1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 1-09Мөнх ТунхMunkh Tunkh

ᠮᠥᠩᠬᠡ ᠲᠤᠩᠬᠤ 1-09Мөнх ТунхMunkh Tunkh

2023-01-09

794

ᠮᠥᠩᠬᠡ ᠲᠤᠩᠬᠤ ᠨᠢᠭᠡᠳᠦᠭᠡᠷ ᠤᠯᠠᠷᠢᠯ ᠶᠢᠰᠦᠳᠦᠭᠡᠷ ᠠᠩᠭᠢ

ᠮᠠᠢ ᠮᠠᠢ( ᠬᠣᠨᠢ ᠢᠮᠠᠭᠠᠨ ᠤ᠋ ᠮᠠᠢᠯᠠᠬᠤ ᠳᠠᠭᠤ)
ᠮᠥᠩᠬᠡ᠄ ᠵᠠ᠂ ᠥᠨᠥᠳᠥᠷ ᠶᠠᠮᠠᠷ ᠦᠯᠢᠭᠡᠷ ᠢ᠋ᠶ᠋ᠡᠷ ᠠᠶᠠᠯᠠᠬᠤ ᠪᠣᠢ?
ᠲᠤᠩᠬᠤ᠄ ᠭᠣᠶᠣ ᠦᠯᠢᠭᠡᠷ ᠪᠠᠢᠭ᠎ᠠ ᠪᠠᠢᠬᠤ ᠳᠠ᠂ ᠲᠡᠢᠮᠦ ᠤᠤ ᠠᠷᠸ᠎ᠡ ᠠᠬ᠎ᠠ ᠠ᠋᠃
ᠠᠷᠸ᠎ᠡ᠄ ᠥᠨᠥᠳᠥᠷ ᠬᠡᠳᠦᠭᠦᠯᠡ ᠪᠡᠨ ᠠᠶᠠᠯᠠᠬᠤ ᠦᠭᠡᠢ ᠰᠠᠢᠬᠠᠨ ᠠᠮᠠᠷᠠᠵᠠᠭᠠᠬᠤ ᠤᠤ?
ᠮᠥᠩᠬᠡ᠄ ᠵᠠ ᠵᠠ᠂ ᠲᠡᠭᠡᠶ᠎ᠡ ᠲᠡᠭᠡᠶ᠎ᠡ᠃
ᠲᠤᠩᠬᠤ᠄ ᠲᠡᠭᠡᠶ᠎ᠡ ᠲᠡᠭᠡᠶ᠎ᠡ᠃
ᠪᠠᠰᠠᠷ᠄ ᠬᠡ ᠬᠡ᠁ ᠶᠣᠣ ᠶᠣᠣ᠁ ᠢᠩᠭᠢᠭᠡᠳ ᠳᠠᠭᠤᠰᠴᠢᠬᠠᠳᠠᠭ ᠪᠣᠯ ᠶᠠᠭᠠᠬᠢᠬᠤ ᠪᠣᠢ ? ᠥᠩ ᠠ᠂ ᠬᠡ ᠬᠡ᠁
ᠵᠠ᠂ sorry (ᠤᠰᠤᠯᠲᠠᠯ᠎ᠠ)᠂ ᠲᠠ ᠬᠡᠳᠦ ᠮᠢᠨᠢ ᠬᠡᠦᠬᠡᠯᠳᠡᠢ ᠪᠡᠨ ᠦᠵᠡ᠂ ᠦᠵᠡ᠃ ᠰᠠᠶᠢ ᠶ᠋ᠢᠨ ᠡᠨᠡ ᠵᠣᠬᠢᠶᠠᠯ ᠢ᠋ ᠪᠠᠰᠠ ᠪᠢ ᠪᠢᠴᠢᠭᠰᠡᠨ ᠶᠦᠮ ᠰᠢᠦ᠂ ᠠ᠂ enjoy(ᠢᠨᠽᠤᠢ)
ᠠᠷᠸ᠎ᠡ᠄ ᠵᠠ᠂ ᠶᠠᠮᠠᠷ ᠦᠯᠢᠭᠡᠷ ᠢ᠋ᠶ᠋ᠡᠷ ᠠᠶᠠᠯᠠᠮᠠᠷ ᠪᠠᠢᠨ᠎ᠠ᠃
ᠮᠥᠩᠬᠡ᠄ ᠶᠠᠩᠵᠤ ᠶᠠᠩᠵᠤ ᠶ᠋ᠢᠨ ᠦᠯᠢᠭᠡᠷ ᠢ᠋ᠶ᠋ᠡᠷ᠂ ᠥᠶᠢ᠂ ᠬᠢ ᠬᠢ ᠬᠢ᠃
ᠠᠷᠸ᠎ᠡ᠄ ᠲᠠ ᠬᠣᠶᠠᠷ ᠠᠷᠪᠠᠨ ᠬᠣᠶᠠᠷ ᠵᠢᠯ ᠦ᠋ᠨ ᠲᠠᠯ᠎ᠠ ᠪᠠᠷ ᠮᠡᠳᠡᠬᠦ ᠤᠤ?
ᠲᠤᠩᠬᠤ᠄ ᠮᠠᠲᠠᠯ ᠦᠭᠡᠢ ᠶᠠᠭᠠᠬᠢᠬᠤᠪ᠂ ᠬᠤᠯᠤᠭᠠᠨ᠎ᠠ᠂ ᠦᠬᠡᠷ᠂ ᠪᠠᠷᠰ᠂ ᠲᠠᠤᠯᠠᠢ᠂ ᠯᠤᠤ᠂ ᠮᠣᠭᠠᠢ ᠮᠣᠷᠢ᠂᠁
ᠮᠥᠩᠬᠡ᠄ ᠨᠥᠭᠦᠭᠡ ᠬᠣᠨᠢ᠂ ᠪᠡᠴᠢ᠂ ᠲᠠᠬᠢᠶ᠎ᠠ᠂ ᠨᠣᠬᠠᠢ᠂ ᠪᠠᠰᠠ ᠭᠠᠬᠠᠢ ᠭᠡᠵᠦ ᠪᠠᠢᠳᠠᠭ᠂ ᠲᠡᠢᠮᠦ?
ᠠᠷᠸ᠎ᠡ᠄ ᠮᠤᠨᠳᠠᠭ ᠰᠢᠦ᠂ ᠵᠠ ᠲᠡᠭᠡᠪᠡᠯ ᠬᠡᠳᠦᠭᠦᠯᠡ ᠪᠡᠨ ᠨᠢᠭᠡ ᠭᠣᠶᠣ ᠦᠯᠢᠭᠡᠷ ᠢ᠋ᠶ᠋ᠡᠷ ᠠᠶᠠᠯᠠᠶ᠎ᠠ᠃ ᠪᠡᠯᠡᠨ ᠤᠤ?
ᠮᠥᠩᠬᠡ ᠲᠤᠩᠬᠤ᠄ ᠪᠡᠯᠡᠨ᠃
ᠲᠡᠮᠡᠭᠡ ᠦᠨᠡᠰᠦᠨ ᠳ᠋ᠦ᠍ ᠬᠥᠷᠪᠡᠭᠡᠬᠦ ᠪᠣᠯᠤᠭᠰᠠᠨ ᠤᠴᠢᠷ
ᠤᠷᠢᠳᠤ ᠯᠤᠤᠰ ᠤ᠋ᠨ ᠬᠠᠭᠠᠨ ᠮᠣᠩᠭᠣᠯ ᠲᠣᠭᠠᠯᠠᠯ ᠤ᠋ᠨ ᠠᠷᠪᠠᠨ ᠬᠣᠶᠠᠷ ᠵᠢᠯ ᠳ᠋ᠦ᠍ ᠠᠳᠤᠭᠤᠰᠤᠨ ᠠᠮᠢᠲᠠᠨ ᠤ᠋ ᠨᠡᠷ᠎ᠡ ᠥᠭᠴᠦ ᠪᠠᠢᠬᠤ ᠳ᠋ᠤ᠌ ᠪᠠᠨ ᠠᠷᠪᠠᠨ ᠨᠢᠭᠡᠨ ᠠᠮᠢᠲᠠᠨ ᠤ᠋ ᠨᠡᠷ᠎ᠡ ᠶ᠋ᠢ ᠰᠢᠯᠤᠭᠤᠬᠠᠨ ᠲᠣᠬᠢᠶᠠᠭᠠᠳ᠂ ᠠᠷᠪᠠᠨ ᠬᠣᠶᠠᠷ ᠵᠢᠯ ᠦ᠋ᠨ ᠣᠨ ᠲᠣᠭᠠᠯᠠᠯ ᠡᠬᠢᠯᠡᠭᠦᠯᠦᠨ ᠣᠷᠣᠬᠤ ᠬᠠᠮᠤᠭ ᠤ᠋ᠨ ᠡᠬᠢᠨ ᠦ᠌ ᠵᠢᠯ ᠳ᠋ᠦ᠍ ᠶᠠᠮᠠᠷ ᠠᠮᠢᠲᠠᠨ ᠤ᠋ ᠨᠡᠷ᠎ᠡ ᠥᠭᠬᠦ ᠪᠣᠢ ᠭᠡᠲᠡᠯ᠎ᠡ᠂ ᠲᠡᠮᠡᠭᠡ ᠬᠤᠯᠤᠭᠠᠨ᠎ᠠ ᠬᠣᠶᠠᠷ ᠨᠢᠭᠡᠨ ᠢ᠋ᠶ᠋ᠡᠨ ᠣᠷᠣᠭᠤᠯᠵᠤ ᠪᠤᠯᠢᠶᠠᠯᠴᠠᠯᠳᠤᠵᠠᠢ᠃ ᠯᠤᠤᠰ ᠤ᠋ᠨ ᠬᠠᠭᠠᠨ ᠠᠯᠢ ᠠᠯᠢᠨ ᠢ᠋ ᠨᠢ ᠭᠣᠮᠣᠳᠠᠭᠠᠬᠤ ᠦᠭᠡᠢ ᠶ᠋ᠢᠨ ᠲᠤᠯᠠᠳᠠ ᠥᠪᠡᠷᠰᠡᠳ ᠢ᠋ᠶ᠋ᠡᠨ ᠰᠢᠢᠳ ᠭᠡᠮᠡᠨ ᠠᠢᠯᠠᠳᠪᠠ᠃
ᠲᠡᠷᠡ ᠬᠣᠶᠠᠷ ᠮᠠᠷᠭᠠᠰᠢ ᠠ᠋ᠴᠠ ᠥᠷᠯᠥᠭᠡᠨ ᠦ᠌ ᠮᠠᠨᠳᠤᠬᠤ ᠨᠠᠷᠠᠨ ᠤ᠋ ᠲᠤᠶᠠᠭ᠎ᠠ ᠶ᠋ᠢ ᠬᠡᠨ ᠲᠦᠷᠦᠭᠦᠯᠡᠵᠦ ᠦᠵᠡᠭᠰᠡᠨ ᠨᠢ ᠠᠷᠪᠠᠨ ᠬᠣᠶᠠᠷ ᠵᠢᠯ ᠦ᠋ᠨ ᠲᠦᠷᠦᠭᠦᠴᠢ ᠳ᠋ᠦ᠍ ᠲᠣᠭᠲᠠᠭᠠᠭᠳᠠᠬᠤ ᠪᠠᠷ ᠪᠣᠯᠵᠤ᠂ ᠮᠡᠯᠵᠢᠶ᠎ᠡ ᠲᠣᠭᠲᠠᠭᠠᠭᠰᠠᠨ ᠠᠵᠠᠢ᠃ ᠲᠡᠮᠡᠭᠡ ᠨᠠᠷᠠ ᠭᠠᠷᠬᠤ ᠳᠣᠷᠣᠨ᠎ᠠ ᠵᠦᠭ ᠬᠠᠷᠠᠵᠤ ᠨᠠᠷᠠ ᠭᠠᠷᠬᠤ ᠶ᠋ᠢ ᠬᠦᠯᠢᠶᠡᠵᠦ ᠵᠣᠭᠰᠣᠪᠠ᠃ ᠬᠤᠯᠤᠭᠠᠨ᠎ᠠ ᠲᠡᠮᠡᠭᠡᠨ ᠦ᠌ ᠪᠦᠬᠦ ᠳᠡᠭᠡᠷ᠎ᠡ ᠭᠠᠷᠴᠤ ᠶᠠᠪᠤᠭᠠᠳ᠂ ᠪᠠᠷᠠᠭᠤᠨ ᠵᠦᠭ ᠬᠠᠷᠠᠨ᠂ ᠴᠠᠭ ᠢᠮᠠᠭᠲᠠ ᠠᠭᠤᠯᠠ ᠶ᠋ᠢᠨ ᠣᠷᠣᠢ ᠶ᠋ᠢ ᠰᠢᠷᠲᠡᠵᠦ ᠪᠠᠢᠪᠠ᠃ ᠲᠡᠭᠡᠵᠦ ᠪᠠᠢᠲᠠᠯ᠎ᠠ ᠨᠠᠷᠠ ᠭᠠᠷᠬᠤ ᠴᠠᠭ ᠪᠣᠯᠵᠤ᠂ ᠤᠷᠭᠤᠬᠤ ᠨᠠᠷᠠᠨ ᠤ᠋ ᠠᠩᠬᠠᠨ ᠤ᠋ ᠲᠤᠶᠠᠭ᠎ᠠ ᠪᠠᠷᠠᠭᠤᠨ ᠠᠭᠤᠯᠠ ᠶ᠋ᠢᠨ ᠣᠷᠣᠢ ᠳ᠋ᠤ᠌ ᠲᠤᠰᠤᠭᠰᠠᠨ ᠢ᠋ ᠬᠤᠯᠤᠭᠠᠨ᠎ᠠ ᠨᠠᠷᠠᠨ ᠤ᠋ ᠭᠡᠷᠡᠯ ᠢ᠋ ᠲᠦᠷᠦᠭᠦᠯᠡᠵᠦ ᠦᠵᠡᠯ᠎ᠡ ᠭᠡᠮᠡᠨ ᠱᠠᠭᠰᠢᠷᠠᠵᠠᠢ᠃ ᠲᠡᠮᠡᠭᠡ ᠮᠠᠯᠵᠢᠶ᠎ᠠ ᠪᠠᠨ ᠠᠯᠳᠠᠭᠰᠠᠨ ᠳ᠋ᠤ᠌ ᠠᠭᠤᠷᠯᠠᠨ᠂ ᠬᠤᠯᠤᠭᠠᠨ᠎ᠠ ᠶ᠋ᠢ ᠳᠡᠪᠰᠡᠯᠡᠬᠦ ᠭᠡᠵᠦ ᠤᠬᠤᠰᠬᠢᠲᠡᠯ᠎ᠡ᠂ ᠬᠤᠯᠤᠭᠠᠨ᠎ᠠ ᠣᠪᠣᠭᠠᠯᠠᠭ᠎ᠠ ᠲᠠᠢ ᠦᠨᠡᠰᠦᠨ ᠳᠣᠣᠭᠤᠷ ᠭᠦᠶᠦᠨ ᠣᠷᠣᠵᠤ ᠠᠮᠢ ᠬᠣᠷᠭᠣᠳᠠᠵᠠᠢ ᠭᠡᠨ᠎ᠡ᠃
ᠲᠤᠩᠬᠤ᠄ ᠬᠥᠶᠢ᠂ ᠨᠥᠭᠦᠭᠡ ᠬᠥᠭᠡᠷᠦᠬᠦᠢ ᠬᠤᠯᠤᠭᠠᠨ᠎ᠠ ᠶ᠋ᠢ ᠭᠡᠮᠲᠦᠭᠡᠴᠢᠬᠡᠬᠦ ᠪᠣᠢ ᠳᠠ᠃
ᠮᠥᠩᠬᠡ᠄ ᠶᠠᠭᠤ᠂ ᠬᠡᠳᠦᠭᠦᠯᠡ ᠪᠡᠨ ᠣᠴᠢᠵᠠᠭᠠᠶ᠎ᠠ᠃
ᠲᠤᠩᠬᠤ᠄ ᠲᠡᠮᠡᠭᠡ ᠠᠬ᠎ᠠ ᠠ᠋᠂ ᠲᠠ ᠲᠠᠢᠪᠤᠰᠢᠷᠠᠭᠠᠷᠠᠢ᠃
ᠮᠥᠩᠬᠡ᠄ ᠬᠥᠶᠢ᠂ ᠬᠥᠶᠢ᠂ ᠲᠡᠮᠡᠭᠡ ᠠᠬ᠎ᠠ ᠠ᠋᠂ ᠲᠠ ᠲᠠᠢᠪᠤᠰᠢᠷᠠ ᠯᠠ ᠳᠠ᠃
ᠴᠠᠰᠣᠬᠠᠨ᠄ ᠲᠡᠮᠡᠭᠡ ᠠᠬ᠎ᠠ ᠠ᠋᠂ ᠲᠠ ᠲᠠᠢᠪᠤᠰᠢᠷᠠᠭᠠᠷᠠᠢ!
ᠪᠠᠰᠠᠷ᠄ ᠡᠨᠡ ᠣᠳᠣ ᠶᠠᠭᠠᠬᠢᠬᠤ ᠭᠡᠳ ᠪᠠᠢᠭ᠎ᠠ ᠁ ᠵᠠ ᠳᠡᠮᠡᠢ ᠶᠦᠮ ᠪᠠᠢᠨ᠎ᠠ᠃
ᠮᠥᠩᠬᠡ᠄ ᠵᠠ ᠪᠠᠢᠵᠠ᠂ ᠶᠠᠭᠠᠬᠢᠬᠤ ᠤᠤ᠂ ᠪᠦᠭᠦᠳᠡᠭᠡᠷ ᠢ᠋ᠶ᠋ᠡᠨ᠂ ᠨᠥᠭᠦᠭᠡ ᠢᠩᠭᠡ ᠬᠥᠭᠡᠭᠡᠭᠰᠡᠨ ᠭᠡᠵᠦ ᠪᠠᠢᠳᠠᠭ ᠪᠢᠯᠡ ᠤᠤ᠂ ᠶᠠᠭᠤ ᠪᠢᠯᠡ᠂ ᠨᠥᠭᠦᠭᠡ ᠲᠠᠢᠪᠤᠰᠢᠷᠠᠭᠤᠯᠤᠭᠠᠳ ᠪᠠᠢᠳᠠᠭ ᠴᠢᠨᠢ᠃
ᠴᠠᠰᠣᠬᠠᠨ᠄ᠲᠡᠷᠡ ᠨᠢ ᠢᠩᠭᠡ ᠬᠥᠭᠡᠭᠡᠭᠰᠡᠨ ᠭᠡᠵᠦ ᠢᠩᠭᠡ ᠲᠡᠮᠡᠭᠡᠨ ᠳ᠋ᠦ᠍ ᠪᠣᠲᠣᠭᠣ ᠠᠪᠬᠠᠭᠤᠯᠬᠤ ᠪᠣᠯᠬᠤ ᠪᠠᠷ ᠬᠤᠭᠤᠷ ᠢ᠋ᠶ᠋ᠠᠷ ᠬᠥᠭᠵᠢᠮᠳᠡᠨ ᠤᠶᠠᠷᠠᠭᠤᠯᠵᠤ ᠬᠢᠳᠡᠭ ᠦᠢᠯᠡ ᠪᠠᠢᠬᠤ ᠦᠭᠡᠢ ᠤᠤ᠃ ᠡᠨᠡ ᠲᠡᠮᠡᠭᠡ ᠠᠬ᠎ᠠ ᠴᠢᠨᠢ ᠪᠤᠤᠷ᠎ᠠ ᠪᠠᠢᠬᠤ ᠦᠭᠡᠢ ᠤᠤ ᠳᠠ᠂ ᠡᠷ᠎ᠡ ᠲᠡᠮᠡᠭᠡ᠃
ᠲᠤᠩᠬᠤ᠄ ᠶᠠᠭᠠᠬᠢᠨ᠎ᠠ ᠣᠳᠣ ᠶᠠᠭᠠᠬᠢᠬᠤ ᠪᠣᠢ᠂ ᠬᠥᠭᠡᠷᠦᠬᠦᠢ᠂ ᠬᠤᠯᠤᠭᠠᠨ᠎ᠠ ᠵᠦᠭᠡᠷ ᠪᠠᠢᠭ᠎ᠠ᠂
ᠮᠥᠩᠬᠡ᠄ ᠬᠥᠶᠢ᠂ ᠶᠠᠭᠠᠬᠢᠨ᠎ᠠ ᠶᠠᠭᠠᠬᠢᠨ᠎ᠠ᠂ ᠡᠨᠡ ᠲᠡᠮᠡᠭᠡ ᠪᠦᠷ ᠢᠰᠬᠦᠯᠴᠢᠬᠡᠪᠡ ᠤᠤ᠂ ᠶᠠᠭᠠᠬᠢᠪᠠ?
ᠪᠠᠰᠠᠷ᠄ ᠦ᠁ ᠶᠧ
ᠲᠤᠩᠬᠤ᠄ ᠶᠠᠭᠠᠬᠢᠨ᠎ᠠ ᠶᠠᠭᠠᠬᠢᠨ᠎ᠠ᠂ ᠶᠠᠭᠠᠬᠢᠨ᠎ᠠ᠃
ᠬᠤᠯᠤᠭᠠᠨ᠎ᠠ᠄ ᠬᠥᠥᠭ᠂ ᠲᠡᠨᠳᠡ ᠪᠠᠰᠠ ᠥᠭᠡᠷ᠎ᠡ ᠬᠤᠯᠤᠭᠠᠨ᠎ᠠ ᠪᠠᠢᠭᠰᠠᠨ ᠶᠤᠮ ᠤᠤ?
ᠮᠥᠩᠬᠡ᠄ ᠬᠠᠷᠢᠨ ᠲᠡᠢᠮᠦ᠂ ᠶᠠᠭᠠᠬᠢᠨ᠎ᠠ ᠶᠠᠭᠠᠬᠢᠨ᠎ᠠ᠂ ᠶᠠᠭᠠᠬᠢᠨ᠎ᠠ᠂ ᠶᠠ
ᠪᠠᠰᠠᠷ᠄ ᠵᠠ ᠶᠠᠭ᠂ ᠪᠦᠭᠦᠳᠡᠭᠡᠷ ᠢ᠋ᠶ᠋ᠡᠨ ᠴᠢᠮᠡᠭᠡ ᠦᠭᠡᠢ᠂ ᠵᠢᠭᠠᠬᠠᠨ ᠪᠠᠯᠠᠭᠳᠠᠯ ᠲᠠᠢ᠂ ᠵᠢᠭᠠᠬᠠᠨ ᠲᠠᠢᠪᠤᠰᠢᠷᠠᠶ᠎ᠠ᠂ ᠠᠢ ᠳᠠ᠂ ᠵᠠ ᠶᠠᠭᠠᠬᠢᠬᠤ ᠪᠣᠢ᠂ ᠶᠠᠭᠠᠬᠢᠬᠤ ᠪᠣᠢ᠂ ᠠᠨᠳᠠᠭᠤᠷᠠᠭᠠᠳ ᠯᠠ ᠪᠠᠢᠨ᠎ᠠ᠂ ᠬᠡ ᠬᠡ
ᠴᠠᠰᠤᠬᠠᠨ᠄ ᠵᠠ᠂ ᠲᠠ ᠲᠠᠢᠪᠤᠰᠢᠷᠠᠭᠰᠠᠨ ᠤᠤ?
ᠲᠡᠮᠡᠭᠡ᠄ ᠠᠢ᠂ ᠲᠡᠭᠡᠯ᠎ᠡ᠃ ᠨᠠᠷᠠ ᠪᠠᠷᠠᠭᠤᠨ ᠲᠠᠯ᠎ᠠ ᠠ᠋ᠴᠠ ᠭᠠᠷᠴᠢᠬᠠᠪᠠ ᠤᠤ? ᠶᠠᠭᠠᠬᠢᠵᠤ ᠨᠠᠷᠠᠨ ᠤ᠋ ᠲᠤᠶᠠᠭ᠎ᠠ ᠶ᠋ᠢ ᠲᠦᠷᠦᠭᠦᠯᠡᠵᠦ ᠬᠠᠷᠠᠪᠠ᠃
ᠮᠥᠩᠬᠡ᠄ ᠪᠤᠤᠷ᠎ᠠ ᠠᠬ᠎ᠠ ᠠ᠋᠂ ᠲᠠ ᠤᠭ ᠨᠢ ᠵᠥᠪ ᠲᠠᠯ᠎ᠠ ᠤᠷᠤᠭᠤ ᠬᠠᠷᠠᠭᠰᠠᠨ ᠯᠠ ᠳᠠ᠂ ᠭᠡᠬᠦ ᠳ᠋ᠦ᠍ ᠪᠡᠨ ᠳᠡᠯᠡᠬᠡᠢ ᠮᠠᠨᠢ ᠪᠠᠷᠠᠭᠤᠨ ᠠ᠋ᠴᠠ ᠵᠡᠭᠦᠨ ᠲᠠᠢᠰᠢ ᠬᠣᠷᠢᠨ ᠳᠥᠷᠪᠡᠨ ᠴᠠᠭ ᠤ᠋ᠨ ᠲᠤᠷᠰᠢ ᠡᠷᠭᠢᠵᠦ ᠪᠠᠢᠭᠠᠳ ᠨᠢᠭᠡ ᠬᠣᠨᠣᠭ ᠪᠣᠯᠳᠠᠭ ᠰᠢᠦ ᠳᠡ᠃
ᠲᠤᠩᠬᠤ᠄ ᠲᠡᠭᠡᠭᠡᠳ ᠲᠠ ᠵᠡᠭᠦᠨ ᠠᠭᠤᠯᠠ ᠶ᠋ᠢᠨ ᠣᠷᠣᠢ ᠳᠡᠭᠡᠷ᠎ᠡ ᠡᠴᠡ ᠨᠠᠷᠠ ᠬᠠᠷᠠᠬᠤ ᠭᠡᠵᠦ ᠪᠠᠢᠬᠤ ᠳ᠋ᠤ᠌᠂ ᠬᠤᠯᠤᠭᠠᠨ᠎ᠠ ᠮᠠᠨᠢ ᠮᠠᠨᠳᠤᠵᠤ ᠪᠣᠢ ᠨᠠᠷᠠᠨ ᠤ᠋ ᠠᠩᠬᠠᠨ ᠤ᠋ ᠲᠤᠰᠬᠠᠯ ᠢ᠋ ᠪᠠᠷᠠᠭᠤᠨ ᠠᠭᠤᠯᠠᠨ ᠤ᠋ ᠣᠷᠣᠢ ᠳᠡᠭᠡᠷ᠎ᠡ ᠡᠴᠡ ᠬᠠᠷᠠᠭᠰᠠᠨ ᠶᠤᠮ ᠪᠠᠢᠬᠤ ᠦᠭᠡᠢ ᠤᠤ᠃
ᠴᠠᠰᠣᠬᠠᠨ᠄ ᠲᠡᠭᠦᠨ ᠡᠴᠡ ᠨᠠᠷᠠ ᠪᠠᠷᠠᠭᠤᠨ ᠠ᠋ᠴᠠ ᠭᠠᠷᠤᠭᠰᠠᠨ ᠪᠢᠰᠢ᠂ ᠲᠤᠶᠠᠭ᠎ᠠ ᠨᠢ ᠥᠨᠳᠥᠷ ᠠᠭᠤᠯᠠᠨ ᠤ᠋ ᠣᠷᠣᠢ ᠳ᠋ᠤ᠌ ᠲᠦᠷᠦᠭᠦᠯᠡᠵᠦ ᠲᠤᠰᠤᠭᠰᠠᠨ ᠤ᠋ ᠬᠢ ᠶᠦᠮ ᠰᠢᠦ ᠳᠡ᠃
ᠪᠠᠰᠠᠷ᠄ ᠪᠠ ᠭᠠ
ᠲᠡᠮᠡᠭᠡ᠄ ᠬᠡᠩ᠂ ᠲᠡᠢᠮᠦ ᠪᠠᠢᠳᠠᠭ ᠪᠠᠢᠵᠠᠢ᠂ ᠭᠡᠬᠦ ᠳ᠋ᠦ᠍ ᠪᠡᠨ ᠪᠢ ᠴᠢᠨᠢ ᠠᠷᠪᠠᠨ ᠬᠣᠶᠠᠷ ᠵᠢᠯ ᠳ᠋ᠦ᠍ ᠣᠷᠣᠬᠤ ᠳ᠋ᠤ᠌ ᠬᠠᠮᠤᠭ ᠤ᠋ᠨ ᠲᠣᠬᠢᠷᠠᠭᠰᠠᠨ ᠠᠮᠢᠲᠠᠨ ᠰᠢᠦ ᠳᠡ᠂ ᠬᠤᠯᠤᠭᠠᠨ᠎ᠠ ᠴᠢᠬᠢ ᠲᠡᠢ᠂ ᠦᠬᠡᠷ ᠭᠡᠳᠡᠰᠦ ᠲᠡᠢ᠂ ᠪᠠᠷᠰ ᠲᠠᠪᠠᠭ ᠲᠠᠢ᠂ ᠲᠠᠤᠯᠠᠢ ᠬᠠᠮᠠᠷ ᠲᠠᠢ᠂ ᠯᠤᠤ ᠪᠡᠶ᠎ᠡ ᠲᠡᠢ᠂ ᠮᠣᠭᠠᠢ ᠨᠢᠳᠦ ᠲᠡᠢ᠂ ᠮᠣᠷᠢᠨ ᠳᠡᠯ ᠲᠡᠢ᠂ ᠬᠣᠨᠢᠨ ᠨᠣᠣᠰᠣ ᠲᠠᠢ᠂ ᠪᠠᠴᠢ ᠪᠦᠬᠦ ᠲᠡᠢ᠂ ᠲᠠᠬᠢᠶ᠎ᠠ ᠥᠷᠪᠡᠯᠭᠡ ᠲᠡᠢ᠂ ᠨᠣᠬᠠᠢ ᠭᠤᠶ᠎ᠠ ᠲᠠᠢ᠂ ᠭᠠᠬᠠᠢ ᠰᠡᠭᠦᠯ ᠲᠡᠢ ᠭᠡᠳ ᠯᠡ ᠪᠦᠬᠦ ᠠᠮᠢᠲᠠᠨ ᠤ᠋ ᠰᠢᠨᠵᠢ ᠶ᠋ᠢ ᠠᠭᠤᠯᠤᠭᠰᠠᠨ ᠪᠠᠢᠨ᠎ᠠ᠃
ᠬᠤᠯᠤᠭᠠᠨ᠎ᠠ᠄ ᠠᠬ᠎ᠠ ᠮᠢᠨᠢ ᠳᠡ᠂ ᠪᠦᠬᠦ ᠠᠮᠢᠲᠠᠳ ᠲᠠᠢ ᠲᠥᠰᠦᠭᠡᠲᠡᠢ ᠳ᠋ᠦ᠍ ᠪᠡᠨ ᠪᠢᠰᠢ ᠰᠢᠦ ᠳᠡ ᠦᠬᠡᠷ ᠭᠡᠬᠦ ᠳ᠋ᠦ᠍ ᠲᠠᠢᠪᠤᠩ ᠪᠠᠢᠳᠠᠯ ᠢ᠋ᠶ᠋ᠠᠷ ᠢ᠋ᠶ᠋ᠠᠨ ᠶᠠᠭ ᠯᠠ ᠦᠬᠡᠷ ᠪᠣᠯᠵᠤ ᠪᠠᠢᠭ᠎ᠠ᠂ ᠪᠠᠷᠰ ᠨᠢ ᠵᠣᠷᠢᠭᠲᠠᠢ ᠪᠠᠷ ᠢ᠋ᠶ᠋ᠠᠨ ᠪᠠᠷᠰ ᠪᠣᠯᠵᠤ᠂ ᠲᠠᠤᠯᠠᠢ ᠬᠤᠷᠳᠤ ᠪᠣᠯᠤᠨ ᠴᠣᠭ ᠵᠣᠯᠪᠣᠭ᠎ᠠ ᠪᠠᠷ ᠢ᠋ᠶ᠋ᠠᠨ ᠶᠠᠭ ᠯᠠ ᠲᠠᠤᠯᠠᠢ ᠪᠤᠯᠵᠠᠭᠠᠵᠤ ᠪᠠᠢᠭ᠎ᠠ ᠶᠤᠮ ᠰᠢᠦ ᠳᠡ᠂ ᠲᠠ ᠴᠤ᠌ ᠭᠡᠰᠡᠨ ᠲᠡᠮᠡᠭᠡ ᠭᠡᠬᠦ ᠪᠡᠷ ᠢ᠋ᠶ᠋ᠡᠨ ᠵᠥᠪᠬᠡᠨ ᠥᠪᠡᠷ ᠲᠡᠭᠡᠨ ᠪᠠᠢᠳᠠᠭ ᠬᠡᠨ ᠴᠦ᠍ ᠶᠠᠭᠤᠨ ᠳ᠋ᠤ᠌ ᠪᠠᠢᠬᠤ ᠦᠭᠡᠢ ᠰᠢᠨᠵᠢ ᠴᠢᠨᠠᠷ ᠴᠢᠮ᠎ᠠ ᠳ᠋ᠤ᠌ ᠯᠠ ᠪᠠᠢᠭ᠎ᠠ ᠰᠢᠦ ᠳᠡ᠂ ᠲᠡᠢᠮᠦ ᠤᠤ᠃
ᠲᠤᠩᠬᠤ᠄ ᠶᠠᠭ ᠦᠨᠡᠨ᠂ ᠲᠠ ᠪᠤᠰᠤᠳ ᠲᠠᠢ ᠢᠵᠢᠯᠬᠡᠨ ᠳ᠋ᠦ᠍ ᠪᠡᠨ ᠪᠢᠰᠢ᠂ ᠥᠪᠡᠷ ᠢ᠋ᠶ᠋ᠡᠷ ᠢ᠋ᠶ᠋ᠡᠨ ᠪᠠᠢᠵᠤ ᠪᠠᠢᠵᠤ ᠯᠠ᠂ ᠥᠪᠡᠷ ᠲᠦ᠍ ᠪᠡᠨ ᠢᠲᠡᠭᠡᠯ ᠲᠡᠢ ᠂ ᠥᠪᠡᠷ ᠢ᠋ ᠪᠡᠨ ᠢᠯᠡᠭᠦᠦ ᠣᠯᠵᠤ ᠮᠡᠳᠡᠨ᠎ᠡ ᠰᠢᠦ ᠳᠡ᠃
ᠲᠡᠮᠡᠭᠡ᠄ ᠥᠩ᠂ ᠬᠡᠳᠦᠢ ᠨᠠᠳᠠ ᠠ᠋ᠴᠠ ᠳᠡᠭᠦᠦ ᠴᠦ᠍ ᠭᠡᠰᠡᠨ ᠲᠠ ᠨᠠᠷ ᠮᠢᠨᠢ ᠶᠠᠭᠤᠮ᠎ᠠ ᠶ᠋ᠢ ᠶᠠᠮᠠᠷ ᠵᠥᠪ ᠲᠠᠯ᠎ᠠ ᠠ᠋ᠴᠠ ᠨᠢ ᠬᠠᠷᠠᠳᠠᠭ ᠶᠤᠮ ᠳᠠ᠂ ᠠᠬ᠎ᠠ ᠨᠢ ᠪᠠᠬᠠᠷᠬᠠᠵᠤ ᠪᠠᠢᠨ᠎ᠠ ᠰᠢᠦ᠂ ᠬᠤᠯᠤᠭᠠᠨ᠎ᠠ ᠳᠡᠭᠦᠦ ᠪᠡᠨ ᠠᠷᠪᠠᠨ ᠬᠣᠶᠠᠷ ᠵᠢᠯ ᠳ᠋ᠦ᠍ ᠪᠠᠭᠲᠠᠬᠤ ᠳ᠋ᠤ᠌ ᠨᠢ ᠬᠦᠷᠭᠡᠵᠦ ᠥᠭᠭᠦᠶ᠎ᠡ ᠳᠡ᠂ ᠠᠬ᠎ᠠ ᠶ᠋ᠢᠨ ᠢ᠋ᠶ᠋ᠡᠨ ᠨᠢᠷᠤᠭᠤᠨ ᠳᠡᠭᠡᠷ᠎ᠡ ᠰᠠᠭᠤ᠃
ᠬᠤᠯᠤᠭᠠᠨ᠎ᠠ᠄ ᠪᠠᠶᠠᠷᠲᠠᠢ᠃
ᠴᠠᠰᠣᠬᠠᠨ᠄ ᠪᠠᠶᠠᠷᠲᠠᠢ᠃
ᠮᠥᠩᠬᠡ᠄ ᠠᠮᠵᠢᠯᠲᠠ ᠬᠦᠰᠡᠶ᠎ᠡ᠃
ᠲᠤᠩᠬᠤ᠄ ᠬᠥᠭᠡᠷᠦᠬᠦᠨ ᠬᠤᠯᠤᠭᠠᠨ᠎ᠠ ᠮᠢᠨᠢ ᠠ᠋᠂ ᠮᠤᠨᠳᠠᠭ ᠰᠢᠦ᠃
ᠪᠠᠰᠠᠷ᠄ ᠠᠬ᠎ᠠ ᠨᠢ ᠬᠡᠯᠡᠭᠰᠡᠨ ᠳ᠋ᠦ᠍ ᠪᠡᠨ ᠬᠦᠷᠴᠦ ᠳᠡᠭᠦᠦ ᠪᠡᠨ ᠠᠮᠵᠢᠯᠲᠠᠨ ᠳ᠋ᠤ᠌ ᠬᠦᠷᠭᠡᠬᠦ ᠭᠡᠳ ᠨᠢᠷᠤᠭᠤᠨ ᠳᠡᠭᠡᠷ᠎ᠡ ᠪᠡᠨ ᠠᠪᠴᠤ ᠶᠠᠪᠤᠵᠤ ᠪᠠᠢᠨ᠎ᠠ ᠰᠢᠲᠠ᠂ ᠬᠠᠷᠠ ᠳᠠ᠂ ᠭᠠᠢᠬᠠᠯᠲᠠᠢ᠃
ᠠᠷᠸ᠎ᠡ᠄ ᠭᠣᠶᠣ ᠠᠶᠠᠯᠠᠭᠠᠳ ᠢᠷᠡᠪᠡ ᠤᠤ?
ᠮᠥᠩᠬᠡ᠄ ᠶᠣᠣ ᠶᠣᠣ᠂ ᠶᠠᠩᠵᠤ ᠶ᠋ᠢᠨ ᠪᠠᠢᠯ᠎ᠠ᠂ ᠠᠷᠸ᠎ᠡ ᠠᠬ᠎ᠠ ᠠ᠋᠂
ᠲᠤᠩᠬᠤ᠄ ᠶᠣᠰᠣᠲᠠᠢ ᠭᠣᠶᠣ ᠪᠠᠢᠯ᠎ᠠ᠃
ᠮᠥᠩᠬᠡ᠄ ᠲᠠ ᠡᠨᠡ ᠦᠯᠢᠭᠡᠷ ᠢ᠋ ᠡᠮᠦᠨ᠎ᠡ ᠨᠢ ᠮᠡᠳᠡᠳᠡᠭ ᠪᠠᠢᠭᠰᠠᠨ ᠶᠤᠮ ᠤᠤ?
ᠠᠷᠸ᠎ᠡ᠄ ᠮᠠᠲᠠᠯ ᠦᠭᠡᠢ ᠶᠠᠭᠠᠬᠢᠬᠤᠪ᠂ ᠠᠬ᠎ᠠ ᠶ᠋ᠢ ᠨᠢ ᠪᠠᠭ᠎ᠠ ᠪᠠᠢᠬᠤ ᠳ᠋ᠤ᠌ ᠪᠣᠷᠣᠯᠳᠠᠢ ᠶ᠋ᠢᠨ ᠴᠠᠭ ᠭᠡᠵᠦ ᠶᠡᠬᠡ ᠰᠠᠢᠬᠠᠨ ᠦᠯᠢᠭᠡᠷ ᠦ᠋ᠳ ᠭᠠᠷᠳᠠᠭ ᠪᠠᠢᠯ᠎ᠠ᠂ ᠲᠡᠷᠡ ᠦᠶ᠎ᠡ ᠳ᠋ᠦ᠍ ᠠᠬ᠎ᠠ ᠨᠢ ᠦᠯᠢᠭᠡᠷ ᠦ᠋ᠨ ᠶᠢᠷᠲᠢᠨᠴᠦ ᠭᠡᠳᠡᠭ ᠬᠡᠴᠢᠨᠡᠭᠡᠨ ᠥᠷᠭᠡᠨ ᠠᠭᠤᠳᠠᠮ᠂ ᠰᠤᠷᠬᠤ ᠵᠦᠢᠯ ᠶᠡᠬᠡᠲᠡᠢ᠂ ᠰᠠᠢᠬᠠᠨ ᠶᠢᠷᠲᠢᠨᠴᠦ ᠪᠠᠢᠳᠠᠭ ᠢ᠋ ᠣᠢᠯᠠᠭᠠᠵᠤ ᠪᠠᠢᠭᠰᠠᠨ ᠶᠤᠮ ᠳᠠ᠃
ᠲᠤᠩᠬᠤ᠄ ᠫᠥᠬᠥ᠂ ᠲᠡᠢᠮᠦ ᠤᠤ᠂ ᠪᠢᠳᠡ ᠨᠠᠷ ᠦᠵᠡᠵᠦ ᠪᠣᠯᠬᠤ ᠪᠣᠯᠪᠠ ᠤᠤ?
ᠠᠷᠸ᠎ᠡ᠄ ᠬᠥᠶᠢ᠂ ᠪᠣᠯᠤᠯ ᠦᠭᠡᠢ ᠶᠠᠭᠠᠬᠢᠬᠤᠪ᠂ ᠲᠠ ᠨᠠᠷ ᠮᠠᠨᠢ ᠬᠠᠭᠤᠴᠢᠨ ᠤ᠋ ᠰᠠᠢᠬᠠᠨ ᠪᠦᠲᠦᠭᠡᠯ ᠦ᠋ᠳ ᠢ᠋ ᠪᠡᠨ ᠮᠡᠳᠡᠵᠦ ᠪᠠᠢᠬᠤ ᠨᠢ ᠶᠡᠬᠡ ᠴᠢᠬᠤᠯᠠ ᠶᠤᠮ ᠰᠢᠦ ᠳᠡ᠃
ᠮᠥᠩᠬᠡ᠄ ᠪᠠᠶᠠᠷᠯᠠᠯ᠎ᠠ ᠠᠷᠸ᠎ᠡ ᠠᠬ᠎ᠠ ᠠ᠋᠃
ᠲᠤᠩᠬᠤ᠄ ᠶᠠᠮᠠᠷ ᠭᠣᠶᠣ ᠶᠤᠮ ᠪᠣᠢ? ᠪᠠᠶᠠᠷᠯᠠᠯ᠎ᠠ᠃
ᠡᠷᠲᠡ ᠤᠷᠢᠳᠤ ᠶ᠋ᠢᠨ ᠴᠠᠭ  ᠲᠤ᠌ ᠰᠦᠨ ᠳᠠᠯᠠᠢ ᠶ᠋ᠢ ᠱᠠᠯᠪᠠᠭ ᠪᠠᠢᠬᠤ ᠳ᠋ᠤ᠌᠂ ᠰᠦᠮᠪᠦᠷ ᠠᠭᠤᠯᠠ ᠶ᠋ᠢ ᠳᠣᠪᠣ ᠪᠠᠢᠬᠤ ᠳ᠋ᠤ᠌᠂ ᠴᠠᠭ ᠳᠥᠩᠭᠡᠵᠦ ᠡᠬᠢᠯᠡᠵᠦ ᠪᠠᠢᠬᠤ ᠳ᠋ᠤ᠌᠂ ᠴᠠᠬᠢᠯᠳᠠᠭ ᠳᠥᠩᠭᠡᠵᠦ ᠬᠥᠬᠡᠷᠡᠵᠦ ᠪᠠᠢᠬᠤ ᠳ᠋ᠤ᠌
ᠡᠷᠳᠡᠨᠢ ᠶ᠋ᠢᠨ ᠵᠦᠢᠯ ᠢ᠋ᠶ᠋ᠡᠷ ᠪᠥᠭᠡᠯᠵᠢᠭᠡᠳ ᠪᠠᠢᠳᠠᠭ
ᠡᠷᠡᠦ ᠴᠠᠭᠠᠨ ᠬᠤᠯᠤᠭᠠᠨ᠎ᠠ ᠨᠢᠭᠡᠨ ᠵᠢᠯ
ᠡᠪᠡᠷ ᠰᠡᠭᠦᠯ ᠨᠢ ᠲᠡᠩᠴᠡᠭᠦᠬᠡᠨ ᠪᠠᠢᠳᠠᠭ
ᠡᠵᠡᠨ ᠳ᠋ᠦ᠍ ᠪᠡᠨ ᠡᠭᠡᠯᠢᠲᠡᠢ ᠦᠬᠡᠷ ᠬᠣᠶᠠᠷ ᠵᠢᠯ
ᠠᠷᠤ ᠶ᠋ᠢᠨ ᠮᠣᠳᠣᠨ ᠳ᠋ᠤ᠌ ᠠᠯᠠᠭᠯᠠᠭᠠᠳ ᠪᠠᠢᠳᠠᠭ
ᠠᠯᠠᠭ ᠡᠷᠢᠶᠡᠨ ᠪᠠᠷᠰ ᠭᠤᠷᠪᠠᠨ ᠵᠢᠯ
ᠳᠡᠯᠡᠬᠡᠢ ᠳᠡᠭᠡᠭᠦᠷ ᠳᠡᠭᠳᠡᠭᠡᠳ ᠪᠠᠢᠳᠠᠭ
ᠳᠡᠯᠳᠡᠩ ᠴᠢᠬᠢ ᠲᠡᠢ ᠲᠠᠤᠯᠠᠢ ᠳᠥᠷᠪᠡᠨ ᠵᠢᠯ
ᠬᠥᠬᠡ ᠲᠩᠷᠢ ᠳ᠋ᠦ᠍ ᠬᠦᠷᠵᠢᠭᠢᠨᠡᠭᠡᠳ ᠪᠠᠢᠳᠠᠭ
ᠬᠦᠴᠦ ᠶᠡᠬᠡ ᠲᠡᠢ ᠯᠤᠤ ᠲᠠᠪᠤᠨ ᠵᠢᠯ
ᠴᠠᠭ ᠦᠷᠭᠦᠯᠵᠢ ᠴᠠᠭᠠᠷᠢᠭᠯᠠᠭᠠᠳ ᠪᠠᠢᠳᠠᠭ
ᠴᠠᠭᠠᠨ ᠡᠷᠢᠶᠡᠨ ᠮᠣᠭᠠᠢ ᠵᠢᠷᠭᠤᠭᠠᠨ ᠵᠢᠯ
ᠴᠠᠭ ᠤ᠋ᠨ ᠭᠠᠵᠠᠷ ᠢ᠋ ᠲᠣᠪᠴᠢᠯᠠᠭᠠᠳ ᠪᠠᠢᠳᠠᠭ
ᠴᠣᠮᠪᠣᠩ ᠲᠤᠭᠤᠷᠠᠢ ᠲᠠᠢ ᠮᠣᠷᠢ ᠳᠣᠯᠣᠭᠠᠨ ᠵᠢᠯ
ᠬᠣᠲᠣᠭᠣᠷ ᠭᠠᠵᠠᠷ ᠢ᠋ ᠬᠣᠷᠭᠣᠯ ᠢ᠋ᠶ᠋ᠠᠷ ᠳᠦᠭᠦᠷᠭᠡᠳᠡᠭ
ᠬᠣᠲᠠᠨ ᠳ᠋ᠤ᠌ ᠪᠠᠨ ᠡᠭᠡᠯᠢᠲᠡᠢ ᠬᠣᠨᠢ ᠨᠠᠢ᠍ᠮᠠᠨ ᠵᠢᠯ
ᠦᠵᠡᠭᠰᠡᠨ ᠪᠦᠬᠦᠨ ᠢ᠋ ᠡᠯᠡᠭᠯᠡᠭᠡᠳ ᠪᠠᠢᠳᠠᠭ
ᠶᠢᠯᠸᠢᠴᠢᠨ ᠡᠷᠳᠡᠮ ᠲᠡᠢ ᠪᠡᠴᠢ ᠶᠢᠰᠦᠨ ᠵᠢᠯ
ᠲᠠᠪᠤᠨ ᠵᠢᠩ ᠢ᠋ᠶ᠋ᠡᠷ ᠳᠣᠩᠭᠣᠳᠤᠭᠠᠳ ᠪᠠᠢᠳᠠᠭ
ᠲᠠᠷᠢᠬᠢᠨ ᠳ᠋ᠤ᠌ ᠪᠠᠨ ᠤᠯᠠᠭ᠎ᠠ ᠲᠠᠢ ᠲᠠᠬᠢᠶ᠎ᠠ ᠠᠷᠪᠠᠨ ᠵᠢᠯ
ᠬᠣᠲᠠ ᠭᠠᠵᠠᠷ ᠢ᠋ ᠮᠠᠨᠠᠭᠠᠳ ᠪᠠᠢᠳᠠᠭ
ᠬᠣᠩ ᠬᠣᠩ ᠳᠠᠭᠤ ᠲᠠᠢ ᠨᠣᠬᠠᠢ ᠠᠷᠪᠠᠨ ᠨᠢᠭᠡᠨ ᠵᠢᠯ
ᠠᠷᠤ ᠶ᠋ᠢᠨ ᠭᠠᠵᠠᠷ ᠢ᠋ ᠬᠠᠳᠤᠷᠤᠭᠠᠳ ᠪᠠᠢᠳᠠᠭ
ᠠᠯᠲᠠᠨ ᠰᠣᠶᠣᠭ᠎ᠠ ᠲᠠᠢ ᠭᠠᠬᠠᠢ ᠠᠷᠪᠠᠨ ᠬᠣᠶᠠᠷ ᠵᠢᠯ

    ᠦᠰᠦᠭ ᠠᠮᠢᠯᠠᠭᠤᠯᠵᠤ ᠬᠠᠲᠠᠭᠰᠠᠨ ᠨᠢ᠄ ᠾᠦᠩ ᠸᠧᠢ
    ᠬᠢᠨᠠᠯᠲᠠ ᠬᠢᠭᠴᠢ᠄ ᠱᠤᠳᠤᠷᠭᠤ᠂ ᠮᠥᠴᠢᠷ᠃