1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠨᠥᠴᠢᠷᠡᠮᠡᠯ ᠵᠠᠩ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-06-ᠪᠣᠯᠣᠴᠢᠯᠠᠭᠤ

ᠥᠨᠥᠴᠢᠷᠡᠮᠡᠯ ᠵᠠᠩ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-06-ᠪᠣᠯᠣᠴᠢᠯᠠᠭᠤ

2023-12-02

582

ᠥᠨᠥᠴᠢᠷᠡᠮᠡᠯ ᠵᠠᠩ

    ᠥᠨᠥ ᠶ᠋ᠢᠨ ᠬᠡᠦᠬᠡᠳ ᠵᠠᠯᠠᠭᠤᠴᠤᠳ ᠬᠣᠲᠠ ᠬᠥᠳᠡᠭᠡ ᠶ᠋ᠢᠨ ᠢᠯᠭᠠᠭ᠎ᠠ ᠦᠭᠡᠢ ᠪᠠᠷᠤᠭ ᠪᠦᠭᠦᠳᠡᠭᠡᠷ ᠥᠨᠥᠴᠢᠷᠡᠮᠡᠯ ᠤᠢᠳᠤᠩᠬᠠᠢ ᠵᠠᠩ ᠰᠡᠳᠬᠢᠴᠡ ᠲᠡᠢ ᠪᠣᠯᠵᠠᠢ ᠃ ᠡᠭᠦᠨ ᠳ᠋ᠦ᠍ ᠬᠡᠳᠦᠨ ᠲᠠᠯ᠎ᠠ ᠶ᠋ᠢᠨ ᠰᠢᠯᠲᠠᠭᠠᠨ ᠴᠢᠬᠤᠯᠠ ᠨᠥᠯᠥᠭᠡ ᠦᠵᠡᠭᠦᠯᠵᠦ ᠪᠠᠢᠨ᠎ᠠ ᠃ ᠶᠠᠭᠤᠨ ᠤ᠋ ᠡᠮᠦᠨ᠎ᠡ ᠬᠣᠲᠠ ᠬᠥᠳᠡᠭᠡ ᠢᠯᠭᠠᠭ᠎ᠠ ᠦᠭᠡᠢ ᠪᠦᠷ ᠭᠠᠭᠴᠠᠬᠠᠨ ᠬᠡᠦᠬᠡᠳ ᠠᠪᠬᠤ ᠨᠢ ᠣᠯᠠᠨ ᠪᠣᠯᠤᠭᠰᠠᠨ ᠠ᠋ᠴᠠ ᠪᠣᠯᠵᠠᠢ ᠂ ᠬᠡᠦᠬᠡᠳ ᠂ ᠠᠬ᠎ᠠ ᠡᠭᠡᠴᠢ ᠳᠡᠭᠦᠦ ᠭᠡᠵᠦ ᠦᠭᠡᠢ ᠂ ᠨᠠᠭᠠᠳᠬᠤ ᠬᠠᠨᠢ ᠦᠭᠡᠢ ᠬᠡᠳᠦᠨ ᠬᠡᠦᠬᠡᠯᠳᠡᠢ ᠲᠣᠭᠯᠠᠭᠠᠮ ᠪᠤᠶᠤ ᠲᠧᠯᠸᠢᠰ ᠢ᠋ᠶ᠋ᠡᠷ ᠯᠡ ᠬᠠᠨᠢ ᠬᠢᠨ᠎ᠡ ᠂ ᠡᠴᠢᠭᠡ ᠡᠬᠡ ᠨᠢ ᠪᠠᠰᠠ ᠠᠵᠢᠯ ᠦᠢᠯᠡᠰ ᠭᠡᠳ ᠶᠠᠪ ᠶᠠᠭᠠᠷᠠᠤ ᠃ ᠬᠥᠳᠡᠭᠡ ᠨᠡᠩ ᠴᠦ᠍ ᠬᠡᠦᠬᠡᠳ ᠴᠥᠭᠡᠷᠡᠭᠡᠳ ᠬᠣᠲᠠ ᠤᠰᠤᠨ ᠳ᠋ᠤ᠌ ᠪᠠᠨ ᠨᠠᠭᠠᠳᠬᠤ ᠬᠡᠦᠬᠡᠳ ᠦᠭᠡᠢ ᠂ ᠪᠦᠷ ᠯᠡ ᠲᠧᠯᠸᠢᠰ ᠳᠡᠭᠡᠷ᠎ᠡ ᠬᠡᠦᠬᠡᠯᠳᠡᠢ ᠺᠢᠨᠣ᠋ ᠦᠵᠡᠬᠦ ᠡᠴᠡ ᠥᠭᠡᠷ᠎ᠡ ᠬᠠᠨᠢ ᠦᠭᠡᠢ ᠪᠣᠯᠵᠠᠢ ᠃ ᠲᠧᠯᠸᠢᠰ ᠵᠠᠭᠤᠴᠢ ᠦᠭᠡᠢ ᠵᠢᠷᠠ ᠳᠠᠯᠠᠭᠠᠳ ᠣᠨ ᠤ᠋ ᠦᠶ᠎ᠡ ᠳ᠋ᠦ᠍ ᠨᠢᠭᠡ ᠬᠣᠲᠠ ᠤᠰᠤᠨ ᠤ᠋ ᠪᠦᠬᠦ ᠬᠡᠦᠬᠡᠳ ᠨᠡᠢᠯᠡᠭᠡᠳ ᠪᠤᠷᠭᠠᠰᠤᠨ ᠮᠣᠷᠢ ᠪᠠᠨ ᠵᠠᠢᠳᠠᠯᠠᠭᠠᠳ ᠠᠳᠤᠭᠤᠨ ᠳ᠋ᠤ᠌ ᠪᠠᠨ ᠶᠠᠪᠤᠵᠤ ᠪᠠᠢᠨ᠎ᠠ ᠭᠡᠲᠡᠯ᠎ᠡ ᠠᠢᠯ ᠪᠣᠯᠵᠤ ᠪᠠᠢᠨ᠎ᠠ ᠭᠡᠳ ᠡᠳᠦᠷᠵᠢᠨ ᠬᠠᠮᠲᠤ ᠳ᠋ᠤ᠌ ᠪᠠᠨ ᠲᠣᠭᠯᠠᠵᠤ ᠪᠠᠶᠠᠷ ᠪᠠᠶᠠᠰᠤᠯ ᠢ᠋ᠶ᠋ᠠᠨ ᠬᠤᠪᠢᠶᠠᠯᠴᠠᠵᠤ ᠪᠠᠢᠳᠠᠭ ᠂ ᠡᠢᠮᠦ ᠣᠷᠴᠢᠨ ᠳ᠋ᠤ᠌ ᠥᠰᠦᠭᠰᠡᠨ ᠬᠡᠦᠬᠡᠳ ᠪᠤᠰᠤᠳ ᠲᠠᠢ ᠨᠡᠢᠯᠡᠮᠵᠢ ᠲᠡᠢ ᠪᠣᠯᠬᠤ ᠮᠥᠷᠲᠡᠭᠡᠨ ᠂ ᠣᠯᠠᠨ ᠲᠠᠢ ᠪᠠᠨ ᠬᠠᠮᠲᠤᠷᠠᠯᠴᠠᠬᠤ ᠲᠤᠩ ᠰᠠᠢᠬᠠᠨ ᠵᠠᠩ ᠠᠷᠠᠨᠰᠢᠨ ᠪᠦᠷᠢᠯᠳᠦᠳᠡᠭ᠃ ᠡᠦᠲᠦ ᠪᠣᠯ ᠵᠠᠭᠤᠴᠢ ᠬᠥᠭᠵᠢᠭᠰᠡᠨ ᠡᠴᠡ ᠬᠡᠦᠬᠡᠳ ᠵᠠᠯᠠᠭᠤᠴᠤᠳ ᠬᠥᠮᠦᠨ ᠲᠡᠢ ᠬᠠᠷᠢᠯᠴᠠᠬᠤ ᠠ᠋ᠴᠠ ᠪᠠᠨ ᠢᠯᠡᠭᠦᠦ ᠮᠠᠰᠢᠨ ᠰᠦᠯᠵᠢᠶ᠎ᠡ ᠲᠠᠢ ᠯᠠ ᠬᠠᠷᠢᠯᠴᠠᠬᠤ ᠨᠢ ᠭᠣᠣᠯ ᠪᠣᠯᠵᠠᠢ᠂ ᠨᠢᠭᠡ ᠠᠩᠭᠢ ᠶ᠋ᠢᠨ ᠨᠥᠬᠥᠳ ᠬᠠᠮᠲᠤ ᠳ᠋ᠤ᠌ ᠪᠠᠨ ᠠᠶᠠᠨ ᠵᠠᠮ ᠬᠥᠭᠡᠭᠡᠬᠦ ᠳ᠋ᠦ᠍ ᠴᠦ᠍ ᠲᠡᠷᠭᠡᠨ ᠳ᠋ᠦ᠍ ᠭᠠᠷᠤᠮᠠᠭᠴᠠMP3 ᠮᠡᠲᠦ ᠰᠣᠨᠣᠰᠤᠭᠤᠷ ᠢ᠋ᠶ᠋ᠠᠷ ᠴᠢᠬᠢ ᠪᠡᠨ ᠪᠥᠭᠯᠡᠮᠡᠭᠴᠡ ᠬᠤᠪᠢ ᠬᠣᠪᠢᠨ ᠤ᠋ ᠪᠣᠳᠣᠯ ᠤ᠋ᠨ ᠶᠢᠷᠲᠢᠨᠴᠦ ᠳ᠋ᠦ᠍ ᠪᠡᠨ ᠣᠷᠣᠴᠢᠬᠠᠨ᠎ᠠ᠂ ᠲᠡᠭᠡᠬᠦ ᠪᠡᠷ ᠣᠳᠣ ᠶ᠋ᠢᠨ ᠵᠠᠯᠠᠭᠤ ᠡᠴᠢᠭᠡ ᠡᠬᠡᠴᠦᠦᠯ ᠮᠠᠨᠢ ᠬᠡᠦᠬᠡᠳ ᠢ᠋ᠶ᠋ᠡᠨ ᠥᠨᠥᠴᠢᠷᠡᠭᠦᠯᠬᠦ ᠦᠭᠡᠢ ᠶ᠋ᠢᠨ ᠲᠥᠯᠥᠭᠡ ᠢᠯᠡᠭᠦᠦ ᠬᠡᠳᠦᠨ ᠬᠡᠦᠬᠡᠳ ᠠᠪᠴᠤ ᠨᠡᠢᠭᠡᠮ ᠦ᠋ᠨ ᠬᠠᠷᠢᠭᠤᠴᠠᠯᠭ᠎ᠠ ᠪᠠᠨ ᠭᠦᠢᠴᠡᠳᠬᠡᠬᠦ ᠶ᠋ᠢᠨ ᠳᠠᠭᠠᠤ ᠬᠡᠦᠬᠡᠳ ᠢ᠋ᠶ᠋ᠡᠨ ᠰᠡᠳᠬᠢᠯ ᠳ᠋ᠦ᠍ ᠪᠡᠨ ᠣᠢᠷᠠᠬᠠᠨ ᠪᠠᠢᠯᠭᠠᠵᠤ᠂ ᠮᠠᠰᠢᠨ ᠰᠦᠯᠵᠢᠶ᠎ᠡ ᠡᠴᠡ ᠵᠠᠢᠳᠠᠭᠤᠬᠠᠨ ᠠᠪᠴᠤ ᠶᠠᠪᠤᠬᠤ ᠶ᠋ᠢ ᠳᠠᠬᠢᠨᠲᠠ ᠰᠠᠨᠠᠭᠤᠯᠵᠤ ᠪᠠᠢᠨ᠎ᠠ᠃ ᠣᠳᠣ ᠶ᠋ᠢᠨ ᠰᠠᠳᠤᠨ ᠲᠥᠷᠥᠯ ᠦ᠋ᠨ ᠶᠠᠪᠤᠯᠴᠠᠭ᠎ᠠ ᠬᠤᠷᠢᠮ ᠨᠠᠢᠷ ᠳᠡᠭᠡᠷ᠎ᠡ ᠯᠡ ᠬᠠᠷᠢᠭᠤ ᠪᠢᠷᠠᠭᠤ ᠶ᠋ᠢᠨ ᠤᠴᠢᠷ ᠎ᠲᠤ ᠠᠭᠤᠯᠵᠠᠬᠤ ᠨᠢ ᠣᠯᠠᠨ ᠠ᠋ᠴᠠ ᠪᠢᠰᠢ᠂ ᠶᠡᠷᠦ ᠶ᠋ᠢᠨ ᠴᠠᠭ ᠎ᠲᠤ ᠲᠡᠭᠡᠵᠦ ᠣᠢᠷ᠎ᠠ ᠳᠣᠲᠣᠨᠣ ᠶᠠᠪᠤᠯᠴᠠᠬᠤ ᠦᠭᠡᠢ ᠪᠣᠯᠤᠭᠰᠠᠨ ᠨᠢ ᠬᠡᠦᠬᠡᠳ ᠦ᠋ᠨ ᠬᠠᠢᠷ᠎ᠠ ᠰᠡᠳᠬᠢᠯᠭᠡᠨ ᠦ᠌ ᠬᠥᠮᠦᠵᠢᠯ ᠳ᠋ᠦ᠍ ᠪᠠᠰᠠ ᠨᠢᠭᠡᠨ ᠵᠦᠢᠯ ᠳᠤᠲᠠᠭᠳᠠᠵᠤ ᠪᠠᠢᠬᠤ ᠶ᠋ᠢ ᠮᠡᠳᠡᠬᠦ ᠶᠣᠰᠣᠲᠠᠢ᠃ ᠬᠣᠲᠠ ᠶ᠋ᠢᠨ ᠲᠣᠮᠣ ᠬᠥᠮᠦᠰ ᠨᠢ ᠬᠦᠷᠲᠡᠯ᠎ᠡ ᠤᠢᠳᠬᠤ ᠳ᠋ᠤ᠌ ᠪᠠᠨ ᠨᠣᠬᠠᠢ ᠮᠤᠤᠷ ᠲᠡᠪᠡᠷᠢᠭᠡᠳ ᠬᠠᠨᠢ ᠬᠢᠬᠦ ᠡᠴᠡ ᠪᠢᠰᠢ ᠵᠡᠷᠭᠡᠯᠡᠳᠡᠭᠡ ᠠᠢᠯ ᠰᠠᠳᠤᠨ ᠲᠥᠷᠥᠯ ᠠᠬ᠎ᠠ ᠳᠡᠭᠦᠦ ᠭᠡᠮᠡᠨ ᠶᠠᠪᠤᠯᠴᠠᠬᠤ ᠦᠭᠡᠢ ᠪᠣᠯᠵᠤ ᠪᠠᠢᠭ᠎ᠠ ᠨᠢ ᠬᠥᠮᠦᠰ ᠦ᠋ᠨ ᠢᠲᠡᠭᠡᠯ ᠨᠥᠬᠥᠷᠯᠡᠯ ᠨᠢᠮᠭᠡᠷᠡᠵᠦ᠂ ᠰᠡᠳᠬᠢᠯ ᠦ᠋ᠨ ᠶᠢᠷᠲᠢᠨᠴᠦ ᠨᠢ ᠥᠨᠥᠴᠢᠷᠡᠮᠡᠯ ᠭᠠᠭᠴᠠᠭᠠᠷᠳᠠᠮᠠᠯ ᠪᠣᠯᠵᠤ ᠪᠠᠢᠭ᠎ᠠ ᠶ᠋ᠢᠨ ᠰᠢᠨᠵᠢ ᠪᠢᠰᠢ ᠤᠤ᠃ ᠳᠠᠪᠬᠤᠷ ᠣᠨᠢᠰᠣ ᠲᠠᠢ ᠬᠤᠯᠠᠭᠠᠢᠴᠢ ᠠ᠋ᠴᠠ ᠰᠡᠷᠭᠡᠢᠯᠡᠬᠦ ᠲᠡᠮᠦᠷ ᠡᠭᠦᠳᠡ ᠲᠡᠢ ᠵᠢᠵᠢᠭᠬᠡᠨ ᠣᠷᠣᠴᠠ ᠳ᠋ᠤ᠌ ᠥᠨᠥᠴᠢᠷᠡᠵᠦ ᠭᠠᠭᠴᠠᠭᠠᠷᠳᠠᠭᠰᠠᠨ ᠬᠡᠦᠬᠡᠳ ᠮᠠᠨᠢ ᠰᠦᠯᠵᠢᠶᠡᠨ ᠳᠡᠭᠡᠷ᠎ᠡ ᠲᠠᠨᠢᠵᠤ ᠮᠡᠳᠡᠬᠦ ᠦᠭᠡᠢ ᠬᠥᠮᠦᠰ ᠲᠡᠢ ᠠᠮᠠᠷᠬᠠᠨ ᠨᠥᠬᠥᠷᠯᠡᠳᠡᠭ ᠪᠣᠯᠵᠤ ᠪᠠᠢᠭ᠎ᠠ ᠨᠢ ᠣᠳᠣᠬᠢ ᠨᠡᠢᠭᠡᠮ ᠦ᠋ᠨ ᠪᠠᠰᠠ ᠨᠢᠭᠡᠨ ᠰᠡᠳᠬᠢᠴᠡ ᠶ᠋ᠢᠨ ᠠᠰᠠᠭᠤᠳᠠᠯ ᠢ᠋ ᠢᠯᠡᠴᠢᠯᠡᠵᠦ ᠪᠠᠢᠭ᠎ᠠ᠃
   ᠲᠡᠭᠡᠬᠦ ᠪᠡᠷ ᠪᠢᠳᠡ ᠡᠨᠡᠬᠦ ᠬᠡᠳᠦ ᠢᠪᠴᠤᠤ ᠠᠮᠢᠳᠤᠷᠠᠯ ᠤ᠋ᠨ ᠣᠷᠣᠨ ᠵᠠᠢ ᠶ᠋ᠢ ᠳᠠᠪᠠᠬᠤ ᠶ᠋ᠢᠨ ᠲᠥᠯᠥᠭᠡ ᠰᠠᠳᠤᠨ ᠲᠥᠷᠥᠯ ᠠᠬᠠᠨ ᠳᠡᠭᠦᠦᠰ ᠦ᠋ᠨ ᠰᠦᠯᠪᠡᠭᠡ ᠬᠣᠯᠪᠣᠭ᠎ᠠ ᠶ᠋ᠢ ᠣᠢᠷ᠎ᠠ ᠳᠣᠲᠣᠨᠣ ᠢᠲᠡᠭᠡᠯᠴᠡᠭᠡ ᠭᠦᠨ ᠠᠪᠴᠤ ᠶᠠᠪᠤᠬᠤ ᠶ᠋ᠢ ᠠᠩᠬᠠᠷᠤᠶ᠎ᠠ᠃ ᠬᠦᠯᠦᠭ ᠦ᠋ᠨ ᠲᠣᠭᠣᠰᠣ ᠰᠢᠩᠭᠡᠷᠡᠵᠦ ᠬᠥᠮᠦᠨ ᠦ᠌ ᠬᠠᠢᠷ᠎ᠠ ᠮᠥᠰᠥ ᠨᠢᠮᠭᠡᠷᠡᠵᠦ ᠪᠠᠢᠭ᠎ᠠ ᠮᠠᠰᠢᠨᠴᠢᠯᠠᠯᠲᠠ ᠶ᠋ᠢᠨ ᠴᠠᠭ ᠡᠷᠢᠨ ᠳ᠋ᠦ᠍ ᠬᠥᠮᠦᠨ ᠬᠥᠮᠦᠨ ᠳ᠋ᠦ᠍ ᠪᠡᠨ ᠣᠢᠷ᠎ᠠ ᠳᠣᠲᠣᠨᠣ ᠮᠠᠯ ᠠᠬᠤᠢ ᠪᠠᠢᠭᠠᠯᠢ ᠣᠷᠴᠢᠨ ᠳ᠋ᠤ᠌ ᠪᠠᠨ ᠣᠢᠷᠠᠬᠠᠨ ᠪᠠᠢᠬᠤ ᠨᠢ ᠬᠥᠮᠦᠨ ᠦ᠌ ᠪᠡᠶ᠎ᠡ ᠰᠡᠳᠬᠢᠴᠡ ᠶ᠋ᠢᠨ ᠡᠷᠡᠭᠦᠯ ᠮᠡᠨᠳᠦ ᠳ᠋ᠦ᠍ ᠲᠤᠩ ᠰᠠᠢᠨ ᠢ᠋ᠶ᠋ᠠᠷ ᠨᠥᠯᠥᠭᠡᠯᠡᠨ᠎ᠡ ᠭᠡᠳᠡᠭ ᠢ᠋ ᠰᠠᠨᠠᠭᠠᠨ ᠳ᠋ᠤ᠌ ᠪᠠᠨ ᠠᠪᠤᠶ᠎ᠠ! ᠬᠡᠦᠬᠡᠳ ᠴᠢᠨᠢ ᠬᠠᠮᠲᠤ ᠨᠥᠬᠥᠳ ᠢ᠋ᠶ᠋ᠡᠨ ᠭᠡᠷ ᠲᠤ ᠪᠡᠨ ᠳᠠᠭᠠᠭᠤᠯᠵᠤ ᠢᠷᠡᠨ᠎ᠡ ᠭᠡᠪᠡᠯ ᠳᠡᠮᠵᠢᠵᠦ ᠪᠠᠢᠭᠠᠷᠠᠢ᠂ ᠠᠳᠠᠯᠢᠬᠠᠨ ᠬᠠᠮᠲᠤ ᠨᠥᠬᠥᠳ ᠦ᠋ᠨ ᠢ᠋ᠶ᠋ᠡᠨ ᠭᠡᠷ ᠲᠤ ᠣᠴᠢᠨ᠎ᠠ ᠭᠡᠪᠡᠯ ᠶᠠᠪᠤᠭᠤᠯᠵᠤ ᠪᠠᠢᠭᠠᠷᠠᠢ᠂ ᠰᠤᠷᠭᠠᠭᠤᠯᠢ ᠶ᠋ᠢᠨ ᠠᠮᠠᠷᠠᠯᠲᠠ ᠪᠣᠯᠪᠠᠯ ᠬᠡᠳᠦᠨ ᠭᠡᠷ ᠢ᠋ᠶ᠋ᠡᠷ ᠢ᠋ᠶ᠋ᠡᠨ ᠨᠡᠢᠯᠡᠵᠦ ᠬᠡᠦᠬᠡᠳ ᠢ᠋ᠶ᠋ᠡᠨ ᠳᠠᠭᠠᠭᠤᠯᠵᠤ ᠬᠡᠭᠡᠷ᠎ᠡ ᠬᠥᠳᠡᠭᠡ ᠨᠠᠭᠠᠳᠤᠭᠤᠯᠵᠤ ᠪᠠᠢᠭᠠᠷᠠᠢ᠃

   ᠦᠰᠦᠭ ᠠᠮᠢᠯᠠᠭᠤᠯᠤᠭᠴᠢ᠄ ᠠᠵᠠᠵᠠᠶᠠᠭ᠎ᠠ
   ᠬᠢᠨᠠᠭᠴᠢ᠄ ᠵ᠂ ᠪᠤᠶᠠᠨᠲᠣᠭᠲᠠᠬᠤ᠂ ᠭᠠᠷᠮ᠎ᠠ