ᠵᠥᠷᠢᠭᠦᠳ ᠥᠰᠢᠮᠡᠲᠡᠭᠡᠢ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-05-ᠪᠣᠯᠣᠴᠢᠯᠠᠭᠤ
ᠵᠥᠷᠢᠭᠦᠳ ᠥᠰᠢᠮᠡᠲᠡᠭᠡᠢ
ᠣᠳᠣ ᠶ᠋ᠢᠨ ᠰᠤᠷᠤᠭᠴᠢ ᠶ᠋ᠢᠨ ᠳᠤᠮᠳᠠ ᠪᠠᠭᠰᠢ ᠭᠡᠷ ᠦ᠋ᠨ ᠠᠬᠠᠮᠠᠳ ᠤ᠋ᠨ ᠬᠡᠯᠡᠵᠦ ᠰᠠᠨᠠᠭᠤᠯᠬᠤ ᠶ᠋ᠢ ᠬᠦᠯᠢᠴᠡᠵᠦ ᠳᠡᠢᠯᠬᠦ ᠦᠭᠡᠢ᠂ ᠪᠠᠭ᠎ᠠ ᠯᠠ ᠬᠡᠯᠡᠭᠡᠳ ᠠᠪᠤᠪᠠᠯ ᠪᠠᠴᠢᠮᠳᠠᠵᠤ ᠠᠭᠤᠷᠯᠠᠬᠤ᠂ ᠴᠠᠰᠢ ᠪᠠᠨ ᠢᠯᠡᠭᠦᠦ ᠬᠡᠳᠦ ᠬᠡᠯᠡᠪᠡᠯ ᠥᠰᠢᠵᠦ ᠵᠥᠷᠢᠭᠦᠳᠯᠡᠬᠦ ᠮᠡᠲᠦ ᠵᠣᠵᠢᠭ ᠴᠦᠯᠴᠢᠭᠡᠷ ᠵᠠᠩ ᠲᠠᠢ ᠬᠡᠦᠬᠡᠳ ᠪᠠᠭ᠎ᠠ ᠪᠤᠰᠤ᠃ ᠬᠥᠮᠦᠨ ᠦ᠌ ᠨᠢᠳᠦᠨ ᠳᠠᠯᠳᠠ ᠶᠠᠭᠤᠮ᠎ᠠ ᠡᠪᠳᠡᠯᠡᠬᠦ ᠬᠠᠭᠠᠯᠬᠤ ᠪᠠᠷ ᠣᠴᠢᠵᠤ ᠠᠭᠤᠷ ᠤᠴᠠᠭᠠᠷ ᠪᠤᠬᠢᠨᠢᠳᠤᠯ ᠢ᠋ᠶ᠋ᠠᠨ ᠲᠠᠢᠯᠳᠠᠭ ᠨᠢ ᠪᠣᠢ᠃ ᠡᠨᠡ ᠪᠣᠯ ᠮᠥᠨ ᠴᠦ᠍ ᠥᠨᠥ ᠶ᠋ᠢᠨ ᠬᠡᠦᠬᠡᠳ ᠦ᠋ᠨ ᠦᠰᠦᠨ ᠪᠣᠢᠵᠢᠯᠲᠠ ᠶ᠋ᠢᠨ ᠣᠷᠴᠢᠨ ᠠ᠋ᠴᠠ ᠪᠣᠢ ᠪᠣᠯᠵᠤ ᠪᠠᠢᠭ᠎ᠠ ᠨᠢᠭᠡᠨ ᠰᠡᠳᠬᠢᠴᠡ ᠶ᠋ᠢᠨ ᠠᠰᠠᠭᠤᠳᠠᠯ ᠪᠣᠯᠤᠨ᠎ᠠ᠃
ᠬᠣᠲᠠ ᠳ᠋ᠤ᠌ ᠵᠠᠯᠠᠭᠤᠴᠤᠳ ᠠᠵᠢᠯ ᠦᠢᠯᠡᠰ ᠭᠡᠳ ᠲᠤᠩ ᠶᠠᠭᠠᠷᠠᠤ᠂ ᠬᠡᠦᠬᠡᠳ ᠢ᠋ᠶ᠋ᠡᠨ ᠭᠠᠷᠤᠮᠠᠭᠴᠠ ᠠᠪᠤ ᠡᠵᠢ ᠳ᠋ᠦ᠍ ᠪᠡᠨ ᠨᠠᠢᠳᠠᠬᠤ ᠨᠢ ᠣᠯᠠᠨ᠂ ᠬᠥᠳᠡᠭᠡ ᠴᠤ᠌ ᠡᠢᠮᠦ ᠪᠣᠯᠵᠤ ᠪᠠᠢᠨ᠎ᠠ᠃ ᠦᠶ᠎ᠡ ᠠᠯᠤᠰᠯᠠᠭᠠᠳ ᠢᠷᠡᠬᠦ ᠳ᠋ᠦ᠍ ᠠᠴᠢ ᠣᠮᠪᠣᠯᠣ ᠳ᠋ᠤ᠌ ᠪᠠᠨ ᠬᠠᠨᠳᠤᠬᠤ ᠨᠠᠰᠤᠲᠠᠢ ᠬᠥᠮᠦᠨ ᠦ᠌ ᠣᠪᠣᠷ ᠰᠡᠳᠬᠢᠯᠭᠡ ᠳᠠᠩᠴᠤ ᠵᠥᠭᠡᠯᠡᠨ ᠪᠤᠯᠵᠠᠭᠠᠳᠠᠭ᠃ ᠠᠴᠢ ᠣᠮᠪᠣᠯᠣ ᠪᠠᠨ ᠪᠦᠷ ᠯᠡ ᠠᠮᠢᠳᠤ ᠬᠡᠦᠬᠡᠯᠳᠡᠢ ᠪᠡᠷ ᠦᠵᠡᠵᠦ᠂ ᠲᠡᠳᠡᠨᠦᠰ ᠨᠢ ᠶᠠᠭᠠᠬᠢᠵᠤ ᠳᠤᠷ᠎ᠠ ᠲᠠᠪᠠ ᠪᠠᠷ ᠢ᠋ᠶ᠋ᠠᠨ ᠠᠭᠠᠰᠢᠯᠠᠵᠤ ᠪᠠᠢᠭᠰᠠᠨ ᠴᠤ᠌ ᠬᠡᠨ ᠴᠦ᠍ ᠬᠡᠯᠡᠵᠦ ᠬᠣᠷᠢᠭᠯᠠᠵᠤ ᠪᠣᠯᠬᠤ ᠥᠬᠡᠢ ᠬᠡᠮᠵᠢᠶᠡᠨ ᠳ᠋ᠦ᠍ ᠬᠦᠷᠲᠡᠯ᠎ᠡ ᠰᠠᠨᠠᠭᠠᠨ ᠲᠠᠪᠠ ᠪᠠᠷ ᠨᠢ ᠲᠠᠯᠪᠢᠬᠤ ᠨᠢ ᠣᠯᠠᠨ ᠪᠣᠯᠵᠤ᠂ ᠶᠣᠰᠣ ᠳᠢᠭᠯᠡᠮ᠂ ᠪᠣᠯᠬᠤ ᠪᠣᠯᠬᠤ ᠦᠭᠡᠢ ᠶ᠋ᠢᠨ ᠵᠠᠭᠠᠭ ᠪᠡᠶ᠎ᠡ ᠪᠡᠨ ᠪᠠᠷᠢᠬᠤ ᠴᠢᠳᠠᠪᠤᠷᠢ ᠭᠡᠵᠦ ᠬᠥᠮᠦᠵᠢᠭᠳᠡᠬᠦ ᠦᠭᠡᠢ ᠪᠠᠢᠨ᠎ᠠ᠃ ᠶᠡᠷᠦ ᠨᠢ ᠬᠥᠮᠦᠰ ᠦ᠋ᠨ ᠨᠢᠯᠬ᠎ᠠ ᠪᠠᠭ᠎ᠠ ᠳ᠋ᠤ᠌ ᠪᠠᠨ ᠬᠦᠯᠢᠶᠡᠭᠰᠡᠨ ᠲᠠᠨᠢᠯᠲᠠ ᠣᠢᠯᠠᠭᠠᠯᠲᠠ᠂ ᠰᠤᠷᠤᠭᠰᠠᠨ ᠠᠩᠬᠠᠨ ᠤ᠋ ᠳᠠᠳᠬᠠᠯ ᠪᠣᠯ ᠬᠣᠵᠢᠮ ᠤ᠋ᠨ ᠵᠠᠩ ᠠᠷᠠᠨᠰᠢᠨ ᠤ᠋ ᠬᠡᠪᠰᠢᠯ ᠳ᠋ᠦ᠍ ᠬᠠᠮᠤᠭ ᠤ᠋ᠨ ᠶᠡᠬᠡ ᠨᠥᠯᠥᠭᠡ ᠦᠵᠡᠭᠦᠯᠳᠡᠭ᠃ ᠲᠡᠢᠮᠦ ᠡᠴᠡ ᠨᠠᠰᠤᠲᠠᠨ ᠤ᠋ ᠭᠠᠷ ᠳᠡᠭᠡᠷ᠎ᠡ ᠡᠷᠬᠡ ᠲᠠᠪᠠ ᠪᠠᠷ ᠢ᠋ᠶ᠋ᠠᠨ ᠥᠰᠦᠭᠰᠡᠨ ᠬᠡᠦᠬᠡᠳ ᠴᠡᠴᠡᠷᠯᠢᠭ ᠲᠦ ᠣᠷᠣᠭᠠᠳ ᠢᠷᠡᠬᠦ ᠪᠡᠷ ᠳᠦᠷᠢᠮ ᠲᠣᠭᠲᠠᠭᠠᠯ ᠳ᠋ᠤ᠌ ᠬᠦᠯᠢᠶᠡᠰᠦᠯᠡᠭᠳᠡᠵᠦ ᠡᠬᠢᠯᠡᠨ᠎ᠡ᠂ ᠡᠪᠦᠭᠡ ᠡᠮᠡᠭᠡ ᠶ᠋ᠢᠨ ᠳᠤᠷ᠎ᠠ ᠵᠣᠷᠢᠭ ᠤ᠋ᠨ ᠬᠡᠦᠬᠡᠯᠳᠡᠢ ᠨᠦ᠍ᠭᠦᠳ ᠡᠳᠡᠭᠡᠷ ᠢ᠋ ᠬᠦᠯᠢᠴᠡᠵᠦ ᠳᠡᠢᠯᠬᠦ ᠦᠭᠡᠢ ᠵᠥᠷᠢᠭᠦᠳ ᠵᠣᠵᠢᠭ ᠠᠭᠤᠷ ᠤᠴᠠᠭᠠᠷ ᠶᠡᠬᠡ ᠲᠡᠢ ᠵᠠᠩ ᠰᠡᠳᠬᠢᠴᠡ ᠪᠦᠷᠢᠯᠳᠦᠬᠦ ᠪᠣᠯᠤᠮᠵᠢ ᠶᠡᠬᠡ ᠪᠠᠢᠳᠠᠭ᠃ ᠨᠢᠯᠬ᠎ᠠ ᠬᠡᠦᠬᠡᠳ ᠴᠠᠭᠠᠰᠤ ᠦᠵᠡᠪᠡᠯ ᠤᠷᠠᠵᠤ ᠪᠠᠢᠳᠠᠭ᠂ ᠭᠠᠷ ᠲᠤ᠌ ᠪᠠᠨ ᠠᠳᠬᠤᠭᠰᠠᠨ ᠪᠦᠬᠦᠨ ᠢ᠋ ᠢᠳᠡᠬᠦ ᠪᠤᠶᠤ ᠤᠷᠠᠬᠤ ᠪᠣᠯ ᠬᠡᠦᠬᠡᠳ ᠦ᠋ᠨ ᠲᠥᠷᠥᠯᠬᠢ ᠠᠪᠢᠶᠠᠰ᠃ ᠬᠡᠷᠪᠡ ᠨᠣᠮ ᠳᠡᠪᠲᠡᠷ ᠪᠣᠯᠤᠭᠰᠠᠨ ᠪᠣᠯ ᠤᠷᠠᠵᠤ ᠪᠣᠯᠬᠤ ᠦᠭᠡᠢ ᠰᠢᠦ᠂ ᠬᠡᠷᠡᠭᠯᠡᠬᠦ ᠦᠭᠡᠢ ᠴᠠᠭᠠᠰᠤ ᠠᠪᠴᠢᠷᠠᠭᠠᠳ ᠡᠭᠦᠨ ᠢ᠋ ᠪᠣᠯ ᠤᠷᠠᠵᠤ ᠪᠣᠯᠤᠨ᠎ᠠ ᠭᠡᠵᠦ ᠬᠡᠯᠡᠵᠦ ᠬᠢᠵᠦ ᠦᠵᠡᠭᠦᠯᠬᠦ ᠳ᠋ᠦ᠍ ᠬᠡᠦᠬᠡᠳ ᠶᠠᠭᠤ ᠭᠡᠰᠡᠨ ᠢ᠋ ᠮᠡᠳᠡᠴᠢᠬᠡᠨ᠎ᠡ᠂ ᠬᠣᠶᠠᠷ ᠭᠤᠷᠪᠠ ᠬᠦᠷᠦᠭᠰᠡᠨ ᠣᠮᠪᠣᠯᠣ ᠨᠢ ᠠᠯᠢᠶ᠎ᠠ ᠵᠠᠩ ᠨᠢ ᠬᠥᠳᠡᠯᠦᠭᠡᠳ ᠰᠦ ᠤᠤᠭᠤᠭᠰᠠᠨ ᠠᠶᠠᠭ᠎ᠠ ᠪᠠᠨ ᠲᠣᠯᠣᠭᠠᠢ ᠳᠡᠭᠡᠭᠦᠷ ᠢ᠋ᠶ᠋ᠡᠨ ᠰᠢᠳᠡᠭᠡᠳ ᠶᠠᠪᠤᠭᠤᠯᠬᠤ ᠳ᠋ᠤ᠌ ᠡᠮᠡᠭᠡ ᠡᠵᠢ ᠨᠢ ᠲᠤᠩ ᠪᠠᠬᠠᠷᠬᠠᠨ 《ᠦ᠂ ᠮᠢᠨᠦ ᠮᠠᠭᠤ ᠣᠮᠪᠣᠯᠣ ᠠᠶᠠᠭ᠎ᠠ ᠰᠢᠳᠡᠬᠦ ᠴᠢᠳᠠᠯ ᠣᠷᠣᠴᠢᠬᠠᠵᠠᠢ》 ᠭᠡᠳ ᠥᠬᠥᠭᠡᠷᠳᠡᠭᠰᠡᠨ ᠴᠢᠨᠢ ᠨᠥᠭᠦᠭᠡ ᠬᠦᠦ ᠠᠶᠠᠭ᠎ᠠ ᠪᠠᠨ ᠬᠡᠷᠡᠭᠯᠡᠵᠦ ᠪᠠᠷᠠᠮᠠᠭᠴᠠ ᠲᠣᠯᠣᠭᠠᠢ ᠳᠡᠭᠡᠭᠦᠷ ᠢ᠋ᠶ᠋ᠡᠨ ᠰᠢᠳᠡᠬᠦ 《ᠰᠠᠢᠬᠠᠨ》 ᠲᠣᠭᠯᠠᠭᠠᠮ ᠵᠠᠩᠰᠢᠯ ᠲᠠᠢ ᠪᠣᠯᠴᠢᠬᠠᠭᠰᠠᠨ ᠪᠠᠢᠨ᠎ᠠ᠃ ᠠᠩᠬᠠᠨ ᠤ᠋ ᠬᠥᠮᠦᠵᠢᠯ ᠦ᠋ᠨ ᠦᠨ᠎ᠡ ᠴᠠᠨ᠎ᠠ ᠡᠢᠮᠦ ᠯᠡ ᠬᠦᠨᠳᠦ ᠶᠡᠬᠡ ᠭᠡᠳᠡᠭ ᠢ᠋ ᠠᠬᠠᠮᠠᠳ ᠲᠣᠮᠣᠭᠠᠲᠠᠳ ᠮᠠᠨᠢ ᠰᠠᠨᠠᠵᠤ ᠪᠣᠳᠣᠭᠠᠷᠠᠢ᠂ ᠬᠡᠦᠬᠡᠳ ᠢ᠋ᠶ᠋ᠡᠨ ᠪᠠᠭ᠎ᠠ ᠳ᠋ᠤ᠌ ᠨᠢ ᠰᠠᠢᠬᠠᠨ ᠵᠠᠩ ᠳᠠᠳᠬᠠᠯ ᠬᠡᠪᠰᠢᠭᠦᠯᠦᠭᠰᠡᠨ ᠦᠭᠡᠢ ᠪᠠᠢᠵᠤ᠂ ᠶᠡᠬᠡ ᠪᠣᠯᠬᠤ ᠶ᠋ᠢ ᠳᠠᠭᠠᠯᠳᠤᠨ ᠶᠣᠰᠣ ᠨᠣᠮ ᠮᠡᠳᠡᠬᠦ ᠦᠭᠡᠢ᠂ ᠦᠭᠡ ᠰᠣᠨᠣᠰᠬᠤ ᠦᠭᠡᠢ ᠪᠣᠯᠤᠭᠠᠳ ᠢᠷᠡᠬᠦ ᠪᠡᠷ ᠵᠦᠭ ᠴᠢᠭ ᠦᠭᠡᠢ ᠴᠣᠬᠢᠵᠤ ᠬᠠᠷᠢᠶᠠᠬᠤ᠂ ᠡᠳᠦᠷᠵᠢᠨ ᠮᠠᠭᠤ ᠶ᠋ᠢ ᠨᠢ ᠶᠠᠩᠰᠢᠬᠤ᠂ ᠣᠯᠠᠨ ᠤ᠋ ᠡᠮᠦᠨ᠎ᠡ ᠠᠯᠢ ᠪᠠᠢᠭᠰᠠᠨ ᠮᠠᠭᠤᠬᠠᠢ ᠶ᠋ᠢ ᠨᠢ ᠶᠠᠷᠢᠵᠤ ᠨᠢᠭᠤᠷ ᠢ᠋ ᠨᠢ ᠪᠠᠷᠠᠬᠤ ᠵᠡᠷᠭᠡ ᠬᠥᠮᠦᠵᠢᠯ ᠦ᠋ᠨ ᠠᠷᠭ᠎ᠠ ᠨᠢ ᠬᠡᠦᠬᠡᠳ ᠢ᠋ ᠬᠡᠳᠡᠷ ᠵᠥᠷᠢᠭᠦᠳ ᠪᠣᠯᠭᠠᠬᠤ ᠪᠠᠷ ᠪᠠᠷᠠᠬᠤ ᠦᠭᠡᠢ ᠭᠡᠷ ᠣᠷᠣᠨ ᠠ᠋ᠴᠠ ᠪᠠᠨ ᠵᠠᠢᠯᠠᠵᠤ ᠳᠤᠲᠠᠭᠠᠬᠤ ᠬᠡᠮᠵᠢᠶᠡᠨ ᠳ᠋ᠦ᠍ ᠬᠦᠷᠭᠡᠳᠡᠭ ᠪᠤᠶᠤ ᠢᠴᠢᠵᠦ ᠰᠢᠷᠪᠡᠭᠡᠲᠦᠬᠦ ᠶ᠋ᠢ ᠮᠡᠳᠡᠬᠦ ᠦᠭᠡᠢ ᠬᠡ ᠨᠢ ᠠᠯᠳᠠᠷᠠᠭᠰᠠᠨ ᠬᠡᠦᠬᠡᠳ ᠪᠣᠯᠭᠠᠳᠠᠭ᠃ ᠵᠠᠷᠢᠮ ᠲᠣᠮᠣᠴᠤᠤᠯ ᠠᠢᠯ ᠤ᠋ᠨ ᠵᠢᠭᠠᠯ ᠬᠦᠦ ᠪᠡᠷ 《ᠦ᠂ ᠡᠨᠡ ᠮᠠᠭᠤ ᠰᠢᠷ᠎ᠠ ᠬᠦᠦ ᠪᠡᠷ ᠫᠢᠸᠦ᠋ ᠰᠣᠯᠢᠭᠠᠳ ᠤᠤᠭᠤᠴᠢᠬᠠᠶ᠎ᠠ》 ᠭᠡᠬᠦ ᠮᠡᠲᠦ ᠪᠡᠷ ᠱᠣᠭᠯᠠᠵᠤ ᠨᠠᠭᠠᠳᠬᠤ ᠵᠠᠩᠰᠢᠯ ᠨᠢ ᠬᠡᠦᠬᠡᠳ ᠢ᠋ ᠲᠤᠩ ᠠᠮᠠᠷᠬᠠᠨ ᠥᠰᠢᠮᠡᠲᠡᠭᠡᠢ ᠵᠥᠷᠢᠭᠦᠳ ᠪᠣᠯᠭᠠᠳᠠᠭ ᠰᠢᠦ᠂ ᠬᠡᠦᠬᠡᠳ ᠴᠠᠢᠯᠭᠠᠨ ᠪᠣᠯᠬᠣᠷ ᠲᠣᠮᠣ ᠬᠥᠮᠦᠨ ᠦ᠌ ᠦᠭᠡ ᠶ᠋ᠢ ᠦᠨᠡᠮᠰᠢᠵᠦ ᠠᠭᠤᠷᠯᠠᠵᠤ ᠪᠠᠴᠢᠮᠳᠠᠳᠠᠭ᠃ ᠲᠣᠮᠣ ᠬᠥᠮᠦᠨ ᠬᠦᠷᠲᠡᠯ᠎ᠡ ᠢᠩᠭᠢᠵᠦ ᠶᠣᠰᠣ ᠪᠤᠰᠤ ᠠᠭᠠᠰᠢᠯᠠᠨ᠎ᠠ ᠭᠡᠵᠦ ᠪᠣᠳᠣᠬᠤ ᠪᠠᠷ ᠶᠡᠬᠡᠴᠦᠦᠯ ᠢ᠋ᠶ᠋ᠡᠨ ᠬᠦᠨᠳᠦᠳᠬᠡᠬᠦ ᠮᠣᠷᠠᠯ ᠰᠤᠷᠲᠠᠯ ᠬᠠᠮᠢᠭ᠎ᠠ ᠠ᠋ᠴᠠ ᠢᠷᠡᠬᠦ ᠪᠢᠯᠡ ! ᠲᠡᠢᠮᠦ ᠡᠴᠡ ᠪᠢᠳᠡ ᠪᠦᠬᠦᠨ ᠬᠡᠦᠬᠡᠳ ᠲᠡᠢ ᠪᠡᠨ ᠬᠠᠷᠢᠯᠴᠠᠵᠤ ᠪᠠᠢᠬᠤ ᠡᠪ ᠵᠦᠢ ᠪᠣᠯᠤᠨ ᠬᠡᠯᠡᠵᠦ ᠶᠠᠷᠢᠵᠤ ᠪᠠᠢᠬᠤ ᠦᠭᠡ ᠪᠦᠬᠦᠨ ᠦ᠌ ᠪᠡᠨ ᠦᠷ᠎ᠡ ᠨᠥᠯᠥᠭᠡ ᠶᠠᠮᠠᠷᠬᠠᠨ ᠦᠨ᠎ᠡ ᠴᠠᠨ᠎ᠠ ᠲᠠᠢ ᠪᠠᠢᠳᠠᠭ ᠢ᠋ ᠰᠠᠢᠨ ᠪᠣᠳᠣᠯᠲᠠᠢ ᠪᠠᠢᠨ᠎ᠠ᠃
ᠦᠰᠦᠭ ᠠᠮᠢᠯᠠᠭᠤᠯᠤᠭᠴᠢ᠄ ᠠᠵᠠᠵᠠᠶᠠᠭ᠎ᠠ
ᠬᠢᠨᠠᠭᠴᠢ᠄ ᠭᠠᠷᠮ᠎ᠠ᠂ ᠵ᠂ ᠪᠤᠶᠠᠨᠲᠣᠭᠲᠠᠬᠤ