1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠲᠡᠭᠦᠷᠡᠯ ᠦ᠋ᠨ ᠭᠡᠮ -ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-04-ᠪᠣᠯᠣᠴᠢᠯᠠᠭᠤ

ᠪᠢᠲᠡᠭᠦᠷᠡᠯ ᠦ᠋ᠨ ᠭᠡᠮ -ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-04-ᠪᠣᠯᠣᠴᠢᠯᠠᠭᠤ

2023-11-30

579

ᠪᠢᠲᠡᠭᠦᠷᠡᠯ ᠦ᠋ᠨ ᠭᠡᠮ

            ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-04-ᠪᠣᠯᠣᠴᠢᠯᠠᠭᠤ
    ᠰᠡᠳᠬᠢᠴᠡ ᠶ᠋ᠢᠨ ᠠᠰᠠᠭᠤᠳᠠᠯ ᠪᠣᠯ ᠤ᠋ᠨ ᠪᠣᠯᠪᠠᠰᠤᠨ ᠤ᠋ ᠦᠷ᠎ᠡ ᠳ᠋ᠦᠩ ᠪᠠᠢᠨ᠎ᠠ ᠶᠤᠮ᠃ ᠪᠠᠯᠠᠷ ᠴᠠᠭ ᠲᠤ᠌ ᠬᠥᠮᠦᠰ ᠦ᠋ᠨ ᠦᠢᠯᠡ ᠠᠵᠢᠯᠯᠠᠭ᠎ᠠ ᠳ᠋ᠤ᠌ ᠶᠠᠮᠠᠷ ᠴᠤ᠌ ᠬᠣᠷᠢᠭ᠎ᠠ ᠴᠠᠭᠠᠵᠠ ᠪᠠᠢᠭᠰᠠᠨ ᠦᠭᠡᠢ ᠪᠣᠯᠬᠣᠷ ᠰᠡᠳᠬᠢᠴᠡ ᠶ᠋ᠢᠨ ᠠᠰᠠᠭᠤᠳᠠᠯ ᠣᠷᠣᠰᠢᠬᠤ ᠦᠭᠡᠢ᠃ ᠨᠡᠢᠭᠡᠮ ᠦ᠋ᠨ ᠪᠣᠯᠪᠠᠰᠤᠨ ᠬᠥᠭᠵᠢᠬᠦ ᠳᠣᠳᠣᠮ ᠬᠥᠮᠦᠰ ᠦ᠋ᠨ ᠦᠢᠯᠡ ᠶᠠᠷᠢᠶ᠎ᠠ ᠳ᠋ᠤ᠌ ᠬᠠᠤᠯᠢ ᠶᠣᠰᠣ ᠬᠣᠷᠢᠭ᠎ᠠ ᠴᠡᠭᠡᠷ ᠳᠦᠷᠢᠮ ᠭᠣᠷᠢᠮ ᠣᠯᠠᠰᠢᠷᠠᠳᠠᠭ ᠪᠣᠯᠬᠣᠷ ᠰᠡᠳᠬᠢᠯ ᠰᠠᠨᠠᠭᠠᠨ ᠤ᠋ ᠰᠠᠭᠠᠳ ᠪᠣᠢ ᠪᠣᠯᠵᠤ᠂ ᠰᠡᠳᠬᠢᠴᠡ ᠶ᠋ᠢᠨ ᠭᠡᠮ ᠠᠷᠬᠠᠭ ᠴᠤ᠌ ᠳᠠᠭᠠᠯᠳᠤᠨ ᠣᠯᠠᠰᠢᠷᠠᠵᠤ ᠢᠷᠡᠭᠰᠡᠨ ᠪᠠᠢᠨ᠎ᠠ᠃
    ᠣᠳᠣ ᠶ᠋ᠢᠨ ᠬᠡᠦᠬᠡᠳ ᠵᠠᠯᠠᠭᠤᠴᠤᠳ ᠤ᠋ᠨ ᠳᠤᠮᠳᠠ ᠪᠢᠲᠡᠭᠦᠷᠡᠯ ᠦ᠋ᠨ ᠭᠡᠮ ᠲᠡᠢ ᠬᠡᠦᠬᠡᠳ ᠲᠤᠩ ᠣᠯᠠᠰᠢᠷᠠᠵᠤ ᠪᠠᠢᠨ᠎ᠠ᠃ ᠡᠨᠡ ᠪᠣᠯ ᠪᠦᠬᠦ ᠳᠡᠯᠡᠬᠡᠢ ᠶ᠋ᠢᠨ ᠴᠢᠨᠠᠷᠲᠠᠢ ᠰᠡᠳᠬᠢᠴᠡ ᠶ᠋ᠢᠨ ᠬᠦᠨᠳᠦ ᠠᠰᠠᠭᠤᠳᠠᠯ ᠤ᠋ᠨ ᠨᠢᠭᠡᠨ ᠪᠣᠯᠤᠭᠠᠳ ᠪᠠᠢᠨ᠎ᠠ᠃ ᠨᠡᠢᠭᠡᠮ ᠦ᠋ᠨ ᠬᠡᠳᠦ ᠲᠦᠷᠭᠡᠨ ᠬᠤᠪᠢᠰᠤᠯᠲᠠ ᠬᠥᠭᠵᠢᠯᠲᠡ᠂ ᠠᠵᠢᠯ ᠦᠢᠯᠡᠰ ᠦ᠋ᠨ ᠬᠤᠷᠴᠠ ᠰᠢᠷᠦᠭᠦᠨ ᠥᠷᠢᠰᠦᠯᠳᠦᠭᠡᠨ᠂ ᠬᠥᠮᠦᠨ ᠦ᠌ ᠬᠠᠷᠢᠴᠠᠭ᠎ᠠ ᠪᠤᠳᠤᠯᠢᠶᠠᠨᠲᠠᠢ ᠪᠣᠯᠵᠤ ᠪᠠᠢᠭ᠎ᠠ ᠵᠡᠷᠭᠡ ᠨᠡᠢᠭᠡᠮ ᠦ᠋ᠨ ᠨᠥᠯᠥᠭᠡ ᠡᠴᠡ ᠭᠠᠳᠠᠨ᠎ᠠ ᠮᠠᠨ ᠤ᠋ ᠬᠡᠦᠬᠡᠳ ᠬᠡᠳᠦ ᠢᠪᠴᠤᠤ ᠣᠷᠴᠢᠨ ᠳ᠋ᠤ᠌ ᠦᠰᠦᠨ ᠪᠣᠢᠵᠢᠬᠤ ᠪᠣᠯᠵᠤ ᠪᠠᠢᠭ᠎ᠠ ᠲᠠᠢ ᠰᠢᠭᠤᠳ ᠬᠣᠯᠪᠣᠭ᠎ᠠ ᠲᠠᠢ᠃ ᠰᠢᠯᠢᠩᠬᠣᠲᠠ ᠶ᠋ᠢᠨ ᠦᠨᠳᠦᠰᠦᠲᠡᠨ ᠦ᠌ ᠪᠠᠭ᠎ᠠ ᠰᠤᠷᠭᠠᠭᠤᠯᠢ ᠶ᠋ᠢᠨ ᠵᠠᠬᠢᠷᠤᠯ ᠰᠡᠴᠡᠨᠳᠡᠯᠭᠡᠷ ᠡᠴᠡ《ᠲᠠᠨ ᠤ᠋ ᠬᠡᠦᠬᠡᠳ ᠦ᠋ᠨ ᠮᠣᠷᠠᠯ ᠰᠤᠷᠲᠠᠯ ᠠᠯᠢ ᠲᠠᠯ᠎ᠠ ᠪᠠᠷ ᠢ᠋ᠶ᠋ᠠᠨ ᠬᠡᠴᠡᠭᠦᠦ ᠪᠠᠢᠨ᠎ᠠ ᠪᠣᠢ?》 ᠭᠡᠮᠡᠨ ᠠᠰᠠᠭᠤᠬᠤ ᠠᠰᠠᠭᠤᠬᠤ᠄《ᠶᠠᠭᠤᠮ᠎ᠠ ᠡᠪᠳᠡᠯᠡᠬᠦ ᠯᠡ ᠬᠠᠮᠤᠭ ᠠ᠋ᠴᠠ ᠬᠡᠴᠡᠭᠦᠦ ᠪᠠᠢᠨ᠎ᠠ》 ᠭᠡᠵᠦ ᠬᠡᠯᠡᠵᠦ ᠪᠠᠢᠭᠰᠠᠨ᠃ ᠣᠳᠣ ᠶ᠋ᠢᠨ ᠨᠡᠢᠭᠡᠮ ᠦ᠋ᠨ ᠣᠷᠴᠢᠨ ᠳ᠋ᠤ᠌ ᠰᠤᠷᠭᠠᠭᠤᠯᠢ ᠨᠢ ᠪᠢᠲᠡᠭᠦᠮᠵᠢᠯᠡᠭᠰᠡᠨ ᠬᠠᠮᠢᠶᠠᠷᠤᠯᠲᠠ ᠬᠡᠷᠡᠭᠵᠢᠭᠦᠯᠬᠦ ᠦᠭᠡᠢ ᠪᠣᠯᠬᠤ ᠦᠭᠡᠢ ᠪᠣᠯᠤᠭᠰᠠᠨ᠂ ᠭᠤᠳᠤᠮᠵᠢ ᠳᠦᠭᠦᠷᠡᠩ ᠨᠧᠲ ᠰᠦᠯᠵᠢᠶ᠎ᠡ ᠨᠠᠭᠠᠳᠤᠮ ᠲᠣᠭᠯᠠᠭᠠᠮ ᠤ᠋ᠨ ᠭᠠᠵᠠᠷ᠂ ᠡᠭᠦᠳᠡ ᠭᠠᠷᠤᠮᠠᠭᠴᠠ ᠬᠡᠦᠬᠡᠳ ᠲᠦ᠍ ᠵᠣᠷᠢᠭᠤᠯᠤᠭᠰᠠᠨ ᠬᠢᠮᠳᠠ ᠳᠥᠭᠥᠮ ᠬᠣᠭ ᠤ᠋ᠨ ᠢᠳᠡᠭᠡᠨ ᠬᠡᠦᠬᠡᠳ ᠦ᠋ᠨ ᠰᠡᠳᠬᠢᠯ ᠢ᠋ ᠨᠠᠰᠢ ᠪᠠᠨ ᠨᠠᠰᠢ ᠪᠠᠨ ᠭᠡᠮᠡᠨ ᠳᠠᠯᠠᠯᠵᠤ ᠪᠠᠢᠨ᠎ᠠ᠃ ᠪᠢᠲᠡᠭᠦᠮᠵᠢᠯᠡᠬᠦ ᠳ᠋ᠦ᠍ ᠬᠡᠦᠬᠡᠳ ᠦ᠋ᠨ ᠰᠡᠳᠬᠢᠯ ᠪᠢᠲᠡᠭᠦᠷᠡᠯ ᠪᠤᠬᠢᠨᠢᠳᠤᠯ ᠢ᠋ᠶ᠋ᠠᠷ ᠳᠦᠭᠦᠷᠡᠩ᠃ ᠥᠩᠭᠡᠷᠡᠭᠰᠡᠨ ᠦ᠌ ᠲᠠᠯ᠎ᠠ ᠬᠥᠳᠡᠭᠡ ᠠᠭᠤᠯᠠ ᠤᠰᠤ ᠪᠠᠷ ᠢ᠋ᠶ᠋ᠠᠨ ᠰᠠᠨᠠᠭᠠᠨ ᠲᠠᠪᠠ ᠪᠠᠷ ᠭᠦᠶᠦᠵᠦ ᠲᠣᠭᠣᠷᠢᠵᠤ ᠳᠠᠭᠤᠯᠠᠵᠤ ᠲᠣᠭᠯᠠᠵᠤ ᠥᠰᠦᠭᠰᠡᠨ ᠬᠥᠮᠦᠰ ᠲᠦ᠍ ᠡᠢᠮᠦᠷᠬᠦ ᠪᠢᠲᠡᠭᠦᠷᠡᠯ ᠪᠡᠭᠲᠡᠷᠡᠯ ᠦ᠋ᠨ ᠭᠡᠮ ᠠᠷᠬᠠᠭ ᠪᠠᠷᠤᠭ ᠪᠠᠢᠳᠠᠭ ᠦᠭᠡᠢ᠃ ᠣᠳᠣ ᠶ᠋ᠢᠨ ᠬᠡᠦᠬᠡᠳ ᠣᠯᠠᠩᠬᠢ ᠨᠢ ᠬᠣᠲᠠ ᠰᠠᠭᠤᠷᠢᠨ ᠤ᠋ ᠠᠰᠠᠷ ᠪᠠᠢᠰᠢᠩ ᠳ᠋ᠤ᠌ ᠲᠥᠷᠥᠵᠦ ᠥᠰᠴᠦ ᠪᠠᠢᠨ᠎ᠠ᠂ ᠬᠥᠯ ᠳ᠋ᠦ᠍ ᠣᠷᠣᠭᠠᠳ ᠭᠦᠶᠦᠶ᠎ᠡ ᠭᠡᠲᠡᠯ᠎ᠡ ᠬᠡᠷᠡᠮ ᠮᠥᠷᠭᠥᠨ᠎ᠡ ᠰᠢᠦ ᠪᠣᠯᠬᠤ ᠦᠭᠡᠢ ᠭᠡᠳ ᠲᠡᠪᠡᠷᠢᠭᠡᠳ ᠠᠪᠤᠨ᠎ᠠ᠃ ᠳᠥᠷᠪᠡ ᠲᠠᠪᠤ ᠬᠦᠷᠦᠭᠡᠳ ᠳᠥᠩᠭᠡᠭᠡᠳ ᠨᠢᠭᠡ ᠵᠡᠭᠡᠯᠢ ᠳ᠋ᠦ᠍ ᠭᠠᠷᠤᠭᠠᠳ ᠶᠠᠪᠤᠶ᠎ᠠ ᠭᠡᠬᠦ ᠳ᠋ᠦ᠍ ᠲᠡᠷᠭᠡ ᠮᠥᠷᠭᠥᠨ᠎ᠡ ᠰᠢᠦ ᠪᠣᠯᠬᠤ ᠦᠭᠡᠢ ᠭᠡᠳ ᠬᠠᠰᠢᠨ᠎ᠠ᠂ ᠬᠣᠭ ᠲᠡᠭᠦᠳᠡᠭ ᠬᠥᠮᠦᠨ ᠠᠪᠤᠭᠠᠳ ᠶᠠᠪᠤᠨ᠎ᠠ ᠰᠢᠦ ᠭᠡᠳ ᠠᠶᠤᠯᠭᠠᠨ᠎ᠠ᠃ ᠳᠣᠲᠣᠷ᠎ᠠ ᠨᠢ ᠪᠢᠲᠡᠭᠦᠷᠡᠭᠡᠳ ᠪᠠᠷᠬᠢᠷᠠᠶ᠎ᠠ ᠭᠡᠬᠦᠯᠡᠷ ᠳᠡᠭᠡᠷ᠎ᠡ ᠳᠣᠣᠷ᠎ᠠ ᠪᠦᠷ ᠠᠢᠯ ᠪᠠᠢᠨ᠎ᠠ ᠰᠢᠦ ᠪᠣᠯᠬᠤ ᠦᠭᠡᠢ ᠭᠡᠵᠦ ᠬᠣᠷᠢᠭᠯᠠᠨ᠎ᠠ᠃ ᠡᠴᠦᠰ ᠲᠦ᠍ ᠨᠢ ᠪᠠᠷᠬᠢᠷᠠᠵᠤ ᠳᠠᠭᠤᠯᠠᠵᠤ ᠴᠢᠳᠠᠬᠤ ᠦᠭᠡᠢ ᠬᠡᠦᠬᠡᠳ ᠪᠣᠯᠵᠤ ᠪᠠᠢᠨ᠎ᠠ᠃ ᠰᠤᠷᠭᠠᠭᠤᠯᠢ ᠳ᠋ᠤ᠌ ᠣᠷᠣᠭᠠᠳ ᠨᠠᠭᠠᠳᠴᠤ ᠲᠣᠭᠯᠠᠶ᠎ᠠ ᠭᠡᠬᠦ ᠡᠴᠡ ᠢᠯᠡᠭᠦᠦ ᠰᠤᠷᠤᠯᠭ᠎ᠠ ᠳᠠᠰᠬᠠᠯ ᠤ᠋ᠨ ᠳᠠᠷᠤᠭᠠᠰᠤ ᠨᠡᠮᠡᠭᠳᠡᠨ᠎ᠡ᠂ ᠰᠦᠯᠵᠢᠶ᠎ᠡ ᠲᠧᠯᠸᠢᠰ ᠳᠡᠭᠡᠷ᠎ᠡ ᠬᠣᠷᠢᠭ᠎ᠠ ᠴᠡᠭᠡᠷ ᠦᠭᠡᠢ ᠣᠯᠠᠨ ᠶᠠᠭᠤᠮ᠎ᠠ ᠦᠵᠡᠵᠦ ᠰᠣᠨᠣᠰᠬᠤ ᠨᠢ ᠮᠠᠨ ᠤ᠋ ᠠᠮᠢᠳᠤᠷᠠᠯ ᠠᠬᠤᠢ ᠠ᠋ᠴᠠ ᠳᠠᠪᠠᠭᠰᠠᠨ ᠬᠦᠰᠡᠯ ᠮᠥᠷᠥᠭᠡᠳᠦᠯ ᠢ᠋ ᠣᠯᠠᠨ ᠪᠣᠯᠭᠠᠵᠤ᠂ ᠬᠡᠦᠬᠡᠳ ᠦ᠋ᠨ ᠰᠡᠳᠬᠢᠯ ᠳ᠋ᠦ᠍ ᠪᠢᠲᠡᠭᠦᠦ ᠳᠠᠷᠤᠯᠲᠠ ᠪᠣᠯᠵᠤ ᠪᠠᠢᠨ᠎ᠠ᠃
    ᠭᠡᠷ ᠦ᠋ᠨ ᠠᠬᠠᠮᠠᠳ ᠬᠡᠦᠬᠡᠳ ᠲᠡᠢ ᠪᠡᠨ ᠬᠠᠷᠢᠯᠴᠠᠬᠤ ᠳ᠋ᠤ᠌ ᠪᠠᠨ ᠬᠡᠦᠬᠡᠳ ᠦ᠋ᠨ ᠶᠠᠷᠢᠬᠤ ᠶ᠋ᠢ ᠰᠣᠨᠣᠰᠬᠤ ᠨᠢ ᠪᠠᠭ᠎ᠠ᠂ ᠵᠠᠬᠢᠵᠤ ᠰᠤᠷᠭᠠᠬᠤ ᠨᠢ ᠣᠯᠠᠨ ᠪᠣᠯᠤᠭᠰᠠᠨ ᠠ᠋ᠴᠠ ᠬᠡᠦᠬᠡᠳ ᠥᠰᠬᠦ ᠳᠣᠳᠣᠮ ᠠᠪᠤ ᠡᠵᠢ ᠲᠡᠢ ᠪᠡᠨ ᠶᠠᠷᠢᠬᠤ ᠳᠤᠷ᠎ᠠ ᠦᠭᠡᠢ ᠪᠣᠯᠵᠤ᠂ ᠶᠠᠷᠢᠭᠰᠠᠨ ᠴᠤ᠌ ᠦᠭᠡ ᠬᠠᠮᠠᠷ ᠨᠡᠢᠯᠡᠬᠦ ᠦᠭᠡᠢ ᠪᠣᠯᠳᠠᠭ᠃ ᠡᠭᠦᠨ ᠦ᠌ ᠳ᠋ᠦᠩ ᠳ᠋ᠦ᠍ ᠪᠤᠬᠢᠨᠢᠳᠤᠭᠤ ᠪᠠᠴᠢᠮᠳᠠᠭᠤ᠂ ᠰᠡᠳᠬᠢᠯ ᠰᠠᠨᠠᠭ᠎ᠠ ᠪᠢᠲᠡᠭᠦᠷᠡᠯ ᠲᠡᠢ ᠬᠡᠦᠬᠡᠳ ᠵᠠᠯᠠᠭᠤᠴᠤᠳ ᠣᠯᠠᠨ ᠪᠣᠯᠵᠤ ᠪᠠᠢᠨ᠎ᠠ᠂ ᠡᠨᠡᠬᠦ ᠠᠰᠠᠭᠤᠳᠠᠯ ᠢ᠋ ᠪᠦᠬᠦ ᠨᠡᠢᠭᠡᠮ ᠢ᠋ᠶ᠋ᠡᠷ ᠢ᠋ᠶ᠋ᠡᠨ ᠠᠩᠬᠠᠷᠤᠯ ᠳ᠋ᠤ᠌ ᠪᠠᠨ ᠠᠪᠤᠯᠲᠠᠢ ᠪᠠᠢᠨ᠎ᠠ᠂ ᠰᠤᠷᠭᠠᠭᠤᠯᠢ ᠭᠡᠷ ᠦ᠋ᠨ ᠠᠬᠠᠮᠠᠳ ᠬᠡᠦᠬᠡᠳ ᠦ᠋ᠨ ᠦᠰᠦᠨ ᠪᠣᠢᠵᠢᠯᠲᠠ ᠶ᠋ᠢᠨ ᠣᠷᠴᠢᠨ ᠳ᠋ᠤ᠌ ᠲᠤᠩ ᠠᠩᠬᠠᠷᠤᠯ ᠬᠠᠨᠳᠤᠭᠤᠯᠬᠤ ᠴᠢᠬᠤᠯᠠ ᠲᠠᠢ ᠪᠣᠯᠤᠭᠠᠳ ᠪᠠᠢᠨ᠎ᠠ᠃ ᠡᠭᠦᠨ ᠳ᠋ᠦ᠍ ᠰᠤᠷᠭᠠᠭᠤᠯᠢ ᠶ᠋ᠢᠨ ᠰᠣᠶᠣᠯ ᠲᠠᠮᠢᠷ ᠤ᠋ᠨ ᠬᠥᠳᠡᠯᠭᠡᠭᠡᠨ ᠢ᠋ ᠬᠥᠭᠵᠢᠶᠡᠨᠲᠡᠢ ᠪᠣᠯᠭᠠᠵᠤ ᠬᠡᠦᠬᠡᠳ ᠦ᠋ᠨ ᠭᠡᠷ ᠦ᠋ᠨ ᠭᠠᠳᠠᠨᠠᠬᠢ ᠬᠥᠳᠡᠯᠭᠡᠭᠡᠨ ᠢ᠋ ᠠᠮᠢᠳᠤᠯᠢᠭ ᠪᠠᠶᠠᠯᠢᠭ ᠵᠣᠬᠢᠶᠠᠨ ᠪᠠᠢᠭᠤᠯᠬᠤ ᠮᠥᠷᠲᠡᠭᠡᠨ ᠬᠡᠦᠬᠡᠳ ᠦ᠋ᠨ ᠳᠤᠷ᠎ᠠ ᠰᠣᠨᠢᠷᠬᠠᠯ ᠢ᠋ ᠦᠨᠡᠨ ᠬᠦ᠌ ᠲᠠᠲᠠᠵᠤ ᠴᠢᠳᠠᠭᠰᠠᠨ ᠪᠠᠢᠬᠤ᠂ ᠲᠠᠮᠢᠷ ᠳᠠᠭᠤᠤ ᠵᠢᠷᠤᠭ ᠤ᠋ᠨ ᠬᠢᠴᠢᠶᠡᠯ ᠢ᠋ ᠰᠤᠯᠠ ᠬᠢᠴᠢᠶᠡᠯ ᠬᠡᠮᠡᠬᠦ ᠲᠠᠨᠢᠯᠲᠠ ᠪᠠᠨ ᠥᠭᠡᠷᠡᠴᠢᠯᠡᠵᠦ᠂ ᠬᠡᠦᠬᠡᠳ ᠦ᠋ᠨ ᠲᠠᠮᠢᠷ ᠤᠷᠠᠯᠢᠭ ᠤ᠋ᠨ ᠬᠥᠳᠡᠯᠭᠡᠭᠡᠨ ᠦ᠌ ᠴᠠᠭ ᠢ᠋ ᠨᠡᠮᠡᠭᠳᠡᠭᠦᠯᠬᠦ᠃ ᠭᠡᠷ ᠦ᠋ᠨ ᠠᠬᠠᠮᠠᠳ ᠭᠠᠷᠠᠭ ᠤ᠋ᠨ ᠴᠢᠯᠥᠭᠡ᠂ ᠠᠮᠠᠷᠠᠯᠲᠠ ᠪᠠᠷ ᠬᠡᠦᠬᠡᠳ ᠢ᠋ᠶ᠋ᠡᠨ ᠪᠠᠢᠩᠭᠤ ᠬᠥᠳᠡᠭᠡ ᠬᠡᠭᠡᠷ᠎ᠡ ᠠᠪᠴᠤ ᠨᠠᠭᠠᠳᠬᠤ᠂ ᠬᠥᠳᠡᠭᠡ ᠶ᠋ᠢᠨ ᠭᠡᠷ ᠦ᠋ᠨ ᠠᠬᠠᠮᠠᠳ ᠬᠡᠦᠬᠡᠳ ᠢ᠋ᠶ᠋ᠡᠨ ᠭᠡᠷ ᠲᠦ᠍ ᠪᠡᠨ ᠬᠠᠷᠢᠪᠠᠯ ᠭᠡᠷ ᠦ᠋ᠨ ᠭᠠᠳᠠᠨᠠᠬᠢ ᠠᠵᠢᠯ ᠳ᠋ᠤ᠌ ᠢᠯᠡᠭᠦᠬᠡᠨ ᠣᠷᠣᠯᠴᠠᠭᠤᠯᠬᠤ᠂ ᠲᠡᠮᠡᠭᠡ ᠮᠣᠷᠢ ᠲᠠᠢ ᠪᠣᠯ ᠬᠡᠦᠬᠡᠳ ᠲᠦ᠍ ᠪᠡᠨ ᠤᠨᠤᠭᠤᠯᠵᠤ ᠰᠤᠷᠭᠠᠬᠤ᠂ ᠬᠣᠨᠢ ᠮᠠᠯ ᠳ᠋ᠤ᠌ ᠶᠠᠪᠤᠭᠤᠯᠬᠤ᠂ ᠡᠯᠡᠰᠦ ᠮᠠᠩᠬᠠᠨ ᠳ᠋ᠤ᠌ ᠬᠥᠯ ᠨᠢᠴᠦᠭᠦᠨ ᠭᠦᠶᠦᠯᠭᠡᠬᠦ᠂ ᠪᠥᠮᠪᠥᠷᠢᠵᠦ ᠲᠣᠩᠭᠣᠷᠠᠭᠤᠯᠬᠤ᠂ ᠠᠭᠤᠯᠠᠨ ᠣᠷᠣᠢ ᠳ᠋ᠤ᠌ ᠭᠠᠷᠴᠤ ᠠᠯᠤᠰ ᠢ᠋ ᠬᠠᠷᠠᠬᠤ᠂ ᠪᠠᠷᠬᠢᠷᠠᠬᠤ᠂ ᠳᠠᠭᠤᠯᠠᠬᠤ᠂ ᠨᠠᠷᠢᠨ ᠭᠣᠣᠯ ᠭᠣᠷᠣᠬ᠎ᠠ ᠲᠠᠢ ᠭᠠᠵᠠᠷ ᠤᠰᠤᠨ ᠳ᠋ᠤ᠌ ᠱᠠᠯ ᠫᠠᠯ ᠦᠭᠡᠢ ᠱᠠᠯᠴᠢᠭᠢᠨᠠᠲᠠᠯ᠎ᠠ ᠭᠦᠶᠦᠯᠭᠡᠬᠦ᠁ ᠵᠡᠷᠭᠡ ᠪᠡᠷ ᠬᠡᠦᠬᠡᠳ ᠦ᠋ᠨ ᠰᠡᠳᠬᠢᠯ ᠰᠠᠨᠠᠭᠠᠨ ᠤ᠋ ᠪᠢᠲᠡᠭᠦᠷᠡᠯ ᠪᠣᠭᠣᠭᠳᠠᠯ ᠢ᠋ ᠠᠯᠳᠠᠷᠠᠭᠠᠵᠤ ᠬᠡᠦᠬᠡᠳ ᠦ᠋ᠨ ᠪᠡᠶ᠎ᠡ ᠰᠡᠳᠬᠢᠴᠡ ᠶ᠋ᠢᠨ ᠲᠠᠯᠪᠢᠭᠤᠷᠠᠨ ᠠᠭᠤᠵᠢᠷᠠᠬᠤ ᠠᠵᠢᠯ ᠬᠥᠳᠡᠯᠭᠡᠭᠡᠨ ᠳ᠋ᠦ᠍ ᠪᠣᠯᠤᠮᠵᠢ ᠶ᠋ᠢᠨ ᠬᠢᠷᠢ ᠪᠡᠷ ᠣᠷᠣᠯᠴᠠᠭᠤᠯᠵᠤ ᠪᠠᠢᠪᠠᠯ ᠰᠠᠢᠨ᠃ ᠥᠨᠥ ᠴᠢᠨᠢ ᠬᠥᠳᠡᠭᠡ ᠶ᠋ᠢᠨ ᠮᠠᠯᠴᠢᠨ ᠬᠦᠷᠲᠡᠯ᠎ᠡ ᠬᠡᠦᠬᠡᠳ ᠢ᠋ᠶ᠋ᠡᠨ ᠮᠠᠯ ᠠᠬᠤᠢ ᠲᠠᠢ ᠨᠢ ᠣᠢᠷᠠᠲᠤᠭᠤᠯᠬᠤ ᠦᠭᠡᠢ ᠪᠣᠯᠭᠠᠵᠤ᠂ ᠮᠠᠯ ᠦᠬᠡᠷ ᠨᠢ ᠬᠡᠦᠬᠡᠳ ᠡᠴᠡ ᠦᠷᠭᠦᠬᠦ ᠪᠣᠯᠵᠤ᠂ ᠬᠣᠲᠠ ᠳ᠋ᠤ᠌ ᠰᠠᠭᠤᠭᠰᠠᠨ ᠬᠡᠦᠬᠡᠳ ᠨᠢ ᠬᠥᠳᠡᠭᠡ ᠣᠴᠢᠵᠤ ᠢᠰᠢᠭᠡ ᠦᠵᠡᠴᠢᠬᠡᠭᠡᠳ ᠨᠣᠬᠠᠢ ᠭᠡᠳ ᠳᠤᠲᠠᠭᠠᠬᠤ ᠳ᠋ᠤ᠌ ᠬᠦᠷᠴᠦ ᠪᠠᠢᠨ᠎ᠠ᠃
    ᠲᠡᠢᠮᠦ ᠡᠴᠡ ᠪᠢᠳᠡ ᠵᠠᠪᠠᠯ ᠠᠮᠢᠳᠤᠷᠠᠯ ᠤ᠋ᠨ ᠡᠨᠡ ᠲᠡᠷᠡ ᠪᠠᠢᠳᠠᠭ ᠪᠣᠯᠤᠮᠵᠢ ᠨᠥᠬᠥᠴᠡᠯ ᠢ᠋ᠶ᠋ᠡᠨ ᠵᠥᠪ ᠠᠰᠢᠭᠯᠠᠵᠤ ᠬᠡᠦᠬᠡᠳ ᠦ᠋ᠨ ᠪᠣᠢᠵᠢᠯᠲᠠ ᠳ᠋ᠤ᠌ ᠰᠠᠢᠬᠠᠨ ᠨᠥᠯᠥᠭᠡ ᠦᠵᠡᠭᠦᠯᠬᠦ ᠶ᠋ᠢ ᠠᠩᠬᠠᠷᠬᠤ ᠬᠡᠷᠡᠭᠲᠡᠢ᠃ ᠮᠠᠨ ᠤ᠋ ᠮᠠᠯᠴᠢᠨ ᠲᠦᠮᠡᠨ ᠨᠢᠳᠦ ᠠᠯᠳᠠᠮ᠎ᠠ ᠠᠭᠤᠳᠠᠮ ᠪᠠᠢᠭᠠᠯᠢ ᠣᠷᠴᠢᠨ ᠠ᠋ᠴᠠ ᠪᠠᠨ ᠨᠢᠭᠡ ᠯᠡ ᠳᠡᠭᠡᠷ᠎ᠡ ᠢᠪᠴᠤᠤ ᠪᠠᠴᠢᠭᠤ ᠬᠣᠲᠠ ᠰᠠᠭᠤᠷᠢᠨ ᠳ᠋ᠤ᠌ ᠢᠷᠡᠭᠡᠳ ᠬᠡᠯᠡ ᠶᠠᠷᠢᠶ᠎ᠠ᠂ ᠠᠮᠢᠳᠤᠷᠠᠯ ᠵᠠᠩᠰᠢᠯ᠂ ᠠᠵᠤ ᠠᠬᠤᠢ᠂ ᠰᠡᠳᠬᠢᠯ ᠰᠠᠨᠠᠭᠠᠨ ᠤ᠋ ᠲᠠᠯ᠎ᠠ ᠪᠠᠷ ᠪᠦᠷ ᠣᠯᠠᠨ ᠬᠦᠴᠢᠷᠳᠡᠯ ᠳ᠋ᠦ᠍ ᠲᠤᠯᠭᠠᠷᠠᠭᠰᠠᠨ ᠠ᠋ᠴᠠ ᠲᠣᠮᠣ ᠬᠥᠮᠦᠰ ᠨᠢ ᠴᠦ᠍ ᠬᠦᠨᠳᠦ ᠪᠢᠲᠡᠭᠦᠷᠡᠯ ᠭᠠᠴᠢᠭᠳᠠᠯ ᠤ᠋ᠨ ᠰᠡᠳᠬᠢᠴᠡ ᠲᠡᠢ ᠪᠣᠯᠵᠤ ᠪᠠᠢᠨ᠎ᠠ᠃ ᠥᠷᠥᠨᠡᠳᠠᠬᠢᠨ ᠤ᠋ ᠬᠣᠲᠠᠴᠢᠯᠠᠭᠰᠠᠨ ᠤᠯᠤᠰ ᠤ᠋ᠨ ᠢᠷᠭᠡᠳ ᠪᠠᠢᠩᠭᠤ ᠲᠣᠭᠣᠷᠢᠨ ᠵᠤᠭᠠᠴᠠᠬᠤ ᠪᠤᠶᠤ ᠭᠠᠷᠠᠭ ᠤ᠋ᠨ ᠰᠡᠭᠦᠯᠴᠢ ᠪᠣᠯᠣᠮᠠᠭᠴᠠ ᠬᠣᠲᠠ ᠶ᠋ᠢᠨ ᠲᠡᠭᠦᠷᠭᠡ ᠳ᠋ᠦ᠍ ᠭᠠᠷᠴᠤ ᠬᠡᠭᠡᠷ᠎ᠡ ᠶ᠋ᠢᠨ ᠬᠣᠭᠣᠯᠠ ᠢᠳᠡᠬᠦ᠂ ᠳᠠᠯᠠᠢ ᠶ᠋ᠢᠨ ᠳᠠᠩ ᠳ᠋ᠤ᠌ ᠤᠮᠪᠠᠯᠲᠠ ᠬᠢᠬᠦ ᠪᠡᠷ ᠶᠠᠪᠤᠳᠠᠭ ᠨᠢ ᠪᠦᠷ ᠯᠡ ᠪᠡᠶ᠎ᠡ ᠰᠡᠳᠬᠢᠯ ᠦ᠋ᠨ ᠪᠢᠲᠡᠭᠦᠷᠡᠯ ᠴᠢᠯᠡᠭᠡ ᠪᠡᠨ ᠲᠠᠢᠯᠵᠤ ᠪᠠᠢᠳᠠᠭ ᠲᠠᠯ᠎ᠠ ᠨᠤᠲᠤᠭ ᠤ᠋ᠨ ᠮᠠᠯᠴᠢᠨ ᠤᠳᠤᠮᠲᠠᠨ ᠪᠢᠳᠡ ᠬᠥᠳᠡᠭᠡ ᠠᠮᠢᠳᠤᠷᠠᠯ ᠳ᠋ᠤ᠌ ᠪᠠᠨ ᠣᠢᠷᠠᠬᠠᠨ ᠪᠠᠢᠬᠤ ᠪᠠᠷ ᠴᠢᠷᠮᠠᠢᠶ᠎ᠠ᠃

    ᠦᠰᠦᠭ ᠠᠮᠢᠯᠠᠭᠤᠯᠤᠭᠴᠢ᠄ ᠪᠠᠶᠠᠨᠰᠡᠷᠡᠩ
    ᠬᠢᠨᠠᠭᠴᠢ ᠪᠠᠭᠰᠢ᠄ ᠭᠠᠷᠮ᠎ᠠ· ᠰᠡᠬᠡᠭᠡᠷᠡᠯ
    ᠶᠡᠷᠦᠩᠬᠡᠢ ᠬᠢᠨᠠᠭᠴᠢ᠄ ᠣᠳᠬᠠᠨᠰᠣ᠎ᠠ