ᠠᠢᠯ ᠭᠡᠷ ᠦ᠋ᠨ ᠡᠪ ᠵᠦᠢ-ᠠᠢᠯ ᠭᠡᠷ ᠢ᠋ᠶ᠋ᠡᠨ ᠥᠭᠡᠳᠡ ᠪᠡᠨ ᠲᠠᠲᠠᠶ᠎ᠠ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ4-01-ᠪᠣᠯᠣᠴᠢᠯᠠᠭᠤ ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠢᠯ ᠭᠡᠷ ᠦ᠋ᠨ ᠡᠪ ᠵᠦᠢ-ᠠᠢᠯ ᠭᠡᠷ ᠢ᠋ᠶ᠋ᠡᠨ ᠥᠭᠡᠳᠡ ᠪᠡᠨ ᠲᠠᠲᠠᠶ᠎ᠠ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ4-01-ᠪᠣᠯᠣᠴᠢᠯᠠᠭᠤ

ᠠᠢᠯ ᠭᠡᠷ ᠦ᠋ᠨ ᠡᠪ ᠵᠦᠢ-ᠠᠢᠯ ᠭᠡᠷ ᠢ᠋ᠶ᠋ᠡᠨ ᠥᠭᠡᠳᠡ ᠪᠡᠨ ᠲᠠᠲᠠᠶ᠎ᠠ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ4-01-ᠪᠣᠯᠣᠴᠢᠯᠠᠭᠤ

2023-12-23

901

ᠳᠥᠷᠪᠡᠳᠦᠭᠡᠷ ᠪᠦᠯᠦᠭ ᠂ ᠠᠢᠯ ᠭᠡᠷ ᠢ᠋ᠶ᠋ᠡᠨ ᠥᠭᠡᠳᠡ ᠪᠡᠨ ᠲᠠᠲᠠᠶ᠎ᠠ

   ᠡᠴᠢᠭᠡ ᠡᠬᠡ ᠪᠣᠯ ᠬᠡᠦᠬᠡᠳ ᠦ᠋ᠨ ᠨᠠᠰᠤᠨ ᠲᠤᠷᠰᠢᠳᠠ ᠶ᠋ᠢᠨ ᠪᠠᠭᠰᠢ᠂ ᠠᠢᠯ ᠭᠡᠷ ᠦ᠋ᠨ ᠣᠷᠴᠢᠨ ᠪᠣᠯ ᠬᠡᠦᠬᠡᠳ ᠦ᠋ᠨ ᠨᠠᠰᠤᠨ ᠲᠤᠷᠰᠢᠳᠠ ᠶ᠋ᠢᠨ ᠰᠤᠷᠭᠠᠭᠤᠯᠢ ᠶᠤᠮ᠃ ᠠᠢᠯ ᠪᠦᠯᠢ ᠶ᠋ᠢᠨ ᠬᠥᠮᠦᠨ ᠦ᠌ ᠬᠠᠷᠢᠯᠴᠠᠭ᠎ᠠ᠂ ᠠᠵᠤ ᠲᠥᠷᠥᠬᠦ ᠶᠣᠰᠣ ᠵᠠᠩᠰᠢᠯ᠂ ᠦᠢᠯᠡᠳᠪᠦᠷᠢᠯᠡᠯ ᠠᠮᠢᠳᠤᠷᠠᠯ ᠪᠦᠷ ᠯᠡ ᠬᠡᠦᠬᠡᠳ ᠲᠤ ᠠᠵᠢᠯᠯᠠᠵᠤ ᠠᠮᠢᠳᠤᠷᠠᠬᠤ ᠶ᠋ᠢᠨ ᠦᠵᠡᠯ ᠰᠡᠳᠬᠢᠬᠦᠢ᠂ ᠤᠬᠠᠭᠠᠨ ᠴᠢᠳᠠᠪᠤᠷᠢ ᠶ᠋ᠢ ᠬᠥᠮᠦᠵᠢᠭᠦᠯᠵᠦ ᠪᠠᠢᠳᠠᠭ᠃ ᠡᠷᠡᠭᠦᠯ ᠰᠠᠷᠠᠭᠤᠯ ᠥᠩᠭᠡ ᠲᠡᠢ ᠥᠭᠡᠳᠡ ᠲᠡᠢ ᠠᠮᠢᠳᠤᠷᠠᠵᠤ ᠪᠠᠢᠬᠤ ᠭᠡᠷ ᠪᠦᠯᠢ ᠡᠴᠡ ᠥᠭᠡᠳᠡᠷᠬᠡᠭ ᠰᠡᠳᠬᠢᠯ ᠲᠡᠢ ᠡᠷᠡᠭᠦᠯ ᠬᠡᠦᠬᠡᠳ ᠬᠥᠮᠦᠵᠢᠨ᠎ᠡ᠃ ᠲᠡᠭᠡᠬᠦ ᠪᠡᠷ ᠪᠢᠳᠡ ᠶᠠᠭᠤᠨ ᠤ᠋ ᠡᠮᠦᠨ᠎ᠡ ᠠᠢᠯ ᠭᠡᠷ ᠠᠳᠠᠯ ᠠᠮᠢᠳᠤᠷᠠᠯ ᠢ᠋ᠶ᠋ᠠᠨ ᠥᠭᠡᠳᠡ ᠨᠢ ᠲᠠᠲᠠᠵᠤ ᠴᠢᠳᠠᠮᠠᠨᠵᠢᠨ ᠰᠠᠶᠢ ᠦᠷ᠎ᠡ ᠬᠡᠦᠬᠡᠳ ᠦ᠋ᠨ ᠢ᠋ᠶ᠋ᠡᠨ ᠡᠷᠡᠭᠦᠯ ᠢ᠋ᠶ᠋ᠡᠷ ᠦᠰᠦᠨ ᠪᠣᠢᠵᠢᠬᠤ ᠰᠠᠢᠨ ᠰᠠᠢᠬᠠᠨ ᠭᠡᠷ ᠣᠷᠴᠢᠨ ᠢ᠋ ᠪᠣᠢ ᠪᠣᠯᠭᠠᠵᠤ ᠴᠢᠳᠠᠨ᠎ᠠ᠃ ᠳᠣᠣᠷ᠎ᠠ ᠪᠢ ᠠᠢᠯ ᠭᠡᠷ ᠦ᠋ᠨ ᠡᠪ ᠵᠦᠢ᠂ ᠠᠳᠠᠯ ᠠᠮᠢᠳᠤᠷᠠᠯ ᠢ᠋ᠶ᠋ᠠᠨ ᠳᠣᠳᠣᠮᠳᠠᠬᠤ ᠲᠤᠬᠠᠢ ᠬᠣᠶᠠᠷ ᠲᠠᠯ᠎ᠠ ᠪᠠᠷ ᠶᠠᠷᠢᠶ᠎ᠠ᠃

ᠨᠢᠭᠡᠳᠦᠭᠡᠷ ᠬᠡᠰᠡᠭ᠂ ᠠᠢᠯ ᠭᠡᠷ ᠦ᠋ᠨ ᠡᠪ ᠵᠦᠢ
   《ᠥᠰᠬᠦ ᠮᠠᠯ ᠤ᠋ᠨ ᠵᠢᠰᠦ ᠨᠢᠭᠡ᠂ ᠥᠭᠡᠳᠡᠯᠡᠬᠦ ᠠᠢᠯ ᠤ᠋ᠨ ᠦᠭᠡ ᠨᠢᠭᠡ》 ᠭᠡᠰᠡᠨ ᠬᠠᠭᠤᠴᠢ ᠦᠭᠡ ᠪᠠᠢᠳᠠᠭ᠂ ᠠᠢᠯ ᠭᠡᠷ ᠦ᠋ᠨ ᠬᠥᠮᠦᠰ ᠠᠮᠢᠳᠤᠷᠠᠯ ᠠᠵᠢᠯ ᠦᠢᠯᠡᠰ ᠲᠤ ᠪᠡᠨ ᠰᠠᠨᠠᠭ᠎ᠠ ᠰᠡᠳᠬᠢᠯ ᠨᠡᠢᠯᠡᠭᠡᠳ ᠢᠷᠡᠬᠦ ᠳ᠋ᠦ᠍ ᠡᠨᠡ ᠠᠢᠯ ᠪᠦᠯᠢ ᠶ᠋ᠢᠨ ᠠᠯᠢᠪᠠ ᠪᠦᠬᠦᠨ ᠨᠢ ᠥᠭᠡᠳᠡ ᠲᠡᠢ ᠥᠩᠭᠡ ᠲᠡᠢ ᠪᠣᠯᠬᠤ ᠨᠢ ᠯᠠᠪᠲᠠᠢ᠃ ᠡᠢᠮᠦᠷᠬᠦ ᠡᠷᠡᠭᠦᠯ ᠰᠠᠷᠠᠭᠤᠯ ᠥᠭᠡᠳᠡᠷᠬᠡᠭ ᠠᠢᠯ ᠤ᠋ᠨ ᠬᠠᠯᠠᠭᠤᠨ ᠳᠤᠯᠠᠭᠠᠨ ᠠᠭᠠᠷ ᠲᠤ ᠦᠰᠦᠨ ᠪᠣᠢᠵᠢᠵᠤ ᠪᠠᠢᠭ᠎ᠠ ᠬᠡᠦᠬᠡᠳ ᠦ᠋ᠨ ᠪᠣᠳᠣᠯ ᠰᠡᠳᠬᠢᠴᠡ ᠡᠷᠡᠭᠦᠯ ᠪᠠᠢᠵᠤ᠂ ᠬᠣᠵᠢᠮ ᠤ᠋ᠨ ᠬᠤᠪᠢ ᠵᠠᠶᠠᠭ᠎ᠠ ᠨᠢ ᠰᠠᠢᠨ ᠪᠠᠢᠬᠤ ᠶ᠋ᠢᠨ ᠲᠠᠪᠢᠯᠠᠩ ᠮᠡᠳᠡᠭᠳᠡᠨ᠎ᠡ᠃ ᠲᠡᠢᠮᠦ ᠡᠴᠡ ᠠᠢᠯ ᠭᠡᠷ ᠢ᠋ᠶ᠋ᠡᠨ ᠥᠭᠡᠳᠡ ᠡᠰᠡᠷᠡᠭ ᠠᠪᠴᠤ ᠶᠠᠪᠤᠬᠤ ᠳ᠋ᠤ᠌ ᠡᠪ ᠵᠦᠢ ᠶ᠋ᠢ ᠡᠷᠬᠢᠮᠯᠡᠬᠦ ᠨᠢ ᠲᠡᠷᠢᠭᠦᠨ ᠴᠢᠬᠤᠯᠠ᠂ ᠡᠪ ᠵᠦᠢ ᠶ᠋ᠢ ᠡᠷᠬᠢᠮᠯᠡᠬᠦ ᠳ᠋ᠦ᠍ ᠠᠷᠠᠳ ᠤ᠋ᠨ ᠢ᠋ᠶ᠋ᠠᠨ ᠶᠣᠰᠣ ᠵᠠᠩᠰᠢᠯ ᠢ᠋ ᠴᠢᠩᠭ᠎ᠠ ᠮᠥᠷᠳᠡᠵᠦ ᠶᠠᠪᠤᠶ᠎ᠠ᠃
   ᠨᠢᠭᠡ᠂《ᠲᠣᠭᠣᠨᠣᠲᠤ ᠭᠡᠷ ᠲᠦ᠍ ᠲᠣᠯᠣᠭᠠᠢ ᠬᠣᠯᠪᠣᠨ ᠲᠣᠰᠣ ᠲᠠᠢ ᠱᠥᠯᠦᠨ ᠳ᠋ᠦ᠍ ᠬᠣᠰᠢᠭᠤ ᠬᠣᠯᠪᠣᠨ᠎ᠠ》 ᠭᠡᠳᠡᠭ ᠴᠢᠨᠢ ᠬᠠᠨᠢᠯᠠᠨ ᠰᠠᠭᠤᠬᠤ ᠬᠣᠶᠠᠷ ᠮᠠᠨᠢ ᠤᠬᠠᠭᠠᠨ ᠰᠠᠨᠠᠭ᠎ᠠ ᠠᠯᠢᠪᠠ ᠪᠠᠨ ᠡᠨᠡᠬᠦ ᠥᠷᠭᠥᠭᠡ ᠭᠣᠯᠣᠮᠲᠠ ᠶ᠋ᠢᠨ ᠢ᠋ᠶ᠋ᠡᠨ ᠲᠥᠯᠥᠭᠡ ᠰᠠᠨᠠᠵᠤ ᠨᠡᠮᠡᠵᠦ ᠯᠡ ᠪᠠᠢᠪᠠᠯ ᠢᠳᠡᠭᠡᠰᠢᠵᠦ ᠰᠢᠷᠭᠠᠯᠲᠤᠭᠰᠠᠨ ᠴᠠᠢ ᠰᠢᠭ᠋ ᠥᠨᠢᠷ ᠥᠳᠬᠡᠨ ᠴᠠᠢ ᠪᠤᠴᠠᠯᠵᠤ ᠡᠬᠢᠯᠡᠨ᠎ᠡ ᠭᠡᠰᠡᠨ ᠦᠭᠡ ᠳᠡ᠃ ᠡᠭᠦᠨ ᠦ᠌ ᠡᠰᠡᠷᠭᠦ ᠪᠡᠷ ᠬᠡᠨ ᠠᠯᠢᠨ ᠤ᠋ ᠪᠠᠨ ᠥᠴᠦᠬᠡᠨ ᠣᠰᠣᠯ ᠠᠯᠳᠠᠭ᠎ᠠ ᠶ᠋ᠢ ᠠᠭᠤᠴᠢᠯᠠᠬᠤ ᠦᠭᠡᠢ ᠪᠠᠭᠲᠠᠭᠠᠬᠤ ᠦᠭᠡᠢ ᠦᠭᠡᠯᠡᠵᠦ ᠰᠦᠪᠡᠯᠡᠭᠡᠳ ᠪᠠᠢᠪᠠᠯ ᠠᠮᠢᠳᠤᠷᠠᠯ ᠤ᠋ᠨ ᠠᠮᠲᠠ ᠠᠯᠳᠠᠷᠠᠬᠤ ᠪᠣᠯᠤᠨ᠎ᠠ᠃ ᠠᠢᠯ ᠭᠡᠷ ᠦ᠋ᠨ ᠠᠭᠠᠷ ᠶᠡᠷᠦ ᠨᠢ ᠪᠦᠰᠡᠭᠦᠢ ᠬᠥᠮᠦᠨ ᠦ᠌ ᠤᠬᠠᠭᠠᠨ ᠠ᠋ᠴᠠ ᠲᠣᠭᠲᠠᠭᠠᠭᠳᠠᠨ᠎ᠠ ᠭᠡᠳᠡᠭ᠂ ᠲᠡᠭᠡᠬᠦ ᠡᠴᠡ ᠠᠷᠠᠳ ᠤ᠋ᠨ ᠦᠭᠡᠨ ᠳ᠋ᠦ᠍《ᠰᠠᠢᠨ ᠡᠮᠡᠭᠡᠯ ᠠᠭᠲᠠ ᠶ᠋ᠢᠨ ᠴᠢᠮᠡᠭ᠂ ᠰᠠᠢᠬᠠᠨ ᠪᠦᠰᠡᠭᠦᠢ ᠭᠡᠷ ᠦ᠋ᠨ ᠴᠢᠮᠡᠭ》 ᠭᠡᠰᠡᠨ ᠬᠡᠯᠡᠴᠡ ᠪᠠᠢᠳᠠᠭ᠃ ᠡᠷᠡᠰ ᠦ᠋ᠳ ᠡᠷᠲᠡᠨ ᠡᠴᠡ ᠠᠪᠤᠭᠠᠳ ᠠᠶᠠᠨ ᠲᠡᠢᠨ᠂ ᠠᠩ ᠬᠦᠷᠦᠭᠡ᠂ ᠠᠶᠠᠨ ᠵᠢᠩ᠂ ᠠᠳᠤᠭᠤ ᠮᠠᠯ ᠭᠡᠳ ᠭᠠᠳᠠᠭᠰᠢ ᠬᠣᠯᠠ ᠪᠤᠶᠤ ᠬᠦᠨᠳᠦ ᠠᠵᠢᠯ ᠳ᠋ᠤ᠌ ᠭᠣᠣᠯᠳᠠᠵᠤ᠂ ᠬᠡᠦᠬᠡᠳ ᠦ᠋ᠨ ᠬᠥᠮᠦᠵᠢᠯ᠂ ᠬᠣᠭᠣᠯᠠ ᠬᠦᠨᠡᠰᠦ᠂ ᠣᠶᠣᠳᠠᠯ ᠪᠠᠷᠢᠳᠠᠯ᠂ ᠡᠳ᠋ ᠬᠥᠷᠥᠩᠭᠡ᠂ ᠰᠠᠳᠤᠨ ᠲᠥᠷᠥᠯ ᠦ᠋ᠨ ᠬᠠᠷᠢᠴᠠᠭ᠎ᠠ ᠮᠡᠲᠦ ᠭᠡᠷ ᠵᠠᠭᠤᠷ᠎ᠠ ᠶ᠋ᠢᠨ ᠨᠠᠷᠢᠨ ᠰᠢᠷᠢᠨ ᠤᠴᠢᠷ ᠲᠤ ᠴᠥᠮ ᠪᠦᠰᠡᠭᠦᠢᠴᠦᠦᠯ ᠭᠣᠣᠯᠳᠠᠵᠤ ᠢᠷᠡᠭᠰᠡᠨ ᠪᠠᠢᠳᠠᠭ᠃ ᠠᠮᠢᠳᠤᠷᠠᠯ ᠮᠡᠳᠡᠳᠡᠭ ᠤᠬᠠᠭᠠᠨᠲᠤ ᠪᠦᠰᠡᠭᠦᠢ ᠲᠡᠢ ᠠᠢᠯ ᠭᠡᠷ ᠢ᠋ ᠭᠠᠳᠠᠨ᠎ᠠ ᠠ᠋ᠴᠠ ᠨᠢ ᠬᠠᠷᠠᠬᠤ ᠳ᠋ᠤ᠌ ᠯᠠ ᠶᠠᠭᠤ ᠪᠦᠬᠦᠨ ᠨᠢ ᠲᠢᠭ ᠵᠢᠷᠤᠮ ᠲᠠᠢ ᠨᠢᠳᠦ ᠪᠠᠶᠠᠰᠬᠠᠨ᠎ᠠ᠂ ᠥᠷᠥᠭᠡ ᠭᠡᠷ ᠲᠤ ᠨᠢ ᠣᠷᠣᠭᠠᠳ ᠣᠴᠢᠬᠤ ᠳ᠋ᠤ᠌ ᠳᠠᠭᠤ ᠠᠯᠳᠠᠮ᠎ᠠ ᠴᠡᠪᠡᠷ ᠴᠡᠮᠴᠡᠭᠡᠷ ᠪᠠᠢᠳᠠᠭ᠂ ᠲᠣᠰᠣᠨ ᠭᠠᠷ ᠲᠠᠢ ᠠᠢᠯ ᠤ᠋ᠨ ᠪᠦᠰᠡᠭᠦᠢ ᠶ᠋ᠢᠨ ᠬᠠᠯᠠᠭᠤᠨ ᠠᠮᠠᠨ ᠠ᠋ᠴᠠ ᠶᠣᠰᠣ ᠵᠦᠢ ᠲᠡᠢ ᠦᠨᠡᠨ ᠦᠭᠡ ᠤᠷᠠᠨ ᠨᠠᠢᠷᠠᠭ ᠰᠢᠭ᠋ ᠤᠶᠠᠩᠭᠠᠷᠠᠨ ᠭᠠᠷᠬᠤ ᠪᠠᠷ ᠭᠡᠷ ᠦ᠋ᠨ ᠡᠵᠡᠨ ᠭᠡᠳᠡᠭᠡᠷ ᠬᠠᠷ᠎ᠠ ᠠᠮᠢᠳᠤᠷᠠᠯ ᠳ᠋ᠤ᠌ ᠪᠠᠨ ᠰᠡᠳᠬᠢᠯ ᠳᠦᠭᠦᠷᠡᠩ ᠪᠠᠢᠬᠤ ᠪᠠᠨ ᠬᠠᠷᠠᠭᠤᠯᠤᠨ ᠮᠠᠩᠨᠠᠢ ᠢᠯᠪᠢᠩᠭᠡᠨ ᠬᠠᠩᠬᠠᠢᠵᠤ ᠰᠠᠭᠤᠨ᠎ᠠ᠂ ᠡᠢᠮᠦ ᠣᠷᠴᠢᠨ ᠳ᠋ᠤ᠌ ᠲᠥᠷᠥᠵᠦ ᠥᠰᠬᠦ ᠬᠡᠦᠬᠡᠳ ᠦᠭᠡᠨ ᠳ᠋ᠦ᠍ ᠴᠡᠴᠡᠨ᠂ ᠦᠢᠯᠡ ᠳ᠋ᠦ᠍ ᠤᠷᠠᠨ᠂ ᠨᠣᠢᠷ ᠲᠤ ᠬᠥᠩᠭᠡᠨ᠂ ᠠᠵᠢᠯ ᠳ᠋ᠤ᠌ ᠰᠢᠭᠤᠷᠬᠠᠢ ᠳᠡᠭᠵᠢᠨ ᠴᠣᠪᠣᠭᠣ ᠪᠣᠯᠤᠨ᠎ᠠ᠃ ᠡᠨᠡ ᠮᠡᠲᠦ ᠪᠦᠰᠡᠭᠦᠢ ᠬᠥᠮᠦᠨ ᠦ᠌ ᠬᠠᠲᠤᠨ ᠤᠬᠠᠭᠠᠨ ᠯᠠ ᠠᠢᠯ ᠭᠡᠷ ᠦ᠋ᠨ ᠠᠭᠠᠷ ᠢ᠋ ᠰᠦᠯᠡᠵᠦ ᠪᠠᠢᠳᠠᠭ ᠠ᠋ᠴᠠ ᠡᠷ᠎ᠡ ᠬᠥᠮᠦᠨ ᠴᠤ᠌ ᠡᠳᠦᠷ ᠦ᠋ᠨ ᠤᠳᠠᠭᠠᠨ ᠳ᠋ᠤ᠌ ᠲᠡᠷᠡ ᠯᠠ ᠠᠭᠠᠷ ᠲᠤ ᠠᠭᠤᠰᠴᠤ ᠵᠠᠩ ᠠᠪᠤᠷᠢ ᠣᠪᠣᠷ ᠰᠤᠷᠲᠠᠯ ᠲᠡᠷᠡᠬᠦ ᠭᠡᠷ ᠦ᠋ᠨ ᠥᠩᠭᠡ ᠠᠶᠠᠰ ᠢ᠋ᠶ᠋ᠠᠷ ᠬᠥᠭᠯᠡᠭᠳᠡᠵᠦ᠂ ᠡᠷ᠎ᠡ ᠡᠮ᠎ᠡ ᠬᠣᠶᠠᠷ ᠤ᠋ᠨ ᠠᠭᠠᠯᠢ ᠠᠷᠠᠨᠰᠢᠨ ᠠ᠋ᠴᠠ ᠬᠡᠯᠡ ᠠᠶᠠᠯᠭᠤ᠂ ᠵᠢᠰᠦ ᠲᠥᠷᠬᠦ ᠬᠦᠷᠲᠡᠯ᠎ᠡ ᠢᠵᠢᠯᠰᠢᠬᠦ ᠬᠠᠨᠳᠤᠰᠢ ᠲᠠᠢ ᠪᠣᠯᠳᠠᠭ ᠨᠢ ᠡᠪ ᠵᠦᠢ ᠲᠡᠢ ᠠᠢᠯ ᠭᠡᠷ ᠦ᠋ᠨ ᠠᠭᠠᠷ ᠲᠤ ᠪᠡᠶ᠎ᠡ ᠰᠡᠳᠬᠢᠯ ᠢ᠋ᠶ᠋ᠡᠷ ᠢ᠋ᠶ᠋ᠡᠨ ᠠᠭᠤᠰᠤᠭᠰᠠᠨ ᠤ᠋ ᠬᠢ ᠪᠣᠯᠵᠠᠢ᠃ ᠡᠷ᠎ᠡ ᠨᠥᠬᠥᠷ ᠢ᠋ᠶ᠋ᠡᠨ ᠠᠢᠯ ᠭᠡᠷ ᠦ᠋ᠨ ᠨᠣᠶᠠᠨ ᠨᠢᠷᠤᠭᠤ ᠪᠣᠯᠭᠠᠨ ᠬᠦᠨᠳᠦᠯᠡᠵᠦ᠂ ᠮᠠᠯᠠᠭᠠᠢ ᠪᠦᠰᠡ ᠶ᠋ᠢ ᠨᠢ ᠴᠦ᠍ ᠳᠣᠣᠷ᠎ᠠ ᠲᠠᠯᠪᠢᠯ ᠦᠭᠡᠢ ᠠᠷᠠᠳ ᠤ᠋ᠨ ᠢ᠋ᠶ᠋ᠠᠨ ᠶᠣᠰᠣ ᠤᠯᠠᠮᠵᠢᠯᠠᠯ ᠢ᠋ᠶ᠋ᠠᠷ ᠳᠡᠭᠡᠳᠦᠯᠡᠵᠦ ᠪᠠᠢᠳᠠᠭ ᠭᠡᠷ ᠪᠦᠯᠢ ᠳ᠋ᠦ᠍ ᠡᠷ᠎ᠡ ᠬᠥᠮᠦᠨ ᠦ᠌ ᠬᠠᠷᠢᠭᠤᠴᠠᠯᠭᠠᠲᠤ ᠰᠡᠳᠬᠢᠯ ᠤᠯᠠᠮ ᠥᠳᠬᠡᠷᠡᠵᠦ᠂ ᠬᠥᠮᠦᠨ ᠦ᠌ ᠡᠮᠦᠨ᠎ᠡ ᠨᠡᠷ᠎ᠡ ᠲᠡᠢ ᠨᠢᠭᠤᠷ ᠲᠠᠢ ᠠᠮᠢᠳᠤᠷᠠᠶ᠎ᠠ᠂ ᠠᠪᠠᠭᠠᠢ ᠬᠡᠦᠬᠡᠳ ᠢ᠋ᠶ᠋ᠡᠨ ᠥᠩᠭᠡ ᠲᠡᠢ ᠥᠭᠡᠳᠡ ᠲᠡᠢ ᠠᠪᠴᠤ ᠶᠠᠪᠤᠶ᠎ᠠ ᠭᠡᠰᠡᠨ ᠬᠦᠰᠡᠯ ᠲᠡᠮᠡᠦᠯᠡᠯ ᠢ᠋ᠶ᠋ᠡᠷ ᠠᠵᠢᠯ ᠠᠮᠢᠳᠤᠷᠠᠯ ᠳ᠋ᠤ᠌ ᠪᠠᠨ ᠠᠯᠢᠪᠠ ᠬᠦᠴᠦ ᠤᠬᠠᠭᠠᠨ ᠢ᠋ᠶ᠋ᠠᠨ ᠰᠢᠪᠬᠠᠬᠤ ᠨᠢ ᠶᠠᠷᠢᠶᠠᠨ ᠦᠭᠡᠢ᠃ ᠡᠨᠡ ᠰᠠᠢᠬᠠᠨ ᠠᠭᠤᠯᠠ ᠬᠠᠢᠷᠬᠠᠨ ᠰᠢᠭ᠋ ᠲᠦᠰᠢᠭ ᠪᠣᠯᠤᠭᠰᠠᠨ ᠡᠷ᠎ᠡ ᠨᠥᠬᠥᠷ ᠦ᠋ᠨ ᠨᠥᠮᠥᠷᠢ ᠳᠣᠣᠷ᠎ᠠ ᠤᠬᠠᠭᠠᠨᠲᠤ ᠪᠦᠰᠡᠭᠦᠢ ᠶ᠋ᠢᠨ ᠰᠡᠳᠬᠢᠯ ᠬᠠᠢᠷ᠎ᠠ ᠤᠯᠠᠮ ᠢᠪᠢᠯᠵᠦ᠂ ᠨᠥᠬᠥᠷ ᠦ᠋ᠨ ᠢ᠋ᠶ᠋ᠡᠨ ᠬᠢᠭᠰᠡᠨ ᠬᠡᠯᠡᠭᠰᠡᠨ ᠪᠦᠬᠦᠨ ᠢ᠋ ᠪᠤᠰᠤᠳ ᠲᠤ ᠮᠠᠭᠲᠠᠵᠤ ᠭᠠᠷᠬᠤ ᠪᠠᠷ ᠡᠷ᠎ᠡ ᠬᠥᠮᠦᠨ ᠦ᠌ ᠣᠮᠣᠭ ᠬᠦᠰᠡᠯ ᠨᠡᠩᠳᠡ ᠣᠷᠭᠢᠯᠳᠠᠭ᠃ ᠠᠢᠯ ᠪᠦᠯᠢ ᠢᠩᠭᠢᠵᠦ ᠬᠦᠴᠦ ᠤᠬᠠᠭᠠᠨ ᠢ᠋ᠶ᠋ᠠᠨ ᠨᠡᠮᠡᠯᠴᠡᠨ ᠬᠠᠲᠠᠭᠤ ᠬᠥᠲᠡᠭᠦᠦ ᠴᠠᠰᠤᠲᠤ ᠬᠥᠨᠳᠡᠢ ᠰᠢᠭᠤᠷᠭᠠᠨᠲᠤ ᠬᠡᠭᠡᠷ᠎ᠡ᠂ ᠬᠠᠯᠠᠭᠤᠨ ᠪᠦᠯᠢᠶᠡᠨ ᠭᠠᠯ ᠭᠣᠯᠣᠮᠲᠠ ᠪᠠᠨ ᠪᠠᠳᠠᠷᠠᠭᠠᠵᠤ ᠪᠠᠢᠳᠠᠭ ᠨᠢ ᠮᠣᠩᠭᠣᠯ ᠠᠮᠢᠳᠤᠷᠠᠬᠤ ᠤᠬᠠᠭᠠᠨ ᠪᠣᠯᠠᠢ᠃ ᠥᠨᠥᠳᠥᠷ ᠦ᠋ᠨ ᠨᠡᠭᠡᠭᠡᠯᠲᠡ ᠲᠡᠢ ᠨᠡᠢᠭᠡᠮ ᠦ᠋ᠨ ᠣᠷᠴᠢᠨ ᠳ᠋ᠤ᠌ ᠭᠡᠷ ᠵᠠᠭᠤᠷ᠎ᠠ ᠪᠠᠨ ᠬᠡᠳᠦᠨ ᠦᠶ᠎ᠡ ᠶ᠋ᠢᠨ ᠬᠥᠮᠦᠰ ᠴᠢᠯᠥᠭᠡᠲᠡᠢ ᠵᠣᠭᠣᠭ ᠶᠠᠷᠢᠶ᠎ᠠ ᠳᠡᠯᠭᠡᠬᠦ᠂ ᠱᠣᠭ ᠶᠦᠮᠦᠷ ᠭᠠᠷᠭᠠᠬᠤ ᠨᠢ ᠭᠡᠷ ᠪᠦᠯᠢ ᠶ᠋ᠢᠨ ᠠᠭᠠᠷ ᠢ᠋ ᠤᠯᠠᠮ ᠭᠡᠭᠡᠨ ᠲᠤᠩᠭᠠᠯᠠᠭ ᠪᠣᠯᠭᠠᠨ᠎ᠠ ᠰᠢᠦ᠃
   ᠬᠣᠶᠠᠷ᠂ ᠠᠭᠤᠴᠢᠯᠠᠨ᠎ᠠ ᠭᠡᠳᠡᠭ ᠤᠬᠠᠭᠠᠨ ᠤ᠋ ᠣᠬᠢ᠃ ᠮᠣᠩᠭᠣᠯ ᠪᠦᠰᠡᠭᠦᠢᠴᠦᠦᠯ ᠡᠷ᠎ᠡ ᠨᠥᠬᠥᠷ ᠦ᠋ᠨ ᠢ᠋ᠶ᠋ᠡᠨ ᠶᠠᠮᠠᠷ ᠴᠤ᠌ ᠭᠡᠨᠡᠨ ᠲᠡᠨᠡᠭ ᠦᠢᠯᠡ ᠶᠠᠷᠢᠶ᠎ᠠ ᠶ᠋ᠢ ᠠᠭᠤᠴᠢᠯᠠᠵᠤ ᠬᠦᠯᠢᠴᠡᠵᠦ ᠴᠢᠳᠠᠳᠠᠭ ᠨᠢ ᠭᠠᠢᠬᠠᠮᠰᠢᠭᠲᠠᠢ ᠬᠠᠲᠤᠨ ᠤᠬᠠᠭᠠᠨ ᠪᠠᠢᠭᠰᠠᠨ᠃ ᠡᠷ᠎ᠡ ᠬᠥᠮᠦᠨ ᠦ᠌ ᠵᠠᠩ ᠠᠭᠠᠰᠢ ᠴᠦᠯᠲᠦ ᠭᠦᠳᠦᠰᠬᠡᠨ ᠪᠠᠢᠳᠠᠭ ᠠ᠋ᠴᠠ ᠪᠠᠵᠠᠭᠠᠬᠤ ᠦᠭᠡᠢ ᠬᠠᠲᠠᠭᠤ ᠰᠢᠷᠦᠭᠦᠨ ᠦᠭᠡ ᠬᠡᠯᠡᠴᠢᠬᠡᠬᠦ ᠨᠢ ᠶᠡᠷᠦ ᠶ᠋ᠢᠨ ᠪᠠᠢᠳᠠᠭ᠃ ᠠᠭᠤᠷ ᠣᠮᠣᠭ ᠨᠢ ᠴᠤ᠌ ᠣᠭᠵᠣᠮ ᠲᠦᠷᠭᠡᠨ ᠪᠠᠢᠳᠠᠭ ᠰᠤᠯᠠᠬᠠᠨ ᠲᠠᠯ᠎ᠠ ᠲᠠᠢ᠃ ᠡᠷ᠎ᠡ ᠬᠥᠮᠦᠨ ᠦ᠌ ᠦᠭᠡ ᠦᠢᠯᠡ ᠭᠠᠳᠠᠨ᠎ᠠ ᠪᠠᠨ ᠰᠢᠷᠦᠭᠦᠨ ᠴᠦ᠍ ᠳᠣᠲᠣᠷ᠎ᠠ ᠪᠠᠨ ᠵᠥᠭᠡᠯᠡᠨ ᠪᠠᠢᠳᠠᠭ ᠢ᠋ ᠪᠦᠰᠡᠭᠦᠢ ᠬᠥᠮᠦᠨ ᠦ᠌ ᠳᠠᠯᠳᠠ ᠶ᠋ᠢᠨ ᠨᠠᠷᠢᠨ ᠮᠡᠳᠡᠷᠡᠮᠵᠢ ᠴᠠᠭᠠᠨ᠎ᠠ ᠪᠠᠨ ᠪᠦᠷ ᠲᠤᠩᠭᠠᠳᠠᠭ ᠪᠠᠢᠵᠠᠢ᠃ ᠡᠷ᠎ᠡ ᠨᠥᠬᠥᠷ ᠦ᠋ᠨ ᠢ᠋ᠶ᠋ᠡᠨ ᠡᠳᠡᠭᠡᠷ ᠳᠤᠲᠠᠮᠠᠭ ᠲᠠᠯ᠎ᠠ ᠶ᠋ᠢ ᠨᠢ ᠪᠦᠰᠡᠭᠦᠢ ᠬᠥᠮᠦᠨ ᠨᠥᠬᠥᠵᠦ᠂ ᠠᠷᠭᠠᠳᠠᠨ ᠠᠭᠤᠴᠢᠯᠠᠵᠤ ᠪᠠᠢᠳᠠᠭ ᠠ᠋ᠴᠠ ᠠᠢᠯ ᠪᠦᠯᠢ ᠶ᠋ᠢᠨ ᠪᠦᠲᠦᠨ ᠤᠬᠠᠭᠠᠨ ᠪᠦᠷᠢᠳᠳᠡᠭ᠃ ᠰᠠᠭᠤᠷᠢᠰᠢᠯ ᠰᠣᠶᠣᠯ ᠤ᠋ᠨ ᠨᠥᠯᠥᠭᠡ᠂ ᠺᠢᠨᠣ᠋ ᠲᠧᠯᠸᠢᠰ ᠦ᠋ᠨ ᠬᠠᠯᠳᠠᠪᠤᠷᠢ ᠪᠠᠷ ᠡᠨᠡ ᠰᠣᠶᠣᠯ ᠤᠯᠠᠮᠵᠢᠯᠠᠯ ᠣᠳᠣ ᠶᠡᠬᠡᠳᠡ ᠭᠡᠭᠡᠭᠳᠡᠵᠦ ᠪᠠᠢᠨ᠎ᠠ᠃ ᠡᠳᠦᠷᠵᠢᠨ ᠨᠥᠬᠥᠷ ᠦ᠋ᠨ ᠢ᠋ᠶ᠋ᠡᠨ ᠠᠯᠢ ᠮᠠᠭᠤ ᠶ᠋ᠢ ᠨᠢ ᠶᠠᠷᠢᠵᠤ ᠶᠠᠩᠰᠢᠨ ᠶᠠᠷ᠎ᠠ ᠰᠢᠷᠬ᠎ᠠ ᠶ᠋ᠢ ᠨᠢ ᠬᠥᠨᠳᠡᠬᠦ᠂ ᠥᠩᠭᠡᠷᠡᠵᠦ ᠣᠳᠤᠭᠰᠠᠨ ᠬᠡᠷᠡᠭ ᠤᠴᠢᠷ ᠢ᠋ ᠮᠠᠯᠲᠠᠨ ᠳᠡᠯᠭᠡᠵᠦ᠂ ᠠᠬ᠎ᠠ ᠳᠡᠭᠦᠦ ᠰᠠᠳᠤᠨ ᠠᠪᠤ ᠡᠵᠢ ᠶ᠋ᠢᠨ ᠬᠢᠨᠢ ᠡᠮᠦᠨ᠎ᠡ ᠨᠢᠭᠤᠷ ᠨᠢᠭᠤᠷ ᠢ᠋ ᠨᠢ ᠪᠠᠷᠠᠬᠤ ᠪᠣᠯ ᠡᠷ᠎ᠡ ᠬᠥᠮᠦᠨ ᠦ᠌ ᠰᠠᠨᠠᠭ᠎ᠠ ᠶ᠋ᠢ ᠭᠠᠳᠠᠭᠰᠢ ᠬᠠᠨᠳᠤᠭᠤᠯᠬᠤ ᠠᠶᠤᠯᠲᠠᠢ ᠲᠠᠷᠨᠢ ᠪᠠᠢᠭ᠎ᠠ ᠶᠤᠮ᠃ ᠨᠥᠬᠥᠷ ᠢ᠋ᠶ᠋ᠡᠨ ᠠᠵᠢᠯ ᠠᠮᠢᠳᠤᠷᠠᠯ ᠭᠡᠷ ᠲᠦ᠍ ᠪᠡᠨ ᠲᠠᠲᠠᠶ᠎ᠠ ᠭᠡᠪᠡᠯ ᠥᠪᠡᠷ ᠲᠦ᠍ ᠨᠢ ᠪᠣᠯᠤᠨ ᠨᠠᠢᠵᠠ ᠨᠥᠬᠥᠳ ᠰᠠᠳᠤᠨ ᠲᠥᠷᠥᠯ ᠦ᠋ᠨ ᠬᠢᠨ ᠡᠮᠦᠨ᠎ᠡ ᠰᠠᠢᠨ ᠢ᠋ ᠨᠢ ᠦᠨᠡᠨ ᠰᠡᠳᠬᠢᠯ ᠡᠴᠡ ᠪᠡᠨ ᠦᠨᠡᠯᠡᠵᠦ ᠮᠡᠳᠡᠷᠡᠵᠦ ᠪᠠᠢᠪᠠᠯ ᠡᠷ᠎ᠡ ᠬᠥᠮᠦᠨ ᠦ᠌ ᠠᠢᠯ ᠪᠦᠯᠢ ᠶ᠋ᠢᠨ ᠢ᠋ᠶ᠋ᠡᠨ ᠲᠥᠯᠥᠭᠡ ᠭᠡᠬᠦ ᠥᠭᠡᠳᠡᠷᠬᠡᠭ ᠰᠡᠳᠬᠢᠯ ᠢ᠋ ᠨᠢ ᠨᠡᠭᠡᠭᠡᠵᠦ᠂ ᠡᠷ᠎ᠡ ᠨᠥᠬᠥᠷ ᠴᠢᠨᠢ ᠠᠮᠢᠳᠤᠷᠠᠬᠤ ᠶ᠋ᠢᠨ ᠲᠥᠯᠥᠭᠡ ᠶᠣᠰᠣᠲᠠᠢ ᠲᠦᠩᠬᠦᠯᠵᠡᠭᠡᠳ ᠭᠠᠷᠤᠭᠠᠳ ᠭᠦᠶᠦᠨ᠎ᠡ ᠭᠡᠵᠦ ᠮᠡᠳᠡᠭᠡᠷᠡᠢ᠃ ᠮᠠᠨ ᠤ᠋ ᠮᠣᠩᠭᠣᠯ ᠪᠦᠰᠡᠭᠦᠢᠴᠦᠦᠯ ᠤᠤᠯ ᠨᠢ《ᠠᠮᠠᠨ ᠪᠡᠯᠭᠡ ᠬᠠᠮᠢᠭᠠᠰᠢ ᠪᠠᠨ ᠪᠣᠯ ᠠᠰᠢᠳᠠ ᠶ᠋ᠢᠨ ᠪᠡᠯᠭᠡ ᠲᠠᠢᠰᠢ ᠪᠠᠨ》 ᠭᠡᠮᠡᠨ ᠪᠡᠯᠭᠡ ᠦᠭᠡᠢ ᠦᠭᠡ ᠶ᠋ᠢ ᠠᠮᠠᠨ ᠠ᠋ᠴᠠ ᠪᠠᠨ ᠤᠨᠠᠭᠠᠳᠠᠭ ᠦᠭᠡᠢ᠂ ᠬᠥᠮᠦᠨ ᠦ᠌ ᠥᠪᠡᠷ ᠦ᠋ᠨ ᠬᠡᠨ ᠢ᠋ ᠴᠤ᠌ ᠮᠠᠭᠤᠯᠠᠬᠤ ᠦᠭᠡᠢ ᠮᠥᠷᠲᠡᠭᠡᠨ ᠮᠠᠯ ᠠᠳᠤᠭᠤᠰᠤ ᠪᠠᠨ ᠴᠤ᠌ ᠠᠮᠠ ᠯᠠ ᠨᠡᠭᠡᠭᠡᠪᠡᠯ ᠬᠥᠭᠡᠷᠦᠬᠦᠢ ᠭᠡᠮᠡᠨ ᠦᠷᠦ ᠡᠪᠡᠳᠴᠦ ᠶᠠᠪᠤᠳᠠᠭ ᠨᠢ ᠪᠠᠰᠠ ᠨᠢᠭᠡᠨ ᠰᠣᠶᠣᠯ ᠤ᠋ᠨ ᠭᠠᠢᠬᠠᠮᠰᠢᠭ ᠶᠤᠮ ᠰᠢᠦ᠂ ᠡᠨᠡ ᠰᠠᠢᠬᠠᠨ ᠤᠯᠠᠮᠵᠢᠯᠠᠯ ᠢ᠋ᠶ᠋ᠠᠨ ᠳᠡᠭᠡᠳᠦᠯᠡᠵᠦ ᠶᠠᠪᠤᠶ᠎ᠠ ᠪᠢᠳᠡ ᠨᠠᠷ᠃ ᠪᠦᠰᠡᠭᠦᠢ ᠬᠥᠮᠦᠨ ᠦ᠌ ᠰᠣᠪᠢᠩ ᠮᠡᠳᠡᠷᠡᠮᠵᠢ ᠠᠮᠢᠳᠤᠷᠠᠯ ᠤ᠋ᠨ ᠢ᠋ᠶ᠋ᠠᠨ ᠠᠯᠢᠪᠠ ᠪᠦᠬᠦᠨ ᠥᠩᠭᠡ ᠲᠡᠢ ᠥᠭᠡᠳᠡ ᠲᠡᠢ ᠪᠠᠢᠬᠤ ᠶ᠋ᠢ ᠵᠥᠩᠨᠡᠵᠦ᠂ ᠦᠷ ᠦ᠋ᠨ ᠭᠡᠭᠡ ᠲᠡᠢ ᠤᠷᠤᠯᠳᠤᠨ ᠪᠣᠰᠴᠤ ᠡᠷᠦᠬᠡ ᠪᠡᠨ ᠲᠠᠲᠠᠵᠤ ᠭᠠᠯ ᠢ᠋ᠶ᠋ᠠᠨ ᠠᠰᠠᠭᠠᠵᠤ ᠢᠳᠡᠭᠡ ᠴᠠᠢ ᠶ᠋ᠢᠨ ᠢ᠋ᠶ᠋ᠡᠨ ᠳᠡᠭᠡᠵᠢ ᠶ᠋ᠢ ᠠᠭᠤᠯᠠ ᠬᠠᠢᠷᠬᠠᠨ ᠳ᠋ᠤ᠌ ᠪᠠᠨ ᠡᠷᠭᠦᠨ ᠠᠯᠢ ᠪᠡᠯᠭᠡ ᠲᠡᠢ ᠢᠷᠦᠭᠡᠯ ᠢ᠋ᠶ᠋ᠡᠷ ᠰᠢᠨ᠎ᠡ ᠡᠳᠦᠷ ᠢ᠋ ᠤᠭᠲᠤᠳᠠᠭ ᠨᠢ ᠥᠷᠯᠥᠭᠡ ᠪᠣᠯᠭᠠᠨ ᠨᠠᠷᠠᠨ ᠤ᠋ ᠪᠤᠮᠠᠨ ᠰᠠᠴᠤᠷᠠᠭ ᠲᠠᠢ ᠬᠠᠮᠲᠤ ᠥᠷᠥᠭᠡ ᠭᠡᠷ ᠢ᠋ ᠭᠡᠢᠭᠦᠯᠵᠦ ᠪᠠᠢᠳᠠᠭ ᠠ᠋ᠴᠠ ᠡᠷ᠎ᠡ ᠨᠥᠬᠥᠷ ᠦᠷ᠎ᠡ ᠬᠡᠦᠬᠡᠳ ᠦ᠋ᠨ ᠬᠢᠨ ᠰᠡᠳᠬᠢᠯ ᠦ᠋ᠨ ᠴᠣᠩᠬᠣ ᠪᠠᠷ ᠭᠡᠷᠡᠯ ᠭᠡᠭᠡ ᠲᠡᠳᠡᠨ ᠠᠢᠯ ᠭᠡᠷ ᠦ᠋ᠨ ᠳᠡᠭᠵᠢᠷᠡᠨ ᠮᠠᠨᠳᠤᠬᠤ ᠶ᠋ᠢᠨ ᠬᠥᠲᠥᠴᠢ ᠪᠣᠯᠵᠤ ᠪᠠᠢᠳᠠᠭ᠃ ᠡᠨᠡ ᠶᠣᠰᠣᠲᠠᠢ ᠰᠣᠶᠣᠯ ᠤᠯᠠᠮᠵᠢᠯᠠᠯ ᠤ᠋ᠨ ᠣᠬᠢ ᠱᠦᠯᠲᠦ ᠪᠠᠢᠭ᠎ᠠ᠃
   ᠭᠤᠷᠪᠠ᠂ ᠮᠠᠨ ᠤ᠋ ᠠᠢᠯ ᠭᠡᠷ ᠦ᠋ᠨ ᠶᠣᠰᠣᠨ ᠳ᠋ᠤ᠌ ᠬᠡᠨ ᠠᠯᠢᠨ ᠤ᠋ ᠪᠠᠨ ᠡᠷᠬᠡ ᠵᠦᠢ ᠨᠡᠷ᠎ᠡ ᠬᠦᠨᠳᠦ ᠳ᠋ᠦ᠍ ᠬᠠᠯᠳᠠᠳᠠᠭ ᠦᠭᠡᠢ ᠡᠪ ᠨᠠᠢᠷᠰᠠᠭ ᠡᠷᠬᠡ ᠲᠡᠭᠰᠢ ᠬᠠᠷᠢᠯᠴᠠᠵᠤ ᠶᠠᠪᠤᠳᠠᠭ ᠰᠠᠢᠬᠠᠨ ᠤᠯᠠᠮᠵᠢᠯᠠᠯ ᠲᠠᠢ᠃ ᠡᠷ᠎ᠡ ᠨᠥᠬᠥᠷ ᠨᠢ ᠠᠵᠢᠯ ᠮᠣᠳᠣ ᠪᠠᠷ ᠭᠠᠳᠠᠭᠰᠢ ᠭᠠᠷᠬᠤ ᠳ᠋ᠤ᠌ ᠵᠠᠮ ᠮᠥᠷ ᠢ᠋ ᠨᠢ ᠰᠦ ᠪᠡᠷ ᠮᠢᠯᠢᠶᠠᠵᠤ ᠪᠡᠯᠭᠡ ᠲᠡᠢ ᠢᠷᠦᠭᠡᠯ ᠬᠠᠢᠷᠠᠯᠠᠬᠤ ᠠ᠋ᠴᠠ ᠪᠢᠰᠢ ᠪᠣᠰᠢᠭᠣ ᠶᠠᠪᠤ ᠲᠦᠷᠭᠡᠨ ᠢᠷ᠎ᠡ᠂ ᠢᠩᠭᠢᠵᠦ ᠬᠢ ᠲᠡᠭᠡᠵᠦ ᠪᠣᠯᠬᠤ ᠦᠭᠡᠢ ᠭᠡᠮᠡᠨ ᠵᠠᠷᠯᠢᠭ ᠲᠤᠰᠢᠶᠠᠯ ᠪᠠᠭᠤᠯᠭᠠᠳᠠᠭ ᠦᠭᠡᠢ ᠨᠢ ᠮᠣᠩᠭᠣᠯ ᠵᠠᠩᠰᠢᠯ᠃ ᠡᠷ᠎ᠡ ᠨᠥᠬᠥᠷ ᠨᠢ ᠴᠦ᠍ ᠪᠦᠰᠡᠭᠦᠢ ᠪᠡᠨ《ᠡᠷ᠎ᠡ ᠶ᠋ᠢᠨ ᠪᠣᠭᠣᠯ᠂ ᠭᠡᠷ ᠦ᠋ᠨ ᠵᠠᠷᠤᠴᠠ》 ᠭᠡᠮᠡᠨ ᠦᠵᠡᠳᠡᠭ ᠦᠭᠡᠢ ᠬᠠᠷᠢᠯᠴᠠᠨ ᠨᠡᠷ᠎ᠡ ᠪᠡᠨ ᠴᠦ᠍ ᠴᠡᠭᠡᠷᠯᠡᠨ᠂ ᠮᠠᠨ ᠤ᠋ ᠬᠥᠮᠦᠨ ᠭᠡᠬᠦ ᠮᠡᠲᠦ ᠪᠡᠷ ᠵᠥᠭᠡᠯᠡᠨ ᠡᠶᠡᠷᠡᠬᠦᠨ ᠳᠠᠭᠤᠳᠠᠳᠠᠭ ᠬᠦᠨᠳᠦᠳᠬᠡᠯ ᠦ᠋ᠨ ᠵᠠᠩᠰᠢᠯ ᠲᠠᠢ ᠪᠠᠢᠭᠰᠠᠨ᠃ ᠨᠡᠩ ᠴᠦ᠍ ᠠᠢᠯ ᠪᠦᠯᠢ ᠪᠣᠯᠣᠮᠠᠭᠴᠠ ᠨᠥᠬᠥᠷ ᠢ᠋ᠶ᠋ᠡᠨ ᠳᠠᠬᠢᠨ ᠬᠥᠮᠦᠵᠢᠭᠦᠯᠵᠦ ᠰᠢᠨ᠎ᠡ ᠬᠥᠮᠦᠨ ᠪᠣᠯᠭᠠᠬᠤ ᠭᠡᠮᠡᠨ ᠣᠷᠣᠯᠳᠣᠬᠤ ᠪᠣᠯ ᠲᠤᠩ ᠲᠡᠨᠡᠭ ᠠᠵᠢᠯᠯᠠᠭ᠎ᠠ ᠭᠡᠳᠡᠭ ᠢ᠋ ᠮᠠᠨ ᠤ᠋ ᠮᠠᠯᠴᠢᠨ ᠠᠷᠠᠳ ᠡᠷᠲᠡ ᠡᠴᠡ ᠮᠡᠳᠡᠵᠦ ᠪᠠᠢᠭᠰᠠᠨ ᠨᠢ ᠭᠠᠢᠬᠠᠯᠲᠠᠢ᠃ ᠬᠠᠷᠢᠨ ᠡᠷ᠎ᠡ ᠬᠥᠮᠦᠨ ᠪᠣᠯ ᠬᠡᠵᠢᠶᠡᠳᠡ ᠲᠣᠮᠣᠭᠠᠵᠢᠳᠠᠭ ᠦᠭᠡᠢ ᠬᠡᠦᠬᠡᠳ ᠭᠡᠮᠡᠨ ᠶᠠᠪᠤᠵᠤ ᠰᠠᠭᠤᠬᠤ ᠳ᠋ᠤ᠌ ᠨᠢ ᠡᠮᠦᠰᠴᠦ ᠵᠡᠭᠦᠬᠦ ᠮᠠᠯᠠᠭᠠᠢ ᠭᠤᠲᠤᠯ ᠠ᠋ᠴᠠ ᠢᠳᠡᠵᠦ ᠤᠤᠭᠤᠬᠤ ᠬᠦᠨᠡᠰᠦ ᠴᠠᠢ ᠳ᠋ᠤ᠌ ᠨᠢ ᠬᠦᠷᠲᠡᠯ᠎ᠡ ᠪᠦᠬᠦ ᠶᠠᠭᠤᠮ᠎ᠠ ᠶ᠋ᠢ ᠨᠢ ᠲᠥᠬᠥᠭᠡᠷᠴᠦ ᠳᠣᠳᠣᠮᠳᠠᠵᠤ ᠶᠠᠪᠤᠳᠠᠭ ᠨᠢ ᠮᠣᠩᠭᠣᠯ ᠪᠦᠰᠡᠭᠦᠢᠴᠦᠳ ᠦ᠋ᠨ ᠲᠤᠩᠭᠠᠯᠠᠭ ᠤᠬᠠᠭᠠᠨ᠃ ᠲᠡᠭᠡᠬᠦ ᠪᠡᠷ ᠬᠡᠵᠢᠶᠡᠳᠡ ᠬᠡᠨ ᠠᠯᠢᠨ ᠳ᠋ᠤ᠌ ᠪᠠᠨ ᠬᠠᠯᠠᠮᠵᠢᠲᠠᠢ ᠬᠠᠨᠳᠤᠬᠤ ᠳ᠋ᠤ᠌ ᠪᠠᠨ《ᠰᠠᠢᠨ ᠶᠠᠪᠤᠭᠠᠷᠠᠢ!》᠂《ᠰᠠᠢᠨ ᠶᠠᠪᠤᠵᠤ ᠢᠷᠡᠪᠡᠦ?》᠂《ᠠᠵᠢᠯ ᠶᠠᠪᠤᠳᠠᠯ ᠰᠠᠢᠨ ᠪᠣᠯᠤᠭᠰᠠᠨ ᠤᠤ?》 ᠭᠡᠬᠦ ᠬᠡᠳᠦᠬᠡᠨ ᠦᠭᠡ ᠪᠡᠷ ᠬᠡᠨ ᠠᠯᠢᠨ ᠤ᠋ ᠪᠠᠨ ᠰᠡᠳᠬᠢᠯ ᠢ᠋ ᠳᠤᠯᠠᠭᠠᠯᠠᠵᠤ ᠪᠠᠢᠳᠠᠭ ᠨᠢ ᠶᠠᠩᠰᠢᠶ᠎ᠠ ᠴᠠᠯᠴᠢᠶ᠎ᠠ ᠶ᠋ᠢ ᠴᠡᠭᠡᠷᠯᠡᠳᠡᠭ ᠮᠣᠩᠭᠣᠯ ᠰᠣᠶᠣᠯ ᠤ᠋ᠨ ᠪᠠᠰᠠ ᠨᠢᠭᠡᠨ ᠭᠠᠢᠬᠠᠮᠰᠢᠭ ᠭᠡᠯᠲᠡᠢ! ᠲᠡᠢᠮᠦ ᠡᠴᠡ ᠥᠭᠦᠯᠡᠬᠦ ᠳᠣᠳᠣᠮ ᠦᠭᠡᠨ ᠦ᠌ ᠦᠨ᠎ᠡ ᠤᠨᠠᠨ᠎ᠠ ᠭᠡᠳᠡᠭ ᠢ᠋ ᠮᠡᠳᠡᠳᠡᠭ ᠮᠠᠨ ᠤ᠋ ᠠᠷᠠᠳ ᠤ᠋ᠨ ᠳᠤᠮᠳᠠ《ᠣᠯᠠᠨ ᠦᠭᠡ ᠣᠯᠵᠠ ᠥᠬᠡᠢ᠂ ᠣᠭᠳᠣᠭᠣᠷ ᠨᠣᠬᠠᠢ ᠰᠢᠨᠵᠢ ᠦᠭᠡᠢ》 ᠭᠡᠬᠦ ᠬᠡᠯᠡᠴᠡ ᠲᠥᠷᠥᠭᠰᠡᠨ ᠳᠡ᠃ ᠣᠳᠣ ᠭᠡᠷ ᠪᠦᠯᠢ ᠶ᠋ᠢᠨ ᠭᠡᠭᠡᠨ ᠴᠡᠯᠮᠡᠭ ᠠᠭᠠᠷ ᠢ᠋ ᠪᠦᠷ ᠯᠡ ᠬᠣᠪ ᠵᠢᠪ ᠶᠠᠩᠰᠢᠶ᠎ᠠ ᠴᠠᠯᠴᠢᠶ᠎ᠠ᠂ ᠨᠡᠢᠭᠡᠮ ᠦ᠋ᠨ ᠬᠠᠷᠢᠯᠴᠠᠭᠠᠨ ᠳ᠋ᠠᠬᠢ ᠠᠰᠢᠭ ᠬᠣᠨᠵᠢᠶᠠᠨ ᠤ᠋ ᠲᠤᠬᠠᠢ ᠬᠣᠭ ᠤ᠋ᠨ ᠵᠣᠭᠣᠭ ᠮᠠᠭᠤ ᠪᠠᠷ ᠨᠥᠯᠥᠭᠡᠯᠡᠵᠦ ᠪᠠᠢᠨ᠎ᠠ᠂ ᠡᠨᠡ ᠪᠣᠯ ᠮᠣᠩᠭᠣᠯ ᠤᠯᠠᠮᠵᠢᠯᠠᠯ ᠢ᠋ᠶ᠋ᠠᠨ ᠠᠯᠳᠠᠵᠤ ᠪᠠᠢᠬᠤ ᠶ᠋ᠢᠨ ᠢᠯᠡᠷᠡᠯ ᠪᠠᠢᠭ᠎ᠠ᠃ ᠠᠢᠯ ᠪᠦᠯᠢ ᠶ᠋ᠢᠨ ᠰᠠᠢᠨ ᠰᠠᠢᠬᠠᠨ ᠤ᠋ ᠲᠥᠯᠥᠭᠡ ᠶᠣᠰᠣ ᠵᠠᠩᠰᠢᠯ ᠢ᠋ᠶ᠋ᠠᠨ ᠢᠯᠡᠭᠦᠬᠡᠨ ᠲᠤᠩᠭᠠᠵᠤ ᠦᠵᠡᠭᠡᠷᠡᠢ !
   ᠳᠥᠷᠪᠡ᠂ ᠡᠷ᠎ᠡ ᠬᠥᠮᠦᠨ ᠠᠢᠯ ᠪᠦᠯᠢ ᠶ᠋ᠢᠨ ᠨᠣᠶᠠᠨ ᠨᠢᠷᠤᠭᠤ ᠪᠣᠯᠵᠤ ᠡᠷᠦᠬᠡ ᠭᠡᠷ ᠢ᠋ ᠲᠣᠯᠣᠭᠠᠢᠯᠠᠵᠤ ᠶᠠᠪᠤᠬᠤ ᠳ᠋ᠤ᠌ ᠪᠠᠨ ᠠᠵᠢᠯᠴᠢ ᠠᠷᠪᠢᠴᠢ᠂ ᠲᠦᠪᠰᠢᠨ ᠰᠢᠳᠤᠷᠭᠤ ᠵᠠᠩ ᠢ᠋ᠶ᠋ᠠᠷ ᠢ᠋ᠶ᠋ᠠᠨ ᠠᠢᠯ ᠪᠦᠯᠢ ᠶ᠋ᠢᠨ ᠬᠡᠢᠮᠣᠷᠢ ᠰᠦᠯᠳᠡ ᠪᠣᠯᠬᠤ ᠠ᠋ᠴᠠ ᠪᠢᠰᠢ ᠠᠭᠤᠷ ᠠᠭᠠᠭ ᠬᠡᠳᠡᠷ ᠲᠣᠭᠰᠢᠨ ᠢ᠋ᠶ᠋ᠠᠷ ᠢ᠋ᠶ᠋ᠠᠨ ᠡᠷ᠎ᠡ ᠴᠢᠳᠠᠯ ᠭᠠᠷᠭᠠᠳᠠᠭ ᠦᠭᠡᠢ ᠨᠢ ᠲᠩᠷᠢ ᠨᠤᠷᠠᠭᠰᠠᠨ ᠴᠤ᠌ ᠰᠦᠷᠳᠡᠰᠢ ᠦᠭᠡᠢ ᠪᠠᠢᠳᠠᠭ ᠮᠣᠩᠭᠣᠯ ᠡᠷ᠎ᠡ ᠶ᠋ᠢᠨ ᠠᠭᠤᠳᠠᠮᠴᠢ ᠶ᠋ᠢ ᠭᠠᠢᠬᠠᠭᠤᠯᠤᠨ᠎ᠠ᠃ ᠨᠡᠩ ᠴᠤ᠌ ᠠᠪᠠᠭᠠᠢ ᠬᠡᠦᠬᠡᠳ ᠦ᠋ᠨ ᠤᠴᠢᠷ ᠲᠤ ᠠᠮᠠ ᠲᠥᠷᠥᠳᠡᠭ ᠦᠭᠡᠢ᠂ ᠰᠠᠭᠤᠳᠠᠯ ᠪᠠᠷᠢᠳᠠᠯ ᠣᠪᠣᠷ ᠲᠥᠷᠬᠦ ᠪᠡᠷ ᠢ᠋ᠶ᠋ᠡᠨ ᠵᠥᠪᠰᠢᠶᠡᠷᠡᠬᠦ ᠡᠰᠡᠬᠦ ᠰᠠᠨᠠᠭ᠎ᠠ ᠪᠣᠳᠣᠯ ᠢ᠋ᠶ᠋ᠠᠨ ᠲᠣᠳᠣ ᠢᠯᠡᠷᠡᠭᠦᠯᠳᠡᠭ ᠮᠣᠩᠭᠣᠯ ᠡᠷ᠎ᠡ ᠶ᠋ᠢᠨ ᠲᠩᠷᠢᠯᠢᠭ ᠳᠦᠷᠢ ᠶᠣᠰᠣᠲᠠᠢ ᠠᠢᠯ ᠪᠦᠯᠢ ᠶ᠋ᠢᠨ ᠢ᠋ᠶ᠋ᠡᠨ ᠲᠦᠰᠢᠭ ᠪᠣᠯᠵᠤ ᠭᠡᠷ ᠦ᠋ᠨ ᠬᠣᠢᠮᠣᠷ ᠳᠦᠭᠦᠷᠭᠡᠨ᠎ᠡ᠃ ᠬᠡᠦᠬᠡᠳ ᠦ᠋ᠨ ᠢ᠋ᠶ᠋ᠡᠨ ᠳᠦᠷᠰᠦᠭᠦᠢ ᠠᠭᠠᠰᠢᠯᠠᠬᠤ ᠶ᠋ᠢ ᠴᠤ᠌ ᠬᠠᠷᠠᠴᠠ ᠪᠠᠷ ᠢ᠋ᠶ᠋ᠠᠨ ᠰᠢᠭᠦᠮᠵᠢᠯᠡᠭᠡᠳ ᠯᠡ ᠥᠩᠭᠡᠷᠡᠳᠡᠭ ᠮᠣᠩᠭᠣᠯ ᠡᠷ᠎ᠡ ᠶ᠋ᠢᠨ ᠰᠡᠳᠬᠢᠯ ᠠᠷᠠᠨᠰᠢᠨ ᠦᠨᠡᠬᠡᠷ ᠡᠭᠡᠷᠡᠮ᠎ᠡ ᠲᠠᠯ᠎ᠠ ᠰᠢᠭ᠋ ᠠᠭᠤᠳᠠᠮᠴᠢ ᠶ᠋ᠢ ᠭᠠᠢᠬᠠᠭᠤᠯᠤᠨ᠎ᠠ᠃ ᠡᠢᠮᠦ ᠯᠡ ᠬᠥᠮᠦᠰ ᠦ᠋ᠨ ᠣᠷᠴᠢᠨ ᠳ᠋ᠤ᠌ ᠠᠮᠢᠳᠤᠷᠠᠯ ᠭᠡᠷᠡᠯ ᠭᠡᠭᠡ᠂ ᠤᠶᠠᠩᠭ᠎ᠠ ᠲᠠᠢ ᠪᠠᠢᠬᠤ ᠨᠢ ᠠᠷᠭ᠎ᠠ ᠦᠭᠡᠢ᠃ ᠠᠮᠢᠳᠤᠷᠠᠯ ᠤ᠋ᠨ ᠠᠯᠢ ᠪᠡᠷᠬᠡ ᠬᠠᠲᠠᠭᠤ ᠦᠶ᠎ᠡ ᠳ᠋ᠦ᠍ ᠯᠡ ᠬᠠᠨᠢ ᠨᠥᠬᠥᠷ ᠦ᠋ᠨ ᠰᠠᠢᠨ ᠴᠢᠨᠠᠷ ᠬᠠᠮᠤᠭ ᠲᠣᠳᠣ ᠢᠯᠭᠠᠷᠠᠵᠤ ᠪᠠᠢᠳᠠᠭ᠃ ᠬᠣᠢᠮᠣᠷ ᠳᠦᠭᠦᠷᠭᠡᠨ ᠰᠠᠭᠤᠬᠤ ᠡᠴᠢᠭᠡ ᠬᠥᠮᠦᠨ ᠦ᠌ ᠰᠦᠷ ᠨᠠᠮᠪᠠ᠂ ᠬᠦᠨᠳᠦ ᠭᠠᠴᠢᠭ ᠵᠤᠳ ᠰᠢᠭᠤᠷᠭ᠎ᠠ ᠶ᠋ᠢᠨ ᠡᠮᠦᠨ᠎ᠡ ᠴᠢᠷᠠᠢ ᠠᠯᠳᠠᠬᠤ ᠦᠭᠡᠢ ᠰᠦᠷᠯᠢᠭ ᠳᠦᠷᠢ ᠠᠢᠯ ᠭᠡᠷ ᠦ᠋ᠨ ᠭᠡᠷᠡᠯ ᠰᠦᠯᠳᠡ ᠪᠣᠯᠵᠤ᠂ ᠦᠷ᠎ᠡ ᠬᠡᠦᠬᠡᠳ ᠲᠤ ᠪᠡᠨ ᠣᠮᠣᠭ ᠵᠣᠷᠢᠭ ᠴᠤ᠌ᠭ ᠵᠢᠪᠬᠤᠭ᠎ᠠ ᠪᠡᠯᠡᠭᠯᠡᠨ᠎ᠡ᠃ ᠬᠡᠦᠬᠡᠳ ᠲᠤ ᠪᠡᠨ ᠡᠷ᠎ᠡ ᠵᠣᠷᠢᠭ ᠤᠬᠠᠭᠠᠨ ᠰᠠᠮᠪᠠᠭ᠎ᠠ ᠶ᠋ᠢ ᠡᠴᠢᠭᠡ ᠡᠬᠡ ᠡᠨᠡ ᠮᠡᠲᠦ ᠠᠵᠢᠯ ᠠᠮᠢᠳᠤᠷᠠᠯ ᠳᠤᠮᠳᠠᠬᠢ ᠦᠢᠯᠡ ᠠᠵᠢᠯᠯᠠᠭ᠎ᠠ ᠪᠠᠷ ᠢ᠋ᠶ᠋ᠠᠨ ᠬᠡᠪ ᠳᠠᠭᠤᠷᠢᠶᠠᠯ ᠪᠣᠯᠬᠤ ᠠ᠋ᠴᠠ ᠪᠢᠰᠢ ᠠᠮᠠᠨ ᠶᠠᠩᠰᠢᠶ᠎ᠠ ᠪᠠᠷ ᠬᠡᠢᠰᠪᠦᠷᠢ ᠰᠤᠷᠭᠠᠯ ᠨᠣᠮᠯᠠᠳᠠᠭ ᠦᠭᠡᠢ ᠨᠢ ᠪᠠᠰᠠ ᠴᠤ᠌ ᠮᠠᠯᠵᠢᠬᠤ ᠰᠣᠶᠣᠯ ᠤ᠋ᠨ ᠦᠯᠢᠭᠡᠷ ᠵᠢᠱ᠌ᠢᠶ᠎ᠡ ᠪᠠᠢᠭ᠎ᠠ᠃
   ᠲᠠᠪᠤ᠂ ᠨᠡᠢᠭᠡᠮ ᠦ᠋ᠨ ᠬᠠᠷᠢᠭᠤᠴᠠᠯᠭ᠎ᠠ ᠥᠷᠭᠡᠨ ᠴᠢᠯᠥᠭᠡᠲᠡᠢ ᠲᠡᠢ ᠪᠣᠯᠤᠭᠰᠠᠨ ᠨᠢ ᠬᠥᠮᠦᠰ ᠦ᠋ᠨ ᠠᠭᠤᠯᠵᠠᠨ ᠲᠠᠨᠢᠯᠴᠠᠬᠤ ᠵᠠᠢ ᠥᠷᠭᠡᠵᠢᠵᠦ᠂ ᠦᠵᠡᠵᠦ ᠰᠣᠨᠣᠰᠬᠤ ᠵᠦᠢᠯ ᠣᠯᠠᠨ ᠪᠣᠯᠤᠭᠰᠠᠨ ᠠ᠋ᠴᠠ ᠥᠨᠥᠳᠥᠷ ᠦ᠋ᠨ ᠬᠥᠮᠦᠰ ᠠᠯᠢᠪᠠ ᠪᠦᠬᠦᠨ ᠢ᠋ᠶ᠋ᠡᠨ ᠬᠠᠷᠢᠯᠴᠠᠨ ᠠᠳᠠᠯᠢᠳᠬᠠᠬᠤ ᠪᠣᠯᠵᠠᠢ᠃ ᠡᠳᠡᠭᠡᠷ ᠬᠠᠷᠢᠴᠠᠭᠤᠯᠤᠯ ᠳ᠋ᠤ᠌ ᠡᠷᠡᠭᠦᠯ ᠰᠡᠳᠬᠢᠴᠡ ᠪᠡᠷ ᠬᠠᠨᠳᠤᠬᠤ ᠦᠭᠡᠢ ᠪᠣᠯ ᠠᠮᠢᠳᠤᠷᠠᠯ ᠳ᠋ᠤ᠌ ᠪᠠᠨ ᠢᠯᠡᠭᠦᠴᠡ ᠳᠠᠷᠤᠭᠠᠰᠤ ᠠᠪᠴᠢᠷᠠᠬᠤ ᠪᠠᠷ ᠪᠠᠷᠠᠬᠤ ᠦᠭᠡᠢ ᠵᠠᠷᠢᠮ ᠬᠥᠮᠦᠰ ᠲᠦ᠍ ᠪᠤᠰᠤᠳ ᠤ᠋ᠨ ᠨᠥᠬᠥᠷ ᠠᠪᠠᠭᠠᠢ ᠥᠪᠡᠷ ᠦ᠋ᠨ ᠬᠢ ᠡᠴᠡ ᠨᠢ ᠰᠢᠯᠢᠳᠡᠭ ᠬᠠᠷᠠᠭᠳᠠᠬᠤ ᠡᠨᠳᠡᠭᠦᠦ ᠰᠠᠷᠠᠯ ᠥᠭᠴᠦ᠂ ᠠᠢᠯ ᠪᠦᠯᠢ ᠶ᠋ᠢᠨ ᠴᠡᠯᠮᠡᠭ ᠠᠭᠠᠷ ᠢ᠋ ᠰᠥᠭᠡᠷᠭᠦ ᠪᠡᠷ ᠨᠥᠯᠥᠭᠡᠯᠡᠬᠦ ᠪᠣᠯᠵᠤ ᠪᠠᠢᠨ᠎ᠠ᠃ ᠬᠥᠮᠦᠰ ᠭᠡᠷ ᠵᠠᠭᠤᠷ᠎ᠠ ᠪᠠᠨ ᠪᠣᠯ ᠠᠵᠢᠯ ᠤ᠋ᠨ ᠡᠭᠡᠯ ᠪᠣᠷᠣ ᠬᠤᠪᠴᠠᠰᠤ ᠪᠠᠨ ᠡᠮᠦᠰᠴᠦ᠂ ᠳᠠᠪᠤᠰᠤ ᠴᠠᠢ ᠲᠣᠭᠣᠭ᠎ᠠ ᠰᠢᠨᠠᠭ᠎ᠠ ᠬᠡᠦᠬᠡᠳ ᠠᠴᠢᠷ ᠤ᠋ᠨ ᠠᠵᠢᠯ ᠰᠤᠷᠤᠯᠭ᠎ᠠ ᠭᠡᠳ ᠠᠮᠢᠳᠤᠷᠠᠯ ᠤ᠋ᠨ ᠬᠠᠮᠤᠭ ᠡᠭᠡᠯ ᠶᠡᠷᠦᠮᠳᠡᠭ ᠵᠣᠭᠣᠭ ᠢ᠋ ᠳᠡᠯᠭᠡᠨ᠎ᠡ᠃ ᠠᠢᠯᠴᠢᠯᠠᠬᠤ ᠪᠤᠶᠤ ᠠᠵᠢᠯ ᠤ᠋ᠨ ᠭᠠᠵᠠᠷ ᠠᠭᠤᠯᠵᠠᠬᠤ ᠳ᠋ᠤ᠌ ᠠᠯᠢ ᠰᠠᠢᠬᠠᠨ ᠥᠩᠭᠡ ᠲᠡᠢ ᠬᠤᠪᠴᠠᠰᠤ ᠪᠠᠷ ᠢ᠋ᠶ᠋ᠠᠨ ᠭᠠᠩᠭᠠᠯᠠᠵᠤ᠂ ᠦᠭᠡᠨ ᠦ᠌ ᠰᠣᠳᠣᠨ ᠢ᠋ ᠰᠣᠩᠭᠣᠵᠤ ᠠᠮᠢᠳᠤᠷᠠᠯ ᠨᠡᠢᠭᠡᠮ ᠦ᠋ᠨ ᠲᠣᠮᠣ ᠤᠴᠢᠷ ᠢ᠋ ᠰᠢᠭᠦᠮᠵᠢᠯᠡᠨ ᠡᠷᠳᠡᠮ ᠤᠬᠠᠭᠠᠨ ᠢ᠋ᠶ᠋ᠠᠨ ᠭᠠᠢᠬᠠᠭᠤᠯᠵᠤ᠂ ᠥᠪᠡᠷᠰᠡᠳ ᠦ᠋ᠨ ᠠᠯᠢ ᠥᠩᠭᠡ ᠲᠡᠢ ᠴᠢᠳᠠᠮᠠᠭ ᠲᠠᠯ᠎ᠠ ᠪᠠᠨ ᠬᠠᠷᠠᠭᠤᠯᠤᠨ᠎ᠠ᠃ ᠡᠳᠡᠭᠡᠷ ᠨᠢ ᠬᠥᠮᠦᠰ ᠲᠦ᠍ ᠡᠨᠳᠡᠭᠦᠦ ᠰᠠᠷᠠᠯ ᠥᠭᠬᠦ ᠪᠣᠯᠤᠮᠵᠢ ᠲᠠᠢ ᠠ᠋ᠴᠠ ᠥᠪᠡᠷᠰᠡᠳ ᠦ᠋ᠨ ᠠᠪᠠᠭᠠᠢ ᠨᠥᠬᠥᠷ ᠲᠦ᠍ ᠪᠡᠨ ᠰᠡᠳᠬᠢᠯ ᠳᠤᠨᠳᠠᠭᠤᠷ ᠪᠣᠯᠬᠤ ᠲᠠᠯ᠎ᠠ ᠲᠠᠢ᠃ ᠡᠨᠡᠬᠦ ᠨᠡᠢᠭᠡᠮ ᠦ᠋ᠨ ᠬᠠᠷᠢᠯᠴᠠᠭᠠᠨ ᠤ᠋ ᠰᠡᠳᠬᠢᠴᠡ ᠶ᠋ᠢ ᠮᠠᠨ ᠤ᠋ ᠠᠷᠠᠳ ᠲᠦᠮᠡᠨ ᠡᠷᠲᠡᠨ ᠡᠴᠡ ᠣᠢᠯᠠᠭᠠᠳᠠᠭ ᠪᠣᠯᠬᠣᠷ《ᠠᠪᠤᠭ᠎ᠠ ᠦᠭᠡᠢ ᠪᠠᠢᠬᠤ ᠳ᠋ᠤ᠌ ᠠᠪᠠᠭᠠᠢ ᠰᠠᠢᠬᠠᠨ᠂ ᠠᠯᠠᠭ᠎ᠠ ᠦᠭᠡᠢ ᠪᠠᠢᠬᠤ ᠳ᠋ᠤ᠌ ᠦᠨᠡᠭᠡ ᠰᠠᠢᠬᠠᠨ 》 ᠬᠡᠮᠡᠬᠦ ᠰᠤᠷᠭᠠᠮᠵᠢᠲᠤ ᠦᠭᠡ ᠪᠡᠷ ᠰᠠᠨᠠᠭᠤᠯᠤᠭᠰᠠᠭᠠᠷ ᠢᠷᠡᠭᠰᠡᠨ ᠢ᠋ ᠪᠣᠳᠣᠭᠤᠰᠢᠲᠠᠢ᠃
   ᠵᠢᠷᠭᠤᠭ᠎ᠠ᠂ ᠡᠨᠳᠡ ᠠᠢᠯ ᠭᠡᠷ ᠦ᠋ᠨ ᠠᠭᠠᠷ ᠢ᠋ᠶ᠋ᠠᠨ ᠥᠭᠡᠳᠡ ᠨᠢ ᠲᠠᠲᠠᠬᠤ ᠲᠡᠮᠳᠡᠭᠯᠡᠯ ᠬᠢᠬᠦ ᠲᠤᠬᠠᠢ ᠳᠥᠬᠥᠮᠬᠡᠨ ᠬᠡᠳᠦᠨ ᠰᠠᠨᠠᠭᠤᠯᠭ᠎ᠠ ᠳᠤᠷᠠᠳᠤᠶ᠎ᠠ᠂ ᠬᠡᠷᠡᠭᠯᠡᠵᠦ ᠦᠵᠡᠭᠡᠷᠡᠢ᠃
   1᠂ ᠬᠡᠦᠬᠡᠳ ᠦ᠋ᠨ ᠢ᠋ᠶ᠋ᠡᠨ ᠦᠰᠦᠨ ᠪᠣᠢᠵᠢᠯᠲᠠ ᠶ᠋ᠢᠨ ᠬᠢᠨ ᠲᠤᠬᠠᠢ ᠲᠡᠮᠳᠡᠭᠯᠡᠯ ᠬᠢᠭᠡᠷᠡᠢ᠃ ᠬᠡᠪᠡᠯᠢ ᠳ᠋ᠦ᠍ ᠪᠠᠢᠬᠤ ᠠ᠋ᠴᠠ ᠡᠬᠢᠯᠡᠨ ᠬᠡᠳᠦᠨ ᠰᠠᠷ᠎ᠠ ᠲᠠᠢ ᠬᠥᠳᠡᠯᠬᠦ ᠪᠣᠯᠤᠭᠰᠠᠨ᠂ ᠡᠬᠡ ᠨᠢ ᠪᠠᠶᠠᠷᠯᠠᠬᠤ ᠦᠶ᠎ᠡ ᠳ᠋ᠦ᠍ ᠬᠡᠦᠬᠡᠳ ᠪᠠᠰᠠ ᠪᠠᠶᠠᠷᠯᠠᠭᠠᠳ ᠬᠡᠪᠡᠯᠢ ᠳ᠋ᠦ᠍ ᠪᠡᠨ ᠶᠠᠭᠠᠬᠢᠵᠤ ᠬᠥᠳᠡᠯᠵᠦ ᠪᠠᠢᠭᠰᠠᠨ᠂ ᠲᠥᠷᠥᠭᠰᠡᠨ ᠡᠴᠡ ᠤᠬᠠᠭᠠᠨ ᠣᠷᠣᠲᠠᠯ᠎ᠠ ᠡᠳᠦᠷ ᠪᠣᠯᠭᠠᠨ ᠤ᠋ ᠦᠢᠯᠡ ᠬᠥᠳᠡᠯᠭᠡᠭᠡᠨ᠂ ᠢᠨᠢᠶᠡᠳᠦ ᠲᠡᠢ ᠱᠣᠭᠲᠠᠢ ᠤᠴᠢᠷ᠂ ᠬᠡᠵᠢᠶ᠎ᠡ ᠮᠥᠯᠬᠥᠵᠦ ᠡᠬᠢᠯᠡᠭᠰᠡᠨ᠂ ᠬᠡᠵᠢᠶ᠎ᠡ ᠠᠩᠬ᠎ᠠ ᠦᠭᠡ ᠬᠡᠯᠡᠭᠰᠡᠨ᠂ ᠶᠠᠭᠤ ᠭᠡᠵᠦ ᠬᠡᠯᠡᠭᠰᠡᠨ᠂ ᠨᠡᠩ ᠬᠡᠯᠡ ᠳ᠋ᠦ᠍ ᠣᠷᠣᠭᠰᠠᠨ ᠤ᠋ ᠳᠠᠷᠠᠭᠠᠬᠢ ᠢᠨᠢᠶᠡᠳᠦ ᠱᠣᠭ ᠲᠠᠢ ᠣᠯᠠᠨ ᠰᠠᠢᠬᠠᠨ ᠭᠱᠠᠨ ᠵᠠᠭᠤᠷ᠎ᠠ ᠶ᠋ᠢ ᠲᠡᠮᠳᠡᠭᠯᠡᠵᠦ ᠦᠯᠡᠳᠡᠭᠡᠷᠡᠢ! ᠬᠡᠦᠬᠡᠳ ᠶᠡᠬᠡ ᠪᠣᠯᠤᠭᠰᠠᠨ ᠤ᠋ ᠳᠠᠷᠠᠭ᠎ᠠ ᠡᠴᠢᠭᠡ ᠡᠬᠡ ᠡᠴᠡ ᠣᠯᠬᠤ ᠬᠠᠮᠤᠭ ᠦᠨ᠎ᠡ ᠴᠠᠨ᠎ᠠ ᠲᠠᠢ ᠨᠠᠨᠳᠢᠨ ᠪᠡᠯᠡᠭ ᠰᠢᠦ! ᠣᠳᠣ ᠶ᠋ᠢᠨ ᠬᠥᠮᠦᠰ ᠵᠢᠷᠤᠭ ᠰᠡᠭᠦᠳᠡᠷ ᠯᠡ ᠣᠯᠠᠨ ᠦᠯᠡᠳᠡᠭᠡᠵᠦ ᠪᠠᠢᠬᠤ ᠠ᠋ᠴᠠ ᠪᠢᠰᠢ ᠲᠡᠷᠡ ᠭᠱᠠᠨ ᠳ᠋ᠤ᠌ ᠪᠣᠯᠤᠭᠰᠠᠨ ᠳᠤᠷᠠᠰᠤᠮᠵᠢ ᠲᠠᠢ ᠰᠠᠢᠬᠠᠨ ᠦᠯᠢᠭᠡᠷ ᠢ᠋ ᠨᠢ ᠪᠦᠷ ᠲᠡᠮᠳᠡᠭᠯᠡᠬᠦ ᠦᠭᠡᠢ ᠪᠠᠢᠬᠤ ᠨᠢ ᠬᠠᠷᠠᠮᠰᠠᠯᠲᠠᠢ᠃ ᠡᠨᠡᠬᠦ ᠪᠠᠶᠠᠷ ᠢᠨᠢᠶᠡᠳᠦ ᠪᠡᠷ ᠳᠦᠭᠦᠷᠦᠭᠰᠡᠨ ᠠᠢᠯ ᠭᠡᠷ ᠦ᠋ᠨ ᠠᠮᠢᠳᠤᠷᠠᠯ ᠤ᠋ᠨ ᠠᠵᠠ ᠵᠢᠷᠭᠠᠯᠲᠤ ᠮᠥᠴᠡ ᠶ᠋ᠢ ᠦᠯᠡᠳᠡᠭᠡᠭᠰᠡᠨ ᠲᠡᠮᠳᠡᠭᠯᠡᠯ ᠭᠡᠷ ᠪᠦᠯᠢ ᠶ᠋ᠢᠨ ᠵᠣᠯ ᠵᠢᠷᠭᠠᠯ ᠳ᠋ᠤ᠌ ᠭᠡᠷᠡᠯ ᠭᠡᠭᠡ ᠨᠡᠮᠡᠵᠦ᠂ ᠠᠮᠢᠳᠤᠷᠠᠯ ᠤ᠋ᠨ ᠴᠢᠨᠠᠷ ᠦᠨᠦᠷ ᠠᠮᠲᠠ ᠶ᠋ᠢ ᠨᠡᠩ ᠥᠨᠢᠷ ᠥᠳᠬᠡᠨ ᠪᠣᠯᠭᠠᠨ ᠰᠦᠯᠡᠵᠦ ᠴᠢᠳᠠᠨ᠎ᠠ ᠭᠡᠳᠡᠭ ᠲᠤ ᠢᠲᠡᠭᠡᠭᠡᠷᠡᠢ! ᠬᠡᠦᠬᠡᠳ ᠦᠰᠦᠭ ᠲᠠᠨᠢᠭᠰᠠᠨ ᠤ᠋ ᠳᠠᠷᠠᠭ᠎ᠠ ᠨᠢᠯᠬ᠎ᠠ ᠪᠠᠯᠴᠢᠷ ᠦᠶ᠎ᠡ ᠪᠡᠨ ᠣᠯᠵᠤ ᠤᠩᠰᠢᠭᠠᠳ ᠲᠤᠩ ᠰᠠᠢᠬᠠᠨ ᠪᠠᠶᠠᠷ ᠪᠠᠶᠠᠰᠤᠯ ᠣᠯᠬᠤ ᠶ᠋ᠢᠨ ᠳᠠᠭᠠᠤ ᠨᠣᠮ ᠤᠩᠰᠢᠬᠤ᠂ ᠶᠠᠭᠤᠮ᠎ᠠ ᠪᠢᠴᠢᠬᠦ ᠤᠷᠮ᠎ᠠ ᠪᠠᠬ᠎ᠠ ᠳᠠᠳᠬᠠᠯ ᠢ᠋ ᠣᠯᠵᠤ ᠰᠤᠷᠤᠨ᠎ᠠ᠃ ᠡᠨᠡᠬᠦ ᠲᠡᠮᠳᠡᠭᠯᠡᠯ ᠢ᠋ ᠰᠠᠨᠠᠭ᠎ᠠ ᠲᠠᠯᠪᠢᠵᠤ ᠬᠢᠪᠡᠯ ᠠᠢᠯ ᠭᠡᠷ ᠦ᠋ᠨ ᠠᠭᠠᠷ ᠢ᠋ ᠤᠯᠠᠮ ᠴᠡᠯᠮᠡᠭ ᠪᠣᠯᠭᠠᠬᠤ ᠮᠥᠷᠲᠡᠭᠡᠨ ᠬᠡᠦᠬᠡᠳ ᠦ᠋ᠨ ᠬᠥᠮᠦᠵᠢᠯ ᠳ᠋ᠦ᠍ ᠰᠠᠢᠬᠠᠨ ᠨᠥᠯᠥᠭᠡ ᠦᠵᠡᠭᠦᠯᠦᠨ᠎ᠡ᠃ ᠬᠡᠦᠬᠡᠳ ᠨᠢᠯᠬ᠎ᠠ ᠦᠶ᠎ᠡ ᠳ᠋ᠦ᠍ ᠪᠡᠨ ᠴᠣᠪᠣᠭᠣ ᠳᠡᠭᠵᠢᠨ ᠪᠠᠶᠠᠷ ᠵᠢᠷᠭᠠᠯ ᠲᠠᠢ ᠪᠠᠢᠭᠰᠠᠨ᠂ ᠲᠡᠷᠡᠬᠦ ᠦᠶ᠎ᠡ ᠪᠡᠨ ᠳᠠᠬᠢᠨ ᠳᠠᠪᠲᠠᠨ ᠲᠠᠨᠢᠬᠤ ᠪᠠᠷ ᠳᠠᠮᠵᠢᠨ ᠬᠡᠦᠬᠡᠳ ᠦ᠋ᠨ ᠰᠡᠳᠬᠢᠴᠡ ᠵᠠᠩ ᠣᠪᠣᠷ ᠲᠤ ᠰᠠᠢᠨ ᠨᠥᠯᠥᠭᠡ ᠦᠵᠡᠭᠦᠯᠦᠨ᠎ᠡ᠃
   2᠂ ᠭᠡᠷ ᠪᠦᠯᠢ ᠠᠮᠢᠳᠤᠷᠠᠯ ᠤ᠋ᠨ ᠲᠡᠮᠳᠡᠭᠯᠡᠯ ᠬᠢᠬᠦ ᠶ᠋ᠢ ᠰᠠᠨᠠᠭᠤᠯᠵᠤ ᠪᠠᠢᠨ᠎ᠠ᠃ ᠡᠳᠦᠷ ᠪᠣᠯᠭᠠᠨ ᠤ᠋ ᠪᠠᠶᠠᠷᠲᠤ ᠤᠴᠠᠷᠠᠯ ᠪᠤᠶᠤ ᠠᠮᠵᠢᠯᠲᠠ ᠲᠠᠢ ᠵᠦᠢᠯᠡᠰ ᠢ᠋ᠶ᠋ᠡᠨ ᠲᠡᠮᠳᠡᠭᠯᠡᠵᠦ ᠲᠠᠯᠪᠢᠭᠠᠷᠠᠢ᠂ ᠲᠠᠨ ᠤ᠋ ᠠᠢᠯ ᠪᠦᠯᠢ ᠳ᠋ᠦ᠍ ᠪᠣᠯᠵᠤ ᠥᠩᠭᠡᠷᠡᠭᠰᠡᠨ ᠮᠠᠷᠲᠠᠭᠳᠠᠰᠢ ᠦᠭᠡᠢ ᠰᠠᠢᠬᠠᠨ ᠳᠤᠷᠠᠰᠤᠮᠵᠢ ᠪᠠᠨ ᠲᠡᠮᠳᠡᠭᠯᠡᠵᠦ ᠪᠠᠢᠭᠠᠷᠠᠢ᠂ ᠠᠢᠯ ᠭᠡᠷ ᠦ᠋ᠨ ᠠᠮᠢᠳᠤᠷᠠᠯ ᠳ᠋ᠤ᠌ ᠠᠭᠠᠭ ᠲᠠᠢ ᠰᠢᠷᠭᠠᠯ ᠴᠠᠢ ᠳᠡᠭᠡᠷ᠎ᠡ ᠰᠢᠷ᠎ᠠ ᠲᠣᠰᠣ ᠨᠡᠮᠡᠭᠰᠡᠨ ᠰᠢᠭ ᠤᠯᠠᠮ ᠰᠠᠢᠬᠠᠨ ᠠᠮᠲᠠ ᠨᠡᠮᠡᠨ᠎ᠡ᠃ ᠠᠵᠢᠯ ᠠᠮᠢᠳᠤᠷᠠᠯ ᠤ᠋ᠨ ᠲᠠᠯ᠎ᠠ ᠪᠠᠷ ᠬᠢ ᠰᠠᠢᠬᠠᠨ ᠬᠦᠰᠡᠯ ᠮᠥᠷᠥᠭᠡᠳᠦᠯ ᠲᠥᠰᠥᠪ ᠪᠣᠳᠣᠯ ᠢ᠋ᠶ᠋ᠠᠨ ᠦᠷᠭᠦᠯᠵᠢ ᠪᠢᠴᠢᠵᠦ ᠪᠠᠢᠭᠠᠷᠠᠢ᠂ ᠰᠠᠨᠠᠭ᠎ᠠ ᠬᠦᠷᠦᠭᠰᠡᠨ ᠭᠠᠵᠠᠷ ᠵᠠᠶᠠᠭ᠎ᠠ ᠬᠦᠷᠦᠨ᠎ᠡ ᠭᠡᠳᠡᠭ ᠦᠨᠡᠨ ᠰᠢᠦ᠂ ᠰᠠᠢᠬᠠᠨ ᠬᠦᠰᠡᠯ ᠮᠥᠷᠥᠭᠡᠳᠦᠯ ᠠᠮᠢᠳᠤᠷᠠᠯ ᠢ᠋ ᠴᠢᠨᠢ ᠤᠯᠠᠮ ᠥᠭᠡᠳᠡ ᠨᠢ ᠲᠠᠲᠠᠨ᠎ᠠ᠃ ᠬᠥᠮᠦᠰ ᠶᠡᠷᠦᠨᠢ ᠭᠣᠮᠣᠳᠠᠯ ᠲᠠᠢ ᠵᠦᠢᠯ ᠢ᠋ ᠮᠠᠷᠲᠠᠬᠤ ᠦᠭᠡᠢ ᠴᠡᠭᠡᠵᠢᠯᠡᠵᠦ᠂ ᠰᠠᠢᠬᠠᠨ ᠤᠴᠠᠷᠠᠯ ᠢ᠋ᠶ᠋ᠠᠨ ᠠᠮᠠᠷᠬᠠᠨ ᠮᠠᠷᠲᠠᠬᠤ ᠭᠡᠮ ᠲᠡᠢ ᠪᠠᠢᠳᠠᠭ᠃ ᠲᠡᠢᠮᠦ ᠡᠴᠡ ᠡᠢᠮᠦᠷᠬᠦ ᠥᠭᠡᠳᠡᠷᠡᠭ ᠰᠠᠨᠠᠭ᠎ᠠ ᠰᠠᠢᠬᠠᠨ ᠤᠴᠠᠷᠠᠯ ᠢ᠋ᠶ᠋ᠠᠨ ᠪᠢᠴᠢᠭᠡᠳ ᠪᠠᠢᠪᠠᠯ ᠠᠢᠯ ᠭᠡᠷ ᠦ᠋ᠨ ᠠᠮᠢᠳᠤᠷᠠᠯ ᠤ᠋ᠨ ᠠᠭᠠᠷ ᠢ᠋ ᠨᠡᠩ ᠴᠡᠯᠮᠡᠭ ᠲᠤᠩᠭᠠᠯᠠᠭ ᠪᠣᠯᠭᠠᠬᠤ ᠮᠥᠷᠲᠡᠭᠡᠨ ᠬᠥᠮᠦᠰ ᠨᠢ ᠴᠦ᠍ ᠥᠭᠡᠳᠡᠷᠬᠡᠭ ᠰᠡᠳᠬᠢᠴᠡ ᠲᠡᠢ ᠪᠣᠯᠳᠠᠭ ᠰᠢᠦ᠃ ᠡᠨᠡᠬᠦ ᠲᠡᠮᠳᠡᠭᠯᠡᠯ ᠢ᠋ ᠬᠢᠵᠦ ᠵᠠᠩᠰᠢᠭᠰᠠᠨ ᠬᠥᠮᠦᠨ ᠦ᠌ ᠰᠡᠳᠬᠢᠴᠡ ᠬᠡᠵᠢᠶᠡᠳᠡ ᠪᠠᠶᠠᠰᠤᠩᠭᠤᠢ ᠪᠠᠢᠵᠤ᠂ ᠰᠡᠳᠬᠢᠴᠡ ᠬᠥᠭᠰᠢᠷᠡᠬᠦ ᠭᠡᠮ ᠡᠴᠡ ᠵᠠᠢᠯᠠᠰᠬᠢᠵᠦ ᠪᠣᠯᠤᠨ᠎ᠠ᠃
   3. ᠬᠥᠮᠦᠰ ᠦ᠋ᠨ ᠲᠠᠨ ᠳ᠋ᠤ᠌ ᠰᠠᠨᠠᠭᠤᠯᠤᠭᠰᠠᠨ ᠰᠠᠢᠬᠠᠨ ᠦᠭᠡ ᠪᠤᠶᠤ ᠲᠧᠯᠸᠢᠰ ᠨᠣᠮ ᠰᠣᠨᠢᠨ ᠠ᠋ᠴᠠ ᠣᠯᠤᠭᠰᠠᠨ ᠰᠠᠢᠬᠠᠨ ᠲᠥᠷᠥᠭᠳᠡᠯ ᠢ᠋ᠶ᠋ᠡᠨ ᠲᠡᠮᠳᠡᠭᠯᠡᠯ ᠳ᠋ᠦ᠍ ᠪᠡᠨ ᠪᠢᠴᠢᠭᠡᠷᠡᠢ᠃ ᠬᠡᠦᠬᠡᠳ ᠦ᠋ᠨ ᠢ᠋ᠶ᠋ᠡᠨ ᠲᠤᠬᠠᠢ ᠰᠠᠨᠠᠯ ᠬᠦᠰᠡᠯ ᠢ᠋ ᠰᠢᠭᠤᠳ ᠬᠡᠯᠡᠬᠦ ᠳ᠋ᠦ᠍ ᠲᠣᠬᠢᠷᠠᠮᠵᠢ ᠦᠭᠡᠢ ᠶ᠋ᠢ ᠭᠡᠷ ᠪᠦᠯᠢ ᠶ᠋ᠢᠨ ᠲᠡᠮᠳᠡᠭᠯᠡᠯ ᠳ᠋ᠦ᠍ ᠪᠡᠨ ᠪᠢᠴᠢᠵᠦ ᠲᠠᠯᠪᠢᠨ᠎ᠠ᠃ ᠲᠡᠭᠡᠬᠦ ᠳ᠋ᠦ᠍ ᠪᠡᠨ ᠤᠷᠢᠳᠠᠪᠡᠷ ᠰᠠᠢᠬᠠᠨ ᠢᠯᠡᠷᠡᠯ ᠢ᠋ ᠨᠢ ᠪᠠᠶᠠᠷᠯᠠᠭᠰᠠᠨ ᠰᠡᠳᠬᠢᠯᠭᠡ ᠪᠡᠷ ᠪᠢᠴᠢᠵᠦ᠂ ᠬᠣᠢᠨ᠎ᠠ ᠨᠢ ᠰᠠᠨᠠᠭᠤᠯᠬᠤ ᠵᠦᠢᠯ ᠢ᠋ᠶ᠋ᠡᠨ ᠵᠥᠪᠳᠡᠬᠦ ᠣᠪᠣᠷ ᠢ᠋ᠶ᠋ᠠᠷ ᠡᠪᠲᠡᠢ ᠵᠦᠢᠲᠡᠢ ᠠᠩᠬᠠᠷᠤᠭᠤᠯᠤᠨ᠎ᠠ᠃ ᠬᠡᠦᠬᠡᠳ ᠢ᠋ ᠪᠠᠰᠠ ᠠᠪᠤ ᠡᠵᠢ ᠳ᠋ᠦ᠍ ᠪᠡᠨ ᠬᠡᠯᠡᠬᠦ ᠭᠡᠰᠡᠨ ᠰᠠᠨᠠᠭ᠎ᠠ ᠪᠠᠨ ᠡᠨᠡᠬᠦ ᠲᠡᠮᠳᠡᠭᠯᠡᠯ ᠳ᠋ᠦ᠍ ᠪᠡᠨ ᠪᠢᠴᠢᠬᠦ ᠵᠠᠩᠰᠢᠯ ᠲᠠᠢ ᠪᠣᠯᠭᠠᠨ᠎ᠠ᠃ ᠡᠨᠡᠬᠦ ᠲᠡᠮᠳᠡᠭᠯᠡᠯ ᠠᠰᠠᠷ ᠪᠠᠷᠢᠯᠭ᠎ᠠ ᠶ᠋ᠢᠨ ᠲᠥᠯᠥᠪᠵᠢᠭᠦᠯᠭᠡ ᠶ᠋ᠢᠨ ᠵᠢᠷᠤᠭ ᠰᠢᠭ᠋ ᠠᠢᠯ ᠭᠡᠷ ᠠᠮᠢᠳᠤᠷᠠᠯ ᠤ᠋ᠨ ᠴᠢᠨᠢ ᠠᠯᠢ ᠰᠠᠢᠬᠠᠨ ᠶᠢᠰᠦᠨ ᠬᠦᠰᠡᠯ ᠢ᠋ ᠴᠢᠨᠢ ᠥᠭᠡᠳᠡ ᠨᠢ ᠬᠥᠲᠥᠯᠬᠦ ᠪᠣᠯᠤᠨ᠎ᠠ᠃ ᠡᠨᠡᠬᠦ ᠲᠡᠮᠳᠡᠭᠯᠡᠯ ᠢ᠋ ᠠᠢᠯ ᠪᠣᠯᠭᠠᠨ ᠬᠢᠬᠦ ᠳᠠᠳᠬᠠᠯ ᠲᠠᠢ ᠪᠣᠯᠬᠤ ᠳ᠋ᠤ᠌ ᠬᠦᠷᠪᠡᠯ ᠪᠢᠳᠡ ᠦᠷ᠎ᠡ ᠬᠣᠢᠴᠢ ᠳ᠋ᠤ᠌ ᠪᠠᠨ ᠶᠣᠰᠣ ᠵᠠᠩᠰᠢᠯ ᠣᠶᠤᠨ ᠤ᠋ ᠥᠪ ᠬᠥᠷᠥᠩᠭᠡ ᠠᠮᠢᠳᠤᠷᠠᠬᠤ ᠤᠬᠠᠭᠠᠨ ᠴᠢᠳᠠᠪᠤᠷᠢ ᠪᠠᠨ ᠦᠶ᠎ᠡ ᠶ᠋ᠢᠨ ᠦᠶ᠎ᠡ ᠳ᠋ᠦ᠍ ᠵᠥᠪ ᠲᠣᠳᠣ ᠤᠯᠠᠮᠵᠢᠯᠠᠵᠤ ᠴᠢᠳᠠᠬᠤ ᠰᠣᠶᠣᠯ ᠤ᠋ᠨ ᠭᠠᠢᠬᠠᠮᠰᠢᠭ ᠪᠦᠲᠦᠭᠡᠵᠦ ᠪᠣᠯᠤᠨ᠎ᠠ᠂ ᠮᠠᠨ ᠤ᠋ ᠳᠡᠭᠡᠳᠦᠰ ᠭᠡᠷ ᠦ᠋ᠨ ᠴᠠᠳᠢᠭ ᠦᠯᠡᠳᠡᠭᠡᠬᠦ ᠤᠯᠠᠮᠵᠢᠯᠠᠯ ᠪᠠᠢᠭᠰᠠᠨ᠂ ᠪᠢᠳᠡ ᠲᠡᠭᠦᠨ ᠢ᠋ ᠪᠡᠨ ᠥᠨᠥᠳᠥᠷ ᠦ᠋ᠨ ᠬᠡᠷᠡᠭᠴᠡᠭᠡ ᠡᠴᠡ ᠰᠡᠷᠭᠦᠭᠡᠨ ᠬᠥᠭᠵᠢᠭᠦᠯᠵᠦ ᠪᠣᠯᠤᠨ᠎ᠠ᠃
   4. ᠡᠳᠦᠷ ᠳᠣᠳᠣᠮ ᠤ᠋ᠨ ᠣᠷᠣᠯᠭ᠎ᠠ ᠵᠠᠷᠤᠯᠭ᠎ᠠ ᠶ᠋ᠢᠨ ᠢ᠋ᠶ᠋ᠡᠨ ᠲᠤᠬᠠᠢ ᠲᠡᠮᠳᠡᠭᠯᠡᠯ ᠬᠢᠬᠦ ᠵᠠᠩᠰᠢᠯ ᠲᠠᠢ ᠪᠠᠢᠪᠠᠯ ᠪᠦᠷ ᠰᠠᠢᠨ᠂ ᠣᠯᠠᠩᠬᠢ ᠬᠥᠮᠦᠰ ᠣᠷᠣᠯᠭ᠎ᠠ ᠪᠠᠨ ᠴᠡᠭᠡᠵᠢᠯᠡᠭᠡᠳ ᠵᠠᠷᠤᠯᠭ᠎ᠠ ᠪᠠᠨ ᠰᠠᠨᠠᠭᠠᠨ ᠳ᠋ᠤ᠌ ᠪᠠᠨ ᠠᠪᠬᠤ ᠦᠭᠡᠢ ᠪᠠᠢᠳᠠᠭ᠂ ᠨᠢᠭᠡ ᠮᠡᠳᠡᠬᠦ ᠳ᠋ᠦ᠍ ᠮᠥᠩᠭᠥ ᠪᠡᠨ ᠭᠡᠭᠡᠭᠰᠡᠨ ᠶᠦᠮ ᠰᠢᠭ ᠵᠠᠷᠤᠭᠠᠳ ᠪᠠᠷᠠᠴᠢᠬᠠᠳᠠᠭ᠂ ᠬᠠᠮᠢᠭ᠎ᠠ ᠶᠠᠭᠤᠨ ᠳ᠋ᠤ᠌ ᠵᠠᠷᠤᠭᠰᠠᠨ ᠢ᠋ᠶ᠋ᠠᠨ ᠮᠡᠳᠡᠬᠦ ᠦᠭᠡᠢ ᠠᠪᠠᠭᠠᠢ ᠨᠥᠬᠥᠷ ᠦ᠋ᠨ ᠬᠣᠭᠣᠷᠣᠨᠳᠣ ᠪᠠᠰᠠ ᠬᠡᠯᠡ ᠠᠮᠠ ᠮᠤᠷᠤᠢᠬᠤ ᠤᠴᠢᠷ ᠵᠥᠩᠳᠡᠭᠡᠨ ᠭᠠᠷᠳᠠᠭ᠂ ᠲᠡᠭᠡᠬᠦ ᠡᠴᠡ ᠣᠷᠣᠯᠭ᠎ᠠ ᠵᠠᠷᠤᠯᠭ᠎ᠠ ᠪᠠᠨ ᠲᠡᠮᠳᠡᠭᠯᠡᠬᠦ ᠰᠠᠢᠬᠠᠨ ᠵᠠᠩᠰᠢᠯ ᠲᠠᠢ ᠪᠣᠯᠪᠠᠯ ᠠᠢᠯ ᠭᠡᠷ ᠦ᠋ᠨ ᠳᠠᠩᠰᠠ ᠴᠡᠪᠡᠷ ᠪᠣᠯᠵᠤ᠂ ᠠᠮᠢᠳᠤᠷᠠᠯ ᠠᠬᠤᠢ ᠪᠠᠨ ᠨᠡᠩ ᠨᠠᠷᠢᠨ ᠲᠥᠯᠥᠪᠯᠡᠬᠦ ᠰᠠᠢᠬᠠᠨ ᠳᠠᠳᠬᠠᠯ ᠲᠠᠢ ᠪᠣᠯᠵᠤ᠂ ᠦᠷ᠎ᠡ ᠬᠡᠦᠬᠡᠳ ᠢ᠋ᠶ᠋ᠡᠨ ᠴᠦ᠍ ᠮᠥᠩᠭᠥ ᠵᠠᠷᠤᠬᠤ ᠰᠢᠯᠢᠳᠡᠭ ᠬᠡᠪᠰᠢᠯ ᠲᠡᠢ ᠪᠣᠯᠭᠠᠬᠤ ᠳ᠋ᠤ᠌ ᠶᠡᠬᠡ ᠰᠠᠢᠨ ᠨᠥᠯᠥᠭᠡ ᠦᠵᠡᠭᠦᠯᠦᠨ᠎ᠡ᠃

   ᠦᠰᠦᠭ ᠠᠮᠢᠯᠠᠭᠤᠯᠤᠭᠴᠢ᠄ ᠬᠣᠩ ᠮᠧᠢ᠂ ᠪᠠᠶᠠᠨᠰᠡᠷᠡᠩ᠂ ᠣᠳᠬᠠᠨᠰᠣ᠎ᠠ᠂ ᠱᠠᠭᠰᠠᠯ᠂ ᠣᠳᠬᠠᠨᠴᠡᠴᠡᠭ
   ᠬᠢᠨᠠᠭᠴᠢ᠄ ᠰᠡᠬᠡᠭᠡᠷᠡᠯ᠂ ᠲᠤᠶᠠᠭ᠎ᠠ᠂ ᠭᠠᠷᠮ᠎ᠠ᠂ ᠵ· ᠪᠤᠶᠠᠨᠲᠣᠭᠲᠠᠬᠤ
   ᠶᠡᠷᠦᠩᠬᠡᠢ ᠬᠢᠨᠠᠭᠴᠢ᠄ ᠣᠳᠬᠠᠨᠰᠣ᠎ᠠ