ ᠪᠣᠯ ᠮᠣᠷᠢ ᠤᠨᠤᠭ᠎ᠠ ᠪᠠᠨ ᠠᠳᠤᠭᠤᠯᠠᠬᠤ ᠳ᠋ᠤ᠌ ᠬᠠᠮᠤᠭ ᠠ᠋ᠴᠠ ᠴᠢᠬᠤᠯᠠ᠃ ᠬᠠᠷᠢᠨ ᠠᠳᠤᠭᠤᠨ ᠠ᠋ᠴᠠ ᠪᠤᠰᠤᠳ ᠮᠠᠯ ᠢ᠋ ᠬᠡᠴᠢᠨᠡᠭᠡᠨ ᠬᠦᠴᠦ ᠲᠡᠩᠬᠡᠭᠡ ᠲᠡᠢ᠂ ᠲᠣᠮᠣ ᠪᠡᠶ᠎ᠡ ᠲᠡᠢ(ᠦᠬᠡᠷ᠂ ᠲᠡᠮᠡᠭᠡ) ᠪᠠᠢᠭᠰᠠᠨ ᠴᠢᠭ ᠮᠣᠩᠭᠣᠯ ᠬᠥᠮᠦᠨ ᠴᠢᠳᠥᠷᠯᠡᠳᠡᠭ ᠦᠭᠡᠢ ᠶᠦᠮ᠃ ᠠᠳᠤᠭᠤᠨ ᠳ᠋ᠤ᠌ ᠬᠡᠷᠡᠭᠯᠡᠳᠡᠭ ᠴᠢᠳᠥᠷ ᠪᠣᠯ ᠶᠡᠷᠦ ᠳ᠋ᠡᠭᠡᠨ ᠯᠡ ᠬᠣᠶᠠᠷ ᠬᠠ᠂ ᠨᠢᠭᠡ ᠰᠤᠮᠤᠨ ᠠ᠋ᠴᠠ ᠪᠦᠷᠢᠳᠦᠭᠰᠡᠨ ᠭᠤᠷᠪᠠᠯ ᠵᠠᠩᠭᠢᠯᠠᠭ᠎ᠠ ᠤᠷᠲᠤ ᠬᠣᠶᠠᠷ ᠬᠥᠯ ᠳ᠋ᠦ᠍ ᠨᠢᠭᠡ ᠨᠢᠭᠡ ᠡᠴᠡ ᠨᠢ ᠬᠣᠢᠲᠤ ᠵᠥᠪ ᠲᠠᠯ᠎ᠠ ᠶ᠋ᠢᠨ ᠬᠥᠯ ᠳ᠋ᠦ᠍ ᠨᠢ ᠲᠠᠭᠠᠷᠠᠬᠤ ᠪᠠᠷ ᠪᠠᠢᠬᠤ ᠳ᠋ᠤ᠌ ᠶᠠᠮᠠᠷ ᠴᠤ᠌ ᠮᠣᠷᠢ ᠬᠣᠯᠠ ᠶᠠᠪᠤᠬᠤ ᠦᠭᠡᠢ᠂ ᠪᠡᠶ᠎ᠡ ᠳ᠋ᠦ᠍ ᠵᠣᠪᠠᠭᠠᠬᠤ ᠦᠭᠡᠢ᠂ ᠥᠯ ᠴᠤ᠌ ᠠᠯᠳᠠᠬᠤ ᠦᠭᠡᠢ᠃ ᠳᠥᠷᠪᠡᠨ ᠬᠥᠯ ᠳ᠋ᠦ᠍ ᠨᠢ ᠪᠢᠰᠢ ᠭᠤᠷᠪᠠᠨ ᠬᠥᠯ ᠳ᠋ᠦ᠍ ᠨᠢ ᠴᠢᠳᠥᠷ ᠬᠢᠭᠰᠡᠨ ᠨᠢ ᠶᠡᠷᠦ ᠶ᠋ᠢᠨ ᠶᠦᠮ ᠰᠢᠭ ᠰᠠᠨᠠᠭᠳᠠᠵᠤ ᠪᠣᠯᠬᠤ ᠪᠣᠯᠪᠠᠴᠤ ᠴᠣᠬᠣᠮ ᠴᠢᠳᠥᠷ ᠲᠤ ᠯᠡ ᠮᠣᠩᠭᠣᠯ ᠤ᠋ᠨ ᠭᠤᠷᠮᠤᠰᠤᠨ ᠢᠯᠡᠷᠡᠳᠡᠭ ᠠᠵᠢ᠃ ᠰᠣᠩᠭᠣᠳᠠᠭ ᠮᠣᠩᠭᠣᠯ ᠬᠢᠴᠡ ᠶ᠋ᠢᠨ ᠴᠢᠳᠥᠷ ᠪᠣᠯ ᠬᠣᠶᠠᠷ ᠬᠠ ᠶ᠋ᠢᠨ ᠨᠢᠭᠡ ᠨᠥᠭᠦᠭᠡ ᠡᠴᠡ ᠪᠡᠨ ᠠᠷᠠᠢ ᠪᠣᠭᠣᠨᠢᠬᠠᠨ ᠪᠠᠢᠳᠠᠭ᠃ ᠶᠠᠭᠠᠬᠢᠭᠠᠳ ᠭᠡᠳᠡᠭ ᠢ᠋ ᠨᠢ ᠪᠣᠳᠣᠬᠤ ᠪᠠᠢᠲᠤᠭᠠᠢ ᠤᠷᠲᠤ ᠪᠣᠭᠣᠨᠢ ᠪᠠᠢᠭ᠎ᠠ ᠶ᠋ᠢᠨ ᠤᠴᠢᠷ ᠢ᠋ ᠣᠳᠣ ᠮᠡᠳᠡᠬᠦ ᠬᠥᠮᠦᠨ ᠡᠯᠪᠡᠭ ᠪᠢᠰᠢ᠂ ᠬᠠᠷᠢᠨ ᠴᠤ᠌ ᠲᠡᠢᠮᠦ ᠪᠠᠢᠪᠠᠯ ᠪᠤᠷᠤᠭᠤ ᠬᠢᠵᠦ ᠭᠡᠵᠦ ᠴᠡᠴᠡᠷᠬᠡᠬᠦ ᠬᠥᠮᠦᠨ ᠭᠠᠷᠬᠤ ᠪᠣᠢ ᠢ᠎ᠠ᠃ ᠲᠡᠭᠡᠪᠡᠯ ᠴᠣᠬᠣᠮ ᠡᠭᠦᠨ ᠳ᠋ᠦ᠍ ᠯᠡ ᠨᠢᠭᠤᠴᠠ ᠨᠢ ᠰᠢᠩᠭᠡᠭᠡᠰᠦ ᠲᠡᠢ ᠪᠣᠯᠠᠢ᠃ ᠶᠠᠭᠤ ᠭᠡᠪᠡᠯ ᠰᠡᠭᠦᠯ ᠦ᠋ᠨ ᠦᠶ᠎ᠡ ᠳ᠋ᠦ᠍ ᠥᠷᠥᠨᠡᠲᠦ ᠶ᠋ᠢᠨ ᠡᠷᠳᠡᠮᠲᠡᠨ ᠹᠷᠠᠺᠲ᠋ᠠᠯ ᠪᠦᠲᠦᠴᠡ᠂XAOC ᠪᠠᠢᠳᠠᠯ ᠭᠡᠳᠡᠭ ᠣᠨᠣᠯ ᠶᠡᠬᠡ ᠶᠠᠷᠢᠳᠠᠭ ᠪᠣᠯᠤᠭᠰᠠᠨ᠃ ᠪᠠᠷᠵᠠᠭᠠᠷ ᠪᠦᠲᠦᠴᠡ᠂ ᠵᠠᠮᠪᠠᠷᠠᠭ᠎ᠠ ᠦᠭᠡᠢ ᠪᠠᠢᠳᠠᠯ ᠭᠡᠵᠦ ᠬᠠᠷ᠎ᠠ ᠦᠭᠡ ᠪᠡᠷ ᠡᠭᠦᠨ ᠢ᠋ ᠲᠠᠢᠯᠪᠤᠷᠢᠯᠠᠵᠤ ᠪᠣᠯᠬᠤ ᠮᠡᠲᠦ᠃ ᠳᠣᠪᠣᠨ ᠳᠡᠭᠡᠷ᠎ᠡ ᠡᠴᠡ ᠬᠠᠷᠠᠬᠤ ᠳ᠋ᠤ᠌ ᠵᠠᠮᠪᠠᠷᠠᠭ᠎ᠠ ᠦᠭᠡᠢ ᠶᠠᠭᠤᠮ᠎ᠠ ᠠᠭᠤᠯᠠᠨ ᠳᠡᠭᠡᠷ᠎ᠡ ᠡᠴᠡ ᠵᠠᠮᠪᠠᠷᠠᠭ᠎ᠠ ᠲᠠᠢ ᠬᠠᠷᠠᠭᠳᠠᠳᠠᠭ ᠠᠵᠠᠢ᠃ ᠲᠡᠭᠡᠪᠡᠯ ᠠᠳᠤᠭᠤᠨ ᠤ᠋ ᠴᠢᠳᠥᠷ ᠡᠭᠦᠨ ᠳ᠋ᠦ᠍ ᠣᠭᠲᠣᠬᠠᠨ ᠴᠤ᠌ ᠬᠠᠮᠢᠶ᠎ᠠ ᠦᠭᠡᠢ᠃ ᠮᠣᠩᠭᠣᠯ ᠮᠠᠯᠴᠢᠨ ᠤ᠋ ᠪᠣᠳᠣᠵᠤ ᠣᠯᠤᠭᠰᠠᠨ ᠲᠡᠷᠡᠬᠦ ᠶᠡᠷᠦ ᠶ᠋ᠢᠨ ᠨᠢᠭᠡᠨ ᠴᠢᠳᠥᠷ ᠨᠢ ᠥᠨᠥᠬᠢ ᠹᠷᠠᠺᠲ᠋ᠠᠯ ᠪᠦᠲᠦᠴᠡ ᠶ᠋ᠢᠨ ᠬᠠᠤᠯᠢ ᠪᠠᠷ ᠲᠣᠭᠠᠴᠠᠭᠰᠠᠨ ᠵᠦᠢᠯ ᠠᠵᠠᠢ᠃ ᠠᠷᠭᠤᠮᠠᠭ ᠬᠦᠴᠦᠲᠦ ᠳᠣᠭᠰᠢᠨ ᠠᠳᠤᠭᠤᠨ(ᠮᠣᠲ᠋ᠣᠷ ᠤ᠋ᠨ ᠬᠦᠴᠦᠨ ᠦ᠌ ᠨᠢᠭᠡᠴᠢ ᠪᠣᠯᠤᠭᠰᠠᠨ) ᠤ᠋ ᠲᠡᠷᠡ ᠶᠡᠬᠡ ᠬᠦᠴᠦ ᠶ᠋ᠢ ᠰᠠᠷᠨᠢᠭᠤᠯᠵᠤ ᠹᠷᠠᠺᠲ᠋ᠠᠯ ᠳ᠋ᠤ᠌ ᠣᠷᠣᠭᠤᠯᠬᠤ ᠶ᠋ᠢᠨ ᠲᠤᠯᠠᠳᠠ ᠴᠢᠳᠥᠷ ᠦ᠋ᠨ ᠬᠣᠶᠠᠷ ᠬᠠ ᠶ᠋ᠢᠨ ᠨᠢᠭᠡ ᠬᠥᠬᠥᠯ ᠢ᠋ ᠨᠥᠭᠦᠭᠡ ᠡᠴᠡ ᠨᠢ ᠦᠯᠦ ᠶᠠᠯᠢᠬᠤ ᠪᠣᠭᠣᠨᠢ ᠬᠢᠳᠡᠭ ᠪᠠᠢᠨ᠎ᠠ᠃ ᠬᠡᠷᠪᠡ ᠬᠣᠶᠠᠷ ᠬᠠ ᠶ᠋ᠢ ᠲᠡᠩᠴᠡᠭᠦᠦ ᠬᠢᠴᠢᠬᠡᠪᠡᠯ ᠲᠡᠢᠮᠦ ᠴᠢᠳᠥᠷ ᠢ᠋ ᠶᠠᠮᠠᠷ ᠴᠤ᠌ ᠠᠳᠤᠭᠤ ᠶᠡᠷᠦ ᠨᠢ ᠲᠡᠰᠬᠡᠳᠡᠭ ᠦᠭᠡᠢ ᠭᠡᠳᠡᠭ᠃ ᠮᠣᠩᠭᠣᠯ ᠤ᠋ᠨ ᠭᠤᠷᠮᠤᠰᠤᠨ ᠰᠡᠳᠬᠢᠯᠭᠡ ᠭᠡᠳᠡᠭ ᠭᠦᠨᠵᠡᠭᠡᠢ ᠮᠥᠷᠳᠡᠯ᠎ᠡ ᠪᠡᠨ ᠬᠡᠨ ᠴᠦ᠍ ᠲᠣᠭᠣᠮᠠᠷ ᠦᠭᠡᠢ ᠡᠩ ᠦ᠋ᠨ ᠠᠪᠠᠢ᠃ ᠡᠢᠮᠦ ᠯᠡ ᠦᠯᠦ ᠠᠵᠢᠭᠯᠠᠭᠳᠠᠬᠤ ᠨᠢᠭᠤᠴᠠ ᠶ᠋ᠢ ᠴᠢᠳᠥᠷ ᠡᠴᠡ ᠡᠬᠢᠯᠡᠭᠡᠳ ᠮᠣᠩᠭᠣᠯ ᠠᠬᠤᠢ ᠳ᠋ᠤ᠌ ᠲᠣᠭᠠᠯᠠᠵᠤ ᠪᠠᠷᠠᠰᠢ ᠦᠭᠡᠢ ᠣᠯᠠᠨ ᠢ᠋ ᠨᠡᠷᠡᠯᠡᠵᠦ ᠪᠣᠯᠤᠨ᠎ᠠ᠃ ᠡᠭᠦᠨ ᠢ᠋ ᠥᠨᠥ ᠬᠢᠷᠢ ᠮᠣᠩᠭᠣᠯ ᠰᠤᠳᠤᠯᠤᠯ ᠠᠩᠵᠠᠭᠠᠷᠠᠵᠤ ᠦᠵᠡᠭᠡ ᠦᠭᠡᠢ ᠪᠠᠢᠭ᠎ᠠ ᠪᠢᠯᠡ᠃ ᠲᠡᠢᠮᠦ ᠡᠴᠡ ᠴᠦ᠍ ᠮᠣᠩᠭᠣᠯ ᠰᠤᠳᠤᠯᠤᠯ ᠭᠦᠢᠬᠡᠨ ᠪᠠᠢᠭ᠎ᠠ ᠶᠤᠮ᠃ ᠭᠦᠨ ᠳ᠋ᠦ᠍ ᠨᠢ ᠣᠷᠣᠬᠤ ᠠᠯᠬᠤᠮ ᠬᠢᠬᠦ ᠶᠦᠮ ᠪᠣᠯ ᠪᠣᠷᠣ ᠭᠡᠷ ᠲᠡᠢ ᠠᠢᠯ ᠢ᠋ ᠶᠠᠳᠠᠭᠤ ᠭᠡᠵᠦ᠂ ᠴᠠᠭᠠᠨ ᠪᠦᠷᠢᠶᠡᠰᠦ ᠲᠡᠢ ᠠᠢᠯ ᠢ᠋ ᠪᠠᠶᠠᠨ ᠭᠡᠵᠦ ᠭᠠᠳᠠᠨ᠎ᠠ ᠠ᠋ᠴᠠ ᠨᠢ ᠥᠩᠭᠡᠴᠡ ᠳ᠋ᠡᠭᠡᠨ ᠪᠡᠶᠡᠰᠴᠦ ᠬᠡᠯᠪᠡᠷᠢᠳᠡᠳᠡᠭ ᠰᠡᠳᠬᠢᠯᠭᠡ ᠬᠢᠮᠤᠷᠠᠵᠤ ᠡᠬᠢᠯᠡᠨ᠎ᠡ᠃ ᠪᠣᠷᠣ ᠭᠡᠷ ᠲᠡᠭᠡᠨ ᠪᠣᠭᠳᠠ᠂ ᠲᠠᠬᠠᠨ ᠳᠣᠣᠷ᠎ᠠ ᠡᠷ᠎ᠡ ᠭᠡᠳᠡᠭ ᠦᠭᠡ ᠶ᠋ᠢᠨ ᠭᠦᠨ ᠤᠳᠬ᠎ᠠ ᠪᠠᠷ ᠶᠠᠪᠤᠭᠴᠢ ᠲᠡᠷᠡ ᠬᠥᠮᠦᠨ ᠮᠠᠯᠴᠢᠨ ᠤ᠋ ᠪᠣᠷᠣ ᠭᠡᠷ ᠡᠴᠡ ᠮᠡᠷᠭᠡᠳ ᠭᠠᠷᠬᠤ ᠶ᠋ᠢᠨ ᠣᠷᠣᠨ ᠢ᠋ ᠣᠯᠤᠨ᠎ᠠ᠃
ᠵᠣᠬᠢᠶᠠᠯᠴᠢ᠂ ᠰᠡᠳᠬᠦᠯᠴᠢ ᠨᠠ᠊᠂ ᠨᠠᠭᠠᠨᠪᠤᠤ ᠲᠡᠷᠡ ᠵᠠᠮ ᠢ᠋ᠶ᠋ᠠᠷ ᠣᠷᠣᠵᠤ ᠮᠣᠩᠭᠣᠯ ᠤ᠋ᠨ ᠭᠤᠷᠮᠤᠰᠤᠨ ᠰᠡᠳᠬᠢᠯᠭᠡᠨ ᠦ᠌ ᠡᠷᠦᠬᠡ ᠶ᠋ᠢ ᠲᠠᠲᠠᠵᠤ᠂ ᠶᠢᠰᠦᠨ ᠵᠢᠰᠦ ᠪᠡᠷ ᠨᠢ ᠭᠤᠷᠪᠠᠨ ᠪᠦᠯᠦᠭ ᠲᠤ ᠬᠤᠪᠢᠶᠠᠨ᠂ ᠬᠡᠰᠡᠭ ᠪᠣᠯᠭᠠᠨ ᠳ᠋ᠤᠨᠢ ᠶᠠᠮᠠᠷ ᠨᠢᠭᠡᠨ ᠰᠢᠨ᠎ᠡ ᠦᠭᠡ᠂ ᠥᠪᠡᠷᠮᠢᠴᠡ ᠮᠡᠳᠡᠭᠡᠯᠡᠯ ᠠᠭᠤᠯᠤᠭᠰᠠᠨ ᠨᠣᠮ ᠪᠢᠴᠢᠵᠡᠢ᠃ ᠲᠡᠭᠦᠨ ᠦ᠌ ᠳᠡᠪᠰᠢᠭᠦᠯᠵᠦ ᠪᠠᠢᠭ᠎ᠠ ᠰᠠᠨᠠᠭ᠎ᠠ ᠨᠤᠭᠤᠳ ᠬᠡᠨ ᠨᠢᠭᠡᠨ ᠦ᠌ ᠲᠠᠭᠠᠯᠠᠯ ᠳ᠋ᠤ᠌ ᠨᠡᠢᠯᠡᠬᠦ ᠴᠦ᠍ ᠪᠣᠢ᠂ ᠦᠯᠦ ᠨᠡᠢᠯᠡᠬᠦ ᠴᠦ᠍ ᠪᠣᠢ᠂ ᠭᠠᠭᠴᠠ ᠪᠠᠷ ᠢ᠋ᠶ᠋ᠠᠨ ᠭᠠᠯᠯᠢᠯᠸᠢ ᠵᠥᠪ ᠢ᠋ᠶ᠋ᠡᠨ ᠮᠡᠳᠡᠭᠡᠳ ᠪᠠᠢᠬᠤ ᠳ᠋ᠤ᠌ ᠪᠤᠰᠤᠳ ᠣᠯᠠᠩᠬᠢ ᠲᠡᠭᠦᠨ ᠳ᠋ᠦ᠍ ᠢᠲᠡᠭᠡᠬᠦ ᠦᠭᠡᠢ ᠶᠠᠳᠠᠭᠠᠳ ᠠᠷᠭ᠎ᠠ ᠪᠤᠶᠤ ᠲᠡᠳᠡᠨ ᠦ᠌ ᠬᠢ ᠶ᠋ᠢ ᠵᠥᠪᠰᠢᠶᠡᠷᠡᠭᠡᠳ ᠭᠠᠷᠬᠤ ᠳ᠋ᠠᠭᠠᠨ《ᠲᠡᠭᠡᠯ᠎ᠡ ᠴᠤ᠌ ᠭᠡᠰᠡᠨ ᠲᠡᠷᠡ ᠡᠷᠭᠢᠯᠳᠦᠳᠡᠭ ᠯᠡ ᠶᠦᠮ ᠳᠡ》 ᠭᠡᠰᠡᠨ ᠰᠢᠪᠡᠭᠡᠨᠡᠭᠰᠡᠨ1633 ᠣᠨ ᠠ᠋ᠴᠠ ᠬᠣᠢᠰᠢ366 ᠵᠢᠯ ᠦ᠋ᠨ ᠨᠢᠭᠤᠷ ᠦᠵᠡᠯ᠎ᠡ᠃ ᠬᠥᠮᠦᠨ ᠭᠡᠳᠡᠭ!ᠭᠠᠭᠴᠠᠭᠠᠷᠳᠠᠭᠰᠠᠨ ᠭᠠᠯᠯᠢᠯᠸᠢ ᠵᠥᠪᠳᠡᠵᠦ᠂ᠭᠠᠭᠴᠠᠭᠠᠷᠳᠠᠭᠤᠯᠤᠭᠰᠠᠨ ᠣᠯᠠᠩᠬᠢ ᠴᠥᠮ ᠢ᠋ᠶ᠋ᠡᠷ ᠢ᠋ᠶ᠋ᠡᠨ ᠪᠤᠷᠤᠭᠤᠳᠠᠯᠠ᠃
ᠮᠣᠩᠭᠣᠯᠴᠤᠳ ᠤ᠋ᠨ ᠦᠨᠳᠦᠰᠦᠲᠡᠨ ᠦ᠌ ᠪᠡᠨ ᠨᠡᠷ᠎ᠡ ᠶ᠋ᠢ ᠬᠦᠷᠲᠡᠯ᠎ᠡ ᠶᠠᠮᠠᠷ ᠤᠴᠢᠷ ᠲᠠᠢ ᠶ᠋ᠢ ᠨᠢ ᠨᠢᠭᠡ ᠶᠡᠬᠡ ᠲᠠᠢᠯᠤᠩᠨᠠᠨ ᠶᠠᠷᠢᠬᠤ ᠦᠭᠡᠢ ᠮᠡᠳᠡᠨ ᠪᠤᠳᠤᠯᠢᠵᠠᠭᠠᠵᠤ ᠪᠠᠢᠭ᠎ᠠ ᠰᠢᠭ᠋ ᠢ᠋ᠶ᠋ᠡᠷ ᠡᠪᠦᠭᠡ ᠳᠡᠭᠡᠳᠦᠰ ᠢ᠋ᠶ᠋ᠡᠨ ᠬᠠᠮᠢᠭ᠎ᠠ ᠪᠤᠩᠬᠤᠯᠠᠭᠰᠠᠨ ᠢ᠋ᠶ᠋ᠠᠨ ᠴᠤ᠌ ᠮᠡᠳᠡᠳᠡᠭ ᠦᠭᠡᠢ ᠮᠤᠩᠭᠠᠨᠢᠳᠠᠭ ᠮᠠᠩᠬᠤᠤ ᠶ᠋ᠢᠨ ᠬᠢ ᠤᠤ᠂ ᠭᠤᠷᠮᠤᠰᠤᠨ ᠰᠡᠳᠬᠢᠯᠭᠡᠨ ᠦ᠌ ᠬᠢ ᠤᠤ ᠭᠡᠳᠡᠭ ᠢ᠋ ᠪᠤᠳᠤᠭᠤᠰᠢᠲᠠᠢ ᠯᠠ ᠨᠢᠭᠡ ᠹᠸᠨᠣᠮᠸᠠ!
《ᠤᠴᠢᠷ ᠲᠠᠢ ᠭᠤᠷᠪᠠᠨ ᠲᠣᠯᠣᠭᠠᠢ》 ᠳᠠᠭᠤᠯᠠᠯᠲᠤ ᠵᠦᠴᠦᠭᠡ ᠪᠡᠷ ᠮᠣᠩᠭᠣᠯ ᠤ᠋ᠨ ᠭᠤᠷᠮᠤᠰᠤᠨ ᠰᠡᠳᠬᠢᠯᠭᠡ ᠳᠠᠭᠤᠰᠪᠤᠷᠢ ᠪᠣᠯᠤᠭ᠎ᠠ ᠦᠭᠡᠢ ᠭᠡᠳᠡᠭ ᠢ᠋ ᠨᠤᠲᠠᠯᠠᠬᠤ ᠦᠭᠡ ᠶ᠋ᠢ ᠡᠨᠡ ᠨᠣᠮ ᠠ᠋ᠴᠠ ᠣᠯᠬᠤ ᠴᠤ᠌ ᠪᠠᠢᠵᠤ ᠮᠡᠳᠡᠬᠦ ᠪᠥᠭᠡᠳ ᠶᠠᠮᠠᠷ ᠴᠤ᠌ ᠭᠡᠰᠡᠨ《ᠴᠠᠭ ᠤ᠋ᠨ ᠵᠠᠮ ᠢ᠋ ᠲᠣᠳᠣᠷᠠᠭᠤᠯᠤᠭᠴᠢ ᠴᠠᠭᠠᠰᠤᠨ ᠰᠢᠪᠠᠭᠤᠨ ᠤ᠋ ᠦᠯᠢᠭᠡᠷ》 ᠮᠠᠨᠢ ᠭᠡᠭᠡᠭᠳᠡᠬᠦ ᠦᠭᠡᠢ ᠦᠷᠭᠦᠯᠵᠢᠯᠡᠨ᠎ᠡ! ᠡᠭᠦᠨ ᠳ᠋ᠦ᠍ ᠨᠠ᠊᠂ ᠨᠠᠭᠠᠨᠪᠤᠤ ᠶ᠋ᠢᠨ ᠨᠢᠭᠤᠴᠠ ᠪᠣᠢ᠁
ᠳ᠋ᠣᠺᠲ᠋ᠣᠷ ᠯ᠊᠂ ᠲᠦᠳᠦᠪ
① ᠬᠣᠢᠮᠣᠰᠣᠨ— ᠬᠠᠮᠲᠤᠷᠠᠭᠰᠠᠨ(ᠪᠠᠭᠤᠯᠭᠠᠭᠴᠢ)
《ᠭᠤᠷᠪᠠᠯ ᠤ᠋ᠨ ᠣᠨᠣᠯ》 ᠨᠣᠮ ᠤ᠋ᠨ ᠲᠤᠬᠠᠢ
ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠰᠣᠶᠣᠯ᠂ ᠪᠡᠯᠭᠡᠳᠡᠯ ᠵᠦᠢ ᠶ᠋ᠢᠨ ᠲᠤᠬᠠᠢ ᠳ᠋ᠤ᠌ ᠰᠤᠷᠴᠤ ᠰᠤᠳᠤᠯᠬᠤ ᠵᠦᠢᠯ ᠠᠷᠪᠢᠨ ᠪᠠᠢᠭ᠎ᠠ ᠶ᠋ᠢ ᠦᠯᠦ ᠥᠭᠦᠯᠡᠨ ᠥᠭᠦᠯᠡᠬᠦ ᠨᠢ᠄
ᠡᠪᠦᠭᠡ ᠮᠣᠩᠭᠣᠯᠴᠤᠳ ᠤ᠋ᠨ ᠦᠶ᠎ᠡ ᠡᠴᠡ ᠡᠬᠡ ᠠᠪᠤᠭᠰᠠᠨ ᠲᠥᠪ ᠠᠴᠢ ᠶ᠋ᠢᠨ ᠥᠪᠡᠷᠮᠢᠴᠡ ᠰᠣᠶᠣᠯ ᠤ᠋ᠨ ᠤᠷᠤᠰᠬᠠᠯ ᠪᠣᠯᠤᠨ ᠦᠶ᠎ᠡ ᠵᠠᠭᠤᠨ ᠢ᠋ ᠡᠯᠡᠭᠡᠨ ᠪᠢᠳᠡᠨ ᠦ᠌ ᠦᠶ᠎ᠡ ᠳ᠋ᠦ᠍ ᠥᠷᠲᠡᠭᠡᠯᠡᠨ ᠬᠦᠷᠴᠦ ᠢᠷᠡᠭᠰᠡᠨ ᠠᠭᠠᠳ《ᠳᠡᠭᠡᠷ᠎ᠡ ᠮᠥᠩᠬᠡ ᠲᠩᠷᠢ᠂ ᠳᠣᠣᠷ᠎ᠠ ᠡᠲᠦᠭᠡᠨ ᠡᠬᠡ᠂ ᠳᠤᠮᠳᠠ ᠬᠥᠮᠦᠨ》 ᠦ᠌ ᠭᠤᠷᠪᠠᠨ ᠶᠢᠷᠲᠢᠨᠴᠦ ᠶ᠋ᠢ ᠲᠥᠰᠦᠭᠡᠯᠡᠬᠦ ᠡᠴᠡ ᠡᠬᠢᠯᠡᠨ《ᠭᠤᠷᠪᠠᠯ ᠣᠨᠣᠯ ᠶᠢᠷᠲᠢᠨᠴᠦ》 ᠬᠡᠮᠡᠭᠰᠡᠨ ᠳᠣᠮᠣᠭ ᠵᠦᠢ᠂ ᠪᠥᠬᠡ ᠮᠥᠷᠭᠥᠯ᠂ ᠲᠩᠷᠢ ᠰᠢᠲᠦᠯᠭᠡ᠂ ᠲᠤᠤᠯᠢᠰ᠂ ᠠᠷᠠᠳ ᠤ᠋ᠨ ᠪᠢᠯᠢᠭ ᠦ᠋ᠨ ᠪᠦᠬᠦᠯᠢ ᠯᠡ ᠰᠠᠯᠪᠤᠷᠢ ᠶ᠋ᠢ ᠨᠢᠭᠡᠨ ᠨᠡᠪᠲᠡᠷᠬᠡᠢ ᠦᠵᠡᠯ ᠰᠠᠨᠠᠭ᠎ᠠ ᠨᠣᠶᠠᠯᠠᠭᠰᠠᠭᠠᠷ ᠢᠷᠡᠭᠰᠡᠨ ᠪᠢᠯᠡ᠃
ᠡᠭᠦᠨ ᠢ᠋ ᠵᠣᠬᠢᠶᠠᠯᠴᠢ ᠨᠥᠬᠥᠷ ᠪᠡᠰᠦᠲᠡᠢ ᠨᠠ᠊᠂ ᠨᠠᠭᠠᠨᠪᠤᠤ ᠪᠠᠷ ᠭᠢᠷᠠᠬᠠᠢ ᠠᠵᠢᠭᠯᠠᠨ ᠦᠨᠳᠦᠰᠦ ᠶ᠋ᠢ ᠨᠢ ᠡᠷᠢᠵᠦ ᠡᠰᠡᠭᠡ— ᠳᠠᠭᠤᠷᠢᠶᠠᠯ ᠮᠠᠶᠢᠭ ᠤ᠋ᠨ ᠵᠣᠬᠢᠶᠠᠯ ᠪᠢᠴᠢᠨ ᠤᠩᠰᠢᠭᠴᠢ ᠣᠯᠠᠨ᠎ᠠ ᠡᠷᠭᠦᠨ ᠪᠣᠢ ᠨᠢ ᠴᠣᠬᠣᠮ ᠮᠣᠩᠭᠣᠯ ᠬᠥᠮᠦᠨ ᠦ᠌ ᠪᠡᠯᠭᠡᠴᠢ ᠵᠠᠩ ᠰᠡᠳᠬᠢᠯᠭᠡᠨ ᠦ᠌ ᠶᠣᠰᠣ ᠪᠠᠷ ᠴᠠᠭ ᠢ᠋ᠶ᠋ᠠᠨ᠂ ᠣᠯᠤᠭᠰᠠᠨ ᠭᠡᠯᠲᠡᠢ᠃ ᠤᠴᠢᠷ ᠶᠠᠭᠤᠨ ᠬᠡᠮᠡᠪᠡᠰᠦ ᠡᠨᠡᠬᠦ1999 ᠣᠨ ᠪᠣᠯᠪᠠᠯ ᠬᠣᠶᠠᠷ ᠮᠢᠩᠭᠠᠨ᠂ ᠬᠣᠶᠠᠷ ᠵᠠᠭᠤᠨ ᠤ᠋ ᠵᠠᠭᠠᠭ ᠬᠢᠭᠡᠳ ᠬᠥᠮᠦᠨ ᠲᠥᠷᠥᠯᠬᠢᠲᠡᠨ ᠳ᠋ᠦ᠍ ᠨᠢᠭᠡᠨ ᠰᠢᠨ᠎ᠡ ᠡᠷᠢᠨ ᠮᠣᠷᠢᠯᠠᠨ ᠠᠢᠰᠤᠢ ᠶ᠋ᠢ ᠲᠤᠩᠬᠠᠭᠯᠠᠭᠰᠠᠨ ᠵᠢᠯ ᠪᠢᠯᠡ᠃ ᠬᠥᠮᠦᠨ ᠲᠥᠷᠥᠯᠬᠢᠲᠡᠨ ᠳ᠋ᠦ᠍ ᠣᠳᠣ ᠡᠳ᠋ ᠦᠯᠦᠭ ᠦ᠋ᠨ ᠰᠢᠨᠤᠬᠠᠢᠷᠠᠯ᠂ ᠲᠧᠭᠨᠢᠭ ᠲᠧᠭᠨᠣᠯᠣᠭᠢ ᠶ᠋ᠢᠨ ᠡᠷᠬᠡᠰᠢᠶᠡᠯ ᠳ᠋ᠦ᠍ ᠪᠣᠭᠣᠯᠴᠢᠯᠠᠭᠳᠠᠭᠰᠠᠨ ᠡᠨᠡ ᠴᠢᠭ ᠵᠠᠮ ᠢ᠋ᠶ᠋ᠠᠷ ᠢ᠋ᠶ᠋ᠠᠨ ᠵᠠᠮᠨᠠᠬᠤ ᠤᠤ? ᠠᠯᠢ ᠡᠰᠡᠬᠦᠯ᠎ᠡ ᠬᠥᠮᠦᠨ ᠦ᠌ ᠮᠥᠨ ᠴᠢᠨᠠᠷ ᠤᠷᠤᠭᠤ ᠥᠩᠭᠡᠢᠵᠦ ᠣᠶᠤᠨᠯᠢᠭ ᠵᠥᠩᠨᠡᠭᠡ ᠶᠢᠷᠲᠢᠨᠴᠦ ᠶ᠋ᠢ ᠨᠢ ᠰᠡᠩᠬᠡᠷᠡᠭᠦᠯᠦᠨ ᠰᠡᠬᠡᠭᠡᠬᠦ ᠤᠤ ᠭᠡᠳᠡᠭ ᠢ᠋ᠶ᠋ᠡᠨ ᠰᠣᠩᠭᠣᠬᠤ ᠪᠠᠯᠴᠢᠷ ᠳᠡᠭᠡᠷ᠎ᠡ ᠢᠷᠡᠭᠡᠳ ᠪᠠᠢᠭ᠎ᠠ ᠬᠡᠷᠡᠭ᠃ ᠡᠷᠲᠡ ᠨᠢᠭᠡᠨ ᠴᠠᠭ ᠲᠤ᠌ ᠬᠣᠩ ᠲᠠᠢᠵᠢ ᠬᠠᠮᠠᠯᠧᠲ᠋ ᠦ᠋ᠨ《ᠣᠷᠣᠰᠢᠬᠤ ᠡᠰᠡ ᠣᠷᠣᠰᠢᠬᠤ》 ᠶ᠋ᠢ ᠲᠤᠯᠭᠠᠨ ᠠᠰᠠᠭᠤᠭᠰᠠᠨ ᠰᠢᠭ᠋ ᠲᠡᠢᠮᠦ ᠦᠶ᠎ᠡ ᠳ᠋ᠦ᠍ ᠲᠥᠷᠥᠯᠬᠢ ᠲᠦᠮᠡᠨ ᠳ᠋ᠡᠭᠡᠨ ᠪᠣᠯᠤᠨ ᠳᠡᠯᠡᠬᠡᠢ ᠶ᠋ᠢᠨ ᠬᠥᠮᠦᠨ ᠵᠤᠨ ᠳ᠋ᠤ᠌ ᠥᠪᠡᠷ ᠦ᠋ᠨ ᠭᠡᠰᠡᠨ ᠬᠠᠷᠢᠭᠤ ᠶ᠋ᠢ ᠨᠡᠭᠡᠭᠡᠵᠦ ᠪᠠᠷᠢᠬᠤ ᠪᠠᠷ ᠡᠷᠳᠡᠮᠲᠡᠨ ᠮᠡᠷᠭᠡᠳ᠂ ᠵᠣᠬᠢᠶᠠᠯᠴᠢ ᠤᠷᠠᠨ ᠪᠦᠲᠦᠭᠡᠯᠴᠢᠳ ᠵᠣᠷᠢᠵᠤ ᠪᠣᠢ ᠶ᠋ᠢᠨ ᠨᠢᠭᠡᠨ ᠵᠢᠱ᠌ᠢᠶ᠎ᠡ ᠨᠢ ᠡᠨᠡ ᠨᠣᠮ ᠮᠥᠨ ᠭᠡᠵᠦ ᠪᠣᠳᠣᠵᠤ ᠪᠠᠢᠨ᠎ᠠ᠃
ᠮᠡᠳᠡᠭᠡᠵᠢ ᠡᠨᠡ ᠪᠦᠲᠦᠭᠡᠯ ᠳ᠋ᠦ᠍ ᠨᠠᠢᠷᠠᠭᠤᠯᠭ᠎ᠠ ᠶ᠋ᠢᠨ ᠥᠭᠦᠯᠡᠮᠵᠢ ᠶ᠋ᠢᠨ ᠲᠡᠭᠦᠯᠲᠡᠢ ᠪᠤᠰᠤ ᠵᠦᠢᠯ ᠪᠠᠢᠵᠤ ᠪᠣᠯᠬᠤ ᠪᠥᠭᠡᠳ ᠡᠴᠦᠰ ᠦ᠋ᠨ ᠪᠦᠯᠦᠭ ᠲᠦ ᠢᠵᠠᠭᠤᠷ ᠰᠣᠶᠣᠯ ᠡᠷᠳᠡᠮ ᠦ᠋ᠨ ᠢ᠋ᠶ᠋ᠡᠨ ᠨᠠᠨᠳᠢᠨ ᠨᠢᠭᠤᠴᠠᠰ ᠠ᠋ᠴᠠ《ᠳᠠᠶᠠᠩ ᠢᠷᠭᠡᠨ ᠲᠡᠢ》( ᠮᠣᠩᠭᠣᠯ ᠤ᠋ᠨ ᠨᠢᠭᠤᠴᠠ ᠲᠣᠪᠴᠢᠶ᠎ᠠ) ᠬᠤᠪᠢᠶᠠᠯᠴᠠᠬᠤ ᠡᠷᠬᠡᠮᠰᠦᠭ ᠨᠢᠭᠡᠨ ᠭᠤᠷᠢᠯ ᠬᠦᠰᠡᠯ ᠪᠣᠢ ᠳ᠋ᠤ᠌ ᠲᠠᠯᠠᠷᠬᠠᠵᠤ᠂ ᠡᠨᠡᠬᠦ ᠪᠢᠴᠢᠬᠠᠨ ᠵᠤᠷᠪᠤᠰ ᠢ᠋ ᠳᠠᠭᠠᠯᠳᠤᠭᠤᠯᠪᠠ᠃
ᠮᠣᠩᠭᠣᠯ ᠤᠯᠤᠰ ᠤ᠋ᠨ ᠶᠡᠬᠡ ᠰᠤᠷᠭᠠᠭᠤᠯᠢ ᠶ᠋ᠢᠨ ᠲᠡᠷᠢᠭᠦᠯᠡᠬᠦ ᠫᠷᠣᠹᠧᠰᠰᠣᠷ᠂ ᠬᠡᠯᠡ ᠪᠢᠴᠢᠭ ᠦ᠋ᠨ ᠤᠬᠠᠭᠠᠨ ᠤ᠋ ᠳ᠋ᠣᠺᠲ᠋ᠣᠷ᠂ ᠢᠷᠠᠭᠤ ᠨᠠᠢᠷᠠᠭᠴᠢ ᠰ᠊᠂ ᠳᠤᠯᠮ᠎ᠠ
ᠮᠣᠩᠭᠣᠯ ᠬᠥᠮᠦᠨ ᠯᠡ ᠴᠡᠭᠴᠡᠯᠡᠬᠦ ᠳᠡᠯᠡᠬᠡᠢ ᠶ᠋ᠢᠨ ᠣᠨᠣᠯ
ᠡᠷᠬᠢᠮ ᠨᠥᠬᠥᠷ ᠦ᠋ᠨ ᠲᠤᠭᠤᠷᠪᠢᠭᠰᠠᠨ《ᠮᠣᠩᠭᠣᠯ ᠤ᠋ᠨ ᠭᠤᠷᠪᠠᠨ ᠣᠨᠣᠯ᠂ ᠶᠢᠷᠲᠢᠨᠴᠦ ᠶ᠋ᠢᠨ ᠭᠠᠷᠪᠠᠯᠢ》 ᠪᠦᠲᠦᠭᠡᠯ ᠢ᠋ ᠤᠩᠰᠢᠯ᠎ᠠ᠃ ᠡᠢᠮᠦ ᠪᠦᠲᠦᠭᠡᠯ ᠢ᠋ ᠮᠣᠩᠭᠣᠯ ᠬᠥᠮᠦᠨ ᠪᠢᠴᠢᠵᠦ ᠳᠡᠯᠡᠬᠡᠢ ᠶ᠋ᠢ ᠠᠪᠤᠷᠠᠬᠤ ᠣᠨᠣᠯ ᠪᠣᠢ ᠪᠣᠯᠤᠭᠠᠰᠠᠢ ᠭᠡᠳᠡᠭ ᠨᠢᠭᠤᠴᠠᠬᠠᠨ ᠬᠦᠰᠡᠯ ᠥᠴᠦᠬᠡᠨ ᠪᠢᠴᠢᠭᠡᠴᠢ ᠨᠠᠳᠠ ᠳ᠋ᠤ᠌ ᠣᠯᠠᠨ ᠵᠢᠯ ᠦ᠋ᠨ ᠡᠮᠦᠨ᠎ᠡ ᠡᠴᠡ ᠲᠥᠷᠥᠵᠦ ᠪᠢᠯᠡ᠃ ᠴᠥᠭᠡᠨ ᠦᠭᠡᠢ ᠮᠣᠩᠭᠣᠯ ᠡᠢᠮᠦᠷᠬᠦᠦ ᠰᠠᠨᠠᠭ᠎ᠠ ᠶᠠᠷᠢᠳᠠᠭ᠃ ᠲᠡᠭᠦᠨ ᠦ᠌ ᠳᠣᠲᠣᠷ᠎ᠠ ᠠ᠋ᠴᠠ ᠰᠠᠨᠠᠭ᠎ᠠ ᠶ᠋ᠢ ᠶᠡᠬᠡᠬᠡᠨ ᠴᠡᠴᠡᠷᠬᠡᠭᠰᠡᠨ ᠹᠢᠯᠤᠰᠰᠤᠹᠢᠴᠢ ᠪᠣᠯ ᠫ᠊᠂ ᠳᠠᠸᠠᠨᠢᠮ᠎ᠠ ᠶᠤᠮ᠃ ᠲᠡᠭᠦᠨ ᠦ᠌ ᠵᠠᠷᠢᠮ ᠪᠦᠲᠦᠭᠡᠯ ᠢ᠋ ᠤᠩᠰᠢᠬᠤ᠂ ᠬᠢᠨᠠᠨ ᠨᠠᠢᠷᠠᠭᠤᠯᠬᠤ ᠠᠵᠠ ᠲᠣᠬᠢᠶᠠᠯᠳᠤᠭᠰᠠᠨ ᠤᠴᠢᠷ ᠨ᠊᠂ ᠨᠠᠭᠠᠨᠪᠤᠤ ᠲᠠᠨ ᠤ᠋ ᠡᠨᠡᠬᠦ ᠪᠦᠲᠦᠭᠡᠯ ᠰᠢᠭ ᠵᠢᠩᠬᠢᠨᠢ ᠪᠣᠳᠠᠲᠤ ᠹᠢᠯᠣᠰᠣᠹᠢᠴᠢ① ᠮᠣᠩᠭᠣᠯ ᠠ᠋ᠴᠠ ᠥᠭᠡᠷ᠎ᠡ ᠭᠠᠵᠠᠷ ᠲᠥᠷᠥᠬᠦ ᠦᠭᠡᠢ᠂ ᠲᠡᠷᠡᠬᠦ ᠹᠢᠯᠣᠰᠣᠹᠢ — ᠣᠨᠣᠯ ᠨᠢ ᠮᠠᠨ ᠤ᠋ ᠭᠠᠷᠠᠭ ᠤ᠋ᠨ ᠰᠦᠢᠷᠡᠯ ᠢ᠋ ᠠᠪᠤᠷᠠᠬᠤ ᠦᠭᠡᠢ ᠭᠡᠬᠦ ᠳ᠋ᠦ᠍ ᠬᠣᠢᠰᠢᠯᠠᠭᠤᠯᠤᠨᠠ ᠭᠡᠳᠡᠭ ᠢ᠋ ᠪᠢ ᠣᠢᠯᠠᠭᠠᠭᠰᠠᠨ ᠬᠡᠷᠡᠭ᠃
《ᠢᠷᠡᠭᠡᠳᠦᠢ ᠥᠨᠥᠳᠥᠷ ᠡᠴᠡ ᠡᠬᠢᠯᠡᠨ᠎ᠡ》 ᠭᠡᠵᠦ ᠮᠤᠩᠭᠠᠨᠢᠵᠤ ᠪᠣᠢ ᠤᠯᠤᠰ ᠲᠥᠷᠦᠴᠢᠳ ᠦ᠋ᠨ ᠬᠡᠨ ᠨᠢ ᠴᠦ᠍ ᠲᠠᠨ ᠤ᠋ ᠪᠦᠲᠦᠭᠡᠯ ᠦ᠋ᠨ ᠵᠢᠩᠬᠢᠨᠢ ᠮᠥᠨ ᠴᠢᠨᠠᠷ ᠢ᠋ ᠣᠢᠯᠠᠭᠠᠬᠤ ᠦᠭᠡᠢ ᠯᠡ ᠳᠡ᠃ ᠡᠨᠡ ᠨᠣᠮ ᠢ᠋《ᠲᠦ᠊》 ᠪᠠᠭᠰᠢ ᠵᠡᠷᠭᠡ ᠳᠡᠯᠡᠬᠡᠢ ᠳ᠋ᠦ᠍ ᠬᠣᠪᠣᠷ ᠲᠣᠬᠢᠶᠠᠳᠠᠭ ᠶᠡᠬᠡ ᠡᠷᠳᠡᠮᠲᠡᠨ ᠶᠠᠭᠠᠬᠢᠵᠤ ᠦᠨᠡᠯᠡᠬᠦ ᠨᠢ ᠲᠠᠨ ᠤ᠋ ᠵᠣᠷᠢᠭᠲᠤ ᠦᠢᠯᠡᠰ ᠲᠤ ᠰᠢᠨᠲᠠᠷᠠᠨ ᠵᠣᠭᠰᠣᠬᠤ ᠰᠠᠭᠠᠳ ᠪᠤᠤ ᠪᠣᠯᠤᠭᠠᠰᠠᠢ᠃《ᠭᠤᠷᠪᠠᠯ ᠣᠨᠣᠯ》 ᠪᠣᠯ ᠬᠥᠮᠦᠨ ᠲᠥᠷᠥᠯᠬᠢᠲᠡᠨ ᠦ᠌ ᠨᠢᠭᠡᠨ ᠡᠪᠦᠭᠡ ᠮᠣᠩᠭᠣᠯᠴᠤᠳ ᠠ᠋ᠴᠠ ᠬᠥᠮᠦᠨ ᠲᠥᠷᠥᠯᠬᠢᠲᠡᠨ ᠦ᠌ ᠰᠠᠶ᠎ᠠ ᠰᠠᠶ᠎ᠠ ᠵᠢᠯ ᠦ᠋ᠨ ᠲᠡᠦᠬᠡᠨ ᠳ᠋ᠦ᠍ ᠨᠡᠮᠡᠷᠢ ᠪᠣᠯᠭᠠᠵᠤ ᠪᠦᠬᠦ ᠰᠡᠳᠬᠢᠯᠭᠡ ᠪᠡᠨ ᠹᠢᠯᠣᠰᠣᠹᠢ — ᠣᠨᠣᠯ ᠪᠣᠯᠭᠠᠨ ᠪᠣᠯᠪᠠᠰᠤᠷᠠᠭᠤᠯᠤᠭᠰᠠᠨ ᠠᠤᠭ᠎ᠠ ᠪᠦᠲᠦᠭᠡᠯ ᠭᠡᠳᠡᠭ ᠢ᠋ ᠬᠡᠯᠡᠵᠦ ᠥᠭᠭᠦᠭᠰᠡᠨ ᠢ᠋ᠶ᠋ᠡᠷ ᠢ᠋ᠶ᠋ᠡᠨ ᠲᠠ ᠣᠷᠴᠢᠨ ᠦᠶ᠎ᠡ ᠶ᠋ᠢᠨ ᠢ᠋ᠶ᠋ᠡᠨ ᠰᠤᠤᠲᠤ ᠹᠢᠯᠣᠰᠣᠹᠢᠴᠢ ᠪᠣᠯᠪᠠ᠃
ᠨᠣᠮ ᠤ᠋ᠨ ᠲᠤᠬᠠᠢ ᠳ᠋ᠤ᠌ ᠡᠯᠳᠡᠪ ᠶᠠᠭᠤᠮ᠎ᠠ ᠬᠡᠯᠡᠬᠦ ᠵᠢᠷᠦᠬᠡ ᠨᠠᠳᠠ ᠳ᠋ᠤ᠌ ᠠᠯᠠᠭ᠎ᠠ᠃ ᠬᠠᠷᠢᠨ ᠵᠠᠷᠢᠮ ᠦᠭᠡ ᠪᠡᠨ ᠮᠣᠩᠭᠣᠯᠴᠤᠳ ᠲᠤ (ᠣᠳᠣ ᠴᠤ ᠴᠡᠴᠡᠨ ᠡᠴᠡ ᠪᠡᠨ ᠲᠡᠨᠡᠭ ᠨᠢ ᠶᠡᠬᠡ ᠪᠣᠯᠤᠭᠰᠠᠨ ᠴᠠᠭ ᠰᠢᠦ ᠳᠡ) ᠭᠠᠳᠠᠨ᠎ᠠ ᠶ᠋ᠢᠨ ᠵᠢᠱ᠌ᠢᠶ᠎ᠡ ᠪᠡᠷ ᠢᠯᠡᠭᠦᠦ ᠣᠢᠯᠠᠭᠠᠮᠵᠢᠲᠠᠢ ᠪᠠᠢᠵᠤ ᠮᠠᠭᠠᠳ ᠦᠭᠡᠢ᠃ ᠡᠨᠡ ᠨᠣᠮ ᠢ᠋ ᠳᠡᠯᠡᠬᠡᠢ ᠪᠡᠷ ᠢ᠋ᠶ᠋ᠡᠨ ᠤᠩᠰᠢᠬᠤ ᠶᠣᠰᠣᠲᠠᠢ ᠲᠤᠯᠠ ᠨᠢᠭᠡ ᠳ᠋ᠦ᠍᠄ ᠶᠠᠭᠠᠷᠠᠭᠲᠤᠨ᠂ ᠬᠣᠶᠠᠷ ᠲᠤ᠄ ᠭᠠᠳᠠᠭᠠᠳᠤ ᠬᠡᠯᠡ ᠤᠷᠤᠭᠤ (ᠠᠩᠭ᠌ᠯᠢ᠂ ᠶᠠᠫᠣᠨ᠂ ᠣᠷᠣᠰ᠂ ᠬᠢᠲᠠᠳ ᠭᠡᠬᠦ ᠮᠡᠲᠦ ᠶ᠋ᠢᠨ ᠨᠢᠭᠡ ᠤᠷᠤᠭᠤ ᠨᠢ) ᠮᠣᠩᠭᠣᠯ ᠲᠠᠢ ᠪᠠᠨ ᠵᠡᠷᠭᠡ ᠭᠠᠷᠴᠤ ᠪᠠᠢᠬᠤ ᠪᠠᠷ ᠣᠷᠴᠢᠭᠤᠯᠬᠤ ᠮᠠᠰᠢ ᠰᠠᠢᠨ ᠣᠷᠴᠢᠭᠤᠯᠤᠭᠴᠢ᠂ ᠷᠧᠳᠡᠺᠲ᠋ᠤᠷ ᠣᠯᠬᠤ ᠬᠡᠷᠡᠭᠲᠡᠢ ᠶᠤᠮᠰᠠᠨ᠃ ᠭᠤᠷᠪᠠ ᠳ᠋ᠤ᠌᠄ ᠢᠷᠡᠬᠦ ᠵᠠᠭᠤᠨ ᠴᠤ᠂ ᠢᠷᠡᠭᠡᠳᠦᠢ ᠴᠦ᠍ ᠮᠣᠩᠭᠣᠯ ᠤ᠋ᠨ ᠬᠢ ᠪᠠᠢᠬᠤ ᠶᠣᠰᠣᠲᠠᠢ᠃ ᠨᠥᠬᠥᠷ ᠦ᠋ᠨ ᠨᠣᠮ ᠤ᠋ᠨ ᠠᠮᠢᠳᠤᠷᠠᠯ ᠳ᠋ᠤ᠌ ᠶᠠᠭᠠᠬᠢᠵᠤ ᠬᠡᠷᠡᠭᠵᠢᠭᠦᠯᠬᠦ ᠪᠣᠢ ᠭᠡᠳᠡᠭ ᠮᠥᠷ ᠦ᠋ᠨ ᠬᠥᠲᠥᠯᠪᠦᠷᠢ ᠴᠦ᠍ ᠴᠥᠭᠡᠨ ᠬᠥᠮᠦᠨ ᠪᠡᠯᠡᠬᠡᠨ ᠪᠣᠢ᠃ ᠲᠡᠢᠮᠦ ᠨᠥᠭᠡᠴᠡ ᠪᠢᠳᠡᠨ ᠳ᠋ᠦ᠍ ᠪᠠᠢᠭ᠎ᠠ ᠰᠢᠦ᠂ ᠭᠤᠷᠮᠤᠰᠤᠨ ᠰᠡᠳᠬᠢᠯᠭᠡᠨ ᠦ᠌ ᠣᠨᠣᠯ ᠭᠠᠢᠬᠠᠮᠰᠢᠭ ᠠᠵᠢ ᠭᠡᠳᠡᠭ ᠢ᠋ ᠣᠢᠯᠠᠭᠠᠯ᠎ᠠ᠂ ᠬᠦᠯᠢᠶᠡᠨ ᠠᠪᠬᠤ《ᠣᠶᠤᠨ》 ᠲᠦᠭᠡᠮᠡᠯ ᠪᠠᠢᠭᠠᠰᠠᠢ᠁
ᠴ᠊ ᠬ᠊ ᠠ᠊ ᠶ᠋ᠢᠨ ᠠᠺᠠᠳᠧᠮᠢᠴᠢ᠂ ᠣᠷᠴᠢᠭᠤᠯᠤᠭᠴᠢ ᠰᠡᠳᠬᠦᠯᠴᠢ ᠨᠠᠨᠵᠢ᠂ ᠯᡁᠬᠠᠪᠠ
ᠮᠣᠩᠭᠣᠯ ᠤ᠋ᠨ ᠭᠤᠷᠪᠠᠯ ᠤ᠋ᠨ ᠣᠨᠣᠯ᠂ ᠶᠢᠷᠲᠢᠨᠴᠦ ᠶ᠋ᠢᠨ ᠭᠠᠷᠪᠠᠯᠢ
ᠣᠨᠣᠯ ᠮᠠᠨᠳᠤᠭᠠᠬᠤ ᠡᠭᠡᠯ ᠳᠤᠷᠠᠰᠤᠮᠵᠢ
ᠰᠢᠨ᠎ᠡ ᠬᠥᠮᠦᠨ ᠮᠡᠨᠳᠦᠯᠡᠮᠡᠭᠴᠡ ᠦᠢᠯᠡᠳᠬᠦ ᠤᠬᠠᠭᠠᠨ ᠶᠣᠰᠣ ᠪᠣᠯ ᠭᠠᠯ ᠲᠦᠯᠡᠳᠡᠭ᠂ ᠭᠠᠯ ᠢ᠋ᠶ᠋ᠠᠨ ᠨᠡᠮᠡᠳᠡᠭ ᠵᠠᠩᠰᠢᠯ ᠪᠥᠭᠡᠳ ᠡᠨᠡ ᠨᠢ ᠭᠠᠯ ᠢ᠋ ᠠᠮᠢᠨ ᠤ᠋ ᠰᠦᠯᠳᠡ ᠭᠡᠵᠦ ᠦᠵᠡᠳᠡᠭ ᠲᠡᠢ ᠬᠣᠯᠪᠣᠭ᠎ᠠ ᠲᠠᠢ ᠠᠵᠠᠢ᠃ ᠭᠤᠷᠪᠠᠨ ᠵᠠᠯᠢᠲᠤ ᠳᠥᠯᠥ ᠲᠡᠢ ᠭᠠᠯ ᠤ᠋ᠨ ᠳᠦᠷᠰᠦ ᠶ᠋ᠢ ᠪᠠᠯᠠᠷ ᠡᠷᠲᠡᠨ ᠡᠴᠡ ᠮᠣᠩᠭᠣᠯᠴᠤᠳ ᠲᠥᠷᠥ ᠶᠣᠰᠣᠨ ᠤ᠋ ᠪᠡᠯᠭᠡ ᠲᠡᠮᠳᠡᠭ ᠭᠡᠵᠦ ᠰᠢᠳᠦᠨ ᠪᠢᠰᠢᠷᠡᠵᠦ ᠭᠠᠯ ᠤ᠋ᠨ ᠠᠷᠢᠭᠤᠨ ᠢ᠋ ᠳᠡᠭᠡᠳᠦᠯᠡᠨ《ᠭᠠᠯ ᠤ᠋ᠨ ᠳᠥᠯᠥ ᠥᠭᠡᠳᠡ ᠪᠡᠨ》 ᠭᠡᠵᠦ ᠪᠡᠯᠭᠡᠰᠢᠶᠡᠵᠦ ᠢᠷᠡᠵᠡᠢ᠃ ᠡᠢᠮᠦ ᠡᠴᠡ ᠭᠤᠷᠪᠠᠨ ᠭᠡᠳᠡᠭ ᠲᠣᠭ᠎ᠠ ᠶ᠋ᠢ《ᠭᠠᠯ》 ᠭᠡᠳᠡᠭ ᠪᠠᠢᠭᠰᠠᠨ ᠢ᠋ ᠡᠷᠲᠡᠨ ᠦ᠌ ᠨᠣᠮ ᠰᠤᠳᠤᠷ᠂ ᠡᠪᠦᠭᠡᠳ ᠦ᠋ᠨ ᠴᠠᠳᠢᠭ ᠬᠠᠭᠤᠴᠢ ᠲᠣᠯᠢ ᠪᠢᠴᠢᠭ ᠦ᠋ᠳ ᠨᠤᠲᠠᠯᠠᠨ᠎ᠠ᠃《ᠭᠠᠯ》.《ᠭᠤᠷᠪᠠ》 ᠭᠡᠳᠡᠭ ᠬᠣᠶᠠᠷ ᠦᠭᠡ ᠢᠬᠡᠷ᠎ᠡ ᠤᠳᠬ᠎ᠠ ᠲᠠᠢ ᠶᠤᠮᠰᠠᠨᠵᠠᠢ᠃ ᠶᠠᠭᠠᠬᠢᠭᠠᠳ ᠵᠠᠪᠠᠯ ᠡᠢᠮᠦ ᠪᠣᠯᠪᠠ᠂ ᠰᠦᠯᠲᠠᠨ ᠤ᠋ ᠭᠠᠯ ᠶᠠᠭᠠᠬᠢᠭᠠᠳ ᠭᠤᠷᠪᠠᠨ ᠳᠥᠯᠥ ᠲᠡᠢ ᠪᠠᠢᠳᠠᠭ ᠶᠤᠮ ᠪᠣᠢ ᠭᠡᠪᠡᠯ ᠶᠢᠷᠲᠢᠨᠴᠦ ᠭᠤᠷᠪᠠᠯ ᠲᠣᠭᠲᠠᠯᠴᠠᠭ᠎ᠠ ᠲᠠᠢ ᠶ᠋ᠢᠨ ᠤᠴᠢᠷ ᠠᠵᠢ᠃ ᠲᠡᠷᠡ ᠨᠢ《ᠠᠮᠢ ᠠᠬᠤᠢ— ᠤᠬᠠᠮᠰᠠᠷ》 ᠪᠣᠯᠤᠨ᠎ᠠ᠃
ᠨᠠᠮᠠᠶ᠋ᠢ ᠠᠷᠪᠠᠯᠵᠠᠭᠰᠠᠨ ᠤᠯᠠᠭᠠᠨ ᠨᠢᠯᠴᠠᠷᠠᠢ ᠠᠮᠢᠲᠠᠨ ᠤᠬᠢᠯᠠᠵᠤ ᠴᠢᠷᠠᠯᠠᠭᠰᠠᠭᠠᠷ ᠬᠣᠷᠸ᠎ᠠ ᠳ᠋ᠤ᠌ ᠮᠡᠨᠳᠦᠯᠡᠬᠦ ᠳ᠋ᠦ᠍ ᠭᠠᠯ ᠤᠭᠲᠤᠭᠰᠠᠨ ᠭᠡᠬᠦ ᠪᠥᠭᠡᠳ ᠤᠬᠢᠯᠠᠵᠤ ᠴᠢᠷᠠᠯᠠᠭᠰᠠᠨ ᠮᠠᠨᠢ ᠡᠪ ᠦ᠋ᠨ ᠭᠤᠷᠪᠠᠨ ᠠᠴᠢᠶ᠎ᠠ ᠭᠤᠶᠤᠭᠰᠠᠨ ᠵᠠᠮ ᠪᠠᠢᠵᠠᠢ᠃ ᠲᠡᠷᠡ ᠨᠢ ᠭᠠᠯ ᠤᠭᠤᠷᠠᠭ᠂ ᠳᠤᠯᠠᠭᠠᠨ ᠮᠠᠨᠴᠤᠢ᠂ ᠳᠠᠭᠤᠳᠠᠬᠤ ᠨᠡᠷ᠎ᠡ ᠭᠤᠷᠪᠠ ᠪᠥᠯᠥᠭᠡ᠃ ᠴᠠᠭ ᠤ᠋ᠨ ᠵᠠᠯᠠᠭᠤ ᠳ᠋ᠤ᠌ ᠯᠠᠮᠠ ᠶᠠᠪᠤᠭᠰᠠᠨ ᠬᠥᠭᠰᠢᠭᠡ(хөгщөө) ᠠᠪᠤ ᠮᠢᠨᠢ ᠮᠢᠨᠦ ᠪᠠᠷᠠᠭᠤᠨ ᠴᠢᠬᠢᠨ ᠳ᠋ᠦ᠍《ᠨᠠᠭᠠᠨᠪᠤᠤ᠁ ᠨᠠᠭᠠᠨᠪᠤᠤ᠁ ᠨᠠᠭᠠᠨᠪᠤᠤ᠁》 ᠭᠡᠵᠦ ᠭᠤᠷᠪᠠᠨ ᠤᠳᠠᠭ᠎ᠠ ᠰᠢᠪᠡᠨᠡᠭᠰᠡᠨ ᠭᠡᠳᠡᠭ᠃ ᠲᠡᠷᠢᠭᠦᠨ ᠳ᠋ᠦ᠍ᠨᠢ ᠤᠤᠭᠠᠨ ᠬᠦᠦ ᠲᠥᠷᠥᠭᠡᠳ ᠲᠣᠭᠲᠠᠭ᠎ᠠ ᠦᠭᠡᠢ ᠶ᠋ᠢᠨ ᠤᠴᠢᠷ ᠵᠡᠬᠡᠭᠰᠡᠨ ᠬᠠᠲᠠᠭᠤ ᠨᠡᠷ᠎ᠡ ᠬᠠᠢᠷᠠᠯᠠᠭᠰᠠᠨ ᠨᠢ ᠡᠨᠡ ᠪᠠᠢᠵᠠᠢ᠃ ᠭᠤᠷᠪᠠ ᠬᠣᠨᠣᠭᠠᠳ ᠶᠡᠬᠡᠰ ᠢ᠋ ᠮᠢᠨᠢ ᠵᠠᠷᠳᠠᠭᠠᠢ ᠭᠡᠳᠡᠭ ᠭᠠᠵᠠᠷ ᠵᠠᠯᠠᠵᠤ ᠤᠬᠢᠶᠠᠯᠭ᠎ᠠ ᠬᠢᠭᠰᠡᠨ ᠭᠡᠳᠡᠭ᠃《ᠭᠤᠷᠪᠠᠨ ᠨᠠᠰᠤ ᠲᠠᠢ ᠪᠠᠢᠬᠤ ᠳ᠋ᠤ᠌ ᠴᠢᠨᠢ ᠴᠢᠨᠦ ᠳᠠᠬᠢ ᠶ᠋ᠢ ᠠᠪᠬᠤ ᠳᠠᠯᠠᠢᠭᠠᠴᠢ ᠱᠠᠭᠠᠭᠠ ᠠᠬ᠎ᠠ ᠵᠠᠯᠠᠯᠭ᠎ᠠ ᠬᠣᠰᠢᠭᠤ ᠬᠦᠷᠭᠡᠭᠰᠡᠨ ᠭᠡᠵᠦ ᠠᠶᠤᠯᠭᠠᠵᠤ ᠦᠭᠡ ᠬᠠᠶᠠᠵᠤ ᠪᠠᠢᠵᠤ ᠪᠢᠯᠡ》 ᠭᠡᠵᠦ ᠡᠵᠢ ᠬᠠᠭᠤᠴᠢᠯᠠᠳᠠᠭ ᠰᠠᠨ᠃ ᠨᠠᠮᠠᠶ᠋ᠢ 6 ᠨᠠᠰᠤᠲᠠᠢ ᠪᠠᠢᠬᠤ ᠳ᠋ᠤ᠌ ᠠᠪᠤ ᠵᠠᠨᠵᠠᠭᠠ ᠬᠣᠶᠠᠷ (ᠢᠬᠢᠷ᠎ᠡ) ᠶ᠋ᠢᠨ37 ᠤ᠋ ᠵᠢᠯ ᠣᠷᠣᠬᠤ ᠭᠡᠵᠦ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠮᠠᠨᠳᠤᠬᠤ ᠨᠠᠷᠠᠨ ᠢ᠋ᠶ᠋ᠠᠷ ᠠᠭᠤᠯᠠ ᠥᠭᠰᠥᠵᠦ ᠣᠪᠣᠭᠠᠨ ᠳ᠋ᠤ᠌ ᠢᠳᠡᠭᠡ ᠪᠤᠳᠠᠭ᠎ᠠ ᠡᠷᠭᠦᠨ ᠭᠤᠷᠪᠠ ᠲᠣᠭᠣᠷᠢᠵᠠᠭᠠᠵᠤ ᠪᠠᠭᠠᠴᠤᠤᠯ ᠪᠢᠳᠡᠨ ᠢ᠋ ᠴᠦ᠍ ᠰᠥᠭᠦᠳᠦᠭᠦᠯᠵᠦ ᠭᠤᠷᠪᠠ ᠮᠥᠷᠭᠥᠭᠦᠯᠵᠦ ᠪᠢᠯᠡ᠃ ᠰᠦᠵᠢᠭ ᠪᠢᠰᠢᠷᠡᠯ ᠢ᠋ ᠲᠠᠰᠤ ᠬᠤᠷᠢᠶᠠᠭᠰᠠᠨ ᠦᠶ᠎ᠡ ᠳ᠋ᠦ᠍ ᠨᠢᠭᠤᠵᠤ ᠬᠢᠭᠰᠡᠨ ᠡᠨᠡ ᠰᠣᠨᠢᠨ ᠵᠠᠩ ᠦᠢᠯᠡ ᠶ᠋ᠢ ᠬᠥᠮᠦᠨ ᠳ᠋ᠦ᠍ ᠬᠡᠯᠡᠪᠡ ᠭᠡᠵᠦ ᠬᠢᠴᠢᠶᠡᠩᠭᠦᠢᠯᠡᠨ ᠵᠠᠬᠢᠵᠤ ᠪᠠᠢᠭᠰᠠᠨ ᠢ᠋ ᠲᠣᠳᠣ ᠰᠠᠨᠠᠨᠠᠮ᠃ ᠣᠳ᠋ᠭᠠᠨ ᠲᠡᠷᠡ ᠮᠥᠷᠭᠥᠯ ᠡᠴᠡ ᠬᠣᠢᠰᠢ ᠣᠯᠠᠨ ᠴᠤ᠌ ᠭᠠᠵᠠᠷ ᠤ᠋ᠨ ᠲᠠᠭᠰᠢᠨ ᠲᠣᠭᠰᠢᠨ ᠣᠪᠣᠭ᠎ᠠ ᠶ᠋ᠢ ᠭᠤᠷᠪᠠ ᠲᠣᠭᠣᠷᠢᠵᠤ ᠠᠭᠤᠯᠠ ᠤᠰᠤ ᠪᠠᠨ ᠰᠢᠲᠦᠭᠰᠡᠨ ᠳᠡ ᠪᠢ᠃ ᠰᠤᠷᠭᠠᠭᠤᠯᠢ ᠳ᠋ᠤ᠌ ᠠᠩᠬ᠎ᠠ ᠣᠷᠣᠬᠤ ᠳ᠋ᠤ᠌ ᠡᠵᠢ ᠮᠢᠨᠢ ᠤᠯᠠᠭᠠᠨ ᠲᠠᠪᠤᠨ ᠬᠣᠰᠢᠭᠤ ᠲᠠᠢ ᠬᠠᠷ᠎ᠠ ᠬᠥᠬᠡ ᠳᠠᠪᠤᠤ ᠴᠦᠩᠬᠦ ᠣᠶᠣᠵᠤ᠂ ᠬᠥᠭᠰᠢᠭᠡ ᠠᠪᠤ《ᠡᠨᠡ ᠴᠢᠨᠦ ᠵᠠᠰᠠᠭ᠎ᠠ ᠶᠤᠮ ᠰᠢᠦ᠃ ᠨᠣᠮ ᠲᠠᠢ ᠬᠥᠮᠦᠨ ᠦ᠌ ᠤᠭ ᠲᠠᠰᠤᠷᠠᠲᠠᠯ᠎ᠠ ᠪᠣᠯᠵᠤ ᠥᠭᠪᠡᠯ ᠵᠢᠯ ᠳ᠋ᠡᠭᠡᠨ ᠨᠢᠭᠡ ᠤᠩᠰᠢᠭᠤᠯᠵᠤ ᠪᠠᠢᠭᠠᠷᠠᠢ》 ᠭᠡᠳ ᠰᠢᠷ᠎ᠠ ᠬᠣᠯᠠ ᠪᠠᠷᠢᠨᠲᠠᠭ ᠲᠠᠢ ᠪᠤᠳ᠋ᠳ᠋ᠾᠠ ᠶ᠋ᠢᠨ ᠨᠢᠮᠭᠡᠨ ᠰᠤᠳᠤᠷ ᠬᠣᠶᠠᠷ ᠭᠠᠷ ᠳᠡᠭᠡᠷ᠎ᠡ ᠮᠢᠨᠢ ᠲᠠᠯᠪᠢᠵᠤ《ᠭᠠᠷᠤᠭᠠᠳ ᠭᠡᠷ ᠢ᠋ᠶ᠋ᠡᠨ ᠭᠤᠷᠪᠠ ᠲᠣᠭᠣᠷᠢᠭᠠᠳ ᠣᠷᠣᠭᠠᠳ ᠢᠷ᠎ᠡ》 ᠭᠡᠵᠦ ᠪᠢᠯᠡ᠃ ᠠᠮᠢᠨ ᠰᠢᠲᠦᠭᠡᠨ ᠢ᠋ᠶ᠋ᠡᠨ ᠪᠢ ᠢᠩᠭᠢᠵᠦ ᠭᠠᠷᠲᠠᠭᠰᠠᠨ ᠶᠤᠮ᠃ ᠠᠪᠤ ᠮᠢᠨᠢ᠂ ᠠᠪᠤ ᠶ᠋ᠢᠨ ᠢ᠋ᠶ᠋ᠡᠨ《ᠣᠷᠣᠭ᠎ᠠ ᠰᠠᠢᠬᠠᠨ ᠬᠡᠭᠡᠷ》 ᠥᠪᠡᠷ ᠦ᠋ᠨ ᠢ᠋ᠶ᠋ᠡᠨ《ᠳᠥᠮᠥᠨ 》 ᠬᠣᠶᠠᠷ ᠢ᠋ ᠵᠢᠭᠠᠵᠤ《ᠨᠤᠲᠤᠭ ᠠ᠋ᠴᠠ ᠪᠠᠨ ᠬᠣᠯᠠ ᠠᠮᠢᠳᠤᠷᠠᠬᠤ ᠪᠣᠯᠤᠯᠲᠠᠢ ᠬᠥᠮᠦᠨ ᠶᠦᠮ᠃ ᠮᠠᠨ ᠤ᠋ ᠨᠤᠲᠤᠭ ᠤ᠋ᠨ ᠳᠠᠭᠤᠤ( ᠡᠷᠳᠡᠨᠢ ᠵᠠᠰᠠᠭ ᠤ᠋ᠨ ᠤᠨᠠᠭ᠎ᠠ) ᠶ᠋ᠢ ᠳᠠᠭᠤᠯᠠᠵᠤ ᠶᠠᠪᠤᠭᠠᠷᠠᠢ》 ᠭᠡᠵᠦ ᠰᠤᠷᠭᠠᠭᠰᠠᠨ ᠶᠤᠮᠰᠠᠨ᠃ ᠪᠤᠭᠤᠷᠤᠯ ᠤ᠋ᠳ ᠤ᠋ᠨ ᠦᠭᠡ ᠡᠴᠡ ᠲᠤᠭᠤᠯᠪᠠᠯ ᠮᠠᠨ ᠤ᠋ ᠵᠠᠰᠠᠭᠲᠤ ᠬᠠᠨ ᠠᠢᠮᠠᠭ ᠤ᠋ᠨ ᠭᠣᠣᠯ ᠬᠣᠰᠢᠭᠤ ᠴᠠᠬᠠᠷ ᠣᠲᠣᠭ ᠤ᠋ᠨ ᠬᠢᠨ ᠮᠠᠨᠵᠤ ᠶ᠋ᠢᠨ ᠦᠶ᠎ᠡ ᠳ᠋ᠦ᠍ ᠡᠷᠳᠡᠨᠢ ᠪᠢᠰᠢᠷᠡᠯᠲᠦ ᠵᠠᠰᠠᠭ ᠤ᠋ᠨ ᠬᠣᠰᠢᠭᠤ ᠨᠡᠷ᠎ᠡ ᠲᠡᠢ ᠪᠠᠢᠭᠰᠠᠨ ᠪᠥᠭᠡᠳ ᠡᠨᠡ ᠳᠠᠭᠤᠨ ᠳ᠋ᠤ᠌《ᠡᠷᠳᠡᠨᠢ ᠵᠠᠰᠠᠭ》 ᠭᠡᠵᠦ ᠲᠣᠪᠴᠢᠯᠠᠭᠰᠠᠨ᠂ ᠶᠡᠷᠦ ᠨᠢ ᠴᠦ᠍ ᠲᠡᠭᠡᠵᠦ ᠬᠡᠯᠡᠭᠳᠡᠳᠡᠭ ᠪᠠᠢᠵᠠᠢ᠃ ᠴ· ᠯᠣᠳᠤᠢᠳᠠᠮᠪᠠ ᠭᠤᠸᠠᠢ ᠡᠢᠮᠦ ᠤᠴᠢᠷ ᠠ᠋ᠴᠠ ᠯᠠ ᠲᠡᠷᠯᠡᠨ ᠬᠠᠢᠷᠬᠠᠨ ᠠᠭᠤᠯᠠ( ᠮᠠᠨ ᠤ᠋ ᠰᠤᠮᠤ ᠶ᠋ᠢᠨ ᠨᠤᠲᠤᠭ) ᠢ᠋ ᠴᠠᠬᠢᠭᠤᠷ ᠲᠡᠮᠦᠷ ᠦ᠋ᠨ ᠨᠤᠲᠤᠭ ᠭᠡᠵᠦ ᠪᠢᠴᠢᠵᠦ《ᠡᠷᠳᠡᠨᠢ ᠵᠠᠰᠠᠭ》 ᠢ᠋ ᠳᠠᠭᠤᠯᠠᠭᠤᠯᠤᠭᠰᠠᠨ ᠠᠵᠠᠢ᠃ ᠨᠠᠮᠠᠶ᠋ᠢ ᠨᠠᠢᠷ ᠲᠤ᠌ ᠭᠤᠷᠪᠠᠨ ᠳᠠᠭᠤᠤ ᠲᠠᠢ᠂ ᠨᠠᠭᠠᠳᠤᠮ ᠳ᠋ᠤ᠌ ᠭᠤᠷᠪᠠᠨ ᠳᠠᠪᠠᠭ᠎ᠠ ᠲᠠᠢ ᠶᠠᠪᠤᠭ ᠭᠡᠵᠦ ᠬᠢᠴᠢᠶᠡᠭᠰᠡᠨ ᠢ᠋ ᠪᠢ ᠴᠦ᠍ ᠬᠦᠰᠡᠯ ᠢ᠋ ᠨᠢ ᠪᠡᠶᠡᠯᠡᠭᠦᠯᠵᠦ ᠠᠪᠤ ᠪᠠᠨ ᠪᠠᠶᠠᠷᠯᠠᠭᠤᠯᠵᠤ ᠶᠠᠪᠤᠯ᠎ᠠ᠃ ᠮᠣᠩᠭᠣᠯ ᠬᠥᠮᠦᠨ ᠭᠤᠷᠪᠠᠨ ᠨᠠᠢᠷ ᠤ᠋ᠨ ᠢᠷᠦᠭᠡᠯ ᠢ᠋ᠶ᠋ᠡᠷ ᠠᠮᠢᠳᠤᠷᠠᠯ ᠳ᠋ᠤ᠌ ᠬᠥᠯ ᠢ᠋ᠶ᠋ᠡᠨ ᠣᠯᠵᠤ ᠬᠥᠮᠦᠨ ᠪᠣᠯᠳᠠᠭ ᠭᠡᠳᠡᠭ᠃ ᠲᠡᠷᠡ ᠨᠢ ᠤᠬᠢᠶᠠᠯᠭ᠎ᠠ᠂ ᠳ᠋ᠠᠬᠢ᠂ ᠬᠤᠷᠢᠮ ᠭᠤᠷᠪᠠ ᠪᠣᠯᠠᠢ᠃ ᠪᠢ ᠠᠪᠤ ᠶ᠋ᠢᠨ ᠭᠠᠯ ᠠ᠋ᠴᠠ ᠭᠠᠯ ᠢ᠋ᠶ᠋ᠠᠨ ᠲᠠᠰᠤᠯᠵᠤ᠂ ᠲᠡᠷᠡ ᠭᠠᠯ ᠳ᠋ᠠᠭᠠᠨ ᠪᠡᠷᠢ ᠶ᠋ᠢ ᠨᠢ ᠭᠤᠷᠪᠠ ᠮᠥᠷᠭᠥᠭᠦᠯᠵᠦ ᠤᠲᠤᠭ᠎ᠠ ᠪᠠᠨ ᠦᠵᠡᠭᠦᠯᠦᠭᠰᠡᠨ ᠪᠢᠯᠡ᠃
— ᠠᠪᠤ ᠠ᠋᠂ ᠶᠠᠭᠠᠬᠢᠭᠠᠳ ᠰᠡᠷᠵᠢᠮ ᠢ᠋ ᠭᠤᠷᠪᠠ ᠡᠷᠭᠦᠳᠡᠭ ᠶᠦᠮ ᠪᠣᠢ ᠭᠡᠬᠦ ᠳ᠋ᠦ᠍ ᠬᠣᠬᠢ ᠲᠠᠢᠵᠢ ᠤᠭᠰᠠᠭᠠᠲᠤ ᠡᠴᠢᠭᠡ ᠮᠢᠨᠢ᠄
— ᠳᠡᠭᠡᠷ᠎ᠡ ᠲᠩᠷᠢ᠂ ᠳᠡᠷᠭᠡᠳᠡ ᠠᠯᠲᠠᠢ᠂ ᠳᠡᠭᠡᠳᠦᠯᠡᠬᠦ ᠲᠥᠷᠥ ᠶ᠋ᠢᠨ ᠰᠦᠯᠳᠡ ᠭᠤᠷᠪᠠ ᠳ᠋ᠠᠭᠠᠨ ᠢᠳᠡᠭᠡᠨ ᠦ᠌ ᠳᠡᠭᠡᠵᠢ ᠪᠡᠨ ᠡᠷᠭᠦᠳᠡᠭ ᠨᠢ ᠡᠷᠲᠡ ᠡᠴᠡ ᠲᠣᠭᠲᠠᠭᠰᠠᠨ ᠶᠣᠰᠣ ᠶᠤᠮ ᠠ᠋ ᠭᠡᠰᠡᠨ᠃ ᠡᠵᠢ ᠮᠢᠨᠢ ᠰᠠᠴᠤᠯᠢ ᠶ᠋ᠢᠨ ᠨᠢᠳᠦ ᠶᠢᠰᠦ ᠪᠠᠢᠳᠠᠭ ᠭᠡᠵᠦ ᠵᠢᠭᠠᠵᠤ ᠥᠭᠴᠦ ᠪᠢ ᠰᠡᠢᠯᠵᠦ ᠥᠭᠭᠦᠭᠰᠡᠨ ᠰᠠᠴᠤᠯᠢ ᠣᠳᠣ ᠨᠠᠳᠠ ᠦᠯᠡᠳᠡᠵᠡᠢ᠃ ᠭᠤᠷᠪᠠᠨ ᠭᠤᠷᠪᠠ ᠶᠢᠰᠦ᠂ ᠳᠦᠭᠦᠷᠡᠩ ᠲᠡᠭᠦᠰ ᠦ᠋ᠨ ᠪᠢᠯᠢᠭ᠃ ᠡᠨᠡ ᠶᠢᠰᠦ ᠶ᠋ᠢ ᠶᠢᠰᠦᠨ ᠤᠳᠠᠭ᠎ᠠ ᠡᠷᠭᠦᠬᠦ ᠳ᠋ᠦ᠍ ᠪᠡᠯᠭᠡ ᠪᠢᠯᠢᠭ ᠦ᠋ᠨ ᠳᠡᠭᠡᠳᠦ ᠬᠤᠷᠠᠬᠤ ᠢᠷᠦᠭᠡᠯ ᠲᠡᠢ᠃ ᠨᠢᠭᠡ ᠪᠦᠲᠦᠨ ᠡᠷᠭᠢᠯᠲᠡ ᠪᠡᠨ ᠶᠢᠰᠦ ᠬᠤᠪᠢᠶᠠᠵᠤ ᠰᠠᠴᠤᠯᠢ ᠡᠷᠭᠦᠳᠡᠭ ᠨᠢ81 ᠳᠤᠰᠤᠯ ᠰᠦᠨ ᠦ᠌ ᠳᠡᠭᠡᠵᠢ ᠶᠦᠮ ᠭᠡᠳᠡᠭ ᠰᠠᠨ᠃ ᠠᠪᠤ ᠨᠠᠳᠠ ᠳ᠋ᠤ᠌ ᠪᠠᠰᠠ ᠬᠣᠵᠢᠮ ᠬᠦᠦ ᠳ᠋ᠦ᠍ ᠮᠢᠨᠢ ᠶᠢᠰᠦᠨ ᠨᠦᠬᠡ ᠲᠡᠢ ᠲᠡᠮᠦᠷ( ᠬᠦᠦ ᠶ᠋ᠢᠨ ᠬᠢ ᠭᠠᠤᠯᠢ) ᠵᠡᠭᠦᠵᠦ ᠥᠭᠴᠦ ᠪᠠᠢᠭᠰᠠᠨ ᠨᠢ ᠬᠠᠳᠠᠭᠠᠯᠠᠭᠳᠠᠵᠤ ᠪᠠᠢᠬᠤ ᠶᠤᠮ᠃ ᠡᠨᠡ ᠮᠡᠲᠦ ᠭᠤᠷᠪᠠᠯ ᠶᠣᠰᠣ ᠳᠤᠮᠳᠠ ᠪᠢ ᠥᠰᠴᠦ ᠥᠨᠳᠡᠢᠵᠡᠢ᠃ ᠠᠪᠤ ᠡᠵᠢ ᠶ᠋ᠢᠨ ᠮᠢᠨᠢ ᠥᠪ ᠪᠤᠶᠠᠨ ᠡᠨᠡ ᠯᠡ ᠭᠤᠷᠪᠠᠯ ᠰᠤᠷᠭᠠᠯ ᠰᠡᠳᠬᠢᠯᠭᠡ ᠭᠡᠵᠦ ᠪᠣᠳᠣᠳᠠᠭ ᠠ᠋᠃
— ᠡᠳᠦᠷ ᠰᠥᠨᠢ ᠶ᠋ᠢᠨ ᠳᠤᠮᠳᠠ ᠦᠳᠡᠰᠢ᠂ ᠰᠥᠨᠢ ᠡᠳᠦᠷ ᠦ᠋ᠨ ᠳᠤᠮᠳᠠ ᠦᠷ ᠭᠡᠵᠦ ᠪᠠᠢᠳᠠᠭ᠃ ᠦᠳᠡᠰᠢ ᠨᠢ ᠬᠠᠷᠠᠯᠠᠳᠠᠭ ᠦᠷ ᠨᠢ ᠴᠠᠢᠳᠠᠭ᠃ ᠡᠢᠮᠦ ᠤᠴᠢᠷ ᠦᠳᠡᠰᠢ ᠶ᠋ᠢᠨ ᠦᠢᠯᠡ ᠶ᠋ᠢ ᠪᠡᠯᠭᠡ ᠥᠬᠡᠢ ᠭᠡᠵᠦ ᠴᠡᠭᠡᠷᠯᠡᠳᠡᠭ᠃ ᠶᠠᠭᠤᠮᠠᠨ ᠳ᠋ᠤ᠌ ᠶᠠᠪᠤᠬᠤ ᠪᠣᠯᠤᠯ᠎ᠠ ᠭᠡᠬᠦ ᠳ᠋ᠦ᠍ ᠦᠳᠡᠰᠢ ᠪᠡᠨ ᠥᠩᠭᠡᠷᠡᠭᠡᠭᠡᠳ ᠰᠥᠨᠢ ᠳ᠋ᠡᠭᠡᠨ ᠭᠠᠷᠳᠠᠭ᠃ ᠮᠣᠷᠢ ᠪᠠᠨ ᠠᠷᠭᠠᠮᠵᠢᠬᠤ ᠳ᠋ᠠᠭᠠᠨ ᠴᠤ᠌ ᠦᠳᠡᠰᠢ ᠶ᠋ᠢᠨ ᠬᠠᠷ᠎ᠠ ᠴᠢᠭᠢᠭ ᠢ᠋ᠶ᠋ᠡᠷ ᠮᠣᠷᠢ ᠬᠥᠲᠥᠯᠦᠭᠡᠳ ᠠᠯᠬᠤᠵᠤ ᠶᠠᠪᠤᠳᠠᠭ ᠨᠢᠭᠦᠯ ᠲᠡᠢ ᠬᠥᠮᠦᠨ ᠪᠠᠢᠳᠠᠭ ᠦᠭᠡᠢ ᠶᠦᠮ᠃ ᠦᠷ ᠦ᠋ᠨ ᠦᠢᠯᠡ ᠶ᠋ᠢ ᠪᠡᠯᠭᠡ ᠲᠡᠢ ᠭᠡᠮᠡᠨ ᠡᠷᠬᠢᠮᠯᠡᠳᠡᠭ ᠲᠤᠯᠠ ᠡᠷᠲᠡᠴᠢ ᠪᠠᠢ ᠬᠦᠦ ᠮᠢᠨᠢ ᠭᠡᠵᠦ ᠡᠵᠢ ᠮᠢᠨᠢ ᠰᠤᠷᠭᠠᠭᠰᠠᠨ ᠶᠤᠮ᠃ ᠠᠷᠠᠳ ᠤ᠋ᠨ ᠤᠯᠠᠮᠵᠢᠯᠠᠯᠲᠤ ᠭᠦᠨ ᠤᠬᠠᠭᠠᠨ ᠪᠠᠢᠬᠤ ᠯᠠ ᠳᠠ᠃
— ᠳᠡᠭᠡᠷ᠎ᠡ ᠦᠶ᠎ᠡ ᠳ᠋ᠦ᠍ ᠬᠣᠲᠠ ᠠᠢᠯ ᠭᠡᠵᠦ ᠴᠢᠨᠳᠠᠮᠤᠨᠢᠯᠠᠭᠰᠠᠨ ᠭᠤᠷᠪᠠᠨ ᠭᠡᠷ ᠢ᠋ ᠬᠡᠯᠡᠳᠡᠭ ᠪᠠᠢᠪᠠ᠃ ᠬᠣᠨᠢᠨ ᠤ᠋ ᠬᠡᠰᠢᠭ ᠬᠣᠶᠠᠷ ᠦᠵᠡᠭᠡᠳ ᠯᠡ ᠡᠷᠭᠦᠳᠡᠭ ᠰᠠᠨ᠃ ᠰᠡᠭᠦᠯ ᠳ᠋ᠦ᠍ ᠰᠠᠭᠤᠷᠢᠨ ᠠᠬᠠᠯᠠᠭᠴᠢ᠂ ᠲᠤᠰᠠᠯᠠᠬᠤ ᠮᠠᠯᠴᠢᠨ ᠭᠡᠳ ᠬᠣᠶᠠᠷ ᠠᠢᠯ ᠪᠣᠯᠴᠢᠬᠠᠭᠰᠠᠨ ᠶᠤᠮ᠃ ᠬᠣᠶᠠᠷ ᠠᠢᠯ ᠮᠠᠭᠤᠳᠠᠯᠴᠠᠯᠠ ᠭᠡᠬᠦ ᠳ᠋ᠦ᠍ ᠰᠠᠯᠤᠨ᠎ᠠ᠃ ᠭᠤᠷᠪᠠᠨ ᠠᠢᠯ ᠲᠡᠭᠡᠳᠡᠭ ᠦᠭᠡᠢ ᠶᠦᠮ᠃ ᠨᠢᠭᠡ ᠶ᠋ᠢ ᠪᠡᠨ ᠬᠣᠶᠠᠷ ᠨᠢ ᠲᠠᠢᠯᠵᠤ ᠦᠨᠡᠨ ᠢ᠋ ᠠᠪᠴᠤ ᠶᠠᠪᠤᠳᠠᠭ ᠶᠤᠮ᠃ ᠡᠨᠡ ᠪᠣᠯ ᠠᠪᠤ ᠶ᠋ᠢᠨ ᠳᠤᠷᠠᠰᠤᠮᠵᠢ ᠭᠦᠨ ᠤᠬᠠᠭᠠᠨ᠃ ᠨᠠᠮᠠᠶ᠋ᠢ ᠭᠡᠷᠯᠡᠭᠦᠯᠬᠦ ᠭᠡᠵᠦ ᠲᠥᠬᠥᠭᠡᠷᠴᠦ ᠪᠠᠷᠢᠵᠤ ᠪᠠᠢᠬᠤ ᠳ᠋ᠠᠭᠠᠨ᠄
— ᠭᠡᠷ ᠭᠡᠵᠦ ᠭᠤᠷᠪᠠ ᠶ᠋ᠢᠨ ᠪᠡᠯᠭᠡᠳᠡᠯ ᠪᠠᠢᠳᠠᠭ᠃ ᠲᠣᠭᠣᠨᠣᠨ ᠤ᠋ ᠴᠠᠮᠬᠠᠷᠠᠭᠠ᠂ ᠲᠣᠲᠣᠭᠣᠨ ᠤ᠋ ᠣᠨᠢ6᠂ ᠲᠠᠪᠤᠨ ᠬᠠᠨ᠎ᠠ ᠬᠠᠭᠠᠯᠭ᠎ᠠ ᠲᠠᠢ ᠪᠠᠨ6᠂ ᠨᠡᠢᠲᠡ6 ᠠᠮᠠ ᠪᠠᠷ ᠨᠡᠢᠯᠡᠳᠡᠭ᠃ ᠡᠨᠡ ᠪᠣᠯ ᠬᠣᠣᠰ ᠶᠣᠰᠣᠨ ᠤ᠋ ᠭᠤᠷᠪᠠᠯ ᠶᠤᠮ᠃ ᠨᠡᠢᠲᠡ ᠣᠨᠢ ᠨᠢ ᠶᠢᠰᠦᠨ ᠶᠢᠰᠦ ᠶ᠋ᠢᠨ81 ᠣᠪᠣᠭ ᠭᠡᠬᠦ ᠮᠡᠲᠦ ᠪᠡᠷ ᠭᠡᠷ ᠦ᠋ᠨ ᠶᠣᠰᠣ ᠲᠥᠷᠥ ᠶ᠋ᠢᠨ ᠶᠣᠰᠣᠨ ᠤ᠋ ᠪᠢᠯᠢᠭ ᠠᠭᠤᠯᠳᠠᠭ᠃ ᠲᠥᠷᠥ ᠶ᠋ᠢᠨ ᠶᠣᠰᠣ ᠬᠡᠰᠡᠭ ᠨᠢ ᠶᠢᠷᠲᠢᠨᠴᠦ ᠶ᠋ᠢᠨ ᠵᠢᠮ᠎ᠡ ᠬᠠᠤᠯᠢ ᠭᠡᠰᠡᠨ ᠦᠭᠡ ᠪᠠᠢᠵᠤ ᠳᠠ᠃
1971 ᠣᠨ ᠳ᠋ᠤ᠌ ᠴᠡᠷᠢᠭ ᠲᠦ ᠮᠣᠷᠳᠠᠬᠤ ᠳ᠋ᠤ᠌ ᠠᠪᠤ ᠨᠤᠲᠤᠭ ᠤ᠋ᠨ ᠭᠤᠷᠪᠠᠨ ᠴᠢᠯᠠᠭᠤ ᠥᠭᠴᠦ ᠨᠤᠲᠤᠭ ᠤᠰᠤ ᠪᠠᠨ ᠰᠠᠨᠠᠪᠠᠯ ᠭᠠᠷᠭᠠᠵᠤ ᠦᠵᠡᠵᠦ ᠪᠠᠢᠭᠠᠷᠠᠢ᠃ ᠢᠷᠡᠬᠦ ᠳ᠋ᠡᠭᠡᠨ ᠨᠠᠳᠠ ᠳ᠋ᠤ᠌ ᠥᠭᠭᠦᠭᠡᠷᠡᠢ᠃ ᠪᠢ ᠪᠤᠴᠠᠭᠠᠵᠤ ᠭᠤᠷᠪᠠᠨ ᠪᠥᠨᠲᠥᠭᠡᠷ ᠣᠪᠣᠭᠠᠨ ᠳ᠋ᠤ᠌ ᠨᠢ ᠡᠷᠭᠦᠨ᠎ᠡ ᠭᠡᠵᠦ ᠪᠢᠯᠡ᠃ ᠬᠠᠷᠠᠮᠰᠠᠯᠲᠠᠢ ᠨᠢ ᠬᠠᠷ᠎ᠠ ᠤᠰᠤᠨ ᠤ᠋ ᠺᠠᠷᠠᠨᠲ᠋ᠢᠨ ᠭᠡᠳᠡᠭ ᠲᠦ ᠨᠢᠴᠦᠭᠦᠨ ᠱᠠᠯᠳᠠᠩ ᠭᠦᠶᠦᠵᠦ ᠰᠠᠨᠳᠤᠷᠴᠤ ᠶᠠᠪᠤᠭᠠᠳ ᠬᠠᠶᠠᠴᠢᠬᠠᠵᠤ ᠭᠤᠷᠪᠠᠨ ᠵᠢᠯ ᠪᠡᠭᠲᠡᠷᠡᠵᠦ ᠪᠢᠯᠡ᠃ ᠣᠳᠣ ᠲᠠᠢ ᠠᠳᠠᠯᠢ ᠪᠢᠰᠢ ᠴᠢᠯᠠᠭᠤ ᠪᠠᠨ ᠨᠢᠭᠤᠵᠤ ᠠᠪᠴᠤ ᠶᠠᠪᠤᠬᠤ ᠨᠢᠭᠦᠯ ᠡᠴᠡ ᠯᠡ ᠪᠣᠯᠤᠭᠰᠠᠨ ᠬᠡᠷᠡᠭ᠃ ᠠᠪᠤ ᠭᠡᠮᠰᠢᠯ ᠢ᠋ ᠮᠢᠨᠢ ᠣᠢᠯᠠᠭᠠᠭᠰᠠᠨ ᠴᠤ᠌ ᠲᠤᠩ ᠳᠤᠷᠠᠮᠵᠢᠬᠠᠨ ᠴᠡᠬᠡᠪᠡᠯᠵᠡᠵᠦ ᠪᠠᠢᠭᠰᠠᠨ ᠨᠢ ᠣᠳᠣ ᠴᠤ᠌ ᠨᠢᠳᠦᠨ ᠳ᠋ᠦ᠍ ᠬᠠᠷᠠᠭᠳᠠᠮᠤᠢ᠃ ᠠᠪᠤ ᠮᠢᠨᠢ ᠪᠡᠶ᠎ᠡ ᠴᠢᠯᠡᠭᠡᠷᠬᠡᠦ ᠬᠡᠪᠲᠡᠷᠢ ᠳ᠋ᠦ᠍᠃ ᠭᠡᠲᠡᠯ᠎ᠡ ᠳᠡᠭᠦᠦ ᠤᠽᠠᠳ ᠨᠢ ᠬᠦᠦ ᠪᠡᠨ ᠭᠡᠷᠯᠡᠭᠦᠯᠬᠦ ᠭᠡᠵᠦ ᠳᠠᠷᠬᠠᠨ ᠢ᠋ᠶ᠋ᠠᠷ ᠵᠠᠯᠠᠬᠤ ᠳ᠋ᠤ᠌
— ᠡᠨᠡ ᠬᠥᠮᠦᠨ ᠢ᠋ ᠠᠪᠤᠭᠠᠳ ᠶᠠᠪᠤᠭ᠎ᠠ ᠭᠡᠵᠦ ᠶᠣᠰᠣ ᠵᠦᠢᠴᠢ ᠶ᠋ᠢᠨ ᠡᠷᠬᠡ ᠥᠭᠴᠦ ᠪᠢᠯᠡ᠃ ᠬᠣᠷᠢᠮᠴᠢ ᠬᠣᠲᠠᠴᠢ ᠠᠪᠤ ᠮᠢᠨᠢ ᠨᠠᠮᠠᠶ᠋ᠢ ᠳ᠋ᠠᠭᠠᠨ᠄
— ᠬᠡᠦᠬᠡᠨ ᠠᠪᠬᠤ ᠪᠠᠷ ᠣᠴᠢᠵᠤ ᠪᠠᠢᠭ᠎ᠠ ᠬᠣᠲᠠ ᠶ᠋ᠢᠨ ᠲᠠᠯ᠎ᠠ ᠢᠷᠦᠭᠡᠯ ᠢ᠋ᠶ᠋ᠡᠨ ᠠᠢᠯᠠᠳᠬᠠᠵᠤ ᠭᠤᠷᠪᠠᠨ ᠳᠠᠭᠤᠤ ᠪᠠᠨ ᠳᠠᠭᠤᠯᠠᠨ᠎ᠠ᠃ ᠰᠠᠨᠳᠤᠷᠬᠤ ᠶᠠᠭᠤ ᠪᠠᠢᠬᠤᠪ᠃ ᠳᠠᠷᠠᠭ᠎ᠠ ᠨᠢ ᠬᠤᠳᠠᠭᠤᠢ ᠶ᠋ᠢᠨ ᠲᠠᠯ᠎ᠠ ᠢᠷᠦᠭᠡᠯ ᠦ᠋ᠨ ᠭᠤᠷᠪᠠᠨ ᠳᠠᠭᠤᠤ ᠲᠠᠢ ᠨᠢ ᠪᠠᠷᠢᠨ᠎ᠠ᠃ ᠲᠡᠭᠡᠭᠡᠳ ᠨᠠᠢᠷ ᠵᠠᠳᠠᠭᠠᠢᠷᠠᠨᠠ᠃ ᠡᠷᠬᠡᠪᠰᠢ ᠮᠡᠳᠡᠨ᠎ᠡ ᠪᠢᠵᠡ ᠳᠡ ᠭᠡᠳ ᠪᠠᠰᠠ ᠪᠤᠰᠤ ᠶᠣᠰᠣ ᠨᠣᠮᠯᠠᠵᠤ ᠪᠠᠢᠭᠰᠠᠨ ᠨᠢ ᠰᠡᠭᠦᠯᠴᠢ ᠶ᠋ᠢᠨ ᠬᠢ ᠪᠠᠢᠵᠠᠢ᠃ ᠢᠩᠭᠢᠵᠦ ᠠᠪᠤ ᠭᠤᠷᠪᠠᠯ ᠶᠣᠰᠣᠨ ᠤ᠋ ᠤᠯᠠᠮᠵᠢᠯᠠᠯ ᠢ᠋ᠶ᠋ᠠᠨ ᠨᠠᠳᠠ ᠳ᠋ᠤ᠌ ᠠᠮᠢᠳᠤ ᠰᠡᠷᠢᠭᠦᠨ ᠳ᠋ᠡᠭᠡᠨ ᠬᠦᠯᠢᠶᠡᠯᠭᠡᠨ ᠥᠭᠭᠦᠭᠰᠡᠨ ᠠᠵᠠᠢ᠃
ᠦᠭᠡ ᠬᠣᠯᠪᠣᠵᠤ ᠦᠵᠦᠭ ᠪᠠᠷᠢᠵᠤ ᠬᠡᠳᠦᠨ ᠵᠢᠯ ᠪᠣᠯᠤᠭᠰᠠᠨ ᠤ᠋ ᠬᠢ ᠬᠣᠶᠠᠷ ᠰᠠᠢᠬᠠᠨ ᠪᠤᠭᠤᠷᠤᠯ ᠤ᠋ᠨ ᠢ᠋ᠶ᠋ᠠᠨ ᠭᠡᠭᠡᠨ ᠳᠤᠷᠠᠰᠬᠠᠯ ᠢ᠋ ᠮᠥᠩᠬᠡᠯᠡᠵᠦ ᠭᠤᠷᠪᠠᠨ ᠵᠢᠯ ᠳ᠋ᠦ᠍ ᠨᠢ ᠪᠠᠭᠲᠠᠭᠠᠵᠤ ᠪᠤᠶᠠᠨ ᠦᠢᠯᠡᠳᠬᠦ ᠶ᠋ᠢ ᠬᠢᠴᠢᠶᠡᠭᠰᠡᠨ ᠨᠢ ᠡᠨᠡ ᠨᠣᠮ ᠪᠥᠯᠥᠭᠡ᠃ ᠬᠤᠷᠤᠢ! ᠬᠤᠷᠤᠢ! ᠬᠤᠷᠤᠢ! ᠠᠪᠤ ᠯᠠ ᠡᠵᠢ ᠯᠡ ᠬᠣᠶᠠᠷ ᠤ᠋ᠨ ᠮᠢᠨᠢ ᠠᠴᠢ ᠪᠤᠶᠠᠨ ᠮᠢᠨᠦ ᠵᠠ᠁
ᠪᠡᠰᠦᠲᠡᠢ· ᠨᠠ᠊· ᠨᠠ᠊
ᠦᠰᠦᠭ ᠠᠮᠢᠯᠠᠭᠤᠯᠤᠭᠴᠢ᠄ ᠥᠯᠵᠡᠢᠪᠠᠭᠠᠲᠤᠷ ᠂ ᠪᠠᠶᠠᠨᠰᠡᠷᠡᠩ
ᠬᠢᠨᠠᠭᠴᠢ᠄ ᠣᠳᠬᠠᠨᠰᠣ᠎ᠠ
