1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠷᠢᠶᠠᠯᠠᠬᠤ ᠭᠡᠮ -ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-03-ᠪᠣᠯᠣᠴᠢᠯᠠᠭᠤ

ᠮᠠᠷᠢᠶᠠᠯᠠᠬᠤ ᠭᠡᠮ -ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-03-ᠪᠣᠯᠣᠴᠢᠯᠠᠭᠤ

2023-11-29

704

ᠮᠠᠷᠢᠶᠠᠯᠠᠬᠤ ᠭᠡᠮ

    ᠣᠳᠣ ᠶᠢᠨ ᠬᠡᠦᠬᠡᠳ ᠪᠠᠭᠠᠴᠤᠤᠯ ᠤᠨ ᠳᠤᠮᠳᠠ ᠬᠡᠳᠦ ᠮᠠᠷᠢᠶ᠎ᠠ ᠲᠠᠢ ᠬᠡᠦᠬᠡᠳ ᠨᠡᠮᠡᠭᠳᠡᠬᠦ ᠬᠠᠨᠳᠤᠰᠢ ᠲᠠᠢ ᠪᠣᠯᠵᠤ ᠪᠠᠢᠨ᠎ᠠ᠃ ᠳᠤᠮᠳᠠᠳᠤ ᠰᠤᠷᠭᠠᠭᠤᠯᠢ ᠶᠢᠨ ᠬᠡᠦᠬᠡᠳ ᠦᠨ ᠳᠤᠮᠳᠠ ᠪᠡᠶ᠎ᠡ ᠶᠢᠨ ᠬᠦᠨᠳᠦ ᠨᠢ ᠬᠣᠶᠠᠷ ᠵᠠᠭᠤᠨ ᠵᠢᠩ ᠢ ᠳᠠᠪᠠᠭᠰᠠᠨ ᠬᠡᠦᠬᠡᠳ ᠬᠠᠷᠠᠭᠳᠠᠵᠤ ᠪᠠᠢᠨ᠎ᠠ᠂ ᠡᠨᠡᠬᠦ ᠪᠠᠢᠳᠠᠯ ᠬᠡᠦᠬᠡᠳ ᠦᠨ ᠰᠤᠯᠠ ᠢᠳᠡᠭᠡᠨ ᠬᠡᠲᠦᠷᠬᠡᠢ ᠢᠳᠡᠬᠦ ᠪᠤᠶᠤ ᠬᠥᠳᠡᠯᠭᠡᠭᠡᠨ ᠪᠠᠭᠠᠳᠠᠭᠰᠠᠨ ᠮᠡᠲᠦ ᠰᠢᠯᠲᠠᠭᠠᠨ ᠪᠠᠢᠬᠤ ᠠᠴᠠ ᠭᠠᠳᠠᠨ᠎ᠠ ᠰᠡᠳᠬᠢᠴᠡ ᠲᠠᠢ ᠲᠤᠩ ᠬᠣᠯᠪᠣᠭ᠎ᠠ ᠲᠠᠢ ᠪᠠᠢᠳᠠᠭ᠃ ᠣᠳᠣ ᠨᠢᠯᠬ᠎ᠠ ᠪᠠᠭ᠎ᠠ ᠠᠴᠠ ᠪᠠᠨ ᠲᠧᠯᠸᠢᠰ ᠺᠣᠮᠫᠢᠦ᠋ᠲ᠋ᠧᠷ ᠠᠴᠠ ᠰᠠᠯᠵᠤ ᠴᠢᠳᠠᠬᠤ ᠦᠭᠡᠢ ᠳᠠᠳᠬᠠᠯ ᠲᠠᠢ ᠬᠡᠦᠬᠡᠳ ᠣᠯᠠᠰᠢᠷᠠᠵᠤ ᠪᠠᠢᠨ᠎ᠠ᠂ ᠵᠠᠷᠢᠮ ᠬᠡᠦᠬᠡᠳ ᠡᠮᠦᠨ᠎ᠡ ᠪᠠᠨ ᠰᠤᠯᠠ ᠢᠳᠡᠭᠡᠨ ᠣᠪᠣᠭᠠᠯᠠᠭᠠᠳ ᠱᠠᠹᠠ ᠳᠡᠭᠡᠷ᠎ᠡ ᠪᠠᠨ ᠲᠠᠩᠭᠠᠢᠵᠤ ᠬᠡᠪᠲᠡᠭᠡᠳ ᠠᠩᠭᠠᠢᠵᠤ ᠢᠨᠢᠶᠡᠭᠡᠳ ᠲᠧᠯᠸᠢᠰ ᠦᠵᠡᠬᠦ ᠶᠢᠨ ᠳᠠᠭᠠᠤ ᠶᠠᠭᠤᠮ᠎ᠠ ᠢᠳᠡᠵᠦ ᠯᠠ ᠪᠠᠢᠳᠠᠭ᠃ ᠪᠢᠳᠡ ᠪᠦᠬᠦᠨ ᠦ ᠮᠡᠳᠡᠭᠡᠵᠢ ᠪᠡᠷ ᠲᠥᠷᠥᠯᠬᠢ ᠣᠶᠤᠨ ᠤ ᠬᠣᠮᠰᠠᠳᠠᠯ ᠲᠠᠢ ᠬᠡᠦᠬᠡᠳ ᠪᠠᠷᠤᠭ ᠪᠦᠷ ᠮᠠᠷᠢᠶ᠎ᠠ ᠶᠡᠬᠡ ᠲᠠᠢ ᠪᠠᠢᠳᠠᠭ᠂ᠶᠠᠭᠠᠬᠢᠭᠠᠳ ᠪᠤᠢ ᠭᠡᠪᠡᠯ᠂ ᠣᠶᠤᠨ ᠲᠠᠷᠢᠬᠢ ᠨᠢ ᠵᠡᠮᠳᠡᠭ ᠪᠣᠯᠬᠣᠷ ᠶᠠᠮᠠᠷ ᠴᠤ᠌ ᠰᠠᠨᠠᠭ᠎ᠠ ᠵᠣᠪᠠᠬᠤ ᠤᠴᠢᠷ ᠦᠭᠡᠢ᠂ ᠰᠡᠳᠬᠢᠵᠦ ᠪᠣᠳᠣᠯᠬᠢᠯᠠᠬᠤ ᠠᠵᠢᠯ ᠴᠤ᠌ ᠦᠭᠡᠢ᠂ ᠣᠶᠤᠨ ᠤᠬᠠᠭᠠᠨ ᠨᠢ ᠳᠡᠮᠡᠢ ᠠᠵᠢᠯᠯᠠᠬᠤ ᠦᠭᠡᠢ ᠪᠣᠯᠬᠣᠷ ᠲᠠᠷᠢᠬᠢᠨ ᠳᠤ ᠰᠢᠮ᠎ᠡ ᠲᠡᠵᠢᠭᠡᠯ ᠨᠥᠬᠥᠬᠦ ᠶᠢ ᠶᠡᠬᠡ ᠱᠠᠭᠠᠷᠳᠠᠬᠤ ᠦᠭᠡᠢ ᠪᠠᠢᠵᠤ᠂ ᠢᠳᠡᠭᠰᠡᠨ ᠨᠢ ᠰᠢᠭᠤᠳ ᠥᠭᠡᠬᠦ ᠪᠣᠯᠵᠤ ᠰᠢᠩᠭᠡᠳᠡᠭ ᠡᠴᠡ ᠬᠥᠮᠦᠨ ᠮᠠᠷᠢᠶ᠎ᠠ ᠶᠡᠬᠡ ᠲᠠᠢ ᠪᠣᠯᠳᠠᠭ᠂ ᠬᠡᠲᠦᠷᠬᠡᠢ ᠲᠧᠯᠸᠢᠰ ᠦᠵᠡᠬᠦ ᠡᠭᠦᠨ ᠲᠠᠢ ᠶᠡᠬᠡ ᠣᠢᠷᠠᠯᠴᠠᠭ᠎ᠠ ᠪᠣᠯᠳᠠᠭ᠃ ᠬᠥᠮᠦᠨ ᠦ ᠪᠡᠶ᠎ᠡ ᠳᠦ ᠣᠶᠤᠨ ᠲᠠᠷᠢᠬᠢ ᠬᠠᠮᠤᠭ ᠤᠨ ᠶᠡᠬᠡ ᠰᠢᠮ᠎ᠡ ᠲᠡᠵᠢᠭᠡᠯ ᠬᠡᠷᠡᠭᠰᠡᠳᠡᠭ᠃ ᠨᠣᠮ ᠤᠩᠰᠢᠨ᠎ᠠ ᠭᠡᠳᠡᠭ ᠴᠢᠨᠢ ᠴᠠᠭᠠᠨ ᠴᠠᠭᠠᠰᠤᠨ ᠳᠡᠭᠡᠷᠡᠬᠢ ᠬᠠᠶ᠎ᠠ ᠦᠰᠦᠭ ᠢ ᠡᠮᠦᠰᠬᠡᠯ ᠵᠠᠰᠠᠯ ᠲᠠᠢ ᠢᠨᠢᠶᠡᠳᠦ ᠬᠠᠨᠢᠶᠠᠳᠤ ᠲᠠᠢ ᠠᠮᠢᠳᠤ ᠬᠥᠮᠦᠨ ᠪᠣᠯᠭᠠᠨ ᠣᠯᠵᠤ ᠬᠠᠷᠠᠨ᠎ᠠ ᠭᠡᠰᠡᠨ ᠦᠭᠡ᠂ ᠨᠣᠮ ᠤᠩᠰᠢᠬᠤ ᠳᠤ ᠨᠣᠮ ᠳᠤ ᠳᠦᠷᠰᠦᠯᠡᠭᠰᠡᠨ ᠳᠦᠷᠢ ᠳᠦᠷᠬᠥ᠂ ᠦᠵᠡᠮᠵᠢ ᠪᠠᠢᠳᠠᠯ᠂ ᠦᠭᠦᠯᠡᠭᠰᠡᠨ ᠰᠠᠨᠠᠭ᠎ᠠ ᠶᠢ ᠳᠦᠷᠰᠦᠯᠡᠨ ᠪᠣᠳᠣᠬᠤ᠂ ᠬᠣᠯᠪᠣᠨ ᠪᠣᠳᠣᠬᠤ᠂ ᠤᠷᠭᠤᠭᠤᠯᠵᠤ ᠪᠣᠳᠣᠬᠤ ᠣᠶᠤᠨ ᠤ ᠠᠵᠢᠯᠯᠠᠭ᠎ᠠ ᠵᠡᠷᠭᠡ ᠶᠠᠪᠤᠭᠳᠠᠵᠤ ᠬᠥᠮᠦᠨ ᠦ ᠣᠶᠤᠨ ᠲᠠᠷᠢᠬᠢ ᠶᠡᠬᠡ ᠬᠥᠭᠵᠢᠶᠡᠨᠲᠡᠢ ᠠᠵᠢᠯᠯᠠᠵᠤ ᠯᠠ ᠪᠠᠢᠳᠠᠭ᠂ ᠲᠧᠯᠸᠢᠰ ᠦᠵᠡᠬᠦ ᠪᠣᠯ ᠵᠢᠷᠤᠭ ᠳᠦᠷᠰᠦ᠂ ᠦᠢᠯᠡ ᠬᠥᠳᠡᠯᠦᠯ᠂ ᠦᠭᠡ ᠶᠠᠷᠢᠶ᠎ᠠ ᠨᠢ ᠪᠦᠷ ᠢᠯᠡᠷᠡᠴᠢᠬᠡᠬᠦ ᠪᠣᠯᠬᠣᠷ ᠬᠥᠮᠦᠨ ᠦ ᠣᠶᠤᠨ ᠲᠠᠷᠢᠬᠢ ᠠᠯᠵᠠᠭᠤ ᠬᠣᠢᠷᠭᠣ ᠪᠣᠯᠵᠤ᠂ ᠢᠯᠡᠭᠦᠴᠡ ᠢᠳᠡᠵᠦ ᠤᠤᠭᠤᠭᠰᠠᠨ ᠨᠢ ᠥᠭᠡᠬᠦ ᠪᠣᠯᠵᠤ᠂ ᠮᠠᠷᠢᠶᠠᠯᠠᠬᠤ ᠭᠡᠮ ᠲᠠᠢ ᠪᠣᠯᠬᠤ ᠪᠣᠯᠣᠮᠵᠢ ᠶᠡᠬᠡ ᠪᠠᠢᠳᠠᠭ᠃ ᠲᠡᠢᠮᠦ ᠡᠴᠡ ᠭᠡᠷ ᠦᠨ ᠠᠬᠠᠮᠠᠳ ᠬᠡᠦᠬᠡᠳ ᠲᠦ ᠪᠠᠨ ᠡᠷᠡᠭᠦᠯ ᠰᠠᠢᠬᠠᠨ ᠳᠠᠳᠬᠠᠯ ᠢ ᠬᠥᠮᠦᠵᠢᠭᠦᠯᠬᠦ ᠳᠦ ᠪᠠᠨ ᠡᠳᠡᠭᠡᠷ ᠢ ᠠᠩᠬᠠᠷᠬᠤ ᠶᠣᠰᠣᠲᠠᠢ᠃ ᠬᠡᠦᠬᠡᠳ ᠲᠦ ᠪᠠᠨ ᠪᠠᠭ᠎ᠠ ᠠᠴᠠ ᠨᠢ ᠦᠯᠢᠭᠡᠷ ᠶᠠᠷᠢᠵᠤ ᠥᠭᠬᠦ᠂ ᠣᠨᠢᠰᠤᠭ᠎ᠠ ᠲᠠᠭᠠᠯᠴᠠᠬᠤ᠂ ᠦᠰᠦᠭ ᠲᠠᠨᠢᠮᠠᠭᠴᠠ ᠬᠠᠮᠲᠤ ᠵᠢᠷᠤᠭᠲᠤ ᠦᠯᠢᠭᠡᠷ ᠤᠩᠰᠢᠬᠤ ᠵᠢᠴᠢ ᠥᠪᠡᠷᠰᠡᠳ ᠢᠶᠡᠨ ᠲᠧᠯᠸᠢᠰ᠂ ᠰᠦᠯᠵᠢᠶ᠎ᠡ ᠶᠢ ᠬᠡᠮᠵᠢᠶ᠎ᠡ ᠲᠠᠢ ᠦᠵᠡᠵᠦ ᠬᠡᠷᠡᠭᠯᠡᠬᠦ ᠵᠠᠩᠰᠢᠯ ᠲᠠᠢ ᠪᠠᠢᠪᠠᠯ ᠰᠠᠶᠢ ᠬᠡᠦᠬᠡᠳ ᠲᠤ ᠰᠠᠢᠬᠠᠨ ᠳᠦᠷᠢᠮ ᠪᠣᠯᠵᠤ ᠴᠢᠳᠠᠨ᠎ᠠ᠃ ᠣᠨᠴᠠᠭᠠᠢᠯᠠᠨ ᠴᠠᠢ ᠬᠣᠭᠣᠯᠠ᠂ ᠠᠮᠠᠷᠠᠵᠤ ᠤᠨᠲᠠᠬᠤ ᠴᠠᠭ ᠲᠤ ᠪᠦᠷ ᠬᠡᠮᠵᠢᠶ᠎ᠡ ᠲᠠᠢ ᠪᠠᠢᠬᠤ ᠨᠢ ᠰᠠᠢᠨ᠃ ᠪᠡᠯᠡᠨ ᠺᠢᠨᠣ᠋ ᠦᠵᠡᠭᠰᠡᠭᠡᠷ ᠪᠠᠢᠵᠤ ᠶᠠᠷᠢᠬᠤ ᠴᠢᠳᠠᠪᠤᠷᠢ ᠪᠠᠨ ᠪᠠᠷᠤᠭ ᠠᠯᠳᠠᠬᠤ ᠬᠡᠮᠵᠢᠶᠡᠨ ᠳᠦ ᠬᠦᠷᠦᠭᠰᠡᠨ ᠣᠳᠣ ᠶᠢᠨ ᠬᠡᠦᠬᠡᠳ ᠶᠡᠬᠡ ᠪᠣᠯᠬᠤ ᠳᠣᠳᠣᠮ ᠬᠡᠯᠡ ᠠᠮᠠ ᠨᠢ ᠪᠢᠳᠠᠭᠤᠷᠠᠵᠤ᠂ ᠪᠤᠰᠤᠳ ᠲᠠᠢ ᠶᠠᠷᠢᠬᠤ ᠳᠤᠷ᠎ᠠ ᠦᠭᠡᠢ ᠪᠣᠯᠵᠤ ᠪᠠᠢᠨ᠎ᠠ᠃ ᠡᠨᠡ ᠨᠢ ᠬᠥᠮᠦᠨ ᠲᠠᠢ ᠶᠠᠷᠢᠵᠤ ᠵᠣᠭᠣᠭᠳᠠᠬᠤ ᠨᠢ ᠪᠠᠭ᠎ᠠ ᠡᠳᠦᠷᠵᠢᠨ ᠲᠧᠯᠸᠢᠰ᠂ ᠰᠦᠯᠵᠢᠶ᠎ᠡ ᠡᠴᠡ ᠰᠠᠯᠬᠤ ᠦᠭᠡᠢ ᠪᠣᠯᠤᠭᠰᠠᠨ ᠲᠠᠢ ᠰᠢᠭᠤᠳ ᠬᠣᠯᠪᠣᠭ᠎ᠠ ᠲᠠᠢ᠂ ᠶᠠᠷᠢᠬᠤ ᠦᠭᠡᠢ ᠪᠠᠢᠨ᠎ᠠ ᠭᠡᠰᠡᠨ ᠴᠢᠨᠢ ᠴᠠᠭᠠᠨ᠎ᠠ ᠪᠠᠨ ᠰᠡᠳᠬᠢᠬᠦ ᠦᠭᠡᠢ ᠪᠠᠢᠨ᠎ᠠ ᠭᠡᠰᠡᠨ ᠦᠭᠡ᠂ ᠶᠠᠭᠤ ᠴᠤ᠌ ᠰᠡᠳᠬᠢᠬᠦ ᠦᠭᠡᠢ ᠶᠠᠭᠤ ᠴᠤ᠌ ᠪᠣᠳᠣᠬᠤ ᠴᠢᠬᠤᠯᠠ ᠦᠭᠡᠢ ᠪᠡᠯᠡᠨ ᠢ᠋ ᠢᠳᠡᠭᠡᠳ ᠰᠠᠭᠤᠪᠠᠯ ᠮᠠᠷᠢᠶᠠᠯᠠᠬᠤ ᠦᠭᠡᠢ ᠶᠠᠭᠠᠬᠢᠨ᠎ᠠ ᠪᠣᠢ!
    ᠲᠡᠢᠮᠦ ᠡᠴᠡ ᠬᠡᠦᠬᠡᠳ ᠢ᠋ᠶ᠋ᠡᠨ ᠬᠡᠯᠡ ᠳ᠋ᠦ᠍ ᠣᠷᠣᠮᠠᠭᠴᠠ ᠰᠣᠨᠢᠭᠤᠴᠢ ᠰᠡᠳᠬᠢᠴᠡ ᠶ᠋ᠢ ᠨᠢ ᠠᠰᠢᠭᠯᠠᠵᠤ ᠢᠯᠡᠭᠦᠬᠡᠨ ᠳᠠᠭᠤᠤ ᠰᠢᠯᠦᠭ ᠴᠡᠭᠡᠵᠢᠯᠡᠭᠦᠯ᠂ ᠣᠨᠢᠰᠣᠭ᠎ᠠ ᠦᠯᠢᠭᠡᠷ ᠶᠠᠷᠢᠭᠤᠯᠵᠤ ᠰᠤᠷᠭ᠎ᠠ! ᠡᠳᠡᠭᠡᠷ ᠨᠢ ᠭᠠᠭᠴᠠᠬᠦ ᠦᠭᠡᠰ ᠦ᠋ᠨ ᠰᠠᠩ ᠢ᠋ ᠪᠠᠶᠠᠵᠢᠭᠤᠯᠵᠤ᠂ ᠬᠡᠯᠡᠨ ᠦ᠌ ᠮᠡᠳᠡᠷᠡᠮᠵᠢ ᠶ᠋ᠢ ᠬᠤᠷᠴᠠ ᠪᠣᠯᠭᠠᠬᠤ ᠲᠡᠳᠦᠢ ᠪᠢᠰᠢ᠂ ᠴᠡᠭᠡᠵᠢᠯᠡᠬᠦ ᠴᠢᠳᠠᠪᠤᠷᠢ ᠶ᠋ᠢ ᠴᠤ᠌ ᠰᠠᠢᠵᠢᠷᠠᠭᠤᠯᠵᠤ᠂ ᠴᠣᠪᠣᠭᠣ ᠳᠡᠭᠵᠢᠨ ᠵᠠᠩ ᠲᠠᠢ᠂ ᠳᠤᠷ᠎ᠠ ᠰᠣᠨᠢᠷᠬᠠᠯ ᠥᠷᠭᠡᠨ᠂ ᠬᠡᠦᠬᠡᠳ ᠦ᠋ᠨ ᠰᠡᠳᠬᠢᠴᠡ ᠡᠷᠡᠭᠦᠯ ᠢ᠋ᠶ᠋ᠡᠷ ᠦᠰᠦᠨ ᠪᠣᠢᠵᠢᠬᠤ ᠳ᠋ᠤ᠌ ᠰᠠᠢᠨ ᠢ᠋ᠶ᠋ᠠᠷ ᠨᠥᠯᠥᠭᠡᠯᠡᠨ᠎ᠡ ᠭᠡᠳᠡᠭ ᠢ᠋ ᠮᠡᠳᠡᠭᠡᠷᠡᠢ᠃

   ᠦᠰᠦᠭ ᠠᠮᠢᠯᠠᠭᠤᠯᠤᠭᠴᠢ᠄ ᠠᠰᠬ᠎ᠠ
   ᠦᠰᠦᠭ ᠬᠢᠨᠠᠭᠴᠢ᠄ ᠵ᠂ᠪᠤᠶᠠᠨᠲᠤᠭᠲᠠᠬᠤ ᠂  ᠣᠳᠬᠠᠨᠰᠣ᠎ᠠ