ᠬᠤᠷᠤᠭᠤ ᠬᠢᠮᠤᠰᠤ ᠪᠠᠨ ᠬᠡᠮᠡᠯᠢᠬᠦ ᠭᠡᠮ-ᠬᠡᠦᠬᠡᠳ ᠦᠨ ᠵᠠᠩ ᠰᠡᠳᠭᠢᠴᠡ ᠳᠦ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-02-ᠪᠣᠯᠣᠴᠢᠯᠠᠭᠤ
ᠬᠤᠷᠤᠭᠤ ᠬᠢᠮᠤᠰᠤ ᠪᠠᠨ ᠬᠡᠮᠡᠯᠢᠬᠦ ᠭᠡᠮ
ᠵᠠᠷᠢᠮ ᠬᠡᠦᠬᠡᠳ ᠪᠠᠢᠩᠭᠤ ᠬᠤᠷᠤᠭᠤ ᠬᠢᠮᠤᠰᠤ ᠪᠠᠨ ᠬᠠᠵᠢᠵᠤ ᠬᠡᠮᠡᠯᠢᠬᠦ ᠭᠡᠳ ᠪᠠᠢᠳᠠᠭ᠂ ᠣᠨᠴᠠᠭᠠᠢᠯᠠᠨ ᠬᠢᠴᠢᠶᠡᠯ ᠳᠡᠭᠡᠷ᠎ᠡ ᠪᠤᠶᠤ ᠬᠥᠮᠦᠨ ᠲᠠᠢ ᠶᠠᠷᠢᠬᠤ ᠦᠶᠡᠰ ᠬᠠᠵᠢᠵᠤ ᠬᠡᠮᠡᠯᠢᠭᠰᠡᠭᠡᠷ ᠪᠠᠢᠵᠤ ᠬᠢᠮᠤᠰᠤᠨ ᠣᠭ ᠢᠶᠠᠨ ᠪᠦᠷ ᠰᠢᠷᠬ᠎ᠠ ᠲᠠᠢ ᠪᠣᠯᠭᠠᠴᠢᠬᠠᠭᠰᠠᠨ ᠪᠠᠢᠳᠠᠭ᠃ ᠡᠨᠡ ᠪᠣᠯ ᠪᠠᠴᠢᠮᠳᠠᠯ ᠪᠢᠲᠡᠭᠦᠷᠡᠯ᠂ ᠵᠣᠪᠠᠵᠤ ᠭᠤᠲᠤᠷᠠᠵᠤ ᠪᠠᠢᠬᠤ ᠪᠤᠶᠤ ᠰᠠᠨᠠᠭ᠎ᠠ ᠰᠡᠳᠬᠢᠯ ᠲᠠᠢᠪᠤᠩ ᠪᠤᠰᠤ ᠪᠣᠯᠣᠭᠰᠠᠨ ᠰᠡᠳᠬᠢᠴᠡ ᠶᠢᠨ ᠠᠰᠠᠭᠤᠳᠠᠯ ᠪᠠᠢᠭ᠎ᠠ ᠶᠤᠮ᠃ ᠬᠡᠦᠬᠡᠳ ᠠᠪᠤ ᠡᠵᠢ ᠡᠴᠡ ᠪᠠᠨ ᠬᠡᠳᠦ ᠪᠠᠭ᠎ᠠ ᠰᠠᠯᠵᠤ ᠰᠤᠷᠭᠠᠭᠤᠯᠢ ᠶᠢᠨ ᠪᠠᠢᠷᠢ ᠪᠤᠶᠤ ᠬᠡᠦᠬᠡᠳ ᠬᠠᠷᠠᠳᠠᠭ ᠠᠢᠯ ᠳᠤ ᠰᠠᠭᠤᠵᠤ ᠪᠤᠰᠤᠳ ᠢ ᠴᠢᠷᠠᠢᠳᠠᠬᠤ᠂ ᠬᠡᠷᠡᠭᠦᠯ ᠵᠢᠭᠤᠷᠠᠭᠠᠨ ᠲᠠᠢ ᠣᠷᠴᠢᠨ ᠳᠤ ᠥᠰᠴᠦ᠂ ᠠᠪᠤ ᠨᠢ ᠠᠷᠢᠬᠢᠨ ᠠᠭᠰᠤᠮ ᠢᠶᠠᠷ ᠬᠡᠳᠦ ᠠᠶᠤᠯᠭᠠᠵᠤ ᠰᠣᠴᠢᠭᠠᠭᠰᠠᠨ ᠪᠤᠶᠤ ᠨᠢᠯᠬ᠎ᠠ ᠪᠠᠭ᠎ᠠ ᠳᠤ ᠨᠢ ᠠᠪᠤ ᠡᠵᠢ ᠨᠢ ᠤᠷᠤᠭ ᠰᠠᠯᠤᠭᠠᠳ ᠬᠡᠦᠬᠡᠳ ᠦᠨ ᠰᠡᠳᠬᠢᠯ ᠬᠦᠨᠳᠦ ᠴᠣᠬᠢᠯᠲᠠ ᠣᠯᠣᠭᠰᠠᠨ᠂ ᠡᠴᠢᠭᠡ ᠡᠬᠡ ᠨᠢ ᠬᠡᠷᠡᠭᠦᠯ ᠵᠢᠭᠤᠷᠠᠭᠠᠨ ᠬᠢᠬᠦ ᠳᠦ ᠪᠠᠨ ᠬᠡᠦᠬᠡᠳ ᠢᠶᠡᠨ ᠥᠪᠡᠷ ᠥᠪᠡᠷ ᠦᠨ ᠲᠠᠯ᠎ᠠ ᠳᠤ ᠪᠠᠨ ᠵᠣᠭᠰᠣᠭᠠᠬᠤ ᠭᠡᠬᠦ ᠳᠦ ᠤᠴᠢᠷ ᠶᠠᠪᠤᠳᠠᠯ ᠤᠨ ᠵᠥᠪ ᠪᠤᠷᠤᠭᠤ ᠶᠢ ᠢᠯᠭᠠᠵᠤ ᠳᠡᠢᠯᠬᠦ ᠦᠭᠡᠢ ᠬᠡᠨ ᠠᠯᠢᠨ ᠤ ᠬᠢᠨᠢ ᠲᠠᠯ᠎ᠠ ᠳᠤ ᠦᠭᠡ ᠬᠡᠯᠡᠬᠦ ᠪᠠᠨ ᠣᠯᠵᠤ ᠶᠠᠳᠠᠨ ᠭᠠᠴᠢᠭᠳᠠᠬᠤ ᠮᠡᠲᠦ ᠰᠢᠯᠲᠠᠭᠠᠨ ᠠᠴᠠ ᠪᠣᠯᠵᠤ ᠰᠠᠨᠠᠭ᠎ᠠ ᠪᠣᠳᠣᠯ ᠨᠢ ᠬᠡᠵᠢᠶᠡᠳᠡ ᠲᠡᠨᠢᠭᠦᠨ ᠲᠠᠢᠪᠤᠩ ᠪᠠᠢᠵᠤ ᠴᠢᠳᠠᠬᠤ ᠦᠭᠡᠢ᠂ ᠬᠤᠷᠤᠭᠤ ᠬᠢᠮᠤᠰᠤ ᠪᠠᠨ ᠬᠠᠵᠠᠨ ᠰᠠᠨᠠᠭ᠎ᠠ ᠪᠣᠳᠣᠯ ᠢᠶᠠᠨ ᠠᠷᠭᠠᠳᠠᠨ ᠰᠠᠭᠠᠲᠠᠭᠤᠯᠬᠤ ᠵᠠᠩᠰᠢᠯ ᠲᠠᠢ ᠪᠣᠯᠣᠭᠰᠠᠨ ᠰᠡᠳᠬᠢᠴᠡ ᠶᠢᠨ ᠨᠢᠭᠡᠨ ᠦᠵᠡᠭᠳᠡᠯ ᠪᠠᠢᠭ᠎ᠠ᠃ ᠲᠡᠢᠮᠦ ᠡᠴᠡ ᠭᠡᠷ ᠦᠨ ᠠᠬᠠᠮᠠᠳ ᠬᠡᠦᠬᠡᠳ ᠦᠨ ᠡᠷᠡᠭᠦᠯ ᠰᠠᠷᠠᠭᠤᠯ ᠥᠰᠦᠨ ᠪᠣᠢᠵᠢᠯᠲᠠ ᠶᠢᠨ ᠲᠥᠯᠥᠭᠡ ᠥᠪᠡᠷᠰᠡᠳ ᠦᠨ ᠦᠢᠯᠡ ᠠᠵᠢᠯᠯᠠᠭ᠎ᠠ ᠳᠤ ᠪᠠᠨ ᠢᠯᠡᠭᠦᠬᠡᠨ ᠬᠢᠨᠠᠯᠲᠠ ᠲᠠᠢ ᠪᠠᠢᠵᠤ ᠬᠡᠦᠬᠡᠳ ᠲᠦ ᠨᠠᠵᠠᠭᠠᠢ ᠨᠥᠯᠥᠭᠡ ᠦᠵᠡᠭᠦᠯᠬᠦ ᠪᠠᠨ ᠰᠡᠳᠬᠢᠯ ᠵᠢᠷᠦᠬᠡᠨ ᠡᠴᠡ ᠪᠠᠨ ᠬᠢᠴᠢᠶᠡᠬᠦ ᠶᠣᠰᠣᠲᠠᠢ᠃ ᠪᠠᠢᠷᠢ ᠪᠤᠶᠤ ᠠᠢᠯ ᠳᠤ ᠨᠠᠢᠳᠠᠨ ᠰᠠᠭᠤᠯᠭᠠᠵᠤ ᠪᠠᠢᠪᠠᠯ ᠪᠠᠢᠩᠭᠤ ᠡᠷᠭᠢᠵᠦ ᠦᠵᠡᠬᠦ᠂ ᠪᠠᠢᠷᠢ ᠳᠤ ᠠᠵᠢᠯᠯᠠᠵᠤ ᠪᠠᠢᠭ᠎ᠠ ᠠᠮᠢᠳᠤᠷᠠᠯ ᠤᠨ ᠪᠠᠭᠰᠢ ᠪᠤᠶᠤ ᠨᠠᠢᠳᠠᠭᠰᠠᠨ ᠠᠢᠯ ᠳᠤ ᠪᠠᠨ ᠬᠡᠦᠬᠡᠳ ᠦᠨ ᠢᠶᠡᠨ ᠵᠠᠩ ᠠᠷᠠᠨᠰᠢᠨ ᠢᠳᠡᠯᠭᠡ ᠤᠨᠲᠠᠯᠭ᠎ᠠ ᠶᠢᠨ ᠣᠨᠴᠠᠯᠢᠭ ᠢ ᠲᠣᠳᠣᠷᠬᠠᠢ ᠬᠡᠯᠡᠵᠦ ᠥᠭᠭᠦᠭᠰᠡᠨ ᠪᠠᠢᠪᠠᠯ ᠲᠡᠳᠡ ᠨᠠᠷ ᠤᠨ ᠬᠠᠷᠠᠵᠤ ᠬᠠᠷᠠᠭᠠᠯᠵᠠᠬᠤ ᠳᠤ ᠳᠥᠭᠥᠮ ᠪᠣᠯᠬᠤ᠂ ᠣᠷᠣᠢ ᠦᠳᠡᠰᠢ ᠵᠠᠪᠠᠯ ᠭᠠᠷᠬᠤ ᠤᠴᠢᠷ ᠲᠠᠭᠠᠷᠠᠪᠠᠯ ᠬᠡᠦᠬᠡᠳ ᠢᠶᠡᠨ ᠰᠠᠢᠬᠠᠨ ᠶᠠᠪᠤᠯᠴᠠᠳᠠᠭ ᠨᠠᠢᠵᠠ ᠶᠢᠨ ᠳᠦ ᠪᠠᠨ ᠲᠠᠯᠪᠢᠬᠤ ᠪᠤᠶᠤ ᠭᠡᠷ ᠲᠦ ᠪᠠᠨ ᠬᠡᠦᠬᠡᠳ ᠦᠨ ᠬᠠᠨᠢ ᠣᠯᠵᠤ ᠥᠭᠭᠦᠭᠡᠳ ᠭᠠᠷᠬᠤ᠂ ᠬᠡᠦᠬᠡᠳ ᠦᠨ ᠡᠮᠦᠨ᠎ᠡ ᠬᠡᠷᠡᠭᠦᠯ ᠬᠢᠬᠦ ᠪᠠᠨ ᠴᠡᠭᠡᠷᠯᠡᠬᠦ ᠮᠡᠲᠦ ᠬᠡᠦᠬᠡᠳ ᠦᠨ ᠡᠷᠡᠭᠦᠯ ᠪᠣᠢᠵᠢᠯᠲᠠ ᠳᠤ ᠢᠯᠡᠭᠦᠬᠡᠨ ᠰᠠᠨᠠᠭ᠎ᠠ ᠲᠠᠯᠪᠢᠵᠤ ᠪᠠᠢᠭᠠᠷᠠᠢ᠃
ᠦᠰᠦᠭ ᠠᠮᠢᠯᠠᠭᠤᠯᠤᠭᠴᠢ᠄ ᠠᠰᠬ᠎ᠠ
ᠦᠰᠦᠭ ᠬᠢᠨᠠᠭᠴᠢ᠄ ᠵ᠂ᠪᠤᠶᠠᠨᠲᠤᠭᠲᠠᠬᠤ ᠂ ᠣᠳᠬᠠᠨᠰᠣ᠎ᠠ