1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠳᠠᠯ ᠠᠮᠢᠳᠤᠷᠠᠯ ᠢ᠋ᠶ᠋ᠠᠨ ᠳᠣᠳᠣᠮᠳᠠᠬᠤ ᠲᠤᠬᠠᠢ-ᠠᠢᠯ ᠭᠡᠷ ᠢ᠋ᠶ᠋ᠡᠨ ᠥᠭᠡᠳᠡ ᠪᠡᠨ ᠲᠠᠲᠠᠶ᠎ᠠ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ4-02-ᠪᠣᠯᠣᠴᠢᠯᠠᠭᠤ

ᠠᠳᠠᠯ ᠠᠮᠢᠳᠤᠷᠠᠯ ᠢ᠋ᠶ᠋ᠠᠨ ᠳᠣᠳᠣᠮᠳᠠᠬᠤ ᠲᠤᠬᠠᠢ-ᠠᠢᠯ ᠭᠡᠷ ᠢ᠋ᠶ᠋ᠡᠨ ᠥᠭᠡᠳᠡ ᠪᠡᠨ ᠲᠠᠲᠠᠶ᠎ᠠ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ4-02-ᠪᠣᠯᠣᠴᠢᠯᠠᠭᠤ

2023-12-29

846

ᠬᠣᠶᠠᠳᠤᠭᠠᠷ ᠬᠡᠰᠡᠭ᠂ ᠠᠳᠠᠯ ᠠᠮᠢᠳᠤᠷᠠᠯ ᠢ᠋ᠶ᠋ᠠᠨ ᠳᠣᠳᠣᠮᠳᠠᠬᠤ ᠲᠤᠬᠠᠢ

   ᠠᠯᠢᠪᠠ ᠪᠦᠬᠦᠨ ᠦ᠌ ᠰᠠᠭᠤᠷᠢ ᠪᠣᠯ ᠠᠵᠤ ᠠᠬᠤᠢ᠃ ᠪᠢᠳᠡ ᠬᠥᠳᠡᠯᠮᠦᠷᠢᠴᠢ ᠬᠣᠶᠠᠷ ᠭᠠᠷ ᠢ᠋ᠶ᠋ᠠᠷ ᠢ᠋ᠶ᠋ᠠᠨ ᠪᠠᠶᠠᠨ ᠴᠢᠨᠡᠭᠡᠯᠢᠭ ᠠᠢᠯ ᠭᠡᠷ ᠢ᠋ ᠪᠠᠢᠭᠤᠯᠵᠤ ᠴᠢᠳᠠᠪᠠᠯ ᠠᠢᠯ ᠪᠦᠯᠢ ᠶ᠋ᠢᠨ ᠠᠵᠤ ᠠᠬᠤᠢ ᠲᠣᠭᠲᠠᠭᠤᠨ ᠪᠣᠯᠵᠤ᠂ ᠭᠡᠷ ᠪᠦᠯᠢ᠂ ᠬᠡᠦᠬᠡᠳ ᠦ᠋ᠨ ᠬᠥᠮᠦᠵᠢᠯ ᠳ᠋ᠦ᠍ ᠨᠡᠩ ᠰᠠᠢᠨ ᠠᠵᠤ ᠠᠬᠤᠢ ᠶ᠋ᠢᠨ ᠪᠠᠲᠤᠯᠠᠭ᠎ᠠ ᠲᠠᠢ ᠪᠣᠯᠤᠨ᠎ᠠ᠃ ᠠᠵᠤ ᠠᠬᠤᠢ ᠪᠠᠨ ᠥᠭᠡᠳᠡ ᠲᠠᠲᠠᠬᠤ ᠳ᠋ᠤ᠌ ᠨᠡᠢᠭᠡᠮ ᠦ᠋ᠨ ᠬᠥᠭᠵᠢᠯᠲᠡ ᠶ᠋ᠢᠨ ᠱᠠᠭᠠᠷᠳᠠᠯᠭ᠎ᠠ ᠲᠠᠢ ᠬᠥᠯ ᠨᠡᠢᠯᠡᠬᠦ ᠬᠡᠷᠡᠭᠲᠡᠢ ᠪᠣᠯᠤᠭᠠᠳ ᠪᠠᠢᠨ᠎ᠠ᠃ ᠣᠳᠣ ᠦᠶ᠎ᠡ ᠶ᠋ᠢᠨ ᠨᠡᠢᠭᠡᠮ ᠦ᠋ᠨ ᠬᠥᠭᠵᠢᠯᠲᠡ ᠴᠣᠬᠣᠮ ᠶᠠᠭᠤ ᠪᠣᠯᠵᠤ ᠪᠠᠢᠬᠤ ᠪᠣᠢ? ᠪᠢᠳᠡ ᠵᠠᠬ᠎ᠠ ᠵᠡᠭᠡᠯᠢ ᠲᠡᠢ ᠶᠠᠭᠠᠬᠢᠵᠤ ᠵᠣᠬᠢᠴᠠᠬᠤ ᠪᠣᠢ? ᠬᠣᠵᠢᠮ ᠪᠢᠳᠡ ᠶᠠᠭᠤ ᠪᠠᠷ ᠢ᠋ᠶ᠋ᠠᠨ ᠶᠠᠭᠠᠬᠢᠵᠤ ᠣᠷᠣᠰᠢᠨ ᠲᠣᠭᠲᠠᠨᠢᠬᠤ ᠪᠣᠢ? ᠭᠡᠳᠡᠭ ᠪᠣᠯ ᠥᠨᠥᠳᠥᠷ ᠦ᠋ᠨ ᠮᠠᠯᠴᠢᠳ ᠲᠤ ᠲᠤᠯᠭᠠᠷᠠᠵᠤ ᠪᠠᠢᠭ᠎ᠠ ᠴᠢᠬᠤᠯᠠ ᠠᠰᠠᠭᠤᠳᠠᠯ ᠪᠣᠯᠤᠭᠠᠳ ᠪᠣᠢ᠃ ᠳᠣᠣᠷ᠎ᠠ ᠡᠨᠡ ᠲᠠᠯ᠎ᠠ ᠪᠠᠷ ᠬᠠᠷᠢᠯᠴᠠᠨ ᠣᠢᠯᠠᠭᠠᠯᠴᠠᠶ᠎ᠠ᠃
    ᠨᠢᠭᠡ᠂ ᠮᠠᠨ ᠳ᠋ᠤ᠌ ᠲᠤᠯᠭᠠᠷᠠᠵᠤ ᠪᠠᠢᠭ᠎ᠠ ᠠᠰᠠᠭᠤᠳᠠᠯ ᠪᠣᠯᠤᠨ ᠣᠢᠯᠠᠭᠠᠬᠤ ᠴᠢᠬᠤᠯᠠ ᠲᠠᠢ ᠵᠦᠢᠯᠡᠰ ᠨᠤᠲᠤᠭ ᠪᠡᠯᠴᠢᠭᠡᠷ ᠬᠤᠪᠢᠶᠠᠷᠢᠯᠠᠭᠰᠠᠨ ᠠ᠋ᠴᠠ ᠨᠡᠰᠢ ᠬᠥᠳᠡᠭᠡ ᠲᠣᠰᠬᠣᠨ ᠮᠠᠯᠵᠢᠬᠤ ᠣᠷᠣᠨ( ᠳᠠᠷᠤᠢ ᠭᠠᠴᠠᠭ᠎ᠠ ᠲᠣᠰᠬᠣᠨ) ᠤ᠋ ᠵᠣᠬᠢᠶᠠᠨ ᠪᠠᠢᠭᠤᠯᠤᠯᠲᠠ ᠶᠡᠬᠡᠪᠡᠷ ᠰᠤᠯᠠᠷᠠᠨ ᠬᠤᠷᠠᠯ ᠴᠤᠭᠯᠠᠭ᠎ᠠ ᠴᠤ᠌ ᠤᠤᠯ ᠠ᠋ᠴᠠ ᠪᠠᠨ ᠴᠥᠭᠡᠷᠡᠵᠦ᠂ ᠬᠥᠮᠦᠰ ᠪᠦᠷ ᠯᠡ ᠬᠤᠪᠢ ᠪᠠᠨ ᠬᠥᠭᠡᠭᠡᠵᠦ ᠳᠣᠪᠣ ᠪᠠᠨ ᠰᠢᠷᠠᠯᠠᠭᠤᠯᠵᠤ ᠶᠠᠪᠤᠬᠤ ᠪᠣᠯᠤᠭᠰᠠᠨ ᠪᠠᠢᠨ᠎ᠠ᠃ ᠮᠠᠯᠴᠢᠨ ᠬᠥᠮᠦᠨ ᠦ᠌ ᠬᠠᠮᠵᠢᠨ ᠬᠣᠷᠰᠢᠳᠠᠭ ᠤᠳᠤᠮᠰᠢᠯ ᠪᠠᠯᠠᠷᠠᠨ᠂ ᠲᠥᠷᠥᠭᠰᠡᠨ ᠠᠬ᠎ᠠ ᠳᠡᠭᠦᠦ ᠬᠣᠭᠣᠷᠣᠨᠳᠣ ᠪᠠᠨ ᠴᠦ᠍ ᠪᠡᠯᠴᠢᠭᠡᠷ ᠤᠰᠤᠨ ᠤ᠋ ᠵᠢᠭᠤᠷᠭᠠᠨ ᠡᠭᠦᠰᠬᠦ ᠪᠣᠯᠵᠤ᠂ ᠨᠤᠲᠤᠭ ᠰᠡᠯᠭᠦᠨ ᠲᠠᠢᠪᠤᠭᠤᠨ ᠴᠢᠯᠥᠭᠡᠲᠡᠢ ᠨᠡᠭᠦᠳᠡᠯᠯᠡᠳᠡᠭ ᠮᠠᠯᠵᠢᠬᠤ ᠰᠣᠶᠣᠯ ᠤ᠋ᠨ ᠦᠨᠳᠦᠰᠦᠨ ᠳ᠋ᠦ᠍ ᠲᠦᠢᠮᠡᠷ ᠣᠷᠣᠭᠰᠠᠨ ᠤᠴᠢᠷ ᠪᠣᠯᠵᠠᠢ᠃ ᠲᠡᠭᠦᠨ ᠡᠴᠡ ᠨᠡᠰᠢ ᠬᠤᠪᠢ ᠶ᠋ᠢᠨ ᠬᠡᠪᠡᠷᠡᠭ ᠮᠠᠯ ᠠᠵᠤ ᠠᠬᠤᠢ᠂ ᠬᠠᠮᠲᠤᠷᠠᠯ ᠤ᠋ᠨ ᠠᠵᠤ ᠠᠬᠤᠢ ᠶ᠋ᠢ ᠣᠷᠣᠯᠠᠵᠤ᠂ ᠭᠠᠩ ᠭᠠᠴᠢᠭ᠂ ᠭᠠᠮᠰᠢᠭ ᠵᠤᠳ᠂ ᠭᠠᠵᠠᠷ ᠨᠤᠲᠤᠭ᠂ ᠭᠠᠳᠠᠭᠰᠢ ᠳᠣᠲᠣᠭᠰᠢ ᠨᠡᠭᠦᠵᠦ ᠪᠠᠭᠤᠬᠤ ᠳ᠋ᠤ᠌ ᠬᠦᠷᠲᠡᠯ᠎ᠡ ᠮᠠᠯᠴᠢᠳ ᠪᠦᠷ ᠭᠠᠭᠴᠠ ᠡᠷᠦᠬᠡ ᠪᠡᠷ ᠪᠡᠶᠡᠳᠡᠨ ᠲᠤᠯᠬᠤ ᠪᠣᠯᠵᠠᠢ᠃ ᠡᠨᠡ ᠨᠢ ᠬᠤᠪᠢ ᠡᠷᠦᠬᠡ ᠶ᠋ᠢᠨ ᠡᠵᠡᠩᠨᠡᠬᠦ ᠡᠷᠬᠡ ᠶ᠋ᠢ ᠪᠠᠲᠤᠯᠠᠵᠤ ᠪᠡᠶ᠎ᠡ ᠪᠡᠨ ᠳᠠᠭᠠᠭᠠᠵᠤ ᠡᠳ᠋ᠯᠡᠵᠦ ᠠᠮᠢᠳᠤᠷᠠᠬᠤ ᠶ᠋ᠢ ᠴᠢᠯᠥᠭᠡᠲᠡᠢ ᠪᠣᠯᠭᠠᠭᠰᠠᠨ ᠭᠡᠳᠡᠭ ᠴᠦ᠍ ᠦᠨᠡᠨ ᠳ᠋ᠦ᠍ ᠪᠡᠨ ᠪᠣᠯ ᠲᠤᠩ ᠬᠡᠪᠡᠷᠡᠭ ᠳᠣᠷᠣᠢ ᠵᠢᠵᠢᠭ᠂᠂ ᠦᠢᠯᠡᠳᠪᠦᠷᠢᠯᠡᠯ ᠦ᠋ᠨ ᠬᠡᠯᠪᠡᠷᠢ ᠪᠣᠯᠬᠤ ᠶᠤᠮ᠃ ᠶᠡᠬᠡ ᠪᠠᠢᠭᠠᠯᠢ ᠶ᠋ᠢᠨ ᠭᠠᠮᠰᠢᠭ ᠪᠣᠯᠤᠨ ᠥᠷᠭᠡᠨ ᠬᠡᠪᠴᠢᠶᠡᠨ ᠦ᠌ ᠵᠠᠬ᠎ᠠ ᠵᠡᠭᠡᠯᠢ ᠶ᠋ᠢᠨ ᠨᠥᠷᠢᠯᠲᠡ ᠳᠤᠮᠳᠠ ᠡᠢᠮᠦᠷᠬᠦ ᠵᠢᠵᠢᠭ ᠦᠢᠯᠡᠳᠪᠦᠷᠢᠯᠡᠯ ᠨᠢ ᠪᠡᠶ᠎ᠡ ᠪᠡᠨ ᠳᠠᠭᠠᠭᠠᠨ ᠣᠷᠣᠰᠢᠨ ᠲᠣᠭᠲᠠᠨᠢᠬᠤ ᠳ᠋ᠤ᠌ ᠲᠤᠩ ᠶᠡᠬᠡ ᠦᠨ᠎ᠡ ᠥᠷᠲᠡᠭ ᠭᠠᠷᠭᠠᠬᠤ ᠨᠢ ᠯᠠᠪᠲᠠᠢ᠃ ᠣᠳᠣ ᠣᠯᠠᠩᠬᠢ ᠡᠷᠦᠬᠡ᠂ ᠡᠳᠦᠷᠵᠢᠨ ᠰᠥᠨᠢᠵᠢᠨ ᠦᠢᠯᠡ ᠪᠡᠨ ᠪᠠᠷᠠᠲᠠᠯ᠎ᠠ ᠠᠵᠢᠯᠯᠠᠭᠰᠠᠨ ᠴᠤ᠌ ᠪᠠᠰᠠ ᠯᠠ ᠪᠡᠯᠡᠳᠬᠡᠯ ᠲᠥᠬᠥᠭᠡᠷᠦᠮᠵᠢ ᠠᠨᠠᠢ᠂ ᠥᠷᠢ ᠰᠢᠷᠢᠨ ᠳ᠋ᠦ᠍ ᠪᠡᠨ ᠪᠠᠷᠢᠭᠳᠠᠵᠤ᠂ ᠵᠢᠭᠡᠯᠡᠯᠭᠡ ᠶ᠋ᠢ ᠲᠦᠰᠢᠭᠯᠡᠨ ᠠᠷᠭᠠᠴᠠᠭᠠᠭᠰᠠᠭᠠᠷ ᠪᠠᠢᠨ᠎ᠠ᠃ ᠡᠨᠡ ᠨᠢ ᠬᠤᠪᠢ ᠶ᠋ᠢᠨ ᠵᠢᠵᠢᠭ ᠦᠢᠯᠡᠳᠪᠦᠷᠢᠯᠡᠯ ᠦ᠋ᠨ ᠪᠠᠭᠤᠷᠠᠢ ᠲᠠᠯ᠎ᠠ ᠶ᠋ᠢ ᠭᠦᠢᠴᠡᠳ ᠬᠠᠷᠠᠭᠤᠯᠵᠤ ᠪᠠᠢᠬᠤ ᠶᠤᠮ᠃ ᠣᠳᠣ ᠪᠣᠯᠬᠤ ᠳ᠋ᠤ᠌ ᠬᠡᠰᠡᠭ ᠮᠠᠯᠴᠢᠳ ᠡᠭᠦᠨ ᠢ᠋ ᠰᠡᠷᠭᠡᠭ ᠢ᠋ᠶ᠋ᠡᠷ ᠦᠵᠡᠵᠦ ᠲᠠᠨᠢᠭᠠᠳ ᠬᠣᠷᠰᠢᠶᠠᠵᠢᠯ ᠪᠠᠢᠭᠤᠯᠵᠤ ᠡᠬᠢᠯᠡᠭᠰᠡᠨ ᠪᠠᠢᠨ᠎ᠠ᠃ ᠭᠡᠪᠡᠴᠦ ᠲᠡᠳᠡᠨᠡᠷ ᠦ᠋ᠨ ᠬᠣᠷᠰᠢᠶᠠᠵᠢᠯ ᠤ᠋ᠨ ᠲᠤᠬᠠᠢ ᠣᠢᠯᠠᠭᠠᠯᠲᠠ ᠲᠤᠩ ᠪᠠᠯᠠᠷᠬᠠᠢ ᠪᠠᠢᠳᠠᠭ ᠠ᠋ᠴᠠ ᠲᠡᠷᠡ ᠨᠢ ᠵᠥᠪᠬᠡᠨ ᠨᠡᠷ᠎ᠡ ᠶ᠋ᠢᠨ ᠲᠡᠳᠦᠢ᠂ ᠬᠡᠯᠪᠡᠷᠢ ᠶ᠋ᠢᠨ ᠲᠡᠳᠦᠢ ᠯᠡ ᠶᠠᠭᠤᠮ᠎ᠠ ᠪᠣᠯᠵᠤ ᠬᠣᠷᠰᠢᠶᠠᠵᠢᠯ ᠤ᠋ᠨ ᠪᠣᠳᠠᠲᠤ ᠦᠢᠯᠡᠳᠦᠯ ᠢ᠋ᠶ᠋ᠡᠨ ᠪᠠᠳᠠᠷᠠᠭᠤᠯᠵᠤ ᠴᠢᠳᠠᠬᠤ ᠦᠭᠡᠢ ᠪᠠᠢᠭᠰᠠᠭᠠᠷ᠃ ᠡᠢᠮᠦ ᠡᠴᠡ ᠳᠣᠣᠷ᠎ᠠ ᠮᠠᠯᠴᠢᠳ ᠤ᠋ᠨ ᠮᠠᠯ ᠠᠬᠤᠢ ᠪᠠᠨ ᠳᠣᠳᠣᠮᠳᠠᠵᠤ ᠲᠣᠬᠢᠷᠠᠭᠤᠯᠬᠤ ᠳ᠋ᠤ᠌ ᠬᠣᠯᠪᠣᠭᠳᠠᠭᠰᠠᠨ ᠵᠠᠷᠢᠮ ᠲᠠᠯ᠎ᠠ ᠶ᠋ᠢᠨ ᠠᠰᠠᠭᠤᠳᠠᠯ ᠢ᠋ ᠬᠡᠷᠬᠢᠨ ᠵᠥᠪ ᠣᠢᠯᠠᠭᠠᠬᠤ ᠲᠤᠬᠠᠢ ᠬᠡᠳᠦᠨ ᠰᠠᠨᠠᠭᠤᠯᠭ᠎ᠠ ᠪᠠᠨ ᠳᠡᠪᠰᠢᠭᠦᠯᠬᠦ ᠪᠡᠷ ᠪᠠᠢᠨ᠎ᠠ᠃
    1. ᠬᠣᠷᠰᠢᠶᠠᠵᠢᠯ ᠭᠡᠳᠡᠭ ᠢ᠋ ᠵᠥᠪ ᠣᠢᠯᠠᠭᠠᠬᠤ ᠬᠡᠷᠡᠭᠲᠡᠢ
    ᠬᠣᠷᠰᠢᠶᠠᠵᠢᠯ ᠪᠣᠯ ᠬᠡᠳᠦᠨ ᠡᠷᠦᠬᠡ ᠬᠣᠭᠣᠷᠣᠨᠳᠣ ᠪᠠᠨ ᠬᠣᠯᠪᠣᠭᠠᠯᠠᠵᠤ ᠢᠯᠡᠭᠦᠦ ᠪᠡᠨ ᠬᠤᠪᠢᠶᠠᠯᠴᠠᠨ ᠳᠤᠲᠠᠭᠤ ᠪᠠᠨ ᠨᠥᠬᠥᠪᠥᠷᠢᠯᠡᠵᠦ ᠬᠠᠷᠢᠯᠴᠠᠨ ᠬᠠᠮᠵᠢᠯᠴᠠᠨ ᠠᠳᠠᠯ ᠦᠢᠯᠡᠰ ᠢ᠋ᠶ᠋ᠡᠨ ᠬᠥᠭᠵᠢᠭᠦᠯᠬᠦ ᠬᠠᠮᠲᠤᠯᠢᠭ ᠤ᠋ᠨ ᠰᠢᠨᠵᠢ ᠲᠡᠢ ᠬᠣᠷᠰᠢᠭᠰᠠᠨ ᠵᠢᠵᠢᠭ ᠨᠢᠭᠡᠴᠡ ᠪᠣᠯᠤᠨ᠎ᠠ᠃ ᠬᠡᠳᠦᠨ ᠡᠷᠦᠬᠡ ᠨᠡᠢᠯᠡᠵᠦ ᠬᠣᠷᠰᠢᠶᠠᠵᠢᠯ ᠪᠠᠢᠭᠤᠯᠤᠭᠰᠠᠨ ᠤ᠋ ᠳᠠᠷᠠᠭ᠎ᠠ ᠪᠡᠯᠴᠢᠭᠡᠷ ᠨᠤᠲᠤᠭ ᠢ᠋ᠶ᠋ᠠᠨ ᠨᠡᠢᠯᠡᠭᠦᠯᠵᠦ ᠭᠠᠵᠠᠷ ᠤ᠋ᠨ ᠪᠠᠢᠳᠠᠯ ᠢ᠋ᠶ᠋ᠠᠨ ᠦᠨᠳᠦᠰᠦᠯᠡᠨ᠂ ᠬᠠᠳᠤᠯᠠᠩ᠂ ᠪᠣᠷᠳᠣᠭᠠᠨ ᠰᠠᠭᠤᠷᠢᠨ᠂ ᠡᠪᠦᠯᠵᠢᠶ᠎ᠡ ᠵᠤᠰᠠᠯᠠᠩ ᠭᠠᠷᠭᠠᠵᠤ ᠨᠤᠲᠤᠭ ᠰᠡᠯᠭᠦᠨ ᠮᠠᠯᠵᠢᠵᠤ ᠪᠣᠯᠤᠨ᠎ᠠ᠃ ᠦᠬᠡᠷ ᠢ᠋ᠶ᠋ᠡᠨ ᠳᠠᠭᠠᠭᠠᠴᠢᠯᠠᠬᠤ ᠨᠢ ᠳᠠᠭᠠᠭᠠᠴᠢᠯᠠᠭᠠᠳ ᠬᠣᠨᠢ ᠪᠠᠨ ᠬᠠᠷᠢᠭᠤᠯᠬᠤ ᠨᠢ ᠬᠠᠷᠢᠭᠤᠯᠵᠤ ᠡᠷᠦᠬᠡ ᠪᠦᠷᠢ ᠬᠡᠳᠦᠨ ᠵᠦᠢᠯ ᠢ᠋ ᠮᠠᠯᠵᠢᠵᠤ ᠠᠯᠢ ᠠᠯᠢᠨ ᠳ᠋ᠤ᠌ ᠪᠠᠨ ᠵᠠᠪ ᠦᠭᠡᠢ ᠮᠤᠩᠭᠠᠨᠢᠬᠤ ᠠ᠋ᠴᠠ ᠵᠠᠢᠯᠠᠰᠬᠢᠵᠦ ᠴᠢᠳᠠᠨ᠎ᠠ᠃ ᠪᠠᠰᠠ ᠫᠧᠩ ᠰᠠᠷᠠᠪᠴᠢ ᠪᠠᠨ ᠨᠢᠭᠡ ᠳᠣᠣᠷ᠎ᠠ ᠪᠠᠢᠭᠤᠯᠵᠤ ᠠᠢᠯ ᠪᠣᠯᠭᠠᠨ ᠫᠧᠩ ᠪᠠᠷᠢᠵᠤ ᠬᠤᠳᠳᠤᠭ ᠴᠣᠬᠢᠨ ᠲᠣᠣᠷ ᠲᠠᠲᠠᠬᠤ ᠢᠯᠡᠭᠦᠴᠡ ᠵᠠᠷᠤᠳᠠᠯ ᠢ᠋ ᠠᠷᠪᠢᠯᠠᠵᠤ ᠪᠣᠯᠤᠨ᠎ᠠ᠂ ᠵᠠᠷᠢᠮ ᠠᠯᠵᠠᠭᠤ ᠬᠣᠢᠷᠭᠣ ᠪᠤᠶᠤ ᠪᠡᠶ᠎ᠡ ᠪᠡᠨ ᠳᠠᠭᠠᠭᠠᠵᠤ ᠠᠵᠢᠯ ᠠᠮᠢᠳᠤᠷᠠᠯ ᠢ᠋ᠶ᠋ᠠᠨ ᠲᠥᠯᠥᠪᠯᠡᠵᠦ ᠴᠢᠳᠠᠬᠤ ᠦᠭᠡᠢ ᠬᠥᠮᠦᠰ ᠣᠯᠠᠨ ᠤ᠋ ᠳᠠᠭᠠᠭᠤᠯᠤᠭ᠎ᠠ ᠪᠠᠷ ᠠᠵᠢᠯ ᠮᠣᠳᠣ ᠲᠠᠢ ᠪᠣᠯᠵᠤ ᠮᠡᠳᠡᠨ᠎ᠡ᠂ ᠬᠡᠷᠡᠭ ᠮᠡᠳᠡᠭᠴᠢ ᠶ᠋ᠢᠨ ᠳᠠᠷᠤᠭ᠎ᠠ ᠶ᠋ᠢᠨ ᠵᠥᠪᠰᠢᠶᠡᠷᠡᠯ ᠦᠭᠡᠢ ᠪᠣᠯ ᠴᠠᠭ ᠬᠥᠭ ᠦᠭᠡᠢ ᠱᠥᠯᠥ ᠤᠤᠭᠤᠬᠤ ᠮᠠᠯ ᠦᠬᠡᠷ ᠢ᠋ᠶ᠋ᠡᠨ ᠳᠤᠷ᠎ᠠ ᠪᠠᠷ ᠢ᠋ᠶ᠋ᠠᠨ ᠵᠠᠷᠤᠵᠤ ᠬᠥᠷᠥᠩᠭᠡ ᠪᠡᠨ ᠬᠣᠭᠣᠰᠣᠯᠠᠬᠤ ᠠ᠋ᠴᠠ ᠵᠠᠢᠯᠠᠰᠬᠢᠵᠦ ᠪᠣᠯᠤᠨ᠎ᠠ᠂ ᠨᠡᠩ ᠴᠦ᠍ ᠣᠯᠠᠨ ᠢ᠋ᠶ᠋ᠠᠷ ᠢ᠋ᠶ᠋ᠠᠨ ᠬᠠᠮᠲᠤᠷᠠᠵᠤ ᠠᠵᠢᠯᠯᠠᠪᠠᠯ ᠬᠥᠳᠡᠯᠮᠦᠷᠢ ᠶ᠋ᠢᠨ ᠤᠷᠮᠠᠰᠢᠯ ᠥᠨᠳᠥᠷ ᠪᠠᠢᠵᠤ ᠲᠣᠮᠣᠬᠠᠨ ᠪᠦᠲᠦᠭᠡᠨ ᠪᠠᠢᠭᠤᠯᠤᠯᠲᠠ ᠬᠢᠬᠦ ᠳ᠋ᠦ᠍ ᠪᠡᠯᠡ ᠮᠥᠩᠭᠥ ᠬᠥᠳᠡᠯᠮᠦᠷᠢ ᠬᠦᠴᠦ ᠳᠤᠲᠠᠬᠤ ᠦᠭᠡᠢ ᠪᠣᠯᠤᠨ᠎ᠠ᠂ ᠡᠪᠡᠰᠦ ᠪᠣᠷᠳᠣᠭᠤᠷ ᠢ᠋ᠶ᠋ᠠᠨ ᠨᠢᠭᠡᠳᠦᠯᠲᠡᠢ ᠪᠥᠭᠡᠮ ᠢ᠋ᠶ᠋ᠡᠷ ᠣᠷᠣᠭᠤᠯᠵᠤ ᠵᠣᠭᠣᠰ ᠮᠥᠩᠭᠥᠨ ᠦ᠌ ᠵᠠᠷᠤᠳᠠᠯ ᠢ᠋ᠶ᠋ᠠᠨ ᠪᠠᠭᠠᠰᠬᠠᠵᠤ ᠪᠣᠯᠤᠨ᠎ᠠ᠃ ᠮᠠᠯ ᠤᠨᠤᠭ᠎ᠠ ᠪᠠᠨ ᠶᠡᠬᠡ ᠶᠡᠬᠡ ᠠᠵᠤ ᠠᠬᠤᠢᠯᠠᠯ ᠲᠠᠢ ᠬᠣᠷᠰᠢᠨ ᠪᠣᠷᠣᠯᠠᠭᠤᠯᠵᠤ᠂ ᠪᠣᠷᠣᠯᠠᠭᠤᠯᠭ᠎ᠠ ᠶ᠋ᠢᠨ ᠵᠠᠮ ᠢ᠋ ᠥᠷᠭᠡᠳᠬᠡᠨ ᠦᠨ᠎ᠡ ᠬᠠᠩᠰᠢ ᠪᠠᠨ ᠨᠡᠮᠡᠭᠳᠡᠭᠦᠯᠵᠦ ᠪᠣᠯᠤᠨ᠎ᠠ᠃ ᠪᠠᠰᠠ ᠢᠯᠡᠭᠦᠴᠡ ᠬᠥᠳᠡᠯᠮᠦᠷᠢ ᠬᠦᠴᠦᠨ ᠢ᠋ ᠠᠷᠪᠢᠯᠠᠵᠤ ᠪᠤᠰᠤᠳ ᠠᠵᠢᠯ ᠲᠥᠷᠥᠯ ᠡᠷᠬᠢᠯᠡᠬᠦ ᠪᠤᠶᠤ ᠬᠦᠴᠦᠨ ᠦ᠌ ᠠᠵᠢᠯ ᠳ᠋ᠤ᠌ ᠶᠠᠪᠤᠵᠤ ᠣᠷᠣᠯᠭ᠎ᠠ ᠪᠠᠨ ᠨᠡᠮᠡᠭᠳᠡᠭᠦᠯᠵᠦ ᠪᠣᠯᠤᠨ᠎ᠠ᠃ ᠮᠥᠨ ᠴᠦ᠍ ᠡᠷᠦᠬᠡ ᠬᠣᠯᠪᠣᠭᠠᠯᠠᠨ ᠮᠠᠯᠵᠢᠯ ᠤ᠋ᠨ ᠦᠢᠯᠡᠳᠬᠦᠨ ᠢ᠋ᠶ᠋ᠡᠨ ᠪᠣᠯᠪᠠᠰᠤᠷᠠᠭᠤᠯᠵᠤ ᠬᠣᠶᠠᠳᠤᠭᠠᠷ ᠠᠵᠤ ᠠᠬᠤᠢᠯᠠᠯ ᠡᠷᠬᠢᠯᠡᠵᠦ ᠪᠣᠯᠬᠤ ᠶᠤᠮ᠃ ᠢᠩᠭᠢᠪᠡᠯ ᠰᠠᠶᠢ ᠬᠣᠷᠰᠢᠶᠠᠵᠢᠯ ᠭᠡᠳᠡᠭ ᠦ᠋ᠨ ᠦᠢᠯᠡᠳᠦᠯ ᠢ᠋ ᠪᠠᠳᠠᠷᠠᠭᠤᠯᠵᠤ ᠴᠢᠳᠠᠬᠤ ᠮᠥᠷᠲᠡᠭᠡᠨ ᠲᠡᠷᠡ ᠨᠢ ᠣᠳᠣ ᠶ᠋ᠢᠨ ᠠᠵᠤ ᠠᠬᠤᠢ ᠶ᠋ᠢᠨ ᠳᠡᠯᠡᠬᠡᠢᠵᠢᠭᠦᠯᠦᠯᠲᠡ ᠶ᠋ᠢᠨ ᠴᠠᠭ ᠦᠶ᠎ᠡ ᠳ᠋ᠦ᠍ ᠡᠭᠦᠨ ᠡᠴᠡ ᠴᠦ᠍ ᠢᠯᠡᠭᠦᠦ ᠦᠢᠯᠡᠳᠦᠯ ᠲᠡᠢ ᠪᠠᠢᠵᠤ ᠮᠡᠳᠡᠬᠦ ᠶᠦᠮ᠃ ᠥᠨᠥ ᠵᠠᠷᠢᠮ ᠭᠠᠵᠠᠷ ᠤ᠋ᠨ ᠪᠠᠢᠭᠤᠯᠤᠭᠰᠠᠨ ᠬᠣᠷᠰᠢᠶᠠᠵᠢᠯ ᠨᠢ ᠲᠣᠮᠣ ᠲᠣᠮᠣ ᠠᠵᠤ ᠠᠬᠤᠢᠯᠠᠯ ᠤ᠋ᠨ ᠪᠦᠯᠦᠭᠯᠡᠯ ᠲᠡᠢ ᠬᠠᠮᠲᠤᠷᠠᠵᠤ ᠲᠣᠮᠣ ᠦᠢᠯᠡᠳᠬᠦᠨ ᠳ᠋ᠦ᠍ ᠨᠢ ᠲᠦᠭᠦᠬᠡᠢ ᠮᠠᠲ᠋ᠧᠷᠢᠶᠠᠯ ᠬᠠᠩᠭᠠᠵᠤ ᠶᠡᠬᠡ ᠠᠰᠢᠭ ᠣᠯᠵᠤ ᠪᠣᠢ᠃ ᠵᠠᠷᠢᠮ ᠨᠢ ᠭᠠᠵᠠᠷ ᠣᠷᠣᠨ ᠤ᠋ ᠦᠢᠯᠡᠳᠬᠦᠨ ᠢ᠋ᠶ᠋ᠡᠨ ᠭᠠᠵᠠᠷ ᠣᠷᠣᠨ ᠳ᠋ᠤ᠌ ᠪᠠᠨ ᠪᠣᠷᠣᠯᠠᠭᠤᠯᠬᠤ ᠠᠵᠤ ᠠᠬᠤᠢᠯᠠᠯ ᠡᠷᠬᠢᠯᠡᠵᠦ᠂ ᠥᠩᠭᠡᠷᠡᠭᠰᠡᠨ ᠦ᠌ ᠮᠡᠲᠦ ᠲᠦᠭᠦᠬᠡᠢ ᠮᠠᠲ᠋ᠧᠷᠢᠶᠠᠯ ᠢ᠋ᠶ᠋ᠠᠨ ᠬᠢᠮᠳᠠ ᠦᠨ᠎ᠡ ᠪᠡᠷ ᠵᠠᠬ᠎ᠠ ᠵᠡᠭᠡᠯᠢ ᠳ᠋ᠦ᠍ ᠣᠷᠣᠭᠤᠯᠬᠤ ᠪᠤᠶᠤ ᠶᠠᠪᠤᠭᠤᠯ ᠤ᠋ᠨ ᠮᠠᠢᠮᠠᠢᠴᠢᠨ ᠳ᠋ᠤ᠌ ᠥᠭᠬᠦ ᠲᠡᠦᠬᠡ ᠪᠡᠨ ᠡᠴᠦᠰᠯᠡᠭᠦᠯᠵᠦ ᠪᠠᠢᠨ᠎ᠠ᠃
   ᠭᠡᠲᠡᠯ᠎ᠡ ᠣᠯᠠᠩᠬᠢ ᠮᠠᠯᠴᠢᠳ ᠤ᠋ᠨ ᠮᠠᠯᠵᠢᠯ ᠤ᠋ᠨ ᠪᠣᠳᠠᠲᠤ ᠪᠠᠢᠳᠠᠯ ᠠ᠋ᠴᠠ ᠦᠵᠡᠪᠡᠯ ᠵᠢᠵᠢᠭ ᠲᠣᠣᠷ ᠠᠷᠪᠢᠳᠤᠭᠰᠠᠨ ᠠ᠋ᠴᠠ ᠠᠳᠤᠭᠤ ᠲᠡᠮᠡᠭᠡ ᠰᠢᠭ ᠬᠣᠯᠠ ᠶ᠋ᠢᠨ ᠪᠡᠯᠴᠢᠭᠡᠷ ᠲᠡᠢ ᠮᠠᠯ ᠰᠦᠷᠦᠭ ᠲᠤᠱᠠᠭᠳᠠᠭᠰᠠᠨ ᠢ᠋ᠶ᠋ᠠᠷ ᠪᠠᠷᠠᠬᠤ ᠦᠭᠡᠢ ᠲᠣᠣᠷ ᠬᠦᠷᠢᠶᠡᠨ ᠦ᠌ ᠵᠠᠢ ᠵᠠᠪᠰᠠᠷ ᠲᠤ ᠮᠠᠯ ᠤ᠋ᠨ ᠬᠥᠯ᠂ ᠲᠡᠷᠭᠡ ᠤᠨᠤᠭᠠᠨ ᠤ᠋ ᠮᠥᠷ ᠢ᠋ᠶ᠋ᠡᠷ ᠪᠡᠯᠴᠢᠭᠡᠷ ᠨᠤᠲᠤᠭ ᠴᠦ᠍ ᠶᠡᠬᠡᠪᠡᠷ ᠡᠪᠳᠡᠭᠳᠡᠵᠦ ᠪᠠᠢᠨ᠎ᠠ᠃ ᠠᠢᠯ ᠪᠦᠬᠦᠨ ᠨᠢᠭᠡᠨ ᠪᠡᠶ᠎ᠡ ᠪᠡᠨ ᠳᠠᠭᠠᠭᠠᠭᠰᠠᠨ ᠲᠤᠰᠠᠭᠠᠷ ᠤᠯᠤᠰ ᠰᠢᠤᠬᠠᠨ ᠪᠣᠯᠵᠤ᠂ ᠡᠷᠦᠬᠡ ᠪᠣᠯᠭᠠᠨ ᠮᠠᠯᠵᠢᠯ ᠤ᠋ᠨ ᠪᠦᠬᠦ ᠪᠡᠯᠡᠳᠬᠡᠯ ᠲᠥᠬᠥᠭᠡᠷᠦᠮᠵᠢ ᠶ᠋ᠢ ᠪᠠᠢᠭᠤᠯᠵᠤ᠂ ᠬᠡᠮᠵᠢᠶ᠎ᠡ ᠲᠡᠢ ᠵᠢᠵᠢᠭᠬᠡᠨ ᠲᠣᠣᠷ ᠳᠣᠲᠣᠷ᠎ᠠ ᠪᠡᠯᠴᠢᠭᠡᠷ ᠴᠦ᠍ ᠰᠡᠯᠭᠦᠵᠦ ᠳᠡᠢᠯᠬᠦ ᠦᠭᠡᠢ ᠪᠣᠯᠤᠭᠰᠠᠨ ᠠ᠋ᠴᠠ ᠬᠠᠰᠢᠶᠠᠯᠠᠬᠤ ᠪᠤᠶᠤ ᠪᠣᠷᠳᠣᠵᠤ ᠲᠡᠵᠢᠭᠡᠬᠦ ᠬᠠᠷᠢᠴᠠᠯ ᠶᠠᠪᠤᠬᠤ ᠳᠣᠳᠣᠮ ᠨᠡᠮᠡᠭᠳᠡᠵᠦ᠂ ᠵᠢᠩᠬᠢᠨᠢ ᠤᠳᠬ᠎ᠠ ᠳᠡᠭᠡᠷᠡᠬᠢ ᠪᠡᠯᠴᠢᠭᠡᠷ ᠦ᠋ᠨ ᠮᠠᠯ ᠠᠵᠤ ᠠᠬᠤᠢ ᠰᠦᠢᠷᠡᠭᠰᠡᠨ ᠪᠠᠢᠨ᠎ᠠ᠃ ᠮᠠᠨ ᠤ᠋ ᠬᠥᠳᠡᠭᠡ ᠲᠣᠰᠬᠣᠨ ᠮᠠᠯᠵᠢᠬᠤ ᠣᠷᠣᠨ ᠳ᠋ᠤ᠌ ᠬᠣᠷᠰᠢᠶᠠᠵᠢᠯ ᠭᠡᠳᠡᠭ ᠨᠢ ᠮᠥᠨ ᠯᠡ ᠪᠠᠯᠠᠷᠬᠠᠢ ᠤᠬᠠᠭᠳᠠᠬᠤᠨ ᠢ᠋ᠶ᠋ᠠᠷ ᠢ᠋ᠶ᠋ᠠᠨ ᠪᠠᠢᠬᠤ ᠪᠥᠭᠡᠳ ᠬᠣᠷᠰᠢᠶᠠᠵᠢᠯ ᠪᠠᠢᠭᠤᠯᠵᠤ ᠪᠠᠢᠭ᠎ᠠ ᠬᠥᠮᠦᠰ ᠨᠢ ᠴᠦ᠍ ᠬᠣᠷᠰᠢᠶᠠᠵᠢᠯ ᠤ᠋ᠨ ᠣᠢᠯᠠᠭᠠᠯᠲᠠ ᠪᠠᠷ ᠳᠤᠲᠠᠮᠠᠭ ᠪᠠᠢᠵᠤ ᠲᠡᠭᠦᠨ ᠢ᠋ᠶ᠋ᠡᠨ ᠵᠥᠪᠬᠡᠨ ᠳᠡᠭᠡᠳᠦ ᠱᠠᠲᠤᠨ ᠠ᠋ᠴᠠ ᠨᠥᠬᠥᠪᠥᠷᠢ ᠪᠤᠶᠤ ᠲᠥᠷᠥᠯ ᠵᠦᠢᠯ ᠦ᠋ᠨ ᠮᠥᠩᠭᠥ ᠣᠯᠬᠤ ᠠᠷᠭ᠎ᠠ ᠵᠠᠮ ᠢ᠋ᠶ᠋ᠠᠷ ᠦᠵᠡᠵᠦ ᠪᠣᠢ᠂ ᠲᠡᠷᠡᠬᠦ ᠲᠥᠷᠥᠯ ᠵᠦᠢᠯ ᠦ᠋ᠨ ᠮᠥᠩᠭᠥ ᠶ᠋ᠢ ᠵᠥᠪ ᠠᠰᠢᠭᠯᠠᠵᠤ ᠪᠡᠯᠡ ᠣᠷᠣᠭᠤᠯᠵᠤ ᠴᠢᠳᠠᠬᠤ ᠦᠭᠡᠢ ᠪᠣᠯ ᠮᠥᠨ ᠯᠡ ᠨᠢᠭᠡ ᠤᠳᠠᠭᠠᠨ ᠤ᠋ ᠰᠤᠯᠠ ᠵᠣᠭᠣᠰ ᠣᠯᠤᠭᠠᠳ ᠵᠠᠷᠤᠭᠰᠠᠨ ᠲᠡᠳᠦᠢ ᠪᠣᠯᠵᠤ᠂ ᠮᠠᠨ ᠤ᠋ ᠮᠠᠯᠵᠢᠯ ᠤ᠋ᠨ ᠡᠵᠡᠩᠨᠡᠯᠲᠡ ᠳ᠋ᠦ᠍ ᠦᠨᠳᠦᠰᠦᠨ ᠬᠤᠪᠢᠷᠠᠯᠲᠠ ᠭᠠᠷᠭᠠᠵᠤ ᠴᠢᠳᠠᠬᠤ ᠦᠭᠡᠢ ᠶᠦᠮ᠃
     ᠪᠢᠳᠡ ᠶᠡᠬᠡ ᠶ᠋ᠢ ᠶᠠᠷᠢᠬᠤ ᠦᠭᠡᠢ ᠵᠥᠪᠬᠡᠨ ᠨᠢᠳᠦᠨ ᠡᠮᠦᠨᠡᠬᠢ ᠪᠣᠳᠠᠲᠤ ᠪᠠᠢᠳᠠᠯ ᠢ᠋ᠶ᠋ᠠᠷ ᠢ᠋ᠶ᠋ᠠᠨ ᠨᠢᠭᠡ ᠵᠢᠱ᠌ᠢᠶ᠎ᠡ ᠲᠠᠲᠠᠪᠠᠯ᠄ ᠵᠠᠷᠢᠮ ᠮᠠᠯᠴᠢᠳ ᠮᠠᠯ ᠤ᠋ᠨ ᠲᠣᠭ᠎ᠠ ᠪᠠᠭ᠎ᠠ᠂ ᠲᠡᠭᠦᠨ ᠢ᠋ ᠲᠦᠰᠢᠵᠦ ᠠᠮᠢᠳᠤᠷᠠᠵᠤ ᠳᠡᠢᠯᠬᠦ ᠦᠭᠡᠢ ᠵᠠᠪᠠᠯ ᠭᠠᠳᠠᠭᠰᠢ ᠭᠠᠷᠴᠤ ᠬᠥᠯᠥᠰᠥᠨ ᠠᠵᠢᠯ ᠬᠢᠬᠦ ᠴᠢᠬᠤᠯᠠ ᠲᠠᠢ ᠦᠶ᠎ᠡ ᠳ᠋ᠦ᠍ ᠭᠠᠵᠠᠷ ᠨᠤᠲᠤᠭ ᠢ᠋ᠶ᠋ᠠᠨ ᠭᠠᠳᠠᠨᠠᠬᠢ ᠶ᠋ᠢᠨ ᠬᠥᠮᠦᠨ ᠳ᠋ᠦ᠍ ᠲᠦᠷᠢᠶᠡᠰᠦᠯᠡᠨ ᠥᠭᠴᠦ ᠪᠣᠢ᠃ ᠭᠠᠳᠠᠨᠠᠬᠢ ᠶ᠋ᠢᠨ ᠬᠥᠮᠦᠨ ᠨᠤᠲᠤᠭ ᠢ᠋ ᠴᠢᠨᠢ ᠲᠦᠷᠢᠶᠡᠰᠦᠯᠡᠭᠰᠡᠨ ᠦ᠌ ᠳᠠᠷᠠᠭ᠎ᠠ ᠬᠠᠮᠠᠭᠠᠯᠠᠵᠤ ᠬᠠᠢᠷᠠᠯᠠᠵᠤ ᠡᠵᠡᠩᠨᠡᠬᠦ ᠦᠭᠡᠢ ᠬᠠᠷᠢᠨ ᠳᠠᠭᠠᠭᠠᠴᠠ ᠶ᠋ᠢ ᠨᠢ ᠬᠡᠲᠦᠷᠡᠲᠡᠯ᠎ᠡ ᠮᠠᠯᠵᠢᠨ ᠬᠠᠢᠷ᠎ᠠ ᠨᠠᠢᠷ ᠦᠭᠡᠢ ᠲᠠᠯᠬᠢᠳᠠᠳᠠᠭ᠃ ᠡᠯᠳᠡᠪ ᠶᠠᠭᠤᠮ᠎ᠠ ᠬᠢᠵᠦ ᠣᠢᠷ᠎ᠠ ᠣᠷᠴᠢᠨ ᠢ᠋ ᠪᠣᠬᠢᠷᠲᠤᠭᠤᠯᠳᠠᠭ᠃ ᠵᠠᠷᠢᠮ ᠨᠢ ᠪᠠᠰᠠ ᠶᠡᠬᠡᠯ᠎ᠡ ᠪᠦᠲᠦᠭᠡᠨ ᠪᠠᠢᠭᠤᠯᠤᠯᠲᠠ ᠭᠡᠳᠡᠭ ᠢ᠋ᠶ᠋ᠡᠨ ᠬᠢᠵᠦ ᠪᠤᠴᠠᠭᠠᠵᠤ ᠥᠭᠬᠦ ᠦᠭᠡᠢ ᠪᠡᠷ ᠣᠷᠣᠯᠳᠣᠳᠠᠭ᠃ ᠢᠩᠭᠢᠭᠡᠳ ᠮᠠᠰᠢ ᠣᠯᠠᠨ ᠵᠠᠷᠭᠤ ᠵᠠᠭᠠᠯᠳᠤᠭᠠᠨ ᠪᠣᠯᠳᠠᠭ ᠪᠠᠢᠨ᠎ᠠ᠃ ᠬᠡᠷᠪᠡ ᠬᠣᠷᠰᠢᠶᠠᠵᠢᠯ ᠪᠠᠢᠭᠤᠯᠵᠤ ᠨᠤᠲᠤᠭ ᠪᠡᠯᠴᠢᠭᠡᠷ ᠢ᠋ᠶ᠋ᠡᠨ ᠬᠣᠷᠰᠢᠶᠠᠵᠢᠯ ᠳ᠋ᠤ᠌ ᠪᠠᠨ ᠲᠤᠰᠢᠶᠠᠭᠠᠳ ᠭᠠᠳᠠᠭᠰᠢ ᠭᠠᠷᠤᠭᠰᠠᠨ ᠪᠣᠯ ᠨᠤᠲᠤᠭ ᠴᠢᠨᠢ ᠬᠡᠵᠢᠶᠡᠳᠡ ᠴᠢᠨᠦ ᠬᠡᠪ ᠢ᠋ᠶ᠋ᠡᠷ ᠢ᠋ᠶ᠋ᠡᠨ ᠪᠥᠭᠡᠳ ᠵᠢᠯ ᠪᠦᠷᠢ ᠬᠤᠪᠢ ᠣᠷᠣᠭᠤᠯᠤᠭᠰᠠᠨ ᠮᠥᠩᠭᠥ ᠣᠯᠵᠤ ᠣᠷᠣᠯᠭ᠎ᠠ ᠪᠠᠨ ᠨᠡᠮᠡᠭᠳᠡᠭᠦᠯᠵᠦ ᠪᠣᠯᠬᠤ ᠶᠤᠮ᠃ ᠮᠥᠨ ᠴᠦ᠍ ᠬᠡᠷᠡᠭ ᠦᠭᠡᠢ ᠲᠡᠳᠡᠭᠡᠷ ᠵᠠᠷᠭᠤ ᠵᠢᠭᠤᠷᠠᠯᠳᠤᠭᠠᠨ ᠤ᠋ ᠶᠠᠷᠰᠢᠭ ᠲᠦᠪᠡᠭ ᠡᠴᠡ ᠵᠠᠢᠯᠠᠰᠬᠢᠵᠦ ᠴᠢᠳᠠᠨ᠎ᠠ᠃
   ᠥᠨᠥᠳᠥᠷ ᠳᠡᠯᠡᠬᠡᠢ ᠳᠡᠭᠡᠷᠡᠬᠢ ᠠᠯᠢ ᠬᠦᠴᠦᠷᠬᠡᠭ ᠠᠵᠤ ᠠᠬᠤᠢᠯᠠᠯ ᠪᠦᠷ ᠬᠣᠯᠪᠣᠭᠠᠯᠠᠵᠤ ᠪᠦᠯᠦᠭᠯᠡᠬᠦ ᠪᠣᠯᠤᠭᠰᠠᠨ ᠪᠥᠭᠡᠳ ᠤᠯᠤᠰ ᠣᠷᠣᠨ ᠴᠤ᠌ ᠪᠦᠷ ᠣᠷᠣᠨ ᠪᠦᠰᠡ ᠶ᠋ᠢᠨ ᠪᠦᠯᠦᠭᠯᠡᠯ ᠪᠣᠯᠵᠤ᠂ ᠰᠢᠨᠵᠢᠯᠡᠭᠡ ᠮᠡᠷᠭᠡᠵᠢᠯ᠂ ᠪᠡᠯᠡ ᠮᠥᠩᠭᠥ᠂ ᠬᠠᠮᠢᠶᠠᠷᠤᠯᠲᠠ᠂ ᠵᠠᠬ᠎ᠠ ᠵᠡᠭᠡᠯᠢ ᠭᠡᠬᠦ ᠮᠡᠲᠦᠴᠢᠯᠡᠨ ᠪᠦᠬᠦ ᠲᠠᠯ᠎ᠠ ᠪᠠᠷ ᠬᠤᠷᠰᠢᠨ ᠬᠠᠮᠲᠤᠷᠠᠬᠤ ᠪᠣᠯᠵᠤ ᠪᠣᠢ᠃ ᠣᠳᠣ ᠶ᠋ᠢᠨ ᠠᠵᠤ ᠠᠬᠤᠢ ᠶ᠋ᠢᠨ ᠰᠢᠷᠦᠭᠦᠨ ᠥᠷᠢᠰᠦᠯᠳᠦᠭᠡᠨ ᠳᠤᠮᠳᠠ ᠬᠡᠴᠢᠨᠡᠨ ᠪᠠᠶᠠᠨ ᠮᠠᠯᠴᠢᠨ ᠪᠠᠢᠭᠰᠠᠨ ᠴᠦ᠍ ᠪᠡᠯᠡ ᠮᠥᠩᠭᠥ᠂ ᠮᠡᠷᠭᠡᠵᠢᠯ᠂ ᠬᠥᠳᠡᠯᠮᠦᠷᠢ ᠬᠦᠴᠦ᠂ ᠬᠠᠮᠢᠶᠠᠷᠤᠯᠲᠠ ᠪᠠᠷ ᠢ᠋ᠶ᠋ᠠᠨ ᠬᠠᠮᠲᠤᠷᠠᠭᠰᠠᠨ ᠬᠤᠷᠰᠢᠶ᠎ᠠ ᠺᠣᠮᠫᠠᠨᠢ ᠲᠠᠢ ᠬᠡᠷᠬᠢᠨ ᠥᠷᠢᠰᠦᠯᠳᠦᠵᠦ ᠳᠡᠢᠯᠬᠦ ᠪᠢᠯᠡ! ᠮᠠᠭᠤᠬᠠᠢ ᠪᠠᠷ ᠬᠡᠯᠡᠪᠡᠯ ᠣᠳᠣ ᠶ᠋ᠢᠨ ᠵᠠᠭᠤᠴᠢ ᠵᠠᠮ ᠬᠠᠷᠢᠯᠴᠠᠭ᠎ᠠ ᠬᠥᠭᠵᠢᠭᠰᠡᠨ ᠪᠠᠢᠳᠠᠯ ᠳᠣᠣᠷ᠎ᠠ ᠮᠠᠨ ᠤ᠋ ᠮᠠᠯᠴᠢᠨ ᠬᠥᠮᠦᠨ ᠬᠤᠪᠢ ᠪᠠᠨ ᠬᠥᠭᠡᠭᠡᠬᠦ ᠳ᠋ᠦ᠍ ᠬᠦᠷᠪᠡᠯ ᠬᠤᠯᠠᠭᠠᠢᠴᠢ ᠮᠡᠬᠡᠯᠡᠭᠴᠢ ᠶ᠋ᠢ ᠠᠷᠭᠠᠴᠠᠬᠤ ᠳ᠋ᠤ᠌ ᠪᠠᠰᠠ ᠬᠡᠴᠡᠭᠦᠦ ᠪᠣᠯᠤᠨ᠎ᠠ᠃ ᠡᠢᠮᠦ ᠡᠴᠡ ᠬᠣᠷᠰᠢᠶᠠᠵᠢᠯ ᠪᠣᠯ ᠶᠡᠬᠡ ᠬᠠᠨᠳᠤᠰᠢ ᠮᠥᠨ᠃ ᠮᠠᠯᠴᠢᠳ ᠡᠨᠡ ᠲᠠᠯ᠎ᠠ ᠪᠠᠷ ᠳᠣᠲᠣᠷ᠎ᠠ ᠪᠠᠨ ᠪᠣᠳᠣᠯ ᠲᠠᠢ ᠪᠠᠢᠵᠤ ᠪᠡᠯᠡᠳᠬᠡᠯ ᠲᠡᠢ ᠪᠠᠢᠬᠤ ᠬᠡᠷᠡᠭᠲᠡᠢ᠃ ᠢᠯᠡᠭᠦᠬᠡᠨ ᠭᠠᠳᠠᠭᠰᠢ ᠭᠠᠷᠴᠤ ᠨᠢᠳᠦ ᠨᠡᠭᠡᠭᠡᠬᠦ ᠶ᠋ᠢᠨ ᠬᠠᠮᠲᠤ ᠪᠤᠰᠤᠳ ᠤ᠋ᠨ ᠠᠮᠵᠢᠯᠲᠠ ᠲᠠᠢ ᠲᠤᠷᠰᠢᠯᠭ᠎ᠠ ᠶ᠋ᠢ ᠦᠵᠡᠨ ᠰᠣᠨᠢᠷᠬᠠᠵᠤ᠂ ᠥᠪᠡᠷ ᠦ᠋ᠨ ᠪᠣᠳᠠᠲᠤ ᠪᠠᠢᠳᠠᠯ ᠳ᠋ᠤ᠌ ᠪᠠᠨ ᠲᠣᠬᠢᠷᠠᠭᠤᠯᠤᠨ ᠦᠢᠯᠡᠳᠦᠯᠭᠡᠵᠢᠭᠦᠯᠪᠡᠯ ᠵᠣᠬᠢᠨ᠎ᠠ᠃ ᠬᠥᠳᠡᠭᠡ ᠲᠣᠰᠬᠣᠨ ᠬᠡᠷᠪᠡ ᠬᠣᠷᠰᠢᠶᠠᠵᠢᠯ ᠢ᠋ ᠪᠡᠶᠡᠯᠡᠭᠦᠯᠴᠢᠬᠡᠪᠡᠯ ᠬᠤᠪᠢ ᠶ᠋ᠢᠨ ᠬᠡᠪᠡᠷᠡᠭ ᠵᠢᠵᠢᠭ ᠦᠢᠯᠡᠳᠪᠦᠷᠢᠯᠡᠯ ᠡᠴᠡ ᠪᠡᠨ ᠰᠠᠯᠵᠤ ᠠᠵᠤ ᠠᠬᠤᠢ ᠶ᠋ᠢᠨ ᠪᠠᠲᠤ ᠪᠡᠬᠢ ᠰᠠᠭᠤᠷᠢ ᠶ᠋ᠢ ᠲᠠᠯᠪᠢᠵᠤ ᠴᠢᠳᠠᠬᠤ ᠶᠤᠮ᠃ ᠣᠳᠣᠬᠠᠨ ᠳ᠋ᠤ᠌ ᠤᠯᠤᠰ ᠠ᠋ᠴᠠ ᠭᠡᠷ ᠪᠦᠯᠢ ᠶ᠋ᠢᠨ ᠮᠠᠯᠵᠢᠯ ᠤ᠋ᠨ ᠲᠠᠯᠠᠪᠠᠢ ᠶ᠋ᠢ ᠶᠡᠬᠡᠪᠡᠷ ᠳᠡᠮᠵᠢᠬᠦ ᠪᠡᠷ ᠪᠠᠢᠭ᠎ᠠ᠂ ᠬᠡᠳᠦᠬᠡᠨ ᠡᠷᠦᠬᠡ ᠬᠤᠷᠰᠢᠪᠠᠯ ᠭᠡᠷ ᠪᠦᠯᠢ ᠶ᠋ᠢᠨ ᠮᠠᠯᠵᠢᠯ ᠤ᠋ᠨ ᠲᠠᠯᠠᠪᠠᠢ ᠪᠠᠢᠭᠤᠯᠵᠤ ᠳᠡᠢᠯᠦᠨ᠎ᠡ᠃
   ᠥᠨᠥ ᠵᠠᠷᠢᠮ ᠬᠥᠮᠦᠰ ᠪᠠᠰᠠ ᠬᠣᠷᠰᠢᠶᠠᠵᠢᠯ ᠭᠡᠳᠡᠭ ᠢ᠋ ᠥᠩᠭᠡᠷᠡᠭᠰᠡᠨ ᠦ᠌ ᠮᠠᠨᠵᠢᠨ ᠲᠣᠭᠣᠭᠠᠨ ᠤ᠋ ᠴᠠᠭ ᠦᠶ᠎ᠡ ᠶ᠋ᠢᠨ ᠬᠣᠷᠰᠢᠶᠠᠵᠢᠯ ᠲᠠᠢ ᠠᠳᠠᠯᠢ ᠪᠠᠷ ᠦᠵᠡᠵᠦ ᠪᠣᠢ᠃ ᠲᠡᠷᠡ ᠦᠶ᠎ᠡ ᠪᠣᠯ ᠪᠦᠬᠦ ᠶᠠᠭᠤᠮ᠎ᠠ ᠶ᠋ᠢ ᠤᠯᠤᠰ ᠠ᠋ᠴᠠ ᠡᠵᠡᠨ ᠮᠡᠳᠡᠵᠦ ᠪᠠᠢᠭᠰᠠᠨ ᠲᠥᠯᠥᠪᠯᠡᠭᠡᠲᠦ ᠠᠵᠤ ᠠᠬᠤᠢ ᠶ᠋ᠢᠨ ᠴᠠᠭ ᠦᠶ᠎ᠡ᠂ ᠣᠳᠣ ᠪᠣᠯ ᠠᠯᠢᠪᠠ ᠪᠠᠨ ᠥᠪᠡᠷᠰᠡᠳ ᠢ᠋ᠶ᠋ᠡᠨ ᠡᠵᠡᠨ ᠮᠡᠳᠡᠵᠦ᠂ ᠶᠠᠭᠤ ᠡᠵᠡᠩᠨᠡᠵᠦ ᠬᠡᠳᠦᠢ ᠦᠢᠯᠡᠳᠪᠦᠷᠢᠯᠡᠬᠦ ᠪᠡᠨ ᠵᠠᠬ᠎ᠠ ᠵᠡᠭᠡᠯᠢ ᠨᠡᠢᠭᠡᠮ ᠦ᠋ᠨ ᠬᠡᠷᠡᠭᠴᠡᠭᠡ ᠶ᠋ᠢ ᠠᠵᠢᠭᠯᠠᠵᠤ ᠬᠢᠳᠡᠭ ᠴᠠᠭ ᠪᠣᠯᠤᠭᠰᠠᠨ᠃ ᠲᠥᠷᠥ ᠶ᠋ᠢᠨ ᠪᠣᠳᠣᠯᠭ᠎ᠠ ᠪᠣᠯ ᠵᠥᠪᠬᠡᠨ ᠵᠢᠯᠣᠭᠣᠳᠤᠮᠵᠢ ᠶ᠋ᠢᠨ ᠴᠢᠨᠠᠷ ᠲᠠᠢ ᠪᠠᠢᠳᠠᠭ᠃ ᠬᠠᠷᠢᠨ ᠪᠦᠬᠦ ᠤᠴᠢᠷ ᠲᠤ ᠳᠡᠭᠡᠷᠡᠬᠢ ᠶ᠋ᠢ ᠴᠢᠷᠠᠢᠳᠠᠵᠤ ᠪᠠᠰᠠ ᠪᠣᠯᠬᠤ ᠦᠭᠡᠢ᠂ ᠮᠠᠯᠵᠢᠯ ᠤ᠋ᠨ ᠰᠣᠶᠣᠯ ᠳ᠋ᠤ᠌ ᠪᠠᠨ ᠭᠠᠭᠴᠠᠬᠦ ᠮᠠᠯᠴᠢᠳ ᠯᠠ ᠬᠠᠮᠤᠭ ᠶᠡᠬᠡ ᠦᠭᠡ ᠬᠡᠯᠡᠬᠦ ᠡᠷᠬᠡ ᠲᠡᠢ᠃ ᠦᠶ᠎ᠡ ᠳᠠᠮᠵᠢᠨ ᠮᠠᠯ ᠢ᠋ᠶ᠋ᠠᠨ ᠮᠠᠯᠵᠢᠭᠰᠠᠨ ᠬᠥᠮᠦᠰ ᠯᠡ ᠡᠨᠡ ᠨᠤᠲᠤᠭ ᠳᠡᠭᠡᠷ᠎ᠡ ᠶᠠᠮᠠᠷ ᠡᠭᠦᠯᠳᠡᠷ ᠦ᠋ᠨ ᠮᠠᠯ ᠢ᠋ ᠶᠠᠭᠠᠬᠢᠵᠤ ᠮᠠᠯᠵᠢᠬᠤ ᠪᠠᠨ ᠬᠠᠮᠤᠭ ᠰᠠᠢᠨ ᠣᠢᠯᠠᠭᠠᠬᠤ ᠶᠣᠰᠣᠲᠠᠢ᠃ ᠦᠭᠡᠢ ᠪᠣᠯ ᠡᠭᠦᠯᠳᠡᠷ ᠰᠠᠢᠵᠢᠷᠠᠭᠤᠯᠤᠨ᠎ᠠ ᠭᠡᠳ ᠨᠤᠲᠤᠭ ᠤ᠋ᠨ ᠪᠤᠬ᠎ᠠ ᠶ᠋ᠢ ᠪᠦᠬᠦᠨ ᠢ᠋ ᠴᠠᠭᠠᠯᠠᠭᠰᠠᠨ ᠠ᠋ᠴᠠ ᠦᠨᠢᠶ᠎ᠡ ᠰᠤᠪᠠᠢᠷᠠᠭᠰᠠᠨ ᠬᠣᠬᠢᠷᠠᠯ᠂ ᠰᠠᠭᠠᠯᠢ ᠶ᠋ᠢᠨ ᠦᠨᠢᠶ᠎ᠡ ᠮᠠᠯᠵᠢᠭᠠᠳ ᠬᠥᠯ ᠠᠯᠳᠠᠵᠤ ᠨᠤᠲᠤᠭ ᠲᠤ ᠪᠠᠨ ᠪᠠᠰᠠ ᠪᠤᠴᠠᠵᠤ ᠳᠡᠢᠯᠬᠦ ᠦᠭᠡᠢ ᠲᠡᠨᠦᠵᠦ ᠪᠠᠢᠭ᠎ᠠ ᠮᠠᠯᠴᠢᠳ ᠤ᠋ᠨ ᠬᠦᠨᠳᠦ ᠬᠣᠬᠢᠷᠠᠯ ᠢ᠋ ᠠᠯᠪᠠᠨ ᠭᠡᠷ ᠡᠴᠡ ᠪᠡᠨ ᠭᠠᠷᠤᠭᠰᠠᠨ ᠦᠭᠡᠢ ᠪᠡᠷ ᠮᠡᠷᠭᠡᠯᠡᠭᠰᠡᠨ ᠨᠣᠶᠠᠳ ᠡᠷᠳᠡᠮᠲᠡᠳ ᠬᠠᠷᠢᠭᠤᠴᠠᠬᠤ ᠦᠭᠡᠢ ᠰᠢᠦ᠃
    2. ᠲᠥᠷᠥ ᠶ᠋ᠢᠨ ᠪᠣᠳᠣᠯᠭ᠎ᠠ ᠬᠠᠤᠯᠢ ᠳᠦᠷᠢᠮ ᠢ᠋ ᠵᠥᠪ ᠣᠢᠯᠠᠭᠠᠬᠤ ᠦᠭᠡᠢ ᠡᠴᠡ ᠪᠣᠯᠵᠤ ᠠᠰᠠᠭᠤᠳᠠᠯ ᠪᠣᠯᠵᠤ ᠪᠣᠢ
    ᠣᠳᠣ ᠨᠤᠲᠤᠭ ᠪᠡᠯᠴᠢᠭᠡᠷ ᠦ᠋ᠨ ᠵᠢᠭᠤᠷᠭᠠᠨ᠂ ᠠᠭᠤᠷᠬᠠᠢ ᠮᠠᠯᠲᠠᠬᠤ᠂ ᠵᠠᠮ ᠵᠠᠰᠠᠬᠤ᠂ ᠠᠵᠤ ᠠᠬᠤᠢᠯᠠᠯ ᠡᠵᠡᠯᠡᠬᠦ ᠭᠡᠳ ᠣᠯᠠᠨ ᠵᠦᠢᠯ ᠦ᠋ᠨ ᠶᠠᠷᠰᠢᠭ ᠲᠦᠪᠡᠭ ᠲᠣᠬᠢᠶᠠᠯᠳᠤᠵᠤ᠂ ᠥᠩᠭᠡᠷᠡᠭᠰᠡᠨ ᠦ᠌ ᠲᠡᠷᠡᠬᠦ ᠲᠣᠭᠲᠠᠭᠤᠨ ᠲᠠᠢᠪᠤᠭᠤᠨ ᠠᠮᠢᠳᠤᠷᠠᠯ ᠦᠷᠭᠦᠯᠵᠢᠯᠡᠬᠦ ᠶ᠋ᠢᠨ ᠠᠷᠭ᠎ᠠ ᠦᠭᠡᠢ ᠪᠣᠯᠴᠢᠬᠠᠭᠰᠠᠨ ᠪᠠᠢᠳᠠᠭ᠃ ᠡᠭᠦᠨ ᠳ᠋ᠦ᠍ ᠮᠠᠯᠴᠢᠳ ᠬᠦᠷᠰᠢ ᠵᠡᠷᠭᠡᠯᠡᠳᠡᠭᠡ ᠲᠡᠢ ᠪᠡᠨ ᠵᠥᠷᠢᠴᠡᠯ ᠭᠠᠷᠬᠤ᠂ ᠠᠭᠤᠷᠬᠠᠢ ᠮᠠᠯᠲᠠᠭᠴᠢᠳ ᠲᠠᠢ ᠵᠥᠷᠢᠴᠡᠯ ᠭᠠᠷᠬᠤ᠂ ᠵᠠᠰᠠᠭ ᠤ᠋ᠨ ᠣᠷᠳᠣᠨ ᠲᠠᠢ ᠵᠥᠷᠢᠴᠡᠯ ᠭᠠᠷᠬᠤ ᠨᠢ ᠡᠩ ᠦ᠋ᠨ ᠤᠴᠢᠷ ᠪᠣᠯᠵᠤ ᠮᠠᠰᠢ ᠣᠯᠠᠨ ᠵᠥᠷᠢᠴᠡᠯ ᠨᠢ ᠲᠡᠭᠡᠭᠡᠳ ᠮᠠᠯᠴᠢᠳ ᠤ᠋ᠨ ᠪᠡᠶ᠎ᠡ ᠳᠡᠭᠡᠷ᠎ᠡ᠂ ᠮᠠᠯᠴᠢᠳ ᠤ᠋ᠨ ᠡᠵᠡᠯᠡᠵᠦ ᠪᠠᠢᠭ᠎ᠠ ᠨᠤᠲᠤᠭ ᠪᠡᠯᠴᠢᠭᠡᠷ ᠦ᠋ᠨ ᠤᠴᠢᠷ ᠲᠤ ᠲᠥᠪᠯᠡᠷᠡᠵᠦ ᠢᠷᠡᠭᠰᠡᠨ ᠪᠠᠢᠨ᠎ᠠ᠃ ᠡᠢᠮᠦᠷᠬᠦ ᠪᠠᠢᠳᠠᠯ ᠳᠣᠣᠷ᠎ᠠ ᠲᠥᠷᠥ ᠶ᠋ᠢᠨ ᠪᠣᠳᠣᠯᠭ᠎ᠠ ᠶ᠋ᠢ ᠵᠥᠪ ᠣᠢᠯᠠᠭᠠᠵᠤ ᠬᠠᠤᠯᠢ ᠳᠦᠷᠢᠮ ᠢ᠋ ᠨᠡᠪᠲᠡᠷᠡᠲᠡᠯ᠎ᠡ ᠮᠡᠳᠡᠨ ᠬᠠᠤᠯᠢ ᠪᠠᠷ ᠥᠪᠡᠷ ᠦ᠋ᠨ ᠠᠰᠢᠭ ᠲᠤᠰᠠ ᠪᠠᠨ ᠬᠠᠮᠠᠭᠠᠯᠠᠬᠤ ᠪᠣᠯ ᠬᠠᠮᠤᠭ ᠤ᠋ᠨ ᠲᠤᠯᠭᠠᠮ᠎ᠠ ᠱᠠᠭᠠᠷᠳᠠᠭᠳᠠᠵᠤ ᠪᠠᠢᠭ᠎ᠠ ᠠᠰᠠᠭᠤᠳᠠᠯ ᠪᠣᠯᠤᠭᠠᠳ ᠪᠣᠢ᠃
    ᠭᠠᠵᠠᠷ ᠨᠤᠲᠤᠭ ᠢ᠋ ᠡᠷᠦᠬᠡ ᠳ᠋ᠦ᠍ ᠳᠠᠭᠠᠭᠠᠴᠢᠯᠠᠭᠤᠯᠬᠤ ᠦᠶ᠎ᠡ ᠳ᠋ᠦ᠍ ᠮᠠᠨ ᠤ᠋ ᠬᠤᠪᠢᠶᠠᠵᠤ ᠥᠭᠭᠦᠭᠰᠡᠨ ᠨᠤᠲᠤᠭ ᠪᠡᠯᠴᠢᠭᠡᠷ ᠪᠣᠯ ᠮᠠᠨ ᠤ᠋ ᠬᠡᠳᠦᠨ ᠦᠶ᠎ᠡ ᠪᠡᠷ ᠢ᠋ᠶ᠋ᠡᠨ ᠡᠵᠡᠩᠨᠡᠵᠦ ᠬᠠᠮᠢᠶᠠᠷᠬᠤ᠂ ᠣᠷᠣᠰᠢᠨ ᠲᠣᠭᠲᠠᠨᠢᠬᠤ᠂ ᠠᠮᠢᠳᠤᠷᠠᠨ ᠥᠭᠡᠳᠡᠯᠡᠬᠦ ᠭᠠᠵᠠᠷ ᠰᠢᠷᠣᠢ ᠶᠤᠮ᠃ ᠪᠢᠳᠡ ᠡᠨᠡ ᠭᠠᠵᠠᠷ ᠰᠢᠷᠣᠢ ᠳ᠋ᠤ᠌ ᠪᠠᠨ ᠡᠵᠡᠨ ᠨᠢ ᠪᠣᠯᠬᠤ ᠬᠡᠷᠡᠭᠲᠡᠢ᠃ ᠬᠡᠨ ᠴᠦ᠍ ᠮᠠᠨ ᠤ᠋ ᠡᠵᠡᠨ ᠬᠥᠮᠦᠨ ᠦ᠌ ᠡᠷᠬᠡ ᠳ᠋ᠦ᠍ ᠬᠠᠯᠳᠠᠵᠤ ᠪᠣᠯᠬᠤ ᠦᠭᠡᠢ ᠶᠦᠮ᠃ ᠡᠨᠡ ᠪᠣᠯ ᠦᠨᠳᠦᠰᠦᠨ ᠬᠠᠤᠯᠢ ᠪᠠᠷ ᠪᠠᠲᠤᠯᠠᠭᠰᠠᠨ ᠳᠠᠷᠬᠠᠨ ᠡᠷᠬᠡ ᠮᠥᠨ᠃ ᠪᠦᠬᠦ ᠤᠯᠤᠰ ᠤ᠋ᠨ ᠠᠷᠠᠳ ᠲᠦᠮᠡᠨ ᠪᠦᠷ ᠢᠩᠭᠢᠵᠦ ᠥᠪᠡᠷ ᠥᠪᠡᠷ ᠦ᠋ᠨ ᠨᠤᠲᠤᠭ ᠤᠰᠤᠨ ᠳ᠋ᠤ᠌ ᠪᠠᠨ ᠦᠨᠡᠨ ᠬᠦ᠌ ᠡᠵᠡᠨ ᠪᠣᠯᠬᠤ ᠡᠷᠬᠡ ᠪᠡᠨ ᠡᠳ᠋ᠯᠡᠵᠦ ᠴᠢᠳᠠᠪᠠᠯ ᠤᠯᠤᠰ ᠤ᠋ᠨ ᠡᠵᠡᠨ ᠦ᠌ ᠡᠷᠬᠡ ᠮᠠᠲᠠᠯ ᠦᠨᠡᠨ ᠬᠦ᠌ ᠠᠷᠠᠳ ᠲᠦᠮᠡᠨ ᠦ᠌ ᠪᠣᠯᠵᠤ ᠴᠢᠳᠠᠨ᠎ᠠ᠃ ᠡᠨᠡ ᠪᠣᠯ ᠮᠠᠯᠴᠢᠳ ᠤ᠋ᠨ ᠵᠠᠪᠠᠯ ᠮᠡᠳᠡᠬᠦ ᠶᠣᠰᠣᠲᠠᠢ ᠬᠠᠤᠯᠢ ᠳᠦᠷᠢᠮ ᠦ᠋ᠨ ᠮᠡᠳᠡᠯᠭᠡ ᠮᠥᠨ᠃
    ᠰᠣᠨᠣᠰᠬᠤᠯᠠᠷ ᠵᠠᠷᠢᠮ ᠮᠠᠯᠴᠢᠳ ᠤ᠋ᠨ ᠡᠵᠡᠯᠡᠭᠰᠡᠨ ᠨᠤᠲᠤᠭ ᠪᠡᠯᠴᠢᠭᠡᠷ ᠲᠤ ᠠᠭᠤᠷᠬᠠᠢ ᠮᠠᠯᠲᠠᠬᠤ ᠭᠡᠳ ᠠᠭᠤᠷᠬᠠᠢ ᠶ᠋ᠢᠨ ᠡᠵᠡᠨ ᠨᠢ ᠲᠤᠰ ᠡᠷᠦᠬᠡ ᠳ᠋ᠦ᠍ ᠬᠡᠳᠦᠨ ᠵᠠᠭᠤᠨ ᠲᠦᠮᠡᠨ ᠵᠣᠭᠣᠰ ᠥᠭᠴᠦ ᠨᠤᠲᠤᠭ ᠪᠡᠯᠴᠢᠭᠡᠷ ᠢ᠋ ᠨᠢ ᠨᠢᠭᠡᠯᠡ ᠳᠡᠭᠡᠷ᠎ᠡ ᠬᠤᠳᠠᠯᠳᠤᠨ ᠠᠪᠴᠤ ᠪᠠᠢᠭ᠎ᠠ ᠪᠥᠭᠡᠳ ᠮᠠᠯᠴᠢᠳ ᠴᠦ᠍ ᠶᠡᠬᠡᠯ᠎ᠡ ᠳᠤᠷᠠᠲᠠᠢ ᠪᠠᠷ ᠭᠠᠵᠠᠷ ᠨᠤᠲᠤᠭ ᠢ᠋ᠶ᠋ᠠᠷ ᠢ᠋ᠶ᠋ᠠᠨ ᠵᠣᠭᠣᠰ ᠰᠣᠯᠢᠵᠤ ᠣᠯᠤᠭᠰᠠᠨ ᠵᠣᠭᠣᠰ ᠢ᠋ᠶ᠋ᠠᠨ ᠦᠷᠡᠨ ᠰᠦᠢᠳᠬᠡᠵᠦ ᠪᠠᠢᠭ᠎ᠠ ᠭᠡᠨ᠎ᠡ᠃ ᠡᠨᠡ ᠨᠢ ᠮᠥᠨ ᠴᠦ᠍ ᠬᠠᠤᠯᠢ ᠳᠦᠷᠢᠮ ᠢ᠋ ᠪᠤᠷᠤᠭᠤ ᠣᠢᠯᠠᠭᠠᠭᠰᠠᠨ ᠲᠠᠢ ᠬᠣᠯᠪᠣᠭ᠎ᠠ ᠲᠠᠢ ᠶᠤᠮ᠃《ᠨᠤᠲᠤᠭ ᠪᠡᠯᠴᠢᠭᠡᠷ ᠦ᠋ᠨ ᠬᠠᠤᠯᠢ》 ᠳ᠋ᠤ᠌《ᠪᠡᠯᠴᠢᠭᠡᠷ ᠨᠤᠲᠤᠭ ᠪᠣᠯ ᠭᠠᠴᠠᠭᠠᠨ ᠳ᠋ᠤ᠌ ᠥᠮᠴᠢᠯᠡᠭᠳᠡᠨ᠎ᠡ》 ᠭᠡᠵᠦ ᠲᠣᠳᠣᠷᠬᠠᠢ ᠲᠣᠭᠲᠠᠭᠠᠵᠤ ᠪᠣᠢ᠃ ᠭᠠᠴᠠᠭ᠎ᠠ ᠭᠡᠳᠡᠭ ᠪᠣᠯ ᠬᠡᠴᠢᠨᠡᠨ ᠡᠷᠦᠬᠡ ᠮᠠᠯᠴᠢᠳ ᠢ᠋ᠶ᠋ᠠᠷ ᠪᠦᠷᠢᠯᠳᠦᠭᠰᠡᠨ ᠬᠠᠮᠲᠤ ᠶ᠋ᠢᠨ ᠴᠣᠭᠴᠠ ᠶᠤᠮ᠃ ᠭᠠᠵᠠᠷ ᠨᠤᠲᠤᠭ ᠪᠣᠯ ᠡᠨᠡᠬᠦ ᠬᠡᠴᠢᠨᠡᠨ ᠡᠷᠦᠬᠡ ᠮᠠᠯᠴᠢᠳ ᠤ᠋ᠨ ᠬᠠᠮᠲᠤ ᠶ᠋ᠢᠨ ᠥᠮᠴᠢ ᠪᠣᠯᠬᠤ ᠠ᠋ᠴᠠ ᠪᠢᠰᠢ ᠬᠡᠨ ᠳ᠋ᠦ᠍ ᠬᠤᠪᠢᠳᠠᠵᠤ ᠬᠤᠪᠢᠶᠠᠭᠰᠠᠨ ᠪᠣᠯ ᠲᠡᠭᠦᠨ ᠦ᠌ ᠥᠮᠴᠢ ᠪᠣᠯᠵᠤ ᠬᠤᠪᠢᠷᠠᠬᠤ ᠶᠣᠰᠣ ᠦᠭᠡᠢ ᠶᠦᠮ᠃ ᠭᠠᠴᠠᠭᠠᠨ ᠠ᠋ᠴᠠ ᠮᠠᠯᠴᠢᠳ ᠲᠤ ᠪᠠᠨ ᠨᠤᠲᠤᠭ ᠪᠡᠯᠴᠢᠭᠡᠷ ᠬᠤᠪᠢᠶᠠᠵᠤ ᠥᠭᠭᠦᠭᠰᠡᠨ ᠵᠣᠷᠢᠯᠭ᠎ᠠ ᠨᠢ ᠲᠡᠭᠦᠨ ᠳ᠋ᠦ᠍ ᠡᠨᠡᠬᠦ ᠨᠤᠲᠤᠭ ᠳᠡᠭᠡᠷ᠎ᠡ ᠮᠠᠯᠵᠢᠵᠤ ᠡᠵᠡᠩᠨᠡᠬᠦ ᠡᠷᠬᠡ ᠶ᠋ᠢ ᠣᠯᠭᠣᠭᠰᠠᠨ ᠶᠠᠪᠤᠳᠠᠯ ᠪᠣᠯᠬᠤ ᠠ᠋ᠴᠠ ᠪᠢᠰᠢ ᠬᠠᠷᠢᠨ ᠪᠤᠰᠤᠳ ᠲᠤ ᠳᠤᠷ᠎ᠠ ᠪᠠᠷ ᠢ᠋ᠶ᠋ᠠᠨ ᠬᠤᠳᠠᠯᠳᠤᠨ ᠥᠭᠬᠦ ᠪᠤᠶᠤ ᠰᠢᠯᠵᠢᠭᠦᠯᠦᠨ ᠥᠭᠴᠦ ᠪᠣᠯᠬᠤ ᠥᠮᠴᠢᠯᠡᠯ ᠦ᠋ᠨ ᠡᠷᠬᠡ ᠶ᠋ᠢ ᠣᠯᠭᠣᠭᠰᠠᠨ ᠪᠢᠰᠢ ᠶᠦᠮ᠃ ᠡᠢᠮᠦ ᠡᠴᠡ ᠠᠯᠢ ᠨᠢᠭᠡ ᠭᠠᠴᠠᠭᠠᠨ ᠤ᠋᠂ ᠬᠡᠨ ᠨᠢᠭᠡ ᠮᠠᠯᠴᠢᠨ ᠤ᠋ ᠨᠤᠲᠤᠭ ᠳᠡᠭᠡᠷ᠎ᠡ ᠠᠭᠤᠷᠬᠠᠢ ᠭᠠᠷᠪᠠᠯ ᠵᠠᠪᠠᠯ ᠭᠠᠴᠠᠭᠠᠨ ᠠ᠋ᠴᠠ ᠭᠠᠷᠳᠠᠨ ᠰᠢᠢᠳᠪᠦᠷᠢᠯᠡᠬᠦ ᠬᠡᠷᠡᠭᠲᠡᠢ᠃ ᠠᠭᠤᠷᠬᠠᠢ ᠨᠡᠭᠡᠭᠡᠬᠦ ᠭᠠᠵᠠᠷ ᠤ᠋ᠨ ᠨᠥᠬᠥᠪᠥᠷᠢ ᠶ᠋ᠢ ᠪᠦᠬᠦ ᠭᠠᠴᠠᠭᠠᠨ ᠤ᠋ ᠡᠷᠦᠬᠡ ᠪᠦᠷᠢ ᠣᠯᠬᠤ ᠬᠡᠷᠡᠭᠲᠡᠢ ᠪᠥᠭᠡᠳ ᠭᠠᠵᠠᠷ ᠨᠤᠲᠤᠭ ᠢ᠋ᠶ᠋ᠠᠨ ᠰᠢᠯᠵᠢᠭᠦᠯᠦᠭᠰᠡᠨ ᠡᠷᠦᠬᠡ ᠳ᠋ᠦ᠍ ᠳᠠᠬᠢᠵᠤ ᠥᠭᠡᠷ᠎ᠡ ᠨᠤᠲᠤᠭ ᠪᠡᠯᠴᠢᠭᠡᠷ ᠬᠤᠪᠢᠶᠠᠨ ᠥᠭᠬᠦ ᠬᠡᠷᠡᠭᠲᠡᠢ᠃ ᠥᠭᠡᠷ᠎ᠡ ᠬᠤᠪᠢᠶᠠᠬᠤ ᠨᠤᠲᠤᠭ ᠪᠡᠯᠴᠢᠭᠡᠷ ᠦᠭᠡᠢ ᠪᠣᠯ ᠪᠤᠰᠤᠳ ᠤ᠋ᠨ ᠬᠢ ᠶ᠋ᠢ ᠲᠦᠷᠢᠶᠡᠰᠦᠯᠡᠨ ᠥᠭᠬᠦ ᠪᠤᠶᠤ ᠭᠠᠴᠠᠭᠠᠨ ᠤ᠋ ᠡᠷᠦᠬᠡ ᠬᠣᠭᠣᠷᠣᠨᠳᠣ ᠪᠠᠨ ᠰᠢᠯᠵᠢᠭᠦᠯᠦᠨ ᠬᠤᠪᠢᠶᠠᠷᠢᠯᠠᠬᠤ ᠠᠷᠭ᠎ᠠ ᠶ᠋ᠢ ᠠᠪᠬᠤ ᠬᠡᠷᠡᠭᠲᠡᠢ᠃ ᠶᠠᠭᠠᠬᠢᠭᠰᠠᠨ ᠴᠦ᠍ ᠬᠤᠪᠢ ᠬᠥᠮᠦᠨ ᠬᠠᠮᠲᠤ ᠶ᠋ᠢᠨ ᠥᠮᠴᠢᠯᠡᠯ ᠢ᠋ ᠳᠤᠷ᠎ᠠ ᠪᠠᠷ ᠡᠵᠡᠨ ᠮᠡᠳᠡᠵᠦ ᠬᠤᠳᠠᠯᠳᠤᠬᠤ ᠪᠤᠶᠤ ᠲᠦᠷᠢᠶᠡᠰᠦᠯᠡᠵᠦ ᠪᠣᠯᠬᠤ ᠦᠭᠡᠢ᠃ ᠡᠨᠡ ᠪᠣᠯ《ᠨᠤᠲᠤᠭ ᠪᠡᠯᠴᠢᠭᠡᠷ ᠦ᠋ᠨ ᠬᠠᠤᠯᠢ》 ᠳ᠋ᠤ᠌ ᠲᠣᠭᠲᠠᠭᠠᠭᠰᠠᠨ ᠴᠢᠬᠤᠯᠠ ᠵᠤᠷᠪᠤᠰ ᠪᠣᠯᠬᠤ ᠶᠤᠮ᠃ ᠶᠠᠮᠠᠷ ᠬᠥᠮᠦᠨ ᠴᠦ᠍ ᠶᠠᠮᠠᠷ ᠨᠢᠭᠡᠨ ᠵᠦᠢᠯ ᠦ᠋ᠨ ᠬᠡᠯᠪᠡᠷᠢ ᠪᠡᠷ ᠥᠭᠡᠷᠡᠴᠢᠯᠡᠵᠦ ᠬᠤᠪᠢᠷᠠᠭᠤᠯᠵᠤ ᠣᠭᠲᠣ ᠪᠣᠯᠬᠤ ᠦᠭᠡᠢ ᠪᠠᠢᠳᠠᠭ᠃
    ᠨᠤᠲᠤᠭ ᠪᠡᠯᠴᠢᠭᠡᠷ ᠢ᠋ᠶ᠋ᠡᠨ ᠬᠤᠳᠠᠯᠳᠤᠬᠤ ᠪᠤᠶᠤ ᠭᠠᠳᠠᠨᠠᠬᠢ ᠶ᠋ᠢᠨ ᠬᠥᠮᠦᠨ ᠳ᠋ᠦ᠍ ᠤᠷᠲᠤ ᠬᠤᠭᠤᠴᠠᠭ᠎ᠠ ᠪᠠᠷ ᠲᠦᠷᠢᠶᠡᠰᠦᠯᠡᠨ ᠥᠭᠬᠦ ᠶ᠋ᠢ ᠭᠠᠴᠠᠭᠠᠨ ᠠ᠋ᠴᠠ ᠡᠷᠬᠡ ᠮᠡᠳᠡᠨ ᠪᠦᠬᠦ ᠭᠠᠴᠠᠭᠠᠨ ᠤ᠋ ᠣᠯᠠᠨ ᠲᠦᠮᠡᠨ ᠦ᠌ ᠰᠠᠨᠠᠯ ᠢ᠋ ᠦᠨᠳᠦᠰᠦᠯᠡᠨ ᠠᠷᠠᠳᠴᠢᠯᠠᠯ ᠢ᠋ᠶ᠋ᠠᠷ ᠰᠢᠢᠳᠪᠦᠷᠢᠯᠡᠬᠦ ᠨᠢ ᠬᠠᠤᠯᠢ ᠳᠦᠷᠢᠮ ᠦ᠋ᠨ ᠲᠣᠭᠲᠠᠭᠠᠯ ᠳ᠋ᠤ᠌ ᠨᠡᠢᠴᠡᠬᠦ ᠮᠥᠷᠲᠡᠭᠡᠨ ᠮᠠᠯᠴᠢᠳ ᠤ᠋ᠨ ᠡᠷᠬᠡ ᠠᠰᠢᠭ ᠢ᠋ ᠬᠠᠮᠠᠭᠠᠯᠠᠵᠤ ᠪᠠᠢᠬᠤ ᠶᠠᠪᠤᠳᠠᠯ ᠪᠣᠯᠬᠤ ᠶᠤᠮ᠃ ᠤᠴᠢᠷ ᠨᠢ ᠵᠠᠷᠢᠮ ᠭᠠᠳᠠᠨᠠᠬᠢ ᠬᠥᠮᠦᠨ ᠭᠠᠵᠠᠷ ᠨᠤᠲᠤᠭ ᠢ᠋ ᠴᠢᠨᠢ ᠲᠦᠷᠢᠶᠡᠰᠦᠯᠡᠨ ᠠᠪᠤᠭᠠᠳ ᠪᠤᠴᠠᠭᠠᠵᠤ ᠥᠭᠬᠦ ᠦᠭᠡᠢ ᠪᠡᠷ ᠤᠷᠤᠯᠳᠤᠵᠤ ᠪᠣᠢ᠃ ᠵᠠᠷᠢᠮ ᠮᠠᠯᠴᠢᠳ ᠨᠤᠲᠤᠭ ᠢ᠋ᠶ᠋ᠠᠨ ᠬᠤᠳᠠᠯᠳᠤᠭᠠᠳ ᠣᠯᠤᠭᠰᠠᠨ ᠵᠣᠭᠣᠰ ᠢ᠋ᠶ᠋ᠠᠨ ᠤᠳᠠᠭᠰᠠᠨ ᠴᠦ᠍ ᠦᠭᠡᠢ ᠪᠦᠷᠢᠯᠭᠡᠵᠦ᠂ ᠣᠷᠣᠬᠤ ᠭᠠᠵᠠᠷ ᠣᠷᠣᠰᠢᠬᠤ ᠣᠷᠣᠨ ᠦᠭᠡᠢ ᠪᠣᠯᠵᠤ ᠪᠣᠢ᠃ ᠡᠨᠡᠬᠦ ᠰᠤᠷᠭᠠᠮᠵᠢ ᠶ᠋ᠢ ᠵᠠᠪᠠᠯ ᠠᠩᠬᠠᠷᠬᠤ ᠬᠡᠷᠡᠭᠲᠡᠢ᠃ ᠭᠠᠵᠠᠷ ᠨᠤᠲᠤᠭ ᠢ᠋ᠶ᠋ᠠᠨ ᠶᠡᠬᠡ ᠵᠣᠭᠣᠰ ᠢ᠋ᠶ᠋ᠠᠷ ᠬᠤᠳᠠᠯᠳᠤᠭᠰᠠᠨ ᠮᠠᠯᠴᠢᠳ ᠲᠤ ᠭᠠᠴᠠᠭ᠎ᠠ ᠲᠡᠷᠢᠭᠦᠯᠡᠨ ᠡᠯ᠎ᠡ ᠱᠠᠲᠤᠨ ᠤ᠋ ᠵᠠᠰᠠᠭ ᠤ᠋ᠨ ᠣᠷᠳᠣᠨ ᠵᠠᠪᠠᠯ ᠠᠮᠢᠳᠤᠷᠠᠯ ᠤ᠋ᠨ ᠲᠠᠯ᠎ᠠ ᠶ᠋ᠢᠨ ᠵᠥᠪᠳᠡᠯᠴᠡᠭᠡ ᠬᠠᠩᠭᠠᠵᠤ ᠵᠣᠭᠣᠰ ᠢ᠋ᠶ᠋ᠠᠨ ᠬᠡᠷᠬᠢᠨ ᠬᠡᠷᠡᠭᠯᠡᠵᠦ ᠬᠣᠢᠰᠢᠳᠠ ᠶ᠋ᠢᠨ ᠬᠡᠳᠦᠨ ᠦᠶ᠎ᠡ ᠶ᠋ᠢᠨ ᠬᠢᠨ ᠦ᠌ ᠠᠮᠢᠳᠤᠷᠠᠯ ᠣᠷᠣᠰᠢᠨ ᠲᠣᠭᠲᠠᠨᠢᠯ ᠢ᠋ᠶ᠋ᠠᠨ ᠬᠡᠷᠬᠢᠨ ᠪᠠᠲᠤᠯᠠᠬᠤ ᠳ᠋ᠤ᠌ ᠨᠢ ᠲᠣᠬᠢᠷᠠᠭᠤᠯᠭ᠎ᠠ ᠬᠢᠬᠦ ᠬᠡᠷᠡᠭᠲᠡᠢ᠃ ᠬᠡᠳᠦᠨ ᠦᠶ᠎ᠡ ᠪᠡᠷ ᠢ᠋ᠶ᠋ᠡᠨ ᠨᠡᠭᠦᠳᠡᠯ ᠮᠠᠯᠵᠢᠯ ᠤ᠋ᠨ ᠰᠣᠶᠣᠯ ᠳᠤᠮᠳᠠ ᠠᠮᠢᠳᠤᠷᠠᠵᠤ ᠮᠠᠯ ᠠᠵᠤ ᠠᠬᠤᠢ ᠨᠤᠲᠤᠭ ᠪᠡᠯᠴᠢᠭᠡᠷ ᠢ᠋ᠶ᠋ᠡᠨ ᠲᠦᠰᠢᠭᠡᠳ ᠢᠷᠡᠭᠰᠡᠨ ᠮᠠᠯᠴᠢᠳ ᠵᠠᠬ᠎ᠠ ᠵᠡᠭᠡᠯᠢ ᠶ᠋ᠢᠨ ᠡᠨᠡ ᠶᠡᠬᠡ ᠥᠷᠢᠰᠦᠯᠳᠦᠭᠡᠨ ᠪᠠ  ᠡᠷᠬᠢᠬᠡᠨ ᠤᠷᠪᠠᠭᠠᠨ ᠤ᠋ ᠳᠤᠮᠳᠠ ᠶᠠᠭᠠᠬᠢᠬᠤ ᠪᠠᠨ ᠣᠯᠬᠤ ᠦᠭᠡᠢ ᠪᠣᠯᠬᠤ ᠨᠢ ᠳᠠᠮᠵᠢᠭ ᠦᠭᠡᠢ᠃ ᠲᠡᠳᠡ ᠨᠠᠷ ᠴᠦ᠍ ᠵᠥᠪ ᠲᠠᠯ᠎ᠠ ᠶ᠋ᠢᠨ ᠵᠥᠪᠯᠡᠯᠭᠡ ᠰᠠᠨᠠᠭᠤᠯᠭ᠎ᠠ ᠥᠭᠬᠦ ᠪᠣᠯ ᠲᠤᠩ ᠴᠢᠬᠤᠯᠠ ᠲᠠᠢ ᠶᠤᠮ᠃ ᠡᠭᠦᠨ ᠳ᠋ᠦ᠍ ᠬᠠᠤᠯᠢ ᠶ᠋ᠢ ᠪᠠᠷᠢᠮᠲᠠᠯᠠᠵᠤ᠂ ᠬᠠᠤᠯᠢ ᠪᠠᠷ ᠵᠠᠰᠠᠬᠤ᠂ ᠬᠠᠤᠯᠢ ᠪᠠᠷ ᠡᠷᠬᠡ ᠠᠰᠢᠭ ᠢ᠋ᠶ᠋ᠠᠨ ᠬᠠᠮᠠᠭᠠᠯᠠᠵᠤ ᠠᠳᠠᠯ ᠠᠮᠢᠳᠤᠷᠠᠯ ᠢ᠋ᠶ᠋ᠠᠨ ᠡᠷᠬᠢᠯᠡᠬᠦ ᠪᠣᠯ ᠣᠳᠣ ᠦᠶ᠎ᠡ ᠶ᠋ᠢᠨ ᠡᠷᠬᠡᠲᠦ ᠠᠷᠠᠳ ᠪᠦᠬᠦᠨ ᠦ᠌ ᠠᠷᠢᠭᠤᠨ ᠡᠭᠦᠷᠭᠡ ᠬᠠᠷᠢᠭᠤᠴᠠᠯᠭ᠎ᠠ ᠪᠣᠯᠤᠨ᠎ᠠ᠃
    ᠮᠠᠨ ᠤ᠋ ᠮᠠᠯᠴᠢᠨ ᠲᠦᠮᠡᠨ ᠨᠠᠭᠠᠳᠤ ᠵᠠᠬ᠎ᠠ ᠳ᠋ᠤ᠌ ᠪᠠᠨ ᠨᠤᠲᠤᠭ ᠪᠡᠯᠴᠢᠭᠡᠷ ᠦ᠋ᠨ ᠬᠠᠤᠯᠢ᠂ ᠭᠡᠷ᠎ᠡ ᠶ᠋ᠢᠨ ᠬᠠᠤᠯᠢ᠂ ᠢᠷᠭᠡᠨ ᠦ᠌ ᠬᠠᠤᠯᠢ᠂ ᠵᠠᠷᠭᠤ ᠶ᠋ᠢᠨ ᠬᠠᠤᠯᠢ ᠵᠡᠷᠭᠡ ᠶ᠋ᠢ ᠭᠦᠢᠴᠡᠳ ᠮᠡᠳᠡᠬᠦ ᠶᠣᠰᠣᠲᠠᠢ ᠪᠠᠢᠨ᠎ᠠ᠃
       3. ᠨᠥᠬᠥᠪᠥᠷᠢ ᠶ᠋ᠢ ᠵᠥᠪ ᠣᠢᠯᠠᠭᠠᠬᠤ ᠬᠡᠷᠡᠭᠲᠡᠢ
    ᠣᠳᠣ ᠭᠠᠵᠠᠷ ᠨᠤᠲᠤᠭ ᠤ᠋ᠨ ᠨᠥᠬᠥᠪᠥᠷᠢ᠂ ᠬᠠᠰᠢᠶᠠᠯᠠᠭᠰᠠᠨ ᠨᠥᠬᠥᠪᠥᠷᠢ᠂ ᠲᠠᠷᠢᠶᠠᠨ ᠭᠠᠵᠠᠷ ᠤ᠋ᠨ ᠨᠥᠬᠥᠪᠥᠷᠢ᠂ ᠲᠣᠰᠣᠨ ᠤ᠋ ᠨᠥᠬᠥᠪᠥᠷᠢ᠂ ᠬᠠᠮᠤᠭ ᠳᠣᠣᠷᠠᠲᠤ ᠠᠮᠢᠳᠤᠷᠠᠯ ᠤ᠋ᠨ ᠨᠥᠬᠥᠪᠥᠷᠢ᠁ ᠭᠡᠳ ᠨᠥᠬᠥᠪᠥᠷᠢ ᠣᠯᠠᠰᠢᠷᠠᠵᠤ ᠪᠠᠢᠨ᠎ᠠ᠃ ᠡᠨᠡ ᠪᠣᠯ ᠤᠯᠤᠰ ᠤ᠋ᠨ ᠡᠳ᠋ ᠦ᠋ᠨ ᠵᠠᠰᠠᠭ ᠬᠦᠴᠦᠷᠬᠡᠭᠵᠢᠵᠦ ᠪᠠᠢᠭ᠎ᠠ ᠶ᠋ᠢᠨ ᠬᠢ᠂ ᠠᠷᠠᠳ ᠢᠷᠭᠡᠳ ᠴᠦ᠍ ᠠᠮᠢᠳᠤᠷᠠᠯ ᠳ᠋ᠤ᠌ ᠨᠢ ᠬᠦᠴᠢᠷᠳᠡᠯ ᠲᠤᠯᠭᠠᠷᠠᠬᠤ ᠦᠶᠡᠰ ᠬᠠᠤᠯᠢ ᠶᠣᠰᠣᠨ ᠤ᠋ ᠡᠷᠬᠡ ᠪᠡᠨ ᠡᠳ᠋ᠯᠡᠵᠦ᠂ ᠵᠠᠰᠠᠭ ᠤ᠋ᠨ ᠲᠤᠰᠠᠯᠠᠮᠵᠢ ᠶ᠋ᠢ ᠬᠦᠷᠲᠡᠬᠦ ᠨᠢ ᠵᠥᠪ᠂ ᠭᠡᠪᠡᠴᠦ ᠲᠤᠰᠠᠯᠠᠮᠵᠢ ᠨᠥᠬᠥᠪᠥᠷᠢ ᠨᠡᠮᠡᠭᠳᠡᠬᠦ ᠶ᠋ᠢ ᠬᠦᠯᠢᠶᠡᠵᠦ ᠰᠠᠭᠤᠵᠤ ᠪᠣᠯᠬᠤ ᠦᠭᠡᠢ᠃ ᠨᠥᠬᠥᠪᠥᠷᠢ ᠪᠡᠷ ᠬᠡᠵᠢᠶ᠎ᠡ ᠴᠦ᠍ ᠪᠠᠶᠠᠨ ᠲᠠᠩᠰᠤᠭ ᠠᠮᠢᠳᠤᠷᠠᠵᠤ ᠳᠡᠢᠯᠬᠦ ᠦᠭᠡᠢ ᠶᠦᠮ᠃ ᠪᠣᠳᠣᠵᠤ ᠦᠵᠡᠭᠡᠷᠡᠢ ᠳᠡ! ᠨᠥᠬᠥᠪᠥᠷᠢ ᠦᠨᠡᠬᠡᠷ ᠲᠤᠩ ᠥᠨᠳᠥᠷ ᠪᠣᠯᠵᠤ᠂ ᠶᠠᠭᠤ ᠴᠦ᠍ ᠬᠢᠬᠦ ᠦᠭᠡᠢ ᠪᠡᠷ ᠠᠮᠢᠳᠤᠷᠠᠵᠤ ᠳᠡᠢᠯᠬᠦ ᠳ᠋ᠦ᠍ ᠲᠤᠯᠪᠠᠯ᠂ ᠪᠢᠳᠡ ᠡᠳᠦᠷᠵᠢᠨ ᠭᠤᠷᠪᠠᠨ ᠡᠷᠢᠨ ᠦ᠌ ᠬᠣᠭᠣᠯᠠ ᠪᠠᠨ ᠢᠳᠡᠭᠡᠳ ᠵᠦᠭᠡᠷ ᠰᠠᠭᠤᠭᠠᠳ ᠪᠠᠢᠨ᠎ᠠ ᠭᠡᠵᠢ ᠤᠤ? ᠠᠵᠢᠯ ᠬᠥᠳᠡᠯᠮᠦᠷᠢ ᠬᠢᠬᠦ ᠦᠭᠡᠢ ᠪᠡᠯᠡᠨ ᠢ᠋ ᠢᠳᠡᠭᠡᠳ ᠰᠠᠭᠤᠬᠤ ᠬᠥᠮᠦᠨ ᠦ᠌ ᠪᠣᠳᠣᠯ ᠳ᠋ᠤ᠌ ᠶᠣᠰᠣᠲᠠᠢ ᠴᠢᠳᠬᠥᠷ ᠦ᠋ᠨ ᠤᠬᠠᠭᠠᠨ ᠣᠷᠣᠨ᠎ᠠ ᠭᠡᠵᠦ ᠮᠡᠳᠡ᠃
     ᠨᠥᠬᠥᠪᠥᠷᠢ ᠳ᠋ᠦ᠍ ᠰᠠᠢᠨ ᠲᠠᠯ᠎ᠠ ᠴᠦ᠍ ᠪᠣᠢ᠂ ᠬᠦᠷᠦᠯᠴᠡᠬᠦ ᠦᠭᠡᠢ ᠲᠠᠯ᠎ᠠ ᠴᠦ᠍ ᠪᠣᠢ᠃ ᠰᠠᠢᠨ ᠲᠠᠯ᠎ᠠ ᠨᠢ ᠬᠥᠮᠦᠰ ᠦ᠋ᠨ ᠲᠦᠷ ᠴᠠᠭ ᠤ᠋ᠨ ᠬᠦᠴᠢᠷᠳᠡᠯ ᠢ᠋ ᠲᠤᠰᠠᠯᠠᠵᠤ ᠳᠤᠲᠠᠭᠤ ᠶ᠋ᠢ ᠨᠥᠬᠥᠨ ᠪᠠᠶᠠᠵᠢᠯ ᠤ᠋ᠨ ᠵᠠᠮ ᠢ᠋ᠶ᠋ᠠᠨ ᠡᠯᠭᠦᠬᠦ ᠳ᠋ᠦ᠍ ᠳᠡᠮᠵᠢᠯᠭᠡ ᠪᠣᠯᠳᠠᠭ᠃ ᠨᠠᠵᠠᠭᠠᠢ ᠲᠠᠯ᠎ᠠ ᠨᠢ ᠵᠠᠷᠢᠮ ᠬᠥᠮᠦᠰ ᠦ᠋ᠨ ᠠᠯᠵᠠᠭᠤ ᠵᠠᠯᠬᠠᠭᠤ ᠳ᠋ᠤ᠌ ᠨᠥᠬᠥᠴᠡᠯ ᠪᠣᠯᠵᠤ ᠤᠯᠠᠮ ᠴᠦ᠍ ᠵᠦᠭᠡᠷ ᠰᠠᠭᠤᠨ ᠵᠦᠳᠡᠷᠡᠯ ᠦᠭᠡᠢ ᠪᠡᠷ ᠣᠯᠬᠤ ᠬᠦᠰᠡᠯ ᠢ᠋ ᠨᠡᠮᠡᠭᠳᠡᠭᠦᠯᠵᠦ᠂ ᠨᠡᠢᠭᠡᠮ ᠡᠴᠡ ᠬᠦᠷᠲᠡᠭᠡᠯ ᠬᠦᠷᠲᠡᠬᠦ ᠶ᠋ᠢ ᠯᠡ ᠮᠡᠳᠡᠭᠡᠳ ᠬᠥᠳᠡᠯᠮᠦᠷᠢᠯᠡᠬᠦ ᠡᠴᠡ ᠵᠠᠢᠯᠠᠬᠤ ᠳ᠋ᠤ᠌ ᠨᠢ ᠲᠣᠬᠢᠶᠠᠯ ᠣᠯᠭᠣᠳᠠᠭ᠃ ᠣᠳᠣ ᠵᠠᠷᠢᠮ ᠬᠥᠮᠦᠰ ᠶᠠᠪᠤᠬᠤ ᠳᠣᠳᠣᠮ ᠨᠡᠢᠭᠡᠮ ᠡᠴᠡ ᠥᠷᠢ ᠨᠡᠭᠡᠭᠡᠬᠦ ᠪᠣᠳᠣᠯ ᠲᠠᠢ ᠪᠣᠯᠵᠠᠢ᠃ ᠶᠠᠭ ᠯᠠ ᠬᠥᠮᠦᠨ ᠪᠦᠬᠦᠨ ᠲᠡᠭᠦᠨ ᠳ᠋ᠦ᠍ ᠥᠷᠢᠲᠦᠴᠢᠬᠡᠭᠰᠡᠨ ᠰᠢᠭ᠂ ᠶᠠᠭᠤᠨ ᠳ᠋ᠤ᠌ ᠪᠣᠯᠪᠠᠴᠤ ᠵᠠᠰᠠᠭ ᠤ᠋ᠨ ᠣᠷᠳᠣᠨ ᠢ᠋ ᠬᠠᠷᠠᠵᠤ ᠶᠠᠭᠤᠨ ᠳ᠋ᠤ᠌ ᠪᠣᠯᠪᠠᠴᠤ ᠣᠯᠵᠠ ᠠᠰᠢᠭ ᠭᠣᠷᠢᠳᠠᠳᠠᠭ᠃ ᠡᠢᠮᠦᠷᠬᠦ ᠬᠥᠮᠦᠰ ᠪᠣᠯ ᠲᠤᠩ ᠠᠶᠤᠮᠰᠢᠭ ᠲᠠᠢ ᠬᠡᠮᠵᠢᠶᠡᠨ ᠳ᠋ᠦ᠍ ᠲᠤᠯᠵᠠᠢ᠃ ᠴᠢ ᠡᠳᠦᠷᠵᠢᠨ ᠨᠥᠬᠥᠪᠥᠷᠢ ᠳ᠋ᠦ᠍ ᠭᠣᠷᠢᠯᠠᠵᠤ ᠠᠳᠠᠯ ᠶᠠᠪᠤᠳᠠᠯ ᠢ᠋ᠶ᠋ᠠᠨ ᠣᠷᠬᠢᠨ ᠮᠠᠵᠢᠶᠠᠩ ᠪᠤᠶᠤ ᠠᠷᠢᠬᠢᠨ ᠳ᠋ᠤ᠌ ᠰᠢᠨᠤᠪᠠᠯ ᠤᠳᠠᠯ ᠦᠭᠡᠢ ᠬᠥᠮᠦᠨ ᠪᠢᠰᠢ ᠴᠢᠳᠬᠥᠷ ᠪᠣᠯᠬᠤ ᠳ᠋ᠤ᠌ ᠬᠦᠷᠦᠨ᠎ᠡ᠂ ᠰᠠᠢᠨ ᠳ᠋ᠤ᠌ ᠪᠠᠨ ᠨᠢᠭᠡ ᠶᠠᠳᠠᠭᠤ ᠠᠢᠯ ᠳ᠋ᠤ᠌ ᠭᠤᠯᠢᠷ ᠬᠦᠷᠭᠡᠬᠦ ᠳ᠋ᠦ᠍ ᠳᠤᠷ᠎ᠠ ᠦᠭᠡᠢ ᠨᠢ ᠬᠦᠷᠴᠦ᠂《ᠭᠤᠯᠢᠷ ᠠ᠋ᠴᠠ ᠭᠤᠸᠠᠮᠢᠶᠠᠨ ᠨᠢ ᠳᠡᠭᠡᠷ᠎ᠡ ᠰᠢᠦ》 ᠭᠡᠵᠦ ᠬᠡᠯᠡᠬᠦ ᠪᠣᠢ ᠳᠠ᠂ ᠡᠨᠡ ᠮᠡᠲᠦ ᠵᠦᠭᠡᠷ ᠰᠠᠭᠤᠵᠤ ᠪᠡᠯᠡᠨ ᠢ᠋ ᠢᠳᠡᠬᠦ ᠬᠥᠮᠦᠰ ᠣᠯᠠᠰᠢᠷᠠᠪᠠᠯ ᠨᠡᠢᠭᠡᠮ ᠳᠣᠷᠣᠢᠲᠠᠬᠤ ᠮᠥᠷᠲᠡᠭᠡᠨ ᠮᠠᠨ ᠤ᠋ ᠤᠳᠤᠮ ᠤᠭᠰᠠᠭ᠎ᠠ ᠳᠣᠷᠣᠢᠲᠠᠨ᠎ᠠ ᠭᠡᠳᠡᠭ ᠢ᠋ ᠮᠡᠳᠡᠬᠦ ᠶᠣᠰᠣᠲᠠᠢ᠃ ᠲᠡᠢᠮᠦ ᠡᠴᠡ ᠨᠥᠬᠥᠪᠥᠷᠢ ᠶ᠋ᠢ ᠵᠥᠪ ᠣᠢᠯᠠᠭᠠᠵᠤ᠂ ᠰᠠᠢᠬᠠᠨ ᠠᠰᠢᠭᠯᠠᠵᠤ᠂ ᠠᠮᠢᠳᠤᠷᠠᠯ ᠤ᠋ᠨ ᠲᠦᠷ ᠴᠠᠭ ᠤ᠋ᠨ ᠭᠠᠴᠢᠭ ᠬᠦᠴᠢᠷᠳᠡᠯ ᠢ᠋ᠶ᠋ᠡᠨ ᠰᠢᠢᠳᠪᠦᠷᠢᠯᠡᠬᠦ ᠳ᠋ᠦ᠍ ᠠᠴᠢ ᠲᠤᠰᠠ ᠶ᠋ᠢ ᠨᠢ ᠭᠠᠷᠭᠠᠬᠤ ᠬᠡᠷᠡᠭᠲᠡᠢ᠃ ᠲᠡᠭᠡᠬᠦ ᠦᠭᠡᠢ ᠪᠣᠯ᠂ ᠨᠥᠬᠥᠪᠥᠷᠢ ᠭᠡᠵᠦ ᠭᠣᠷᠢᠯᠠᠭᠰᠠᠭᠠᠷ ᠨᠦᠬᠡᠨ ᠳ᠋ᠦ᠍ ᠤᠨᠠᠨ᠎ᠠ ᠰᠢᠦ!
   ᠪᠣᠳᠠᠲᠠᠢ ᠪᠠᠢᠳᠠᠯ ᠠ᠋ᠴᠠ ᠦᠵᠡᠬᠦ ᠳ᠋ᠦ᠍ ᠵᠠᠷᠢᠮ ᠬᠥᠳᠡᠭᠡ ᠲᠣᠰᠬᠣᠨ ᠮᠠᠯᠵᠢᠬᠤ ᠣᠷᠣᠨ ᠪᠤᠶᠤ ᠲᠡᠷᠡᠴᠢᠯᠡᠨ ᠬᠣᠰᠢᠭᠤ ᠪᠠᠯᠭᠠᠰᠤᠨ ᠳ᠋ᠤ᠌ ᠪᠠᠢᠭᠤᠯᠤᠭᠳᠠᠭᠰᠠᠨ ᠮᠠᠯᠴᠢᠳ ᠤ᠋ᠨ ᠮᠡᠷᠭᠡᠵᠢᠯ ᠦ᠋ᠨ ᠰᠤᠷᠭᠠᠭᠤᠯᠢ ᠭᠡᠲᠡᠯ᠎ᠡ ᠮᠠᠯᠴᠢᠳ ᠤ᠋ᠨ ᠪᠣᠯᠪᠠᠰᠤᠷᠠᠯ ᠤ᠋ᠨ ᠠᠩᠭᠢ ᠭᠡᠳᠡᠭ ᠨᠢ ᠬᠡᠯᠪᠡᠷᠢ ᠶ᠋ᠢᠨ ᠲᠡᠳᠦᠢ ᠶᠠᠭᠤᠮ᠎ᠠ ᠪᠣᠯᠵᠤ ᠮᠠᠯᠴᠢᠳ ᠲᠤ ᠦᠨᠡᠨ ᠮᠡᠷᠭᠡᠵᠢᠯ ᠪᠣᠯᠪᠠᠰᠤᠷᠠᠯ ᠬᠦᠷᠲᠡᠭᠡᠵᠦ ᠳᠡᠢᠯᠬᠦ ᠦᠭᠡᠢ ᠪᠠᠢᠨ᠎ᠠ᠃ ᠲᠤᠰ ᠰᠤᠷᠭᠠᠭᠤᠯᠢ ᠶ᠋ᠢ ᠰᠠᠨᠠᠭᠠᠴᠢᠯᠠᠨ ᠡᠷᠬᠢᠯᠡᠭᠰᠡᠨ ᠦ᠌ ᠵᠣᠷᠢᠯᠭ᠎ᠠ ᠨᠢ ᠮᠠᠯᠴᠢᠳ ᠤ᠋ᠨ ᠬᠡᠪ ᠪᠣᠯᠪᠠᠰᠤᠷᠠᠯ ᠴᠢᠨᠠᠷ ᠴᠢᠨᠰᠠᠭ᠎ᠠ ᠶ᠋ᠢ ᠳᠡᠭᠡᠭᠰᠢᠯᠡᠭᠦᠯᠵᠦ᠂ ᠲᠡᠳᠡ ᠨᠠᠷ ᠲᠤ ᠵᠣᠬᠢᠬᠤ ᠮᠡᠷᠭᠡᠵᠢᠯ ᠬᠦᠷᠲᠡᠭᠡᠨ ᠨᠡᠢᠭᠡᠮ ᠦ᠋ᠨ ᠬᠥᠭᠵᠢᠯᠲᠡ ᠲᠡᠢ ᠨᠡᠩ ᠰᠠᠢᠨ ᠵᠣᠬᠢᠴᠠᠭᠤᠯᠬᠤ ᠶ᠋ᠢᠨ ᠲᠥᠯᠥᠭᠡ ᠶᠦᠮ᠃ ᠭᠡᠲᠡᠯ᠎ᠡ ᠣᠷᠣᠨ ᠨᠤᠲᠤᠭ ᠤ᠋ᠨ ᠨᠣᠶᠠᠳ ᠲᠡᠭᠦᠨ ᠢ᠋ ᠨᠢ ᠣᠷᠣ ᠶ᠋ᠢᠨ ᠲᠡᠳᠦᠢ ᠶᠠᠭᠤᠮ᠎ᠠ ᠪᠣᠯᠭᠠᠵᠤ ᠣᠷᠬᠢᠵᠠᠢ᠃ ᠣᠳᠣ ᠶ᠋ᠢᠨ ᠲᠧᠯᠸᠢᠰ ᠷᠠᠳᠢᠣ᠋ ᠳᠡᠭᠡᠷ᠎ᠡ ᠶᠠᠷᠢᠵᠤ ᠪᠠᠢᠭ᠎ᠠ ᠵᠠᠷᠢᠮ ᠰᠤᠷᠲᠠᠯ ᠤᠬᠠᠭᠤᠯᠤᠭ᠎ᠠ ᠴᠤ᠌ ᠬᠥᠮᠦᠰ ᠲᠦ ᠪᠤᠷᠤᠭᠤ ᠣᠢᠯᠠᠭᠠᠭᠳᠠᠬᠤᠨ ᠥᠭᠴᠦ ᠪᠣᠢ᠃ ᠵᠢᠱ᠌ᠢᠶᠡᠯᠡᠪᠡᠯ᠂ ᠠᠯᠢ ᠠᠯᠢ ᠭᠠᠵᠠᠷ ᠤ᠋ᠨ ᠬᠢᠨ ᠢ᠋ ᠨᠡᠭᠦᠯᠭᠡᠨ ᠰᠢᠯᠵᠢᠭᠦᠯᠦᠭᠰᠡᠨ ᠡᠴᠡ ᠪᠣᠯᠵᠤ ᠬᠣᠲᠠ ᠶ᠋ᠢᠨ ᠬᠥᠮᠦᠰ ᠲᠡᠢ ᠠᠳᠠᠯᠢ ᠪᠣᠯᠪᠠᠰᠤᠨ᠂ ᠪᠠᠶᠠᠨ ᠴᠢᠨᠡᠭᠡᠯᠢᠭ ᠠᠮᠢᠳᠤᠷᠠᠯ ᠢ᠋ ᠡᠳ᠋ᠯᠡᠬᠦ ᠪᠣᠯᠤᠯ᠎ᠠ᠁ ᠭᠡᠳᠡᠭ᠃ ᠦᠨᠡᠨ ᠳ᠋ᠦ᠍ ᠪᠡᠨ ᠪᠠᠶᠠᠨ ᠴᠢᠨᠡᠭᠡᠯᠢᠭ ᠪᠣᠯᠪᠠᠰᠤᠨ ᠠᠮᠢᠳᠤᠷᠠᠯ ᠢ᠋ ᠵᠥᠪᠬᠡᠨ ᠬᠣᠲᠠ ᠳ᠋ᠤ᠌ ᠯᠠ ᠪᠢᠰᠢ ᠬᠥᠳᠡᠭᠡ ᠳ᠋ᠦ᠍ ᠴᠦ᠍ ᠭᠡᠰᠡᠨ ᠠᠳᠠᠯᠢᠬᠠᠨ ᠡᠳ᠋ᠯᠡᠵᠦ ᠪᠣᠯᠤᠨ᠎ᠠ᠃ ᠬᠣᠲᠠ ᠶ᠋ᠢᠨ ᠠᠮᠢᠳᠤᠷᠠᠯ ᠨᠢ ᠪᠣᠯᠪᠠᠰᠤᠨ᠂ ᠬᠥᠳᠡᠭᠡ ᠶ᠋ᠢᠨ ᠠᠮᠢᠳᠤᠷᠠᠯ ᠨᠢ ᠪᠦᠳᠦᠭᠦᠯᠢᠭ ᠭᠡᠵᠦ ᠦᠵᠡᠵᠦ ᠪᠣᠯᠬᠤ ᠦᠭᠡᠢ᠃ ᠣᠳᠣᠬᠠᠨ ᠳ᠋ᠤ᠌ ᠨᠤᠲᠤᠭ ᠪᠡᠯᠴᠢᠭᠡᠷ ᠢ᠋ ᠨᠢ ᠬᠤᠷᠢᠶᠠᠵᠤ ᠨᠡᠭᠦᠯᠭᠡᠨ ᠰᠢᠯᠵᠢᠭᠦᠯᠵᠦ ᠪᠠᠢᠭ᠎ᠠ ᠮᠠᠯᠴᠢᠳ ᠲᠤ ᠬᠣᠲᠠ ᠶ᠋ᠢᠨ ᠬᠥᠪᠡᠭᠡ ᠵᠠᠬ᠎ᠠ ᠪᠠᠷ ᠵᠥᠪᠬᠡᠨ ᠵᠢᠵᠢᠭᠬᠡᠨ ᠪᠠᠢᠰᠢᠩ ᠪᠠᠷᠢᠵᠤ ᠥᠭᠭᠦᠭᠡᠳ ᠵᠣᠬᠢᠬᠤ ᠠᠮᠢᠳᠤᠷᠠᠯ ᠤ᠋ᠨ ᠨᠥᠬᠥᠪᠥᠷᠢ ᠭᠡᠵᠦ ᠯᠡ ᠥᠭᠳᠡᠭ᠃ ᠨᠥᠬᠥᠪᠥᠷᠢ ᠪᠤᠶᠤ ᠳᠣᠣᠷ᠎ᠠ ᠪᠠᠲᠤᠯᠠᠭ᠎ᠠ ᠪᠠᠷ ᠬᠣᠲᠠ ᠳ᠋ᠤ᠌ ᠣᠷᠣᠵᠤ ᠰᠠᠭᠤᠭᠠᠳ ᠲᠡᠢᠮᠦ ᠪᠠᠶᠠᠨ ᠴᠢᠨᠡᠭᠡᠯᠢᠭ ᠠᠮᠢᠳᠤᠷᠠᠵᠤ ᠳᠡᠢᠯᠬᠦ ᠦᠭᠡᠢ ᠶᠦᠮ᠃ ᠨᠡᠩ ᠴᠦ᠍ ᠨᠤᠲᠤᠭ ᠲᠤ ᠪᠠᠨ ᠰᠠᠭᠤᠵᠤ ᠨᠤᠭᠤᠯᠤᠭᠤᠷ ᠢ᠋ᠶ᠋ᠠᠨ ᠢᠳᠡᠵᠦ᠂ ᠢᠳᠡᠭᠡᠰᠢᠵᠦ ᠳᠠᠰᠤᠭᠰᠠᠨ ᠠᠮᠢᠳᠤᠷᠠᠯ ᠠᠬᠤᠢ ᠳ᠋ᠤ᠌ ᠪᠠᠨ ᠥᠪᠡᠷ ᠦ᠋ᠨ ᠡᠷᠬᠡ ᠲᠠᠪᠠ ᠪᠠᠷ ᠠᠮᠢᠳᠤᠷᠠᠬᠤ ᠶ᠋ᠢ ᠬᠦᠷᠬᠦ ᠦᠭᠡᠢ ᠰᠢᠦ᠃
        4. ᠬᠣᠲᠠᠴᠢᠯᠠᠯᠲᠠ ᠭᠡᠳᠡᠭ ᠢ᠋ ᠵᠥᠪ ᠣᠢᠯᠠᠭᠠᠬᠤ ᠬᠡᠷᠡᠭᠲᠡᠢ
   ᠬᠣᠲᠠ ᠭᠡᠵᠦ ᠶᠠᠭᠤ ᠪᠣᠢ? ᠳᠤᠯᠠᠭᠠᠨ ᠲᠠᠪᠠᠲᠠᠢ ᠠᠰᠠᠷ ᠲᠠᠭᠲᠤ᠂ ᠲᠤᠬᠠᠲᠠᠢ ᠨᠠᠷᠭᠢᠶᠠᠨᠲᠠᠢ ᠠᠷᠢᠬᠢᠨ ᠪᠠᠭᠠᠷ ᠭᠡᠵᠦ ᠥᠩᠭᠡᠨ ᠲᠠᠯ᠎ᠠ ᠠ᠋ᠴᠠ ᠨᠢ ᠣᠢᠯᠠᠭᠠᠵᠤ ᠪᠣᠯᠬᠤ ᠦᠭᠡᠢ ᠰᠢᠦ᠂ ᠬᠣᠲᠠ ᠪᠣᠯ ᠬᠤᠳᠠᠯᠳᠤᠭ᠎ᠠ ᠮᠠᠢᠮᠠᠢ ᠶ᠋ᠢᠨ ᠥᠷᠢᠰᠦᠯᠳᠦᠭᠡᠨ ᠦ᠌ ᠵᠠᠬ᠎ᠠ᠂ ᠬᠤᠷᠴᠠ ᠰᠢᠷᠦᠭᠦᠨ ᠪᠡᠯᠡ ᠣᠷᠣᠭᠤᠯᠤᠯᠲᠠ ᠶ᠋ᠢᠨ ᠵᠠᠬ᠎ᠠ᠂ ᠤᠷ᠎ᠠ ᠮᠡᠷᠭᠡᠵᠢᠯ ᠢ᠋ᠶ᠋ᠡᠨ ᠣᠷᠣᠯᠳᠣᠬᠤ ᠲᠠᠯᠠᠪᠤᠷ ᠭᠡᠮᠡᠨ ᠣᠢᠯᠠᠭᠠᠵᠤ ᠪᠣᠯᠤᠨ᠎ᠠ᠃
   ᠬᠥᠳᠡᠭᠡ ᠳ᠋ᠦ᠍ ᠨᠢᠭᠡ ᠡᠳᠦᠷ ᠵᠦᠭᠡᠷ ᠰᠠᠭᠤᠵᠤ ᠪᠣᠯᠤᠨ᠎ᠠ᠂ ᠨᠢᠭᠡ ᠭᠠᠷᠠᠭ ᠪᠤᠶᠤ ᠲᠡᠷᠡᠴᠢᠯᠡᠨ ᠨᠢᠭᠡ ᠰᠠᠷ᠎ᠠ ᠵᠦᠭᠡᠷ ᠰᠠᠭᠤᠪᠠᠴᠤ ᠪᠣᠯᠤᠨ᠎ᠠ᠃ ᠤᠴᠢᠷ ᠨᠢ ᠬᠦᠷᠰᠢ ᠵᠡᠷᠭᠡᠯᠡᠳᠡᠭᠡ ᠠᠢᠯ ᠠᠢᠮᠠᠭ ᠤ᠋ᠨ ᠬᠢᠨ ᠲᠠᠨ ᠢ᠋ ᠶᠠᠭᠠᠬᠢᠭᠰᠠᠨ ᠴᠤ᠌ ᠣᠷᠬᠢᠬᠤ ᠦᠭᠡᠢ ᠶᠦᠮ᠃ ᠭᠡᠲᠡᠯ᠎ᠡ ᠬᠣᠲᠠ ᠳ᠋ᠤ᠌ ᠴᠢ ᠨᠢᠭᠡ ᠴᠠᠭ ᠴᠤ᠌ ᠵᠦᠭᠡᠷ ᠰᠠᠭᠤᠵᠤ ᠪᠣᠯᠬᠤ ᠦᠭᠡᠢ᠂ ᠠᠵᠢᠯ ᠬᠢᠬᠦ ᠬᠡᠷᠡᠭᠲᠡᠢ᠂ ᠠᠵᠢᠯ ᠡᠷᠢᠬᠦ ᠬᠡᠷᠡᠭᠲᠡᠢ᠃ ᠮᠥᠨ ᠯᠡ ᠠᠵᠢᠯ ᠠᠯᠳᠠᠵᠤ ᠳᠠᠬᠢᠵᠤ ᠠᠵᠢᠯ ᠡᠷᠢᠨ᠎ᠡ᠃ ᠨᠡᠩ ᠢᠯᠠᠩᠭᠤᠶ᠎ᠠ ᠬᠣᠲᠠ ᠶ᠋ᠢᠨ ᠲᠤᠬᠠᠢ ᠭᠦᠢᠴᠡᠳ ᠣᠢᠯᠠᠭᠠᠬᠤ ᠦᠭᠡᠢ ᠬᠥᠳᠡᠭᠡ ᠶ᠋ᠢᠨ ᠮᠠᠯᠴᠢᠳ ᠬᠣᠲᠠ ᠣᠷᠣᠬᠤ ᠨᠢ ᠶᠣᠰᠣᠲᠠᠢ ᠮᠤᠬᠤᠷ ᠭᠤᠳᠤᠮᠵᠢᠨ ᠳ᠋ᠤ᠌ ᠣᠷᠣᠵᠤ ᠮᠣᠳᠣᠨ ᠡᠯᠵᠢᠭᠡ ᠵᠠᠢᠳᠠᠯᠠᠯ᠎ᠠ ᠭᠡᠰᠡᠨ ᠦᠭᠡ᠃ ᠬᠠᠮᠤᠭ ᠨᠠᠭᠠᠳᠤ ᠵᠠᠬ᠎ᠠ ᠨᠢ ᠬᠠᠮᠢᠭ᠎ᠠ ᠶᠠᠪᠤᠵᠤ ᠶᠠᠭᠤ ᠬᠢᠬᠦ ᠪᠡᠨ ᠴᠦ᠍ ᠮᠡᠳᠡᠬᠦ ᠦᠭᠡᠢ᠃ ᠦᠭᠡ ᠬᠡᠯᠡ ᠵᠠᠩ ᠵᠠᠩᠰᠢᠯ ᠨᠡᠪᠲᠡᠷᠡᠬᠦ ᠦᠭᠡᠢ ᠴᠣᠬᠣᠮ ᠬᠦ᠌《ᠦᠵᠡᠭᠡ ᠦᠭᠡᠢ ᠪᠡᠨ ᠦᠵᠡᠵᠦ ᠦᠬᠡᠷ ᠴᠠᠮ ᠬᠠᠷᠠᠢᠬᠤ》 ᠯᠠ ᠬᠡᠷᠡᠭ᠃ ᠡᠢᠮᠦ ᠡᠴᠡ ᠪᠢᠳᠡ ᠬᠣᠲᠠᠴᠢᠯᠠᠯᠲᠠ ᠭᠡᠳᠡᠭ ᠶ᠋ᠢ ᠤᠷᠢᠳᠠᠪᠡᠷ ᠵᠥᠪ ᠣᠢᠯᠠᠭᠠᠵᠤ ᠦᠵᠡᠯ ᠰᠠᠨᠠᠭᠠᠨ ᠳᠡᠭᠡᠷ᠎ᠡ ᠪᠡᠨ ᠪᠡᠯᠡᠳᠬᠡᠯ ᠲᠡᠢ ᠪᠠᠢᠵᠤ᠂ ᠭᠠᠷᠴᠤ ᠮᠡᠳᠡᠬᠦ ᠤᠴᠢᠷ ᠶᠠᠪᠤᠳᠠᠯ ᠪᠤᠶᠤ ᠥᠷᠢᠰᠦᠯᠳᠦᠭᠡᠨ ᠢ᠋ ᠠᠷᠭᠠᠴᠠᠭᠠᠬᠤ ᠪᠠᠷ ᠴᠠᠭ ᠢᠮᠠᠭᠲᠠ ᠪᠡᠯᠡᠬᠡᠨ ᠪᠠᠢᠬᠤ ᠬᠡᠷᠡᠭᠲᠡᠢ᠃ ᠬᠣᠲᠠ ᠭᠡᠳᠡᠭ ᠨᠢ ᠳᠤᠯᠠᠭᠠᠨ ᠪᠠᠢᠰᠢᠩ ᠳ᠋ᠤ᠌ ᠲᠠᠪᠠᠲᠠᠢ ᠰᠠᠭᠤᠭᠠᠳ ᠪᠡᠯᠡᠨ ᠢ᠋ ᠢᠳᠡᠳᠡᠭ ᠭᠠᠵᠠᠷ ᠪᠢᠰᠢ ᠥᠷᠢᠰᠦᠯᠳᠦᠭᠡᠨ᠂ ᠠᠷᠠᠯᠵᠢᠶ᠎ᠠ ᠮᠠᠢᠮᠠᠢ᠂ ᠮᠡᠷᠭᠡᠵᠢᠯ ᠦ᠋ᠨ ᠵᠠᠬ᠎ᠠ ᠵᠡᠭᠡᠯᠢ ᠭᠡᠳᠡᠭ ᠢ᠋ ᠮᠡᠳᠡᠬᠦ ᠬᠡᠷᠡᠭᠲᠡᠢ᠃
   ᠡᠭᠦᠨ ᠳ᠋ᠦ᠍ ᠰᠣᠶᠣᠯ ᠤ᠋ᠨ ᠲᠠᠯ᠎ᠠ ᠶ᠋ᠢᠨ ᠵᠥᠷᠢᠶ᠎ᠡ ᠶ᠋ᠢ ᠣᠢᠯᠠᠭᠠᠬᠤ ᠬᠡᠷᠡᠭᠲᠡᠢ᠃ ᠮᠠᠨ ᠤ᠋ ᠡᠷᠲᠡ ᠳᠡᠭᠡᠳᠦ ᠡᠴᠡ ᠪᠡᠨ ᠡᠳ᠋ᠯᠡᠵᠦ ᠠᠮᠢᠳᠤᠷᠠᠵᠤ ᠣᠷᠣᠰᠢᠨ ᠲᠣᠭᠲᠠᠨᠢᠵᠤ ᠢᠷᠡᠭᠰᠡᠨ ᠰᠣᠶᠣᠯ ᠪᠣᠯ ᠮᠠᠯᠵᠢᠬᠤ ᠰᠣᠶᠣᠯ ᠶᠤᠮ᠃ ᠮᠠᠯᠵᠢᠬᠤ ᠰᠣᠶᠣᠯ ᠬᠠᠮᠢᠭ᠎ᠠ ᠪᠠᠢᠨ᠎ᠠ ᠪᠣᠢ? ᠭᠡᠪᠡᠯ ᠵᠥᠪᠬᠡᠨ ᠬᠥᠳᠡᠭᠡ ᠳ᠋ᠦ᠍ ᠪᠣᠢ᠃ ᠪᠢᠳᠡ ᠪᠣᠯ ᠲᠡᠷᠡ ᠴᠢᠭ ᠢ᠋ᠶ᠋ᠡᠷ ᠢ᠋ᠶ᠋ᠡᠨ ᠮᠠᠯᠵᠢᠬᠤ ᠰᠣᠶᠣᠯ ᠤ᠋ᠨ ᠡᠵᠡᠨ᠂ ᠮᠠᠨ ᠤ᠋ ᠣᠷᠣᠰᠢᠨ ᠠᠮᠢᠳᠤᠷᠠᠵᠤ ᠪᠠᠢᠬᠤ ᠮᠠᠯᠵᠢᠬᠤ ᠣᠷᠣᠨ ᠪᠣᠯ ᠮᠠᠯᠵᠢᠬᠤ ᠰᠣᠶᠣᠯ ᠤ᠋ᠨ ᠭᠣᠯᠣᠮᠲᠠ ᠪᠣᠯᠤᠨ᠎ᠠ᠃ ᠡᠭᠦᠨ ᠳ᠋ᠦ᠍ ᠮᠠᠯᠵᠢᠬᠤ ᠰᠣᠶᠣᠯ ᠤ᠋ᠨ ᠭᠣᠣᠯ ᠢᠷᠡᠯᠲᠡ ᠪᠣᠯ ᠨᠤᠲᠤᠭ ᠪᠡᠯᠴᠢᠭᠡᠷ᠂ ᠨᠤᠲᠤᠭ ᠪᠡᠯᠴᠢᠭᠡᠷ ᠪᠣᠯ ᠥᠨᠢᠳᠡ ᠤᠷᠭᠤᠨ ᠲᠥᠯᠵᠢᠵᠦ ᠪᠠᠢᠭ᠎ᠠ《ᠨᠣᠭᠣᠭᠠᠨ ᠪᠠᠩᠬᠢ》 ᠪᠣᠯᠬᠤ ᠶᠤᠮ᠃ ᠨᠤᠲᠤᠭ ᠪᠡᠯᠴᠢᠭᠡᠷ ᠪᠠᠢᠭᠰᠠᠨ ᠴᠠᠭ ᠲᠤ ᠮᠠᠯ ᠦᠷᠡᠵᠢᠬᠦ ᠦᠭᠡᠢ ᠭᠡᠵᠦ ᠦᠭᠡᠢ᠂ ᠮᠠᠯ ᠠᠵᠤ ᠠᠬᠤᠢ ᠪᠠᠢᠭᠰᠠᠨ ᠴᠠᠭ ᠲᠤ ᠮᠠᠨ ᠤ᠋ ᠠᠮᠢᠳᠤᠷᠠᠯ ᠪᠠᠶᠠᠵᠢᠵᠤ ᠴᠢᠨᠡᠭᠡᠯᠢᠭᠵᠢᠬᠦ ᠦᠭᠡᠢ ᠭᠡᠵᠦ ᠦᠭᠡᠢ ᠶᠦᠮ᠃
   ᠭᠡᠲᠡᠯ᠎ᠡ ᠬᠣᠲᠠ ᠶ᠋ᠢᠨ ᠰᠣᠶᠣᠯ ᠪᠣᠯ ᠮᠠᠯ ᠦᠷᠡᠵᠢᠭᠦᠯᠬᠦ ᠪᠢᠰᠢ ᠮᠥᠩᠭᠥ ᠦᠷᠡᠵᠢᠭᠦᠯᠬᠦ ᠰᠣᠶᠣᠯ ᠪᠣᠯᠤᠨ᠎ᠠ᠂ ᠳᠠᠷᠤᠢ᠂ ᠪᠡᠯᠡ ᠣᠷᠣᠭᠤᠯᠤᠯᠲᠠ ᠶ᠋ᠢᠨ ᠰᠣᠶᠣᠯ ᠭᠡᠮᠡᠨ ᠣᠢᠯᠠᠭᠠᠵᠤ ᠪᠣᠯᠬᠤ ᠶᠤᠮ᠃ ᠲᠠ ᠮᠥᠩᠭᠥ ᠪᠡᠷ ᠢ᠋ᠶ᠋ᠡᠨ ᠣᠷᠣᠨ ᠰᠠᠭᠤᠴᠠ ᠠᠪᠤᠭᠰᠠᠨ ᠪᠣᠯ ᠬᠡᠷᠡᠭᠯᠡᠭᠡᠨ ᠳ᠋ᠦ᠍ ᠵᠠᠷᠤᠴᠠᠭᠤᠯᠤᠭᠰᠠᠨ ᠤᠴᠢᠷ ᠪᠣᠯᠤᠨ᠎ᠠ᠂ ᠵᠡᠭᠡᠯᠢ ᠨᠢᠭᠤᠷᠯᠠᠭᠰᠠᠨ ᠬᠤᠳᠠᠯᠳᠤᠭᠠᠨ ᠤ᠋ ᠠᠰᠠᠷ ᠠᠪᠤᠭᠰᠠᠨ ᠪᠣᠯ ᠪᠡᠯᠡ ᠣᠷᠣᠭᠤᠯᠤᠭᠰᠠᠨ ᠤᠴᠢᠷ ᠪᠣᠯᠤᠨ᠎ᠠ᠂ ᠰᠡᠦᠬᠡ ᠮᠠᠰᠢᠨ ᠠᠪᠤᠭᠰᠠᠨ ᠪᠣᠯ ᠬᠡᠷᠡᠭᠯᠡᠭᠡᠨ ᠳ᠋ᠦ᠍ ᠵᠠᠷᠤᠭᠰᠠᠨ᠂ ᠲᠡᠭᠡᠭᠡᠪᠦᠷᠢ ᠶ᠋ᠢᠨ ᠮᠠᠰᠢᠨ ᠠᠪᠤᠭᠠᠳ ᠭᠦᠶᠦᠯᠭᠡᠵᠦ ᠵᠣᠭᠣᠰ ᠣᠯᠵᠤ ᠪᠠᠢᠪᠠᠯ ᠪᠡᠯᠡ ᠣᠷᠣᠭᠤᠯᠤᠭᠰᠠᠨ ᠭᠡᠵᠦ ᠮᠡᠳᠡ᠃ ᠳᠠᠬᠢᠪᠠᠯ ᠲᠠ ᠬᠤᠳᠠᠯᠳᠤᠭ᠎ᠠ ᠳᠡᠯᠭᠡᠭᠦᠷ ᠬᠣᠭᠣᠯᠠᠨ ᠭᠠᠵᠠᠷ ᠲᠤ ᠪᠡᠯᠡ ᠣᠷᠣᠭᠤᠯᠤᠭᠰᠠᠨ ᠭᠡᠵᠦ ᠪᠣᠳᠣᠶ᠎ᠠ᠂ ᠡᠵᠡᠩᠨᠡᠯᠲᠡ ᠬᠠᠮᠢᠶᠠᠷᠤᠯᠲᠠ ᠶ᠋ᠢᠨ ᠴᠢᠳᠠᠪᠤᠷᠢ ᠦᠭᠡᠢ ᠪᠣᠯ ᠪᠠᠰᠠ ᠯᠠ ᠬᠣᠭᠣᠰᠣᠨ ᠪᠣᠯᠤᠨ᠎ᠠ᠃ ᠲᠡᠢᠮᠦ ᠡᠴᠡ ᠬᠣᠲᠠ ᠭᠡᠳᠡᠭ ᠨᠢ ᠮᠠᠨ ᠳ᠋ᠤ᠌ ᠠᠪᠴᠤ ᠬᠡᠯᠡᠪᠡᠯ ᠶᠣᠰᠣᠲᠠᠢ ᠰᠢᠨ᠎ᠡ ᠡᠬᠡ ᠬᠠᠭᠤᠷᠠᠢ ᠪᠣᠯᠤᠨ᠎ᠠ᠃ ᠬᠣᠲᠠ ᠶ᠋ᠢᠨ ᠰᠣᠶᠣᠯ ᠪᠣᠯ ᠡᠵᠡᠩᠨᠡᠯᠲᠡ ᠤ᠋ ᠰᠣᠶᠣᠯ᠂ ᠬᠤᠳᠠᠯᠳᠤᠭᠠᠨ ᠤ᠋ ᠰᠣᠶᠣᠯ᠂ ᠮᠥᠷᠲᠡᠭᠡᠨ ᠪᠠᠰᠠ ᠮᠡᠷᠭᠡᠵᠢᠯ ᠦ᠋ᠨ ᠰᠣᠶᠣᠯ( ᠮᠡᠷᠭᠡᠵᠢᠯ ᠴᠢᠳᠠᠪᠤᠷᠢ ᠮᠡᠬᠡ ᠵᠠᠯᠢ ᠪᠠᠨ ᠥᠷᠢᠰᠦᠯᠳᠦᠬᠦ ᠰᠣᠶᠣᠯ) ᠭᠡᠵᠦ ᠬᠡᠯᠡᠵᠦ ᠪᠣᠯᠤᠨ᠎ᠠ᠃ ᠡᠢᠮᠦ ᠡᠴᠡ ᠣᠢᠯᠠᠭᠠᠯᠲᠠ ᠪᠦᠷᠢᠨ᠂ ᠪᠡᠯᠡᠳᠬᠡᠯ ᠭᠦᠢᠴᠡᠳ ᠪᠠᠢᠪᠠᠯ ᠰᠠᠶᠢ ᠰᠢᠨ᠎ᠡ ᠣᠷᠴᠢᠨ ᠰᠢᠨ᠎ᠡ ᠥᠷᠢᠰᠦᠯᠳᠦᠭᠡᠨ ᠦ᠌ ᠡᠮᠦᠨ᠎ᠡ ᠬᠥᠯ ᠠᠯᠳᠠᠬᠤ ᠦᠭᠡᠢ ᠪᠠᠢᠵᠤ ᠴᠢᠳᠠᠨ᠎ᠠ᠃ ᠵᠠᠷᠢᠮ ᠵᠠᠯᠠᠭᠤᠴᠤᠳ ᠵᠢᠭᠡᠯᠡᠯᠭᠡ ᠣᠯᠤᠮᠠᠭᠴᠠ ᠠᠷᠠᠯᠵᠢᠶ᠎ᠠ ᠬᠤᠳᠠᠯᠳᠤᠭ᠎ᠠ ᠡᠵᠡᠩᠨᠡᠭᠡᠳ ᠪᠠᠶᠠᠵᠢᠴᠢᠬᠠᠬᠤ ᠰᠢᠭ᠋ ᠳᠥᠭᠥᠮ ᠣᠢᠯᠠᠭᠠᠳᠠᠭ ᠮᠥᠷᠲᠡᠭᠡᠨ ᠢᠩᠭᠢᠵᠦ ᠬᠢᠭᠡᠳ ᠥᠷᠢ ᠳ᠋ᠦ᠍ ᠤᠨᠠᠭᠰᠠᠨ ᠬᠥᠮᠦᠰ ᠪᠠᠭ᠎ᠠ ᠪᠤᠰᠤ᠂ ᠮᠥᠩᠭᠥ ᠡᠷᠭᠢᠯᠳᠦᠭᠦᠯᠦᠨ᠎ᠡ ᠭᠡᠳᠡᠭ ᠴᠢᠨᠢ ᠨᠠᠭᠠᠳᠤ ᠵᠠᠬ᠎ᠠ ᠳ᠋ᠤ᠌ ᠪᠠᠨ ᠡᠵᠡᠩᠨᠡᠯᠲᠡ ᠬᠢᠭᠡᠳ ᠠᠮᠵᠢᠯᠲᠠ ᠣᠯᠤᠭᠰᠠᠨ ᠬᠥᠮᠦᠨ ᠦ᠌ ᠳᠣᠣᠷ᠎ᠠ ᠤᠷᠢᠳᠠᠪᠡᠷ《ᠵᠠᠷᠤᠴᠠ》 ᠪᠣᠯᠵᠤ᠂ ᠬᠥᠮᠦᠨ ᠦ᠌ ᠶᠠᠭᠠᠬᠢᠵᠤ ᠬᠢᠵᠦ ᠪᠠᠢᠬᠤ ᠶ᠋ᠢ ᠣᠢᠯᠠᠭᠠᠵᠤ ᠪᠠᠢᠮᠠᠨ ᠰᠠᠶᠢ ᠡᠵᠡᠩᠨᠡᠯᠲᠡ ᠬᠠᠮᠢᠶᠠᠷᠤᠯᠲᠠ ᠶ᠋ᠢᠨ ᠡᠭᠦᠳᠡ ᠪᠡᠷ ᠣᠷᠣᠵᠤ ᠴᠢᠳᠠᠨ᠎ᠠ ᠭᠡᠳᠡᠭ ᠢ᠋ ᠮᠡᠳᠡᠬᠦ ᠬᠡᠷᠡᠭᠲᠡᠢ ᠰᠢᠦ᠃
   ᠴᠢ ᠬᠡᠷᠪᠡ ᠬᠣᠲᠠ ᠳ᠋ᠤ᠌ ᠣᠷᠣᠬᠤ ᠭᠡᠪᠡᠯ ᠡᠳᠡᠭᠡᠷ ᠰᠣᠶᠣᠯ ᠤ᠋ᠨ ᠠᠯᠢᠨ ᠳ᠋ᠤ᠌ ᠨᠢ ᠵᠣᠬᠢᠴᠠᠵᠤ ᠳᠡᠢᠯᠬᠦ ᠪᠣᠢ? ᠠᠯᠢ ᠶ᠋ᠢ ᠨᠢ ᠬᠢᠵᠦ ᠴᠢᠳᠠᠬᠤ ᠪᠣᠢ? ᠬᠢᠷᠢ ᠵᠡᠷᠭᠡ ᠪᠠᠲᠤᠯᠠᠭ᠎ᠠ ᠲᠠᠢ ᠪᠠᠢᠬᠤ ᠪᠣᠢ? ᠭᠡᠳᠡᠭ ᠢ᠋ᠶ᠋ᠡᠨ ᠪᠣᠳᠣᠵᠤ ᠲᠤᠩᠭᠠᠪᠠᠯ ᠵᠣᠬᠢᠨ᠎ᠠ᠃ ᠬᠣᠲᠠ ᠣᠷᠣᠬᠤ ᠪᠠᠷ ᠪᠣᠳᠣᠵᠤ ᠪᠠᠢᠭ᠎ᠠ ᠬᠥᠮᠦᠰ ᠬᠠᠮᠤᠭ ᠨᠠᠭᠠᠳᠤ ᠵᠠᠬ᠎ᠠ ᠳ᠋ᠤ᠌ ᠪᠠᠨ ᠨᠢᠭᠡ ᠵᠦᠢᠯ ᠦ᠋ᠨ ᠮᠡᠷᠭᠡᠵᠢᠯ ᠰᠤᠷᠤᠭᠰᠠᠨ ᠪᠠᠢᠪᠠᠯ ᠰᠠᠢᠨ ᠶᠤᠮ᠃ ᠡᠰᠡᠬᠦᠯ᠎ᠡ ᠡᠵᠡᠩᠨᠡᠯᠲᠡ ᠬᠢᠬᠦ ᠪᠡᠯᠡᠳᠬᠡᠯ ᠲᠡᠢ ᠪᠠᠢᠵᠤ ᠪᠡᠯᠡ ᠮᠥᠩᠭᠥ ᠬᠤᠷᠠᠮᠳᠤᠭᠤᠯᠤᠭᠰᠠᠨ ᠪᠠᠢᠪᠠᠴᠤ ᠪᠣᠯᠤᠨ᠎ᠠ᠃ ᠲᠡᠭᠡᠬᠦ ᠦᠭᠡᠢ ᠪᠡᠷ ᠭᠠᠷ ᠬᠣᠭᠣᠰᠣᠨ ᠬᠣᠲᠠ ᠳ᠋ᠤ᠌ ᠣᠷᠣᠪᠠᠯ ᠴᠤ᠌ ᠳᠡᠮᠡᠢ ᠤᠳᠠᠯ ᠦᠭᠡᠢ ᠣᠷᠣᠨ ᠠ᠋ᠴᠠ ᠪᠠᠨ ᠣᠭᠰᠢᠵᠤ ᠨᠤᠲᠤᠭ ᠠ᠋ᠴᠠ ᠪᠠᠨ ᠰᠠᠯᠤᠭᠠᠳ ᠬᠥᠯ ᠠᠯᠳᠠᠵᠤ ᠬᠥᠰᠡᠷ ᠰᠠᠭᠤᠬᠤ ᠪᠣᠯᠤᠨ᠎ᠠ ᠰᠢᠦ! ᠬᠢᠴᠢᠶᠡᠪᠡᠯ ᠵᠣᠬᠢᠯᠲᠠᠢ᠃
   ᠬᠣᠲᠠ ᠨᠢ ᠬᠠᠢᠯᠤᠭᠤᠯᠬᠤ ᠵᠤᠤᠬ᠎ᠠ᠃ ᠬᠣᠲᠠ ᠭᠠᠵᠠᠷ ᠤ᠋ᠨ ᠠᠵᠢᠯ ᠠᠮᠢᠳᠤᠷᠠᠯ ᠤ᠋ᠨ ᠣᠷᠴᠢᠨ ᠡᠷᠡᠰ ᠣᠨᠳᠣᠣ ᠠ᠋ᠴᠠ ᠪᠣᠯᠵᠤ ᠮᠠᠯᠴᠢᠨ ᠬᠥᠮᠦᠨ ᠦ᠌ ᠵᠠᠩ ᠰᠡᠳᠬᠢᠯᠭᠡ ᠳ᠋ᠦ᠍ ᠣᠯᠠᠨ ᠬᠤᠪᠢᠷᠠᠯᠲᠠ ᠭᠠᠷᠤᠨ᠎ᠠ᠂ ᠲᠡᠨᠳᠡ ᠠᠷᠠᠯᠵᠢᠶ᠎ᠠ ᠬᠤᠳᠠᠯᠳᠤᠭ᠎ᠠ ᠡᠷᠬᠢᠯᠡᠭᠡᠳ ᠬᠥᠯ ᠲᠣᠭᠲᠠᠵᠤ ᠪᠠᠶᠠᠵᠢᠭᠰᠠᠨ ᠢ᠋ᠶ᠋ᠠᠷ ᠪᠣᠳᠣᠬᠤ ᠳ᠋ᠤ᠌ ᠲᠡᠷᠡ ᠰᠠᠢᠬᠠᠨ ᠴᠡᠪᠡᠷ ᠴᠠᠢᠯᠭᠠᠨ ᠰᠢᠯᠤᠭᠤᠨ ᠰᠢᠳᠤᠷᠭᠤ ᠣᠣᠷ ᠵᠠᠩ ᠪᠦᠷᠢᠮᠦᠰᠦᠨ ᠬᠠᠢᠯᠤᠭᠳᠠᠵᠤ ᠡᠳᠦᠷᠵᠢᠨ ᠠᠰᠢᠭ ᠬᠣᠨᠵᠢᠶ᠎ᠠ ᠭᠡᠮᠡᠨ ᠶᠠᠳᠠᠷᠠᠭᠰᠠᠨ ᠠᠮᠢᠲᠠᠨ ᠪᠣᠯᠤᠭᠰᠠᠨ ᠪᠠᠢᠵᠤ ᠮᠡᠳᠡᠨ᠎ᠡ᠃ ᠲᠡᠨᠳᠡ ᠣᠯᠠᠨ ᠬᠥᠮᠦᠨ ᠪᠣᠢ᠂ ᠪᠦᠷ ᠣᠨᠳᠣᠣ ᠬᠡᠯᠡ ᠬᠡᠯᠡᠳᠡᠭ᠃ ᠥᠪᠡᠷ ᠢ᠋ᠶ᠋ᠡᠨ ᠪᠣᠯ ᠢᠩᠭᠢᠵᠦ ᠴᠢᠩᠭᠢᠭᠡᠳ ᠠᠷᠭᠠᠴᠠᠭᠠᠵᠤ ᠪᠣᠯᠤᠨ᠎ᠠ᠃ ᠭᠡᠲᠡᠯ᠎ᠡ ᠦᠷ᠎ᠡ ᠬᠡᠦᠬᠡᠳ ᠢ᠋ᠶ᠋ᠡᠨ ᠡᠬᠡ ᠬᠡᠯᠡ ᠪᠡᠷ ᠨᠢ ᠬᠥᠮᠦᠵᠢᠭᠦᠯᠬᠦ ᠭᠡᠳᠡᠭ ᠬᠦᠴᠢᠷ ᠡᠴᠡ ᠬᠦᠴᠢᠷ᠃ ᠥᠭᠡᠷ᠎ᠡ ᠬᠥᠮᠦᠨ ᠴᠢᠨᠦ ᠬᠡᠳᠦᠨ ᠦᠶ᠎ᠡ ᠶ᠋ᠢᠨ ᠬᠢᠨ ᠦ᠌ ᠠᠮᠢᠳᠤᠷᠠᠯ ᠢ᠋ ᠴᠢᠨᠢ ᠪᠣᠳᠣᠯᠬᠢᠯᠠᠵᠤ ᠶᠠᠭᠤ ᠪᠦᠬᠦᠨ ᠢ᠋ ᠴᠢᠨᠢ ᠪᠦᠷᠢᠨ ᠪᠣᠯᠭᠠᠵᠤ ᠥᠭᠬᠦ ᠦᠭᠡᠢ ᠶᠦᠮ᠃ ᠰᠤᠷᠭᠠᠭᠤᠯᠢ᠂ ᠬᠡᠦᠬᠡᠳ ᠦ᠋ᠨ ᠴᠡᠴᠡᠷᠯᠢᠭ ᠪᠠᠢᠭᠤᠯᠤᠯ᠎ᠠ ᠭᠡᠳ ᠯᠠᠪ ᠬᠣᠲᠠ ᠶ᠋ᠢᠨ ᠥᠨᠴᠥᠭ ᠪᠤᠯᠤᠩ ᠪᠦᠬᠦᠨ ᠳ᠋ᠦ᠍ ᠮᠣᠩᠭᠣᠯ ᠰᠤᠷᠭᠠᠭᠤᠯᠢ ᠪᠠᠢᠭᠤᠯᠬᠤ ᠪᠣᠯᠤᠮᠵᠢ ᠪᠠᠢᠬᠤ ᠦᠭᠡᠢ᠃ ᠬᠥᠬᠡᠬᠣᠲᠠ ᠳ᠋ᠤ᠌ ᠬᠣᠷᠢᠭᠠᠳ ᠲᠦᠮᠡᠨ ᠮᠣᠩᠭᠣᠯᠴᠤᠳ ᠬᠣᠲᠠ ᠣᠷᠣᠭᠰᠠᠨ ᠭᠡᠳᠡᠭ᠂ ᠭᠡᠲᠡᠯ᠎ᠡ ᠲᠡᠨᠳᠡ ᠵᠥᠪᠬᠡᠨ ᠨᠢᠭᠡ ᠯᠡ ᠮᠣᠩᠭᠣᠯ ᠬᠡᠦᠬᠡᠳ ᠦ᠋ᠨ ᠴᠡᠴᠡᠷᠯᠢᠭ᠂ ᠨᠢᠭᠡᠯᠬᠡᠨ ᠮᠣᠩᠭᠣᠯ ᠪᠠᠭ᠎ᠠ ᠰᠤᠷᠭᠠᠭᠤᠯᠢ᠂ ᠨᠢᠭᠡᠯᠬᠡᠨ ᠮᠣᠩᠭᠣᠯ ᠪᠦᠷᠢᠨ ᠰᠤᠷᠭᠠᠭᠤᠯᠢ ᠲᠠᠢ᠃ ᠠᠯᠢ ᠰᠤᠷᠭᠠᠭᠤᠯᠢ ᠨᠢ ᠭᠡᠳ ᠲᠠᠪᠤ ᠳᠣᠯᠣᠭᠠᠨ ᠵᠠᠭᠤᠨ ᠬᠡᠦᠬᠡᠳ ᠡᠴᠡ ᠢᠯᠡᠭᠦᠦ ᠶ᠋ᠢ ᠪᠠᠭᠲᠠᠭᠠᠬᠤ ᠦᠭᠡᠢ᠃ ᠬᠡᠳᠦᠨ ᠠᠷᠪᠠᠨ ᠲᠦᠮᠡᠨ ᠬᠥᠮᠦᠨ ᠦ᠌ ᠦᠷ᠎ᠡ ᠬᠣᠢᠴᠢᠰ ᠭᠡᠵᠦ ᠮᠢᠩᠭ᠎ᠠ ᠲᠠᠪᠤᠨ ᠵᠠᠭᠤ ᠪᠠᠷ ᠵᠣᠭᠰᠣᠬᠤ ᠦᠭᠡᠢ ᠪᠠᠢᠬ᠎ᠠ᠃ ᠲᠡᠷᠡᠴᠢᠯᠡᠨ ᠣᠯᠠᠩᠬᠢ ᠬᠣᠲᠠ ᠣᠷᠣᠭᠰᠠᠨ ᠮᠣᠩᠭᠣᠯᠴᠤᠳ ᠪᠦᠷ ᠯᠡ ᠬᠣᠲᠠ ᠶ᠋ᠢᠨ ᠲᠡᠭᠦᠷᠭᠡ ᠪᠤᠶᠤ ᠬᠥᠪᠡᠭᠡ ᠵᠠᠬ᠎ᠠ ᠪᠠᠷ ᠬᠢᠮᠳᠠ ᠲᠦᠷᠢᠶᠡᠰᠦᠨ ᠭᠡᠷ ᠲᠦ ᠰᠠᠭᠤᠵᠤ ᠬᠦᠨᠳᠦ ᠠᠵᠢᠯ ᠬᠢᠳᠡᠭ᠂ ᠬᠡᠦᠬᠡᠳ ᠢ᠋ᠶ᠋ᠡᠨ ᠲᠡᠢᠮᠦ ᠬᠣᠯᠠ ᠬᠣᠲᠠ ᠶ᠋ᠢᠨ ᠭᠣᠣᠯ ᠳ᠋ᠤ᠌ ᠪᠠᠢᠭ᠎ᠠ ᠮᠣᠩᠭᠣᠯ ᠰᠤᠷᠭᠠᠭᠤᠯᠢ ᠳ᠋ᠤ᠌  ᠬᠦᠷᠭᠡᠵᠦ ᠲᠤᠰᠬᠤ ᠴᠠᠭ ᠦᠭᠡᠢ᠂ ᠲᠡᠭᠡᠪᠡᠯ ᠣᠳᠣ ᠶᠠᠭᠠᠬᠢᠬᠤ ᠪᠣᠢ? ᠣᠢᠷ᠎ᠠ ᠮᠥᠷᠲᠡᠭᠡᠨ ᠣᠯᠠᠨ ᠪᠠᠢᠳᠠᠭ ᠢ᠋ᠶ᠋ᠠᠷ ᠨᠢ ᠬᠢᠲᠠᠳ ᠰᠤᠷᠭᠠᠭᠤᠯᠢ ᠳ᠋ᠤ᠌ ᠯᠠ ᠥᠭᠬᠦ ᠬᠡᠷᠡᠭ᠃ ᠬᠢᠲᠠᠳ ᠰᠤᠷᠭᠠᠭᠤᠯᠢ ᠳ᠋ᠤ᠌ ᠥᠭᠬᠦ ᠨᠢ ᠳᠠᠷᠤᠢ ᠬᠠᠢᠯᠤᠭᠤᠯᠬᠤ ᠵᠤᠤᠬᠠᠨ ᠳ᠋ᠤ᠌ ᠲᠦᠯᠬᠢᠭᠰᠡᠨ ᠶᠠᠪᠤᠳᠠᠯ ᠪᠣᠯᠬᠤ ᠶᠤᠮ᠃ ᠡᠨᠡ ᠪᠣᠯ ᠣᠳᠣ ᠨᠢᠭᠡᠨᠲᠡ ᠲᠥᠷᠥ ᠶ᠋ᠢᠨ ᠨᠣᠶᠠᠳ ᠠ᠋ᠴᠠ ᠡᠬᠢᠯᠡᠨ ᠲᠦᠮᠡᠨ ᠣᠯᠠᠨ ᠤ᠋ ᠮᠡᠳᠡᠵᠦ ᠪᠠᠢᠭ᠎ᠠ ᠲᠦᠭᠡᠮᠡᠯ ᠦᠨᠡᠨ ᠶᠣᠰᠣ ᠪᠣᠯᠵᠠᠢ᠃《ᠬᠣᠵᠢᠮ ᠤ᠋ᠨ ᠤᠴᠢᠷ ᠢ᠋ ᠬᠡᠨ ᠮᠡᠳᠡᠬᠦᠪ》 ᠭᠡᠵᠦ ᠬᠣᠲᠠ ᠵᠦᠭ ᠰᠢᠷᠭᠤᠯᠠᠵᠤ ᠪᠠᠢᠭ᠎ᠠ ᠮᠣᠩᠭᠣᠯᠴᠤᠳ ᠮᠢᠨᠢ ᠡᠭᠦᠨ ᠢ᠋ ᠠᠩᠬᠠᠷᠬᠤ ᠨᠢ ᠵᠦᠢᠲᠡᠢ᠃
   5. ᠬᠥᠳᠡᠭᠡ ᠨᠤᠲᠤᠭ ᠢ᠋ᠶ᠋ᠠᠨ ᠵᠥᠪ ᠣᠢᠯᠠᠭᠠᠬᠤ ᠬᠡᠷᠡᠭᠲᠡᠢ
   ᠬᠥᠳᠡᠭᠡ ᠨᠤᠲᠤᠭ ᠪᠣᠯ ᠮᠠᠨ ᠤ᠋ ᠡᠵᠡᠩᠨᠡᠵᠦ ᠠᠮᠢᠳᠤᠷᠠᠵᠤ ᠢᠷᠡᠭᠰᠡᠨ ᠮᠠᠯᠵᠢᠬᠤ ᠰᠣᠶᠣᠯ ᠤ᠋ᠨ ᠭᠣᠯᠣᠮᠲᠠ᠂ ᠲᠡᠷᠡ ᠣᠯᠠᠨ ᠳᠠᠭᠤᠴᠢᠨ ᠤᠷᠠᠯᠢᠭᠴᠢᠨ ᠬᠥᠲᠥᠯᠦᠭᠴᠢ ᠴᠢᠨᠢ ᠪᠦᠷ ᠯᠡ ᠬᠥᠳᠡᠭᠡ ᠨᠤᠲᠤᠭ ᠲᠤ ᠬᠥᠯ ᠲᠡᠢ ᠬᠡᠯᠡ ᠲᠡᠢ ᠪᠣᠯᠵᠤ᠂ ᠬᠥᠬᠡᠬᠣᠲᠠ ᠳ᠋ᠤ᠌ ᠣᠴᠢᠵᠤ ᠬᠡᠯᠡ ᠰᠣᠶᠣᠯ ᠢ᠋ᠶ᠋ᠠᠨ ᠭᠠᠢᠬᠠᠭᠤᠯᠵᠤ ᠪᠠᠢᠭ᠎ᠠ ᠰᠢᠦ᠃ ᠨᠤᠲᠤᠭ ᠪᠡᠯᠴᠢᠭᠡᠷ ᠪᠣᠯ ᠮᠠᠨ ᠤ᠋ ᠨᠣᠭᠣᠭᠠᠨ ᠪᠠᠩᠬᠢ᠂ ᠪᠡᠯᠴᠢᠭᠡᠷ ᠤᠷᠭᠤᠵᠤ ᠯᠠ ᠪᠠᠢᠪᠠᠯ ᠮᠥᠩᠭᠥ ᠤᠷᠭᠤᠵᠤ ᠪᠠᠢᠨ᠎ᠠ ᠭᠡᠰᠡᠨ ᠦᠭᠡ᠂ ᠬᠣᠲᠠ ᠶ᠋ᠢᠨ ᠬᠥᠮᠦᠰ ᠦ᠋ᠨ ᠭᠠᠩᠭᠠᠷᠠᠵᠤ ᠪᠠᠢᠭ᠎ᠠ ᠲᠡᠷᠡ ᠡᠷᠬᠢᠮᠰᠦᠭ ᠠᠷᠠᠰᠤ ᠨᠣᠣᠰᠣᠨ ᠳᠡᠪᠡᠯ᠂ ᠪᠠᠶᠠᠨ ᠬᠥᠮᠦᠰ ᠦ᠋ᠨ ᠡᠳ᠋ᠯᠡᠵᠦ ᠪᠠᠢᠭ᠎ᠠ ᠪᠣᠬᠢᠷᠲᠤᠯ ᠦᠭᠡᠢ ᠤᠯᠠᠭᠠᠨ ᠴᠠᠭᠠᠨ ᠢᠳᠡᠭᠡ ᠪᠦᠭᠦᠳᠡ ᠯᠡ ᠮᠠᠨ ᠤ᠋ ᠪᠡᠯᠴᠢᠭᠡᠷ ᠳᠡᠭᠡᠷ᠎ᠡ ᠤᠷᠭᠤᠵᠤ ᠪᠠᠢᠨ᠎ᠠ᠃ ᠮᠠᠯᠵᠢᠬᠤ ᠰᠣᠶᠣᠯ ᠪᠣᠯ ᠮᠠᠯ ᠦᠷᠡᠵᠢᠭᠦᠯᠳᠡᠭ ᠰᠣᠶᠣᠯ᠂ ᠮᠠᠨ ᠤ᠋ ᠮᠠᠯᠴᠢᠨ ᠲᠦᠮᠡᠨ ᠥᠨᠥᠴᠢᠨ ᠭᠣᠯᠣᠩᠬᠠᠢ ᠶ᠋ᠢ ᠴᠤ᠌ ᠮᠠᠯ ᠪᠣᠯᠭᠠᠨ ᠥᠰᠬᠡᠵᠦ ᠦᠷᠡᠵᠢᠭᠦᠯᠵᠦ ᠴᠢᠳᠠᠨ᠎ᠠ᠂ ᠬᠠᠷᠢᠨ ᠬᠣᠲᠠ ᠳᠡᠯᠭᠡᠭᠦᠷ ᠲᠦ ᠣᠷᠣᠪᠠᠯ ᠬᠡᠳᠦᠨ ᠮᠥᠩᠭᠥ ᠪᠡᠨ ᠥᠷᠥᠵᠦ ᠪᠠᠷᠠᠭᠠᠬᠤ ᠦᠭᠡᠢ ᠪᠣᠯ ᠰᠠᠨᠠᠭ᠎ᠠ ᠨᠢ ᠠᠮᠤᠷᠠᠳᠠᠭ ᠦᠭᠡᠢ ᠬᠥᠮᠦᠰ᠃ ᠲᠡᠢᠮᠦ ᠡᠴᠡ ᠮᠠᠯᠵᠢᠬᠤ ᠤᠳᠤᠮ ᠲᠠᠢ ᠮᠠᠨ ᠳ᠋ᠤ᠌ ᠪᠠᠨ ᠪᠣᠯ ᠬᠥᠳᠡᠭᠡ ᠨᠤᠲᠤᠭ ᠯᠠ ᠳᠠᠷᠤᠭᠠᠰᠤ ᠥᠷᠢᠰᠦᠯᠳᠦᠭᠡᠨ ᠪᠠᠭ᠎ᠠ ᠲᠠᠢ ᠠᠮᠤᠷ ᠲᠣᠭᠲᠠᠭᠤᠨ ᠠᠮᠢᠳᠤᠷᠠᠬᠤ ᠳ᠋ᠤ᠌ ᠲᠣᠬᠢᠷᠠᠮᠵᠢᠲᠠᠢ ᠣᠷᠣᠨ ᠵᠠᠢ ᠭᠡᠳᠡᠭ ᠢ᠋ᠶ᠋ᠡᠨ ᠵᠥᠪ ᠣᠢᠯᠠᠭᠠᠶ᠎ᠠ᠃ ᠣᠢᠷ᠎ᠠ ᠳ᠋ᠤ᠌ ᠤᠷᠠᠳ ᠤ᠋ᠨ ᠳᠤᠮᠳᠠᠳᠤ ᠬᠤᠰᠢᠭᠤᠨ ᠤ᠋ ᠬᠣᠲᠠ ᠣᠷᠣᠭᠰᠠᠨ ᠮᠠᠯᠴᠢᠳ ᠳᠠᠬᠢᠭᠠᠳ ᠬᠥᠳᠡᠭᠡ ᠳ᠋ᠦ᠍ ᠪᠡᠨ ᠪᠤᠴᠠᠵᠤ ᠪᠠᠢᠬᠤ ᠮᠡᠳᠡᠭᠡᠯᠡᠯ ᠢ᠋ ᠲᠧᠯᠸᠢᠰ ᠡᠴᠡ ᠬᠠᠷᠠᠭᠠᠳ ᠲᠤᠩ ᠪᠠᠶᠠᠷᠯᠠᠭᠰᠠᠨ᠂ ᠨᠤᠲᠤᠭ ᠪᠡᠯᠴᠢᠭᠡᠷ ᠭᠠᠵᠠᠷ ᠰᠢᠷᠣᠢ ᠠᠯᠲᠠ ᠪᠣᠯᠬᠤ ᠴᠠᠭ ᠢᠷᠡᠭᠰᠡᠨ ᠰᠢᠦ! ᠬᠣᠲᠠᠴᠢᠯᠠᠯᠲᠠ ᠭᠡᠳ ᠠᠷᠪᠠᠭᠠᠳ ᠳ᠋ᠦᠩᠰᠢᠭᠤᠷ ᠢᠷᠡᠭᠡᠳ ᠲᠡᠢ ᠲᠣᠮᠣ ᠤᠯᠤᠰ ᠠᠷᠪᠠᠭᠠᠳ ᠵᠢᠯ ᠪᠠᠷᠤᠭ ᠯᠠ ᠲᠣᠭᠣᠰᠬ᠎ᠠ ᠴᠢᠯᠠᠭᠤ ᠣᠪᠣᠭᠠᠯᠠᠵᠤ ᠶᠡᠬᠡ ᠬᠡᠮᠵᠢᠶᠡᠨ ᠦ᠌ ᠬᠣᠲᠠ ᠶ᠋ᠢᠨ ᠪᠦᠲᠦᠭᠡᠨ ᠪᠠᠢᠭᠤᠯᠤᠯᠲᠠ ᠬᠢᠭᠰᠡᠨ ᠡᠴᠡ ᠪᠢᠰᠢ ᠪᠠᠢᠭᠠᠯᠢ ᠣᠷᠴᠢᠨ ᠤ᠋ ᠬᠠᠮᠠᠭᠠᠯᠠᠯᠲᠠ᠂ ᠬᠥᠳᠡᠭᠡ ᠲᠣᠰᠬᠣᠨ ᠤ᠋ ᠪᠠᠢᠭᠤᠯᠤᠯᠲᠠ ᠭᠡᠮᠡᠨ ᠳᠡᠮᠡᠢ ᠶᠠᠭᠤᠮ᠎ᠠ ᠬᠢᠭᠰᠡᠨ ᠦᠭᠡᠢ᠂ ᠡᠭᠦᠨ ᠦ᠌ ᠳ᠋ᠦᠩ ᠳ᠋ᠦ᠍ ᠬᠣᠲᠠ ᠳ᠋ᠤ᠌ ᠶᠠᠭᠤ ᠤᠷᠭᠤᠵᠤ ᠲᠥᠯᠵᠢᠵᠦ ᠪᠠᠢᠭ᠎ᠠ ᠪᠣᠢ ᠭᠡᠪᠡᠯ ᠬᠥᠮᠦᠨ ᠣᠯᠠᠰᠢᠷᠠᠵᠤ᠂ ᠵᠠᠮ ᠲᠦᠭᠵᠢᠷᠡᠭᠡᠳ ᠤᠲᠤᠭ᠎ᠠ ᠮᠠᠨᠠᠨ ᠲᠣᠭᠣᠰᠣᠷᠠᠵᠤ᠂ ᠢᠳᠡᠬᠦ ᠡᠷᠡᠦ ᠠᠰᠢᠭ ᠬᠠᠢᠭᠰᠠᠨ ᠥᠯᠥᠨ ᠨᠢᠳᠦᠳ ᠯᠡ ᠥᠰᠴᠦ ᠨᠡᠮᠡᠭᠳᠡᠵᠦ ᠪᠠᠢᠭ᠎ᠠ᠃ ᠲᠡᠢᠮᠦ ᠡᠴᠡ ᠬᠥᠳᠡᠭᠡ ᠨᠤᠲᠤᠭ ᠤ᠋ᠨ ᠰᠢᠮ᠎ᠡ ᠰᠢᠭᠦᠰᠦ ᠲᠡᠢ ᠴᠡᠪᠡᠷ ᠪᠠᠢᠭᠠᠯᠢᠭ ᠤᠯᠠᠭᠠᠨ ᠴᠠᠭᠠᠨ ᠢᠳᠡᠭᠡᠨ᠂ ᠡᠷᠬᠢᠮᠰᠦᠭ ᠳᠡᠭᠡᠳᠦ ᠠᠷᠠᠰᠤ ᠨᠣᠣᠰᠣᠨ ᠬᠤᠪᠴᠠᠰᠤ ᠡᠳ᠋ᠯᠡᠯ ᠶᠠᠪᠤᠬᠤ ᠳᠣᠳᠣᠮ ᠬᠣᠪᠣᠷ ᠡᠷᠳᠡᠨᠢ ᠪᠣᠯᠵᠤ ᠪᠠᠢᠨ᠎ᠠ᠂ ᠲᠡᠭᠡᠬᠦ ᠳᠣᠳᠣᠮ ᠮᠠᠨ ᠤ᠋ ᠭᠠᠵᠠᠷ ᠨᠤᠲᠤᠭ ᠪᠡᠯᠴᠢᠭᠡᠷ ᠤᠰᠤ ᠠᠯᠲᠠ ᠪᠣᠯᠤᠯ᠎ᠠ ᠭᠡᠰᠡᠨ ᠦᠭᠡ ᠰᠢᠦ! ᠬᠥᠳᠡᠭᠡ ᠨᠤᠲᠤᠭ ᠢ᠋ᠶ᠋ᠠᠨ ᠵᠥᠪ ᠣᠢᠯᠠᠭᠠᠶ᠎ᠠ᠂ ᠪᠡᠯᠴᠢᠭᠡᠷ ᠤᠰᠤ ᠪᠠᠨ ᠥᠮᠴᠢᠯᠡᠵᠦ ᠶᠠᠪᠤᠶ᠎ᠠ ᠮᠠᠯᠴᠢᠨ ᠲᠦᠮᠡᠨ ᠮᠠᠨᠢ! ᠳᠠᠬᠢᠭᠠᠳ ᠬᠡᠯᠡᠪᠡᠯ ᠬᠥᠭᠵᠢᠭᠰᠡᠨ ᠤᠯᠤᠰ ᠤ᠋ᠨ ᠬᠥᠷᠥᠩᠭᠡ ᠲᠡᠢ ᠴᠢᠳᠠᠯ ᠲᠠᠢ ᠬᠡᠮᠡᠬᠦ ᠢᠷᠭᠡᠳ ᠬᠣᠲᠠᠴᠢᠯᠠᠯᠲᠠ ᠶ᠋ᠢᠨ ᠲᠣᠭᠣᠰᠣᠨ ᠠ᠋ᠴᠠ ᠳᠤᠲᠠᠭᠠᠵᠤ ᠨᠠᠮ ᠰᠡᠯᠡᠭᠦᠦ ᠬᠥᠳᠡᠭᠡ ᠨᠤᠲᠤᠭ ᠲᠤ ᠣᠷᠣᠨ ᠰᠠᠭᠤᠴᠠ ᠲᠠᠢ ᠪᠣᠯᠵᠤ ᠮᠣᠷᠢ ᠤᠨᠤᠵᠤ ᠵᠤᠰᠠᠭᠠᠯ ᠤ᠋ᠨ ᠪᠠᠢᠰᠢᠩ ᠳ᠋ᠤ᠌ ᠰᠠᠭᠤᠬᠤ ᠪᠠᠨ ᠳᠡᠯᠡᠬᠡᠢ ᠶ᠋ᠢᠨ ᠨᠢᠭᠡᠳᠦᠭᠡᠷ ᠵᠡᠷᠭᠡᠯᠡᠯ ᠦ᠋ᠨ ᠢᠷᠭᠡᠨ ᠭᠡᠮᠡᠨ ᠦᠵᠡᠬᠦ ᠪᠣᠯᠵᠤ ᠪᠠᠢᠬᠤ ᠥᠨᠥᠳᠥᠷ᠂ ᠪᠢᠳᠡ ᠬᠣᠲᠠ ᠵᠦᠭ ᠰᠢᠭᠤᠷᠠᠭᠠᠳ ᠪᠠᠢᠬᠤ ᠨᠢ ᠴᠠᠭ ᠦᠶ᠎ᠡ ᠶ᠋ᠢᠨ ᠥᠩᠭᠡ ᠳ᠋ᠦ᠍ ᠵᠣᠬᠢᠴᠠᠬᠤ ᠦᠭᠡᠢ ᠰᠢᠦ᠃ 
    (1) ᠪᠡᠯᠴᠢᠭᠡᠷ ᠦ᠋ᠨ ᠮᠠᠯ ᠠᠵᠤ ᠠᠬᠤᠢ ᠶ᠋ᠢᠨ ᠬᠥᠭᠵᠢᠯᠲᠡ ᠶᠡᠬᠡ ᠪᠠᠢᠨ᠎ᠠ᠃ ᠣᠳᠣᠬᠠᠨ ᠤ᠋ ᠦᠢᠯᠡᠳᠬᠦᠨ ᠦ᠌ ᠴᠢᠨᠠᠷ ᠴᠢᠨᠰᠠᠭ᠎ᠠ ᠠ᠋ᠴᠠ ᠦᠵᠡᠪᠡᠯ ᠪᠡᠯᠴᠢᠭᠡᠷ ᠦ᠋ᠨ ᠮᠠᠯ ᠠᠵᠤ ᠠᠬᠤᠢ ᠶ᠋ᠢᠨ ᠴᠢᠨᠠᠷ ᠪᠣᠯᠤᠨ ᠲᠡᠵᠢᠭᠡᠵᠦ ᠲᠠᠷᠭᠤᠯᠠᠭᠤᠯᠤᠭᠰᠠᠨ ᠮᠠᠯ ᠤ᠋ᠨ ᠴᠢᠨᠠᠷ ᠨᠢ ᠠᠳᠠᠯᠢ ᠦᠭᠡᠢ᠃ ᠪᠡᠯᠴᠢᠭᠡᠷ ᠦ᠋ᠨ ᠮᠠᠯ ᠣᠯᠠᠨ ᠵᠦᠢᠯ ᠦ᠋ᠨ ᠰᠢᠮ᠎ᠡ ᠰᠠᠢᠲᠠᠢ ᠡᠪᠡᠰᠦ ᠤᠷᠭᠤᠮᠠᠯ ᠢ᠋ᠶ᠋ᠠᠷ ᠲᠡᠵᠢᠭᠡᠯ ᠪᠣᠯᠭᠠᠵᠤ ᠪᠠᠢᠬᠤ ᠳ᠋ᠤ᠌ ᠪᠣᠷᠳᠣᠭᠠᠨ ᠤ᠋ ᠮᠠᠯ ᠵᠥᠪᠬᠡᠨ ᠨᠣᠭᠣᠭᠠᠨ ᠳᠠᠷᠤᠰᠢ᠂ ᠰᠢᠰᠢ ᠶ᠋ᠢᠨ ᠭᠤᠯᠢᠷ᠂ ᠴᠠᠷᠳᠠᠭᠤᠯ ᠵᠡᠷᠭᠡ ᠪᠡᠷ ᠲᠡᠵᠢᠭᠡᠯ ᠪᠣᠯᠭᠠᠵᠤ ᠪᠠᠢᠳᠠᠭ᠃ ᠡᠨᠡᠬᠦ ᠪᠠᠢᠳᠠᠯ ᠢ᠋ ᠮᠡᠳᠡᠭᠰᠡᠨ ᠬᠥᠮᠦᠰ ᠶᠡᠬᠡ ᠦᠨ᠎ᠡ ᠪᠡᠷ ᠪᠡᠯᠴᠢᠭᠡᠷ ᠦ᠋ᠨ ᠮᠠᠯ ᠢ᠋ ᠠᠪᠬᠤ ᠠ᠋ᠴᠠ ᠪᠢᠰᠢ ᠪᠣᠷᠳᠣᠭᠠᠨ ᠤ᠋ ᠮᠠᠯ ᠢ᠋ ᠠᠪᠬᠤ ᠦᠭᠡᠢ ᠶᠦᠮ᠃ ᠡᠢᠮᠦ ᠡᠴᠡ ᠬᠥᠳᠡᠭᠡ ᠨᠤᠲᠤᠭ ᠮᠠᠯᠵᠢᠬᠤ ᠣᠷᠣᠨ ᠳ᠋ᠤ᠌ ᠪᠠᠨ ᠬᠣᠨᠢ ᠦᠬᠡᠷ ᠮᠠᠯᠵᠢᠬᠤ ᠨᠢ ᠬᠣᠲᠠ ᠶ᠋ᠢᠨ ᠲᠡᠭᠦᠷᠭᠡ ᠳ᠋ᠦ᠍ ᠭᠡᠷ ᠲᠦᠷᠢᠶᠡᠰᠦᠯᠡᠨ ᠦᠬᠡᠷ ᠪᠣᠷᠳᠣᠭᠰᠠᠨ ᠠ᠋ᠴᠠ ᠢᠯᠡᠭᠦᠦ ᠵᠠᠬ᠎ᠠ ᠳᠡᠯᠭᠡᠭᠦᠷ ᠡᠵᠡᠯᠡᠬᠦ ᠮᠥᠷᠲᠡᠭᠡᠨ ᠵᠠᠷᠤᠳᠠᠯ ᠮᠥᠩᠭᠥ ᠴᠦ᠍ ᠠᠷᠪᠢᠯᠠᠬᠤ ᠪᠣᠯᠤᠨ᠎ᠠ᠃
    (2) ᠨᠤᠲᠤᠭ ᠤ᠋ᠨ ᠡᠭᠦᠯᠳᠡᠷ ᠢ᠋ᠶ᠋ᠡᠨ ᠦᠷᠡᠵᠢᠭᠦᠯᠬᠦ ᠨᠢ ᠡᠷᠯᠢᠰᠡ ᠪᠤᠶᠤ ᠬᠠᠷᠢ ᠭᠠᠳᠠᠨᠠᠬᠢ ᠡᠭᠦᠯᠳᠡᠷ ᠦᠷᠡᠵᠢᠭᠦᠯᠬᠦ ᠡᠴᠡ ᠠᠰᠢᠭᠲᠠᠢ᠃ ᠣᠷᠣᠨ ᠨᠤᠲᠤᠭ ᠤ᠋ᠨ ᠡᠭᠦᠯᠳᠡᠷ ᠪᠣᠯ ᠬᠦᠢᠲᠡᠨ ᠳ᠋ᠦ᠍ ᠳᠠᠭᠠᠭᠠᠴᠠ ᠲᠠᠢ᠂ ᠭᠠᠩ ᠭᠠᠮᠰᠢᠭ ᠲᠤ ᠲᠡᠰᠪᠦᠷᠢ ᠲᠡᠢ ᠪᠡᠷ ᠪᠠᠷᠠᠬᠤ ᠦᠭᠡᠢ ᠨᠤᠲᠤᠭ ᠣᠷᠣᠨ ᠤ᠋ ᠠᠭᠤᠷ ᠠᠮᠢᠰᠬᠤᠯ ᠡᠪᠡᠰᠦ ᠤᠷᠭᠤᠮᠠᠯ ᠳ᠋ᠤ᠌ ᠪᠠᠨ ᠵᠣᠬᠢᠴᠠᠵᠤ᠂ ᠦᠢᠯᠡᠳᠬᠦᠨ ᠨᠢ ᠰᠢᠮ᠎ᠡ ᠲᠡᠵᠢᠭᠡᠯ ᠥᠨᠳᠥᠷ᠂ ᠠᠮᠲᠠ ᠨᠢ ᠰᠠᠢᠬᠠᠨ ᠪᠠᠢᠳᠠᠭ᠃ ᠭᠡᠲᠡᠯ᠎ᠡ ᠠᠯᠠᠭ ᠦᠬᠡᠷ ᠵᠡᠷᠭᠡ ᠭᠠᠳᠠᠨᠠᠬᠢ ᠡᠭᠦᠯᠳᠡᠷ ᠨᠢ ᠵᠣᠬᠢᠴᠠᠯ ᠢ᠋ᠶ᠋ᠠᠷ ᠠᠨᠠᠢ᠂ ᠠᠷᠠᠴᠢᠯᠠᠵᠤ ᠮᠠᠯᠵᠢᠬᠤ ᠳ᠋ᠤ᠌ ᠶᠠᠷᠰᠢᠭ ᠲᠠᠢ᠂ ᠵᠠᠷᠤᠳᠠᠯ ᠶᠡᠬᠡ ᠮᠥᠷᠲᠡᠭᠡᠨ ᠮᠢᠬ᠎ᠠ ᠱᠥᠯᠦᠨ ᠦ᠌ ᠠᠮᠲᠠ ᠰᠢᠮ᠎ᠡ ᠨᠢ ᠠᠨᠠᠢ ᠪᠠᠢᠳᠠᠭ᠃ ᠣᠳᠣ ᠶ᠋ᠢᠨ ᠬᠥᠮᠦᠰ ᠦ᠋ᠨ ᠠᠮᠢᠳᠤᠷᠠᠯ ᠠᠬᠤᠢ ᠳᠡᠭᠡᠭᠰᠢᠯᠡᠬᠦ ᠶ᠋ᠢ ᠳᠠᠭᠠᠯᠳᠤᠨ ᠢᠳᠡᠭᠡᠨ ᠤᠮᠳᠠᠭᠠᠨ ᠤ᠋ ᠱᠠᠭᠠᠷᠳᠠᠯᠭ᠎ᠠ ᠴᠤ᠌ ᠥᠨᠳᠥᠷ ᠪᠣᠯᠵᠤ ᠪᠣᠢ᠃
ᠲᠡᠳᠡ ᠨᠠᠷ ᠶᠠᠪᠤᠬᠤ ᠳᠣᠳᠣᠮ ᠨᠤᠲᠤᠭ ᠤ᠋ᠨ ᠡᠭᠦᠯᠳᠡᠷ ᠦ᠋ᠨ ᠮᠠᠯ ᠠ᠋ᠴᠠ ᠭᠠᠷᠤᠭᠰᠠᠨ ᠦᠢᠯᠡᠳᠬᠦᠨ ᠦ᠌ ᠶᠠᠰᠤ ᠴᠢᠨᠠᠷ ᠢ᠋ ᠮᠡᠳᠡᠵᠦ᠂ ᠲᠡᠭᠦᠨ ᠢ᠋ ᠪᠤᠯᠢᠶᠠᠯᠳᠤᠨ ᠠᠪᠬᠤ ᠪᠣᠯᠤᠭᠰᠠᠨ ᠠ᠋ᠴᠠ ᠵᠠᠬ᠎ᠠ ᠵᠡᠭᠡᠯᠢ ᠳ᠋ᠡᠬᠢ ᠬᠠᠩᠭᠠᠯᠭ᠎ᠠ ᠶᠡᠬᠡᠳᠬᠦ ᠬᠠᠨᠳᠤᠰᠢ ᠲᠠᠢ ᠪᠣᠯᠤᠭᠰᠠᠨ ᠪᠠᠢᠨ᠎ᠠ᠃ ᠡᠢᠮᠦ ᠡᠴᠡ ᠨᠤᠲᠤᠭ ᠤ᠋ᠨ ᠡᠭᠦᠯᠳᠡᠷ ᠢ᠋ᠶ᠋ᠡᠨ ᠮᠠᠯᠵᠢᠬᠤ ᠨᠢ ᠠᠰᠢᠭᠲᠠᠢ᠃ ᠣᠳᠣ ᠰᠥᠨᠢᠳ ᠬᠣᠨᠢᠨ ᠤ᠋ ᠮᠢᠬ᠎ᠠ ᠨᠢ ᠵᠢᠩ ᠳ᠋ᠦ᠍ ᠪᠡᠨ ᠲᠠᠪᠢᠨ ᠲᠥᠭᠥᠷᠢᠭ ᠲᠦ ᠣᠢᠷᠠᠲᠤᠵᠤ ᠪᠠᠢᠬᠤ ᠳ᠋ᠤ᠌ ᠪᠣᠷᠳᠣᠭᠰᠠᠨ ᠬᠣᠨᠢᠨ ᠤ᠋ ᠮᠢᠬ᠎ᠠ ᠬᠣᠷᠢᠭᠠᠳ ᠯᠠ ᠲᠦᠭᠦᠷᠡᠭ ᠲᠦ ᠬᠦᠷᠴᠦ ᠪᠠᠢᠨ᠎ᠠ᠃
     (3) ᠮᠠᠯ ᠤ᠋ᠨ ᠦᠢᠯᠡᠳᠬᠦᠨ ᠦ᠌ ᠴᠢᠨᠠᠷ ᠴᠢᠨᠰᠠᠭ᠎ᠠ ᠬᠡᠷᠡᠭᠴᠡᠭᠡ ᠶ᠋ᠢ ᠣᠢᠯᠠᠭᠠᠬᠤ ᠬᠡᠷᠡᠭᠲᠡᠢ᠃ ᠮᠠᠯᠵᠢᠬᠤ ᠣᠷᠣᠨ ᠤ᠋ ᠬᠥᠮᠦᠰ ᠮᠠᠯ ᠤ᠋ᠨ ᠭᠠᠷᠤᠯᠲᠠ ᠪᠠᠨ ᠡᠳ᠋ᠰᠢᠭᠦᠯᠵᠦ ᠪᠣᠯᠪᠠᠰᠤᠷᠠᠭᠤᠯᠬᠤ ᠦᠭᠡᠢ ᠪᠡᠷ ᠵᠠᠬ᠎ᠠ ᠵᠡᠭᠡᠯᠢ ᠳ᠋ᠦ᠍ ᠭᠠᠷᠭᠠᠳᠠᠭ᠃ ᠲᠡᠳᠡ ᠨᠠᠷ ᠤ᠋ᠨ ᠪᠣᠷᠣᠯᠠᠭᠤᠯᠤᠯᠲᠠ ᠨᠢ ᠶᠠᠪᠤᠭᠤᠯ ᠮᠠᠢᠮᠠᠢᠴᠢᠨ ᠢ᠋ ᠲᠦᠰᠢᠭᠯᠡᠳᠡᠭ᠃ ᠡᠢᠮᠦ ᠡᠴᠡ ᠨᠢᠭᠡ ᠯᠣᠩᠬᠣ ᠰᠠᠪᠠᠯᠠᠭᠰᠠᠨ ᠤᠰᠤ ᠬᠣᠶᠠᠷ ᠲᠥᠭᠥᠷᠢᠭ ᠬᠦᠷᠴᠦ ᠪᠠᠢᠬᠤ ᠳ᠋ᠤ᠌ ᠬᠠᠷᠢᠨ ᠨᠢᠭᠡ ᠵᠢᠩ ᠦᠨᠢᠶᠡᠨ ᠰᠦ ᠵᠥᠪᠬᠡᠨ ᠨᠢᠭᠡ ᠲᠥᠭᠥᠷᠢᠭ ᠭᠠᠷᠤᠢᠬᠠᠨ ᠯᠠ ᠪᠠᠢᠳᠠᠭ᠃ ᠬᠡᠷᠪᠡ ᠪᠢᠳᠡ ᠥᠪᠡᠷ ᠦ᠋ᠨ ᠡᠵᠡᠩᠨᠡᠵᠦ ᠪᠠᠢᠭ᠎ᠠ ᠮᠠᠯ ᠠᠵᠤ ᠠᠬᠤᠢ ᠶ᠋ᠢᠨ ᠡᠯ᠎ᠡ ᠵᠦᠢᠯ ᠦ᠋ᠨ ᠭᠠᠷᠤᠯᠲᠠ ᠪᠠᠨ ᠡᠳ᠋ᠰᠢᠭᠦᠯᠵᠦ᠂ ᠪᠣᠯᠪᠠᠰᠤᠷᠠᠭᠤᠯᠤᠭᠠᠳ ᠵᠠᠬ᠎ᠠ ᠵᠡᠭᠡᠯᠢ ᠳ᠋ᠦ᠍ ᠭᠠᠷᠭᠠᠬᠤ ᠳ᠋ᠤ᠌ ᠬᠦᠷᠪᠡᠯ ᠮᠠᠨ ᠤ᠋ ᠣᠷᠣᠯᠭ᠎ᠠ ᠠᠮᠢᠳᠤᠷᠠᠯ ᠠᠬᠤᠢ ᠶᠠᠮᠠᠷ ᠪᠣᠯᠳᠠᠭ ᠪᠣᠯ? ᠨᠢᠭᠡ ᠬᠡᠰᠡᠭ ᠬᠣᠨᠢᠨ ᠠᠷᠠᠰᠤ ᠵᠢᠷᠠᠨ ᠲᠥᠭᠥᠷᠢᠭ᠂ ᠭᠡᠲᠡᠯ᠎ᠡ ᠠᠯᠠᠭᠠᠨ ᠴᠢᠨᠡᠭᠡᠨ ᠬᠣᠨᠢᠨ ᠠᠷᠠᠰᠤ ᠪᠠᠷ ᠬᠢᠭᠰᠡᠨ ᠪᠣᠭᠴᠣ ᠵᠢᠷᠭᠤᠭᠠᠨ ᠵᠠᠭᠤᠨ ᠲᠥᠭᠥᠷᠢᠭ᠂ ᠨᠢᠭᠡ ᠬᠣᠨᠢᠨ ᠠᠷᠠᠰᠤ ᠪᠠᠷ ᠲᠤᠩ ᠣᠯᠠᠨ ᠪᠣᠭᠴᠣ ᠦᠢᠯᠡᠳᠪᠦᠷᠢᠯᠡᠵᠦ ᠪᠣᠯᠤᠨ᠎ᠠ᠃ ᠨᠢᠭᠡ ᠦᠬᠡᠷ ᠦ᠋ᠨ ᠠᠷᠠᠰᠤ ᠭᠤᠷᠪᠠᠨ ᠵᠠᠭᠤᠨ ᠲᠥᠭᠥᠷᠢᠭ᠂ ᠭᠡᠲᠡᠯ᠎ᠡ ᠡᠳ᠋ᠰᠢᠭᠦᠯᠵᠦ ᠪᠣᠯᠪᠠᠰᠤᠷᠠᠭᠤᠯᠤᠭᠰᠠᠨ ᠠᠷᠠᠰᠤᠨ ᠱᠠᠬᠠᠢ ᠬᠡᠳᠦᠨ ᠵᠠᠭᠤ ᠠ᠋ᠴᠠ ᠬᠡᠳᠦᠨ ᠮᠢᠩᠭᠠᠨ ᠲᠥᠭᠥᠷᠢᠭ᠂ ᠨᠢᠭᠡ ᠦᠬᠡᠷ ᠦ᠋ᠨ ᠠᠷᠠᠰᠤ ᠪᠠᠷ ᠬᠡᠴᠢᠨᠡᠨ ᠵᠦᠢᠷᠡᠢ ᠱᠠᠬᠠᠢ ᠬᠢᠵᠦ ᠳᠡᠢᠯᠦᠨ᠎ᠡ᠃ ᠢᠩᠭᠢᠵᠦ ᠪᠣᠳᠣᠪᠠᠯ ᠭᠠᠷᠤᠯᠲᠠ ᠪᠠᠨ ᠲᠦᠭᠦᠬᠡᠢ ᠪᠡᠷ ᠨᠢ ᠪᠣᠷᠣᠯᠠᠭᠤᠯᠬᠤ ᠪᠣᠯᠤᠨ ᠡᠳ᠋ᠰᠢᠭᠦᠯᠵᠦ ᠪᠣᠯᠪᠠᠰᠤᠷᠠᠭᠤᠯᠬᠤ ᠶ᠋ᠢᠨ ᠣᠯᠵᠠ ᠠᠰᠢᠭ ᠤ᠋ᠨ ᠵᠦᠷᠢᠶᠡᠨ ᠢ᠋ ᠠᠮᠠᠷᠬᠠᠨ ᠦᠵᠡᠵᠦ ᠭᠠᠷᠬᠤ ᠶᠤᠮ᠃ ᠬᠣᠲᠠ ᠬᠥᠳᠡᠭᠡ ᠶ᠋ᠢ ᠬᠣᠯᠪᠣᠭᠰᠠᠨ᠂ ᠠᠵᠤ ᠠᠬᠤᠢᠯᠠᠯ ᠲᠠᠢ ᠬᠣᠷᠰᠢᠭᠰᠠᠨ᠂ ᠮᠠᠯ ᠤ᠋ᠨ ᠭᠠᠷᠤᠯᠲᠠ ᠪᠠᠨ ᠡᠳ᠋ᠰᠢᠭᠦᠯᠵᠦ ᠪᠣᠯᠪᠠᠰᠤᠷᠠᠭᠤᠯᠵᠤ᠂ ᠪᠣᠷᠣᠯᠠᠭᠤᠯᠬᠤ ᠴᠢᠭ ᠪᠠᠢᠭᠤᠯᠪᠠᠯ ᠶᠠᠮᠠᠷ ᠪᠣᠢ? ᠭᠡᠵᠦ ᠵᠥᠪᠯᠡᠮᠡᠷ ᠪᠠᠢᠨ᠎ᠠ᠃
    ᠤᠯᠠᠨ ᠤ ᠮᠡᠳᠡᠵᠢ ᠪᠡᠷ ᠣᠳᠣᠬᠠᠨ ᠳ᠋ᠤ᠌ ᠥᠪᠥᠷ ᠮᠣᠩᠭᠣᠯ ᠣᠷᠣᠨ ᠤ᠋ ᠳᠡᠯᠡᠬᠡᠢ ᠶ᠋ᠢᠨ ᠨᠡᠷᠡᠲᠦ ᠲᠡᠮᠳᠡᠭ ᠢ᠋ ᠡᠭᠦᠳᠦᠭᠰᠡᠨ ᠣᠯᠵᠠ ᠠᠰᠢᠭ ᠢ᠋ᠶ᠋ᠠᠷ ᠬᠠᠮᠤᠭ ᠤ᠋ᠨ ᠥᠨᠳᠥᠷ᠂ ᠬᠠᠮᠤᠭ ᠤ᠋ᠨ ᠬᠥᠭᠵᠢᠶᠡᠨᠲᠡᠢ᠂ ᠬᠠᠮᠤᠭ ᠤ᠋ᠨ ᠶᠡᠬᠡ ᠬᠡᠪᠴᠢᠶᠡᠨ ᠦ᠌ ᠵᠠᠬ᠎ᠠ ᠳᠡᠯᠭᠡᠭᠦᠷ ᠡᠵᠡᠯᠡᠭᠰᠡᠨ ᠠᠵᠤ ᠠᠬᠤᠢᠯᠠᠯ ᠤ᠋ᠳ ᠪᠣᠯ ᠪᠦᠷ ᠮᠣᠩᠭᠣᠯ ᠰᠣᠶᠣᠯ ᠪᠤᠶᠤ ᠲᠠᠯ᠎ᠠ ᠨᠤᠲᠤᠭ ᠬᠡᠮᠡᠬᠦ ᠲᠣᠮᠣ ᠰᠣᠶᠣᠯ ᠤ᠋ᠨ ᠲᠡᠮᠳᠡᠭᠲᠦ ᠪᠡᠷ ᠠᠮᠢᠯᠠᠭᠰᠠᠨ ᠮᠠᠯ ᠠᠵᠤ ᠠᠬᠤᠢ ᠶ᠋ᠢᠨ ᠪᠦᠲᠦᠭᠡᠭᠳᠡᠬᠦᠨ ᠨᠦ᠍ᠭᠦᠳ ᠶᠦᠮ᠃ ᠡᠭᠦᠨ ᠳ᠋ᠦ᠍ ᠢ ᠯᠢ᠂ ᠮᠧᠩ ᠨᠢᠦ ᠨᠢ ᠰᠦᠨ ᠦ᠌ ᠠᠵᠤ ᠦᠢᠯᠡᠰ ᠳᠤᠮᠳᠠ ᠳᠡᠯᠡᠬᠡᠢ ᠶ᠋ᠢᠨ ᠲᠣᠮᠣ ᠠᠵᠤ ᠠᠬᠤᠢᠯᠠᠯ ᠤ᠋ᠨ ᠡᠩᠨᠡᠭᠡᠨ ᠳ᠋ᠦ᠍ ᠣᠷᠣᠭᠰᠠᠨ᠂ ᠲᠠᠷᠭᠤᠨ ᠲᠥᠯᠥᠭᠡ ᠬᠠᠯᠠᠭᠤᠨ ᠲᠣᠭᠣᠭ᠎ᠠ ᠣᠬᠣᠷᠬᠠᠨ ᠬᠤᠭᠤᠴᠠᠭᠠᠨ ᠳ᠋ᠤ᠌ ᠣᠯᠠᠨ ᠤᠯᠤᠰ ᠤ᠋ᠨ ᠬᠣᠯᠪᠣᠭᠠᠲᠤ ᠳᠡᠯᠭᠡᠭᠦᠷ ᠲᠡᠢ ᠪᠣᠯᠵᠤ ᠢᠳᠡᠭᠡᠨ ᠦ᠌ ᠠᠵᠤ ᠦᠢᠯᠡᠰ ᠳᠤᠮᠳᠠ ᠳᠡᠯᠡᠬᠡᠢ ᠶ᠋ᠢᠨ ᠡᠮᠦᠨ᠎ᠡ ᠡᠩᠨᠡᠭᠡᠨ ᠳ᠋ᠦ᠍ ᠣᠷᠣᠭᠰᠠᠨ᠃ ᠤᠯᠠᠭᠠᠨᠴᠠᠪ ᠤ᠋ᠨ ᠵᠢᠨᠢᠩ ᠬᠣᠲᠠ ᠣᠯᠠᠨ ᠤᠯᠤᠰ ᠤ᠋ᠨ ᠠᠷᠠᠰᠤᠨ ᠡᠳ᠋ᠯᠡᠯ ᠦ᠋ᠨ ᠬᠣᠲᠠ ᠪᠠᠢᠭᠤᠯᠵᠤ ᠪᠠᠢᠭ᠎ᠠ᠂ ᠣᠷᠳᠣᠰ ᠤ᠋ᠨ ᠢᠮᠠᠭᠠᠨ ᠨᠣᠯᠤᠤᠷ ᠴᠤ᠌ ᠮᠠᠯ ᠤ᠋ᠨ ᠪᠦᠲᠦᠭᠡᠭᠳᠡᠬᠦᠨ᠂ ᠰᠢᠩ ᠹᠠ ᠪᠦᠯᠦᠭᠯᠡᠯ ᠨᠢ ᠴᠦ᠍ ᠮᠠᠯ ᠤ᠋ᠨ ᠮᠢᠬ᠎ᠠ᠂ ᠬᠠᠮᠤᠭ ᠤ᠋ᠨ ᠨᠠᠭᠠᠳᠤ ᠵᠠᠬ᠎ᠠ ᠨᠢ ᠵᠢᠭᠤᠴᠢᠯᠠᠯ ᠤ᠋ᠨ ᠦᠢᠯᠡᠰ ᠨᠢ ᠴᠦ᠍ ᠭᠡᠳ ᠪᠦᠷ ᠮᠣᠩᠭᠣᠯ ᠰᠣᠶᠣᠯ ᠤ᠋ᠨ ᠲᠤᠭ ᠲᠡᠮᠳᠡᠭ ᠢ᠋ ᠡᠷᠭᠦᠵᠦ ᠶᠠᠪᠤᠭ᠎ᠠ᠂ ᠬᠥᠬᠡᠬᠣᠲᠠ ᠶᠠᠮᠠᠷ ᠣᠨᠴᠠᠯᠢᠭ ᠢ᠋ᠶ᠋ᠠᠷ ᠢ᠋ᠶ᠋ᠠᠨ ᠪᠤᠰᠤᠳ ᠮᠣᠵᠢ ᠶ᠋ᠢᠨ ᠳᠡᠰ ᠦ᠋ᠨ ᠬᠣᠲᠠ ᠠ᠋ᠴᠠ ᠢᠯᠭᠠᠷᠠᠵᠤ ᠪᠠᠢᠭ᠎ᠠ ᠪᠣᠢ ᠭᠡᠪᠡᠯ ᠮᠣᠩᠭᠣᠯ ᠦᠰᠦᠭ ᠪᠢᠴᠢᠭ ᠲᠡᠢ ᠫᠠᠢᠰᠠ ᠢᠯᠡᠷᠬᠡᠢᠯᠡᠯ ᠪᠣᠯᠤᠨ ᠮᠣᠩᠭᠣᠯ ᠬᠡ ᠤᠭᠠᠯᠵᠠ ᠵᠠᠰᠠᠯ ᠴᠢᠮᠡᠭᠯᠡᠯ ᠲᠡᠢ ᠠᠰᠠᠷ ᠪᠠᠷᠢᠯᠭ᠎ᠠ ᠪᠠᠷ ᠢ᠋ᠶ᠋ᠠᠨ ᠥᠭᠡᠷ᠎ᠡ ᠨᠢᠭᠡᠨ ᠰᠣᠶᠣᠯ ᠤ᠋ᠨ ᠠᠭᠠᠷ ᠢ᠋ ᠡᠷᠭᠦᠵᠦ ᠪᠠᠢᠭ᠎ᠠ᠃ ᠬᠠᠮᠤᠭ ᠤ᠋ᠨ ᠬᠠᠷᠠᠮᠰᠠᠯᠲᠠᠢ ᠨᠢ ᠭᠡᠪᠡᠯ ᠡᠵᠡᠳ ᠨᠢ ᠂ ᠡᠵᠡᠩᠨᠡᠵᠦ ᠪᠠᠢᠭ᠎ᠠ ᠨᠢ᠂ ᠠᠰᠢᠭ ᠣᠯᠵᠠ ᠬᠦᠷᠲᠡᠵᠦ ᠪᠠᠢᠭ᠎ᠠ ᠨᠢ ᠮᠠᠯᠴᠢᠳ ᠪᠢᠰᠢ ᠶᠦᠮ᠂ ᠲᠡᠳᠡ ᠮᠠᠯᠴᠢᠳ ᠤ᠋ᠨ ᠦᠢᠯᠡᠳᠪᠦᠷᠢᠯᠡᠭᠰᠡᠨ ᠮᠠᠯ᠂ ᠠᠷᠠᠰᠤ ᠨᠣᠣᠰᠣ᠂ ᠰᠦ ᠵᠡᠷᠭᠡ ᠶ᠋ᠢ ᠲᠤᠢᠯ ᠤ᠋ᠨ ᠬᠢᠮᠳᠠ ᠦᠨ᠎ᠡ ᠪᠡᠷ ᠠᠪᠠᠴᠢᠨ ᠠᠰᠢᠭ ᠣᠯᠵᠤ ᠪᠣᠢ᠃ ᠪᠢᠳᠡ ᠬᠥᠳᠡᠭᠡ ᠨᠤᠲᠤᠭ ᠲᠤ ᠪᠠᠨ ᠬᠣᠶᠠᠳᠤᠭᠠᠷ ᠠᠵᠢᠯ ᠦᠢᠯᠡᠰ ᠡᠷᠬᠢᠯᠡᠵᠦ ᠮᠠᠯ ᠤ᠋ᠨ ᠭᠠᠷᠤᠯᠲᠠ ᠪᠠᠨ ᠬᠠᠭᠠᠰ ᠢ᠋ ᠨᠢ ᠡᠳ᠋ᠰᠢᠭᠦᠯᠵᠦ ᠪᠣᠯᠪᠠᠰᠤᠷᠠᠭᠤᠯᠤᠭᠠᠳ ᠪᠣᠷᠣᠯᠠᠭᠤᠯᠤᠭᠰᠠᠨ ᠴᠤ ᠣᠯᠵᠠ ᠠᠰᠢᠭ ᠬᠡᠳᠦᠨ ᠳᠠᠬᠢᠨ ᠨᠡᠮᠡᠭᠳᠡᠬᠦ ᠪᠣᠯᠤᠨ᠎ᠠ᠃ ᠡᠢᠮᠦ ᠡᠴᠡ ᠬᠥᠳᠡᠭᠡ ᠨᠤᠲᠤᠭ ᠲᠤ ᠪᠠᠨ ᠴᠤ ᠠᠳᠠᠯᠢᠬᠠᠨ ᠦᠢᠯᠡᠰ ᠪᠤᠰᠬᠠᠵᠤ ᠪᠣᠯᠤᠨ᠎ᠠ᠃ ᠶᠠᠫᠣᠨ ᠳ᠋ᠤ᠌ ᠰᠤᠷᠤᠯᠴᠠᠭᠠᠳ ᠠᠵᠤ ᠠᠬᠤᠢ ᠶ᠋ᠢᠨ ᠤᠬᠠᠭᠠᠨ ᠤ᠋ ᠳ᠋ᠣᠺᠡᠲ᠋ᠣᠷᠠᠨᠲ ᠤ᠋ᠨ ᠴᠣᠯᠠ ᠠᠪᠤᠭᠰᠠᠨ ᠠᠷᠤ ᠬᠣᠷᠴᠢᠨ ᠤ᠋ ᠵᠠᠯᠠᠭᠤ ᠥᠯᠵᠡᠢᠰᠠᠩ ᠨᠤᠲᠤᠭ ᠲᠤ ᠪᠠᠨ ᠬᠠᠷᠢᠵᠤ ᠢᠷᠡᠭᠡᠳ ᠮᠠᠯᠴᠢᠨ ᠢ᠋ᠶ᠋ᠠᠨ ᠳᠠᠭᠠᠭᠤᠯᠤᠨ ᠬᠣᠷᠰᠢᠶᠠᠵᠢᠯ ᠪᠠᠢᠭᠤᠯᠤᠭᠠᠳ ᠬᠤᠷᠠᠭ᠎ᠠ ᠪᠣᠷᠳᠣᠬᠤ ᠰᠠᠭᠤᠷᠢᠨ ᠪᠦᠲᠦᠭᠡᠨ ᠪᠠᠢᠭᠤᠯᠵᠤ ᠪᠠᠢᠨ᠎ᠠ᠃ ᠲᠡᠳᠡ ᠬᠣᠨᠢᠨ ᠤ᠋ ᠪᠣᠷᠳᠣᠭ᠎ᠠ ᠪᠠᠨ ᠥᠪᠡᠷᠰᠡᠳ ᠢ᠋ᠶ᠋ᠡᠨ ᠦᠢᠯᠡᠳᠪᠦᠷᠢᠯᠡᠵᠦ ᠪᠠᠢᠭ᠎ᠠ᠂ ᠬᠣᠨᠢᠨ ᠤ᠋ ᠬᠥᠷᠵᠡᠩ ᠰᠢᠭᠡᠭ ᠢ᠋ᠶ᠋ᠡᠷ ᠣᠷᠭᠠᠨᠢᠭ ᠪᠣᠷᠳᠣᠭᠤᠷ ᠬᠡᠷᠡᠭᠯᠡᠬᠦ ᠦᠭᠡᠢ ᠪᠣᠯᠵᠤ᠂ ᠴᠢᠨᠠᠷ ᠰᠢᠮ᠎ᠡ ᠰᠠᠢᠲᠠᠢ ᠨᠣᠭᠣᠭᠠᠨ ᠳᠠᠷᠤᠰᠢ ᠬᠢᠵᠦ ᠪᠠᠢᠨ᠎ᠠ ᠭᠡᠨ᠎ᠡ᠃ ᠣᠷᠭᠠᠨᠢᠭ ᠪᠣᠷᠳᠣᠭᠤᠷ ᠲᠠᠢ ᠪᠣᠯᠪᠠᠯ ᠬᠢᠮᠢ ᠶ᠋ᠢᠨ ᠪᠣᠷᠳᠣᠭᠤᠷ ᠬᠡᠷᠡᠭᠯᠡᠬᠦ ᠦᠭᠡᠢ ᠪᠣᠯᠵᠤ᠂ ᠴᠢᠨᠠᠷ ᠰᠢᠮ᠎ᠡ ᠰᠠᠢᠲᠠᠢ ᠨᠣᠭᠣᠭᠠᠨ ᠳᠠᠷᠤᠰᠢ ᠲᠠᠢ ᠪᠣᠯᠤᠨ᠎ᠠ᠃ ᠥᠯᠵᠡᠢᠰᠡᠷᠡᠩ ᠥᠪᠥᠷ ᠮᠣᠩᠭᠣᠯ ᠤ᠋ᠨ ᠪᠡᠯᠴᠢᠭᠡᠷ ᠤᠰᠤ ᠮᠠᠭᠤᠳᠠᠭᠰᠠᠨ ᠭᠠᠵᠠᠷ ᠣᠷᠣᠨ ᠳ᠋ᠤ᠌ ᠠᠮᠲᠠ ᠰᠢᠮ᠎ᠡ ᠲᠡᠢ ᠮᠣᠩᠭᠣᠯ ᠤᠯᠠᠭᠠᠨ ᠢᠳᠡᠭᠡᠨ ᠢ᠋ ᠬᠡᠷᠬᠢᠨ ᠦᠢᠯᠡᠳᠪᠦᠷᠢᠯᠡᠬᠦ ᠲᠤᠬᠠᠢ ᠰᠤᠳᠤᠯᠵᠤ ᠪᠠᠢᠭ᠎ᠠ ᠨᠢ ᠲᠤᠩ ᠶᠡᠬᠡ ᠦᠨ᠎ᠡ ᠴᠠᠨ᠎ᠠ ᠲᠠᠢ ᠠᠵᠢᠯᠯᠠᠭ᠎ᠠ ᠪᠣᠯᠬᠤ ᠶᠤᠮ᠂ ᠨᠡᠩ ᠴᠦ᠍ ᠠᠯᠪᠠᠨ ᠭᠡᠷ ᠲᠤ ᠰᠤᠳᠤᠯᠭᠠᠨ ᠬᠢᠭᠰᠡᠨ ᠦᠭᠡᠢ ᠬᠥᠳᠡᠭᠡ ᠳ᠋ᠦ᠍ ᠪᠡᠨ ᠢᠷᠡᠵᠦ᠂ ᠮᠠᠯᠴᠢᠳ ᠲᠠᠢ ᠪᠠᠨ ᠬᠠᠮᠲᠤ ᠦᠢᠯᠡᠳᠪᠦᠷᠢᠯᠡᠯ ᠰᠤᠳᠤᠯᠭᠠᠨ ᠬᠢᠵᠦ ᠪᠠᠢᠭ᠎ᠠ ᠨᠢ ᠭᠠᠳᠠᠭᠠᠳᠤ ᠳ᠋ᠤ᠌ ᠰᠤᠷᠤᠯᠴᠠᠭᠰᠠᠨ ᠵᠠᠯᠠᠭᠤᠴᠤᠳ ᠲᠤ ᠳᠠᠭᠤᠷᠢᠶᠠᠯ ᠪᠣᠯᠵᠤ ᠪᠠᠢᠨ᠎ᠠ᠃
   ᠮᠠᠯ ᠠᠵᠤ ᠠᠬᠤᠢ ᠪᠠᠨ ᠡᠵᠡᠩᠨᠡᠵᠦ ᠬᠥᠳᠡᠭᠡ ᠨᠤᠲᠤᠭ ᠲᠤ ᠪᠠᠨ ᠦᠢᠯᠡᠰ ᠪᠤᠰᠬᠠᠬᠤ ᠳ᠋ᠤ᠌ ᠨᠤᠲᠤᠭ ᠪᠡᠯᠴᠢᠭᠡᠷ ᠢ᠋ᠶ᠋ᠡᠨ ᠬᠠᠮᠠᠭᠠᠯᠠᠬᠤ ᠬᠡᠷᠡᠭᠲᠡᠢ᠃ ᠥᠪᠡᠷ ᠦ᠋ᠨ ᠨᠤᠲᠤᠭ ᠤᠰᠤ ᠭᠠᠵᠠᠷ ᠰᠢᠷᠣᠢ ᠳ᠋ᠤ᠌ ᠪᠠᠨ ᠡᠵᠡᠨ ᠨᠢ ᠪᠣᠯᠬᠤ ᠬᠡᠷᠡᠭᠲᠡᠢ᠃ ᠬᠥᠮᠦᠨ ᠪᠦᠬᠦᠨ ᠳ᠋ᠦ᠍ ᠡᠵᠡᠨ ᠬᠥᠮᠦᠨ ᠦ᠌ ᠬᠠᠷᠢᠭᠤᠴᠠᠯᠭ᠎ᠠ ᠡᠷᠬᠡ ᠮᠠᠲᠠᠯ ᠪᠠᠢᠬᠤ ᠶᠣᠰᠣᠲᠠᠢ᠃ ᠡᠨᠡ ᠬᠦ᠌ ᠡᠷᠬᠡ ᠮᠠᠲᠠᠯ ᠡᠭᠦᠷᠭᠡ ᠬᠠᠷᠢᠭᠤᠴᠠᠯᠭ᠎ᠠ ᠪᠠᠨ ᠤᠯᠤᠰ ᠤ᠋ᠨ ᠬᠠᠤᠯᠢ ᠳᠦᠷᠢᠮ ᠢ᠋ᠶ᠋ᠡᠷ ᠪᠠᠲᠤᠯᠠᠵᠤ ᠬᠠᠮᠠᠭᠠᠯᠠᠬᠤ ᠬᠡᠷᠡᠭᠲᠡᠢ ᠭᠡᠳᠡᠭ ᠢ᠋ ᠳᠠᠬᠢᠨ ᠳᠠᠪᠲᠠᠨ ᠰᠠᠨᠠᠭᠤᠯᠤᠶ᠎ᠠ᠃

       ᠬᠣᠶᠠᠷ· ᠨᠡᠢᠭᠡᠮ ᠦ᠋ᠨ ᠬᠥᠭᠵᠢᠯᠲᠡ ᠳᠤᠮᠳᠠ ᠠ᠋ᠴᠠ ᠥᠪᠡᠷ ᠢ᠋ ᠪᠡᠨ ᠣᠢᠯᠠᠭᠠᠶ᠎ᠠ

    ᠥᠨᠥᠳᠥᠷ ᠦ᠋ᠨ ᠨᠡᠢᠭᠡᠮ ᠦᠨᠡᠬᠡᠷ ᠬᠥᠭᠵᠢᠯᠲᠡ ᠲᠦᠷᠭᠡᠨ ᠪᠠᠢᠭ᠎ᠠ᠃ ᠬᠥᠭᠵᠢᠯᠲᠡ ᠪᠣᠯ ᠶᠡᠬᠡ ᠬᠠᠨᠳᠤᠰᠢ ᠶᠤᠮ ᠭᠡᠳᠡᠭ ᠢ᠋ᠶ᠋ᠡᠷ ᠰᠤᠷᠠᠭ ᠵᠠᠩᠭᠢ ᠲᠦᠭᠡᠮᠡᠯᠵᠢᠭᠰᠡᠨ᠂ ᠵᠠᠭᠤᠴᠢ ᠬᠣᠯᠪᠣᠭ᠎ᠠ ᠳᠥᠭᠥᠮ ᠪᠣᠯᠤᠭᠰᠠᠨ᠂ ᠵᠠᠮ ᠨᠡᠪᠲᠡᠷᠡᠭᠦᠯᠭᠡ ᠲᠣᠩ ᠬᠥᠭᠵᠢᠭᠰᠡᠨ᠂ ᠮᠠᠰᠢᠨ ᠤᠨᠤᠭ᠎ᠠ ᠠᠷᠪᠢᠳᠤᠭᠰᠠᠨ᠂ ᠡᠳ᠋ ᠪᠣᠳᠠᠰ ᠶᠡᠬᠡ ᠡᠯᠪᠡᠭ ᠪᠣᠯᠵᠤ᠂ ᠬᠣᠲᠠ ᠬᠥᠳᠡᠭᠡ ᠶᠡᠬᠡ ᠣᠶ᠋ᠢᠷᠠᠲᠤᠭᠰᠠᠨ᠂ ᠡᠨᠡ ᠪᠣᠯ ᠨᠡᠶ᠋ᠢᠭᠡᠮ ᠦ᠋ᠨ ᠬᠥᠭᠵᠢᠯᠲᠡ ᠡᠴᠡ ᠪᠣᠯᠤᠭᠰᠠᠨ ᠳᠠᠪᠠᠭᠤᠯᠢᠭ ᠲᠠᠯ᠎ᠠ ᠶᠤᠮ᠃ ᠡᠭᠦᠨ ᠳᠤ ᠪᠢᠳᠡ ᠳᠡᠭᠡᠷ᠎ᠡ ᠬᠡᠯᠡᠭᠰᠡᠨ ᠮᠡᠲᠦ ᠪᠡᠷ ᠬᠣᠲᠠ ᠭᠡᠳᠡᠭ ᠶᠠᠭᠤᠮ᠎ᠠ ᠶ᠋ᠢ ᠵᠥᠪ ᠶ᠋ᠢᠡᠷ ᠣᠶ᠋ᠢᠯᠠᠭᠠᠬᠤ ᠬᠡᠷᠡᠭᠲᠡᠢ᠃ ᠨᠢᠭᠡ ᠪᠣᠳᠣᠪᠠᠯ ᠬᠣᠲᠠ ᠭᠡᠳᠡᠭ ᠨᠢ ᠶᠠᠭᠤ ᠴᠤ᠌ ᠪᠦᠷ ᠪᠠᠶ᠋ᠢᠬᠤ ᠰᠢᠬ ᠬᠠᠮᠢᠭ᠎ᠠ ᠨᠢ ᠴᠦ᠍ ᠪᠣᠯᠪᠠᠴᠤ ᠳᠡᠯᠭᠡᠭᠦᠷ ᠬᠤᠳᠠᠯᠳᠤᠭ᠎ᠠ ᠳᠦᠭᠦᠷᠦᠭᠡᠳ ᠬᠥᠮᠦᠨ ᠬᠠᠷ᠎ᠠ ᠦᠢᠮᠡᠵᠦ ᠶᠡᠬᠡᠯ᠎ᠡ ᠬᠥᠭᠵᠢᠶᠡᠨᠲᠡᠢ ᠪᠠᠶ᠋ᠢᠳᠠᠭ᠃ ᠭᠡᠪᠡᠴᠦ ᠪᠠᠰᠠ ᠨᠢᠭᠡ ᠪᠣᠳᠣᠪᠠᠯ ᠬᠣᠲᠠ ᠭᠡᠵᠦ ᠦᠨᠡᠨ ᠳᠤ ᠪᠡᠨ ᠶᠠᠭᠤ ᠴᠤ᠌ ᠦᠭᠡᠢ᠂ ᠬᠠᠷᠢᠨ ᠬᠥᠳᠡᠭᠡ ᠪᠠᠶ᠋ᠢᠭ᠎ᠠ ᠵᠦᠢᠯᠡᠰ ᠊ᠢ ᠬᠣᠲᠠ ᠳᠤ ᠠᠪᠠᠴᠢᠨ ᠦᠢᠯᠡᠳᠪᠦᠷᠢᠯᠡᠨ᠂ ᠪᠣᠭᠣᠳᠠᠯᠯᠠᠵᠤ ᠰᠠᠪᠠᠯᠠᠨ ᠪᠣᠷᠣᠯᠠᠭᠤᠯᠵᠤ ᠪᠠᠶ᠋ᠢᠭ᠎ᠠ ᠲᠡᠳᠦᠢ ᠶᠤᠮ᠃ ᠡᠶ᠋ᠢᠮᠦ ᠡᠴᠡ ᠮᠠᠨ ‍ᠤ ᠡᠵᠡᠩᠨᠡᠵᠦ ᠰᠤᠷᠤᠭᠰᠠᠨ ᠮᠠᠯ ᠠᠵᠤ ᠠᠬᠤᠢ ᠪᠠᠨ ᠰᠠᠶ᠋ᠢᠲᠤᠷ ᠡᠵᠡᠩᠨᠡᠵᠦ ᠥᠪᠡᠷ ᠦ᠋ᠨ ᠬᠥᠳᠡᠭᠡ ᠪᠠᠶ᠋ᠢᠭ᠎ᠠ ᠪᠦᠬᠦ ᠶᠠᠭᠤᠮ᠎ᠠ ᠪᠠᠨ ᠵᠥᠪ ᠠᠰᠢᠬᠯᠠᠵᠤ ᠡᠳ᠋ᠰᠢᠭᠦᠯᠵᠦ ᠴᠢᠳᠠᠪᠠᠯ ᠪᠢᠳᠡ ᠬᠥᠳᠡᠭᠡ ᠡᠴᠡ ᠪᠡᠨ ᠬᠣᠲᠠ ᠶ᠋ᠢᠨ ᠵᠠᠬ᠎ᠠ ᠶ᠋ᠢ ᠴᠤ᠌ ᠡᠵᠡᠮᠰᠢᠵᠦ ᠴᠢᠳᠠᠨ᠎ᠠ᠃ ᠡᠶ᠋ᠢᠮᠦ ᠡᠴᠡ ᠮᠠᠨ ᠳᠤ ᠳᠤᠲᠠᠭᠳᠠᠵᠤ ᠪᠠᠶ᠋ᠢᠬᠤ ᠮᠥᠷᠲᠡᠭᠡᠨ ᠪᠠᠴᠢᠮ ᠱᠠᠭᠠᠷᠳᠠᠵᠤ ᠪᠠᠶ᠋ᠢᠭ᠎ᠠ ᠨᠢ ᠬᠣᠲᠠᠴᠢᠯᠠᠬᠤ ᠠᠰᠠᠭᠤᠳᠠᠯ ᠪᠢᠰᠢ ᠬᠠᠷᠢᠨ ᠬᠡᠪ ᠴᠢᠨᠠᠷ ᠶᠤᠮ᠃ ᠡᠭᠦᠨ ᠳᠤ ᠲᠣᠮᠣ ᠬᠥᠮᠦᠨ ᠴᠦ᠍ ᠠᠳᠠᠯᠢᠬᠠᠨ ᠨᠣᠮ ᠰᠣᠨᠢᠨ ᠢᠯᠡᠭᠦᠬᠡᠨ ᠤᠩᠰᠢᠬᠤ ᠬᠡᠷᠡᠭᠲᠡᠢ᠃ ᠬᠣᠷᠰᠢᠶᠠᠵᠢᠯ ᠪᠠᠶ᠋ᠢᠭᠤᠯᠬᠤ ᠠᠵᠤ ᠠᠬᠤᠶ᠋ᠢᠯᠠᠯ ᠲᠠᠢ ᠬᠠᠮᠵᠢᠯᠴᠠᠬᠤ ᠬᠡᠷᠡᠭᠲᠡᠢ᠃
   ᠣᠷᠳᠣᠰ ᠲᠤ ᠨᠢᠭᠡ ᠮᠠᠯᠴᠢᠨ ‍ᠤ ᠨᠤᠲᠤᠭ ᠪᠡᠯᠴᠢᠭᠡᠷ ᠳᠡᠭᠡᠷ᠎ᠡ ᠨᠢ ᠠᠭᠤᠷᠬᠠᠢ ᠮᠠᠯᠲᠠᠬᠤ ᠪᠣᠯᠤᠭᠰᠠᠨ ᠭᠡᠨ᠎ᠡ᠃ ᠠᠭᠤᠷᠬᠠᠢ ᠶ᠋ᠢᠨ ᠡᠵᠡᠨ ᠨᠢ ᠲᠡᠭᠦᠨ ᠳᠤ ᠬᠡᠳᠦᠨ ᠵᠠᠭᠤᠨ ᠲᠦᠮᠡᠨ ᠲᠥᠭᠥᠷᠢᠭ ᠥᠭᠬᠦ ᠭᠡᠰᠡᠨ ᠳᠤ ᠲᠡᠷᠡ ᠠᠪᠤᠭᠰᠠᠨ ᠦᠭᠡᠢ᠂ ᠬᠠᠷᠢᠨ ᠵᠠᠰᠠᠭ ᠦ᠋ᠨ ᠣᠷᠳᠣᠨ ᠬᠠᠤᠯᠢ ᠴᠠᠭᠠᠵᠠ ᠶ᠋ᠢᠨ ᠪᠠᠶ᠋ᠢᠭᠤᠯᠭ᠎ᠠ ᠪᠠᠷ ᠭᠡᠷᠡᠴᠢᠯᠡᠭᠦᠯᠵᠦ᠂ ᠭᠠᠵᠠᠷ ᠨᠤᠲᠤᠭ ᠶ᠋ᠢᠠᠷ ᠶ᠋ᠢᠠᠨ ᠪᠡᠯᠡ ᠣᠷᠣᠭᠤᠯᠤᠯᠲᠠ ᠪᠣᠯᠭᠠᠵᠤ ᠬᠤᠪᠢ ᠣᠷᠣᠭᠰᠠᠨ ᠭᠡᠨ᠎ᠡ᠃ ᠢᠩᠭᠢᠭᠰᠡᠨ ᠡᠴᠡ ᠭᠡᠷ ᠪᠦᠯᠢ ᠶ᠋ᠢᠨ ᠬᠥᠮᠦᠰ ᠲᠤ ᠪᠡᠨ ᠪᠦᠷ ᠲᠣᠬᠢᠷᠠᠭᠰᠠᠨ ᠠᠵᠢᠯ ᠣᠯᠭᠣᠭᠰᠠᠨ ᠶ᠋ᠢᠠᠷ ᠪᠠᠷᠠᠬᠤ ᠦᠭᠡᠢ ᠦᠷ᠎ᠡ ᠬᠡᠦᠬᠡᠳ ᠦ᠋ᠨ  ᠶ᠋ᠢᠡᠨ ᠬᠣᠶ᠋ᠢᠰᠢᠳᠠ ᠶ᠋ᠢᠨ ᠰᠤᠷᠤᠯᠭ᠎ᠠ ᠠᠵᠢᠯ ᠊ᠢ ᠴᠤ᠌ ᠪᠠᠲᠤᠯᠠᠭ᠎ᠠ ᠲᠠᠢ ᠪᠣᠯᠭᠠᠵᠤ᠂ ᠪᠠᠰᠠ ᠠᠭᠤᠷᠬᠠᠢ ᠶ᠋ᠢᠨ ᠭᠠᠷᠤᠯᠲᠠ ᠶ᠋ᠢᠨ ᠬᠡᠮᠵᠢᠶ᠎ᠡ ᠪᠡᠷ ᠵᠢᠯ ᠪᠦᠷᠢ ᠲᠣᠭᠲᠠᠭᠰᠠᠨ ᠣᠷᠣᠯᠭ᠎ᠠ ᠣᠯᠬᠤ ᠪᠣᠯᠤᠭᠰᠠᠨ ᠪᠠᠢᠨ᠎ᠠ᠃ ᠠᠵᠤ ᠠᠬᠤᠢᠯᠠᠯ ᠳ᠋ᠤ᠌ ᠬᠤᠪᠢ ᠣᠷᠣᠭᠤᠯᠬᠤ ᠨᠢ ᠬᠣᠨᠵᠢᠶ᠎ᠠ ᠲᠠᠢ ᠭᠡᠳᠡᠭ ᠢ᠋ ᠡᠭᠦᠨ ᠡᠴᠡ ᠮᠡᠳᠡᠵᠦ ᠪᠣᠯᠤᠨ᠎ᠠ᠃ ᠲᠡᠭᠡᠪᠡᠯ ᠥᠪᠡᠷ ᠢ᠋ ᠪᠡᠨ ᠵᠥᠪ ᠣᠢᠯᠠᠭᠠᠵᠤ ᠥᠪᠡᠷ ᠦ᠋ᠨ ᠡᠵᠡᠮᠰᠢᠭᠰᠡᠨ ᠮᠡᠷᠭᠡᠵᠢᠯ ᠢ᠋ᠶ᠋ᠡᠨ ᠵᠥᠪ ᠠᠰᠢᠭᠯᠠᠵᠤ ᠴᠢᠳᠠᠬᠤ ᠬᠡᠷᠡᠭᠲᠡᠢ᠃ ᠪᠠᠰᠠ ᠥᠪᠡᠷ ᠦ᠋ᠨ ᠮᠡᠳᠡᠳᠡᠭ ᠵᠦᠢᠯ ᠢ᠋ᠶ᠋ᠡᠨ ᠬᠢᠵᠦ ᠲᠠᠸᠠᠷᠴᠢᠯᠠᠬᠤ ᠶ᠋ᠢ ᠰᠤᠷᠬᠤ ᠬᠡᠷᠡᠭᠲᠡᠢ᠃ ᠮᠠᠨ ᠤ᠋ ᠮᠠᠯ ᠤ᠋ᠨ ᠭᠠᠷᠤᠯᠲᠠ ᠪᠣᠯ ᠬᠣᠪᠣᠷ ᠨᠠᠨᠳᠢᠨ ᠦᠢᠯᠡᠳᠬᠦᠨ ᠰᠢᠦ᠃ ᠪᠢᠳᠡ ᠪᠣᠷᠴᠠ ᠪᠠᠨ ᠬᠠᠲᠠᠭᠠᠶ᠎ᠠ᠂ ᠰᠠᠭᠠᠯᠢ ᠶ᠋ᠢᠨ ᠠᠷᠢᠬᠢ ᠪᠠᠨ ᠨᠡᠷᠡᠶ᠎ᠡ᠂ ᠴᠠᠭᠠᠨ ᠢᠳᠡᠭᠡ ᠪᠡᠨ ᠬᠢᠶ᠎ᠡ᠂ ᠭᠠᠷ ᠤᠷᠠᠯᠠᠯ ᠪᠣᠯᠬᠤ ᠬᠤᠪᠴᠠᠰᠤ ᠪᠠᠨ ᠣᠶᠣᠶ᠎ᠠ᠂ ᠪᠦᠬᠦ ᠶᠠᠭᠤᠮ᠎ᠠ ᠪᠠᠨ ᠠᠰᠢᠭᠯᠠᠶ᠎ᠠ᠃ ᠡᠭᠦᠨ ᠢ᠋ᠶ᠋ᠡᠨ ᠵᠠᠬ᠎ᠠ ᠳᠡᠯᠭᠡᠭᠦᠷ ᠲᠤ ᠭᠠᠷᠭᠠᠶ᠎ᠠ᠂ ᠨᠡᠷᠡᠲᠦ ᠲᠡᠮᠳᠡᠭ ᠡᠭᠦᠳᠦᠶ᠎ᠡ᠃ ᠮᠣᠩᠭᠣᠯ ᠢᠳᠡᠭᠡᠨ ᠤᠮᠳᠠᠭᠠᠨ᠂ ᠬᠤᠪᠴᠠᠰᠤ ᠵᠠᠰᠠᠯ᠂ ᠭᠠᠷ ᠤᠷᠠᠯᠠᠯ ᠪᠦᠷ ᠬᠥᠭᠵᠢᠯᠲᠡ ᠶ᠋ᠢᠨ ᠥᠷᠭᠡᠨ ᠵᠠᠬ᠎ᠠ ᠵᠡᠭᠡᠯᠢ ᠲᠡᠢ ᠪᠣᠯᠵᠤ ᠪᠠᠢᠨ᠎ᠠ᠃    
   ᠪᠠᠰᠠ ᠨᠢᠭᠡ ᠰᠠᠨᠠᠭᠤᠯᠬᠤ ᠵᠦᠢᠯ ᠪᠣᠯ ᠥᠨᠳᠥᠷ ᠬᠦᠦ ᠲᠡᠢ ᠵᠢᠭᠡᠯᠡᠯᠭᠡ ᠶ᠋ᠢ ᠶᠠᠭᠠᠬᠢᠭᠰᠠᠨ ᠴᠤ ᠠᠪᠴᠤ ᠪᠣᠯᠬᠤ ᠦᠭᠡᠢ᠃ ᠮᠥᠩᠭᠥᠨ ᠦ᠌ ᠲᠤᠬᠠᠢ ᠵᠥᠪ ᠣᠢᠯᠠᠭᠠᠯᠲᠠ ᠲᠠᠢ ᠪᠠᠢᠬᠤ ᠬᠡᠷᠡᠭᠲᠡᠢ᠃ ᠮᠠᠢᠮᠠᠢᠴᠢᠨ ᠪᠣᠯ ᠮᠥᠩᠭᠥ ᠡᠴᠡ ᠮᠥᠩᠭᠥ ᠦᠷᠡᠵᠢᠭᠦᠯᠳᠡᠭ᠃ ᠲᠡᠳᠡ ᠨᠠᠷ ᠪᠣᠯ ᠡᠵᠡᠩᠨᠡᠭᠴᠢ ᠪᠣᠷᠣᠯᠠᠭᠤᠯᠤᠭᠴᠢ ᠶᠤᠮ᠃ ᠭᠡᠲᠡᠯ᠎ᠡ ᠪᠢᠳᠡ ᠪᠣᠯ ᠬᠡᠷᠡᠭᠯᠡᠭᠴᠢᠳ ᠮᠥᠨ᠂ ᠪᠢᠳᠡ ᠣᠯᠤᠭᠰᠠᠨ ᠮᠥᠩᠭᠥ ᠪᠡᠨ ᠣᠯᠠᠩᠬᠢ ᠶ᠋ᠢ ᠨᠢ ᠬᠡᠷᠡᠭᠯᠡᠭᠡᠨ ᠳ᠋ᠦ᠍ ᠵᠣᠷᠢᠭᠤᠯᠳᠠᠭ᠂ ᠡᠢᠮᠦ ᠡᠴᠡ ᠥᠨᠳᠥᠷ ᠬᠦᠦ ᠲᠡᠢ ᠵᠢᠭᠡᠯᠡᠯᠭᠡ ᠪᠡᠨ ᠬᠡᠷᠡᠭᠯᠡᠭᠡᠳ ᠪᠠᠷᠠᠴᠢᠬᠠᠪᠠᠯ ᠥᠷᠢ ᠪᠡᠨ ᠲᠥᠯᠥᠵᠦ ᠳᠡᠢᠯᠬᠦ ᠦᠭᠡᠢ ᠪᠣᠯᠵᠤ ᠡᠴᠦᠰ ᠲᠦ ᠪᠡᠨ ᠶᠡᠬᠡ ᠨᠦᠬᠡᠨ ᠳ᠋ᠦ᠍ ᠤᠨᠠᠬᠤ ᠪᠣᠯᠤᠨ᠎ᠠ᠃ ᠣᠳᠣ ᠡᠨᠡ ᠲᠠᠯ᠎ᠠ ᠪᠠᠷ ᠠᠮᠢᠳᠤᠷᠠᠯ ᠢ᠋ᠶ᠋ᠠᠨ ᠬᠠᠷᠠᠯᠠᠭᠤᠯᠵᠤ ᠪᠠᠢᠭ᠎ᠠ ᠵᠢᠱ᠌ᠢᠶ᠎ᠡ ᠲᠤᠩ ᠣᠯᠠᠨ ᠪᠣᠢ᠃ ᠪᠢᠳᠡ ᠥᠪᠡᠷ ᠢ᠋ ᠪᠡᠨ ᠣᠢᠯᠠᠭᠠᠬᠤ ᠳᠤᠮᠳᠠ ᠡᠭᠦᠨ ᠢ᠋ ᠴᠤ᠌ ᠣᠢᠯᠠᠭᠠᠬᠤ ᠬᠡᠷᠡᠭᠲᠡᠢ᠃ ᠨᠡᠩ ᠴᠦ᠍ ᠵᠣᠭᠣᠰ ᠲᠠᠢ ᠨᠠᠭᠠᠳᠤᠮ ᠳ᠋ᠤ᠌ ᠣᠷᠣᠵᠤ ᠪᠣᠯᠬᠤ ᠦᠭᠡᠢ᠂ ᠲᠩᠷᠢ ᠡᠴᠡ ᠮᠥᠩᠭᠥ ᠪᠠᠭᠤᠵᠤ ᠢᠷᠡᠬᠦ ᠶ᠋ᠢ ᠬᠦᠰᠡᠬᠦ ᠬᠡᠷᠡᠭ ᠦᠭᠡᠢ᠃ ᠬᠥᠮᠦᠨ ᠬᠡᠪ ᠦ᠋ᠨ ᠠᠮᠢᠳᠤᠷᠠᠯ ᠢ᠋ᠶ᠋ᠠᠨ ᠬᠢᠵᠦ ᠣᠷᠣᠰᠢᠨ ᠲᠣᠭᠲᠠᠨᠢᠬᠤ ᠳ᠋ᠤ᠌ ᠬᠦᠴᠦ ᠬᠥᠳᠡᠯᠮᠦᠷᠢ ᠣᠶᠤᠨ ᠤᠬᠠᠭᠠᠨ ᠳ᠋ᠤ᠌ ᠪᠠᠨ ᠲᠦᠰᠢᠭᠯᠡᠨ᠎ᠡ᠃ ᠡᠨᠡ ᠪᠣᠯ ᠪᠠᠢᠭᠠᠯᠢ ᠨᠡᠢᠭᠡᠮ ᠦ᠋ᠨ ᠬᠠᠮᠤᠭ ᠤ᠋ᠨ ᠡᠩ ᠦ᠋ᠨ ᠮᠥᠷᠲᠡᠭᠡᠨ ᠬᠠᠮᠤᠭ ᠲᠦᠭᠡᠮᠡᠯ ᠵᠢᠮ᠎ᠡ ᠶᠣᠰᠣ ᠶᠤᠮ᠃ ᠬᠦᠴᠦ ᠣᠷᠣᠭᠤᠯᠤᠭᠰᠠᠨ ᠦᠭᠡᠢ ᠪᠡᠷ ᠢᠷᠡᠬᠦ ᠶᠠᠭᠤᠮ᠎ᠠ ᠬᠦᠨᠳᠦ ᠦᠭᠡᠢ᠂ ᠬᠦᠨᠳᠦ ᠦᠭᠡᠢ ᠶᠠᠭᠤᠮ᠎ᠠ ᠪᠠᠶᠠᠨ ᠳ᠋ᠤ᠌ ᠰᠢᠩᠭᠡᠬᠦ ᠦᠭᠡᠢ ᠭᠡᠳᠡᠭ ᠦᠭᠡ ᠪᠠᠢᠳᠠᠭ᠂ ᠪᠠᠶᠠᠨ ᠳ᠋ᠤ᠌ ᠰᠢᠩᠭᠡᠬᠦ ᠦᠭᠡᠢ ᠵᠦᠢᠯ ᠢ᠋ ᠬᠥᠭᠡᠭᠡᠴᠡᠯᠳᠦᠬᠦ ᠨᠢ ᠪᠠᠢᠳᠠᠭ ᠢ᠋ᠶ᠋ᠠᠨ ᠪᠠᠷᠠᠬᠤ ᠶ᠋ᠢᠨ ᠲᠡᠮᠳᠡᠭ  ᠶᠤᠮ᠃ ᠬᠠᠷᠢᠨ ᠣᠷᠣᠨ ᠨᠤᠲᠤᠭ ᠤ᠋ᠨ ᠢᠲᠡᠭᠡᠮᠵᠢ ᠶ᠋ᠢᠨ ᠬᠤᠷᠰᠢᠶ᠎ᠠ ᠲᠠᠢ ᠪᠠᠨ ᠢᠲᠡᠭᠡᠯ ᠲᠡᠢ ᠬᠠᠮᠵᠢᠯᠴᠠᠬᠤ ᠶ᠋ᠢ ᠪᠣᠳᠣᠬᠤ ᠬᠡᠷᠡᠭᠲᠡᠢ᠂ ᠤᠷᠲᠤ ᠬᠤᠭᠤᠴᠠᠭᠠᠨ ᠤ᠋ ᠢᠲᠡᠭᠡᠮᠵᠢᠲᠦ ᠬᠠᠷᠢᠯᠴᠠᠭ᠎ᠠ ᠲᠠᠢ  ᠪᠣᠯᠪᠠᠯ ᠭᠠᠮᠰᠢᠭ  ᠵᠤᠳ᠂ ᠡᠪᠡᠳᠴᠢᠨ ᠲᠠᠬᠤᠯ ᠮᠡᠲᠦ ᠭᠡᠨᠡᠳᠲᠡ ᠶ᠋ᠢᠨ ᠵᠠᠷᠤᠳᠠᠯ ᠲᠤᠯᠭᠠᠷᠠᠪᠠᠯ ᠭᠠᠴᠢᠭᠳᠠᠬᠤ ᠳᠤ ᠪᠠᠨ  ᠥᠨᠳᠥᠷ ᠬᠦᠦ ᠲᠡᠢ ᠵᠢᠭᠡᠯᠡᠯᠭᠡ ᠠᠪᠬᠤ ᠠ᠋ᠴᠠ ᠵᠠᠢᠯᠠᠰᠬᠢᠵᠦ ᠴᠢᠳᠠᠨ᠎ᠠ᠃  ᠢᠲᠡᠭᠡᠮᠵᠢ ᠶ᠋ᠢᠨ ᠬᠤᠷᠰᠢᠶ᠎ᠠ ᠪᠣᠯ ᠠᠵᠤ ᠠᠬᠤᠢᠯᠠᠯ ᠪᠠᠢᠭ᠎ᠠ᠂ ᠵᠠᠰᠠᠭ ᠵᠠᠬᠢᠷᠭᠠᠨ ᠤ᠋ ᠪᠠᠢᠭᠤᠯᠭ᠎ᠠ ᠪᠢᠰᠢ᠂ ᠲᠥᠷᠥ ᠶ᠋ᠢᠨ ᠪᠣᠳᠣᠯᠭ᠎ᠠ ᠶ᠋ᠢᠨ ᠴᠢᠨᠠᠷᠲᠠᠢ ᠴᠢᠮᠠᠲᠤ ᠮᠥᠩᠭᠥ ᠵᠢᠭᠡᠯᠡᠭᠦᠯᠦᠭᠡᠳ ᠪᠠᠢᠵᠤ ᠳᠡᠢᠯᠬᠦ ᠦᠭᠡᠢ᠂ ᠲᠡᠢᠮᠦ ᠡᠴᠡ ᠬᠡᠷᠡᠭᠴᠡᠭᠡᠨ ᠦ᠌ ᠪᠡᠨ ᠬᠢᠷᠢ ᠪᠡᠷ ᠵᠢᠭᠡᠯᠡᠵᠦ ᠲᠣᠭᠲᠠᠭᠰᠠᠨ ᠬᠤᠭᠤᠴᠠᠭᠠᠨ ᠳ᠋ᠤ᠌ ᠪᠤᠴᠠᠭᠠᠵᠤ ᠪᠠᠢᠬᠤ ᠬᠡᠷᠡᠭᠲᠡᠢ᠂ ᠮᠠᠢᠮᠠᠢᠴᠢᠨ ᠬᠥᠮᠦᠨ ᠵᠢᠭᠡᠯᠡᠭᠰᠡᠨ ᠮᠥᠩᠭᠥ ᠡᠴᠡ ᠪᠡᠨ ᠠᠰᠢᠭ ᠲᠥᠷᠥᠭᠦᠯᠵᠦ ᠪᠠᠢᠳᠠᠭ᠂ ᠠᠷᠠᠯᠵᠢᠶᠠᠴᠢᠨ ᠬᠤᠳᠠᠯᠳᠤᠭᠠᠴᠢᠨ ᠪᠠᠩᠬᠢ ᠠ᠋ᠴᠠ ᠶᠡᠬᠡ ᠬᠡᠮᠵᠢᠶᠡᠨ ᠦ᠌ ᠵᠢᠭᠡᠯᠡᠯᠭᠡ ᠠᠪᠴᠤ ᠪᠠᠢᠨ᠎ᠠ ᠭᠡᠳᠡᠭ ᠴᠢᠨᠢ ᠮᠠᠯᠴᠢᠨ ᠬᠥᠮᠦᠨ ᠣᠯᠠᠨ ᠡᠬᠡ ᠮᠠᠯ ᠠᠪᠤᠭᠠᠳ  ᠰᠦᠷᠦᠭ ᠦᠷᠡᠵᠢᠭᠦᠯᠵᠦ ᠪᠠᠢᠨ᠎ᠠ ᠭᠡᠰᠡᠨ ᠦᠭᠡ᠂ ᠪᠢᠳᠡ ᠵᠢᠭᠡᠯᠡᠭᠡᠳ ᠵᠠᠷᠤᠴᠢᠬᠠᠪᠠᠯ ᠥᠷᠢ ᠭᠠᠷᠴᠤ ᠪᠠᠢᠳᠠᠭ᠂ ᠲᠡᠢᠮᠦ ᠡᠴᠡ ᠮᠥᠩᠭᠥ ᠶ᠋ᠢ ᠭᠦᠢᠯᠭᠡᠭᠡᠨ ᠳ᠋ᠦ᠍ ᠣᠷᠣᠭᠤᠯᠵᠤ ᠠᠰᠢᠭ ᠤᠨᠠᠭᠠᠵᠤ ᠴᠢᠳᠠᠬᠤ ᠦᠭᠡᠢ ᠪᠣᠯ ᠣᠯᠳᠠᠬᠤ ᠶ᠋ᠢᠨ  ᠬᠡᠮᠵᠢᠶ᠎ᠡ ᠪᠡᠷ ᠵᠢᠭᠡᠯᠡᠵᠦ ᠵᠠᠷᠤᠬᠤ ᠪᠣᠯ ᠮᠠᠭᠤ ᠵᠠᠩᠰᠢᠯ ᠮᠥᠷᠲᠡᠭᠡᠨ ᠠᠮᠢᠳᠤᠷᠠᠯ ᠤ᠋ᠨ ᠥᠷᠲᠡᠭ ᠨᠡᠮᠡᠭᠳᠡᠵᠦ ᠮᠠᠯᠵᠢᠯ ᠤ᠋ᠨ ᠣᠷᠣᠯᠭ᠎ᠠ ᠤᠯᠠᠮ ᠨᠢᠮᠭᠡᠷᠡᠬᠦ ᠪᠣᠯᠤᠨ᠎ᠠ᠃ ᠨᠡᠢᠭᠡᠮ ᠦ᠋ᠨ ᠬᠥᠭᠵᠢᠯᠲᠡ ᠶ᠋ᠢᠨ ᠳᠠᠭᠠᠤ ᠬᠥᠮᠦᠰ ᠦ᠋ᠨ ᠠᠮᠢᠳᠤᠷᠠᠯ ᠤ᠋ᠨ ᠬᠡᠪ ᠴᠢᠨᠠᠷ ᠳᠡᠭᠡᠭᠰᠢᠯᠡᠭᠰᠡᠨ ᠡᠰᠡᠬᠦ᠂ ᠰᠣᠶᠣᠯᠵᠢᠭᠠᠳ ᠪᠣᠯᠪᠠᠰᠤᠨ ᠪᠣᠯᠤᠭᠰᠠᠨ ᠡᠰᠡᠬᠦ ᠶ᠋ᠢ ᠶᠠᠭᠤ ᠪᠣᠳᠣᠵᠤ ᠰᠡᠳᠬᠢᠵᠦ ᠪᠠᠢᠬᠤ ᠬᠦᠷᠢᠶ᠎ᠡ ᠴᠠᠷ᠎ᠠ ᠪᠠᠷ  ᠨᠢ ᠣᠴᠢᠵᠤ ᠦᠨᠡᠯᠡᠪᠡᠯ ᠵᠦᠢᠲᠡᠢ᠃ ᠳᠡᠯᠡᠬᠡᠢ ᠶ᠋ᠢᠨ ᠬᠥᠭᠵᠢᠯᠲᠡ ᠶ᠋ᠢ ᠠᠩᠬᠠᠷᠴᠤ ᠣᠢᠯᠭᠠᠵᠤ ᠪᠠᠢᠨ᠎ᠠ ᠤᠤ? ᠨᠣᠮ ᠰᠡᠳᠬᠦᠯ ᠰᠦᠯᠵᠢᠶ᠎ᠡ ᠡᠴᠡ ᠡᠷᠡᠭᠦᠯ ᠰᠠᠷᠠᠭᠤᠯ ᠮᠡᠳᠡᠭᠡᠯᠡᠯ ᠠᠪᠴᠤ ᠪᠠᠢᠭ᠎ᠠ ᠤᠤ? ᠬᠥᠭᠵᠢᠯᠲᠡ ᠲᠡᠢ ᠤᠯᠤᠰ ᠣᠷᠣᠨ  ᠢ᠋ᠶ᠋ᠠᠷ ᠲᠣᠭᠣᠷᠢᠨ ᠵᠤᠭᠠᠴᠠᠵᠤ ᠨᠢᠳᠦ ᠨᠡᠭᠡᠭᠡᠵᠦ ᠪᠠᠢᠭ᠎ᠠ ᠤᠤ? ᠪᠠᠢᠭᠠᠯᠢ ᠣᠷᠴᠢᠨ ᠤ᠋ ᠳᠣᠷᠣᠢᠲᠠᠯ ᠳ᠋ᠤ᠌ ᠰᠠᠨᠠᠭ᠎ᠠ ᠲᠠᠯᠪᠢᠨ ᠠᠷᠭ᠎ᠠ ᠪᠣᠳᠣᠯᠭ᠎ᠠ ᠠᠪᠴᠤ ᠪᠠᠢᠭ᠎ᠠ ᠤᠤ? ᠬᠥᠮᠦᠨ ᠦ᠌ ᠬᠥᠭᠵᠢᠯ ᠬᠡᠦᠬᠡᠳ ᠦ᠋ᠨ ᠬᠥᠮᠦᠵᠢᠯ ᠦ᠋ᠨ ᠠᠷᠭ᠎ᠠ ᠵᠦᠢ ᠰᠣᠳᠣᠨ ᠰᠢᠯᠢᠳᠡᠭ ᠪᠣᠯᠵᠤ ᠪᠠᠢᠭ᠎ᠠ ᠤᠤ? ᠭᠡᠬᠦ ᠮᠡᠲᠦ ᠬᠥᠮᠦᠰ ᠦ᠋ᠨ ᠰᠡᠳᠬᠢᠴᠡ ᠰᠡᠳᠬᠢᠯᠭᠡ ᠶ᠋ᠢᠨ ᠬᠥᠭᠵᠢᠯᠲᠡ  ᠴᠢᠭᠯᠡᠯ ᠢ᠋ᠶ᠋ᠡᠷ ᠣᠴᠢᠵᠤ ᠬᠥᠮᠦᠰ ᠤᠨ ᠬᠡᠪ ᠴᠢᠨᠠᠷ ᠢ ᠦᠨᠡᠯᠡᠬᠦ ᠶᠣᠰᠣᠲᠠᠢ᠃ ᠭᠡᠲᠡᠯ᠎ᠡ ᠮᠠᠨ ‍ᠤ ᠨᠡᠢᠭᠡᠮ ᠣᠷᠴᠢᠨ ᠣᠨᠴᠠᠭᠠᠢᠯᠠᠨ ᠬᠥᠳᠡᠭᠡ ᠨᠤᠲᠤᠭ ᠲᠤ ᠠᠮᠢᠳᠤᠷᠠᠯ ᠨᠡᠢᠭᠡᠮ ᠤᠨ ᠬᠥᠭᠵᠢᠯᠲᠡ ᠴᠢᠨᠡᠭᠡᠯᠢᠭᠵᠢᠯ ᠢ ᠶᠠᠮᠠᠷ ᠨᠡᠷᠡᠲᠦ ᠲᠡᠮᠳᠡᠭᠲᠦ ᠡᠳ᠋ᠯᠡᠵᠦ ᠬᠡᠴᠢᠨᠡᠨ ᠲᠣᠮᠣᠬᠠᠨ ᠬᠡᠪᠴᠢᠶᠡᠨ ‍ᠦ ᠬᠤᠷᠢᠮ ᠨᠠᠢᠷ ᠨᠠᠰᠤᠨ ᠪᠠᠶᠠᠷ ᠬᠢᠵᠦ ᠪᠠᠢᠬᠤ᠂ ᠨᠠᠢᠷ ᠤᠨ ᠱᠠᠩ ᠬᠢᠷᠢ ᠵᠡᠷᠭᠡ ᠶᠡᠬᠡ ᠪᠠᠢᠬᠤ ᠶᠢ ᠬᠥᠭᠡᠭᠡᠴᠡᠯᠳᠦᠨ ᠯᠠᠷᠵᠢᠶ᠎ᠠ ᠰᠣᠷᠲᠣᠭᠣ ᠲᠠᠲᠠᠬᠤ ᠮᠠᠭᠤᠬᠠᠢ ᠰᠤᠷᠲᠠᠯ ᠳᠡᠯᠭᠡᠷᠡᠵᠦ᠂ ᠵᠠᠷᠢᠮ ᠮᠠᠯ ᠴᠥᠭᠡᠨ ᠮᠥᠩᠭᠥᠨ ‍ᠦ ᠡᠷᠭᠢᠯᠲᠡ ᠬᠦᠴᠢᠷᠳᠡᠯᠲᠡᠢ ᠠᠢᠯ ᠳᠤ ᠢᠯᠡᠭᠦᠴᠡ ᠳᠠᠷᠤᠭᠠᠰᠤ ᠪᠣᠯᠵᠤ᠂ ᠮᠠᠯᠴᠢᠳ ᠶᠠᠳᠠᠭᠤᠷᠠᠨ ᠬᠤᠷᠢᠮ ᠨᠠᠢᠷ ᠤᠨ ᠬᠠᠭᠤᠷᠮᠠᠭ ᠬᠢᠮᠳᠠ ᠪᠡᠯᠡᠭ ᠦᠢᠯᠡᠳᠪᠦᠷᠢᠯᠡᠳᠡᠭ ᠬᠤᠳᠠᠯᠳᠤᠳᠠᠭ ᠮᠠᠢᠮᠠᠢᠴᠢᠨ ᠯᠠ ᠲᠠᠷᠭᠤᠯᠠᠵᠤ᠂ ᠬᠣᠭᠣᠯᠠ ᠨᠣᠭᠣᠭ᠎ᠠ ᠪᠠᠨ ᠶᠡᠬᠡ ᠬᠡᠮᠵᠢᠶ᠎ᠡ ᠪᠡᠷ ᠬᠣᠭᠣᠯᠠᠨ ᠭᠡᠷ ᠤᠨ ᠤᠬᠢᠶᠠᠳᠠᠰᠤ ᠪᠣᠯᠭᠠᠨ ᠪᠦᠷᠢᠯᠭᠡᠨ ᠪᠤᠶᠠᠨ ᠢᠶᠠᠨ ᠪᠠᠷᠠᠵᠤ᠂ ᠶᠣᠰᠣ ᠵᠠᠩᠰᠢᠯ  ᠭᠠᠵᠢᠭᠰᠠᠨ᠂ ᠬᠤᠷᠢᠮ ᠨᠠᠢᠷ ᠴᠤ ᠬᠦᠨᠳᠦᠳᠬᠡᠯ ᠤᠨ ᠠᠭᠤᠯᠭ᠎ᠠ ᠪᠠᠨ ᠠᠯᠳᠠᠵᠤ ᠬᠦᠨᠳᠦ ᠪᠡᠨ ᠪᠠᠷᠠᠭᠰᠠᠨ ᠵᠤᠳ ᠪᠣᠯᠵᠠᠢ᠃ ᠲᠡᠢᠮᠦ ᠡᠴᠡ ᠮᠠᠨ ‍ᠤ ᠮᠠᠯᠴᠢᠳ ᠪᠣᠷᠣᠭᠵᠢᠭᠤᠨ ᠠᠮᠢᠳᠤᠷᠠᠯ ᠤᠨ ᠰᠤᠷᠲᠠᠯ ᠢᠶᠠᠨ ᠮᠤᠵᠢᠭᠤᠳᠠ ᠪᠠᠷᠢᠮᠲᠠᠯᠠᠵᠤ ᠵᠢᠯ ᠤᠨ ᠣᠷᠣᠯᠭ᠎ᠠ ᠪᠠᠨ ᠬᠡᠷᠡᠭᠯᠡᠭᠡ ᠬᠤᠷᠠᠮᠳᠤᠯᠭ᠎ᠠ ᠬᠡᠮᠡᠨ ᠨᠠᠷᠢᠨ ᠲᠥᠯᠥᠪᠯᠡᠵᠦ ᠰᠤᠷᠬᠤ ᠬᠡᠷᠡᠭᠲᠡᠢ ᠪᠠᠢᠨ᠎ᠠ᠂ ᠵᠢᠯ ᠤᠨ ᠣᠷᠣᠯᠭ᠎ᠠ ᠪᠠᠨ ᠵᠢᠯ ᠳᠦ ᠨᠢ ᠪᠦᠬᠦᠨ ᠢ ᠭᠦᠪᠢᠭᠡᠳ ᠪᠠᠢᠪᠠᠯ ᠪᠦᠲᠦᠭᠡᠨ ᠪᠠᠢᠭᠤᠯᠤᠯᠲᠠ ᠬᠢᠬᠦ ᠪᠤᠶᠤ ᠪᠡᠯᠡ ᠣᠷᠣᠭᠤᠯᠤᠯᠲᠠ ᠶᠢᠨ ᠠᠵᠠ ᠲᠣᠬᠢᠶᠠᠯ ᠢᠷᠡᠬᠦ ᠳᠦ ᠭᠠᠷ ᠨᠤᠬᠤᠯᠠᠵᠤ ᠰᠠᠭᠤᠬᠤ ᠠᠴᠠ ᠥᠭᠡᠷ᠎ᠡ ᠠᠷᠭ᠎ᠠ ᠦᠭᠡᠢ ᠪᠣᠯᠵᠤ᠂ ᠶᠠᠪᠤᠬᠤ ᠳᠣᠳᠣᠮ ᠡᠳᠡᠭᠡᠷ ᠬᠥᠷᠥᠩᠭᠡ ᠥᠮᠴᠢᠯᠡᠯ᠂ ᠡᠷᠬᠡ ᠠᠰᠢᠭ ᠮᠠᠢᠮᠠᠢᠴᠢᠨ ‍ᠤ ᠭᠠᠷ ᠲᠤ ᠣᠷᠣᠵᠤ᠂ ᠬᠡᠳᠦᠬᠡᠨ ᠠᠷᠪᠠᠨ ᠵᠢᠯ ᠤᠨ ᠡᠮᠦᠨ᠎ᠡ ᠲᠤᠭᠤᠯ ᠤᠨ ᠪᠡᠯᠴᠢᠭᠡᠷ ᠨᠢ ᠪᠠᠢᠬᠰᠠᠨ ᠰᠤᠮᠤᠨ ‍ᠤ ᠲᠣᠭᠣᠷᠢᠭ ᠠᠴᠠ ᠡᠬᠢᠯᠡᠭᠡᠳ ᠬᠣᠰᠢᠭᠤ ᠠᠢᠮᠠᠭ ᠬᠦᠷᠲᠡᠯ᠎ᠡ ᠨᠤᠲᠤᠭ ᠤᠨ ᠮᠠᠯᠴᠢᠳ ᠣᠯᠠᠩᠬᠢ ᠨᠢ ᠥᠷᠥᠭᠡᠯ ᠪᠤᠰᠤᠳ ᠤᠨ ᠵᠢᠵᠢᠭ ᠪᠠᠢᠰᠢᠩ ᠢ ᠲᠦᠷᠢᠶᠡᠰᠦᠯᠡᠨ ᠰᠠᠭᠤᠬᠤ ᠬᠠᠴᠢᠨ ᠦᠵᠡᠭᠳᠡᠯ ᠪᠤᠢ ᠪᠣᠯᠵᠤ ᠪᠠᠢᠨ᠎ᠠ᠃
    ᠭᠤᠷᠪᠠ·ᠵᠠᠬ᠎ᠠ ᠳᠡᠯᠭᠡᠭᠦᠷ ᠤᠨ ᠥᠷᠢᠰᠦᠯᠳᠦᠭᠡᠨ ‍ᠦ ᠳᠤᠮᠳᠠ ᠪᠢᠳᠡ ᠶᠠᠭᠤ ᠪᠠᠷ ᠢᠶᠠᠨ ᠥᠷᠢᠰᠦᠯᠳᠦᠪᠡᠯ ᠵᠣᠬᠢᠬᠤ ᠪᠤᠢ
   ᠬᠣᠲᠠ ᠣᠷᠣᠵᠤ ᠵᠠᠬ᠎ᠠ ᠵᠡᠭᠡᠯᠢ ᠳᠦ ᠥᠷᠢᠰᠦᠯᠳᠦᠨ᠎ᠡ ᠭᠡᠳᠡᠭ ᠪᠣᠯ ᠬᠣᠢᠰᠢᠳᠠ ᠶᠢᠨ ᠨᠡᠢᠭᠡᠮ ᠤᠨ ᠬᠥᠭᠵᠢᠯᠲᠡ ᠶᠢᠨ ᠬᠠᠨᠳᠤᠰᠢ ᠪᠣᠯᠬᠤ ᠨᠢ ᠳᠠᠮᠵᠢᠭ ᠦᠭᠡᠢ᠃ ᠤᠯᠤᠰ ᠠᠴᠠ ᠬᠣᠲᠠᠴᠢᠯᠠᠯᠲᠠ ᠶᠢ ᠨᠢᠭᠡ ᠦᠶ᠎ᠡ ᠶᠡᠬᠡ ᠪᠡᠷ ᠤᠷᠢᠶᠠᠯᠠᠵᠤ ᠶᠠᠪᠤᠴᠠ ᠶᠢ ᠨᠢ ᠲᠦᠷᠭᠡᠳᠬᠡᠬᠦ ᠰᠠᠨᠠᠭ᠎ᠠ ᠲᠠᠢ ᠪᠠᠢᠬᠰᠠᠨ ᠴᠤ ᠣᠯᠠᠩᠬᠢ ᠬᠥᠮᠦᠰ ᠬᠥᠯ ᠠᠯᠳᠠᠭᠰᠠᠨ ᠠᠴᠠ ᠣᠷᠴᠢᠮ ᠪᠠᠬᠠᠨ ᠲᠣᠭᠲᠠᠭᠤᠨ ᠪᠣᠯᠬᠤ ᠪᠠᠢᠳᠠᠯ ᠲᠠᠢ ᠪᠣᠯᠵᠤ ᠢᠷᠡᠯ᠎ᠡ᠃ ᠭᠡᠪᠡᠴᠦ ᠬᠣᠢᠰᠢᠳᠠ ᠡᠨᠡ ᠲᠠᠯ᠎ᠠ ᠶᠢᠨ ᠠᠵᠢᠯᠯᠠᠭ᠎ᠠ ᠱᠠᠭᠠᠷᠳᠠᠯᠭ᠎ᠠ ᠮᠥᠨ ᠴᠢᠩᠭᠠᠷᠠᠬᠤ ᠬᠠᠨᠳᠤᠰᠢ ᠲᠠᠢ᠃ ᠲᠡᠭᠡᠪᠡᠯ ᠪᠢᠳᠡ ᠬᠣᠲᠠ ᠣᠷᠣᠭᠠᠳ ᠶᠠᠭᠤ ᠪᠠᠷ ᠢᠶᠠᠨ ᠥᠷᠢᠰᠦᠯᠳᠦᠬᠦ ᠪᠤᠢ ᠭᠡᠪᠡᠯ ᠳᠣᠣᠷ᠎ᠠ ᠬᠡᠳᠦᠨ ᠵᠦᠢᠯ ᠢ ᠰᠠᠨᠠᠭᠤᠯᠤᠶ᠎ᠠ᠃
   1᠂ ᠵᠠᠬ᠎ᠠ ᠵᠡᠭᠡᠯᠢ ᠪᠣᠯ ᠢᠲᠡᠬᠡᠯᠴᠡᠭᠡ ᠪᠡᠷ ᠣᠴᠢᠵᠤ ᠥᠷᠢᠰᠦᠯᠳᠦᠨ᠎ᠡ᠃ ᠪᠠᠷᠠᠭ᠎ᠠ ᠲᠠᠸᠠᠷ ᠤᠨ ᠴᠢᠨᠠᠷ ᠠᠴᠠ ᠦᠢᠯᠡᠴᠢᠯᠡᠭᠡ ᠬᠦᠷᠲᠡᠯ᠎ᠡ ᠬᠡᠷᠡᠭᠯᠡᠭᠴᠢᠳ ᠲᠤ ᠪᠡᠨ ᠢᠲᠡᠭᠡᠯ ᠲᠡᠢ ᠪᠠᠢᠬᠤ ᠪᠣᠯ ᠥᠷᠢᠰᠦᠯᠳᠦᠭᠡᠨ ‍ᠦ ᠳᠤᠮᠳᠠ ᠬᠥᠯ ᠲᠣᠭᠲᠠᠬᠤ ᠶᠢᠨ ᠰᠠᠭᠤᠷᠢ ᠪᠣᠯᠤᠨ᠎ᠠ᠃ ᠢᠲᠡᠭᠡᠯ ᠢᠶᠡᠨ ᠬᠡᠵᠢᠶᠡᠳᠡ ᠠᠯᠳᠠᠬᠤ ᠦᠭᠡᠢ ᠪᠠᠢᠪᠠᠯ ᠠᠵᠢᠯ ᠦᠢᠯᠡᠰ ᠴᠢᠨᠢ ᠯᠠᠪᠲᠠᠢ ᠬᠥᠭᠵᠢᠨ ᠲᠣᠮᠣᠷᠠᠨ᠎ᠠ᠂ ᠡᠨᠡ ᠲᠠᠯ᠎ᠠ ᠪᠠᠷ ᠢᠲᠡᠭᠡᠯ ᠵᠢᠷᠤᠮ ᠢ ᠳᠡᠭᠡᠳᠦᠯᠡᠳᠡᠭ ᠮᠣᠩᠭᠣᠯᠴᠤᠳ ᠳᠡᠯᠡᠬᠡᠢ ᠶᠢᠨ ᠵᠠᠬ᠎ᠠ ᠳᠤ ᠥᠷᠢᠰᠦᠯᠳᠦᠬᠦ ᠬᠢᠷᠢ ᠭᠡᠮ ᠲᠡᠢ!
   ᠳ᠋ᠠᠪᠠᠨ ᠪᠠᠯᠭᠠᠰᠤᠨ ᠳᠤ ᠪᠠᠶᠠᠷᠲᠤ ᠭᠡᠳᠡᠭ ᠮᠠᠯᠴᠢᠨ ‍ᠤ ᠡᠵᠡᠩᠨᠡᠭᠰᠡᠨ《ᠮᠠᠯᠴᠢᠨ ᠬᠣᠭᠣᠯᠠᠨ ᠭᠡᠷ》 ᠪᠠᠢᠳᠠᠭ᠃ ᠳ᠋ᠠᠪᠠᠨ ᠳᠤ ᠣᠴᠢᠬᠤ ᠪᠣᠯᠭᠠᠨ ᠳᠤ ᠪᠠᠨ ᠲᠤᠰ ᠬᠣᠭᠣᠯᠠᠨ ᠭᠡᠷ ᠲᠤ ᠬᠦᠷᠳᠡᠭ᠂ ᠬᠦᠷᠬᠦ ᠪᠣᠯᠭᠠᠨ ᠳᠤ ᠵᠣᠴᠢᠨ ᠳᠦᠭᠦᠷᠡᠩ ᠪᠠᠢᠳᠠᠭ ᠨᠢ ᠬᠡᠪ ᠤᠨ ᠦᠵᠡᠭᠳᠡᠯ᠂ ᠢᠳᠡᠬᠦ ᠪᠣᠯᠭᠠᠨ ᠳᠤ ᠬᠣᠭᠣᠯᠠᠨ ‍ᠤ ᠦᠨᠦᠷ ᠠᠮᠲᠠ ᠨᠢ ᠬᠤᠪᠢᠷᠠᠰᠢ ᠦᠭᠡᠢ ᠰᠠᠢᠬᠠᠨ ᠪᠠᠢᠳᠠᠭ ᠨᠢ ᠭᠠᠢᠬᠠᠮᠰᠢᠭ᠃ ᠵᠢᠯ ᠤᠨ ᠴᠡᠪᠡᠷ ᠣᠷᠣᠯᠭ᠎ᠠ ᠨᠢ ᠮᠢᠩᠭᠠᠨ ᠲᠦᠮᠡ ᠳᠦ ᠣᠢᠷᠠᠲᠤᠳᠠᠭ ᠭᠡᠨ᠎ᠡ᠃ ᠶᠠᠭᠤ ᠪᠠᠷ ᠢᠶᠠᠨ ᠲᠡᠢᠮᠦ ᠣᠯᠠᠨ ᠵᠣᠴᠢᠨ ᠲᠠᠲᠠᠵᠤ ᠪᠠᠢᠭ᠎ᠠ ᠪᠤᠢ? ᠢᠲᠡᠭᠡᠯ ᠶ᠋ᠢᠡᠷ ᠢᠶᠡᠨ! ᠬᠣᠭᠣᠯᠠ ᠬᠠᠭᠤᠷᠤᠯᠭ᠎ᠠ ᠳᠤ ᠪᠠᠨ ᠥᠪᠡᠷᠰᠡᠳ ᠢᠶᠡᠨ ᠨᠥᠭᠡᠴᠡᠯᠡᠭᠰᠡᠨ ᠬᠣᠨᠢ ᠦᠬᠡᠷ ᠤᠨ ᠯᠡ ᠮᠢᠬ᠎ᠠ ᠬᠡᠷᠡᠭᠯᠡᠵᠦ᠂ ᠲᠣᠭᠣᠭᠠᠨ ᠭᠡᠷ ᠲᠤ ᠪᠡᠨ ᠪᠦᠷ ᠬᠡᠯᠡ ᠰᠢᠲᠦᠯᠭᠡ ᠨᠢᠭᠡᠲᠡᠢ ᠮᠣᠩᠭᠣᠯ ᠲᠣᠭᠣᠭᠠᠴᠢ ᠠᠵᠢᠯᠯᠠᠭᠤᠯᠳᠠᠭ ᠭᠡᠰᠡᠨ᠂ ᠡᠨᠡ ᠪᠣᠯ ᠪᠢᠳᠡ ᠪᠦᠬᠦᠨ ‍ᠦ ᠮᠥᠷᠳᠡᠬᠦ ᠶᠣᠰᠣᠲᠠᠢ ᠮᠤᠵᠢᠭᠤᠳᠠ ᠪᠠᠷᠢᠮᠲᠠᠯᠠᠯ᠃ ᠪᠠᠶᠠᠷᠲᠤ ᠡᠪᠦᠭᠡᠨ ‍ᠦ《ᠮᠠᠯᠴᠢᠨ ᠬᠣᠭᠣᠯᠠᠨ ᠭᠡᠷ》 ᠤᠨ ᠲᠣᠭᠣᠷᠢᠨ ᠳᠤ ᠬᠣᠨᠢ ᠦᠬᠡᠷ ᠤᠨ ᠮᠢᠬ᠎ᠠ᠂ ᠬᠤᠷᠤᠳ᠂ ᠥᠷᠥᠮ᠎ᠡ᠂ ᠵᠢᠭᠠᠰᠤ᠂ ᠥᠨᠳᠡᠭᠡ᠂ ᠳ᠋ᠧᠦᠹᠦ᠋᠂ ᠳᠠᠷᠤᠭᠰᠠᠨ ᠴᠠᠭᠠᠨ ᠨᠣᠭᠣᠭ᠎ᠠ ᠭᠡᠬᠦ ᠮᠡᠲᠦ ᠲᠦᠭᠦᠬᠡᠢ ᠡᠳ᠋ ᠢ ᠨᠢ ᠬᠠᠩᠭᠠᠳᠠᠭ ᠣᠯᠠᠨ ᠲᠤᠰᠬᠠᠢ ᠡᠷᠦᠬᠡ ᠪᠤᠢ ᠪᠣᠯᠤᠭᠰᠠᠨ᠂ ᠡᠨᠡ ᠨᠢ ᠪᠠᠭ᠎ᠠ ᠪᠤᠰᠤ ᠠᠢᠯ ᠭᠡᠷ ᠲᠤ ᠠᠵᠢᠯ ᠤᠨ ᠪᠠᠢᠷᠢ᠂ ᠪᠠᠶᠠᠵᠢᠯ ᠤᠨ ᠲᠣᠬᠢᠶᠠᠯ ᠣᠯᠭᠣᠭᠰᠠᠨ ᠢᠶᠠᠷ ᠪᠠᠷᠠᠬᠤ ᠦᠭᠡᠢ ᠬᠠᠮᠲᠤ ᠳᠤ ᠪᠠᠨ ᠨᠢᠭᠡᠨ ᠬᠣᠷᠰᠢᠶᠠᠵᠢᠯ ᠪᠤᠶᠤ ᠬᠠᠮᠲᠤᠯᠢᠭ ᠪᠣᠯᠤᠭᠰᠠᠨ ᠪᠠᠢᠨ᠎ᠠ᠃ ᠠᠪᠠᠭ᠎ᠠ ᠬᠤᠰᠢᠭᠤᠨ ‍ᠤ ᠪᠡᠯᠭᠦᠳᠡᠢ ᠪᠠᠯᠭᠠᠰᠤ ᠠᠴᠠ ᠰᠢᠯᠢᠨᠬᠣᠲᠠ ᠶᠢᠨ ᠬᠣᠭᠣᠷᠣᠨᠳᠣ ᠭᠦᠶᠦᠳᠡᠭ ᠲᠦᠷᠢᠶᠡᠰᠦᠨ ᠮᠠᠰᠢᠨ ᠵᠠᠭᠤ ᠢᠯᠡᠭᠦᠦ ᠪᠠᠢᠳᠠᠭ ᠭᠡᠨ᠎ᠡ᠂  ᠰᠤᠷᠭᠠᠭᠤᠯᠢ ᠡᠬᠢᠯᠡᠬᠦ ᠪᠤᠶᠤ ᠲᠠᠷᠬᠠᠬᠤ ᠪᠣᠯᠪᠠᠯ ᠵᠢᠯᠣᠭᠣᠴᠢ ᠨᠠᠷ ᠬᠥᠮᠦᠨ ᠣᠯᠠᠨ ᠵᠠᠪᠰᠢᠶᠠᠨ ᠢᠶᠠᠷ ᠦᠨ᠎ᠡ ᠪᠡᠨ ᠳᠠᠬᠢᠨ ᠢᠶᠠᠷ ᠨᠡᠮᠡᠳᠡᠭ ᠭᠡᠨ᠎ᠡ᠂ ᠭᠡᠪᠡᠴᠦ ᠡᠨᠡ ᠳᠤᠮᠳᠠ ᠳᠥᠴᠢ ᠭᠠᠷᠤᠢ ᠮᠣᠩᠭᠣᠯ ᠵᠢᠯᠣᠭᠣᠴᠢ ᠨᠠᠷ ᠬᠡᠵᠢᠶᠡᠳᠡ ᠦᠨ᠎ᠡ ᠪᠡᠨ ᠬᠤᠪᠢᠷᠠᠭᠤᠯᠳᠠᠭ ᠦᠭᠡᠢ᠂ ᠡᠩᠨᠡᠭᠡᠨ ᠳᠦ ᠨᠢ ᠰᠢᠨ᠎ᠡ ᠪᠡᠷ ᠣᠷᠣᠵᠤ ᠢᠷᠡᠭᠰᠡᠨ ᠭᠡᠰᠢᠭᠦᠳ ᠲᠤ ᠪᠡᠨ ᠡᠨᠡᠬᠦ ᠵᠢᠷᠤᠮ ᠢ ᠴᠢᠩᠭ᠎ᠠ ᠵᠠᠬᠢᠳᠠᠭ ᠭᠡᠵᠦ ᠲᠡᠷᠭᠡᠨ ᠳᠦ ᠨᠢ ᠰᠠᠭᠤᠵᠤ ᠶᠠᠪᠤᠬᠤ ᠳᠤ ᠨᠢᠭᠡᠨ ᠵᠠᠯᠠᠭᠤ ᠣᠮᠣᠭ ᠢᠲᠡᠭᠡᠯ ᠲᠡᠢ ᠨᠠᠳᠠ ᠳᠤ ᠶᠠᠷᠢᠬᠰᠠᠨ ᠢ ᠶᠠᠭ ᠮᠠᠷᠲᠠᠳᠠᠭ ᠦᠭᠡᠢ᠃ ᠡᠨᠡ ᠪᠣᠯ ᠵᠢᠩᠬᠢᠨᠢ ᠥᠪᠯᠡᠬᠦ ᠶᠣᠰᠣᠲᠠᠢ ᠰᠣᠶᠣᠯ ᠤᠯᠠᠮᠵᠢᠯᠠᠯ᠃
   2. ᠪᠣᠷᠣᠯᠠᠭᠤᠯᠵᠤ ᠪᠠᠢᠭ᠎ᠠ ᠪᠠᠷᠠᠭ᠎ᠠ ᠶᠢᠨ ᠢᠶᠡᠨ ᠴᠢᠨᠠᠷ ᠢᠶᠠᠷ ᠣᠴᠢᠵᠤ ᠥᠷᠢᠰᠦᠯᠳᠦᠨ᠎ᠡ᠃ ᠴᠢᠨᠠᠷ ᠪᠣᠯ ᠪᠠᠷᠠᠭ᠎ᠠ ᠲᠠᠸᠠᠷ ᠤᠨ ᠠᠮᠢ ᠨᠠᠰᠤ ᠮᠥᠨ᠃ ᠴᠢ ᠨᠡᠩ ᠶᠡᠬᠡ ᠵᠣᠭᠣᠰ ᠣᠯᠤᠶ᠎ᠠ ᠭᠡᠰᠡᠨ ᠵᠣᠷᠢᠯᠭ᠎ᠠ ᠪᠠᠷ ᠦᠢᠯᠡᠳᠪᠦᠷᠢᠯᠡᠵᠦ ᠪᠣᠯᠬᠤ ᠦᠭᠡᠢ᠂ ᠬᠠᠷᠢᠨ ᠨᠡᠩ ᠰᠠᠢᠨ ᠴᠢᠨᠠᠷ ᠲᠠᠢ ᠶᠠᠭᠤᠮ᠎ᠠ ᠦᠢᠯᠡᠳᠴᠦ ᠨᠡᠢᠭᠡᠮ ᠳᠦ ᠦᠢᠯᠡᠴᠢᠯᠡᠶ᠎ᠡ ᠭᠡᠰᠡᠨ ᠵᠣᠷᠢᠯᠭ᠎ᠠ ᠪᠠᠷ ᠠᠵᠢᠯᠯᠠᠬᠤ ᠬᠡᠷᠡᠭᠲᠡᠢ᠃ ᠢᠩᠭᠢᠪᠡᠯ ᠵᠠᠬ᠎ᠠ ᠳᠡᠯᠭᠡᠭᠦᠷ ᠢ ᠡᠵᠡᠯᠡᠵᠦ ᠴᠢᠳᠠᠨ᠎ᠠ᠃ ᠡᠢᠮᠦ ᠡᠴᠡ ᠴᠢᠨᠦ ᠬᠢᠵᠦ ᠴᠢᠳᠠᠬᠤ ᠤᠯᠠᠮᠵᠢᠯᠠᠯᠲᠤ ᠭᠠᠷ ᠤᠷᠠᠯᠠᠯ᠂ ᠵᠠᠰᠠᠯ ᠵᠢᠮᠰᠡᠭ᠂ ᠬᠤᠪᠴᠠᠰᠤ ᠵᠠᠰᠠᠯ᠂ ᠢᠳᠡᠭᠡᠨ ᠤᠮᠳᠠᠭᠠᠨ᠁ ᠵᠡᠷᠭᠡ ᠶᠢᠨ ᠢᠶᠡᠨ ᠴᠢᠨᠠᠷ ᠢ ᠵᠠᠪᠠᠯ ᠠᠩᠬᠠᠷᠬᠤ ᠬᠡᠷᠡᠭᠲᠡᠢ᠃ ᠰᠢᠯᠢᠨᠬᠣᠲᠠ ᠳᠤ ᠬᠣᠨᠢ ᠲᠥᠬᠥᠭᠡᠷᠬᠦ ᠳᠦ ᠵᠢᠷᠠᠨ ᠲᠥᠭᠥᠷᠢᠭ᠂ ᠭᠡᠳᠡᠰᠦ ᠠᠷᠴᠢᠵᠤ ᠴᠢᠳᠬᠤᠬᠤ ᠵᠢᠷᠠᠨ ᠲᠥᠭᠥᠷᠢᠭ ᠬᠦᠷᠴᠦ ᠪᠠᠢᠨ᠎ᠠ᠂ ᠨᠢᠭᠡ ᠭᠡᠷ ᠤᠨ ᠬᠣᠶᠠᠭᠤᠯᠠ ᠪᠠᠨ ᠬᠢᠪᠡᠯ ᠠᠵᠢᠯ ᠣᠯᠠᠨᠲᠠᠢ ᠦᠶ᠎ᠡ ᠳᠦ ᠡᠳᠦᠷ ᠲᠤ ᠵᠢᠷᠭᠤᠭ᠎ᠠ ᠳᠣᠯᠣᠭ᠎ᠠ ᠶᠢ ᠶᠠᠩᠵᠤᠯᠠᠴᠢᠬᠠᠨ᠎ᠠ᠂ ᠲᠡᠭᠡᠬᠦ ᠳᠦ ᠬᠦᠷᠪᠡᠯ ᠡᠳᠦᠷ ᠤᠨ ᠣᠷᠣᠯᠭ᠎ᠠ ᠮᠢᠩᠭ᠎ᠠ ᠳᠤ ᠣᠢᠷᠠᠲᠤᠨ᠎ᠠ᠂ ᠬᠠᠷᠠᠮᠰᠠᠯᠲᠠᠢ ᠨᠢ ᠮᠠᠨᠠᠢᠬᠢᠨ ‍ᠤ ᠤᠯᠠᠭᠠᠨ ᠴᠠᠭᠠᠨ ᠢᠳᠡᠭᠡᠨ ᠬᠢᠬᠦ ᠡᠴᠡ ᠡᠬᠢᠯᠡᠭᠡᠳ ᠬᠣᠲᠠ ᠭᠠᠵᠠᠷ ᠮᠣᠩᠭᠣᠯ ᠶᠣᠰᠣᠭᠠᠷ ᠬᠣᠨᠢ ᠮᠠᠯ ᠲᠥᠬᠥᠭᠡᠷᠬᠦ ᠠᠵᠢᠯ ᠪᠦᠷ ᠯᠠ ᠲᠠᠷᠢᠶᠠᠴᠢᠨ ‍ᠤ ᠭᠠᠷ ᠲᠤ ᠣᠷᠣᠵᠤ ᠯᠠ ᠪᠠᠢᠨ᠎ᠠ᠃ ᠲᠡᠳᠡᠨᠦᠰ ᠤᠨ ᠰᠣᠶᠣᠯ ᠰᠡᠳᠬᠢᠬᠦᠢ ᠪᠡᠷ ᠳᠠᠮᠵᠢᠮᠠᠭᠴᠠ ᠥᠩᠭᠡ ᠪᠣᠳᠣᠭ ᠨᠢ ᠬᠤᠪᠢᠷᠠᠨ᠎ᠠ ᠭᠡᠳᠡᠭ ᠨᠢ ᠯᠠᠪᠲᠠᠢ᠂ ᠬᠠᠲᠠᠭᠠᠭᠰᠠᠨ ᠥᠷᠥᠮ᠎ᠡ ᠬᠤᠷᠤᠳ ᠲᠤ ᠭᠤᠯᠢᠷ ᠬᠣᠯᠢᠬᠤ᠂ ᠰᠢᠷ᠎ᠠ ᠲᠣᠰᠣᠨ ᠳᠤ ᠦᠬᠡᠷ ᠤᠨ ᠶᠠᠰᠤᠨ ᠲᠣᠰᠣ ᠬᠣᠯᠢᠬᠤ᠂ ᠰᠤᠨᠳᠠᠭ ᠬᠤᠷᠤᠳ ᠪᠣᠯᠭᠠᠬᠤ ᠬᠣᠯᠢᠴᠠ ᠡᠨᠡ ᠲᠡᠷᠡ ᠭᠡᠳ ᠶᠠᠩᠵᠤ ᠶᠢᠨ ᠶᠠᠭᠤᠮ᠎ᠠ ᠬᠣᠯᠢᠵᠤ ᠴᠠᠭᠠᠨ ᠢᠳᠡᠭᠡᠨ ‍ᠦ ᠴᠢᠨᠠᠷ ᠢ ᠮᠠᠭᠤᠳᠠᠭᠤᠯᠵᠤ ᠪᠠᠢᠨ᠎ᠠ᠃ ᠡᠨᠡ ᠪᠦᠬᠦᠨ ᠢᠶᠡᠨ ᠥᠪᠡᠷᠰᠡᠳ ᠢᠶᠡᠨ ᠰᠠᠢᠬᠠᠨ ᠡᠵᠡᠩᠨᠡᠪᠡᠯ ᠠᠵᠢᠯ ᠦᠢᠯᠡᠰ ᠤᠨ ᠣᠷᠣᠨ ᠵᠠᠢ ᠶᠡᠬᠡᠬᠡᠨ ᠪᠠᠢᠨ᠎ᠠ ᠰᠢᠦ᠃
   3. ᠢᠳᠡᠭᠡᠨ ᠤᠮᠳᠠᠭᠠᠨ ‍ᠤ ᠵᠦᠢᠯᠡᠰ ᠪᠣᠯ ᠪᠣᠬᠢᠷᠲᠤᠯ ᠦᠭᠡᠢ ᠪᠠᠢᠭᠠᠯᠢᠯᠢᠭ᠋ ᠢᠶᠠᠷ ᠢᠶᠠᠨ ᠥᠷᠢᠰᠦᠯᠳᠦᠨ᠎ᠡ᠃ ᠪᠠᠢᠭᠠᠯᠢᠯᠢᠭ᠋ ᠣᠷᠭᠠᠨᠢᠭ ᠡᠳ᠋ ᠪᠢᠳᠡᠨ ‍ᠦ ᠭᠠᠷ ᠲᠤ ᠪᠠᠢᠨ᠎ᠠ᠃ ᠴᠢᠨᠦ ᠬᠡᠷᠬᠢᠨ ᠵᠠᠬ᠎ᠠ ᠵᠡᠭᠡᠯᠢ ᠳᠦ ᠣᠷᠣᠭᠤᠯᠵᠤ ᠲᠠᠸᠠᠷᠵᠢᠭᠤᠯᠬᠤ ᠳᠤ ᠪᠠᠢᠨ᠎ᠠ᠃ ᠮᠠᠨ ‍ᠤ ᠪᠡᠯᠴᠢᠭᠡᠷ ᠤᠨ ᠮᠠᠯ ᠠᠵᠤ ᠠᠬᠤᠢ ᠶᠢᠨ ᠮᠢᠬ᠎ᠠ᠂ ᠰᠦ᠂ ᠴᠠᠭᠠᠨ ᠢᠳᠡᠭᠡᠨ ᠪᠣᠯ ᠪᠦᠷ ᠴᠤᠯᠤ ᠪᠠᠢᠭᠠᠯᠢᠯᠢᠭ᠋ ᠢᠳᠡᠭᠡᠨ ᠮᠥᠨ᠃ ᠹᠷᠠᠨᠼᠢ ᠳᠤ ᠵᠥᠪᠬᠡᠨ ᠪᠢᠰᠢᠯᠠᠭ ᠤᠨ ᠵᠦᠢᠯ ᠬᠣᠶᠠᠷ ᠵᠠᠭᠤ ᠭᠠᠷᠤᠢ ᠲᠥᠷᠥᠯ ᠪᠤᠢ ᠭᠡᠳᠡᠭ᠃ ᠪᠢᠳᠡ ᠥᠪᠡᠷ ᠤᠨ ᠶᠠᠭᠤᠮ᠎ᠠ ᠪᠠᠨ ᠬᠡᠷᠬᠢᠨ ᠶᠠᠭᠤᠮ᠎ᠠ ᠪᠣᠯᠭᠠᠵᠤ ᠪᠤᠰᠤᠳ ᠲᠤ ᠲᠠᠨᠢᠭᠤᠯᠬᠤ ᠳᠤ ᠪᠤᠢ᠃ ᠪᠠᠰᠠ ᠮᠠᠨ ‍ᠤ ᠮᠣᠩᠭᠣᠯ ᠨᠤᠲᠤᠭ ᠲᠤ ᠤᠷᠭᠤᠵᠤ ᠪᠠᠢᠭ᠎ᠠ ᠵᠡᠷᠯᠢᠭ ᠨᠣᠭᠣᠭ᠎ᠠ ᠲᠣᠩ ᠣᠯᠠᠨ ᠵᠦᠢᠯ ᠪᠤᠢ᠂ ᠬᠥᠬᠡᠬᠣᠲᠠ ᠳᠤ ᠨᠢᠭᠡ ᠵᠢᠩ ᠬᠦᠮᠡᠯᠢ ᠶᠢᠨ ᠪᠤᠤᠵᠠ ᠨᠠᠶᠠᠨ ᠲᠥᠭᠥᠷᠢᠭ ᠬᠦᠷᠳᠡᠭ᠃ ᠵᠠᠬ᠎ᠠ ᠳᠡᠭᠡᠷ᠎ᠡ ᠨᠢᠭᠡ ᠯᠣᠩᠬᠣ ᠴᠡᠪᠡᠷ ᠤᠰᠤ ᠲᠥᠭᠥᠷᠢᠭ ᠲᠠᠪᠢᠨ ᠮᠥᠩᠭᠥ ᠡᠴᠡ ᠳᠡᠭᠡᠭᠰᠢ ᠪᠠᠢᠬᠤ ᠳᠤ ᠮᠠᠨ ‍ᠤ ᠨᠤᠲᠤᠭ ᠤᠨ ᠦᠨᠢᠶᠡᠨ ᠰᠦ ᠪᠡᠨ ᠲᠣᠬᠢᠷᠠᠮᠵᠢᠲᠠᠢ ᠰᠠᠪᠠᠯᠠᠭᠠᠳ ᠬᠣᠲᠠ ᠶᠢᠨ ᠵᠠᠬ᠎ᠠ ᠳᠡᠭᠡᠷ᠎ᠡ ᠰᠢᠨ᠎ᠡ ᠰᠣᠷᠭᠣᠭ ᠢᠶᠠᠷ ᠨᠢ ᠬᠠᠩᠭᠠᠬᠤ ᠳᠤ ᠬᠦᠷᠪᠡᠯ ᠠᠷᠪᠠᠨ ᠲᠥᠭᠥᠷᠢᠭ ᠬᠦᠷᠬᠦ ᠴᠠᠭ ᠤᠳᠠᠬᠤ ᠦᠭᠡᠢ ᠢᠷᠡᠨ᠎ᠡ ᠭᠡᠵᠦ ᠮᠡᠳᠡᠭᠡᠷᠡᠢ᠃ ᠣᠳᠣ ᠴᠡᠭᠡ ᠠᠷᠪᠠᠨ ᠲᠠᠪᠤᠨ ᠲᠥᠭᠥᠷᠢᠭ ᠡᠴᠡ ᠳᠡᠭᠡᠭᠰᠢ᠂ ᠢᠩᠭᠡᠨ ᠰᠦ ᠶᠣᠰᠣᠲᠠᠢ ᠥᠨᠳᠥᠷ ᠦᠨ᠎ᠡ ᠳᠦ ᠬᠦᠷᠴᠦ ᠪᠤᠢ᠃ ᠨᠡᠩ ᠴᠤ ᠠᠭᠤᠯᠠᠷᠬᠠᠭ ᠣᠷᠣᠨ ‍ᠤ ᠪᠠᠢᠭᠠᠯᠢ ᠶᠢᠨ ᠢᠳᠡᠭᠡᠨ ᠲᠣᠩ ᠣᠯᠠᠨ᠃ ᠪᠢᠳᠡ ᠡᠳ᠋ᠯᠡᠭᠡᠳ ᠴᠢᠳᠠᠪᠠᠯ ᠬᠡᠷᠡᠭᠯᠡᠭᠡᠳ ᠪᠠᠷᠠᠰᠢ ᠦᠭᠡᠢ ᠡᠬᠢ ᠪᠠᠶᠠᠯᠢᠭ ᠲᠠᠢ᠃ ᠪᠣᠷᠣᠯᠠᠭᠤᠯᠤᠭᠠᠳ ᠳᠡᠢᠯᠪᠡᠯ ᠵᠠᠬ᠎ᠠ ᠵᠡᠭᠡᠯᠢ ᠳ᠋ᠦ᠍ ᠥᠷᠢᠰᠦᠯᠳᠦᠬᠦ ᠵᠦᠢᠯ ᠪᠠᠢᠬᠤ ᠯᠠ ᠶᠤᠮ᠃
   4. ᠥᠪᠡᠷᠮᠢᠴᠡ ᠵᠠᠩ ᠵᠠᠩᠰᠢᠯ᠂ ᠰᠣᠶᠣᠯ᠂ ᠬᠡᠪ ᠴᠢᠨᠠᠷ ᠢ᠋ᠶ᠋ᠠᠷ ᠣᠴᠢᠵᠤ ᠥᠷᠢᠰᠦᠯᠳᠦᠨ᠎ᠡ᠃ ᠰᠣᠶᠣᠯ ᠪᠣᠯ ᠨᠢᠭᠡ ᠦᠨᠳᠦᠰᠦᠲᠡᠨ ᠦ᠌ ᠰᠦᠭ ᠰᠦᠯᠳᠡ ᠮᠥᠨ᠃ ᠣᠳᠣ ᠮᠠᠨ ᠤ᠋ ᠥᠪᠡᠷᠮᠢᠴᠡ ᠵᠠᠩ ᠵᠠᠩᠰᠢᠯ ᠣᠯᠠᠨ ᠬᠥᠮᠦᠨ ᠦ᠌ ᠠᠩᠬᠠᠷᠤᠯ ᠢ᠋ ᠲᠠᠲᠠᠵᠤ ᠭᠠᠳᠠᠨ᠎ᠠ ᠳᠣᠲᠣᠨ᠎ᠠ ᠶ᠋ᠢᠨ ᠵᠥᠴᠢᠳ ᠪᠦᠷ ᠲᠠᠯ᠎ᠠ ᠨᠤᠲᠤᠭ ᠢ᠋ ᠵᠣᠷᠢᠵᠤ ᠢᠷᠡᠯ᠎ᠡ᠃ ᠮᠠᠨ ᠤ᠋ ᠠᠳᠤᠭᠤ ᠤᠷᠭᠠᠯᠠᠬᠤ᠂ ᠮᠣᠷᠢ ᠤᠨᠤᠬᠤ᠂ ᠲᠡᠮᠡᠭᠡ ᠣᠷᠣᠯᠳᠣᠬᠤ᠂ ᠪᠥᠬᠡ ᠪᠠᠷᠢᠯᠳᠤᠬᠤ᠂ ᠦᠨᠢᠶ᠎ᠡ ᠰᠠᠭᠠᠬᠤ᠂ ᠬᠤᠷᠤᠳ ᠬᠢᠬᠦ᠂ ᠲᠡᠷᠯᠢᠭ ᠡᠮᠦᠰᠬᠦ᠂ ᠲᠡᠷᠭᠡ ᠭᠡᠯᠢᠬᠦ᠂᠂᠂᠂ ᠭᠡᠳ ᠪᠦᠷ ᠯᠡ ᠰᠣᠶᠣᠯ ᠮᠥᠨ᠃ ᠡᠭᠦᠨ ᠢ᠋ᠶ᠋ᠡᠷ ᠢ᠋ᠶ᠋ᠡᠨ ᠵᠤᠭᠠᠴᠠᠯ ᠤ᠋ᠨ ᠦᠢᠯᠡᠰ ᠬᠥᠭᠵᠢᠭᠦᠯᠵᠦ ᠵᠠᠬ᠎ᠠ ᠵᠡᠭᠡᠯᠢ ᠳ᠋ᠦ᠍ ᠳᠠᠪᠠᠭᠤᠯᠢᠭ ᠪᠠᠢᠷᠢ ᠶ᠋ᠢ ᠡᠵᠡᠯᠡᠵᠦ ᠪᠣᠯᠤᠨ᠎ᠠ᠃ ᠣᠳᠣ ᠬᠣᠲᠠ ᠳ᠋ᠤ᠌ ᠪᠠᠢᠭ᠎ᠠ ᠮᠣᠩᠭᠣᠯ ᠬᠣᠭᠣᠯᠠᠨ ᠭᠡᠷ ᠪᠣᠯᠤᠨ ᠶᠡᠬᠡ ᠶᠡᠬᠡ ᠵᠤᠭᠠᠴᠠᠯ ᠤ᠋ᠨ ᠭᠠᠵᠠᠷ ᠤ᠋ᠨ ᠣᠯᠠᠩᠬᠢ ᠨᠢ ᠪᠦᠷ ᠨᠡᠷ᠎ᠡ ᠨᠢ ᠮᠣᠩᠭᠣᠯ᠂ ᠡᠵᠡᠩᠨᠡᠭᠴᠢ ᠨᠢ ᠥᠭᠡᠷ᠎ᠡ ᠬᠥᠮᠦᠨ ᠪᠠᠢᠵᠤ᠂ ᠣᠴᠢᠭᠰᠠᠨ ᠬᠥᠮᠦᠨ ᠢ᠋ ᠳᠤᠷ᠎ᠠ ᠠᠯᠳᠠᠷᠠᠭᠤᠯᠵᠤ ᠪᠣᠢ᠃ ᠡᠨᠡ ᠪᠣᠯ ᠪᠦᠷ ᠥᠷᠥᠭᠡᠯ ᠰᠣᠶᠣᠯᠲᠠᠨ ᠠ᠋ᠴᠠ ᠬᠠᠭᠤᠷᠮᠠᠭ ᠮᠣᠩᠭᠣᠯ ᠲᠠᠸᠠᠷ ᠤ᠋ᠨ ᠲᠡᠮᠳᠡᠭ ᠲᠡᠢ ᠴᠢᠨᠠᠷ ᠮᠠᠭᠤᠲᠠᠢ ᠪᠠᠷᠠᠭ᠎ᠠ ᠦᠢᠯᠡᠴᠢᠯᠡᠭᠡ ᠪᠡᠷ ᠬᠡᠷᠡᠭᠯᠡᠭᠴᠢᠳ ᠢ᠋ ᠮᠡᠬᠡᠯᠡᠵᠦ ᠪᠠᠢᠭ᠎ᠠ ᠠᠵᠢᠯᠯᠠᠭ᠎ᠠ ᠪᠣᠯᠬᠤ ᠶᠤᠮ᠃ ᠭᠠᠭᠴᠠᠬᠦ ᠵᠤᠭᠠᠴᠠᠯ ᠢ᠋ᠶ᠋ᠠᠷ ᠠᠪᠴᠤ ᠬᠡᠯᠡᠬᠦ ᠳ᠋ᠦ᠍ ᠨᠡᠭᠦᠳᠡᠯᠴᠢᠨ ᠮᠣᠩᠭᠣᠯ ᠤ᠋ᠨ ᠬᠡᠪ ᠨᠠᠮᠪᠠ ᠶ᠋ᠢ ᠬᠠᠳᠠᠭᠠᠯᠠᠪᠠᠯ ᠰᠠᠶᠢ ᠪᠠᠢᠭᠠᠯᠢ ᠣᠷᠴᠢᠨ ᠳ᠋ᠤ᠌ ᠰᠥᠷᠭᠡᠦ ᠨᠥᠯᠥᠭᠡ ᠦᠵᠡᠭᠦᠯᠬᠦ ᠦᠭᠡᠢ ᠮᠥᠷᠲᠡᠭᠡᠨ ᠵᠣᠷᠢᠭᠠᠳ ᠢᠷᠡᠭᠰᠡᠨ ᠬᠥᠮᠦᠰ ᠲᠤ ᠪᠠᠢᠭᠠᠯᠢ᠂ ᠠᠬᠤᠢ ᠠᠮᠢᠳᠤᠷᠠᠯ ᠰᠣᠶᠣᠯ ᠢ᠋ᠶ᠋ᠠᠨ ᠦᠨᠡᠨ ᠮᠥᠨ ᠢ᠋ᠶ᠋ᠡᠷ ᠢ᠋ᠶ᠋ᠡᠨ ᠦᠵᠡᠭᠦᠯᠵᠦ ᠴᠢᠳᠠᠨ᠎ᠠ᠃ ᠬᠥᠮᠦᠨ ᠣᠯᠠᠨ ᠲᠠᠢ ᠨᠤᠲᠤᠭ ᠢᠪᠴᠤᠤ ᠳᠣᠲᠣᠷ᠎ᠠ ᠣᠷᠣᠨ ᠤ᠋ ᠬᠡᠪᠴᠢᠶ᠎ᠡ ᠪᠠᠢᠭᠤᠯᠤᠯᠲᠠ ᠲᠣᠮᠣᠬᠠᠨ ᠵᠤᠭᠠᠴᠠᠯ ᠤ᠋ᠨ ᠭᠠᠵᠠᠷ ᠮᠠᠯᠵᠢᠬᠤ ᠣᠷᠣᠨ ᠳ᠋ᠤ᠌ ᠲᠣᠬᠢᠷᠠᠬᠤ ᠦᠭᠡᠢ᠂ ᠪᠦᠬᠦ ᠶᠠᠭᠤᠮ᠎ᠠ ᠵᠣᠬᠢᠶᠠᠮᠠᠯ ᠬᠠᠭᠤᠷᠮᠠᠭ ᠪᠣᠯᠬᠤ ᠪᠠᠷ ᠪᠠᠷᠠᠬᠤ ᠦᠭᠡᠢ ᠪᠡᠯᠴᠢᠭᠡᠷ ᠤᠰᠤ ᠶᠡᠬᠡ ᠲᠠᠯᠬᠢᠭᠳᠠᠨ᠎ᠠ᠃ ᠮᠠᠯᠵᠢᠬᠤ ᠠᠢᠯ ᠭᠡᠳᠡᠭ ᠴᠢᠨᠢ ᠠᠭᠤᠳᠠᠮ ᠲᠠᠯ᠎ᠠ ᠳ᠋ᠤ᠌ ᠳᠠᠨᠠᠨ ᠴᠠᠭᠠᠨ ᠭᠡᠷ ᠦ᠋ᠳ ᠠᠮᠤᠭᠤᠯᠠᠩ ᠲᠠᠷᠬᠠᠵᠤ ᠪᠠᠢᠬᠤ ᠶᠣᠰᠣᠲᠠᠢ᠂ ᠶᠡᠬᠡ ᠬᠣᠲᠠ ᠶ᠋ᠢᠨ ᠱᠤᠤᠭᠢᠶᠠᠨ ᠦᠢᠮᠡᠭᠡᠨ ᠳ᠋ᠦ᠍ ᠰᠡᠳᠬᠢᠯ ᠶᠠᠳᠠᠷᠠᠨ ᠤᠢᠳᠤᠭᠰᠠᠨ ᠬᠥᠮᠦᠰ ᠡᠨᠡᠬᠦ ᠨᠠᠮ ᠵᠢᠮ ᠬᠥᠳᠡᠭᠡ ᠨᠤᠲᠤᠭ ᠲᠤ᠌ ᠠᠢᠵᠠᠮ ᠲᠠᠢᠪᠤᠭᠤ ᠮᠠᠯᠵᠢᠬᠤ ᠠᠮᠢᠳᠤᠷᠠᠯ ᠢ᠋ ᠬᠠᠷᠠᠵᠤ ᠡᠳ᠋ᠯᠡᠭᠡᠳ ᠰᠦᠨᠡᠰᠦ ᠪᠡᠨ ᠠᠮᠠᠷᠠᠲᠠᠯ᠎ᠠ ᠳᠠᠪᠠᠯᠠᠪᠠᠯ ᠰᠠᠶᠢ ᠮᠠᠨ ᠤ᠋ ᠰᠣᠶᠣᠯ ᠢᠷᠭᠡᠨᠰᠢᠯ ᠢ᠋ ᠵᠢᠷᠦᠬᠡ ᠪᠡᠷ ᠢ᠋ᠶ᠋ᠡᠨ ᠮᠡᠳᠡᠷᠡᠭᠡᠳ ᠶᠠᠪᠤᠬᠤ ᠪᠣᠯᠤᠨ᠎ᠠ᠃ ᠪᠢᠳᠡ ᠶᠠᠭᠠᠬᠢᠭᠠᠳ ᠥᠪᠡᠷ ᠦ᠋ᠨ ᠶᠠᠭᠤᠮ᠎ᠠ ᠪᠠᠨ ᠥᠪᠡᠷ ᠢ᠋ᠶ᠋ᠡᠨ ᠡᠵᠡᠩᠨᠡᠳᠡᠭ ᠦᠭᠡᠢ ᠪᠣᠢ? ᠶᠠᠭᠤᠨ ᠳ᠋ᠤ᠌ ᠥᠪᠡᠷ ᠦ᠋ᠨ ᠶᠠᠭᠤᠮ᠎ᠠ ᠪᠠᠨ ᠶᠠᠭᠤᠮ᠎ᠠ ᠪᠣᠯᠭᠠᠳᠠᠭ ᠦᠭᠡᠢ ᠪᠣᠢ? ᠬᠡᠪ ᠴᠢᠨᠠᠷ ᠢ᠋ᠶ᠋ᠠᠷ ᠪᠤᠰᠤᠳ ᠢ᠋ ᠳᠠᠪᠠᠬᠤ ᠦᠭᠡᠢ ᠪᠣᠯ ᠬᠡᠵᠢᠶ᠎ᠡ ᠴᠦ᠍ ᠬᠣᠭᠣᠰᠣᠨ᠂ ᠬᠡᠳᠦᠢ ᠳ᠋ᠦ᠍ ᠴᠦ᠍ ᠶᠠᠳᠠᠭᠤ᠃ ᠡᠢᠮᠦ ᠡᠴᠡ ᠬᠡᠪ ᠴᠢᠨᠠᠷ ᠢ᠋ᠶ᠋ᠠᠷ ᠣᠷᠣᠢᠯᠠᠬᠤ ᠪᠠᠷ ᠴᠢᠷᠮᠠᠢᠬᠤ ᠬᠡᠷᠡᠭᠲᠡᠢ᠃
   5. ᠨᠡᠢᠭᠡᠮ ᠦ᠋ᠨ ᠡᠶ᠎ᠡ ᠵᠣᠬᠢᠴᠠᠯ ᠬᠠᠷᠢᠴᠠᠭ᠎ᠠ ᠬᠠᠮᠵᠢᠯᠴᠠᠭ᠎ᠠ ᠪᠠᠷ ᠣᠴᠢᠵᠤ ᠥᠷᠢᠰᠦᠯᠳᠦᠨ᠎ᠡ᠃ ᠪᠤᠰᠤᠳ ᠲᠤ᠌ ᠬᠠᠯᠠᠭᠤᠮᠰᠤᠭ ᠡᠶ᠎ᠡ ᠨᠠᠢᠷᠲᠠᠢ ᠪᠦᠷᠢᠨ ᠭᠦᠢᠴᠡᠳ ᠦᠢᠯᠡᠴᠢᠯᠡᠭᠡ ᠬᠠᠩᠭᠠᠬᠤ ᠪᠣᠯ ᠣᠳᠣᠬᠠᠨ ᠤ᠋ ᠵᠠᠬ᠎ᠠ ᠵᠡᠭᠡᠯᠢ ᠶ᠋ᠢᠨ ᠱᠠᠭᠠᠷᠳᠠᠯᠭ᠎ᠠ ᠮᠥᠨ᠃ ᠮᠠᠨ ᠳ᠋ᠤ᠌ ᠶᠡᠷᠦ ᠨᠢ ᠬᠥᠩᠭᠡᠨ ᠱᠦᠩᠭᠡᠨ ᠡᠶ᠎ᠡ ᠨᠠᠢᠷᠠᠮᠳᠠᠭᠤ ᠦᠢᠯᠡᠴᠢᠯᠡᠭᠡ ᠳᠤᠲᠠᠭᠳᠠᠭᠠᠳ ᠪᠠᠢᠬᠤ ᠶᠤᠮ᠃ ᠮᠣᠩᠭᠣᠯ ᠭᠡᠷ ᠲᠦ᠍ ᠣᠷᠣᠪᠠᠯ ᠡᠨᠡ ᠲᠠᠯ᠎ᠠ ᠪᠠᠷ ᠠᠮᠠᠷᠬᠠᠨ ᠮᠡᠳᠡᠵᠦ ᠪᠣᠯᠤᠨ᠎ᠠ᠃ ᠮᠠᠨ ᠳ᠋ᠤ᠌ ᠣᠯᠠᠨ ᠵᠦᠢᠯ ᠦ᠋ᠨ ᠳᠠᠳᠤᠯᠭ᠎ᠠ ᠪᠣᠯᠪᠠᠰᠤᠷᠠᠯ ᠳᠤᠲᠠᠭᠳᠠᠵᠤ ᠪᠣᠢ᠂ ᠰᠤᠷᠤᠯᠴᠠᠬᠤ ᠪᠣᠯᠪᠠᠰᠤᠷᠠᠬᠤ ᠬᠡᠷᠡᠭᠲᠡᠢ᠂ ᠬᠥᠮᠦᠨ ᠦ᠌ ᠬᠢ ᠶ᠋ᠢ ᠦᠵᠡᠵᠦ ᠰᠤᠷᠬᠤ ᠬᠡᠷᠡᠭᠲᠡᠢ᠂ ᠪᠤᠰᠤᠳ ᠲᠠᠢ ᠬᠠᠮᠵᠢᠯᠴᠠᠬᠤ ᠬᠡᠷᠡᠭᠲᠡᠢ᠂ ᠬᠤᠪᠢ ᠪᠠᠨ ᠬᠥᠭᠡᠭᠡᠵᠦ ᠳᠣᠪᠣ ᠪᠠᠨ ᠰᠢᠷᠠᠯᠠᠭᠤᠯᠤᠭᠠᠳ ᠪᠣᠯᠬᠤ ᠦᠭᠡᠢ ᠰᠢᠦ᠃
   ᠣᠳᠣ ᠮᠣᠩᠭᠣᠯ ᠰᠠᠢᠬᠠᠨ ᠵᠠᠩ ᠵᠠᠩᠰᠢᠯ ᠬᠤᠪᠢᠷᠠᠵᠤ ᠪᠤᠰᠤᠳ ᠤ᠋ᠨ ᠪᠣᠯᠬᠢ ᠮᠠᠭᠤᠬᠠᠢ ᠵᠦᠢᠯ ᠶᠡᠬᠡᠯ᠎ᠡ ᠭᠠᠵᠠᠷ ᠠᠪᠴᠤ ᠪᠠᠢᠭ᠎ᠠ ᠰᠢᠭ᠋ ᠶᠦᠮ᠃ ᠬᠥᠮᠦᠰ ᠤᠴᠠᠷᠠᠪᠠᠯ ᠰᠠᠢᠨ ᠤᠤ ᠭᠡᠬᠦ ᠪᠡᠨ ᠪᠠᠢᠵᠤ ᠬᠠᠷᠢᠨ ᠶᠠᠭᠤᠨ ᠳ᠋ᠤ᠌ ᠶᠠᠭᠠᠷᠠᠵᠤ ᠪᠠᠢᠭ᠎ᠠ ᠪᠣᠢ? ᠭᠡᠬᠦ ᠪᠣᠯᠤᠭᠰᠠᠨ ᠪᠠᠢᠨ᠎ᠠ᠃ ᠶᠠᠭᠤᠨ ᠳ᠋ᠤ᠌ ᠶᠠᠭᠠᠷᠠᠬᠤ ᠪᠣᠢ ᠳᠠ! ᠪᠦᠷ ᠯᠡ ᠡᠳ᠋ ᠠᠰᠢᠭ ᠭᠡᠳ ᠮᠣᠩᠬᠢᠨᠠᠵᠤ ᠪᠠᠢᠭ᠎ᠠ ᠪᠠᠢᠯᠭᠦᠢ! ᠭᠡᠪᠡᠴᠦ ᠠᠮᠢᠳᠤᠷᠠᠯ ᠤ᠋ᠨ ᠠᠵᠠ ᠵᠢᠷᠭᠠᠯ ᠪᠣᠯ ᠡᠪ ᠨᠠᠢᠷ ᠠᠵᠢᠯᠴᠢ ᠠᠷᠪᠢᠴᠢ ᠰᠤᠷᠲᠠᠯ ᠢ᠋ᠶ᠋ᠠᠷ ᠢᠷᠡᠵᠦ ᠰᠢᠢᠳᠪᠦᠷᠢᠯᠡᠭᠳᠡᠬᠦ ᠡᠴᠡ ᠪᠢᠰᠢ ᠮᠥᠩᠭᠥ ᠵᠣᠭᠣᠰ ᠢ᠋ᠶ᠋ᠠᠷ ᠰᠢᠢᠳᠪᠦᠷᠢᠯᠡᠭᠳᠡᠬᠦ ᠪᠢᠰᠢ ᠶᠦᠮ᠃ ᠣᠳᠣ ᠬᠥᠳᠡᠭᠡ ᠳ᠋ᠦ᠍20% ᠤ᠋ ᠮᠠᠯᠴᠢᠳ ᠨᠡᠯᠢᠶᠡᠳ ᠯᠠᠪᠳᠠᠭᠤᠨ ᠲᠣᠭᠲᠠᠭᠤᠨ ᠠᠮᠢᠳᠤᠷᠠᠯ ᠢ᠋ᠶ᠋ᠠᠨ ᠪᠠᠲᠤᠯᠠᠵᠤ ᠬᠠᠷᠢᠨ80% ᠤ᠋ ᠮᠠᠯᠴᠢᠳ ᠪᠠᠬᠠᠨ ᠬᠥᠯ ᠠᠯᠳᠠᠵᠤ ᠪᠠᠢᠬᠤ ᠰᠢᠭ᠋ ᠪᠠᠢᠨ᠎ᠠ᠃ ᠬᠥᠮᠦᠨ ᠬᠥᠮᠦᠨ ᠦ᠌ ᠬᠣᠭᠣᠷᠣᠨᠳᠣᠬᠢ ᠡᠶ᠎ᠡ ᠨᠠᠢᠷ ᠡᠪᠳᠡᠷᠡᠵᠦ ᠭᠡᠷ ᠪᠦᠯᠢ ᠶ᠋ᠢᠨ ᠬᠠᠯᠠᠭᠤᠨ ᠳᠤᠯᠠᠭᠠᠨ ᠪᠠᠭᠤᠷᠠᠵᠤ ᠪᠣᠢ᠃ ᠳᠡᠭᠡᠳᠦ ᠶ᠋ᠢᠨ ᠦᠶ᠎ᠡ ᠡᠴᠡ ᠪᠡᠨ ᠬᠠᠮᠵᠢᠯᠴᠠᠨ ᠡᠶ᠎ᠡ ᠨᠠᠢᠷᠰᠠᠭ ᠢ᠋ᠶ᠋ᠠᠷ ᠠᠮᠢᠳᠤᠷᠠᠭᠠᠳ ᠢᠷᠡᠭᠰᠡᠨ ᠬᠣᠶᠠᠷ ᠠᠢᠯ᠂ ᠭᠠᠵᠠᠷ ᠨᠤᠲᠤᠭ ᠲᠤ᠌ ᠨᠢ ᠮᠠᠯ ᠦᠬᠡᠷ ᠨᠢ ᠣᠷᠣᠭᠰᠠᠨ ᠠ᠋ᠴᠠ ᠪᠣᠯᠵᠤ ᠥᠰᠢᠶᠡᠲᠡᠨ ᠰᠢᠭ ᠠᠭᠠᠰᠢᠯᠠᠵᠤ ᠠᠯᠠᠵᠤ ᠪᠣᠯᠬᠤ ᠪᠠᠷ ᠬᠡᠯᠡᠯᠴᠡᠬᠦ ᠪᠣᠯᠵᠠᠢ᠃ ᠠᠪᠤ ᠳᠡᠭᠡᠳᠦ ᠶ᠋ᠢᠨ ᠨᠤᠲᠤᠭ ᠤᠰᠤ ᠪᠠᠨ ᠬᠠᠮᠲᠤ ᠪᠠᠷ ᠡᠳ᠋ᠯᠡᠵᠦ ᠰᠡᠯᠭᠦᠨ ᠮᠠᠯᠵᠢᠵᠤ ᠨᠡᠭᠦᠳᠡᠯᠯᠡᠨ ᠠᠮᠢᠳᠤᠷᠠᠵᠤ ᠢᠷᠡᠭᠰᠡᠨ ᠬᠥᠮᠦᠰ᠂ ᠠᠳᠬᠤ ᠡᠪᠡᠰᠦ ᠢᠮᠠᠬᠤ ᠲᠣᠣᠷ ᠤ᠋ᠨ ᠲᠥᠯᠥᠭᠡ ᠵᠠᠷᠭᠤᠯᠳᠤᠭᠠᠨ ᠪᠣᠯᠵᠤ ᠪᠣᠢ᠃ ᠣᠷᠴᠢᠮ ᠤ᠋ᠨ ᠭᠤᠴᠢᠨ ᠵᠢᠯ ᠳ᠋ᠦ᠍ ᠠᠵᠤ ᠠᠬᠤᠢ ᠶ᠋ᠢᠨ ᠲᠠᠯ᠎ᠠ ᠪᠠᠷ ᠶᠡᠬᠡ ᠲᠦᠷᠭᠡᠨ ᠬᠥᠭᠵᠢᠭᠰᠡᠨ ᠴᠦ᠍ ᠬᠥᠮᠦᠰ ᠦ᠋ᠨ ᠠᠵᠠ ᠵᠢᠷᠭᠠᠯ ᠤ᠋ᠨ ᠤᠬᠠᠮᠰᠠᠷ ᠬᠠᠷᠢᠨ ᠴᠤ᠌ ᠶᠡᠬᠡᠳᠡ ᠪᠠᠭᠤᠷᠠᠵᠠᠢ᠃ ᠣᠳᠣ ᠶ᠋ᠢᠨ ᠬᠥᠮᠦᠰ ᠶᠠᠪᠤᠬᠤ ᠳᠣᠳᠣᠮ ᠴᠠᠳᠴᠤ ᠬᠠᠨᠤᠰᠢ ᠦᠭᠡᠢ ᠰᠡᠳᠬᠢᠯ ᠲᠡᠢ ᠪᠣᠯᠵᠤ ᠤᠯᠠᠢᠬᠤ ᠶ᠋ᠢ ᠦᠵᠡᠪᠡᠯ ᠤᠷᠠᠭᠠᠳ ᠠᠪᠤᠮᠠᠷ᠂ ᠤᠨᠵᠢᠢᠬᠤ ᠶ᠋ᠢ ᠦᠵᠡᠪᠡᠯ ᠲᠠᠰᠤᠳᠠᠭᠠᠳ ᠠᠪᠤᠮᠠᠷ ᠬᠣᠪᠳᠣᠭ ᠠᠪᠯᠢᠭᠠᠴᠢ ᠪᠣᠯᠵᠠᠢ᠃ ᠡᠳ᠋ ᠮᠥᠩᠭᠥᠨ ᠦ᠌ ᠶᠡᠬᠡ ᠪᠠᠭ᠎ᠠ ᠪᠠᠷ ᠠᠮᠢᠳᠤᠷᠠᠯ ᠤ᠋ᠨ ᠵᠢᠷᠭᠠᠯ ᠲᠠᠢ ᠡᠰᠡᠬᠦ ᠨᠢ ᠲᠣᠭᠲᠠᠭᠠᠭᠳᠠᠬᠤ ᠦᠭᠡᠢ ᠭᠡᠳᠡᠭ ᠢ᠋ ᠲᠡᠳᠡᠭᠡᠷ ᠤᠴᠢᠷ ᠭᠡᠷᠡᠴᠢᠯᠡᠵᠦ ᠪᠣᠢ᠃ ᠵᠣᠭᠣᠰ ᠮᠥᠩᠭᠥ ᠡᠳ᠋ ᠠᠰᠢᠭ ᠤ᠋ᠨ ᠬᠥᠭᠡᠭᠡᠴᠡᠯᠳᠦᠯ ᠡᠴᠡ ᠶᠠᠩᠵᠤ ᠶ᠋ᠢᠨ ᠤᠴᠢᠷ ᠭᠠᠷᠴᠤ᠂ ᠬᠠᠷᠢᠯᠴᠠᠨ ᠮᠡᠬᠡᠯᠡᠬᠦ᠂ ᠬᠤᠳᠠᠯ ᠬᠡᠯᠡᠬᠦ᠂ ᠬᠠᠭᠤᠷᠮᠠᠭ ᠠᠭᠠᠰᠢᠯᠠᠬᠤ ᠵᠡᠷᠭᠡ ᠨᠢ ᠡᠩ ᠦ᠋ᠨ ᠬᠡᠷᠡᠭ ᠪᠣᠯᠵᠤ ᠬᠥᠮᠦᠰ ᠦ᠋ᠨ ᠰᠠᠢᠨ ᠰᠠᠢᠬᠠᠨ ᠵᠠᠩ ᠴᠢᠨᠠᠷ ᠡᠪᠳᠡᠭᠳᠡᠵᠦ᠂ ᠬᠡᠦᠬᠡᠳ ᠦ᠋ᠨ ᠭᠡᠨᠡᠨ ᠴᠠᠢᠯᠭᠠᠨ ᠰᠡᠳᠬᠢᠯᠭᠡ ᠭᠬᠢᠷᠲᠦᠯ ᠪᠣᠬᠢᠷᠳᠠᠯ ᠳ᠋ᠤ᠌ ᠣᠷᠣᠵᠤ ᠭᠡᠷ ᠦ᠋ᠨ ᠰᠤᠷᠭᠠᠯ ᠮᠠᠭᠤᠳᠠᠨ ᠶᠡᠬᠡ ᠰᠦᠢᠳ ᠪᠣᠯᠵᠤ ᠪᠣᠢ᠃ ᠭᠡᠷ ᠪᠦᠯᠢ ᠶ᠋ᠢᠨ ᠪᠠᠲᠤ ᠰᠠᠭᠤᠷᠢ ᠭᠤᠢᠪᠢᠯᠵᠠᠨ ᠬᠤᠪᠢ ᠬᠣᠪᠢᠨ ᠤ᠋ ᠠᠵᠢᠯ ᠳ᠋ᠤ᠌ ᠪᠠᠨ ᠶᠠᠭᠠᠷᠠᠭᠠᠳ ᠬᠡᠦᠬᠡᠳ ᠢ᠋ ᠬᠠᠷᠠᠵᠤ ᠬᠠᠷᠠᠭᠠᠯᠵᠠᠬᠤ ᠲᠠᠯ᠎ᠠ ᠪᠠᠷ ᠬᠥᠰᠡᠷᠳᠡᠬᠦ᠂ ᠡᠯᠢᠭᠡ ᠪᠦᠲᠦᠨ ᠠᠢᠯ ᠪᠦᠯᠢ ᠰᠠᠯᠵᠤ ᠪᠤᠲᠠᠷᠠᠨ ᠭᠠᠭᠴᠠ ᠠᠬᠠᠮᠠᠳ ᠲᠠᠢ ᠭᠡᠷ ᠪᠦᠯᠢ ᠣᠯᠠᠰᠢᠷᠠᠬᠤ᠂ ᠬᠦᠴᠦᠨ ᠦ᠌ ᠠᠵᠢᠯ ᠬᠢᠬᠦ ᠪᠡᠷ ᠬᠣᠯᠠ ᠶᠠᠪᠤᠵᠤ ᠨᠠᠰᠤᠲᠠᠨ ᠨᠢᠯᠬᠠᠰ ᠨᠢ ᠦᠯᠡᠳᠡᠵᠦ ᠵᠤᠳᠠᠷᠠᠬᠤ᠂ ᠥᠷᠢ ᠰᠢᠷᠢᠨ ᠳ᠋ᠦ᠍ ᠪᠠᠷᠢᠭᠳᠠᠵᠤ ᠡᠪᠡᠳᠴᠢᠨ ᠡᠮᠭᠡᠭ ᠲᠤ ᠣᠷᠢᠶᠠᠭᠳᠠᠬᠤ ᠭᠡᠳ᠁ ᠥᠩᠭᠡᠷᠡᠭᠰᠡᠨ ᠳ᠋ᠦ᠍ ᠶᠡᠷᠦ ᠪᠠᠢᠵᠤ ᠥᠩᠭᠡᠷᠡᠭᠡ ᠦᠭᠡᠢ ᠰᠡᠳᠬᠢᠯᠭᠡ ᠶ᠋ᠢᠨ ᠬᠢᠮᠤᠷᠠᠯ ᠭᠠᠷᠴᠤ ᠪᠣᠢ᠃ ᠡᠭᠦᠨ ᠦ᠌ ᠭᠣᠣᠯ ᠰᠢᠯᠲᠠᠭᠠᠨ ᠨᠢ ᠴᠠᠭ ᠦᠶ᠎ᠡ ᠶ᠋ᠢᠨ ᠬᠠᠢᠷ᠎ᠠ ᠨᠠᠢᠷ ᠦᠭᠡᠢ ᠶᠡᠬᠡ ᠬᠤᠪᠢᠰᠤᠯ ᠵᠠᠬ᠎ᠠ ᠵᠡᠭᠡᠯᠢ ᠶ᠋ᠢᠨ ᠶᠡᠬᠡ ᠥᠷᠢᠰᠦᠯᠳᠦᠭᠡᠨ᠂ ᠬᠥᠮᠦᠰ ᠦ᠋ᠨ ᠤᠤᠯ ᠤ᠋ᠨ ᠤᠯᠤᠰ ᠢ᠋ ᠬᠠᠷᠠᠵᠤ ᠵᠠᠰᠠᠭ ᠢ᠋ ᠴᠢᠷᠠᠢᠳᠠᠳᠠᠭ ᠨᠠᠢᠳᠠᠮᠠᠬᠠᠢ ᠪᠠᠢᠳᠠᠯ ᠢ᠋ ᠡᠪᠳᠡᠵᠦ ᠠᠯᠢ ᠪᠦᠬᠦᠨ ᠳ᠋ᠦ᠍ ᠪᠡᠶᠡᠳᠡᠨ ᠲᠤᠯᠬᠤ ᠪᠣᠯᠭᠠᠭᠰᠠᠨ ᠠ᠋ᠴᠠ ᠪᠣᠯᠵᠠᠢ᠃ ᠢᠩᠭᠢᠭᠰᠡᠨ ᠡᠴᠡ ᠬᠥᠮᠦᠰ ᠦ᠋ᠨ ᠤᠯᠠᠮᠵᠢᠯᠠᠯᠲᠤ ᠨᠤᠲᠤᠭ ᠤᠰᠤ ᠪᠠᠨ ᠲᠦᠰᠢᠨ ᠠᠮᠢᠳᠤᠷᠠᠬᠤ ᠲᠠᠢᠪᠤᠩ ᠪᠠᠢᠳᠠᠯ ᠠᠯᠳᠠᠭᠳᠠᠵᠤ ᠳᠠᠷᠤᠭᠠᠰᠤ ᠶᠡᠬᠡ ᠪᠣᠯᠵᠠᠢ᠃ ᠪᠠᠰᠠ ᠨᠡᠢᠭᠡᠮ ᠦ᠋ᠨ ᠬᠤᠪᠢᠶᠠᠷᠢᠯᠠᠯᠲᠠ ᠵᠣᠬᠢᠰ ᠦᠭᠡᠢ᠂ ᠣᠷᠣᠯᠭ᠎ᠠ ᠲᠡᠭᠰᠢ ᠪᠤᠰᠤ᠂ ᠨᠡᠩ ᠴᠦ᠍ ᠬᠢᠭᠰᠡᠨ ᠨᠢ ᠠᠯᠳᠠᠵᠤ ᠬᠢᠬᠦ ᠦᠭᠡᠢ ᠨᠢ ᠣᠯᠬᠤ ᠵᠡᠷᠭᠡ ᠪᠠᠢᠳᠠᠯ ᠨᠢ ᠬᠥᠮᠦᠰ ᠢ᠋ ᠨᠡᠢᠭᠡᠮ ᠳ᠋ᠦ᠍ ᠭᠣᠮᠣᠳᠠᠯ ᠲᠠᠢ ᠪᠣᠯᠭᠠᠵᠠᠢ᠃ ᠬᠥᠮᠦᠰ ᠦ᠋ᠨ ᠰᠡᠳᠬᠢᠯ ᠦ᠋ᠨ ᠣᠷᠣᠨ ᠵᠠᠢ ᠶᠠᠪᠤᠬᠤ ᠳᠣᠳᠣᠮ ᠢᠪᠴᠤᠷᠠᠵᠤ᠂ ᠬᠠᠷᠢᠯᠴᠠᠨ ᠢᠲᠡᠭᠡᠯᠴᠡᠵᠦ ᠲᠦᠰᠢᠯᠴᠡᠬᠦ ᠦᠭᠡᠢ ᠪᠣᠯᠵᠤ᠂ ᠠᠳᠠᠯᠢᠳᠬᠠᠭᠰᠠᠭᠠᠷ ᠪᠠᠢᠭᠠᠳ ᠡᠴᠦᠰ ᠲᠦ ᠪᠡᠨ ᠥᠪᠡᠷ ᠢ᠋ ᠪᠡᠨ ᠦᠭᠡᠢᠰᠬᠡᠵᠦ ᠰᠡᠳᠬᠢᠯ ᠢ᠋ᠶ᠋ᠡᠷ ᠶᠠᠳᠠᠷᠠᠵᠤ ᠪᠣᠢ᠃
   ᠡᠢᠮᠦ ᠡᠴᠡ ᠥᠪᠡᠷ ᠢ᠋ ᠪᠡᠨ ᠣᠢᠯᠠᠭᠠᠵᠤ ᠥᠪᠡᠷ ᠦ᠋ᠨ ᠠᠵᠢᠯ ᠦᠢᠯᠡᠰ ᠲᠦ ᠪᠡᠨ ᠢᠲᠡᠭᠡᠯ ᠲᠡᠭᠦᠯᠳᠡᠷ ᠪᠠᠢᠬᠤ ᠨᠢ ᠬᠠᠮᠤᠭ ᠤ᠋ᠨ ᠴᠢᠬᠤᠯᠠ ᠰᠡᠳᠬᠢᠴᠡ ᠶ᠋ᠢᠨ ᠬᠡᠪ ᠴᠢᠨᠠᠷ ᠶᠤᠮ᠃ ᠶᠡᠷᠦ ᠶ᠋ᠢᠨ ᠦᠭᠡᠨ ᠳ᠋ᠦ᠍ ᠢᠲᠡᠭᠡᠯ ᠪᠠ ᠵᠣᠷᠢᠭ ᠬᠣᠶᠠᠷ ᠪᠣᠯ ᠶᠢᠷᠲᠢᠨᠴᠦ ᠳ᠋ᠦ᠍ ᠳᠡᠪᠢᠬᠦ ᠬᠣᠣᠰ ᠵᠢᠭᠦᠷ ᠭᠡᠵᠦ ᠬᠡᠯᠡᠳᠡᠭ᠃ ᠢᠲᠡᠭᠡᠯ ᠲᠡᠢ ᠵᠣᠷᠢᠭ ᠲᠠᠢ ᠪᠠᠢᠭᠰᠠᠨ ᠴᠠᠭ ᠳᠤ ᠠᠮᠢᠳᠤᠷᠠᠯ ᠪᠣᠢ᠂ ᠠᠯᠢᠪᠠ ᠪᠦᠬᠦᠨ ᠪᠣᠢ᠃ ᠬᠥᠳᠡᠭᠡ ᠨᠤᠲᠤᠭ ᠪᠣᠯ ᠮᠠᠨ ᠤ᠋ ᠬᠢ! ᠬᠥᠳᠡᠭᠡ ᠨᠤᠲᠤᠭ ᠲᠤ᠌ ᠶᠠᠭᠤ ᠪᠦᠬᠦᠨ ᠪᠣᠢ᠃ ᠬᠣᠲᠠ ᠪᠣᠯ ᠵᠥᠪᠬᠡᠨ ᠮᠠᠨ ᠤ᠋ ᠪᠠᠢᠬᠤ ᠪᠦᠬᠦᠨ ᠢ᠋ᠶ᠋ᠡᠨ ᠪᠣᠷᠣᠯᠠᠭᠤᠯᠬᠤ ᠵᠠᠬ᠎ᠠ ᠳᠡᠯᠭᠡᠭᠦᠷ ᠲᠡᠳᠦᠢ ᠶᠦᠮ᠃ ᠪᠢᠳᠡ ᠬᠣᠲᠠ ᠳ᠋ᠤ᠌ ᠣᠷᠣᠵᠤ ᠬᠣᠭ ᠨᠣᠪᠰᠢ ᠲᠡᠭᠦᠵᠦ ᠠᠮᠢᠳᠤᠷᠠᠬᠤ ᠪᠢᠰᠢ᠂ ᠬᠠᠷᠢᠨ ᠬᠥᠳᠡᠭᠡ ᠪᠠᠢᠭ᠎ᠠ ᠪᠠᠢᠭᠠᠯᠢᠯᠢᠭ ᠵᠦᠢᠯᠡᠰ ᠣᠷᠭᠠᠨᠢᠭ ᠢᠳᠡᠭᠡᠨ ᠢ᠋ᠶ᠋ᠡᠨ ᠬᠣᠲᠠ ᠳ᠋ᠤ᠌ ᠠᠪᠴᠢᠷᠠᠨ ᠪᠣᠷᠣᠯᠠᠭᠤᠯᠵᠤ ᠠᠰᠢᠭ ᠬᠦᠷᠲᠡᠬᠦ ᠪᠣᠯᠤᠨ᠎ᠠ᠃ ᠪᠢᠳᠡ ᠡᠢᠮᠦ ᠰᠡᠳᠬᠢᠴᠡ ᠪᠡᠷ ᠠᠵᠢᠯᠯᠠᠪᠠᠯ ᠠᠵᠠ ᠵᠢᠷᠭᠠᠯ ᠢ᠋ ᠠᠢᠯ ᠠ᠋ᠴᠠ ᠡᠷᠢᠬᠦ ᠪᠢᠰᠢ ᠬᠠᠷᠢᠨ ᠠᠪᠳᠠᠷ᠎ᠠ ᠠ᠋ᠴᠠ ᠪᠠᠨ ᠠᠪᠪᠠᠯ ᠪᠣᠯᠴᠢᠬᠠᠨ᠎ᠠ᠃ ᠪᠢᠲᠡᠭᠡᠢ ᠬᠣᠲᠠᠴᠢᠯᠠᠯᠲᠠ ᠭᠡᠳᠡᠭ ᠦ᠋ᠨ ᠬᠢᠨᠢ ᠬᠤᠢ ᠰᠠᠯᠬᠢᠨ ᠳ᠋ᠤ᠌ ᠨᠢ ᠬᠠᠮᠤᠭᠳᠠᠵᠤ ᠬᠣᠭ ᠨᠣᠪᠰᠢᠨ ᠳ᠋ᠤ᠌ ᠨᠢ ᠪᠤᠯᠠᠭᠳᠠᠭᠠᠷᠠᠢ!
   ᠲᠡᠭᠡᠪᠡᠯ ᠪᠢᠳᠡ ᠪᠠᠰᠠ ᠬᠡᠵᠢᠶᠡᠳᠡ ᠬᠡᠳᠦᠨ ᠮᠠᠯ ᠢ᠋ᠶ᠋ᠠᠨ ᠬᠠᠷᠠᠵᠤ ᠭᠡᠷ ᠦ᠋ᠨ ᠮᠤᠬᠤᠷ ᠢ᠋ᠶ᠋ᠠᠨ ᠰᠠᠬᠢᠭᠠᠳ ᠪᠠᠢᠵᠤ ᠪᠣᠯᠬᠤ ᠦᠭᠡᠢ᠃ ᠦᠷᠭᠦᠯᠵᠢ ᠭᠠᠳᠠᠭᠰᠢ ᠭᠠᠷᠴᠤ ᠵᠤᠭᠠᠴᠠᠬᠤ ᠪᠠᠷ ᠳᠠᠮᠵᠢᠨ ᠭᠠᠳᠠᠨᠠᠬᠢ ᠶᠢᠷᠲᠢᠨᠴᠦ ᠲᠡᠢ ᠲᠠᠨᠢᠯᠴᠠᠬᠤ ᠬᠡᠷᠡᠭᠲᠡᠢ᠃ ᠶᠠᠫᠣᠨ ᠤ᠋ ᠲᠠᠷᠢᠶᠠᠴᠢᠳ ᠨᠢ ᠬᠦᠷᠲᠡᠯ᠎ᠡ ᠵᠢᠯ ᠪᠦᠷᠢ ᠨᠢᠭᠡ ᠰᠠᠷ᠎ᠠ ᠶ᠋ᠢᠨ ᠴᠠᠭ ᠭᠠᠷᠭᠠᠵᠤ ᠭᠠᠳᠠᠭᠠᠳᠤ ᠳ᠋ᠤ᠌ ᠵᠤᠭᠠᠴᠠᠳᠠᠭ ᠭᠡᠨ᠎ᠡ᠃ ᠪᠢᠳᠡ ᠡᠨᠡ ᠮᠡᠲᠦ ᠪᠡᠷ ᠬᠥᠭᠵᠢᠭᠰᠡᠨ ᠣᠷᠣᠨ ᠤ᠋ ᠬᠥᠮᠦᠰ ᠦ᠋ᠨ ᠶᠠᠭᠤ ᠬᠢᠵᠦ ᠶᠠᠭᠠᠬᠢᠵᠤ ᠠᠮᠢᠳᠤᠷᠠᠵᠤ ᠪᠠᠢᠬᠤ ᠶ᠋ᠢ ᠦᠵᠡᠵᠦ ᠰᠤᠷᠤᠯᠴᠠᠬᠤ ᠬᠡᠷᠡᠭᠲᠡᠢ᠃ ᠪᠢᠲᠡᠭᠡᠢ ᠬᠡᠳᠦᠨ ᠮᠥᠩᠭᠥ ᠪᠡᠨ ᠬᠣᠭᠣᠯᠠᠨ ᠭᠡᠷ ᠲᠤ ᠦᠷᠡᠭᠡᠳ ᠪᠠᠢᠶ᠎ᠠ᠃《 ᠣᠯᠪᠣᠭ ᠢ᠋ᠶ᠋ᠠᠨ ᠴᠣᠭᠣᠷᠠᠲᠠᠯ᠎ᠠ ᠰᠠᠭᠤᠭᠰᠠᠨ ᠮᠡᠷᠭᠡᠨ ᠡᠴᠡ ᠣᠯᠠᠨ ᠢ᠋ ᠲᠣᠭᠣᠷᠢᠭᠰᠠᠨ ᠮᠤᠩᠬᠠᠭ ᠳᠡᠭᠡᠷ᠎ᠡ》 ᠭᠡᠳᠡᠭ ᠪᠢᠰᠢ ᠤᠤ᠃
   ᠮᠠᠨ ᠤ᠋ ᠬᠦᠷᠰᠢ ᠵᠡᠷᠭᠡᠯᠡᠳᠡᠭᠡ ᠠᠢᠮᠠᠭ ᠬᠣᠲᠠ ᠶ᠋ᠢᠨ ᠬᠢᠨ ᠶᠠᠭᠤ ᠬᠢᠵᠦ ᠪᠠᠢᠬᠤ ᠪᠣᠢ? ᠬᠥᠷᠰᠢ ᠤᠯᠤᠰ ᠶᠠᠭᠤ ᠬᠢᠵᠦ ᠪᠠᠢᠬᠤ ᠪᠣᠢ? ᠲᠥᠯᠥᠪᠯᠡᠭᠡ ᠲᠡᠢ ᠵᠣᠬᠢᠶᠠᠨ ᠪᠠᠢᠭᠤᠯᠤᠯᠲᠠ ᠲᠠᠢ ᠵᠣᠷᠢᠯᠭ᠎ᠠ ᠲᠠᠢ ᠪᠠᠷ ᠭᠠᠳᠠᠭᠰᠢ ᠭᠠᠷᠴᠤ ᠦᠵᠡᠵᠦ ᠰᠣᠨᠢᠷᠬᠠᠵᠤ ᠵᠥᠷᠢᠶ᠎ᠡ ᠪᠡᠨ ᠡᠷᠢᠵᠦ ᠰᠤᠷᠤᠯᠴᠠᠪᠠᠯ ᠵᠣᠬᠢᠨ᠎ᠠ᠃ ᠠᠳᠠᠯᠢᠳᠬᠠᠪᠠᠯ ᠴᠣᠬᠣᠮ ᠬᠥᠭᠵᠢᠭᠰᠡᠨ ᠣᠷᠣᠨ ᠤ᠋ ᠬᠥᠮᠦᠰ ᠦ᠋ᠨ ᠬᠡᠪ ᠴᠢᠨᠠᠷ᠂ ᠦᠵᠡᠯ ᠤᠬᠠᠮᠰᠠᠷ ᠠᠳᠠᠯ ᠠᠮᠢᠳᠤᠷᠠᠯ ᠢ᠋ᠶ᠋ᠠᠨ ᠪᠤᠰᠬᠠᠵᠤ ᠪᠠᠢᠭ᠎ᠠ ᠠᠷᠭ᠎ᠠ ᠪᠠᠷᠢᠯ ᠲᠠᠢ ᠨᠢ ᠠᠳᠠᠯᠢᠳᠬ᠎ᠠ᠃ ᠡᠨᠡ ᠨᠢ ᠬᠣᠭᠣᠷᠣᠨᠳᠣ ᠪᠠᠨ ᠬᠠᠷᠢᠯᠴᠠᠨ ᠠᠲᠠᠭᠠᠷᠬᠠᠵᠤ ᠬᠣᠶᠠᠷ ᠵᠣᠭᠣᠰ ᠤ᠋ᠨ ᠣᠯᠵᠠ ᠪᠤᠯᠢᠶᠠᠯᠳᠤᠭᠰᠠᠨ ᠠ᠋ᠴᠠ ᠬᠣᠯᠠ ᠳᠡᠭᠡᠷ᠎ᠡ ᠪᠠᠢᠬ᠎ᠠ᠃
   ᠵᠠ ᠲᠡᠭᠡᠪᠡᠯ ᠳᠡᠭᠡᠷ᠎ᠡ ᠲᠠ ᠪᠦᠬᠦᠨ ᠲᠡᠢ ᠪᠡᠨ ᠭᠡᠷ ᠪᠦᠯᠢ ᠠᠳᠠᠯ ᠠᠮᠢᠳᠤᠷᠠᠯ ᠢ᠋ᠶ᠋ᠠᠨ ᠳᠣᠳᠣᠮᠳᠠᠬᠤ ᠲᠠᠯ᠎ᠠ ᠪᠠᠷ ᠵᠢᠭᠠᠬᠠᠨ ᠶᠠᠷᠢᠯᠴᠠᠯ᠎ᠠ᠃ ᠭᠣᠣᠯ ᠨᠢ ᠮᠠᠯᠴᠢᠨ ᠲᠦᠮᠡᠨ ᠮᠠᠨᠢ ᠨᠡᠢᠭᠡᠮ ᠦ᠋ᠨ ᠬᠥᠭᠵᠢᠯᠲᠡ ᠶ᠋ᠢᠨ ᠡᠮᠦᠨ᠎ᠡ ᠰᠠᠭᠤᠳᠠᠯ ᠵᠠᠭᠤᠳᠠᠯ ᠲᠠᠢ ᠪᠠᠢᠵᠤ᠂ ᠠᠮᠢᠳᠤᠷᠠᠯ ᠤ᠋ᠨ ᠬᠤᠪᠢᠷᠠᠯᠲᠠ ᠵᠢᠴᠢ ᠬᠣᠲᠠᠵᠢᠯᠲᠠ᠂ ᠦᠢᠯᠡᠳᠪᠦᠷᠢ ᠬᠤᠳᠠᠯᠳᠤᠭ᠎ᠠ ᠶ᠋ᠢ ᠵᠥᠪ ᠣᠢᠯᠠᠭᠠᠵᠤ᠂ ᠮᠠᠨ ᠠ᠋ᠴᠠ ᠬᠣᠯᠠᠬᠠᠨ ᠵᠦᠢᠯ ᠳ᠋ᠦ᠍ ᠳᠠᠭᠠᠵᠤ ᠳᠡᠷᠪᠡᠬᠦ ᠬᠡᠷᠡᠭ ᠦᠭᠡᠢ ᠭᠡᠰᠡᠨ ᠰᠠᠨᠠᠭ᠎ᠠ ᠶ᠋ᠢ ᠶᠠᠷᠢᠬᠤ ᠭᠡᠰᠡᠨ ᠶᠦᠮ᠃ ᠬᠣᠵᠢᠮ ᠢᠯᠡᠭᠦᠬᠡᠨ ᠬᠠᠮᠵᠢᠯᠴᠠᠵᠤ ᠶᠠᠪᠤᠶ᠎ᠠ᠃ ᠮᠣᠩᠭᠣᠯ ᠲᠦᠮᠡᠨ ᠮᠠᠨᠢ ᠰᠡᠳᠬᠢᠯ ᠥᠭᠡᠳᠡ ᠶᠠᠪᠤᠶ᠎ᠠ᠂ ᠰᠡᠳᠬᠢᠯ ᠥᠭᠡᠳᠡ ᠬᠥᠮᠦᠰ ᠦ᠋ᠨ ᠴᠢᠷᠠᠢ ᠥᠭᠡᠳᠡ᠂ ᠴᠢᠷᠠᠢ ᠥᠭᠡᠳᠡ ᠬᠥᠮᠦᠰ ᠦ᠋ᠨ ᠵᠠᠶᠠᠭ᠎ᠠ ᠥᠭᠡᠳᠡ ᠪᠠᠢᠬᠤ ᠨᠢ ᠯᠠᠪᠲᠠᠢ! ᠲᠠ ᠪᠦᠬᠦᠨ ᠳ᠋ᠦ᠍ ᠪᠡᠨ ᠠᠵᠠ ᠵᠢᠷᠭᠠᠯ ᠰᠠᠢᠨ ᠰᠠᠢᠬᠠᠨ ᠪᠦᠬᠦᠨ ᠢ᠋ ᠬᠦᠰᠡᠨ ᠵᠥᠩᠨᠡᠭᠡᠳ ᠶᠠᠷᠢᠯᠴᠠᠭ᠎ᠠ ᠪᠠᠨ ᠲᠦᠷ ᠵᠠᠪᠰᠠᠷᠯᠠᠶ᠎ᠠ᠃

※ ᠢᠷᠡᠯᠲᠡ᠄
ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠦᠨ ᠲᠠᠷᠬᠠᠭᠠᠪᠠ
ᠬᠥᠬᠡᠬᠣᠲᠠ ᠶ᠋ᠢᠨ ᠪᠠᠶᠠᠨ ᠬᠡᠪᠯᠡᠯ ᠦ᠋ᠨ ᠺᠣᠮᠫᠠᠨᠢ ᠬᠡᠪᠯᠡᠪᠡ
2013 ᠣᠨ ᠤ᠋5 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
2014 ᠣᠨ ᠤ᠋4 ᠰᠠᠷ᠎ᠠ ᠳ᠋ᠤ᠌ ᠬᠣᠶᠠᠳᠠᠬᠢ ᠤᠳᠠᠭ᠎ᠠ ᠬᠡᠪᠯᠡᠪᠡ

   ᠦᠰᠦᠭ ᠠᠮᠢᠯᠠᠭᠤᠯᠤᠭᠴᠢ᠄ ᠪᠠᠶᠠᠨᠰᠡᠷᠡᠩ᠂ ᠣᠳᠬᠠᠨᠴᠡᠴᠡᠭ᠂ ᠰᠡᠬᠡᠭᠡᠷᠡᠯ᠂ ᠱᠠᠭᠰᠠᠯ᠂ ᠲᠤᠶᠠᠭ᠎ᠠ᠂ ᠣᠶᠤᠨᠴᠡᠴᠡᠭ 
   ᠬᠢᠨᠠᠭᠴᠢ᠄ ᠰᠡᠬᠡᠭᠡᠷᠡᠯ᠂ ᠣᠳᠬᠠᠨᠰᠣ᠎ᠠ᠂ ᠲᠤᠶᠠᠭ᠎ᠠ