ᠭᠡᠷ ᠪᠦᠯᠢ ᠶ᠋ᠢᠨ ᠰᠤᠷᠤᠯᠴᠠᠯᠭ᠎ᠠ ᠶ᠋ᠢᠨ ᠠᠭᠠᠷ ᠢ᠋ ᠪᠣᠢ ᠪᠣᠯᠭᠠᠶ᠎ᠠ-ᠬᠡᠦᠬᠡᠳ ᠦ᠋ᠨ ᠬᠥᠮᠦᠵᠢᠯ ᠳ᠋ᠦ᠍ ᠭᠡᠷ ᠦ᠋ᠨ ᠠᠬᠠᠮᠠᠳ ᠤ᠋ᠨ ᠠᠩᠬᠠᠷᠬᠤ ᠵᠦᠢᠯ ᠦ᠋ᠳ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ3-14-ᠪᠣᠯᠣᠴᠢᠯᠠᠭᠤ
ᠠᠷᠪᠠᠨ ᠳᠥᠷᠪᠡ᠂ ᠭᠡᠷ ᠪᠦᠯᠢ ᠶ᠋ᠢᠨ ᠰᠤᠷᠤᠯᠴᠠᠯᠭ᠎ᠠ ᠶ᠋ᠢᠨ ᠠᠭᠠᠷ ᠢ᠋ ᠪᠣᠢ ᠪᠣᠯᠭᠠᠶ᠎ᠠ
ᠶᠠᠭᠤᠨ ᠤ᠋ ᠡᠮᠦᠨ᠎ᠡ ᠰᠤᠷᠤᠯᠴᠠᠯᠭ᠎ᠠ ᠭᠡᠳᠡᠭ ᠶᠠᠭᠤ ᠪᠣᠯᠬᠤ ᠲᠤᠬᠠᠢ ᠵᠥᠪ ᠣᠢᠯᠠᠭᠠᠯᠲᠠ ᠲᠠᠢ ᠪᠠᠢᠬᠤ ᠬᠡᠷᠡᠭᠲᠡᠢ᠃ ᠦᠨᠡᠨ ᠳ᠋ᠦ᠍ ᠪᠡᠨ ᠬᠥᠮᠦᠰ ᠲᠥᠷᠥᠬᠦ ᠡᠴᠡ ᠦᠬᠦᠬᠦ ᠬᠦᠷᠲᠡᠯᠡᠬᠢ ᠬᠤᠭᠤᠴᠠᠭᠠᠨ ᠳ᠋ᠤ᠌ ᠡᠳᠦᠷ ᠪᠣᠯᠭᠠᠨ ᠰᠢᠨ᠎ᠡ ᠶᠠᠭᠤᠮ᠎ᠠ ᠦᠵᠡᠵᠦ᠂ ᠰᠢᠨ᠎ᠡ ᠰᠠᠨᠠᠭ᠎ᠠ ᠤᠷᠭᠤᠵᠤ᠂ ᠰᠢᠨ᠎ᠡ ᠮᠡᠳᠡᠯᠭᠡ ᠰᠤᠷᠴᠤ ᠯᠠ ᠪᠠᠢᠳᠠᠭ᠂ ᠭᠠᠭᠴᠠᠬᠦ ᠬᠡᠦᠬᠡᠳ ᠦ᠋ᠨ ᠬᠢᠴᠢᠶᠡᠯ ᠨᠣᠮ ᠰᠤᠷᠬᠤ ᠶ᠋ᠢ ᠯᠡ ᠰᠤᠷᠤᠯᠴᠠᠯᠭ᠎ᠠ ᠭᠡᠮᠡᠨ ᠦᠵᠡᠬᠦ ᠪᠣᠯ ᠲᠤᠩ ᠢᠪᠴᠤᠤ ᠲᠠᠨᠢᠯᠲᠠ ᠪᠣᠯᠬᠤ ᠶᠤᠮ᠃ ᠵᠠᠩᠭᠢᠯᠠᠭ᠎ᠠ ᠨᠢ ᠶᠠᠭᠤᠨ ᠤ᠋ ᠲᠥᠯᠥᠭᠡ ᠰᠤᠷᠬᠤ᠂ ᠶᠠᠭᠤ ᠰᠤᠷᠬᠤ᠂ ᠶᠠᠭᠠᠬᠢᠵᠤ ᠰᠤᠷᠬᠤ ᠭᠡᠬᠦ ᠮᠡᠲᠦ ᠠᠰᠠᠭᠤᠯᠲᠠ ᠳ᠋ᠤ᠌ ᠵᠥᠪ ᠰᠣᠩᠭᠣᠯᠲᠠ ᠲᠠᠢ ᠬᠠᠨᠳᠤᠬᠤ ᠳ᠋ᠤ᠌ ᠪᠠᠢᠭ᠎ᠠ᠂ ᠲᠡᠭᠡᠬᠦ ᠡᠴᠡ ᠰᠤᠷᠤᠯᠴᠠᠯᠭ᠎ᠠ ᠪᠣᠯ ᠨᠠᠰᠤᠨ ᠲᠤᠷᠰᠢᠳᠠ ᠶ᠋ᠢᠨ ᠭᠡᠳᠡᠭ᠃ ᠪᠢᠳᠡ ᠬᠡᠦᠬᠡᠳ ᠲᠦ᠍ ᠪᠡᠨ ᠠᠵᠢᠯ ᠠᠮᠢᠳᠤᠷᠠᠯ᠂ ᠬᠥᠮᠦᠨ ᠪᠣᠯᠤᠨ ᠲᠥᠯᠥᠪᠰᠢᠬᠦ ᠠᠯᠢᠪᠠ ᠪᠦᠬᠦᠨ ᠢ᠋ ᠰᠤᠷᠤᠯᠴᠠᠬᠤ ᠰᠠᠢᠨ ᠰᠠᠢᠬᠠᠨ ᠭᠡᠷ ᠪᠦᠯᠢ ᠶ᠋ᠢᠨ ᠣᠷᠴᠢᠨ ᠢ᠋ ᠪᠣᠢ ᠪᠣᠯᠭᠠᠬᠤ ᠪᠠᠷ ᠴᠢᠷᠮᠠᠢᠬᠤ ᠬᠡᠷᠡᠭᠲᠡᠢ᠃
ᠣᠳᠣᠬᠠᠨ ᠳ᠋ᠤ᠌ ᠬᠢᠴᠢᠶᠡᠯ ᠨᠣᠮ ᠳ᠋ᠤ᠌ ᠪᠠᠨ ᠰᠣᠨᠢᠷᠬᠠᠯ ᠦᠭᠡᠢ᠂ ᠨᠣᠮ ᠪᠠᠷᠢᠪᠠᠯ ᠨᠣᠢᠷ ᠨᠢ ᠬᠦᠷᠦᠭᠡᠳ ᠰᠤᠷᠤᠯᠴᠠᠬᠤ ᠤᠷᠮ᠎ᠠ ᠦᠭᠡᠢ ᠬᠡᠦᠬᠡᠳ ᠲᠤᠩ ᠣᠯᠠᠰᠢᠷᠠᠵᠤ ᠪᠠᠢᠨ᠎ᠠ᠃ ᠡᠳᠡᠭᠡᠷ ᠨᠢ ᠬᠡᠦᠬᠡᠳ ᠦ᠋ᠨ ᠦᠵᠡᠬᠦ ᠬᠡᠦᠬᠡᠯᠳᠡᠢ ᠺᠢᠨᠣ᠋᠂ ᠲᠧᠯᠸᠢᠰ᠂ ᠨᠧᠲ ᠲᠣᠭᠯᠠᠭᠠᠮ ᠣᠯᠠᠰᠢᠷᠠᠭᠰᠠᠨ ᠠ᠋ᠴᠠ ᠭᠠᠳᠠᠨ᠎ᠠ ᠭᠡᠷ ᠪᠦᠯᠢ ᠶ᠋ᠢᠨ ᠠᠮᠢᠳᠤᠷᠠᠯ ᠤ᠋ᠨ ᠰᠤᠷᠲᠠᠯ ᠲᠠᠢ ᠶᠡᠬᠡ ᠬᠣᠯᠪᠣᠭ᠎ᠠ ᠲᠠᠢ᠂ ᠭᠡᠷ ᠲᠦ᠍ ᠪᠡᠨ ᠨᠣᠮ ᠪᠠᠷᠢᠬᠤ ᠬᠥᠮᠦᠨ ᠦᠭᠡᠢ᠂ ᠦᠯᠢᠭᠡᠷ ᠱᠣᠭ ᠶᠠᠷᠢᠬᠤ ᠳᠠᠳᠬᠠᠯ ᠦᠭᠡᠢ᠂ ᠬᠡᠦᠬᠡᠳ ᠲᠡᠢ ᠪᠡᠨ ᠶᠠᠷᠢᠬᠤ ᠵᠣᠭᠣᠭᠳᠠᠬᠤ ᠶ᠋ᠢ ᠮᠡᠳᠡᠬᠦ ᠦᠭᠡᠢ᠂ ᠬᠡᠦᠬᠡᠳ ᠦ᠋ᠨ ᠰᠤᠷᠴᠤ ᠤᠷᠤᠯᠳᠤᠵᠤ ᠪᠠᠢᠬᠤ ᠶ᠋ᠢ ᠠᠩᠬᠠᠷᠴᠤ ᠬᠠᠯᠠᠮᠵᠢᠯᠠᠬᠤ ᠦᠭᠡᠢ᠂ ᠡᠳᠦᠷᠵᠢᠨ ᠠᠰᠢᠭ ᠣᠯᠵᠠ ᠭᠡᠮᠡᠨ ᠶᠠᠭᠠᠷᠠᠯᠳᠤᠭᠠᠳ ᠰᠠᠭᠤᠳᠠᠯ ᠪᠠᠷᠢᠳᠠᠯ ᠠᠯᠳᠠᠭᠰᠠᠨ ᠭᠡᠷ ᠪᠦᠯᠢ ᠶ᠋ᠢᠨ ᠣᠷᠴᠢᠨ ᠳ᠋ᠤ᠌ ᠥᠰᠴᠦ ᠪᠠᠢᠭ᠎ᠠ ᠬᠡᠦᠬᠡᠳ ᠬᠢᠴᠢᠶᠡᠯ ᠰᠤᠷᠤᠯᠭ᠎ᠠ ᠳ᠋ᠤ᠌ ᠪᠠᠨ ᠰᠣᠨᠢᠷᠬᠠᠯ ᠦᠭᠡᠢ᠂ ᠪᠠᠭᠰᠢ ᠨᠥᠬᠥᠳ ᠲᠡᠢ ᠪᠡᠨ ᠨᠡᠢᠯᠡᠮᠵᠢ ᠮᠠᠭᠤᠲᠠᠢ ᠪᠠᠢᠳᠠᠭ᠂ ᠲᠡᠭᠡᠬᠦ ᠡᠴᠡ ᠪᠢᠳᠡ ᠪᠦᠬᠦᠨ ᠭᠡᠷ ᠪᠦᠯᠢ ᠳ᠋ᠦ᠍ ᠪᠡᠨ ᠬᠠᠮᠤᠭ ᠨᠠᠭᠠᠳᠤ ᠵᠠᠬ᠎ᠠ ᠶ᠋ᠢᠨ ᠰᠣᠶᠣᠯ ᠤ᠋ᠨ ᠠᠭᠠᠷ ᠲᠠᠢ ᠪᠠᠢᠬᠤ ᠶ᠋ᠢ ᠬᠢᠴᠢᠶᠡᠶ᠎ᠡ!
1. ᠥᠨᠥᠳᠥᠷ ᠦ᠋ᠨ ᠬᠡᠦᠬᠡᠳ ᠵᠠᠯᠠᠭᠤᠴᠤᠳ ᠪᠠᠢᠭᠠᠯᠢ ᠣᠷᠴᠢᠨ ᠠ᠋ᠴᠠ ᠪᠠᠨ ᠲᠤᠩ ᠬᠣᠯᠠᠳᠠᠵᠤ ᠪᠠᠢᠨ᠎ᠠ᠂ ᠬᠥᠮᠦᠨ ᠲᠥᠷᠥᠯᠬᠢᠲᠡᠨ ᠬᠤᠷᠴᠠ ᠰᠡᠷᠭᠡᠭ ᠰᠠᠷᠠᠯ ᠮᠡᠳᠡᠷᠡᠮᠵᠢ ᠶ᠋ᠢ ᠪᠦᠷ ᠪᠠᠢᠭᠠᠯᠢ ᠣᠷᠴᠢᠨ ᠠᠭᠤᠯᠠ ᠤᠰᠤ ᠤᠷᠭᠤᠮᠠᠯ ᠠᠮᠢᠲᠠᠨ ᠠ᠋ᠴᠠ ᠣᠯᠵᠤ ᠪᠠᠢᠳᠠᠭ᠃ ᠲᠦᠮᠡ ᠲᠦᠴᠢᠭᠢᠨᠡᠵᠦ ᠪᠤᠮ ᠪᠤᠵᠢᠭᠢᠨᠠᠭᠰᠠᠨ ᠦᠢᠮᠡᠭᠡᠨ ᠱᠤᠤᠭᠢᠶᠠᠨ ᠲᠠᠢ ᠬᠣᠲᠠ ᠶ᠋ᠢᠨ ᠣᠷᠴᠢᠨ ᠳ᠋ᠤ᠌ ᠬᠥᠮᠦᠰ ᠦ᠋ᠨ ᠰᠠᠷᠠᠯ ᠮᠡᠳᠡᠷᠡᠮᠵᠢ ᠪᠦᠷ ᠵᠢᠪᠡᠷᠡᠵᠦ ᠳᠥᠵᠢᠷᠳᠡᠭ᠂ ᠨᠠᠮ ᠰᠡᠯᠡᠭᠦᠦ᠂ ᠠᠭᠤᠳᠠᠮ ᠲᠡᠨᠢᠭᠡᠷ᠂ ᠡᠷᠭᠢᠬᠦ ᠳᠥᠷᠪᠡᠨ ᠤᠯᠠᠷᠢᠯ ᠳ᠋ᠤ᠌ ᠪᠠᠨ ᠬᠤᠪᠢᠷᠠᠯᠲᠠ ᠶᠡᠬᠡᠲᠡᠢ ᠠᠮᠢᠳᠤ ᠪᠠᠢᠭᠠᠯᠢ ᠳ᠋ᠤ᠌ ᠪᠠᠨ ᠣᠢᠷᠠᠬᠠᠨ ᠪᠠᠢᠪᠠᠯ ᠬᠥᠮᠦᠰ ᠦ᠋ᠨ ᠬᠠᠷᠠᠭ᠎ᠠ᠂ ᠰᠣᠨᠣᠷ᠂ ᠴᠡᠭᠡᠵᠢᠯᠡᠬᠦᠢ᠂ ᠠᠵᠢᠭᠯᠠᠬᠤᠢ ᠪᠦᠬᠦ ᠰᠠᠷᠠᠯ ᠬᠤᠷᠴᠠ ᠴᠣᠪᠣᠭᠣ ᠪᠣᠯᠳᠠᠭ᠃ ᠲᠡᠢᠮᠦ ᠡᠴᠡ ᠬᠣᠲᠠ ᠶ᠋ᠢᠨ ᠣᠷᠴᠢᠨ ᠳ᠋ᠤ᠌ ᠠᠮᠢᠳᠤᠷᠠᠵᠤ ᠪᠠᠢᠭ᠎ᠠ ᠬᠥᠮᠦᠰ ᠬᠡᠦᠬᠡᠳ ᠢ᠋ᠶ᠋ᠡᠨ ᠦᠷᠭᠦᠯᠵᠢ ᠴᠡᠴᠡᠷᠯᠢᠭ᠂ ᠤᠰᠤ ᠤᠷᠭᠤᠮᠠᠯ ᠲᠠᠢ ᠣᠷᠴᠢᠨ᠂ ᠦᠢᠮᠡᠭᠡᠨ ᠱᠤᠤᠭᠢᠶᠠᠨ ᠠ᠋ᠴᠠ ᠵᠠᠢᠳᠠᠭᠤ ᠬᠣᠲᠠ ᠶ᠋ᠢᠨ ᠲᠡᠭᠦᠷᠭᠡ ᠪᠤᠶᠤ ᠬᠥᠳᠡᠭᠡ ᠶᠠᠪᠤᠭᠤᠯᠵᠤ ᠪᠠᠢᠭᠠᠷᠠᠢ᠃
2. ᠰᠤᠷᠤᠯᠴᠠᠯᠭ᠎ᠠ ᠭᠡᠳᠡᠭ ᠴᠢᠨᠢ ᠦᠨᠡᠨ ᠳ᠋ᠦ᠍ ᠪᠡᠨ ᠲᠣᠭᠯᠠᠭᠠᠮ ᠨᠠᠭᠠᠳᠬᠤ ᠲᠠᠢ ᠡᠭᠡᠭᠡ ᠠᠳᠠᠯᠢᠬᠠᠨ ᠪᠡᠶ᠎ᠡ ᠰᠡᠳᠬᠢᠴᠡ ᠶ᠋ᠢᠨ ᠠᠵᠢᠯᠯᠠᠭ᠎ᠠ ᠪᠠᠢᠭ᠎ᠠ ᠃ ᠪᠢᠳᠡ ᠬᠡᠦᠬᠡᠳ ᠦ᠋ᠨ ᠢ᠋ᠶ᠋ᠡᠨ ᠨᠠᠭᠠᠳᠬᠤ ᠶ᠋ᠢ ᠬᠠᠰᠢᠵᠤ᠂ ᠬᠢᠴᠢᠶᠡᠯ ᠰᠤᠷᠬᠤ ᠶ᠋ᠢ ᠨᠢ ᠠᠯᠪᠠᠳᠠᠭᠰᠠᠭᠠᠷ ᠪᠠᠢᠵᠤ᠂ ᠨᠣᠮ ᠬᠢᠴᠢᠶᠡᠯ ᠭᠡᠮᠡᠨ ᠰᠣᠨᠣᠰᠤᠮᠠᠭᠴᠠ《ᠰᠢᠷᠠᠳᠠᠬᠤ》 ᠳ᠋ᠤ᠌ ᠬᠦᠷᠭᠡᠵᠡᠢ᠃ ᠲᠡᠭᠡᠬᠦ ᠡᠴᠡ ᠭᠡᠷ ᠦ᠋ᠨ ᠠᠬᠠᠮᠠᠳ ᠪᠣᠯᠣᠭᠰᠠᠳ ᠬᠡᠦᠬᠡᠳ ᠦ᠋ᠨ ᠰᠤᠷᠤᠯᠴᠠᠬᠤ ᠪᠣᠯᠤᠨ ᠨᠠᠭᠠᠳᠴᠤ ᠲᠣᠭᠯᠠᠬᠤ ᠳ᠋ᠤ᠌ ᠢᠵᠢᠯᠬᠡᠨ ᠣᠪᠣᠷ ᠰᠡᠳᠬᠢᠯᠭᠡ ᠪᠡᠷ ᠬᠠᠨᠳᠤᠵᠤ ᠴᠢᠳᠠᠪᠠᠯ ᠰᠠᠶᠢ ᠬᠡᠦᠬᠡᠳ ᠲᠦ᠍ ᠪᠡᠨ ᠪᠢᠳᠡ ᠰᠤᠷᠤᠯᠴᠠᠯᠭ᠎ᠠ ᠶ᠋ᠢᠨ ᠲᠤᠬᠠᠢ ᠡᠷᠡᠭᠦᠯ ᠰᠡᠳᠬᠢᠴᠡ ᠣᠯᠭᠣᠵᠤ ᠴᠢᠳᠠᠨ᠎ᠠ᠃ ᠳᠠᠷᠤᠢ ᠰᠤᠷᠤᠯᠴᠠᠯᠭ᠎ᠠ ᠶ᠋ᠢ ᠲᠣᠭᠯᠠᠭᠠᠮ ᠪᠣᠯᠭᠠᠵᠤ᠂ ᠲᠣᠭᠯᠠᠭᠠᠮ ᠢ᠋ ᠰᠤᠷᠤᠯᠴᠠᠯᠭ᠎ᠠ ᠪᠣᠯᠭᠠᠵᠤ ᠴᠢᠳᠠᠪᠠᠯ ᠭᠠᠢᠬᠠᠮᠰᠢᠭ᠂ ᠥᠩᠭᠡᠷᠡᠭᠰᠡᠨ ᠦ᠌ ᠨᠠᠰᠤᠲᠠᠳ ᠬᠡᠦᠬᠡᠳ ᠣᠮᠪᠣᠯᠣ ᠳ᠋ᠠᠭᠠᠨ ᠠᠯᠢ ᠳᠤᠷᠠᠲᠠᠢ ᠲᠣᠭᠯᠠᠭᠠᠮ ᠢ᠋ ᠬᠠᠮᠵᠢᠵᠤ ᠪᠠᠢᠮᠠᠨ ᠬᠢᠵᠦ ᠥᠭᠳᠡᠭ ᠨᠢ ᠤᠬᠠᠭᠠᠨᠲᠠᠢ ᠠᠮᠢᠳᠤᠷᠠᠯ ᠤ᠋ᠨ ᠰᠤᠷᠤᠯᠴᠠᠯᠭ᠎ᠠ ᠪᠠᠢᠭᠰᠠᠨ ᠳᠠ᠃
3. ᠬᠡᠦᠬᠡᠳ ᠰᠤᠷᠤᠯᠴᠠᠬᠤ ᠳ᠋ᠤ᠌ ᠪᠠᠨ ᠲᠤᠩ ᠬᠦᠴᠢᠷᠳᠡᠵᠦ ᠪᠠᠢᠪᠠᠯ ᠯᠠᠪᠲᠠᠢ ᠠᠷᠭ᠎ᠠ ᠰᠡᠳᠬᠢᠮᠵᠢ ᠨᠢ ᠲᠣᠬᠢᠷᠠᠮᠵᠢ ᠦᠭᠡᠢ ᠪᠠᠢᠨ᠎ᠠ ᠭᠡᠮᠡᠨ ᠣᠢᠯᠠᠭᠠᠵᠤ ᠪᠣᠯᠤᠨ᠎ᠠ᠂ ᠰᠤᠷᠬᠤ ᠶ᠋ᠢ ᠰᠤᠳᠤᠯᠳᠠᠭ ᠠᠷᠭ᠎ᠠ ᠵᠦᠢᠴᠢ ᠪᠠᠭᠰᠢ ᠠ᠋ᠴᠠ ᠵᠥᠪᠳᠡᠯ ᠠᠪᠬᠤ ᠪᠤᠶᠤ ᠬᠡᠦᠬᠡᠳ ᠲᠡᠢ ᠪᠡᠨ ᠬᠠᠮᠲᠤᠷᠠᠨ᠂ ᠰᠤᠷᠬᠤ ᠠᠷᠭ᠎ᠠ ᠰᠤᠳᠤᠯᠵᠤ ᠰᠦᠪᠡᠭᠴᠢᠯᠡᠵᠦ ᠦᠵᠡᠭᠡᠷᠡᠢ᠂ ᠡᠢᠮᠦᠷᠬᠦ ᠣᠷᠣᠯᠳᠣᠯᠭ᠎ᠠ ᠳᠤᠮᠳᠠ ᠠ᠋ᠴᠠ ᠦᠨᠡᠬᠡᠷ ᠪᠡᠶ᠎ᠡ ᠳ᠋ᠦ᠍ ᠪᠡᠨ ᠲᠣᠬᠢᠷᠠᠭᠰᠠᠨ ᠳᠥᠭᠥᠮ ᠬᠢᠯᠪᠠᠷ ᠠᠷᠭ᠎ᠠ ᠤᠬᠠᠭᠠᠨ ᠣᠯᠵᠤ ᠴᠢᠳᠠᠪᠠᠯ ᠬᠡᠦᠬᠡᠳ ᠴᠢᠨᠢ ᠪᠡᠶ᠎ᠡ ᠪᠡᠨ ᠳᠠᠭᠠᠭᠠᠵᠤ ᠰᠤᠷᠤᠯᠴᠠᠬᠤ ᠠᠷᠭ᠎ᠠ ᠵᠦᠢ ᠡᠵᠡᠮᠰᠢᠯ᠎ᠡ ᠭᠡᠰᠡᠨ ᠦᠭᠡ᠃ ᠬᠡᠦᠬᠡᠳ ᠡᠨᠳᠡ ᠡᠴᠡ ᠰᠤᠷᠴᠤ ᠰᠤᠳᠤᠯᠬᠤ ᠶ᠋ᠢᠨ ᠠᠮᠲᠠ ᠰᠢᠮᠲᠡ ᠶ᠋ᠢ ᠣᠯᠳᠠᠭ᠃
4. ᠬᠡᠦᠬᠡᠳ ᠦ᠋ᠨ ᠣᠢ ᠪᠢᠯᠢᠭ ᠢ᠋ ᠨᠡᠭᠡᠭᠡᠨ ᠬᠥᠭᠵᠢᠭᠦᠯᠬᠦ ᠳ᠋ᠦ᠍ ᠶᠠᠭᠤᠮ᠎ᠠ ᠪᠦᠬᠦᠨ ᠢ᠋ ᠪᠠᠷᠢᠮᠵᠢᠶ᠎ᠠ ᠬᠠᠷᠢᠭᠤᠯᠲᠠ ᠲᠠᠢ ᠬᠡᠯᠡᠵᠦ ᠮᠡᠳᠡᠭᠦᠯᠬᠦ ᠶ᠋ᠢ ᠴᠡᠭᠡᠷᠯᠡᠬᠦ ᠬᠡᠷᠡᠭᠲᠡᠢ᠃ ᠪᠢᠳᠡ ᠠᠯᠢᠪᠠ ᠶ᠋ᠢ ᠪᠠᠷᠢᠮᠵᠢᠶ᠎ᠠ ᠬᠠᠷᠢᠭᠤᠯᠲᠠ ᠪᠠᠷ ᠰᠡᠳᠬᠢᠭᠰᠡᠭᠡᠷ ᠪᠠᠢᠵᠤ᠂ ᠬᠡᠦᠬᠡᠳ ᠦ᠋ᠨ ᠤᠷᠭᠤᠵᠤ ᠳᠡᠯᠭᠡᠷᠡᠵᠦ ᠪᠠᠢᠭ᠎ᠠ ᠠᠮᠢᠳᠤ ᠰᠡᠳᠬᠢᠬᠦᠢ ᠶ᠋ᠢ ᠥᠯᠥᠭᠡᠢ ᠳ᠋ᠦ᠍ ᠨᠢ ᠪᠣᠭᠣᠮᠢᠯᠠᠵᠤ ᠬᠠᠶᠠᠭᠰᠠᠨ ᠢ᠋ᠶ᠋ᠠᠨ ᠮᠡᠳᠡᠬᠦ ᠬᠡᠷᠡᠭᠲᠡᠢ᠃ ᠬᠡᠦᠬᠡᠳ ᠶᠠᠮᠠᠷᠪᠠ ᠠᠰᠠᠭᠤᠳᠠᠯ ᠳ᠋ᠤ᠌ ᠣᠯᠠᠨ ᠳ᠋ᠦᠩ ᠬᠠᠷᠢᠭᠤ ᠣᠯᠵᠤ᠂ ᠦᠵᠡᠯᠲᠡ ᠪᠡᠨ ᠮᠠᠷᠭᠤᠵᠤ ᠰᠤᠳᠤᠯᠬᠤ ᠳᠤᠮᠳᠠ ᠠ᠋ᠴᠠ ᠬᠠᠮᠤᠭ ᠲᠣᠬᠢᠷᠠᠮᠵᠢᠲᠠᠢ ᠬᠠᠷᠢᠭᠤᠯᠲᠠ ᠰᠣᠩᠭᠣᠬᠤ ᠳᠠᠳᠬᠠᠯ ᠲᠠᠢ ᠪᠣᠯᠪᠠᠯ ᠰᠤᠳᠤᠯᠭᠠᠨ ᠤ᠋ ᠠᠷᠭ᠎ᠠ ᠵᠦᠢ ᠲᠡᠢ ᠪᠣᠯᠤᠭᠰᠠᠨ ᠭᠡᠵᠦ ᠮᠡᠳᠡᠭᠡᠷᠡᠢ᠃
5. ᠬᠡᠦᠬᠡᠳ ᠦ᠋ᠨ ᠢ᠋ᠶ᠋ᠡᠨ ᠰᠤᠷᠤᠯᠴᠠᠯᠭ᠎ᠠ᠂ ᠰᠡᠳᠬᠢᠴᠡ ᠶ᠋ᠢᠨ ᠡᠷᠡᠭᠦᠯ ᠪᠣᠢᠵᠢᠯᠲᠠ ᠳ᠋ᠤ᠌ ᠳᠠᠮ ᠲᠤᠰᠠ ᠪᠣᠯᠤᠶ᠎ᠠ ᠭᠡᠪᠡᠯ᠂ ᠠᠢᠯ ᠭᠡᠷ ᠦ᠋ᠨ ᠰᠤᠷᠤᠯᠴᠠᠯᠭ᠎ᠠ ᠶ᠋ᠢᠨ ᠠᠭᠠᠷ ᠢ᠋ᠶ᠋ᠠᠨ ᠡᠷᠡᠭᠦᠯ ᠪᠠᠢᠯᠭᠠᠬᠤ ᠶ᠋ᠢ ᠠᠩᠬᠠᠷ᠃ ᠨᠡᠢᠭᠡᠮ ᠦ᠋ᠨ ᠰᠠᠢᠨ ᠰᠠᠢᠬᠠᠨ ᠲᠠᠯ᠎ᠠ ᠶ᠋ᠢ ᠶᠠᠷᠢᠯᠴᠠᠨ᠎ᠠ᠂ ᠪᠤᠰᠤᠳ ᠤ᠋ᠨ ᠰᠢᠯᠢᠳᠡᠭ ᠵᠠᠩ ᠰᠤᠷᠲᠠᠯ ᠢ᠋ ᠵᠣᠭᠣᠭᠳᠠᠨᠠ᠂ ᠶᠠᠮᠠᠷᠪᠠ ᠬᠥᠮᠦᠰ ᠢ᠋ ᠰᠢᠳᠤᠷᠭᠤ ᠭᠣᠣᠯᠴᠢ ᠪᠠᠷ ᠦᠨᠡᠯᠡᠨ᠎ᠡ᠂ ᠳᠠᠷᠤᠭ᠎ᠠ ᠲᠤᠰᠢᠶᠠᠯᠲᠠᠨ ᠨᠠᠷ ᠭᠡᠷ ᠵᠠᠭᠤᠷ᠎ᠠ ᠪᠠᠨ ᠡᠷᠬᠡ ᠰᠦᠷ ᠦ᠋ᠨ ᠲᠤᠬᠠᠢ ᠵᠣᠭᠣᠭ ᠶᠠᠷᠢᠯᠴᠠᠭ᠎ᠠ ᠶ᠋ᠢ ᠴᠡᠭᠡᠷᠯᠡᠨ᠎ᠡ᠂ ᠡᠴᠢᠭᠡ ᠡᠬᠡ ᠶ᠋ᠢᠨ ᠳᠦᠷᠢ ᠶ᠋ᠢ ᠪᠡᠨ ᠵᠥᠪ ᠲᠣᠭᠯᠠ᠂ ᠮᠠᠢᠮᠠᠢᠴᠢᠨ ᠬᠥᠮᠦᠨ ᠬᠡᠦᠬᠡᠳ ᠲᠡᠢ ᠪᠡᠨ ᠮᠥᠩᠭᠥ ᠵᠣᠭᠣᠰ ᠠᠰᠢᠭ ᠬᠣᠨᠵᠢᠶᠠᠨ ᠤ᠋ ᠲᠤᠬᠠᠢ ᠳᠤᠲᠠᠭᠤ ᠶᠠᠷᠢᠯᠴᠠ᠂ ᠨᠣᠮ ᠰᠣᠨᠢᠨ᠂ ᠰᠦᠯᠵᠢᠶ᠎ᠡ ᠲᠧᠯᠸᠢᠰ ᠡᠴᠡ ᠣᠯᠤᠭᠰᠠᠨ ᠰᠠᠢᠬᠠᠨ ᠮᠡᠳᠡᠭᠡᠯᠡᠯ ᠢ᠋ᠶ᠋ᠡᠨ ᠭᠡᠷ ᠪᠦᠯᠢ ᠪᠡᠷ ᠢ᠋ᠶ᠋ᠡᠨ ᠬᠤᠪᠢᠶᠠᠯᠴᠠᠨ᠎ᠠ᠂ ᠬᠡᠦᠬᠡᠳ ᠡᠴᠡ ᠪᠡᠨ ᠦᠷᠭᠦᠯᠵᠢ ᠰᠣᠨᠢᠷᠬᠠᠯᠲᠠᠢ ᠪᠤᠶᠤ ᠰᠢᠨ᠎ᠡ ᠳᠡᠯᠭᠡᠷᠡᠵᠦ ᠪᠠᠢᠭ᠎ᠠ ᠨᠡᠷ᠎ᠡ ᠲᠣᠮᠢᠶ᠎ᠠ ᠬᠡᠷᠡᠭ ᠪᠣᠳᠠᠰ ᠤ᠋ᠨ ᠲᠤᠬᠠᠢ ᠠᠰᠠᠭᠤᠨ᠎ᠠ᠂ ᠬᠡᠦᠬᠡᠳ ᠬᠤᠷᠴᠠ ᠴᠣᠪᠣᠭᠣ ᠪᠣᠯᠬᠣᠷ ᠲᠠᠨ ᠤ᠋ ᠠᠰᠠᠭᠤᠵᠤ ᠰᠣᠨᠢᠷᠬᠠᠭᠰᠠᠨ ᠵᠦᠢᠯ ᠢ᠋ ᠨᠣᠮ ᠲᠣᠯᠢ᠂ ᠰᠦᠯᠵᠢᠶ᠎ᠡ ᠡᠴᠡ ᠲᠤᠩ ᠲᠦᠷᠭᠡᠨ ᠣᠯᠤᠭᠠᠳ ᠥᠭᠭᠦᠨ᠎ᠡ᠃ ᠡᠨᠡ ᠪᠦᠬᠦᠨ ᠰᠤᠷᠤᠯᠴᠠᠯᠭ᠎ᠠ ᠭᠡᠳᠡᠭ ᠢ᠋ ᠮᠡᠳᠡᠬᠦ ᠶᠣᠰᠣᠲᠠᠢ᠃ ᠡᠢᠮᠦ ᠯᠡ ᠭᠡᠷ ᠦ᠋ᠨ ᠠᠭᠠᠷ᠂ ᠰᠤᠷᠤᠯᠴᠠᠯᠭ᠎ᠠ ᠠ᠋ᠴᠠ ᠬᠡᠦᠬᠡᠳ ᠠᠮᠵᠢᠯᠲᠠ ᠶ᠋ᠢᠨ ᠲᠥᠷᠥᠭᠳᠡᠯ᠂ ᠪᠠᠶᠠᠷ ᠪᠠᠶᠠᠰᠤᠯ ᠢᠲᠡᠭᠡᠯ ᠵᠣᠷᠢᠭ ᠣᠯᠵᠤ᠂ ᠰᠤᠷᠴᠤ ᠰᠤᠳᠤᠯᠬᠤ ᠶᠡᠬᠡ ᠶ᠋ᠢ ᠮᠡᠳᠡᠬᠦ ᠬᠦᠰᠡᠯ ᠮᠥᠷᠥᠭᠡᠳᠦᠯ ᠨᠢ ᠤᠯᠠᠮ ᠪᠠᠳᠠᠷᠠᠨ᠎ᠠ᠃
6. ᠬᠡᠦᠬᠡᠳ ᠦ᠋ᠨ ᠢ᠋ᠶ᠋ᠡᠨ ᠰᠢᠨᠵᠢᠯᠡᠬᠦ ᠤᠬᠠᠭᠠᠨ ᠤ᠋ ᠵᠢᠵᠢᠭ ᠲᠤᠷᠰᠢᠯᠲᠠ ᠪᠤᠶᠤ ᠡᠭᠦᠳᠦᠯᠲᠡ ᠬᠢᠬᠦ ᠶ᠋ᠢ ᠤᠷᠮᠠᠰᠢᠭᠤᠯᠵᠤ᠂ ᠨᠢᠯᠬ᠎ᠠ ᠣᠶᠤᠨ ᠳ᠋ᠤ᠌ ᠨᠢ ᠥᠪᠡᠷ ᠢ᠋ ᠪᠡᠨ ᠰᠢᠨᠵᠢᠯᠡᠬᠦ ᠤᠬᠠᠭᠠᠨᠲᠠᠨ ᠡᠷᠳᠡᠮᠲᠡᠨ ᠮᠥᠨ ᠭᠡᠰᠡᠨ ᠲᠠᠨᠢᠯᠲᠠ ᠤᠬᠠᠮᠰᠠᠷ ᠢ᠋ ᠪᠣᠢ ᠪᠣᠯᠭᠠᠵᠤ ᠴᠢᠳᠠᠪᠠᠯ ᠪᠦᠷ ᠭᠠᠢᠬᠠᠮᠰᠢᠭ ᠪᠣᠯᠤᠨ᠎ᠠ᠃
7. ᠬᠡᠦᠬᠡᠳ ᠢ᠋ᠶ᠋ᠡᠨ ᠪᠠᠭ᠎ᠠ ᠠ᠋ᠴᠠ ᠨᠢ ᠶᠠᠭᠤᠮ᠎ᠠ ᠣᠷᠣᠯᠳᠣᠬᠤ ᠶ᠋ᠢ ᠨᠢ ᠢᠯᠡᠭᠦᠬᠡᠨ ᠠᠩᠬᠠᠷᠴᠤ ᠳᠡᠮᠵᠢᠵᠦ ᠪᠠᠢ᠂ ᠡᠵᠢ ᠨᠢ ᠦᠢᠯᠡ ᠣᠶᠣᠳᠠᠯ ᠣᠶᠣᠳᠠᠭ ᠪᠣᠯ ᠪᠥᠰ ᠦ᠋ᠨ ᠥᠭᠡᠳᠡᠰᠦ ᠪᠡᠨ ᠵᠢᠭᠠᠬᠠᠨ ᠥᠬᠢᠨ ᠳ᠋ᠦ᠍ ᠪᠡᠨ ᠥᠭᠴᠦ ᠨᠢᠭᠡ ᠶᠠᠭᠤᠮ᠎ᠠ ᠣᠶᠣᠭᠤᠯᠵᠤ ᠪᠠᠢᠬᠤ ᠮᠡᠲᠦ ᠪᠡᠷ ᠭᠡᠷ ᠦ᠋ᠨ ᠬᠥᠮᠦᠰ ᠨᠢ ᠬᠢᠵᠦ ᠣᠷᠣᠯᠳᠣᠳᠠᠭ ᠵᠦᠢᠯᠡᠰ ᠲᠦ᠍ ᠪᠡᠨ ᠢᠯᠡᠭᠦᠬᠡᠨ ᠣᠢᠷᠠᠲᠤᠭᠤᠯᠵᠤ ᠪᠠᠢᠭᠠᠷᠠᠢ᠂ ᠣᠨᠴᠠᠭᠠᠢᠯᠠᠨ ᠪᠠᠩᠰᠢ ᠪᠤᠤᠵᠠ ᠪᠠᠷᠢᠬᠤ ᠮᠡᠲᠦ ᠬᠣᠭᠣᠯᠠ ᠬᠤᠰᠢ ᠬᠢᠬᠦ ᠳ᠋ᠦ᠍ ᠪᠡᠨ ᠢᠯᠡᠭᠦᠬᠡᠨ ᠣᠷᠣᠯᠴᠠᠭᠤᠯᠵᠤ ᠪᠠᠢᠭᠠᠷᠠᠢ᠂ ᠬᠡᠦᠬᠡᠳ ᠶᠠᠭᠤᠮ᠎ᠠ ᠴᠢᠳᠠᠬᠤ ᠦᠭᠡᠢ ᠭᠡᠳ ᠪᠢᠲᠡᠭᠡᠢ ᠴᠠᠰᠢ ᠪᠠᠨ ᠲᠦᠯᠬᠢᠭᠡᠳ ᠪᠠᠢ᠃ ᠬᠥᠳᠡᠯᠮᠦᠷᠢ ᠣᠷᠣᠯᠳᠣᠯᠭ᠎ᠠ ᠠ᠋ᠴᠠ ᠯᠠ ᠬᠡᠦᠬᠡᠳ ᠣᠯᠠᠨ ᠶᠠᠭᠤᠮ᠎ᠠ ᠶ᠋ᠢ ᠰᠡᠷᠡᠵᠦ ᠮᠡᠳᠡᠨ᠎ᠡ ᠰᠢᠦ᠃
8. ᠬᠡᠦᠬᠡᠳ ᠦ᠋ᠨ ᠰᠤᠷᠴᠤ ᠪᠠᠢᠭ᠎ᠠ ᠬᠢᠴᠢᠶᠡᠯ ᠦ᠋ᠨ ᠨᠣᠮ ᠢ᠋ ᠨᠢ ᠢᠯᠡᠭᠦᠬᠡᠨ ᠡᠷᠭᠢᠭᠦᠯᠵᠦ ᠤᠷᠪᠠᠭᠤᠯᠵᠤ ᠦᠵᠡᠵᠦ ᠪᠠᠢᠭᠠᠷᠠᠢ᠂ ᠵᠠᠷᠢᠮ ᠮᠡᠳᠡᠬᠦ ᠵᠦᠢᠯ ᠢ᠋ᠶ᠋ᠡᠨ ᠴᠦ᠍ ᠵᠣᠷᠢᠭᠤᠳᠠ ᠪᠤᠷᠤᠭᠤ ᠶᠠᠷᠢᠵᠤ᠂ ᠬᠡᠦᠬᠡᠳ ᠲᠦ᠍ ᠵᠠᠰᠠᠵᠤ ᠵᠠᠯᠠᠷᠠᠭᠤᠯᠵᠤ ᠥᠭᠬᠦ ᠠᠵᠠ ᠵᠠᠪᠰᠢᠶᠠᠨ ᠬᠠᠢᠷᠠᠯᠠᠵᠤ ᠪᠠᠢᠪᠠᠯ ᠰᠠᠶᠢ ᠬᠡᠦᠬᠡᠳ ᠰᠤᠷᠤᠭᠰᠠᠨ ᠡᠷᠳᠡᠮ ᠢ᠋ᠶ᠋ᠡᠷ ᠢ᠋ᠶ᠋ᠡᠨ ᠪᠠᠬᠠᠷᠬᠠᠬᠤ ᠰᠡᠳᠬᠢᠯᠭᠡ ᠶ᠋ᠢ ᠣᠯᠤᠨ᠎ᠠ ᠰᠢᠦ᠂ ᠡᠨᠡ ᠮᠡᠲᠦ ᠠᠷᠭ᠎ᠠ ᠤᠬᠠᠭᠠᠨ ᠢ᠋ᠶ᠋ᠠᠷ ᠲᠠᠭ ᠮᠡᠳᠡᠬᠦ ᠦᠭᠡᠢ ᠭᠠᠳᠠᠭᠠᠳᠤ ᠬᠡᠯᠡ ᠶ᠋ᠢ ᠴᠤ᠌ ᠬᠡᠦᠬᠡᠳ ᠲᠦ᠍ ᠪᠡᠨ《ᠪᠠᠭᠰᠢᠯᠠᠵᠤ》 ᠴᠢᠳᠠᠨ᠎ᠠ ᠭᠡᠳᠡᠭ ᠢ᠋ ᠢᠲᠡᠭᠡᠭᠡᠷᠡᠢ᠂ ᠲᠡᠢᠮᠦ ᠡᠴᠡ ᠮᠡᠳᠡᠯᠭᠡ ᠥᠷᠭᠡᠨ ᠭᠡᠷ ᠦ᠋ᠨ ᠠᠬᠠᠮᠠᠳ ᠮᠠᠨᠢ ᠵᠢᠭᠠᠭᠰᠠᠭᠠᠷ ᠪᠠᠢᠵᠤ ᠬᠡᠦᠬᠡᠳ ᠢ᠋ᠶ᠋ᠡᠨ ᠬᠠᠰᠢᠷᠠᠭᠠᠬᠤ ᠶ᠋ᠢᠨ ᠣᠷᠣᠨ ᠳ᠋ᠤ᠌ ᠬᠡᠦᠬᠡᠳ ᠲᠦ᠍ ᠰᠤᠷᠤᠭᠰᠠᠨ ᠢ᠋ᠶ᠋ᠠᠨ ᠭᠠᠢᠬᠠᠭᠤᠯᠬᠤ ᠵᠠᠪᠰᠢᠶᠠᠨ ᠣᠯᠭᠣᠵᠤ ᠪᠠᠢᠭᠠᠷᠠᠢ᠃
ᠶᠡᠷᠦ ᠨᠢ ᠲᠤᠰ ᠪᠦᠯᠦᠭ ᠲᠦ᠍ ᠶᠠᠷᠢᠭᠰᠠᠨ ᠭᠡᠷ ᠦ᠋ᠨ ᠠᠬᠠᠮᠠᠳ ᠲᠤ᠌ ᠰᠠᠨᠠᠭᠤᠯᠬᠤ ᠵᠦᠢᠯ ᠢ᠋ ᠭᠠᠭᠴᠠ ᠦᠭᠡ ᠪᠡᠷ ᠬᠤᠷᠢᠶᠠᠩᠭᠤᠢᠯᠠᠪᠠᠯ᠄ ᠣᠳᠣ ᠶ᠋ᠢᠨ ᠬᠡᠦᠬᠡᠳ ᠪᠣᠯᠬᠤ ᠦᠭᠡᠢ ᠪᠠᠢᠨ᠎ᠠ ᠭᠡᠮᠡᠨ ᠬᠡᠯᠡᠬᠦ ᠡᠴᠡ ᠪᠡᠨ ᠡᠮᠦᠨ᠎ᠡ ᠪᠢᠳᠡ ᠴᠣᠬᠣᠮ ᠬᠢᠷᠢ ᠲᠡᠩᠴᠡᠭᠰᠡᠨ ᠠᠪᠤ ᠡᠵᠢ ᠮᠥᠨ ᠤᠤ ᠭᠡᠮᠡᠨ ᠪᠡᠶ᠎ᠡ ᠪᠡᠨ ᠰᠢᠯᠭᠠᠵᠤ ᠦᠵᠡᠯᠲᠡᠢ ᠪᠠᠢᠨ᠎ᠠ᠃ ᠡᠨᠡ ᠬᠤᠸᠠ ᠳ᠋ᠤ᠌ ᠴᠠᠭᠠᠨ ᠴᠠᠭᠠᠰᠤ ᠰᠢᠤᠬᠠᠨ ᠢᠷᠡᠭᠰᠡᠨ ᠡᠷᠪᠡᠢ ᠦᠷ᠎ᠡ ᠶ᠋ᠢᠨ ᠢ᠋ᠶ᠋ᠡᠨ ᠨᠢᠯᠬ᠎ᠠ ᠣᠶᠤᠨ ᠳ᠋ᠤ᠌ ᠪᠢᠳᠡ ᠯᠠ ᠪᠣᠳᠣᠯ ᠰᠡᠳᠬᠢᠯᠭᠡ᠂ ᠵᠠᠩ ᠳᠠᠳᠬᠠᠯ᠂ ᠶᠣᠰᠣ ᠰᠤᠷᠲᠠᠯ ᠤ᠋ᠨ ᠠᠩᠬᠠᠨ ᠤ᠋ ᠬᠥᠮᠦᠵᠢᠯ ᠢ᠋ ᠬᠦᠷᠲᠡᠭᠡᠭᠰᠡᠨ《ᠠᠭᠤᠤ》 ᠬᠥᠮᠦᠰ ᠰᠢᠦ ᠳᠡ᠂ ᠬᠡᠦᠬᠡᠳ ᠮᠠᠨᠢ ᠨᠡᠢᠭᠡᠮ ᠳᠡᠭᠡᠷ᠎ᠡ ᠬᠢᠷᠢ ᠲᠡᠩᠴᠡᠬᠦ ᠦᠭᠡᠢ ᠶᠠᠪᠤᠭ᠎ᠠ ᠪᠣᠯ ᠪᠢᠳᠡ ᠯᠠ ᠬᠢᠷᠢ ᠲᠡᠩᠴᠡᠬᠦ ᠦᠭᠡᠢ ᠠᠪᠤ ᠡᠵᠢ ᠭᠡᠮᠡᠨ ᠪᠡᠶ᠎ᠡ ᠪᠡᠨ ᠦᠨᠡᠯᠡᠵᠦ ᠪᠣᠯᠤᠨ᠎ᠠ᠃ ᠡᠴᠢᠭᠡ ᠡᠬᠡ ᠶ᠋ᠢᠨ ᠲᠩᠷᠢ ᠶ᠋ᠢ ᠡᠷᠭᠦᠵᠦ ᠶᠠᠪᠤᠭ᠎ᠠ ᠪᠢᠳᠡ ᠪᠦᠬᠦᠨ ᠦ᠌ ᠰᠠᠨᠠᠭ᠎ᠠ ᠵᠥᠪ᠂ ᠦᠵᠡᠯ ᠵᠥᠪ᠂ ᠦᠢᠯᠡ ᠵᠥᠪ ᠪᠠᠢᠳᠠᠭ ᠯᠠ ᠶᠤᠮ ᠪᠣᠯ ᠮᠠᠨᠤᠰ ᠢ᠋ ᠬᠠᠷᠠᠵᠤ ᠳᠠᠭᠤᠷᠢᠶᠠᠵᠤ ᠬᠥᠮᠦᠨ ᠪᠣᠯᠵᠤ ᠪᠠᠢᠭ᠎ᠠ ᠶᠢᠷᠲᠢᠨᠴᠦ ᠶ᠋ᠢᠨ ᠬᠠᠮᠤᠭ ᠤ᠋ᠨ ᠠᠷᠢᠭᠤᠨ ᠴᠠᠭᠠᠨ ᠰᠡᠳᠬᠢᠯ ᠲᠡᠢ ᠡᠩᠬᠦᠷᠡᠢ ᠦᠷᠡᠰ ᠮᠠᠨᠢ ᠯᠠᠪᠲᠠᠢ ᠰᠠᠨᠠᠭ᠎ᠠ ᠥᠭᠡᠳᠡ᠂ ᠵᠠᠶᠠᠭ᠎ᠠ ᠥᠭᠡᠳᠡ᠂ ᠦᠢᠯᠡᠰ ᠥᠭᠡᠳᠡ ᠬᠥᠮᠦᠨ ᠪᠣᠯᠤᠨ᠎ᠠ ᠭᠡᠳᠡᠭ ᠲᠦ᠍ ᠪᠠᠲᠤ ᠢᠲᠡᠭᠡᠯ ᠲᠡᠢ ᠪᠠᠢᠭᠠᠷᠠᠢ! ᠲᠡᠭᠡᠬᠦ ᠪᠡᠷ ᠡᠵᠡᠨ ᠴᠢᠩᠭᠢᠰ ᠮᠠᠨᠢ《ᠪᠡᠶ᠎ᠡ ᠪᠡᠨ ᠵᠠᠰᠠ᠂ ᠪᠡᠶ᠎ᠡ ᠪᠡᠨ ᠵᠠᠰᠠᠵᠤ ᠴᠢᠳᠠᠪᠠᠰᠤ ᠭᠡᠷ ᠢ᠋ᠶ᠋ᠡᠨ ᠵᠠᠰᠠᠵᠤ ᠴᠢᠳᠠᠮᠤᠢ》 ᠭᠡᠮᠡᠨ ᠭᠦᠨ ᠰᠤᠷᠭᠠᠮᠵᠢᠯᠠᠭᠰᠠᠨ ᠪᠠᠢᠳᠠᠭ ᠰᠢᠦ!
ᠦᠰᠦᠭ ᠠᠮᠢᠯᠠᠭᠤᠯᠤᠭᠴᠢ᠄ ᠣᠳᠬᠠᠨᠰᠣ᠎ᠠ ᠂ ᠲᠤᠶᠠᠭ᠎ᠠ ᠂ ᠵ· ᠪᠤᠶᠠᠨᠲᠣᠭᠲᠠᠬᠤ
ᠬᠢᠨᠠᠭᠴᠢ᠄ ᠣᠳᠬᠠᠨᠰᠪᠠ ᠰᠡᠬᠡᠭᠡᠷᠡᠯ᠂ ᠵ ᠪᠤᠶᠠᠨᠲᠣᠭᠲᠠᠬᠤ